ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠠᠮᠢ ᠠᠬᠤᠢ᠎ᠶᠢᠨ ᠬᠠᠮᠠᠭᠠᠯᠠᠯᠲᠠ
ᠪᠣᠬᠢᠷᠲᠤᠯ᠎ᠢ ᠰᠡᠷᠭᠡᠶ᠋ᠢᠯᠡᠨ ᠵᠠᠰᠠᠬᠤ
ᠪᠣᠬᠢᠷᠳᠤᠯ᠎ᠢ ᠰᠡᠷᠭᠡᠢ᠌ᠯᠡᠨ ᠵᠠᠰᠠᠬᠤ ᠪᠣᠭᠣᠮᠲᠠ ᠰᠢᠪᠲᠤᠯᠬᠤ ᠲᠠᠢ᠌ᠯᠠᠯᠳᠣᠭ᠋ᠠᠨ
ᠵᠢᠷᠭᠤᠭ᠋ᠠᠨ ᠠᠬᠢᠭᠤᠯᠬᠤ ᠳᠦᠷᠢᠮ᠎ᠢ ᠭᠦᠨᠵᠡᠭᠡᠢ ᠲᠣᠭᠣᠰᠢᠯᠠᠭᠣᠯᠣᠶ᠎ᠠ
ᠪᠣᠬᠢᠷᠲᠤᠯ᠎ᠢ ᠰᠡᠷᠭᠡᠶ᠋ᠢᠯᠡᠨ ᠵᠠᠰᠠᠬᠤ   -   ᠣᠷᠴᠢᠨ ᠲᠣᠭᠤᠷᠢᠨ᠎ᠤ ᠰᠤᠳᠤᠯᠭᠠᠨ
ᠤᠰᠤ ᠬᠡᠷᠡᠭᠯᠡᠬᠦ ᠶᠡᠷᠦ ᠵᠢᠨ ᠮᠡᠳᠡᠯᠬᠡ
ᠨᠡᠶ᠋ᠢᠲᠡᠯᠡᠭᠰᠡᠨ ᠴᠠᠭ᠄ 2019-01-11

      ᠠᠮᠢᠳᠤᠷᠠᠯ ᠳᠤᠮᠳᠠ ᠪᠢᠳᠡ ᠶᠡᠷᠦ᠎ᠨᠢ 《ᠨᠢᠬᠡ ᠤᠰᠤ ᠵᠢ ᠤᠯᠠᠨ ᠵᠦᠢ᠍ᠯ᠎ᠳᠤ ᠬᠡᠷᠡᠭᠯᠡᠬᠦ》 ᠪᠠ 《ᠬᠡᠳᠦᠢ ᠬᠡᠷᠡᠭᠯᠡᠪᠡᠯ ᠳᠡᠳᠦᠢ ᠭᠠᠳᠠᠬᠰᠢᠯᠠᠭᠤᠯᠬᠤ》 ᠵᠠᠷᠴᠢᠮ ᠵᠶ᠋ᠡᠷ ᠤᠰᠤ ᠵᠢ ᠠᠷᠪᠢᠯᠠᠳᠠᠭ ᠪᠠᠢ᠌ᠨ᠎ᠠ᠄
     1. ᠨᠦᠬᠦᠴᠡᠯ᠎ᠲᠠᠢ ᠬᠡᠷ ᠪᠦᠯᠢ ᠠᠷᠢᠭᠤᠨ ᠴᠠᠪᠡᠷ᠎ᠤᠨ ᠡᠳ᠋ᠯᠡᠯ ᠬᠡᠷᠡᠭᠰᠡᠯ ᠵᠶ᠋ᠡᠨ ᠤᠰᠤ ᠠᠷᠪᠢᠯᠠᠬᠤ ᠮᠠᠶᠢᠭ᠎ᠤᠨ ᠬᠡᠷᠡᠭᠰᠡᠯ ᠵᠶ᠋ᠡᠷ ᠰᠤᠯᠢᠵᠦ᠂ ᠵᠤᠷᠯᠤᠩ᠎ᠤᠨ ᠭᠠᠳᠠᠭ᠋ᠠᠯᠠᠬᠤ ᠰᠠᠭᠤᠯᠠᠭ᠎ᠠ ᠳᠤᠳᠤᠷ᠎ᠠ ᠨᠢᠬᠡ ᠬᠡᠰᠡᠭ ᠳᠤᠭᠤᠰᠬ᠎ᠠ ᠪᠠ ᠳᠦᠬᠦᠷᠳᠡᠯ᠎ᠡ ᠤᠰᠤ ᠰᠠᠪᠠᠯᠠᠬᠰᠠᠨ ᠺᠤᠯᠠ ᠵᠢᠨ ᠯᠤᠩᠬᠤ ᠪᠤᠶᠤ ᠳᠠᠪᠤᠰᠤ᠎ᠲᠠᠢ ᠤᠰᠤᠨ ᠯᠤᠩᠬᠤ ᠳᠠᠯᠪᠢᠵᠦ ᠤᠬᠢᠶᠠᠬᠤ᠎ᠳᠤ ᠬᠡᠷᠡᠭᠯᠡᠬᠦ ᠤᠰᠤᠨ᠎ᠤ ᠬᠡᠮᠵᠢᠶ᠎ᠡ ᠵᠢ ᠪᠠᠭ᠋ᠠᠰᠬᠠᠬᠤ ᠵᠢᠨ ᠤᠯᠠᠮ ᠵᠶ᠋ᠡᠷ ᠤᠰᠤ ᠠᠷᠪᠢᠯᠠᠬᠤ ᠵᠤᠷᠢᠯᠭ᠎ᠠ᠎ᠳᠤ ᠬᠦᠷᠴᠦ ᠪᠤᠯᠤᠨ᠎ᠠ᠃
     2. ᠤᠰᠤᠨ ᠳᠠᠷᠤᠯᠳᠠ ᠨᠡᠯᠢᠶᠡᠳ ᠦᠨᠳᠦᠷ ᠭᠠᠵᠠᠷ ᠤᠷᠤᠨ᠎ᠤ ᠰᠠᠭᠤᠭ᠋ᠠᠯᠢ ᠠᠷᠠᠳ ᠳᠦᠬᠡᠬᠡᠯ ᠤᠰᠤᠨ ᠬᠤᠭᠤᠯᠠᠢ ᠵᠢᠨ ᠨᠡᠬᠡᠯᠡᠬᠡᠢ ᠵᠢ ᠳᠤᠬᠢᠷᠠᠭᠤᠯᠬᠤ ᠠᠷᠭ᠎ᠠ᠎ᠪᠠᠷ ᠤᠰᠤᠨ ᠳᠠᠷᠤᠯᠳᠠ ᠵᠢ ᠡᠵᠡᠮᠳᠡᠵᠦ ᠪᠤᠯᠤᠨ᠎ᠠ᠃ ᠡᠨᠡ᠎ᠨᠢ ᠨᠡᠯᠢᠶᠡᠳ ᠬᠡᠮᠵᠢᠶ᠎ᠡ᠎ᠪᠠᠷ ᠤᠰᠤ ᠠᠷᠪᠢᠯᠠᠵᠦ ᠴᠢᠳᠠᠬᠤ ᠶᠤᠮ᠃
     3. ᠤᠬᠢᠶᠠᠯᠠᠭ᠎ᠠ ᠵᠢᠨ ᠭᠠᠩ᠎ᠳᠤ ᠪᠡᠶ᠎ᠡ ᠤᠬᠢᠶᠠᠬᠤ ᠵᠢ ᠪᠤᠳᠤᠪᠠᠯ ᠰᠦᠷᠴᠢᠬᠦᠷ ᠵᠶ᠋ᠡᠷ ᠪᠡᠶ᠎ᠡ ᠤᠬᠢᠶᠠᠬᠤ᠎ᠨᠢ ᠤᠰᠤ ᠵᠢ ᠨᠠᠢ᠍ᠮᠠᠨ ᠬᠤᠪᠢ ᠢᠯᠡᠬᠦᠦ ᠠᠷᠪᠢᠯᠠᠵᠦ ᠴᠢᠳᠠᠨ᠎ᠠ᠃ ᠪᠡᠶ᠎ᠡ ᠤᠬᠢᠶᠠᠬᠤ ᠦᠶ᠎ᠡ᠎ᠳᠤ ᠤᠰᠤ᠎ᠪᠠᠨ ᠬᠡᠰᠡᠭ ᠳᠠᠯᠪᠢᠵᠦ ᠬᠡᠰᠡᠭ ᠬᠠᠭ᠋ᠠᠪᠠᠯ ᠵᠤᠬᠢᠨ᠎ᠠ᠂ ᠪᠡᠶ᠎ᠡ ᠵᠦᠯᠬᠦᠬᠦ ᠦᠶ᠎ᠡ᠎ᠳᠤ ᠤᠰᠤ᠎ᠪᠠᠨ ᠵᠤᠬᠰᠤᠭ᠋ᠠᠨ᠎ᠠ; ᠤᠬᠢᠶᠠᠯᠠᠭ᠎ᠠ ᠵᠢᠨ ᠭᠠᠩ᠎ᠤᠨ ᠤᠰᠤ ᠵᠢ ᠬᠤᠪᠴᠠᠰᠤ ᠤᠬᠢᠶᠠᠬᠤ᠂ ᠵᠤᠷᠯᠤᠩ ᠤᠬᠢᠶᠠᠬᠤ᠂ ᠭᠠᠵᠠᠷ ᠵᠦᠯᠬᠦᠬᠦ ᠵᠡᠷᠬᠡ ᠤᠯᠠᠨ ᠵᠦᠢ᠍ᠯ᠎ᠳᠤ ᠬᠡᠷᠡᠭᠯᠡᠵᠦ ᠪᠤᠯᠤᠨ᠎ᠠ᠃
     4. ᠭᠠᠷ ᠤᠬᠢᠶᠠᠬᠤ᠂ ᠬᠤᠪᠴᠠᠰᠤ ᠤᠬᠢᠶᠠᠬᠤ ᠪᠤᠶᠤ ᠨᠤᠭᠤᠭ᠎ᠠ ᠤᠬᠢᠶᠠᠬᠤ᠎ᠳᠤ᠎ᠪᠠᠨ ᠨᠡᠬᠡᠯᠡᠬᠡᠢ ᠵᠢ ᠨᠡᠬᠡᠬᠡᠬᠡᠳ ᠯᠡ ᠪᠠᠢ᠌ᠵᠦ ᠪᠤᠯᠬᠤ ᠦᠬᠡᠢ᠃ ᠵᠢᠮᠢᠰ ᠨᠤᠭᠤᠭ᠎ᠠ ᠤᠬᠢᠶᠠᠬᠤ᠎ᠳᠤ᠎ᠪᠠᠨ ᠤᠰᠤᠨ᠎ᠤ ᠬᠡᠮᠵᠢᠶ᠎ᠡ ᠵᠢ ᠡᠵᠡᠮᠳᠡᠵᠦ᠂ ᠤᠰᠤ ᠵᠢ ᠳᠠᠰᠤᠯᠳᠠᠭᠤᠯᠵᠦ ᠵᠠᠷᠤᠨ᠎ᠠ᠃
     5. ᠬᠤᠪᠴᠠᠰᠤ ᠤᠬᠢᠶᠠᠬᠤ ᠪᠤᠶᠤ ᠠᠶᠠᠭ᠎ᠠ ᠤᠬᠢᠶᠠᠬᠤ᠎ᠳᠤ᠎ᠪᠠᠨ ᠬᠤᠪᠴᠠᠰᠤ ᠪᠤᠶᠤ ᠠᠶᠠᠭ᠎ᠠ᠎ᠪᠠᠨ ᠨᠢᠬᠡ ᠳᠤᠤᠷ᠎ᠠ ᠳᠦᠪᠯᠡᠷᠡᠬᠦᠯᠵᠦ ᠤᠬᠢᠶᠠᠨ᠎ᠠ᠃
