ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠠᠮᠢ ᠠᠬᠤᠢ᠎ᠶᠢᠨ ᠬᠠᠮᠠᠭᠠᠯᠠᠯᠲᠠ
ᠪᠣᠬᠢᠷᠲᠤᠯ᠎ᠢ ᠰᠡᠷᠭᠡᠶ᠋ᠢᠯᠡᠨ ᠵᠠᠰᠠᠬᠤ
ᠪᠣᠬᠢᠷᠳᠤᠯ᠎ᠢ ᠰᠡᠷᠭᠡᠢ᠌ᠯᠡᠨ ᠵᠠᠰᠠᠬᠤ ᠪᠣᠭᠣᠮᠲᠠ ᠰᠢᠪᠲᠤᠯᠬᠤ ᠲᠠᠢ᠌ᠯᠠᠯᠳᠣᠭ᠋ᠠᠨ
ᠵᠢᠷᠭᠤᠭ᠋ᠠᠨ ᠠᠬᠢᠭᠤᠯᠬᠤ ᠳᠦᠷᠢᠮ᠎ᠢ ᠭᠦᠨᠵᠡᠭᠡᠢ ᠲᠣᠭᠣᠰᠢᠯᠠᠭᠣᠯᠣᠶ᠎ᠠ
ᠪᠣᠬᠢᠷᠲᠤᠯ᠎ᠢ ᠰᠡᠷᠭᠡᠶ᠋ᠢᠯᠡᠨ ᠵᠠᠰᠠᠬᠤ   -   ᠣᠷᠴᠢᠨ ᠲᠣᠭᠤᠷᠢᠨ᠎ᠤ ᠰᠤᠳᠤᠯᠭᠠᠨ
ᠠᠮᠢᠳᠠᠨ᠎ᠤ ᠮᠸᠲ᠋ᠠᠨ ᠭᠠᠳᠠᠭᠰᠢᠯᠠᠭᠤᠯᠬᠤ ᠵᠢ ᠪᠠᠭ᠋ᠠᠰᠬᠠᠬᠤ ᠬᠡᠪᠡᠯ ᠳᠠᠯᠠᠢ ᠵᠢᠨ ᠵᠠᠮᠠᠭ ᠢᠳᠡᠬᠦᠯᠦᠬᠡᠷᠡᠢ
ᠨᠡᠶ᠋ᠢᠲᠡᠯᠡᠭᠰᠡᠨ ᠴᠠᠭ᠄ 2019-04-16

      ᠰᠢᠨᠵᠢᠯᠡᠬᠦ ᠤᠬᠠᠭ᠋ᠠᠨᠳᠠᠳ᠎ᠤᠨ ᠢᠯᠡᠷᠡᠬᠦᠯᠦᠭᠰᠡᠨ ᠵᠶ᠋ᠠᠷ᠂ ᠬᠤᠨᠢ ᠪᠠ ᠦᠬᠡᠷ᠎ᠤᠨ ᠳᠡᠵᠢᠬᠡᠯ ᠪᠤᠷᠳᠤᠭ᠎ᠠ᠎ᠳᠤ 2%᠎ᠤᠨ ᠳᠠᠯᠠᠢ ᠵᠢᠨ ᠬᠠᠭᠤᠷᠠᠢ ᠵᠠᠮᠠᠭ ᠬᠤᠯᠢᠪᠡᠯ ᠮᠸᠲ᠋ᠠᠨ ᠭᠠᠳᠠᠬᠰᠢᠯᠠᠭᠤᠯᠬᠤ ᠬᠡᠮᠵᠢᠶ᠎ᠡ ᠵᠢ᠎ᠨᠢ 70%᠎ᠠᠴᠠ ᠳᠡᠬᠡᠭᠰᠢ ᠪᠠᠭᠤᠷᠠᠭᠤᠯᠵᠦ ᠴᠢᠳᠠᠨ᠎ᠠ᠃
      ᠮᠸᠲ᠋ᠠᠨ ᠬᠡᠮᠡᠬᠦ ᠬᠡᠢ ᠪᠡᠶᠡᠳᠦ ᠵᠢᠨ ᠪᠦᠬᠦ ᠪᠦᠮᠪᠦᠷᠴᠡᠭ᠎ᠢ ᠳᠤᠯᠠᠭ᠋ᠠᠷᠠᠭᠤᠯᠬᠤ ᠬᠡᠮᠵᠢᠶ᠎ᠡ᠎ᠨᠢ ᠨᠡᠬᠦᠷᠡᠰᠦᠳᠦ᠋ᠷᠦᠭᠴᠢ ᠵᠢᠨ ᠳᠠᠪᠬᠤᠷ ᠢᠰᠤᠯ᠎ᠤᠨ 36 ᠳᠠᠬᠢᠨ ᠪᠠᠢ᠌ᠳᠠᠭ᠃ ᠮᠠᠯ ᠠᠳᠤᠭᠤᠰᠤ᠎ᠠᠴᠠ ᠡᠬᠦᠰᠦᠭᠰᠡᠨ ᠮᠸᠲ᠋ᠠᠨ᠎ᠤ ᠬᠡᠮᠵᠢᠶ᠎ᠡ᠎ᠨᠢ ᠬᠦᠮᠦᠨ ᠲᠥᠷᠥᠯᠬᠢᠲᠡᠨ᠎ᠠᠴᠠ ᠪᠤᠯᠤᠬᠰᠠᠨ ᠮᠸᠲ᠋ᠠᠨ᠎ᠤ ᠪᠦᠬᠦ ᠬᠡᠮᠵᠢᠶ᠎ᠡ ᠵᠢᠨ 44% ᠵᠢ ᠡᠵᠡᠯᠡᠨ᠎ᠡ᠃ ᠳᠡᠳᠡᠨ᠎ᠤ ᠵᠢᠯ ᠪᠦᠷᠢ ᠵᠢᠨ ᠬᠡᠬᠡᠷᠡᠬᠦ ᠪᠠ ᠤᠩᠭᠤᠬᠤ ᠦᠶ᠎ᠡ᠎ᠳᠤ ᠭᠠᠳᠠᠬᠰᠢᠯᠠᠭᠤᠯᠬᠤ ᠬᠡᠢ ᠪᠠᠶᠡᠳᠤ ᠵᠢᠨ ᠤᠯᠠᠩᠭᠢ᠎ᠨᠢ ᠮᠸᠲ᠋ᠠᠨ ᠪᠠᠢ᠌ᠵᠦ᠂ 31 ᠳ᠋ᠦᠩᠰᠢᠭᠤᠷ ᠳᠤᠨ ᠬᠦᠷᠳᠡᠭ ᠪᠠᠢ᠌ᠨ᠎ᠠ᠃
