《ᠥᠩᠭᠡᠷᠡᠭᠰᠡᠨ᠎ᠳᠤ ᠣᠷᠴᠢᠨ ᠲᠣᠭᠣᠷᠢᠨ᠎ᠤ ᠬᠠᠮᠠᠭ᠋ᠠᠯᠠᠯᠲᠠ ᠵᠢ ᠶᠠᠭᠤᠮᠠᠨ᠎ᠳᠤ ᠦᠵᠡᠳᠡᠭ ᠦᠭᠡᠢ ᠪᠠᠢ᠌ᠯ᠎ᠠ᠂ ᠣᠳᠣ ᠪᠢᠳᠡ ᠣᠷᠴᠢᠨ ᠲᠣᠭᠣᠷᠢᠨ᠎ᠤ ᠬᠠᠮᠠᠭ᠋ᠠᠯᠠᠯᠲᠠ ᠵᠢ ᠰᠠᠢ᠌ᠨ ᠬᠢᠬᠦ ᠦᠭᠡᠢ ᠪᠣᠯ 〈ᠨᠢᠭᠤᠷ ᠤᠯᠠᠢ᠌ᠨ ᠬᠥᠯᠥᠰᠦ ᠭᠠᠷᠴᠤ〉᠂ ᠤᠨᠲᠠᠵᠤ ᠣᠷᠣᠬᠤ ᠦᠭᠡᠢ ᠪᠣᠯᠵᠤ ᠪᠠᠢ᠌ᠨ᠎ᠠ》 ᠭᠡᠵᠦ ᠹᠦᠵᠢᠶᠠᠨ ᠮᠤᠵᠢ ᠵᠢᠨ ᠦᠨᠳᠦᠰᠦᠨ ᠱᠠᠲᠤᠨ᠎ᠤ ᠨᠢᠭᠡ ᠺᠠᠳ᠋ᠷ ᠢᠩᠭᠢᠵᠦ ᠰᠢᠯᠤᠭᠤᠬᠠᠨ ᠶᠠᠷᠢᠵᠤ ᠪᠠᠢ᠌ᠯ᠎ᠠ᠃ ᠡᠢ᠌ᠮᠦ ᠡᠷᠭᠢᠯᠲᠡ ᠭᠠᠷᠤᠭᠰᠠᠨ᠎ᠨᠢ᠂ ᠹᠦᠵᠢᠶᠠᠨ ᠠᠮᠢ ᠠᠬᠤᠢ ᠵᠢᠨ ᠣᠷᠴᠢᠨ ᠲᠣᠭᠣᠷᠢᠨ᠎ᠤ ᠬᠠᠮᠠᠭ᠋ᠠᠯᠠᠯᠲᠠ᠎ᠳᠤ 《ᠨᠠᠮ ᠵᠠᠰᠠᠭ ᠬᠠᠮᠲᠤ᠎ᠪᠠᠷ ᠬᠠᠷᠢᠭᠤᠴᠠᠵᠤ》 ᠲᠠᠰᠤᠷᠠᠯᠲᠠ ᠦᠭᠡᠢ ᠪᠠᠲᠤᠳᠬᠠᠭᠰᠠᠨ᠎ᠠᠴᠠ ᠪᠣᠯᠣᠭᠰᠠᠨ ᠶᠤᠮ᠃
ᠪᠦᠬᠦ ᠤᠯᠤᠰ᠎ᠤᠨ ᠠᠩᠬᠠᠳᠤᠭ᠋ᠠᠷ ᠪᠦᠯᠦᠭ ᠠᠮᠢ ᠠᠬᠤᠢ ᠵᠢᠨ ᠪᠣᠯᠪᠠᠰᠤᠨ᠎ᠤ ᠲᠤᠷᠰᠢᠯᠲᠠ ᠵᠢᠨ ᠲᠣᠭᠣᠷᠢᠭ ᠪᠣᠯᠣᠭᠰᠠᠨ᠎ᠤ ᠬᠤᠪᠢ᠎ᠳᠤ᠂ ᠹᠦᠵᠢᠶᠠᠨ᠎ᠨᠢ ᠠᠮᠢ ᠠᠬᠤᠢ ᠵᠢᠨ ᠣᠷᠴᠢᠨ ᠲᠣᠭᠣᠷᠢᠨ᠎ᠤ ᠬᠠᠮᠠᠭ᠋ᠠᠯᠠᠯᠲᠠ᠎ᠳᠤ 《ᠨᠠᠮ ᠵᠠᠰᠠᠭ ᠬᠠᠮᠲᠤ᠎ᠪᠠᠷ ᠬᠠᠷᠢᠭᠤᠴᠠᠬᠤ》 《ᠨᠢᠭᠡ ᠠᠵᠢᠯ᠎ᠤᠨ ᠪᠠᠢ᠌ᠷᠢ᠎ᠳᠤ ᠬᠣᠶᠠᠷ ᠬᠠᠷᠢᠭᠤᠴᠠᠯᠭ᠎ᠠ ᠵᠢ ᠡᠭᠦᠷᠭᠡᠯᠡᠬᠦ》 ᠰᠢᠨ᠎ᠡ ᠲᠣᠭᠲᠠᠴᠠ ᠵᠢ ᠰᠢᠨ᠎ᠡ ᠵᠢ ᠡᠭᠦᠳᠦᠨ ᠪᠠᠢ᠌ᠭᠤᠯᠵᠤ᠂ ᠠᠮᠢ ᠠᠬᠤᠢ ᠵᠢᠨ ᠣᠷᠴᠢᠨ ᠲᠣᠭᠣᠷᠢᠨ᠎ᠤ ᠬᠠᠮᠠᠭ᠋ᠠᠯᠠᠯᠲᠠ ᠵᠢᠨ ᠬᠠᠷᠢᠭᠤᠴᠠᠯᠭ᠎ᠠ ᠵᠢ 《ᠵᠠᠰᠠᠭ᠎ᠤᠨ ᠣᠷᠳᠣᠨ ᠬᠠᠷᠢᠭᠤᠴᠠᠬᠤ》᠎ᠠᠴᠠ 《ᠨᠠᠮ ᠵᠠᠰᠠᠭ ᠬᠠᠮᠲᠤ᠎ᠪᠠᠷ ᠬᠠᠷᠢᠭᠤᠴᠠᠬᠤ》 ᠲᠡᠢ᠌ᠰᠢ ᠬᠤᠪᠢᠷᠠᠭᠤᠯᠵᠤ᠂ ᠠᠮᠢ ᠠᠬᠤᠢ ᠵᠢᠨ ᠣᠷᠴᠢᠨ ᠲᠣᠭᠣᠷᠢᠨ᠎ᠤ ᠬᠠᠮᠠᠭ᠋ᠠᠯᠠᠯᠲᠠ ᠵᠢᠨ ᠭᠣᠣᠯᠳᠠᠯᠭ᠎ᠠ ᠵᠢ 《ᠲᠡᠭᠦᠰᠬᠡᠯ ᠦᠵᠦᠭᠦᠷ᠎ᠲᠤ᠎ᠨᠢ ᠵᠠᠰᠠᠬᠤ》᠎ᠠᠴᠠ 《ᠪᠦᠬᠦ ᠶᠠᠪᠤᠴᠠ᠎ᠳᠤ ᠬᠢᠨᠠᠨ ᠬᠠᠮᠢᠶᠠᠷᠬᠤ》 ᠲᠡᠢ᠌ᠰᠢ ᠬᠤᠪᠢᠷᠠᠭᠤᠯᠵᠤ᠂ ᠠᠮᠢ ᠠᠬᠤᠢ ᠵᠢᠨ ᠣᠷᠴᠢᠨ ᠲᠣᠭᠣᠷᠢᠨ᠎ᠤ ᠬᠠᠮᠠᠭ᠋ᠠᠯᠠᠯᠲᠠ ᠵᠢᠨ ᠬᠢᠨᠠᠯᠲᠠ ᠬᠠᠮᠢᠶᠠᠷᠤᠯᠲᠠ ᠵᠢ 《ᠠᠵᠤ ᠠᠬᠤᠢ᠌ᠯᠠᠯ ᠵᠶ᠋ᠠᠷ ᠭᠣᠣᠯᠯᠠᠭᠤᠯᠵᠤ》 ᠪᠠᠢ᠌ᠭᠰᠠᠨ᠎ᠠᠴᠠ 《ᠵᠠᠰᠠᠭ ᠪᠠ ᠠᠵᠤ ᠠᠬᠤᠢ᠌ᠯᠠᠯ᠎ᠢ ᠬᠢᠨᠠᠬᠤ ᠵᠢ ᠵᠡᠷᠭᠡ᠎ᠳᠤ᠎ᠨᠢ ᠴᠢᠬᠤᠯᠠᠴᠢᠯᠠᠬᠤ》 ᠲᠡᠢ᠌ᠰᠢ ᠬᠤᠪᠢᠷᠠᠭᠤᠯᠵᠤ᠂ ᠠᠮᠢ ᠠᠬᠤᠢ ᠣᠷᠴᠢᠨ ᠲᠣᠭᠣᠷᠢᠨ᠎ᠤ ᠬᠠᠮᠠᠭ᠋ᠠᠯᠠᠯᠲᠠ ᠵᠢᠨ ᠪᠦᠲᠦᠮᠵᠢ ᠵᠢ 《ᠵᠥᠭᠡᠯᠡᠨ ᠱᠠᠭ᠋ᠠᠷᠳᠠᠯᠭ᠎ᠠ》᠎ᠠᠴᠠ 《ᠬᠠᠲᠠᠭᠤ ᠬᠢᠵᠠᠭ᠋ᠠᠷᠯᠠᠯ》 ᠲᠡᠢ᠌ᠰᠢ ᠬᠤᠪᠢᠷᠠᠭᠤᠯᠤᠭᠰᠠᠨ ᠵᠡᠷᠭᠡ ᠳᠥᠷᠪᠡᠨ ᠲᠡᠦᠬᠡᠲᠦ ᠡᠷᠭᠢᠯᠲᠡ ᠵᠢ ᠪᠣᠢ ᠪᠣᠯᠭ᠋ᠠᠵᠠᠢ᠃
《ᠵᠠᠰᠠᠭ᠎ᠤᠨ ᠣᠷᠳᠣᠨ ᠬᠠᠷᠢᠭᠤᠴᠠᠬᠤ》᠎ᠠᠴᠠ 《ᠨᠠᠮ ᠵᠠᠰᠠᠭ ᠬᠠᠮᠲᠤ᠎ᠪᠠᠷ ᠬᠠᠷᠢᠭᠤᠴᠠᠬᠤ》 ᠲᠡᠢ᠌ᠰᠢ ᠬᠤᠪᠢᠷᠠᠭᠤᠯᠪᠠ
ᠣᠢ᠌ᠷ᠎ᠠ ᠵᠢᠨ ᠵᠢᠯ᠎ᠳᠤ᠂ ᠠᠮᠢ ᠠᠬᠤᠢ ᠣᠷᠴᠢᠨ ᠲᠣᠭᠣᠷᠢᠨ᠎ᠤ ᠬᠠᠮᠠᠭ᠋ᠠᠯᠠᠯᠲᠠ᠎ᠳᠤ 《ᠨᠠᠮ ᠵᠠᠰᠠᠭ ᠬᠠᠮᠲᠤ᠎ᠪᠠᠷ ᠬᠠᠷᠢᠭᠤᠴᠠᠬᠤ》 《ᠨᠢᠭᠡ ᠠᠵᠢᠯ᠎ᠤᠨ ᠪᠠᠢ᠌ᠷᠢ᠎ᠳᠤ ᠬᠣᠶᠠᠷ ᠬᠠᠷᠢᠭᠤᠴᠠᠯᠭ᠎ᠠ ᠵᠢ ᠡᠭᠦᠷᠭᠡᠯᠡᠬᠦ》 ᠵᠢ ᠦᠷᠭᠦᠯᠵᠢᠯᠡᠨ ᠬᠡᠷᠡᠭᠵᠢᠭᠦᠯᠦᠭᠰᠡᠨ᠎ᠠᠴᠠ ᠨᠠᠭ᠋ᠠᠰᠢ᠂ ᠹᠦᠵᠢᠶᠠᠨ ᠥᠵᠥ ᠵᠢᠷᠤᠭ ᠲᠥᠯᠥᠪᠯᠡᠭᠡ ᠵᠢ ᠴᠢᠩᠭ᠋ᠠᠳᠬᠠᠵᠤ᠂ 《ᠹᠦᠵᠢᠶᠠᠨ ᠮᠤᠵᠢ ᠵᠢᠨ ᠠᠮᠢ ᠠᠬᠤᠢ ᠵᠢᠨ ᠣᠷᠴᠢᠨ ᠲᠣᠭᠣᠷᠢᠨ᠎ᠤ ᠬᠠᠮᠠᠭ᠋ᠠᠯᠠᠯᠲᠠ ᠵᠢᠨ ᠠᠵᠢᠯ᠎ᠤᠨ ᠡᠭᠦᠷᠭᠡ ᠬᠠᠷᠢᠭᠤᠴᠠᠯᠭ᠎ᠠ ᠵᠢᠨ ᠲᠣᠭᠲᠠᠭ᠋ᠠᠯ》᠎ᠢ ᠨᠡᠢ᠌ᠲᠡᠯᠡᠵᠦ᠂ ᠡᠯ᠎ᠡ ᠱᠠᠲᠤᠨ᠎ᠤ ᠨᠠᠮ᠎ᠤᠨ ᠬᠣᠷᠢᠶ᠎ᠠ ᠵᠠᠰᠠᠭ᠎ᠤᠨ ᠣᠷᠳᠣᠨ ᠪᠣᠯᠣᠨ 52 ᠰᠠᠯᠠᠭ᠎ᠠ ᠮᠥᠴᠢᠷ᠂ 130 ᠵᠦᠢ᠍ᠯ᠎ᠤᠨ ᠠᠮᠢ ᠠᠬᠤᠢ ᠵᠢᠨ ᠣᠷᠴᠢᠨ ᠲᠣᠭᠣᠷᠢᠨ᠎ᠤ ᠬᠠᠮᠠᠭ᠋ᠠᠯᠠᠯᠲᠠ ᠵᠢᠨ ᠠᠵᠢᠯ᠎ᠤᠨ ᠡᠭᠦᠷᠭᠡ ᠬᠠᠷᠢᠭᠤᠴᠠᠯᠭᠠᠳᠤ ᠬᠤᠪᠢᠶᠠᠷᠢᠯᠠᠯᠲᠠ ᠪᠠ ᠲᠣᠭᠲᠠᠭ᠋ᠠᠯ ᠭᠠᠷᠭ᠋ᠠᠵᠤ᠂ ᠪᠦᠷᠢᠨ ᠬᠡᠯᠬᠢᠶᠡᠰᠦ᠎ᠲᠠᠢ᠂ ᠣᠯᠠᠨ ᠳᠡᠰ ᠳᠠᠪᠬᠤᠷᠭ᠎ᠠ᠎ᠲᠠᠢ᠂ ᠥᠷᠭᠡᠨ ᠵᠶ᠋ᠠᠷ ᠬᠠᠮᠤᠷᠤᠭᠰᠠᠨ ᠬᠠᠷᠢᠭᠤᠴᠠᠯᠭ᠎ᠠ ᠵᠢᠨ ᠰᠢᠰᠲ᠋ᠧᠮᠵᠢ ᠵᠢ ᠪᠦᠷᠢᠳᠦᠭᠦᠯᠪᠡ᠃
ᠹᠦᠵᠢᠶᠠᠨ ᠪᠦᠬᠦ ᠤᠯᠤᠰ᠎ᠲᠤ ᠬᠠᠮᠤᠭ᠎ᠤᠨ ᠲᠦᠷᠦᠭᠦᠨ᠎ᠳᠤ ᠮᠤᠵᠢ ᠵᠢᠨ ᠨᠠᠮ᠎ᠤᠨ ᠬᠣᠷᠢᠶᠠᠨ᠎ᠤ ᠱᠦᠵᠢ᠎ᠪᠠᠷ ᠳᠤᠭᠤᠢ᠌ᠯᠠᠩ᠎ᠤᠨ ᠳᠠᠷᠤᠭ᠎ᠠ ᠪᠣᠯᠭ᠋ᠠᠭᠰᠠᠨ᠂ ᠮᠤᠵᠢ ᠵᠢᠨ ᠳᠠᠷᠤᠭ᠎ᠠ᠎ᠪᠠᠷ ᠳᠤᠭᠤᠢ᠌ᠯᠠᠩ᠎ᠤᠨ ᠪᠠᠢ᠌ᠩᠭᠤ ᠵᠢᠨ ᠳᠡᠳ᠋ ᠳᠠᠷᠤᠭ᠎ᠠ ᠪᠣᠯᠭ᠋ᠠᠭᠰᠠᠨ ᠠᠮᠢ ᠠᠬᠤᠢ ᠵᠢᠨ ᠪᠣᠯᠪᠠᠰᠤᠨ᠎ᠤ ᠪᠠᠢ᠌ᠭᠤᠯᠤᠯᠲᠠ ᠵᠢᠨ ᠤᠳᠤᠷᠢᠳᠬᠤ ᠳᠤᠭᠤᠢ᠌ᠯᠠᠩ᠎ᠢ ᠪᠠᠢ᠌ᠭᠤᠯᠪᠠ᠃ ᠨᠠᠮ ᠵᠠᠰᠠᠭ᠎ᠤᠨ ᠤᠳᠤᠷᠢᠳᠤᠯᠭ᠎ᠠ ᠵᠢᠨ ᠠᠮᠢ ᠠᠬᠤᠢ ᠵᠢᠨ ᠬᠠᠷᠠᠯᠲᠠᠲᠤ ᠬᠠᠷᠢᠭᠤᠴᠠᠯᠭ᠎ᠠ ᠵᠢᠨ ᠳᠦᠷᠢᠮ᠎ᠢ ᠪᠠᠢ᠌ᠭᠤᠯᠬᠤ ᠲᠠᠯ᠎ᠠ᠎ᠪᠠᠷ᠂ ᠬᠣᠲᠠ ᠵᠢᠨ ᠳᠠᠷᠤᠭ᠎ᠠ ᠵᠢᠨ ᠣᠷᠴᠢᠨ ᠲᠣᠭᠣᠷᠢᠨ᠎ᠢ ᠬᠠᠮᠠᠭ᠋ᠠᠯᠠᠬᠤ ᠬᠠᠷᠠᠯᠲᠠ ᠵᠢᠨ ᠬᠠᠷᠢᠭᠤᠴᠠᠯᠭ᠎ᠠ ᠵᠢᠨ ᠪᠢᠴᠢᠭ᠎ᠢ ᠨᠠᠮ ᠵᠠᠰᠠᠭ᠎ᠤᠨ ᠤᠳᠤᠷᠢᠳᠤᠯᠭ᠎ᠠ ᠵᠢᠨ ᠠᠮᠢ ᠠᠬᠤᠢ ᠵᠢᠨ ᠣᠷᠴᠢᠨ ᠲᠣᠭᠣᠷᠢᠨ᠎ᠢ ᠬᠠᠮᠠᠭ᠋ᠠᠯᠠᠬᠤ ᠬᠠᠷᠠᠯᠲᠠ ᠵᠢᠨ ᠬᠠᠷᠢᠭᠤᠴᠠᠯᠭ᠎ᠠ ᠵᠢᠨ ᠪᠢᠴᠢᠭ ᠪᠣᠯᠭ᠋ᠠᠨ ᠳᠡᠭᠡᠭᠰᠢᠯᠡᠭᠦᠯᠵᠦ᠂ ᠡᠯ᠎ᠡ ᠱᠠᠲᠤᠨ᠎ᠤ ᠨᠠᠮ᠎ᠤᠨ ᠬᠣᠷᠢᠶ᠎ᠠ ᠵᠠᠰᠠᠭ᠎ᠤᠨ ᠣᠷᠳᠣᠨ᠎ᠤ ᠭᠣᠣᠯ ᠴᠣᠭᠴᠠ ᠵᠢᠨ ᠬᠠᠷᠢᠭᠤᠴᠠᠯᠭ᠎ᠠ᠂ ᠭᠣᠣᠯ ᠤᠳᠤᠷᠢᠳᠤᠯᠭ᠎ᠠ ᠵᠢᠨ ᠨᠢᠭᠡᠳᠦᠭᠡᠷ ᠬᠠᠷᠢᠭᠤᠴᠠᠯᠭ᠎ᠠ ᠵᠢ ᠲᠣᠳᠣᠷᠬᠠᠢ᠌ᠯᠠᠵᠤ᠂ ᠰᠠᠬᠢᠯᠭ᠎ᠠ ᠪᠠᠲᠤ ᠪᠠᠢ᠌ᠴᠠᠭ᠋ᠠᠬᠤ ᠬᠣᠷᠢᠶ᠎ᠠ᠂ ᠵᠣᠬᠢᠶᠠᠨ ᠪᠠᠢ᠌ᠭᠤᠯᠬᠤ᠂ ᠤᠬᠠᠭᠤᠯᠬᠤ᠂ ᠤᠯᠤᠰ ᠲᠥᠷᠥ ᠬᠠᠤᠯᠢ ᠴᠠᠭ᠋ᠠᠵᠠ᠂ ᠪᠠᠢ᠌ᠭᠤᠯᠤᠮᠵᠢ ᠣᠷᠣᠨ ᠲᠣᠭ᠎ᠠ ᠵᠡᠷᠭᠡ ᠨᠠᠮ᠎ᠤᠨ ᠬᠣᠷᠢᠶ᠎ᠠ ᠵᠢᠨ ᠰᠠᠯᠠᠭ᠎ᠠ ᠮᠥᠴᠢᠷ᠎ᠤᠨ ᠬᠦᠴᠦᠨ᠎ᠢ ᠠᠮᠢ ᠠᠬᠤᠢ ᠵᠢᠨ ᠣᠷᠴᠢᠨ ᠲᠣᠭᠣᠷᠢᠨ᠎ᠤ ᠬᠠᠮᠠᠭ᠋ᠠᠯᠠᠯᠲᠠ ᠵᠢᠨ ᠠᠵᠢᠯ᠎ᠤᠨ ᠬᠠᠷᠢᠭᠤᠴᠠᠯᠭ᠎ᠠ ᠵᠢᠨ ᠠᠢ᠎ᠳᠤ ᠣᠷᠣᠭᠤᠯᠵᠤ᠂ ᠨᠠᠮ ᠵᠠᠰᠠᠭ᠎ᠤᠨ ᠡᠯ᠎ᠡ ᠬᠠᠮᠢᠶ᠎ᠠ ᠪᠦᠬᠦᠢ ᠰᠠᠯᠠᠭ᠎ᠠ ᠮᠥᠴᠢᠷ᠎ᠤᠳ᠎ᠤᠨ 《ᠨᠢᠭᠡ ᠠᠵᠢᠯ᠎ᠤᠨ ᠪᠠᠢ᠌ᠷᠢ᠎ᠳᠤ ᠬᠣᠶᠠᠷ ᠬᠠᠷᠢᠭᠤᠴᠠᠯᠭ᠎ᠠ ᠵᠢ ᠡᠭᠦᠷᠭᠡᠯᠡᠬᠦ》 ᠵᠢ ᠨᠠᠷᠢᠯᠢᠭᠵᠢᠭᠤᠯᠤᠨ ᠲᠣᠳᠣᠷᠬᠠᠢ᠌ᠯᠠᠵᠠᠢ᠃ ᠡᠭᠦᠨ᠎ᠤ ᠬᠠᠮᠲᠤ᠂ ᠡᠯ᠎ᠡ ᠱᠠᠲᠤᠨ᠎ᠤ ᠨᠠᠮ᠎ᠤᠨ ᠬᠣᠷᠢᠶ᠎ᠠ ᠵᠠᠰᠠᠭ᠎ᠤᠨ ᠣᠷᠳᠣᠨ᠎ᠤ ᠠᠮᠢ ᠠᠬᠤᠢ ᠵᠢᠨ ᠣᠷᠴᠢᠨ ᠲᠣᠭᠣᠷᠢᠨ᠎ᠤ ᠬᠠᠮᠠᠭ᠋ᠠᠯᠠᠯᠲᠠ ᠵᠢᠨ ᠠᠵᠢᠯ᠎ᠤᠨ ᠡᠭᠦᠷᠭᠡ ᠬᠠᠷᠢᠭᠤᠴᠠᠯᠭ᠎ᠠ ᠵᠢᠨ ᠬᠡᠷᠡᠭᠯᠡᠭᠳᠡᠬᠦ ᠱᠠᠲᠤ ᠳᠡᠰ᠎ᠢ ᠪᠦᠷᠢᠨ ᠲᠤᠭᠤᠰᠢᠯᠠᠭᠤᠯᠵᠤ᠂ ᠰᠢᠶᠠᠩ ᠪᠠᠯᠭ᠋ᠠᠰᠤ (ᠵᠡᠭᠡᠯᠢ ᠭᠤᠳᠤᠮᠵᠢ) ᠵᠢᠨ ᠱᠠᠲᠤᠨ᠎ᠳᠤ ᠬᠦᠷᠲᠡᠯ᠎ᠡ ᠭᠦᠨᠵᠡᠭᠡᠢ᠌ᠷᠡᠭᠦᠯᠦᠨ ᠥᠷᠭᠡᠳᠬᠡᠵᠦ᠂ ᠠᠮᠢ ᠠᠬᠤᠢ ᠵᠢᠨ ᠣᠷᠴᠢᠨ ᠲᠣᠭᠣᠷᠢᠨ᠎ᠤ ᠬᠠᠮᠠᠭ᠋ᠠᠯᠠᠯᠲᠠ ᠵᠢᠨ ᠬᠠᠷᠢᠭᠤᠴᠠᠯᠭ᠎ᠠ ᠵᠢ ᠨᠠᠢ᠌ᠳᠠᠪᠤᠷᠢᠵᠢᠭᠤᠯᠬᠤ 《ᠬᠠᠮᠤᠭ᠎ᠤᠨ ᠰᠡᠭᠦᠯᠴᠢ ᠵᠢᠨ ᠨᠢᠭᠡ ᠺᠢᠯᠣᠮᠧᠲᠷ》 ᠵᠠᠮ᠎ᠢ ᠨᠡᠪᠲᠡᠷᠡᠭᠦᠯᠵᠡᠢ᠃
《ᠡᠷᠬᠡ ᠬᠠᠮᠢᠭ᠎ᠠ ᠪᠠᠢ᠌ᠪᠠᠯ ᠠᠮᠢ ᠠᠬᠤᠢ ᠵᠢᠨ ᠣᠷᠴᠢᠨ ᠲᠣᠭᠣᠷᠢᠨ᠎ᠤ ᠬᠠᠮᠠᠭ᠋ᠠᠯᠠᠯᠲᠠ ᠵᠢᠨ ᠡᠭᠦᠷᠭᠡ ᠬᠠᠷᠢᠭᠤᠴᠠᠯᠭ᠎ᠠ ᠲᠡᠨᠳᠡ ᠬᠦᠷᠲᠡᠯ᠎ᠡ ᠦᠷᠭᠦᠯᠵᠢᠯᠡᠨ᠎ᠡ》 ᠭᠡᠵᠦ ᠹᠦᠵᠢᠶᠠᠨ ᠮᠤᠵᠢ ᠵᠢᠨ ᠠᠮᠢ ᠠᠬᠤᠢ ᠣᠷᠴᠢᠨ ᠲᠣᠭᠣᠷᠢᠨ᠎ᠤ ᠲᠢᠩᠬᠢᠮ᠎ᠤᠨ ᠬᠠᠮᠢᠶ᠎ᠠ ᠪᠦᠬᠦᠢ ᠬᠠᠷᠢᠭᠤᠴᠠᠯᠭ᠋ᠠᠲᠠᠨ᠎ᠠᠴᠠ ᠢᠯᠡᠷᠬᠡᠢ᠌ᠯᠡᠬᠦ᠎ᠳᠤ᠎ᠪᠠᠨ᠂ ᠡᠨᠡ᠎ᠨᠢ ᠳᠠᠩ ᠭᠠᠭᠴᠠ᠎ᠪᠠᠷ ᠵᠶ᠋ᠠᠨ ᠠᠵᠢᠯᠯᠠᠳᠠᠭ᠂ ᠲᠤᠰ ᠲᠤᠰ᠎ᠤᠨ ᠵᠶ᠋ᠠᠨ ᠶᠠᠷᠢᠳᠠᠭ ᠪᠠᠢ᠌ᠭᠰᠠᠨ ᠪᠠᠢ᠌ᠳᠠᠯ᠎ᠢ ᠬᠤᠪᠢᠷᠠᠭᠤᠯᠤᠯᠠ᠃ ᠲᠤᠬᠠᠢ᠌ᠯᠠᠪᠠᠯ ᠣᠷᠴᠢᠨ ᠲᠣᠭᠣᠷᠢᠨ᠎ᠤ ᠬᠠᠤᠯᠢ᠎ᠠᠴᠠ ᠵᠥᠷᠢᠴᠡᠭᠰᠡᠨ ᠶᠠᠯᠠᠲᠤ ᠬᠡᠷᠡᠭ᠎ᠳᠤ ᠴᠣᠬᠢᠯᠲᠠ ᠥᠭᠬᠦ ᠠᠵᠢᠯᠯᠠᠭ᠎ᠠ ᠳᠤᠮᠳᠠ᠂ ᠤᠯᠤᠰ ᠲᠥᠷᠥ ᠬᠠᠤᠯᠢ ᠴᠠᠭ᠋ᠠᠵᠠ ᠵᠢᠨ ᠵᠥᠪᠯᠡᠯ᠎ᠠᠴᠠ ᠲᠦᠷᠦᠭᠦᠯᠡᠨ ᠣᠷᠴᠢᠨ ᠲᠣᠭᠣᠷᠢᠨ᠎ᠤ ᠬᠠᠮᠠᠭ᠋ᠠᠯᠠᠯᠲᠠ ᠪᠠ ᠳᠣᠲᠣᠭ᠋ᠠᠳᠤ ᠵᠢ ᠬᠠᠮᠠᠭ᠋ᠠᠯᠠᠬᠤ᠂ ᠬᠢᠨᠠᠨ ᠪᠠᠢ᠌ᠴᠠᠭ᠋ᠠᠬᠤ᠂ ᠬᠠᠤᠯᠢ ᠴᠠᠭ᠋ᠠᠵᠠ ᠵᠢᠨ ᠰᠠᠯᠠᠭ᠎ᠠ ᠮᠥᠴᠢᠷ᠎ᠲᠠᠢ ᠵᠣᠬᠢᠴᠠᠭᠤᠯᠵᠤ᠂ ᠪᠦᠬᠦ ᠲᠠᠯ᠎ᠠ᠎ᠠᠴᠠ ᠵᠥᠪᠯᠡᠯᠴᠡᠬᠦ ᠲᠣᠭᠲᠠᠴᠠ ᠵᠢ ᠪᠠᠢ᠌ᠭᠤᠯᠵᠠᠢ ᠭᠡᠪᠡ᠃
《ᠲᠡᠭᠦᠰᠬᠡᠯ ᠦᠵᠦᠭᠦᠷ᠎ᠲᠤ᠎ᠨᠢ ᠵᠠᠰᠠᠬᠤ》᠎ᠠᠴᠠ 《ᠪᠦᠬᠦ ᠶᠠᠪᠤᠴᠠ᠎ᠳᠤ ᠬᠢᠨᠠᠨ ᠬᠠᠮᠢᠶᠠᠷᠬᠤ》 ᠲᠡᠢ᠌ᠰᠢ ᠬᠤᠪᠢᠷᠠᠭᠤᠯᠪᠠ
《ᠤᠷᠢᠳ ᠵᠶ᠋ᠠᠷ ᠪᠣᠬᠢᠷᠲᠤᠭᠤᠯᠵᠤ ᠳᠠᠷᠠᠭ᠎ᠠ᠎ᠳᠤ᠎ᠨᠢ ᠵᠠᠰᠠᠬᠤ᠂ ᠪᠣᠬᠢᠷᠲᠤᠭᠤᠯᠬᠤ ᠵᠢᠨ ᠳᠠᠭ᠋ᠠᠤ ᠵᠠᠰᠠᠬᠤ》 ᠪᠠᠢ᠌ᠳᠠᠯ᠎ᠢ ᠥᠭᠡᠷᠡᠴᠢᠯᠡᠬᠦ ᠵᠢᠨ ᠲᠤᠰᠠᠳᠠ᠂ ᠹᠦᠵᠢᠶᠠᠨ ᠠᠭᠤᠯᠠ ᠤᠰᠤ ᠣᠢ ᠲᠠᠷᠢᠶ᠎ᠠ ᠨᠠᠭᠤᠷ ᠡᠪᠡᠰᠦ ᠪᠣᠯ ᠠᠮᠢ ᠵᠢᠨ ᠨᠢᠭᠡᠲᠦᠮᠡᠯ ᠴᠣᠭᠴᠠ ᠮᠥᠨ ᠭᠡᠳᠡᠭ᠎ᠠᠴᠠ ᠡᠭᠦᠰᠴᠦ᠂ ᠠᠮᠢ ᠠᠬᠤᠢ ᠣᠷᠴᠢᠨ ᠲᠣᠭᠣᠷᠢᠨ᠎ᠤ ᠬᠠᠮᠠᠭ᠋ᠠᠯᠠᠯᠲᠠ ᠵᠢᠨ ᠭᠦᠢ᠍ᠴᠡᠳᠬᠡᠯ ᠲᠣᠭ᠎ᠠ ᠵᠢᠨ ᠰᠢᠰᠲ᠋ᠧᠮᠵᠢ ᠵᠢ ᠪᠠᠢ᠌ᠭᠤᠯᠪᠠ᠃ ᠠᠮᠢ ᠠᠬᠤᠢ ᠵᠢᠨ ᠣᠷᠴᠢᠨ ᠲᠣᠭᠣᠷᠢᠨ᠎ᠤ ᠬᠠᠮᠠᠭ᠋ᠠᠯᠠᠯᠲᠠ ᠵᠢ ᠬᠢᠨᠠᠨ ᠬᠠᠮᠢᠶᠠᠷᠬᠤ ᠡᠭᠦᠷᠭᠡ ᠬᠠᠷᠢᠭᠤᠴᠠᠯᠭ᠎ᠠ ᠪᠦᠬᠦᠢ ᠪᠤᠰᠤᠳ ᠰᠠᠯᠠᠭ᠎ᠠ ᠮᠥᠴᠢᠷ᠎ᠤᠨ ᠲᠣᠭ᠎ᠠ ᠬᠡᠮᠵᠢᠶ᠎ᠡ ᠪᠠ ᠴᠢᠬᠤᠯᠠᠴᠢᠯᠠᠭᠳᠠᠬᠤ ᠬᠡᠮᠵᠢᠶ᠎ᠡ ᠵᠢ ᠨᠡᠮᠡᠭᠳᠡᠭᠦᠯᠵᠦ᠂ ᠠᠮᠢ ᠠᠬᠤᠢ ᠣᠷᠴᠢᠨ ᠲᠣᠭᠣᠷᠢᠨ᠎ᠤ ᠰᠠᠯᠠᠭ᠎ᠠ ᠮᠥᠴᠢᠷ᠎ᠠᠴᠠ ᠬᠠᠷᠢᠭᠤᠴᠠᠬᠤ ᠬᠤᠪᠢ ᠵᠢᠨ ᠦᠨᠡᠯᠡᠯᠲᠡ ᠵᠢᠨ ᠴᠢᠬᠤᠯᠠᠴᠢᠯᠠᠭᠳᠠᠬᠤ ᠬᠡᠮᠵᠢᠶ᠎ᠡ ᠵᠢ ᠤᠤᠯ᠎ᠤᠨ 70% ᠣᠷᠴᠢᠮ ᠪᠠᠢ᠌ᠭᠰᠠᠨ᠎ᠠᠴᠠ᠎ᠨᠢ 40% ᠣᠷᠴᠢᠮ ᠬᠦᠷᠲᠡᠯ᠎ᠡ ᠪᠠᠭᠤᠷᠠᠭᠤᠯᠪᠠ᠃
ᠨᠠᠮ ᠵᠠᠰᠠᠭ᠎ᠤᠨ ᠤᠳᠤᠷᠢᠳᠤᠯᠭ᠎ᠠ ᠵᠢᠨ ᠬᠠᠷᠠᠯᠲᠠᠲᠤ ᠬᠠᠷᠢᠭᠤᠴᠠᠯᠭ᠎ᠠ ᠵᠢᠨ ᠰᠢᠰᠲ᠋ᠧᠮᠵᠢ᠎ᠳᠤ ᠰᠢᠨ᠎ᠡ ᠵᠢ ᠡᠭᠦᠳᠬᠦ᠎ᠳᠤ᠎ᠪᠠᠨ᠂ ᠪᠣᠬᠢᠷᠲᠤᠯ ᠦᠭᠡᠢ ᠬᠥᠭᠵᠢᠯᠲᠡ ᠵᠢ ᠨᠡᠩ ᠴᠢᠬᠤᠯᠠᠴᠢᠯᠠᠵᠤ᠂ ᠪᠣᠬᠢᠷᠲᠤᠯ ᠦᠭᠡᠢ ᠬᠥᠭᠵᠢᠯᠲᠡ ᠵᠢᠨ ᠭᠦᠢ᠍ᠴᠡᠳᠬᠡᠯ ᠲᠣᠭ᠎ᠠ ᠵᠢ ᠨᠡᠮᠡᠭᠳᠡᠭᠦᠯᠦᠨ᠂ ᠡᠯ᠎ᠡ ᠭᠠᠵᠠᠷ᠎ᠤᠨ᠎ᠬᠢᠨ᠎ᠢ ᠬᠥᠲᠥᠯᠥᠨ ᠵᠢᠯᠣᠭᠣᠳᠴᠤ ᠬᠥᠭᠵᠢᠯᠲᠡ ᠵᠢᠨ ᠬᠡᠯᠪᠡᠷᠢ᠎ᠪᠠᠨ ᠬᠤᠪᠢᠷᠠᠭᠤᠯᠬᠤ ᠵᠢ᠎ᠨᠢ ᠲᠦᠷᠭᠡᠳᠬᠡᠵᠡᠢ᠃
ᠰᠢᠰᠲ᠋ᠧᠮᠵᠢ ᠵᠢ ᠵᠠᠰᠠᠨ ᠰᠡᠷᠭᠦᠭᠡᠬᠦ ᠵᠢ ᠨᠡᠩ ᠴᠢᠬᠤᠯᠠᠴᠢᠯᠠᠪᠠ᠃ ᠠᠮᠢ ᠠᠬᠤᠢ ᠵᠢᠨ ᠬᠠᠮᠠᠭ᠋ᠠᠯᠠᠯᠲᠠ ᠵᠢᠨ ᠭᠦᠢ᠍ᠴᠡᠳᠬᠡᠯ ᠲᠣᠭ᠎ᠠ᠎ᠳᠤ ᠣᠢ ᠰᠢᠭᠤᠢ᠂ ᠡᠷᠭᠢ ᠵᠢᠨ ᠱᠤᠭᠤᠮ᠂ ᠨᠣᠢ᠌ᠲᠠᠨ ᠭᠠᠵᠠᠷ ᠵᠡᠷᠭᠡ ᠨᠠᠷᠢᠪᠴᠢᠯᠠᠭᠰᠠᠨ ᠭᠦᠢ᠍ᠴᠡᠳᠬᠡᠯ ᠲᠣᠭ᠎ᠠ ᠵᠢ ᠰᠢᠨ᠎ᠡ᠎ᠪᠠᠷ ᠨᠡᠮᠡᠵᠡᠢ᠃
ᠠᠷᠠᠳ᠎ᠤᠨ ᠠᠮᠢᠳᠤᠷᠠᠯ᠎ᠤᠨ ᠤᠳᠤᠷᠢᠳᠤᠮᠵᠢ ᠵᠢ ᠨᠡᠩ ᠴᠢᠬᠤᠯᠠᠴᠢᠯᠠᠪᠠ᠃ ᠣᠷᠴᠢᠨ ᠲᠣᠭᠣᠷᠢᠨ᠎ᠤ ᠲᠤᠬᠠᠢ ᠣᠯᠠᠨ ᠲᠦᠮᠡᠨ᠎ᠤ ᠬᠠᠨᠤᠮᠵᠢ ᠵᠢᠨ ᠬᠡᠮᠵᠢᠶᠡᠨ᠎ᠤ ᠭᠦᠢ᠍ᠴᠡᠳᠬᠡᠯ ᠲᠣᠭ᠎ᠠ ᠵᠢ ᠲᠤᠰᠲᠤᠨᠢ ᠲᠣᠬᠢᠷᠠᠭᠤᠯᠬᠤ᠂ ᠣᠷᠣᠨ ᠪᠦᠰᠡ ᠵᠢᠨ ᠣᠷᠴᠢᠨ ᠲᠣᠭᠣᠷᠢᠨ᠎ᠤ ᠲᠣᠪᠣᠢ᠌ᠮ᠎ᠠ ᠠᠰᠠᠭᠤᠳᠠᠯ᠎ᠢ ᠰᠢᠢ᠍ᠳᠪᠦᠷᠢᠯᠡᠬᠦ ᠵᠡᠷᠭᠡ ᠠᠮᠢ ᠠᠬᠤᠢ ᠵᠢᠨ ᠣᠷᠴᠢᠨ ᠲᠣᠭᠣᠷᠢᠨ᠎ᠤ ᠬᠦᠷᠲᠡᠭᠡᠮᠵᠢᠲᠦ ᠲᠥᠷᠥᠭᠳᠡᠯ᠎ᠢ ᠲᠤᠰᠬᠠᠭᠰᠠᠨ ᠭᠦᠢ᠍ᠴᠡᠳᠬᠡᠯ ᠲᠣᠭ᠎ᠠ ᠵᠢᠨ ᠴᠢᠬᠤᠯᠠᠴᠢᠯᠠᠭᠳᠠᠬᠤ ᠬᠡᠮᠵᠢᠶ᠎ᠡ ᠵᠢ ᠨᠡᠮᠡᠭᠳᠡᠭᠦᠯᠵᠦ᠂ ᠡᠯ᠎ᠡ ᠭᠠᠵᠠᠷ᠎ᠢ ᠬᠥᠲᠥᠯᠥᠨ ᠵᠢᠯᠣᠭᠣᠳᠴᠤ ᠠᠮᠢ ᠠᠬᠤᠢ᠎ᠪᠠᠷ ᠠᠷᠠᠳ᠎ᠲᠤ ᠠᠰᠢᠭ ᠬᠦᠷᠲᠡᠭᠡᠬᠦ ᠪᠠ ᠠᠮᠢ ᠠᠬᠤᠢ ᠵᠢᠨ ᠠᠰᠢᠭ ᠣᠯᠵᠠᠪᠤᠷᠢ ᠵᠢ ᠥᠷᠭᠡᠳᠬᠡᠬᠦ᠎ᠪᠠᠷ ᠠᠮᠢ ᠠᠬᠤᠢ ᠵᠢᠨ ᠣᠷᠴᠢᠨ ᠲᠣᠭᠣᠷᠢᠨ᠎ᠤ ᠬᠠᠮᠠᠭ᠋ᠠᠯᠠᠯᠲᠠ ᠵᠢᠨ ᠡᠭᠦᠰᠦᠯᠲᠡ ᠴᠠ ᠴᠡᠭ ᠪᠠ ᠲᠡᠭᠦᠰᠬᠡᠯ᠎ᠤᠨ ᠴᠡᠭ ᠪᠣᠯᠭ᠋ᠠᠵᠠᠢ᠃
ᠲᠤᠢ᠌ᠯ᠎ᠤᠨ ᠣᠨᠣᠪᠴᠢᠲᠠᠢ ᠪᠣᠯᠭ᠋ᠠᠬᠤ ᠪᠠ ᠵᠥᠷᠢᠶᠡᠵᠢᠭᠦᠯᠬᠦ ᠵᠢ ᠨᠡᠩ ᠴᠢᠬᠤᠯᠠᠴᠢᠯᠠᠪᠠ᠃ ᠳᠠᠯᠠᠢ ᠳᠠᠭ᠋ᠠᠤ ᠪᠠ ᠠᠭᠤᠯᠠᠷᠬᠠᠭ ᠣᠷᠣᠨ᠂ ᠰᠠᠪᠠ ᠭᠠᠵᠠᠷ᠎ᠤᠨ ᠳᠡᠭᠡᠳᠦ ᠤᠷᠤᠰᠬᠠᠯ ᠪᠠ ᠳᠣᠣᠷᠠᠳᠤ ᠤᠷᠤᠰᠬᠠᠯ᠎ᠢ ᠵᠥᠷᠢᠶᠡᠵᠢᠭᠦᠯᠵᠦ ᠰᠢᠯᠭ᠋ᠠᠨ ᠬᠢᠨᠠᠬᠤ ᠵᠢᠨ ᠬᠠᠮᠲᠤ᠂ ᠣᠯᠠᠨ ᠲᠦᠮᠡᠨ᠎ᠤ ᠠᠩᠬᠠᠷᠤᠯ ᠲᠠᠯᠪᠢᠬᠤ ᠪᠠᠢ᠌ᠭ᠎ᠠ ᠪᠠ ᠲᠤᠰᠬᠠᠯ᠎ᠨᠢ ᠴᠢᠩᠭ᠎ᠠ ᠭᠣᠣᠯᠳᠠᠯᠭ᠎ᠠ᠎ᠲᠠᠢ ᠬᠦᠴᠢᠷᠳᠡᠯ᠎ᠲᠠᠢ ᠠᠰᠠᠭᠤᠳᠠᠯ᠂ ᠵᠢᠴᠢ ᠣᠷᠣᠨ ᠪᠦᠰᠡ ᠵᠢᠨ ᠴᠢᠨᠠᠷᠲᠠᠢ ᠠᠮᠢ ᠠᠬᠤᠢ ᠵᠢᠨ ᠣᠷᠴᠢᠨ ᠲᠣᠭᠣᠷᠢᠨ᠎ᠤ ᠵᠠᠰᠠᠯᠲᠠ ᠵᠢᠨ ᠳᠤᠲᠠᠭᠤᠳᠠᠯ᠎ᠳᠤ ᠴᠢᠭᠯᠡᠭᠦᠯᠦᠨ᠂ ᠬᠠᠮᠢᠶ᠎ᠠ ᠪᠦᠬᠦᠢ ᠣᠷᠣᠨ ᠪᠦᠰᠡ ᠵᠢᠨ ᠬᠢᠨᠠᠨ ᠰᠢᠯᠭ᠋ᠠᠬᠤ ᠭᠣᠣᠯᠳᠠᠯᠭ᠎ᠠ ᠪᠠ ᠭᠦᠢ᠍ᠴᠡᠳᠬᠡᠯ ᠲᠣᠭ᠎ᠠ ᠵᠢᠨ ᠴᠢᠬᠤᠯᠠᠴᠢᠯᠠᠭᠳᠠᠬᠤ ᠬᠡᠮᠵᠢᠶ᠎ᠡ ᠵᠢ ᠴᠠᠭ ᠲᠤᠬᠠᠢᠳᠤᠨᠢ ᠲᠣᠬᠢᠷᠠᠭᠤᠯᠵᠤ᠂ ᠰᠢᠯᠭ᠋ᠠᠨ ᠬᠢᠨᠠᠬᠤ ᠵᠢᠨ ᠴᠢᠭᠯᠡᠯᠲᠦ ᠴᠢᠨᠠᠷ ᠪᠠ ᠪᠣᠳᠠᠲᠤ ᠦᠷ᠎ᠡ ᠪᠦᠲᠦᠮᠵᠢᠲᠦ ᠴᠢᠨᠠᠷ᠎ᠢ ᠨᠡᠮᠡᠭᠳᠡᠭᠦᠯᠪᠡ᠃
《ᠠᠮᠢ ᠠᠬᠤᠢ ᠵᠢᠨ ᠣᠷᠴᠢᠨ ᠲᠣᠭᠣᠷᠢᠨ᠎ᠤ ᠬᠠᠮᠠᠭ᠋ᠠᠯᠠᠯᠲᠠ ᠵᠢᠨ ᠭᠣᠣᠯᠳᠠᠯᠭ᠎ᠠ ᠵᠢ 〈ᠲᠡᠭᠦᠰᠬᠡᠯ ᠦᠵᠦᠭᠦᠷ᠎ᠲᠤ᠎ᠨᠢ ᠵᠠᠰᠠᠬᠤ〉᠎ᠠᠴᠠ 〈ᠪᠦᠬᠦ ᠶᠠᠪᠤᠴᠠ᠎ᠳᠤ᠎ᠨᠢ ᠬᠢᠨᠠᠨ ᠬᠠᠮᠢᠶᠠᠷᠬᠤ〉 ᠲᠡᠢ᠌ᠰᠢ ᠬᠤᠪᠢᠷᠠᠭᠤᠯᠬᠤ᠎ᠳᠤ᠂ ᠪᠣᠬᠢᠷᠲᠤᠯ ᠦᠭᠡᠢ ᠬᠥᠭᠵᠢᠯᠲᠡ ᠵᠢᠨ ᠣᠨᠣᠯᠵᠢᠬᠤᠨ᠎ᠢ ᠪᠦᠬᠦ ᠶᠠᠪᠤᠴᠠ ᠵᠢ ᠨᠡᠢ᠌ᠳᠡᠮ᠎ᠢ᠎ᠨᠢ ᠲᠤᠭᠤᠰᠢᠯᠠᠭᠤᠯᠵᠤ᠂ ᠠᠮᠢ ᠠᠬᠤᠢ ᠵᠢᠨ ᠭᠣᠶᠣ ᠦᠵᠡᠮᠵᠢ ᠲᠥᠷᠬᠦ᠎ᠪᠠᠷ ᠬᠥᠭᠵᠢᠯᠲᠡ ᠵᠢᠨ ᠥᠨᠳᠥᠷ ᠴᠢᠨᠠᠷ ᠴᠢᠨᠰᠠᠭ᠎ᠠ ᠵᠢ ᠰᠣᠯᠢᠵᠤ ᠠᠪᠴᠢᠷᠠᠪᠠ》 ᠭᠡᠵᠦ ᠮᠤᠵᠢ ᠵᠢᠨ ᠠᠮᠢ ᠠᠬᠤᠢ ᠣᠷᠴᠢᠨ ᠲᠣᠭᠣᠷᠢᠨ᠎ᠤ ᠲᠢᠩᠬᠢᠮ᠎ᠤᠨ ᠬᠠᠮᠢᠶ᠎ᠠ ᠪᠦᠬᠦᠢ ᠬᠠᠷᠢᠭᠤᠴᠠᠯᠭ᠋ᠠᠲᠠᠨ᠎ᠠᠴᠠ ᠲᠠᠨᠢᠯᠴᠠᠭᠤᠯᠬᠤ᠎ᠳᠤ᠎ᠪᠠᠨ᠂ ᠨᠠᠮ᠎ᠤᠨ ᠠᠷᠪᠠᠨ ᠨᠠᠢ᠍ᠮᠠᠳᠤᠭ᠋ᠠᠷ ᠶᠡᠬᠡ ᠬᠤᠷᠠᠯ᠎ᠠᠴᠠ ᠨᠠᠭ᠋ᠠᠰᠢᠬᠢ ᠲᠠᠪᠤᠨ ᠵᠢᠯ᠎ᠳᠤ᠂ ᠹᠦᠵᠢᠶᠠᠨ ᠣᠷᠣᠨ᠎ᠤ ᠦᠢ᠍ᠯᠡᠳᠪᠦᠷᠢᠯᠡᠯ᠎ᠤᠨ ᠶᠡᠷᠦᠩᠬᠡᠢ ᠥᠷᠲᠡᠭ᠎ᠨᠢ 9.3%᠎ᠪᠠᠷ ᠨᠡᠮᠡᠭᠳᠡᠭᠰᠡᠨ ᠪᠣᠯᠪᠠᠴᠤ᠂ ᠨᠢᠭᠡᠴᠢ GDP ᠵᠢᠨ ᠡᠨᠧᠷᠭᠢ ᠵᠢᠨ ᠵᠠᠷᠤᠴᠠᠭᠤᠯᠤᠯ᠂ ᠭᠣᠣᠯ ᠪᠣᠯᠬᠤ ᠪᠣᠬᠢᠷᠲᠤᠯ ᠪᠣᠳᠠᠰ ᠭᠠᠳᠠᠭᠰᠢᠯᠠᠭᠤᠯᠤᠭᠰᠠᠨ ᠬᠡᠮᠵᠢᠶ᠎ᠡ᠎ᠨᠢ ᠵᠢᠯ ᠳᠠᠷᠠᠭ᠋ᠠᠯᠠᠨ ᠪᠠᠭᠤᠷᠠᠵᠤ᠂ ᠲᠦᠮᠡᠨ ᠲᠥᠭᠥᠷᠢᠭ᠎ᠤᠨ GDP ᠵᠢᠨ ᠭᠠᠳᠠᠭᠰᠢᠯᠠᠭᠤᠯᠤᠭᠰᠠᠨ ᠬᠦᠴᠦᠳᠡᠯ᠎ᠨᠢ ᠪᠦᠬᠦ ᠤᠯᠤᠰ᠎ᠤᠨ ᠳᠤᠮᠳᠠᠴᠢ ᠬᠡᠮᠵᠢᠭᠳᠡᠯ᠎ᠤᠨ ᠬᠠᠭ᠋ᠠᠰ᠎ᠲᠤ ᠴᠤ᠌ ᠬᠦᠷᠦᠭᠡ ᠦᠭᠡᠢ ᠪᠠᠢ᠌ᠵᠤ᠂ ᠤᠰᠤ᠂ ᠠᠭ᠋ᠠᠷ ᠮᠠᠨᠳᠠᠯ᠂ ᠠᠮᠢ ᠠᠬᠤᠢ ᠵᠢᠨ ᠣᠷᠴᠢᠨ ᠲᠣᠭᠣᠷᠢᠨ᠎ᠤ ᠶᠠᠰᠤ ᠴᠢᠨᠠᠷ᠎ᠨᠢ ᠴᠥᠮ ᠰᠢᠯᠢᠳᠡᠭ᠎ᠢ ᠪᠠᠲᠤᠯᠠᠵᠤ᠂ ᠠᠷᠠᠳ ᠲᠦᠮᠡᠨ ᠪᠠᠶᠠᠨ ᠴᠢᠨᠡᠭᠡᠯᠢᠭ ᠬᠢᠭᠡᠳ ᠠᠮᠢ ᠠᠬᠤᠢ ᠭᠣᠶᠣ ᠰᠠᠢ᠌ᠬᠠᠨ ᠪᠠᠢ᠌ᠬᠤᠢ ᠣᠷᠭ᠋ᠠᠨᠢᠭ ᠵᠶ᠋ᠠᠷ ᠨᠢᠭᠡᠳᠦᠭᠦᠯᠬᠦ ᠵᠢ ᠪᠡᠶᠡᠯᠡᠭᠦᠯᠵᠡᠢ᠃
《ᠠᠵᠤ ᠠᠬᠤᠢ᠌ᠯᠠᠯ᠎ᠢ ᠬᠢᠨᠠᠬᠤ᠎ᠪᠠᠷ ᠭᠣᠣᠯᠯᠠᠭᠤᠯᠵᠤ》 ᠪᠠᠢ᠌ᠭᠰᠠᠨ᠎ᠠᠴᠠ 《ᠵᠠᠰᠠᠭ᠎ᠤᠨ ᠣᠷᠳᠣᠨ ᠪᠠ ᠠᠵᠤ ᠠᠬᠤᠢ᠌ᠯᠠᠯ᠎ᠢ ᠵᠡᠷᠭᠡ᠎ᠳᠤ᠎ᠨᠢ ᠬᠢᠨᠠᠬᠤ》 ᠲᠡᠢ᠌ᠰᠢ ᠬᠤᠪᠢᠷᠠᠭᠤᠯᠪᠠ
ᠥᠩᠭᠡᠨ ᠲᠠᠯ᠎ᠠ ᠵᠢ᠎ᠨᠢ ᠵᠠᠰᠠᠭ᠋ᠠᠳ ᠤᠭ ᠦᠨᠳᠦᠰᠦ ᠵᠢ᠎ᠨᠢ ᠦᠯᠦ ᠵᠠᠰᠠᠬᠤ᠂ ᠴᠡᠭ᠎ᠢ ᠠᠳᠬᠤᠭ᠋ᠠᠳ ᠲᠠᠯ᠎ᠠ ᠵᠢ ᠦᠯᠦ ᠠᠳᠬᠤᠬᠤ 《ᠳᠠᠳᠬᠠᠯ》᠎ᠢ ᠬᠤᠪᠢᠷᠠᠭᠤᠯᠬᠤ ᠵᠢᠨ ᠲᠤᠰᠠᠳᠠ᠂ ᠹᠦᠵᠢᠶᠠᠨ ᠤᠯᠤᠰ ᠲᠥᠷᠥ ᠵᠢᠨ ᠴᠠᠭᠳᠠᠨ ᠪᠠᠢ᠌ᠴᠠᠭ᠋ᠠᠯᠲᠠ ᠵᠢᠨ ᠲᠤᠷᠰᠢᠯᠭ᠎ᠠ᠎ᠪᠠᠷ ᠯᠠᠪᠯᠠᠯᠲᠠ ᠪᠣᠯᠭ᠋ᠠᠵᠤ᠂ ᠰᠢᠮᠳᠠᠭᠤᠯᠤᠨ ᠪᠠᠢ᠌ᠴᠠᠭ᠋ᠠᠬᠤ᠎ᠪᠠᠨ ᠴᠢᠩᠭ᠋ᠠᠳᠬᠠᠵᠤ᠂ ᠠᠮᠢ ᠠᠬᠤᠢ ᠵᠢᠨ ᠣᠷᠴᠢᠨ ᠲᠣᠭᠣᠷᠢᠨ᠎ᠤ ᠬᠢᠨᠠᠯᠲᠠ ᠬᠠᠮᠢᠶᠠᠷᠤᠯᠲᠠ ᠵᠢ 《ᠠᠵᠤ ᠠᠬᠤᠢ᠌ᠯᠠᠯ᠎ᠢ ᠬᠢᠨᠠᠬᠤ᠎ᠪᠠᠷ ᠭᠣᠣᠯᠯᠠᠭᠤᠯᠵᠤ》 ᠪᠠᠢ᠌ᠭᠰᠠᠨ᠎ᠠᠴᠠ 《ᠵᠠᠰᠠᠭ᠎ᠤᠨ ᠣᠷᠳᠣᠨ ᠪᠠ ᠠᠵᠤ ᠠᠬᠤᠢ᠌ᠯᠠᠯ᠎ᠢ ᠵᠡᠷᠭᠡ᠎ᠳᠤ᠎ᠨᠢ ᠬᠢᠨᠠᠬᠤ》 ᠲᠡᠢ᠌ᠰᠢ ᠬᠤᠪᠢᠷᠠᠭᠤᠯᠵᠤ᠂ ᠠᠮᠢ ᠠᠬᠤᠢ ᠵᠢᠨ ᠣᠷᠴᠢᠨ ᠲᠣᠭᠣᠷᠢᠨ᠎ᠤ ᠬᠠᠮᠠᠭ᠋ᠠᠯᠠᠯᠲᠠ ᠵᠢᠨ ᠠᠵᠢᠯ᠎ᠤᠨ ᠵᠠᠩᠭᠢᠯᠠᠭ᠎ᠠ ᠵᠢ ᠴᠢᠩᠭ᠎ᠠ ᠠᠳᠬᠤᠵᠠᠢ᠃
ᠡᠯ᠎ᠡ ᠱᠠᠲᠤᠨ᠎ᠤ ᠨᠠᠮ᠎ᠤᠨ ᠬᠣᠷᠢᠶ᠎ᠠ ᠵᠠᠰᠠᠭ᠎ᠤᠨ ᠣᠷᠳᠣᠨ᠎ᠤ ᠪᠠᠢ᠌ᠩᠭᠤ ᠠᠳᠬᠤᠨ ᠨᠠᠷᠢᠨ ᠪᠣᠳᠠᠲᠠᠢ ᠠᠳᠬᠤᠬᠤ ᠵᠢ ᠠᠬᠢᠭᠤᠯᠵᠤ᠂ ᠠᠳᠬᠤᠭᠰᠠᠨ ᠪᠣᠯᠪᠠᠴᠤ ᠴᠢᠩᠭ᠎ᠠ ᠪᠤᠰᠤ᠂ ᠠᠳᠬᠤᠭᠰᠠᠨ ᠪᠣᠯᠪᠠᠴᠤ ᠤᠷᠲᠤ ᠬᠤᠭᠤᠴᠠᠭ᠎ᠠ ᠪᠠᠷᠢᠮᠲᠠᠯᠠᠵᠤ ᠳᠡᠢ᠌ᠯᠬᠦ ᠦᠭᠡᠢ ᠪᠠᠢ᠌ᠬᠤ ᠵᠢ ᠰᠡᠷᠭᠡᠢ᠌ᠯᠡᠬᠦ ᠵᠢᠨ ᠲᠤᠰᠠᠳᠠ᠂ ᠹᠦᠵᠢᠶᠠᠨ ᠬᠡᠪᠰᠢᠭᠦᠯᠦᠭᠰᠡᠨ ᠬᠢᠨᠠᠨ ᠪᠠᠢ᠌ᠴᠠᠭ᠋ᠠᠯᠲᠠ ᠵᠢ ᠴᠢᠩᠭ᠋ᠠᠳᠬᠠᠵᠤ᠂ ᠢᠯᠡᠷᠡᠭᠦᠯᠦᠭᠰᠡᠨ ᠠᠰᠠᠭᠤᠳᠠᠯ᠎ᠳᠤ᠎ᠪᠠᠨ ᠡᠬᠡ ᠳᠠᠩᠰᠠ ᠪᠠᠢ᠌ᠭᠤᠯᠤᠭᠰᠠᠨ᠎ᠤ ᠬᠠᠮᠲᠤ᠂ ᠨᠠᠮ ᠵᠠᠰᠠᠭ᠎ᠤᠨ ᠤᠳᠤᠷᠢᠳᠤᠯᠭ᠎ᠠ ᠵᠢᠨ ᠠᠮᠢ ᠠᠬᠤᠢ ᠵᠢᠨ ᠣᠷᠴᠢᠨ ᠲᠣᠭᠣᠷᠢᠨ᠎ᠤ ᠬᠠᠮᠠᠭ᠋ᠠᠯᠠᠯᠲᠠ ᠵᠢᠨ ᠬᠠᠷᠢᠭᠤᠴᠠᠯᠭ᠎ᠠ ᠵᠢᠨ ᠪᠢᠴᠢᠭ᠎ᠤᠨ ᠰᠢᠯᠭ᠋ᠠᠨ ᠬᠢᠨᠠᠬᠤ ᠠᠭᠤᠯᠭ᠎ᠠ᠎ᠳᠤ ᠣᠷᠣᠭᠤᠯᠪᠠ᠃ ᠠᠮᠢ ᠠᠬᠤᠢ ᠵᠢᠨ ᠣᠷᠴᠢᠨ ᠲᠣᠭᠣᠷᠢᠨ᠎ᠤ ᠬᠠᠮᠠᠭ᠋ᠠᠯᠠᠯᠲᠠ ᠵᠢᠨ ᠬᠠᠷᠢᠭᠤᠴᠠᠯᠭ᠎ᠠ ᠵᠢᠨ ᠪᠢᠴᠢᠭ᠎ᠲᠤ ᠨᠢᠭᠡ ᠵᠢᠯ᠎ᠳᠤ ᠨᠢᠭᠡ ᠤᠳᠠᠭ᠎ᠠ ᠭᠠᠷᠤᠨ ᠦᠰᠦᠭ ᠵᠢᠷᠤᠵᠤ᠂ ᠨᠢᠭᠡ ᠵᠢᠯ᠎ᠳᠤ ᠨᠢᠭᠡ ᠤᠳᠠᠭ᠎ᠠ ᠰᠢᠯᠭ᠋ᠠᠨ ᠬᠢᠨᠠᠯᠲᠠ ᠬᠢᠨ᠎ᠡ᠃ 《ᠨᠢᠭᠡ ᠤᠯᠠᠷᠢᠯ᠎ᠳᠤ ᠨᠢᠭᠡ ᠮᠡᠳᠡᠭᠡᠯᠡᠨ ᠨᠡᠪᠲᠡᠷᠡᠭᠦᠯᠬᠦ》 ᠲᠣᠭᠲᠠᠴᠠ ᠵᠢ ᠪᠠᠢ᠌ᠭᠤᠯᠪᠠ᠃ ᠪᠦᠬᠦ ᠤᠯᠤᠰ᠎ᠲᠤ ᠬᠠᠮᠤᠭ᠎ᠤᠨ ᠲᠦᠷᠦᠭᠦ᠎ᠨᠢ ᠠᠮᠢ ᠠᠬᠤᠢ ᠵᠢᠨ ᠣᠷᠴᠢᠨ ᠲᠣᠭᠣᠷᠢᠨ᠎ᠤ ᠬᠠᠮᠠᠭ᠋ᠠᠯᠠᠯᠲᠠ ᠵᠢᠨ ᠠᠵᠢᠯ᠎ᠢ ᠪᠦᠬᠦ ᠮᠤᠵᠢ ᠵᠢᠨ ᠠᠵᠤ ᠠᠬᠤᠢ ᠵᠢᠨ ᠠᠵᠢᠯᠯᠠᠭ᠋ᠠᠨ᠎ᠤ ᠵᠠᠳᠠᠯᠤᠯᠲᠠ ᠵᠢᠨ ᠬᠤᠷᠠᠯ᠎ᠤᠨ ᠠᠢ᠎ᠳᠤ ᠣᠷᠣᠭᠤᠯᠵᠤ᠂ ᠤᠯᠠᠷᠢᠯ ᠪᠦᠷᠢ ᠨᠢᠭᠡ ᠲᠠᠯ᠎ᠠ ᠵᠢᠨ᠎ᠬᠢᠨ᠎ᠤ ᠣᠷᠴᠢᠨ ᠲᠣᠭᠣᠷᠢᠨ᠎ᠤ ᠬᠠᠮᠠᠭ᠋ᠠᠯᠠᠯᠲᠠ ᠵᠢᠨ ᠳᠣᠪᠤᠢ᠌ᠮ᠎ᠠ ᠠᠰᠠᠭᠤᠳᠠᠯ᠎ᠢ ᠮᠡᠳᠡᠭᠡᠯᠡᠨ ᠨᠡᠪᠲᠡᠷᠡᠭᠦᠯᠬᠦ ᠵᠢ ᠪᠠᠷᠢᠮᠲᠠᠯᠠᠵᠠᠢ᠃ ᠮᠤᠵᠢ ᠵᠢᠨ ᠱᠠᠲᠤᠨ᠎ᠤ ᠣᠷᠴᠢᠨ ᠲᠣᠭᠣᠷᠢᠨ᠎ᠤ ᠬᠠᠮᠠᠭ᠋ᠠᠯᠠᠯᠲᠠ ᠵᠢᠨ ᠰᠢᠮᠳᠠᠭᠤᠯᠤᠨ ᠪᠠᠢ᠌ᠴᠠᠭ᠋ᠠᠯᠲᠠ ᠵᠢ ᠪᠦᠬᠦ ᠲᠠᠯ᠎ᠠ᠎ᠳᠤ ᠬᠠᠮᠤᠷᠤᠭᠤᠯᠬᠤ ᠵᠢ ᠬᠡᠷᠡᠭᠵᠢᠭᠦᠯᠵᠦ᠂ ᠰᠢᠮᠳᠠᠭᠤᠯᠤᠨ ᠪᠠᠢ᠌ᠴᠠᠭ᠋ᠠᠯᠲᠠ ᠵᠢ ᠰᠢᠶᠠᠨ᠂ ᠪᠠᠯᠭ᠋ᠠᠰᠤ᠂ ᠭᠠᠴᠠᠭ᠎ᠠ᠎ᠳᠤ ᠬᠦᠷᠲᠡᠯ᠎ᠡ ᠤᠷᠲᠤᠳᠬᠠᠪᠠ᠃ ᠳᠣᠪᠤᠢ᠌ᠮ᠎ᠠ ᠠᠰᠠᠭᠤᠳᠠᠯ᠎ᠢ ᠲᠤᠰᠬᠠᠢ ᠵᠦᠢ᠍ᠯ ᠵᠶ᠋ᠡᠷ ᠰᠢᠮᠳᠠᠭᠤᠯᠤᠨ ᠪᠠᠢ᠌ᠴᠠᠭ᠋ᠠᠬᠤ ᠵᠢ ᠴᠢᠩᠭ᠋ᠠᠳᠬᠠᠪᠠ᠃ ᠲᠡᠵᠢᠭᠡᠪᠦᠷᠢ ᠵᠢᠨ ᠦᠢ᠍ᠯᠡᠰ᠎ᠤᠨ ᠪᠣᠬᠢᠷᠲᠤᠯ᠎ᠢ ᠵᠠᠰᠠᠬᠤ᠂ ᠴᠢᠯᠠᠭᠤᠨ ᠮᠠᠲ᠋ᠧᠷᠢᠶᠠᠯ᠎ᠤᠨ ᠦᠢ᠍ᠯᠡᠰ᠎ᠢ ᠴᠡᠭᠴᠡᠯᠡᠨ ᠵᠠᠰᠠᠬᠤ᠂ ᠪᠣᠬᠢᠷ ᠤᠰᠤ ᠪᠠ ᠬᠣᠭ ᠨᠣᠪᠰᠢ ᠵᠢ ᠰᠢᠢ᠍ᠳᠪᠦᠷᠢᠯᠡᠬᠦ ᠵᠡᠷᠭᠡ ᠣᠯᠠᠨ ᠲᠦᠮᠡᠨ᠎ᠤ ᠠᠩᠬᠠᠷᠤᠯ ᠲᠠᠯᠪᠢᠵᠤ ᠪᠠᠢ᠌ᠭ᠎ᠠ ᠬᠦᠴᠢᠷᠳᠡᠯ᠎ᠲᠠᠢ ᠬᠠᠯᠠᠮᠰᠢᠯ ᠠᠰᠠᠭᠤᠳᠠᠯ᠎ᠳᠤ ᠴᠢᠭᠯᠡᠭᠦᠯᠦᠨ᠂ ᠬᠦᠴᠦᠨ ᠵᠶ᠋ᠡᠨ ᠲᠥᠪᠯᠡᠷᠡᠭᠦᠯᠦᠨ ᠲᠤᠰᠬᠠᠢ ᠵᠦᠢ᠍ᠯ ᠵᠶ᠋ᠡᠷ ᠰᠢᠮᠳᠠᠭᠤᠯᠤᠨ ᠪᠠᠢ᠌ᠴᠠᠭ᠋ᠠᠬᠤ ᠵᠢ ᠥᠷᠨᠢᠭᠦᠯᠪᠡ᠃ ᠦᠨᠳᠦᠰᠦᠨ ᠴᠢᠨᠠᠷᠲᠠᠢ᠂ ᠬᠤᠷᠠᠮᠳᠤᠯ ᠴᠢᠨᠠᠷᠲᠠᠢ᠂ ᠬᠤᠷᠴᠠ ᠰᠡᠷᠭᠡᠭ ᠴᠢᠨᠠᠷᠲᠠᠢ ᠠᠷᠠᠳ᠎ᠤᠨ ᠠᠮᠢᠳᠤᠷᠠᠯ᠎ᠤᠨ ᠣᠷᠴᠢᠨ ᠲᠣᠭᠣᠷᠢᠨ᠎ᠤ ᠵᠠᠷᠢᠮ ᠠᠰᠠᠭᠤᠳᠠᠯ᠎ᠢ ᠰᠢᠢ᠍ᠳᠪᠦᠷᠢᠯᠡᠵᠡᠢ᠃
ᠹᠦᠵᠢᠶᠠᠨ 100 ᠭᠠᠷᠤᠢ ᠳ᠋ᠦᠩᠰᠢᠭᠤᠷ ᠲᠥᠭᠥᠷᠢᠭ᠎ᠤᠨ ᠪᠡᠯᠡ ᠣᠷᠣᠭᠤᠯᠵᠤ ᠪᠠᠢ᠌ᠭ᠋ᠠᠳ ᠪᠦᠬᠦ ᠬᠣᠲᠠ ᠵᠢᠨ 102 ᠵᠤᠷᠪᠤᠰ ᠳᠣᠲᠣᠭ᠋ᠠᠳᠤ ᠭᠣᠣᠯ᠎ᠢ ᠵᠠᠰᠠᠬᠤ ᠲᠥᠰᠥᠯ᠎ᠢ ᠨᠡᠢ᠌ᠯᠡᠭᠦᠯᠦᠨ ᠨᠢᠭᠡᠳᠬᠡᠵᠦ 7PPP ᠲᠥᠰᠥᠯ᠎ᠤᠨ ᠢᠨᠵᠧᠨᠧᠷᠢᠩ᠎ᠤᠨ ᠪᠠᠭᠴᠠ ᠪᠣᠯᠭ᠋ᠠᠵᠤ᠂ ᠤᠰᠤᠨ᠎ᠤ ᠰᠢᠰᠲ᠋ᠧᠮ᠎ᠤᠨ ᠵᠠᠰᠠᠯᠲᠠ᠎ᠲᠠᠢ ᠤᠶᠠᠯᠳᠤᠭᠤᠯᠤᠨ ᠱᠤᠭᠤᠮ ᠳᠠᠭ᠋ᠠᠤ ᠵᠢᠨ 《ᠬᠡᠯᠬᠢᠶᠡᠵᠢᠭᠰᠡᠨ ᠴᠡᠴᠡᠷᠯᠢᠭ》᠎ᠤᠨ ᠪᠠᠢ᠌ᠭᠤᠯᠤᠯᠲᠠ ᠵᠢ ᠠᠬᠢᠭᠤᠯᠵᠠᠢ᠃
ᠨᠢᠩ ᠳ᠋ᠧ ᠰᠢᠶᠠᠨ ᠣᠤ ᠵᠢᠶᠠᠩ ᠮᠥᠷᠡᠨ᠎ᠤ ᠰᠠᠪᠠ ᠭᠠᠵᠠᠷ᠎ᠤᠨ ᠭᠠᠳᠠᠷᠯᠠᠬᠤ ᠴᠢᠯᠠᠭᠤᠨ ᠮᠠᠲ᠋ᠧᠷᠢᠶᠠᠯ᠎ᠤᠨ ᠦᠢ᠍ᠯᠡᠰ᠎ᠤᠨ ᠪᠣᠬᠢᠷᠲᠤᠯ᠎ᠤᠨ ᠠᠰᠠᠭᠤᠳᠠᠯ᠎ᠳᠤ ᠴᠢᠭᠯᠡᠭᠦᠯᠦᠨ᠂ 41 ᠠᠭᠤᠷᠬᠠᠢ ᠵᠢᠨ 121 ᠴᠡᠭ᠎ᠢ ᠪᠦᠬᠦ ᠲᠠᠯ᠎ᠠ᠎ᠪᠠᠷ ᠬᠠᠭ᠋ᠠᠵᠤ᠂ ᠴᠢᠯᠠᠭᠤᠨ ᠮᠠᠲ᠋ᠧᠷᠢᠶᠠᠯ ᠡᠳ᠋ᠰᠢᠭᠦᠯᠬᠦ ᠪᠣᠢ ᠪᠦᠬᠦᠢ ᠠᠵᠤ ᠠᠬᠤᠢ᠌ᠯᠠᠯ᠎ᠢ ᠪᠦᠬᠦᠨ᠎ᠢ ᠬᠠᠭ᠋ᠠᠨ ᠵᠣᠭᠰᠣᠭ᠋ᠠᠵᠤ ᠪᠤᠴᠠᠭ᠋ᠠᠨ ᠭᠠᠷᠭ᠋ᠠᠪᠠ᠃
