ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠠᠮᠢ ᠠᠬᠤᠢ᠎ᠶᠢᠨ ᠬᠠᠮᠠᠭᠠᠯᠠᠯᠲᠠ
ᠪᠣᠬᠢᠷᠲᠤᠯ᠎ᠢ ᠰᠡᠷᠭᠡᠶ᠋ᠢᠯᠡᠨ ᠵᠠᠰᠠᠬᠤ
ᠪᠣᠬᠢᠷᠳᠤᠯ᠎ᠢ ᠰᠡᠷᠭᠡᠢ᠌ᠯᠡᠨ ᠵᠠᠰᠠᠬᠤ ᠪᠣᠭᠣᠮᠲᠠ ᠰᠢᠪᠲᠤᠯᠬᠤ ᠲᠠᠢ᠌ᠯᠠᠯᠳᠣᠭ᠋ᠠᠨ
ᠵᠢᠷᠭᠤᠭ᠋ᠠᠨ ᠠᠬᠢᠭᠤᠯᠬᠤ ᠳᠦᠷᠢᠮ᠎ᠢ ᠭᠦᠨᠵᠡᠭᠡᠢ ᠲᠣᠭᠣᠰᠢᠯᠠᠭᠣᠯᠣᠶ᠎ᠠ
ᠪᠣᠬᠢᠷᠲᠤᠯ᠎ᠢ ᠰᠡᠷᠭᠡᠶ᠋ᠢᠯᠡᠨ ᠵᠠᠰᠠᠬᠤ   -   ᠣᠷᠴᠢᠨ ᠲᠣᠭᠤᠷᠢᠨ᠎ᠤ ᠰᠤᠳᠤᠯᠭᠠᠨ
ᠴᠡᠨᠡᠭ᠎ᠲᠠᠢ ᠬᠡᠷ᠎ᠤᠨ ᠴᠠᠬᠢᠯᠭ᠋ᠠᠨ ᠬᠡᠷᠡᠭᠰᠡᠯ᠎ᠨᠢ ᠴᠢᠮᠡᠬᠡ ᠦᠬᠡᠢ᠌ᠬᠡᠨ ᠵᠶ᠋ᠡᠷ ᠴᠠᠬᠢᠯᠭ᠋ᠠᠨ᠎ᠢ ᠬᠤᠷᠤᠬᠳᠠᠭᠤᠯᠤᠨ᠎ᠠ
ᠨᠡᠶ᠋ᠢᠲᠡᠯᠡᠭᠰᠡᠨ ᠴᠠᠭ᠄ 2019-01-11

      ᠠᠷᠠᠳ᠎ᠤᠨ ᠠᠮᠢᠳᠤᠷᠠᠯ᠎ᠤᠨ ᠳᠦᠪᠰᠢᠨ ᠳᠡᠬᠡᠭᠰᠢᠯᠡᠬᠦ ᠵᠢ ᠳᠠᠭ᠋ᠠᠯᠳᠤᠨ ᠡᠯ᠎ᠡ ᠵᠦᠢ᠍ᠯ᠎ᠤᠨ ᠬᠡᠷ᠎ᠤᠨ ᠴᠠᠬᠢᠯᠭ᠋ᠠᠨ ᠬᠡᠷᠡᠭᠰᠡᠯ ᠠᠷᠠᠳ᠎ᠤᠨ ᠬᠡᠷ᠎ᠲᠤ ᠳᠠᠩᠳᠠ ᠬᠠᠷᠠᠭᠳᠠᠬᠤ ᠪᠤᠯᠵᠠᠢ᠃ ᠬᠡᠪᠡᠴᠦ ᠡᠨ᠋ᠸᠷᠬᠢ ᠠᠷᠪᠢᠯᠠᠬᠤ ᠤᠬᠠᠮᠰᠠᠷ ᠳᠤᠳᠠᠮᠠᠭ᠎ᠠᠴᠠ ᠪᠤᠯᠵᠦ ᠮᠠᠰᠢ ᠤᠯᠠᠨ ᠬᠡᠷ ᠪᠦᠯᠢ ᠵᠢᠨ ᠴᠠᠬᠢᠯᠭ᠋ᠠᠨ ᠬᠡᠷᠡᠭᠰᠡᠯ ᠴᠡᠨᠡᠭ᠎ᠲᠠᠢ ᠬᠡᠪ ᠵᠶ᠋ᠡᠷ ᠵᠶ᠋ᠡᠨ ᠨᠢᠬᠡ ᠬᠠᠶᠠᠨ᠎ᠳᠤ ᠬᠠᠶᠠᠬᠳᠠᠵᠦ ᠤᠷᠳᠤ ᠬᠤᠭᠤᠴᠠᠭ᠎ᠠ ᠬᠡᠷᠡᠭᠯᠡᠭᠳᠡᠬᠦ ᠦᠬᠡᠢ ᠪᠠᠢ᠌ᠳᠠᠭ᠃ ᠡᠨᠡ᠎ᠨᠢ ᠬᠠᠷᠢᠨ ᠴᠠᠬᠢᠯᠭ᠋ᠠᠨ᠎ᠢ ᠰᠦᠢ᠍ᠳᠬᠡᠵᠦ ᠪᠠᠢ᠌ᠳᠠᠭ ᠬᠡᠳᠡᠭ᠎ᠢ ᠮᠡᠳᠡᠯᠳᠡᠢ ᠶᠤᠮ᠃
      ᠰᠤᠷᠪᠤᠯᠵᠢᠯᠠᠬ᠍ᠴᠢ ᠬᠠᠢ᠌ᠺᠸᠦ ᠬᠤᠳᠠ ᠵᠢᠨ ᠴᠠᠬᠢᠯᠭ᠋ᠠᠨ ᠬᠦᠴᠦᠨ᠎ᠤ ᠰᠠᠯᠠᠭ᠎ᠠ ᠮᠦᠴᠢᠷ᠎ᠠᠴᠠ ᠤᠢ᠌ᠯᠠᠭ᠋ᠠᠬᠰᠠᠨ ᠵᠶ᠋ᠡᠷ᠂ ᠴᠠᠬᠢᠯᠭ᠋ᠠᠨ ᠤᠬᠯᠠᠭᠤᠷ ᠵᠶ᠋ᠡᠨ ᠰᠤᠭᠤᠯᠤᠬᠰᠠᠨ ᠦᠬᠡᠢ᠎ᠠᠴᠠ ᠪᠤᠯᠵᠦ ᠪᠦᠬᠦ ᠬᠤᠳᠠ ᠵᠢᠨ ᠰᠠᠭᠤᠭ᠋ᠠᠯᠢ ᠠᠷᠠᠳ᠎ᠤᠨ ᠵᠢᠯ᠎ᠤᠨ ᠢᠯᠡᠬᠦᠦ ᠵᠠᠷᠤᠴᠠᠭᠤᠯᠵᠦ ᠪᠠᠢ᠌ᠭ᠎ᠠ ᠴᠠᠬᠢᠯᠭ᠋ᠠᠨ᠎ᠤ ᠵᠠᠷᠤᠳᠠᠯ ᠮᠢᠩᠭ᠋ᠠᠨ ᠳᠦᠮᠡᠨ ᠳᠦᠬᠦᠷᠢᠭ᠎ᠢ ᠳᠠᠪᠠᠵᠦ ᠪᠠᠢ᠌ᠨ᠎ᠠ᠃
      ᠠᠮᠢᠳᠤᠷᠠᠯ ᠳᠤᠮᠳᠠ ᠮᠠᠰᠢ ᠤᠯᠠᠨ ᠰᠠᠭᠤᠭ᠋ᠠᠯᠢ ᠠᠷᠠᠳ ᠬᠡᠷᠡᠭᠯᠡᠬᠦ᠎ᠳᠤ ᠳᠦᠬᠦᠮ᠎ᠢ ᠪᠤᠳᠤᠵᠦ ᠴᠠᠬᠢᠯᠭ᠋ᠠᠨ ᠬᠡᠷᠡᠭᠰᠡᠯ᠎ᠤᠨ ᠤᠬᠯᠠᠭᠤᠷ ᠵᠶ᠋ᠡᠨ ᠬᠠᠳᠬᠤᠬᠰᠠᠨ ᠬᠡᠪ ᠵᠶ᠋ᠡᠷ᠎ᠨᠢ ᠳᠠᠯᠪᠢᠴᠢᠬᠠᠬᠰᠠᠨ ᠪᠠᠢ᠌ᠳᠠᠭ᠃ ᠬᠡᠳᠦᠢ᠌ᠪᠡᠷ ᠴᠠᠬᠢᠯᠭ᠋ᠠᠨ ᠬᠡᠷᠡᠭᠰᠡᠯ᠎ᠢ ᠡᠨᠡ ᠦᠶ᠎ᠡ᠎ᠳᠤ ᠬᠡᠷᠡᠭᠯᠡᠵᠦ ᠪᠠᠢ᠌ᠬᠤ ᠦᠬᠡᠢ ᠪᠤᠯᠪᠠᠴᠤ ᠳᠡᠷᠡ᠎ᠨᠢ ᠮᠥᠨ ᠴᠠᠬᠢᠯᠭ᠋ᠠᠨ ᠬᠤᠷᠤᠬᠳᠠᠭᠤᠯᠬᠤ ᠪᠠᠢ᠌ᠳᠠᠯ᠎ᠳᠤ ᠤᠷᠤᠰᠢᠵᠦ ᠪᠠᠢ᠌ᠳᠠᠭ᠃ ᠤᠳᠤᠬᠠᠨ᠎ᠳᠤ ᠬᠡᠷ᠎ᠤᠨ ᠴᠠᠬᠢᠯᠭ᠋ᠠᠨ ᠬᠡᠷᠡᠭᠰᠡᠯ᠎ᠤᠨ ᠦᠢ᠍ᠯᠡᠳᠪᠦᠷᠢ ᠵᠢᠨ᠎ᠬᠢᠨ ᠴᠦᠮ ᠴᠠᠬᠢᠯᠭ᠋ᠠᠨ ᠬᠡᠷᠡᠭᠰᠡᠯ᠎ᠤᠨ ᠬᠡᠷᠡᠭᠯᠡᠬᠡᠨ᠎ᠤ ᠳᠤᠳᠤᠷᠬᠠᠢ᠌ᠯᠠᠯᠳᠠ ᠳᠡᠬᠡᠷ᠎ᠡ ᠴᠡᠨᠡᠭ᠎ᠲᠠᠢ ᠪᠠᠢ᠌ᠳᠠᠯ᠎ᠳᠤ ᠬᠤᠷᠤᠬᠳᠠᠭᠤᠯᠬᠤ ᠡᠨ᠋ᠸᠷᠬᠢ ᠵᠢᠨ ᠬᠡᠮᠵᠢᠶ᠎ᠡ ᠵᠢ ᠪᠢᠴᠢᠵᠦ ᠪᠠᠢ᠌ᠭ᠎ᠠ ᠪᠤᠯᠪᠠᠴᠤ ᠮᠠᠰᠢ ᠤᠯᠠᠨ ᠰᠠᠭᠤᠭ᠋ᠠᠯᠢ ᠠᠷᠠᠳ ᠪᠠᠰᠠ ᠯᠠ ᠬᠡᠷᠡᠭᠯᠡᠵᠦ ᠪᠠᠷᠠᠬᠰᠠᠨ᠎ᠤ ᠳᠠᠷᠠᠭ᠎ᠠ ᠤᠬᠯᠠᠭᠤᠷ ᠵᠶ᠋ᠡᠨ ᠰᠤᠭᠤᠯᠬᠤ ᠦᠬᠡᠢ ᠳᠠᠳᠬᠠᠯ᠎ᠲᠠᠢ ᠪᠠᠢ᠌ᠵᠦ᠂ ᠴᠠᠬᠢᠯᠭ᠋ᠠᠨ᠎ᠨᠢ ᠢᠩᠭᠢᠭᠡᠳ ᠰᠠᠨᠠᠭ᠋ᠠᠨ᠎ᠳᠤ ᠦᠬᠡᠢ᠎ᠪᠠᠷ ᠬᠤᠷᠤᠬᠳᠠᠵᠦ ᠪᠠᠢ᠌ᠳᠠᠭ᠃
      ᠴᠠᠬᠢᠯᠭ᠋ᠠᠨ ᠬᠦᠴᠦᠨ᠎ᠤ ᠰᠠᠯᠠᠭ᠎ᠠ ᠮᠦᠴᠢᠷ᠎ᠤᠨ ᠠᠵᠢᠯᠳᠠᠨ᠎ᠠᠴᠠ ᠰᠤᠷᠪᠤᠯᠵᠢᠯᠠᠬ᠍ᠴᠢ᠎ᠳᠤ ᠡᠢ᠌ᠮᠦ ᠨᠢᠬᠡᠨ ᠳᠠᠩᠰᠨ ᠪᠤᠳᠤᠵᠦ ᠦᠭᠪᠡ᠄ ᠬᠡᠷᠪᠡ ᠡᠷᠦᠬᠡ ᠪᠤᠯᠭ᠋ᠠᠨ ᠲᠸᠯᠸᠢᠰ᠂ ᠴᠠᠬᠢᠯᠭ᠋ᠠᠨ ᠬᠦᠯᠳᠡᠬᠡᠬᠦᠷ᠂ ᠬᠤᠪᠴᠠᠰᠤ ᠤᠬᠢᠶᠠᠬᠤ ᠮᠠᠰᠢᠨ᠂ ᠺᠤᠮᠫᠢᠦ᠋ᠲᠸᠷ᠂ ᠠᠭ᠋ᠠᠷ ᠳᠤᠬᠢᠷᠠᠭᠤᠯᠤᠬ᠍ᠴᠢ᠂ ᠬᠦᠩᠭᠢᠨᠡᠬᠦᠷ᠂ ᠪᠢᠴᠢᠯ ᠳᠤᠯᠬᠢᠶᠠᠨ ᠵᠤᠤᠬ᠎ᠠ ᠵᠡᠷᠬᠡ ᠴᠠᠬᠢᠯᠭ᠋ᠠᠨ ᠬᠡᠷᠡᠭᠰᠡᠯ ᠳᠤᠰ ᠳᠤᠰ ᠨᠢᠬᠡ ᠪᠠᠢ᠌ᠬᠤ᠎ᠪᠠᠷ ᠪᠠᠷᠢᠮᠵᠢᠶᠠᠯᠠᠵᠦ ᠪᠤᠳᠤᠪᠠᠯ ᠡᠨ᠋ᠸᠷᠬᠢ ᠬᠤᠷᠤᠬᠳᠠᠭᠤᠯᠬᠤ ᠳᠤᠮᠳᠠᠴᠢ ᠬᠡᠮᠵᠢᠶ᠎ᠡ᠎ᠨᠢ 15—30 ᠸᠠᠯᠲ᠎ᠤᠨ ᠳ᠋ᠸᠩ ᠠᠰᠠᠭ᠋ᠠᠭᠰᠠᠨ᠎ᠲᠠᠢ ᠳᠡᠩᠴᠡᠨ᠎ᠡ᠃ ᠡᠬᠦᠨ ᠵᠶ᠋ᠡᠷ ᠳᠦᠯᠬᠢᠨ ᠪᠤᠳᠤᠪᠠᠯ ᠡᠩ᠎ᠤᠨ ᠨᠢᠬᠡ ᠡᠷᠦᠬᠡ ᠵᠢᠨ ᠡᠳᠦᠷ ᠪᠦᠷᠢ ᠵᠢᠨ ᠬᠤᠷᠤᠬᠳᠠᠭᠤᠯᠬᠤ ᠴᠠᠬᠢᠯᠭ᠋ᠠᠨ᠎ᠤ ᠬᠡᠮᠵᠢᠶ᠎ᠡ 0.36 ᠭ᠋ᠷᠡᠳᠦ᠋ᠰ᠂ ᠨᠢᠬᠡ ᠵᠢᠯ᠎ᠳᠤ 131.4 ᠭ᠋ᠷᠡᠳᠦ᠋ᠰ᠂ ᠠᠷᠠᠳ᠎ᠤᠨ ᠵᠤᠭᠤᠰ ᠵᠶ᠋ᠡᠷ ᠨᠤᠭᠤᠯᠵᠦ ᠪᠤᠳᠤᠪᠠᠯ 65.7 ᠳᠦᠬᠦᠷᠢᠭ ᠬᠦᠷᠦᠨ᠎ᠡ᠃
      ᠴᠠᠬᠢᠯᠭ᠋ᠠᠨ ᠬᠦᠴᠦᠨ᠎ᠤ ᠰᠠᠯᠠᠭ᠎ᠠ ᠮᠦᠴᠢᠷ᠎ᠤᠨ ᠬᠠᠮᠢᠶ᠎ᠠ ᠪᠦᠬᠦᠢ ᠬᠦᠮᠦᠰ ᠰᠠᠨᠠᠭᠤᠯᠤᠬᠰᠠᠨ᠎ᠨᠢ᠂ ᠬᠡᠪ᠎ᠤᠨ ᠠᠮᠢᠳᠤᠷᠠᠯ᠎ᠢ ᠨᠦᠯᠦᠬᠡᠯᠡᠬᠦ ᠦᠬᠡᠢ ᠪᠠᠢ᠌ᠳᠠᠯ ᠳᠤᠤᠷ᠎ᠠ ᠬᠤᠳᠠ ᠵᠢᠨ ᠠᠷᠠᠳ ᠠᠯᠢ ᠴᠢᠳᠠᠬᠤ᠎ᠪᠠᠷ ᠴᠠᠬᠢᠯᠭ᠋ᠠᠨ ᠬᠡᠷᠡᠭᠯᠡᠬᠦ ᠬᠡᠮᠵᠢᠶ᠎ᠡ᠎ᠪᠠᠨ ᠪᠠᠭ᠋ᠠᠰᠬᠠᠵᠦ᠂ ᠦᠯᠦ ᠠᠵᠢᠯᠯᠠᠵᠦ ᠪᠠᠢ᠌ᠭ᠎ᠠ ᠴᠠᠬᠢᠯᠭ᠋ᠠᠨ ᠬᠡᠷᠡᠭᠰᠡᠯ᠎ᠤᠨ ᠤᠬᠯᠠᠭᠤᠷ᠎ᠢ ᠰᠤᠭᠤᠯᠵᠦ ᠬᠠᠶᠠᠬᠤ ᠵᠢ ᠠᠩᠬᠠᠷᠪᠠᠯ ᠵᠤᠬᠢᠨ᠎ᠠ᠃

ᠬᠤᠯᠪᠤᠬᠳᠠᠯ ᠪᠦᠬᠦᠢ ᠮᠡᠳᠡᠯᠬᠡ
      ᠡᠯ᠎ᠡ ᠳᠦᠷᠦᠯ᠎ᠤᠨ ᠬᠡᠷ᠎ᠤᠨ ᠴᠠᠬᠢᠯᠭ᠋ᠠᠨ ᠬᠡᠷᠡᠭᠰᠡᠯ᠎ᠤᠨ ᠴᠡᠨᠡᠭ᠎ᠲᠠᠢ ᠪᠠᠢ᠌ᠳᠠᠯ᠎ᠳᠤ ᠴᠠᠭ ᠪᠦᠷᠢ ᠵᠢᠨ ᠬᠤᠷᠤᠬᠳᠠᠭᠤᠯᠬᠤ ᠡᠨ᠋ᠸᠷᠬᠢ ᠵᠢᠨ ᠬᠡᠮᠵᠢᠶ᠎ᠡ᠄
      ᠲᠸᠯᠸᠢᠰ 0.07 ᠸᠠᠲ᠂ ᠴᠠᠬᠢᠯᠭ᠋ᠠᠨ ᠬᠦᠯᠳᠡᠬᠡᠬᠦᠷ 4.09 ᠸᠠᠲ᠂ ᠺᠤᠮᠫᠢᠦ᠋ᠲᠸᠷ᠎ᠤᠨ ᠡᠵᠡᠮᠳᠡᠬᠦᠷ ᠮᠠᠰᠢᠨ 35.07 ᠸᠠᠲ᠂ ᠠᠭ᠋ᠠᠷ ᠳᠤᠬᠢᠷᠠᠭᠤᠯᠤᠬ᠍ᠴᠢ 3.47 ᠸᠠᠲ᠂ ᠬᠤᠪᠴᠠᠰᠤ ᠤᠬᠢᠶᠠᠬᠤ ᠮᠠᠰᠢᠨ 2.46 ᠸᠠᠲ᠂ ᠪᠢᠴᠢᠯ ᠳᠤᠯᠬᠢᠶᠠᠨ ᠵᠤᠤᠬ᠎ᠠ 2.78 ᠸᠠᠲ᠂ ᠳᠤᠰᠤ ᠤᠳᠤᠭ᠎ᠠ ᠰᠤᠷᠤᠬᠤ ᠮᠠᠰᠢᠨ 6.06 ᠸᠠᠲ᠂ ᠴᠠᠬᠢᠯᠭ᠋ᠠᠨ ᠳᠤᠭᠤᠭ᠎ᠠ 19.82 ᠸᠠᠲ᠂ ᠭᠠᠷ ᠤᠳᠠᠰᠤ ᠴᠡᠨᠡᠭᠯᠡᠬᠦ ᠪᠠᠭ᠋ᠠᠵᠢ 1.34 ᠸᠠᠲ᠂ ᠹᠠᠺᠰ ᠮᠠᠰᠢᠨ 5.71 ᠸᠠᠲ᠂ ᠪᠢᠴᠢᠭᠯᠡᠬᠦᠷ 9.08 ᠸᠠᠲ᠃

