ᠤᠯᠤᠰ᠎ᠤᠨ ᠨᠤᠳᠤᠭ ᠳᠡᠪᠢᠰᠬᠡᠷ᠎ᠤᠨ ᠡᠬᠢ ᠪᠠᠶᠠᠯᠢᠭ
ᠳᠡᠯᠬᠡᠷᠡᠩᠭᠦᠢ ᠪᠠ ᠢᠪᠴᠤᠤ ᠤᠳᠬ᠎ᠠ ᠵᠢᠨ ᠢᠯᠭ᠋ᠠᠭ᠎ᠠ᠎ᠲᠠᠢ᠃ ᠳᠡᠯᠬᠡᠷᠡᠩᠭᠦᠢ ᠤᠳᠬ᠎ᠠ ᠵᠢᠨ ᠤᠯᠤᠰ᠎ᠤᠨ ᠨᠤᠳᠤᠭ ᠳᠡᠪᠢᠰᠬᠡᠷ᠎ᠤᠨ ᠡᠬᠢ ᠪᠠᠶᠠᠯᠢᠭ ᠪᠤᠯ ᠨᠢᠬᠡᠨ ᠡᠷᠬᠡ ᠮᠡᠳᠡᠯ᠎ᠳᠤ ᠤᠯᠤᠰ᠎ᠤᠨ ᠬᠠᠮᠢᠶᠠᠷᠤᠯ᠎ᠤᠨ ᠬᠡᠪᠴᠢᠶᠡᠨ (ᠨᠤᠳᠤᠭ ᠳᠡᠪᠢᠰᠬᠡᠷ᠂ ᠬᠠᠷᠢᠶᠠᠳᠤ ᠳᠠᠯᠠᠢ᠂ ᠬᠠᠷᠢᠶᠠᠳᠤ ᠠᠭ᠋ᠠᠷ᠂ ᠡᠬᠡ ᠭᠠᠵᠠᠷ᠎ᠤᠨ ᠬᠠᠶᠠᠭ᠎ᠠ ᠵᠢᠴᠢ ᠳᠤᠰᠬᠠᠢ ᠬᠠᠷᠢᠶᠠᠳᠤ ᠠᠵᠤ ᠠᠬᠤᠢ ᠵᠢᠨ ᠤᠷᠤᠨ᠎ᠢ ᠪᠠᠬᠳᠠᠭ᠋ᠠᠨ᠎ᠠ) ᠳᠤᠳᠤᠷᠠᠬᠢ ᠪᠤᠳᠠᠰ᠎ᠤᠨ ᠡᠬᠢ ᠪᠠᠶᠠᠯᠢᠭ᠎ᠤᠨ ᠶᠡᠷᠦᠩᠭᠡᠢ ᠨᠡᠷᠡᠢ᠌ᠳᠤᠯ ᠪᠠᠢ᠌ᠵᠦ᠂ ᠪᠠᠢ᠌ᠭ᠋ᠠᠯᠢ ᠵᠢᠨ ᠡᠬᠢ ᠪᠠᠶᠠᠯᠢᠭ᠂ ᠬᠦᠮᠦᠨ᠎ᠤ ᠬᠦᠴᠦᠨ᠎ᠤ ᠡᠬᠢ ᠪᠠᠶᠠᠯᠢᠭ ᠪᠠ ᠪᠤᠰᠤᠳ ᠨᠡᠢ᠌ᠬᠡᠮ᠎ᠤᠨ ᠠᠵᠤ ᠠᠬᠤᠢ ᠵᠢᠨ ᠡᠬᠢ ᠪᠠᠶᠠᠯᠢᠭ᠎ᠢ ᠪᠠᠬᠳᠠᠭ᠋ᠠᠨ᠎ᠠ᠃ ᠢᠪᠴᠤᠤ ᠤᠳᠬ᠎ᠠ ᠵᠢᠨ ᠤᠯᠤᠰ᠎ᠤᠨ ᠨᠤᠳᠤᠭ ᠳᠡᠪᠢᠰᠬᠡᠷ᠎ᠤᠨ ᠡᠬᠢ ᠪᠠᠶᠠᠯᠢᠭ᠎ᠨᠢ ᠨᠢᠬᠡᠨ ᠡᠷᠬᠡ ᠮᠡᠳᠡᠯ᠎ᠳᠤ ᠤᠯᠤᠰ᠎ᠤᠨ ᠬᠠᠮᠢᠶᠠᠷᠤᠯ᠎ᠤᠨ ᠬᠡᠪᠴᠢᠶᠡᠨ ᠳᠤᠳᠤᠷᠠᠬᠢ ᠪᠠᠢ᠌ᠭ᠋ᠠᠯᠢ ᠵᠢᠨ ᠡᠬᠢ ᠪᠠᠶᠠᠯᠢᠭ᠎ᠢ ᠵᠢᠭ᠋ᠠᠨ᠎ᠠ᠃ ᠳᠡᠷᠡ ᠪᠤᠯ ᠡᠨᠡ ᠬᠦ᠌ ᠤᠯᠤᠰ᠎ᠤᠨ ᠦᠢ᠍ᠯᠡᠳᠪᠦᠷᠢᠯᠡᠯ ᠵᠶ᠋ᠡᠨ ᠬᠦᠭᠵᠢᠬᠦᠯᠬᠦ ᠵᠢᠨ ᠪᠤᠳᠠᠰ᠎ᠤᠨ ᠰᠠᠭᠤᠷᠢ ᠪᠤᠯᠤᠨ᠎ᠠ᠃ ᠤᠯᠤᠰ᠎ᠤᠨ ᠨᠤᠳᠤᠭ ᠳᠡᠪᠢᠰᠬᠡᠷ᠎ᠤᠨ ᠡᠬᠢ ᠪᠠᠶᠠᠯᠢᠭ᠎ᠨᠢ ᠳᠤᠤᠷᠠᠬᠢ ᠮᠡᠳᠦ ᠤᠨᠴᠠᠯᠢᠭ᠎ᠲᠠᠢ᠄ (1) ᠪᠦᠬᠦᠯᠢ ᠴᠤᠬ᠍ᠴᠠᠳᠤ ᠰᠢᠨᠵᠢ᠃ ᠨᠢᠬᠡ ᠵᠦᠢ᠍ᠯ᠎ᠤᠨ ᠡᠬᠢ ᠪᠠᠶᠠᠯᠢᠭ ᠬᠢᠬᠡᠳ ᠨᠦᠬᠦᠬᠡ ᠵᠦᠢ᠍ᠯ᠎ᠤᠨ ᠡᠬᠢ ᠪᠠᠶᠠᠯᠢᠭ᠎ᠤᠨ ᠬᠤᠭᠤᠷᠤᠨᠳᠤ᠂ ᠡᠯ᠎ᠡ ᠵᠦᠢ᠍ᠯ᠎ᠤᠨ ᠡᠬᠢ ᠪᠠᠶᠠᠯᠢᠭ ᠬᠢᠬᠡᠳ ᠤᠷᠴᠢᠨ ᠳᠤᠭᠤᠷᠢᠨ᠎ᠤ ᠬᠤᠭᠤᠷᠤᠨᠳᠤ ᠴᠦᠮ ᠬᠤᠯᠪᠤᠯᠳᠤᠬᠤ ᠪᠠ ᠬᠢᠵᠠᠭ᠋ᠠᠷᠯᠠᠬᠤ ᠬᠠᠷᠢᠴᠠᠭ᠎ᠠ᠎ᠲᠠᠢ᠃ ᠪᠦᠬᠦᠢ ᠯᠡ ᠡᠬᠢ ᠪᠠᠶᠠᠯᠢᠭ᠎ᠤᠨ ᠬᠤᠭᠤᠷᠤᠨᠳᠤ ᠬᠠᠷᠢᠯᠴᠠᠨ ᠬᠤᠯᠪᠤᠯᠳᠤᠨ ᠬᠠᠷᠢᠯᠴᠠᠨ ᠬᠢᠵᠠᠭ᠋ᠠᠷᠯᠠᠵᠦ᠂ ᠨᠢᠬᠡᠨ ᠤᠷᠭ᠋ᠠᠨᠢᠭ ᠪᠦᠬᠦᠯᠢ ᠴᠤᠬ᠍ᠴᠠ ᠵᠢ ᠪᠦᠷᠢᠯᠳᠦᠬᠦᠯᠦᠨ᠎ᠡ᠃ (2) ᠤᠷᠤᠨ ᠬᠡᠪᠴᠢᠶᠡᠨ᠎ᠤ ᠰᠢᠨᠵᠢ᠃ ᠡᠯ᠎ᠡ ᠭᠠᠵᠠᠷ᠎ᠤᠨ ᠤᠷᠤᠰᠢᠬᠤ ᠭᠠᠵᠠᠷ ᠵᠦᠢ ᠵᠢᠨ ᠪᠠᠢ᠌ᠷᠢᠯᠠᠯ᠎ᠤᠨ ᠠᠳᠠᠯᠢ ᠪᠤᠰᠤ ᠪᠠ ᠳᠡᠦᠬᠡᠨ ᠬᠦᠭᠵᠢᠯᠳᠠ ᠵᠢᠨ ᠢᠯᠭ᠋ᠠᠭ᠎ᠠ᠎ᠠᠴᠠ ᠪᠤᠯᠵᠦ ᠡᠯ᠎ᠡ ᠭᠠᠵᠠᠷ᠎ᠤᠨ ᠪᠠᠢ᠌ᠭ᠋ᠠᠯᠢ ᠵᠢᠨ ᠡᠬᠢ ᠪᠠᠶᠠᠯᠢᠭ᠂ ᠬᠦᠮᠦᠨ᠎ᠤ ᠬᠦᠴᠦᠨ᠎ᠤ ᠡᠬᠢ ᠪᠠᠶᠠᠯᠢᠭ ᠪᠠ ᠪᠤᠰᠤᠳ ᠨᠡᠢ᠌ᠬᠡᠮ᠎ᠤᠨ ᠠᠵᠤ ᠠᠬᠤᠢ ᠵᠢᠨ ᠡᠬᠢ ᠪᠠᠶᠠᠯᠢᠭ᠎ᠨᠢ ᠵᠤᠬᠢᠬᠤ ᠵᠦᠷᠢᠶ᠎ᠡ᠎ᠲᠠᠢ ᠪᠠᠢ᠌ᠵᠦ᠂ ᠡᠬᠦᠨ᠎ᠤ ᠤᠯᠠᠮ ᠵᠶ᠋ᠡᠷ ᠤᠯᠤᠰ᠎ᠤᠨ ᠨᠤᠳᠤᠭ ᠳᠡᠪᠢᠰᠬᠡᠷ᠎ᠤᠨ ᠡᠬᠢ ᠪᠠᠶᠠᠯᠢᠭ᠎ᠤᠨ ᠳᠠᠷᠬᠠᠯᠳᠠ᠎ᠨᠢ ᠤᠷᠤᠨ ᠬᠡᠪᠴᠢᠶᠡᠨ᠎ᠤ ᠰᠢᠨᠵᠢ᠎ᠲᠠᠢ ᠪᠤᠯᠪᠠ᠃ ᠡᠬᠦᠨ᠎ᠳᠤ ᠪᠠᠢ᠌ᠭ᠋ᠠᠯᠢ ᠵᠢᠨ ᠡᠬᠢ ᠪᠠᠶᠠᠯᠢᠭ᠎ᠤᠨ ᠤᠷᠤᠨ ᠬᠡᠪᠴᠢᠶᠡᠨ᠎ᠤ ᠰᠢᠨᠵᠢ᠎ᠨᠢ ᠨᠡᠩ ᠢᠯᠡᠷᠬᠡᠢ ᠪᠠᠢ᠌ᠳᠠᠭ᠃ (3) ᠬᠢᠵᠠᠭ᠋ᠠᠷᠳᠠᠮᠠᠯ ᠰᠢᠨᠵᠢ᠃ ᠡᠯ᠎ᠡ ᠤᠯᠤᠰ᠎ᠤᠨ ᠤᠷᠤᠰᠢᠵᠦ ᠪᠠᠢ᠌ᠭ᠎ᠠ ᠭᠠᠵᠠᠷ ᠵᠦᠢ ᠵᠢᠨ ᠪᠠᠢ᠌ᠷᠢᠯᠠᠯ᠂ ᠪᠠᠢ᠌ᠭ᠋ᠠᠯᠢ ᠵᠢᠨ ᠤᠷᠴᠢᠨ ᠳᠤᠭᠤᠷᠢᠨ᠎ᠤ ᠠᠳᠠᠯᠢ ᠪᠤᠰᠤ᠎ᠠᠴᠠ ᠪᠤᠯᠵᠦ ᠤᠷᠤᠨ ᠬᠡᠪᠴᠢᠶᠡᠨ᠎ᠤ ᠬᠢᠵᠠᠭ᠋ᠠᠷᠳᠠᠮᠠᠯ ᠰᠢᠨᠵᠢ ᠪᠠ ᠵᠠᠷᠢᠮ ᠡᠬᠢ ᠪᠠᠶᠠᠯᠢᠭ᠎ᠤᠨ ᠬᠤᠷᠤᠬᠳᠠᠮᠠᠯ ᠰᠢᠨᠵᠢ᠎ᠨᠢ ᠨᠢᠬᠡ ᠤᠯᠤᠰ᠎ᠤᠨ ᠡᠬᠢ ᠪᠠᠶᠠᠯᠢᠭ᠎ᠢ ᠶᠡᠷᠦ᠎ᠨᠢ ᠵᠤᠬᠢᠬᠤ ᠬᠡᠮᠵᠢᠶ᠎ᠡ ᠬᠢᠵᠠᠭ᠋ᠠᠷ᠎ᠲᠠᠢ ᠪᠤᠯᠭ᠋ᠠᠳᠠᠭ᠃ (4) ᠬᠤᠪᠢᠷᠠᠮᠠᠳᠠᠭ᠋ᠠᠢ ᠰᠢᠨᠵᠢ᠃ ᠤᠯᠤᠰ᠎ᠤᠨ ᠨᠤᠳᠤᠭ ᠳᠡᠪᠢᠰᠬᠡᠷ᠎ᠤᠨ ᠡᠬᠢ ᠪᠠᠶᠠᠯᠢᠭ᠎ᠨᠢ ᠵᠤᠬᠰᠤᠰᠢ ᠦᠬᠡᠢ ᠬᠦᠳᠡᠯᠬᠡᠬᠡᠨ ᠪᠠ ᠬᠤᠪᠢᠷᠠᠯᠳᠠ ᠵᠢᠨ ᠳᠤᠮᠳᠠ ᠤᠷᠤᠰᠢᠵᠦ ᠪᠠᠢ᠌ᠳᠠᠭ᠃ ᠡᠢ᠌ᠮᠦᠷᠬᠦᠦ ᠬᠤᠪᠢᠷᠠᠯᠳᠠ᠎ᠨᠢ ᠡᠬᠢ ᠪᠠᠶᠠᠯᠢᠭ᠎ᠤᠨ ᠳᠤᠰ ᠪᠡᠶ᠎ᠡ ᠵᠢᠨ ᠡᠬᠦᠰᠦᠯᠳᠡ ᠪᠠ ᠬᠤᠪᠢᠷᠠᠯᠳᠠ ᠵᠢ ᠪᠠᠬᠳᠠᠭ᠋ᠠᠬᠤ ᠮᠦᠷᠳᠡᠬᠡᠨ ᠪᠠᠰᠠ ᠬᠦᠮᠦᠨ ᠳᠦᠷᠦᠯᠬᠢᠳᠡᠨ᠎ᠤ ᠭᠠᠷ ᠳᠦᠷᠦᠯᠳᠡ᠎ᠠᠴᠠ ᠪᠤᠯᠵᠦ ᠡᠬᠦᠰᠦᠭᠰᠡᠨ ᠬᠤᠪᠢᠷᠠᠯᠳᠠ ᠵᠢ ᠪᠠᠬᠳᠠᠭ᠋ᠠᠳᠠᠭ᠃ ᠡᠬᠦᠨ᠎ᠳᠤ ᠰᠢᠨᠡᠴᠢᠯᠡᠭᠳᠡᠬᠦᠢ᠌ᠴᠡ ᠡᠬᠢ ᠪᠠᠶᠠᠯᠢᠭ᠎ᠤᠨ ᠢᠯᠡᠷᠡᠯ᠎ᠨᠢ ᠨᠡᠩ ᠳᠤᠳᠤᠷᠬᠠᠢ ᠪᠠᠢ᠌ᠳᠠᠭ᠃