ᠯᠠᠨᠢᠨᠠ
ᠹᠷᠠᠨᠼᠢ ᠠᠮᠸᠷᠢᠺᠠ ᠬᠤᠶᠠᠷ ᠤᠯᠤᠰ᠎ᠤᠨ 《ᠳᠠᠯᠠᠢ ᠵᠢᠨ ᠰᠠᠬᠢᠭᠤᠯᠰᠤᠨ》 ᠳᠠᠭ᠋ᠠᠭᠤᠯᠢ ᠤᠳᠤᠨ᠎ᠠᠴᠠ ᠢᠷᠡᠬᠦᠯᠦᠭᠰᠡᠨ ᠳᠠᠯᠠᠢ ᠳᠠᠩᠭᠢᠰ᠎ᠤᠨ ᠠᠵᠢᠬᠯᠠᠯᠳᠠ ᠵᠢᠨ ᠬᠠᠮᠤᠭ᠎ᠤᠨ ᠰᠢᠨ᠎ᠡ ᠳᠤᠭ᠎ᠠ ᠪᠠᠷᠢᠮᠳᠠ ᠵᠢᠨ ᠢᠯᠡᠷᠡᠬᠦᠯᠦᠭᠰᠡᠨ ᠵᠶ᠋ᠡᠷ᠂ ᠦᠩᠭᠡᠷᠡᠭᠰᠡᠨ ᠬᠤᠶᠠᠷ ᠵᠢᠯ᠎ᠳᠤ ᠨᠤᠮᠤᠬᠠᠨ ᠳᠠᠯᠠᠢ ᠵᠢ ᠨᠦᠯᠦᠬᠡᠯᠡᠵᠦ ᠪᠠᠢ᠌ᠬᠰᠠᠨ 《ᠯᠠᠨᠢᠨᠠ》 ᠵᠢᠨ ᠦᠵᠡᠭᠳᠡᠯ ᠢᠯᠡᠳᠳᠡ ᠨᠠᠮᠳᠠᠵᠦ᠂ ᠳᠡᠯᠡᠬᠡᠢ ᠵᠢᠨ ᠨᠢᠬᠡᠳᠦᠬᠡᠷ ᠶᠡᠬᠡ ᠳᠠᠯᠠᠢ 《ᠨᠠᠮ ᠳᠦᠯᠬᠡᠨ》 ᠪᠠᠢ᠌ᠳᠠᠯ ᠵᠶ᠋ᠡᠨ ᠰᠡᠷᠬᠦᠬᠡᠬᠦ ᠪᠤᠯᠪᠠ᠃
《ᠯᠠᠨᠢᠨᠠ》 ᠬᠡᠬᠦ ᠦᠬᠡ᠎ᠨᠢ 《ᠦᠬᠢᠨ》 ᠬᠡᠰᠡᠨ ᠤᠳᠬ᠎ᠠ᠎ᠲᠠᠢ᠂ ᠳᠡᠯᠡᠬᠡᠢ ᠵᠢᠨ ᠪᠦᠰᠡᠯᠡᠬᠦᠷ᠎ᠤᠨ ᠤᠢ᠌ᠷᠠᠯᠴᠠᠭ᠋ᠠᠬᠢ ᠵᠡᠬᠦᠨ ᠨᠤᠮᠤᠬᠠᠨ ᠳᠠᠯᠠᠢ ᠵᠢᠨ ᠤᠰᠤᠨ᠎ᠤ ᠳᠤᠯᠠᠭ᠋ᠠᠨ᠎ᠳᠤ ᠬᠡᠪ᠎ᠤᠨ ᠪᠤᠰᠤ ᠬᠤᠪᠢᠷᠠᠯᠳᠠ ᠭᠠᠷᠤᠬᠰᠠᠨ ᠨᠢᠬᠡ ᠵᠦᠢ᠍ᠯ᠎ᠤᠨ ᠦᠵᠡᠭᠳᠡᠯ᠎ᠢ ᠵᠢᠭ᠋ᠠᠵᠦ ᠪᠠᠢ᠌ᠨ᠎ᠠ᠃ 《ᠯᠠᠨᠢᠨᠠ》 ᠪᠤᠯ 《《ᠧᠯᠨᠢᠨᠤ᠋》 ᠵᠢᠨ ᠦᠵᠡᠭᠳᠡᠯ᠎ᠤᠨ ᠪᠤᠢ ᠪᠤᠯᠭ᠋ᠠᠭᠰᠠᠨ ᠮᠤᠨᠳᠠᠭ ᠶᠡᠬᠡ ᠬᠦᠢ᠍ᠳᠡᠨ ᠤᠰᠤᠨ᠎ᠤ ᠤᠷᠤᠨ ᠵᠡᠬᠦᠨ ᠨᠤᠮᠤᠬᠠᠨ ᠳᠠᠯᠠᠢ ᠳᠡᠬᠡᠷ᠎ᠡ ᠬᠦᠪᠦᠨ ᠭᠠᠷᠴᠤ ᠪᠦᠷᠢᠯᠳᠦᠭᠰᠡᠨ ᠶᠤᠮ᠃ ᠡᠢ᠌ᠮᠦ᠎ᠠᠴᠠ ᠳᠡᠬᠦᠨ᠎ᠢ ᠪᠠᠰᠠ 《ᠡᠰᠡᠷᠬᠦ ᠧᠯᠨᠢᠨᠤ᠋》 ᠬᠡᠳᠡᠭ᠃ 《ᠯᠠᠨᠢᠨᠠ》 ᠵᠢᠨ ᠦᠵᠡᠭᠳᠡᠯ᠎ᠨᠢ ᠠᠶᠤᠯ᠎ᠳᠤ ᠰᠠᠯᠬᠢ᠂ ᠠᠭ᠋ᠠᠳᠠᠷ ᠪᠤᠷᠤᠭ᠋ᠠᠨ ᠪᠠ ᠬᠠᠬᠢᠷ ᠬᠦᠢ᠍ᠳᠡᠨ ᠵᠶ᠋ᠡᠷ ᠰᠢᠨᠵᠢ ᠳᠡᠮᠳᠡᠭ ᠪᠤᠯᠭ᠋ᠠᠵᠦ᠂ 《ᠧᠯᠨᠢᠨᠤ᠋》 ᠵᠢᠨ ᠦᠵᠡᠭᠳᠡᠯ᠎ᠲᠠᠢ ᠠᠳᠠᠯᠢ᠎ᠪᠠᠷ ᠴᠦᠮ ᠪᠦᠬᠦ ᠪᠦᠮᠪᠦᠷᠴᠡᠭ᠎ᠤᠨ ᠠᠭᠤᠷ ᠠᠮᠢᠰᠬᠤᠯ᠎ᠢ ᠬᠦᠨᠳᠦ ᠨᠤᠴᠢᠳᠠᠢ ᠳᠡᠩᠴᠡᠬᠦᠷᠢ ᠠᠯᠳᠠᠭᠤᠯᠳᠠᠭ᠃
ᠹᠷᠠᠨᠼᠢ ᠵᠢᠨ ᠳᠤᠰᠬᠠᠢ ᠮᠡᠷᠬᠡᠵᠢᠯᠳᠠᠨᠤ ᠳᠠᠨᠢᠯᠴᠠᠭᠤᠯᠤᠬᠰᠠᠨ ᠵᠶ᠋ᠡᠷ᠂ 《ᠯᠠᠨᠢᠨᠠ》 ᠤᠯᠠᠩᠭᠢᠳᠤᠪᠠᠨ 《ᠧᠯᠨᠢᠨᠤ᠋》 ᠵᠢᠨ ᠳᠠᠷᠠᠭ᠎ᠠ ᠢᠯᠡᠷᠡᠵᠦ᠂ ᠡᠩ᠎ᠤᠨ ᠪᠠᠢ᠌ᠳᠠᠯ᠎ᠳᠤ ᠡᠨᠡ ᠬᠤᠶᠠᠷ ᠵᠦᠢ᠍ᠯ᠎ᠤᠨ ᠦᠵᠡᠭᠳᠡᠯ ᠳᠤᠰ ᠳᠤᠰ ᠨᠢᠬᠡ ᠵᠢᠯ ᠤᠷᠴᠢᠮ ᠦᠷᠬᠦᠯᠵᠢᠯᠡᠳᠡᠭ ᠪᠠᠢ᠌ᠨ᠎ᠠ᠃ ᠬᠡᠳᠡᠯ᠎ᠡ 1998 ᠤᠨ᠎ᠠᠴᠠ ᠡᠬᠢᠯᠡᠭᠰᠡᠨ 《ᠯᠠᠨᠢᠨᠠ》 ᠵᠢᠨ ᠦᠵᠡᠭᠳᠡᠯ ᠬᠠᠷᠢᠨ ᠬᠤᠶᠠᠷ ᠵᠢᠯ ᠦᠷᠬᠦᠯᠵᠢᠯᠡᠵᠦ᠂ 2000 ᠤᠨ᠎ᠤ 6 ᠰᠠᠷ᠎ᠠ ᠪᠤᠯᠤᠭ᠋ᠠᠳ ᠰᠠᠶᠢ ᠠᠭ᠋ᠠᠵᠢᠮ ᠵᠶ᠋ᠡᠷ ᠨᠠᠮᠳᠠᠪᠠ᠃ ᠳᠡᠳᠡ ᠪᠠᠰᠠ ᠡᠨᠡ ᠤᠳᠠᠭ᠋ᠠᠨ᠎ᠤ 《ᠯᠠᠨᠢᠨᠠ》 ᠵᠢᠨ ᠦᠵᠡᠭᠳᠡᠯ ᠪᠤᠯᠤᠨ ᠡᠬᠦᠨ᠎ᠤ ᠡᠮᠦᠨᠡᠬᠡᠨ ᠢᠯᠡᠷᠡᠭᠰᠡᠨ 《ᠧᠯᠨᠢᠨᠤ᠋》 ᠵᠢᠨ ᠦᠵᠡᠭᠳᠡᠯ ᠶᠠᠭ᠋ᠠᠬᠢᠭ᠋ᠠᠳ ᠶᠡᠷᠦ ᠪᠤᠰᠤ ᠵᠢᠨ ᠴᠢᠩᠭ᠎ᠠ ᠰᠢᠷᠦᠬᠦᠨ ᠪᠠᠢ᠌ᠬᠰᠠᠨ ᠳᠤᠬᠠᠢ ᠤᠳᠤᠬᠠᠨ᠎ᠤ ᠰᠢᠨᠵᠢᠯᠡᠬᠡ ᠰᠤᠳᠤᠯᠤᠯ ᠳᠠᠢ᠌ᠯᠪᠤᠷᠢᠯᠠᠬᠤ ᠵᠢᠨ ᠠᠷᠭ᠎ᠠ ᠦᠬᠡᠢ ᠪᠠᠢ᠌ᠬᠰᠠᠭ᠋ᠠᠷ᠂ ᠮᠥᠨ ᠴᠦ᠍ ᠴᠤᠬᠤᠮ ᠶᠠᠮᠠᠷ ᠰᠢᠯᠳᠠᠭ᠋ᠠᠨ᠎ᠠᠴᠠ ᠪᠤᠯᠵᠦ 《ᠯᠠᠨᠢᠨᠠ》 ᠵᠢᠨ ᠦᠵᠡᠭᠳᠡᠯ ᠦᠩᠭᠡᠷᠡᠭᠰᠡᠨᠠᠴᠠᠪᠠᠨ ᠨᠢᠬᠡ ᠵᠢᠯ ᠢᠯᠡᠬᠦᠦ ᠦᠷᠬᠦᠯᠵᠢᠯᠡᠭᠰᠡᠨ ᠳᠤᠬᠠᠢ ᠳᠠᠢ᠌ᠯᠪᠤᠷᠢᠯᠠᠵᠦ ᠴᠢᠳᠠᠬᠤ ᠦᠬᠡᠢ ᠪᠠᠢ᠌ᠨ᠎ᠠ ᠭᠡᠵᠦ ᠢᠯᠡᠷᠬᠡᠢ᠌ᠯᠡᠪᠡ᠃
