ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠦᠨᠳᠦᠰᠦᠲᠡᠨ᠎ᠤ ᠪᠡᠶ᠎ᠡ ᠲᠠᠮᠢᠷ
ᠦᠢᠯᠡᠴᠢᠯᠡᠭᠡ   -   ᠲᠠᠨ᠎ᠳᠤ ᠦᠢᠯᠡᠴᠢᠯᠡᠬᠦ᠌
ᠤᠳᠠᠭ᠋ᠠᠨ ᠰᠠᠭᠤᠬᠤ᠎ᠨᠢ ᠪᠡᠶ᠎ᠡ ᠮᠠᠬᠠᠪᠣᠳ᠎ᠲᠤ ᠤᠯᠠᠠ ᠬᠤᠬᠢᠷᠠᠯ᠎ᠲᠠᠢ
ᠨᠡᠶ᠋ᠢᠲᠡᠯᠡᠭᠰᠡᠨ ᠴᠠᠭ᠄ 2025-04-06

   1. ᠪᠡᠶ᠎ᠡ ᠵᠢ ᠬᠡᠮᠳᠤᠭᠡᠨ᠎ᠠ᠃ ᠨᠢᠷᠤᠭᠤ ᠵᠦᠳᠡᠷᠡᠨ ᠭᠡᠮᠲᠦᠬᠦ ᠪᠠ ᠰᠢᠩᠭᠡᠭᠡᠯᠲᠡ ᠮᠠᠭᠤᠲᠠᠨ᠎ᠠ᠃ ᠤᠳᠠᠭ᠋ᠠᠨ ᠰᠠᠭᠤᠬᠤ ᠦᠶ᠎ᠡ᠎ᠳᠤ᠂ ᠬᠥᠮᠦᠨ᠎ᠤ ᠪᠡᠶ᠎ᠡ ᠵᠢᠨ ᠬᠦᠨᠳᠦᠴᠡ ᠨᠡᠯᠢᠶᠡᠳ ᠲᠥᠪᠯᠡᠷᠡᠩᠭᠦᠶ᠎ᠪᠠᠷ ᠪᠦᠰᠡᠯᠡᠭᠦᠷ ᠤᠭᠤᠴᠠᠨ᠎ᠤ ᠬᠡᠰᠡᠭ᠎ᠲᠤ ᠪᠠᠭᠤᠵᠤ᠂ ᠳᠠᠷᠤᠯᠲᠠ ᠵᠢᠨ ᠲᠠᠷᠬᠠᠯᠲᠠ ᠲᠡᠩᠴᠡᠭᠦᠷᠢ ᠦᠭᠡᠢ᠎ᠠᠴᠠ ᠪᠣᠯᠵᠤ ᠪᠦᠰᠡᠯᠡᠭᠦᠷ ᠨᠢᠷᠤᠭᠤᠨ᠎ᠤ ᠠᠷᠤ ᠪᠤᠯᠴᠢᠩ᠎ᠤᠨ ᠵᠦᠳᠡᠷᠡᠯ᠎ᠤᠨ ᠭᠡᠮᠲᠦᠯ᠎ᠢ ᠠᠮᠠᠷᠬᠠᠨ ᠡᠭᠦᠰᠬᠡᠵᠦ ᠡᠪᠡᠳᠬᠦ ᠪᠣᠯᠤᠨ᠎ᠠ᠂ ᠤᠷᠳᠤ ᠬᠤᠭᠤᠴᠠᠭ᠎ᠠ᠎ᠪᠠᠷ ᠡᠶ᠋ᠢᠮᠦᠷᠬᠦᠦ ᠪᠠᠶ᠋ᠢᠳᠠᠯ᠎ᠲᠠᠢ ᠪᠣᠯ ᠨᠡᠩ ᠴᠢᠨᠠᠭᠰᠢᠳᠠ ᠰᠡᠭᠡᠷ᠎ᠤᠨ ᠲᠠᠪᠠᠭ᠎ᠤᠨ ᠨᠡᠬᠡᠳᠡᠰᠦ ᠵᠢᠨ ᠬᠠᠷᠢᠮᠠᠬᠠᠶ ᠴᠢᠨᠠᠷ ᠮᠠᠭᠤᠳᠠᠬᠤ ᠪᠠ ᠪᠠᠭ᠋ᠠᠨ᠎ᠠ ᠨᠢᠷᠤᠭᠤᠨ᠎ᠤ ᠶᠠᠰᠤᠯᠢᠭ ᠡᠳ᠋᠎ᠤᠨ ᠨᠡᠮᠡᠭᠳᠡᠯ᠎ᠢ ᠡᠭᠦᠰᠭᠡᠵᠦ᠂ ᠪᠠᠰᠠ ᠬᠡᠪᠡᠯᠢ ᠬᠥᠭᠡᠭᠡᠬᠦ ᠪᠠ ᠬᠤᠷᠭᠤᠰᠣᠯᠠᠬᠤ ᠵᠡᠷᠭᠡ ᠰᠢᠩᠭᠡᠭᠡᠯᠲᠡ ᠵᠢᠨ ᠰᠢᠰᠲ᠋ᠧᠮ᠎ᠤᠨ ᠡᠪᠡᠳᠴᠢᠨ᠎ᠢ ᠡᠭᠦᠰᠭᠡᠳᠡᠭ᠃
    2. ᠵᠢᠷᠦᠬᠡ ᠵᠢ ᠬᠡᠮᠳᠤᠭᠡᠨ᠎ᠠ᠃ ᠵᠢᠷᠦᠬᠡ ᠴᠢᠰᠤᠨ ᠰᠤᠳᠠᠯ᠎ᠤᠨ ᠡᠪᠡᠳᠴᠢᠨ ᠡᠭᠦᠰᠬᠦ ᠨᠤᠷᠮ᠎ᠠ ᠳᠠᠬᠢᠨ ᠵᠶ᠋ᠠᠷ ᠨᠡᠮᠡᠭᠳᠡᠨ᠎ᠡ᠃ ᠤᠳᠠᠭ᠋ᠠᠨ ᠰᠠᠭᠤᠵᠤ ᠬᠦᠳᠡᠯᠬᠦ ᠦᠭᠡᠢ ᠪᠣᠯ ᠴᠢᠰᠤᠨ᠎ᠤ ᠡᠷᠭᠢᠯᠲᠡ ᠰᠠᠭ᠋ᠠᠷᠠᠵᠤ᠂ ᠡᠳᠦᠷ ᠤᠳᠠᠭ᠋ᠠᠨ᠎ᠳᠠᠭᠠᠨ ᠵᠢᠷᠦᠬᠡᠨ᠎ᠤ ᠠᠵᠢᠯᠯᠠᠭ᠎ᠠ ᠵᠢ ᠮᠠᠭᠤᠳᠠᠭᠤᠯᠵᠤ᠂ ᠵᠢᠷᠦᠬᠡᠨ ᠪᠤᠯᠴᠢᠩ ᠰᠢᠮᠡᠯ ᠠᠪᠬᠤ ᠪᠣᠯᠤᠨ᠎ᠠ᠃
    3. ᠲᠠᠷᠢᠬᠢ ᠵᠢ ᠬᠡᠮᠳᠤᠭᠡᠨ᠎ᠠ᠃ ᠴᠢᠰᠤᠨ᠎ᠤ ᠬᠠᠩᠭ᠋ᠠᠯᠲᠠ ᠭᠦᠢ᠍ᠴᠡᠳ ᠦᠭᠡᠢ᠎ᠠᠴᠠ ᠪᠣᠯᠵᠤ ᠲᠣᠯᠣᠭ᠋ᠠᠶ ᠡᠷᠭᠢᠵᠦ ᠨᠢᠳᠦ ᠡᠷᠢᠶᠡᠯᠵᠡᠨ᠎ᠡ᠃ ᠤᠳᠠᠭ᠋ᠠᠨ ᠰᠠᠭᠤᠭ᠋ᠠᠳ ᠬᠥᠳᠡᠯᠬᠦ ᠦᠭᠡᠢ ᠪᠣᠯ ᠴᠢᠰᠤᠨ᠎ᠤ ᠡᠷᠭᠢᠯᠲᠡ ᠰᠠᠭ᠋ᠠᠷᠠᠵᠤ᠂ ᠶᠡᠭᠡ ᠲᠠᠷᠢᠬᠢᠨ᠎ᠤ ᠴᠢᠰᠤᠨ᠎ᠤ ᠬᠠᠩᠭ᠋ᠠᠯᠲᠠ ᠬᠦᠷᠦᠯᠴᠡᠬᠦ ᠦᠭᠡᠢ ᠪᠤᠯᠵᠤ᠂ ᠣᠶᠣᠨ ᠲᠠᠷᠢᠬᠢ ᠵᠢ ᠭᠡᠮᠲᠦᠭᠡᠵᠦ᠂ ᠣᠶᠣᠨ ᠰᠠᠨᠠᠭ᠋ᠠᠨ᠎ᠤ ᠬᠠᠷᠰᠢᠯᠠᠯ᠎ᠢ ᠡᠭᠦᠰᠭᠡᠨ᠎ᠡ᠃
    4. ᠪᠥᠭᠡᠷ᠎ᠡ ᠵᠢ ᠭᠡᠮᠲᠦᠭᠡᠬᠦ᠄ ᠦᠷᠡᠵᠢᠯ᠎ᠤᠨ ᠰᠢᠰᠲ᠋ᠧᠮ᠎ᠢ ᠨᠦᠯᠤᠭᠡᠯᠡᠵᠤ᠂ ᠳᠠᠪᠤᠰᠠᠩ᠎ᠤᠨ ᠰᠠᠯᠲᠠᠷ᠎ᠤᠨ ᠴᠢᠰᠤᠨ᠎ᠤ ᠡᠷᠭᠢᠯᠲᠡ ᠵᠢ ᠮᠠᠭᠤᠳᠠᠭᠤᠯᠵᠤ᠂ ᠳᠠᠪᠤᠰᠠᠩ᠎ᠤᠨ ᠠᠵᠢᠯᠯᠠᠭ᠎ᠠ ᠵᠢᠨ ᠬᠡᠪ᠎ᠤᠨ ᠪᠠᠶ᠋ᠢᠳᠠᠯ᠎ᠢ ᠠᠯᠳᠠᠭᠤᠯᠳᠠᠭ᠃ ᠤᠳᠠᠭ᠋ᠠᠨ ᠰᠠᠭᠤᠬᠤ ᠵᠢᠨ ᠬᠤᠤᠷ ᠬᠥᠨᠥᠭᠡᠯ ᠦᠨᠡᠬᠡᠷ ᠮᠠᠰᠢ ᠶᠡᠭᠡ ᠭᠡᠳᠡᠭ᠎ᠢ ᠡᠭᠦᠨ᠎ᠠᠴᠠ ᠮᠡᠳᠡᠵᠦ ᠪᠣᠯᠤᠨ᠎ᠠ᠃ ᠡᠶ᠋ᠢᠮᠦ᠎ᠠᠴᠠ ᠤᠳᠠᠭ᠋ᠠᠨ ᠰᠠᠭᠤᠳᠠᠭ ᠠᠮᠢᠳᠤᠷᠠᠯ᠎ᠤᠨ ᠠᠷᠭ᠎ᠠ ᠮᠠᠶᠢᠭ ᠵᠶ᠋ᠠᠨ ᠴᠠᠭ ᠲᠤᠬᠠᠶ᠎ᠳᠤᠨᠢ ᠲᠣᠬᠢᠷᠠᠭᠤᠯᠬᠤ ᠬᠡᠷᠡᠭᠲᠡᠶ᠃ ᠠᠵᠢᠯᠯᠠᠵᠤ ᠪᠠᠶ᠋ᠢᠭ᠎ᠠ ᠦᠶ᠎ᠡ᠎ᠳᠤ᠎ᠪᠠᠨ᠂ ᠴᠠᠭ ᠪᠦᠷᠢ᠎ᠳᠤ 5 ᠮᠢᠨᠦ᠋ᠲ ᠣᠷᠴᠢᠮ ᠪᠣᠰᠴᠤ ᠦᠶ᠎ᠡ ᠮᠦᠴᠢ᠎ᠪᠠᠨ ᠬᠦᠲᠡᠯᠭᠡᠵᠦ᠂ ᠪᠣᠯᠤᠯᠴᠠᠭ᠎ᠠ᠎ᠲᠠᠢ ᠪᠣᠯ ᠡᠳᠦᠷ ᠪᠦᠷᠢ 1 — 3 ᠴᠠᠭ ᠵᠤᠬᠰᠤᠭ᠎ᠠ᠎ᠪᠠᠷ ᠠᠵᠢᠯᠯᠠᠵᠤ ᠪᠣᠯᠤᠨ᠎ᠠ᠃ ᠡᠭᠦᠨ᠎ᠤ ᠬᠠᠮᠲᠤ ᠰᠠᠭᠤᠬᠤ ᠪᠠᠶ᠋ᠢᠳᠠᠯ᠎ᠢ ᠴᠤ᠌ ᠵᠥᠪ ᠪᠠᠶ᠋ᠢᠯᠭ᠋ᠠᠬᠤ ᠬᠡᠷᠡᠭᠲᠡᠶ᠃

ᠢᠷᠡᠯᠲᠡ᠄ ᠠᠷᠠᠳ᠎ᠤᠨ ᠰᠦᠯᠵᠢᠶ᠎ᠡ
          
ᠬᠠᠮᠢᠶ᠎ᠡ ᠪᠦᠬᠦᠢ ᠰᠣᠨᠢᠨ
ᠡᠪᠤᠯ ᠪᠡᠶ᠎ᠡ᠎ᠪᠠᠨ ᠪᠤᠯᠪᠠᠰᠤᠷᠠᠭᠤᠯᠬᠤ᠎ᠳᠤ ᠠᠡᠭᠬᠠᠷᠬᠤ ᠵᠦᠢ᠍ᠯ
ᠪᠦᠵᠢᠭᠯᠡᠪᠡᠯ ᠦᠳᠡᠯᠬᠥ ᠵᠢ ᠤᠳᠠᠭ᠋ᠠᠰᠢᠷᠠᠭᠤᠯᠵᠤ ᠪᠤᠯᠤᠨ᠎ᠠ
ᠪᠡᠶ᠎ᠡ ᠪᠤᠯᠪᠠᠰᠤᠷᠠᠵᠤ ᠠᠭᠤᠷ ᠵᠶ᠋ᠠᠨ ᠭᠠᠷᠭ᠋ᠠᠬᠤ᠎ᠨᠢ ᠵᠢᠷᠦᠬᠡᠨ ᠡᠪᠡᠳᠴᠢᠨ᠎ᠤ ᠲᠦᠭᠰᠢᠬᠦᠷᠢ ᠵᠢ ᠨᠡᠮᠡᠭᠳᠡᠬᠦᠯᠦᠨ᠎ᠠ
ᠨᠠᠰᠤᠳᠠᠢ ᠬᠦᠮᠦᠨ ᠪᠡᠶ᠎ᠠ᠎ᠪᠠᠨ ᠪᠤᠯᠪᠠᠰᠤᠷᠠᠪᠠᠯ ᠲᠠᠷᠢᠬᠢᠨ᠎ᠤ ᠠᠪᠴᠢᠯᠳᠠ ᠵᠢ ᠤᠳᠠᠭ᠋ᠠᠰᠢᠷᠠᠭᠤᠯᠵᠤ ᠴᠢᠳᠠᠨ᠎ᠠ
7 ᠠᠷᠭ᠎ᠠ᠎ᠪᠠᠷ ᠪᠤᠯᠴᠢᠡᠭ ᠰᠢᠷᠪᠤᠰᠤ ᠲᠠᠳᠠᠬᠤ ᠵᠢ ᠬᠦᠡᠭᠭᠡᠷᠡᠬᠦᠯᠬᠦ
 
            