ᠲᠠᠷᠢᠭᠰᠠᠨ ᠦᠷ᠎ᠡ ᠶᠢ ᠰᠠᠯᠬᠢᠨ ᠳᠤ ᠬᠡᠶᠢᠰᠬᠦ ᠪᠠ ᠮᠡᠷᠡᠭᠴᠢ ᠠᠮᠢᠲᠠᠨ᠂ ᠵᠢᠭᠦᠷᠲᠡᠨ ᠰᠢᠪᠠᠭᠤᠨ ᠤ ᠢᠳᠡᠬᠦ ᠠᠴᠠ | ᠰᠡᠷᠭᠡᠶᠢᠯᠡᠬᠦ᠂ ᠬᠦᠷᠦᠰᠦᠨ ᠤ ᠴᠢᠭᠢᠭ ᠢ ᠬᠠᠮᠠᠭᠠᠯᠠᠬᠤ ᠵᠣᠷᠢᠯᠭ᠎ᠠ ᠪᠠᠷ ᠴᠢᠯᠠᠭᠤ ᠪᠤᠶᠤ ᠮᠣᠳᠣᠨ ᠪᠣᠯᠣ ᠪᠠᠷ ᠲᠠᠷᠢᠶᠠᠨ ᠤ | ᠬᠦᠷᠦᠰᠦ ᠶᠢ ᠳᠠᠷᠤᠰᠢᠭᠤᠯᠬᠤ ᠶᠢ ᠲᠠᠷᠢᠶ᠎ᠠ ᠪᠤᠯᠤᠳᠠᠬᠤ ᠭᠡᠳᠡᠭ᠃ ᠲᠠᠷᠢᠶ᠎ᠠ ᠪᠤᠯᠤᠳᠠᠬᠤ ᠪᠣᠯᠣ ᠨᠢ ᠳᠣᠮᠳᠠ ᠪᠠᠨ | ᠭᠦᠳᠦᠭᠦᠷ᠂ ᠬᠤᠶᠠᠷ ᠦᠵᠦᠭᠦᠷ ᠲᠡᠰᠢ ᠪᠠᠨ ᠱᠤᠪᠲᠤᠩ᠂ ᠬᠤᠶᠠᠷ ᠦᠵᠦᠭᠦᠷ ᠲᠤ ᠨᠢ ᠨᠦᠬᠡ ᠴᠣᠭᠤᠯᠵᠣ ᠠᠷᠠᠯ | ᠲᠠᠭᠠᠷᠠᠭᠤᠯᠤᠨ ᠦᠬᠡᠷ᠂ ᠮᠣᠷᠢ ᠪᠠᠷ ᠵᠢᠳᠭᠦᠭᠦᠯᠵᠦ᠂ ᠲᠠᠷᠢᠶᠠᠨ ᠬᠦᠷᠦᠰᠦ ᠶᠢ ᠳᠠᠷᠣᠰᠢᠭᠤᠯᠳᠠᠭ᠃ ︵ᠵᠠᠭᠠᠷ︶ | | | ︵ᠢᠷᠡᠯᠲᠡ᠄ ᠦᠪᠦᠷ ᠮᠣᠩᠭᠤᠯ ᠤᠨ ᠠᠷᠠᠳ ᠤᠨ ᠬᠡᠪᠯᠡᠯ ᠤᠨ ᠬᠤᠷᠢᠶ᠎ᠠ ᠶᠢᠨ ᠬᠡᠪᠯᠡᠭᠰᠡᠨ ︽ᠮᠣᠩᠭᠤᠯ | ᠰᠤᠳᠤᠯᠤᠯ ᠤᠨ ᠨᠡᠪᠲᠡᠷᠬᠡᠢ ᠲᠤᠯᠢ ︵ᠵᠠᠩ ᠦᠢᠯᠡ︶︾ ᠭᠡᠬᠦ ᠨᠤᠮ ᠠᠴᠠ ᠰᠤᠩᠭᠤᠨ ᠰᠡᠶᠢᠷᠡᠭᠦᠯᠪᠡ᠃︶ |