ᠪᠤᠬᠢᠷ ᠮᠠᠨᠠᠨ ᠡᠬᠦᠰᠬᠦ ᠦᠶ᠎ᠡ᠎ᠳᠤ ᠪᠡᠬᠡᠵᠢᠩ᠎ᠤᠨ ᠠᠭ᠋ᠠᠷ᠎ᠤᠨ ᠪᠤᠬᠢᠷᠳᠤᠯ᠎ᠨᠢ ᠳᠡᠯᠡᠬᠡᠢ ᠳᠡᠬᠡᠷ᠎ᠡ ᠬᠠᠮᠤᠭ᠎ᠠᠴᠠ ᠬᠦᠨᠳᠦ ᠨᠤᠴᠢᠳᠠᠢ ᠪᠠᠢ᠌ᠵᠦ ᠮᠡᠳᠡᠨ᠎ᠡ᠃ ᠠᠭᠤᠷ ᠠᠮᠢᠰᠬᠤᠯ ᠮᠠᠭᠤ ᠪᠠᠢ᠌ᠳᠠᠯ᠎ᠳᠤ ᠪᠡᠭᠡᠵᠢᠩ᠎ᠤᠨ ᠠᠭ᠋ᠠᠷ᠎ᠲᠠᠬᠢ ᠪᠢᠴᠢᠯ ᠪᠤᠬᠢᠷ ᠮᠦᠬᠦᠯᠢᠭ ᠠᠭᠤᠯᠬᠤ ᠬᠡᠮᠵᠢᠶ᠎ᠡ ᠳᠡᠯᠡᠬᠡᠢ ᠵᠢᠨ ᠡᠷᠡᠬᠦᠯ ᠬᠠᠮᠠᠭ᠋ᠠᠯᠠᠯ᠎ᠤᠨ ᠵᠤᠬᠢᠶᠠᠨ ᠪᠠᠢ᠌ᠭᠤᠯᠤᠯᠳᠠ᠎ᠠᠴᠠ ᠰᠠᠨᠠᠭᠤᠯᠤᠬᠰᠠᠨ ᠡᠷᠡᠬᠦᠯ ᠮᠡᠨᠳᠦ ᠵᠢᠨ ᠪᠠᠷᠢᠮᠵᠢᠶᠠᠨ᠎ᠤ 10 ᠳᠠᠬᠢᠨ ᠪᠠᠢ᠌ᠳᠠᠭ᠃ ᠨᠢᠬᠡᠨ ᠰᠢᠨ᠎ᠡ ᠰᠤᠳᠤᠯᠭ᠋ᠠᠨ᠎ᠳᠤ ᠰᠤᠳᠤᠯᠤᠬ᠍ᠴᠢ᠎ᠠᠴᠠ ᠬᠤᠯᠤᠭ᠋ᠠᠨ᠎ᠠ᠎ᠳᠤ ᠡᠨᠡ ᠬᠦ᠌ ᠬᠡᠢ ᠠᠭ᠋ᠠᠷ᠎ᠢ ᠠᠮᠢᠰᠬᠤᠯᠭ᠋ᠠᠬᠰᠠᠨᠳᠤ ᠳᠡᠳᠡᠬᠡᠷ ᠮᠡᠷᠡᠭᠴᠢ ᠠᠮᠢᠳᠠᠨ᠎ᠤ ᠪᠡᠶ᠎ᠡ ᠵᠢᠨ ᠬᠦᠨᠳᠦ ᠨᠡᠮᠡᠭᠳᠡᠵᠦ᠂ ᠰᠢᠨ᠎ᠡ ᠰᠤᠷᠭᠤᠭ ᠬᠡᠢ ᠠᠭ᠋ᠠᠷ ᠠᠮᠢᠰᠬᠤᠬᠰᠠᠨ ᠳᠤᠮᠤ ᠬᠤᠯᠤᠭ᠋ᠠᠨᠠᠨᠤᠭᠤᠳᠲᠠᠢ ᠬᠠᠷᠢᠴᠠᠭᠤᠯᠬᠤ᠎ᠳᠤ ᠡᠷᠡᠬᠦᠯ ᠮᠡᠨᠳᠦ ᠵᠢᠨ ᠳᠠᠯ᠎ᠠ᠎ᠪᠠᠷ ᠴᠦ᠍ ᠠᠨᠠᠢ ᠪᠤᠯᠪᠠ᠃ ᠰᠤᠳᠤᠯᠭ᠋ᠠᠨ᠎ᠤ ᠦᠷ᠎ᠡ ᠳ᠋ᠦᠩ᠎ᠳᠤ ᠢᠯᠡᠷᠡᠬᠦᠯᠦᠭᠰᠡᠨ᠎ᠨᠢ᠂ ᠠᠭ᠋ᠠᠷ᠎ᠤᠨ ᠪᠤᠬᠢᠷᠳᠤᠯ᠎ᠲᠠᠢ ᠬᠦᠷᠦᠯᠴᠡᠬᠦ᠎ᠨᠢ ᠮᠠᠷᠢᠶᠠᠯᠠᠬᠤ ᠡᠪᠡᠳᠴᠢᠨ ᠤᠯᠬᠤ ᠳᠦᠭᠰᠢᠬᠦᠷᠢ ᠵᠢ ᠨᠡᠮᠡᠭᠳᠡᠬᠦᠯᠦᠨ᠎ᠡ᠃ ᠰᠤᠳᠤᠯᠤᠬ᠍ᠴᠢ ᠯᠤᠷᠸᠨ ᠸᠤᠯᠳ᠋᠄ 《ᠡᠢ᠌ᠮᠦᠷᠬᠦᠦ ᠪᠠᠢ᠌ᠳᠠᠯ ᠶᠠᠭ ᠰᠠᠢ᠌ᠬᠠᠨ ᠬᠦᠮᠦᠨ ᠳᠦᠷᠦᠯᠬᠢᠳᠡᠨ᠎ᠤ ᠪᠡᠶ᠎ᠡ ᠳᠡᠬᠡᠷ᠎ᠡ ᠡᠬᠦᠰᠴᠦ ᠪᠠᠢ᠌ᠭ᠎ᠠ ᠪᠤᠯᠤᠮᠵᠢ ᠳᠤᠩ ᠶᠡᠬᠡ ᠪᠠᠢ᠌ᠨ᠎ᠠ》 ᠬᠡᠪᠡ᠃
ᠸᠤᠯᠳ᠋ ᠤᠬᠠᠢ᠌ᠸᠤ᠋ ᠵᠸᠦ ᠵᠢᠨ ᠶᠡᠬᠡ ᠰᠤᠷᠭ᠋ᠠᠭᠤᠯᠢ᠎ᠳᠤ ᠠᠵᠢᠯᠯᠠᠵᠦ᠂ ᠠᠭ᠋ᠠᠷ᠎ᠤᠨ ᠪᠤᠬᠢᠷᠳᠤᠯ᠎ᠤᠨ ᠵᠢᠷᠦᠬᠡᠨ᠎ᠳᠤ ᠦᠵᠡᠬᠦᠯᠬᠦ ᠨᠦᠯᠦᠬᠡ ᠵᠢ ᠰᠤᠳᠤᠯᠵᠦ ᠪᠠᠢ᠌ᠨ᠎ᠠ᠃ ᠳᠡᠷᠡ ᠳᠡᠬᠡᠷᠡᠬᠢ ᠰᠢᠨ᠎ᠡ ᠰᠤᠳᠤᠯᠭ᠋ᠠᠨ᠎ᠳᠤ ᠤᠷᠤᠯᠴᠠᠬᠰᠠᠨ ᠦᠬᠡᠢ ᠪᠤᠯᠪᠠᠴᠤ ᠪᠤᠰᠤᠳ ᠰᠤᠳᠤᠯᠭ᠋ᠠᠳᠠᠳ᠎ᠤᠨ ᠢᠯᠡᠷᠡᠬᠦᠯᠦᠭᠰᠡᠨ ᠦᠵᠡᠯᠳᠡ᠄ ᠠᠭ᠋ᠠᠷ᠎ᠤᠨ ᠪᠤᠬᠢᠷᠳᠤᠯ᠎ᠨᠢ ᠬᠦᠮᠦᠨ᠎ᠤ ᠪᠡᠶ᠎ᠡ ᠵᠢᠨ ᠢᠳᠡᠬᠡᠨ᠎ᠤ ᠡᠨ᠋ᠸᠷᠬᠢ ᠵᠢ ᠵᠠᠳᠠᠷᠠᠭᠤᠯᠬᠤ ᠠᠷᠭ᠎ᠠ ᠮᠠᠶᠢᠭ — ᠰᠢᠨ᠎ᠡ ᠬᠠᠭᠤᠴᠢᠨ᠎ᠤ ᠰᠤᠯᠢᠯᠴᠠᠭ᠎ᠠ ᠵᠢ ᠨᠦᠯᠦᠬᠡᠯᠡᠵᠦ ᠪᠤᠢ ᠬᠡᠳᠡᠭ᠎ᠢ ᠵᠦᠪᠰᠢᠶᠡᠷᠡᠵᠦ ᠪᠠᠢ᠌ᠬᠤ᠎ᠪᠠᠨ ᠢᠯᠡᠷᠬᠡᠢ᠌ᠯᠡᠪᠡ᠃
ᠪᠤᠬᠢᠷᠳᠤᠯ᠎ᠲᠠᠢ ᠠᠭ᠋ᠠᠷ᠎ᠲᠤ ᠦᠨᠡᠰᠦᠨ ᠳᠤᠪᠷᠠᠭ᠂ ᠳᠤᠭᠤᠰᠤ ᠪᠠ ᠪᠤᠰᠤᠳ ᠬᠢᠮᠢ ᠵᠢᠨ ᠪᠤᠳᠠᠰ ᠠᠭᠤᠯᠵᠦ ᠪᠠᠢ᠌ᠨ᠎ᠠ᠃ ᠵᠠᠷᠢᠮ ᠦᠶ᠎ᠡ᠎ᠳᠤ ᠡᠳᠡᠬᠡᠷ ᠪᠢᠴᠢᠯ ᠮᠦᠬᠦᠯᠢᠭ᠎ᠤᠨ ᠳᠤᠭ᠎ᠠ ᠬᠡᠮᠵᠢᠶ᠎ᠡ ᠤᠯᠠᠳᠠᠭ᠋ᠠᠳ ᠦᠳᠬᠡᠨ ᠮᠠᠨᠠᠨ ᠡᠬᠦᠰᠬᠡᠵᠦ᠂ ᠦᠵᠡᠭᠳᠡᠬᠦ ᠬᠡᠮᠵᠢᠶ᠎ᠡ ᠵᠠᠭᠤᠨ ᠮᠸᠲᠷ ᠴᠦ᠍ ᠬᠦᠷᠬᠦ ᠦᠬᠡᠢ ᠪᠠᠢ᠌ᠳᠠᠭ᠃
