ᠬᠡᠷ ᠪᠦᠯᠢ ᠵᠢᠨ ᠬᠡᠷᠡᠭᠯᠡᠬᠡ᠎ᠳᠤ ᠠᠩᠭᠢᠯᠤᠮ᠎ᠠ ᠦᠨᠦᠷᠳᠤ ᠯᠠᠠᠴᠠ ᠭᠠᠳᠠᠨ᠎ᠠ ᠪᠠᠰᠠ ᠠᠭ᠋ᠠᠷ ᠴᠡᠪᠡᠷᠰᠢᠬᠦᠯᠬᠦ ᠡᠳ᠋᠂ ᠠᠩᠭᠢᠯᠤᠮ᠎ᠠ ᠦᠨᠦᠷᠲᠦ ᠤᠬᠢᠶᠠᠯᠭ᠎ᠠ ᠵᠢᠨ ᠡᠳ᠋ ᠵᠡᠷᠬᠡ ᠪᠤᠢ᠃ 2016 ᠤᠨ᠎ᠳᠤ ᠠᠩᠭ᠍ᠯᠢ ᠵᠢᠨ ᠶᠤᠷᠺ ᠶᠡᠬᠡ ᠰᠤᠷᠭ᠋ᠠᠭᠤᠯᠢ ᠵᠢᠨ ᠤᠯᠤᠰ᠎ᠤᠨ ᠠᠭ᠋ᠠᠷ ᠮᠠᠨᠳᠠᠯ᠎ᠤᠨ ᠰᠢᠨᠵᠢᠯᠡᠬᠦ ᠤᠬᠠᠭ᠋ᠠᠨ᠎ᠤ ᠳᠦᠪ᠎ᠤᠨ ᠬᠢᠮᠢ ᠵᠢᠨ ᠤᠬᠠᠭ᠋ᠠᠨ᠎ᠤ ᠫᠷᠤᠹᠸᠰᠰᠤᠷ ᠠᠯᠰᠲᠸᠢᠢ᠍ᠷ ᠯᠦᠶᠢᠰ ᠠᠩᠭ᠍ᠯᠢ ᠵᠢᠨ ᠷᠠᠳᠢᠤ᠋ ᠨᠡᠪᠳᠡᠷᠡᠬᠦᠯᠬᠡ ᠵᠢᠨ ᠺᠤᠮᠫᠠᠨᠢ (BBC) ᠵᠢᠨ ᠰᠢᠷᠢᠰ ᠫᠷᠦᠭᠷᠡᠮ 《ᠨᠠᠮᠠᠢ᠍ᠢ ᠢᠳᠡᠬᠡᠴᠢ᠂ ᠪᠢ ᠪᠤᠯ ᠡᠮᠴᠢ ᠮᠥᠨ》 ᠬᠡᠬᠦ ᠰᠤᠳᠤᠯᠭ᠋ᠠᠨ᠎ᠤ ᠪᠦᠯᠬᠦᠮ᠎ᠲᠠᠢ ᠬᠠᠮᠳᠤᠷᠠᠨ ᠬᠡᠷ ᠳᠤᠳᠤᠷᠠᠬᠢ ᠠᠩᠭᠢᠯᠤᠮ᠎ᠠ ᠦᠨᠦᠷᠳᠤ ᠦᠢ᠍ᠯᠡᠳᠬᠦᠨ᠎ᠤ ᠬᠤᠤᠷ ᠬᠦᠨᠦᠬᠡᠯ᠎ᠤᠨ ᠳᠤᠬᠠᠢ ᠪᠠᠢ᠌ᠴᠠᠭ᠋ᠠᠯᠳᠠ ᠬᠢᠪᠡ᠃ ᠰᠤᠳᠤᠯᠭ᠋ᠠᠳᠠᠳ ᠶᠤᠷᠺ ᠵᠢᠶᠦ᠋ᠨ᠎ᠤ 6 ᠬᠡᠷ ᠪᠦᠯᠢ ᠵᠢᠨ ᠬᠡᠷ ᠳᠤᠳᠤᠷᠠᠬᠢ ᠠᠭ᠋ᠠᠷ᠎ᠲᠤ 5 ᠡᠳᠦᠷ ᠵᠠᠯᠭ᠋ᠠᠭ᠎ᠠ᠎ᠪᠠᠷ ᠮᠦᠷᠳᠡᠯᠬᠡ ᠬᠢᠵᠦ᠂ ᠳᠤᠰ 6 ᠬᠡᠷ ᠪᠦᠯᠢ ᠵᠢᠨ᠎ᠬᠢᠨ ᠵᠶ᠋ᠡᠷ ᠠᠮᠢᠳᠤᠷᠠᠯ ᠳᠤᠮᠳᠠ᠎ᠪᠠᠨ ᠬᠡᠷᠡᠭᠯᠡᠵᠦ ᠦᠩᠭᠡᠷᠡᠭᠰᠡᠨ ᠠᠩᠭᠢᠯᠤᠮ᠎ᠠ ᠦᠨᠦᠷᠳᠤ ᠯᠠ᠂ ᠠᠭ᠋ᠠᠷ ᠴᠡᠪᠡᠷᠰᠢᠬᠦᠯᠬᠦ ᠡᠳ᠋᠂ ᠠᠩᠭᠢᠯᠤᠮ᠎ᠠ ᠦᠨᠦᠷᠲᠦ ᠤᠬᠢᠶᠠᠯᠭ᠎ᠠ ᠵᠢᠨ ᠡᠳ᠋ ᠵᠡᠷᠬᠡ ᠠᠩᠭᠢᠯᠤᠮ᠎ᠠ ᠦᠨᠦᠷᠳᠤ ᠪᠦᠳᠦᠬᠡᠭᠳᠡᠬᠦᠨ ᠪᠠ ᠬᠡᠷᠡᠭᠯᠡᠭᠰᠡᠨ ᠳᠠᠪᠳᠠᠮᠵᠢ ᠵᠢ ᠨᠢᠬᠡᠳ ᠨᠢᠬᠡ᠎ᠪᠠᠷ ᠨᠠᠷᠢᠨ ᠳᠡᠮᠳᠡᠭᠯᠡᠬᠦᠯᠪᠡ᠃
ᠦᠷ᠎ᠡ ᠳ᠋ᠦᠩ᠎ᠤᠨ ᠢᠯᠡᠷᠡᠬᠦᠯᠦᠭᠰᠡᠨ᠎ᠨᠢ᠂ ᠡᠳᠡᠬᠡᠷ ᠬᠡᠷ ᠪᠦᠯᠢ ᠵᠢᠨ ᠬᠡᠷ ᠳᠤᠳᠤᠷᠠᠬᠢ ᠠᠭ᠋ᠠᠷ᠎ᠲᠤ ᠠᠭᠤᠯᠤᠬᠳᠠᠵᠦ ᠪᠠᠢ᠌ᠭ᠎ᠠ ᠠᠳᠠᠯᠢ ᠪᠤᠰᠤ ᠳᠦᠷᠦᠯ᠎ᠤᠨ ᠳᠡᠭᠳᠡᠮᠡᠬᠡᠢ ᠴᠢᠨᠠᠷᠲᠠᠢ ᠤᠷᠭ᠋ᠠᠨᠢᠭ ᠪᠤᠳᠠᠰ᠂ ᠵᠢᠱ᠌ᠢᠶᠡᠯᠡᠪᠡᠯ 《ᠪᠸᠨ᠋ᠽᠸᠨ》᠎ᠨᠢ ᠭᠤᠤᠯᠳᠠᠭᠤ ᠬᠡᠷ᠎ᠤᠨ ᠭᠠᠳᠠᠨᠠᠬᠢ ᠮᠠᠰᠢᠨ ᠳᠡᠷᠬᠡᠨ᠎ᠤ ᠭᠠᠳᠠᠭᠰᠢᠯᠠᠭᠤᠯᠤᠭᠰᠠᠨ ᠬᠡᠢ ᠵᠢᠨ ᠪᠤᠬᠢᠷᠳᠤᠯ᠎ᠠᠴᠠ ᠢᠷᠡᠵᠦ᠂ ᠨᠠᠷᠠᠰᠤᠨ ᠮᠤᠳᠤᠨ᠎ᠤ ᠠᠩᠭᠢᠯᠤᠮ᠎ᠠ ᠦᠨᠦᠷ ᠪᠦᠬᠦᠢ 《a ᠫᠢᠨᠠᠨ ᠡᠲᠸᠯᠸᠨ》᠎ᠤ ᠤᠯᠠᠩᠭᠢ᠎ᠨᠢ ᠤᠬᠢᠶᠠᠯᠭ᠎ᠠ ᠵᠢᠨ ᠡᠳ᠋᠎ᠠᠴᠠ ᠢᠷᠡᠯᠳᠡ᠎ᠲᠠᠢ ᠪᠠᠢ᠌ᠵᠦ᠂ ᠡᠬᠦᠨ᠎ᠳᠤ ᠠᠭᠤᠯᠤᠬᠳᠠᠴᠠ᠎ᠪᠠᠷ ᠬᠠᠮᠤᠭ᠎ᠤᠨ ᠦᠨᠳᠦᠷ᠎ᠨᠢ 《ᠨᠢᠮᠪᠡᠬᠡ ᠵᠢᠨ ᠡᠲᠸᠯᠸᠨ》 ᠪᠤᠯᠤᠨ᠎ᠠ᠃ ᠡᠢ᠌ᠮᠦᠷᠬᠦᠦ ᠨᠢᠮᠪᠡᠬᠡ ᠵᠢᠨ ᠠᠩᠭᠢᠯᠤᠮ᠎ᠠ ᠬᠢᠮᠢ ᠵᠢᠨ ᠪᠤᠳᠠᠰ᠎ᠨᠢ ᠡᠯ᠎ᠡ ᠵᠦᠢ᠍ᠯ᠎ᠤᠨ ᠠᠩᠭᠢᠯᠤᠮ᠎ᠠ ᠦᠨᠦᠷᠳᠤ ᠦᠢ᠍ᠯᠡᠳᠬᠦᠨ᠎ᠳᠤ ᠦᠷᠬᠡᠨ ᠵᠶ᠋ᠡᠷ ᠬᠡᠷᠡᠭᠯᠡᠭᠳᠡᠵᠦ ᠪᠠᠢ᠌ᠨ᠎ᠠ᠃ ᠠᠩᠭᠢᠯᠤᠮ᠎ᠠ ᠦᠨᠦᠷᠳᠤ ᠦᠢ᠍ᠯᠡᠳᠬᠦᠨ᠎ᠢ ᠬᠠᠮᠤᠭ᠎ᠠᠴᠠ ᠤᠯᠠᠨ ᠬᠡᠷᠡᠭᠯᠡᠵᠦ ᠪᠠᠢ᠌ᠭ᠎ᠠ 3 ᠬᠡᠷ ᠪᠦᠯᠢ ᠵᠢᠨ ᠬᠡᠷ ᠳᠤᠳᠤᠷᠠᠬᠢ ᠨᠢᠮᠪᠡᠬᠡ ᠵᠢᠨ ᠡᠲᠸᠯᠸᠨᠤ ᠦᠳᠬᠡᠴᠡ᠎ᠨᠢ ᠮᠠᠰᠢ ᠦᠨᠳᠦᠷ ᠪᠠᠢ᠌ᠵᠦ᠂ ᠯᠦᠶᠢᠰ ᠫᠷᠤᠹᠸᠰᠰᠤᠷ᠎ᠢ ᠬᠢᠨᠠᠨ ᠬᠡᠮᠵᠢᠬᠦ ᠪᠠᠭ᠋ᠠᠵᠢ᠎ᠪᠠᠨ ᠳᠠᠬᠢᠨ ᠳᠤᠬᠢᠷᠠᠭᠤᠯᠬᠤ ᠦᠬᠡᠢ ᠪᠠᠢ᠌ᠬᠤ ᠵᠢᠨ ᠠᠷᠭ᠎ᠠ ᠦᠬᠡᠢ ᠪᠤᠯᠭ᠋ᠠᠭᠰᠠᠨ ᠪᠠᠢ᠌ᠨ᠎ᠠ᠃