     31 ᠳ᠋ᠦᠩᠰᠢᠭᠤᠷ ᠳᠤᠨ ᠮᠸᠲ᠋ᠠᠨ᠎ᠨᠢ᠂ ᠪᠦᠬᠦᠢ᠌ᠯᠡ ᠡᠸᠦ᠋ᠷᠤᠫᠠ ᠵᠢᠨ ᠬᠤᠯᠪᠤᠭ᠋ᠠᠨ᠎ᠤ ᠵᠢᠯ ᠪᠦᠷᠢ ᠵᠢᠨ ᠭᠠᠳᠠᠬᠰᠢᠯᠠᠭᠤᠯᠬᠤ ᠨᠡᠬᠦᠷᠡᠰᠦᠳᠦ᠋ᠷᠦᠭᠴᠢ ᠵᠢᠨ ᠳᠠᠪᠬᠤᠷ ᠢᠰᠤᠯ᠎ᠤᠨ ᠬᠡᠮᠵᠢᠶ᠎ᠡ᠎ᠠᠴᠠ ᠵᠢᠭ᠋ᠠᠬᠠᠨ ᠳᠣᠣᠷ᠎ᠠ ᠳᠡᠳᠦᠢ᠃
      ᠬᠡᠷᠪᠡ ᠪᠢᠳᠡ ᠬᠡᠷ᠎ᠤᠨ ᠳᠡᠵᠢᠬᠡᠪᠦᠷᠢ ᠵᠢᠨ ᠪᠤᠷᠳᠤᠭ᠋ᠠᠨ᠎ᠳᠤ ᠳᠠᠯᠠᠢ ᠵᠢᠨ ᠵᠠᠮᠠᠭ ᠬᠤᠯᠢᠬᠤ ᠠᠷᠭ᠎ᠠ᠎ᠪᠠᠷ ᠡᠨᠡ ᠬᠦ᠌ 31 ᠳ᠋ᠦᠩᠰᠢᠭᠤᠷ ᠳᠤᠨ᠎ᠢ 70%᠎ᠪᠠᠷ ᠪᠠᠭᠤᠷᠠᠭᠤᠯᠪᠠᠯ 21.7 ᠳ᠋ᠦᠩᠰᠢᠭᠤᠷ ᠳᠤᠨ ᠮᠸᠲ᠋ᠠᠨ ᠭᠠᠳᠠᠭᠰᠢᠯᠠᠭᠤᠯᠬᠤ ᠬᠡᠮᠵᠢᠶ᠎ᠡ ᠵᠢ ᠪᠠᠭ᠋ᠠᠰᠬᠠᠵᠤ ᠴᠢᠳᠠᠨ᠎ᠠ᠃
      ᠡᠨᠡ ᠪᠠᠷᠤᠭ ᠯᠠ ᠡᠨᠡᠳᠬᠡᠭ ᠤᠯᠤᠰ᠎ᠤᠨ ᠵᠢᠯ ᠪᠦᠷᠢ ᠵᠢᠨ ᠭᠠᠳᠠᠭᠰᠢᠯᠠᠭᠤᠯᠬᠤ ᠨᠡᠬᠦᠷᠡᠰᠦᠳᠦ᠋ᠷᠦᠭᠴᠢ ᠵᠢᠨ ᠳᠠᠪᠬᠤᠷ ᠢᠰᠤᠯ᠎ᠤᠨ ᠬᠡᠮᠵᠢᠶ᠎ᠡ᠎ᠲᠠᠢ ᠳᠡᠩᠴᠡᠵᠦ ᠪᠠᠢ᠌ᠨ᠎ᠠ᠃
      ᠮᠸᠲ᠋ᠠᠨ᠎ᠤ ᠠᠭ᠋ᠠᠷ᠎ᠤᠨ ᠳᠤᠯᠠᠭ᠋ᠠᠨ᠎ᠢ ᠳᠡᠬᠡᠭᠰᠢᠯᠡᠬᠦᠯᠬᠦ ᠳᠠᠯᠳᠠ ᠴᠢᠳᠠᠯ᠎ᠨᠢ ᠨᠡᠬᠦᠷᠡᠰᠦᠳᠦ᠋ᠷᠦᠭᠴᠢ ᠵᠢᠨ ᠳᠠᠪᠬᠤᠷ ᠢᠰᠤᠯ᠎ᠠᠴᠠ ᠨᠡᠩ ᠦᠨᠳᠦᠷ ᠪᠠᠢ᠌ᠬᠤ ᠵᠢ ᠢᠯᠡᠷᠡᠬᠦᠯᠦᠭᠰᠡᠨ ᠶᠠᠪᠤᠳᠠᠯ᠎ᠨᠢ ᠬᠦᠮᠦᠰ᠎ᠢ ᠳᠦᠷᠬᠢᠬᠦᠯᠵᠦ ᠬᠦᠢ᠍ᠴᠡᠯ᠎ᠡ᠃
      ᠮᠠᠯ ᠠᠳᠤᠭᠤᠰᠤ ᠵᠢᠨ ᠭᠠᠳᠠᠭᠰᠢᠯᠠᠭᠤᠯᠬᠤ ᠮᠸᠲ᠋ᠠᠨ᠎ᠤ ᠬᠤᠤᠷ ᠬᠦᠨᠦᠬᠡᠯ ᠴᠤᠬᠤᠮ ᠬᠢᠷᠢ ᠵᠡᠷᠬᠡ ᠪᠠᠢ᠌ᠳᠠᠭ ᠳᠤᠬᠠᠢ ᠡᠨᠳᠡ ᠪᠠᠬᠠᠨ ᠡᠳᠦᠷ ᠲᠤᠲᠤᠮ᠎ᠤᠨ ᠰᠠᠭᠤᠷᠢ ᠮᠡᠳᠡᠯᠬᠡ ᠨᠦᠬᠦᠪᠦᠷᠢᠯᠡᠬᠦ ᠴᠢᠬᠤᠯᠠᠳᠠᠢ ᠪᠠᠢ᠌ᠨ᠎ᠠ᠃ ᠰᠢᠨᠵᠢᠯᠡᠬᠦ ᠤᠬᠠᠭ᠋ᠠᠨᠳᠠᠳ᠎ᠠᠴᠠ ᠭᠠᠳᠠᠭᠰᠢᠯᠠᠭᠤᠯᠬᠤ ᠬᠡᠢ ᠪᠡᠶᠡᠳᠦ ᠵᠢᠨ ᠬᠤᠶᠠᠷ ᠵᠠᠩᠭᠢᠯᠠᠭ᠎ᠠ ᠵᠢᠨ ᠡᠯᠸᠮᠸᠨ᠋ᠲ ᠪᠤᠯᠬᠤ ᠡᠨ᠋ᠸᠷᠬᠢ ᠰᠢᠩᠭᠡᠬᠡᠬᠦ ᠴᠢᠳᠠᠯ ᠪᠤᠯᠤᠨ ᠠᠭ᠋ᠠᠷ ᠮᠠᠨᠳᠠᠯ᠎ᠳᠤ ᠰᠠᠭ᠋ᠠᠳᠠᠬᠤ ᠴᠠᠭ᠎ᠢ ᠦᠨᠳᠦᠰᠦᠯᠡᠨ᠂ ᠭᠠᠳᠠᠭᠰᠢᠯᠠᠭᠤᠯᠬᠤ ᠬᠡᠢ ᠪᠡᠶᠡᠳᠦ ᠵᠢᠨ ᠪᠦᠬᠦ ᠪᠦᠮᠪᠦᠷᠴᠡᠭ᠎ᠤᠨ ᠠᠭ᠋ᠠᠷ᠎ᠤᠨ ᠳᠤᠯᠠᠭ᠋ᠠᠨ᠎ᠢ ᠳᠡᠭᠡᠭᠰᠢᠯᠡᠭᠦᠯᠬᠦ ᠳᠠᠯᠳᠠ ᠴᠢᠳᠠᠪᠬᠢ ᠵᠢᠨ ᠬᠡᠮᠵᠢᠭᠳᠡᠯ (GWP)᠎ᠢ ᠵᠢᠱ᠌ᠢᠨ ᠪᠤᠳᠤᠪᠠ᠃
      ᠨᠡᠬᠦᠷᠡᠰᠦᠳᠦ᠋ᠷᠦᠭᠴᠢ ᠵᠢᠨ ᠳᠠᠪᠬᠤᠷ ᠢᠰᠤᠯ᠎ᠤᠨ ᠪᠦᠬᠦ ᠪᠦᠮᠪᠦᠷᠴᠡᠭ᠎ᠤᠨ ᠠᠭ᠋ᠠᠷ᠎ᠤᠨ ᠳᠤᠯᠠᠭ᠋ᠠᠨ᠎ᠢ ᠳᠡᠭᠡᠭᠰᠢᠯᠡᠭᠦᠯᠬᠦ ᠳᠠᠯᠳᠠ ᠴᠢᠳᠠᠪᠬᠢ ᠵᠢᠨ ᠬᠡᠮᠵᠢᠭᠳᠡᠯ᠎ᠨᠢ 1᠂ ᠡᠬᠦᠨ᠎ᠢ ᠰᠢᠨᠵᠢᠯᠡᠬᠦ ᠤᠬᠠᠭ᠋ᠠᠨᠳᠠᠳ ᠳᠡᠯᠡᠬᠡᠢ ᠵᠢᠨ ᠪᠦᠮᠪᠦᠷᠴᠡᠭ᠎ᠤᠨ ᠠᠭᠤᠷ ᠠᠮᠢᠰᠬᠤᠯ᠎ᠤᠨ ᠰᠢᠰᠲᠸᠮ᠎ᠳᠤ ᠤᠷᠤᠰᠢᠬᠰᠠᠭ᠋ᠠᠷ ᠢᠷᠡᠭᠰᠡᠨ ᠨᠡᠬᠦᠷᠡᠰᠦᠳᠦ᠋ᠷᠦᠭᠴᠢ ᠵᠢᠨ ᠳᠠᠪᠬᠤᠷ ᠢᠰᠤᠯ᠎ᠤᠨ ᠠᠮᠢ ᠨᠠᠰᠤᠨ᠎ᠤ ᠳᠤᠮᠳᠠᠴᠢ ᠬᠡᠮᠵᠢᠭᠳᠡᠯ ᠵᠶ᠋ᠡᠷ ᠳᠤᠬᠳᠠᠭ᠋ᠠᠪᠠ᠃
      ᠨᠦᠬᠦᠬᠡ ᠳᠠᠯ᠎ᠠ᠎ᠪᠠᠷ᠂ ᠠᠭ᠋ᠠᠷ ᠮᠠᠨᠳᠠᠯ᠎ᠤᠨ ᠮᠸᠲ᠋ᠠᠨ᠎ᠤ ᠳᠡᠯᠡᠬᠡᠢ ᠵᠢᠨ ᠪᠦᠮᠪᠦᠷᠴᠡᠭ᠎ᠤᠨ ᠠᠭᠤᠷ ᠠᠮᠢᠰᠬᠤᠯ᠎ᠤᠨ ᠰᠢᠰᠲᠸᠮ᠎ᠳᠠᠬᠢ ᠡᠮᠦᠨ᠎ᠡ 100 ᠵᠢᠯ᠎ᠤᠨ ᠪᠦᠬᠦ ᠪᠦᠮᠪᠦᠷᠴᠡᠭ᠎ᠤᠨ ᠠᠭ᠋ᠠᠷ᠎ᠤᠨ ᠳᠤᠯᠠᠭ᠋ᠠᠨ᠎ᠢ ᠳᠡᠭᠡᠭᠰᠢᠯᠡᠭᠦᠯᠬᠦ ᠳᠠᠯᠳᠠ ᠴᠢᠳᠠᠪᠬᠢ ᠵᠢᠨ ᠬᠡᠮᠵᠢᠭᠳᠡᠯ᠎ᠨᠢ 28-36 ᠪᠠᠢ᠌ᠳᠠᠭ᠃ ᠡᠨᠡ᠎ᠨᠢ᠂ ᠮᠸᠲ᠋ᠠᠨ᠎ᠤ ᠠᠭ᠋ᠠᠷ ᠮᠠᠨᠳᠠᠯ᠎ᠳᠤ ᠤᠷᠤᠰᠢᠬᠤ ᠠᠮᠢ ᠨᠠᠰᠤ᠎ᠨᠢ ᠨᠡᠬᠦᠷᠡᠰᠦᠳᠦ᠋ᠷᠦᠭᠴᠢ ᠵᠢᠨ ᠳᠠᠪᠬᠤᠷ ᠢᠰᠤᠯ᠎ᠠᠴᠠ ᠬᠤᠯᠠ ᠤᠬᠤᠷ᠂ ᠬᠡᠪᠡᠴᠦ ᠰᠠᠴᠤᠷᠠᠭ᠎ᠢ ᠤᠯᠵᠠᠯᠠᠬᠤ ᠬᠡᠮᠵᠢᠶ᠎ᠡ᠎ᠨᠢ ᠨᠡᠬᠦᠷᠡᠰᠦᠳᠦ᠋ᠷᠦᠭᠴᠢ ᠵᠢᠨ ᠳᠠᠪᠬᠤᠷ ᠢᠰᠤᠯ᠎ᠤᠨ 36 ᠳᠠᠬᠢᠨ ᠪᠠᠢ᠌ᠬᠤ ᠵᠢ ᠬᠠᠷᠠᠭᠤᠯᠵᠤ ᠪᠠᠢ᠌ᠨ᠎ᠠ᠃