ᠢᠷᠡᠯᠲᠡ᠄ ᠦᠪᠦᠷ ᠮᠤᠩᠭᠤᠯ᠎ᠤᠨ ᠦᠪᠡᠷᠳᠡᠭᠡᠨ ᠵᠠᠰᠠᠬᠤ ᠤᠷᠤᠨ᠎ᠤ ᠠᠮᠢ ᠠᠬᠤᠢ ᠤᠷᠴᠢᠨ ᠲᠤᠭᠤᠷᠢᠨ᠎ᠤ ᠲᠢᠩᠬᠢᠮ
          
ᠬᠠᠮᠢᠶ᠎ᠡ ᠪᠦᠬᠦᠢ ᠰᠣᠨᠢᠨ
ᠦᠵᠡᠮᠦᠷᠢ ᠵᠢᠨ ᠴᠡᠴᠡᠭ ᠡᠪᠡᠰᠦ ᠵᠢᠨ ᠳᠤᠬᠠᠢ ᠶᠡᠷᠦ ᠵᠢᠨ ᠮᠡᠳᠡᠯᠬᠡ ᠳᠠᠨ᠎ᠤ ᠬᠡᠷ᠎ᠤᠨ ᠴᠡᠴᠡᠭ ᠡᠪᠡᠰᠦ᠎ᠪᠠᠨ ᠵᠦᠪ ᠪᠠᠢ᠌ᠷᠢᠯᠠᠭᠤᠯᠵᠦ ᠴᠢᠳᠠᠬᠰᠠᠨ ᠤᠤ?
ᠭᠠᠷ ᠤᠳᠠᠰᠤ ᠵᠢ ᠬᠠᠮᠢᠭ᠎ᠠ ᠳᠠᠯᠪᠢᠪᠠᠯ ᠰᠠᠴᠤᠷᠠᠭ᠎ᠨᠢ ᠬᠠᠮᠤᠭ᠎ᠤᠨ ᠪᠠᠭ᠎ᠠ ᠪᠤᠢ?
ᠣᠷᠣᠨ ᠰᠠᠭᠤᠴᠠ ᠵᠢᠨ ᠳ᠋ᠧᠩ ᠴᠢᠮᠡᠭᠯᠡᠯ᠄ ᠣᠷᠴᠢᠨ ᠲᠣᠭᠣᠷᠢᠨ᠎ᠢ ᠬᠠᠮᠠᠭ᠋ᠠᠯᠠᠵᠤ ᠡᠨᠧᠷᠭᠢ ᠠᠷᠪᠢᠯᠠᠬᠤ᠎ᠪᠠᠷ ᠲᠡᠷᠢᠭᠦᠨ ᠰᠣᠩᠭᠣᠯᠲᠠ ᠪᠣᠯᠭ᠋ᠠᠨ᠎ᠠ
ᠤᠷᠴᠢᠨ ᠳᠤᠭᠤᠷᠢᠨ᠎ᠤ ᠬᠠᠮᠠᠭ᠋ᠠᠯᠠᠯᠳᠠ ᠵᠢᠨ ᠶᠡᠷᠦ ᠵᠢᠨ ᠮᠡᠳᠡᠯᠬᠡ᠄ ᠤᠷᠴᠢᠨ ᠳᠤᠭᠤᠷᠢᠨ᠎ᠤ ᠪᠤᠬᠢᠷᠳᠤᠯ᠎ᠤᠨ ᠬᠠᠷᠢᠭᠤᠴᠠᠯᠭ᠎ᠠ ᠵᠢᠨ ᠳᠠᠭ᠋ᠠᠳᠬᠠᠯ
ᠤᠰᠤ ᠬᠡᠷᠡᠭᠯᠡᠬᠦ ᠶᠡᠷᠦ ᠵᠢᠨ ᠮᠡᠳᠡᠯᠬᠡ
 
             蒙ICP备05000248号