ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠠᠮᠢ ᠠᠬᠤᠢ᠎ᠶᠢᠨ ᠬᠠᠮᠠᠭᠠᠯᠠᠯᠲᠠ
ᠪᠣᠬᠢᠷᠲᠤᠯ᠎ᠢ ᠰᠡᠷᠭᠡᠶ᠋ᠢᠯᠡᠨ ᠵᠠᠰᠠᠬᠤ
ᠪᠣᠬᠢᠷᠳᠤᠯ᠎ᠢ ᠰᠡᠷᠭᠡᠢ᠌ᠯᠡᠨ ᠵᠠᠰᠠᠬᠤ ᠪᠣᠭᠣᠮᠲᠠ ᠰᠢᠪᠲᠤᠯᠬᠤ ᠲᠠᠢ᠌ᠯᠠᠯᠳᠣᠭ᠋ᠠᠨ
ᠵᠢᠷᠭᠤᠭ᠋ᠠᠨ ᠠᠬᠢᠭᠤᠯᠬᠤ ᠳᠦᠷᠢᠮ᠎ᠢ ᠭᠦᠨᠵᠡᠭᠡᠢ ᠲᠣᠭᠣᠰᠢᠯᠠᠭᠣᠯᠣᠶ᠎ᠠ
ᠪᠣᠬᠢᠷᠲᠤᠯ᠎ᠢ ᠰᠡᠷᠭᠡᠶ᠋ᠢᠯᠡᠨ ᠵᠠᠰᠠᠬᠤ   -   ᠣᠷᠴᠢᠨ ᠲᠣᠭᠤᠷᠢᠨ᠎ᠤ ᠰᠤᠳᠤᠯᠭᠠᠨ
ᠣᠷᠣᠨ ᠰᠠᠭᠤᠴᠠ ᠵᠢᠨ ᠳ᠋ᠧᠩ ᠴᠢᠮᠡᠭᠯᠡᠯ᠄ ᠣᠷᠴᠢᠨ ᠲᠣᠭᠣᠷᠢᠨ᠎ᠢ ᠬᠠᠮᠠᠭ᠋ᠠᠯᠠᠵᠤ ᠡᠨᠧᠷᠭᠢ ᠠᠷᠪᠢᠯᠠᠬᠤ᠎ᠪᠠᠷ ᠲᠡᠷᠢᠭᠦᠨ ᠰᠣᠩᠭᠣᠯᠲᠠ ᠪᠣᠯᠭ᠋ᠠᠨ᠎ᠠ
ᠨᠡᠶ᠋ᠢᠲᠡᠯᠡᠭᠰᠡᠨ ᠴᠠᠭ᠄ 2019-01-11

      ᠣᠷᠣᠨ ᠰᠠᠭᠤᠴᠠ ᠵᠢᠨ ᠳ᠋ᠧᠩ ᠴᠢᠮᠡᠭᠯᠡᠯ ᠪᠣᠯ ᠣᠷᠣᠨ ᠰᠠᠭᠤᠴᠠ᠎ᠪᠠᠨ ᠵᠠᠰᠠᠨ ᠰᠡᠯᠪᠢᠬᠦ ᠬᠠᠮᠤᠭ᠎ᠤᠨ ᠰᠡᠭᠦᠯᠴᠢ ᠵᠢᠨ ᠴᠢᠮᠡᠭᠯᠡᠯ ᠵᠠᠰᠠᠯ ᠪᠣᠯᠣᠨ᠎ᠠ᠃ ᠲᠡᠭᠡᠪᠡᠯ ᠳ᠋ᠧᠩ ᠴᠢᠮᠡᠭᠡᠯᠡᠯ ᠬᠤᠳᠠᠯᠳᠤᠨ ᠠᠪᠬᠤ᠎ᠳᠤ ᠬᠡᠷᠬᠢᠨ ᠰᠣᠩᠭᠣᠬᠤ ᠪᠣᠢ? ᠰᠢᠶᠦ᠋ᠩ ᠳᠠᠭ᠋ᠠᠭ᠋ᠠᠮᠠᠯ ᠬᠡᠷᠡᠭᠯᠡᠭᠴᠢ᠎ᠳᠤ ᠥᠭᠭᠦᠭᠰᠡᠨ ᠰᠠᠨᠠᠭᠤᠯᠤᠮᠵᠢ ᠪᠣᠯ᠂ ᠣᠷᠣᠨ ᠰᠠᠭᠤᠴᠠ ᠵᠢᠨ ᠳ᠋ᠧᠩ ᠴᠢᠮᠡᠭᠯᠡᠯ ᠰᠣᠩᠭᠣᠨ ᠬᠤᠳᠠᠯᠳᠤᠵᠤ ᠠᠪᠬᠤ᠎ᠳᠤ᠎ᠪᠠᠨ ᠭᠠᠳᠠᠷ ᠪᠠᠢ᠌ᠳᠠᠯ᠎ᠨᠢ ᠰᠠᠢ᠌ᠬᠠᠨ᠎ᠢ ᠯᠡ ᠦᠵᠡᠵᠦ ᠪᠣᠯᠬᠤ ᠦᠭᠡᠢ᠂ ᠡᠷᠬᠡᠪᠰᠢ ᠳ᠋ᠧᠩ ᠴᠢᠮᠡᠭᠯᠡᠯ᠎ᠤᠨ ᠣᠷᠴᠢᠨ ᠲᠣᠭᠣᠷᠢᠨ᠎ᠢ ᠬᠠᠮᠠᠭ᠋ᠠᠯᠠᠵᠤ ᠡᠨᠧᠷᠭᠢ ᠠᠷᠪᠢᠯᠠᠬᠤ ᠬᠢᠭᠡᠳ ᠠᠮᠤᠷ ᠲᠦᠪᠰᠢᠨ᠎ᠤ ᠴᠢᠳᠠᠮᠵᠢ ᠵᠢ ᠪᠣᠳᠣᠯᠬᠢᠯᠠᠬᠤ ᠬᠡᠷᠡᠭᠲᠡᠢ᠃
      ᠲᠣᠬᠢᠷᠠᠭᠤᠯᠤᠨ ᠡᠵᠡᠮᠳᠡᠵᠦ ᠡᠨᠧᠷᠭᠢ ᠠᠷᠪᠢᠯᠠᠬᠤ ᠳ᠋ᠧᠩ ᠴᠢᠮᠡᠭᠯᠡᠯ᠎ᠢ ᠰᠣᠩᠭᠣᠵᠤ ᠬᠤᠳᠠᠯᠳᠤᠨ ᠠᠪᠴᠤ ᠪᠣᠯᠣᠨ᠎ᠠ
      ᠭᠠᠷᠠᠭ᠎ᠤᠨ ᠵᠢᠷᠭᠤᠭ᠋ᠠᠨ᠎ᠤ ᠡᠳᠦᠷ᠂ ᠵᠧᠩ ᠠᠪᠤᠭ᠋ᠠᠢ ᠪᠦᠰᠡᠭᠦᠢ᠎ᠲᠠᠢ᠎ᠪᠠᠨ ᠣᠷᠣᠨ ᠰᠠᠭᠤᠴᠠ ᠵᠢᠨ ᠵᠢᠷᠤᠭ ᠲᠥᠯᠥᠪᠯᠡᠭᠴᠢ᠎ᠲᠠᠢ ᠬᠠᠮᠲᠤ ᠳ᠋ᠧᠩ ᠴᠢᠮᠡᠭᠯᠡᠯ᠎ᠤᠨ ᠬᠣᠲᠠ᠎ᠳᠤ ᠬᠦᠷᠴᠦ ᠳ᠋ᠧᠩ ᠴᠢᠮᠡᠭᠯᠡᠯ ᠬᠤᠳᠠᠯᠳᠤᠨ ᠠᠪᠴᠠᠢ᠃ ᠡᠨᠳᠡᠬᠢ ᠳ᠋ᠧᠩ ᠴᠢᠮᠡᠭᠯᠡᠯ᠎ᠨᠢ ᠣᠯᠠᠨ ᠶᠠᠩᠵᠤ ᠵᠢᠨ ᠪᠠᠢ᠌ᠵᠤ᠂ ᠵᠧᠩ ᠠᠪᠤᠭ᠋ᠠᠢ ᠡᠷ᠎ᠡ ᠡᠮ᠎ᠡ ᠬᠣᠶᠠᠭᠤᠯᠠ ᠴᠣᠬᠣᠮ ᠠᠯᠢ ᠵᠢ᠎ᠨᠢ ᠰᠣᠩᠭᠣᠬᠤ᠎ᠪᠠᠨ ᠮᠡᠳᠡᠬᠦ᠎ᠪᠠᠨ ᠪᠣᠯᠢᠵᠠᠢ᠃ 《ᠴᠠᠬᠢᠯᠭ᠋ᠠᠨ ᠳ᠋ᠸᠩ ᠬᠤᠳᠠᠯᠳᠤᠨ ᠠᠪᠬᠤ᠎ᠳᠤ ᠤᠷᠢᠳ ᠵᠶ᠋ᠡᠷ ᠡᠨ᠋ᠸᠷᠬᠢ᠎ᠳᠤ ᠠᠷᠪᠢᠳᠠᠢ ᠡᠰᠡᠬᠦ ᠵᠢ ᠦᠵᠡᠬᠦ ᠬᠡᠷᠡᠭᠳᠡᠢ᠂ ᠨᠢᠬᠡ ᠬᠡᠷ ᠪᠦᠯᠢ᠎ᠳᠤ ᠨᠠᠭ᠋ᠠᠳᠤ ᠵᠠᠬ᠎ᠠ᠎ᠨᠢ ᠠᠷᠪᠠᠭ᠋ᠠᠳ ᠳ᠋ᠸᠩ᠎ᠲᠠᠢ᠂ ᠵᠠᠷᠢᠮ ᠳ᠋ᠸᠩ᠎ᠤᠨ ᠴᠠᠬᠢᠯᠭ᠋ᠠᠨ ᠵᠠᠷᠤᠴᠠᠭᠤᠯᠬᠤ ᠬᠡᠮᠵᠢᠶ᠎ᠡ᠎ᠨᠢ ᠶᠡᠬᠡ᠂ ᠬᠡᠷᠡᠭᠯᠡᠵᠦ ᠪᠠᠢ᠌ᠬᠤ ᠦᠶ᠎ᠡ᠎ᠳᠤ ᠮᠡᠳᠡᠭᠳᠡᠬᠦ ᠦᠬᠡᠢ ᠪᠤᠯᠪᠠᠴᠤ ᠴᠠᠬᠢᠯᠭ᠋ᠠᠨ᠎ᠤ ᠰᠦᠢ᠍ᠳᠬᠡᠯ ᠳᠤᠰᠢᠶᠠᠬᠤ ᠦᠶᠡᠰ ᠬᠠᠷᠢᠨ ᠭᠠᠢ᠌ᠬᠠᠰᠢ ᠠᠯᠳᠠᠳᠠᠭ ᠪᠠᠢ᠌ᠨ᠎ᠠ》 ᠬᠡᠵᠦ ᠰᠢᠶᠦ᠋ᠩ ᠳᠠᠭ᠋ᠠᠭ᠋ᠠᠮᠠᠯ ᠶᠠᠷᠢᠵᠦ ᠪᠠᠢ᠌ᠯ᠎ᠠ᠃
