ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠠᠮᠢ ᠠᠬᠤᠢ᠎ᠶᠢᠨ ᠬᠠᠮᠠᠭᠠᠯᠠᠯᠲᠠ
ᠪᠣᠬᠢᠷᠲᠤᠯ᠎ᠢ ᠰᠡᠷᠭᠡᠶ᠋ᠢᠯᠡᠨ ᠵᠠᠰᠠᠬᠤ
ᠪᠣᠬᠢᠷᠳᠤᠯ᠎ᠢ ᠰᠡᠷᠭᠡᠢ᠌ᠯᠡᠨ ᠵᠠᠰᠠᠬᠤ ᠪᠣᠭᠣᠮᠲᠠ ᠰᠢᠪᠲᠤᠯᠬᠤ ᠲᠠᠢ᠌ᠯᠠᠯᠳᠣᠭ᠋ᠠᠨ
ᠵᠢᠷᠭᠤᠭ᠋ᠠᠨ ᠠᠬᠢᠭᠤᠯᠬᠤ ᠳᠦᠷᠢᠮ᠎ᠢ ᠭᠦᠨᠵᠡᠭᠡᠢ ᠲᠣᠭᠣᠰᠢᠯᠠᠭᠣᠯᠣᠶ᠎ᠠ
ᠪᠣᠬᠢᠷᠲᠤᠯ᠎ᠢ ᠰᠡᠷᠭᠡᠶ᠋ᠢᠯᠡᠨ ᠵᠠᠰᠠᠬᠤ   -   ᠣᠷᠴᠢᠨ ᠲᠣᠭᠤᠷᠢᠨ᠎ᠤ ᠰᠤᠳᠤᠯᠭᠠᠨ
ᠬᠤᠳᠠ ᠵᠢᠨ ᠵᠠᠬ᠎ᠠ ᠵᠡᠭᠡᠯᠢ᠎ᠳᠤ ᠬᠤᠭ᠎ᠤᠨ ᠰᠠᠪᠠ ᠵᠢ ᠬᠡᠷᠬᠢᠨ ᠪᠠᠢ᠌ᠷᠢᠯᠠᠭᠤᠯᠪᠠᠯ ᠰᠠᠶᠢ ᠰᠢᠨᠵᠢᠯᠡᠬᠦ ᠤᠬᠠᠭ᠋ᠠᠨᠴᠢ᠎ᠳᠤ ᠳᠤᠭ᠋ᠠᠴᠠᠬᠳᠠᠬᠤ ᠪᠤᠢ?
ᠨᠡᠶ᠋ᠢᠲᠡᠯᠡᠭᠰᠡᠨ ᠴᠠᠭ᠄ 2019-04-16

      ᠬᠤᠳᠠ ᠵᠢᠨ ᠵᠠᠬ᠎ᠠ ᠵᠡᠭᠡᠯᠢ᠎ᠪᠠᠷ ᠬᠤᠭ᠎ᠤᠨ ᠰᠠᠪᠠ ᠵᠦᠩᠳᠡᠬᠡᠨ ᠬᠠᠷᠠᠬᠳᠠᠳᠠᠭ᠃ ᠬᠡᠬᠦ᠎ᠳᠤ ᠬᠤᠭ᠎ᠤᠨ ᠰᠠᠪᠠ ᠵᠢ ᠰᠠᠨᠠᠭ᠋ᠠᠨ᠎ᠤ ᠠᠶ᠎ᠠ᠎ᠪᠠᠷ ᠳᠤᠬᠢᠷᠠᠭᠤᠯᠤᠨ ᠳᠠᠯᠪᠢᠵᠦ ᠪᠠᠢ᠌ᠭ᠎ᠠ ᠪᠢᠰᠢ᠂ ᠬᠠᠷᠢᠨ ᠵᠤᠬᠢᠬᠤ ᠵᠢᠷᠤᠮ ᠭᠤᠷᠢᠮ᠎ᠲᠠᠢ ᠭᠡᠳᠡᠭ᠎ᠢ ᠮᠡᠳᠡᠬᠦᠰᠢᠳᠡᠢ᠃ ᠬᠤᠭ᠎ᠤᠨ ᠰᠠᠪᠠ ᠵᠢ ᠵᠦᠪ ᠤᠨᠤᠪᠴᠢᠳᠠᠢ᠂ ᠰᠢᠨᠵᠢᠯᠡᠬᠦ ᠤᠬᠠᠭ᠋ᠠᠨᠴᠢ᠎ᠪᠠᠷ ᠪᠠᠢ᠌ᠷᠢᠯᠠᠭᠤᠯᠬᠤ᠎ᠨᠢ ᠬᠤᠳᠠ ᠵᠢᠨ ᠬᠤᠭ ᠨᠤᠪᠰᠢ ᠵᠢ ᠬᠤᠷᠢᠶᠠᠨ ᠠᠪᠬᠤ ᠨᠤᠷᠮ᠎ᠠ ᠵᠢ ᠳᠤᠢ᠌ᠯ᠎ᠤᠨ ᠶᠡᠬᠡ᠎ᠪᠠᠷ ᠳᠡᠭᠡᠭᠰᠢᠯᠡᠭᠦᠯᠬᠦ᠎ᠪᠠᠷ ᠪᠠᠷᠠᠬᠤ ᠦᠭᠡᠢ᠂ ᠪᠠᠰᠠ ᠠᠷᠢᠭᠤᠨ ᠴᠡᠪᠡᠷ᠎ᠢ ᠪᠠᠳᠤᠯᠠᠵᠦ ᠴᠢᠳᠠᠨ᠎ᠠ᠃ ᠳᠡᠬᠡᠪᠡᠯ ᠬᠤᠭ᠎ᠤᠨ ᠰᠠᠪᠠ ᠵᠢ ᠬᠡᠷᠬᠢᠨ ᠪᠠᠢ᠌ᠷᠢᠯᠠᠭᠤᠯᠪᠠᠯ ᠰᠠᠶᠢ ᠰᠢᠨᠵᠢᠯᠡᠬᠦ ᠤᠬᠠᠭ᠋ᠠᠨᠴᠢ᠎ᠳᠤ ᠳᠤᠭ᠋ᠠᠴᠠᠬᠳᠠᠬᠤ ᠪᠤᠢ?
      ᠬᠤᠭ᠎ᠤᠨ ᠰᠠᠪᠠ ᠵᠢᠨ ᠦᠢ᠍ᠯᠡᠴᠢᠯᠡᠬᠡᠨ᠎ᠤ ᠷᠠᠳᠢᠤᠰ᠎ᠤᠨ ᠬᠡᠪᠴᠢᠶ᠎ᠠ᠎ᠨᠢ ᠬᠡᠳᠦᠢ ᠶᠡᠬᠡ ᠪᠤᠢ?
      ᠬᠤᠭ᠎ᠤᠨ ᠰᠠᠪᠠ ᠵᠢ ᠪᠠᠢ᠌ᠷᠢᠯᠠᠭᠤᠯᠬᠤ᠎ᠨᠢ ᠡᠩ ᠳᠡᠷᠢᠬᠦᠨ᠎ᠳᠤ ᠳᠡᠬᠦᠨ᠎ᠤ ᠦᠢ᠍ᠯᠡᠴᠢᠯᠡᠬᠦ ᠠᠮᠢᠳᠤᠷᠠᠯ᠎ᠤᠨ ᠳᠤᠭᠤᠷᠢᠭ᠎ᠤᠨ ᠳᠠᠯᠠᠪᠠᠢ᠎ᠪᠠᠷ ᠳᠤᠬᠳᠠᠭ᠋ᠠᠬᠳᠠᠨ᠎ᠠ᠃ 《ᠬᠤᠳᠠ ᠵᠢᠨ ᠤᠷᠴᠢᠨ ᠳᠤᠭᠤᠷᠢᠨ᠎ᠤ ᠠᠷᠢᠭᠤᠨ ᠴᠡᠪᠡᠷ᠎ᠤᠨ ᠳᠦᠬᠦᠬᠡᠷᠦᠮᠵᠢ ᠵᠢ ᠳᠦᠯᠦᠪᠵᠢᠬᠦᠯᠬᠦ ᠳᠦᠷᠢᠮᠵᠢᠯ》 ᠵᠢᠴᠢ 《ᠬᠤᠳᠠ ᠵᠢᠨ ᠤᠷᠴᠢᠨ ᠳᠤᠭᠤᠷᠢᠨ᠎ᠤ ᠠᠷᠢᠭᠤᠨ ᠴᠡᠪᠡᠷ᠎ᠤᠨ ᠳᠦᠬᠦᠬᠡᠷᠦᠮᠵᠢ ᠵᠢ ᠳᠤᠬᠢᠷᠠᠭᠤᠯᠬᠤ ᠪᠠᠷᠢᠮᠵᠢᠶ᠎ᠠ》 ᠵᠢᠨ ᠳᠤᠬᠳᠠᠭ᠋ᠠᠯ᠎ᠢ ᠦᠨᠳᠦᠰᠦᠯᠡᠪᠡᠯ᠂ ᠰᠠᠭᠤᠭ᠋ᠠᠯᠢ ᠠᠷᠠᠳ᠎ᠤᠨ ᠬᠡᠷᠡᠭᠯᠡᠬᠡᠨ᠎ᠳᠤ ᠵᠤᠷᠢᠭᠤᠯᠤᠬᠰᠠᠨ ᠠᠮᠢᠳᠤᠷᠠᠯ᠎ᠤᠨ ᠬᠤᠭ ᠨᠤᠪᠰᠢ ᠵᠢᠨ ᠰᠠᠪᠠ ᠪᠠ ᠤᠭᠤᠳᠠᠯᠠᠬᠰᠠᠨ ᠬᠤᠭ ᠨᠤᠪᠰᠢ ᠵᠢ ᠬᠠᠶᠠᠬᠤ ᠴᠡᠭ᠎ᠤᠨ ᠤᠷᠤᠨ ᠪᠠᠢ᠌ᠷᠢ ᠵᠢ ᠳᠤᠬᠳᠠᠮᠠᠯ ᠭᠠᠵᠠᠷ᠎ᠲᠤ ᠳᠤᠬᠢᠷᠠᠭᠤᠯᠵᠦ᠂ ᠠᠷᠠᠳ᠎ᠲᠤ ᠳᠦᠬᠦᠮ ᠦᠵᠡᠬᠦᠯᠦᠨ ᠬᠤᠳᠠ ᠵᠢᠨ ᠦᠩᠭᠡ ᠳᠦᠷᠬᠦ ᠵᠢ ᠦᠯᠦ ᠨᠦᠯᠦᠬᠡᠯᠡᠬᠦ ᠵᠡᠷᠬᠡ ᠱᠠᠭ᠋ᠠᠷᠳᠠᠯᠭ᠎ᠠ᠎ᠳᠤ ᠨᠡᠢ᠌ᠴᠡᠭᠦᠯᠬᠦ ᠮᠦᠷᠳᠡᠬᠡᠨ ᠪᠠᠰᠠ ᠬᠤᠭ ᠨᠤᠪᠰᠢ ᠵᠢ ᠳᠦᠷᠦᠯ ᠠᠩᠭᠢᠯᠠᠨ ᠬᠤᠷᠢᠶᠠᠬᠤ ᠪᠠ ᠮᠠᠰᠢᠨ ᠮᠸᠬᠠᠨᠢᠭ ᠵᠶ᠋ᠡᠷ ᠠᠷᠢᠯᠭ᠋ᠠᠨ ᠴᠡᠪᠡᠷᠯᠡᠬᠦ᠎ᠳᠤ ᠳᠦᠬᠦᠮ ᠪᠠᠢ᠌ᠯᠭ᠋ᠠᠬᠤ ᠬᠡᠷᠡᠭᠳᠡᠢ᠃ ᠠᠮᠢᠳᠤᠷᠠᠯ᠎ᠤᠨ ᠬᠤᠭ ᠨᠤᠪᠰᠢ ᠵᠢ ᠬᠠᠶᠠᠬᠤ ᠴᠡᠭ᠎ᠤᠨ ᠦᠢ᠍ᠯᠡᠴᠢᠯᠡᠬᠡᠨ᠎ᠤ ᠷᠠᠳᠢᠤᠰ᠎ᠨᠢ ᠶᠡᠷᠦ᠎ᠳᠤ᠎ᠪᠠᠨ 70 ᠮᠸᠲᠷ᠎ᠠᠴᠠ ᠳᠠᠪᠠᠬᠤ ᠦᠬᠡᠢ ᠪᠣᠯ ᠰᠠᠢ᠌ᠨ ᠪᠠᠢ᠌ᠳᠠᠭ᠂ ᠦᠬᠡᠷ᠎ᠡ᠎ᠪᠠᠷ ᠬᠡᠯᠡᠪᠡᠯ ᠠᠮᠢᠳᠤᠷᠠᠯ᠎ᠤᠨ ᠳᠤᠭᠤᠷᠢᠭ ᠳᠤᠳᠤᠷ᠎ᠠ 70 ᠮᠸᠲᠷ ᠠᠯᠤᠰᠯᠠᠬᠤ ᠪᠦᠷᠢ ᠠᠳᠠᠭ᠎ᠲᠤ᠎ᠪᠠᠨ ᠨᠢᠬᠡ ᠬᠤᠭ᠎ᠤᠨ ᠰᠠᠪᠠ ᠪᠠᠢ᠌ᠷᠢᠯᠠᠭᠤᠯᠤᠨ᠎ᠠ᠃ ᠠᠮᠢᠳᠤᠷᠠᠯ᠎ᠤᠨ ᠳᠤᠭᠤᠷᠢᠭ᠎ᠠᠴᠠ ᠭᠠᠳᠠᠨ᠎ᠠ ᠪᠤᠰᠤᠳ ᠡᠯ᠎ᠡ ᠳᠦᠷᠦᠯ᠎ᠤᠨ ᠬᠤᠭ᠎ᠤᠨ ᠰᠠᠪᠠ ᠵᠢᠨ ᠪᠠᠬᠳᠠᠭ᠋ᠠᠮᠵᠢ ᠵᠢ ᠬᠡᠷᠡᠭᠯᠡᠬᠦ ᠬᠦᠮᠦᠨ ᠠᠮᠠ᠂ ᠡᠳᠦᠷ᠎ᠲᠤ ᠭᠠᠳᠠᠭᠰᠢᠯᠠᠭᠤᠯᠬᠤ ᠬᠤᠭ᠎ᠤᠨ ᠬᠡᠮᠵᠢᠶ᠎ᠡ ᠶᠤᠰᠤᠭ᠋ᠠᠷ ᠳᠤᠬᠢᠷᠠᠭᠤᠯᠵᠦ᠂ ᠶᠡᠷᠦᠩᠭᠡᠢ ᠪᠠᠬᠳᠠᠭ᠋ᠠᠮᠵᠢ᠎ᠨᠢ ᠬᠡᠷᠡᠭᠯᠡᠬᠡᠨ᠎ᠤ ᠱᠠᠭ᠋ᠠᠷᠳᠠᠯᠭ᠎ᠠ ᠵᠢ ᠬᠠᠩᠭ᠋ᠠᠭᠰᠠᠨ ᠪᠠᠢ᠌ᠬᠤ ᠬᠡᠷᠡᠭᠳᠡᠢ᠃ ᠡᠭᠦᠨ᠎ᠳᠤ ᠪᠠᠬᠳᠠᠭ᠋ᠠᠮᠵᠢ᠎ᠨᠢ ᠪᠠᠭ᠋ᠠᠳᠠᠵᠦ ᠬᠤᠭ ᠨᠤᠪᠰᠢ ᠪᠢᠯᠬᠠᠷᠠᠵᠦ ᠤᠷᠴᠢᠨ ᠳᠤᠭᠤᠷᠢᠨ᠎ᠢ ᠨᠦᠯᠦᠬᠡᠯᠡᠬᠦ᠎ᠠᠴᠠ ᠵᠠᠢ᠌ᠯᠠᠬᠤ ᠬᠡᠷᠡᠭᠳᠡᠢ᠃ ᠬᠤᠳᠠᠯᠳᠤᠭ᠋ᠠᠨ᠎ᠤ ᠵᠡᠬᠡᠯᠢ ᠮᠡᠳᠦ ᠵᠢᠨ ᠭᠠᠵᠠᠷ᠎ᠲᠤ ᠬᠤᠭ᠎ᠤᠨ ᠰᠠᠪᠠ ᠪᠠᠢ᠌ᠷᠢᠯᠠᠭᠤᠯᠬᠤ ᠵᠠᠢ ᠵᠢ 25 ᠮᠸᠲᠷ᠎ᠠᠴᠠ 50 ᠮᠸᠲᠷ᠂ ᠵᠠᠮ ᠬᠠᠷᠢᠯᠴᠠᠭ᠋ᠠᠨ᠎ᠤ ᠭᠤᠤᠯ ᠱᠤᠭᠤᠮ᠎ᠳᠤ 50 ᠮᠸᠲᠷ᠎ᠠᠴᠠ 80 ᠮᠸᠲᠷ᠂ ᠡᠩ᠎ᠤᠨ ᠵᠠᠮ᠎ᠳᠤ 80 ᠮᠸᠲᠷ᠎ᠠᠴᠠ 100 ᠮᠸᠲᠷ ᠪᠠᠢ᠌ᠯᠭ᠋ᠠᠨ᠎ᠠ᠃
      ᠬᠤᠭ᠎ᠤᠨ ᠰᠠᠪᠠ ᠪᠠᠢ᠌ᠷᠢᠯᠠᠭᠤᠯᠬᠤ ᠤ ᠷᠤᠨ ᠪᠠᠢ᠌ᠷᠢ ᠵᠢ ᠬᠡᠷᠬᠢᠨ ᠳᠦᠰᠦᠪᠯᠡᠬᠦ ᠪᠤᠢ?
