ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠠᠮᠢ ᠠᠬᠤᠢ᠎ᠶᠢᠨ ᠬᠠᠮᠠᠭᠠᠯᠠᠯᠲᠠ
ᠪᠣᠬᠢᠷᠲᠤᠯ᠎ᠢ ᠰᠡᠷᠭᠡᠶ᠋ᠢᠯᠡᠨ ᠵᠠᠰᠠᠬᠤ
ᠪᠣᠬᠢᠷᠳᠤᠯ᠎ᠢ ᠰᠡᠷᠭᠡᠢ᠌ᠯᠡᠨ ᠵᠠᠰᠠᠬᠤ ᠪᠣᠭᠣᠮᠲᠠ ᠰᠢᠪᠲᠤᠯᠬᠤ ᠲᠠᠢ᠌ᠯᠠᠯᠳᠣᠭ᠋ᠠᠨ
ᠵᠢᠷᠭᠤᠭ᠋ᠠᠨ ᠠᠬᠢᠭᠤᠯᠬᠤ ᠳᠦᠷᠢᠮ᠎ᠢ ᠭᠦᠨᠵᠡᠭᠡᠢ ᠲᠣᠭᠣᠰᠢᠯᠠᠭᠣᠯᠣᠶ᠎ᠠ
ᠪᠣᠬᠢᠷᠲᠤᠯ᠎ᠢ ᠰᠡᠷᠭᠡᠶ᠋ᠢᠯᠡᠨ ᠵᠠᠰᠠᠬᠤ   -   ᠣᠷᠴᠢᠨ ᠲᠣᠭᠤᠷᠢᠨ᠎ᠤ ᠰᠤᠳᠤᠯᠭᠠᠨ
ᠪᠦᠬᠦ ᠪᠦᠮᠪᠦᠷᠴᠡᠭ᠎ᠤᠨ ᠳᠤᠯᠠᠭ᠋ᠠᠷᠠᠯᠳᠠ᠎ᠨᠢ ᠵᠢᠭ᠋ᠠᠰᠤᠨ᠎ᠤ ᠳᠦᠷᠦᠯ᠎ᠤᠨ ᠳᠦᠷᠦᠯᠬᠢ ᠴᠢᠳᠠᠪᠤᠷᠢ ᠵᠢ ᠪᠠᠭᠤᠷᠠᠭᠤᠯᠵᠦ᠂ ᠳᠡᠳᠡᠨ᠎ᠢ 《ᠳᠡᠨᠡᠭᠰᠢᠷᠡᠬᠦᠯᠦᠨ᠎ᠡ》
ᠨᠡᠶ᠋ᠢᠲᠡᠯᠡᠭᠰᠡᠨ ᠴᠠᠭ᠄ 2019-04-16

      ᠠᠩᠭ᠍ᠯᠢ ᠵᠢᠨ ᠧᠺᠰᠲᠸᠷ ᠶᠡᠬᠡ ᠰᠤᠷᠭ᠋ᠠᠭᠤᠯᠢ ᠵᠢᠨ ᠨᠢᠬᠡᠨ ᠰᠢᠨ᠎ᠡ ᠰᠤᠳᠤᠯᠭ᠋ᠠᠨ᠎ᠳᠤ ᠢᠯᠡᠷᠡᠬᠦᠯᠦᠭᠰᠡᠨ᠎ᠨᠢ᠂ ᠪᠦᠬᠦ ᠪᠦᠮᠪᠦᠷᠴᠡᠭ᠎ᠤᠨ ᠳᠤᠯᠠᠭ᠋ᠠᠷᠠᠯᠳᠠ᠂ ᠨᠡᠬᠦᠷᠡᠰᠦᠳᠦ᠋ᠷᠦᠭᠴᠢ ᠵᠢᠨ ᠳᠠᠪᠬᠤᠷ ᠢᠰᠦᠯ᠎ᠤᠨ ᠦᠳᠬᠡᠴᠡ ᠨᠡᠮᠡᠭᠳᠡᠭᠰᠡᠨ᠎ᠨᠢ ᠠᠭᠤᠷ ᠠᠮᠢᠰᠬᠤᠯ᠎ᠢ ᠨᠦᠯᠦᠭᠡᠯᠡᠭᠰᠡᠨ ᠵᠶ᠋ᠡᠷ ᠪᠠᠷᠠᠬᠤ ᠦᠬᠡᠢ ᠴᠢᠨᠠᠬᠰᠢᠯᠠᠭ᠋ᠠᠳ ᠵᠢᠭ᠋ᠠᠰᠤᠨ᠎ᠤ ᠳᠦᠷᠦᠯ᠎ᠤᠨ ᠦᠨᠦᠷᠯᠡᠬᠦ ᠰᠡᠷᠡᠯ᠂ ᠰᠤᠨᠤᠷ ᠪᠠ ᠬᠠᠷᠠᠭ᠎ᠠ ᠵᠡᠷᠬᠡ ᠳᠤᠳᠤᠭ᠋ᠠᠳᠤ ᠡᠷᠬᠡᠳᠡᠨ᠎ᠤ ᠰᠡᠷᠡᠯ᠎ᠤᠨ ᠰᠢᠰᠲᠸᠮ᠎ᠢ ᠰᠠᠮᠠᠭᠤᠷᠠᠭᠤᠯᠵᠦ᠂ ᠡᠬᠦᠨ᠎ᠤ ᠤᠯᠠᠮ ᠵᠶ᠋ᠡᠷ ᠳᠡᠳᠡᠨ᠎ᠤ ᠠᠵᠢᠯᠯᠠᠭ᠋ᠠᠨ᠎ᠤ ᠴᠢᠳᠠᠪᠤᠷᠢ ᠵᠢ ᠪᠠᠭᠤᠷᠠᠭᠤᠯᠤᠨ᠎ᠠ᠃
      ᠵᠢᠱ᠌ᠢᠶᠡᠯᠡᠪᠡᠯ᠂ ᠠᠶᠤᠯᠳᠤ ᠠᠩᠨᠠᠬ᠍ᠴᠢ ᠵᠢᠨ ᠦᠨᠦᠷ᠎ᠢ ᠰᠡᠷᠡᠭᠰᠡᠨ᠎ᠤ ᠳᠠᠷᠠᠭ᠎ᠠ ᠵᠢᠭ᠋ᠠᠰᠤᠨ᠎ᠤ ᠳᠦᠷᠦᠯ ᠰᠡᠷᠡᠮᠵᠢ ᠠᠪᠴᠤ ᠵᠢᠭᠤᠳᠠᠬᠤ ᠦᠬᠡᠢ᠂ ᠳᠡᠷᠡᠴᠢᠯᠡᠨ ᠬᠠᠷᠢᠨ ᠦᠨᠦᠷ᠎ᠢ᠎ᠲᠠᠭᠠᠨ ᠠᠩᠨᠠᠬ᠍ᠴᠢ ᠵᠢ ᠴᠢᠭᠯᠡᠨ ᠶᠠᠪᠤᠳᠠᠭ; ᠪᠠᠰᠠ ᠵᠢᠱ᠌ᠢᠶᠡᠯᠡᠬᠦ᠎ᠳᠤ ᠡᠩ᠎ᠤᠨ ᠪᠠᠢ᠌ᠳᠠᠯ᠎ᠳᠤ ᠵᠢᠭ᠋ᠠᠰᠤᠨ᠎ᠤ ᠳᠦᠷᠦᠯ ᠵᠠᠷᠢᠮ ᠳᠠᠭᠤ᠎ᠪᠠᠷ ᠠᠶᠤᠯ᠎ᠢ ᠰᠡᠷᠡᠵᠦ ᠵᠠᠢ᠌ᠯᠠᠳᠠᠭ᠂ ᠬᠡᠬᠦ᠎ᠳᠤ ᠤᠳᠤ ᠬᠠᠷᠢᠨ ᠡᠳᠡᠬᠡᠷ 《ᠳᠠᠭᠤᠨ ᠰᠡᠷᠡᠮᠵᠢ》᠎ᠳᠤ ᠮᠡᠳᠡᠷᠡᠮᠵᠢ ᠦᠬᠡᠢ ᠪᠤᠯᠤᠬᠰᠠᠨ ᠪᠠᠢ᠌ᠨ᠎ᠠ᠃