ᠨᠠᠨ ᠫᠢᠩ ᠰᠢᠶᠠᠨ ᠶᠠᠨ ᠫᠢᠩ ᠲᠣᠭᠣᠷᠢᠭ ᠵᠶ᠋ᠠᠷ ᠭᠣᠣᠯᠳᠠᠯᠭ᠎ᠠ ᠪᠣᠯᠭ᠋ᠠᠭᠰᠠᠨ ᠠᠮᠢᠳᠤ ᠭᠠᠬᠠᠢ ᠲᠡᠵᠢᠭᠡᠨ ᠦᠷᠡᠵᠢᠭᠦᠯᠬᠦ ᠦᠢ᠍ᠯᠡᠰ᠎ᠤᠨ ᠪᠣᠬᠢᠷᠲᠤᠯ᠎ᠢ ᠵᠠᠰᠠᠬᠤ ᠰᠢᠪᠲᠤᠯᠤᠯᠲᠠ ᠵᠢᠨ ᠳᠠᠢ᠌ᠯᠠᠯᠳᠤᠭ᠋ᠠᠨ᠎ᠢ ᠲᠥᠪᠯᠡᠷᠡᠭᠦᠯᠦᠨ ᠥᠷᠨᠢᠭᠦᠯᠵᠦ᠂ ᠪᠦᠬᠦ ᠬᠣᠲᠠ ᠵᠢᠨ ᠭᠠᠬᠠᠢ ᠲᠡᠵᠢᠭᠡᠨ ᠦᠷᠡᠵᠢᠭᠦᠯᠬᠦ 11445 ᠲᠠᠯᠠᠪᠠᠢ ᠵᠢ ᠡᠪᠳᠡᠨ ᠨᠤᠷᠠᠭ᠋ᠠᠵᠤ᠂ ᠠᠮᠢᠳᠤ ᠭᠠᠬᠠᠢ ᠵᠢ 401.7 ᠲᠦᠮᠡ ᠪᠠᠭ᠋ᠠᠰᠬᠠᠵᠤ᠂ 30 ᠵᠤᠷᠪᠤᠰ ᠵᠢᠵᠢᠭ ᠰᠠᠪᠠ ᠭᠠᠵᠠᠷ᠎ᠤᠨ ᠠᠳᠠᠭ V ᠲᠥᠷᠥᠯ᠎ᠤᠨ ᠤᠰᠤᠨ᠎ᠤ ᠴᠣᠭᠴᠠ ᠵᠢ ᠪᠦᠬᠦ ᠲᠠᠯ᠎ᠠ᠎ᠪᠠᠷ ᠠᠷᠢᠯᠭ᠋ᠠᠵᠠᠢ᠃
《ᠵᠥᠭᠡᠯᠡᠨ ᠱᠠᠭ᠋ᠠᠷᠳᠠᠯᠭ᠎ᠠ》᠎ᠠᠴᠠ 《ᠬᠠᠲᠠᠭᠤ ᠬᠢᠵᠠᠭ᠋ᠠᠷᠯᠠᠯ》 ᠲᠡᠢ᠌ᠰᠢ ᠬᠤᠪᠢᠷᠠᠭᠤᠯᠪᠠ
ᠰᠢᠯᠭ᠋ᠠᠨ ᠬᠢᠨᠠᠭᠰᠠᠨ ᠦᠷ᠎ᠡ ᠳ᠋ᠦᠩ᠎ᠢ ᠬᠡᠷᠡᠭᠯᠡᠬᠦ ᠵᠢ ᠬᠡᠷᠬᠢᠨ ᠴᠢᠩᠭ᠋ᠠᠷᠠᠭᠤᠯᠵᠤ᠂ ᠳᠦᠷᠢᠮ᠎ᠤᠨ 《ᠮᠠᠨᠤᠬᠠᠢ》 ᠪᠣᠯᠬᠤ᠎ᠠᠴᠠ ᠵᠠᠢ᠌ᠯᠠᠰᠬᠢᠬᠦ ᠪᠣᠢ? ᠹᠦᠵᠢᠶᠠᠨ ᠪᠦᠬᠦ ᠮᠤᠵᠢ ᠵᠢᠨ ᠰᠢᠶᠠᠨ (ᠬᠣᠲᠠ᠂ ᠲᠣᠭᠣᠷᠢᠭ)᠎ᠤ ᠶᠡᠷᠦᠩᠬᠡᠢ ᠲᠣᠭ᠎ᠠ ᠵᠢᠨ 40% ᠣᠷᠴᠢᠮ᠎ᠢ ᠡᠵᠡᠯᠡᠬᠦ 34 ᠰᠢᠶᠠᠨ (ᠬᠣᠲᠠ)᠎ᠤ ᠤᠯᠤᠰ᠎ᠤᠨ ᠳᠣᠲᠣᠭ᠋ᠠᠳᠤ ᠵᠢᠨ ᠦᠢ᠍ᠯᠡᠳᠪᠦᠷᠢᠯᠡᠯ ᠤᠨ ᠶᠡᠷᠦᠩᠬᠡᠢ ᠥᠷᠲᠡᠭ᠎ᠤᠨ ᠰᠢᠯᠭ᠋ᠠᠨ ᠬᠢᠨᠠᠬᠤ ᠭᠦᠢ᠍ᠴᠡᠳᠬᠡᠯ ᠲᠣᠭ᠎ᠠ ᠵᠢ ᠬᠦᠴᠦᠨ ᠦᠭᠡᠢ ᠪᠣᠯᠭ᠋ᠠᠵᠤ᠂ ᠰᠢᠯᠭ᠋ᠠᠨ ᠬᠢᠨᠠᠬᠤ ᠭᠣᠣᠯᠳᠠᠭ᠎ᠠ᠎ᠪᠠᠨ ᠠᠮᠢ ᠠᠬᠤᠢ ᠵᠢᠨ ᠬᠠᠮᠠᠭ᠋ᠠᠯᠠᠯᠲᠠ ᠪᠠ ᠲᠠᠷᠢᠶᠠᠴᠢᠳ᠎ᠤᠨ ᠣᠷᠣᠯᠭ᠎ᠠ ᠵᠢ ᠨᠡᠮᠡᠭᠳᠡᠭᠦᠯᠬᠦ ᠳᠡᠭᠡᠷ᠎ᠡ ᠲᠠᠯᠪᠢᠵᠠᠢ᠃
ᠺᠠᠳ᠋ᠷ᠎ᠤᠨ ᠠᠵᠢᠯ᠎ᠤᠨ ᠦᠷ᠎ᠡ ᠪᠦᠲᠦᠮᠵᠢ ᠵᠢ ᠰᠢᠯᠭ᠋ᠠᠨ ᠬᠢᠨᠠᠬᠤ ᠭᠦᠢ᠍ᠴᠡᠳᠬᠡᠯ ᠲᠣᠭ᠎ᠠ ᠵᠢ ᠰᠢᠯᠢᠳᠡᠭᠵᠢᠭᠦᠯᠦᠨ᠂ ᠣᠷᠴᠢᠨ ᠲᠣᠭᠣᠷᠢᠨ᠎ᠤ ᠬᠠᠮᠭ᠋ᠠᠯᠷᠲᠠ ᠵᠢᠨ ᠠᠵᠢᠯ᠎ᠤᠨ ᠬᠤᠪᠢ ᠵᠢᠨ ᠵᠢᠩ᠎ᠢ 10% ᠬᠦᠷᠲᠡᠯ᠎ᠡ ᠳᠡᠭᠡᠭᠰᠢᠯᠡᠭᠦᠯᠵᠦ᠂ ᠴᠢᠬᠤᠯᠠᠴᠢᠯᠠᠭᠳᠠᠬᠤ ᠬᠡᠮᠵᠢᠶ᠎ᠡ ᠵᠢ᠎ᠨᠢ GDP ᠵᠢᠨ 7% ᠵᠢ ᠳᠠᠪᠠᠭᠤᠯᠪᠠ᠃
ᠰᠢᠯᠭ᠋ᠠᠨ ᠬᠢᠨᠠᠭᠰᠠᠨ ᠦᠷ᠎ᠡ ᠳ᠋ᠦᠩ᠎ᠢ ᠺᠠᠳ᠋ᠷ᠎ᠢ ᠰᠣᠩᠭᠣᠨ ᠬᠡᠷᠡᠭᠯᠡᠬᠦ᠂ ᠵᠢᠯ᠎ᠤᠨ ᠡᠴᠦᠰ᠎ᠤᠨ ᠠᠵᠢᠯ᠎ᠤᠨ ᠦᠷ᠎ᠡ ᠪᠦᠲᠦᠮᠵᠢ ᠵᠢ ᠰᠢᠯᠭ᠋ᠠᠨ ᠦᠨᠡᠯᠡᠬᠦ᠎ᠳᠤ ᠬᠡᠷᠡᠭᠯᠡᠵᠦ᠂ ᠰᠠᠬᠢᠯᠭ᠎ᠠ ᠪᠠᠲᠤ ᠪᠠᠢ᠌ᠴᠠᠭ᠋ᠠᠬᠤ ᠪᠠ ᠬᠢᠨᠠᠨ ᠪᠣᠳᠣᠬᠤ ᠵᠡᠷᠭᠡ ᠰᠠᠯᠠᠭ᠎ᠠ ᠮᠥᠴᠢᠷ᠎ᠲᠤ ᠮᠡᠳᠡᠭᠡᠯᠡᠨ ᠨᠡᠪᠲᠡᠷᠡᠭᠦᠯᠵᠦ᠂ ᠤᠳᠤᠷᠢᠳᠬᠤ ᠺᠠᠳ᠋ᠷᠴᠤᠳ᠎ᠤᠨ ᠠᠮᠢ ᠠᠬᠤᠢ ᠵᠢᠨ ᠣᠷᠴᠢᠨ ᠲᠣᠭᠣᠷᠢᠨ᠎ᠢ ᠬᠣᠬᠢᠷᠠᠭᠤᠯᠤᠭᠰᠠᠨ ᠬᠠᠷᠢᠭᠤᠴᠠᠯᠭ᠎ᠠ ᠵᠢ ᠨᠠᠰᠤᠨ ᠲᠤᠷᠰᠢᠲᠠ ᠨᠡᠬᠡᠮᠵᠢᠯᠡᠬᠦ ᠪᠠ ᠪᠠᠢ᠌ᠭ᠋ᠠᠯᠢ ᠠᠮᠢ ᠠᠬᠤᠢ ᠵᠢᠨ ᠡᠬᠢ ᠪᠠᠶᠠᠯᠢᠭ᠎ᠢ ᠲᠤᠰᠢᠶᠠᠯ᠎ᠠᠴᠠ ᠰᠠᠯᠬᠤ᠎ᠳᠤᠨᠢ ᠬᠢᠨᠠᠨ ᠪᠣᠳᠣᠬᠤ ᠴᠢᠬᠤᠯᠠ ᠪᠣᠯᠵᠣᠯᠲᠤ ᠲᠣᠭ᠎ᠠ ᠪᠣᠯᠭ᠋ᠠᠪᠠ᠃
ᠲᠠᠨᠢᠯᠴᠠᠭᠤᠯᠤᠭᠰᠠᠨ᠎ᠢ ᠦᠨᠳᠦᠰᠦᠯᠡᠪᠡᠯ᠂ ᠪᠦᠬᠦ ᠮᠤᠵᠢ ᠵᠢᠨ ᠠᠮᠢ ᠠᠬᠤᠢ ᠵᠢᠨ ᠣᠷᠴᠢᠨ ᠲᠣᠭᠣᠷᠢᠨ᠎ᠤ ᠬᠠᠮᠠᠭ᠋ᠠᠯᠠᠯᠲᠠ ᠵᠢᠨ ᠠᠵᠢᠯ᠎ᠳᠤ ᠲᠤᠰᠢᠶᠠᠯ ᠵᠶ᠋ᠠᠨ ᠪᠦᠷᠢᠨ ᠭᠦᠢ᠍ᠴᠡᠳᠬᠡᠭᠡ ᠦᠭᠡᠢ᠂ ᠠᠰᠠᠭᠤᠳᠠᠯ ᠵᠶ᠋ᠠᠨ ᠴᠡᠭᠴᠡᠯᠡᠨ ᠵᠠᠰᠠᠭᠰᠠᠨ᠎ᠨᠢ ᠬᠦᠴᠦᠨ ᠦᠭᠡᠢ ᠤᠳᠤᠷᠢᠳᠤᠯᠭ᠎ᠠ᠎ᠠᠴᠠ ᠴᠢᠩᠭ᠎ᠠ ᠬᠠᠷᠢᠭᠤᠴᠠᠯᠭ᠎ᠠ ᠨᠡᠬᠡᠮᠵᠢᠯᠡᠵᠦ᠂ ᠵᠥᠪᠬᠡᠨ 2017 ᠣᠨ᠎ᠳᠤ 979 ᠬᠥᠮᠥᠨ᠎ᠲᠠᠢ ᠪᠣᠯᠵᠣᠨ ᠶᠠᠷᠢᠯᠴᠠᠵᠤ᠂ 437 ᠬᠥᠮᠥᠨ᠎ᠠᠴᠠ ᠬᠠᠷᠢᠭᠤᠴᠠᠯᠭ᠎ᠠ ᠨᠡᠬᠡᠮᠵᠢᠯᠡᠪᠡ᠃
《ᠰᠢᠯᠭ᠋ᠠᠨ ᠬᠢᠨᠠᠭᠰᠠᠨ ᠦᠷ᠎ᠡ ᠳ᠋ᠦᠩ ᠵᠶ᠋ᠠᠷ ᠰᠢᠯᠢᠳᠡᠭ᠎ᠢ᠎ᠨᠢ ᠱᠠᠩᠨᠠᠵᠤ ᠰᠢᠭ᠋ᠠᠷᠤ ᠵᠢ᠎ᠨᠢ ᠲᠣᠷᠭᠣᠭ᠋ᠠᠬᠤ ᠪᠠᠷᠢᠮᠵᠢᠶ᠎ᠠ ᠪᠣᠯᠭ᠋ᠠᠵᠤ᠂ ᠳᠦᠷᠢᠮ᠎ᠤᠨ ᠬᠤᠪᠢᠷᠠᠰᠢ ᠦᠭᠡᠢ ᠬᠢᠵᠠᠭ᠋ᠠᠷᠯᠠᠯ᠎ᠢ ᠴᠢᠩᠭ᠋ᠠᠷᠠᠭᠤᠯᠤᠨ᠂ ᠠᠮᠢ ᠠᠬᠤᠢ ᠵᠢᠨ ᠣᠷᠴᠢᠨ ᠲᠣᠭᠣᠷᠢᠨ᠎ᠤ ᠬᠠᠮᠠᠭ᠋ᠠᠯᠠᠯᠲᠠ ᠵᠢᠨ ᠠᠵᠢᠯ᠎ᠤᠨ ᠦᠷ᠎ᠡ ᠪᠦᠲᠦᠮᠵᠢ ᠵᠢ 《ᠵᠥᠭᠡᠯᠡᠨ ᠱᠠᠭ᠋ᠠᠷᠳᠠᠯᠭ᠎ᠠ》᠎ᠠᠴᠠ 《ᠬᠠᠲᠠᠭᠤ ᠬᠢᠵᠠᠭ᠋ᠠᠷᠯᠠᠯ》 ᠲᠡᠢ᠌ᠰᠢ ᠬᠤᠪᠢᠷᠠᠭᠤᠯᠬᠤ ᠵᠢ ᠠᠬᠢᠭᠤᠯᠵᠤ᠂ 〈ᠵᠠᠩᠭᠢᠯᠠᠭ᠎ᠠ ᠵᠢᠨ ᠪᠥᠭᠡᠳ ᠴᠥᠭᠡᠨ ᠲᠣᠭ᠋ᠠᠨ〉᠎ᠤ ᠠᠮᠢ ᠠᠬᠤᠢ ᠵᠢᠨ ᠣᠷᠴᠢᠨ ᠲᠣᠭᠣᠷᠢᠨ᠎ᠤ ᠬᠠᠮᠠᠭ᠋ᠠᠯᠠᠯᠲᠠ ᠵᠢᠨ ᠠᠵᠢᠯ᠎ᠤᠨ ᠭᠣᠣᠯ ᠴᠣᠭᠴᠠ ᠵᠢᠨ ᠬᠠᠷᠢᠭᠤᠴᠠᠯᠭ᠎ᠠ ᠵᠢ ᠪᠣᠳᠠᠲᠠᠢ᠌ᠵᠢᠭᠤᠯᠤᠨ ᠴᠢᠩᠭ᠋ᠠᠷᠠᠭᠤᠯᠪᠠ》 ᠭᠡᠵᠦ ᠬᠠᠮᠢᠶ᠎ᠠ ᠪᠦᠬᠦᠢ ᠬᠠᠷᠢᠭᠤᠴᠠᠯᠭ᠋ᠠᠲᠠᠨ ᠢᠯᠡᠷᠬᠡᠢ᠌ᠯᠡᠬᠦ᠎ᠳᠤ᠎ᠪᠠᠨ᠂ ᠡᠯ᠎ᠡ ᠭᠠᠵᠠᠷ᠎ᠤᠨ 《ᠨᠢᠭᠡᠳᠦᠭᠡᠷ ᠤᠳᠤᠷᠢᠳᠤᠯᠭ᠎ᠠ》᠎ᠨᠢ ᠨᠢᠭᠡᠳᠦᠭᠡᠷ ᠬᠠᠷᠢᠭᠤᠴᠠᠯᠭ᠋ᠠᠲᠠᠨ᠎ᠤ ᠬᠠᠷᠢᠭᠤᠴᠠᠯᠭ᠎ᠠ᠎ᠪᠠᠨ ᠦᠨᠡᠨ ᠬᠦ᠌ ᠡᠭᠦᠷᠭᠡᠯᠡᠵᠦ᠂ ᠴᠢᠬᠤᠯᠠ ᠶᠠᠬᠡ ᠠᠰᠠᠭᠤᠳᠠᠯ᠎ᠢ ᠥᠪᠡᠷ ᠵᠶ᠋ᠡᠨ ᠠᠳᠬᠤᠵᠤ᠂ ᠪᠠᠷᠢᠮᠲᠠᠯᠠᠨ ᠠᠳᠬᠤᠪᠠ᠃ ᠲᠤᠬᠠᠢ᠌ᠯᠠᠪᠠᠯ ᠹᠦᠵᠧᠦ ᠬᠣᠲᠠ ᠳᠣᠲᠣᠭ᠋ᠠᠳᠤ ᠭᠣᠣᠯ᠎ᠤᠨ ᠪᠣᠬᠢᠷᠲᠤᠯ᠎ᠢ ᠴᠡᠭᠴᠡᠯᠡᠨ ᠵᠠᠰᠠᠬᠤ ᠠᠰᠠᠭᠤᠳᠠᠯ᠎ᠳᠤ ᠴᠢᠭᠯᠡᠭᠦᠯᠦᠨ᠂ ᠰᠠᠨ ᠮᠢᠩ ᠬᠣᠲᠠ ᠪᠣᠯᠣᠳ ᠲᠡᠮᠦᠷ᠎ᠤᠨ ᠦᠢ᠍ᠯᠡᠳᠪᠦᠷᠢᠯᠡᠯ᠎ᠤᠨ ᠬᠣᠴᠣᠷᠤᠩᠭᠤᠢ ᠦᠢ᠍ᠯᠡᠳᠪᠦᠷᠢᠯᠡᠬᠦ ᠴᠢᠳᠠᠪᠤᠷᠢ ᠵᠢ ᠲᠠᠶᠠᠭᠳᠠᠭᠤᠯᠬᠤ ᠠᠰᠠᠭᠤᠳᠠᠯ᠎ᠳᠤ ᠴᠢᠭᠯᠡᠭᠦᠯᠵᠦ᠂ ᠯᠦᠩ ᠶᠠᠨ ᠬᠣᠲᠠ ᠠᠭᠤᠷᠬᠠᠢ ᠵᠢᠨ ᠣᠷᠣᠨ᠎ᠤ ᠠᠮᠢ ᠠᠬᠤᠢ ᠵᠢ ᠵᠠᠰᠠᠨ ᠰᠡᠷᠭᠦᠭᠡᠬᠦ ᠵᠡᠷᠭᠡ ᠠᠰᠠᠭᠤᠳᠠᠯ᠎ᠳᠤ ᠴᠢᠭᠯᠡᠭᠦᠯᠵᠦ᠂ ᠬᠣᠲᠠ ᠵᠢᠨ ᠨᠠᠮ᠎ᠤᠨ ᠬᠣᠷᠢᠶ᠎ᠠ ᠵᠢᠨ ᠭᠣᠣᠯ ᠤᠳᠤᠷᠢᠳᠤᠯᠭ᠎ᠠ᠎ᠨᠢ ᠥᠪᠡᠰᠦᠪᠡᠨ ᠪᠠᠢ᠌ᠴᠠᠭ᠋ᠠᠨ ᠰᠤᠳᠤᠯᠵᠤ᠂ ᠲᠤᠬᠠᠢ ᠵᠢᠨ ᠲᠠᠯᠠᠪᠠᠢ᠎ᠳᠤ ᠠᠯᠪᠠᠯᠠᠨ᠂ ᠴᠡᠭᠴᠡᠯᠡᠨ ᠥᠭᠡᠷᠡᠴᠢᠯᠡᠬᠦ ᠲᠥᠰᠥᠯ᠎ᠢ ᠰᠤᠳᠤᠯᠤᠨ ᠲᠣᠭᠲᠠᠭ᠋ᠠᠵᠤ᠂ ᠴᠡᠭᠴᠡᠯᠡᠨ ᠵᠠᠰᠠᠬᠤ ᠴᠢᠭᠯᠡᠯ᠎ᠢ ᠲᠣᠳᠣᠷᠬᠠᠢ᠌ᠯᠠᠵᠤ᠂ ᠴᠡᠭᠴᠡᠯᠡᠨ ᠵᠠᠰᠠᠬᠤ ᠠᠷᠭ᠎ᠠ ᠬᠡᠮᠵᠢᠶ᠎ᠡ ᠵᠢ ᠨᠠᠷᠢᠯᠢᠭᠵᠢᠭᠤᠯᠤᠨ᠂ ᠴᠡᠭᠴᠡᠯᠡᠨ ᠵᠠᠰᠠᠬᠤ ᠵᠢ ᠪᠣᠳᠠᠲᠠᠢ᠎ᠳᠤ ᠨᠠᠢ᠌ᠳᠠᠪᠤᠷᠢᠵᠢᠭᠤᠯᠬᠤ ᠵᠢ ᠠᠬᠢᠭᠤᠯᠪᠠ ᠭᠡᠵᠡᠢ᠃
《ᠳᠥᠷᠪᠡ ᠲᠠᠯ᠎ᠠ ᠵᠢᠨ ᠡᠷᠭᠢᠯᠲᠡ》᠎ᠨᠢ ᠹᠦᠵᠢᠶᠠᠨ᠎ᠤ ᠠᠮᠢ ᠠᠬᠤᠢ ᠵᠢᠨ ᠪᠣᠯᠪᠠᠰᠤᠨ᠎ᠤ ᠪᠠᠢ᠌ᠭᠤᠯᠤᠯᠲᠠ ᠵᠢ ᠠᠵᠢᠯ᠎ᠤᠨ ᠪᠦᠬᠦ ᠲᠠᠯ᠎ᠠ᠎ᠳᠤ ᠦᠨᠡᠨ ᠬᠦ᠌ ᠠᠭᠤᠰᠤᠯᠴᠠᠭᠤᠯᠵᠤ᠂ ᠰᠢᠢ᠍ᠳᠪᠦᠷᠢᠲᠦ ᠪᠣᠳᠣᠯᠭ᠎ᠠ ᠲᠣᠭᠲᠠᠭ᠋ᠠᠬᠤ ᠬᠠᠷᠠᠭ᠋ᠠᠰᠤ᠎ᠳᠤ ᠣᠷᠣᠭᠤᠯᠤᠨ᠂ ᠠᠮᠢᠳᠤᠯᠢᠭ ᠦᠢ᠍ᠯᠡᠳᠦᠯᠭᠡ ᠪᠣᠯᠭ᠋ᠠᠨ ᠤᠯᠠᠷᠢᠭᠤᠯᠵᠠᠢ᠃
《ᠲᠡᠭᠷᠢ ᠤᠯᠠᠮ ᠴᠡᠯᠮᠡᠭ ᠪᠣᠯᠵᠤ᠂ ᠤᠰᠤ ᠤᠯᠠᠮ ᠲᠤᠩᠭ᠋ᠠᠯᠠᠭ ᠪᠣᠯᠣᠯ᠎ᠠ᠂ ᠰᠢᠨ᠎ᠡ ᠰᠣᠷᠭᠣᠭ ᠹᠦᠵᠢᠶᠠᠨ ᠤᠯᠠᠮ ᠰᠢᠨ᠎ᠡ ᠰᠣᠷᠭᠣᠭ ᠪᠣᠯᠣᠯ᠎ᠠ》 ᠭᠡᠵᠦ ᠠᠷᠠᠳ ᠣᠯᠠᠨ ᠴᠢᠩ ᠰᠡᠳᠬᠢᠯ᠎ᠠᠴᠠ᠎ᠪᠠᠨ ᠰᠠᠢ᠌ᠰᠢᠶᠠᠨ ᠮᠠᠭᠲᠠᠵᠤ ᠪᠠᠢ᠌ᠨ᠎ᠠ᠃