ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠠᠮᠢ ᠠᠬᠤᠢ᠎ᠶᠢᠨ ᠬᠠᠮᠠᠭᠠᠯᠠᠯᠲᠠ
ᠪᠣᠬᠢᠷᠲᠤᠯ᠎ᠢ ᠰᠡᠷᠭᠡᠶ᠋ᠢᠯᠡᠨ ᠵᠠᠰᠠᠬᠤ
ᠪᠣᠬᠢᠷᠳᠤᠯ᠎ᠢ ᠰᠡᠷᠭᠡᠢ᠌ᠯᠡᠨ ᠵᠠᠰᠠᠬᠤ ᠪᠣᠭᠣᠮᠲᠠ ᠰᠢᠪᠲᠤᠯᠬᠤ ᠲᠠᠢ᠌ᠯᠠᠯᠳᠣᠭ᠋ᠠᠨ
ᠵᠢᠷᠭᠤᠭ᠋ᠠᠨ ᠠᠬᠢᠭᠤᠯᠬᠤ ᠳᠦᠷᠢᠮ᠎ᠢ ᠭᠦᠨᠵᠡᠭᠡᠢ ᠲᠣᠭᠣᠰᠢᠯᠠᠭᠣᠯᠣᠶ᠎ᠠ
ᠪᠣᠬᠢᠷᠲᠤᠯ᠎ᠢ ᠰᠡᠷᠭᠡᠶ᠋ᠢᠯᠡᠨ ᠵᠠᠰᠠᠬᠤ   -   ᠣᠷᠴᠢᠨ ᠲᠣᠭᠤᠷᠢᠨ᠎ᠤ ᠰᠤᠳᠤᠯᠭᠠᠨ
ᠪᠠᠨᠠᠨᠠ ᠵᠢᠨ ᠬᠠᠯᠢᠰᠤᠨ᠎ᠤ ᠬᠡᠷᠡᠭᠴᠡᠬᠡ
ᠨᠡᠶ᠋ᠢᠲᠡᠯᠡᠭᠰᠡᠨ ᠴᠠᠭ᠄ 2019-01-11

      ᠨᠢᠬᠡ᠂ ᠠᠷᠠᠰᠤ ᠵᠢ ᠰᠢᠮᠡᠵᠢᠬᠦᠯᠵᠦ ᠦᠩᠭᠡᠵᠢᠬᠦᠯᠦᠨ᠎ᠡ
      ᠨᠢᠭᠤᠷ᠎ᠤᠨ ᠬᠡᠰᠡᠭ᠎ᠤᠨ ᠠᠷᠠᠰᠤ ᠬᠠᠭᠤᠷᠠᠢ᠌ᠰᠢᠭ ᠬᠦᠮᠦᠨ ᠪᠠᠨᠠᠨᠠ ᠵᠢᠨ ᠬᠠᠯᠢᠰᠤ ᠵᠢ ᠨᠢᠭᠤᠷ ᠳᠡᠬᠡᠷ᠎ᠡ᠎ᠪᠠᠨ ᠨᠠᠭ᠋ᠠᠵᠦ (ᠬᠠᠯᠢᠰᠤ ᠵᠢᠨ ᠳᠤᠳᠤᠷ᠎ᠠ ᠳᠠᠯ᠎ᠠ ᠵᠢ ᠨᠢᠭᠤᠷ᠎ᠤᠨ ᠬᠡᠰᠡᠭ᠎ᠲᠡᠭᠡᠨ ᠨᠠᠭ᠋ᠠᠯᠳᠤᠭᠤᠯᠤᠨ᠎ᠠ)᠂ ᠠᠷᠪᠠᠨ ᠮᠢᠨᠦ᠋ᠲ ᠬᠠᠳᠠᠭ᠋ᠠᠭᠰᠠᠨ᠎ᠤ ᠳᠠᠷᠠᠭ᠎ᠠ ᠴᠡᠪᠡᠷ ᠤᠰᠤ᠎ᠪᠠᠷ ᠤᠬᠢᠶᠠᠵᠦ ᠠᠷᠢᠯᠭ᠋ᠠᠨ᠎ᠠ᠃
      ᠬᠤᠶᠠᠷ᠂ ᠠᠷᠠᠰᠤᠨ ᠱᠠᠹᠠ ᠵᠢ ᠵᠦᠯᠬᠦᠨ᠎ᠡ
      ᠠᠷᠠᠰᠤᠨ ᠱᠠᠹᠠ ᠪᠤᠶᠤ ᠠᠷᠠᠰᠤᠨ ᠰᠠᠨᠳᠠᠯᠢ ᠬᠡᠷᠡᠭᠯᠡᠬᠦ᠎ᠳᠤ ᠠᠷᠢᠭᠤᠨ ᠴᠡᠪᠡᠷ᠎ᠢ ᠪᠠᠳᠤᠯᠠᠨ ᠠᠷᠠᠴᠢᠯᠠᠵᠦ ᠬᠠᠮᠠᠭ᠋ᠠᠯᠠᠬᠤ ᠵᠢ ᠠᠩᠬᠠᠷᠬᠤ ᠴᠢᠬᠤᠯᠠᠳᠠᠢ᠂ ᠡᠰᠡ ᠳᠡᠬᠡᠪᠡᠯ ᠴᠠᠭ᠎ᠨᠢ ᠤᠳᠠᠭ᠋ᠠᠳ ᠴᠡᠪᠡᠷᠯᠡᠬᠦ᠎ᠳᠤ ᠬᠦᠴᠢᠷ ᠪᠤᠯᠳᠠᠭ᠃ ᠡᠨᠳᠡ ᠠᠷᠠᠰᠤᠨ ᠱᠠᠹᠠ ᠵᠢ ᠵᠦᠯᠬᠦᠬᠦ ᠤᠷᠠᠨ ᠠᠷᠭ᠎ᠠ ᠵᠢ ᠵᠢᠭ᠋ᠠᠵᠦ ᠦᠭᠭᠦᠶ᠎ᠡ᠄ ᠪᠠᠨᠠᠨᠠ ᠵᠢᠨ ᠬᠠᠯᠢᠰᠤ ᠵᠢᠨ ᠳᠤᠳᠤᠷ᠎ᠠ ᠳᠠᠯ᠎ᠠ᠎ᠪᠠᠷ ᠱᠠᠹᠠ ᠵᠢᠨ ᠠᠷᠠᠰᠤᠨ᠎ᠤ ᠬᠡᠰᠡᠭ᠎ᠢ ᠵᠦᠯᠬᠦᠪᠡᠯ ᠭ᠋ᠭᠢᠷ ᠪᠤᠷᠳᠠᠭ᠎ᠨᠢ ᠠᠮᠠᠷᠬᠠᠨ ᠠᠷᠢᠯᠬᠤ ᠮᠦᠷᠳᠡᠬᠡᠨ ᠠᠷᠢᠭᠤᠨ ᠴᠡᠪᠡᠷ᠎ᠢ ᠪᠠᠳᠤᠯᠠᠵᠦ ᠴᠢᠳᠠᠨ᠎ᠠ᠃
      ᠭᠤᠷᠪᠠ᠂ ᠠᠷᠠᠰᠤᠨ ᠱᠠᠬᠠᠢ ᠵᠦᠯᠬᠦᠵᠦ ᠪᠤᠯᠤᠨ᠎ᠠ
      ᠪᠠᠨᠠᠨᠠ ᠵᠢᠨ ᠬᠠᠯᠢᠰᠤ᠎ᠪᠠᠷ ᠠᠷᠠᠰᠤᠨ ᠱᠠᠬᠠᠢ ᠵᠦᠯᠬᠦᠪᠡᠯ ᠬᠢᠯᠠᠭ᠋ᠠᠷ ᠮᠦᠷᠳᠡᠬᠡᠨ ᠴᠡᠪᠡᠷ ᠪᠤᠯᠭ᠋ᠠᠳᠠᠭ᠃