      ᠬᠤᠭ᠎ᠤᠨ ᠰᠠᠪᠠ ᠵᠢᠨ ᠬᠡᠷᠡᠭᠯᠡᠬᠡᠨ᠎ᠤ ᠠᠮᠢ ᠨᠠᠰᠤ ᠵᠢ ᠨᠡᠩ ᠤᠷᠳᠤᠳᠬᠠᠬᠤ ᠵᠢᠨ ᠳᠦᠯᠦᠬᠡ ᠬᠤᠳᠠ ᠵᠡᠬᠡᠯᠢ ᠵᠢᠨ ᠵᠢᠷᠤᠭ ᠳᠦᠰᠦᠪᠯᠡᠭᠴᠢ᠎ᠠᠴᠠ ᠬᠤᠭ᠎ᠤᠨ ᠰᠠᠪᠠ ᠪᠠᠢ᠌ᠷᠢᠯᠠᠭᠤᠯᠬᠤ ᠳᠠᠯ᠎ᠠ᠎ᠪᠠᠷ ᠤᠯᠠᠨ ᠬᠦᠴᠦᠨ ᠵᠦᠢ᠍ᠯ᠎ᠢ ᠪᠤᠳᠤᠯᠬᠢᠯᠠᠳᠠᠭ᠃ ᠵᠢᠱ᠌ᠢᠶᠡᠯᠡᠪᠡᠯ ᠮᠤᠳᠤᠨ ᠳᠤᠤᠷ᠎ᠠ ᠳᠠᠯᠪᠢᠬᠤ ᠶᠤᠮ ᠤᠤ᠂ ᠡᠰᠡᠬᠦᠯ᠎ᠡ ᠳᠤᠭᠤᠨᠤᠯᠵᠢᠨ ᠵᠠᠮ᠎ᠳᠤ ᠢᠯᠡᠬᠦᠬᠡᠨ ᠳᠤᠬᠢᠷᠠᠭᠤᠯᠬᠤ ᠶᠤᠮ ᠤᠤ ᠭᠡᠬᠦ ᠮᠡᠲᠦ᠃ ᠤᠯᠠᠩᠭᠢ ᠪᠠᠢ᠌ᠳᠠᠯ᠎ᠳᠤ ᠮᠤᠳᠤᠨ ᠰᠡᠬᠦᠳᠡᠷ ᠵᠡᠷᠬᠡ ᠬᠠᠯᠬᠠᠪᠴᠢ ᠪᠤᠳᠠᠰ᠎ᠤᠨ ᠳᠤᠤᠷ᠎ᠠ ᠳᠠᠯᠪᠢᠬᠤ᠎ᠳᠤ ᠰᠠᠯᠬᠢ ᠪᠤᠷᠤᠭ᠋ᠠᠨ᠎ᠤ ᠢᠳᠡᠭᠳᠡᠯ᠎ᠠᠴᠠ ᠰᠡᠷᠬᠡᠢ᠌ᠯᠡᠵᠦ᠂ ᠬᠤᠭ᠎ᠤᠨ ᠰᠠᠪᠠ ᠵᠢᠨ ᠬᠡᠷᠡᠭᠯᠡᠬᠡᠨ᠎ᠤ ᠠᠮᠢ ᠨᠠᠰᠤ ᠵᠢ ᠵᠣᠬᠢᠬᠤ ᠬᠡᠮᠵᠢᠶ᠎ᠡ᠎ᠪᠠᠷ ᠤᠷᠳᠤᠳᠬᠠᠵᠦ ᠴᠢᠳᠠᠨ᠎ᠠ᠃ ᠡᠬᠦᠨ᠎ᠠᠴᠠ ᠭᠠᠳᠠᠨ᠎ᠠ ᠬᠤᠭ᠎ᠤᠨ ᠰᠠᠪᠠ ᠳᠤᠬᠢᠷᠠᠭᠤᠯᠤᠨ ᠳᠠᠯᠪᠢᠬᠤ᠎ᠳᠤ᠎ᠪᠠᠨ ᠬᠠᠷᠠᠭ᠎ᠠ ᠵᠡᠮᠳᠡᠭ ᠬᠥᠮᠥᠨ᠎ᠤ ᠵᠠᠮ ᠵᠡᠷᠬᠡ ᠤᠷᠤᠨ ᠬᠡᠪᠴᠢᠶᠠᠨ᠎ᠠᠴᠠ ᠵᠠᠢ᠌ᠯᠠᠭᠤᠯᠬᠤ ᠵᠢ ᠠᠩᠬᠠᠷᠬᠤ ᠬᠡᠷᠡᠭᠳᠡᠢ᠃
      ᠬᠤᠭ᠎ᠤᠨ ᠰᠠᠪᠠ ᠵᠢ ᠬᠡᠳᠦᠢ ᠤᠯᠠᠨ ᠪᠠᠢ᠌ᠷᠢᠯᠠᠭᠤᠯᠪᠠᠯ ᠳᠡᠳᠦᠢ ᠰᠠᠢ᠌ᠨ ᠤᠤ?
      ᠬᠤᠳᠠ ᠵᠢᠨ ᠬᠤᠭ ᠨᠤᠪᠰᠢ ᠳᠡᠢ᠌ᠮᠦ ᠤᠯᠠᠨ ᠶᠤᠮ ᠴᠢᠨᠢ ᠬᠤᠭ᠎ᠤᠨ ᠰᠠᠪᠠ ᠵᠢ ᠤᠯᠠᠨ ᠳᠤᠬᠢᠷᠠᠭᠤᠯᠪᠠᠯ ᠨᠡᠩ ᠰᠠᠢ᠌ᠨ ᠪᠢᠰᠢ ᠤᠤ ᠬᠡᠵᠦ ᠤᠯᠠᠩᠭᠢ ᠬᠦᠮᠦᠰ ᠪᠤᠳᠤᠳᠠᠭ᠃ ᠦᠨᠡᠨ᠎ᠳᠤ᠎ᠪᠠᠨ ᠳᠡᠢ᠌ᠮᠦ ᠪᠢᠰᠢ᠃ ᠬᠡᠳᠦ ᠤᠯᠠᠨ ᠬᠤᠭ᠎ᠤᠨ ᠰᠠᠪᠠ ᠳᠤᠬᠢᠷᠠᠭᠤᠯᠬᠤ᠎ᠨᠢ ᠤᠯᠠᠨ ᠨᠡᠢ᠌ᠳᠡ ᠵᠢᠨ ᠡᠬᠢ ᠪᠠᠶᠠᠯᠢᠭ᠎ᠢ ᠪᠦᠷᠢᠯᠬᠡᠬᠦ ᠮᠦᠷᠳᠡᠬᠡᠨ ᠪᠠᠰᠠ ᠵᠠᠮ ᠬᠠᠷᠢᠯᠴᠠᠭ᠋ᠠᠨ᠎ᠳᠤ ᠵᠣᠬᠢᠬᠤ ᠬᠡᠮᠵᠢᠶᠡᠨ᠎ᠤ ᠰᠠᠭ᠋ᠠᠳ ᠪᠤᠯᠳᠠᠭ᠃ ᠡᠬᠦᠨ᠎ᠠᠴᠠ ᠭᠠᠳᠠᠨ᠎ᠠ ᠬᠤᠭ᠎ᠤᠨ ᠰᠠᠪᠠ᠎ᠤᠨ ᠳᠤᠰ ᠪᠡᠶ᠎ᠡ᠎ᠨᠢ ᠬᠤᠭ ᠨᠤᠪᠰᠢ ᠵᠢ ᠰᠢᠢ᠍ᠳᠪᠦᠷᠢᠯᠡᠬᠦ ᠴᠢᠳᠠᠪᠬᠢ ᠦᠬᠡᠢ ᠤᠴᠢᠷ᠎ᠠᠴᠠ ᠤᠨᠴᠠᠭ᠋ᠠᠢ ᠦᠨᠦᠷ ᠳᠠᠨᠤᠷ ᠭᠠᠷᠴᠤ ᠤᠷᠴᠢᠨ ᠲᠣᠭᠣᠷᠢᠨ᠎ᠳᠤ ᠵᠤᠬᠢᠬᠤ ᠪᠤᠬᠢᠷᠳᠤᠯ ᠪᠤᠯᠳᠠᠭ ᠪᠠᠢ᠌ᠨ᠎ᠠ᠃ ᠡᠢ᠌ᠮᠦ᠎ᠠᠴᠠ ᠬᠤᠭ᠎ᠤᠨ ᠰᠠᠪᠠ ᠵᠢ ᠵᠦᠢ ᠵᠤᠬᠢᠰᠳᠠᠢ ᠪᠥᠭᠡᠳ ᠪᠦᠳᠦᠮᠵᠢᠳᠡᠢ ᠲᠣᠬᠢᠷᠠᠭᠤᠯᠬᠤ᠎ᠨᠢ ᠬᠤᠳᠠ ᠵᠢᠨ ᠤᠷᠴᠢᠨ ᠳᠤᠭᠤᠷᠢᠨ᠎ᠢ ᠬᠠᠮᠠᠭ᠋ᠠᠯᠠᠬᠤ ᠡᠷᠴᠢᠮᠳᠡᠢ ᠠᠷᠭ᠎ᠠ ᠵᠠᠮ ᠪᠤᠯᠤᠨ᠎ᠠ᠃
      ᠬᠤᠳᠠ ᠵᠢᠨ ᠵᠠᠬ᠎ᠠ ᠵᠡᠭᠡᠯᠢ᠎ᠳᠤ ᠬᠤᠭ᠎ᠤᠨ ᠰᠠᠪᠠ ᠵᠢ ᠬᠡᠷᠬᠢᠨ ᠪᠠᠢ᠌ᠷᠢᠯᠠᠭᠤᠯᠪᠠᠯ ᠰᠠᠶᠢ ᠰᠢᠨᠵᠢᠯᠡᠬᠦ ᠤᠬᠠᠭ᠋ᠠᠨᠴᠢ᠎ᠳᠤ ᠳᠤᠭ᠋ᠠᠴᠠᠬᠳᠠᠬᠤ ᠪᠤᠢ?
      ᠬᠤᠭ᠎ᠤᠨ ᠰᠠᠪᠠ ᠵᠢ ᠵᠦᠢ ᠵᠤᠬᠢᠰᠳᠠᠢ ᠳᠤᠬᠢᠷᠠᠭᠤᠯᠬᠤ᠎ᠨᠢ ᠬᠠᠶᠠᠬᠳᠠᠮᠠᠯ ᠪᠤᠳᠠᠰ᠎ᠢ ᠪᠦᠳᠦᠮᠵᠢᠳᠡᠢ᠎ᠪᠠᠷ ᠳᠠᠬᠢᠨ ᠠᠰᠢᠬᠯᠠᠬᠤ᠎ᠳᠤ ᠳᠤᠰᠠᠳᠠᠢ ᠪᠠᠢ᠌ᠵᠦ᠂ ᠠᠳᠠᠯᠢ ᠪᠤᠰᠤ ᠳᠦᠷᠦᠯ᠎ᠤᠨ ᠬᠤᠭ ᠨᠤᠪᠰᠢ ᠵᠢ ᠬᠤᠷᠢᠶᠠᠬᠤ ᠰᠠᠪᠠ ᠵᠢ ᠵᠤᠬᠢᠰᠳᠠᠢ ᠳᠤᠬᠢᠷᠠᠭᠤᠯᠬᠤ᠎ᠨᠢ ᠪᠠᠰᠠ ᠤᠯᠠᠨ ᠳᠦᠮᠡᠨ᠎ᠤ ᠬᠤᠭ ᠨᠤᠪᠰᠢ ᠵᠢ ᠳᠦᠷᠦᠯ ᠠᠩᠭᠢᠯᠠᠬᠤ ᠳᠠᠨᠢᠯᠳᠠ ᠵᠢ ᠳᠡᠬᠡᠭᠰᠢᠯᠡᠬᠦᠯᠵᠦ ᠴᠢᠳᠠᠨ᠎ᠠ᠃

