ᠪᠤᠯᠤᠷ

ᠠᠷᠠᠳ᠎ᠤᠨ ᠲᠠᠭᠤᠤ ᠪᠤᠯ ᠮᠤᠩᠭᠤᠯ ᠦᠨᠳᠦᠰᠦᠳᠡᠨ᠎ᠤ ᠤᠷᠳᠦ ᠤᠳᠠᠭ᠋ᠠᠨ ᠴᠠᠭ ᠬᠤᠭᠤᠴᠠᠭ᠋ᠠᠨ᠎ᠤ ᠲᠤᠷᠰᠢ ᠠᠷᠠᠳ ᠲᠦᠮᠡᠨ᠎ᠤ ᠤᠢ ᠪᠢᠯᠢᠭ᠂ ᠠᠪᠢᠶᠠᠰ ᠤᠬᠠᠭ᠋ᠠᠨ ᠵᠶ᠋ᠠᠷ ᠵᠶ᠋ᠠᠨ ᠠ᠋ᠭᠦᠳᠦᠨ ᠪᠦᠳᠦᠭᠡᠵᠦ᠂ ᠦᠪᠡᠷ᠎ᠤᠨ ᠦᠨᠳᠦᠰᠦᠳᠡᠨ᠎ᠤ ᠲᠤᠷ᠎ᠠ ᠰᠤᠨᠢᠷᠬᠠᠯ᠂ ᠭᠤᠸ᠎ᠠ ᠰᠠᠶ᠋ᠢᠬᠠᠨ᠎ᠤ ᠦᠨᠡᠳᠦ ᠲᠤᠷᠠᠰᠬᠠᠯ᠎ᠤᠨ ᠬᠦᠰᠢᠶ᠎ᠡ ᠪᠤᠯᠭ᠋ᠠᠨ ᠰᠢᠳᠦᠭᠰᠡᠭᠡᠷ ᠢᠷᠡᠭᠰᠡᠨ ᠰᠤᠶᠤᠯ᠎ᠤᠨ ᠦᠪ ᠶᠤᠮ᠃ ᠮᠣᠩᠭᠤᠯ ᠠᠷᠠᠳ᠎ᠤᠨ ᠲᠠᠭᠤᠤ᠎ᠪᠠᠷ ᠲᠠᠮᠵᠢᠭᠤᠯᠤᠨ᠂ ᠡᠴᠢᠭᠡ ᠠ᠋ᠬᠡ᠎ᠪᠠᠨ ᠬᠦᠨᠳᠦᠯᠡᠬᠦ᠂ ᠦᠷ᠎ᠡ ᠬᠡᠤᠬᠡᠳ ᠵᠶ᠋ᠠᠨ ᠬᠠᠶ᠋ᠢᠷᠠᠯᠠᠬᠤ᠂ ᠠᠳᠤᠭᠤ ᠮᠠᠯ ᠵᠶ᠋ᠠᠨ ᠭᠠᠮᠨᠠᠬᠤ᠂ ᠶᠠᠳᠠᠭᠤ ᠲᠤᠷᠤᠢ ᠵᠢ ᠦᠷᠦ ᠡᠪᠡᠳᠬᠦ᠂ ᠬᠠᠷᠭᠢᠰ ᠲᠡᠷᠰᠯᠡᠬᠦᠦ ᠵᠢ ᠠ᠋ᠰᠡᠷᠬᠦᠴᠡᠬᠦ᠂ ᠬᠤᠳᠠᠯ ᠬᠠᠭᠤᠷᠮᠠᠴᠢ ᠵᠢ ᠵᠢᠭᠰᠢᠬᠦ᠂ ᠬᠤᠯᠠᠭ᠋ᠠᠢ ᠲᠡᠭᠡᠷᠡᠮᠢ ᠬᠤᠷᠤᠰᠬᠤ ᠭᠡᠬᠦ ᠮᠡᠲᠦ ᠵᠢᠨ ᠤᠯᠠᠨ ᠵᠦᠢ᠍ᠯ᠎ᠤᠨ ᠶᠤᠰᠤ ᠰᠤᠷᠳᠠᠬᠤᠨ᠎ᠤ ᠠᠭᠤᠯᠭ᠎ᠠ ᠵᠢ ᠦᠷᠭᠡᠨ ᠬᠡᠪᠴᠢᠶ᠎ᠡ᠎ᠪᠠᠷ ᠤᠯᠠᠮᠵᠢᠯᠠᠨ ᠰᠤᠷᠭ᠋ᠠᠵᠦ ᠪᠠᠶ᠋ᠢᠭᠰᠠᠨ ᠪᠦᠭᠡᠳ ᠶᠠᠭᠤ ᠵᠢ ᠬᠢᠵᠦ ᠪᠤᠯᠬᠤ᠂ ᠶᠠᠭᠤ ᠵᠢ ᠬᠢᠵᠦ ᠦᠯᠦ ᠪᠤᠯᠬᠤ ᠵᠢ ᠰᠤᠷᠴᠤ ᠤᠶ᠋ᠢᠯᠠᠭ᠋ᠠᠳᠠᠭ᠃ ᠲᠠᠭᠤᠤ᠎ᠳᠤ ᠠᠷᠠᠳ᠎ᠤᠨ ᠵᠦᠢ᠍ᠷ ᠰᠡᠴᠡᠨ ᠦᠭᠡ᠂ ᠬᠠᠪᠤᠲᠤ ᠦᠭᠡ᠂ ᠬᠤᠯᠪᠤᠭ᠎ᠠ ᠬᠤᠷᠰᠢᠶ᠎ᠠ ᠦᠭᠡ ᠤᠯᠠᠨ ᠪᠠᠶ᠋ᠢᠬᠤ᠎ᠨᠢ ᠴᠦ᠍ ᠶᠤᠰᠤ ᠰᠤᠷᠳᠠᠬᠤᠨ᠎ᠤ ᠬᠦᠮᠦᠵᠢᠯ᠎ᠤᠨ ᠴᠢᠬᠤᠯᠠ ᠠᠭᠤᠯᠭ᠎ᠠ ᠪᠤᠯᠳᠠᠭ᠃ ᠭᠡᠪᠡᠴᠦ ᠤᠳᠤ ᠵᠢᠨ ᠴᠠᠭ ᠦᠶ᠎ᠡ ᠵᠢᠨ ᠬᠤᠪᠢᠷᠠᠯᠳᠠ ᠪᠠ ᠮᠡᠳᠡᠭᠡ ᠵᠠᠩᠭᠢ ᠵᠢᠨ ᠨᠠᠶ᠋ᠢᠭᠡᠮ᠎ᠤᠨ ᠤᠷᠴᠢᠨ᠎ᠠᠴᠠ ᠪᠤᠯᠵᠦ ᠬᠡᠤᠭᠡᠳ ᠪᠠᠭ᠋ᠠᠴᠤᠳ ᠤᠷᠤᠰᠬᠠᠯ ᠲᠠᠭᠤᠤ᠎ᠳᠤ ᠤᠨᠴᠠᠭ᠋ᠠᠢ ᠪᠠᠬᠠᠲᠠᠢ ᠪᠠᠶ᠋ᠢᠵᠦ᠂ ᠰᠤᠨᠤᠰᠴᠦ ᠲᠠᠭᠤᠯᠠᠬᠤ ᠲᠠᠭᠤᠤᠨᠤᠭᠤᠳᠤᠨ ᠤᠯᠠᠩᠬᠢ᠎ᠨᠢ ᠰᠢᠨ᠎ᠡ᠎ᠪᠠᠷ ᠵᠤᠬᠢᠶᠠᠭᠳᠠᠭᠰᠠᠨ ᠤᠷᠤᠰᠬᠠᠯ ᠲᠠᠭᠤᠤ ᠪᠤᠶᠤ ᠠ᠋ᠯᠸᠺᠲᠷᠤᠨ ᠲᠤᠭᠯᠠᠭ᠋ᠠᠮ᠎ᠤᠨ ᠲᠤᠮᠳᠠᠬᠢ ᠲᠠᠭᠤᠤ ᠬᠦᠭᠵᠢᠮ᠎ᠤᠳ ᠪᠠᠶ᠋ᠢᠳᠠᠭ᠃ ᠠ᠋ᠶ᠋ᠢᠮᠦᠷᠬᠦᠤ ᠪᠠᠶ᠋ᠢᠳᠠᠯ᠎ᠳᠤ ᠪᠢᠳᠡ ᠠ᠋ᠷᠬᠡᠪᠰᠢ ᠠᠷᠠᠳ᠎ᠤᠨ ᠲᠠᠭᠤᠤ ᠵᠢᠨ ᠠᠭᠤᠤ ᠶᠡᠭᠡ ᠭᠦᠨ ᠨᠠᠷᠢᠨ ᠲᠠᠯ᠎ᠠ ᠵᠢ ᠰᠠᠶ᠋ᠢᠳᠤᠷ ᠦᠢ᠍ᠯᠠᠭ᠋ᠠᠵᠦ᠂ ᠠᠷᠠᠳ᠎ᠤᠨ ᠲᠠᠭᠤᠤ ᠵᠢᠨ ᠰᠢᠯᠢᠳᠡᠭ ᠲᠠᠯ᠎ᠠ ᠵᠢ ᠤᠯᠠᠮᠵᠢᠯᠠᠨ ᠬᠠᠮᠠᠭ᠋ᠠᠯᠠᠵᠦ᠂ ᠵᠠᠯᠭ᠋ᠠᠮᠵᠢᠯᠠᠨ ᠪᠠᠳᠠᠷᠠᠭᠤᠯᠬᠤ ᠴᠢᠬᠤᠯᠠᠲᠠᠢ ᠪᠠᠶ᠋ᠢᠨ᠎ᠠ᠃
ᠹ᠊ · ᠮᠡᠷᠭᠡᠵᠢᠬᠦ ᠪᠠᠭᠰᠢ 《ᠮᠤᠩᠭᠤᠯ ᠲᠠᠭᠤᠤ ᠬᠦᠭᠵᠢᠮ᠎ᠤᠨ ᠰᠤᠳᠤᠯᠤᠯ᠎ᠤᠨ ᠲᠡᠭᠦᠪᠦᠷᠢ》 ᠭᠡᠬᠦ ᠨᠤᠮ᠎ᠳᠤ᠎ᠪᠠᠨ᠄ 《ᠠᠷᠠᠳ᠎ᠤᠨ ᠲᠠᠭᠤᠤ᠎ᠨᠢ ᠬᠤᠶ᠋ᠢᠴᠢ ᠦᠶ᠎ᠡ ᠵᠢᠨ᠎ᠬᠢᠨ᠎ᠢ ᠬᠦᠮᠦᠵᠢᠭᠦᠯᠬᠦ ᠲᠠᠯ᠎ᠠ᠎ᠪᠠᠷ ᠬᠦᠩᠭᠡᠪᠴᠢᠯᠡᠵᠦ ᠪᠤᠯᠤᠰᠢ ᠦᠭᠡᠢ ᠴᠢᠬᠤᠯᠠ ᠠ᠋ᠭᠦᠷᠭᠡ ᠵᠢ ᠭᠦᠢ᠍ᠴᠡᠳᠭᠡᠳᠡᠭ᠃ ᠲᠡᠬᠦᠨ᠎ᠳᠤ ᠦᠬᠦᠮᠡᠯ ᠬᠦᠰᠢᠬᠦᠨ ᠨᠤᠮᠯᠠᠯ᠂ ᠬᠠᠲᠠᠭᠤ ᠰᠢᠷᠦᠭᠦᠨ ᠵᠢᠮᠡᠯᠡᠯ ᠭᠡᠵᠦ ᠬᠠᠷᠠᠭᠳᠠᠬᠤ ᠦᠬᠡᠢ᠂ ᠬᠠᠷᠢᠨ ᠦᠯᠦ ᠦᠵᠡᠭᠳᠡᠬᠦ ᠲᠠᠶ᠋ᠢᠮᠦ ᠨᠢᠭᠡ ᠵᠦᠢ᠍ᠯ᠎ᠤᠨ ᠬᠦᠴᠦᠨ ᠴᠢᠳᠠᠯ ᠵᠶ᠋ᠠᠷ ᠬᠦᠮᠦᠰ᠎ᠤᠨ ᠦᠵᠡᠯ ᠤᠬᠠᠮᠰᠠᠷ᠎ᠢ ᠠᠷᠭ᠋ᠠᠮᠵᠢᠯᠠᠨᠠ᠂ ᠦᠢ᠍ᠯᠡ ᠠᠵᠢᠯᠯᠠᠭ᠋ᠠᠨ᠎ᠢ ᠬᠦᠳᠦᠯᠦᠨ ᠵᠢᠯᠤᠭᠤᠳᠤᠨ᠎ᠠ᠃ ᠦᠭᠡ ᠵᠢ ᠦᠨᠠᠨ ᠵᠶ᠋ᠠᠷ ᠬᠡᠯᠡᠪᠡᠰᠦ᠂ ᠦᠨᠦᠳᠦᠷ᠎ᠤᠨ ᠵᠤᠩᠭᠢᠯᠠᠬᠤ ᠨᠢᠭᠡ ᠪᠦᠯᠦᠭ ᠵᠠᠯᠠᠭᠤ ᠲᠡᠭᠦᠤᠨᠡᠷ ᠠᠷᠠᠳ᠎ᠤᠨ ᠲᠠᠭᠤᠤ ᠵᠢ ᠮᠡᠳᠡᠬᠦ ᠦᠭᠡᠢ ᠪᠤᠶᠤ ᠰᠤᠨᠤᠰᠴᠦ ᠰᠤᠨᠢᠷᠬᠠᠬᠤ ᠲᠤᠷ᠎ᠠ ᠦᠬᠡᠢ ᠦᠵᠡᠭᠳᠡᠯ ᠬᠠᠷᠠᠭᠳᠠᠨ᠎ᠠ》 ᠭᠡᠵᠡᠢ᠃ ᠮᠡᠷᠭᠡᠵᠢᠬᠦ ᠪᠠᠭᠰᠢ ᠵᠢᠨ ᠶᠠᠷᠢᠶ᠎ᠠ᠎ᠳᠤ ᠪᠢ ᠵᠤᠷᠢᠬ᠍ᠵᠢᠵᠤ᠂ ᠤᠯᠠᠮᠵᠢᠯᠠᠯᠳᠤ ᠠᠷᠠᠳ᠎ᠤᠨ ᠲᠠᠭᠤᠤ ᠵᠢ ᠡᠵᠡᠮᠰᠢᠵᠦ ᠤᠶ᠋ᠢᠯᠠᠭ᠋ᠠᠬᠤ᠎ᠨᠢ ᠶᠡᠭᠡ ᠴᠢᠬᠤᠯᠠ ᠪᠠᠶ᠋ᠢᠵᠦ᠂ ᠠᠷᠠᠳ᠎ᠤᠨ ᠲᠠᠭᠤᠤ ᠵᠢᠨ ᠵᠢᠭ᠋ᠠᠨ ᠰᠤᠷᠭ᠋ᠠᠯᠳᠠ᠎ᠨᠢ ᠬᠤᠶ᠋ᠢᠴᠢ ᠦᠶ᠎ᠡ᠎ᠪᠠᠨ ᠬᠦᠮᠦᠵᠢᠭᠦᠯᠦᠨ ᠰᠤᠷᠭ᠋ᠠᠬᠤ ᠦᠢ᠍ᠯᠡᠳᠦᠯ᠎ᠲᠠᠢ ᠭᠡᠰᠡᠨ᠎ᠢ ᠦᠢ᠍ᠯᠠᠭ᠋ᠠᠯᠠ᠃ ᠠ᠋ᠶ᠋ᠢᠮᠦ᠎ᠠᠴᠠ ᠨᠢᠭᠡ ᠦᠨᠳᠦᠰᠦᠨ ᠱᠠᠳᠤᠨ᠎ᠤ ᠲᠠᠭᠤᠤ ᠬᠦᠭᠵᠢᠮ᠎ᠤᠨ ᠪᠠᠭᠰᠢ ᠪᠤᠯᠤᠭᠰᠠᠨ᠎ᠤ ᠬᠤᠪᠢ᠎ᠳᠤ ᠤᠯᠠᠮᠵᠢᠯᠠᠯᠳᠦ ᠰᠤᠶᠤᠯ᠎ᠢ ᠬᠤᠶ᠋ᠢᠴᠢ ᠦᠶ᠎ᠡ ᠵᠢᠨ᠎ᠬᠢᠨ᠎ᠳᠤ᠎ᠪᠠᠨ ᠡᠵᠡᠮᠰᠢᠬᠦᠯᠵᠦ᠂ ᠮᠤᠩᠭᠤᠯ ᠠᠷᠠᠳ᠎ᠤᠨ ᠲᠠᠭᠤᠤ ᠵᠢ ᠰᠤᠷᠤᠭᠴᠢᠳ᠎ᠲᠤ᠎ᠪᠠᠨ ᠵᠢᠭ᠋ᠠᠨ ᠰᠤᠷᠭ᠋ᠠᠬᠤ᠎ᠨᠢ ᠲᠤᠩ ᠤᠳᠬ᠎ᠠ ᠠᠭᠤᠯᠭ᠎ᠠ᠎ᠲᠠᠢ ᠶᠠᠪᠤᠳᠠᠯ ᠪᠤᠯᠬᠤ ᠶᠤᠮ᠃ ᠲᠤᠰ ᠦᠭᠦᠯᠡᠯ᠎ᠳᠤ ᠪᠠᠭ᠎ᠠ ᠰᠤᠷᠭ᠋ᠠᠭᠤᠯᠢ ᠵᠢᠨ ᠲᠠᠭᠤᠤ ᠬᠦᠭᠵᠢᠮ᠎ᠤᠨ ᠬᠢᠴᠢᠶᠡᠯ᠎ᠳᠠᠬᠢ ᠮᠤᠩᠭᠤᠯ ᠠᠷᠠᠳ᠎ᠤᠨ ᠲᠠᠭᠤᠤ ᠵᠢᠨ ᠵᠢᠭ᠋ᠠᠨ ᠰᠤᠷᠭ᠋ᠠᠯᠳᠠ ᠵᠢᠨ ᠲᠤᠬᠠᠢ ᠪᠤᠳᠤᠯ ᠰᠠᠨᠠᠯ ᠵᠶ᠋ᠠᠨ ᠤᠯᠠᠨ᠎ᠲᠠᠢ ᠬᠤᠪᠢᠶᠠᠯᠴᠠᠶ᠎ᠠ ᠭᠡᠰᠡᠨ ᠶᠤᠮ᠃
ᠨᠢᠭᠡ᠂ ᠠᠷᠠᠳ᠎ᠤᠨ ᠲᠠᠭᠤᠤ ᠵᠢᠨ ᠤᠷᠴᠢᠨ ᠠᠬᠤᠢ᠎ᠳᠤᠨᠢ ᠠᠭᠤᠰᠬᠠᠬᠤ ᠵᠢᠭ᠋ᠠᠨ ᠰᠤᠷᠭ᠋ᠠᠯᠳᠠ
ᠠᠷᠠᠳ᠎ᠤᠨ ᠲᠠᠭᠤᠤ᠎ᠨᠢ ᠠᠯᠢ ᠠ᠋ᠷᠲᠡ ᠪᠠᠯᠠᠷ ᠠ᠋ᠷᠲᠡᠨ᠎ᠤ ᠦᠶ᠎ᠡ᠎ᠳᠤ ᠠᠩ ᠠᠩᠨᠠᠯ᠂ ᠬᠦᠳᠡᠯᠮᠦᠷᠢ ᠦᠢ᠍ᠯᠡᠳᠪᠦᠷᠢᠯᠡᠯ᠂ ᠲᠠᠬᠢᠯᠭ᠎ᠠ ᠶᠤᠰᠤᠯᠠᠯ ᠵᠡᠷᠭᠡ ᠠᠵᠢᠯᠯᠠᠭ᠋ᠠᠨ᠎ᠲᠠᠢ ᠬᠠᠮᠳᠦ᠎ᠪᠠᠷ ᠠ᠋ᠭᠦᠰᠴᠦ᠂ ᠬᠦᠮᠦᠨ ᠲᠦᠷᠦᠯᠬᠢᠳᠡᠨ᠎ᠤ ᠠᠮᠢᠳᠤᠷᠠᠯ ᠦᠢ᠍ᠯᠡᠳᠦᠯᠭᠡ᠎ᠲᠠᠢ ᠮᠠᠰᠢ ᠨᠢᠭᠲᠠ ᠤᠶᠠᠯᠳᠤᠭᠰᠠᠨ ᠪᠠᠶ᠋ᠢᠳᠠᠭ᠃ ᠠᠷᠠᠳ᠎ᠤᠨ ᠲᠠᠭᠤᠤ ᠪᠤᠯ ᠠᠷᠠᠳ ᠲᠦᠮᠡᠨ᠎ᠤ ᠠᠮᠢᠳᠤᠷᠠᠯ ᠳᠤᠮᠳᠠ᠎ᠠᠴᠠ ᠢᠷᠡᠯ᠎ᠲᠠᠢ ᠪᠠᠶ᠋ᠢᠵᠦ᠂ ᠠᠷᠠᠳ ᠲᠦᠮᠡᠨ᠎ᠤ ᠠᠮᠢᠳᠤᠷᠠᠯ᠎ᠤᠨ ᠲᠤᠷᠰᠢᠯᠭ᠎ᠠ ᠵᠢᠨ ᠬᠤᠷᠠᠮᠳᠤᠯ ᠪᠤᠯᠬᠤᠷ ᠲᠤᠩ ᠴᠢᠩᠭ᠎ᠠ ᠠᠮᠢᠳᠤᠷᠠᠯ᠎ᠤᠨ ᠤᠨᠴᠠᠯᠢᠭᠲᠤ ᠴᠢᠨᠠᠷᠲᠠᠢ ᠪᠠᠶ᠋ᠢᠳᠠᠭ᠃ ᠪᠢᠳᠡ ᠲᠠᠭᠤᠤ ᠬᠦᠭᠵᠢᠮ᠎ᠤᠨ ᠬᠢᠴᠢᠶᠡᠯᠯᠡᠭᠡ᠎ᠳᠤ᠎ᠪᠠᠨ ᠠᠷᠠᠳ᠎ᠤᠨ ᠲᠠᠭᠤᠤ ᠵᠢᠨ ᠠ᠋ᠨᠡ ᠭᠦ᠌ ᠤᠨᠴᠠᠯᠢᠭ᠎ᠢ ᠠᠰᠢᠭᠯᠠᠨ᠂ ᠰᠤᠷᠤᠭᠴᠢᠳ᠎ᠲᠤ ᠲᠠᠭᠤᠤ᠎ᠳᠠᠬᠢ ᠲᠦᠷᠢ ᠵᠢ ᠲᠠᠨᠢᠭᠤᠯᠤᠨ᠂ ᠠᠬᠤᠢ ᠪᠠᠢ᠍ᠢ᠍ᠳᠠᠯ᠎ᠢ ᠮᠡᠳᠡᠭᠦᠯᠦᠨ᠂ ᠠᠷᠠᠳ᠎ᠤᠨ ᠲᠠᠭᠤᠤ᠎ᠳᠤ ᠢᠯᠡᠷᠡᠭᠰᠡᠨ ᠲᠤᠬᠠᠢ ᠵᠢᠨ ᠪᠠᠶ᠋ᠢᠳᠠᠯ᠎ᠢ ᠲᠠᠬᠢᠨ ᠢᠯᠡᠷᠡᠬᠦᠯᠬᠦ ᠵᠢ ᠵᠤᠷᠢᠨ᠎ᠠ᠃ ᠠᠷᠠᠳ᠎ᠤᠨ ᠲᠠᠭᠤᠤ ᠵᠢᠨ ᠵᠢᠭ᠋ᠠᠨ ᠰᠤᠷᠭ᠋ᠠᠯᠳᠠ᠎ᠨᠢ ᠪᠤᠰᠤᠳ ᠲᠦᠷᠦᠯ᠎ᠤᠨ ᠲᠠᠭᠤᠤ ᠬᠦᠭᠵᠢᠮ᠎ᠤᠨ ᠵᠢᠭ᠋ᠠᠨ ᠰᠤᠷᠭ᠋ᠠᠯᠳᠠ᠎ᠲᠠᠢ ᠪᠠᠬᠠᠨ ᠢᠯᠭ᠋ᠠᠭ᠎ᠠ᠎ᠲᠠᠢ ᠪᠠᠶ᠋ᠢᠵᠦ᠂ ᠰᠤᠷᠤᠭᠴᠢᠳ ᠠᠮᠢᠳᠤᠷᠠᠯ᠎ᠤᠨ ᠠᠭᠤᠷ ᠠᠮᠢᠰᠬᠤᠯ᠂ ᠤᠷᠴᠢᠨ ᠠᠬᠤᠢ ᠵᠢ ᠬᠦᠨᠵᠡᠭᠡᠢ ᠮᠡᠳᠡᠷᠡᠪᠡᠯ ᠠᠷᠠᠳ᠎ᠤᠨ ᠲᠠᠭᠤᠤ ᠵᠢᠨ ᠭᠤᠸ᠎ᠠ ᠰᠠᠶ᠋ᠢᠬᠠᠨ᠎ᠢ ᠤᠶ᠋ᠢᠯᠠᠭ᠋ᠠᠬᠤ᠎ᠳᠤ ᠨᠠᠩ ᠰᠠᠶ᠋ᠢᠨ ᠪᠤᠯᠤᠨ᠎ᠠ᠃ ᠪᠠᠭᠰᠢ᠎ᠠᠴᠠ ᠵᠢᠭ᠋ᠠᠨ ᠰᠤᠷᠭ᠋ᠠᠯᠳᠠ᠎ᠳᠤ᠎ᠪᠠᠨ ᠠᠷᠠᠳ᠎ᠤᠨ ᠲᠠᠭᠤᠤ ᠵᠢᠨ ᠠᠭᠤᠷ ᠠᠮᠢᠰᠬᠤᠯ᠎ᠢ ᠪᠤᠢ ᠪᠤᠯᠭ᠋ᠠᠵᠦ᠂ ᠰᠤᠷᠤᠭᠴᠢᠳ ᠲᠡᠬᠦᠨ᠎ᠤ ᠲᠤᠮᠳᠠ᠎ᠠᠴᠠ ᠨᠦᠯᠦᠭᠡ ᠬᠦᠷᠳᠡᠵᠦ᠂ ᠠᠷᠠᠳ᠎ᠤᠨ ᠲᠠᠭᠤᠤ ᠵᠢᠨ ᠲᠠᠲᠠᠬᠤ ᠬᠦᠴᠦᠨ᠎ᠢ ᠮᠡᠳᠡᠷᠡᠵᠦ ᠠ᠋ᠬᠦᠨ᠎ᠤ ᠤᠯᠠᠮ᠎ᠠᠴᠠ ᠪᠠᠬᠠᠷᠬᠠᠨ᠎ᠠ᠃ ᠠᠳᠠᠯᠢ ᠪᠤᠰᠤ ᠲᠦᠷᠦᠯ᠎ᠤᠨ ᠲᠠᠭᠤᠤ ᠵᠢᠨ ᠠᠬᠤᠢ ᠪᠠᠶ᠋ᠢᠳᠠᠯ᠎ᠢ ᠦᠨᠳᠦᠰᠦᠯᠡᠨ ᠠᠳᠠᠯᠢ ᠪᠤᠰᠤ ᠪᠠᠶ᠋ᠢᠳᠠᠯ᠎ᠢ ᠲᠤᠬᠢᠷᠠᠭᠤᠯᠤᠨ᠂ ᠵᠢᠭ᠋ᠠᠨ ᠰᠤᠷᠭ᠋ᠠᠯᠳᠠ ᠵᠢᠨ ᠦᠷ᠎ᠡ ᠪᠦᠳᠦᠮᠵᠢ ᠵᠢ ᠤᠯᠠᠨ ᠲᠠᠯ᠎ᠠ᠎ᠪᠠᠷ ᠲᠡᠭᠡᠭᠰᠢᠯᠡᠭᠦᠯᠦᠨ᠎ᠡ᠃ ᠰᠤᠷᠤᠭᠴᠢᠳ᠎ᠲᠤ ᠨᠡᠩ ᠰᠠᠶ᠋ᠢᠨ ᠨᠦᠯᠦᠭᠡ ᠦᠭᠭᠦ ᠵᠢᠨ ᠲᠦᠯᠦᠭᠡ ᠪᠠᠰᠠ ᠠᠷᠠᠳ᠎ᠤᠨ ᠲᠠᠭᠤᠤ ᠵᠢᠨ ᠤᠷᠠᠯᠢᠬ᠍ᠴᠢᠳᠢ ᠲᠤᠰᠬᠠᠢ ᠤᠷᠢᠵᠦ᠂ ᠰᠤᠷᠤᠭᠴᠢᠳ᠎ᠤᠨ ᠠᠷᠠᠳ᠎ᠤᠨ ᠲᠠᠭᠤᠤ ᠵᠢᠨ ᠲᠤᠬᠠᠢ ᠲᠦᠷᠦᠭᠳᠡᠯ᠎ᠢ ᠬᠦᠨᠵᠡᠭᠡᠶ᠋ᠢᠷᠡᠬᠦᠯᠵᠦ ᠪᠤᠯᠤᠨ᠎ᠠ᠃
ᠤᠯᠠᠮᠵᠢᠯᠠᠯᠳᠦ ᠮᠤᠩᠭᠤᠯ ᠠᠷᠠᠳ᠎ᠤᠨ ᠲᠠᠭᠤᠤ ᠵᠢᠨ ᠵᠢᠭ᠋ᠠᠨ ᠰᠤᠷᠭ᠋ᠠᠯᠳᠠ᠎ᠳᠤ ᠣᠷᠣᠨ ᠨᠤᠲᠤᠭ᠎ᠤᠨ ᠰᠤᠶᠤᠯ ᠠᠮᠢᠳᠤᠷᠠᠯ᠎ᠤᠨ ᠠᠭᠤᠯᠭ᠎ᠠ ᠵᠢ ᠤᠷᠤᠭᠤᠯᠵᠦ᠂ ᠰᠤᠷᠤᠭᠴᠢ ᠵᠢᠨ ᠰᠤᠷᠤᠯᠴᠠᠬᠤ ᠰᠤᠨᠢᠷᠬᠠᠯ᠎ᠢ ᠲᠠᠳᠠᠵᠦ᠂ ᠰᠤᠷᠤᠭᠴᠢᠳ᠎ᠤᠨ ᠠᠮᠢᠳᠤᠯᠢᠭ ᠵᠶ᠋ᠠᠷ᠂ ᠭᠦᠨᠵᠡᠭᠡᠢ᠎ᠪᠠᠷ ᠠᠷᠠᠳ᠎ᠤᠨ ᠲᠠᠭᠤᠤ ᠰᠤᠷᠤᠯᠴᠠᠬᠤ᠎ᠳᠤ ᠬᠠᠪᠰᠤᠷᠤᠮᠵᠢ ᠪᠤᠯᠭ᠋ᠠᠨ᠎ᠠ᠃ ᠬᠤᠷᠴᠢᠨ ᠠᠷᠠᠳ᠎ᠤᠨ ᠲᠠᠭᠤᠤ 《ᠴᠤᠬᠤᠷ》᠎ᠢ ᠬᠦᠮᠦᠰ ᠠᠨᠳᠠᠢ ᠪᠦᠵᠢᠭᠯᠡᠬᠦ᠎ᠳᠤ ᠳᠠᠭᠤᠯᠠᠳᠠᠭ᠃ ᠲᠤᠰ ᠲᠠᠭᠤᠤ ᠵᠢ ᠵᠢᠭ᠋ᠠᠬᠤ᠎ᠳᠤ᠎ᠪᠠᠨ ᠤᠷᠢᠳ ᠵᠶ᠋ᠠᠷ ᠠᠨᠳᠠᠢ ᠪᠥᠵᠢᠭ᠎ᠤᠨ ᠲᠤᠮᠤᠭ ᠦᠯᠢᠭᠡᠷ᠎ᠢ ᠵᠢᠷᠤᠭ ᠬᠠᠪᠰᠤᠷᠭ᠋ᠠᠨ ᠰᠤᠷᠤᠭᠴᠢ᠎ᠳᠤ᠎ᠪᠠᠨ ᠶᠠᠷᠢᠵᠦ ᠦᠭᠭᠦᠨ ᠰᠤᠷᠤᠭᠴᠢ ᠵᠢ ᠲᠤᠰ ᠲᠠᠭᠤᠤ ᠵᠢᠨ ᠤᠷᠴᠢᠨ ᠠᠬᠤᠢ᠎ᠳᠤ ᠲᠠᠳᠠᠨ ᠤᠷᠤᠭᠤᠯᠬᠤ ᠭᠡᠭᠦ ᠮᠠᠳᠤ᠃
ᠬᠤᠶᠠᠷ᠂ ᠠᠷᠠᠳ᠎ᠤᠨ ᠲᠠᠭᠤᠤ᠎ᠳᠤ ᠠᠶ᠋ᠢᠵᠠᠮ᠎ᠳᠦ ᠬᠦᠳᠡᠯᠦᠯ ᠬᠠᠪᠰᠤᠷᠭ᠋ᠠᠬᠤ ᠵᠢᠭ᠋ᠠᠨ ᠰᠤᠷᠭ᠋ᠠᠯᠳᠠ
ᠠᠶ᠋ᠢᠵᠠᠮ᠎ᠳᠦ ᠬᠦᠳᠡᠯᠦᠯ᠎ᠤᠨ ᠵᠢᠭ᠋ᠠᠨ ᠰᠤᠷᠭ᠋ᠠᠯᠳᠠ ᠵᠢᠨ ᠠᠷᠭ᠎ᠠ ᠪᠤᠯ ᠦᠷᠭᠡᠨ ᠤᠯᠠᠨ ᠲᠠᠭᠤᠤ ᠬᠦᠭᠵᠢᠮ᠎ᠤᠨ ᠪᠠᠭᠰᠢ ᠨᠠᠷ᠎ᠤᠨ ᠵᠢᠭ᠋ᠠᠨ ᠰᠤᠷᠭ᠋ᠠᠯᠳᠠ ᠲᠤᠮᠳᠠ ᠨᠡᠶ᠋ᠢᠳᠠᠮ ᠬᠡᠷᠡᠭᠯᠡᠭᠳᠡᠳᠡᠭ ᠠᠷᠭ᠎ᠠ ᠵᠢᠨ ᠨᠢᠭᠡ ᠪᠠᠶ᠋ᠢᠵᠦ᠂ ᠲᠡᠷᠡ᠎ᠨᠢ ᠬᠦᠳᠡᠯᠭᠡᠭᠡᠨ᠎ᠤ ᠲᠤᠭᠯᠠᠯᠳᠠ ᠵᠢᠨ ᠨᠢᠭᠡ ᠲᠦᠷᠦᠯ ᠪᠤᠯᠤᠨ᠎ᠠ᠃ ᠲᠠᠭᠤᠤ ᠬᠦᠭᠵᠢᠮ᠎ᠤᠨ ᠭᠤᠸ᠎ᠠ ᠰᠠᠶ᠋ᠢᠬᠠᠨ᠎ᠢ ᠤᠶ᠋ᠢᠯᠠᠭ᠋ᠠᠬᠤ ᠪᠠ ᠢᠯᠡᠳᠭᠡᠬᠦ᠎ᠳᠤ ᠬᠠᠮᠤᠭ᠎ᠤᠨ ᠠ᠋ᠷᠳᠡᠨ᠎ᠤ ᠪᠠᠶ᠋ᠢᠭ᠋ᠠᠯᠢᠯᠢᠬ ᠠᠷᠭ᠎ᠠ ᠬᠡᠯᠪᠡᠷᠢ ᠪᠤᠯ ᠲᠠᠷᠦᠢ ᠬᠦᠳᠡᠯᠦᠯ ᠪᠠᠷᠢᠯ ᠪᠠᠶ᠋ᠢᠵᠦ᠂ ᠬᠦᠳᠡᠯᠦᠯ ᠵᠶ᠋ᠠᠷ ᠰᠡᠳᠬᠢᠯ ᠵᠶ᠋ᠠᠨ ᠢᠯᠡᠳᠭᠡᠳᠡᠭ᠃ ᠬᠦᠳᠡᠯᠦᠯ ᠪᠠᠷᠢᠯ᠎ᠨᠢ ᠨᠢᠭᠤᠷ ᠲᠠᠯ᠎ᠠ᠎ᠠᠴᠠ ᠦᠵᠡᠪᠡᠯ ᠮᠦᠴᠢ ᠵᠢᠨ ᠬᠡᠷᠡᠭᠯᠡᠯᠳᠡ᠂ ᠭᠡᠪᠡᠴᠦ ᠮᠦᠨ ᠴᠢᠨᠠᠷ ᠲᠡᠭᠡᠷ᠎ᠡ᠎ᠪᠠᠨ ᠲᠠᠭᠤᠤ ᠬᠦᠭᠵᠢᠮ᠎ᠤᠨ ᠰᠤᠷᠤᠯᠴᠠᠯᠭ᠎ᠠ᠎ᠳᠠᠬᠢ ᠠᠰᠠᠭᠤᠳᠠᠯ᠎ᠢ ᠰᠢᠢ᠍ᠳᠪᠦᠷᠢᠯᠡᠬᠦ ᠵᠢᠨ ᠲᠦᠯᠦᠭᠡ ᠶᠤᠮ᠃ ᠠᠶ᠋ᠢᠵᠠᠮ᠎ᠳᠦ ᠬᠦᠳᠡᠯᠦᠯ᠎ᠤᠨ ᠵᠢᠭ᠋ᠠᠨ ᠰᠤᠷᠭ᠋ᠠᠯᠳᠠ᠎ᠨᠢ ᠠᠶ᠋ᠢᠵᠠᠮ ᠴᠤᠬᠢᠯᠭ᠎ᠠ᠎ᠲᠠᠢ ᠪᠡᠶ᠎ᠡ ᠵᠢᠨ ᠬᠦᠳᠡᠯᠦᠯ ᠵᠶ᠋ᠠᠷ ᠲᠠᠮᠵᠢᠨ ᠰᠤᠷᠤᠭᠴᠢᠳ᠎ᠲᠤ ᠲᠠᠭᠤᠤ ᠬᠦᠭᠵᠢᠮ᠎ᠢ ᠤᠶ᠋ᠢᠯᠠᠭ᠋ᠠᠭᠤᠯᠵᠦ᠂ ᠲᠡᠭᠦᠨ᠎ᠤ ᠰᠤᠷᠤᠯᠴᠠᠬᠤ ᠬᠠᠨᠳᠤᠰᠢ᠎ᠨᠢ ᠲᠠᠭᠤᠤ ᠬᠦᠭᠵᠢᠮ᠎ᠤᠨ ᠠ᠋ᠯᠸᠮᠸᠨ᠋ᠲ᠎ᠤᠨ ᠮᠡᠳᠡᠷᠡᠮᠵᠢ ᠪᠠ ᠢᠯᠡᠷᠡᠯ ᠪᠠᠶ᠋ᠢᠵᠦ᠂ ᠲᠠᠭᠤᠤ ᠬᠦᠭᠵᠢᠮ᠎ᠤᠨ ᠮᠡᠳᠡᠷᠡᠮᠵᠢ ᠵᠢ ᠢᠯᠡᠳᠭᠡᠵᠦ ᠢᠯᠡᠷᠡᠭᠦᠯᠬᠦ ᠶᠠᠪᠤᠳᠠᠯ ᠪᠤᠯᠤᠨ᠎ᠠ᠃
ᠠᠷᠠᠳ᠎ᠤᠨ ᠲᠠᠭᠤᠤ ᠵᠢᠨ ᠵᠢᠭ᠋ᠠᠨ ᠰᠤᠷᠭ᠋ᠠᠯᠳᠠ᠎ᠳᠤ ᠨᠠᠶ᠋ᠢᠳᠠᠮ ᠲᠠᠭᠤᠯᠠᠭ᠋ᠠᠳ ᠪᠠᠶ᠋ᠢᠪᠠᠯ ᠰᠤᠷᠤᠭᠴᠢ ᠵᠢᠨ ᠨᠠᠰᠤ ᠵᠢᠯ᠎ᠤᠨ ᠤᠨᠴᠠᠯᠢᠭᠲᠤ ᠨᠠᠶ᠋ᠢᠴᠡᠬᠦ ᠦᠭᠡᠢ ᠪᠠᠶ᠋ᠢᠵᠦ ᠦᠷ᠎ᠡ ᠠᠰᠢᠭ ᠠᠨᠠᠶ᠋ᠢᠬᠠᠨ ᠪᠠᠶ᠋ᠢᠳᠠᠭ᠃ ᠰᠤᠷᠤᠭᠴᠢ ᠵᠢᠨ ᠬᠦᠭᠡᠷᠦᠭᠦᠨ ᠬᠦᠳᠡᠯᠦᠮᠡᠳᠡᠬᠡᠢ ᠴᠢᠨᠠᠷ᠎ᠢ ᠦᠨᠳᠦᠰᠦᠯᠡᠵᠦ᠂ ᠪᠢᠳᠡ ᠲᠠᠭᠤᠯᠠᠬᠤ ᠵᠢᠨ ᠰᠠᠭᠤᠷᠢᠨ ᠲᠡᠭᠡᠷ᠎ᠡ ᠪᠠᠰᠠ ᠰᠤᠷᠤᠭᠴᠢ ᠵᠢ ᠲᠠᠭ᠋ᠠᠭᠤᠯᠤᠨ ᠠᠷᠠᠳ᠎ᠤᠨ ᠲᠠᠭᠤᠤ᠎ᠳᠤ ᠨᠠᠶ᠋ᠢᠴᠡᠭᠰᠡᠨ ᠲᠦᠭᠦᠮᠬᠡᠨ ᠪᠦᠵᠢᠭ ᠪᠤᠶᠤ ᠠᠶ᠋ᠢᠵᠠᠮ᠎ᠳᠦ ᠬᠦᠳᠡᠯᠦᠯᠢ ᠬᠠᠪᠰᠤᠷᠭ᠋ᠠᠵᠦ ᠪᠤᠯᠤᠨ᠎ᠠ᠃ ᠪᠠᠭ᠎ᠠ ᠰᠤᠷᠭ᠋ᠠᠭᠤᠯᠢ ᠵᠢᠨ ᠲᠠᠭᠤᠤ ᠬᠦᠭᠵᠢᠮ᠎ᠤᠨ ᠰᠤᠷᠭ᠋ᠠᠨ ᠬᠦᠮᠦᠵᠢᠯ᠎ᠳᠤ ᠪᠦᠵᠢᠭ ᠪᠠ ᠠᠶ᠋ᠢᠵᠠᠮ᠎ᠳᠦ ᠬᠦᠳᠡᠯᠦᠯ ᠪᠤᠯ ᠴᠢᠬᠤᠯᠠ ᠦᠢ᠍ᠯᠡᠳᠦᠯ᠎ᠲᠠᠢ ᠪᠠᠶ᠋ᠢᠵᠦ᠂ ᠠ᠋ᠭᠦᠨ ᠵᠶ᠋ᠠᠷ ᠲᠠᠮᠵᠢᠨ ᠰᠤᠷᠤᠭᠴᠢᠳ ᠲᠠᠭᠤᠤ ᠬᠦᠭᠵᠢᠮ᠎ᠤᠨ ᠬᠡᠮᠨᠡᠯ᠎ᠢ ᠢᠯᠡᠷᠡᠭᠦᠯᠦᠨ᠂ ᠲᠠᠭᠤᠤ ᠬᠦᠭᠵᠢᠮ᠎ᠤᠨ ᠠ᠋ᠯᠸᠮᠸᠨ᠋ᠲᠢ ᠠᠮᠢᠳᠤᠯᠢᠭ ᠪᠡᠶ᠎ᠡ ᠵᠢᠨ ᠬᠦᠳᠡᠯᠦᠯ ᠪᠤᠯᠭ᠋ᠠᠨ ᠬᠤᠪᠢᠷᠠᠭ᠋ᠠᠵᠤ᠂ ᠲᠠᠭᠤᠤ ᠬᠦᠭᠵᠢᠮ᠎ᠤᠨ ᠬᠠᠶ᠋ᠢᠷ᠎ᠠ ᠰᠡᠳᠬᠢᠯᠭᠡ ᠵᠢ ᠬᠦᠢ᠍ᠴᠡᠳ ᠮᠡᠳᠡᠷᠡᠵᠦ ᠲᠡᠶ᠋ᠢᠯᠦᠨ᠎ᠡ᠃ ᠪᠠᠭᠰᠢ᠎ᠠᠴᠠ ᠠᠷᠠᠳ᠎ᠤᠨ ᠲᠠᠭᠤᠤ᠎ᠳᠤ ᠲᠤᠬᠢᠷᠠᠭᠰᠠᠨ ᠲᠦᠭᠦᠮ ᠬᠢᠯᠪᠠᠷ ᠪᠦᠵᠢᠭ᠎ᠤᠨ ᠬᠦᠳᠡᠯᠦᠯᠢ ᠵᠤᠬᠢᠶᠠᠨ ᠨᠠᠶ᠋ᠢᠷᠠᠭᠤᠯᠵᠦ᠂ ᠰᠤᠷᠤᠭᠴᠢᠳ᠎ᠤᠨ ᠲᠠᠭᠤᠤ ᠬᠦᠭᠵᠢᠮ᠎ᠤᠨ ᠠᠶ᠋ᠢᠵᠠᠮ ᠴᠤᠬᠢᠯᠭ᠎ᠠ᠎ᠳᠠᠬᠢ ᠲᠦᠷᠦᠭᠳᠡᠯ᠎ᠢ ᠴᠢᠩᠭ᠋ᠠᠳᠬᠠᠵᠦ᠂ ᠠᠷᠠᠳ᠎ᠤᠨ ᠲᠠᠭᠤᠤ ᠵᠢᠨ ᠬᠡᠪ ᠨᠠᠮᠪᠠ ᠵᠢ ᠤᠨᠤᠪᠴᠢᠳᠠᠢ ᠡᠵᠡᠮᠰᠢᠬᠦ᠎ᠳᠤ ᠬᠠᠪᠰᠤᠷᠤᠮᠵᠢ ᠪᠤᠯᠭ᠋ᠠᠵᠦ᠂ ᠰᠤᠷᠤᠭᠴᠢ ᠵᠢᠨ ᠰᠤᠷᠤᠯᠴᠠᠬᠤ ᠲᠤᠷ᠎ᠠ ᠪᠠᠬ᠎ᠠ ᠵᠢ ᠬᠦᠭᠵᠢᠬᠡᠵᠦ᠂ ᠠᠷᠠᠳ᠎ᠤᠨ ᠲᠠᠭᠤᠤ ᠰᠤᠷᠤᠯᠴᠠᠬᠤ ᠰᠤᠨᠢᠷᠬᠠᠯᠳᠦ ᠴᠢᠨᠠᠷ ᠪᠠ ᠪᠡᠶ᠎ᠡ᠎ᠪᠠᠨ ᠲᠠᠭ᠋ᠠᠭ᠋ᠠᠬᠤ ᠴᠢᠨᠠᠷ᠎ᠢ ᠬᠦᠮᠦᠵᠢᠭᠦᠯᠦᠨ᠎ᠡ᠃ ᠮᠤᠩᠭᠤᠯ ᠠᠷᠠᠳ᠎ᠤᠨ ᠰᠤᠶᠤᠯ ᠤᠷᠠᠯᠢᠭ᠎ᠲᠤ ᠶᠤᠤᠬᠤᠷ᠂ ᠠᠨᠳᠠᠢ ᠮᠡᠳᠦ ᠵᠢᠨ ᠲᠠᠭᠤᠯᠠᠵᠦ ᠪᠦᠵᠢᠭᠯᠡᠬᠦ ᠵᠢ ᠬᠠᠪᠰᠤᠷᠭ᠋ᠠᠭᠰᠠᠨ ᠤᠷᠠᠯᠢᠭ ᠤᠯᠠᠨ ᠪᠠᠶ᠋ᠢᠳᠠᠭ᠃ ᠠ᠋ᠳᠡᠭᠡᠷ ᠶᠡᠷᠤᠩᠬᠡᠶ᠋ᠢᠯᠡᠭᠰᠡᠨ ᠤᠷᠠᠯᠢᠭ᠎ᠨᠢ ᠴᠢᠯᠤᠭᠡᠳᠡᠢ᠂ ᠠᠮᠢᠳᠤᠯᠢᠭ᠂ ᠴᠤᠪᠤᠭᠤᠯᠢᠭ ᠪᠠᠶ᠋ᠢᠵᠦ᠂ ᠪᠠᠭᠰᠢ᠎ᠠᠴᠠ ᠠ᠋ᠳᠡᠭᠡᠷ ᠶᠡᠷᠤᠩᠬᠡᠶ᠋ᠢᠯᠡᠭᠰᠡᠨ ᠤᠷᠠᠯᠢᠭ᠎ᠤᠨ ᠤᠨᠴᠠᠯᠢᠭ᠎ᠢ ᠠᠰᠢᠭᠯᠠᠨ᠂ ᠲᠠᠭᠤᠤ ᠵᠢᠨ ᠬᠡᠮᠨᠡᠯ ᠠᠶ᠋ᠢᠵᠠᠮ᠎ᠢ᠎ᠨᠢ ᠦᠨᠳᠦᠰᠦᠯᠡᠵᠦ᠂ ᠪᠡᠶ᠎ᠡ ᠴᠤᠭᠴᠠ ᠵᠢᠨ ᠲᠦᠭᠦᠮ ᠬᠦᠳᠡᠯᠦᠯ ᠵᠤᠬᠢᠶᠠᠨ ᠠᠷᠠᠳ᠎ᠤᠨ ᠲᠠᠭᠤᠤ ᠵᠢᠨ ᠵᠢᠭ᠋ᠠᠨ ᠰᠤᠷᠭ᠋ᠠᠯᠳᠠ᠎ᠳᠤ᠎ᠪᠠᠨ ᠠᠰᠢᠭᠯᠠᠵᠤ ᠪᠤᠯᠤᠨ᠎ᠠ᠃ ᠪᠠᠭᠰᠢ᠎ᠠᠴᠠ ᠪᠤᠳᠠᠰ᠎ᠤᠨ ᠪᠤᠰᠤ ᠰᠤᠶᠤᠯ᠎ᠤᠨ ᠦᠪ ᠪᠤᠯᠬᠤ ᠠᠨᠳᠠᠢ ᠪᠦᠵᠢᠭ᠎ᠳᠠᠬᠢ ᠲᠠᠯᠠᠪᠠᠢ᠎ᠳᠤ ᠤᠷᠤᠬᠤ᠂ ᠠᠯᠴᠢᠭᠤᠷ ᠰᠠᠵᠢᠯᠠᠬᠤ᠂ ᠮᠦᠷ ᠰᠤᠯᠢᠬᠤ ᠵᠡᠷᠭᠡ ᠦᠨᠳᠦᠰᠦᠨ ᠬᠦᠳᠡᠯᠭᠡᠭᠡᠨ᠎ᠢ ᠵᠢᠭ᠋ᠠᠨ ᠰᠤᠷᠭ᠋ᠠᠵᠦ᠂ ᠰᠤᠷᠤᠭᠴᠢ ᠵᠢ ᠲᠠᠭ᠋ᠠᠭᠤᠯᠤᠨ ᠲᠠᠭᠤᠯᠠᠬᠤ ᠵᠢᠨ ᠲᠠᠭ᠋ᠠᠦ ᠪᠦᠵᠢᠭᠯᠡᠵᠦ᠂ ᠰᠤᠷᠤᠭᠴᠢ ᠵᠢᠨ ᠠᠷᠠᠳ᠎ᠤᠨ ᠲᠠᠭᠤᠤ ᠰᠤᠷᠬᠤ ᠤᠷᠮ᠎ᠠ ᠪᠠᠬ᠎ᠠ ᠵᠢ ᠬᠦᠭᠵᠢᠭᠡᠬᠦ ᠵᠢᠨ ᠬᠠᠮᠳᠦ ᠲᠠᠭᠤᠤ᠎ᠪᠠᠨ ᠡᠵᠡᠮᠰᠢᠬᠦ᠎ᠳᠤ ᠬᠠᠪᠰᠤᠷᠤᠮᠵᠢ ᠪᠤᠯᠭ᠋ᠠᠵᠤ ᠪᠤᠯᠤᠨ᠎ᠠ᠃
