ᠬᠠᠪᠤᠷ ᠤᠨ ᠤᠯᠠᠷᠢᠯ ᠳᠤ ᠵᠢᠮᠢᠰ ᠤᠨ ᠬᠦᠷᠢᠶᠡᠯᠡᠩ ᠳᠤ ᠣᠷᠭᠠᠨᠢᠭ ᠪᠣᠷᠳᠣᠭᠤᠷ ᠣᠷᠣᠭᠤᠯᠬᠤ ᠨᠢ ᠰᠢᠨᠵᠢᠯᠡᠬᠦ ᠤᠬᠠᠭᠠᠨᠴᠢ ᠪᠢᠰᠢ
ᠨᠡᠶᠢᠲᠡᠯᠡᠭᠰᠡᠨ ᠴᠠᠭ᠄
2025/5/16
      1.ᠲᠠᠰᠤᠷᠠᠭᠰᠠᠨ ᠦᠨᠳᠦᠰᠦ ᠶᠢ  ᠨᠢ ᠰᠡᠷᠭᠦᠭᠡᠵᠦ ᠲᠡᠶᠢᠯᠳᠡᠭ ᠦᠭᠡᠢ      ᠬᠠᠪᠤᠷ ᠤᠨ ᠤᠯᠠᠷᠢᠯ ᠳᠤ ᠰᠠᠭᠤᠷᠢ ᠪᠣᠷᠳᠣᠭᠤᠷ ᠣᠷᠤᠭᠤᠯᠵᠤ᠂ ᠰᠠᠭᠤᠷᠢ ᠪᠣᠷᠳᠣᠭᠤᠷ ᠨᠢ ᠭᠤᠣᠯᠳᠠᠭᠤ ᠣᠷᠭᠠᠨᠢᠭ ᠪᠣᠷᠳᠣᠭᠤᠷ᠂ ᠨᠠᠶᠢᠷᠠᠯᠭ᠎ᠠ ᠲᠠᠢ ᠪᠣᠷᠳᠣᠭᠤᠷ᠂ ᠴᠠᠬᠢᠭᠤᠷ ᠺᠠᠯᠼ ᠮᠠᠭᠨᠢ ᠪᠣᠯᠣᠨ᠎ᠠ᠂ ᠡᠳᠡᠭᠡᠷ ᠨᠢ ᠦᠨᠳᠦᠰᠦᠨ ᠳᠡᠭᠡᠨ ᠪᠦᠷ ᠬᠠᠲᠠᠭᠤ ᠪᠡᠶᠡᠲᠦ ᠪᠣᠷᠳᠣᠭᠤᠷ ᠪᠠᠶᠢᠵᠤ᠂ ᠬᠠᠲᠠᠭᠤ ᠪᠡᠶᠡᠲᠦ ᠪᠣᠷᠳᠣᠭᠤᠷ ᠢ ᠣᠷᠣᠭᠤᠯᠬᠤ ᠳᠤ ᠨᠦᠬᠡ ᠮᠠᠯᠲᠠᠬᠤ ᠪᠤᠶᠤ ᠭᠤᠤ ᠭᠠᠷᠭᠠᠨ᠎ᠠ᠂ ᠨᠦᠬᠡ ᠮᠠᠯᠲᠠᠬᠤ ᠪᠤᠶᠤ ᠭᠤᠤ ᠭᠠᠷᠭᠠᠬᠤ ᠳᠤ ᠦᠨᠳᠦᠰᠦ ᠶᠢ ᠨᠢ ᠲᠠᠰᠤᠯᠬᠤ  ᠨᠢ ᠵᠠᠶᠢᠯᠠᠰᠢ ᠦᠭᠡᠢ ᠶᠤᠮ᠃ ᠬᠠᠪᠤᠷ ᠤᠨ ᠦᠨᠳᠦᠰᠦ ᠨᠢ ᠮᠣᠳᠣᠨ ᠤ ᠨᠠᠪᠴᠢ ᠨᠠᠮᠠᠭ᠎ᠠ ᠶᠢ ᠤᠷᠭᠤᠭᠤᠯᠤᠨ᠎ᠠ᠂ ᠬᠡᠷᠪᠡ ᠲᠠᠰᠤᠷᠠᠪᠠᠯ ᠵᠢᠮᠢᠰ ᠤᠨ ᠮᠣᠳᠣ ᠴᠠᠭ ᠲᠤᠬᠠᠢ ᠳᠤᠨᠢ ᠵᠠᠰᠠᠵᠤ ᠰᠡᠯᠪᠢᠬᠦ ᠴᠢᠳᠠᠯ ᠦᠭᠡᠢ ᠪᠣᠯᠳᠠᠭ᠃      2.