      ᠦᠨᠡᠨ᠎ᠳᠤ᠎ᠪᠠᠨ ᠵᠠᠰᠠᠭ᠎ᠤᠨ ᠤᠷᠳᠤᠨ᠎ᠤ ᠬᠤᠭᠤᠷᠤᠨᠳᠤᠬᠢ ᠠᠭᠤᠷ ᠠᠮᠢᠰᠬᠤᠯ᠎ᠤᠨ ᠬᠤᠪᠢᠷᠠᠯᠳᠠ ᠵᠢᠨ ᠳᠤᠰᠬᠠᠢ ᠵᠦᠪᠯᠡᠯ (IPCC)᠎ᠤᠨ ᠤᠢ᠌ᠷ᠎ᠠ᠎ᠳᠤ ᠨᠡᠢ᠌ᠳᠡᠯᠡᠭᠰᠡᠨ ᠨᠢᠬᠡᠨ ᠮᠡᠳᠡᠬᠦᠯᠦᠯᠳᠡ᠎ᠳᠤ ᠢᠯᠡᠷᠡᠬᠦᠯᠦᠭᠰᠡᠨ᠎ᠨᠢ᠂ ᠠᠭ᠋ᠠᠷ ᠮᠠᠨᠳᠠᠯ᠎ᠳᠠᠬᠢ ᠡᠮᠦᠨ᠎ᠡ 20 ᠵᠢᠯ᠎ᠤᠨ ᠮᠸᠲ᠋ᠠᠨ᠎ᠤ ᠪᠦᠬᠦ ᠪᠦᠮᠪᠦᠷᠴᠡᠭ᠎ᠤᠨ ᠠᠭ᠋ᠠᠷ᠎ᠤᠨ ᠳᠤᠯᠠᠭ᠋ᠠᠨ᠎ᠢ ᠳᠡᠭᠡᠭᠰᠢᠯᠡᠭᠦᠯᠬᠦ ᠳᠠᠯᠳᠠ ᠴᠢᠳᠠᠪᠬᠢ ᠵᠢᠨ ᠬᠡᠮᠵᠢᠭᠳᠡᠯ᠎ᠨᠢ 86 ᠪᠠᠢ᠌ᠳᠠᠭ᠃ ᠡᠨᠡ᠎ᠨᠢ ᠤᠬᠤᠷᠬᠠᠨ ᠬᠤᠭᠤᠴᠠᠭ᠋ᠠᠨ᠎ᠳᠤ ᠮᠸᠲ᠋ᠠᠨ᠎ᠤ ᠳᠡᠯᠡᠬᠡᠢ ᠵᠢᠨ ᠪᠦᠮᠪᠦᠷᠴᠡᠭ᠎ᠤᠨ ᠠᠭ᠋ᠠᠷ᠎ᠤᠨ ᠳᠤᠯᠠᠭ᠋ᠠᠨ᠎ᠢ ᠳᠡᠭᠡᠭᠰᠢᠯᠡᠭᠦᠯᠬᠦ ᠴᠢᠳᠠᠯ᠎ᠨᠢ ᠨᠡᠬᠦᠷᠡᠰᠦᠳᠦ᠋ᠷᠦᠭᠴᠢ ᠵᠢᠨ ᠳᠠᠪᠬᠤᠷ ᠢᠰᠤᠯ᠎ᠤᠨ 86 ᠳᠠᠬᠢᠨ ᠬᠡᠳᠡᠭ᠎ᠢ ᠬᠠᠷᠠᠭᠤᠯᠵᠦ ᠪᠠᠢ᠌ᠭ᠎ᠠ ᠶᠤᠮ᠃
      ᠮᠠᠯ ᠠᠳᠤᠭᠤᠰᠤ ᠵᠢᠨ ᠭᠠᠳᠠᠬᠰᠢᠯᠠᠭᠤᠯᠬᠤ ᠮᠸᠲ᠋ᠠᠨ᠎ᠨᠢ ᠭᠤᠤᠯᠳᠠᠭᠤ ᠳᠡᠳᠡᠨ᠎ᠤ ᠤᠩᠭᠤᠰᠤ᠎ᠠᠴᠠ ᠢᠷᠡᠯᠳᠡᠢ ᠬᠡᠵᠦ ᠬᠦᠮᠦᠰ ᠶᠠᠷᠢᠳᠠᠭ᠃ ᠦᠨᠡᠨ᠎ᠳᠤ᠎ᠪᠠᠨ ᠳᠡᠳᠡᠨ᠎ᠤ ᠤᠩᠭᠤᠰᠤ᠎ᠨᠢ ᠬᠦᠮᠦᠰ᠎ᠤᠨ ᠪᠤᠳᠤᠵᠦ ᠪᠠᠢ᠌ᠭ᠎ᠠ ᠰᠢᠭ᠋ ᠳᠡᠢ᠌ᠮᠦ ᠬᠦᠨᠳᠦ ᠨᠤᠴᠢᠳᠠᠢ ᠪᠢᠰᠢ ᠶᠤᠮ᠃ ᠬᠡᠷᠡᠭ ᠳᠡᠬᠡᠷ᠎ᠡ᠎ᠪᠠᠨ ᠬᠡᠬᠡᠷᠡᠬᠦ ᠦᠶ᠎ᠡ ᠵᠢᠨ ᠭᠠᠳᠠᠭᠰᠢᠯᠠᠭᠤᠯᠬᠤ ᠬᠡᠢ ᠪᠡᠶᠡᠳᠦ᠎ᠨᠢ ᠨᠡᠩ ᠤᠯᠠᠨ ᠪᠠᠢ᠌ᠵᠦ᠂ ᠳᠡᠬᠦᠨ᠎ᠤ ᠮᠸᠲ᠋ᠠᠨ ᠭᠠᠳᠠᠬᠰᠢᠯᠠᠭᠤᠯᠬᠤ ᠶᠡᠷᠦᠩᠬᠡᠢ ᠬᠡᠮᠵᠢᠶᠡᠨ᠎ᠤ 90% ᠵᠢ ᠡᠵᠡᠯᠡᠵᠦ᠂ ᠤᠩᠭᠤᠬᠤ ᠦᠶ᠎ᠡ ᠵᠢᠨ ᠭᠠᠳᠠᠭᠰᠢᠯᠠᠭᠤᠯᠬᠤ ᠬᠡᠢ ᠪᠡᠶᠡᠳᠦ᠎ᠨᠢ ᠰᠠᠶᠢ 10% ᠵᠢ ᠡᠵᠡᠯᠡᠳᠡᠭ᠃
      ᠳᠡᠬᠡᠪᠡᠯ ᠪᠢᠳᠡ ᠡᠳᠡᠬᠡᠷ ᠠᠮᠢᠳᠠᠨ᠎ᠤ ᠬᠡᠬᠡᠷᠡᠬᠦ ᠦᠶ᠎ᠡ᠎ᠳᠤ ᠭᠠᠳᠠᠬᠰᠢᠯᠠᠭᠤᠯᠬᠤ ᠮᠸᠲ᠋ᠠᠨ᠎ᠢ ᠬᠡᠷᠬᠢᠨ ᠪᠠᠭ᠋ᠠᠰᠬᠠᠬᠤ ᠪᠤᠢ?
