ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠠᠮᠢ ᠠᠬᠤᠢ᠎ᠶᠢᠨ ᠬᠠᠮᠠᠭᠠᠯᠠᠯᠲᠠ
ᠪᠣᠬᠢᠷᠲᠤᠯ᠎ᠢ ᠰᠡᠷᠭᠡᠶ᠋ᠢᠯᠡᠨ ᠵᠠᠰᠠᠬᠤ
ᠪᠣᠬᠢᠷᠳᠤᠯ᠎ᠢ ᠰᠡᠷᠭᠡᠢ᠌ᠯᠡᠨ ᠵᠠᠰᠠᠬᠤ ᠪᠣᠭᠣᠮᠲᠠ ᠰᠢᠪᠲᠤᠯᠬᠤ ᠲᠠᠢ᠌ᠯᠠᠯᠳᠣᠭ᠋ᠠᠨ
ᠵᠢᠷᠭᠤᠭ᠋ᠠᠨ ᠠᠬᠢᠭᠤᠯᠬᠤ ᠳᠦᠷᠢᠮ᠎ᠢ ᠭᠦᠨᠵᠡᠭᠡᠢ ᠲᠣᠭᠣᠰᠢᠯᠠᠭᠣᠯᠣᠶ᠎ᠠ
ᠪᠣᠬᠢᠷᠲᠤᠯ᠎ᠢ ᠰᠡᠷᠭᠡᠶ᠋ᠢᠯᠡᠨ ᠵᠠᠰᠠᠬᠤ   -   ᠣᠷᠴᠢᠨ ᠲᠣᠭᠤᠷᠢᠨ᠎ᠤ ᠰᠤᠳᠤᠯᠭᠠᠨ
ᠠᠩᠭᠢᠯᠤᠮ᠎ᠠ ᠦᠨᠦᠷᠳᠤ ᠡᠳ᠋᠎ᠢ ᠬᠡᠷᠡᠭᠯᠡᠨ ᠭᠡᠷ ᠲᠡᠷᠭᠡᠨ᠎ᠤ ᠣᠷᠴᠢᠨ ᠵᠶ᠋ᠠᠨ ᠰᠠᠢ᠌ᠵᠢᠷᠠᠭᠤᠯᠬᠤ᠎ᠨᠢ ᠵᠣᠬᠢᠰᠲᠠᠢ ᠬᠢᠳᠡᠯ ᠪᠢᠰᠢ
ᠨᠡᠶ᠋ᠢᠲᠡᠯᠡᠭᠰᠡᠨ ᠴᠠᠭ᠄ 2019-04-08

    【ᠵᠠᠷᠢᠮ ᠬᠦᠮᠦᠨ ᠵᠤᠷᠯᠤᠩ᠂ ᠬᠤᠪᠴᠠᠰᠤᠨ᠎ᠤ ᠬᠤᠷᠭᠤ᠂ ᠱᠠᠬᠠᠢ ᠵᠢᠨ ᠬᠤᠷᠭᠤ᠂ ᠳᠡᠷᠬᠡᠨ ᠳᠤᠳᠤᠷ᠎ᠠ ᠦᠮᠡᠬᠡᠢ ᠬᠠᠴᠢᠨ ᠦᠨᠦᠷ᠎ᠲᠠᠢ ᠭᠡᠵᠦ ᠬᠡᠷ ᠶᠤᠮ ᠤᠤ ᠳᠡᠷᠬᠡᠨ ᠳᠤᠳᠤᠷ᠎ᠠ ᠬᠡᠷᠡᠭᠯᠡᠬᠦ ᠬᠦᠮᠦᠨ᠎ᠤ ᠬᠦᠴᠦ᠎ᠪᠠᠷ ᠨᠡᠢ᠌ᠯᠡᠯᠬᠡᠵᠢᠬᠦᠯᠦᠭᠰᠡᠨ ᠠᠩᠭᠢᠯᠤᠮ᠎ᠠ ᠦᠨᠦᠷᠳᠤ ᠡᠳ᠋᠂ ᠬᠤᠪᠴᠠᠰᠤ ᠬᠤᠨᠠᠷ ᠨᠤᠬᠠᠢ ᠮᠤᠤᠷ᠎ᠲᠤ ᠬᠡᠷᠡᠭᠯᠡᠬᠦ ᠠᠩᠭᠢᠯᠤᠮ᠎ᠠ ᠦᠨᠦᠷᠳᠤ ᠡᠳ᠋᠂ ᠦᠨᠦᠷᠳᠤ ᠤᠰᠤ᠂ ᠰᠦᠷᠴᠢᠬᠦᠷ ᠬᠡᠵᠢᠬᠡᠨ ᠨᠢᠯᠳᠠᠭ᠂ ᠭᠠᠪᠦ᠋ᠷ ᠦᠷᠢᠯ ᠵᠡᠷᠬᠡ ᠵᠢ ᠰᠦᠷᠴᠢᠨ᠂ ᠦᠮᠡᠬᠡᠢ ᠦᠨᠦᠷ᠎ᠢ ᠳᠠᠷᠤᠵᠦ ᠬᠡᠷ ᠳᠦᠬᠦᠷᠡᠩ ᠠᠩᠭᠢᠯᠤᠮ᠎ᠠ ᠦᠨᠦᠷ ᠰᠡᠩᠭᠢᠨᠡᠬᠦᠯᠬᠦ ᠳᠤᠷᠠᠳᠠᠢ ᠪᠠᠢ᠌ᠳᠠᠭ᠃ ᠬᠡᠳᠡᠯ᠎ᠡ ᠵᠠᠷᠢᠮ ᠬᠦᠮᠦᠨ ᠠᠩᠭᠢᠯᠤᠮ᠎ᠠ ᠦᠨᠦᠷ᠎ᠲᠠᠢ ᠭᠠᠵᠠᠷ ᠤᠷᠤᠮᠠᠬ᠍ᠴᠠ ᠬᠠᠮᠠᠷ᠎ᠨᠢ ᠵᠠᠭ᠋ᠠᠳᠤᠨᠠᠨ ᠨᠠᠢ᠌ᠳᠠᠭ᠋ᠠᠬᠤ᠂ ᠨᠢᠳᠦᠨ᠎ᠠᠴᠠ᠎ᠨᠢ ᠨᠢᠯᠪᠤᠰᠤ ᠭᠤᠭᠤᠵᠢᠬᠤ᠂ ᠳᠤᠯᠤᠭ᠋ᠠᠢ ᠡᠪᠡᠳᠬᠦ᠂ ᠬᠤᠭᠤᠯᠠᠢ ᠡᠪᠡᠳᠬᠦ ᠪᠠᠢ᠌ᠳᠠᠯ ᠢᠯᠡᠷᠡᠵᠦ᠂ ᠤᠳᠠᠭ᠋ᠠᠨ ᠰᠠᠭᠤᠪᠠᠯ ᠨᠡᠩ ᠴᠦ᠍ ᠳᠤᠯᠤᠭ᠋ᠠᠢ ᠡᠷᠬᠢᠨ ᠳᠦᠨᠡᠷᠡᠬᠦ᠂ ᠠᠮᠢᠰᠬᠤᠯ ᠴᠢᠬᠤᠯᠠᠳᠠᠬᠤ ᠵᠡᠷᠬᠡ ᠡᠪᠡᠳᠴᠢᠨ᠎ᠤ ᠪᠠᠢ᠌ᠳᠠᠯ ᠢᠯᠡᠷᠡᠳᠡᠭ᠃ ᠠᠩᠭᠢᠯᠤᠮ᠎ᠠ ᠦᠨᠦᠷ᠎ᠲᠤ ᠳᠤᠷᠠᠳᠠᠢ ᠬᠦᠮᠦᠨ ᠳᠡᠬᠦᠨ᠎ᠢ ᠠᠮᠢᠳᠤᠷᠠᠯ᠎ᠤᠨ ᠴᠢᠨᠠᠷ ᠴᠢᠨᠰᠠᠭ᠎ᠠ᠎ᠪᠠᠨ ᠳᠡᠬᠡᠭᠰᠢᠯᠡᠬᠦᠯᠬᠦ ᠰᠠᠢ᠌ᠨ ᠡᠳ᠋ ᠵᠶ᠋ᠡᠷ ᠦᠵᠡᠬᠦ᠎ᠳᠤ ᠵᠠᠷᠢᠮ ᠬᠦᠮᠦᠨ ᠵᠠᠢ᠌ᠯᠠᠭ᠋ᠠᠳ ᠵᠠᠪᠳᠤᠬᠤ ᠦᠬᠡᠢ ᠪᠠᠢ᠌ᠨ᠎ᠠ᠃ ᠳᠡᠬᠡᠪᠡᠯ ᠠᠩᠭᠢᠯᠤᠮ᠎ᠠ ᠦᠨᠦᠷᠳᠤ ᠡᠳ᠋᠎ᠢ ᠴᠤᠬᠤᠮ ᠬᠡᠷᠡᠭᠯᠡᠵᠦ ᠪᠤᠯᠤᠨ᠎ᠠ ᠤᠤ ᠦᠬᠡᠢ ᠤᠤ? ᠬᠦᠮᠦᠨ᠎ᠤ ᠪᠡᠶ᠎ᠡ ᠮᠠᠬᠠᠪᠤᠳ᠎ᠤᠨ ᠡᠷᠡᠬᠦᠯ ᠴᠢᠬᠢᠷᠠᠭ᠎ᠲᠤ ᠶᠠᠮᠠᠷ ᠨᠦᠯᠦᠬᠡ᠎ᠲᠠᠢ ᠪᠤᠢ?】
      ᠮᠠᠰᠢ ᠤᠯᠠᠨ ᠬᠦᠮᠦᠨ ᠠᠩᠭᠢᠯᠤᠮ᠎ᠠ ᠦᠨᠦᠷᠳᠤ ᠯᠠ ᠵᠢ ᠬᠡᠷᠡᠭᠯᠡᠬᠦ ᠳᠤᠷᠠᠳᠠᠢ ᠪᠠᠢ᠌ᠳᠠᠭ᠃ ᠤᠯᠠᠩᠭᠢ ᠯᠠ ᠵᠢ ᠬᠠᠳᠠᠭᠤ ᠪᠡᠶᠡᠳᠦ ᠴᠢᠯᠠᠭᠤᠨ ᠯᠠ᠎ᠪᠠᠷ ᠦᠢ᠍ᠯᠡᠳᠴᠦ᠂ ᠬᠠᠳᠠᠭᠤ ᠪᠡᠶᠡᠳᠦ ᠴᠢᠯᠠᠭᠤᠨ ᠯᠠ᠎ᠨᠢ ᠪᠠᠰᠠ ᠴᠢᠯᠠᠭᠤᠨ ᠳᠤᠰᠤᠨ᠎ᠤ ᠦᠢ᠍ᠯᠡᠳᠪᠦᠷᠢᠯᠡᠯ᠎ᠳᠠᠬᠢ ᠬᠠᠮᠤᠭ᠎ᠤᠨ ᠳᠤᠤᠷ᠎ᠠ ᠳᠡᠰ᠎ᠤᠨ ᠳᠠᠭ᠋ᠠᠯᠳᠠ ᠦᠢ᠍ᠯᠡᠳᠬᠦᠨ ᠪᠤᠯᠬᠤᠷ ᠯᠢᠴᠢᠩ ᠳᠤᠰᠤ ᠵᠢ ᠴᠦ᠍ ᠬᠦᠷᠬᠦ ᠦᠬᠡᠢ ᠶᠤᠮ᠃ ᠡᠢ᠌ᠮᠦᠷᠬᠦᠦ ᠯᠠ ᠵᠢ ᠠᠰᠠᠭ᠋ᠠᠮᠠᠬ᠍ᠴᠠ ᠮᠠᠰᠢᠨ ᠳᠡᠷᠬᠡᠨ᠎ᠤ ᠭᠠᠳᠠᠭᠰᠢᠯ ᠬᠡᠢ ᠵᠢᠨ ᠪᠦᠷᠢᠯᠳᠦᠬᠦᠨ᠎ᠲᠠᠢ ᠠᠳᠠᠯᠢ᠎ᠪᠠᠷ ᠮᠸᠲ᠋ᠢᠨᠳᠤ ᠪᠸᠨ᠋ᠽᠸᠨ᠂ ᠪᠸᠨ᠋ᠽᠸᠨ ᠵᠡᠷᠬᠡ ᠦᠮᠡᠨᠵᠢᠬᠦᠯᠬᠦ ᠡᠳ᠋ ᠡᠬᠦᠰᠬᠡᠵᠦ᠂ ᠬᠦᠮᠦᠨ᠎ᠤ ᠶᠡᠬᠡ ᠳᠠᠷᠢᠬᠢ᠂ ᠠᠭᠤᠰᠬᠢ ᠪᠤᠯᠤᠨ ᠮᠡᠳᠡᠷᠡᠯ᠎ᠤᠨ ᠰᠢᠰᠲᠸᠮ᠎ᠢ ᠨᠦᠯᠦᠬᠡᠯᠡᠨ᠂ ᠪᠤᠢ᠌ᠵᠢᠯᠳᠠ ᠵᠢ ᠴᠦ᠍ ᠨᠦᠯᠦᠬᠡᠯᠡᠬᠦ ᠶᠤᠮ᠃ ᠯᠠ ᠵᠢᠨ ᠭᠤᠤᠯ᠎ᠢ ᠠᠰᠬᠠᠨ ᠪᠠᠢ᠌ᠯᠭ᠋ᠠᠬᠤ ᠵᠢᠨ ᠳᠦᠯᠦᠬᠡ ᠵᠠᠷᠢᠮ ᠦᠢ᠍ᠯᠡᠳᠪᠦᠷᠢ᠎ᠠᠴᠠ ᠪᠠᠰᠠ ᠳᠡᠮᠦᠷᠯᠢᠭ ᠭᠤᠤᠯ ᠵᠶ᠋ᠡᠷ ᠬᠦᠪᠦᠩ ᠤᠳᠠᠰᠤᠨ ᠭᠤᠤᠯ᠎ᠢ ᠤᠷᠤᠯᠠᠭᠤᠯᠵᠦ ᠪᠤᠢ᠃ ᠠᠮᠸᠷᠢᠺᠠ ᠵᠢᠨ ᠤᠷᠴᠢᠨ ᠳᠤᠭᠤᠷᠢᠨ᠎ᠤ ᠬᠠᠮᠠᠭ᠋ᠠᠯᠠᠯᠳᠠ ᠵᠢᠨ ᠵᠠᠬᠢᠷᠭ᠎ᠠ ᠵᠢᠨ ᠨᠢᠬᠡᠨ ᠮᠡᠳᠡᠬᠦᠯᠦᠯᠳᠡ᠎ᠳᠤ ᠢᠯᠡᠷᠡᠬᠦᠯᠦᠭᠰᠡᠨ ᠵᠶ᠋ᠡᠷ᠂ ᠳᠡᠮᠦᠷᠯᠢᠭ ᠭᠤᠤᠯ᠎ᠲᠠᠢ ᠯᠠ ᠵᠢ ᠤᠷᠳᠤ ᠬᠤᠭᠤᠴᠠᠭ᠎ᠠ ᠪᠤᠶᠤ ᠶᠡᠬᠡ ᠬᠡᠮᠵᠢᠶ᠎ᠡ᠎ᠪᠠᠷ ᠠᠰᠠᠭ᠋ᠠᠬᠤ᠎ᠨᠢ ᠬᠡᠷ ᠳᠤᠳᠤᠷᠠᠬᠢ ᠠᠭ᠋ᠠᠷ᠎ᠤᠨ ᠬᠠᠷ᠎ᠠ ᠳᠤᠭᠤᠯᠭ᠎ᠠ᠂ ᠺᠠᠳ᠋ᠮᠢ ᠵᠡᠷᠬᠡ ᠬᠦᠨᠳᠦ ᠳᠡᠮᠦᠷᠯᠢᠭ᠎ᠤᠨ ᠠᠭᠤᠯᠤᠬᠳᠠᠬ᠍ᠴᠠ ᠵᠢ ᠶᠡᠬᠡ᠎ᠪᠠᠷ ᠨᠡᠮᠡᠭᠳᠡᠭᠦᠯᠦᠨ᠎ᠡ᠃
      ᠠᠩᠭᠢᠯᠦᠮ᠎ᠠ ᠦᠨᠦᠷᠳᠤ ᠴᠢᠯᠠᠭᠤᠨ ᠯᠠ ᠵᠢᠨ ᠬᠤᠤᠷ ᠬᠦᠨᠦᠬᠡᠯ᠎ᠨᠢ ᠵᠥᠪᠬᠡᠨ ᠠᠰᠠᠭ᠋ᠠᠪᠠᠯ ᠰᠠᠶᠢ ᠪᠤᠢ ᠪᠤᠯᠬᠤ ᠪᠢᠰᠢ᠃ 2016 