ᠬᠣᠲᠠ ᠵᠢᠨ ᠨᠠᠮ᠎ᠤᠨ ᠬᠣᠷᠢᠶ᠎ᠠ᠂ ᠵᠠᠰᠠᠭ᠎ᠤᠨ ᠣᠷᠳᠣᠨ᠎ᠤ ᠰᠤᠷᠭ᠋ᠠᠭᠤᠯᠢ ᠵᠢᠨ ᠬᠦᠷᠢᠶᠡᠨ᠎ᠤ ᠠᠮᠤᠷ ᠲᠦᠪᠰᠢᠨ᠎ᠤ ᠭᠣᠣᠯᠳᠠᠯᠭ᠎ᠠ᠎ᠲᠠᠢ ᠠᠵᠢᠯ᠎ᠤᠨ ᠲᠤᠬᠠᠢ ᠲᠣᠬᠢᠷᠠᠭᠤᠯᠤᠯᠲᠠ ᠪᠠᠶ᠋ᠢᠷᠢᠯᠠᠭᠤᠯᠤᠯᠲᠠ ᠵᠢ ᠤᠯᠠᠮ ᠨᠢᠭᠡ ᠠᠯᠬᠤᠮ ᠨᠠᠶ᠋ᠢᠳᠠᠪᠤᠷᠢᠵᠢᠭᠤᠯᠬᠤ ᠵᠢᠨ ᠲᠥᠯᠥᠭᠡ᠂ ᠮᠠᠨ᠎ᠤ ᠬᠣᠲᠠ ᠵᠢᠨ ᠣᠳᠣᠬᠠᠨ᠎ᠤ ᠳᠤᠮᠳᠠᠳᠤ ᠪᠠᠭ᠎ᠠ ᠰᠤᠷᠭ᠋ᠠᠭᠤᠯᠢ᠂ ᠬᠡᠦᠬᠡᠳ᠎ᠤᠨ ᠴᠡᠴᠡᠷᠯᠢᠭ᠎ᠤᠨ ᠠᠮᠤᠷ ᠲᠦᠪᠰᠢᠨ᠎ᠤ ᠠᠵᠢᠯ᠎ᠤᠨ ᠪᠠᠶ᠋ᠢᠳᠠᠯ᠎ᠢ ᠵᠠᠳᠠᠯᠵᠤ ᠰᠣᠳᠤᠯᠤᠨ ᠮᠠᠭ᠋ᠠᠳᠯᠠᠵᠤ᠂ ᠡᠪᠦᠯ᠎ᠤᠨ ᠤᠯᠠᠷᠢᠯ᠎ᠤᠨ ᠰᠤᠷᠭ᠋ᠠᠭᠤᠯᠢ ᠵᠢᠨ ᠠᠮᠤᠷ ᠲᠦᠪᠰᠢᠨ᠎ᠤ ᠠᠵᠢᠯ᠎ᠢ ᠰᠠᠶ᠋ᠢᠲᠤᠷ ᠬᠢᠬᠦ ᠵᠢ ᠪᠠᠶ᠋ᠢᠷᠢᠯᠠᠭᠤᠯᠵᠤ᠂ ᠡᠯ᠎ᠡ ᠲᠥᠷᠥᠯ᠎ᠤᠨ ᠠᠮᠤᠷ ᠲᠦᠪᠰᠢᠨ᠎ᠤ ᠬᠡᠷᠡᠭ ᠡᠭᠦᠰᠬᠦ ᠵᠢ ᠬᠠᠮᠤᠭ᠎ᠤᠨ ᠶᠡᠬᠡ ᠴᠢᠷᠮᠠᠶ᠋ᠢᠯᠭ᠎ᠠ᠎ᠪᠠᠷ ᠰᠡᠷᠭᠡᠶ᠋ᠢᠯᠡᠨ ᠬᠣᠷᠢᠭᠯᠠᠬᠤ ᠵᠢᠨ ᠲᠥᠯᠥᠭᠡ᠂ 11 ᠰᠠᠷ᠎ᠠ ᠵᠢᠨ 21᠎ᠤ ᠡᠳᠦᠷ᠂ ᠬᠣᠲᠠ ᠵᠢᠨ ᠰᠤᠷᠭ᠋ᠠᠨ ᠬᠥᠮᠦᠵᠢᠯ᠎ᠤᠨ ᠲᠣᠪᠴᠢᠶ᠎ᠠ ᠪᠦᠬᠦ ᠬᠣᠲᠠ ᠵᠢᠨ ᠰᠤᠷᠭ᠋ᠠᠨ ᠬᠥᠮᠦᠵᠢᠯ᠎ᠤᠨ ᠰᠢᠰᠲ᠋ᠧᠮ᠎ᠤᠨ ᠰᠤᠷᠭ᠋ᠠᠭᠤᠯᠢ ᠵᠢᠨ ᠬᠦᠷᠢᠶᠡᠨ᠎ᠤ ᠠᠮᠤᠷ ᠲᠦᠪᠰᠢᠨ᠎ᠤ ᠭᠣᠣᠯᠳᠠᠯᠭ᠎ᠠ᠎ᠲᠠᠢ ᠠᠵᠢᠯ᠎ᠤᠨ ᠬᠤᠷᠠᠯ᠎ᠢ ᠬᠤᠷᠠᠯᠳᠤᠭᠤᠯᠵᠤ᠂ ᠡᠯ᠎ᠡ ᠲᠣᠭᠣᠷᠢᠭ᠎ᠤᠨ ᠰᠤᠷᠭ᠋ᠠᠨ ᠬᠥᠮᠦᠵᠢᠯ᠎ᠤᠨ ᠵᠠᠰᠠᠭ ᠵᠠᠬᠢᠷᠭ᠋ᠠᠨ᠎ᠤ ᠰᠠᠯᠠᠭ᠎ᠠ ᠮᠥᠴᠢᠷ᠎ᠤᠨ ᠭᠣᠣᠯ ᠤᠳᠤᠷᠢᠳᠤᠯᠭ᠎ᠠ᠂ ᠳᠣᠪᠴᠢᠶᠠᠨ᠎ᠤ ᠰᠢᠭᠤᠳ ᠬᠠᠷᠢᠶ᠎ᠠ ᠡᠯ᠎ᠡ ᠰᠤᠷᠭ᠋ᠠᠭᠤᠯᠢ ᠵᠢᠨ ᠬᠤᠪᠢᠳᠠᠨ ᠬᠠᠮᠢᠶᠠᠷᠬᠤ ᠤᠳᠤᠷᠢᠳᠤᠯᠭ᠎ᠠ ᠬᠤᠷᠠᠯ᠎ᠳᠤ ᠣᠷᠣᠯᠴᠠᠪᠠ᠃

ᠬᠤᠷᠠᠯ᠎ᠠᠴᠠ᠂ ᠪᠦᠬᠦ ᠬᠣᠲᠠ ᠵᠢᠨ ᠰᠤᠷᠭ᠋ᠠᠨ ᠬᠥᠮᠦᠵᠢᠯ᠎ᠤᠨ ᠰᠢᠰᠲ᠋ᠧᠮ᠎ᠤᠨ᠎ᠬᠢᠨ ᠤᠯᠤᠰ ᠲᠥᠷᠥ ᠵᠢᠨ ᠵᠣᠭᠰᠣᠴᠠ᠎ᠪᠠᠨ ᠳᠡᠭᠡᠭᠰᠢᠯᠡᠭᠦᠯᠵᠦ᠂ ᠳᠤᠮᠳᠠᠳᠤ ᠪᠠᠭ᠎ᠠ ᠰᠤᠷᠭ᠋ᠠᠭᠤᠯᠢ᠂ ᠬᠡᠦᠬᠡᠳ᠎ᠤᠨ ᠴᠡᠴᠡᠷᠯᠢᠭ᠎ᠤᠨ ᠠᠮᠤᠷ ᠲᠦᠪᠰᠢᠨ᠎ᠤ ᠠᠵᠢᠯ᠎ᠳᠤ ᠲᠤᠯᠭ᠋ᠠᠷᠠᠵᠤ ᠪᠠᠶ᠋ᠢᠭ᠎ᠠ ᠠᠶᠤᠯ ᠲᠦᠭᠰᠢᠭᠦᠷᠢ ᠥᠷᠢᠰᠥᠯᠳᠦᠭᠡᠨ᠎ᠢ ᠭᠦᠢ᠍ᠴᠡᠳ ᠲᠠᠨᠢᠵᠤ᠂ ᠨᠡᠩ ᠬᠦᠴᠦᠲᠡᠢ᠂ ᠨᠡᠩ ᠬᠠᠨᠳᠤᠯᠭ᠋ᠠᠲᠠᠢ ᠠᠷᠭ᠎ᠠ ᠬᠡᠮᠵᠢᠶ᠎ᠡ ᠵᠢ ᠢᠳᠡᠪᠬᠢᠲᠡᠢ ᠠᠪᠴᠤ᠂ ᠰᠤᠷᠭ᠋ᠠᠭᠤᠯᠢ ᠵᠢᠨ ᠬᠦᠷᠢᠶᠡᠨ᠎ᠤ ᠠᠮᠤᠷ ᠲᠦᠪᠰᠢᠨ᠎ᠤ ᠰᠡᠷᠭᠡᠶ᠋ᠢᠯᠡᠯᠲᠡ ᠵᠢᠨ ᠱᠤᠭᠤᠮ᠎ᠢ ᠨᠢᠭᠲᠠ ᠪᠥᠭᠡᠳ ᠪᠠᠲᠤ ᠰᠦᠯᠵᠢᠬᠦ ᠬᠡᠷᠡᠭᠲᠡᠢ ᠭᠡᠵᠦ ᠴᠢᠬᠤᠯᠠᠴᠢᠯᠠᠪᠠ᠃ ᠨᠢᠭᠡ᠎ᠳᠤ᠂ ᠬᠠᠷᠢᠭᠤᠴᠠᠯᠭ᠎ᠠ ᠵᠢᠨ ᠤᠬᠠᠮᠰᠠᠷ ᠵᠶ᠋ᠠᠨ ᠴᠢᠩᠭ᠋ᠠᠳᠬᠠᠬᠤ ᠬᠡᠷᠡᠭᠲᠡᠢ᠃ ᠡᠯ᠎ᠡ ᠲᠣᠭᠣᠷᠢᠭ ᠡᠯ᠎ᠡ ᠰᠤᠷᠭ᠋ᠠᠭᠤᠯᠢ ᠵᠢᠨ᠎ᠬᠢᠨ ᠰᠤᠷᠭ᠋ᠠᠭᠤᠯᠢ ᠵᠢᠨ ᠬᠦᠷᠢᠶᠡᠨ᠎ᠤ ᠠᠮᠤᠷ ᠲᠦᠪᠰᠢᠨ᠎ᠤ ᠠᠵᠢᠯ᠎ᠢ ᠨᠢᠭᠡᠳᠦᠯᠲᠡᠢ ᠲᠥᠯᠥᠪᠯᠡᠨ ᠲᠣᠬᠢᠷᠠᠭᠤᠯᠬᠤ ᠵᠢ ᠴᠢᠩᠭ᠋ᠠᠳᠬᠠᠵᠤ᠂ ᠰᠤᠷᠭ᠋ᠠᠭᠤᠯᠢ ᠵᠢᠨ ᠬᠦᠷᠢᠶᠡᠨ᠎ᠤ ᠠᠮᠤᠷ ᠲᠦᠪᠰᠢᠨ᠎ᠤ ᠳᠣᠪᠣᠶ᠋ᠢᠮ᠎ᠠ ᠠᠰᠠᠭᠤᠳᠠᠯ᠎ᠢ ᠵᠣᠬᠢᠴᠠᠭᠤᠯᠤᠨ ᠰᠢᠢ᠍ᠳᠪᠦᠷᠢᠯᠡᠵᠦ᠂ ᠬᠠᠷᠢᠶ᠎ᠠ ᠭᠠᠵᠠᠷ᠎ᠤᠨ ᠬᠠᠷᠢᠭᠤᠴᠠᠯᠭ᠎ᠠ ᠪᠠ ᠭᠣᠣᠯ ᠴᠣᠭᠴᠠ ᠵᠢᠨ ᠬᠠᠷᠢᠭᠤᠴᠠᠯᠭ᠎ᠠ ᠵᠢ ᠦᠨᠡᠨ ᠬᠦ᠌ ᠡᠭᠦᠷᠭᠡᠯᠡᠨ᠂ ᠠᠮᠤᠷ ᠲᠦᠪᠰᠢᠨ᠎ᠤ ᠠᠵᠢᠯ᠎ᠤᠨ ᠨᠠᠷᠢᠨ ᠳᠠᠩᠰᠠᠵᠢᠭᠤᠯᠤᠭᠰᠠᠨ᠂ ᠴᠤᠪᠤᠷᠠᠯᠵᠢᠭᠤᠯᠤᠭᠰᠠᠨ ᠬᠠᠮᠢᠶᠠᠷᠤᠯᠲᠠ ᠵᠢ ᠠᠬᠢᠭᠤᠯᠵᠤ᠂ ᠡᠯ᠎ᠡ ᠵᠦᠢ᠍ᠯ᠎ᠤᠨ ᠠᠮᠤᠷ ᠲᠦᠪᠰᠢᠨ᠎ᠤ ᠠᠵᠢᠯ᠎ᠤᠨ ᠬᠠᠷᠢᠭᠤᠴᠠᠯᠭ᠎ᠠ ᠵᠢᠨ ᠳᠦᠷᠢᠮ᠎ᠢ ᠴᠢᠩᠭ᠎ᠠ ᠨᠠᠢ᠌ᠳᠠᠪᠤᠷᠢᠵᠢᠭᠤᠯᠤᠨ᠎ᠠ᠃ ᠬᠣᠶᠠᠷ᠎ᠲᠤ᠂ ᠬᠠᠮᠵᠢᠯᠴᠠᠬᠤ ᠤᠬᠠᠮᠰᠠᠷ ᠵᠶ᠋ᠠᠨ ᠴᠢᠩᠭ᠋ᠠᠳᠬᠠᠬᠤ ᠬᠡᠷᠡᠭᠲᠡᠢ᠃ ᠰᠠᠯᠠᠭ᠎ᠠ ᠮᠥᠴᠢᠷ᠎ᠤᠨ ᠬᠠᠮᠵᠢᠯᠴᠠᠭ᠎ᠠ ᠵᠢ ᠴᠢᠩᠭ᠋ᠠᠳᠬᠠᠵᠤ᠂ ᠲᠣᠭᠲᠠᠮᠠᠯ ᠬᠤᠭᠤᠴᠠᠭ᠎ᠠ᠎ᠲᠠᠢ ᠵᠥᠪᠳᠡᠯᠴᠡᠨ ᠰᠤᠳᠤᠯᠤᠨ ᠮᠠᠭ᠋ᠠᠳᠯᠠᠵᠤ᠂ ᠬᠠᠮᠲᠤᠷᠠᠨ ᠵᠢᠭᠰᠠᠭ᠋ᠠᠨ ᠪᠠᠶ᠋ᠢᠴᠠᠭ᠋ᠠᠵᠤ ᠴᠡᠭᠴᠡᠯᠡᠨ ᠵᠠᠰᠠᠵᠤ᠂ ᠬᠠᠮᠲᠤᠷᠠᠨ ᠬᠥᠳᠡᠯᠦᠯᠴᠡᠵᠦ ᠪᠠᠴᠢᠮ ᠪᠠᠶ᠋ᠢᠳᠠᠯ᠎ᠢ ᠠᠷᠭ᠋ᠠᠴᠠᠨ ᠰᠢᠢ᠍ᠳᠪᠦᠷᠢᠯᠡᠨ᠎ᠡ᠃ 《ᠰᠤᠷᠤᠭᠴᠢ ᠵᠢᠨ ᠵᠠᠮ ᠬᠠᠷᠢᠯᠴᠠᠭ᠋ᠠᠨ᠎ᠤ ᠠᠮᠤᠷ ᠲᠦᠪᠰᠢᠨ᠎ᠢ ᠬᠠᠮᠠᠭ᠋ᠠᠯᠠᠬᠤ ᠠᠵᠢᠯ᠎ᠤᠨ ᠪᠠᠶ᠋ᠢᠷᠢ》 《ᠵᠠᠮ ᠬᠠᠷᠢᠯᠴᠠᠭ᠋ᠠᠨ᠎ᠤ ᠣᠷᠭᠢᠯ ᠦᠶ᠎ᠡ᠎ᠳᠤ ᠵᠢᠵᠢᠭᠦᠷᠯᠡᠬᠦ》 ᠳᠦᠷᠢᠮ᠎ᠢ ᠴᠢᠩᠭ᠎ᠠ ᠨᠠᠶ᠋ᠢᠳᠠᠪᠤᠷᠢᠵᠢᠭᠤᠯᠵᠤ᠂ ᠬᠠᠤᠯᠢ᠎ᠪᠠᠷ ᠵᠠᠰᠠᠬᠤ ᠳᠡᠳ᠋ ᠵᠠᠬᠢᠷᠤᠯ᠎ᠤᠨ ᠦᠢ᠍ᠯᠡᠳᠦᠯ᠎ᠢ ᠭᠦᠢ᠍ᠴᠡᠳ ᠪᠠᠳᠠᠷᠠᠭᠤᠯᠤᠨ᠂ ᠰᠤᠷᠭ᠋ᠠᠭᠤᠯᠢ᠎ᠳᠤ ᠬᠣᠯᠪᠣᠭᠳᠠᠭᠰᠠᠨ ᠰᠤᠷᠤᠭᠴᠢ᠎ᠳᠤ ᠬᠣᠯᠪᠣᠭᠳᠠᠭᠰᠠᠨ ᠵᠥᠷᠢᠴᠡᠯ ᠵᠢᠭᠤᠷᠠᠯᠳᠤᠭ᠋ᠠᠨ᠎ᠢ ᠬᠠᠮᠵᠢᠯᠴᠠᠨ ᠰᠢᠢ᠍ᠳᠪᠦᠷᠢᠯᠡᠵᠦ᠂ ᠳᠣᠲᠣᠭ᠋ᠠᠳᠤ ᠵᠢ ᠬᠠᠮᠠᠭ᠋ᠠᠯᠠᠬᠤ ᠪᠠ ᠵᠠᠮ ᠬᠠᠷᠢᠯᠴᠠᠭ᠋ᠠᠨ᠎ᠤ ᠬᠠᠮᠢᠶᠠᠷᠤᠯᠲᠠ ᠵᠢᠨ ᠰᠠᠯᠠᠭ᠎ᠠ ᠮᠥᠴᠢᠷ᠎ᠲᠠᠢ ᠬᠠᠮᠵᠢᠯᠴᠠᠨ ᠰᠤᠷᠭ᠋ᠠᠭᠤᠯᠢ ᠵᠢᠨ ᠡᠷᠭᠢᠨ ᠲᠣᠭᠣᠷᠢᠨ᠎ᠤ ᠵᠠᠮ ᠬᠠᠷᠢᠯᠴᠠᠭ᠋ᠠᠨ᠎ᠤ ᠠᠮᠤᠷ ᠲᠦᠪᠰᠢᠨ᠎ᠤ ᠪᠡᠯᠡᠳᠬᠡᠮᠵᠢ ᠪᠠ ᠬᠠᠮᠢᠶᠠᠷᠤᠯᠲᠠ ᠵᠢᠨ ᠪᠡᠯᠡᠳᠬᠡᠮᠵᠢ ᠵᠢ ᠪᠦᠬᠦ ᠲᠠᠯ᠎ᠠ᠎ᠪᠠᠷ ᠲᠡᠭᠦᠯᠳᠡᠷᠵᠢᠭᠦᠯᠵᠦ᠂ ᠰᠤᠷᠭ᠋ᠠᠭᠤᠯᠢ ᠵᠢᠨ ᠡᠷᠭᠢᠨ ᠲᠣᠭᠣᠷᠢᠨ᠎ᠤ ᠵᠠᠰᠠᠯᠲᠠ ᠵᠢ ᠪᠦᠬᠦ ᠲᠠᠯ᠎ᠠ᠎ᠪᠠᠷ ᠴᠢᠩᠭ᠋ᠠᠳᠬᠠᠨ᠂ ᠰᠤᠷᠭ᠋ᠠᠭᠤᠯᠢ ᠵᠢᠨ ᠡᠭᠦᠳᠡ ᠵᠢᠴᠢ ᠡᠷᠭᠢᠨ ᠲᠣᠭᠣᠷᠢᠨ᠎ᠤ ᠵᠠᠮ ᠬᠠᠷᠢᠯᠴᠠᠭ᠋ᠠᠨ᠎ᠤ ᠡᠮᠬᠢ ᠵᠢᠷᠤᠮ᠎ᠢ ᠬᠠᠮᠲᠤ᠎ᠳᠤ᠎ᠪᠠᠨ ᠰᠠᠶ᠋ᠢᠲᠤᠷ ᠬᠠᠮᠠᠭ᠋ᠠᠯᠠᠨ᠎ᠠ᠃ ᠭᠤᠷᠪᠠ᠎ᠳᠤ᠂ ᠤᠬᠠᠭᠤᠯᠭ᠎ᠠ ᠵᠢᠨ ᠤᠬᠠᠮᠰᠠᠷ ᠵᠶ᠋ᠠᠨ ᠴᠢᠩᠭ᠋ᠠᠳᠬᠠᠬᠤ ᠬᠡᠷᠡᠭᠲᠡᠢ᠃ ᠰᠠᠨᠠᠭ᠋ᠠᠴᠢᠯᠠᠭ᠎ᠠ ᠠᠴᠠ᠎ᠪᠠᠨ ᠤᠬᠠᠭᠤᠯᠬᠤ ᠵᠢ ᠴᠢᠩᠭ᠋ᠠᠳᠬᠠᠵᠤ᠂ ᠠᠮᠤᠷ ᠲᠦᠪᠰᠢᠨ᠎ᠤ ᠮᠡᠳᠡᠯᠭᠡ ᠵᠢ ᠤᠯᠠᠮᠵᠢᠯᠠᠵᠤ᠂ ᠠᠮᠤᠷ ᠲᠦᠪᠰᠢᠨ᠎ᠤ ᠦᠯᠢᠭᠡᠷ᠎ᠢ ᠰᠠᠶ᠋ᠢᠲᠤᠷ ᠶᠠᠷᠢᠨ᠎ᠠ᠃ ᠪᠠᠭᠰᠢ ᠰᠤᠷᠤᠭᠴᠢ᠂ ᠭᠡᠷ᠎ᠤᠨ ᠠᠬᠠᠮᠠᠳ᠎ᠲᠤ ᠬᠠᠨᠳᠤᠭᠤᠯᠤᠨ ᠬᠠᠤᠯᠢ᠎ᠪᠠᠷ ᠵᠠᠰᠠᠬᠤ ᠬᠥᠮᠦᠵᠢᠯ᠂ ᠠᠮᠤᠷ ᠲᠦᠪᠰᠢᠨ᠎ᠤ ᠬᠥᠮᠦᠵᠢᠯ ᠪᠠ ᠬᠡᠷᠡᠭ᠎ᠤᠨ ᠵᠢᠱ᠌ᠢᠶ᠎ᠡ᠎ᠪᠠᠷ ᠰᠡᠷᠡᠮᠵᠢᠯᠡᠭᠦᠯᠬᠦ ᠵᠢ ᠪᠠᠢ᠌ᠩᠭᠤ ᠥᠷᠨᠢᠭᠦᠯᠵᠦ᠂ ᠥᠷᠭᠡᠨ ᠣᠯᠠᠨ ᠰᠤᠷᠤᠭᠴᠢ᠂ ᠭᠡᠷ᠎ᠤᠨ ᠠᠬᠠᠮᠠᠳ᠎ᠢ ᠬᠥᠲᠥᠯᠥᠨ ᠵᠢᠯᠣᠭᠣᠳᠴᠤ ᠠᠶᠤᠯ ᠲᠦᠭᠰᠢᠭᠦᠷᠢ ᠵᠢ ᠰᠡᠷᠡᠵᠦ᠂ ᠠᠶᠤᠯ᠎ᠠᠴᠠ ᠵᠠᠢ᠌ᠯᠠᠵᠤ ᠴᠢᠳᠠᠬᠤ ᠪᠣᠯᠭ᠋ᠠᠨ᠂ ᠰᠤᠷᠤᠭᠴᠢᠳ᠎ᠤᠨ ᠳᠣᠷᠣᠮᠵᠢᠯᠠᠯ᠎ᠢ ᠰᠡᠷᠭᠡᠶ᠋ᠢᠯᠡᠨ ᠵᠠᠰᠠᠬᠤ ᠲᠤᠰᠬᠠᠢ ᠰᠡᠳᠦᠪᠲᠦ ᠬᠥᠮᠦᠵᠢᠯ ᠪᠣᠯᠪᠠᠰᠤᠷᠠᠯ᠎ᠢ ᠴᠢᠩᠭ᠋ᠠᠳᠬᠠᠨ᠂ ᠰᠤᠷᠭ᠋ᠠᠭᠤᠯᠢ ᠵᠢᠨ ᠬᠦᠷᠢᠶᠡᠨ᠎ᠤ ᠠᠮᠤᠷ ᠲᠦᠪᠰᠢᠨ᠎ᠢ ᠤᠳᠠᠭ᠋ᠠᠨ ᠳᠠᠭ᠋ᠠᠭ᠋ᠠᠮᠠᠭ᠋ᠠᠢ ᠪᠦᠲᠦᠮᠵᠢᠲᠡᠢ ᠵᠠᠰᠠᠬᠤ ᠲᠣᠭᠲᠠᠴᠠ ᠵᠢ ᠪᠠᠢ᠌ᠭᠤᠯᠤᠨ᠎ᠠ᠃ ᠳᠥᠷᠪᠡ᠎ᠳᠤ᠂ ᠠᠶᠤᠯ ᠲᠦᠭᠰᠢᠭᠦᠷᠢ ᠵᠢᠨ ᠤᠬᠠᠮᠰᠠᠷ ᠵᠶ᠋ᠠᠨ ᠴᠢᠩᠭ᠋ᠠᠳᠬᠠᠬᠤ ᠬᠡᠷᠡᠭᠲᠡᠢ᠃ ᠡᠯ᠎ᠡ ᠱᠠᠲᠤᠨ᠎ᠤ ᠡᠯ᠎ᠡ ᠲᠥᠷᠥᠯ᠎ᠤᠨ ᠳᠤᠮᠳᠠᠳᠤ ᠪᠠᠭ᠎ᠠ ᠰᠤᠷᠭ᠋ᠠᠭᠤᠯᠢ᠂ ᠬᠡᠦᠬᠡᠳ᠎ᠤᠨ ᠴᠡᠴᠡᠷᠯᠢᠭ ᠰᠤᠷᠭ᠋ᠠᠭᠤᠯᠢ ᠵᠢᠨ ᠬᠦᠷᠢᠶᠡᠨ᠎ᠤ ᠠᠮᠤᠷ ᠲᠦᠪᠰᠢᠨ᠎ᠤ ᠰᠡᠷᠭᠡᠶ᠋ᠢᠯᠡᠯᠲᠡ ᠵᠢᠨ ᠲᠥᠬᠥᠭᠡᠷᠦᠮᠵᠢ ᠵᠢ ᠪᠦᠬᠦ ᠲᠠᠯ᠎ᠠ᠎ᠪᠠᠷ ᠵᠢᠭᠰᠠᠭ᠋ᠠᠨ ᠪᠠᠶ᠋ᠢᠴᠠᠭ᠋ᠠᠵᠤ᠂ ᠴᠠᠭ ᠲᠤᠬᠠᠢᠳᠤᠨᠢ ᠰᠢᠨᠡᠳᠬᠡᠨ ᠨᠥᠬᠥᠪᠥᠷᠢᠯᠡᠵᠦ᠂ ᠠᠮᠤᠷ᠎ᠢ ᠬᠠᠮᠠᠭ᠋ᠠᠯᠠᠬᠤ ᠠᠵᠢᠯᠲᠠᠳ ᠡᠭᠦᠷᠭᠡ ᠬᠠᠷᠢᠭᠤᠴᠠᠯᠭ᠎ᠠ᠎ᠪᠠᠨ ᠭᠦᠢ᠍ᠴᠡᠳᠬᠡᠵᠦ᠂ ᠵᠢᠵᠢᠭᠦᠷᠯᠡᠨ ᠰᠠᠬᠢᠬᠤ ᠠᠵᠢᠯ᠎ᠢ ᠰᠠᠶ᠋ᠢᠲᠤᠷ ᠬᠢᠵᠦ᠂ 《ᠭᠤᠷᠪᠠ ᠵᠢ ᠰᠡᠷᠭᠡᠶ᠋ᠢᠯᠡᠬᠦ》 ᠠᠷᠭ᠎ᠠ ᠬᠡᠮᠵᠢᠶ᠎ᠡ ᠵᠢ ᠴᠢᠩᠭ᠋ᠠᠷᠠᠭᠤᠯᠤᠨ᠂ ᠰᠤᠷᠭ᠋ᠠᠭᠤᠯᠢ ᠵᠢᠨ ᠬᠦᠷᠢᠶᠡᠨ᠎ᠤ ᠠᠮᠤᠷ ᠲᠦᠪᠰᠢᠨ᠎ᠤ ᠰᠡᠷᠭᠡᠶ᠋ᠢᠯᠡᠯᠲᠡ ᠵᠢᠨ ᠴᠢᠳᠠᠪᠤᠷᠢ ᠵᠢ ᠪᠦᠬᠦ ᠲᠠᠯ᠎ᠠ᠎ᠪᠠᠷ ᠪᠠᠲᠤᠯᠠᠨ᠎ᠠ᠃