ᠬᠤᠪᠢᠰᠬᠠᠯᠲᠤ ᠰᠣᠩᠭᠣᠳᠠᠭ ᠳᠠᠭᠤᠤ ᠵᠢ ᠳᠠᠭᠤᠯᠠᠵᠤ᠂ ᠴᠠᠭ ᠦᠶ᠎ᠡ ᠵᠢᠨ ᠬᠦᠴᠦᠲᠦ ᠳᠠᠭᠤᠨ᠎ᠢ ᠬᠠᠮᠲᠤ᠎ᠪᠠᠷ ᠴᠤᠤᠷᠢᠶᠠᠳᠤᠭᠤᠯᠤᠶ᠎ᠠ᠃ ᠲᠤᠮᠳᠠᠳᠤ ᠤᠯᠤᠰ᠎ᠤᠨ ᠡᠪ ᠬᠠᠮᠳᠤ ᠨᠠᠮ ᠪᠠᠶ᠋ᠢᠭᠤᠯᠤᠭᠳᠠᠭᠰᠠᠨ 100 ᠵᠢᠯ᠎ᠤᠨ ᠤᠢ ᠵᠢ ᠪᠡᠯᠭᠡᠯᠡᠬᠦ ᠵᠢᠨ ᠲᠥᠯᠥᠭᠡ᠂ ᠥᠪᠡᠷᠲᠡᠭᠡᠨ ᠵᠠᠰᠠᠬᠤ ᠣᠷᠣᠨ᠎ᠤ ᠰᠤᠷᠭ᠋ᠠᠨ ᠬᠥᠮᠦᠵᠢᠯ᠎ᠤᠨ ᠲᠢᠩᠬᠢᠮ᠎ᠠᠴᠠ ᠪᠦᠬᠦ ᠣᠷᠣᠨ᠎ᠤ ᠳᠡᠭᠡᠳᠦ ᠰᠤᠷᠭ᠋ᠠᠭᠤᠯᠢ᠎ᠳᠤ 《ᠮᠠᠭᠲᠠᠭ᠋ᠠᠯ ᠳᠠᠭᠤᠤ᠎ᠪᠠᠨ ᠨᠠᠮ᠎ᠳᠤ᠎ᠪᠠᠨ ᠡᠷᠭᠦᠶ᠎ᠡ · ᠰᠢᠨ᠎ᠡ ᠴᠠᠭ ᠦᠶ᠎ᠡ᠎ᠳᠤ ᠡᠷᠡᠯᠬᠡᠭᠯᠡᠨ ᠤᠷᠤᠭᠰᠢᠯᠠᠶ᠎ᠠ》 ᠭᠡᠬᠦ ᠬᠤᠪᠢᠰᠬᠠᠯᠲᠤ ᠳᠠᠭᠤᠤ ᠵᠢ ᠵᠠᠯᠭ᠋ᠠᠭᠤᠯᠤᠨ ᠳᠠᠭᠤᠯᠠᠬᠤ ᠠᠵᠢᠯᠯᠠᠭ᠎ᠠ ᠵᠢ ᠥᠷᠨᠢᠭᠦᠯᠪᠡ᠃ ᠳᠡᠭᠡᠳᠦ ᠰᠤᠷᠭ᠋ᠠᠭᠤᠯᠢ ᠵᠢᠨ ᠪᠠᠭᠰᠢ ᠰᠤᠷᠤᠭᠴᠢᠳ ᠨᠠᠷᠢᠨ ᠨᠢᠮᠪᠠᠢ ᠳᠡᠯᠭᠡᠷᠡᠭᠦᠯᠵᠦ᠂ ᠵᠠᠯᠭ᠋ᠠᠭᠤᠯᠤᠨ ᠳᠠᠭᠤᠯᠠᠵᠠᠭ᠋ᠠᠵᠤ ᠪᠠᠢ᠌ᠨ᠎ᠠ᠃
ᠪᠤᠭᠤᠲᠤ ᠵᠢᠨ ᠲᠡᠮᠦᠷ ᠵᠠᠮ᠎ᠤᠨ ᠠᠵᠢᠯ ᠮᠡᠷᠭᠡᠵᠢᠯ᠎ᠤᠨ ᠳᠡᠭᠡᠳᠦ ᠰᠤᠷᠭ᠋ᠠᠭᠤᠯᠢ
— 《ᠴᠠᠭ ᠦᠶ᠎ᠡ ᠵᠢᠨ ᠳᠣᠬᠢᠶ᠎ᠠ》
ᠪᠤᠭᠤᠲᠤ ᠵᠢᠨ ᠲᠡᠮᠦᠷ ᠵᠠᠮ᠎ᠤᠨ ᠠᠵᠢᠯ ᠮᠡᠷᠭᠡᠵᠢᠯ᠎ᠤᠨ ᠳᠡᠭᠡᠳᠦ ᠰᠤᠷᠭ᠋ᠠᠭᠤᠯᠢ
ᠪᠤᠭᠤᠲᠤ ᠵᠢᠨ ᠲᠡᠮᠦᠷ ᠵᠠᠮ᠎ᠤᠨ ᠠᠵᠢᠯ ᠮᠡᠷᠭᠡᠵᠢᠯ᠎ᠤᠨ ᠳᠡᠭᠡᠳᠦ ᠰᠤᠷᠭ᠋ᠠᠭᠤᠯᠢ ᠪᠣᠯ 2008 ᠣᠨ᠎ᠳᠤ ᠦᠪᠤᠷ ᠮᠤᠨᠭ᠌ᠭᠤᠯ᠎ᠤᠨ ᠦᠪᠡᠷᠳᠡᠬᠡᠨ ᠵᠠᠰᠠᠬᠤ ᠤᠷᠤᠨ᠎ᠤ ᠠᠷᠠᠳ᠎ᠤᠨ ᠵᠠᠰᠠᠭ᠎ᠤᠨ ᠣᠷᠳᠣᠨ ᠵᠶ᠋ᠠᠷ ᠬᠢᠨᠠᠨ ᠵᠦᠪᠰᠢᠶᠡᠷᠡᠭᠦᠯᠵᠦ᠂ ᠰᠤᠷᠭ᠋ᠠᠨ ᠬᠦᠮᠤᠵᠢᠯ᠎ᠤᠨ ᠶᠠᠮᠤᠨ᠎ᠳᠤ ᠳᠠᠩᠰᠠᠯᠠᠭᠤᠯᠤᠭᠰᠠᠨ ᠥᠪᠡᠷᠲᠡᠭᠡᠨ ᠵᠠᠰᠠᠬᠤ ᠣᠷᠣᠨ᠎ᠤ ᠴᠣᠷᠢ ᠵᠢᠨ ᠭᠠᠭᠴᠠ ᠲᠤᠰᠠᠭ᠋ᠠᠷ ᠪᠠᠶ᠋ᠢᠭᠤᠯᠤᠭᠰᠠᠨ ᠳᠡᠮᠤᠷ ᠵᠠᠮ᠎ᠤᠨ ᠳᠡᠭᠡᠳᠦ ᠵᠡᠷᠭᠡ ᠵᠢᠨ ᠠᠵᠢᠯ ᠮᠡᠷᠭᠡᠵᠢᠯ᠎ᠤᠨ ᠰᠤᠷᠭ᠋ᠠᠭᠤᠯᠢ ᠪᠠᠢ᠌ᠵᠤ᠂ 1956 ᠣᠨ᠎ᠳᠤ ᠪᠠᠶ᠋ᠢᠭᠤᠯᠤᠭᠳᠠᠭᠰᠠᠨ ᠤᠯᠤᠰ᠎ᠤᠨ ᠳᠡᠰ᠎ᠤᠨ ᠭᠣᠣᠯᠳᠠᠯᠭ᠋ᠠᠲᠠᠢ ᠳᠤᠮᠳᠠ ᠵᠡᠷᠭᠡ ᠵᠢᠨ ᠲᠤᠰᠬᠠᠶ ᠮᠡᠷᠭᠡᠵᠢᠯ᠎ᠤᠨ ᠰᠤᠷᠭ᠋ᠠᠭᠤᠯᠢ ᠵᠢᠨ ᠪᠤᠭᠤᠲᠤ᠎ᠳᠠᠬᠢ ᠳᠡᠮᠤᠷ ᠵᠠᠮ᠎ᠤᠨ ᠪᠠᠷᠢᠯᠭ᠎ᠠ ᠵᠢᠨ ᠰᠤᠷᠭ᠋ᠠᠭᠤᠯᠢ ᠵᠢᠨ ᠰᠠᠭᠤᠷᠢᠨ᠎ᠳᠤ ᠪᠠᠢ᠌ᠭᠤᠯᠤᠭᠳᠠᠭᠰᠠᠨ ᠶᠤᠮ᠃

2013 ᠣᠨ᠎ᠳᠤ ᠳᠡᠭᠡᠳᠦ ᠵᠡᠷᠭᠡ ᠵᠢᠨ ᠠᠵᠢᠯ ᠮᠡᠷᠭᠡᠵᠢᠯ᠎ᠤᠨ ᠰᠤᠷᠭ᠋ᠠᠭᠤᠯᠢ ᠵᠢᠨ ᠴᠢᠳᠠᠪᠤᠷᠢᠲᠠᠨ᠎ᠢ ᠬᠥᠮᠦᠵᠢᠭᠦᠯᠬᠦ ᠠᠵᠢᠯ᠎ᠤᠨ ᠦᠨᠡᠯᠡᠨ ᠵᠢᠱ᠌ᠢᠯᠲᠡ ᠵᠢᠨ ᠠᠩᠬᠠᠨ᠎ᠤ ᠨᠤᠭᠤᠯᠤᠭ᠎ᠠ ᠵᠢ ᠥᠩᠭᠡᠷᠡᠭᠡᠨ᠂ 2019 ᠣᠨ᠎ᠳᠤ ᠥᠪᠡᠷᠲᠡᠭᠡᠨ ᠵᠠᠰᠠᠬᠤ ᠣᠷᠣᠨ᠎ᠤ ᠳᠠᠭᠤᠷᠢᠶᠠᠯ ᠦᠵᠡᠭᠦᠯᠬᠦ ᠳᠡᠭᠡᠳᠦ ᠵᠡᠷᠭᠡ ᠵᠢᠨ ᠠᠵᠢᠯ ᠮᠡᠷᠭᠡᠵᠢᠯ᠎ᠤᠨ ᠰᠤᠷᠭ᠋ᠠᠭᠤᠯᠢ ᠪᠣᠯᠵᠤ᠂ ᠰᠤᠷᠭ᠋ᠠᠨ ᠬᠦᠮᠤᠵᠢᠯ᠎ᠤᠨ ᠶᠠᠮᠤᠨ᠎ᠤ ᠳᠡᠭᠡᠳᠦ ᠵᠡᠷᠭᠡ ᠵᠢᠨ ᠠᠵᠢᠯ ᠮᠡᠷᠭᠡᠵᠢᠯ᠎ᠤᠨ ᠰᠤᠷᠭ᠋ᠠᠭᠤᠯᠢ ᠪᠠ ᠳᠡᠭᠡᠳᠦ ᠵᠡᠷᠭᠡ ᠵᠢᠨ ᠲᠤᠰᠬᠠᠶ ᠮᠡᠷᠭᠡᠵᠢᠯ᠎ᠤᠨ ᠰᠤᠷᠭ᠋ᠠᠭᠤᠯᠢ ᠵᠢᠨ ᠴᠢᠳᠠᠪᠤᠷᠢᠲᠠᠨ᠎ᠢ ᠬᠥᠮᠦᠵᠢᠭᠦᠯᠬᠦ ᠠᠵᠢᠯ᠎ᠤᠨ ᠬᠢᠷᠢ ᠲᠦᠪᠰᠢᠨ᠎ᠤ ᠦᠨᠡᠯᠡᠯᠲᠡ᠎ᠳᠤ ᠰᠢᠯᠢᠳᠡᠭ᠎ᠢ ᠣᠯᠣᠭᠰᠠᠨ ᠰᠤᠷᠭ᠋ᠠᠭᠤᠯᠢ ᠪᠣᠯᠤᠨ᠎ᠠ᠃ 2020 ᠣᠨ᠎ᠳᠤ ᠥᠪᠡᠷᠲᠡᠭᠡᠨ ᠵᠠᠰᠠᠬᠤ ᠣᠷᠣᠨ᠎ᠤ 《ᠪᠥᠬᠦ ᠠᠵᠢᠯᠲᠠᠨ ᠬᠥᠮᠦᠨ᠎ᠢ ᠬᠥᠮᠥᠵᠢᠭᠦᠯᠬᠦ᠂ ᠪᠥᠬᠦ ᠲᠠᠯ᠎ᠠ᠎ᠪᠠᠷ ᠬᠥᠮᠦᠨ᠎ᠢ ᠬᠥᠮᠥᠵᠢᠭᠦᠯᠬᠦ᠂ ᠪᠥᠬᠦ ᠶᠠᠪᠤᠴᠠ᠎ᠳᠤ ᠬᠥᠮᠦᠨ᠎ᠢ ᠬᠥᠮᠦᠵᠢᠭᠦᠯᠬᠦ》 ᠶᠡᠷᠦᠩᠬᠡᠶ᠋ᠢᠯᠡᠭᠰᠡᠨ ᠥᠭᠡᠷᠡᠴᠢᠯᠡᠯᠲᠡ ᠵᠢᠨ ᠲᠤᠷᠰᠢᠯᠲᠠ ᠵᠢᠨ ᠰᠤᠷᠭ᠋ᠠᠭᠤᠯᠢ ᠪᠣᠯᠪᠠ᠃ ᠰᠤᠷᠭ᠋ᠠᠭᠤᠯᠢ᠎ᠨᠢ ᠤᠯᠠᠨ ᠤᠳᠠᠭ᠎ᠠ 《ᠪᠦᠬᠦ ᠣᠷᠣᠨ᠎ᠤ ᠰᠤᠷᠤᠭᠴᠢᠳ᠎ᠤᠨ ᠠᠵᠢᠯ᠎ᠤᠨ ᠲᠡᠷᠢᠭᠦᠨ᠎ᠤ ᠬᠠᠮᠲᠤ ᠨᠡᠢ᠌ᠲᠡ》᠂ 《ᠪᠦᠬᠦ ᠣᠷᠣᠨ᠎ᠤ 5 · 4᠎ᠤ ᠤᠯᠠᠭ᠋ᠠᠨ ᠲᠤᠭᠴᠢ ᠡᠪᠯᠡᠯ᠎ᠤᠨ ᠡᠭᠦᠷ》᠂ 《ᠵᠠᠯᠠᠭᠤ ᠰᠠᠢ᠍ᠢ᠍ᠨ ᠳᠤᠷᠠᠴᠤᠳ᠎ᠤᠨ ᠲᠡᠷᠢᠭᠦᠨ᠎ᠤ ᠬᠠᠮᠲᠤ ᠨᠡᠢ᠌ᠲᠡ》᠎ᠪᠠᠷ ᠦᠨᠡᠯᠡᠭᠳᠡᠪᠡ; ᠥᠪᠡᠷᠲᠡᠭᠡᠨ ᠵᠠᠰᠠᠬᠤ ᠣᠷᠣᠨ᠎ᠤ ᠳᠡᠭᠡᠳᠦ ᠳᠡᠰ᠎ᠤᠨ ᠴᠢᠳᠠᠪᠤᠷᠢᠲᠠᠨ᠎ᠢ ᠬᠥᠮᠦᠵᠢᠭᠦᠯᠬᠦ ᠰᠠᠭᠤᠷᠢᠨ᠂ ᠪᠤᠭᠤᠲᠤ ᠬᠣᠲᠠ ᠵᠢᠨ ᠲᠡᠮᠦᠷ ᠵᠠᠮ᠎ᠤᠨ ᠳᠡᠭᠡᠳᠦ ᠳᠡᠰ᠎ᠤᠨ ᠴᠢᠳᠠᠪᠤᠷᠢᠲᠠᠨ᠎ᠢ ᠬᠥᠮᠦᠵᠢᠭᠦᠯᠬᠦ ᠰᠠᠭᠤᠷᠢᠨ᠂ ᠥᠪᠡᠷᠲᠡᠭᠡᠨ ᠵᠠᠰᠠᠬᠤ ᠣᠷᠣᠨ᠎ᠤ ᠰᠢᠨᠵᠢᠯᠡᠬᠦ ᠤᠬᠠᠭ᠋ᠠᠨ᠎ᠢ ᠲᠦᠭᠡᠮᠡᠯᠵᠢᠭᠦᠯᠬᠦ ᠰᠤᠷᠭ᠋ᠠᠨ ᠬᠥᠮᠦᠵᠢᠯ᠎ᠤᠨ ᠰᠠᠭᠤᠷᠢᠨ᠎ᠤ ᠴᠣᠯᠠ ᠵᠢ ᠭᠥᠷᠳᠡᠪᠡ᠃

ᠪᠤᠭᠤᠲᠤ ᠵᠢᠨ ᠲᠡᠮᠦᠷ ᠵᠠᠮ᠎ᠤᠨ ᠠᠵᠢᠯ ᠮᠡᠷᠭᠡᠵᠢᠯ᠎ᠤᠨ ᠳᠡᠭᠡᠳᠦ ᠰᠤᠷᠭ᠋ᠠᠭᠤᠯᠢ᠎ᠨᠢ 《ᠶᠣᠰᠣ ᠰᠤᠷᠲᠠᠬᠤᠨ᠎ᠢ ᠪᠤᠶ ᠪᠣᠯᠭ᠋ᠠᠵᠤ ᠬᠥᠮᠦᠨ᠎ᠢ ᠬᠥᠮᠦᠵᠢᠭᠦᠯᠬᠦ》 ᠦᠨᠳᠦᠰᠦᠨ ᠡᠭᠦᠷᠭᠡ ᠵᠢ ᠪᠦᠬᠦ ᠲᠠᠯ᠎ᠠ᠎ᠪᠠᠷ ᠨᠠᠶ᠋ᠢᠳᠠᠪᠤᠷᠢᠵᠢᠭᠤᠯᠵᠤ᠂ 《ᠮᠣᠷᠠᠯ ᠪᠠ ᠮᠡᠷᠭᠡᠵᠢᠯ᠎ᠢ ᠵᠡᠷᠭᠡ᠎ᠪᠠᠷ ᠰᠤᠷᠴᠤ᠂ ᠠᠵᠢᠯᠯᠠᠵᠤ ᠰᠤᠷᠤᠯᠴᠠᠬᠤ ᠵᠢ ᠤᠶᠠᠯᠳᠤᠭᠤᠯᠬᠤ》 ᠬᠥᠮᠦᠨ᠎ᠢ ᠬᠥᠮᠦᠵᠢᠭᠦᠯᠬᠦ ᠲᠣᠭᠲᠠᠴᠠ ᠵᠢ ᠲᠠᠰᠤᠷᠠᠯᠲᠠ ᠦᠭᠡᠶ ᠲᠡᠭᠦᠯᠳᠡᠷᠵᠢᠭᠦᠯᠵᠦ᠂ 《ᠲᠡᠮᠦᠷ ᠵᠠᠮ᠎ᠳᠤ ᠦᠢ᠍ᠯᠡᠴᠢᠯᠡᠬᠦ᠂ ᠨᠡᠶ᠋ᠢᠭᠡᠮ᠎ᠳᠤ ᠦᠢ᠍ᠯᠡᠴᠢᠯᠡᠬᠦ》 ᠰᠤᠷᠭ᠋ᠠᠭᠤᠯᠢ ᠡᠷᠬᠢᠯᠡᠬᠦ ᠵᠣᠷᠢᠯᠲᠠ ᠵᠢ ᠪᠠᠷᠢᠮᠲᠠᠯᠠᠵᠤ᠂ 《ᠲᠡᠮᠦᠷ ᠵᠠᠮ᠎ᠤᠨ ᠠᠵᠢᠯ ᠲᠥᠷᠥᠯ᠎ᠳᠤ ᠰᠠᠭᠤᠷᠢᠯᠠᠵᠤ᠂ ᠲᠤᠰᠬᠠᠶ ᠮᠡᠷᠭᠡᠵᠢᠯ᠎ᠢ ᠨᠡᠭᠡᠭᠡᠨ ᠡᠷᠭᠢᠯᠡᠬᠦ᠎ᠳᠤ ᠲᠡᠮᠦᠷ ᠵᠠᠮ᠎ᠤᠨ ᠬᠥᠭᠵᠢᠯᠲᠡ ᠵᠢ ᠰᠠᠯᠤᠯ ᠥᠬᠡᠶ ᠳᠠᠭ᠋ᠠᠵᠤ᠂ ᠰᠤᠷᠭ᠋ᠠᠭᠤᠯᠢ ᠪᠠ ᠠᠵᠤ ᠠᠬᠤᠶ᠋ᠢᠯᠠᠯ ᠬᠠᠮᠲᠤᠷᠠᠨ ᠲᠡᠮᠦᠷ ᠵᠠᠮ᠎ᠤᠨ ᠠᠵᠤ ᠠᠬᠤᠶ᠋ᠢᠯᠠᠯ᠎ᠳᠤ ᠲᠦᠰᠢᠭᠯᠡᠨ᠂ ᠦᠢ᠍ᠯᠡᠳᠦᠯᠭᠡ ᠵᠢᠨ ᠵᠢᠭ᠋ᠠᠨ ᠰᠤᠷᠭ᠋ᠠᠯᠲᠠ᠎ᠪᠠᠷ ᠰᠤᠷᠤᠭᠴᠢᠳ᠎ᠤᠨ ᠲᠡᠮᠦᠷ ᠵᠠᠮ᠎ᠤᠨ ᠤᠷ᠎ᠠ ᠴᠢᠳᠠᠪᠤᠷᠢ ᠵᠢ ᠳᠡᠭᠡᠭᠰᠢᠯᠡᠭᠦᠯᠵᠦ᠂ ᠰᠤᠷᠭ᠋ᠠᠭᠤᠯᠢ ᠵᠢᠨ ᠬᠦᠷᠢᠶᠡᠨ᠎ᠤ ᠰᠣᠶᠣᠯ᠎ᠢ ᠲᠡᠮᠦᠷ ᠵᠠᠮ᠎ᠤᠨ ᠰᠣᠶᠣᠯ᠎ᠳᠤ ᠠᠭᠤᠰᠬᠠᠨ᠂ ᠲᠡᠭᠦᠰᠦᠭᠰᠡᠨ ᠰᠤᠷᠤᠭᠴᠢᠳ᠎ᠢ ᠲᠡᠮᠦᠷ ᠵᠠᠮ᠎ᠤᠨ ᠦᠢ᠍ᠯᠡᠰ᠎ᠲᠤ ᠬᠤᠪᠢ ᠨᠡᠮᠡᠷᠢ ᠦᠵᠡᠭᠦᠯᠬᠦ》 ᠢᠯᠡ ᠲᠣᠳᠣ ᠰᠤᠷᠭ᠋ᠠᠭᠤᠯᠢ ᠡᠷᠭᠢᠯᠡᠬᠦ ᠣᠨᠴᠠᠯᠢᠭ᠎ᠢ ᠪᠦᠷᠢᠳᠦᠭᠦᠯᠵᠦ᠂ 《ᠵᠠᠬᠢᠶᠠᠯᠠᠭ᠎ᠠ ᠵᠢᠨ ᠮᠠᠶᠢᠭ᠎ᠲᠤ》 ᠬᠥᠮᠦᠵᠢᠭᠦᠯᠦᠯᠢ ᠬᠡᠷᠡᠭᠵᠢᠭᠦᠯᠦᠨ᠂ ᠴᠢᠳᠠᠪᠤᠷᠢᠲᠠᠨ᠎ᠢ ᠬᠥᠮᠦᠵᠢᠭᠦᠯᠬᠦ ᠬᠡᠪ ᠵᠠᠭᠪᠤᠷ᠎ᠢ ᠰᠢᠯᠢᠳᠡᠭᠵᠢᠭᠦᠯᠵᠦ᠂ ᠰᠤᠷᠤᠭᠴᠢᠳ᠎ᠤᠨ ᠦᠢ᠍ᠯᠡᠳᠦᠯᠭᠡ ᠵᠢᠨ ᠤᠷ᠎ᠠ ᠴᠢᠳᠠᠪᠤᠷᠢ ᠪᠠ ᠠᠵᠢᠯ ᠤᠯᠬᠤ ᠥᠷᠢᠰᠥᠯᠳᠦᠬᠦ ᠬᠦᠴᠦᠨ᠎ᠢ ᠴᠢᠬᠤᠯᠠᠴᠢᠯᠠᠨ ᠬᠥᠮᠦᠵᠢᠭᠦᠯᠵᠦ᠂ ᠥᠷᠭᠡᠨ ᠤᠯᠠᠨ ᠲᠡᠭᠦᠰᠬᠦ ᠰᠤᠷᠤᠭᠴᠢ ᠵᠢᠨ ᠠᠵᠢᠯ ᠤᠯᠬᠤ᠂ ᠠᠵᠢᠯ ᠰᠣᠩᠭᠣᠬᠤ᠂ ᠦᠢ᠍ᠯᠡᠰ ᠪᠣᠰᠬᠠᠬᠤ ᠪᠠ ᠰᠣᠳᠤᠯᠵᠤ ᠰᠤᠷᠤᠯᠴᠠᠬᠤ᠎ᠳᠤ ᠪᠠᠲᠤ ᠪᠡᠬᠢ ᠰᠠᠭᠤᠷᠢ ᠵᠢ ᠲᠠᠯᠪᠢᠪᠠ᠃




ᠴᠠᠬᠢᠯᠭ᠋ᠠᠨ ᠬᠦᠴᠦᠨ᠎ᠤ ᠪᠤᠬ᠎ᠠ ᠲᠡᠷᠭᠡ ᠵᠢ ᠳᠠᠭᠤᠷᠢᠶᠠᠨ ᠵᠢᠯᠣᠭᠣᠳᠬᠤ ᠳᠠᠳᠤᠯᠭ᠎ᠠ ᠪᠣᠯᠪᠠᠰᠤᠷᠠᠯ᠎ᠤᠨ ᠳᠠᠰᠤᠭ

ᠬᠦᠷᠦᠯᠴᠡᠬᠦ ᠲᠣᠣᠷ᠎ᠤᠨ ᠪᠣᠳᠠᠲᠤ ᠪᠣᠯᠪᠠᠰᠤᠷᠠᠯ

ᠲᠡᠮᠦᠷ ᠵᠠᠮ᠎ᠤᠨ ᠢᠨᠵᠧᠨᠧᠷᠢᠩ᠎ᠤᠨ ᠠᠵᠢᠯ᠎ᠤᠨ ᠵᠢᠭ᠋ᠠᠨ ᠰᠤᠷᠭ᠋ᠠᠯᠲᠠ
ᠪᠤᠭᠤᠲᠤ ᠵᠢᠨ ᠲᠡᠮᠦᠷ ᠵᠠᠮ᠎ᠤᠨ ᠠᠵᠢᠯ ᠮᠡᠷᠭᠡᠵᠢᠯ᠎ᠤᠨ ᠳᠡᠭᠡᠳᠦ ᠰᠤᠷᠭ᠋ᠠᠭᠤᠯᠢ᠎ᠨᠢ ᠲᠡᠮᠦᠷ ᠵᠠᠮ᠎ᠤᠨ ᠠᠵᠢᠯ ᠲᠥᠷᠥᠯ᠎ᠳᠤ ᠲᠦᠰᠢᠭᠯᠡᠨ ᠰᠤᠷᠭ᠋ᠠᠭᠤᠯᠢ ᠡᠷᠭᠢᠯᠡᠵᠦ᠂ ᠲᠡᠮᠦᠷ ᠵᠠᠮ᠎ᠤᠨ ᠣᠨᠴᠠᠯᠢᠭᠲᠤ ᠬᠥᠮᠦᠨ᠎ᠢ ᠬᠥᠮᠦᠵᠢᠭᠦᠯᠬᠦ ᠵᠢ ᠳᠣᠪᠣᠶ᠋ᠢᠯᠭ᠋ᠠᠵᠤ᠂ ᠲᠡᠮᠦᠷ ᠵᠠᠮ᠎ᠤᠨ ᠢᠨᠵᠧᠨᠧᠷᠢᠩ᠎ᠤᠨ ᠪᠦᠲᠦᠭᠡᠨ ᠪᠠᠶ᠋ᠢᠭᠤᠯᠤᠯᠲᠠ᠂ ᠲᠡᠭᠡᠭᠡᠪᠦᠷᠢ ᠵᠢᠨ ᠬᠠᠮᠢᠶᠠᠷᠤᠯᠲᠠ ᠪᠠ ᠠᠶᠠᠨᠴᠢᠳ ᠪᠠ ᠪᠠᠷᠠᠭ᠎ᠠ ᠲᠡᠭᠡᠭᠡᠪᠦᠷᠢ ᠵᠢᠨ ᠦᠢ᠍ᠯᠡᠴᠢᠯᠡᠭᠡᠨ᠎ᠤ ᠠᠵᠤ ᠦᠢ᠍ᠯᠡᠰ᠎ᠤᠨ ᠬᠡᠯᠬᠢᠶᠡᠨ᠎ᠤ ᠵᠠᠩᠭᠢᠯᠠᠭ᠎ᠠ ᠵᠢᠨ ᠠᠵᠢᠯ᠎ᠤᠨ ᠪᠠᠶ᠋ᠢᠷᠢ ᠵᠢ ᠬᠠᠮᠤᠷᠤᠭᠰᠠᠨ ᠲᠡᠮᠦᠷ ᠵᠠᠮ᠎ᠤᠨ ᠲᠡᠭᠡᠭᠡᠪᠦᠷᠢ ᠵᠢᠨ ᠲᠥᠷᠥᠯ᠎ᠤᠨ ᠲᠤᠰᠬᠠᠶ ᠮᠡᠷᠭᠡᠵᠢᠯ᠎ᠤᠨ ᠴᠤᠭᠯᠠᠷᠠᠯ ᠵᠶ᠋ᠠᠷ ᠭᠣᠣᠯ ᠴᠣᠭᠴᠠ ᠪᠣᠯᠭ᠋ᠠᠬᠤ ᠵᠢᠨ ᠬᠠᠮᠲᠤ ᠣᠷᠣᠨ ᠪᠦᠰᠡ ᠵᠢᠨ ᠠᠵᠤ ᠠᠬᠤᠢ ᠵᠢᠨ ᠬᠥᠭᠵᠢᠯᠲᠡ ᠬᠡᠷᠡᠭᠴᠡᠭᠡ ᠵᠢ ᠬᠠᠮᠲᠤᠳᠤᠨᠢ ᠬᠠᠷᠠᠭ᠋ᠠᠯᠵᠠᠵᠤ᠂ ᠬᠤᠳᠠ ᠵᠢᠨ ᠲᠡᠮᠦᠷ ᠵᠠᠮ᠎ᠤᠨ ᠵᠠᠮ ᠬᠠᠷᠢᠯᠴᠠᠭ᠎ᠠ᠂ ᠮᠣᠳᠣ ᠰᠢᠷᠣᠶ ᠵᠢᠨ ᠪᠠᠷᠢᠯᠭ᠎ᠠ᠂ ᠲᠤᠨᠤᠭ ᠲᠥᠬᠥᠭᠡᠷᠦᠮᠵᠢ ᠦᠢ᠍ᠯᠡᠳᠬᠦ᠂ ᠡᠯᠧᠺᠲᠷᠣᠨ ᠪᠠ ᠮᠡᠳᠡᠭᠡ ᠵᠠᠩᠭᠢ᠂ ᠡᠳ᠋᠎ᠤᠨ ᠵᠠᠰᠠᠭ ᠠᠵᠤ ᠠᠬᠤᠶ ᠬᠤᠳᠠᠯᠳᠤᠭ᠎ᠠ ᠠᠷᠠᠯᠵᠢᠶ᠎ᠠ᠂ ᠡᠬᠢ ᠪᠠᠶᠠᠯᠢᠭ ᠣᠷᠴᠢᠨ ᠠᠬᠤᠶ ᠪᠣᠯᠤᠨ ᠠᠮᠤᠷ ᠲᠦᠪᠰᠢᠨ ᠪᠠ ᠤᠯᠠᠨ ᠨᠡᠶ᠋ᠢᠲᠡ ᠵᠢᠨ ᠬᠠᠮᠢᠶᠠᠷᠤᠯᠲᠠ ᠪᠣᠯᠤᠨ ᠦᠢ᠍ᠯᠡᠴᠢᠯᠡᠭᠡ ᠵᠡᠷᠭᠡ 7 ᠶᠡᠬᠡ ᠲᠦᠷᠦᠯ᠎ᠤᠨ 33 ᠲᠤᠰᠬᠠᠶ ᠮᠡᠷᠭᠡᠵᠢᠯ᠎ᠢ ᠪᠠᠢ᠌ᠭᠤᠯᠵᠤ᠂ ᠳᠡᠭᠡᠳᠦ ᠰᠤᠷᠭ᠋ᠠᠭᠤᠯᠢ ᠵᠢᠨ ᠲᠡᠰ᠎ᠤᠨ ᠤᠨᠴᠠᠯᠢᠭᠳᠤ ᠲᠡᠮᠳᠡᠭᠲᠦ ᠲᠤᠰᠬᠠᠶ ᠮᠡᠷᠭᠡᠵᠢᠯ 11 ᠪᠠ ᠰᠣᠳᠣᠨ ᠬᠢᠴᠢᠶᠡᠯ 24 ᠵᠢ ᠡᠭᠦᠳᠴᠡᠶ᠃ ᠣᠲᠣ ᠪᠥᠬᠥ ᠤᠯᠤᠰ᠎ᠤᠨ ᠠᠵᠢᠯ ᠮᠡᠷᠭᠡᠵᠢᠯ᠎ᠤᠨ ᠳᠡᠭᠡᠳᠦ ᠰᠤᠷᠭ᠋ᠠᠭᠤᠯᠢ ᠵᠢᠨ ᠵᠠᠮ ᠬᠠᠷᠢᠯᠴᠠᠭ᠎ᠠ ᠲᠡᠭᠡᠭᠡᠪᠦᠷᠢ ᠵᠢᠨ ᠲᠥᠷᠥᠯ᠎ᠤᠨ ᠳᠠᠭᠤᠷᠢᠶᠠᠯ ᠦᠵᠡᠭᠦᠯᠬᠦ ᠲᠤᠰᠬᠠᠶ ᠮᠡᠷᠭᠡᠵᠢᠯ᠎ᠤᠨ ᠴᠡᠭ 1᠂ ᠪᠥᠬᠥ ᠤᠯᠤᠰ᠎ᠤᠨ ᠭᠣᠤᠯᠯᠠᠭᠴᠢ ᠲᠤᠰᠬᠠᠶ ᠮᠡᠷᠭᠡᠵᠢᠯ 2᠂ ᠥᠪᠡᠷᠲᠡᠭᠡᠨ ᠵᠠᠰᠠᠬᠤ ᠣᠷᠣᠨ᠎ᠤ ᠲᠠᠰ᠎ᠤᠨ ᠳᠤᠮᠳᠠ ᠵᠡᠷᠭᠡ ᠵᠢᠨ ᠠᠵᠢᠯ ᠮᠡᠷᠭᠡᠵᠢᠯ᠎ᠤᠨ ᠰᠤᠷᠭ᠋ᠠᠨ ᠬᠥᠮᠦᠵᠢᠯ᠎ᠤᠨ ᠴᠢᠨᠠᠷ ᠴᠢᠨᠰᠠᠭ᠎ᠠ ᠵᠢ ᠳᠡᠭᠡᠭᠰᠢᠯᠡᠭᠦᠯᠬᠦ ᠢᠨᠵᠧᠨᠧᠷᠢᠩ᠎ᠤᠨ ᠳᠠᠭᠤᠷᠢᠶᠠᠯ ᠦᠵᠡᠭᠦᠯᠬᠦ ᠲᠤᠰᠬᠠᠶ ᠮᠡᠷᠭᠡᠵᠢᠯ 3᠂ 2 ᠲᠤᠰᠬᠠᠶ ᠮᠡᠷᠭᠡᠵᠢᠯ᠎ᠨᠢ ᠥᠪᠡᠷᠲᠡᠭᠡᠨ ᠵᠠᠰᠠᠬᠤ ᠣᠷᠣᠨ᠎ᠤ ᠲᠠᠰ᠎ᠤᠨ ᠲᠤᠰᠬᠠᠶ ᠮᠡᠷᠭᠡᠵᠢᠯ᠎ᠤᠨ ᠵᠢᠭ᠋ᠠᠨ ᠰᠤᠷᠭ᠋ᠠᠯᠲᠠ ᠵᠢᠨ ᠡᠬᠢ ᠪᠠᠶᠠᠯᠢᠭ᠎ᠤᠨ ᠬᠥᠮᠥᠷᠭᠡ ᠵᠢᠨ ᠲᠥᠰᠦᠯ᠎ᠢ ᠰᠡᠳᠦᠪ ᠳᠣᠭᠲᠠᠭ᠋ᠠᠨ ᠪᠠᠢ᠌ᠭᠤᠯᠬᠤ ᠵᠦᠪᠰᠢᠶᠡᠷᠡᠯ᠎ᠢ ᠣᠯᠪᠠ᠃

ᠭᠠᠯᠲᠤ ᠲᠡᠷᠭᠡ ᠵᠢ ᠵᠢᠯᠣᠭᠣᠳᠬᠤ ᠪᠣᠳᠠᠲᠤ ᠪᠣᠯᠪᠠᠰᠤᠷᠠᠯ᠎ᠤᠨ ᠲᠥᠪ
ᠪᠤᠭᠤᠲᠤ ᠵᠢᠨ ᠲᠡᠮᠦᠷ ᠵᠠᠮ᠎ᠤᠨ ᠠᠵᠢᠯ ᠮᠡᠷᠭᠡᠵᠢᠯ᠎ᠤᠨ ᠳᠡᠭᠡᠳᠦ ᠰᠤᠷᠭ᠋ᠠᠭᠤᠯᠢ᠎ᠳᠤ ᠣᠲᠣ ᠳᠡᠳ᠋ ᠳᠡᠭᠡᠳᠦ ᠳᠡᠰ᠎ᠤᠨ ᠮᠡᠷᠭᠡᠵᠢᠯ᠎ᠤᠨ ᠴᠣᠯᠠ᠎ᠠᠴᠠ ᠳᠡᠭᠡᠭᠰᠢᠬᠢ ᠴᠤᠯᠠᠲᠠᠢ ᠪᠠᠭᠰᠢ 122᠂ ᠮᠠᠰᠲ᠋ᠧᠷ᠎ᠠᠴᠠ ᠳᠡᠭᠡᠭᠰᠢᠬᠢ ᠡᠷᠳᠡᠮ᠎ᠤᠨ ᠴᠤᠯᠠᠲᠠᠢ ᠪᠠᠭᠰᠢ 169᠂ ᠬᠣᠤᠰ ᠪᠠᠭᠰᠢ ᠵᠢᠨ ᠬᠡᠪ ᠪᠣᠯᠪᠠᠰᠤᠷᠠᠯ᠎ᠲᠠᠢ ᠪᠠᠭᠰᠢ 292 ᠪᠣᠶ᠃ ᠠᠵᠢᠯ ᠲᠥᠷᠥᠯ᠎ᠤᠨ ᠨᠠᠷᠠᠲᠤ ᠪᠠᠭᠰᠢ 2᠂ ᠥᠪᠡᠷᠲᠡᠭᠡᠨ ᠵᠠᠰᠠᠬᠤ ᠣᠷᠣᠨ᠎ᠤ ᠲᠠᠰ᠎ᠤᠨ ᠰᠢᠯᠢᠳᠡᠭ ᠵᠢᠭ᠋ᠠᠨ ᠰᠤᠷᠭ᠋ᠠᠯᠲᠠ ᠵᠢᠨ ᠪᠦᠯᠬᠦᠮ 6᠂ ᠵᠢᠭ᠋ᠠᠨ ᠰᠤᠷᠭ᠋ᠠᠯᠲᠠ ᠵᠢᠨ ᠨᠠᠷᠠᠲᠤ ᠪᠠᠭᠰᠢ 7᠂ ᠵᠢᠭ᠋ᠠᠨ ᠰᠤᠷᠭ᠋ᠠᠯᠲᠠ ᠵᠢᠨ ᠲᠠᠪᠴᠠᠩ᠎ᠤᠨ ᠰᠢᠨ᠎ᠡ ᠰᠣᠳᠣᠨ 7᠂ ᠪᠤᠭᠤᠲᠤ ᠬᠣᠲᠠ ᠵᠢᠨ ᠵᠢᠭ᠋ᠠᠨ ᠰᠤᠷᠭ᠋ᠠᠯᠲᠠ ᠵᠢᠨ ᠨᠠᠷᠠᠲᠤ ᠪᠠᠭᠰᠢ 2᠂ ᠵᠢᠭ᠋ᠠᠨ ᠰᠤᠷᠭ᠋ᠠᠯᠲᠠ ᠵᠢᠨ ᠴᠢᠳᠠᠪᠤᠷᠢᠲᠠᠨ 11 ᠪᠣᠶ; ᠤᠯᠤᠰ᠎ᠤᠨ ᠲᠡᠮᠦᠷ ᠵᠠᠮ᠎ᠤᠨ ᠪᠦᠯᠦᠭᠯᠡᠯ᠎ᠤᠨ 《ᠪᠥᠬᠥ ᠵᠠᠮ᠎ᠤᠨ ᠮᠡᠷᠭᠡᠵᠢᠯ᠎ᠤᠨ ᠴᠢᠳᠠᠪᠤᠷᠢᠲᠠᠨ》 1᠂ ᠥᠪᠡᠷᠲᠡᠭᠡᠨ ᠵᠠᠰᠠᠬᠤ ᠣᠷᠣᠨ᠎ᠤ 《ᠲᠠᠯ᠎ᠠ ᠨᠤᠲᠤᠭ᠎ᠤᠨ ᠴᠢᠳᠠᠪᠤᠷᠢᠲᠠᠨ》 1᠂ ᠪᠤᠭᠤᠲᠤ ᠬᠣᠲᠠ ᠵᠢᠨ 《ᠪᠤᠭᠤᠲᠤ ᠬᠣᠲᠠ ᠴᠢᠳᠠᠪᠤᠷᠢᠲᠠᠨ》 2᠂ ᠰᠢᠨᠵᠢᠯᠡᠬᠦ ᠤᠬᠠᠭ᠋ᠠᠨ ᠲᠧᠭᠨᠢᠭ ᠮᠡᠷᠭᠡᠵᠢᠯ᠎ᠤᠨ ᠰᠢᠯᠢᠳᠡᠭ ᠠᠵᠢᠯᠲᠠᠨ1 ᠪᠣᠢ᠃

ᠴᠠᠬᠢᠯᠭ᠋ᠠᠨ ᠮᠡᠷᠭᠡᠵᠢᠯ᠎ᠤᠨ ᠲᠥᠪᠯᠡᠷᠡᠭᠭᠦᠢ ᠪᠣᠳᠠᠲᠤ ᠪᠣᠯᠪᠠᠰᠤᠷᠠᠯ