      ᠰᠢᠶᠦ᠋ᠩ ᠳᠠᠭ᠋ᠠᠭ᠋ᠠᠮᠠᠯ ᠪᠠᠰᠠ᠄ 《ᠵᠠᠬ᠎ᠠ ᠳᠡᠯᠬᠡᠬᠦᠷ ᠳᠡᠬᠡᠷ᠎ᠡ ᠤᠳᠤ ᠬᠤᠷᠠᠮᠠᠯ ᠮᠠᠶᠢᠭ᠎ᠤᠨ ᠡᠵᠡᠮᠳᠡᠵᠦ ᠴᠢᠳᠠᠬᠤᠢ᠌ᠴᠠ ᠡᠨ᠋ᠸᠷᠬᠢ ᠠᠷᠪᠢᠯᠠᠬᠤ ᠴᠠᠬᠢᠯᠭ᠋ᠠᠨ ᠳ᠋ᠸᠩ ᠢᠯᠡᠷᠡᠵᠦ᠂ ᠡᠨᠡ᠎ᠨᠢ ᠬᠡᠷ ᠦᠷᠦᠬᠡ ᠵᠢᠨ ᠳ᠋ᠸᠩ ᠵᠠᠰᠠᠯ᠎ᠳᠤ ᠠᠳᠠᠯᠢ ᠪᠤᠰᠤ ᠵᠢᠨ ᠡᠨ᠋ᠸᠷᠬᠢ ᠠᠷᠪᠢᠯᠠᠬᠤ ᠵᠠᠬ᠍ᠪᠤᠷ ᠬᠠᠩᠭ᠋ᠠᠭᠰᠠᠨ ᠳᠤᠯᠠ ᠬᠤᠳᠠᠯᠳᠤᠨ ᠠᠪᠬᠤ᠎ᠳᠤ᠎ᠪᠠᠨ ᠡᠬᠦᠨ᠎ᠢ ᠪᠤᠳᠤᠯᠬᠢᠯᠠᠵᠦ ᠪᠤᠯᠤᠨ᠎ᠠ》 ᠬᠡᠪᠡ᠃
     F ᠳᠡᠮᠳᠡᠭ᠎ᠲᠠᠢ ᠴᠠᠬᠢᠯᠭ᠋ᠠᠨ ᠳ᠋ᠸᠩ᠎ᠢ ᠢᠯᠡᠬᠦᠬᠡᠨ ᠰᠤᠩᠭᠤᠪᠠᠯ ᠵᠤᠬᠢᠨ᠎ᠠ
      ᠴᠠᠬᠢᠯᠭ᠋ᠠᠨ ᠳ᠋ᠸᠩ ᠰᠤᠩᠭᠤᠬᠤ᠎ᠳᠤ ᠬᠦᠮᠦᠰ ᠤᠷᠢᠳ ᠵᠶ᠋ᠡᠷ ᠬᠡᠯᠪᠡᠷᠢ ᠶᠠᠩᠵᠦ ᠵᠢ᠎ᠨᠢ ᠦᠵᠡᠳᠡᠭ᠎ᠠᠴᠠ ᠪᠤᠯᠵᠦ ᠭᠠᠳᠠᠷ ᠳᠦᠷᠬᠦ᠎ᠳᠤ᠎ᠨᠢ ᠮᠡᠬᠡᠯᠡᠭᠳᠡᠬᠦ ᠦᠵᠡᠭᠳᠡᠯ ᠵᠦᠩᠳᠡᠬᠡᠨ ᠭᠠᠷᠳᠠᠭ᠃ ᠡᠢ᠌ᠮᠦ᠎ᠠᠴᠠ ᠴᠠᠬᠢᠯᠭ᠋ᠠᠨ ᠳ᠋ᠸᠩ ᠬᠤᠳᠠᠯᠳᠤᠨ ᠠᠪᠬᠤ᠎ᠳᠤ᠎ᠪᠠᠨ 《ᠭᠠᠯᠪᠢᠷ ᠳᠦᠷᠬᠦ》᠎ᠳᠤ ᠯᠠ ᠰᠢᠨᠦᠵᠦ ᠪᠤᠯᠬᠤ ᠦᠬᠡᠢ᠂ ᠬᠠᠷᠢᠨ ᠳᠤᠳᠤᠨ᠎ᠠ ᠭᠠᠳᠠᠨ᠎ᠠ ᠵᠢ ᠨᠠᠷᠢᠨ ᠪᠠᠢ᠌ᠴᠠᠭ᠋ᠠᠵᠦ ᠦᠵᠡᠬᠦ ᠬᠡᠷᠡᠭᠳᠡᠢ ᠭᠡᠵᠦ ᠰᠢᠶᠦ᠋ᠩ ᠳᠠᠭ᠋ᠠᠭ᠋ᠠᠮᠠᠯ ᠰᠠᠨᠠᠭᠤᠯᠵᠦ ᠪᠠᠢ᠌ᠨ᠎ᠠ᠃