ᠤᠨ᠎ᠳᠤ ᠠᠮᠸᠷᠢᠺᠠ ᠵᠢᠨ ᠫᠠᠺᠯᠠᠨᠳ᠋ ᠳᠡᠬᠡᠳᠦ ᠰᠤᠷᠭ᠋ᠠᠭᠤᠯᠢ ᠵᠢᠨ ᠰᠤᠳᠤᠯᠭ᠋ᠠᠳᠠᠨ 《ᠰᠢᠨ᠎ᠡ ᠰᠤᠷᠭᠤᠭ ᠬᠦᠪᠦᠩ ᠤᠯᠤᠰᠤ》 《ᠰᠤᠬᠳᠤᠭᠤᠷᠠᠮ᠎ᠠ ᠰᠠᠢ᠌ᠬᠠᠨ ᠬᠤᠸᠠᠷ᠎ᠤᠨ ᠠᠩᠭᠢᠯᠤᠯ》 《ᠬᠠᠴᠢᠨ ᠭᠠᠢ᠌ᠬᠠᠮᠰᠢᠬᠳᠤ ᠵᠢᠮᠢᠰ᠎ᠤᠨ ᠠᠩᠭᠢᠯᠤᠯ》 ᠵᠡᠷᠬᠡ ᠵᠠᠬ᠎ᠠ ᠳᠡᠯᠬᠡᠬᠦᠷ᠎ᠲᠤ ᠦᠷᠬᠦᠯᠵᠢ ᠬᠠᠷᠠᠬᠳᠠᠳᠠᠭ 6 ᠵᠦᠢ᠍ᠯ᠎ᠤᠨ ᠠᠩᠭᠢᠯᠤᠮ᠎ᠠ ᠦᠨᠦᠷᠳᠤ ᠴᠢᠯᠠᠭᠤᠨ ᠯᠠ᠎ᠳᠤ ᠵᠠᠳᠠᠯᠤᠯᠳᠠ ᠬᠢᠭᠰᠡᠨ᠎ᠳᠤ 《ᠬᠦᠵᠡᠯᠵᠡᠬᠡᠨ᠎ᠡ ᠵᠢᠨ ᠦᠨᠦᠷᠳᠤ》 ᠯᠠ᠎ᠠᠴᠠ   ᠪᠤᠰᠤᠳ ᠯᠠ ᠵᠢᠨ ᠠᠰᠠᠭ᠋ᠠᠬᠤ᠎ᠠᠴᠠ ᠡᠮᠦᠨ᠎ᠡ ᠢᠯᠭ᠋ᠠᠷᠠᠭᠤᠯᠤᠬᠰᠠᠨ ᠳᠡᠭᠳᠡᠮᠡᠬᠡᠢ ᠴᠢᠨᠠᠷᠳᠠᠢ ᠤᠷᠭ᠋ᠠᠨᠢᠭ ᠪᠤᠳᠠᠰ᠎ᠨᠢ ᠠᠰᠠᠭ᠋ᠠᠭᠰᠠᠨ᠎ᠤ ᠳᠠᠷᠠᠭ᠋ᠠᠬᠢ ᠢᠯᠭ᠋ᠠᠷᠠᠭᠤᠯᠤᠭᠰᠠᠨ ᠡᠳ᠋᠎ᠠᠴᠠ ᠨᠡᠩ ᠢᠯᠡᠬᠦᠦ ᠪᠠᠢ᠌ᠵᠦ᠂ ᠤᠨᠴᠠᠭ᠋ᠠᠢ᠌ᠯᠠᠨ 《ᠬᠠᠴᠢᠨ ᠭᠠᠢ᠌ᠬᠠᠮᠰᠢᠬᠳᠤ ᠵᠢᠮᠢᠰ᠎ᠤᠨ ᠠᠩᠭᠢᠯᠤᠯ》 ᠬᠡᠯᠪᠡᠷᠢ ᠵᠢᠨ ᠯᠠ᠎ᠨᠢ ᠠᠰᠠᠭ᠋ᠠᠭᠬᠰᠠᠨ᠎ᠤ ᠳᠠᠷᠠᠭ᠋ᠠᠬᠢ᠎ᠠᠴᠠ᠎ᠪᠠᠨ ᠪᠠᠷᠤᠭ 4 ᠳᠠᠬᠢᠨ ᠢᠯᠡᠬᠦᠦ ᠪᠠᠢ᠌ᠪᠠ᠃ ᠡᠳᠡᠬᠡᠷ ᠤᠷᠭ᠋ᠠᠨᠢᠭ ᠪᠤᠳᠠᠰ᠎ᠲᠤ ᠡᠲ᠋ᠢᠯ ᠠᠯᠺᠤᠤᠯ᠂ ᠡᠲ᠋ᠢᠯ ᠠᠯᠳ᠋ᠸᠬᠢᠳ᠋ ᠵᠡᠷᠬᠡ ᠪᠤᠳᠠᠰ ᠠᠭᠤᠯᠤᠬᠳᠠᠵᠦ ᠪᠤᠢ᠃ ᠡᠬᠦᠨ᠎ᠠᠴᠠ ᠭᠠᠳᠠᠨ᠎ᠠ ᠪᠠᠰᠠ ᠤᠯᠠᠨ ᠴᠠᠭ᠋ᠠᠷᠢᠬᠳᠤ ᠠᠩᠭᠢᠯᠤᠮ᠎ᠠ ᠨᠡᠬᠦᠷᠡᠰᠦ ᠤᠰᠤᠳᠦ᠋ᠷᠦᠭᠴᠢ ᠵᠢᠨ ᠨᠢᠬᠡᠳᠦᠯ (PAHs)᠎ᠳᠤ ᠨᠠᠹᠲ᠋ᠠᠯᠢᠨ᠂ ᠠᠨᠲᠷᠠᠼᠸᠨ ᠵᠡᠷᠬᠡ 100 ᠭᠠᠷᠤᠢ ᠵᠦᠢ᠍ᠯ᠎ᠤᠨ ᠬᠢᠮᠢ ᠵᠢᠨ ᠪᠤᠳᠠᠰ᠎ᠢ ᠪᠠᠬᠳᠠᠭ᠋ᠠᠭᠰᠠᠨ ᠦᠮᠡᠨᠵᠢᠬᠦᠯᠬᠦ ᠪᠤᠳᠠᠰ ᠠᠭᠤᠯᠤᠬᠳᠠᠵᠦ᠂ ᠶᠡᠷᠦ᠎ᠳᠤ᠎ᠪᠠᠨ ᠬᠤᠭ ᠨᠤᠪᠰᠢ᠂ ᠮᠤᠳᠤ᠂ ᠴᠢᠶᠢᠤ ᠵᠡᠷᠬᠡ ᠪᠤᠳᠠᠰ ᠰᠢᠳᠠᠬᠰᠠᠨ᠎ᠤ ᠳᠠᠷᠠᠭ᠎ᠠ ᠡᠬᠦᠰᠦᠨ᠎ᠡ᠃ ᠳᠡᠷᠡ᠎ᠨᠢ ᠬᠦᠮᠦᠨ᠎ᠢ ᠦᠮᠡᠨ ᠡᠪᠡᠳᠴᠢᠨ ᠤᠯᠤᠭᠤᠯᠬᠤ᠎ᠠᠴᠠ ᠭᠠᠳᠠᠨ᠎ᠠ ᠪᠠᠰᠠ ᠵᠡᠷᠡᠮᠳᠡᠭ ᠪᠤᠯᠭ᠋ᠠᠬᠤ᠂ ᠮᠡᠳᠡᠷᠡᠯ᠎ᠤᠨ ᠰᠢᠰᠲᠸᠮ᠎ᠢ᠎ᠨᠢ ᠵᠤᠬᠢᠴᠠᠯ ᠠᠯᠳᠠᠭᠤᠯᠬᠤ ᠪᠠ ᠬᠠᠷᠰᠢᠮᠠᠳᠠᠭ᠋ᠠᠢ ᠡᠪᠡᠳᠴᠢᠨ ᠡᠮᠬᠡᠭ ᠵᠡᠷᠬᠡ ᠵᠢ ᠡᠬᠦᠰᠬᠡᠳᠡᠭ᠃