     6. ᠤᠰᠤ ᠯᠡᠪᠡᠷᠡᠭᠰᠡᠨ ᠨᠡᠬᠡᠯᠡᠬᠡᠢ ᠪᠤᠶᠤ ᠪᠤᠰᠤᠳ ᠤᠰᠤᠨ᠎ᠤ ᠪᠠᠭ᠋ᠠᠵᠢ ᠬᠡᠷᠡᠭᠰᠡᠯ᠎ᠢ ᠴᠠᠭ ᠳᠤᠬᠠᠢ᠎ᠳᠤ᠎ᠨᠢ ᠰᠡᠯᠪᠢᠨ ᠵᠠᠰᠠᠬᠤ ᠬᠡᠷᠡᠭᠳᠡᠢ᠃ ᠨᠡᠬᠡᠯᠡᠬᠡᠢ᠎ᠠᠴᠠ ᠤᠰᠤ ᠳᠤᠰᠤᠯᠠᠬᠤ᠎ᠨᠢ ᠡᠳᠦᠷ᠎ᠲᠤ ᠪᠠᠷᠤᠭ 70 ᠯᠢᠲᠷ ᠤᠰᠤ ᠬᠤᠷᠤᠬᠳᠠᠭᠤᠯᠳᠠᠭ᠃
     7. ᠬᠡᠦᠬᠡᠳ᠎ᠢ ᠤᠰᠤ᠎ᠪᠠᠷ ᠨᠠᠭ᠋ᠠᠳᠤᠭᠤᠯᠵᠦ ᠪᠤᠯᠬᠤ ᠦᠬᠡᠢ᠃

ᠢᠷᠡᠯᠲᠡ᠄ ᠦᠪᠦᠷ ᠮᠤᠩᠭᠤᠯ᠎ᠤᠨ ᠦᠪᠡᠷᠳᠡᠭᠡᠨ ᠵᠠᠰᠠᠬᠤ ᠤᠷᠤᠨ᠎ᠤ ᠠᠮᠢ ᠠᠬᠤᠢ ᠤᠷᠴᠢᠨ ᠲᠤᠭᠤᠷᠢᠨ᠎ᠤ ᠲᠢᠩᠬᠢᠮ
          
ᠬᠠᠮᠢᠶ᠎ᠡ ᠪᠦᠬᠦᠢ ᠰᠣᠨᠢᠨ
ᠪᠠᠨᠠᠨᠠ ᠵᠢᠨ ᠬᠠᠯᠢᠰᠤᠨ᠎ᠤ ᠬᠡᠷᠡᠭᠴᠡᠬᠡ
ᠤᠷᠴᠢᠨ ᠳᠤᠭᠤᠷᠢᠨ᠎ᠤ ᠬᠠᠮᠠᠭ᠋ᠠᠯᠠᠯᠳᠠ ᠵᠢᠨ ᠮᠡᠳᠡᠯᠬᠡ
《ᠬᠤᠭ᠎ᠤᠨ ᠰᠠᠪᠠ ᠪᠠᠩᠭᠢ》 ᠵᠢᠨ ᠬᠤᠭ ᠨᠤᠪᠰᠢ ᠪᠤᠴᠠᠭ᠋ᠠᠨ ᠬᠤᠷᠢᠶᠠᠬᠤ ᠵᠢ ᠬᠦᠬᠢᠬᠦᠯᠬᠦ ᠳᠦᠯᠦᠪᠯᠡᠬᠡ
ᠮᠠᠨᠠᠨ (Fog) ᠬᠢᠬᠡᠳ ᠤᠨᠢᠶᠠᠷ (Haze) ᠪᠤᠯ ᠠᠳᠠᠯᠢ ᠪᠤᠰᠤ ᠤᠬᠠᠭᠳᠠᠬᠤᠨ ᠮᠥᠨ
ᠠᠩᠭᠢᠯᠤᠮ᠎ᠠ ᠦᠨᠦᠷᠳᠤ ᠡᠳ᠋᠎ᠢ ᠬᠡᠷᠡᠭᠯᠡᠨ ᠭᠡᠷ ᠲᠡᠷᠭᠡᠨ᠎ᠤ ᠣᠷᠴᠢᠨ ᠵᠶ᠋ᠠᠨ ᠰᠠᠢ᠌ᠵᠢᠷᠠᠭᠤᠯᠬᠤ᠎ᠨᠢ ᠵᠣᠬᠢᠰᠲᠠᠢ ᠬᠢᠳᠡᠯ ᠪᠢᠰᠢ
 
             蒙ICP备05000248号