ᠪᠤᠭᠤᠲᠤ ᠵᠢᠨ ᠲᠡᠮᠦᠷ ᠵᠠᠮ᠎ᠤᠨ ᠠᠵᠢᠯ ᠮᠡᠷᠭᠡᠵᠢᠯ᠎ᠤᠨ ᠳᠡᠭᠡᠳᠦ ᠰᠤᠷᠭ᠋ᠠᠭᠤᠯᠢ᠎ᠨᠢ 65 ᠲᠦᠮᠡ ᠭᠠᠷᠤᠶ ᠲᠡᠭᠰᠢ ᠳᠥᠷᠪᠡᠯᠵᠢᠨ ᠮᠧᠲᠷ ᠲᠠᠯᠠᠪᠠᠶ᠎ᠲᠠᠢ᠂ ᠭᠡᠷ ᠪᠠᠷᠢᠯᠭ᠎ᠠ ᠵᠢᠨ ᠲᠠᠯᠠᠪᠠᠶ 32 ᠲᠦᠮᠡ ᠭᠠᠷᠤᠶ ᠲᠡᠭᠰᠢ ᠳᠥᠷᠪᠡᠯᠵᠢᠨ ᠮᠧᠲᠷ᠂ ᠨᠣᠮ᠎ᠤᠨ ᠰᠠᠩ᠎ᠳᠤ 49.2 ᠲᠦᠮᠡᠨ ᠳᠡᠪᠲᠡᠷ ᠨᠣᠮ ᠬᠠᠳᠠᠭ᠋ᠠᠯᠠᠵᠤ᠂ ᠰᠤᠷᠭ᠋ᠠᠭᠤᠯᠢ ᠵᠢᠨ ᠳᠣᠲᠣᠭ᠋ᠠᠳᠤ ᠵᠢᠨ ᠦᠢ᠍ᠯᠡᠳᠦᠯᠭᠡ ᠵᠢᠨ ᠰᠠᠭᠤᠷᠢᠨ᠎ᠢ ᠨᠢᠭᠡᠨᠲᠡ 90 ᠵᠢ ᠪᠠᠶ᠋ᠢᠭᠤᠯᠵᠤ᠂ ᠭᠡᠷ ᠪᠠᠷᠢᠯᠭ᠎ᠠ ᠵᠢᠨ ᠲᠠᠯᠠᠪᠠᠶ᠎ᠨᠢ ᠪᠠᠷᠤᠭ 2.01 ᠲᠦᠮᠡᠨ ᠲᠡᠭᠰᠢ ᠳᠥᠷᠪᠡᠯᠵᠢᠨ ᠮᠧᠲᠷ᠂ ᠵᠢᠭ᠋ᠠᠨ ᠰᠤᠷᠭ᠋ᠠᠯᠲᠠ ᠵᠢᠨ ᠬᠡᠮᠵᠢᠭᠦᠷᠯᠢᠭ ᠲᠥᠬᠥᠭᠡᠷᠦᠮᠵᠢ ᠵᠢᠨ ᠶᠡᠷᠦᠩᠬᠡᠶ ᠥᠷᠲᠡᠭ᠎ᠨᠢ 7123.58 ᠲᠦᠮᠡᠨ ᠲᠥᠭᠥᠷᠢᠭ᠂ ᠦᠢ᠍ᠯᠡᠳᠦᠯᠭᠡ ᠵᠢᠨ ᠰᠠᠭᠤᠷᠢᠨ ᠭᠠᠵᠠᠷ᠎ᠤᠨ ᠲᠥᠬᠥᠭᠡᠷᠦᠮᠵᠢ 5473 ᠰᠠᠭᠤᠷᠢ (ᠢᠵᠢ) ᠪᠠᠶ᠋ᠢᠨ᠎ᠠ᠃
ᠪᠤᠭᠤᠲᠤ ᠵᠢᠨ ᠲᠡᠮᠦᠷ ᠵᠠᠮ᠎ᠤᠨ ᠠᠵᠢᠯ ᠮᠡᠷᠭᠡᠵᠢᠯ᠎ᠤᠨ ᠳᠡᠭᠡᠳᠦ ᠰᠤᠷᠭ᠋ᠠᠭᠤᠯᠢ ᠤᠯᠤᠰ᠂ ᠥᠪᠡᠷᠲᠡᠭᠡᠨ ᠵᠠᠰᠠᠬᠤ ᠣᠷᠣᠨ ᠵᠢᠴᠢ ᠪᠤᠭᠤᠲᠤ ᠬᠣᠲᠠ ᠵᠢᠨ ᠬᠥᠮᠦᠨ ᠰᠣᠶᠤᠯ ᠨᠡᠶ᠋ᠢᠭᠡᠮ᠎ᠤᠨ ᠰᠢᠨᠵᠢᠯᠡᠬᠦ ᠤᠬᠠᠭ᠋ᠠᠨ᠎ᠤ ᠲᠥᠷᠥᠯ᠎ᠤᠨ ᠰᠤᠳᠤᠯᠭ᠋ᠠᠨ᠎ᠤ ᠲᠥᠰᠦᠯ 69᠂ ᠪᠠᠶ᠋ᠢᠭ᠋ᠠᠯᠢ ᠵᠢᠨ ᠰᠢᠨᠵᠢᠯᠡᠬᠦ ᠤᠬᠠᠭ᠋ᠠᠨ᠎ᠤ ᠲᠥᠰᠦᠯ 11 ᠵᠢ ᠪᠡᠶᠡᠯᠡᠭᠦᠯᠵᠦ᠂ ᠬᠡᠷᠡᠭᠯᠡᠭᠡᠨ᠎ᠤ ᠰᠢᠨ᠎ᠡ ᠬᠡᠯᠪᠡᠷᠢᠲᠦ ᠮᠡᠷᠭᠡᠵᠢᠯ᠎ᠤᠨ ᠲᠤᠰᠬᠠᠶ ᠠᠰᠢᠭ᠎ᠤᠨ ᠡᠷᠬᠡ 40 ᠭᠠᠷᠤᠶ ᠣᠯᠤᠭᠰᠠᠨ ᠪᠠᠶ᠋ᠢᠨ᠎ᠠ᠃ 《ᠴᠠᠭ ᠪᠠ ᠣᠷᠣᠨ ᠵᠠᠶ ᠵᠢᠨ ᠲᠣᠭ᠎ᠠ ᠪᠠᠷᠢᠮᠲᠠ᠎ᠳᠤ ᠰᠠᠭᠤᠷᠢᠯᠠᠭᠰᠠᠨ ᠲᠡᠮᠦᠷ ᠵᠠᠮ᠎ᠤᠨ ᠭᠤᠷᠪᠠᠨ ᠬᠡᠮᠵᠢᠯᠳᠦ ᠲᠤᠬᠠᠶ᠋ᠢᠯᠠᠭᠰᠠᠨ ᠠᠵᠢᠯ᠎ᠤᠨ ᠰᠠᠭᠤᠷᠢ ᠲᠠᠪᠴᠠᠩ》 ᠪᠠ 《5G᠎ᠳᠤ ᠰᠠᠭᠤᠷᠢᠯᠠᠭᠰᠠᠨ ᠢᠳᠡᠪᠬᠢ ᠬᠠᠷᠠᠭ᠋ᠠᠨ᠎ᠤ AR/VR ᠦᠢ᠍ᠯᠡᠳᠦᠯᠴᠡᠬᠦ ᠬᠢᠴᠢᠶᠡᠯ᠎ᠤᠨ ᠲᠠᠩᠬᠢᠮ᠎ᠤᠨ ᠵᠢᠭ᠋ᠠᠨ ᠰᠤᠷᠭ᠋ᠠᠯᠲᠠ ᠵᠢᠨ ᠰᠢᠰᠲ᠋ᠧᠮ》᠎ᠨᠢ ᠥᠪᠡᠷᠲᠡᠭᠡᠨ ᠵᠠᠰᠠᠬᠤ ᠣᠷᠣᠨ᠎ᠤ ᠰᠢᠨᠵᠢᠯᠡᠬᠦ ᠤᠬᠠᠭ᠋ᠠᠨ ᠲᠧᠭᠨᠢᠭ ᠮᠡᠷᠭᠡᠵᠢᠯ᠎ᠤᠨ ᠲᠢᠩᠬᠢᠮ᠎ᠤᠨ 《ᠵᠠᠩᠭᠢᠯᠠᠭ᠎ᠠ ᠵᠢᠨ ᠮᠡᠷᠭᠡᠵᠢᠯ᠎ᠤᠨ ᠪᠣᠭᠣᠮᠲᠠ ᠰᠢᠪᠲᠤᠯᠬᠤ ᠲᠥᠯᠦᠪᠯᠡᠭᠡᠨ᠎ᠤ ᠲᠥᠰᠦᠯ》 ᠵᠶ᠋ᠠᠷ ᠵᠥᠪᠰᠢᠶᠡᠷᠡᠭᠳᠡᠵᠦ᠂ ᠰᠤᠷᠭ᠋ᠠᠭᠤᠯᠢ ᠵᠢᠨ ᠪᠠᠶ᠋ᠢᠭ᠋ᠠᠯᠢ ᠵᠢᠨ ᠰᠢᠨᠵᠢᠯᠡᠬᠦ ᠤᠬᠠᠭ᠋ᠠᠨ᠎ᠤ ᠰᠤᠳᠤᠯᠭ᠋ᠠᠨ᠎ᠤ ᠬᠦᠷᠢᠶᠡᠨ᠎ᠳᠠᠬᠢ ᠰᠢᠨ᠎ᠡ ᠰᠢᠪᠲᠤᠯᠤᠯᠲᠠ ᠪᠣᠯᠤᠭᠰᠠᠨ ᠪᠠᠶ᠋ᠢᠨ᠎ᠠ᠃

ᠪᠤᠬ᠎ᠠ ᠲᠡᠷᠭᠡᠨ᠎ᠤ ᠴᠠᠬᠢᠯᠭ᠋ᠠᠨ ᠮᠡᠷᠭᠡᠵᠢᠯ᠎ᠤᠨ ᠪᠣᠳᠠᠲᠤ ᠪᠣᠯᠪᠠᠰᠤᠷᠠᠯ᠎ᠤᠨ ᠬᠢᠴᠢᠶᠡᠯ