ᠡᠬᠦᠨ᠎ᠠᠴᠠ ᠡᠮᠦᠨ᠎ᠡ ᠠᠮᠸᠷᠢᠺᠠ ᠵᠢᠨ ᠰᠢᠨᠵᠢᠯᠡᠬᠦ ᠤᠬᠠᠭ᠋ᠠᠨᠳᠠᠨ ᠡᠮᠦᠨᠡᠳᠦ ᠺᠠᠯᠢᠹᠤᠷᠨᠢᠶ᠎ᠠ ᠵᠸᠦ ᠵᠢᠨ 18 ᠨᠠᠰᠤᠨ᠎ᠤ ᠬᠦᠮᠦᠰ᠎ᠤᠨ ᠳᠤᠮᠳᠠ ᠨᠢᠬᠡ ᠰᠢᠷᠢᠰ ᠳᠤᠷᠰᠢᠯᠳᠠ ᠬᠢᠬᠡᠳ᠂ ᠵᠠᠮ ᠬᠠᠷᠢᠯᠴᠠᠭ᠎ᠠ ᠪᠠᠬᠰᠢᠷᠠᠬᠤ ᠪᠠ ᠨᠡᠩ ᠦᠨᠳᠦᠷ BMI ᠬᠡᠮᠵᠢᠭᠳᠡᠯ (ᠪᠡᠶ᠎ᠡ ᠮᠠᠬᠠᠪᠤᠳ᠎ᠤᠨ ᠴᠢᠨᠠᠷ ᠴᠢᠨᠰᠠᠭ᠎ᠠ ᠵᠢᠨ ᠢᠯᠡᠳᠬᠡᠮᠵᠢ᠂ ᠬᠡᠳᠦ ᠬᠦᠨᠳᠦ ᠪᠠ ᠮᠠᠷᠢᠶ᠎ᠠ ᠵᠢ ᠬᠡᠮᠵᠢᠬᠦ ᠨᠢᠬᠡ ᠵᠦᠢ᠍ᠯ᠎ᠤᠨ ᠠᠷᠭ᠎ᠠ)᠎ᠤᠨ ᠬᠤᠭᠤᠷᠤᠨᠳᠤᠬᠢ ᠬᠠᠷᠢᠴᠠᠭ᠎ᠠ ᠵᠢ ᠢᠯᠡᠷᠡᠬᠦᠯᠵᠦ᠂ ᠵᠠᠮ ᠬᠠᠷᠢᠯᠴᠠᠭ᠎ᠠ ᠪᠠᠬᠰᠢᠷᠠᠨ ᠰᠢᠬᠠᠯᠴᠠᠬᠤ ᠭᠠᠵᠠᠷ᠎ᠤᠨ ᠪᠤᠬᠢᠷ ᠮᠦᠬᠦᠯᠢᠭ ᠨᠠᠩ ᠤᠯᠠᠨ ᠬᠡᠰᠡᠨ ᠪᠠᠢ᠌ᠨ᠎ᠠ᠃ ᠦᠬᠡᠷ᠎ᠡ ᠨᠢᠬᠡ ᠵᠦᠢ᠍ᠯ᠎ᠤᠨ ᠰᠤᠳᠤᠯᠭ᠋ᠠᠨ᠎ᠳᠤ ᠢᠯᠡᠷᠡᠬᠦᠯᠦᠭᠰᠡᠨ᠎ᠨᠢ᠂ ᠵᠢᠷᠮᠤᠰᠤᠨ ᠬᠤᠯᠤᠭ᠋ᠠᠨ᠎ᠠ ᠵᠢ ᠳᠤᠳᠤᠭ᠋ᠠᠳᠤ ᠰᠢᠳᠠᠯᠳᠠ ᠵᠢᠨ ᠮᠠᠰᠢᠨ᠎ᠤ ᠬᠦᠳᠡᠯᠬᠡᠬᠦᠷ᠎ᠠᠴᠠ ᠡᠬᠦᠰᠦᠭᠰᠡᠨ ᠭᠠᠳᠠᠬᠰᠢᠯ ᠬᠡᠢ᠎ᠲᠠᠢ ᠭᠠᠵᠠᠷ᠎ᠲᠤ ᠳᠠᠯᠪᠢᠪᠠᠯ ᠳᠡᠳᠡᠨ᠎ᠤ ᠵᠤᠯᠵᠠᠭ᠎ᠠ ᠬᠤᠯᠤᠭ᠋ᠠᠨ᠎ᠠ ᠵᠢᠨ ᠬᠦᠨᠳᠦ᠎ᠨᠢ ᠨᠡᠮᠡᠭᠳᠡᠬᠦ᠎ᠪᠠᠷ ᠪᠠᠷᠠᠬᠤ ᠦᠬᠡᠢ ᠳᠠᠷᠢᠬᠢᠨ᠎ᠤ ᠬᠡᠰᠡᠭ᠎ᠤᠨ ᠦᠷᠪᠢᠰᠦᠯ ᠤᠯᠬᠤ ᠪᠤᠯᠤᠮᠵᠢ᠎ᠨᠢ ᠴᠦ᠍ ᠨᠡᠮᠡᠭᠳᠡᠨ᠎ᠡ᠃ ᠡᠨᠡ ᠬᠦ᠌ ᠰᠢᠨ᠎ᠡ ᠰᠤᠳᠤᠯᠭ᠋ᠠᠨ᠎ᠳᠤ ᠰᠤᠳᠤᠯᠭ᠋ᠠᠳᠠᠳ ᠪᠡᠬᠡᠵᠢᠩ᠎ᠤᠨ ᠪᠤᠬᠢᠷ ᠠᠭ᠋ᠠᠷ᠎ᠤᠨ ᠵᠢᠷᠮᠤᠰᠤᠨ ᠬᠤᠯᠤᠭ᠋ᠠᠨ᠎ᠠ ᠵᠢᠨ ᠡᠷᠡᠬᠦᠯ ᠮᠡᠨᠳᠦ᠎ᠳᠤ ᠬᠢᠷᠢ ᠵᠡᠷᠬᠡ ᠨᠦᠯᠦᠬᠡ ᠦᠵᠡᠬᠦᠯᠬᠦ ᠵᠢ ᠬᠡᠮᠵᠢᠭᠰᠡᠨ ᠪᠠᠢ᠌ᠨ᠎ᠠ᠃
ᠵᠠᠩ ᠵᠢᠶᠦ᠋ᠨ ᠹᠸᠩ ᠪᠤᠯ ᠳ᠋ᠦᠺᠸ ᠶᠡᠬᠡ ᠰᠤᠷᠭ᠋ᠠᠭᠤᠯᠢ ᠵᠢᠨ ᠤᠷᠴᠢᠨ ᠳᠤᠭᠤᠷᠢᠨ᠎ᠤ ᠰᠢᠨᠵᠢᠯᠡᠬᠦ ᠤᠬᠠᠭ᠋ᠠᠨᠳᠠᠨ᠃ ᠳᠡᠷᠡ ᠬᠤᠶᠠᠷ ᠵᠢᠷᠮᠤᠰᠤᠨ ᠬᠤᠯᠤᠭ᠋ᠠᠨ᠎ᠠ ᠵᠢ ᠪᠡᠬᠡᠵᠢᠩ᠎ᠤᠨ ᠬᠤᠶᠠᠷ ᠳᠠᠰᠤᠯᠭ᠎ᠠ ᠬᠡᠷ᠎ᠲᠤ ᠬᠤᠪᠢᠶᠠᠨ ᠤᠷᠤᠭᠤᠯᠵᠦ᠂ ᠨᠢᠬᠡ ᠳᠠᠰᠤᠯᠭ᠎ᠠ᠎ᠳᠤᠨᠢ ᠰᠢᠭᠤᠳ ᠭᠠᠳᠠᠨᠠᠬᠢ ᠪᠤᠬᠢᠷ ᠠᠭ᠋ᠠᠷ᠎ᠢ ᠤᠷᠤᠭᠤᠯᠪᠠ; ᠨᠦᠬᠦᠬᠡ ᠳᠠᠰᠤᠯᠭ᠎ᠠ᠎ᠳᠤᠨᠢ ᠰᠢᠬᠦᠷᠡᠬᠦᠯᠬᠦ ᠪᠠᠭ᠋ᠠᠵᠢ᠎ᠪᠠᠷ ᠠᠭ᠋ᠠᠷ᠎ᠲᠠᠬᠢ ᠪᠠᠷᠤᠭ ᠪᠦᠬᠦᠢ ᠯᠡ ᠳᠤᠮᠤ ᠪᠤᠬᠢᠷ ᠮᠦᠬᠦᠯᠢᠭ ᠪᠠ 2/3᠎ᠤᠨ ᠵᠢᠵᠢᠭ ᠮᠦᠬᠦᠯᠢᠭᠢ ᠠᠷᠢᠭᠤᠳᠬᠠᠬᠰᠠᠨ ᠠᠭ᠋ᠠᠷ᠎ᠢ ᠤᠷᠤᠭᠤᠯᠪᠠ᠃ ᠡᠨᠡ᠎ᠨᠢ ᠠᠮᠸᠷᠢᠺᠠ ᠵᠢᠨ ᠬᠤᠳᠠ ᠪᠠ ᠳᠡᠬᠦᠷᠬᠡ ᠵᠢᠨ ᠰᠠᠭᠤᠭ᠋ᠠᠯᠢ ᠠᠷᠠᠳ᠎ᠤᠨ ᠠᠮᠢᠰᠬᠤᠯᠯᠠᠵᠦ ᠪᠠᠢ᠌ᠭ᠎ᠠ ᠠᠭ᠋ᠠᠷ᠎ᠲᠠᠢ ᠨᠡᠯᠢᠶᠡᠳ ᠤᠢ᠌ᠷᠠᠳᠤᠨ᠎ᠠ ᠬᠡᠵᠦ ᠵᠠᠩ ᠵᠢᠶᠦ᠋ᠨ ᠹᠸᠩ ᠶᠡᠷᠢᠵᠦ ᠪᠠᠢ᠌ᠪᠠ᠃
ᠡᠨᠡ ᠬᠤᠶᠠᠷ ᠬᠤᠯᠤᠭ᠋ᠠᠨ᠎ᠠ ᠳᠤ ᠴᠦᠮ ᠠᠳᠠᠯᠢ ᠬᠡᠯᠪᠡᠷᠢ ᠬᠡᠮᠵᠢᠶᠡᠨ᠎ᠤ ᠢᠳᠡᠰᠢ ᠦᠭᠪᠡ᠃ ᠬᠡᠳᠡᠯ᠎ᠡ 19 ᠡᠳᠦᠷ᠎ᠤᠨ ᠳᠠᠷᠠᠭ᠎ᠠ ᠰᠢᠬᠦᠷᠡᠬᠦᠯᠬᠦ ᠪᠠᠭ᠋ᠠᠵᠢ᠎ᠪᠠᠷ ᠠᠷᠢᠭᠤᠳᠬᠠᠬᠰᠠᠨ ᠠᠭ᠋ᠠᠷ ᠠᠮᠢᠰᠬᠤᠬᠰᠠᠨ ᠵᠢᠷᠮᠤᠰᠤᠨ ᠬᠤᠯᠤᠭ᠋ᠠᠨ᠎ᠠ᠎ᠲᠠᠢ ᠬᠠᠷᠢᠴᠠᠭᠤᠯᠬᠤ᠎ᠳᠤ ᠪᠤᠬᠢᠷ ᠠᠭ᠋ᠠᠷ ᠠᠮᠢᠰᠬᠤᠬᠰᠠᠨ ᠵᠢᠷᠮᠤᠰᠤᠨ ᠬᠤᠯᠤᠭ᠋ᠠᠨ᠎ᠠ ᠵᠢᠨ ᠬᠦᠨᠳᠦ᠎ᠨᠢ ᠨᠡᠩ ᠢᠯᠡᠬᠦᠦ ᠨᠡᠮᠡᠭᠳᠡᠵᠦ᠂ ᠴᠢᠰᠤᠨ ᠳᠤᠳᠤᠷᠠᠬᠢ ᠺᠤᠯᠸᠰᠲᠸᠷᠤᠯᠤᠨ ᠠᠭᠤᠯᠤᠬᠳᠠᠴᠠ᠎ᠨᠢ ᠴᠦ᠍ ᠨᠡᠩ ᠦᠨᠳᠦᠷ ᠪᠤᠯᠤᠬᠰᠠᠨ ᠪᠠᠢ᠌ᠨ᠎ᠠ᠃
ᠪᠤᠬᠢᠷ ᠠᠭ᠋ᠠᠷ ᠠᠮᠢᠰᠬᠤᠭᠰᠠᠨ ᠬᠤᠯᠤᠭ᠋ᠠᠨ᠎ᠠ ᠵᠢᠨ ᠦᠷᠪᠢᠰᠦᠯ ᠤᠯᠬᠤ ᠬᠡᠮᠵᠢᠶ᠎ᠡ᠎ᠨᠢ ᠨᠡᠩ ᠦᠨᠳᠦᠷ (ᠦᠷᠪᠢᠰᠦᠯ ᠪᠤᠯ ᠪᠡᠶ᠎ᠡ ᠮᠠᠬᠠᠪᠤᠳ᠎ᠠᠴᠠ ᠶᠠᠮᠠᠷ ᠨᠢᠬᠡᠨ ᠵᠤᠬᠢᠶᠠᠨ ᠪᠠᠢ᠌ᠭᠤᠯᠤᠯᠳᠠ᠎ᠨᠢ ᠬᠡᠮᠳᠦᠭᠰᠡᠨ ᠪᠠᠢ᠌ᠳᠠᠯ᠎ᠳᠤ ᠭᠠᠷᠭ᠋ᠠᠬᠤ ᠨᠢᠬᠡ ᠵᠦᠢ᠍ᠯ᠎ᠤᠨ ᠳᠤᠰᠬᠠᠯ)᠂ ᠨᠤᠢ᠌ᠷ᠎ᠤᠨ ᠠᠷᠠᠯ᠎ᠤᠨ ᠡᠳ᠋᠎ᠤᠨ ᠡᠰᠡᠷᠬᠦᠴᠡᠬᠦ ᠴᠢᠨᠠᠷ᠎ᠨᠢ ᠴᠦ᠍ ᠨᠡᠩ ᠬᠦᠨᠳᠦ ᠨᠤᠴᠢᠳᠠᠢ ᠪᠤᠯᠤᠨ᠎ᠠ᠃ ᠡᠨᠡ᠎ᠨᠢ ᠳᠠᠷᠤᠢ ᠳᠡᠳᠡᠨ᠎ᠤ ᠪᠡᠶ᠎ᠡ ᠮᠠᠬᠠᠪᠤᠳ᠎ᠠᠴᠠ ᠨᠤᠢ᠌ᠷ᠎ᠤᠨ ᠠᠷᠠᠯ᠎ᠤᠨ ᠡᠳ᠋᠎ᠲᠤ ᠦᠭᠭᠦ ᠬᠠᠷᠢᠭᠤ ᠳᠤᠬᠢᠶ᠎ᠠ᠎ᠨᠢ ᠬᠡᠪ᠎ᠤᠨ ᠪᠤᠰᠤ ᠪᠤᠯᠤᠬᠰᠠᠨ᠎ᠢ ᠬᠠᠷᠠᠭᠤᠯᠵᠦ ᠪᠠᠢ᠌ᠭ᠎ᠠ ᠶᠤᠮ᠃ ᠨᠤᠢ᠌ᠷ᠎ᠤᠨ ᠠᠷᠠᠯ᠎ᠤᠨ ᠡᠳ᠋ ᠪᠤᠯ ᠪᠡᠶ᠎ᠡ᠎ᠳᠠᠬᠢ ᠰᠢᠬᠢᠷ᠎ᠢ ᠡᠨ᠋ᠸᠷᠬᠢ ᠪᠤᠯᠭ᠋ᠠᠨ ᠬᠤᠪᠢᠷᠠᠭᠤᠯᠬᠤ ᠬᠤᠷᠮᠤᠨ ᠪᠠᠢ᠌ᠵᠦ᠂ ᠳᠡᠬᠦᠨ᠎ᠤ ᠡᠰᠡᠷᠬᠦᠴᠡᠬᠦ ᠴᠢᠨᠠᠷ ᠨᠢ ᠰᠢᠬᠢᠷ ᠰᠢᠵᠢᠩ ᠡᠪᠡᠳᠴᠢᠨ᠎ᠢ ᠡᠬᠦᠰᠬᠡᠵᠦ ᠮᠡᠳᠡᠬᠦ ᠶᠤᠮ᠃ ᠰᠢᠨᠵᠢᠯᠡᠬᠦ ᠤᠬᠠᠭ᠋ᠠᠨᠳᠠᠳ᠎ᠤᠨ ᠬᠡᠯᠡᠭᠰᠡᠨ ᠵᠶ᠋ᠡᠷ᠂ ᠡᠳᠡᠬᠡᠷ ᠡᠪᠡᠳᠴᠢᠨ᠎ᠤ ᠪᠠᠢ᠌ᠳᠠᠯ᠎ᠢ ᠤᠶᠠᠯᠳᠤᠭᠤᠯᠵᠦ ᠦᠵᠡᠪᠡᠯ ᠬᠤᠯᠤᠭ᠋ᠠᠨ᠎ᠠ ᠨᠢᠬᠡᠨᠳᠡ ᠰᠤᠯᠢᠯᠴᠠᠭ᠋ᠠᠨ᠎ᠤ ᠨᠡᠢ᠌ᠯᠢᠭ ᠬᠡᠮ(metabolic syndrome)᠎ᠳᠤ ᠨᠡᠷᠪᠡᠭᠳᠡᠭᠰᠡᠨ᠎ᠢ ᠳᠤᠳᠤᠷᠬᠠᠢ᠌ᠯᠠᠵᠦ ᠪᠠᠢ᠌ᠨ᠎ᠠ᠂ ᠡᠨᠡ ᠬᠦ᠌ ᠨᠡᠢ᠌ᠯᠡᠭ ᠬᠡᠮ᠎ᠨᠢ ᠵᠢᠷᠤᠬᠡᠨ ᠡᠪᠡᠳᠴᠢᠨ ᠪᠠ ᠰᠢᠬᠢᠷ ᠰᠢᠵᠢᠩ ᠡᠪᠡᠳᠴᠢᠨ ᠤᠯᠬᠤ ᠳᠦᠭᠰᠢᠬᠦᠷᠢ ᠵᠢ ᠨᠡᠮᠡᠭᠳᠡᠬᠦᠯᠦᠨ᠎ᠡ᠃
ᠳᠤᠷᠰᠢᠯᠳᠠ᠎ᠳᠤ᠂ ᠵᠢᠷᠮᠤᠰᠤᠨ ᠬᠤᠯᠤᠭ᠋ᠠᠨ᠎ᠠ ᠵᠤᠯᠵᠠᠭ᠋ᠠᠯᠠᠬᠰᠠᠨᠳᠤ ᠳᠡᠬᠦᠨ᠎ᠤ ᠡᠬᠡᠲᠠᠢᠨᠢ ᠬᠠᠮᠳᠤ ᠨᠢᠬᠡ ᠳᠠᠰᠤᠯᠭ᠎ᠠ᠎ᠳᠤ ᠳᠠᠯᠪᠢᠪᠠ᠃ ᠦᠷ᠎ᠡ ᠳ᠋ᠦᠩ᠎ᠳᠤ ᠴᠠᠪᠡᠷ ᠠᠭ᠋ᠠᠷ ᠠᠮᠢᠰᠬᠤᠬᠰᠠᠨ ᠵᠤᠯᠵᠠᠭ᠎ᠠ ᠬᠤᠯᠤᠭ᠋ᠠᠨ᠎ᠠ᠎ᠲᠠᠢ ᠠᠳᠠᠯᠢᠳᠬᠠᠪᠠᠯ ᠪᠤᠬᠢᠷ ᠠᠭ᠋ᠠᠷ ᠠᠮᠰᠢᠬᠤᠬᠰᠠᠨ ᠵᠤᠯᠵᠠᠭ᠎ᠠ ᠬᠤᠯᠤᠭ᠋ᠠᠨ᠎ᠠ ᠵᠢᠨ ᠬᠦᠨᠳᠦ᠎ᠨᠢ ᠨᠡᠩ ᠢᠯᠡᠬᠦᠦ ᠪᠠᠢ᠌ᠪᠠ᠃ ᠪᠤᠬᠢᠷ ᠠᠭ᠋ᠠᠷ ᠠᠮᠰᠢᠬᠤᠬᠰᠠᠨ ᠵᠤᠯᠵᠠᠭ᠎ᠠ ᠬᠤᠯᠤᠭ᠋ᠠᠨ᠎ᠠ᠎ᠨᠢ ᠡᠬᠡᠲᠠᠢᠪᠠᠨ ᠠᠳᠠᠯᠢ᠎ᠪᠠᠷ ᠪᠡᠶ᠎ᠡ ᠳᠤᠳᠤᠷᠠᠬᠢ ᠦᠷᠪᠢᠰᠦᠯ᠎ᠨᠢ ᠨᠡᠩ ᠤᠯᠠᠨ ᠪᠠᠢ᠌ᠵᠦ᠂ ᠨᠤᠢ᠌ᠷ᠎ᠤᠨ ᠠᠷᠠᠯ᠎ᠤᠨ ᠡᠳ᠋᠎ᠤᠨ ᠡᠰᠡᠷᠬᠦᠴᠡᠬᠦ ᠴᠢᠨᠠᠷ᠎ᠨᠢ ᠴᠦ᠍ ᠨᠡᠩ ᠴᠢᠩᠭ᠎ᠠ ᠪᠤᠯᠪᠠ᠃
ᠡᠳᠡᠬᠡᠷ ᠵᠢᠵᠢᠭ ᠬᠤᠯᠤᠭ᠋ᠠᠨ᠎ᠠ ᠵᠢᠨ ᠪᠤᠬᠢᠷ ᠠᠭ᠋ᠠᠷ ᠠᠮᠢᠰᠬᠤᠬᠤ ᠴᠠᠭ᠎ᠨᠢ ᠬᠡᠳᠦᠢ ᠤᠷᠳᠤ ᠪᠤᠯ ᠡᠷᠡᠬᠦᠯ ᠮᠡᠨᠳᠦ᠎ᠨᠢ ᠳᠡᠳᠦᠢ ᠶᠡᠬᠡ ᠨᠦᠯᠦᠬᠡᠯᠡᠭᠳᠡᠨᠡ᠃ ᠡᠨᠡ᠎ᠨᠢ ᠳᠠᠷᠤᠢ ᠤᠷᠳᠤ ᠬᠤᠭᠤᠴᠠᠭ᠎ᠠ ᠪᠤᠬᠢᠷ ᠠᠭ᠋ᠠᠷ ᠠᠮᠢᠰᠬᠤᠪᠠᠯ ᠡᠪᠡᠳᠴᠢᠨ ᠡᠮᠬᠡᠭ ᠤᠯᠬᠤ ᠪᠤᠯᠤᠮᠵᠢ᠎ᠲᠠᠢ ᠬᠡᠳᠡᠭ᠎ᠢ ᠢᠯᠡᠷᠡᠬᠦᠯᠪᠡ ᠬᠡᠵᠦ ᠵᠠᠩ ᠵᠢᠶᠦ᠋ᠨ ᠹᠸᠩ ᠬᠡᠯᠡᠵᠡᠢ᠃
ᠵᠠᠩ ᠵᠢᠶᠦ᠋ᠨ ᠹᠸᠩ ᠢᠯᠡᠷᠬᠡᠢ᠌ᠯᠡᠭᠰᠡᠨ᠎ᠨᠢ᠂ ᠠᠭ᠋ᠠᠷ᠎ᠤᠨ ᠪᠤᠬᠢᠷᠳᠤᠯ᠎ᠠᠴᠠ ᠬᠤᠯᠤᠭ᠋ᠠᠨ᠎ᠠ ᠵᠢᠨ ᠰᠢᠨ᠎ᠡ ᠬᠠᠭᠤᠴᠢᠨ᠎ᠤ ᠰᠤᠯᠢᠯᠴᠠᠭ᠎ᠠ ᠵᠢ ᠨᠦᠯᠦᠬᠡᠯᠡᠬᠦ ᠪᠤᠳᠠᠳᠠᠢ ᠠᠷᠭ᠎ᠠ ᠮᠠᠶᠢᠭ᠎ᠨᠢ ᠬᠠᠷᠠᠬᠠᠨ ᠳᠤᠳᠤᠷᠬᠠᠢ ᠪᠤᠰᠤ᠂ ᠬᠡᠪᠡᠴᠦ ᠳᠡᠷᠡ᠎ᠨᠢ ᠪᠠᠷᠤᠭ ᠠᠮᠢᠳᠠᠨ᠎ᠤ ᠪᠡᠶ᠎ᠡ ᠳᠤᠳᠤᠷᠠᠬᠢ ᠦᠬᠡᠬᠦ ᠪᠠ ᠰᠢᠬᠢᠷ᠎ᠤᠨ ᠵᠦᠢ᠍ᠯ᠎ᠢ ᠰᠢᠢ᠍ᠳᠪᠦᠷᠢᠯᠡᠬᠦ ᠶᠠᠪᠤᠴᠠ ᠵᠢ ᠬᠤᠬᠢᠷᠠᠭᠤᠯᠤᠨ᠎ᠠ᠃ ᠪᠤᠬᠢᠷ ᠪᠤᠳᠠᠰ᠎ᠨᠢ ᠪᠠᠰᠠ ᠡᠯᠢᠬᠡ᠂ ᠴᠢᠰᠤ᠂ ᠦᠬᠡᠬᠦᠨ ᠳᠤᠳᠤᠷ᠎ᠠ ᠦᠷᠪᠢᠰᠦᠯ ᠡᠬᠦᠰᠬᠦ ᠨᠤᠷᠮ᠎ᠠ ᠵᠢ ᠨᠡᠮᠡᠭᠳᠡᠬᠦᠯᠦᠨ᠎ᠡ᠃ ᠡᠨᠡ᠎ᠨᠢ ᠠᠮᠢᠳᠠᠨ᠎ᠤ ᠪᠡᠶ᠎ᠡ ᠵᠢᠨ ᠬᠦᠨᠳᠦ ᠵᠢ ᠨᠡᠮᠡᠭᠳᠡᠬᠦᠯᠦᠨ᠎ᠡ ᠬᠡᠵᠦ ᠵᠠᠩ ᠵᠢᠶᠦ᠋ᠨ ᠹᠸᠩ ᠶᠡᠷᠢᠪᠠ᠃
ᠸᠤᠯᠳ᠋ ᠬᠡᠯᠡᠭᠰᠡᠨ᠎ᠨᠢ᠂ ᠰᠢᠨᠵᠢᠯᠡᠬᠦ ᠤᠬᠠᠭ᠋ᠠᠨᠳᠠᠳ ᠰᠢᠨ᠎ᠡ ᠡᠮ᠎ᠤᠨ ᠵᠦᠢ᠍ᠯ᠎ᠢ ᠰᠤᠳᠤᠯᠤᠨ ᠭᠠᠷᠭ᠋ᠠᠵᠦ᠂ ᠠᠭ᠋ᠠᠷ᠎ᠤᠨ ᠪᠤᠬᠢᠷᠳᠤᠯ᠎ᠠᠴᠠ ᠡᠷᠡᠬᠦᠯ ᠮᠡᠨᠳᠦ᠎ᠳᠤ ᠦᠵᠡᠬᠦᠯᠬᠦ ᠨᠠᠵᠠᠭ᠋ᠠᠢ ᠨᠦᠯᠦᠬᠡ ᠵᠢ ᠠᠷᠢᠯᠭ᠋ᠠᠬᠤ ᠮᠠᠭ᠋ᠠᠳ᠂ ᠬᠡᠪᠡᠴᠦ ᠡᠢ᠌ᠮᠦ ᠡᠮ᠎ᠢ ᠰᠤᠳᠤᠯᠤᠨ ᠭᠠᠷᠭ᠋ᠠᠬᠤ᠎ᠳᠤ ᠴᠠᠭ ᠬᠡᠷᠡᠭᠰᠡᠨ᠎ᠡ᠃ ᠵᠠᠩ ᠵᠢᠶᠦ᠋ᠨ ᠹᠸᠩ ᠪᠤᠯᠤᠨ ᠸᠤᠯᠳ᠋ᠤᠨ ᠦᠵᠡᠬᠦ᠎ᠪᠠᠷ᠂ ᠰᠢᠨ᠎ᠡ ᠡᠮ ᠡᠬᠦᠳᠬᠦ᠎ᠠᠴᠠ ᠡᠮᠦᠨ᠎ᠡ ᠠᠭ᠋ᠠᠷ᠎ᠤᠨ ᠪᠤᠬᠢᠷᠳᠤᠯ᠎ᠤᠨ ᠬᠡᠮᠵᠢᠶ᠎ᠡ ᠵᠢ ᠠᠩᠬᠠᠷᠬᠤ᠎ᠨᠢ ᠬᠦᠮᠦᠰ᠎ᠤᠨ ᠡᠷᠡᠬᠦᠯ ᠮᠡᠨᠳᠦ᠎ᠳᠤ ᠠᠰᠢᠬᠳᠠᠢ᠂ ᠠᠭ᠋ᠠᠷ᠎ᠤᠨ ᠪᠤᠬᠢᠷᠳᠤᠯ ᠶᠡᠬᠡ ᠦᠶ᠎ᠡ᠎ᠳᠤ ᠬᠠᠮᠤᠭ᠎ᠤᠨ ᠰᠠᠢ᠌ᠨ᠎ᠨᠢ ᠬᠡᠷ᠎ᠲᠤ᠎ᠪᠠᠨ ᠰᠠᠭᠤᠬᠤ ᠪᠤᠶᠤ ᠠᠯᠢ ᠴᠢᠳᠠᠬᠤ᠎ᠪᠠᠷ ᠭᠠᠳᠠᠨ᠎ᠠ ᠰᠢᠷᠦᠬᠦᠨ ᠬᠦᠳᠡᠯᠬᠡᠬᠡᠨ ᠬᠢᠬᠦ᠎ᠠᠴᠠ ᠵᠠᠢ᠌ᠯᠠᠰᠬᠢᠪᠠᠯ ᠵᠤᠬᠢᠨ᠎ᠠ᠃