ᠦᠨᠳᠦᠰᠦᠨ ᠰᠢᠰᠲ᠋ᠧᠮ ᠳᠤ ᠰᠢᠮ᠎ᠡ ᠲᠡᠵᠢᠭᠡᠯ ᠢ ᠬᠠᠳᠠᠭᠠᠯᠠᠳᠠᠭ      ᠬᠠᠪᠤᠷ ᠤᠨ ᠦᠨᠳᠦᠰᠦ ᠰᠣᠶᠣᠭᠠᠯᠠᠵᠤ ᠡᠨᠡ ᠦᠶ᠎ᠡ ᠳᠤ ᠰᠢᠨ᠎ᠡ ᠨᠠᠪᠴᠢ ᠤᠷᠭᠤᠭᠠᠳᠤᠶ ᠪᠠᠶᠢᠬᠤ ᠳᠤ ᠵᠢᠮᠢᠰ ᠤᠨ ᠮᠣᠳᠣ ᠬᠠᠷᠢᠨ ᠮᠠᠰᠢ ᠲᠦᠷᠭᠡᠨ ᠢᠶᠠᠷ ᠪᠣᠷᠳᠣᠭᠤᠷ ᠬᠡᠷᠡᠭᠯᠡᠬᠦ ᠬᠠᠮᠤᠭ ᠤᠨ ᠶᠡᠭᠡ ᠠᠰᠢᠭᠯᠠᠮᠵᠢ ᠶᠢᠨ ᠬᠤᠭᠤᠴᠠᠭᠠᠨ ᠳᠤ ᠣᠷᠣᠳᠠᠭ᠂ ᠤᠴᠢᠷ ᠨᠢ ᠵᠢᠮᠢᠰ ᠤᠨ ᠮᠣᠳᠣᠨ ᠳᠤ ᠦᠨᠳᠦᠰᠦ ᠤᠷᠭᠤᠬᠤ᠂ ᠮᠥᠴᠢᠷ ᠰᠠᠯᠭᠠᠬᠤ᠂ ᠨᠠᠪᠴᠢ ᠳᠡᠯᠭᠡᠬᠦ᠂ ᠴᠡᠴᠡᠭ ᠳᠡᠯᠭᠡᠷᠡᠬᠦ᠂ ᠵᠢᠮᠢᠰ ᠰᠠᠭᠤᠬᠤ ᠳᠤ ᠶᠡᠭᠡ ᠬᠡᠮᠵᠢᠶᠡᠨ ᠤ ᠰᠢᠮ᠎ᠡ ᠲᠡᠵᠢᠭᠡᠯ ᠵᠠᠷᠤᠴᠠᠭᠤᠯᠳᠠᠭ᠂ ᠵᠢᠮᠢᠰ ᠤᠨ ᠮᠣᠳᠣ ᠶᠠᠭᠤᠨ ᠤ ᠡᠮᠦᠨ᠎ᠡ ᠵᠢᠮᠢᠰ ᠤᠨ ᠮᠣᠳᠣᠨ ᠤ ᠪᠡᠶ᠎ᠡ ᠳᠤ ᠬᠠᠳᠠᠭᠠᠯᠠᠵᠤ ᠪᠠᠶᠢᠭ᠎ᠠ ᠰᠢᠮ᠎ᠡ ᠲᠡᠵᠢᠭᠡᠯ ᠢ ᠬᠡᠷᠡᠭᠯᠡᠳᠡᠭ᠂ ᠲᠦᠷᠦᠭᠦᠦ ᠵᠢᠯ ᠤᠨ ᠨᠠᠮᠤᠷ ᠰᠠᠭᠤᠷᠢ ᠪᠣᠷᠳᠣᠭᠤᠷ ᠣᠷᠣᠭᠤᠯᠤᠭᠰᠠᠨ ᠵᠢᠮᠢᠰ ᠤᠨ ᠮᠣᠳᠣᠨ ᠳᠤ ᠬᠠᠳᠠᠭᠠᠯᠠᠵᠤ ᠪᠠᠶᠢᠭ᠎ᠠ ᠰᠢᠮ᠎ᠡ ᠲᠡᠵᠢᠭᠡᠯ ᠤᠨ ᠣᠯᠠᠩᠬᠢ ᠨᠢ ᠪᠦᠷ ᠦᠨᠳᠦᠰᠦ ᠶᠢᠨ ᠬᠡᠰᠡᠭ ᠲᠤ ᠪᠠᠶᠢᠵᠤ᠂ ᠦᠨᠳᠦᠰᠦ ᠲᠠᠰᠤᠷᠠᠬᠤ ᠨᠢ ᠰᠢᠮ᠎ᠡ ᠲᠡᠵᠢᠭᠡᠯ ᠳᠠᠮᠵᠢᠭᠤᠯᠬᠤ ᠶᠢ ᠲᠠᠰᠤᠯᠤᠭᠰᠠᠨ ᠲᠠᠢ ᠠᠳᠠᠯᠢ ᠶᠤᠮ᠃      3.ᠦᠨᠳᠦᠰᠦ ᠲᠠᠰᠤᠷᠠᠬᠤ ᠨᠢ ᠠᠮᠠᠰᠠᠷ  ᠢ ᠭᠡᠮᠲᠦᠭᠡᠬᠦ ᠲᠠᠢ ᠠᠳᠠᠯᠢ      ᠵᠢᠮᠢᠰ ᠤᠨ ᠮᠣᠳᠣ ᠤᠰᠤ ᠪᠣᠷᠳᠣᠭᠤᠷ ᠰᠢᠩᠭᠡᠭᠡᠬᠦ ᠳᠡᠭᠡᠨ ᠭᠤᠣᠯᠳᠠᠭᠤ ᠭᠠᠵᠠᠷ ᠤᠨ ᠭᠠᠳᠠᠷᠭᠤ ᠠᠴᠠ 20 ᠰᠠᠨᠲ᠋ᠢᠮᠧᠲᠷ ᠤᠨ ᠳᠤᠮᠳᠠ ᠳᠠᠪᠬᠤᠷᠭ᠎ᠠ ᠶᠢᠨ ᠰᠠᠬᠠᠯ ᠦᠨᠳᠦᠰᠦ ᠳᠤ ᠲᠦᠰᠢᠭᠯᠡᠨ᠎ᠡ᠂ ᠬᠡᠷᠪᠡ ᠡᠳᠡᠭᠡᠷ ᠰᠠᠬᠠᠯ ᠦᠨᠳᠦᠰᠦ ᠶᠢ ᠰᠢᠷᠬᠠᠲᠤᠭᠤᠯᠪᠠᠯ ᠬᠡᠪ ᠤᠨ ᠪᠠᠶᠢᠳᠠᠯ ᠢᠶᠠᠷ ᠤᠰᠤ ᠪᠣᠷᠳᠣᠭᠤᠷ ᠰᠣᠷᠣᠵᠤ ᠳᠡᠶᠢᠯᠬᠦ ᠦᠭᠡᠢ᠂ ᠨᠡᠩ ᠴᠤ ᠮᠣᠳᠣᠨ ᠤ ᠪᠡᠶ᠎ᠡ ᠶᠢᠨ ᠦᠨᠳᠦᠰᠦ᠂ ᠰᠠᠯᠠᠭ᠎ᠠ᠂ ᠨᠠᠪᠴᠢ ᠶᠢ ᠴᠢᠷᠦᠭᠳᠡᠭᠦᠯᠦᠨ᠎ᠡ᠃      4.ᠣᠷᠭᠠᠨᠢᠭ ᠪᠣᠷᠳᠣᠭᠤᠷ ᠣᠷᠣᠭᠤᠯᠬᠤ ᠳᠤ ᠬᠦᠴᠦ ᠬᠦᠷᠦᠯᠴᠡᠬᠦ ᠦᠭᠡᠢ      ᠬᠠᠪᠤᠷ ᠤᠨ ᠤᠯᠠᠷᠢᠯ ᠳᠤ ᠵᠢᠮᠢᠰ ᠤᠨ ᠮᠣᠳᠣᠨ ᠤ ᠦᠨᠳᠦᠰᠦ ᠤᠷᠭᠤᠬᠤ᠂ ᠮᠥᠴᠢᠷ ᠰᠠᠯᠭᠠᠬᠤ᠂ ᠨᠠᠪᠴᠢ ᠳᠡᠯᠭᠡᠬᠦ᠂ ᠴᠡᠴᠡᠭ ᠳᠡᠯᠭᠡᠷᠡᠬᠦ᠂ ᠵᠢᠮᠢᠰ ᠰᠠᠭᠤᠬᠤ ᠳᠤ ᠶᠡᠭᠡ ᠬᠡᠮᠵᠢᠶᠡᠨ ᠤ ᠰᠢᠮ᠎ᠡ ᠲᠡᠵᠢᠭᠡᠯ ᠬᠡᠷᠡᠭᠰᠡᠨ᠎ᠡ᠂ ᠡᠨᠡ ᠬᠤᠭᠤᠴᠠᠭᠠᠨ ᠤ ᠰᠢᠮ᠎ᠡ ᠲᠡᠵᠢᠭᠡᠯ ᠢ ᠭᠦᠢᠴᠡᠳ ᠬᠠᠩᠭᠠᠵᠤ ᠳᠡᠶᠢᠯᠬᠦ ᠦᠭᠡᠢ ᠪᠣᠯ ᠵᠢᠮᠢᠰ ᠤᠨ ᠮᠣᠳᠣᠨ ᠤ ᠰᠡᠭᠦᠯᠴᠢ ᠶᠢᠨ ᠬᠤᠭᠤᠴᠠᠭᠠᠨ ᠤ ᠥᠰᠦᠯᠲᠡ ᠶᠢ ᠨᠥᠯᠥᠭᠡᠯᠡᠵᠦ᠂ ᠴᠡᠴᠡᠭ ᠵᠤᠯᠭᠠᠷᠠᠵᠤ ᠵᠢᠮᠢᠰ ᠤᠨᠠᠬᠤ᠂ ᠤᠨᠠᠯᠲᠠ ᠪᠠᠭᠤᠷᠠᠬᠤ᠂ ᠰᠢᠬᠢᠷ ᠤᠨ ᠥᠩᠭᠡ ᠬᠦᠷᠦᠯᠴᠡᠬᠦ ᠦᠭᠡᠢ᠂ ᠵᠢᠮᠢᠰ ᠤᠨ ᠶᠠᠰᠤ ᠴᠢᠨᠠᠷ ᠮᠠᠭᠤᠳᠠᠬᠤ ᠬᠦᠨᠳᠦ ᠨᠣᠴᠢᠲᠠᠢ ᠦᠷ᠎ᠡ ᠳ᠋ᠦᠩ ᠢ ᠪᠣᠢ ᠪᠣᠯᠭᠠᠨ᠎ᠠ᠃ ᠡᠶᠢᠮᠦ ᠠᠴᠠ ᠬᠠᠪᠤᠷ ᠤᠨ ᠤᠯᠠᠷᠢᠯ ᠳᠤ ᠤᠰᠤᠨ ᠳᠤ ᠠᠭᠤᠰᠬᠤ ᠴᠢᠨᠠᠷᠲᠠᠢ ᠪᠣᠷᠳᠣᠭᠤᠷ ᠢ ᠶᠡᠭᠡ ᠪᠠᠷ ᠬᠡᠷᠡᠭᠯᠡᠬᠦ ᠶᠢ ᠡᠷᠬᠢᠮᠯᠡᠬᠦ ᠠᠴᠠ ᠪᠢᠰᠢ᠂ ᠣᠷᠭᠠᠨᠢᠭ ᠪᠣᠷᠳᠣᠭᠤᠷ ᠪᠢᠰᠢ ᠶᠤᠮ᠃      ᠮᠡᠳᠡᠭᠡ ᠵᠠᠩᠭᠢ ᠶᠢᠨ ᠢᠷᠡᠯᠲᠡ᠄ ᠤᠯᠠᠭᠠᠨᠬᠠᠳᠠ ᠬᠤᠲᠠ ᠶᠢᠨ ᠲᠠᠷᠢᠶᠠᠯᠠᠩ ᠮᠠᠯ ᠠᠵᠤ ᠠᠬᠤᠢ ᠶᠢᠨ ᠲᠣᠪᠴᠢᠶ᠎ᠠ
 
ᠢᠷᠡᠯᠲᠡ᠄ ᠤᠯᠠᠭᠠᠨᠬᠠᠳᠠ ᠬᠤᠳᠠ ᠶᠢᠨ ᠲᠠᠷᠢᠶᠠᠯᠠᠩ ᠮᠠᠯ ᠠᠵᠤ ᠠᠬᠤᠢ ᠶᠢᠨ ᠲᠣᠪᠴᠢᠶ᠎ᠠ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号