      ᠳᠦᠷᠪᠡ᠂ ᠦᠨᠳᠦᠷ ᠴᠢᠰᠤᠨ ᠳᠠᠷᠤᠯᠳᠠ ᠵᠢ ᠵᠠᠰᠠᠵᠦ ᠪᠤᠯᠤᠨ᠎ᠠ
     30—60 ᠭ᠋ᠷᠡᠮ ᠪᠠᠨᠠᠨᠠ ᠵᠢᠨ ᠬᠠᠯᠢᠰᠤ ᠵᠢ ᠴᠢᠨᠠᠵᠦ ᠤᠤᠭᠤᠪᠠᠯ ᠦᠨᠳᠦᠷ ᠴᠢᠰᠤᠨ ᠳᠠᠷᠤᠯᠳᠠ ᠵᠢ ᠵᠠᠰᠠᠵᠦ ᠴᠢᠳᠠᠨ᠎ᠠ᠃
    ᠳᠠᠪᠤ᠂ ᠰᠠ ᠡᠪᠡᠳᠴᠢᠨ᠎ᠢ ᠰᠡᠷᠬᠡᠢ᠌ᠯᠡᠵᠦ ᠴᠢᠳᠠᠨ᠎ᠠ
    30 ᠭ᠋ᠷᠡᠮ ᠪᠠᠨᠠᠨᠠ ᠵᠢᠨ ᠬᠠᠯᠢᠰᠤ ᠵᠢ ᠴᠢᠨᠠᠵᠦ ᠤᠤᠭᠤᠪᠠᠯ ᠴᠢᠰᠤᠨ ᠰᠤᠳᠠᠯ᠎ᠢ ᠳᠡᠯᠡᠵᠦ᠂ ᠰᠠ ᠡᠪᠡᠳᠴᠨ ᠪᠠ ᠵᠢᠷᠦᠬᠡᠨ᠎ᠤ ᠪᠠᠵᠠᠯᠠᠭ᠎ᠠ ᠵᠢ ᠰᠡᠷᠬᠡᠢ᠌ᠯᠡᠵᠦ ᠴᠢᠳᠠᠨ᠎ᠠ᠃
      ᠵᠢᠷᠭᠤᠭ᠎ᠠ᠂ ᠭᠠᠷ ᠬᠦᠯ᠎ᠤᠨ ᠠᠷᠠᠰᠤ ᠬᠠᠭ᠋ᠠᠷᠠᠬᠤ ᠵᠢ ᠵᠠᠰᠠᠵᠦ ᠴᠢᠳᠠᠨ᠎ᠠ
      ᠬᠠᠯᠠᠭᠤᠨ ᠤᠰᠤ᠎ᠪᠠᠷ ᠭᠠᠷ ᠬᠦᠯ ᠵᠶ᠋ᠡᠨ ᠤᠬᠢᠶᠠᠬᠰᠠᠨ᠎ᠤ ᠳᠠᠷᠠᠭ᠎ᠠ ᠪᠠᠨᠠᠨᠠ ᠵᠢᠨ ᠬᠠᠯᠢᠰᠤᠨ᠎ᠤ ᠳᠤᠳᠤᠷ᠎ᠠ ᠳᠠᠯ᠎ᠠ᠎ᠪᠠᠷ ᠵᠦᠯᠬᠦᠪᠡᠯ ᠭᠠᠷ ᠬᠦᠯ᠎ᠤᠨ ᠠᠷᠠᠰᠤ ᠬᠠᠭ᠋ᠠᠷᠠᠬᠤ ᠵᠢ ᠰᠡᠷᠬᠡᠢ᠌ᠯᠡᠵᠦ ᠴᠢᠳᠠᠨ᠎ᠠ᠃ ᠨᠢᠬᠡᠨᠳᠡ ᠬᠠᠭ᠋ᠠᠷᠠᠬᠰᠠᠨ ᠦᠶ᠎ᠡ᠎ᠳᠤ ᠬᠠᠭ᠋ᠠᠷᠠᠬᠰᠠᠨ ᠬᠡᠰᠡᠭ᠎ᠢ ᠰᠢᠭᠤᠳ ᠵᠦᠯᠬᠦᠨ᠎ᠡ᠂ ᠢᠩᠭᠢᠵᠦ ᠬᠡᠳᠦ ᠤᠳᠠᠭ᠎ᠠ ᠳᠤᠷᠰᠢᠪᠠᠯ ᠡᠳᠡᠬᠡᠷᠡᠴᠢᠬᠡᠨ᠎ᠡ᠃

ᠢᠷᠡᠯᠲᠡ᠄ ᠦᠪᠦᠷ ᠮᠤᠩᠭᠤᠯ᠎ᠤᠨ ᠦᠪᠡᠷᠳᠡᠭᠡᠨ ᠵᠠᠰᠠᠬᠤ ᠤᠷᠤᠨ᠎ᠤ ᠠᠮᠢ ᠠᠬᠤᠢ ᠤᠷᠴᠢᠨ ᠲᠤᠭᠤᠷᠢᠨ᠎ᠤ ᠲᠢᠩᠬᠢᠮ
          
ᠬᠠᠮᠢᠶ᠎ᠡ ᠪᠦᠬᠦᠢ ᠰᠣᠨᠢᠨ
ᠤᠷᠴᠢᠨ ᠳᠤᠭᠤᠷᠢᠨ᠎ᠤ ᠬᠠᠮᠠᠭ᠋ᠠᠯᠠᠯᠳᠠ ᠵᠢᠨ ᠮᠡᠳᠡᠯᠬᠡ
《ᠬᠤᠭ᠎ᠤᠨ ᠰᠠᠪᠠ ᠪᠠᠩᠭᠢ》 ᠵᠢᠨ ᠬᠤᠭ ᠨᠤᠪᠰᠢ ᠪᠤᠴᠠᠭ᠋ᠠᠨ ᠬᠤᠷᠢᠶᠠᠬᠤ ᠵᠢ ᠬᠦᠬᠢᠬᠦᠯᠬᠦ ᠳᠦᠯᠦᠪᠯᠡᠬᠡ
ᠮᠠᠨᠠᠨ (Fog) ᠬᠢᠬᠡᠳ ᠤᠨᠢᠶᠠᠷ (Haze) ᠪᠤᠯ ᠠᠳᠠᠯᠢ ᠪᠤᠰᠤ ᠤᠬᠠᠭᠳᠠᠬᠤᠨ ᠮᠥᠨ
ᠠᠩᠭᠢᠯᠤᠮ᠎ᠠ ᠦᠨᠦᠷᠳᠤ ᠡᠳ᠋᠎ᠢ ᠬᠡᠷᠡᠭᠯᠡᠨ ᠭᠡᠷ ᠲᠡᠷᠭᠡᠨ᠎ᠤ ᠣᠷᠴᠢᠨ ᠵᠶ᠋ᠠᠨ ᠰᠠᠢ᠌ᠵᠢᠷᠠᠭᠤᠯᠬᠤ᠎ᠨᠢ ᠵᠣᠬᠢᠰᠲᠠᠢ ᠬᠢᠳᠡᠯ ᠪᠢᠰᠢ
《ᠤᠪᠯᠠᠬ᠍ᠴᠢ》 ᠨᠢᠮᠪᠡᠬᠡ ᠵᠢᠨ ᠡᠲᠸᠯᠸᠨ᠎ᠨᠢ ᠰᠢᠷᠭᠤᠯᠵᠢᠨ ᠬᠦᠴᠢᠯ᠎ᠤᠨ ᠠᠯᠳ᠋ᠸᠬᠢᠳ᠋ ᠡᠬᠦᠰᠬᠡᠨ᠎ᠡ
 
             蒙ICP备05000248号