ᠪᠤᠭᠤᠲᠤ ᠵᠢᠨ ᠲᠡᠮᠦᠷ ᠵᠠᠮ᠎ᠤᠨ ᠠᠵᠢᠯ ᠮᠡᠷᠭᠡᠵᠢᠯ᠎ᠤᠨ ᠳᠡᠭᠡᠳᠦ ᠰᠤᠷᠭ᠋ᠠᠭᠤᠯᠢ᠎ᠨᠢ ᠤᠯᠠᠨ ᠤᠯᠤᠰ᠎ᠤᠨ ᠬᠠᠮᠲᠤᠷᠠᠯᠴᠠᠭ᠋ᠠᠨ᠎ᠤ ᠬᠦᠷᠢᠶ᠎ᠡ᠎ᠪᠠᠨ ᠲᠠᠰᠤᠷᠠᠯᠲᠠ ᠦᠭᠡᠢ ᠥᠷᠭᠡᠳᠬᠡᠵᠦ᠂ ᠤᠷᠢᠳ ᠬᠣᠵᠢᠳ ᠯᠠᠤᠰ᠂ ᠮᠣᠩᠭᠤᠯ᠂ ᠤᠷᠤᠰ᠂ ᠫᠡᠺᠢᠰᠲ᠋ᠡᠠ ᠵᠡᠷᠭᠡ ᠤᠯᠤᠰ᠎ᠤᠨ ᠬᠣᠯᠪᠤᠭᠳᠠᠬᠤ ᠳᠡᠭᠡᠳᠦ ᠰᠤᠷᠭ᠋ᠠᠭᠤᠯᠢ᠎ᠲᠠᠢ ᠲᠤᠰᠬᠠᠢ ᠮᠡᠷᠭᠡᠵᠢᠯ᠎ᠤᠨ ᠪᠠᠶ᠋ᠢᠭᠤᠯᠤᠯᠲᠠ᠂ ᠪᠠᠭᠰᠢ ᠵᠢᠨ ᠪᠣᠯᠪᠠᠰᠤᠷᠠᠭᠤᠯᠤᠯ᠂ ᠴᠢᠳᠠᠪᠤᠷᠢᠲᠠᠨ᠎ᠢ ᠬᠥᠮᠦᠵᠢᠭᠦᠯᠬᠦ᠂ ᠡᠷᠳᠡᠮ ᠰᠢᠨᠵᠢᠯᠡᠭᠡᠨ᠎ᠤ ᠰᠣᠯᠢᠯᠴᠠᠭ᠎ᠠ ᠵᠡᠷᠭᠡ ᠲᠠᠯ᠎ᠠ᠎ᠪᠠᠷ ᠬᠠᠮᠲᠤᠷᠠᠯᠴᠠᠬᠤ ᠬᠠᠮᠲᠤ ᠵᠢᠨ ᠲᠠᠨᠢᠯᠲᠠ᠎ᠲᠠᠢ ᠪᠣᠯᠪᠠ; ᠪᠡᠭᠡᠵᠢᠩ᠎ᠤᠨ ᠵᠠᠮ ᠬᠠᠷᠢᠯᠴᠠᠭ᠋ᠠᠨ᠎ᠤ ᠶᠡᠬᠡ ᠰᠤᠷᠭ᠋ᠠᠭᠤᠯᠢ᠎ᠲᠠᠢ ᠬᠠᠮᠲᠤᠷᠠᠨ ᠭᠠᠳᠠᠭ᠋ᠠᠳᠤ ᠵᠢᠨ ᠰᠤᠷᠤᠭᠴᠢᠳ ᠳᠠᠳᠤᠯᠭ᠎ᠠ ᠬᠢᠬᠦ ᠪᠠ ᠲᠤᠰᠬᠠᠶ ᠮᠡᠷᠭᠡᠵᠢᠯ᠎ᠤᠨ ᠪᠣᠯᠪᠠᠰᠤᠷᠠᠯ ᠬᠢᠬᠦ ᠵᠢ ᠥᠷᠨᠢᠭᠦᠯᠪᠡ; ᠦᠪᠦᠷ ᠮᠤᠨᠭ᠌ᠭᠤᠯ᠎ᠤᠨ ᠰᠢᠨᠵᠢᠯᠡᠬᠦ ᠤᠬᠠᠭ᠋ᠠᠨ ᠲᠧᠭᠨᠢᠭ ᠮᠡᠷᠭᠡᠵᠢᠯ᠎ᠤᠨ ᠶᠡᠬᠡ ᠰᠤᠷᠭ᠋ᠠᠭᠤᠯᠢ᠂ ᠦᠪᠦᠷ ᠮᠤᠨᠭ᠌ᠭᠤᠯ᠎ᠤᠨ ᠲᠠᠷᠢᠶᠠᠯᠠᠩ᠎ᠤᠨ ᠶᠡᠬᠡ ᠰᠤᠷᠭ᠋ᠠᠭᠤᠯᠢ ᠵᠡᠷᠭᠡ ᠵᠢᠩᠬᠢᠨᠢ ᠠᠩᠭᠢᠲᠤ ᠳᠡᠭᠡᠳᠦ ᠰᠤᠷᠭ᠋ᠠᠭᠤᠯᠢ᠎ᠲᠠᠢ ᠲᠤᠰᠬᠠᠶ ᠮᠡᠷᠭᠡᠵᠢᠯ᠎ᠤᠨ ᠠᠩᠭᠢ᠎ᠠᠴᠠ ᠵᠢᠩᠬᠢᠨᠢ ᠠᠩᠭᠢ᠎ᠳᠤ ᠳᠡᠪᠰᠢᠬᠦ ᠬᠠᠮᠲᠤᠷᠠᠯᠴᠠᠭ᠋ᠠᠨ᠎ᠤ ᠬᠡᠯᠡᠯᠴᠡᠭᠡᠷ᠎ᠢ ᠲᠣᠭᠲᠠᠵᠤ᠂ ᠪᠠᠷᠠᠭᠤᠨ ᠡᠮᠦᠨᠡᠲᠦ ᠵᠢᠨ ᠵᠠᠮ ᠬᠠᠷᠢᠯᠴᠠᠭ᠋ᠠᠨ᠎ᠤ ᠶᠡᠬᠡ ᠰᠤᠷᠭ᠋ᠠᠭᠤᠯᠢ᠎ᠲᠠᠢ ᠬᠠᠮᠲᠤᠷᠠᠨ ᠰᠤᠷᠭ᠋ᠠᠭᠤᠯᠢ ᠡᠷᠭᠢᠯᠡᠵᠦ ᠲᠤᠰᠬᠠᠶ ᠮᠡᠷᠭᠡᠵᠢᠯ᠎ᠤᠨ ᠠᠩᠭᠢ᠎ᠠᠴᠠ ᠵᠢᠩᠬᠢᠨᠢ ᠠᠩᠭᠢ᠎ᠳᠤ ᠳᠡᠪᠰᠢᠬᠦ ᠰᠤᠷᠤᠯᠭ᠎ᠠ ᠵᠢᠨ ᠨᠠᠮᠲᠠᠷ᠎ᠤᠨ ᠦᠷᠭᠦᠯᠵᠢᠯᠡᠭᠰᠡᠨ ᠰᠤᠷᠭ᠋ᠠᠨ ᠬᠥᠮᠥᠵᠢᠯ᠎ᠢ ᠥᠷᠨᠢᠭᠦᠯᠵᠦ᠂ ᠴᠢᠳᠠᠪᠤᠷᠢᠲᠠᠨ᠎ᠢ ᠬᠥᠮᠦᠵᠢᠭᠦᠯᠬᠦ ᠠᠷᠭ᠎ᠠ ᠵᠠᠮ᠎ᠢ ᠨᠡᠪᠲᠡᠷᠡᠭᠦᠯᠪᠡ; ᠦᠶ ᠣᠯᠠᠨ ᠲᠡᠮᠦᠷ ᠵᠠᠮ᠎ᠤᠨ ᠠᠵᠤ ᠠᠬᠤᠶ᠋ᠢᠯᠠᠯ᠎ᠲᠠᠢ ᠰᠤᠷᠭ᠋ᠠᠭᠤᠯᠢ ᠪᠠ ᠠᠵᠤ ᠠᠬᠤᠶ᠋ᠢᠯᠠᠯ᠎ᠤᠨ ᠬᠠᠮᠲᠤᠷᠠᠯᠴᠠᠭ᠎ᠠ ᠵᠢ ᠪᠠᠢ᠌ᠭᠤᠯᠵᠤ᠂ ᠵᠠᠬᠢᠶᠠᠯᠠᠭ᠎ᠠ᠎ᠪᠠᠷ ᠬᠥᠮᠦᠵᠢᠭᠦᠯᠬᠦ᠂ ᠣᠲᠣ ᠦᠶ᠎ᠡ ᠵᠢᠨ ᠱᠠᠪᠢᠯᠠᠬᠤ ᠲᠦᠷᠢᠮ᠂ ᠠᠵᠢᠯᠯᠠᠵᠤ ᠰᠤᠷᠤᠯᠴᠠᠬᠤ ᠵᠢ ᠰᠣᠯᠢᠯᠴᠠᠬᠤ ᠵᠡᠷᠭᠡ ᠰᠤᠷᠭ᠋ᠠᠭᠤᠯᠢ ᠪᠠ ᠠᠵᠤ ᠠᠬᠤᠶ᠋ᠢᠯᠠᠯ᠎ᠤᠨ 《ᠬᠣᠤᠰ ᠭᠣᠤᠯ ᠴᠣᠭᠴᠠ》 ᠵᠢᠨ ᠣᠨᠴᠠᠯᠢᠭ᠎ᠢ ᠢᠯᠡᠷᠡᠭᠦᠯᠦᠭᠰᠡᠨ ᠬᠠᠮᠵᠢᠯᠴᠠᠨ ᠬᠥᠮᠦᠵᠢᠭᠦᠯᠬᠦ ᠬᠡᠪ ᠵᠠᠭᠪᠤᠷ᠎ᠢ ᠢᠳᠡᠪᠬᠢᠲᠡᠶ ᠬᠠᠶ᠋ᠢᠨ ᠰᠦᠪᠡᠭᠴᠢᠯᠡᠪᠡ᠃

ᠪᠤᠬ᠎ᠠ ᠲᠡᠷᠭᠡ ᠵᠢᠯᠣᠭᠣᠳᠬᠤ ᠬᠢᠴᠢᠶᠡᠯ

ᠲᠡᠮᠦᠷ ᠵᠠᠮ᠎ᠤᠨ ᠨᠠᠷᠢᠯᠢᠭ ᠬᠡᠮᠵᠢᠯᠲᠡ ᠵᠢᠨ ᠪᠣᠯᠪᠠᠰᠤᠷᠠᠯ᠎ᠤᠨ ᠬᠢᠴᠢᠶᠡᠯ