ᠢᠷᠡᠯᠲᠡ᠄ ᠦᠪᠦᠷ ᠮᠤᠩᠭᠤᠯ᠎ᠤᠨ ᠦᠪᠡᠷᠳᠡᠭᠡᠨ ᠵᠠᠰᠠᠬᠤ ᠤᠷᠤᠨ᠎ᠤ ᠠᠮᠢ ᠠᠬᠤᠢ ᠤᠷᠴᠢᠨ ᠲᠤᠭᠤᠷᠢᠨ᠎ᠤ ᠲᠢᠩᠬᠢᠮ
          
ᠬᠠᠮᠢᠶ᠎ᠡ ᠪᠦᠬᠦᠢ ᠰᠣᠨᠢᠨ
ᠠᠮᠢᠳᠠᠨ᠎ᠤ ᠮᠸᠲ᠋ᠠᠨ ᠭᠠᠳᠠᠭᠰᠢᠯᠠᠭᠤᠯᠬᠤ ᠵᠢ ᠪᠠᠭ᠋ᠠᠰᠬᠠᠬᠤ ᠬᠡᠪᠡᠯ ᠳᠠᠯᠠᠢ ᠵᠢᠨ ᠵᠠᠮᠠᠭ ᠢᠳᠡᠬᠦᠯᠦᠬᠡᠷᠡᠢ
ᠪᠦᠬᠦ ᠪᠦᠮᠪᠦᠷᠴᠡᠭ᠎ᠤᠨ ᠳᠤᠯᠠᠭ᠋ᠠᠷᠠᠯᠳᠠ᠎ᠨᠢ ᠵᠢᠭ᠋ᠠᠰᠤᠨ᠎ᠤ ᠳᠦᠷᠦᠯ᠎ᠤᠨ ᠳᠦᠷᠦᠯᠬᠢ ᠴᠢᠳᠠᠪᠤᠷᠢ ᠵᠢ ᠪᠠᠭᠤᠷᠠᠭᠤᠯᠵᠦ᠂ ᠳᠡᠳᠡᠨ᠎ᠢ 《ᠳᠡᠨᠡᠭᠰᠢᠷᠡᠬᠦᠯᠦᠨ᠎ᠡ》
ᠳᠠᠯᠠᠢ ᠳᠠᠩᠭᠢᠰ ᠪᠤᠯ ᠪᠤᠬᠢᠷ ᠮᠠᠨᠠᠨ᠎ᠢ ᠴᠡᠪᠡᠷᠰᠢᠬᠦᠯᠬᠦ ᠪᠠᠢ᠌ᠭ᠋ᠠᠯᠢᠯᠢᠭ ᠪᠠᠭ᠋ᠠᠵᠢ ᠮᠥᠨ
ᠬᠦᠮᠦᠨ ᠪᠦᠬᠦᠨ ᠰᠠᠶᠤᠤ ᠪᠤᠯᠬᠤ᠎ᠳᠤ ᠬᠦᠷᠪᠡᠯ ᠬᠦᠯᠡᠮᠵᠢ ᠵᠢᠨ ᠬᠡᠢ ᠪᠡᠶᠡᠳᠦ 70%᠎ᠪᠠᠷ ᠪᠠᠭ᠋ᠠᠰᠬᠤ ᠪᠤᠯᠤᠨ᠎ᠠ
ᠠᠭ᠋ᠠᠷ᠎ᠤᠨ ᠪᠤᠬᠢᠷᠳᠤᠯ᠎ᠨᠢ ᠡᠷᠡᠬᠦᠯ ᠮᠡᠨᠳᠦ᠎ᠳᠤ ᠬᠦᠨᠦᠬᠡᠯ᠎ᠲᠠᠢ ᠮᠦᠷᠳᠡᠬᠡᠨ ᠮᠠᠷᠢᠶ᠎ᠠ ᠵᠢ ᠨᠡᠮᠡᠭᠳᠡᠬᠦᠯᠵᠦ ᠮᠡᠳᠡᠨ᠎ᠡ
 
             蒙ICP备05000248号