      ᠰᠤᠳᠤᠯᠭ᠋ᠠᠳᠠᠳ ᠬᠡᠳᠦᠨ ᠵᠢᠯ᠎ᠤᠨ ᠳᠤᠷᠰᠢ ᠳᠠᠯᠠᠢ ᠵᠢᠨ ᠵᠠᠮᠠᠭ ᠵᠶ᠋ᠡᠷ ᠮᠠᠯ ᠠᠳᠤᠭᠤᠰᠤ ᠵᠢᠨ ᠭᠠᠳᠠᠭᠰᠢᠯᠠᠭᠤᠯᠬᠤ ᠬᠡᠢ ᠪᠡᠶᠡᠳᠦ ᠵᠢᠨ ᠳᠠᠯᠳᠠ ᠬᠦᠴᠦᠨ᠎ᠢ ᠬᠤᠷᠢᠬᠯᠠᠬᠤ᠎ᠪᠠᠷ ᠰᠤᠳᠤᠯᠤᠬᠰᠠᠭ᠋ᠠᠷ ᠢᠷᠡᠵᠦ᠂ 2015 ᠤᠨ᠎ᠤ ᠡᠴᠦᠰ ᠵᠶ᠋ᠡᠷ ᠰᠠᠶᠢ ᠬᠦᠮᠦᠰ᠎ᠢ ᠬᠦᠭᠰᠡᠬᠦᠯᠦᠭᠰᠡᠨ ᠦᠷ᠎ᠡ ᠳ᠋ᠦᠩ᠎ᠢ ᠰᠤᠳᠤᠯᠤᠨ ᠭᠠᠷᠭ᠋ᠠᠪᠠ᠃ ᠠᠦ᠋ᠰᠲᠷᠠᠯᠢᠶ᠎ᠠ ᠵᠢᠨ ᠨᠢᠬᠡᠨ ᠪᠦᠯᠬᠦᠮ ᠳᠤᠬᠠᠢ ᠵᠢᠨ ᠭᠠᠵᠠᠷ᠎ᠠᠴᠠ᠎ᠪᠠᠨ Asparagopsis taxiformis (ᠤᠯᠠᠭ᠋ᠠᠨ ᠵᠠᠮᠠᠭ᠎ᠤᠨ ᠨᠢᠬᠡ ᠳᠦᠷᠦᠯ) ᠬᠡᠬᠦ ᠨᠢᠬᠡᠨ ᠤᠨᠴᠠᠭ᠋ᠠᠢ ᠳᠦᠷᠦᠯ᠎ᠤᠨ ᠳᠠᠯᠠᠢ ᠵᠢᠨ ᠵᠠᠮᠠᠭ᠎ᠢ ᠢᠯᠡᠷᠡᠬᠦᠯᠵᠦ᠂ ᠳᠤᠷᠰᠢᠯᠳᠠ ᠵᠢᠨ ᠳ᠋ᠦᠩ᠎ᠳᠤ 99% ᠵᠢᠨ ᠮᠸᠲ᠋ᠠᠨ᠎ᠢ ᠪᠠᠭ᠋ᠠᠰᠬᠠᠵᠦ ᠴᠢᠳᠠᠬᠰᠠᠨ ᠪᠠᠢ᠌ᠨ᠎ᠠ᠃
      ᠡᠨᠡ᠎ᠨᠢ ᠦᠨᠡᠨ ᠬᠦ᠌ ᠨᠢᠭᠡᠨ ᠬᠦᠮᠦᠨ᠎ᠢ ᠤᠮᠤᠬᠰᠢᠭᠤᠯᠤᠮ᠎ᠠ ᠳᠤᠭ᠎ᠠ ᠪᠠᠷᠢᠮᠲᠠ ᠪᠣᠯᠣᠨ᠎ᠠ᠂ ᠬᠡᠪᠡᠴᠦ ᠠᠮᠢᠳᠠᠨ᠎ᠤ ᠪᠡᠶ᠎ᠡ ᠳᠡᠬᠡᠷ᠎ᠡ ᠬᠡᠷᠡᠭᠯᠡᠵᠦ ᠳᠡᠢ᠌ᠯᠬᠦ ᠦᠬᠡᠢ ᠶᠤᠮ ᠪᠤᠯ ᠳᠡᠢ᠌ᠮᠦ ᠶᠡᠬᠡ ᠠᠴᠢ ᠬᠤᠯᠪᠤᠬᠳᠠᠯ ᠭᠠᠷᠭ᠋ᠠᠵᠤ ᠳᠡᠢ᠌ᠯᠬᠦ ᠦᠬᠡᠢ᠂ ᠳᠡᠢ᠌ᠮᠦ ᠪᠢᠰᠢ ᠤᠤ? ᠡᠢ᠌ᠮᠦ᠎ᠠᠴᠠ ᠺᠦᠸᠸᠨ᠋ᠰᠯᠠᠨᠳ᠋ ᠵᠸᠦ ᠵᠢᠨ ᠵᠠᠮᠸᠰ ᠺᠦᠺ ᠶᠡᠬᠡ ᠰᠤᠷᠭ᠋ᠠᠭᠤᠯᠢ ᠵᠢᠨ ᠰᠤᠳᠤᠯᠭ᠋ᠠᠳᠠᠳ ᠳᠠᠷᠠᠭ᠋ᠠᠬᠢ ᠰᠤᠳᠤᠯᠭ᠋ᠠᠨ᠎ᠢ ᠬᠢᠵᠦ᠂ ᠳᠤᠩ ᠴᠦᠬᠡᠨ ᠳᠠᠯᠠᠢ ᠵᠢᠨ ᠵᠠᠮᠠᠭ ᠵᠶ᠋ᠡᠷ ᠶᠡᠬᠡ ᠬᠡᠮᠵᠢᠶᠡᠨ᠎ᠤ ᠮᠸᠲ᠋ᠠᠨ᠎ᠢ ᠪᠠᠭ᠋ᠠᠰᠬᠠᠵᠦ ᠴᠢᠳᠠᠬᠤ ᠵᠢ ᠢᠯᠡᠷᠡᠭᠦᠯᠪᠡ᠃
