ᠠᠩᠭ᠍ᠯᠢ ᠵᠢᠨ ᠡᠳᠦᠷ ᠪᠦᠷᠢ ᠵᠢᠨ ᠰᠢᠤᠳᠠᠨ ᠰᠤᠨᠢᠨ᠎ᠳᠤ ᠮᠡᠳᠡᠬᠡᠯᠡᠭᠰᠡᠨ ᠵᠶ᠋ᠡᠷ᠂ ᠠᠮᠸᠷᠢᠺᠠ ᠵᠢᠨ ᠺᠠᠯᠢᠹᠤᠷᠨᠢᠶ᠎ᠠ ᠵᠸᠦ ᠵᠢᠨ ᠡᠮᠦᠨᠡᠳᠦ ᠬᠡᠰᠡᠭ᠎ᠤᠨ ᠳᠠᠯᠠᠢ ᠵᠢᠨ ᠡᠷᠬᠢ᠎ᠳᠠᠬᠢ ᠬᠡᠮᠵᠢᠯᠳᠠ᠎ᠳᠤ ᠳᠠᠯᠠᠢ ᠳᠠᠩᠭᠢᠰ᠎ᠤᠨ ᠭᠠᠳᠠᠷᠭᠤ᠎ᠨᠢ ᠰᠦᠨᠢ᠎ᠪᠠᠷ ᠪᠤᠬᠢᠷ ᠮᠠᠨᠠᠨ᠎ᠤ ᠳᠤᠳᠤᠷᠠᠬᠢ ᠠᠽᠤᠲ ᠢᠰᠦᠯ᠎ᠢ ᠰᠢᠩᠭᠡᠬᠡᠵᠦ᠂ ᠨᠢᠬᠡ ᠰᠦᠨᠢ ᠵᠢᠨ ᠬᠤᠭᠤᠷᠤᠨᠳᠤ ᠪᠤᠬᠢᠷ ᠮᠠᠨᠠᠨ᠎ᠤ ᠳᠤᠳᠤᠷᠠᠬᠢ 15% ᠤᠷᠴᠢᠮ᠎ᠤᠨ ᠬᠢᠮᠢ ᠵᠢᠨ ᠪᠤᠳᠠᠰ᠎ᠢ ᠠᠷᠢᠯᠭ᠋ᠠᠵᠦ ᠴᠢᠳᠠᠬᠤ ᠵᠢ ᠮᠡᠳᠡᠭᠰᠡᠨ ᠪᠠᠢ᠌ᠨ᠎ᠠ᠃
ᠠᠽᠤᠲ ᠢᠰᠦᠯ᠎ᠨᠢ ᠴᠢᠯᠠᠭᠤᠨ ᠳᠤᠰᠤᠨ᠎ᠤ ᠰᠢᠳᠠᠯᠳᠠ ᠵᠢᠨ ᠶᠠᠪᠤᠴᠠ᠎ᠳᠤ ᠪᠤᠢ ᠪᠤᠯᠵᠦ᠂ ᠬᠡᠷᠡᠯ ᠬᠢᠮᠢ ᠵᠢᠨ ᠤᠳᠤᠭ᠎ᠠ ᠮᠠᠨᠠᠨ ᠡᠬᠦᠰᠬᠡᠳᠡᠭ᠃ ᠰᠤᠳᠤᠯᠭ᠋ᠠᠨ᠎ᠤ ᠳᠤᠭᠤᠢ᠌ᠯᠠᠩ᠎ᠤᠨ ᠵᠢᠭ᠋ᠠᠵᠦ ᠭᠠᠷᠭ᠋ᠠᠭᠰᠠᠨ ᠵᠶ᠋ᠡᠷ᠂ 2 ᠳ᠋ᠤᠭ᠋ᠠᠷ ᠰᠠᠷ᠎ᠠ ᠵᠢᠨ ᠨᠢᠬᠡᠨ ᠰᠦᠨᠢ ᠴᠢᠪ ᠬᠡᠮᠡᠨ ᠰᠠᠯᠬᠢᠨ᠎ᠤ ᠤᠷᠤᠰᠬᠠᠯ ᠪᠤᠬᠢᠷ ᠠᠭ᠋ᠠᠷ᠎ᠢ ᠯᠤᠰ ᠠᠩᠵᠸᠯᠸᠰ᠎ᠤᠨ ᠬᠤᠳᠤᠭᠤᠷ᠎ᠠᠴᠠ ᠳᠠᠯᠠᠢ ᠵᠢᠨ ᠡᠷᠬᠢ ᠵᠢᠨ ᠱᠤᠭᠤᠮ ᠤᠷᠤᠨ᠎ᠳᠤ ᠦᠯᠢᠶᠡᠨ ᠠᠪᠴᠢᠷᠠᠵᠦ᠂ ᠰᠤᠳᠤᠯᠭ᠋ᠠᠳᠠᠳ᠎ᠲᠤ ᠠᠽᠤᠲ ᠢᠰᠦᠯ ᠳᠠᠯᠠᠢ ᠵᠢᠨ ᠭᠠᠳᠠᠷᠭᠤ᠎ᠪᠠᠷ ᠦᠩᠭᠡᠷᠡᠬᠦ ᠦᠶ᠎ᠡ ᠵᠢᠨ ᠬᠤᠪᠢᠷᠠᠯᠳᠠ ᠵᠢ ᠮᠦᠷᠳᠡᠨ ᠵᠠᠳᠠᠯᠬᠤ ᠳᠤᠬᠢᠶᠠᠯ ᠤᠯᠭᠤᠵᠠᠢ᠃
ᠰᠤᠳᠤᠯᠭ᠋ᠠᠨ᠎ᠢ ᠬᠠᠷᠢᠭᠤᠴᠠᠭᠴᠢ ᠺᠠᠯᠢᠹᠤᠷᠨᠢᠶ᠎ᠠ ᠶᠡᠬᠡ ᠰᠤᠷᠭ᠋ᠠᠭᠤᠯᠢ ᠵᠢᠨ ᠰᠠᠨ ᠲᠢᠶᠠᠭᠤ᠋ ᠬᠤᠪᠢᠶᠠᠷᠢ ᠰᠤᠷᠭ᠋ᠠᠠᠭᠤᠯᠢ ᠵᠢᠨ ᠬᠢᠮᠢ ᠵᠢᠨ ᠰᠠᠯᠪᠤᠷᠢ ᠵᠢᠨ ᠳᠡᠳ᠋ ᠫᠷᠤᠹᠸᠰᠰᠤᠷ ᠲᠢᠮᠪᠸᠷᠲᠷᠠᠮ ᠬᠡᠯᠡᠭᠰᠡᠨ᠎ᠨᠢ᠄ 《ᠬᠦᠮᠦᠰ ᠳᠠᠯᠠᠢ ᠳᠠᠩᠭᠢᠰ᠎ᠤᠨ ᠪᠤᠬᠢᠷ ᠠᠭ᠋ᠠᠷ᠎ᠲᠠᠬᠢ ᠳᠤᠰᠬᠠᠯ᠎ᠢ ᠠᠮᠠᠷᠬᠠᠨ ᠤᠮᠳᠤᠭ᠋ᠠᠢ᠌ᠯᠠᠳᠠᠭ᠂ ᠳᠠᠯᠠᠢ ᠵᠢᠨ ᠤᠰᠤᠨ᠎ᠳᠤ ᠳᠠᠪᠤᠰᠤ ᠡᠯᠪᠡᠭ ᠠᠭᠤᠯᠤᠬᠳᠠᠵᠦ᠂ ᠳᠠᠯᠠᠢ ᠵᠢᠨ ᠨᠢᠭᠤᠷ᠎ᠨᠢ ᠤᠯᠠᠨ ᠶᠠᠩᠵᠤᠳᠤ ᠬᠢᠮᠢ ᠵᠢᠨ ᠤᠷᠪᠠᠯ ᠡᠬᠦᠰᠬᠡᠬᠦ ᠳᠠᠯᠳᠠ ᠴᠢᠨᠠᠷᠲᠠᠢ ᠪᠠᠢ᠌ᠳᠠᠭ᠃》
ᠠᠭ᠋ᠠᠷ ᠮᠠᠨᠳᠠᠯ᠎ᠤᠨ ᠳᠠᠪᠬᠤᠷᠭ᠎ᠠ᠎ᠳᠠᠬᠢ ᠠᠽᠤᠲ᠎ᠤᠨ ᠤᠷᠴᠢᠯ᠎ᠢ ᠮᠦᠷᠳᠡᠬᠦ ᠵᠢᠨ ᠳᠦᠯᠦᠬᠡ ᠳᠡᠳᠡ ᠬᠤᠶᠠᠷ ᠠᠽᠤᠲ᠎ᠤᠨ ᠳᠠᠪᠤ᠎ᠳᠤ ᠢᠰᠦᠯ᠎ᠢ ᠰᠤᠳᠤᠯᠤᠨ ᠵᠠᠳᠠᠯᠪᠠ᠃ ᠳᠡᠷᠡ᠎ᠨᠢ ᠳᠠᠯᠠᠢ ᠵᠢᠨ ᠳᠠᠪᠤᠰᠤ ᠵᠢᠨ ᠾᠯᠤᠷᠳᠤ ᠨᠢᠬᠡᠳᠦᠯᠲᠠᠢ ᠤᠷᠪᠠᠯ ᠡᠬᠦᠰᠴᠦ᠂ ᠾᠯᠤᠷᠳᠤ ᠬᠦᠴᠢᠯ ᠵᠡᠷᠬᠡ ᠵᠢ ᠡᠬᠦᠰᠬᠡᠨ᠎ᠡ᠃
ᠡᠨᠡ ᠬᠦ᠌ ᠾᠯᠤᠷᠳᠤ ᠬᠦᠴᠢᠯ ᠳᠡᠬᠡᠷ᠎ᠡ ᠳᠠᠷᠠᠭ᠎ᠠ ᠦᠷᠯᠦᠬᠡ᠎ᠨᠢ ᠨᠠᠷᠠ ᠳᠤᠰᠬᠤ᠎ᠪᠠᠷ ᠠᠽᠤᠲ ᠢᠰᠦᠯ ᠡᠬᠦᠰᠬᠦ ᠵᠢᠨ ᠬᠠᠮᠳᠤ ᠪᠠᠰᠠ ᠾᠯᠤᠷᠳᠤ ᠪᠤᠳᠠᠰ ᠢᠯᠭ᠋ᠠᠷᠠᠭᠤᠯᠵᠦ᠂ ᠪᠤᠰᠤᠳ ᠮᠤᠯᠸᠺᠦ᠋ᠯ᠎ᠳᠤ 《ᠳᠠᠭ᠋ᠠᠷᠢᠯᠳᠠ》 ᠬᠢᠵᠦ᠂ ᠤᠽᠤᠨ ᠡᠬᠦᠰᠬᠡᠨ᠎ᠡ᠃ ᠳᠤᠰ ᠮᠡᠳᠡᠬᠦᠯᠦᠯᠳᠡ ᠵᠢ ᠨᠢᠬᠡᠨ ᠠᠭ᠋ᠠᠷ ᠮᠠᠨᠳᠠᠯ᠎ᠤᠨ ᠬᠢᠮᠢ ᠵᠢᠨ ᠤᠬᠠᠭ᠋ᠠᠨᠳᠠᠨᠤ ᠳᠤᠭᠤᠢ᠌ᠯᠠᠩ᠎ᠠᠴᠠ 3 ᠰᠠᠷ᠎ᠠ ᠵᠢᠨ 3᠎ᠤ ᠡᠳᠦᠷ ᠬᠡᠪᠯᠡᠬᠦᠯᠦᠭᠰᠡᠨ 《ᠠᠮᠸᠷᠢᠺᠠ ᠵᠢᠨ ᠤᠯᠤᠰ᠎ᠤᠨ ᠰᠢᠨᠵᠢᠯᠡᠬᠦ ᠤᠬᠠᠭ᠋ᠠᠨ᠎ᠤ ᠬᠦᠷᠢᠶᠡᠯᠡᠩ᠎ᠤᠨ ᠰᠡᠳᠬᠦᠯ》᠎ᠳᠤ ᠨᠡᠢ᠌ᠳᠡᠯᠡᠬᠦᠯᠦᠭᠰᠡᠨ ᠪᠠᠢ᠌ᠨ᠎ᠠ᠃
ᠠᠭ᠋ᠠᠷ ᠮᠠᠨᠳᠠᠯ᠎ᠤᠨ ᠬᠢᠮᠢ ᠵᠢᠨ ᠤᠬᠠᠭ᠋ᠠᠨᠳᠠᠨᠤ ᠳᠤᠭᠤᠢ᠌ᠯᠠᠩ᠎ᠤᠨ᠎ᠬᠢᠨ ᠬᠤᠶᠠᠷ ᠠᠽᠤᠲ᠎ᠤᠨ ᠳᠠᠪᠤ᠎ᠳᠤ ᠢᠰᠦᠯ᠎ᠤᠨ ᠮᠤᠯᠸᠺᠦ᠋ᠯ᠎ᠤᠨ 《ᠰᠤᠷᠪᠤᠯᠵᠢ ᠪᠠ ᠴᠤᠬᠯᠠᠷᠠᠯ》᠎ᠢ ᠵᠠᠳᠠᠯᠵᠦ᠂ ᠳᠡᠷᠡ᠎ᠨᠢ ᠳᠠᠯᠠᠢ ᠵᠢᠨ ᠤᠰᠤᠨ᠎ᠳᠤ ᠰᠤᠷᠤᠬᠳᠠᠨ ᠠᠭ᠋ᠠᠷ ᠳᠤᠳᠤᠷ᠎ᠠ᠎ᠠᠴᠠ ᠠᠷᠢᠯᠤᠬᠰᠠᠨᠢ ᠬᠡᠷᠡᠴᠢᠯᠡᠪᠡ᠃ ᠠᠮᠸᠷᠢᠺᠠ ᠵᠢᠨ ᠺᠠᠯᠢᠹᠤᠷᠨᠢᠶ᠎ᠠ ᠶᠡᠬᠡ ᠰᠤᠷᠭ᠋ᠠᠭᠤᠯᠢ ᠵᠢᠨ ᠰᠠᠨ ᠲᠢᠶᠠᠭᠤ᠋ ᠬᠤᠪᠢᠶᠠᠷᠢ ᠰᠤᠷᠭ᠋ᠠᠠᠭᠤᠯᠢ ᠵᠢᠨ ᠰᠤᠳᠤᠯᠤᠨ ᠰᠤᠷᠤᠬ᠍ᠴᠢ ᠮᠢᠺᠸᠯ ᠺᠢᠮ ᠺᠠᠯᠢᠹᠤᠷᠨᠢᠶ᠎ᠠ ᠵᠸᠦ ᠵᠢᠨ ᠯᠠᠶᠤᠯᠠ ᠭᠠᠷᠠᠮ᠎ᠳᠤ ᠨᠢᠬᠡᠨ ᠢᠵᠢ ᠬᠡᠮᠵᠢᠬᠦᠷᠯᠢᠭ ᠳᠤᠬᠢᠷᠠᠭᠤᠯᠵᠦ᠂ ᠠᠭ᠋ᠠᠷ᠎ᠲᠠᠬᠢ ᠬᠤᠶᠠᠷ ᠠᠽᠤᠲ᠎ᠤᠨ ᠳᠠᠪᠤ᠎ᠳᠤ ᠢᠰᠦᠯ᠎ᠤᠨ ᠳᠠᠷᠬᠠᠴᠠ ᠵᠢ ᠬᠡᠮᠵᠢᠪᠡ᠃
2013 ᠤᠨ᠎ᠤ 2 ᠰᠠᠷ᠎ᠠ ᠵᠢᠨ 20᠎ᠤ ᠰᠦᠨᠢ ᠳᠠᠯᠠᠢ ᠵᠢᠨ ᠡᠷᠬᠢ ᠵᠢᠨ ᠰᠦᠷᠬᠡᠦ ᠰᠠᠯᠬᠢ ᠡᠬᠦᠰᠴᠦ᠂ ᠠᠭ᠋ᠠᠷ ᠪᠠ ᠳᠠᠯᠠᠢ ᠳᠠᠩᠭᠢᠰ᠎ᠤᠨ ᠰᠤᠯᠢᠯᠴᠠᠬᠤ ᠦᠢ᠍ᠯᠡᠳᠦᠯ᠎ᠢ ᠬᠡᠮᠵᠢᠬᠦ᠎ᠳᠤ ᠴᠢᠬᠤᠯᠠ ᠰᠦᠪᠡᠭᠴᠢ ᠬᠠᠩᠭ᠋ᠠᠵᠦ ᠦᠭᠴᠡᠢ᠃ ᠡᠬᠦᠨ᠎ᠤ ᠬᠠᠮᠳᠤ ᠳᠡᠷᠡ ᠪᠠᠰᠠ ᠯᠤᠰ ᠠᠩᠵᠸᠯᠸᠰ᠎ᠠᠴᠠ ᠳᠠᠯᠠᠢ ᠵᠢᠨ ᠭᠠᠳᠠᠷᠭᠤ᠎ᠳᠤ ᠦᠯᠢᠶᠡᠵᠦ ᠢᠷᠡᠬᠦ ᠠᠭ᠋ᠠᠷ᠎ᠤᠨ ᠪᠦᠬᠡᠮᠢ ᠬᠡᠮᠵᠢᠪᠡ᠃