      ᠵᠸᠩ ᠠᠪᠤᠭ᠋ᠠᠢ ᠭᠠᠳᠠᠷ ᠪᠠᠢ᠌ᠳᠠᠯ᠎ᠢ᠎ᠨᠢ ᠱᠤᠬᠤᠭᠤᠷᠠᠬᠤ᠎ᠠᠴᠠ ᠪᠢᠰᠢ ᠶᠠᠰᠤ ᠴᠢᠨᠠᠷ᠎ᠤᠨ ᠳᠤᠬᠠᠢ ᠬᠠᠷᠢᠨ ᠳᠠᠭ ᠮᠡᠳᠡᠬᠦ ᠦᠭᠡᠢ ᠪᠠᠢ᠌ᠯ᠎ᠠ᠃ ᠰᠢᠶᠦ᠋ᠩ ᠳᠠᠭ᠋ᠠᠭ᠋ᠠᠮᠠᠯ ᠨᠠᠷᠢᠨ ᠵᠦᠢ᠍ᠯᠡᠰ᠎ᠢ ᠠᠯᠳᠠᠯ ᠦᠬᠡᠢ ᠨᠢᠮᠪᠠᠢ ᠪᠠᠢ᠌ᠴᠠᠭ᠋ᠠᠨ ᠦᠵᠡᠵᠦ ᠪᠠᠢ᠌ᠯ᠎ᠠ᠃ 《ᠠᠳᠠᠯᠢ ᠪᠤᠰᠤ ᠳᠡᠮᠳᠡᠭᠳᠦ ᠴᠠᠬᠢᠯᠭ᠋ᠠᠨ ᠳ᠋ᠸᠩ᠎ᠤᠨ ᠶᠠᠰᠤ ᠴᠢᠨᠠᠷ ᠬᠢᠬᠡᠳ ᠦᠨ᠎ᠡ ᠬᠠᠩᠰᠢ᠎ᠨᠢ ᠮᠠᠰᠢ ᠶᠡᠬᠡ ᠵᠦᠷᠢᠶ᠎ᠡ᠎ᠲᠠᠢ᠃ ᠳᠤᠮᠤ ᠦᠢ᠍ᠯᠡᠳᠪᠦᠷᠢ᠎ᠠᠴᠠ ᠭᠠᠷᠤᠬᠰᠠᠨ ᠳᠡᠮᠳᠡᠭᠳᠦ ᠵᠢᠨ ᠦᠢ᠍ᠯᠡᠳᠬᠦᠨ᠎ᠨᠢ ᠴᠦᠮ ᠶᠠᠰᠤ ᠴᠢᠨᠠᠷ᠎ᠤᠨ ᠰᠢᠰᠲᠸᠮ ᠪᠤᠯᠤᠨ 3C ᠵᠢᠨ ᠬᠡᠷᠡᠴᠢᠯᠡᠯ ᠵᠶ᠋ᠡᠷ ᠪᠠᠳᠤᠯᠠᠬᠳᠠᠵᠦ᠂ ᠴᠠᠬᠢᠯᠭ᠋ᠠᠨ᠎ᠠᠴᠠ ᠰᠡᠷᠬᠡᠢ᠌ᠯᠡᠬᠦ᠂ ᠳᠠᠭ᠋ᠠᠭ᠋ᠠᠮᠠᠭ᠋ᠠᠢ ᠴᠢᠨᠠᠷ ᠵᠡᠷᠬᠡ ᠳᠠᠯ᠎ᠠ᠎ᠪᠠᠷ ᠬᠢᠷᠢ ᠳᠡᠩᠴᠡᠭᠰᠡᠨ ᠡᠰᠡᠬᠦ ᠵᠢ ᠳᠡᠬᠦᠨ᠎ᠤ ᠪᠤᠭᠤᠳᠠᠯ ᠪᠠ ᠰᠢᠯᠭ᠋ᠠᠨ ᠦᠵᠡᠭᠰᠡᠨ ᠮᠡᠳᠡᠬᠦᠯᠦᠯᠳᠡ᠎ᠳᠤ ᠨᠠᠷᠢᠨ ᠳᠤᠳᠤᠷᠬᠠᠢ᠌ᠯᠠᠬᠰᠠᠨ ᠪᠠᠢ᠌ᠳᠠᠭ᠃ ᠤᠨᠴᠠᠭ᠋ᠠᠢ᠌ᠯᠠᠨ ᠮᠤᠳᠤᠨ ᠮᠠᠲᠸᠷᠢᠶᠠᠯ ᠳᠡᠬᠡᠷ᠎ᠡ ᠤᠬᠰᠠᠷᠠᠬᠤ ᠬᠠᠨ᠎ᠠ ᠵᠢᠨ ᠳ᠋ᠸᠩ᠂ ᠳᠠᠯᠪᠢᠭᠤᠷ ᠳ᠋ᠸᠩ ᠵᠡᠷᠬᠡ ᠵᠢ ᠵᠠᠪᠠᠯ F ᠳᠡᠮᠳᠡᠭ᠎ᠲᠠᠢ ᠵᠢ ᠰᠤᠩᠭᠤᠪᠠᠯ ᠵᠤᠬᠢᠨ᠎ᠠ》 ᠬᠡᠵᠦ ᠰᠢᠶᠦ᠋ᠩ ᠳᠠᠭ᠋ᠠᠭ᠋ᠠᠮᠠᠯ ᠵᠸᠩ ᠠᠪᠤᠭ᠋ᠠᠢ᠎ᠳᠤ ᠰᠠᠨᠠᠭᠤᠯᠪᠠ᠃
     《ᠶᠡᠷᠦ ᠵᠢᠨ ᠪᠠᠢ᠌ᠳᠠᠯ᠎ᠳᠤ ᠵᠢᠩᠭᠢᠨᠢ ᠨᠡᠷᠡᠳᠦ ᠳᠡᠮᠳᠡᠭᠳᠦ ᠦᠢ᠍ᠯᠡᠳᠬᠦᠨ᠎ᠨᠢ ᠪᠤᠯᠤᠷ ᠴᠢᠮᠡᠭᠯᠡᠯ᠎ᠳᠤ᠎ᠪᠠᠨ ᠪᠦᠷ ᠳᠡᠮᠳᠡᠭ ᠱᠤᠰᠢᠭ᠎ᠠ ᠰᠠᠢ᠌ᠯᠦᠭᠰᠡᠨ ᠪᠠᠢ᠌ᠳᠠᠭ᠃ ᠭᠡᠪᠡᠴᠦ ᠳᠠᠭᠤᠷᠢᠶᠠᠮᠠᠯ ᠦᠢ᠍ᠯᠡᠳᠬᠦᠨ᠎ᠨᠢ ᠨᠡᠯᠢᠶᠡᠳ ᠳᠤᠮᠤ ᠰᠢᠭ᠋ ᠪᠤᠯᠤᠷ ᠴᠢᠮᠡᠭᠯᠡᠯ᠎ᠤᠨ ᠭᠠᠳᠠᠷ ᠳᠠᠯ᠎ᠠ ᠪᠤᠶᠤ ᠢᠯᠡ ᠬᠠᠷᠠᠭᠳᠠᠬᠤ ᠭᠠᠵᠠᠷ᠎ᠲᠤ ᠴᠢᠨᠠᠷᠯᠢᠭ ᠳ᠋ᠸᠩ᠎ᠤᠨ ᠭᠤᠤᠯ ᠳᠠᠭ᠋ᠠᠷᠠᠭᠤᠯᠵᠦ᠂ ᠳᠤᠳᠤᠷ᠎ᠠ ᠳᠠᠯ᠎ᠠ ᠪᠤᠶᠤ ᠳᠠᠯᠳᠠᠬᠠᠨ ᠭᠠᠵᠠᠷ᠎ᠲᠤ ᠮᠠᠭᠤ᠎ᠪᠠᠷ ᠰᠠᠢ᠌ᠨ᠎ᠢ ᠤᠷᠤᠯᠠᠭᠤᠯᠬᠤ ᠪᠤᠶᠤ ᠤᠨᠵᠢᠯᠭ᠎ᠠ ᠵᠠᠰᠠᠯ᠎ᠨᠢ ᠵᠢᠭ᠌ᠳᠠ ᠪᠤᠰᠤ ᠵᠡᠷᠬᠡ ᠠᠰᠠᠭᠤᠳᠠᠯ ᠤᠷᠤᠰᠢᠳᠠᠭ᠃ ᠡᠨᠡ᠎ᠨᠢ ᠳ᠋ᠸᠩ᠎ᠤᠨ ᠶᠠᠰᠤ ᠴᠢᠨᠠᠷ ᠬᠢᠬᠡᠳ ᠠᠶᠤᠯᠬᠦᠢ ᠬᠡᠷᠡᠭᠯᠡᠯᠳᠡ ᠵᠢ ᠨᠦᠯᠦᠬᠡᠯᠡᠬᠦ ᠶᠤᠮ》 ᠬᠡᠵᠦ ᠰᠢᠶᠦ᠋ᠩ ᠳᠠᠭ᠋ᠠᠭ᠋ᠠᠮᠠᠯ ᠢᠯᠡᠷᠬᠡᠢ᠌ᠯᠡᠪᠡ᠃

ᠢᠷᠡᠯᠲᠡ᠄ ᠦᠪᠦᠷ ᠮᠤᠩᠭᠤᠯ᠎ᠤᠨ ᠦᠪᠡᠷᠳᠡᠭᠡᠨ ᠵᠠᠰᠠᠬᠤ ᠤᠷᠤᠨ᠎ᠤ ᠠᠮᠢ ᠠᠬᠤᠢ ᠤᠷᠴᠢᠨ ᠲᠤᠭᠤᠷᠢᠨ᠎ᠤ ᠲᠢᠩᠬᠢᠮ
          
ᠬᠠᠮᠢᠶ᠎ᠡ ᠪᠦᠬᠦᠢ ᠰᠣᠨᠢᠨ
ᠤᠷᠴᠢᠨ ᠳᠤᠭᠤᠷᠢᠨ᠎ᠤ ᠬᠠᠮᠠᠭ᠋ᠠᠯᠠᠯᠳᠠ ᠵᠢᠨ ᠶᠡᠷᠦ ᠵᠢᠨ ᠮᠡᠳᠡᠯᠬᠡ᠄ ᠤᠷᠴᠢᠨ ᠳᠤᠭᠤᠷᠢᠨ᠎ᠤ ᠪᠤᠬᠢᠷᠳᠤᠯ᠎ᠤᠨ ᠬᠠᠷᠢᠭᠤᠴᠠᠯᠭ᠎ᠠ ᠵᠢᠨ ᠳᠠᠭ᠋ᠠᠳᠬᠠᠯ
ᠤᠰᠤ ᠬᠡᠷᠡᠭᠯᠡᠬᠦ ᠶᠡᠷᠦ ᠵᠢᠨ ᠮᠡᠳᠡᠯᠬᠡ
ᠪᠠᠨᠠᠨᠠ ᠵᠢᠨ ᠬᠠᠯᠢᠰᠤᠨ᠎ᠤ ᠬᠡᠷᠡᠭᠴᠡᠬᠡ
ᠤᠷᠴᠢᠨ ᠳᠤᠭᠤᠷᠢᠨ᠎ᠤ ᠬᠠᠮᠠᠭ᠋ᠠᠯᠠᠯᠳᠠ ᠵᠢᠨ ᠮᠡᠳᠡᠯᠬᠡ
《ᠬᠤᠭ᠎ᠤᠨ ᠰᠠᠪᠠ ᠪᠠᠩᠭᠢ》 ᠵᠢᠨ ᠬᠤᠭ ᠨᠤᠪᠰᠢ ᠪᠤᠴᠠᠭ᠋ᠠᠨ ᠬᠤᠷᠢᠶᠠᠬᠤ ᠵᠢ ᠬᠦᠬᠢᠬᠦᠯᠬᠦ ᠳᠦᠯᠦᠪᠯᠡᠬᠡ
 
             蒙ICP备05000248号