     《ᠪᠢᠳᠡᠨ᠎ᠤ ᠢᠮᠠᠭ᠋ᠠᠨ᠎ᠳᠤ ᠬᠢᠭᠰᠡᠨ ᠳᠤᠷᠰᠢᠯᠳᠠ ᠵᠢᠨ ᠦᠷ᠎ᠡ ᠳ᠋ᠦᠩ ᠪᠦᠬᠦᠨ ᠵᠶ᠋ᠡᠷ ᠵᠶ᠋ᠡᠨ ᠭᠠᠷᠴᠤ ᠢᠷᠡᠪᠡ᠂ ᠢᠮᠠᠭ᠋ᠠᠨ᠎ᠤ ᠳᠡᠵᠢᠬᠡᠯ ᠪᠤᠷᠳᠤᠭ᠎ᠠ ᠵᠢᠨ 2% ᠬᠤᠪᠢ ᠵᠢ Asparagopsis ᠵᠶ᠋ᠡᠷ ᠰᠤᠯᠢᠪᠠᠯ ᠳᠠᠷᠠᠭ᠋ᠠᠴᠢ ᠵᠢᠨ 72 ᠡᠳᠦᠷ᠎ᠲᠤ ᠳᠡᠳᠡᠨ᠎ᠤ ᠪᠤᠢ ᠪᠤᠯᠭ᠋ᠠᠬᠤ ᠮᠸᠲ᠋ᠠᠨ᠎ᠢ 50%~70%᠎ᠪᠠᠷ ᠪᠠᠭ᠋ᠠᠰᠬᠠᠨ᠎ᠠ᠂ ᠡᠢ᠌ᠮᠦ᠎ᠠᠴᠠ ᠡᠨᠡ ᠬᠦ᠌ ᠵᠤᠬᠢᠴᠠᠮᠵᠢ᠎ᠨᠢ ᠨᠢᠬᠡᠨᠳᠡ ᠮᠠᠰᠢ ᠪᠤᠯᠪᠠᠰᠤᠷᠠᠩᠭᠤᠢ ᠪᠤᠯᠤᠬᠰᠠᠨ ᠶᠤᠮ》 ᠭᠡᠵᠦ ᠪᠦᠯᠬᠦᠮ᠎ᠤᠨ ᠬᠡᠰᠢᠬᠦᠨ ᠯᠤᠺᠢ ᠳ᠋ᠸ ᠨᠢᠼᠸ ᠠᠮᠸᠷᠢᠺᠠ ᠵᠢᠨ ᠷᠠᠳᠢᠣ᠋ ᠨᠡᠪᠳᠡᠷᠡᠬᠦᠯᠬᠡ ᠵᠢᠨ ᠺᠤᠮᠫᠠᠨᠢ᠎ᠳᠤ ᠶᠠᠷᠢᠵᠦ ᠪᠠᠢ᠌ᠯ᠎ᠠ᠃
      ᠠᠦ᠋ᠰᠲᠷᠠᠯᠢᠶ᠎ᠠ ᠵᠢᠨ ᠬᠤᠯᠪᠤᠭ᠋ᠠᠨ᠎ᠤ ᠤᠯᠤᠰ᠎ᠤᠨ ᠰᠢᠨᠵᠢᠯᠡᠬᠦ ᠤᠬᠠᠭ᠋ᠠᠨ ᠪᠠ ᠠᠵᠤ ᠦᠢ᠍ᠯᠡᠳᠪᠦᠷᠢ ᠵᠢᠨ ᠰᠤᠳᠤᠯᠭ᠋ᠠᠨ᠎ᠤ ᠵᠤᠬᠢᠶᠠᠨ ᠪᠠᠢ᠌ᠭᠤᠯᠤᠯᠳᠠ(CSIRO) ᠵᠢᠨ ᠳᠠᠷᠢᠶᠠᠯᠠᠩ᠎ᠤᠨ ᠰᠤᠳᠤᠯᠭ᠋ᠠᠳᠠᠨ ᠮᠠᠢ᠌ᠺᠸᠷ ᠪᠠᠲᠭᠤᠷᠢᠶᠠ 《ᠶᠠᠷᠢᠯᠴᠠᠭ᠎ᠠ》 ᠪᠤᠯᠤᠩ᠎ᠳᠤ ᠳᠠᠢ᠌ᠯᠪᠤᠷᠢᠯᠠᠬᠰᠠᠨ ᠰᠢᠭ᠋ ᠵᠶ᠋ᠡᠷ᠂ ᠡᠢ᠌ᠮᠦᠷᠬᠦᠦ ᠤᠨᠴᠠᠭ᠋ᠠᠢ ᠳᠦᠷᠦᠯ᠎ᠤᠨ ᠳᠠᠯᠠᠢ ᠵᠢᠨ ᠵᠠᠮᠠᠭ᠎ᠨᠢ ᠰᠠᠢ᠌ᠨ ᠦᠷ᠎ᠡ ᠪᠦᠳᠦᠮᠵᠢ᠎ᠲᠠᠢ ᠪᠠᠢ᠌ᠭ᠎ᠠ ᠵᠢᠨ ᠰᠢᠯᠳᠠᠭ᠋ᠠᠨ ᠪᠤᠯ ᠳᠡᠷᠡ᠎ᠨᠢ CHBr3 ᠬᠡᠬᠦ ᠨᠢᠬᠡ ᠵᠦᠢ᠍ᠯ᠎ᠤᠨ ᠨᠢᠬᠡᠳᠪᠦᠷᠢ ᠵᠢ ᠢᠯᠭ᠋ᠠᠷᠠᠭᠤᠯᠵᠦ᠂ ᠡᠨᠡ ᠬᠦ᠌ ᠨᠢᠬᠡᠳᠪᠦᠷᠢ᠎ᠨᠢ ᠡᠴᠦᠰ᠎ᠤᠨ ᠠᠯᠬᠤᠮ᠎ᠳᠤ ᠸᠢᠲ᠋ᠠᠮᠢᠨ B12᠎ᠲᠠᠢ ᠤᠷᠪᠠᠯ ᠡᠭᠦᠰᠬᠡᠨ ᠮᠸᠲ᠋ᠠᠨ᠎ᠤ ᠪᠤᠢ ᠪᠤᠯᠬᠤ ᠵᠢ ᠬᠤᠷᠢᠬᠯᠠᠳᠠᠭ᠃
     《ᠰᠢᠬᠡᠬᠡᠯᠳᠡ ᠵᠢᠨ ᠶᠠᠪᠤᠴᠠ᠎ᠳᠤ ᠬᠡᠳᠡᠰᠦᠨ᠎ᠤ ᠮᠢᠺᠷᠤᠪ᠎ᠨᠢ ᠢᠰᠬᠡᠬᠦᠷ ᠵᠶ᠋ᠡᠷ ᠳᠠᠮᠵᠢᠨ ᠮᠸᠲ᠋ᠠᠨ᠎ᠤ ᠬᠠᠶᠠᠬᠳᠠᠮᠠᠯ ᠬᠡᠢ ᠵᠢ ᠢᠯᠭ᠋ᠠᠷᠠᠭᠤᠯᠤᠨ᠎ᠠ᠂ ᠡᠨᠡ᠎ᠨᠢ ᠳᠠᠷᠤᠢ ᠢᠰᠬᠡᠬᠦᠷ᠎ᠤᠨ ᠠᠵᠢᠯᠯᠠᠭ᠎ᠠ ᠵᠢ ᠰᠠᠮᠠᠭᠤᠷᠠᠭᠤᠯᠤᠬᠰᠠᠨ ᠪᠠᠢ᠌ᠳᠠᠭ》 ᠬᠡᠵᠦ ᠳᠡᠷᠡ ᠬᠡᠯᠡᠪᠡ᠃
      ᠭᠠᠭᠴᠠ ᠨᠢᠭᠡ ᠦᠬᠡᠷ ᠬᠤᠨᠢ᠎ᠳᠤ ᠠᠪᠴᠤ ᠬᠡᠯᠡᠪᠡᠯ ᠬᠡᠳᠦᠢ᠌ᠪᠡᠷ ᠳᠡᠳᠦᠢ ᠶᠡᠬᠡ ᠳᠠᠯᠠᠢ ᠵᠢᠨ ᠵᠠᠮᠠᠭ᠎ᠢ ᠬᠡᠷᠡᠭᠰᠡᠬᠦ ᠦᠬᠡᠢ ᠪᠤᠯᠪᠠᠴᠤ ᠳᠤᠭ᠎ᠠ ᠬᠡᠮᠵᠢᠶ᠎ᠡ ᠤᠯᠠᠨ ᠪᠤᠯᠬᠤ ᠦᠶ᠎ᠡ᠎ᠳᠤ᠂ ᠵᠢᠱ᠌ᠢᠶᠡᠯᠡᠪᠡᠯ ᠵᠥᠪᠬᠡᠨ ᠠᠮᠸᠷᠢᠺᠠ᠎ᠳᠤ ᠳᠠᠷᠤᠢ 9840 ᠳᠦᠮᠡᠨ ᠦᠬᠡᠷ ᠳᠡᠵᠢᠬᠡᠵᠦ ᠪᠠᠢ᠌ᠨ᠎ᠠ᠂ ᠡᠳᠡᠭᠡᠷ᠎ᠤᠨ ᠬᠡᠷᠡᠭᠰᠡᠬᠦ ᠳᠠᠯᠠᠢ ᠵᠢᠨ ᠵᠠᠮᠠᠭ᠎ᠢ ᠬᠠᠩᠭ᠋ᠠᠬᠤ᠎ᠨᠢ ᠳᠡᠢ᠌ᠮᠦ ᠬᠢᠯᠪᠡᠷ ᠶᠠᠪᠤᠳᠠᠯ ᠪᠢᠰᠢ᠃
      ᠮᠠᠢ᠌ᠺᠸᠷ ᠪᠠᠲᠭᠤᠷᠢᠶᠠ ᠵᠢᠨ ᠪᠠᠷᠤᠭᠴᠠᠭ᠋ᠠᠯᠠᠬᠰᠠᠨ ᠵᠶ᠋ᠡᠷ᠂ ᠠᠦ᠋ᠰᠲᠷᠠᠯᠢᠶ᠎ᠠ ᠵᠢᠨ ᠮᠠᠯ ᠠᠳᠤᠭᠤᠰᠤ᠎ᠳᠤ ᠬᠦᠢ᠍ᠴᠡᠳ ᠬᠠᠩᠭ᠋ᠠᠯᠳᠠ᠎ᠲᠠᠢ ᠪᠤᠯᠭ᠋ᠠᠬᠤ᠎ᠳᠤ ᠪᠢᠳᠡ 6000 ᠾᠸᠺᠲ᠋ᠠᠷ ᠳᠠᠯᠠᠢ ᠵᠢᠨ ᠵᠠᠮᠠᠭ ᠳᠠᠷᠢᠬᠤ ᠳᠠᠯᠠᠪᠠᠢ ᠬᠡᠷᠡᠭᠰᠡᠨ᠎ᠡ᠂ ᠬᠡᠷᠡᠭ ᠳᠡᠬᠡᠷ᠎ᠡ᠎ᠪᠠᠨ ᠡᠢ᠌ᠮᠦ ᠶᠡᠬᠡ ᠳᠠᠷᠢᠶᠠᠯᠠᠩ᠎ᠤᠨ ᠳᠠᠯᠠᠪᠠᠢ ᠵᠢ ᠡᠷᠢᠵᠦ ᠤᠯᠬᠤ᠎ᠳᠤ ᠲᠤᠩ ᠬᠦᠴᠢᠷ ᠪᠠᠢ᠌ᠳᠠᠭ᠃
      ᠬᠡᠪᠡᠴᠦ ᠳᠡᠯᠡᠬᠡᠢ ᠵᠢᠨ ᠤᠷᠴᠢᠨ ᠳᠤᠭᠤᠷᠢᠨ᠎ᠤ ᠪᠠᠢ᠌ᠳᠠᠯ᠎ᠨᠢ ᠬᠦᠮᠦᠰ᠎ᠢ ᠠᠷᠭ᠎ᠠ ᠮᠤᠬᠤᠷᠳᠠᠭᠤᠯᠤᠬᠰᠠᠨ ᠪᠠ ᠤᠳᠤᠬᠢ ᠠᠭ᠋ᠠᠷ ᠮᠨᠨᠳᠠᠯ᠎ᠤᠨ ᠬᠦᠯᠡᠮᠵᠢ ᠵᠢᠨ ᠬᠢᠷᠢ ᠳᠦᠪᠰᠢᠨ᠎ᠤ ᠪᠠᠢ᠌ᠳᠠᠯ᠎ᠢ ᠪᠤᠳᠤᠯᠬᠢᠯᠠᠬᠤ᠎ᠳᠤ ᠬᠦᠷᠪᠡᠯ ᠡᠨᠡ᠎ᠨᠢ ᠪᠢᠳᠡᠨ᠎ᠤ ᠦᠷᠬᠦᠯᠵᠢᠯᠡᠨ ᠤᠷᠤᠰᠢᠨ ᠠᠮᠢᠳᠤᠷᠠᠬᠤ ᠰᠤᠶᠤᠷᠬᠠᠯ ᠪᠠᠢ᠌ᠵᠦ ᠳᠠᠭ᠋ᠠᠷᠠᠨ᠎ᠠ᠃