      ᠰᠤᠳᠤᠯᠭ᠋ᠠᠳᠠᠳ ᠤᠯᠠᠮ ᠨᠢᠬᠡ ᠠᠯᠬᠤᠮ ᠰᠤᠳᠤᠯᠬᠤ᠎ᠪᠠᠷ ᠳᠠᠮᠵᠢᠨ ᠮᠡᠳᠡᠭᠰᠡᠨ᠎ᠨᠢ᠂ ᠵᠢᠭ᠋ᠠᠰᠤᠨ᠎ᠤ ᠳᠦᠷᠦᠯ᠎ᠤᠨ ᠡᠳᠡᠬᠡᠷ 《ᠬᠡᠪ᠎ᠤᠨ ᠪᠤᠰᠤ》 ᠠᠵᠢᠯᠯᠠᠭ᠎ᠠ᠎ᠨᠢ ᠨᠡᠬᠦᠷᠡᠰᠦᠳᠦ᠋ᠷᠦᠭᠴᠢ ᠵᠢᠨ ᠳᠠᠪᠬᠤᠷ ᠢᠰᠦᠯ᠎ᠤᠨ ᠦᠳᠬᠡᠴᠡ ᠨᠡᠮᠡᠭᠳᠡᠨ ᠳᠡᠳᠡᠨ᠎ᠤ ᠶᠡᠬᠡ ᠳᠠᠷᠢᠬᠢᠨ᠎ᠤ ᠰᠡᠷᠡᠯ᠎ᠤᠨ ᠰᠢᠰᠲᠸᠮ᠎ᠢ ᠨᠦᠯᠦᠬᠡᠯᠡᠭᠰᠡᠨ᠎ᠲᠠᠢ ᠬᠤᠯᠪᠤᠭ᠎ᠠ᠎ᠲᠠᠢ ᠶᠤᠮ ᠪᠠᠢ᠌ᠨ᠎ᠠ᠃
      ᠪᠠᠷᠤᠬ᠍ᠴᠠᠭ᠋ᠠᠯᠠᠬᠰᠠᠨ ᠵᠶ᠋ᠠᠷ᠂ ᠳᠤᠰ ᠵᠠᠭᠤᠨ᠎ᠤ ᠡᠴᠦᠰ ᠪᠤᠯᠬᠤ᠎ᠪᠠᠷ ᠳᠠᠯᠠᠢ ᠳᠠᠩᠭᠢᠰ`᠎ᠤᠨ ᠠᠮᠢ ᠠᠬᠤᠢ ᠵᠢᠨ ᠨᠡᠬᠦᠷᠡᠰᠦᠳᠦ᠋ᠷᠦᠭᠴᠢ ᠵᠢᠨ ᠳᠠᠪᠬᠤᠷ ᠢᠰᠦᠯ᠎ᠤᠨ ᠦᠳᠬᠡᠴᠡ 2.5 ᠳᠠᠬᠢᠨ ᠨᠡᠮᠡᠭᠳᠡᠨ᠎ᠡ᠃ ᠡᠢ᠌ᠮᠦ ᠪᠠᠢ᠌ᠳᠠᠯ ᠳᠤᠤᠷ᠎ᠠ ᠵᠢᠭ᠋ᠠᠰᠤ ᠳᠡᠵᠢᠬᠡᠬᠦ ᠦᠢ᠍ᠯᠡᠰ᠎ᠨᠢ ᠦᠪᠡᠷᠮᠢᠴᠡ ᠳᠠᠪᠠᠭᠤᠯᠢᠭ ᠵᠶ᠋ᠡᠨ ᠪᠠᠳᠠᠷᠠᠭᠤᠯᠬᠤ ᠪᠤᠯᠤᠮᠵᠢ᠎ᠲᠠᠢ᠃ ᠳᠡᠳᠡᠨ᠎ᠤ ᠳᠠᠢ᠌ᠯᠪᠤᠷᠢᠯᠠᠬᠰᠠᠨ ᠵᠶ᠋ᠡᠷ᠂ ᠳᠡᠵᠢᠬᠡᠪᠦᠷᠢ ᠵᠢᠨ ᠵᠢᠭ᠋ᠠᠰᠤᠨ᠎ᠤ ᠳᠦᠷᠦᠯ᠎ᠤᠨ ᠠᠮᠢᠳᠤᠷᠠᠯ᠎ᠤᠨ ᠤᠷᠴᠢᠨ ᠳᠤᠭᠤᠷᠢᠨ᠎ᠤ ᠨᠡᠬᠦᠷᠡᠰᠦᠳᠦ᠋ᠷᠦᠭᠴᠢ ᠵᠢᠨ ᠳᠠᠪᠬᠤᠷ ᠢᠰᠦᠯ᠎ᠤᠨ ᠦᠳᠬᠡᠴᠡ᠎ᠨᠢ ᠳᠠᠯᠠᠢ ᠳᠠᠩᠭᠢᠰ᠎ᠤᠨ ᠬᠡᠬᠡᠷ᠎ᠡ ᠵᠢᠨ ᠵᠢᠭ᠋ᠠᠰᠤᠨ᠎ᠤ ᠳᠦᠷᠦᠯ᠎ᠠᠴᠠ ᠶᠡᠷᠦ᠎ᠳᠤ᠎ᠪᠠᠨ 10 ᠳᠠᠬᠢᠨ ᠦᠨᠳᠦᠷ᠂ ᠬᠡᠪᠡᠴᠦ ᠳᠡᠵᠢᠬᠡᠪᠦᠷᠢ ᠵᠢᠨ ᠵᠢᠭ᠋ᠠᠰᠤᠨ᠎ᠤ ᠳᠦᠷᠦᠯ᠎ᠨᠢ ᠬᠦᠢ᠍ᠴᠡᠳ ᠢᠳᠡᠰᠢ ᠪᠠ ᠠᠮᠤᠷ ᠳᠠᠢ᠌ᠪᠤᠩ ᠠᠮᠢᠳᠤᠷᠠᠯ᠎ᠤᠨ ᠤᠷᠴᠢᠨ᠎ᠲᠠᠢ᠂ ᠠᠶᠤᠯᠳᠤ ᠠᠩᠨᠠᠬ᠍ᠴᠢ᠎ᠠᠴᠠ ᠵᠢᠭᠤᠳᠠᠨ ᠵᠠᠢ᠌ᠯᠠᠬᠤ ᠴᠢᠬᠤᠯᠠ ᠦᠬᠡᠢ ᠪᠠᠢ᠌ᠳᠠᠭ᠃
      ᠵᠠᠯᠭ᠋ᠠᠭ᠋ᠠᠳ ᠰᠤᠳᠤᠯᠭ᠋ᠠᠳᠠᠳ ᠳᠡᠵᠢᠬᠡᠪᠦᠷᠢ ᠵᠢᠨ ᠵᠢᠭ᠋ᠠᠰᠤᠨ᠎ᠤ ᠳᠦᠷᠦᠯ᠎ᠳᠤ ᠬᠦᠨᠵᠡᠬᠡᠢ ᠰᠤᠳᠤᠯᠤᠯᠳᠠ ᠬᠢᠬᠦ᠎ᠪᠠᠷ ᠪᠡᠯᠡᠳᠬᠡᠵᠦ ᠪᠤᠢ᠃ ᠡᠨᠡ᠎ᠨᠢ ᠤᠰᠤᠨ᠎ᠤ ᠠᠮᠢᠳᠠᠨ ᠠᠭᠤᠷ ᠠᠮᠢᠰᠬᠤᠯ᠎ᠤᠨ ᠳᠤᠯᠠᠭ᠋ᠠᠷᠠᠯᠳᠠ ᠪᠠ ᠨᠡᠬᠦᠷᠡᠰᠦᠳᠦ᠋ᠷᠦᠭᠴᠢ ᠵᠢᠨ ᠳᠠᠪᠬᠤᠷ ᠢᠰᠦᠯ᠎ᠤᠨ ᠦᠳᠬᠡᠴᠡ ᠵᠢᠨ ᠬᠤᠪᠢᠷᠠᠯᠳᠠ᠎ᠳᠤ ᠬᠡᠷᠬᠢᠨ ᠵᠤᠬᠢᠴᠠᠬᠤ ᠵᠢ ᠤᠢ᠌ᠯᠠᠭ᠋ᠠᠨ ᠡᠵᠡᠮᠰᠢᠬᠦ᠎ᠳᠤ ᠳᠤᠢ᠌ᠯ᠎ᠤᠨ ᠴᠢᠬᠤᠯᠠ ᠶᠤᠮ᠃ ᠡᠬᠦᠨ᠎ᠤ ᠬᠠᠮᠳᠤ ᠵᠢᠭ᠋ᠠᠰᠤ ᠳᠡᠵᠢᠬᠡᠭᠴᠢᠳ ᠳᠡᠬᠡᠷᠡᠬᠢ ᠰᠤᠳᠤᠯᠭ᠋ᠠᠨ᠎ᠤ ᠦᠷ᠎ᠡ ᠪᠦᠳᠦᠬᠡᠯ᠎ᠢ ᠠᠰᠢᠬᠯᠠᠵᠦ᠂ ᠨᠡᠬᠦᠷᠡᠰᠦᠳᠦ᠋ᠷᠦᠭᠴᠢ ᠵᠢᠨ ᠳᠠᠪᠬᠤᠷ ᠢᠰᠦᠯ᠎ᠤᠨ ᠦᠳᠬᠡᠴᠡ ᠵᠢ ᠳᠤᠬᠢᠷᠠᠭᠤᠯᠬᠤ᠎ᠪᠠᠷ ᠳᠠᠮᠵᠢᠨ ᠵᠢᠭ᠋ᠠᠰᠤᠨ᠎ᠤ ᠳᠦᠷᠦᠯ᠎ᠤᠨ ᠠᠮᠢᠳᠤᠷᠠᠯ᠎ᠤᠨ ᠨᠦᠬᠦᠴᠡᠯ᠎ᠢ ᠬᠠᠮᠤᠭ᠎ᠤᠨ ᠰᠠᠢ᠌ᠨ ᠬᠡᠮᠵᠢᠶᠡᠨ᠎ᠳᠤ ᠬᠦᠷᠬᠡᠵᠦ ᠪᠤᠯᠤᠨ᠎ᠠ᠃

ᠢᠷᠡᠯᠲᠡ᠄ ᠦᠪᠦᠷ ᠮᠤᠩᠭᠤᠯ᠎ᠤᠨ ᠦᠪᠡᠷᠳᠡᠭᠡᠨ ᠵᠠᠰᠠᠬᠤ ᠤᠷᠤᠨ᠎ᠤ ᠠᠮᠢ ᠠᠬᠤᠢ ᠤᠷᠴᠢᠨ ᠲᠤᠭᠤᠷᠢᠨ᠎ᠤ ᠲᠢᠩᠬᠢᠮ
          
ᠬᠠᠮᠢᠶ᠎ᠡ ᠪᠦᠬᠦᠢ ᠰᠣᠨᠢᠨ
ᠳᠠᠯᠠᠢ ᠳᠠᠩᠭᠢᠰ ᠪᠤᠯ ᠪᠤᠬᠢᠷ ᠮᠠᠨᠠᠨ᠎ᠢ ᠴᠡᠪᠡᠷᠰᠢᠬᠦᠯᠬᠦ ᠪᠠᠢ᠌ᠭ᠋ᠠᠯᠢᠯᠢᠭ ᠪᠠᠭ᠋ᠠᠵᠢ ᠮᠥᠨ
ᠬᠦᠮᠦᠨ ᠪᠦᠬᠦᠨ ᠰᠠᠶᠤᠤ ᠪᠤᠯᠬᠤ᠎ᠳᠤ ᠬᠦᠷᠪᠡᠯ ᠬᠦᠯᠡᠮᠵᠢ ᠵᠢᠨ ᠬᠡᠢ ᠪᠡᠶᠡᠳᠦ 70%᠎ᠪᠠᠷ ᠪᠠᠭ᠋ᠠᠰᠬᠤ ᠪᠤᠯᠤᠨ᠎ᠠ
ᠠᠭ᠋ᠠᠷ᠎ᠤᠨ ᠪᠤᠬᠢᠷᠳᠤᠯ᠎ᠨᠢ ᠡᠷᠡᠬᠦᠯ ᠮᠡᠨᠳᠦ᠎ᠳᠤ ᠬᠦᠨᠦᠬᠡᠯ᠎ᠲᠠᠢ ᠮᠦᠷᠳᠡᠬᠡᠨ ᠮᠠᠷᠢᠶ᠎ᠠ ᠵᠢ ᠨᠡᠮᠡᠭᠳᠡᠬᠦᠯᠵᠦ ᠮᠡᠳᠡᠨ᠎ᠡ
《ᠠᠭ᠋ᠠᠷ ᠮᠠᠨᠳᠠᠯ᠎ᠤᠨ ᠪᠣᠬᠢᠷᠲᠤᠯ》᠎ᠢ ᠰᠡᠷᠭᠡᠶ᠋ᠢᠯᠡᠨ ᠵᠠᠰᠠᠬᠤ᠎ᠳᠤ ᠲᠠ ᠡᠳᠡᠭᠡᠷ᠎ᠢ ᠣᠢ᠌ᠯᠠᠭ᠋ᠠᠬᠤ ᠴᠢᠬᠤᠯᠠᠳᠠᠢ ᠁
ᠤᠷᠴᠢᠨ ᠲᠤᠭᠤᠷᠢᠨ᠎ᠤ ᠬᠠᠮᠠᠭ᠋ᠠᠯᠠᠯᠳᠠ ᠵᠢᠨ ᠮᠡᠳᠡᠯᠭᠡ (ᠨᠢᠭᠡ ᠵᠠᠭᠤ ᠨᠠᠶᠠ)
 
             蒙ICP备05000248号