ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠰᠤᠷᠭᠠᠨ ᠬᠦᠮᠦᠵᠢᠯ᠎ᠤᠨ ᠬᠠᠨᠲᠤᠯᠭ᠎ᠠ
ᠰᠣᠨᠤᠷ᠎ᠤᠨ ᠲᠠᠪᠴᠠᠩ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠰᠤᠷᠭᠠᠨ ᠬᠦᠮᠦᠵᠢᠯ᠎ᠤᠨ ᠬᠠᠨᠲᠤᠯᠭ᠎ᠠ   -   ᠰᠤᠷᠭᠠᠭᠤᠯᠢ᠎ᠶᠢᠨ ᠬᠦᠷᠢᠶᠡᠨ᠎ᠤ ᠬᠥᠯ ᠪᠥᠮᠪᠦᠭᠡ
ᠦᠪᠦᠷ ᠮᠣᠨᠭ᠌ᠭᠣᠯ᠎ᠤᠨ ᠵᠠᠯᠠᠭᠣᠴᠣᠳ ᠪᠠᠭ᠋ᠠᠴᠣᠳ᠎ᠤᠨ ᠰᠣᠷᠭ᠋ᠠᠭᠣᠯᠢ ᠵᠢᠨ ᠬᠥᠯ ᠪᠥᠮᠪᠦᠭᠡ 《ᠪᠥᠬᠥ ᠲᠠᠯ᠎ᠠ᠎ᠪᠠᠷ ᠴᠡᠴᠡᠭᠯᠡᠨ ᠲᠡᠯᠭᠡᠷᠡᠪᠡ》
ᠨᠡᠶ᠋ᠢᠲᠡᠯᠡᠭᠰᠡᠨ ᠴᠠᠭ᠄ 2019-01-08

                                              ◆ ᠵᠢᠶᠠ ᠯᠢ ᠵᠢᠶᠥᠢ᠍ᠨ

   [ᠰᠢᠨᠬᠣᠸᠠ ᠬᠣᠷᠢᠶᠠᠨ᠎ᠤ ᠬᠥᠭᠡᠬᠣᠳᠠ᠎ᠳᠠᠬᠢ 7 ᠰᠠᠷ᠎ᠠ ᠵᠢᠨ 8᠎ᠤ ᠠ᠋ᠳᠦᠷ᠎ᠤᠨ ᠮᠡᠳᠡᠭᠡ ]200 ᠮᠧᠲᠷ᠎ᠤᠨ ᠬᠥᠶᠥᠯᠳᠡ ᠵᠢᠨ ᠵᠠᠮ᠎ᠳᠤ ᠬᠥᠷᠢᠶᠡᠯᠡᠭᠳᠡᠭᠰᠡᠨ ᠬᠥᠯ ᠪᠥᠮᠪᠥᠭᠡᠨ ᠲᠠᠯᠠᠪᠣᠷ᠎ᠲᠤ᠂ ᠪᠥᠯᠥᠭ ᠪᠠᠭ᠋ᠠᠴᠣᠳ ᠶᠠᠭ ᠰᠠᠢ᠍ᠢ᠍ᠬᠠᠨ ᠬᠥᠴᠥ ᠰᠣᠷᠢᠵᠤ ᠪᠥᠮᠪᠥᠭᠡ ᠢᠰᠬᠥᠯᠥᠨ ᠣᠷᠣᠯᠳᠣᠵᠣ ᠪᠠᠢ᠌ᠪᠠ᠃ ᠡ᠊ᠨᠡ ᠪᠣᠯ ᠥᠪᠥᠷ ᠮᠣᠨᠭ᠌ᠭᠣᠯ᠎ᠤᠨ ᠪᠣᠭᠣᠳᠣ ᠬᠣᠳᠠ ᠵᠢᠨ ᠴᠢᠩ ᠱᠠᠨ ᠲᠣᠭᠣᠷᠢᠭ᠎ᠲᠠᠬᠢ ᠬᠠᠳᠠ ᠵᠠᠮ᠎ᠤᠨ ᠪᠠᠭ᠎ᠠ ᠰᠣᠷᠭ᠋ᠠᠭᠣᠯᠢ ᠵᠢᠨ ᠬᠥᠯ ᠪᠥᠮᠪᠥᠭᠡ ᠵᠢᠨ ᠠᠨᠭ᠌ᠭᠢ ᠵᠢᠨ᠎ᠬᠢᠨ᠎ᠤ ᠠ᠋ᠳᠦᠷ ᠲᠣᠳᠣᠮ᠎ᠤᠨ ᠪᠣᠯᠪᠠᠰᠣᠷᠠᠯ᠎ᠤᠨ ᠬᠢᠴᠢᠶᠡᠯ ᠪᠣᠯᠣᠨ᠎ᠠ᠃
      ᠬᠠᠳᠠ ᠵᠠᠮ᠎ᠤᠨ ᠪᠠᠭ᠎ᠠ ᠰᠣᠷᠭ᠋ᠠᠭᠣᠯᠢ ᠵᠢᠨ ᠵᠠᠬᠢᠷᠣᠯ ᠴᠣᠣ ᠳ᠋ᠧᠦ ᠵᠢᠶᠧ᠎ᠠᠴᠠ᠄ 《ᠪᠥᠬᠥ ᠰᠣᠷᠭ᠋ᠠᠭᠣᠯᠢ ᠵᠢᠨ 26 ᠠᠨᠭ᠌ᠭᠢ᠂ 1490 ᠨᠡᠷ᠎ᠡ ᠰᠣᠷᠣᠭᠴᠢ ᠵᠢᠨ ᠲᠣᠮᠳᠠ 520 ᠨᠡᠷ᠎ᠡ ᠬᠦᠯ ᠪᠥᠮᠪᠥᠭᠡ ᠵᠢᠨ ᠲᠠᠮᠢᠷᠴᠢᠨ᠎ᠲᠠᠢ ᠪᠠᠢ᠍ᠢ᠍ᠵᠣ᠂ ᠠᠨᠭ᠌ᠭᠢ ᠪᠥᠷᠢ᠎ᠳᠤ ᠴᠦᠮ ᠠ᠋ᠷᠡᠭᠳᠡᠢ ᠵᠢᠨ ᠲᠣᠭᠣᠢ᠍ᠢ᠍ᠯᠠᠩ᠂ ᠠ᠋ᠮᠡᠭᠳᠡᠢ ᠵᠢᠨ ᠲᠣᠭᠣᠢ᠍ᠢ᠍ᠯᠠᠩ᠎ᠲᠠᠢ᠂ ᠰᠣᠷᠭ᠋ᠠᠭᠣᠯᠢ ᠵᠢᠨ ᠬᠣᠪᠢ᠎ᠳᠤ ᠪᠠᠰᠠ 60 ᠬᠥᠮᠥᠨ᠎ᠤ ᠠ᠋ᠷᠡᠭᠳᠡᠢ ᠠ᠋ᠮᠡᠭᠳᠡᠢ ᠵᠢᠨ ᠬᠥᠯ ᠪᠥᠮᠪᠦᠭᠡ ᠵᠢᠨ ᠰᠣᠷᠭ᠋ᠠᠭᠣᠯᠢ ᠵᠢᠨ ᠠᠨᠭ᠌ᠭᠢ᠎ᠲᠠᠢ》 ᠭᠡᠵᠥ ᠶᠠᠷᠢᠯ᠎ᠠ᠃
    ᠦᠪᠦᠷ ᠮᠣᠨᠭ᠌ᠭᠣᠯ᠎ᠤᠨ ᠦᠪᠡᠷᠳᠡᠭᠡᠨ ᠵᠠᠰᠠᠬᠣ ᠣᠷᠣᠨ᠎ᠤ 2017 ᠣᠨ᠎ᠤ ᠰᠣᠷᠭ᠋ᠠᠭᠣᠯᠢ ᠵᠢᠨ ᠬᠦᠷᠢᠶᠡᠨ᠎ᠤ ᠬᠥᠯ ᠪᠥᠮᠪᠥᠭᠡ ᠵᠢᠨ ᠠᠵᠢᠯ᠎ᠤᠨ ᠲᠣᠬᠠᠢ ᠵᠢᠨ ᠲᠠᠯᠠᠪᠣᠷ᠎ᠤᠨ ᠬᠣᠷᠠᠯ᠎ᠠᠴᠠ ᠰᠣᠷᠪᠣᠯᠵᠢᠯᠠᠭᠴᠢ ᠵᠢᠨ ᠣᠢ᠍ᠢ᠍ᠯᠠᠭ᠋ᠠᠭᠰᠠᠨ ᠵᠶ᠋ᠠᠷ᠂ 2014 ᠣᠨ᠎ᠳᠤ ᠣᠯᠣᠰ᠎ᠤᠨ ᠶᠠᠪᠣᠳᠠᠯ᠎ᠤᠨ ᠬᠣᠷᠢᠶ᠎ᠠ ᠪᠠ ᠰᠣᠷᠭ᠋ᠠᠨ ᠬᠥᠮᠥᠵᠢᠯ᠎ᠤᠨ ᠶᠠᠮᠣᠨ᠎ᠠᠴᠠ ᠥᠪᠥᠷ ᠮᠣᠨᠭ᠌ᠭᠣᠯ᠎ᠢ ᠪᠥᠬᠥ ᠣᠯᠣᠰ᠎ᠤᠨ ᠬᠥᠯ ᠪᠥᠮᠪᠦᠭᠡ ᠵᠢᠨ ᠥᠭᠡᠷᠡᠴᠢᠯᠡᠯᠳᠡ ᠬᠥᠭᠵᠢᠬᠥᠯᠥᠯᠳᠡ ᠵᠢᠨ ᠲᠣᠷᠰᠢᠯᠳᠠ ᠵᠢᠨ ᠣᠷᠣᠨ ᠪᠠ ᠵᠠᠯᠠᠭᠣᠴᠣᠳ ᠪᠠᠭ᠋ᠠᠴᠣᠳ᠎ᠤᠨ ᠰᠣᠷᠭ᠋ᠠᠭᠣᠯᠢ ᠵᠢᠨ ᠬᠦᠷᠢᠶᠡᠨ᠎ᠤ ᠬᠥᠯ ᠪᠥᠮᠪᠥᠭᠡ ᠵᠢᠨ ᠥᠭᠡᠷᠡᠴᠢᠯᠡᠯᠳᠡ ᠵᠢᠨ ᠲᠣᠷᠰᠢᠯᠳᠠ ᠵᠢᠨ ᠣᠷᠣᠨ ᠵᠶ᠋ᠠᠷ ᠲᠣᠭᠳᠠᠭ᠋ᠠᠭᠰᠠᠨ᠎ᠠᠴᠠ ᠠᠪᠣᠭ᠋ᠠᠳ᠂ ᠥᠪᠡᠷᠳᠡᠭᠡᠨ ᠵᠠᠰᠠᠬᠣ ᠣᠷᠣᠨ᠎ᠨᠢ ᠨᠠᠮ᠎ᠤᠨ ᠲᠥᠪ ᠬᠣᠷᠢᠶ᠎ᠠ᠂ ᠲᠥᠷᠥ ᠵᠢᠨ ᠶᠠᠪᠣᠳᠠᠯ᠎ᠤᠨ ᠬᠣᠷᠢᠶᠠᠨ᠎ᠤ ᠰᠢᠢ᠍ᠳᠪᠦᠷᠢ ᠪᠠᠢ᠍ᠢ᠍ᠷᠢᠯᠠᠭᠣᠯᠳᠠ ᠵᠢ ᠭᠦᠨᠵᠡᠭᠡᠢ᠌ᠷᠡᠨ ᠬᠡᠷᠡᠭᠵᠢᠭᠦᠯᠵᠦ᠂ ᠬᠦᠴᠦᠲᠡᠢ ᠠᠬᠢᠭᠣᠯᠵᠣ᠂ ᠪᠥᠬᠥ ᠣᠷᠣᠨ᠎ᠤ ᠵᠠᠯᠠᠭᠣᠴᠣᠳ ᠪᠠᠭ᠋ᠠᠴᠣᠳ᠎ᠤᠨ ᠰᠣᠷᠭ᠋ᠠᠭᠣᠯᠢ ᠵᠢᠨ ᠬᠦᠷᠢᠶᠡᠨ᠎ᠤ ᠬᠥᠯ ᠪᠥᠮᠪᠥᠭᠡ ᠵᠢᠨ ᠦᠢ᠍ᠯᠡᠰ᠎ᠢ ᠪᠥᠬᠥ ᠲᠠᠯ᠎ᠠ᠎ᠪᠠᠷ ᠲᠥᠯᠬᠢᠨ ᠠᠬᠢᠭᠤᠯᠵᠤ᠂ ᠥᠷᠨᠢᠨ ᠬᠥᠭᠵᠢᠵᠥ ᠪᠠᠢ᠍ᠢ᠍ᠭ᠎ᠠ ᠪᠠᠢ᠍ᠢ᠍ᠳᠠᠯ᠎ᠢ ᠪᠣᠢ ᠪᠣᠯᠭ᠋ᠠᠭᠰᠠᠨ ᠪᠠᠢ᠍ᠢ᠍ᠨ᠎ᠠ᠃
     3 ᠵᠢᠯ᠎ᠤᠨ ᠲᠣᠷᠰᠢ᠂ ᠦᠪᠡᠷᠳᠡᠭᠡᠨ ᠵᠠᠰᠠᠬᠣ ᠣᠷᠣᠨ᠎ᠤ ᠠ᠋ᠳ᠋᠎ᠤᠨ ᠵᠠᠰᠠᠭ᠎ᠠᠴᠠ ᠬᠥᠯ ᠪᠥᠮᠪᠥᠭᠡ ᠦᠢ᠍ᠯᠡᠰ᠎ᠤᠨ ᠲᠣᠰᠬᠠᠢ ᠵᠠᠷᠣᠳᠠᠯ᠎ᠳᠤ 45 ᠳ᠋ᠦᠨᠭᠰᠢᠭᠣᠷ ᠲᠥᠬᠥᠷᠢᠭ᠂ ᠰᠣᠷᠭ᠋ᠠᠭᠣᠯᠢ ᠵᠢᠨ ᠬᠦᠷᠢᠶᠡᠨ᠎ᠤ ᠬᠥᠯ ᠪᠥᠮᠪᠥᠭᠡ ᠵᠢᠨ ᠲᠣᠰᠬᠠᠢ ᠵᠠᠷᠣᠳᠠᠯ᠎ᠳᠤ 15 ᠳ᠋ᠦᠨᠭᠰᠢᠭᠣᠷ ᠲᠥᠬᠥᠷᠢᠭ ᠵᠠᠷᠣᠴᠠᠭᠣᠯᠵᠣ᠂ ᠪᠥᠬᠥ ᠣᠷᠣᠨ᠎ᠤ ᠬᠥᠯ ᠪᠥᠮᠪᠥᠭᠡ ᠵᠢᠨ ᠲᠠᠯᠠᠪᠣᠷ᠎ᠢ 2100 ᠪᠣᠯᠭ᠋ᠠᠨ ᠨᠡᠮᠡᠭᠳᠡᠬᠥᠯᠵᠥ᠂ ᠰᠣᠷᠭ᠋ᠠᠭᠣᠯᠢ ᠵᠢᠨ ᠬᠦᠷᠢᠶᠡᠨ᠎ᠤ ᠬᠥᠯ ᠪᠥᠮᠪᠥᠭᠡ ᠵᠢᠨ ᠲᠠᠯᠠᠪᠣᠷ᠎ᠢ 600 ᠢᠯᠡᠬᠥᠥ ᠨᠡᠮᠡᠭᠳᠡᠬᠥᠯᠥᠭᠰᠡᠨ ᠪᠠᠢ᠍ᠢ᠍ᠨ᠎ᠠ᠃ ᠰᠣᠷᠭ᠋ᠠᠭᠣᠯᠢ ᠵᠢᠨ ᠬᠦᠷᠢᠶᠡᠨ᠎ᠤ ᠬᠥᠯ ᠪᠥᠮᠪᠥᠭᠡ ᠵᠢᠨ ᠣᠨᠴᠠᠯᠢᠬᠳᠣ ᠰᠣᠷᠭ᠋ᠠᠭᠣᠯᠢ ᠵᠢ 1650 ᠰᠠᠭᠣᠷᠢ ᠪᠥᠳᠥᠭᠡᠨ ᠪᠠᠢ᠍ᠢ᠍ᠭᠣᠯᠵᠣ᠂ ᠪᠥᠬᠥ ᠣᠷᠣᠨ᠎ᠤ ᠲᠣᠮᠳᠠᠳᠣ ᠪᠠᠭ᠎ᠠ ᠰᠣᠷᠭ᠋ᠠᠭᠣᠯᠢ ᠵᠢᠨ ᠬᠠᠭ᠋ᠠᠰ᠎ᠠᠴᠠ ᠲᠡᠭᠡᠭᠰᠢᠬᠢ ᠲᠣᠭ᠎ᠠ ᠵᠢ ᠡᠵᠡᠯᠡᠵᠥ᠂ ᠠ᠋ᠬᠥᠨ᠎ᠤ ᠲᠣᠳᠣᠷ᠎ᠠ ᠰᠣᠷᠭ᠋ᠠᠨ ᠬᠥᠮᠥᠵᠢᠯ᠎ᠤᠨ ᠶᠠᠮᠣᠨ᠎ᠠᠴᠠ ᠬᠢᠨᠠᠨ ᠲᠣᠭᠳᠠᠭ᠋ᠠᠭᠰᠠᠨ ᠣᠯᠣᠰ᠎ᠤᠨ ᠲᠡᠰ᠎ᠤᠨ ᠣᠨᠴᠠᠯᠢᠬᠳᠣ ᠰᠣᠷᠭ᠋ᠠᠭᠣᠯᠢ᠎ᠨᠢ 743 ᠰᠠᠭᠣᠷᠢ ᠪᠣᠯᠪᠠ᠃ ᠥᠪᠡᠷᠳᠡᠭᠡᠨ ᠵᠠᠰᠠᠬᠣ ᠣᠷᠣᠨ᠎ᠤ ᠵᠠᠰᠠᠭ᠎ᠤᠨ ᠣᠷᠳᠣᠨ᠎ᠤ 《ᠲᠡᠷᠢᠬᠥᠯᠡᠭᠴᠢ ᠬᠣᠨᠳᠠᠭ᠋ᠠᠳᠣ》᠂ ᠡᠯ᠎ᠡ ᠠᠢ᠍ᠢ᠍ᠮᠠᠭ ᠬᠣᠳᠠ ᠵᠢᠨ 《ᠬᠣᠳᠠ ᠵᠢᠨ ᠲᠠᠷᠣᠭ᠎ᠠ ᠬᠣᠨᠳᠠᠭ᠋ᠠᠳᠣ》 ᠪᠠ 《ᠬᠣᠰᠢᠭᠣᠨ ᠲᠠᠷᠣᠭ᠎ᠠ ᠬᠣᠨᠳᠠᠭ᠋ᠠᠳᠣ》᠂ 《ᠵᠠᠬᠢᠷᠣᠯ ᠬᠣᠨᠳᠠᠭ᠋ᠠᠳᠣ》 ᠣᠷᠣᠯᠳᠣᠭ᠋ᠠᠨ᠎ᠤ ᠲᠥᠯᠬᠢᠴᠡ ᠲᠣᠣᠷ᠎ᠠ᠂ ᠥᠨᠳᠦᠰᠦᠨ᠎ᠳᠤ᠎ᠪᠠᠨ ᠰᠣᠷᠭ᠋ᠠᠭᠣᠯᠢ ᠪᠥᠷᠢ᠎ᠨᠢ ᠬᠥᠯ ᠪᠥᠮᠪᠥᠭᠡ ᠵᠢᠨ ᠠᠨᠭ᠌ᠭᠢ᠎ᠲᠠᠢ ᠪᠣᠯᠵᠣ᠂ ᠬᠣᠳᠠ ᠵᠢᠨ ᠲᠡᠬᠥᠷᠭᠡ᠂ ᠬᠥᠳᠡᠭᠡ ᠲᠣᠰᠬᠣᠨ᠎ᠤ ᠣᠯᠠᠨᠭ᠌ᠭᠢ ᠲᠣᠮᠳᠠᠳᠣ ᠪᠠᠭ᠎ᠠ ᠰᠣᠷᠭ᠋ᠠᠭᠣᠯᠢ ᠵᠢᠨ ᠬᠥᠷᠢᠶᠡᠨ᠎ᠳᠤ ᠴᠦ᠍ ᠬᠡᠥᠭᠡᠳ᠎ᠤᠳ᠎ᠤᠨ ᠬᠥᠯ ᠪᠥᠮᠪᠥᠭᠡ ᠢᠰᠬᠥᠯᠥᠨ ᠨᠠᠭ᠋ᠠᠳᠴᠣ ᠪᠠᠢ᠍ᠢ᠍ᠭ᠎ᠠ ᠬᠥᠷ ᠬᠥᠭᠵᠢᠶᠡᠨᠲᠦ ᠪᠠᠢ᠍ᠢ᠍ᠳᠠᠯ ᠬᠠᠷᠠᠭᠳᠠᠬᠣ ᠪᠣᠯᠪᠠ᠃