      ᠺᠦᠸᠸᠨ᠋ᠰᠯᠠᠨᠳ᠋ ᠳᠠᠷᠢᠶᠠᠯᠠᠩ᠎ᠤᠨ ᠳᠠᠯᠠᠪᠠᠢ ᠵᠢᠨ ᠠᠮᠢᠳᠠᠨ᠎ᠢ ᠳᠠᠯᠠᠢ ᠵᠢᠨ ᠵᠠᠮᠠᠭ ᠵᠶ᠋ᠡᠷ ᠳᠡᠵᠢᠬᠡᠬᠦ ᠳᠤᠷᠰᠢᠯᠳᠠ᠎ᠨᠢ ᠢᠷᠡᠬᠦ ᠵᠢᠯ᠎ᠤᠨ ᠳᠤᠮᠳᠠᠴᠢ ᠬᠦᠷᠳᠡᠯ᠎ᠡ ᠦᠷᠬᠦᠯᠵᠢᠯᠡᠨ᠎ᠡ ᠬᠡᠵᠦ ᠳ᠋ᠸ ᠨᠢᠼᠸ ᠬᠡᠯᠡᠪᠡ᠃
      ᠪᠢᠳᠡ ᠡᠨᠡ ᠬᠦ᠌ ᠰᠢᠨ᠎ᠡ ᠦᠷ᠎ᠡ ᠳ᠋ᠦᠩ᠎ᠢ ᠪᠠᠷᠠᠯᠠᠬᠰᠠᠭ᠋ᠠᠷ ᠪᠠᠢ᠌ᠨ᠎ᠠ᠃

ᠢᠷᠡᠯᠲᠡ᠄ ᠦᠪᠦᠷ ᠮᠤᠩᠭᠤᠯ᠎ᠤᠨ ᠦᠪᠡᠷᠳᠡᠭᠡᠨ ᠵᠠᠰᠠᠬᠤ ᠤᠷᠤᠨ᠎ᠤ ᠠᠮᠢ ᠠᠬᠤᠢ ᠤᠷᠴᠢᠨ ᠲᠤᠭᠤᠷᠢᠨ᠎ᠤ ᠲᠢᠩᠬᠢᠮ
          
ᠬᠠᠮᠢᠶ᠎ᠡ ᠪᠦᠬᠦᠢ ᠰᠣᠨᠢᠨ
ᠪᠦᠬᠦ ᠪᠦᠮᠪᠦᠷᠴᠡᠭ᠎ᠤᠨ ᠳᠤᠯᠠᠭ᠋ᠠᠷᠠᠯᠳᠠ᠎ᠨᠢ ᠵᠢᠭ᠋ᠠᠰᠤᠨ᠎ᠤ ᠳᠦᠷᠦᠯ᠎ᠤᠨ ᠳᠦᠷᠦᠯᠬᠢ ᠴᠢᠳᠠᠪᠤᠷᠢ ᠵᠢ ᠪᠠᠭᠤᠷᠠᠭᠤᠯᠵᠦ᠂ ᠳᠡᠳᠡᠨ᠎ᠢ 《ᠳᠡᠨᠡᠭᠰᠢᠷᠡᠬᠦᠯᠦᠨ᠎ᠡ》
ᠳᠠᠯᠠᠢ ᠳᠠᠩᠭᠢᠰ ᠪᠤᠯ ᠪᠤᠬᠢᠷ ᠮᠠᠨᠠᠨ᠎ᠢ ᠴᠡᠪᠡᠷᠰᠢᠬᠦᠯᠬᠦ ᠪᠠᠢ᠌ᠭ᠋ᠠᠯᠢᠯᠢᠭ ᠪᠠᠭ᠋ᠠᠵᠢ ᠮᠥᠨ
ᠬᠦᠮᠦᠨ ᠪᠦᠬᠦᠨ ᠰᠠᠶᠤᠤ ᠪᠤᠯᠬᠤ᠎ᠳᠤ ᠬᠦᠷᠪᠡᠯ ᠬᠦᠯᠡᠮᠵᠢ ᠵᠢᠨ ᠬᠡᠢ ᠪᠡᠶᠡᠳᠦ 70%᠎ᠪᠠᠷ ᠪᠠᠭ᠋ᠠᠰᠬᠤ ᠪᠤᠯᠤᠨ᠎ᠠ
ᠠᠭ᠋ᠠᠷ᠎ᠤᠨ ᠪᠤᠬᠢᠷᠳᠤᠯ᠎ᠨᠢ ᠡᠷᠡᠬᠦᠯ ᠮᠡᠨᠳᠦ᠎ᠳᠤ ᠬᠦᠨᠦᠬᠡᠯ᠎ᠲᠠᠢ ᠮᠦᠷᠳᠡᠬᠡᠨ ᠮᠠᠷᠢᠶ᠎ᠠ ᠵᠢ ᠨᠡᠮᠡᠭᠳᠡᠬᠦᠯᠵᠦ ᠮᠡᠳᠡᠨ᠎ᠡ
《ᠠᠭ᠋ᠠᠷ ᠮᠠᠨᠳᠠᠯ᠎ᠤᠨ ᠪᠣᠬᠢᠷᠲᠤᠯ》᠎ᠢ ᠰᠡᠷᠭᠡᠶ᠋ᠢᠯᠡᠨ ᠵᠠᠰᠠᠬᠤ᠎ᠳᠤ ᠲᠠ ᠡᠳᠡᠭᠡᠷ᠎ᠢ ᠣᠢ᠌ᠯᠠᠭ᠋ᠠᠬᠤ ᠴᠢᠬᠤᠯᠠᠳᠠᠢ ᠁
 
             蒙ICP备05000248号