ᠨᠢᠮᠪᠡᠬᠡ ᠵᠢᠨ ᠡᠲᠸᠯᠸᠨᠨᠢ ᠬᠦᠮᠦᠨ᠎ᠤ ᠪᠡᠶ᠎ᠡ᠎ᠳᠤ ᠳᠡᠢ᠌ᠮᠦ ᠶᠡᠬᠡ ᠬᠦᠨᠦᠬᠡᠯ ᠪᠤᠯᠬᠤ ᠦᠬᠡᠢ᠂ ᠢᠳᠡᠬᠡᠨ᠎ᠤ ᠠᠵᠢᠯ ᠳᠦᠷᠦᠯ᠎ᠤᠨ᠎ᠬᠢᠨ ᠦᠷᠬᠦᠯᠵᠢ ᠠᠮᠳᠠ ᠳᠤᠬᠢᠷᠠᠭᠤᠯᠤᠬ᠍ᠴᠢ ᠵᠢᠨ ᠬᠤᠪᠢ᠎ᠪᠠᠷ ᠬᠡᠷᠡᠭᠯᠡᠳᠡᠭ᠃ ᠬᠡᠪᠡᠴᠦ ᠳᠡᠷᠡ᠎ᠨᠢ ᠠᠭ᠋ᠠᠷ ᠳᠤᠳᠤᠷᠠᠬᠢ ᠤᠽᠤᠨ᠎ᠲᠠᠢ ᠬᠦᠷᠦᠯᠴᠡᠮᠡᠭᠴᠡ ᠬᠦᠴᠢᠯᠳᠦ᠋ᠷᠦᠭᠴᠢᠳᠤ ᠤᠷᠪᠠᠯ ᠡᠬᠦᠰᠴᠤ ᠳᠤᠤᠷᠠᠬᠠᠨ ᠵᠶ᠋ᠡᠨ ᠰᠢᠷᠭᠤᠯᠵᠢᠨ ᠬᠦᠴᠢᠯ᠎ᠤᠨ ᠠᠯᠳ᠋ᠸᠬᠢᠳ᠋ ᠪᠤᠯᠤᠨ ᠬᠤᠪᠢᠷᠠᠨ᠎ᠠ᠃ ᠡᠬᠦᠨ᠎ᠢ ᠯᠦᠶᠢᠰ ᠫᠷᠤᠹᠸᠰᠰᠤᠷ ᠳᠤᠷᠰᠢᠯᠳᠠ ᠵᠢᠨ ᠳᠠᠰᠤᠭ᠎ᠲᠤ ᠨᠢᠬᠡᠨᠳᠡ ᠰᠢᠯᠭ᠋ᠠᠨ ᠬᠡᠷᠡᠴᠢᠯᠡᠭᠰᠡᠨ ᠶᠤᠮ᠃ ᠰᠢᠷᠭᠤᠯᠵᠢᠨ ᠬᠦᠴᠢᠯ᠎ᠤᠨ ᠠᠯᠳ᠋ᠸᠬᠢᠳ᠋᠎ᠤᠨ ᠬᠤᠤᠷ ᠨᠦᠯᠦᠬᠡ᠎ᠨᠢ ᠠᠯᠢ ᠡᠷᠳᠡ ᠨᠡᠷ᠎ᠡ ᠠᠯᠳᠠᠷ ᠵᠶ᠋ᠡᠨ ᠮᠠᠨᠳᠤᠭᠤᠯᠵᠦ᠂ 2011 ᠤᠨ᠎ᠠᠴᠠ ᠡᠬᠢᠯᠡᠨ ᠬᠦᠮᠦᠨ ᠳᠦᠷᠦᠯᠬᠢᠳᠡᠨ᠎ᠤ ᠦᠮᠡᠨᠵᠢᠬᠦᠯᠬᠦ ᠪᠤᠳᠠᠰ᠎ᠤᠨ ᠬᠠᠷ᠎ᠠ ᠳᠠᠩᠰᠠᠨ᠎ᠳᠤ ᠤᠷᠤᠬᠰᠠᠨ ᠶᠤᠮ᠃ ᠳᠡᠬᠦᠨ᠎ᠳᠤ ᠬᠤᠤᠷᠳᠠᠪᠠᠯ ᠬᠦᠩᠭᠡᠨᠳᠤᠪᠠᠨ ᠬᠤᠭᠤᠯᠠᠢ ᠬᠠᠪᠤᠳᠴᠤ ᠡᠪᠡᠳᠬᠦ᠂ ᠬᠠᠮᠠᠷ᠎ᠠᠴᠠ ᠴᠢᠰᠦ ᠭᠤᠭᠤᠵᠢᠬᠤ᠂ ᠨᠢᠳᠤ ᠤᠯᠠᠢ᠌ᠵᠦ ᠬᠠᠪᠤᠳᠬᠤ᠂ ᠬᠠᠨᠢᠶᠠᠬᠤ ᠵᠡᠷᠬᠡ ᠡᠪᠡᠳᠴᠢᠨ᠎ᠤ ᠪᠠᠢ᠌ᠳᠠᠯ ᠢᠯᠡᠷᠡᠵᠦ᠂ ᠬᠦᠨᠳᠦᠳᠤ᠎ᠪᠠᠨ ᠬᠠᠮᠠᠷ ᠪᠠ ᠬᠤᠭᠤᠯᠠᠢ ᠵᠢᠨ ᠬᠡᠰᠡᠭ᠎ᠤᠨ ᠦᠮᠡᠨ᠎ᠢ ᠡᠬᠦᠰᠬᠡᠨ᠎ᠡ᠃ ᠶᠡᠷᠦ ᠵᠢᠨ ᠪᠠᠢ᠌ᠳᠠᠯ᠎ᠳᠤ ᠰᠢᠷᠭᠤᠯᠵᠢᠨ ᠬᠦᠴᠢᠯ᠎ᠤᠨ ᠠᠯᠳ᠋ᠸᠬᠢᠳ᠋᠎ᠨᠢ ᠬᠡᠷ᠎ᠤᠨ ᠡᠳ᠋ᠯᠡᠯ ᠬᠡᠷᠡᠭᠰᠡᠯ᠂ ᠰᠢᠳᠠᠮᠠᠬᠠᠢ ᠬᠡᠢ ᠵᠢᠨ ᠵᠤᠤᠬ᠎ᠠ ᠪᠤᠯᠤᠨ ᠨᠤᠴᠤᠭ᠋ᠠᠵᠦ ᠪᠠᠢ᠌ᠭ᠎ᠠ ᠶᠠᠨᠵᠤᠤᠷ ᠳᠠᠮᠠᠬᠢ᠎ᠠᠴᠠ ᠢᠷᠡᠯᠳᠡ᠎ᠲᠠᠢ᠃ ᠬᠡᠳᠡᠯ᠎ᠡ ᠰᠤᠳᠤᠯᠭ᠋ᠠᠳᠠᠳ᠎ᠤᠨ ᠢᠯᠡᠷᠡᠬᠦᠯᠦᠭᠰᠡᠨ ᠵᠶ᠋ᠡᠷ ᠳᠤᠷᠰᠢᠯᠳᠠ᠎ᠳᠤ ᠤᠷᠤᠯᠴᠠᠬᠰᠠᠨ ᠬᠡᠷ ᠪᠦᠯᠢ ᠵᠢᠨ ᠰᠢᠷᠭᠤᠯᠵᠢᠨ ᠬᠦᠴᠢᠯ᠎ᠤᠨ ᠠᠯᠳ᠋ᠸᠬᠢᠳ᠋᠎ᠤᠨ ᠠᠭᠤᠯᠤᠬᠳᠠᠴᠠ ᠵᠢᠨ ᠦᠨᠳᠦᠷ ᠳᠣᠣᠷ᠎ᠠ᠎ᠨᠢ ᠨᠢᠮᠪᠡᠬᠡ ᠵᠢᠨ ᠡᠲᠸᠯᠸᠨᠤ ᠬᠡᠮᠵᠢᠶ᠎ᠡ᠎ᠯᠦᠭᠡ ᠶᠠᠭ ᠰᠠᠢ᠌ᠬᠠᠨ ᠨᠡᠢ᠌ᠴᠡᠵᠦ ᠪᠠᠢ᠌ᠨ᠎ᠠ᠃ ᠡᠬᠦᠨ᠎ᠠᠴᠠ 《ᠤᠯᠠᠮ ᠠᠩᠭᠢᠯᠤᠮ᠎ᠠ ᠪᠠᠢ᠌ᠪᠠᠯ ᠤᠯᠠᠮ ᠠᠶᠤᠯᠳᠠᠢ》 ᠬᠡᠬᠦ ᠨᠤᠳᠠᠯᠠᠯᠳᠠ ᠦᠨᠳᠦᠰᠦᠨ᠎ᠳᠤ ᠪᠠᠲᠤᠯᠠᠭᠳᠠᠭᠰᠠᠨ ᠪᠠᠢ᠌ᠨ᠎ᠠ᠃
ᠦᠳᠬᠡᠴᠡ᠎ᠨᠢ ᠶᠡᠬᠡ ᠰᠢᠷᠭᠤᠯᠵᠢᠨ ᠬᠦᠴᠢᠯ᠎ᠤᠨ ᠠᠯᠳ᠋ᠸᠬᠢᠳ᠋ᠢ ᠰᠢᠢ᠍ᠳᠪᠦᠷᠢᠯᠡᠬᠦ᠎ᠳᠤ ᠡᠬᠦᠳᠡ ᠴᠤᠩᠬᠤ᠎ᠪᠠᠨ ᠨᠡᠬᠡᠬᠡᠵᠦ ᠰᠠᠯᠬᠢ ᠨᠡᠪᠳᠡᠷᠡᠬᠦᠯᠬᠦ᠎ᠨᠢ ᠬᠠᠮᠤᠭ᠎ᠤᠨ ᠳᠦᠬᠦᠮ ᠠᠷᠭ᠎ᠠ ᠪᠤᠯᠤᠨ᠎ᠠ᠃ ᠬᠡᠳᠡᠯ᠎ᠡ ᠬᠠᠬᠢᠷ ᠡᠪᠦᠯ ᠦᠷᠬᠦᠯᠵᠢ ᠴᠤᠩᠬᠤ᠎ᠪᠠᠨ ᠨᠡᠬᠡᠬᠡᠬᠦ᠎ᠨᠢ ᠭᠡᠷ᠎ᠤᠨ ᠳᠣᠲᠣᠷᠠᠬᠢ ᠳᠤᠯᠠᠭ᠋ᠠᠴᠠ ᠵᠢ ᠨᠦᠯᠦᠬᠡᠯᠡᠨ᠎ᠡ᠃ ᠯᠦᠶᠢᠰ᠎ᠤᠨ ᠰᠤᠳᠤᠯᠭ᠋ᠠᠨ᠎ᠤ ᠪᠦᠯᠬᠦᠮ᠎ᠠᠴᠠ ᠤᠷᠭᠤᠮᠠᠯ᠎ᠤᠨ ᠳᠠᠯ᠎ᠠ᠎ᠪᠠᠷ ᠤᠶᠤᠨ ᠵᠶ᠋ᠡᠨ ᠰᠢᠪᠬᠠᠵᠦ᠂ ᠰᠢᠩᠳᠠᠵᠢᠳ᠂ ᠡᠨᠡᠳᠪᠡᠯᠠ ᠴᠡᠴᠡᠭ ᠵᠡᠷᠬᠡ 4 ᠵᠦᠢ᠍ᠯ᠎ᠤᠨ ᠨᠤᠭᠤᠭ᠋ᠠᠨ ᠤᠷᠭᠤᠮᠠᠯ᠎ᠢ 《ᠰᠢᠷᠭᠤᠯᠵᠢᠨ ᠬᠦᠴᠢᠯ᠎ᠤᠨ ᠠᠯᠳ᠋ᠸᠬᠢᠳ᠋᠎ᠲᠤ ᠬᠦᠨᠳᠦ ᠭᠠᠮᠰᠢᠬᠳᠠᠬᠰᠠᠨ》 3 ᠬᠡᠷ ᠪᠦᠯᠢ᠎ᠳᠤ ᠳᠠᠯᠪᠢᠭ᠋ᠠᠳ 6 ᠭᠠᠷᠠᠭ ᠦᠷᠬᠦᠯᠵᠢᠯᠡᠨ ᠠᠵᠢᠬᠯᠠᠯᠳᠠ ᠬᠢᠪᠡ᠃ ᠳᠤᠭ᠎ᠠ ᠪᠠᠷᠢᠮᠳᠠ ᠵᠢᠨ ᠢᠯᠡᠷᠡᠬᠦᠯᠦᠭᠰᠡᠨ ᠵᠶ᠋ᠡᠷ᠂ ᠰᠢᠷᠭᠤᠯᠵᠢᠨ ᠬᠦᠴᠢᠯ᠎ᠤᠨ ᠠᠯᠳ᠋ᠸᠬᠢᠳ᠋᠎ᠨᠢ ᠳᠠᠰᠤᠷᠠᠯᠳᠠ ᠦᠬᠡᠢ ᠪᠠᠭᠤᠷᠠᠵᠠᠢ᠃ ᠳᠠᠷᠠᠭ᠎ᠠ᠎ᠨᠢ ᠳᠤᠷᠰᠢᠯᠳᠠ ᠵᠢᠨ ᠳᠠᠰᠤᠭ᠎ᠲᠤ ᠵᠠᠳᠠᠯᠤᠯᠳᠠ ᠬᠢᠬᠦ᠎ᠪᠠᠷ ᠳᠠᠮᠵᠢᠨ᠂ ᠰᠢᠩᠳᠠᠵᠢᠳᠨᠢ 《ᠳᠡᠬᠦᠰ ᠴᠢᠳᠠᠪᠤᠷᠢ᠎ᠳᠤ》 ᠠᠭ᠋ᠠᠷ ᠴᠡᠪᠡᠷᠰᠢᠬᠦᠯᠦᠭᠴᠢ ᠪᠠᠢ᠌ᠵᠦ᠂ ᠬᠡᠷ ᠳᠤᠳᠤᠷᠠᠬᠢ ᠤᠯᠠᠨ ᠵᠦᠢ᠍ᠯ᠎ᠤᠨ ᠬᠤᠤᠷᠳᠤ ᠬᠡᠢ ᠪᠡᠶᠡᠳᠦ ᠵᠢ ᠬᠣᠣᠷ ᠦᠭᠡᠢ᠌ᠳᠡᠭᠦᠯᠵᠦ ᠴᠢᠳᠠᠨ᠎ᠠ᠂ ᠡᠨᠡᠳᠪᠠᠯᠠ ᠴᠡᠴᠡᠭ᠂ ᠦᠨᠦᠷᠳᠦ ᠡᠪᠡᠰᠦ ᠪᠤᠯᠤᠨ ᠤᠯᠠᠩᠭᠢ ᠤᠢ᠌ᠮᠠ ᠵᠢᠨ ᠤᠷᠭᠤᠮᠠᠯ᠎ᠨᠢ ᠰᠢᠷᠭᠤᠯᠵᠢᠨ ᠬᠦᠴᠢᠯ᠎ᠤᠨ ᠠᠯᠳ᠋ᠸᠬᠢᠳ᠋ᠢ ᠰᠢᠩᠭᠡᠭᠡᠬᠦᠳᠤᠪᠠᠨ ᠴᠢᠳᠠᠮᠠᠭ᠋ᠠᠢ ᠪᠠᠢ᠌ᠬᠤ ᠵᠢ ᠮᠡᠳᠡᠵᠡᠢ᠃
ᠬᠠᠷᠢᠴᠠᠭᠤᠯᠤᠬᠰᠠᠨᠤ ᠳ᠋ᠦᠩ᠎ᠳᠤ ᠦᠨᠦᠷᠳᠦ ᠡᠪᠡᠰᠦ᠎ᠨᠢ ᠬᠦᠮᠦᠨ᠎ᠤ ᠬᠦᠴᠦ᠎ᠪᠠᠷ ᠨᠡᠢ᠌ᠯᠡᠯᠬᠡᠵᠢᠬᠦᠯᠦᠭᠰᠡᠨ ᠠᠩᠭᠢᠯᠤᠮ᠎ᠠ ᠦᠨᠦᠷᠳᠦ ᠦᠢ᠍ᠯᠡᠳᠬᠦᠨ᠎ᠠᠴᠠ ᠨᠡᠩ ᠢᠯᠡᠬᠦᠦ ᠬᠡᠷ ᠳᠤᠳᠤᠷᠠᠬᠢ 《ᠠᠩᠭᠢᠯᠤᠮ᠎ᠠ ᠰᠠᠢ᠌ᠳ》᠎ᠤᠨ ᠳᠦᠷᠢ᠎ᠳᠤ ᠳᠤᠬᠢᠷᠠᠨ᠎ᠠ᠃