     《ᠰᠣᠷᠭ᠋ᠠᠭᠣᠯᠢ ᠵᠢᠨ ᠬᠦᠷᠢᠶᠡᠨ᠎ᠤ ᠬᠥᠯ ᠪᠥᠮᠪᠥᠭᠡ ᠪᠣᠯ ᠰᠣᠷᠭ᠋ᠠᠭᠣᠯᠢ ᠵᠢᠨ ᠪᠡᠶ᠎ᠡ ᠵᠢᠨ ᠲᠠᠮᠢᠷ᠎ᠤᠨ ᠴᠢᠬᠣᠯᠠ ᠪᠥᠷᠢᠯᠳᠥᠬᠥᠨ ᠬᠡᠰᠡᠭ ᠮᠥᠨ᠂ ᠪᠣᠯᠪᠠᠰᠣᠷᠠᠯ᠎ᠤᠨ ᠥᠨ᠎ᠡ ᠥᠷᠳᠡᠭ ᠥᠨᠳᠥᠷ᠂ ᠬᠠᠮᠳᠣ ᠨᠡᠢ᠍ᠢ᠍ᠲᠡ ᠵᠢᠨ ᠣᠬᠠᠮᠰᠠᠷ᠎ᠲᠠᠢ᠂ ᠣᠷᠣᠯᠴᠠᠬᠣ ᠬᠡᠪᠴᠢᠶ᠎ᠡ ᠥᠷᠭᠡᠨ᠂ ᠠᠨᠭ᠌ᠬᠠᠷᠣᠯ᠎ᠢ ᠲᠠᠳᠠᠬᠣ ᠬᠥᠴᠥᠨ᠎ᠲᠠᠢ᠎ᠪᠠᠷ ᠵᠶ᠋ᠠᠨ ᠬᠡᠥᠭᠡᠳ᠎ᠤᠨ ᠲᠣᠷ᠎ᠠ ᠰᠣᠨᠢᠷᠬᠠᠯ᠎ᠢ ᠪᠣᠯᠢᠶᠠᠵᠣ ᠴᠢᠳᠠᠵᠠᠢ》 ᠭᠡᠵᠥ ᠼᠣᠣ ᠳ᠋ᠧᠦ ᠵᠢᠶᠧ ᠵᠠᠬᠢᠷᠣᠯ᠎ᠠᠴᠠ ᠶᠠᠷᠢᠭᠰᠠᠨ ᠪᠠᠢ᠌ᠨ᠎ᠠ᠃ ᠲᠣᠰ ᠪᠠᠭ᠎ᠠ ᠰᠣᠷᠭ᠋ᠠᠭᠣᠯᠢ᠎ᠨᠢ ᠣᠯᠣᠰ᠎ᠤᠨ ᠲᠡᠰ᠎ᠤᠨ ᠰᠣᠷᠭ᠋ᠠᠭᠣᠯᠢ ᠵᠢᠨ ᠬᠦᠷᠢᠶᠡᠨ᠎ᠤ ᠬᠥᠯ ᠪᠥᠮᠪᠥᠭᠡ ᠵᠢᠨ ᠣᠨᠴᠠᠯᠢᠬᠳᠣ ᠰᠣᠷᠭ᠋ᠠᠭᠣᠯᠢ ᠪᠠᠢ᠌ᠵᠤ᠂ ᠰᠣᠷᠭ᠋ᠠᠭᠣᠯᠢ ᠵᠢᠨ ᠬᠦᠷᠢᠶᠡᠨ᠎ᠤ ᠬᠥᠯ ᠪᠥᠮᠪᠥᠭᠡ ᠵᠢᠨ ᠠᠵᠢᠯᠯᠠᠭ᠋ᠠᠨ᠎ᠨᠢ ᠨᠢᠭᠡᠨᠳᠡ ᠠ᠋ᠳᠦᠷ ᠲᠣᠳᠣᠮ᠎ᠤᠨ ᠬᠡᠯᠪᠡᠷᠢ ᠪᠣᠯᠵᠣ᠂ ᠰᠣᠷᠭ᠋ᠠᠭᠣᠯᠢ᠎ᠠᠴᠠ ᠠᠨᠭ᠌ᠭᠢ ᠪᠣᠯᠭ᠋ᠠᠨ᠎ᠤ ᠭᠠᠷᠠᠭ ᠪᠥᠷᠢ ᠵᠢᠨ 3 ᠤᠳᠠᠭ᠎ᠠ ᠵᠢᠨ ᠲᠠᠮᠢᠷ᠎ᠤᠨ ᠬᠢᠴᠢᠶᠡᠯ᠎ᠤᠨ 1 ᠤᠳᠠᠭ᠎ᠠ ᠵᠢᠨ ᠬᠢᠴᠢᠶᠡᠯ᠎ᠢ᠎ᠨᠢ ᠬᠥᠯ ᠪᠥᠮᠪᠥᠭᠡ ᠵᠢᠨ ᠲᠣᠰᠬᠠᠢ ᠬᠢᠴᠢᠶᠡᠯ ᠪᠣᠯᠭ᠋ᠠᠵᠣ᠂ 20 ᠭᠠᠷᠣᠢ ᠵᠥᠢ᠍ᠯ᠎ᠤᠨ ᠬᠥᠯ ᠪᠥᠮᠪᠥᠭᠡ ᠵᠢᠨ ᠲᠣᠭᠯᠠᠭ᠋ᠠᠮ ᠵᠣᠬᠢᠶᠠᠨ ᠶᠠᠪᠣᠭᠳᠠᠭᠣᠯᠵᠣ᠂ ᠬᠡᠥᠭᠡᠳ᠎ᠤᠨ ᠣᠷᠮᠠᠰᠢᠯ᠎ᠢ ᠬᠥᠭᠵᠢᠬᠥᠯᠵᠥ ᠪᠠᠢ᠍ᠢ᠍ᠨ᠎ᠠ; ᠠ᠋ᠬᠥᠨ᠎ᠤ ᠬᠠᠮᠳᠣ 《ᠵᠠᠬᠢᠷᠣᠯ ᠬᠣᠨᠳᠠᠭ᠋ᠠᠳᠣ》 ᠬᠣᠯᠪᠣᠭ᠋ᠠᠳᠣ ᠣᠷᠣᠯᠳᠣᠭ᠋ᠠᠨ ᠶᠠᠪᠣᠭᠳᠠᠭᠣᠯᠣᠨ᠂ ᠲᠠᠯᠠᠪᠣᠷ᠎ᠲᠤ ᠣᠷᠣᠬᠣ᠂ ᠬᠢᠨᠠᠭᠴᠢ ᠣᠷᠢᠬᠣ᠂ ᠬᠣᠪᠢ ᠲᠡᠮᠳᠡᠭᠯᠡᠬᠥ᠂ ᠰᠦᠷ ᠨᠡᠮᠡᠵᠥ ᠣᠷᠢᠶ᠎ᠠ ᠬᠠᠰᠬᠢᠷᠬᠣ ᠁ ᠮᠡᠲᠦ᠎ᠪᠠᠷ ᠬᠥᠯ ᠪᠥᠮᠪᠥᠭᠡ ᠵᠢᠨ ᠰᠣᠶᠣᠯ᠎ᠢ ᠨᠡᠪᠴᠢᠬᠥᠯᠥᠨ ᠢᠯᠡᠷᠡᠬᠥᠯᠵᠥ᠂ ᠰᠣᠷᠣᠭᠴᠢᠳ᠎ᠢ ᠵᠢᠯᠣᠭᠤᠳᠣᠨ ᠦᠷᠢᠰᠦᠯᠳᠦᠭᠴᠢ ᠠ᠋ᠳᠡᠭᠡᠳ ᠵᠶ᠋ᠠᠨ ᠬᠥᠨᠳᠥᠳᠭᠡᠬᠥ᠂ ᠬᠢᠨᠠᠭᠴᠢ ᠵᠢ ᠬᠥᠨᠳᠥᠳᠭᠡᠬᠥ᠂ ᠢᠯᠠᠯᠳᠠ ᠪᠠ ᠢᠯᠠᠭᠳᠠᠯ᠎ᠳᠤ ᠵᠥᠪ ᠵᠶ᠋ᠠᠷ ᠬᠠᠨᠳᠣᠬᠣ ᠵᠢ ᠵᠢᠭ᠋ᠠᠨ᠂ 《ᠬᠥᠯ ᠪᠥᠮᠪᠥᠭᠡ ᠵᠢᠨ ᠵᠣᠷᠢᠭ ᠰᠠᠨᠠᠭ᠎ᠠ ᠵᠢ ᠪᠠᠳᠠᠷᠠᠭᠣᠯᠵᠣ᠂ ᠥᠪᠡᠷ᠎ᠢ᠎ᠪᠠᠨ ᠢᠯᠠᠨ ᠲᠠᠪᠠᠵᠣ᠂ ᠪᠠᠶᠠᠷ ᠪᠠᠶᠠᠰᠤᠯᠠᠩᠲᠤ ᠪᠠᠭ᠋ᠠᠴᠣᠳ ᠪᠣᠯᠬᠣ᠎ᠪᠠᠷ ᠴᠢᠷᠮᠠᠢ᠍ᠢ᠍ᠬᠣ》 ᠪᠠ 《ᠲᠥᠷᠢᠮ᠎ᠢ ᠵᠢᠷᠣᠮᠯᠠᠵᠣ᠂ ᠦᠷᠢᠰᠦᠯᠳᠦᠭᠴᠢ ᠠ᠋ᠳᠡᠭᠡᠳ ᠵᠶ᠋ᠠᠨ ᠬᠥᠨᠳᠥᠳᠭᠡᠨ᠂ ᠬᠠᠷᠢᠭᠤᠴᠠᠯᠭ᠎ᠠ ᠵᠢ ᠠ᠋ᠬᠥᠷᠭᠡᠯᠡᠬᠥ》 ᠮᠡᠲᠦ ᠵᠢᠨ ᠰᠣᠷᠭ᠋ᠠᠭᠣᠯᠢ ᠵᠢᠨ ᠬᠦᠷᠢᠶᠡᠨ᠎ᠤ ᠬᠥᠯ ᠪᠥᠮᠪᠥᠭᠡ ᠵᠢᠨ ᠰᠣᠶᠣᠯ᠎ᠤᠨ ᠣᠢ᠍ᠢ᠍ᠯᠠᠭ᠋ᠠᠭᠳᠠᠬᠣᠨ᠎ᠢ ᠣᠯᠠᠮᠵᠢᠯᠠᠨ ᠲᠡᠯᠭᠡᠷᠡᠬᠥᠯᠵᠥ ᠪᠠᠢ᠍ᠢ᠍ᠬᠣ ᠶᠣᠮ᠃
      ᠬᠠᠳᠠ ᠵᠠᠮ᠎ᠤᠨ ᠪᠠᠭ᠎ᠠ ᠰᠣᠷᠭ᠋ᠠᠭᠣᠯᠢ᠎ᠨᠢ ᠪᠡᠶ᠎ᠡ ᠵᠢᠨ ᠲᠠᠮᠢᠷ᠎ᠤᠨ ᠬᠢᠴᠢᠶᠡᠯ ᠲᠡᠭᠡᠷ᠎ᠡ ᠰᠣᠷᠣᠭᠴᠢᠳ᠎ᠲᠤ ᠬᠥᠯ ᠪᠥᠮᠪᠥᠭᠡ ᠵᠢᠨ ᠥᠨᠳᠥᠰᠥᠨ ᠮᠡᠷᠭᠡᠵᠢᠯ ᠵᠢᠭ᠋ᠠᠵᠣ ᠪᠣᠯᠪᠠᠰᠣᠷᠠᠭᠣᠯᠬᠣ᠎ᠪᠠᠷ ᠪᠠᠷᠠᠬᠣ ᠥᠭᠡᠢ᠂ ᠬᠥᠯ ᠪᠥᠮᠪᠥᠭᠡ ᠵᠢᠨ ᠬᠠᠮᠢᠶ᠎ᠠ ᠪᠥᠬᠥᠢ ᠣᠷᠠᠨ ᠵᠣᠬᠢᠶᠠᠯ᠎ᠢ ᠣᠩᠰᠢᠭᠤᠯᠵᠦ᠂ ᠬᠥᠯ ᠪᠥᠮᠪᠦᠭᠡ ᠵᠢᠨ ᠲᠡᠥᠭᠡ ᠪᠠ ᠬᠥᠭᠵᠢᠯᠳᠡ ᠵᠢᠨ ᠪᠠᠢ᠍ᠢ᠍ᠳᠠᠯ᠎ᠢ ᠣᠢ᠍ᠢ᠍ᠯᠠᠭ᠋ᠠᠭᠣᠯᠣᠨ᠂ ᠲᠠᠭᠣᠣ ᠬᠦᠭᠵᠢᠮ᠎ᠤᠨ ᠬᠢᠴᠢᠶᠡᠯ ᠲᠡᠭᠡᠷ᠎ᠡ ᠥᠪᠡᠷᠳᠡᠭᠡᠨ ᠵᠣᠬᠢᠶᠠᠵᠣ ᠨᠠᠢ᠍ᠢ᠍ᠷᠠᠭᠣᠯᠣᠭᠰᠠᠨ ᠬᠥᠯ ᠪᠦᠮᠪᠦᠭᠡ ᠵᠢᠨ ᠬᠠᠮᠢᠶ᠎ᠠ ᠪᠥᠬᠥᠢ ᠲᠠᠭᠣᠣ ᠪᠥᠵᠢᠭ᠎ᠢ᠎ᠨᠢ ᠲᠣᠭᠯᠠᠭᠣᠯᠵᠣ᠂ ᠬᠥᠯ ᠪᠥᠮᠪᠥᠭᠡ ᠢᠰᠬᠥᠯᠵᠥ᠂ ᠬᠥᠯ ᠪᠥᠮᠪᠥᠭᠡ ᠵᠢ ᠲᠠᠭᠣᠯᠠᠨ᠂ ᠬᠥᠯ ᠪᠥᠮᠪᠥᠭᠡ ᠵᠢ ᠪᠢᠴᠢᠵᠥ᠂ ᠬᠥᠯ ᠪᠥᠮᠪᠥᠭᠡ ᠵᠢ ᠵᠢᠷᠣᠬᠣ ᠮᠡᠳᠦ ᠵᠢᠨ ᠬᠥᠯ ᠪᠥᠮᠪᠥᠭᠡ ᠵᠢᠨ ᠰᠣᠶᠣᠯ᠎ᠢ ᠬᠢᠴᠢᠶᠡᠯ᠎ᠳᠤ ᠠᠭᠣᠰᠬᠠᠨ᠂ ᠬᠥᠯ ᠪᠥᠮᠪᠥᠭᠡ ᠵᠢ᠊ ᠲᠠᠮᠢᠷᠴᠢᠨ᠎ᠢ ᠬᠥᠮᠥᠵᠢᠬᠥᠯᠬᠥ ᠲᠠᠯ᠎ᠠ᠎ᠪᠠᠷ᠎ᠬᠢ ᠴᠢᠳᠠᠪᠣᠷᠢ ᠵᠢ᠎ᠨᠢ ᠪᠠᠳᠠᠷᠠᠭᠣᠯᠵᠣ ᠪᠠᠢ᠍ᠢ᠍ᠨ᠎ᠠ᠃
      ᠲᠦᠷᠦᠭᠦᠬᠡᠨ᠂ ᠬᠠᠳᠠ ᠵᠠᠮ᠎ᠤᠨ ᠪᠠᠭ᠎ᠠ ᠰᠣᠷᠭ᠋ᠠᠭᠣᠯᠢ᠎ᠨᠢ 2017 ᠣᠨ᠎ᠤ ᠥᠪᠥᠷ ᠮᠣᠨᠭ᠌ᠭᠣᠯ᠎ᠤᠨ ᠦᠪᠡᠷᠳᠡᠭᠡᠨ ᠵᠠᠰᠠᠬᠣ ᠣᠷᠣᠨ᠎ᠤ 《ᠲᠡᠷᠢᠬᠥᠯᠡᠭᠴᠢ ᠬᠣᠨᠳᠠᠭ᠋ᠠᠳᠣ》 ᠰᠣᠷᠭ᠋ᠠᠭᠣᠯᠢ ᠵᠢᠨ ᠬᠦᠷᠢᠶᠡᠨ᠎ᠤ ᠬᠥᠯ ᠪᠥᠮᠪᠥᠭᠡ ᠵᠢᠨ ᠲᠦᠷᠪᠡᠨ ᠳᠡᠰ᠎ᠤᠨ ᠬᠣᠯᠪᠣᠭ᠋ᠠᠳᠣ ᠣᠷᠣᠯᠳᠣᠭ᠋ᠠᠨ᠎ᠤ ᠪᠠᠭ᠎ᠠ ᠰᠣᠷᠭ᠋ᠠᠭᠣᠯᠢ ᠵᠢᠨ ᠲᠣᠭᠣᠢ᠍ᠢ᠍ᠯᠠᠩ᠎ᠤᠨ ᠲᠡᠷᠢᠬᠥᠨ ᠪᠠ 2017 ᠣᠨ᠎ᠤ ᠪᠥᠬᠥ ᠣᠯᠣᠰ᠎ᠤᠨ ᠵᠠᠯᠠᠭᠣᠴᠣᠳ ᠪᠠᠭ᠋ᠠᠴᠣᠳ᠎ᠤᠨ 《ᠬᠥᠯ ᠪᠥᠮᠪᠥᠭᠡ ᠵᠢᠨ ᠲᠡᠷᠢᠬᠥᠨ ᠬᠣᠨᠳᠠᠭ᠋ᠠᠳᠣ ᠵᠢᠨ ᠣᠷᠣᠯᠳᠣᠭ᠋ᠠᠨ》᠎ᠤ ᠲᠠᠪᠣᠳᠣᠭ᠋ᠠᠷ ᠨᠡᠷ᠎ᠡ ᠵᠢᠨ ᠥᠨᠳᠥᠷ ᠬᠢᠷᠢ ᠪᠥᠳᠥᠮᠵᠢ ᠣᠯᠣᠭᠰᠠᠨ ᠶᠣᠮ᠃ 《ᠬᠡᠥᠭᠡᠳ᠎ᠤᠳ᠎ᠤᠨ ᠪᠠᠶᠠᠷᠯᠠᠭᠰᠠᠨ᠎ᠢ ᠥᠬᠥᠯᠡᠬᠥ ᠵᠢᠨ ᠠᠷᠭ᠎ᠠ ᠥᠭᠡᠢ》 ᠭᠡᠵᠥ ᠼᠣᠣ ᠳ᠋ᠧᠦ ᠵᠢᠧ ᠶᠠᠷᠢᠭᠰᠠᠨ ᠪᠦᠭᠡᠳ 《ᠰᠣᠷᠭ᠋ᠠᠭᠣᠯᠢ ᠵᠢᠨ ᠬᠥᠷᠢᠶᠡᠨ᠎ᠤ ᠠ᠋ᠳᠦᠷ ᠲᠣᠳᠣᠮ᠎ᠤᠨ ᠣᠷᠣᠯᠳᠣᠭ᠋ᠠᠨ᠎ᠠᠴᠠ ᠴᠦ᠍ ᠰᠣᠷᠣᠭᠴᠢᠳ ᠬᠥᠮᠥᠨ᠎ᠤ ᠠᠮᠢᠳᠣᠷᠠᠯ᠎ᠤᠨ ᠣᠯᠠᠨ ᠶᠣᠰᠣ ᠵᠥᠢ ᠵᠢ ᠣᠬᠠᠵᠣ᠂ ᠨᠥᠬᠥᠳ ᠬᠣᠭᠣᠷᠣᠨᠳᠣ᠎ᠪᠠᠨ ᠣᠯᠠᠮ ᠣᠢ᠍ᠢ᠍ᠷᠠᠳᠣᠯᠴᠠᠨ᠂ ᠪᠥᠯᠬᠥᠮᠳᠡᠨ ᠨᠢᠬᠳᠠᠷᠠᠬᠣ ᠵᠣᠷᠢᠭ ᠰᠠᠨᠠᠭ᠎ᠠ᠎ᠨᠢ ᠴᠢᠨᠭ᠌ᠭ᠋ᠠᠷᠠᠵᠣ᠂ ᠠ᠋ᠬᠥᠨ᠎ᠤ ᠣᠯᠠᠮ᠎ᠠᠴᠠ ᠣᠯᠠᠨ ᠨᠡᠢ᠍ᠢ᠍ᠲᠡ ᠵᠢᠨ ᠠᠵᠢᠯᠯᠠᠭ᠋ᠠᠨ᠎ᠳᠤ ᠣᠷᠣᠯᠴᠠᠨ᠂ ᠣᠯᠠᠨ ᠨᠡᠢ᠍ᠢ᠍ᠳᠡ᠎ᠳᠤ ᠬᠥᠴᠥᠨ ᠨᠡᠮᠡᠷᠢᠯᠡᠬᠥ ᠵᠢᠨ ᠢᠷᠠᠭᠣ ᠠᠯᠳᠠᠷ᠎ᠢ ᠣᠢ᠍ᠢ᠍ᠯᠠᠭ᠋ᠠᠨ᠂ 〈ᠢᠯᠠᠪᠠᠯ ᠬᠠᠮᠳᠣ᠎ᠪᠠᠷ ᠪᠠᠶᠠᠷᠯᠠᠵᠣ᠂ ᠢᠯᠠᠭᠳᠠᠪᠠᠯ ᠬᠠᠮᠳᠤ᠎ᠪᠠᠷ ᠲᠣᠭᠣᠯᠬᠣ〉 ᠵᠣᠷᠢᠭ ᠰᠠᠨᠠᠭ᠎ᠠ᠎ᠨᠢ ᠪᠠᠭᠰᠢ ᠰᠣᠷᠣᠭᠴᠢᠳ᠎ᠢ ᠨᠢᠭᠡᠨᠳᠡ ᠬᠥᠨ᠎ᠠᠴᠠ ᠬᠥᠨ ᠨᠥᠯᠥᠭᠡᠯᠡᠭᠰᠡᠨ ᠮᠥᠷᠳᠡᠭᠡᠨ ᠣᠷᠣᠯᠳᠣᠭ᠋ᠠᠨ᠎ᠤ ᠶᠠᠪᠣᠴᠠ᠎ᠳᠤ ᠢᠯᠡᠷᠡᠭᠰᠡᠨ ᠬᠡᠥᠭᠡᠳ᠎ᠤᠨ ᠬᠥᠴᠥᠯᠡᠨ ᠴᠢᠷᠮᠠᠢ᠍ᠢ᠍ᠬᠣ ᠵᠣᠷᠢᠭ ᠰᠠᠨᠠᠭ᠎ᠠ ᠪᠠ ᠬᠠᠮᠳᠣᠷᠠᠨ ᠬᠠᠮᠵᠢᠯᠴᠠᠬᠣ ᠣᠬᠠᠭ᠋ᠠᠨ ᠪᠣᠳᠣᠯ᠎ᠨᠢ ᠶᠠᠭ ᠲᠡᠳᠡᠨᠣᠰ᠎ᠢ ᠮᠠᠰᠢ ᠰᠠᠢ᠍ᠢ᠍ᠨ ᠰᠤᠷᠭ᠋ᠠᠨ ᠬᠥᠮᠥᠵᠢᠬᠥᠯᠵᠥ ᠪᠣᠯᠬᠣ ᠶᠣᠮ》 ᠭᠡᠪᠡ᠃