ᠡᠬᠦᠨ ᠵᠶ᠋ᠡᠷ ᠳᠠᠮᠵᠢᠭ᠋ᠠᠳ ᠮᠢᠺᠸᠯ ᠨᠢᠬᠡ ᠰᠦᠨᠢ ᠳᠤᠳᠤᠷᠠᠬᠢ ᠬᠤᠶᠠᠷ ᠠᠽᠤᠲ᠎ᠤᠨ ᠳᠠᠪᠤ᠎ᠳᠤ ᠢᠰᠦᠯ ᠬᠢᠬᠡᠳ ᠳᠡᠬᠦᠨ᠎ᠤ ᠪᠦᠳᠦᠬᠡᠭᠳᠡᠬᠦᠨ ᠪᠤᠯᠬᠤ ᠾᠯᠤᠷᠳᠤ ᠬᠦᠴᠢᠯ᠎ᠤᠨ ᠤᠷᠤᠩᠨᠠᠬᠤ ᠭᠠᠵᠠᠷ᠎ᠢ ᠮᠡᠳᠡᠵᠦ᠂ ᠬᠠᠮᠳᠤ᠎ᠳᠤᠨᠢ ᠳᠠᠯᠠᠢ ᠵᠢᠨ ᠨᠢᠭᠤᠷ᠎ᠲᠠᠬᠢ ᠠᠭ᠋ᠠᠷ᠎ᠤᠨ ᠮᠤᠯᠸᠺᠦ᠋ᠯ ᠪᠤᠯᠤᠨ ᠳᠦᠷᠬᠡᠨ ᠤᠷᠤᠰᠬᠠᠯ᠎ᠤᠨ ᠦᠳᠬᠡᠴᠡ ᠵᠢ ᠬᠡᠮᠵᠢᠵᠦ᠂ ᠡᠴᠦᠰ᠎ᠲᠤ ᠬᠤᠶᠠᠷ ᠠᠽᠤᠲ᠎ᠤᠨ ᠳᠠᠪᠤ᠎ᠳᠤ ᠢᠰᠦᠯ ᠳᠠᠯᠠᠢ ᠵᠢᠨ ᠤᠰᠤᠨ᠎ᠳᠤ ᠤᠷᠤᠬᠰᠠᠨ ᠪᠠ ᠠᠭ᠋ᠠᠷ ᠳᠤᠳᠤᠷ᠎ᠠ ᠾᠯᠤᠷᠳᠤ ᠬᠦᠴᠢᠯ ᠡᠰᠡ ᠡᠬᠦᠰᠦᠭᠰᠡᠨᠢ ᠬᠡᠮᠵᠢᠨ ᠤᠯᠵᠠᠢ᠃
《ᠡᠬᠦᠨ᠎ᠠᠴᠠ ᠡᠮᠦᠨ᠎ᠡ ᠴᠦᠮ ᠠᠽᠤᠲ ᠢᠰᠦᠯ᠎ᠤᠨ ᠡᠯ᠎ᠡ ᠤᠷᠴᠢᠨ᠎ᠳᠠᠬᠢ ᠬᠤᠷᠤᠬᠳᠠᠯ᠂ ᠵᠢᠱ᠌ᠢᠶᠡᠯᠡᠪᠡᠯ ᠴᠠᠯᠬᠢᠳᠠᠰᠤ᠂ ᠬᠤᠷ ᠴᠠᠰᠤ ᠳᠤᠳᠤᠷ᠎ᠠ ᠬᠡᠷᠬᠢᠨ ᠬᠤᠷᠤᠬᠳᠠᠬᠤ ᠵᠢ ᠰᠤᠳᠤᠯᠵᠦ ᠪᠠᠢ᠌ᠪᠠ᠃ ᠳᠤᠰ ᠰᠤᠳᠤᠯᠭ᠋ᠠᠨ᠎ᠨᠢ ᠬᠠᠷᠢᠨ ᠳᠠᠯᠠᠢ ᠳᠠᠩᠭᠢᠰ ᠪᠤᠯ ᠬᠤᠶᠠᠷ ᠠᠽᠤᠲ᠎ᠤᠨ ᠳᠠᠪᠤ᠎ᠳᠤ ᠢᠰᠦᠯ᠎ᠤᠨ ᠰᠦᠨᠢ ᠵᠢᠨ ᠦᠶ᠎ᠡ᠎ᠪᠠᠷ ᠳᠤᠨᠤᠨ ᠰᠢᠩᠭᠡᠬᠦ ᠡᠴᠦᠰ᠎ᠤᠨ ᠤᠷᠤᠨ ᠪᠤᠯᠬᠤ ᠵᠢ ᠠᠩᠬ᠎ᠠ ᠤᠳᠠᠭ᠎ᠠ ᠬᠡᠷᠡᠴᠢᠯᠡᠭᠰᠡᠨ ᠪᠠᠢ᠌ᠨ᠎ᠠ》 ᠬᠡᠵᠦ ᠮᠢᠺᠸᠯ ᠬᠡᠯᠡᠪᠡ᠃