《ᠠᠷᠪᠠᠨ ᠭᠤᠷᠪᠠᠳᠤᠭ᠋ᠠᠷ ᠲᠠᠪᠤᠨ ᠵᠢᠯ》᠎ᠤᠨ ᠲᠥᠯᠥᠪᠵᠢᠭᠦᠯᠭᠡ ᠵᠢᠨ ᠬᠤᠭᠤᠴᠠᠭ᠋ᠠᠨ᠎ᠳᠤ᠂ ᠰᠤᠷᠭ᠋ᠠᠭᠤᠯᠢ᠎ᠨᠢ ᠥᠪᠡᠷᠲᠡᠭᠡᠨ ᠵᠠᠰᠠᠬᠤ ᠣᠷᠣᠨ᠎ᠤ ᠳᠡᠭᠡᠳᠦ ᠰᠤᠷᠭ᠋ᠠᠭᠤᠯᠢ ᠵᠢᠨ ᠦᠵᠡᠯ ᠰᠠᠨᠠᠭ᠎ᠠ ᠤᠯᠤᠰ ᠲᠥᠷᠥ ᠵᠢᠨ ᠠᠵᠢᠯ ᠪᠠ ᠰᠤᠷᠭ᠋ᠠᠭᠤᠯᠢ ᠵᠢᠨ ᠬᠦᠷᠢᠶᠡᠨ᠎ᠤ ᠰᠣᠶᠣᠯ᠎ᠤᠨ ᠰᠡᠳᠦᠪ ᠳᠣᠭᠲᠠᠭ᠋ᠠᠭᠰᠠᠨ ᠰᠣᠳᠣᠨ ᠲᠥᠰᠦᠯ 4᠂ ᠪᠤᠭᠤᠲᠤ ᠬᠣᠲᠠ ᠵᠢᠨ ᠦᠵᠡᠯ ᠰᠠᠨᠠᠭ᠎ᠠ ᠤᠯᠤᠰ ᠲᠥᠷᠥ ᠵᠢᠨ ᠬᠢᠴᠢᠶᠡᠯ᠎ᠤᠨ ᠨᠠᠷᠠᠲᠤ ᠪᠠᠭᠰᠢ ᠵᠢᠨ ᠠᠵᠢᠯᠯᠠᠬᠤ ᠭᠠᠵᠠᠷ 1᠂ 16 ᠰᠠᠶ᠋ᠢᠨ ᠳᠤᠷ᠎ᠠ ᠵᠢᠨ ᠦᠢ᠍ᠯᠡᠴᠢᠯᠡᠭᠡᠨ᠎ᠤ ᠰᠠᠭᠤᠷᠢᠨ ᠭᠠᠵᠠᠷ᠎ᠲᠠᠢ ᠪᠣᠯᠪᠠ᠃ ᠬᠠᠪᠰᠤᠷᠤᠨ ᠵᠢᠯᠣᠭᠣᠳᠤᠭᠴᠢ ᠪᠣᠯᠤᠨ ᠰᠤᠷᠤᠭᠴᠢᠳ ᠡᠯ᠎ᠡ ᠱᠠᠲᠤᠨ᠎ᠤ ᠲᠡᠷᠢᠭᠦᠨ᠎ᠤ ᠬᠥᠬᠢᠭᠦᠯᠦᠯ ᠵᠢᠴᠢ ᠤᠷᠤᠯᠳᠤᠭ᠋ᠠᠨ᠎ᠤ ᠱᠠᠩᠨᠠᠯ᠎ᠢ 5000 ᠭᠠᠷᠤᠶ ᠬᠥᠮᠦᠨ ᠤᠳᠠᠭ᠎ᠠ ᠭᠥᠷᠳᠡᠪᠡ᠃ ᠰᠤᠷᠭ᠋ᠠᠭᠤᠯᠢ᠎ᠨᠢ ᠤᠷᠢᠳ ᠬᠣᠵᠢᠳ 《ᠪᠤᠭᠤᠲᠤ ᠬᠣᠲᠠ ᠵᠢᠨ ᠰᠢᠯᠢᠳᠡᠭ ᠵᠠᠯᠠᠭᠤ ᠰᠠᠶ᠋ᠢᠨ ᠳᠤᠷᠠᠴᠤᠳ᠎ᠤᠨ ᠵᠣᠬᠢᠶᠠᠨ ᠪᠠᠶ᠋ᠢᠭᠤᠯᠤᠯᠲᠠ》᠂ 《ᠪᠥᠬᠥ ᠣᠷᠣᠨ᠎ᠤ ᠰᠢᠨ᠎ᠡ ᠳᠢᠲᠢᠮᠯᠢᠭ ᠠᠭᠤᠰᠬᠢᠨ ᠦᠷᠪᠢᠰᠦᠯ᠎ᠤᠨ ᠬᠢᠵᠢᠭ᠎ᠤᠨ ᠪᠠᠶ᠋ᠢᠳᠠᠯ᠎ᠢ ᠰᠡᠷᠭᠡᠶ᠋ᠢᠯᠡᠨ ᠡᠵᠡᠮᠳᠡᠬᠦ ᠰᠢᠯᠢᠳᠡᠭ ᠵᠠᠯᠠᠭᠤᠴᠤᠳ᠎ᠤᠨ ᠰᠠᠶ᠋ᠢᠨ ᠳᠤᠷᠠᠴᠤᠳ᠎ᠤᠨ ᠦᠢ᠍ᠯᠡᠴᠢᠯᠡᠭᠡᠨ᠎ᠤ ᠵᠣᠬᠢᠶᠠᠨ ᠪᠠᠶ᠋ᠢᠭᠤᠯᠤᠯᠲᠠ》᠂ 《ᠪᠥᠬᠥ ᠣᠷᠣᠨ᠎ᠤ ᠵᠣᠨ᠎ᠤ ᠠᠮᠠᠷᠠᠯᠲᠠ ᠵᠢᠨ ᠬᠤᠭᠤᠴᠠᠭ᠋ᠠᠨ᠎ᠤ 〈ᠭᠤᠷᠪᠠ ᠵᠢ ᠬᠥᠳᠡᠭᠡ ᠪᠠᠭᠤᠯᠭ᠋ᠠᠬᠤ〉 ᠨᠡᠶ᠋ᠢᠭᠡᠮ᠎ᠤᠨ ᠦᠢ᠍ᠯᠡᠳᠦᠯᠭᠡ ᠵᠢᠨ ᠰᠢᠯᠢᠳᠡᠭ ᠦᠢ᠍ᠯᠡᠴᠢᠯᠡᠭᠡᠨ᠎ᠤ ᠪᠦᠯᠬᠦᠮ》 ᠵᠶ᠋ᠠᠷ ᠦᠨᠡᠯᠡᠭᠳᠡᠵᠦ᠂ ᠭᠤᠷᠪᠠᠨ ᠵᠢᠯ ᠳᠠᠷᠠᠭ᠋ᠠᠯᠠᠨ ᠪᠤᠭᠤᠲᠤ ᠬᠣᠲᠠ᠎ᠳᠤ 《ᠦᠨ᠎ᠡ ᠲᠥᠯᠥᠪᠦᠷᠢ ᠥᠬᠡᠶ᠎ᠪᠠᠷ ᠴᠢᠰᠤ ᠬᠠᠨᠳᠢᠪᠯᠠᠭᠰᠠᠨ ᠲᠡᠷᠢᠭᠦᠨ᠎ᠤ ᠨᠢᠭᠡᠴᠢ》᠎ᠪᠠᠷ ᠦᠨᠡᠯᠡᠭᠳᠡᠪᠡ᠃
ᠪᠤᠭᠤᠲᠤ ᠵᠢᠨ ᠲᠡᠮᠦᠷ ᠵᠠᠮ᠎ᠤᠨ ᠠᠵᠢᠯ ᠮᠡᠷᠭᠡᠵᠢᠯ᠎ᠤᠨ ᠳᠡᠭᠡᠳᠦ ᠰᠤᠷᠭ᠋ᠠᠭᠤᠯᠢ᠎ᠨᠢ ᠳᠤᠮᠳᠠᠳᠤ ᠤᠯᠤᠰ᠎ᠤᠨ ᠲᠡᠮᠦᠷ ᠵᠠᠮ᠎ᠤᠨ ᠶᠡᠷᠦᠩᠬᠡᠶ ᠺᠣᠮᠫᠠᠨᠢ ᠵᠢᠨ ᠬᠠᠷᠢᠶᠠᠨ᠎ᠳᠠᠬᠢ 18 ᠲᠡᠮᠦᠷ ᠵᠠᠮ᠎ᠤᠨ ᠳᠣᠪᠴᠢᠶᠠᠨ᠎ᠤ ᠪᠦᠯᠦᠭᠯᠡᠯ᠎ᠤᠨ ᠬᠢᠵᠠᠭ᠋ᠠᠷᠲᠤ ᠺᠣᠮᠫᠠᠨᠢ᠂ ᠳᠤᠮᠳᠠᠳᠤ ᠤᠯᠤᠰ᠎ᠤᠨ ᠲᠡᠮᠦᠷ ᠵᠠᠮ᠎ᠤᠨ ᠬᠤᠪᠢ ᠣᠷᠣᠭᠤᠯᠤᠭᠰᠠᠨ ᠬᠢᠵᠠᠭ᠋ᠠᠷᠲᠦ ᠺᠤᠮᠫᠠᠨᠢ (ᠳᠤᠮᠳᠠᠳᠤ ᠤᠯᠤᠰ᠎ᠤᠨ ᠲᠡᠮᠦᠷ ᠵᠠᠮ᠎ᠤᠨ ᠨᠢᠭᠡᠳᠦᠭᠡᠷ ᠲᠣᠪᠴᠢᠶ᠎ᠠ᠂ ᠳᠥᠷᠪᠡᠳᠦᠭᠡᠷ ᠲᠣᠪᠴᠢᠶ᠎ᠠ᠂ ᠵᠢᠷᠭᠤᠳᠤᠭ᠋ᠠᠷ ᠲᠣᠪᠴᠢᠶ᠎ᠠ᠂ ᠳᠣᠯᠣᠳᠤᠭ᠋ᠠᠷ ᠲᠣᠪᠴᠢᠶ᠎ᠠ᠂ ᠴᠠᠬᠢᠯᠭ᠋ᠠᠨᠵᠢᠭᠤᠯᠤᠯᠲᠠ ᠵᠢᠨ ᠲᠣᠪᠴᠢᠶ᠎ᠠ)᠂ ᠳᠤᠮᠳᠠᠳᠤ ᠤᠯᠤᠰ᠎ᠤᠨ ᠲᠡᠮᠦᠷ ᠵᠠᠮ᠎ᠤᠨ ᠪᠦᠲᠦᠭᠡᠨ ᠪᠠᠶ᠋ᠢᠭᠤᠯᠤᠯᠲᠠ ᠵᠢᠨ ᠬᠤᠪᠢ ᠣᠷᠣᠭᠤᠯᠤᠭᠰᠠᠨ ᠬᠢᠵᠠᠭ᠋ᠠᠷᠲᠦ ᠺᠤᠮᠫᠠᠨᠢ (ᠳᠤᠮᠳᠠᠳᠤ ᠤᠯᠤᠰ᠎ᠤᠨ ᠲᠡᠮᠦᠷ ᠵᠠᠮ᠎ᠤᠨ ᠠᠷᠪᠠᠨ ᠨᠢᠭᠡᠳᠦᠭᠡᠷ ᠲᠣᠪᠴᠢᠶ᠎ᠠ᠂ ᠠᠷᠪᠠᠨ ᠬᠣᠶᠠᠳᠤᠭ᠋ᠠᠷ ᠳᠣᠪᠴᠢᠶ᠎ᠠ᠂ ᠠᠷᠪᠠᠨ ᠵᠢᠷᠭᠤᠳᠤᠭ᠋ᠠᠷ ᠳᠣᠪᠴᠢᠶ᠎ᠠ᠂ ᠬᠣᠷᠢᠨ ᠨᠢᠭᠡᠳᠦᠭᠡᠷ ᠳᠣᠪᠴᠢᠶ᠎ᠠ)᠂ ᠤᠯᠤᠰ᠎ᠤᠨ ᠡᠨᠧᠷᠭᠢ ᠵᠢᠨ ᠰᠤᠷᠪᠤᠯᠵᠢ ᠵᠢᠨ ᠪᠡᠯᠡ ᠣᠷᠣᠭᠤᠯᠤᠯᠲᠠ ᠵᠢᠨ ᠪᠦᠯᠦᠭᠯᠡᠯ᠎ᠤᠨ ᠬᠢᠵᠠᠭ᠋ᠠᠷᠲᠤ ᠬᠠᠷᠢᠭᠤᠴᠠᠯᠭ᠋ᠠᠲᠤ ᠺᠣᠮᠫᠠᠨᠢ (ᠵᠦᠨ ᠨᠧᠩ᠂ ᠱᠧᠨ ᠱᠥᠸᠧ᠂ ᠱᠥᠸᠧ ᠬᠤᠸᠠᠩ᠂ ᠪᠦᠦ ᠱᠧᠨ) ᠲᠡᠮᠦᠷ ᠵᠠᠮ᠎ᠤᠨ ᠺᠣᠮᠫᠠᠨᠢ᠂ ᠬᠤᠸᠠᠢ ᠾᠧ ᠡᠨᠧᠷᠭᠢ ᠵᠢᠨ (ᠪᠦᠯᠦᠭᠯᠡᠯ) ᠬᠤᠪᠢ ᠣᠷᠤᠭᠤᠯᠤᠭᠰᠠᠨ ᠺᠣᠮᠫᠠᠨᠢ᠂ ᠨᠢᠩᠰᠢᠶᠠ ᠵᠢᠨ ᠨᠢᠩ ᠳ᠋ᠦᠩ ᠲᠡᠮᠦᠷ ᠵᠠᠮ᠎ᠤᠨ ᠬᠢᠵᠠᠭ᠋ᠠᠷᠲᠤ ᠺᠣᠮᠫᠠᠨᠢ᠂ ᠦᠪᠦᠷ ᠮᠤᠨᠭ᠌ᠭᠤᠯ ᠵᠢᠨ ᠳ᠋ᠦᠩ ᠦ᠋ ᠲᠡᠮᠦᠷ ᠵᠠᠮ᠎ᠤᠨ ᠺᠣᠮᠫᠠᠨᠢ᠂ ᠪᠤᠭᠤᠲᠤ ᠵᠢᠨ ᠪᠣᠯᠣᠳ ᠲᠡᠮᠦᠷ᠎ᠤᠨ ᠺᠣᠮᠫᠠᠨᠢ ᠵᠢᠨ ᠬᠤᠪᠢ ᠣᠷᠤᠭᠤᠯᠤᠭᠰᠠᠨ ᠺᠣᠮᠫᠠᠨᠢ᠂ ᠪᠠᠶᠠᠨᠬᠤᠸᠠ ᠲᠡᠮᠦᠷ ᠵᠠᠮ᠎ᠤᠨ ᠬᠤᠪᠢᠶᠠᠷᠢ ᠺᠣᠮᠫᠠᠨᠢ᠂ ᠳᠤᠮᠳᠠᠳᠤ ᠤᠯᠤᠰ᠎ᠤᠨ ᠬᠥᠩᠭᠡᠨ ᠴᠠᠭ᠋ᠠᠨ᠎ᠤ ᠪᠦᠯᠦᠭᠯᠡᠯ᠎ᠤᠨ ᠪᠠᠷᠠᠭ᠋ᠠᠨ᠎ᠤ ᠭᠦᠢ᠍ᠯᠭᠡᠭᠡᠨ᠎ᠤ ᠺᠣᠮᠫᠠᠨᠢ᠂ ᠱᠠᠨᠰᠢ ᠵᠢᠨ ᠨᠡᠭᠦᠷᠡᠰᠦᠨ᠎ᠤ ᠪᠦᠯᠦᠭᠯᠡᠯ᠎ᠤᠨ ᠲᠡᠮᠦᠷ ᠵᠠᠮ᠎ᠤᠨ ᠪᠠᠷᠠᠭ᠋ᠠᠨ᠎ᠤ ᠭᠦᠢ᠍ᠯᠭᠡᠭᠡᠨ᠎ᠤ ᠺᠣᠮᠫᠠᠨᠢ ᠪᠣᠯᠤᠨ ᠬᠦᠬᠡᠬᠤᠳᠠ᠂ ᠱᠧᠨᠵᠧᠨ᠂ ᠴᠧᠩᠳᠦ᠋᠂ ᠭᠤᠸᠠᠩᠵᠧᠦ᠂ ᠰᠢ ᠠᠨ᠂ ᠬᠠᠩᠵᠧᠦ ᠵᠡᠷᠭᠡ ᠣᠯᠠᠨ ᠬᠣᠲᠠ ᠵᠢᠨ ᠲᠡᠮᠦᠷ ᠵᠠᠮ᠎ᠤᠨ ᠡᠵᠡᠩᠨᠡᠯᠲᠡ ᠵᠢᠨ ᠺᠣᠮᠫᠠᠨᠢ᠂ ᠵᠢᠴᠢ ᠦᠪᠤᠷ ᠮᠤᠨᠭ᠌ᠭᠤᠯ᠎ᠤᠨ ᠦᠪᠡᠷᠳᠡᠬᠡᠨ ᠵᠠᠰᠠᠬᠤ ᠤᠷᠤᠨ᠎ᠤ ᠳᠣᠲᠣᠭ᠋ᠠᠳᠤ ᠭᠠᠳᠠᠭ᠋ᠠᠳᠤ ᠵᠢᠨ ᠬᠡᠰᠡᠭ ᠲᠤᠮᠤ ᠳᠤᠮᠳᠠ ᠬᠡᠯᠪᠡᠷᠢ ᠵᠢᠨ ᠠᠵᠤ ᠠᠬᠤᠶ᠋ᠢᠯᠠᠯ᠎ᠲᠠᠢ ᠤᠷᠳᠤ ᠬᠤᠭᠤᠴᠠᠭ᠋ᠠᠨ᠎ᠤ ᠬᠠᠮᠲᠤᠷᠠᠨ ᠠᠵᠢᠯᠯᠠᠬᠤ ᠬᠠᠷᠢᠴᠠᠭ᠎ᠠ ᠪᠠᠶ᠋ᠢᠭᠤᠯᠵᠤ᠂ ᠲᠡᠭᠦᠰᠬᠦ ᠰᠤᠷᠤᠭᠴᠢ᠎ᠳᠤ ᠶᠡᠬᠡ ᠬᠡᠮᠵᠢᠶᠡᠨ᠎ᠤ ᠴᠢᠨᠠᠷᠯᠢᠭ ᠠᠵᠢᠯ᠎ᠤᠨ ᠪᠠᠶ᠋ᠢᠷᠢ ᠵᠢ ᠬᠠᠩᠭ᠋ᠠᠵᠤ᠂ ᠲᠡᠭᠦᠰᠬᠦ ᠰᠤᠷᠤᠭᠴᠢ ᠵᠢᠨ ᠬᠠᠩᠭ᠋ᠠᠯᠭ᠎ᠠ᠎ᠨᠢ ᠬᠡᠷᠡᠭᠯᠡᠭᠡ᠎ᠳᠤ ᠬᠦᠷᠬᠦ ᠦᠭᠡᠢ ᠪᠣᠯᠵᠠᠢ᠃ ᠣᠶ᠋ᠢᠷ᠎ᠠ ᠵᠢᠨ ᠵᠢᠯ᠎ᠳᠤ᠂ ᠲᠡᠭᠦᠰᠬᠦ ᠰᠣᠷᠣᠭᠴᠢ ᠵᠢᠨ ᠠᠵᠢᠯ᠎ᠢ ᠨᠠᠶ᠋ᠢᠳᠠᠪᠤᠷᠢᠵᠢᠭᠤᠯᠤᠭᠰᠠᠨ ᠨᠣᠷᠮ᠎ᠠ 90% ᠵᠢ ᠳᠠᠪᠠᠵᠤ᠂ ᠥᠪᠡᠷᠲᠡᠭᠡᠨ ᠵᠠᠰᠠᠬᠤ ᠣᠷᠣᠨ᠎ᠤ ᠳᠡᠭᠡᠳᠦ ᠰᠤᠷᠭ᠋ᠠᠭᠤᠯᠢ ᠵᠢᠨ ᠡᠮᠦᠨ᠎ᠡ ᠡᠩᠨᠡᠭᠡᠨ᠎ᠳᠤ ᠣᠷᠣᠵᠤ᠂ 《ᠠᠵᠢᠯ ᠣᠯᠭᠣᠯᠲᠠ ᠵᠢᠨ ᠥᠷᠢᠰᠦᠯᠳᠦᠬᠦ ᠬᠦᠴᠦᠨ ᠴᠢᠩᠭ᠎ᠠ᠂ ᠠᠵᠢᠯ ᠲᠥᠷᠥᠯ᠎ᠤᠨ ᠰᠢᠰᠲ᠋ᠧᠮ ᠵᠶ᠋ᠠᠷ ᠵᠶ᠋ᠠᠨ ᠠᠵᠢᠯ ᠣᠯᠭᠤᠯᠲᠠ ᠵᠢᠨ ᠨᠤᠷᠮ᠎ᠠ ᠥᠨᠳᠥᠷ᠂ ᠦᠨᠳᠦᠰᠦᠨ ᠴᠠᠯᠢᠩ᠎ᠤᠨ ᠪᠠᠷᠢᠮᠵᠢᠶ᠎ᠠ ᠥᠨᠳᠥᠷ》 ᠪᠠᠶ᠋ᠢᠬᠤ ᠰᠠᠶ᠋ᠢᠨ ᠰᠠᠶ᠋ᠢᠬᠠᠨ ᠪᠠᠶ᠋ᠢᠳᠠᠯ ᠢᠯᠡᠷᠡᠭᠰᠡᠨ ᠪᠠᠶ᠋ᠢᠨ᠎ᠠ᠃

ᠬᠥᠬᠡᠬᠣᠲᠠ ᠵᠢᠨ ᠲᠡᠮᠦᠷ ᠵᠠᠮ᠎ᠤᠨ ᠳᠣᠪᠴᠢᠶᠠᠨ᠎ᠤ ᠠᠵᠢᠯ ᠣᠯᠭᠣᠯᠲᠠ ᠵᠢᠨ ᠰᠠᠭᠤᠳᠠᠯ᠎ᠤᠨ ᠬᠤᠷᠠᠯ

ᠪᠡᠭᠡᠵᠢᠩ᠎ᠤᠨ ᠵᠠᠮ ᠬᠠᠷᠢᠯᠴᠠᠭ᠋ᠠᠨ᠎ᠤ ᠶᠡᠬᠡ ᠰᠤᠷᠭ᠋ᠠᠭᠤᠯᠢ᠎ᠲᠠᠢ ᠬᠠᠮᠲᠤᠷᠠᠨ ᠰᠤᠷᠭ᠋ᠠᠭᠤᠯᠢ ᠡᠷᠬᠢᠯᠡᠬᠦ ᠰᠠᠭᠤᠳᠠᠯ᠎ᠤᠨ ᠬᠤᠷᠠᠯ