      ᠬᠠᠳᠠ ᠵᠠᠮ᠎ᠤᠨ ᠪᠠᠭ᠎ᠠ ᠰᠣᠷᠭ᠋ᠠᠭᠣᠯᠢ ᠵᠢᠨ ᠪᠠᠢ᠍ᠢ᠍ᠳᠠᠯ᠎ᠨᠢ ᠵᠥᠪᠬᠡᠨ ᠥᠪᠥᠷ ᠮᠣᠨᠭ᠌ᠭᠣᠯ ᠣᠷᠣᠨ᠎ᠤ ᠮᠢᠨᠭᠭ᠎ᠠ ᠢᠯᠡᠬᠥᠥ ᠰᠠᠭᠣᠷᠢ ᠰᠣᠷᠭ᠋ᠠᠭᠣᠯᠢ ᠵᠢᠨ ᠬᠦᠷᠢᠶᠡᠨ᠎ᠤ ᠬᠥᠯ ᠪᠥᠮᠪᠥᠭᠡ ᠵᠢᠨ ᠣᠨᠴᠠᠯᠢᠬᠳᠣ ᠰᠣᠷᠭ᠋ᠠᠭᠣᠯᠢ ᠵᠢᠨ ᠪᠠᠢ᠍ᠢ᠍ᠳᠠᠯ᠎ᠤᠨ ᠲᠦᠪᠯᠡᠷᠡᠩᠭᠦᠢ ᠳᠣᠰᠬᠠᠯ ᠲᠡᠳᠥᠢ᠃ 3 ᠵᠢᠯ᠎ᠤᠨ ᠲᠣᠷᠰᠢ᠂ ᠥᠪᠥᠷ ᠮᠣᠨᠭ᠌ᠭᠣᠯ᠎ᠨᠢ 《3+2》᠂  《5+2》 ᠵᠢᠨ ᠴᠢᠳᠠᠪᠣᠷᠢᠳᠠᠨ᠎ᠢ ᠬᠥᠮᠥᠵᠢᠬᠥᠯᠬᠥ ᠬᠡᠯᠪᠡᠷᠢ ᠵᠢ ᠰᠦᠪᠡᠭᠴᠢᠯᠡᠨ ᠰᠢᠨᠵᠢᠯᠡᠵᠦ᠂ ᠪᠠᠰᠠ ᠦᠪᠦᠷ ᠮᠣᠨᠭ᠌ᠭᠣᠯ᠎ᠤᠨ ᠪᠠᠭᠰᠢ ᠵᠢᠨ ᠶᠡᠬᠡ ᠰᠣᠷᠭ᠋ᠠᠭᠣᠯᠢ ᠵᠢᠨ ᠬᠦᠷᠢᠶᠡᠨ᠎ᠤ ᠬᠥᠯ ᠪᠥᠮᠪᠥᠭᠡ ᠵᠢᠨ ᠲᠡᠭᠡᠳᠦ ᠰᠣᠷᠭ᠋ᠠᠭᠣᠯᠢ ᠵᠢ ᠪᠠᠢ᠍ᠢ᠍ᠭᠣᠯᠣᠨ᠂ ᠬᠠᠢ᠍ᠢ᠍ᠨᠠᠨ ᠮᠣᠵᠢ ᠵᠢᠨ ᠪᠣᠣ ᠲᠢᠩ ᠰᠢᠶᠠᠨ᠎ᠳᠤ ᠦᠪᠡᠷᠳᠡᠭᠡᠨ ᠵᠠᠰᠠᠬᠣ ᠣᠷᠣᠨ᠎ᠤ ᠵᠠᠯᠠᠭᠣᠴᠣᠳ ᠪᠠᠭ᠋ᠠᠴᠣᠳ᠎ᠤᠨ ᠬᠥᠯ ᠪᠥᠮᠪᠥᠭᠡ ᠵᠢᠨ ᠡᠮᠦᠨᠡᠲᠦ ᠣᠷᠣᠨ᠎ᠤ ᠪᠣᠯᠪᠠᠰᠣᠷᠠᠯ᠎ᠤᠨ ᠰᠠᠭᠣᠷᠢᠨ ᠭᠠᠵᠠᠷ᠎ᠢ ᠪᠠᠢ᠍ᠢ᠍ᠭᠣᠯᠵᠣ᠂ ᠭᠧᠷᠮᠠᠨ᠂ ᠠᠨᠭ᠌ᠭ᠍ᠯᠢ ᠵᠡᠷᠭᠡ ᠬᠥᠯ ᠪᠥᠮᠪᠥᠭᠡ ᠬᠥᠭᠵᠢᠭᠰᠡᠨ ᠣᠯᠣᠰ᠎ᠲᠠᠢ ᠬᠠᠮᠵᠢᠯᠴᠠᠭ᠋ᠠᠨ᠎ᠤ ᠲᠣᠭᠳᠠᠯᠴᠠᠭ᠎ᠠ ᠪᠠᠢ᠍ᠢ᠍ᠭᠣᠯᠣᠭᠰᠠᠨ ᠶᠣᠮ᠃ 
      ᠣᠳᠣᠬᠠᠨ᠎ᠳᠤ᠂ ᠥᠪᠥᠷ ᠮᠣᠨᠭ᠌ᠭᠣᠯ᠎ᠤᠨ ᠪᠠᠭᠰᠢ ᠵᠢᠨ ᠶᠡᠬᠡ ᠰᠣᠷᠭ᠋ᠠᠭᠣᠯᠢ᠎ᠨᠢ ᠨᠢᠭᠡᠨᠳᠡ 465 ᠨᠡᠷᠡᠰ ᠪᠡᠶ᠎ᠡ ᠵᠢᠨ ᠲᠠᠮᠢᠷ᠂ ᠠᠨᠭ᠌ᠭ᠍ᠯᠢ ᠬᠡᠯᠡ ᠪᠠ ᠰᠣᠷᠭ᠋ᠠᠭᠣᠯᠢ᠎ᠠᠴᠠ ᠠ᠋ᠮᠥᠨᠡᠬᠢ ᠰᠣᠷᠭ᠋ᠠᠨ ᠬᠥᠮᠥᠵᠢᠯ᠎ᠤᠨ ᠲᠣᠰᠬᠠᠢ ᠮᠡᠷᠭᠡᠵᠢᠯ᠎ᠤᠨ ᠰᠣᠷᠭ᠋ᠠᠭᠣᠯᠢ᠎ᠳᠤ ᠰᠠᠭᠣᠭ᠎ᠠ ᠣᠶᠣᠳᠠᠳ᠎ᠢ ᠬᠥᠯ ᠪᠥᠮᠪᠥᠭᠡ ᠵᠢᠨ ᠴᠢᠭᠯᠡᠯ ᠵᠶ᠋ᠠᠷ ᠲᠠᠭ᠋ᠠᠭᠣᠯᠣᠨ ᠵᠢᠯᠣᠭᠣᠳᠬᠣ ᠪᠣᠯᠪᠠᠰᠣᠷᠠᠯ᠎ᠢ ᠬᠥᠢ᠍ᠴᠡᠳᠭᠡᠨ ᠪᠡᠶᠡᠯᠡᠬᠥᠯᠵᠥ᠂ ᠥᠪᠥᠷ ᠮᠣᠨᠭ᠌ᠭᠣᠯ᠎ᠤᠨ ᠥᠨᠳᠥᠰᠥᠳᠡᠨ᠎ᠤ ᠶᠡᠬᠡ ᠰᠣᠷᠭ᠋ᠠᠭᠣᠯᠢ ᠪᠠ ᠪᠣᠭᠣᠳᠣ ᠵᠢᠨ ᠪᠠᠭᠰᠢ ᠵᠢᠨ ᠲᠡᠭᠡᠳᠦ ᠰᠣᠷᠭ᠋ᠠᠭᠣᠯᠢ ᠵᠢᠨ ᠲᠠᠰᠬᠠᠯᠵᠢᠭᠣᠯᠣᠭᠴᠢ ᠵᠢᠨ ᠴᠢᠭᠯᠡᠯ ᠪᠠ ᠬᠢᠨᠠᠭᠴᠢ ᠵᠢᠨ ᠴᠢᠭᠯᠡᠯ ᠵᠶ᠋ᠠᠷ ᠲᠠᠭ᠋ᠠᠭᠣᠯᠣᠨ ᠵᠢᠯᠣᠭᠣᠳᠬᠣ ᠪᠣᠯᠪᠠᠰᠣᠷᠠᠯ ᠴᠦ᠍ ᠣᠳᠠᠯ ᠥᠭᠡᠢ ᠠ᠋ᠬᠢᠯᠡᠬᠥ᠎ᠪᠠᠷ ᠪᠠᠢ᠍ᠢ᠍ᠨ᠎ᠠ᠃ ᠳᠡᠭᠡᠷ᠎ᠡ ᠳᠣᠷᠠᠳᠤᠭᠰᠠᠨ ᠮᠡᠷᠭᠡᠵᠢᠯ᠎ᠤᠨ ᠣᠶᠣᠳᠠᠳ ᠣᠨᠴᠠᠯᠢᠭᠳᠣ ᠰᠣᠷᠭ᠋ᠠᠭᠣᠯᠢ ᠪᠠ ᠬᠡᠥᠭᠡᠳ᠎ᠤᠨ ᠴᠡᠴᠡᠷᠯᠢᠭ᠎ᠲᠤ ᠣᠷᠢᠳᠠᠪᠡᠷ ᠠᠵᠢᠯᠯᠠᠬᠣ ᠪᠠᠭᠰᠢᠯᠠᠬᠣ ᠠᠵᠠ ᠲᠣᠬᠢᠶᠠᠯ ᠣᠯᠤᠭᠰᠠᠨ ᠪᠠᠢ᠌ᠨ᠎ᠠ᠃ ᠥᠨᠥ ᠵᠢᠯ᠎ᠤᠨ ᠲᠡᠭᠡᠳᠦ ᠬᠠᠭ᠋ᠠᠰ ᠵᠢᠯ᠎ᠳᠤ᠂ ᠣᠯᠣᠰ᠎ᠤᠨ ᠬᠡᠪᠴᠢᠶᠡᠨ ᠲᠣᠳᠣᠷ᠎ᠠ ᠥᠪᠥᠷ ᠮᠣᠨᠭ᠌ᠭᠣᠯ᠎ᠨᠢ ᠬᠠᠮᠣᠭ᠎ᠤᠨ ᠣᠷᠢᠳᠠᠪᠡᠷ U ᠰᠢᠷᠢᠰ ᠣᠷᠣᠯᠳᠣᠭ᠋ᠠᠨ᠎ᠢ ᠰᠣᠷᠭ᠋ᠠᠭᠣᠯᠢ ᠵᠢᠨ ᠬᠦᠷᠢᠶᠡᠨ᠎ᠤ ᠬᠥᠯ ᠪᠥᠮᠪᠥᠭᠡ᠎ᠳᠤ ᠣᠷᠣᠭᠣᠯᠵᠣ᠂ U13᠂ U15᠂ U17᠂ U19 ᠭᠡᠬᠥ ᠲᠥᠷᠪᠡᠨ ᠨᠠᠰᠣ ᠵᠢᠯ᠎ᠳᠤ ᠬᠠᠮᠢᠶᠠᠷᠤᠭᠳᠠᠬᠤ ᠰᠣᠷᠭ᠋ᠠᠭᠣᠯᠢ ᠵᠢᠨ ᠬᠦᠷᠢᠶᠡᠨ᠎ᠤ ᠬᠥᠯ ᠪᠥᠮᠪᠥᠭᠡ ᠵᠢᠨ ᠰᠢᠯᠭ᠋ᠠᠷᠠᠭᠰᠠᠨ ᠠᠨᠭ᠌ᠭᠢ᠎ᠨᠤᠭᠤᠳ᠎ᠢ ᠪᠣᠢ ᠪᠣᠯᠭ᠋ᠠᠪᠠ᠃
      ᠣᠳᠣᠬᠠᠨ᠎ᠠ᠂ ᠬᠥᠯ ᠪᠥᠮᠪᠥᠭᠡ ᠵᠢᠨ ᠰᠫᠣᠷᠲ᠎ᠨᠢ ᠥᠪᠥᠷ ᠮᠣᠨᠭ᠌ᠭᠣᠯ᠎ᠤᠨ ᠲᠣᠮᠳᠠᠳᠣ ᠪᠠᠭ᠎ᠠ ᠰᠣᠷᠭ᠋ᠠᠭᠣᠯᠢ ᠵᠢᠨ ᠬᠠᠮᠣᠭ᠎ᠤᠨ ᠴᠢᠬᠣᠯᠠ ᠠᠵᠢᠯᠯᠠᠭ᠋ᠠᠨ ᠪᠣᠯᠵᠣ᠂ ᠵᠠᠯᠠᠭᠣᠴᠣᠳ ᠪᠠᠭ᠋ᠠᠴᠣᠳ᠎ᠤᠨ ᠰᠣᠷᠭ᠋ᠠᠭᠣᠯᠢ ᠵᠢᠨ ᠬᠦᠷᠢᠶᠡᠨ᠎ᠤ ᠬᠥᠯ ᠪᠥᠮᠪᠥᠭᠡ ᠵᠢᠨ ᠥᠢ᠍ᠯᠡᠰ᠎ᠨᠢ ᠲᠠᠯ᠎ᠠ ᠨᠣᠳᠣᠭ᠎ᠲᠤ 《ᠪᠥᠬᠥ ᠲᠠᠯ᠎ᠠ᠎ᠪᠠᠷ ᠴᠡᠴᠡᠭᠯᠡᠨ ᠲᠡᠯᠭᠡᠷᠡᠵᠥ》 ᠪᠠᠢ᠍ᠢ᠍ᠭ᠎ᠠ ᠶᠣᠮ᠃




ᠢᠷᠡᠯᠲᠡ᠄ ᠦᠪᠦᠷ ᠮᠣᠩᠭᠣᠯ᠎ᠤᠨ ᠦᠪᠡᠷᠲᠡᠭᠡᠨ ᠵᠠᠰᠠᠬᠤ ᠣᠷᠣᠨ᠎ᠤ ᠰᠤᠷᠭ᠋ᠠᠨ ᠬᠦᠮᠦᠵᠢᠯ᠎ᠤᠨ ᠲᠢᠩᠬᠢᠮ
          
ᠬᠠᠮᠢᠶ᠎ᠡ ᠪᠦᠬᠦᠢ ᠰᠣᠨᠢᠨ
ᠶᠠᠳᠠᠷᠠᠯᠳᠠᠢ ᠪᠣᠯᠪᠠᠴᠣ ᠪᠠᠶᠠᠰᠣᠯᠳᠠᠢ ᠶᠣᠮ
ᠮᠢᠨᠤ 《ᠮᠣᠨᠭ᠌ᠭᠣᠯ ᠲᠣᠮᠳᠠᠳᠣ ᠰᠣᠷᠭ᠋ᠠᠭᠣᠯᠢ ᠵᠢᠨ ᠠᠨᠭ᠌ᠭᠢ》
ᠪᠢ ᠠᠨᠭ᠌ᠬ᠎ᠠ ᠠ᠋ᠬᠢᠯᠡᠬᠥ᠎ᠳᠤ ᠥᠬᠢᠨ᠎ᠤ᠎ᠪᠠᠨ ᠬᠥᠯ ᠪᠦᠮᠪᠦᠭᠡ ᠢᠰᠬᠥᠯᠬᠥ ᠵᠢ ᠠ᠋ᠰᠡᠷᠬᠥᠴᠡᠵᠥ ᠪᠠᠢ᠍ᠢ᠍ᠭᠰᠠᠨ
《ᠬᠡᠵᠢᠶᠡᠳᠡ ᠪᠦᠮᠪᠦᠭᠡ ᠢᠰᠬᠥᠯᠥᠭᠡᠳ ᠪᠠᠢ᠍ᠢ᠍ᠪᠠᠯ ᠶᠠᠮᠠᠷ ᠭᠣᠶᠣ ᠪᠣᠢ》
ᠬᠥᠯ ᠪᠦᠮᠪᠦᠭᠡ ᠵᠢᠨ ᠬᠥᠰᠡᠯ
 
             蒙ICP备05000248号