      ᠠᠩᠭᠢᠯᠤᠮ᠎ᠠ ᠦᠨᠦᠷ᠎ᠲᠠᠢ ᠯᠠ ᠵᠢᠨ ᠨᠤᠴᠤᠬᠤ ᠴᠡᠭ᠎ᠨᠢ ᠬᠡᠳᠦᠢ ᠳᠤᠤᠷ᠎ᠠ ᠪᠠᠢ᠌ᠪᠠᠯ ᠳᠡᠬᠦᠨ᠎ᠤ ᠢᠯᠭ᠋ᠠᠷᠠᠭᠤᠯᠬᠤ ᠳᠡᠭᠳᠡᠮᠡᠬᠡᠢ ᠴᠢᠨᠠᠷᠳᠠᠢ ᠤᠷᠭ᠋ᠠᠨᠢᠭ ᠪᠤᠳᠠᠰ᠎ᠤᠨ ᠦᠳᠬᠡᠴᠡ᠎ᠨᠢ ᠳᠡᠳᠦᠢ ᠦᠨᠳᠦᠷ ᠪᠠᠢ᠌ᠵᠦ᠂ ᠬᠦᠮᠦᠨ᠎ᠤ ᠪᠡᠶ᠎ᠡ᠎ᠳᠤ ᠦᠵᠡᠬᠦᠯᠬᠦ ᠬᠦᠨᠦᠬᠡᠯ᠎ᠨᠢ ᠴᠦ᠍ ᠤᠯᠠᠮ ᠶᠡᠬᠡ ᠬᠡᠳᠡᠭ᠎ᠢ ᠳᠤᠰ ᠰᠤᠳᠤᠯᠭ᠋ᠠᠨ᠎ᠳᠤ ᠢᠯᠡᠷᠡᠬᠦᠯᠪᠡ᠃
      ᠳᠤᠷᠰᠢᠯᠳᠠ᠎ᠳᠤ ᠪᠠᠰᠠ ᠠᠳᠠᠯᠢ ᠪᠤᠰᠤ ᠯᠠ ᠵᠢᠨ ᠦᠨᠡᠰᠦ ᠵᠢ ᠠᠳᠠᠯᠢᠳᠬᠠᠵᠦ᠂ ᠠᠩᠭᠢᠯᠤᠮ᠎ᠠ ᠦᠨᠦᠷ᠎ᠲᠠᠢ ᠯᠠ ᠵᠢᠨ ᠦᠨᠡᠰᠦ᠎ᠨᠢ ᠦᠨᠦᠷ ᠦᠬᠡᠢ ᠯᠠ᠎ᠠᠴᠠ ᠢᠯᠡᠷᠬᠡᠢ ᠴᠦᠬᠡᠨ ᠪᠠᠢ᠌ᠵᠦ᠂ ᠠᠩᠭᠢᠯᠤᠮ᠎ᠠ ᠦᠨᠦᠷ᠎ᠨᠢ ᠤᠯᠠᠮ ᠦᠳᠬᠡᠨ ᠪᠤᠯ ᠦᠨᠡᠰᠦ᠎ᠨᠢ ᠤᠯᠠᠮ ᠠᠷᠪᠢᠨ ᠪᠤᠯᠬᠤ ᠵᠢ ᠮᠡᠳᠡᠪᠡ᠃ ᠡᠬᠦᠨ᠎ᠤ ᠰᠢᠯᠳᠠᠭ᠋ᠠᠨ᠎ᠨᠢ ᠴᠢᠯᠠᠭᠤᠨ ᠳᠤᠰᠤᠨ᠎ᠠᠴᠠ ᠪᠤᠯᠪᠠᠰᠤᠷᠠᠭᠤᠯᠵᠦ ᠭᠠᠷᠭ᠋ᠠᠭᠰᠠᠨ 《ᠠᠩᠭᠢᠯᠤᠮ᠎ᠠ ᠡᠳ᠋》᠎ᠤᠨ ᠨᠡᠮᠡᠯᠳᠡ ᠤᠯᠠᠮ ᠠᠷᠪᠢᠨ ᠪᠤᠯ ᠯᠠ ᠵᠢᠨ ᠨᠡᠬᠦᠷᠡᠰᠦ ᠤᠰᠤᠳᠦ᠋ᠷᠦᠭᠴᠢ᠎ᠨᠢ ᠤᠯᠠᠮ ᠦᠨᠳᠦᠷ ᠪᠠᠢ᠌ᠵᠤ᠂ ᠴᠢᠯᠠᠭᠤᠨ ᠯᠠ ᠵᠢ ᠵᠦᠬᠡᠯᠡᠷᠡᠬᠦᠯᠦᠨ᠂ ᠯᠠ ᠵᠢᠨ ᠠᠰᠠᠬᠤ ᠴᠠᠭ᠎ᠢ ᠪᠤᠭᠤᠨᠢᠰᠬᠠᠳᠠᠭ᠃ ᠦᠨᠡᠰᠦ᠎ᠨᠢ ᠬᠦᠬᠦᠷ᠎ᠤᠨ ᠳᠠᠪᠬᠤᠷ ᠢᠰᠦᠯ᠂ ᠠᠽᠤᠲ᠎ᠤᠨ ᠳᠠᠩ ᠢᠰᠦᠯ ᠵᠡᠷᠬᠡ᠎ᠠᠴᠠ ᠪᠦᠷᠢᠯᠳᠦᠨ᠎ᠡ᠃