《ᠯᠠᠨᠢᠨᠠ》 ᠵᠢᠨ ᠦᠵᠡᠭᠳᠡᠯ ᠨᠠᠮᠳᠠᠬᠤ ᠰᠤᠪᠢᠩ ᠢᠯᠡᠷᠡᠭᠰᠡᠨᠢ ᠰᠤᠳᠤᠯᠤᠬ᠍ᠴᠢᠳ ᠬᠤᠶᠠᠷ ᠤᠳᠠᠭ᠎ᠠ ᠠᠵᠢᠬᠯᠠᠵᠦ ᠤᠯᠪᠠ᠃ ᠬᠡᠪᠡᠴᠦ ᠡᠳᠡᠬᠡᠷ᠎ᠨᠢ ᠵᠦᠪᠬᠡᠨ ᠬᠠᠭᠤᠷᠮᠠᠭ ᠦᠵᠡᠭᠳᠡᠯ ᠪᠤᠯᠬᠤ ᠵᠢ ᠰᠡᠬᠦᠯᠡᠷᠬᠢ ᠦᠷ᠎ᠡ ᠳ᠋ᠦᠩ ᠬᠡᠷᠡᠴᠢᠯᠡᠵᠡᠢ᠃ ᠪᠠᠬᠠᠨ ᠠᠮᠢᠰᠬᠤᠭ᠎ᠠ ᠠᠨᠪᠤᠬᠰᠠᠨᠤ ᠳᠠᠷᠠᠭ᠎ᠠ 《ᠯᠠᠨᠢᠨᠠ》 ᠳᠠᠬᠢᠨ ᠪᠤᠰᠴᠤ ᠬᠦᠮᠦᠷᠢᠬᠡᠳ ᠢᠷᠡᠯ᠎ᠡ᠃ ᠹᠷᠠᠨᠼᠢ ᠵᠢᠨ ᠳᠤᠰᠬᠠᠢ ᠮᠡᠷᠬᠡᠵᠢᠯᠳᠠᠨ ᠴᠢᠬᠤᠯᠠᠴᠢᠯᠠᠵᠦ ᠬᠡᠯᠡᠭᠰᠡᠨ᠎ᠨᠢ᠂ ᠡᠨᠡ ᠤᠳᠠᠭ᠋ᠠᠨ᠎ᠤ ᠳᠠᠭ᠋ᠠᠭᠤᠯᠢ ᠤᠳᠤᠨ᠎ᠠᠴᠠ ᠢᠷᠡᠬᠦᠯᠦᠭᠰᠡᠨ ᠬᠠᠮᠤᠭ᠎ᠤᠨ ᠰᠢᠨ᠎ᠡ ᠳᠤᠭ᠎ᠠ ᠪᠠᠷᠢᠮᠳᠠ᠎ᠨᠢ 《ᠯᠠᠨᠢᠨᠠ》 ᠵᠢᠨ ᠦᠵᠡᠭᠳᠡᠯ ᠦᠨᠡᠬᠡᠷ ᠢᠯᠡᠳᠳᠡ ᠨᠠᠮᠳᠠᠬᠰᠠᠨᠢ ᠢᠯᠡᠷᠡᠬᠦᠯᠵᠦ ᠪᠠᠢ᠌ᠨ᠎ᠠ᠂ 《ᠦᠬᠢᠨ》 ᠮᠠᠨᠢ ᠡᠨᠡ ᠤᠳᠠᠭ᠎ᠠ ᠨᠠᠰᠤ ᠠᠬᠢᠬᠰᠠᠨ᠎ᠨᠢ ᠦᠨᠡᠨ ᠪᠤᠯᠤᠯ᠎ᠠ᠃