ᠭᠠᠳᠠᠭ᠋ᠠᠳᠤ ᠵᠢᠨ ᠵᠠᠭᠤᠴᠢ ᠵᠢᠨ᠎ᠬᠢᠨ᠎ᠤ ᠮᠡᠳᠡᠬᠡᠯᠡᠭᠰᠡᠨ ᠵᠶ᠋ᠡᠷ᠂ ᠬᠦᠮᠦᠰ᠎ᠤᠨ ᠰᠠᠶᠤᠤ ᠪᠤᠯᠬᠤ ᠰᠢᠯᠳᠠᠭ᠋ᠠᠨ ᠤᠯᠠᠨ ᠪᠤᠢ᠂ ᠵᠠᠷᠢᠮ᠎ᠨᠢ ᠠᠮᠢᠳᠠᠨ᠎ᠳᠤ ᠭᠠᠢ ᠵᠤᠪᠠᠯᠠᠩ ᠤᠴᠠᠷᠠᠭᠤᠯᠬᠤ ᠦᠬᠡᠢ ᠵᠢᠨ ᠳᠦᠯᠦᠬᠡ ᠬᠡᠬᠦ᠎ᠳᠤ ᠵᠠᠷᠢᠮ᠎ᠨᠢ ᠪᠠᠰᠠ ᠡᠷᠡᠬᠦᠯ ᠴᠢᠬᠢᠷᠠᠭ ᠠᠮᠢᠳᠤᠷᠠᠯ᠎ᠤᠨ ᠠᠷᠭ᠎ᠠ ᠮᠠᠶᠢᠭ᠎ᠢ ᠬᠦᠬᠡᠬᠡᠴᠡᠯᠳᠦᠬᠦ ᠳᠦᠯᠦᠬᠡ᠂ ᠪᠠᠰᠠ ᠵᠠᠷᠢᠮ᠎ᠨᠢ ᠦᠷᠬᠦᠯᠵᠢᠯᠡᠬᠦᠢ᠌ᠴᠡ ᠬᠦᠭᠵᠢᠯᠳᠠ ᠵᠢ ᠳᠡᠮᠵᠢᠬᠦ ᠪᠤᠶᠤ ᠬᠦᠯᠡᠮᠵᠢ ᠵᠢᠨ ᠬᠡᠢ ᠪᠡᠶᠡᠳᠦ ᠭᠠᠳᠠᠬᠰᠢᠯᠠᠭᠤᠯᠬᠤ ᠵᠢ ᠪᠠᠭ᠋ᠠᠰᠬᠠᠬᠤ᠎ᠪᠠᠷ ᠵᠤᠷᠢᠬᠰᠠᠨ ᠪᠠᠢ᠌ᠳᠠᠭ᠃
ᠰᠠᠶᠤᠤ ᠬᠦᠮᠦᠰ ᠴᠦᠮ ᠮᠢᠬ᠎ᠠ ᠢᠳᠡᠬᠦ ᠦᠬᠡᠢ ᠪᠤᠯ ᠰᠠᠢ᠌ᠳᠠᠢ ᠳᠠᠯ᠎ᠠ ᠤᠯᠠᠨ ᠬᠡᠵᠦ ᠪᠠᠳᠤ ᠢᠳᠡᠬᠡᠨ᠂ ᠰᠠᠶᠤᠤᠴᠤᠳᠤᠨ ᠡᠩᠨᠡᠬᠡ ᠤᠯᠠᠮ ᠦᠷᠬᠡᠳᠪᠡᠯ ᠡᠨᠡ ᠬᠦ᠌ ᠰᠠᠢ᠌ᠳᠠᠢ ᠳᠠᠯ᠎ᠠ᠎ᠨᠢ ᠨᠡᠩ ᠴᠦ᠍ ᠳᠠᠶᠠᠩ ᠳᠡᠯᠡᠬᠡᠢ᠎ᠪᠠᠷ ᠳᠦᠬᠡᠨᠡ ᠬᠡᠵᠦ ᠦᠵᠡᠵᠦ ᠪᠤᠢ᠃ ᠬᠡᠪᠡᠴᠦ ᠪᠦᠬᠦ ᠬᠦᠮᠦᠰ ᠰᠠᠶᠤᠤ ᠪᠤᠯᠬᠤ᠎ᠳᠤ ᠬᠦᠷᠪᠡᠯ ᠠᠳᠠᠭ᠎ᠲᠤ᠎ᠪᠠᠨ ᠬᠡᠳᠦᠨ ᠵᠠᠭᠤᠨ ᠳᠦᠮᠡᠨ ᠬᠦᠮᠦᠨ ᠠᠰᠢᠭ ᠦᠬᠡᠢ ᠨᠦᠯᠦᠬᠡ ᠬᠦᠷᠳᠡᠬᠦ ᠪᠤᠯᠤᠨ᠎ᠠ᠃
《ᠪᠢᠳᠡ ᠬᠤᠶᠠᠷ ᠵᠦᠢ᠍ᠯ᠎ᠤᠨ ᠶᠢᠷᠳᠢᠨᠴᠤ᠎ᠳᠤ ᠠᠮᠢᠳᠤᠷᠠᠵᠦ ᠪᠠᠢ᠌ᠨ᠎ᠠ》 ᠬᠡᠵᠦ᠂ ᠺᠤᠯᠤᠮᠪᠢᠶ᠎ᠠ ᠵᠢᠨ ᠳᠡᠳ᠋ ᠬᠠᠯᠠᠭᠤᠨ ᠪᠦᠰᠡᠨ᠎ᠤ ᠳᠠᠷᠢᠶᠠᠯᠠᠩ᠎ᠤᠨ ᠤᠯᠠᠨ ᠤᠯᠤᠰ᠎ᠤᠨ ᠳᠦᠪ᠎ᠤᠨ ᠠᠨᠳ᠋ᠷᠸᠤ᠋ ᠵᠠᠷᠸᠢᠰ᠄ 《ᠬᠦᠭᠵᠢᠭᠰᠡᠨ ᠤᠯᠤᠰ᠎ᠲᠤ ᠠᠪᠴᠤ ᠬᠡᠯᠡᠪᠡᠯ ᠰᠠᠶᠤᠤ ᠳᠠᠳᠬᠠᠯ᠎ᠨᠢ ᠤᠷᠴᠢᠨ ᠳᠤᠭᠤᠷᠢᠨ ᠪᠠ ᠡᠷᠡᠬᠦᠯ ᠴᠢᠬᠢᠷᠠᠭ᠎ᠤᠨ ᠤᠯᠠᠨ ᠰᠠᠢ᠌ᠳᠠᠢ ᠳᠠᠯ᠎ᠠ ᠪᠤᠢ᠃ ᠬᠡᠪᠡᠴᠦ ᠬᠦᠭᠵᠢᠵᠦ ᠪᠠᠢ᠌ᠭ᠎ᠠ ᠤᠯᠤᠰ᠎ᠲᠤ ᠠᠪᠴᠤ ᠬᠡᠯᠡᠪᠡᠯ ᠡᠨᠡ᠎ᠨᠢ ᠶᠠᠳᠠᠭᠤ ᠬᠦᠴᠢᠷᠳᠡᠯ᠎ᠤᠨ ᠬᠡᠮᠵᠢᠶ᠎ᠡ ᠵᠢ ᠤᠯᠠᠮ ᠨᠢᠬᠡ ᠠᠯᠬᠤᠮ ᠬᠦᠨᠳᠦᠷᠡᠬᠦᠯᠬᠦ ᠪᠤᠯᠤᠨ᠎ᠠ》 ᠬᠡᠰᠡᠨ ᠪᠠᠢ᠌ᠨ᠎ᠠ᠃ ᠵᠠᠷᠸᠢᠰ ᠪᠤᠯᠤᠨ ᠳᠤᠰ ᠳᠦᠪ᠎ᠤᠨ ᠪᠤᠰᠤᠳ ᠳᠤᠰᠬᠠᠢ ᠮᠡᠷᠬᠡᠵᠢᠯᠳᠡᠳ᠎ᠠᠴᠠ ᠬᠡᠷᠪᠡ ᠪᠦᠬᠦ ᠳᠡᠯᠡᠬᠡᠢ ᠵᠢᠨ ᠬᠦᠮᠦᠰ ᠴᠦᠮ ᠰᠠᠶᠤᠤ ᠪᠤᠯᠪᠠᠯ ᠶᠠᠭᠤ ᠪᠤᠯᠬᠤ ᠳᠤᠬᠠᠢ ᠨᠢᠬᠡᠨ ᠵᠢᠱ᠌ᠢᠯᠳᠡ ᠬᠢᠪᠡ᠃
ᠳᠡᠳᠡ ᠤᠷᠢᠳ ᠵᠶ᠋ᠡᠷ ᠠᠭᠤᠷ ᠠᠮᠢᠰᠬᠤᠯ᠎ᠤᠨ ᠬᠤᠪᠢᠷᠠᠯᠳᠠ ᠵᠢ ᠰᠤᠳᠤᠯᠪᠠ᠃ ᠬᠦᠮᠦᠨ ᠳᠦᠷᠦᠯᠬᠢᠳᠡᠨ᠎ᠤ ᠠᠵᠢᠯᠯᠠᠭ᠎ᠠ᠎ᠠᠴᠠ ᠡᠬᠦᠰᠦᠭᠰᠡᠨ ᠬᠦᠯᠡᠮᠵᠢ ᠵᠢᠨ ᠬᠡᠢ ᠪᠡᠶ᠎ᠡ᠎ᠳᠤ ᠵᠢᠨ ᠳᠤᠳᠤᠷ᠎ᠠ ᠢᠳᠡᠬᠡᠨ᠎ᠤ ᠦᠢ᠍ᠯᠡᠳᠪᠦᠷᠢᠯᠡᠯ᠎ᠤᠨ ᠠᠵᠢᠯ ᠳᠦᠷᠦᠯ᠎ᠤᠨ ᠭᠠᠳᠠᠭᠰᠢᠯᠠᠭᠤᠯᠬᠤ ᠬᠡᠢ ᠪᠡᠶ᠎ᠡ᠎ᠳᠤ ᠳᠦᠷᠪᠡᠨ᠎ᠤ ᠨᠢᠬᠡ᠎ᠠᠴᠠ ᠭᠤᠷᠪᠠᠨ᠎ᠤ ᠨᠢᠬᠡ ᠵᠢ ᠡᠵᠡᠯᠡᠵᠦ᠂ ᠡᠬᠦᠨ᠎ᠳᠤ ᠤᠯᠠᠩᠭᠢ᠎ᠨᠢ ᠮᠠᠯ ᠠᠳᠤᠭᠤᠰᠤ ᠵᠢᠨ ᠠᠵᠢᠯ ᠳᠦᠷᠦᠯ ᠳᠡᠬᠡᠷ᠎ᠡ ᠳᠤᠰᠴᠤ ᠪᠤᠢ᠃ ᠡᠬᠦᠨ᠎ᠠᠴᠠ ᠭᠠᠳᠠᠨ᠎ᠠ ᠢᠳᠡᠬᠡᠨ ᠤᠮᠳᠠᠭ᠋ᠠᠨ᠎ᠤ ᠳᠠᠳᠬᠠᠯ᠎ᠤᠨ ᠠᠭᠤᠷ ᠠᠮᠢᠰᠬᠤᠯ᠎ᠤᠨ ᠬᠤᠪᠢᠷᠠᠯᠳᠠ᠎ᠳᠤ ᠦᠵᠡᠬᠦᠯᠬᠦ ᠨᠦᠯᠦᠬᠡ ᠵᠢ ᠬᠦᠮᠦᠰ ᠶᠡᠷᠦ᠎ᠨᠢ ᠳᠤᠤᠷ᠎ᠠ ᠦᠨᠡᠯᠡᠵᠦ ᠪᠠᠢ᠌ᠳᠠᠭ᠃ ᠠᠮᠸᠷᠢᠺᠠ᠎ᠪᠠᠷ ᠵᠢᠱ᠌ᠢᠶᠡᠯᠡᠬᠦ᠎ᠳᠤ᠂ ᠳᠦᠷᠪᠡᠨ ᠬᠦᠮᠦᠨ ᠠᠮᠠ᠎ᠲᠠᠢ ᠨᠢᠬᠡ ᠬᠡᠷ ᠪᠦᠯᠢ ᠵᠢᠨ ᠮᠢᠬ᠎ᠠ ᠢᠳᠡᠵᠦ ᠭᠠᠳᠠᠭᠰᠢᠯᠠᠭᠤᠯᠤᠬᠰᠠᠨ ᠬᠦᠯᠡᠮᠵᠢ ᠵᠢᠨ ᠬᠡᠢ ᠪᠡᠶ᠎ᠡ᠎ᠳᠦᠨᠢ ᠬᠤᠶᠠᠷ ᠮᠠᠰᠢᠨ ᠳᠡᠷᠬᠡ ᠵᠢᠯᠤᠭᠤᠳᠴᠤ ᠭᠠᠳᠠᠬᠰᠢᠯᠠᠭᠤᠯᠤᠬᠰᠠᠨ ᠬᠡᠢ ᠪᠡᠶᠡᠳᠦ᠎ᠠᠴᠠ ᠪᠠᠰᠠ ᠢᠯᠡᠬᠦᠦ ᠪᠠᠢ᠌ᠳᠠᠭ᠃ ᠬᠡᠳᠡᠯ᠎ᠡ ᠪᠦᠬᠦ ᠪᠦᠮᠪᠦᠷᠴᠡᠭ᠎ᠤᠨ ᠳᠤᠯᠠᠭ᠋ᠠᠷᠠᠯᠳᠠ ᠵᠢᠨ ᠠᠰᠠᠭᠤᠳᠠᠯ᠎ᠢ ᠬᠦᠨᠳᠡᠬᠦ ᠦᠶ᠎ᠡ᠎ᠳᠤ ᠬᠦᠮᠦᠰ ᠶᠡᠷᠦ᠎ᠨᠢ ᠮᠠᠰᠢᠨ ᠳᠡᠷᠬᠡ ᠵᠢ ᠳᠤᠷᠠᠳᠬᠤ᠎ᠠᠴᠠ ᠪᠢᠰᠢ ᠮᠢᠬ᠎ᠠ ᠢᠳᠡᠬᠦ᠎ᠠᠴᠠ ᠪᠤᠯᠬᠤ ᠠᠰᠠᠭᠤᠳᠠᠯ᠎ᠢ ᠶᠠᠷᠢᠳᠠᠭ ᠦᠬᠡᠢ᠃
《ᠠᠭᠤᠷ ᠠᠮᠢᠰᠬᠤᠯ᠎ᠤᠨ ᠬᠤᠪᠢᠷᠠᠯᠳᠠ᠎ᠳᠤ ᠦᠵᠡᠬᠦᠯᠬᠦ ᠢᠳᠡᠬᠡᠨ᠎ᠤ ᠨᠦᠯᠦᠬᠡ ᠵᠢ ᠤᠯᠠᠩᠭᠢ ᠬᠦᠮᠦᠨ ᠶᠡᠷᠦ᠎ᠠᠴᠠ ᠪᠤᠳᠤᠯᠬᠢᠯᠠᠳᠠᠭ ᠦᠬᠡᠢ》 ᠬᠡᠵᠦ ᠯᠸᠳ᠋ᠰ ᠶᠡᠬᠡ ᠰᠤᠷᠭ᠋ᠠᠭᠤᠯᠢ ᠵᠢᠨ ᠠᠮᠤ ᠪᠤᠳᠠᠭ᠋ᠠᠨ᠎ᠤ ᠠᠶᠤᠯᠬᠦᠢ ᠵᠢᠨ ᠳᠤᠰᠬᠠᠢ ᠮᠡᠷᠬᠡᠵᠢᠯᠳᠡᠨ ᠲᠢᠮ ᠪᠸᠨ᠋ᠲ᠋ᠤᠨ ᠵᠢᠭ᠋ᠠᠬᠤ᠎ᠳᠤ᠎ᠪᠠᠨ᠄ 《ᠬᠡᠷᠡᠭ ᠳᠡᠬᠡᠷ᠎ᠡ᠎ᠪᠠᠨ ᠪᠢᠳᠡ ᠮᠢᠬ᠎ᠠ ᠢᠳᠡᠬᠦ᠎ᠪᠠᠨ ᠶᠠᠯᠢᠮ ᠦᠬᠡᠢ᠌ᠬᠡᠨ ᠪᠠᠭ᠋ᠠᠰᠬᠠᠬᠤ᠎ᠨᠢ ᠮᠥᠨ ᠴᠦ᠍ ᠦᠷ᠎ᠡ ᠬᠡᠦᠬᠡᠳ᠎ᠲᠤ᠎ᠪᠠᠨ ᠪᠤᠶᠠᠨ ᠦᠢ᠍ᠯᠡᠡᠳᠴᠦ ᠪᠠᠢ᠌ᠭ᠎ᠠ ᠶᠠᠪᠤᠳᠠᠯ ᠮᠥᠨ》 ᠬᠡᠪᠡ᠃
ᠤᠺᠰᠹᠤᠷᠳ᠋ ᠶᠡᠬᠡ ᠰᠤᠷᠭ᠋ᠠᠭᠤᠯᠢ ᠵᠢᠨ ᠢᠷᠡᠬᠡᠳᠦᠢ ᠵᠢᠨ ᠢᠳᠡᠬᠡᠨ᠎ᠤ ᠳᠦᠷᠦᠯ ᠵᠦᠢ᠍ᠯ᠎ᠤᠨ ᠨᠢᠬᠡᠨ ᠳᠤᠰᠠᠯᠠᠬ᠍ᠴᠢ ᠰᠤᠳᠤᠯᠭ᠋ᠠᠳᠠᠨ ᠮᠠᠷᠺᠤ ᠰᠫᠢᠷᠢᠩᠮᠠᠨ ᠡᠨᠡ ᠠᠰᠠᠭᠤᠳᠠᠯ᠎ᠢ ᠬᠡᠮᠵᠢᠶᠡᠴᠢᠯᠡᠬᠦᠪᠠᠷ ᠤᠷᠤᠯᠳᠤᠪᠠ᠃ ᠳᠡᠷᠡ ᠬᠠᠮᠳᠤ ᠠᠵᠢᠯᠯᠠᠬ᠍ᠴᠢᠲᠠᠢᠪᠠᠨ ᠨᠢᠬᠡᠨ ᠺᠤᠮᠫᠢᠦ᠋ᠲᠸᠷ᠎ᠤᠨ ᠵᠠᠬ᠍ᠪᠤᠷ ᠵᠤᠬᠢᠶᠠᠵᠦ᠂ ᠡᠬᠦᠨ ᠵᠶ᠋ᠡᠷ ᠵᠶ᠋ᠡᠨ ᠪᠦᠬᠦ ᠬᠦᠮᠦᠨ ᠰᠠᠶᠤᠤ ᠪᠤᠯᠪᠠᠯ 2050 ᠤᠨ ᠪᠤᠯᠬᠤ᠎ᠳᠤ ᠶᠠᠮᠠᠷ ᠪᠠᠢ᠌ᠳᠠᠯ ᠡᠬᠦᠰᠬᠦ ᠵᠢ ᠳᠦᠰᠦᠬᠡᠯᠡᠪᠡ᠃ ᠦᠷ᠎ᠡ ᠳ᠋ᠦᠩ᠎ᠳᠤ ᠢᠯᠡᠷᠡᠬᠦᠯᠦᠭᠰᠡᠨ ᠵᠶ᠋ᠡᠷ᠂ ᠬᠦᠮᠦᠰ ᠮᠢᠬ᠎ᠠ ᠢᠳᠡᠬᠦ᠎ᠪᠠᠨ ᠵᠤᠬᠰᠤᠬᠰᠠᠨ᠎ᠠᠴᠠ ᠢᠳᠡᠬᠡᠨ᠎ᠤ ᠦᠢ᠍ᠯᠡᠳᠪᠦᠷᠢᠯᠡᠯ᠎ᠤᠨ ᠬᠠᠮᠢᠶᠠᠲᠠᠢ ᠭᠠᠳᠠᠬᠰᠢᠯᠠᠭᠤᠯᠬᠤ ᠬᠡᠮᠵᠢᠶ᠎ᠡ ᠪᠠᠷᠤᠭ 60% ᠪᠠᠭ᠋ᠠᠰᠪᠠ᠃ ᠬᠡᠷᠪᠡ ᠪᠦᠬᠦ ᠳᠡᠯᠡᠬᠡᠢ ᠵᠢᠨ ᠬᠦᠮᠦᠰ ᠴᠦᠮ ᠰᠠᠶᠤᠤ ᠪᠤᠯᠪᠠᠯ (ᠠᠮᠢᠳᠠᠨ᠎ᠢ ᠬᠡᠷᠡᠭᠯᠡᠬᠦ ᠦᠬᠡᠢ ᠢᠳᠡᠬᠦ ᠦᠬᠡᠢ) ᠬᠦᠯᠡᠮᠵᠢ ᠵᠢᠨ ᠬᠡᠢ ᠪᠡᠶᠡᠳᠦ ᠭᠠᠳᠠᠬᠰᠢᠯᠠᠭᠤᠯᠬᠤ ᠬᠡᠮᠵᠢᠶ᠎ᠡ ᠨᠡᠩ ᠴᠦ᠍ 70%᠎ᠪᠠᠷ ᠪᠠᠭᠤᠷᠠᠨ᠎ᠠ᠃
《ᠠᠭᠤᠷ ᠠᠮᠢᠰᠬᠤᠯ᠎ᠤᠨ ᠬᠤᠪᠢᠷᠠᠯᠳᠠ ᠠᠶᠤᠯᠳᠠᠢ ᠬᠡᠮᠵᠢᠶᠡᠨ᠎ᠳᠤ ᠬᠦᠷᠬᠦ᠎ᠠᠴᠠ ᠵᠠᠢ᠌ᠯᠠᠰᠬᠢᠬᠦ ᠭᠡᠪᠡᠯ ᠪᠢᠳᠡ ᠪᠠᠰᠠ ᠶᠠᠭᠤ ᠬᠢᠬᠦ ᠴᠢᠬᠤᠯᠠᠳᠠᠢ ᠪᠠᠢ᠌ᠬᠤ ᠵᠢ ᠮᠡᠳᠡᠶ᠎ᠡ ᠬᠡᠵᠦ ᠪᠤᠳᠤᠵᠦ ᠪᠠᠢ᠌ᠨ᠎ᠠ᠃ ᠡᠬᠦᠨ᠎ᠤ ᠳ᠋ᠦᠩ᠎ᠳᠤ ᠪᠢᠳᠡ ᠵᠠᠪᠠᠯ ᠢᠳᠡᠬᠡᠨ᠎ᠲᠠᠢ ᠬᠠᠮᠢᠶ᠎ᠠ ᠪᠦᠬᠦᠢ ᠬᠦᠯᠡᠮᠵᠢ ᠵᠢᠨ ᠬᠡᠢ ᠪᠡᠶᠡᠳᠦ ᠭᠠᠳᠠᠬᠰᠢᠯᠠᠭᠤᠯᠬᠤ ᠬᠡᠮᠵᠢᠶ᠎ᠡ ᠵᠢᠨ ᠶᠡᠷᠦᠩᠭᠡᠢ ᠭᠠᠳᠠᠬᠰᠢᠯᠠᠭᠤᠯᠬᠤ ᠬᠡᠮᠵᠢᠶ᠎ᠡ᠎ᠳᠤ ᠡᠵᠡᠯᠡᠬᠦ ᠬᠠᠷᠢᠴᠠᠯ᠎ᠢ ᠨᠢᠬᠡᠨ ᠳᠤᠬᠳᠠᠭᠤᠨ ᠬᠡᠮᠵᠢᠶᠡᠨ᠎ᠳᠤ ᠪᠠᠳᠤᠯᠠᠬᠤ ᠬᠡᠷᠡᠭᠳᠡᠢ ᠬᠡᠳᠡᠭ᠎ᠢ ᠮᠡᠳᠡᠪᠡ》᠂ 《ᠬᠡᠳᠦᠢ᠌ᠪᠡᠷ ᠡᠨᠡ ᠬᠦ᠌ ᠳᠦᠰᠦᠬᠡᠯᠡᠯ ᠳᠡᠢ᠌ᠮᠦ ᠠᠬᠤᠢ᠌ᠴᠢ ᠪᠢᠰᠢ ᠪᠤᠯᠪᠠᠴᠤ ᠬᠠᠷᠢᠨ ᠢᠳᠡᠬᠡᠨ᠎ᠲᠠᠢ ᠬᠠᠮᠢᠶ᠎ᠠ ᠪᠦᠬᠦᠢ ᠬᠦᠯᠡᠮᠵᠢ ᠵᠢᠨ ᠬᠡᠢ ᠪᠡᠶᠡᠳᠦ ᠭᠠᠳᠠᠬᠰᠢᠯᠠᠭᠤᠯᠬᠤ ᠬᠡᠮᠵᠢᠶ᠎ᠡ᠎ᠨᠢ ᠢᠷᠡᠬᠡᠳᠦᠢ᠎ᠳᠤ ᠴᠢᠬᠤᠯᠠ ᠪᠠᠢ᠌ᠷᠢ ᠰᠠᠭᠤᠷᠢ ᠡᠵᠡᠯᠡᠬᠦ ᠵᠢ ᠢᠯᠡᠷᠡᠬᠦᠯᠦᠭᠰᠡᠨ ᠪᠠᠢ᠌ᠨ᠎ᠠ》 ᠬᠡᠵᠦ ᠰᠫᠢᠷᠢᠩᠮᠠᠨ ᠬᠡᠯᠡᠪᠡ᠃
ᠡᠬᠦᠨ᠎ᠠᠴᠠ ᠭᠠᠳᠠᠨ᠎ᠠ ᠢᠳᠡᠬᠡᠨ᠎ᠤ ᠳᠤᠳᠤᠷᠠᠬᠢ ᠮᠠᠯ ᠠᠳᠤᠭᠤᠰᠤ ᠶᠡᠬᠡ ᠬᠡᠮᠵᠢᠶᠡᠨ᠎ᠤ ᠤᠷᠤᠨ ᠵᠠᠢ᠂ ᠳᠠᠷᠤᠢ ᠶᠡᠬᠡ ᠬᠡᠮᠵᠢᠶᠡᠨ᠎ᠤ ᠭᠠᠵᠠᠷ ᠡᠵᠡᠯᠡᠨ᠂ ᠠᠮᠢᠳᠤ ᠪᠤᠳᠠᠰ᠎ᠤᠨ ᠤᠯᠠᠨ ᠶᠠᠩᠵᠤᠳᠤ ᠴᠢᠨᠠᠷ᠎ᠢ ᠳᠤᠷᠤᠭᠰᠢᠯᠠᠭᠤᠯᠤᠬᠰᠠᠨᠠᠴᠠ ᠬᠦᠯᠡᠮᠵᠢ ᠵᠢᠨ ᠬᠡᠢ ᠪᠡᠶᠡᠳᠦ ᠵᠢᠨ ᠭᠠᠳᠠᠬᠰᠢᠯᠢ ᠨᠡᠮᠡᠭᠳᠡᠬᠦᠯᠬᠦ ᠴᠢᠬᠤᠯᠠ ᠰᠢᠯᠳᠠᠭ᠋ᠠᠨᠤ ᠨᠢᠬᠡ ᠪᠤᠯᠪᠠ᠃ ᠳᠡᠯᠡᠬᠡᠢ ᠵᠢᠨ ᠳᠠᠷᠢᠶᠠᠯᠠᠩ᠎ᠤᠨ ᠡᠵᠡᠯᠡᠬᠦ ᠭᠠᠵᠠᠷ 50 ᠳ᠋ᠦᠩᠰᠢᠭᠤᠷ ᠾᠸᠺᠲ᠋ᠠᠷ ᠪᠠᠢ᠌ᠵᠦ᠂ ᠡᠬᠦᠨ᠎ᠳᠤ 68% ᠵᠢ᠎ᠨᠢ ᠮᠠᠯ ᠠᠳᠤᠭᠤᠰᠤ ᠳᠡᠵᠢᠬᠡᠬᠦ᠎ᠳᠤ ᠵᠤᠷᠢᠭᠤᠯᠵᠦ ᠪᠠᠢ᠌ᠨ᠎ᠠ᠃
ᠬᠡᠷᠪᠡ ᠪᠢᠳᠡ ᠪᠦᠬᠦᠨ ᠵᠶ᠋ᠡᠷ ᠵᠶ᠋ᠡᠨ ᠰᠠᠶᠤᠤ ᠪᠤᠯᠪᠠᠯ᠂ ᠬᠦᠰᠡᠯᠡᠩ᠎ᠤᠨ ᠪᠠᠢ᠌ᠳᠠᠯ ᠳᠤᠤᠷ᠎ᠠ ᠨᠠᠭ᠋ᠠᠳᠤ ᠵᠠᠬ᠎ᠠ᠎ᠳᠤ᠎ᠪᠠᠨ 80% ᠵᠢᠨ ᠮᠠᠯᠵᠢᠯ᠎ᠤᠨ ᠳᠠᠯᠠᠪᠠᠢ ᠵᠢ ᠳᠠᠯ᠎ᠠ ᠨᠤᠳᠤᠭ ᠪᠤᠶᠤ ᠤᠢ ᠰᠢᠭᠤᠢ᠎ᠳᠤᠨᠢ ᠪᠤᠴᠠᠭ᠋ᠠᠵᠦ᠂ ᠡᠬᠦᠨ᠎ᠤ ᠤᠯᠠᠮ ᠵᠶ᠋ᠡᠷ ᠨᠡᠬᠦᠷᠡᠰᠦᠳᠦ᠋ᠷᠦᠭᠴᠢ ᠵᠢᠨ ᠳᠠᠪᠬᠤᠷ ᠢᠰᠦᠯ᠎ᠢ ᠤᠯᠵᠠᠯᠠᠨ ᠠᠭᠤᠷ ᠠᠮᠢᠰᠬᠤᠯ᠎ᠤᠨ ᠬᠤᠪᠢᠷᠠᠯᠳᠠ ᠵᠢ ᠤᠯᠠᠮ ᠨᠢᠬᠡ ᠠᠯᠬᠤᠮ ᠤᠳᠠᠭ᠋ᠠᠰᠢᠷᠠᠭᠤᠯᠤᠨᠠ᠃ ᠡᠬᠦᠨ᠎ᠠᠴᠠ ᠡᠮᠦᠨ᠎ᠡ ᠬᠦᠮᠦᠰ ᠮᠠᠯ ᠠᠳᠤᠭᠤᠰᠤ ᠳᠡᠵᠢᠬᠡᠬᠦ ᠵᠢᠨ ᠳᠦᠯᠦᠬᠡ ᠵᠡᠷᠯᠢᠭ ᠦᠬᠡᠷ ᠵᠡᠷᠬᠡ ᠮᠠᠰᠢ ᠤᠯᠠᠨ ᠳᠤᠮᠤ ᠬᠡᠯᠪᠡᠷᠢ ᠵᠢᠨ ᠡᠪᠡᠰᠦᠴᠢ ᠠᠮᠢᠳᠠᠨ᠎ᠢ ᠦᠯᠳᠡᠵᠦ ᠶᠠᠪᠤᠭᠤᠯᠪᠠ᠃ ᠪᠠᠰᠠ ᠮᠠᠯ ᠠᠳᠤᠭᠤᠰᠤ᠎ᠪᠠᠨ ᠬᠠᠮᠠᠭ᠋ᠠᠯᠠᠬᠤ ᠵᠢᠨ ᠳᠦᠯᠦᠬᠡ ᠴᠢᠨ᠋ᠸ᠎ᠠ ᠮᠡᠳᠦ ᠵᠢᠨ ᠠᠩᠨᠠᠬ᠍ᠴᠢ ᠠᠮᠢᠳᠠᠨ᠎ᠢ ᠶᠡᠬᠡ᠎ᠪᠠᠷ ᠠᠯᠠᠵᠦ ᠨᠢᠳᠦᠯᠡᠭᠰᠡᠨ ᠪᠠᠢ᠌ᠨ᠎ᠠ᠃ ᠡᠢ᠌ᠮᠦ᠎ᠠᠴᠠ ᠮᠠᠯᠵᠢᠯ᠎ᠤᠨ ᠳᠠᠯᠠᠪᠠᠢ ᠵᠢ ᠪᠠᠢ᠌ᠭ᠋ᠠᠯᠢᠯᠢᠭ ᠤᠷᠤᠰᠢᠨ ᠠᠮᠢᠳᠤᠷᠠᠬᠤ ᠭᠠᠵᠠᠷ ᠪᠤᠯᠭ᠋ᠠᠬᠤ᠎ᠨᠢ ᠪᠠᠰᠠ ᠠᠮᠢᠳᠤ ᠪᠤᠳᠠᠰ᠎ᠤᠨ ᠤᠯᠠᠨ ᠶᠠᠩᠵᠤᠳᠤ ᠴᠢᠨᠠᠷ᠎ᠢ ᠨᠡᠮᠡᠭᠳᠡᠬᠦᠯᠵᠦ ᠴᠢᠳᠠᠨ᠎ᠠ᠃
ᠦᠯᠡᠳᠡᠭᠰᠡᠨ 10%᠎ᠠᠴᠠ 20% ᠵᠢᠨ ᠮᠠᠯᠵᠢᠯ᠎ᠤᠨ ᠳᠠᠯᠠᠪᠠᠢ ᠵᠢ ᠳᠠᠷᠢᠶ᠎ᠠ ᠳᠦᠮᠦᠰᠦ ᠳᠠᠷᠢᠬᠤ ᠭᠠᠵᠠᠷ ᠪᠤᠯᠭ᠋ᠠᠵᠦ᠂ ᠢᠳᠡᠬᠡᠨ᠎ᠤ ᠬᠠᠩᠭ᠋ᠠᠯᠭ᠎ᠠ ᠬᠡᠷᠡᠭᠴᠡᠬᠡᠨ᠎ᠤ ᠳᠤᠳᠠᠬᠳᠠᠯᠢ ᠨᠦᠬᠦᠪᠦᠷᠢᠯᠡᠵᠦ ᠪᠤᠯᠤᠨ᠎ᠠ᠃ ᠬᠡᠳᠦᠢ᠌ᠪᠡᠷ ᠳᠠᠷᠢᠶᠠᠯᠠᠩ᠎ᠤᠨ ᠬᠡᠷᠡᠭᠯᠡᠬᠡᠨ᠎ᠤ ᠭᠠᠵᠠᠷ᠎ᠢ ᠬᠠᠷᠢᠴᠠᠩᠭᠤᠢ᠎ᠪᠠᠷ ᠨᠡᠯᠢᠶᠡᠳ ᠪᠠᠭ᠎ᠠ ᠨᠡᠮᠡᠭᠳᠡᠭᠦᠯᠦᠭᠰᠡᠨ ᠪᠤᠯᠪᠠᠴᠤ᠂ ᠡᠨᠡ᠎ᠨᠢ ᠮᠢᠬᠠᠨ᠎ᠤ ᠳᠤᠳᠠᠬᠳᠠᠯᠢ ᠬᠦᠢ᠍ᠴᠡᠳ ᠨᠦᠬᠦᠪᠦᠷᠢᠯᠡᠵᠦ ᠴᠢᠳᠠᠨ᠎ᠠ᠃ ᠤᠴᠢᠷ᠎ᠨᠢ ᠤᠳᠤᠬᠠᠨ᠎ᠤ ᠳᠠᠷᠢᠶᠠᠨ ᠭᠠᠵᠠᠷ᠎ᠤᠨ ᠪᠠᠷᠤᠭ ᠭᠤᠷᠪᠠᠨ᠎ᠤ ᠨᠢᠬᠡ ᠵᠢ᠎ᠨᠢ ᠮᠠᠯ ᠠᠳᠤᠭᠤᠰᠤ ᠵᠢᠨ ᠳᠡᠵᠢᠬᠡᠯ ᠪᠤᠷᠳᠤᠭ᠎ᠠ ᠳᠠᠷᠢᠬᠤ᠎ᠳᠤ ᠬᠡᠷᠡᠭᠯᠡᠵᠦ᠂ ᠬᠦᠮᠦᠨ ᠳᠦᠷᠦᠯᠬᠢᠳᠡᠨ᠎ᠤ ᠪᠡᠶ᠎ᠡ᠎ᠳᠤ ᠵᠤᠷᠢᠭᠤᠯᠵᠦ ᠪᠠᠢ᠌ᠭ᠎ᠠ ᠪᠢᠰᠢ᠃ ᠬᠡᠪᠡᠴᠦ ᠮᠠᠰᠢ ᠤᠯᠠᠨ ᠮᠠᠯᠵᠢᠯ᠎ᠤᠨ ᠳᠠᠯᠠᠪᠠᠢ ᠨᠢᠬᠡᠨᠳᠡ ᠬᠦᠨᠳᠦ ᠨᠤᠴᠢᠳᠠᠢ ᠡᠯᠡᠭᠳᠡᠵᠦ᠂ ᠤᠷᠴᠢᠨ ᠳᠤᠭᠤᠷᠢᠨ᠎ᠤ ᠳᠠᠬᠢᠨ ᠪᠠᠢ᠌ᠭᠤᠯᠤᠯᠳᠠ ᠪᠠ ᠳᠠᠷᠢᠶᠠᠯᠠᠩ᠎ᠤᠨ ᠬᠤᠪᠢᠷᠠᠭᠤᠯᠤᠯᠳᠠ᠎ᠨᠢ ᠴᠦᠮ ᠶᠡᠬᠡ ᠬᠡᠮᠵᠢᠶᠡᠨ᠎ᠤ ᠪᠡᠯᠡᠳᠬᠡᠯ ᠠᠵᠢᠯ᠂ ᠡᠳ᠋᠎ᠤᠨ ᠬᠦᠴᠦᠨ᠎ᠤ ᠳᠡᠮᠵᠢᠯᠬᠡ ᠬᠡᠷᠡᠭᠰᠡᠬᠦ ᠶᠤᠮ᠃ 《ᠮᠠᠯ ᠰᠦᠷᠦᠭ ᠶᠠᠪᠤᠮᠠᠬ᠍ᠴᠠ ᠮᠠᠯᠵᠢᠯ᠎ᠤᠨ ᠳᠠᠯᠠᠪᠠᠢ ᠤᠤᠯ᠎ᠤᠨ ᠪᠠᠯᠠᠷ ᠤᠢ ᠵᠢᠨ ᠪᠠᠢ᠌ᠳᠠᠯ᠎ᠳᠤ᠎ᠪᠠᠨ ᠪᠤᠴᠠᠴᠢᠬᠠᠬᠤ ᠪᠤᠯᠤᠮᠵᠢ ᠦᠬᠡᠢ》 ᠬᠡᠵᠦ ᠵᠠᠷᠸᠢᠰ ᠶᠠᠷᠢᠪᠡ᠃