ᠢᠷᠡᠯᠲᠡ᠄ ᠦᠪᠦᠷ ᠮᠤᠩᠭᠤᠯ᠎ᠤᠨ ᠦᠪᠡᠷᠳᠡᠭᠡᠨ ᠵᠠᠰᠠᠬᠤ ᠤᠷᠤᠨ᠎ᠤ ᠠᠮᠢ ᠠᠬᠤᠢ ᠤᠷᠴᠢᠨ ᠲᠤᠭᠤᠷᠢᠨ᠎ᠤ ᠲᠢᠩᠬᠢᠮ
          
ᠬᠠᠮᠢᠶ᠎ᠡ ᠪᠦᠬᠦᠢ ᠰᠣᠨᠢᠨ
《ᠤᠪᠯᠠᠬ᠍ᠴᠢ》 ᠨᠢᠮᠪᠡᠬᠡ ᠵᠢᠨ ᠡᠲᠸᠯᠸᠨ᠎ᠨᠢ ᠰᠢᠷᠭᠤᠯᠵᠢᠨ ᠬᠦᠴᠢᠯ᠎ᠤᠨ ᠠᠯᠳ᠋ᠸᠬᠢᠳ᠋ ᠡᠬᠦᠰᠬᠡᠨ᠎ᠡ
《ᠪᠠᠢ᠌ᠭ᠋ᠠᠯᠢᠯᠢᠭ ᠨᠤᠭᠤᠭ᠋ᠠᠨ》 ᠪᠦᠳᠦᠬᠡᠭᠳᠡᠬᠦᠨ᠎ᠤ ᠴᠤᠭᠯᠠᠮᠠᠯ ᠡᠳ᠋᠎ᠤᠨ ᠤᠯᠠᠩᠭᠢ᠎ᠨᠢ ᠬᠣᠣᠷᠲᠤ ᠡᠳ᠋ ᠪᠣᠯᠣᠨ᠎ᠠ
ᠠᠩᠭᠢᠯᠤᠮ᠎ᠠ ᠦᠨᠦᠷᠳᠦ ᠭᠤᠶᠤᠯᠠᠯ᠎ᠤᠨ ᠡᠳ᠋᠎ᠨᠢ ᠡᠷᠡᠭᠳᠡᠢ᠌ᠴᠤᠳ᠎ᠤᠨ ᠪᠠᠶ᠎ᠡ ᠵᠢᠨ ᠳᠠᠮᠢᠷ᠎ᠢ ᠳᠤᠷᠤᠬᠰᠢᠯᠠᠭᠤᠯᠤᠨ᠎ᠠ
ᠬᠡᠯᠬᠢᠶ᠎ᠡ ᠳ᠋ᠢᠶᠠᠨ ᡂᠢ ᠵᠢᠨ ᠬᠠᠮᠢᠶᠠᠷᠤᠯᠳᠠ ᠵᠢ ᠴᠢᠩᠭ᠋ᠠᠳᠬᠠᠬᠤ᠎ᠨᠢ
ᠬᠤᠳᠠ ᠵᠢᠨ ᠵᠠᠬ᠎ᠠ ᠵᠡᠭᠡᠯᠢ᠎ᠳᠤ ᠬᠤᠭ᠎ᠤᠨ ᠰᠠᠪᠠ ᠵᠢ ᠬᠡᠷᠬᠢᠨ ᠪᠠᠢ᠌ᠷᠢᠯᠠᠭᠤᠯᠪᠠᠯ ᠰᠠᠶᠢ ᠰᠢᠨᠵᠢᠯᠡᠬᠦ ᠤᠬᠠᠭ᠋ᠠᠨᠴᠢ᠎ᠳᠤ ᠳᠤᠭ᠋ᠠᠴᠠᠬᠳᠠᠬᠤ ᠪᠤᠢ?
 
             蒙ICP备05000248号