ᠠᠷᠠᠳ᠎ᠤᠨ ᠲᠠᠭᠤᠤ ᠵᠢᠨ ᠵᠢᠭ᠋ᠠᠨ ᠰᠤᠷᠭ᠋ᠠᠯᠳᠠ ᠲᠤᠮᠳᠠ ᠬᠦᠳᠡᠯᠦᠯ ᠲᠤᠬᠢᠷᠠᠭᠤᠯᠬᠤ᠎ᠳᠤ᠎ᠪᠠᠨ ᠠᠯᠢ ᠴᠢᠳᠠᠬᠤ᠎ᠪᠠᠷ ᠲᠦᠭᠦᠮ ᠰᠢᠭ ᠬᠦᠳᠡᠯᠦᠯᠢ ᠰᠤᠩᠭᠤᠵᠤ᠂ ᠬᠦᠴᠢᠷ ᠬᠦᠳᠡᠯᠦᠯᠢ ᠰᠤᠷᠤᠭᠴᠢ ᠪᠡᠶᠡᠯᠡᠬᠦᠯᠵᠤ ᠲᠠᠶ᠋ᠢᠯᠬᠦ ᠦᠬᠡᠢ᠎ᠠᠴᠠ ᠪᠤᠯᠵᠦ ᠰᠤᠷᠤᠯᠴᠠᠬᠤ ᠤᠷᠮ᠎ᠠ ᠪᠠᠬ᠎ᠠ ᠵᠢ᠎ᠨᠢ ᠨᠦᠯᠦᠬᠡᠯᠡᠬᠦ᠎ᠠᠴᠠ ᠬᠢᠴᠢᠶᠡᠨ᠎ᠡ᠃ ᠠ᠋ᠭᠦᠨ᠎ᠳᠤ ᠪᠠᠰᠠ ᠰᠤᠷᠤᠭᠴᠢ ᠪᠦᠬᠦᠨ ᠬᠦᠭ ᠠᠶ᠋ᠢᠵᠠᠮ᠎ᠳᠤ ᠬᠦᠳᠡᠯᠬᠦ ᠤᠶ᠋ᠢᠯᠠᠭ᠋ᠠᠭᠳᠠᠬᠤᠨᠢ ᠪᠠᠷᠢᠮᠳᠠᠯᠠᠶ᠎ᠠ᠃ ᠠᠶ᠋ᠢᠵᠠᠮ᠎ᠳᠦ ᠬᠦᠳᠡᠯᠦᠯ᠎ᠨᠢ ᠪᠦᠵᠢᠭ᠎ᠲᠠᠢ ᠠᠳᠠᠯᠢ ᠦᠬᠡᠢ᠂ ᠬᠦᠳᠡᠯᠦᠯ᠎ᠤᠨ ᠮᠡᠷᠭᠡᠰᠢᠯ᠎ᠤᠨ ᠴᠢᠨᠠᠷ᠎ᠢ ᠱᠠᠭ᠋ᠠᠷᠳᠠᠬᠤ ᠦᠬᠡᠢ ᠪᠠᠶ᠋ᠢᠵᠦ᠂ ᠪᠠᠭᠰᠢ᠎ᠠᠴᠠ ᠰᠤᠷᠤᠭᠴᠢ ᠪᠦᠬᠦᠨ ᠬᠦᠳᠡᠯᠦᠯᠢ ᠪᠡᠶᠡᠯᠡᠬᠦᠯᠬᠦ ᠪᠦᠭᠡᠳ ᠪᠡᠶᠡᠯᠡᠭᠦᠯᠬᠦ ᠬᠦᠳᠡᠯᠦᠯ᠎ᠨᠢ ᠲᠦᠭᠦᠮ ᠠᠪᠰᠠᠷᠬᠠᠨ᠂ ᠠᠶᠠᠨᠳᠠᠭ᠋ᠠᠨ ᠪᠠᠶ᠋ᠢᠬᠤ ᠵᠢ ᠠᠩᠬᠠᠷᠤᠨ᠎ᠠ᠃ ᠠ᠋ᠶ᠋ᠢᠮᠦ᠎ᠠᠴᠠ ᠠᠷᠠᠳ᠎ᠤᠨ ᠲᠠᠭᠤᠤ ᠵᠢ ᠵᠢᠭ᠋ᠠᠬᠤ ᠶᠠᠪᠤᠴᠠ᠎ᠳᠤ ᠠᠶ᠋ᠢᠵᠠᠮ᠎ᠳᠤ ᠬᠦᠳᠡᠯᠦᠯ ᠵᠶ᠋ᠠᠨ ᠠ᠋ᠮᠬᠢᠯᠡᠨ ᠲᠢᠭᠯᠡᠬᠦ᠎ᠳᠤ ᠠᠷᠠᠳ᠎ᠤᠨ ᠲᠠᠭᠤᠤ ᠵᠢᠨ ᠤᠭ ᠴᠤᠭᠴᠠ ᠵᠢᠨ ᠠ᠋ᠯᠸᠮᠸᠨ᠋ᠲᠢ ᠠᠯᠢ ᠴᠢᠳᠠᠬᠤ᠎ᠪᠠᠷ ᠤᠨᠤᠪᠴᠢᠳᠠᠢ ᠢᠯᠡᠳᠭᠡᠨ᠂ ᠠ᠋ᠭᠦᠨ᠎ᠤ ᠰᠠᠭᠤᠷᠢᠨ ᠲᠡᠭᠡᠷ᠎ᠡ ᠲᠠᠬᠢᠨ ᠬᠦᠳᠡᠯᠦᠯ᠎ᠤᠨ ᠭᠤᠸ᠎ᠠ ᠰᠠᠶ᠋ᠢᠬᠠᠨ᠎ᠢ ᠬᠦᠭᠡᠬᠡᠴᠡᠯᠳᠤᠨᠡ᠃
ᠠᠷᠠᠳ᠎ᠤᠨ ᠲᠠᠭᠤᠤ ᠵᠢᠨ ᠵᠢᠭ᠋ᠠᠨ ᠰᠤᠷᠭ᠋ᠠᠯᠳᠠ ᠲᠤᠮᠳᠠ ᠬᠦᠳᠡᠯᠦᠯ ᠲᠤᠭᠯᠠᠬᠤᠳᠤᠪᠠᠨ ᠲᠤᠳᠤᠭ᠋ᠠᠳᠤ ᠰᠡᠳᠬᠢᠯ᠎ᠠᠴᠠ᠎ᠪᠠᠨ ᠠ᠋ᠭᠦᠰᠬᠦ ᠵᠢ ᠬᠦᠨᠳᠦᠳᠭᠡᠨ᠎ᠡ᠃ ᠠᠶ᠋ᠢᠵᠠᠮ᠎ᠳᠦ ᠬᠦᠳᠡᠯᠦᠯ᠎ᠤᠨ ᠶᠠᠪᠤᠴᠠ᠎ᠳᠤ ᠰᠤᠷᠤᠭᠴᠢ ᠵᠢᠨ ᠤᠷᠮ᠎ᠠ ᠰᠡᠳᠬᠢᠯᠭᠡ ᠪᠤᠯ ᠲᠤᠩ ᠴᠢᠬᠤᠯᠠ ᠨᠢᠭᠡᠨ ᠠ᠋ᠯᠸᠮᠸᠨ᠋ᠲ ᠪᠤᠯᠤᠨ᠎ᠠ᠃ ᠨᠢᠭᠡ ᠤᠳᠠᠭ᠎ᠠ ᠪᠢ ᠲᠦᠷᠪᠡᠳᠦᠭᠡᠷ ᠤᠨ᠎ᠤ ᠰᠤᠷᠤᠭᠴᠢᠳ᠎ᠲᠤ ᠠᠨᠳᠠᠢ ᠵᠢᠨ ᠠᠭᠤᠯᠭ᠎ᠠ ᠵᠢ ᠤᠷᠤᠵᠦ᠂ ᠠᠨᠳᠠᠢ ᠵᠢᠨ ᠲᠠᠭᠤᠤ ᠵᠢ ᠲᠠᠭᠤᠯᠠᠬᠤ ᠵᠢᠨ ᠬᠠᠮᠳᠤ ᠲᠦᠭᠦᠮᠭᠡᠨ ᠠᠨᠳᠠᠢ ᠪᠦᠵᠢᠭ᠎ᠤᠨ ᠬᠦᠳᠡᠯᠦᠯ ᠲᠤᠬᠢᠷᠠᠭᠤᠯᠤᠭᠰᠠᠨ ᠪᠠᠶ᠋ᠢᠨ᠎ᠠ᠃ ᠢᠷᠠᠭᠤ ᠰᠠᠶ᠋ᠢᠬᠠᠨ ᠠᠨᠳᠠᠢ ᠵᠢᠨ ᠲᠠᠭᠤᠤ᠎ᠳᠤ ᠰᠤᠷᠤᠭᠴᠢᠳ ᠬᠤᠶᠠᠷ ᠬᠦᠮᠦᠨ ᠨᠢᠭᠡ ᠲᠤᠭᠤᠶ᠋ᠢᠯᠠᠩ ᠪᠤᠯᠵᠤ ᠠᠯᠴᠢᠭᠤᠷ ᠰᠠᠵᠢᠯᠠᠵᠤ ᠠ᠋ᠷᠬᠢᠯᠳᠤᠨ ᠤᠷᠤᠨ ᠵᠶ᠋ᠠᠨ ᠰᠤᠯᠢᠬᠤ ᠬᠦᠳᠡᠯᠦᠯᠢ ᠪᠡᠶᠡᠯᠡᠭᠦᠯᠦᠭᠰᠡᠨ ᠪᠠᠶ᠋ᠢᠨ᠎ᠠ᠃ ᠰᠤᠷᠤᠭᠴᠢᠳ᠎ᠤᠨ ᠬᠦᠳᠡᠯᠭᠡᠭᠡᠨ ᠨᠡᠯᠢᠶᠡᠳ ᠲᠡᠷᠢ ᠲᠡᠭᠰᠢ ᠪᠤᠯᠪᠠᠴᠤ ᠬᠤᠭᠤᠷᠤᠨᠳᠤ᠎ᠪᠠᠨ ᠰᠤᠯᠢᠯᠴᠠᠭ᠎ᠠ ᠦᠭᠡᠢ ᠲᠤᠯᠠ ᠵᠠᠷᠢᠮ᠎ᠨᠢ ᠲᠤᠷᠤᠭᠰᠢ᠎ᠪᠠᠨ ᠬᠠᠷᠠᠵᠦ ᠬᠤᠭᠤᠷᠤᠨᠳᠤ᠎ᠪᠠᠨ ᠨᠢᠳᠤᠨ ᠬᠠᠷᠠᠴᠠᠨᠤ ᠰᠤᠯᠢᠯᠴᠠᠭ᠎ᠠ ᠲᠤᠳᠠᠮᠠᠭ᠂ ᠴᠢᠷᠠᠢ ᠵᠢᠨ ᠢᠯᠡᠷᠡᠯ᠎ᠨᠢ ᠪᠠᠶᠠᠯᠢᠭ ᠰᠠᠶ᠋ᠢᠬᠠᠨ ᠪᠢᠰᠢ ᠬᠠᠷᠠᠭᠳᠠᠯ᠎ᠠ᠃ ᠪᠢ ᠰᠤᠷᠤᠭᠴᠢ ᠵᠢᠨ ᠠ᠋ᠶ᠋ᠢᠮᠦᠷᠬᠦᠤ ᠰᠡᠳᠭᠢᠯᠭᠡ ᠦᠬᠡᠢ ᠲᠤᠭᠯᠠᠵᠤ ᠪᠠᠶ᠋ᠢᠬᠤ ᠵᠢ ᠰᠡᠷᠡᠨ ᠮᠡᠳᠡᠵᠦ ᠰᠤᠷᠤᠭᠴᠢᠳ᠎ᠲᠤ᠎ᠪᠠᠨ ᠲᠠᠭᠤᠤ ᠬᠦᠭᠵᠢᠮ᠎ᠢ ᠪᠡᠶᠡᠴᠢᠯᠠᠨ ᠤᠶ᠋ᠢᠯᠠᠭ᠋ᠠᠬᠤ᠎ᠳᠤ ᠤᠷᠮ᠎ᠠ ᠰᠡᠳᠬᠢᠯᠭᠡ᠎ᠲᠠᠢ ᠪᠠᠶ᠋ᠢᠬᠤ ᠵᠢ ᠱᠠᠭ᠋ᠠᠷᠳᠠᠵᠦ᠂ ᠰᠡᠳᠬᠢᠯᠭᠡ᠎ᠨᠢ ᠰᠡᠳᠬᠢᠯ᠎ᠤᠨ ᠤᠭ᠎ᠠᠴᠠ᠎ᠪᠠᠨ ᠤᠨᠳᠤᠷᠴᠦ ᠲᠠᠭᠤᠤ ᠬᠦᠭᠵᠢᠮ᠎ᠢ ᠲᠠᠭ᠋ᠠᠰᠢᠶᠠᠨᠠ᠂ ᠦᠬᠡᠢ ᠪᠤᠯ ᠪᠢᠳᠡᠨ᠎ᠤ ᠠ᠋ᠨᠡ ᠬᠦ᠌ ᠲᠤᠭᠯᠠᠯᠳᠠ᠎ᠨᠢ ᠶᠡᠬᠡᠩᠬᠢ ᠦᠨ᠎ᠡ ᠦᠷᠳᠡᠭ ᠵᠶ᠋ᠠᠨ ᠠᠯᠳᠠᠬᠤ ᠵᠢ ᠰᠠᠨᠠᠭᠤᠯᠤᠭᠰᠠᠨ ᠪᠠᠶ᠋ᠢᠨ᠎ᠠ᠃ ᠠ᠋ᠭᠦᠨ᠎ᠤ ᠬᠠᠮᠳᠤ ᠰᠤᠷᠤᠭᠴᠢᠳ᠎ᠲᠤ᠎ᠪᠠᠨ ᠠᠨᠳᠠᠢ ᠵᠢᠨ ᠲᠤᠬᠠᠢ ᠦᠯᠢᠭᠡᠷ ᠶᠠᠷᠢᠬᠤ᠂ ᠲᠦᠷᠰᠦ ᠰᠢᠩᠭᠡᠭᠡᠯᠳᠡ ᠰᠤᠨᠢᠷᠬᠠᠭᠤᠯᠬᠤ ᠵᠡᠷᠭᠡ ᠵᠢ ᠤᠶᠠᠯᠳᠤᠭᠤᠯᠵᠤ ᠵᠢᠭ᠋ᠠᠨ ᠰᠤᠷᠭ᠋ᠠᠭᠰᠠᠨ ᠪᠠᠢ᠍ᠢ᠍ᠨ᠎ᠠ᠃ ᠠ᠋ᠭᠦᠨ᠎ᠳᠤ ᠰᠤᠷᠤᠭᠴᠢᠳ ᠪᠠᠰᠠ ᠲᠠᠭᠤᠤ ᠬᠦᠭᠵᠢᠮ᠎ᠢ ᠬᠢᠨᠠᠮᠠᠭ᠋ᠠᠢ ᠰᠤᠨᠤᠰᠴᠦ᠂ ᠦᠪᠡᠷᠰᠠᠳ᠎ᠤᠨ ᠲᠤᠳᠤᠭ᠋ᠠᠳᠤ ᠰᠡᠳᠬᠢᠯ᠎ᠤᠨ ᠰᠤᠨᠤᠷ᠎ᠤᠨ ᠰᠡᠷᠡᠯ᠎ᠢ ᠪᠤᠢ ᠪᠤᠯᠭ᠋ᠠᠵᠤ᠂ ᠪᠠᠶ᠎ᠡ᠎ᠪᠠᠨ ᠲᠠᠭ᠋ᠠᠭ᠋ᠠᠵᠤ ᠰᠡᠷᠡᠨ ᠤᠶ᠋ᠢᠯᠠᠭ᠋ᠠᠬᠤ ᠠᠷᠭ᠎ᠠ ᠵᠢ ᠬᠡᠷᠡᠭᠯᠡᠵᠦ ᠪᠤᠯᠤᠨ᠎ᠠ᠃ ᠠ᠋ᠨᠡ ᠦᠶ᠎ᠡ᠎ᠳᠤ ᠲᠡᠳᠡᠨ᠎ᠤ ᠠᠩᠬᠠᠷᠤᠯ᠎ᠨᠢ ᠶᠡᠭᠡ ᠲᠦᠪᠯᠡᠷᠡᠵᠦ᠂ ᠤᠷᠮ᠎ᠠ ᠰᠡᠳᠬᠢᠯᠭᠡ᠎ᠨᠢ ᠠᠶᠠᠨᠳᠠᠭ᠋ᠠᠨ ᠢᠯᠡᠷᠡᠬᠦ ᠪᠤᠯᠤᠨ᠎ᠠ᠃
ᠭᠤᠷᠪᠠ᠂ ᠠᠷᠠᠳ᠎ᠤᠨ ᠲᠠᠭᠤᠤ ᠵᠢ ᠲᠠᠬᠢᠨ ᠬᠤᠪᠢᠷᠠᠭ᠋ᠠᠨ ᠰᠢᠨ᠎ᠡ ᠮᠠᠶᠢᠭ᠎ᠤᠨ ᠲᠠᠭᠤᠤ ᠬᠦᠭᠵᠢᠮ᠎ᠤᠨ ᠨᠠᠶ᠋ᠢᠷᠠᠯᠭ᠎ᠠ᠎ᠪᠠᠷ ᠲᠠᠭᠤᠯᠠᠬᠤ ᠵᠢᠭ᠋ᠠᠨ ᠰᠤᠷᠭ᠋ᠠᠯᠳᠠ
ᠲᠠᠭᠤᠤ ᠬᠦᠭᠵᠢᠮ᠎ᠤᠨ ᠰᠤᠷᠭ᠋ᠠᠨ ᠬᠦᠮᠦᠵᠢᠯ᠎ᠤᠨ ᠠᠵᠢᠯᠯᠠᠭᠴᠢ ᠪᠤᠯᠤᠭᠰᠠᠨ᠎ᠤ ᠬᠤᠪᠢ ᠳᠤ᠂ ᠪᠢᠳᠡ ᠤᠯᠠᠮᠵᠢᠯᠠᠯᠳᠤ ᠤᠷᠠᠯᠢᠭ᠎ᠤᠨ ᠤᠯᠠᠮᠵᠢᠯᠠᠯ᠎ᠢ ᠬᠦᠨᠳᠦᠳᠬᠡᠵᠤ᠂ ᠰᠤᠷᠤᠭᠴᠢ ᠵᠢ ᠪᠠᠶᠠᠰᠤᠩᠭᠤᠢ ᠰᠤᠷᠬᠤ ᠤᠷᠴᠢᠨ᠎ᠳᠤ ᠠᠷᠠᠳ᠎ᠤᠨ ᠲᠠᠭᠤᠤ ᠰᠤᠷᠭ᠋ᠠᠬᠤ ᠵᠢ ᠠᠩᠬᠠᠷᠤᠨ᠎ᠠ᠃ ᠪᠠᠭᠰᠢ᠎ᠠᠴᠠ ᠰᠤᠷᠤᠭᠴᠢᠳ᠎ᠤᠨ ᠠᠷᠠᠳ᠎ᠤᠨ ᠲᠠᠭᠤᠤ ᠰᠤᠨᠢᠷᠬᠠᠬᠤ᠂ ᠠᠷᠠᠳ᠎ᠤᠨ ᠲᠠᠭᠤᠤ ᠲᠠᠭᠤᠯᠠᠬᠤ ᠵᠢ ᠰᠤᠷᠤᠭᠴᠢ ᠵᠢᠨ ᠬᠦᠯᠢᠶᠡᠬᠦ ᠰᠤᠨᠢᠷᠬᠠᠯᠳᠤ ᠲᠠᠯ᠎ᠠ᠎ᠠᠴᠠ ᠤᠴᠢᠵᠦ ᠵᠢᠯᠤᠭᠤᠳᠤᠨ᠂ ᠠᠷᠠᠳ᠎ᠤᠨ ᠲᠠᠭᠤᠤ ᠵᠢᠨ ᠭᠤᠸ᠎ᠠ ᠰᠠᠶ᠋ᠢᠬᠠᠨ᠎ᠢ ᠭᠦᠢ᠍ᠴᠡᠳ ᠪᠠᠳᠠᠷᠠᠭᠤᠯᠤᠨ᠎ᠠ᠃ ᠤᠳᠤᠬᠢ ᠨᠠᠶ᠋ᠢᠭᠡᠮ᠎ᠤᠨ ᠰᠤᠶᠤᠯ᠎ᠤᠨ ᠬᠡᠯᠪᠡᠷᠢ ᠵᠢᠨ ᠤᠯᠠᠨ ᠠ᠋ᠰᠢ᠎ᠳᠦ ᠬᠦᠭᠵᠢᠯᠳᠡ ᠵᠢᠨ ᠪᠠᠶ᠋ᠢᠳᠠᠯ᠎ᠠᠴᠠ ᠦᠵᠡᠪᠡᠯ᠂ ᠬᠦᠮᠦᠰ᠎ᠤᠨ ᠰᠤᠶᠤᠯ᠎ᠤᠨ ᠬᠡᠷᠡᠭᠴᠡᠭᠡ ᠪᠠᠰᠠ ᠬᠤᠪᠢᠷᠠᠯᠳᠠ ᠭᠠᠷᠴᠤ ᠪᠠᠶ᠋ᠢᠨ᠎ᠠ᠃ ᠲᠠᠭᠤᠤ ᠬᠦᠭᠵᠢᠮ᠎ᠤᠨ ᠬᠢᠴᠢᠶᠡᠯᠯᠡᠭᠡ᠎ᠳᠠᠬᠢ ᠤᠯᠠᠮᠵᠢᠯᠠᠯᠳᠤ ᠠᠷᠠᠳ᠎ᠤᠨ ᠲᠠᠭᠤᠤ ᠵᠢᠨ ᠵᠢᠭ᠋ᠠᠨ ᠰᠤᠷᠭ᠋ᠠᠯᠳᠠ ᠵᠢᠨ ᠶᠠᠪᠤᠴᠠ᠎ᠳᠤ ᠰᠢᠨ᠎ᠡ ᠲᠠᠭᠤᠤ ᠬᠦᠭᠵᠢᠮ᠎ᠤᠨ ᠨᠠᠶ᠋ᠢᠷᠠᠯᠭ᠎ᠠ᠎ᠲᠠᠢ ᠠᠷᠠᠳ᠎ᠤᠨ ᠲᠠᠭᠤᠤ ᠵᠢ ᠠᠰᠢᠭᠯᠠᠵᠤ ᠪᠤᠯᠤᠨ᠎ᠠ᠃ ᠤᠷᠴᠢᠮ᠎ᠤᠨ ᠵᠢᠯ᠎ᠳᠤ ᠮᠠᠨ᠎ᠤ ᠤᠷᠤᠨ᠎ᠳᠤ ᠤᠯᠠᠨ ᠤᠷᠠᠯᠢᠬ᠍ᠴᠢᠨ ᠮᠤᠩᠭᠤᠯ ᠠᠷᠠᠳ᠎ᠤᠨ ᠲᠠᠭᠤᠤ᠎ᠪᠠᠷ ᠠ᠋ᠬᠢ ᠮᠠᠲᠸᠷᠢᠶᠠᠯ ᠪᠤᠯᠭ᠋ᠠᠵᠤ ᠵᠤᠬᠢᠬᠤ ᠴᠠᠭ ᠦᠶ᠎ᠡ ᠵᠢᠨ ᠤᠨᠴᠠᠯᠢᠭᠳᠤ ᠰᠢᠨ᠎ᠡ ᠴᠠᠭ ᠠ᠋ᠷᠢᠨ᠎ᠤ ᠠᠷᠠᠳ᠎ᠤᠨ ᠲᠠᠭᠤᠤ ᠵᠢ ᠵᠤᠬᠢᠶᠠᠨ ᠪᠦᠳᠦᠭᠡᠵᠤ᠂ ᠰᠢᠨ᠎ᠡ᠎ᠪᠠᠷ ᠤᠷᠠᠯᠢᠭ᠎ᠤᠨ ᠲᠠᠶ᠋ᠢᠰᠠᠨ᠎ᠳᠤ ᠲᠤᠭᠯᠠᠵᠤ ᠪᠠᠶ᠋ᠢᠬᠤ ᠶᠤᠮ᠃ ᠲᠡᠳᠡ ᠢᠵᠠᠭᠤᠷ ᠤᠷᠠᠯᠢᠭ ᠪᠤᠯᠤᠨ ᠡᠯ᠎ᠡ ᠵᠦᠢ᠍ᠯ᠎ᠤᠨ ᠤᠷᠠᠯᠢᠭ᠎ᠤᠨ ᠬᠡᠯᠪᠡᠷᠢ ᠵᠢ ᠵᠤᠷᠢᠭᠳᠠᠢ ᠤᠶᠠᠯᠳᠤᠭᠤᠯᠤᠨ᠂ ᠤᠯᠠᠮᠵᠢᠯᠠᠯᠳᠤ ᠠᠷᠠᠳ᠎ᠤᠨ ᠲᠠᠭᠤᠤ ᠵᠢᠨ ᠬᠠᠭᠤᠴᠢᠨ ᠬᠡᠪ ᠨᠠᠮᠪᠠ ᠵᠢ ᠬᠠᠳᠠᠭ᠋ᠠᠯᠠᠭᠰᠠᠨ ᠰᠠᠭᠤᠷᠢᠨ ᠲᠡᠭᠡᠷ᠎ᠡ ᠤᠳᠤ ᠵᠢᠨ ᠰᠤᠨᠢᠷᠬᠠᠯᠳᠠᠢ ᠤᠷᠠᠯᠢᠭ᠎ᠤᠨ ᠬᠡᠪ ᠨᠠᠮᠪᠠ ᠵᠢ ᠤᠶᠠᠯᠳᠤᠭᠤᠯᠤᠨ ᠲᠤᠭᠯᠠᠵᠤ ᠪᠠᠶ᠋ᠢᠨ᠎ᠠ᠃ ᠠᠨᠳᠠ ᠬᠠᠮᠳᠤᠯᠢᠭ᠎ᠤᠨ 《ᠵᠠᠩᠭ᠋ᠠᠷ᠎ᠤᠨ ᠮᠠᠭᠳᠠᠭ᠋ᠠᠯ》 ᠭᠡᠬᠦ ᠪᠦᠳᠦᠭᠡᠯ ᠵᠶ᠋ᠠᠷ ᠠᠪᠴᠤ ᠬᠡᠯᠡᠪᠡᠯ᠂ ᠤᠤᠯ᠎ᠤᠨ ᠲᠠᠩ ᠭᠠᠭᠴᠠ ᠲᠤᠪᠰᠢᠭᠤᠷ ᠵᠶ᠋ᠠᠷ ᠬᠦᠭᠵᠢᠮᠳᠡᠵᠦ ᠲᠠᠭᠤᠯᠠᠬᠤ ᠬᠡᠯᠪᠡᠷᠢ ᠵᠢ ᠬᠤᠪᠢᠷᠠᠭᠤᠯᠵᠤ᠂ ᠤᠯᠠᠨ ᠮᠦᠷᠳᠦ ᠲᠠᠭᠤᠤ ᠬᠦᠭᠵᠢᠮ ᠤᠨ ᠲᠠᠭᠤᠯᠠᠬᠤ ᠬᠡᠯᠪᠡᠷᠢ ᠵᠢ ᠠᠰᠢᠭᠯᠠᠨ᠂ ᠤᠯᠠᠨ ᠬᠦᠮᠦᠨ᠎ᠤ ᠬᠦᠭᠡᠮᠡᠢ ᠵᠢᠨ ᠬᠠᠪᠰᠤᠷᠤᠯ ᠢ ᠤᠷᠤᠭᠤᠯᠤᠨ᠂ ᠲᠠᠭᠤᠨ ᠮᠦᠷ᠎ᠤᠨ ᠬᠤᠭᠤᠷᠤᠨᠳᠤᠬᠢ ᠠᠪᠴᠠᠯᠳᠤᠭ᠎ᠠ ᠪᠠ ᠶᠠᠷᠢᠯᠴᠠᠭ᠎ᠠ ᠵᠢ ᠪᠤᠢ ᠪᠤᠯᠭ᠋ᠠᠭᠰᠠᠨ᠎ᠠᠴᠠ ᠲᠠᠶ᠋ᠢᠰᠠᠨ᠎ᠤ ᠲᠤᠭᠯᠠᠯᠳᠠ ᠵᠢᠨ ᠦᠷ᠎ᠡ ᠠᠰᠢᠭ ᠨᠠᠩ ᠰᠠᠶ᠋ᠢᠨ ᠪᠤᠯᠤᠭᠰᠠᠨ ᠪᠠᠶ᠋ᠢᠨ᠎ᠠ᠃ ᠬᠤᠶᠠᠳᠠᠬᠢ ᠤᠳᠠᠭ᠋ᠠᠨ᠎ᠤ ᠵᠤᠬᠢᠶᠠᠨ ᠪᠦᠳᠦᠭᠡᠯᠭᠡ ᠵᠢᠨ ᠲᠤᠭᠯᠠᠯᠳᠠ᠎ᠪᠠᠷ ᠲᠠᠮᠵᠢᠨ᠂ ᠮᠤᠩᠭᠤᠯ ᠦᠨᠳᠦᠰᠦᠳᠡᠨ᠎ᠤ ᠤᠯᠠᠮᠵᠢᠯᠠᠯᠳᠤ ᠲᠠᠭᠤᠤ ᠬᠦᠭᠵᠢᠮ᠎ᠤᠨ ᠬᠡᠪ ᠨᠠᠮᠪᠠ ᠵᠢ ᠤᠳᠤ ᠦᠶ᠎ᠠ ᠵᠢᠨ ᠭᠡᠪ ᠨᠠᠮᠪᠠ᠎ᠲᠠᠢ ᠤᠶᠠᠯᠳᠤᠭᠤᠯᠤᠨ᠂ ᠤᠯᠠᠮᠵᠢᠯᠠᠯᠳᠤ ᠲᠠᠭᠤᠤ ᠬᠦᠭᠵᠢᠮ᠎ᠤᠨ ᠤᠷᠠᠯᠢᠭ᠎ᠤᠨ ᠭᠤᠸ᠎ᠠ ᠰᠠᠶ᠋ᠢᠬᠠᠨ᠎ᠢ ᠰᠤᠨᠤᠰᠤᠭᠴᠢᠳ᠎ᠲᠤ ᠤᠯᠠᠮ ᠰᠠᠶ᠋ᠢᠨ ᠤᠶ᠋ᠢᠯᠠᠭ᠋ᠠᠭᠤᠯᠬᠤ ᠪᠤᠯᠤᠭᠰᠠᠨ ᠪᠠᠶ᠋ᠢᠨ᠎ᠠ᠃ ᠶᠠᠭ ᠠ᠋ᠳᠡᠭᠡᠷ ᠤᠨᠴᠠᠯᠢᠭ᠎ᠨᠢ ᠬᠡᠤᠬᠡᠳ ᠪᠠᠭ᠋ᠠᠴᠤᠳ᠎ᠤᠨ ᠰᠤᠨᠢᠷᠬᠠᠯ᠎ᠢ ᠲᠠᠲᠠᠵᠤ ᠲᠠᠶ᠋ᠢᠯᠬᠦ ᠪᠤᠯᠤᠨ᠎ᠠ᠃ ᠠ᠋ᠢ᠍ᠢ᠍ᠮᠦᠷᠭᠦᠦ ᠴᠠᠭ ᠦᠶ᠎ᠡ᠎ᠳᠦ ᠴᠢᠨᠠᠷᠲᠠᠢ ᠰᠢᠨ᠎ᠡ ᠪᠠᠷ ᠵᠤᠬᠢᠶᠠᠭᠳᠠᠵᠤ ᠪᠠᠶ᠋ᠢᠭ᠎ᠠ ᠲᠠᠭᠤᠤ ᠵᠢ ᠬᠢᠴᠢᠶᠡᠯ᠎ᠤᠨ ᠲᠠᠩᠬᠢᠮ᠎ᠳᠤ ᠠᠭᠤᠰᠬᠠᠨ ᠤᠷᠤᠭᠤᠯᠪᠠᠯ ᠰᠤᠷᠤᠭᠴᠢ ᠲᠠᠭᠤᠯᠠᠬᠤ ᠲᠤᠷᠠᠳᠠᠢ᠂ ᠪᠠᠭᠰᠢ ᠵᠢᠭ᠋ᠠᠬᠤ ᠲᠤᠷᠠᠲᠠᠢ ᠪᠠᠶ᠋ᠢᠳᠠᠬ᠃
ᠲᠦᠷᠪᠡ᠂ ᠠᠷᠠᠳ᠎ᠤᠨ ᠲᠠᠭᠤᠤ ᠵᠢ ᠤᠯᠠᠨ ᠵᠠᠭᠤᠴᠢᠳᠦ ᠮᠠᠰᠢᠨ ᠵᠶ᠋ᠠᠷ ᠵᠤᠬᠢᠰᠳᠠᠢ ᠬᠠᠪᠰᠤᠷᠭ᠋ᠠᠨ ᠰᠤᠷᠬᠤ ᠵᠢᠭ᠋ᠠᠨ ᠰᠤᠷᠭ᠋ᠠᠯᠳᠠ
ᠰᠤᠷᠭ᠋ᠠᠭᠤᠯᠢ᠎ᠠᠴᠠ ᠮᠡᠳᠡᠭᠡ ᠵᠠᠩᠬᠢᠴᠢᠯᠠᠯᠳᠠ ᠵᠢᠨ ᠤᠷᠠᠯᠢᠭ᠎ᠤᠨ ᠬᠢᠴᠢᠶᠡᠯ᠎ᠤᠨ ᠠ᠋ᠬᠢ ᠪᠠᠶᠠᠯᠢᠭ᠎ᠢ ᠨᠡᠭᠡᠭᠡᠨ ᠬᠦᠭᠵᠢᠭᠦᠯᠵᠦ᠂ ᠠᠭᠤᠯᠭ᠎ᠠ ᠪᠤᠯᠤᠨ ᠠᠷᠭ᠎ᠠ ᠵᠢᠨ ᠲᠠᠯ᠎ᠠ᠎ᠪᠠᠷ ᠤᠷᠠᠯᠢᠭ᠎ᠤᠨ ᠬᠢᠴᠢᠶᠡᠯ᠎ᠤᠨ ᠤᠷᠤᠨ ᠵᠠᠢ ᠵᠢ ᠦᠷᠭᠡᠳᠭᠡᠵᠦ᠂ ᠤᠷᠠᠯᠢᠭ᠎ᠤᠨ ᠵᠢᠭ᠋ᠠᠨ ᠰᠤᠷᠭ᠋ᠠᠯᠳᠠ ᠵᠢ ᠨᠠᠩ ᠰᠢᠭᠤᠳ ᠴᠢᠨᠠᠷ᠂ ᠦᠢ᠍ᠯᠡᠳᠦᠯᠴᠡᠬᠦ ᠴᠢᠨᠠᠷ ᠪᠤᠯᠤᠨ ᠴᠠᠭ ᠦᠶ᠎ᠡ᠎ᠳᠦ ᠴᠢᠨᠠᠷᠲᠠᠢ ᠪᠤᠯᠭ᠋ᠠᠵᠤ᠂ ᠰᠤᠷᠤᠭᠴᠢᠳ᠎ᠤᠨ ᠰᠤᠷᠤᠯᠴᠠᠬᠤ ᠠᠷᠭ᠎ᠠ ᠮᠠᠶᠢᠭ᠎ᠤᠨ ᠬᠤᠪᠢᠷᠠᠭᠤᠯᠤᠯᠳᠠ ᠵᠢ ᠠᠭᠢᠭᠤᠯᠬᠤ ᠬᠡᠷᠡᠭᠳᠡᠢ ᠭᠡᠵᠡᠢ᠃ ᠢᠯᠠᠩᠭᠤᠶ᠎ᠠ ᠤᠳᠤ ᠦᠶ᠎ᠡ ᠵᠢᠨ ᠮᠡᠳᠡᠭᠡ ᠵᠠᠩᠭᠢ ᠵᠢᠨ ᠮᠡᠷᠭᠡᠵᠢᠯ ᠵᠶ᠋ᠠᠷ ᠤᠷᠠᠯᠢᠭ᠎ᠤᠨ ᠬᠢᠴᠢᠶᠡᠯ᠎ᠢ ᠠ᠋ᠮᠬᠢᠯᠡᠨ ᠨᠡᠶ᠋ᠢᠯᠡᠬᠦᠯᠵᠦ᠂ ᠲᠤᠭ᠋ᠠᠴᠢᠯᠠᠭᠰᠠᠨ᠂ ᠮᠡᠳᠡᠭᠡ ᠵᠠᠩᠬᠢᠴᠢᠯᠠᠭᠰᠠᠨ ᠤᠷᠠᠯᠢᠭ᠎ᠤᠨ ᠬᠢᠴᠢᠶᠡᠯ᠎ᠤᠨ ᠠ᠋ᠬᠢ ᠪᠠᠶᠠᠯᠢᠭ᠎ᠤᠨ ᠲᠡᠪᠴᠡᠩ᠎ᠢ ᠢᠳᠡᠪᠬᠢᠳᠡᠢ ᠪᠠᠶ᠋ᠢᠭᠤᠯᠵᠤ᠂ ᠨᠸᠲ ᠰᠦᠯᠵᠢᠶ᠎ᠡ ᠵᠢᠨ ᠮᠡᠳᠡᠭᠡ ᠵᠠᠩᠭᠢ ᠵᠢᠨ ᠬᠡᠮᠵᠢᠶ᠎ᠡ ᠶᠡᠭᠡ᠂ ᠦᠵᠡᠵᠦ ᠰᠤᠨᠤᠰᠬᠤ ᠵᠢ ᠤᠶᠠᠯᠳᠤᠭᠤᠯᠤᠭᠰᠠᠨ᠂ ᠬᠠᠷᠢᠯᠴᠠᠨ ᠦᠢ᠍ᠯᠡᠳᠦᠯᠴᠡᠵᠦ ᠬᠠᠮᠳᠤᠪᠡᠷ ᠠ᠋ᠳ᠋ᠯᠡᠬᠦ ᠵᠡᠷᠭᠡ ᠲᠠᠪᠠᠭᠤᠯᠢᠭ ᠲᠠᠯ᠎ᠠ ᠵᠢ ᠬᠦᠢ᠍ᠴᠡᠳ ᠠᠰᠢᠭᠯᠠᠨ᠂ ᠵᠢᠭ᠋ᠠᠨ ᠰᠤᠷᠭ᠋ᠠᠯᠳᠠ ᠵᠢᠨ ᠰᠢᠨ᠎ᠡ ᠠ᠋ᠬᠢ ᠪᠠᠶᠠᠯᠢᠭ᠎ᠢ ᠨᠡᠭᠡᠭᠡᠨ ᠬᠦᠭᠵᠢᠬᠦᠯᠵᠦ᠂ ᠵᠢᠭ᠋ᠠᠨ ᠰᠤᠷᠭ᠋ᠠᠯᠳᠠ ᠵᠢᠨ ᠠᠷᠭ᠎ᠠ ᠮᠠᠶᠢᠭ᠎ᠤᠨ ᠬᠤᠪᠢᠷᠠᠯᠳᠠ ᠪᠠ ᠰᠢᠨ᠎ᠡ ᠵᠢ ᠠ᠋ᠭᠦᠳᠦᠨ ᠪᠦᠳᠦᠭᠡᠭᠦ ᠵᠢ ᠠᠭᠢᠭᠤᠯᠬᠤ ᠬᠡᠷᠡᠭᠳᠡᠢ᠃ ᠮᠡᠳᠡᠭᠡ ᠵᠠᠩᠭᠢ ᠵᠢᠨ ᠮᠡᠷᠭᠡᠵᠢᠯ ᠵᠶ᠋ᠠᠷ ᠲᠦᠯᠦᠭᠡᠯᠡᠭᠦᠯᠦᠭᠰᠡᠨ ᠤᠳᠤ ᠦᠶ᠎ᠡ ᠵᠢᠨ ᠰᠤᠷᠭ᠋ᠠᠨ ᠬᠦᠮᠦᠵᠢᠭᠦᠯᠬᠦ ᠮᠡᠷᠭᠡᠵᠢᠯ᠎ᠨᠢ ᠲᠠᠭᠤᠤ ᠬᠦᠭᠵᠢᠮ᠎ᠤᠨ ᠵᠢᠭ᠋ᠠᠨ ᠰᠤᠷᠭ᠋ᠠᠯᠳᠠ ᠵᠢᠨ ᠪᠠᠭᠳᠠᠭ᠋ᠠᠮᠵᠢ ᠵᠢ ᠶᠡᠭᠡ᠎ᠪᠠᠷ ᠦᠷᠭᠡᠳᠭᠡᠵᠦ᠂ ᠵᠢᠭ᠋ᠠᠬᠤ ᠠᠷᠭ᠎ᠠ ᠪᠠᠷᠢᠯ ᠪᠤᠯᠤᠨ ᠵᠢᠭ᠋ᠠᠨ ᠰᠤᠷᠭ᠋ᠠᠯᠳᠠ ᠵᠢᠨ ᠠ᠋ᠬᠢ ᠪᠠᠶᠠᠯᠢᠭ᠎ᠢ ᠪᠠᠶᠠᠯᠢᠬ᠍ᠵᠢᠭᠤᠯᠵᠤ᠂ ᠲᠠᠭᠤᠤ ᠬᠦᠭᠵᠢᠮ᠎ᠤᠨ ᠬᠦᠮᠦᠵᠢᠯ᠎ᠳᠤ ᠦᠷᠭᠡᠨ ᠠᠭᠤᠳᠠᠮ ᠠᠰᠢᠭᠯᠠᠯᠳᠠ ᠵᠢᠨ ᠪᠤᠯᠤᠮᠵᠢ᠎ᠲᠠᠢ ᠪᠤᠯᠤᠭᠰᠠᠨ ᠶᠤᠮ᠃ ᠪᠠᠭᠰᠢ ᠨᠠᠷ ᠤᠳᠤ ᠦᠶ᠎ᠡ ᠵᠢᠨ ᠮᠡᠳᠡᠭᠡ ᠵᠠᠩᠭᠢ ᠵᠢᠨ ᠮᠡᠷᠭᠡᠵᠢᠯ᠎ᠢ ᠴᠢᠷᠮᠠᠶ᠋ᠢᠨ ᠰᠤᠷᠤᠯᠴᠠᠵᠤ᠂ ᠲᠡᠭᠦᠨ᠎ᠤ ᠬᠠᠷᠠᠭ᠎ᠠ ᠰᠤᠨᠤᠷ᠎ᠢ ᠤᠶᠠᠯᠳᠤᠭᠤᠯᠵᠤ᠂ ᠲᠠᠭᠤ ᠲᠦᠷᠰᠦ ᠵᠢ ᠨᠢᠭᠡᠲᠦᠭᠦᠯᠦᠨ᠂ ᠲᠦᠷᠰᠦᠯᠢᠭ ᠮᠦᠷᠳᠡᠭᠡᠨ ᠴᠢᠨᠠᠷ ᠰᠠᠶ᠋ᠢᠳᠠᠢ᠂ ᠮᠡᠳᠡᠭᠡ ᠵᠠᠩᠬᠢ ᠵᠢᠨ ᠬᠡᠮᠵᠢᠶ᠎ᠡ ᠶᠡᠭᠡ᠂ ᠠ᠋ᠬᠢ ᠪᠠᠶᠠᠯᠢᠭ ᠦᠷᠭᠡᠨ ᠲᠡᠯᠭᠡᠷ ᠵᠡᠷᠭᠡ ᠲᠠᠪᠠᠭᠤᠯᠢᠭ ᠲᠠᠯ᠎ᠠ ᠵᠢ ᠠᠰᠢᠭᠯᠠᠨ ᠵᠢᠭ᠋ᠠᠨ ᠰᠤᠷᠭ᠋ᠠᠯᠳᠠ᠎ᠳᠤ᠎ᠪᠠᠨ ᠦᠢ᠍ᠯᠡᠴᠢᠯᠡᠬᠦᠯᠬᠦ ᠶᠤᠰᠤᠳᠠᠢ᠃
ᠲᠠᠭᠤᠤ ᠬᠦᠭᠵᠢᠮ᠎ᠤᠨ ᠬᠢᠴᠢᠶᠡᠯ᠎ᠤᠨ ᠲᠠᠩᠬᠢᠮ᠎ᠤᠨ ᠵᠢᠭ᠋ᠠᠨ ᠰᠤᠷᠭ᠋ᠠᠯᠳᠠ ᠵᠢᠨ ᠲᠤᠮᠳᠠ ᠤᠯᠠᠨ ᠵᠠᠭᠤᠴᠢᠳᠦ ᠮᠠᠰᠢᠨ᠎ᠢ ᠵᠤᠬᠢᠰᠳᠠᠢ ᠠᠰᠢᠭᠯᠠᠵᠤ ᠬᠡᠷᠡᠭᠯᠡᠪᠡᠯ᠂ ᠵᠢᠭ᠋ᠠᠨ ᠰᠤᠷᠭ᠋ᠠᠯᠲᠠ ᠵᠢᠨ ᠦᠷ᠎ᠡ ᠠᠰᠢᠭ᠎ᠢ ᠮᠡᠳᠡᠭᠳᠡᠮ᠎ᠡ ᠲᠡᠭᠡᠭᠰᠢᠯᠡᠬᠦᠯᠵᠦ ᠪᠤᠯᠤᠨ᠎ᠠ᠃ ᠠ᠋ᠨᠡ᠎ᠨᠢ ᠠᠷᠠᠳ᠎ᠤᠨ ᠲᠠᠭᠤᠤ ᠵᠢᠨ ᠵᠢᠭ᠋ᠠᠨ ᠰᠤᠷᠭ᠋ᠠᠯᠳᠠ ᠵᠢᠨ ᠲᠤᠮᠳᠠ ᠪᠠᠰᠠ ᠢᠯᠡᠷᠢ ᠮᠡᠳᠡᠭᠳᠡᠵᠦ ᠪᠠᠶ᠋ᠢᠬᠤ ᠶᠤᠮ᠃ ᠤᠯᠠᠨ ᠵᠠᠭᠤᠴᠢᠳᠦ ᠮᠠᠰᠢᠨ᠎ᠨᠢ ᠰᠤᠷᠤᠭᠴᠢᠳ᠎ᠢ ᠤᠷᠠᠯᠢᠭ᠎ᠤᠨ ᠲᠠᠯ᠎ᠠ᠎ᠪᠠᠷ ᠨᠦᠯᠦᠭᠡᠯᠡᠵᠦ᠂ ᠭᠤᠸ᠎ᠠ ᠰᠠᠶ᠋ᠢᠬᠠᠨ᠎ᠤ ᠰᠡᠷᠡᠭᠳᠡᠯ ᠤᠯᠭᠤᠬᠤ᠎ᠳᠤ ᠲᠦᠭᠦᠮ ᠪᠠᠶ᠋ᠢᠵᠤ᠂ ᠨᠢᠳᠤᠨ ᠬᠠᠷᠠᠭ᠎ᠠ ᠵᠢ ᠨᠡᠭᠡᠭᠡᠭᠳᠡᠭᠦᠯᠦᠨ᠂ ᠪᠤᠳᠤᠯ ᠰᠡᠳᠬᠢᠭᠦᠢ ᠵᠢ ᠲᠡᠯᠡᠭᠦ ᠶᠤᠮ᠃ ᠪᠠᠭᠰᠢ᠎ᠠᠴᠠ ᠤᠯᠠᠨ ᠵᠠᠭᠤᠴᠢᠳᠦ ᠮᠠᠰᠢᠨ᠎ᠢ ᠠᠰᠢᠭᠯᠠᠨ ᠠᠷᠠᠳ᠎ᠤᠨ ᠲᠠᠭᠤᠤ᠎ᠲᠠᠢ ᠬᠤᠯᠪᠤᠭᠳᠠᠭᠰᠠᠨ ᠵᠢᠷᠤᠭ ᠲᠦᠷᠰᠦ᠂ ᠲᠠᠭᠤᠨ ᠰᠢᠩᠭᠡᠭᠡᠯᠲᠠ᠂ ᠲᠦᠷᠰᠦ ᠰᠢᠩᠭᠡᠭᠡᠯᠲᠠ ᠵᠢ ᠰᠤᠨᠢᠷᠬᠠᠭᠤᠯᠤᠨ ᠦᠵᠡᠬᠦᠯᠬᠦ᠎ᠪᠠᠷ ᠲᠠᠮᠵᠢᠨ ᠰᠤᠷᠤᠭᠴᠢᠳ᠎ᠤᠨ ᠬᠠᠶ᠋ᠢᠷ᠎ᠠ ᠰᠡᠳᠬᠢᠯᠭᠡ ᠲᠠᠭᠤᠤ ᠬᠦᠭᠵᠢᠮ᠂ ᠲᠦᠷᠰᠦᠯᠢᠭ ᠪᠤᠳᠤᠭ ᠵᠢᠷᠤᠭ ᠵᠢᠴᠢ ᠰᠡᠳᠬᠢᠯ᠎ᠢ ᠬᠦᠳᠡᠯᠭᠡᠮ᠎ᠡ ᠲᠠᠭᠤᠤ ᠠᠶᠠᠰᠲᠤ ᠨᠦᠯᠦᠭᠡᠯᠡᠭᠳᠡᠨ ᠠᠷᠠᠳ᠎ᠤᠨ ᠲᠠᠭᠤᠤ ᠵᠢᠨ ᠤᠷᠴᠢᠨ ᠠᠬᠤᠢ ᠵᠢᠨ ᠲᠤᠬᠠᠢ ᠲᠦᠷᠦᠭᠳᠡᠯ ᠠ᠋ᠭᠦᠰᠴᠦ᠂ ᠠᠷᠠᠳ᠎ᠤᠨ ᠲᠠᠭᠤᠤ ᠵᠢᠨ ᠠᠶᠠᠯᠭᠤ᠂ ᠠᠭᠤᠯᠭ᠎ᠠ᠂ ᠰᠡᠳᠬᠢᠯᠭᠡ ᠵᠡᠷᠭᠡ ᠵᠢ ᠡᠵᠡᠮᠰᠢᠬᠦ᠎ᠳᠤ ᠲᠦᠭᠦᠮ ᠪᠤᠯᠴᠢᠬᠠᠨ᠎ᠠ᠃ ᠤᠳᠤ ᠦᠶ᠎ᠡ ᠵᠢᠨ ᠰᠤᠷᠭ᠋ᠠᠨ ᠬᠦᠮᠦᠵᠢᠯ᠎ᠤᠨ ᠮᠡᠷᠭᠡᠵᠢᠯ᠎ᠢ ᠵᠦᠢ ᠵᠤᠬᠢᠰᠳᠠᠢ ᠬᠡᠷᠡᠭᠯᠡᠵᠦ᠂ ᠲᠡᠭᠦᠨ᠎ᠤ ᠬᠠᠷᠠᠭ᠎ᠠ ᠰᠤᠨᠤᠷ᠎ᠢ ᠤᠶᠠᠯᠳᠤᠭᠤᠯᠵᠦ᠂ ᠲᠠᠭᠤ ᠲᠦᠷᠰᠦ ᠵᠢ ᠨᠢᠭᠡᠳᠦᠭᠦᠯᠦᠨ᠂ ᠠ᠋ᠬᠢ ᠰᠤᠷᠪᠤᠯᠵᠢ ᠠ᠋ᠯᠪᠡᠭ ᠪᠠᠶᠠᠯᠢᠭ ᠵᠡᠷᠭᠡ ᠲᠠᠪᠠᠭᠤᠯᠢᠭ ᠲᠠᠯ᠎ᠠ ᠵᠢ ᠠᠷᠠᠳ᠎ᠤᠨ ᠲᠠᠭᠤᠤ ᠵᠢᠨ ᠵᠢᠭ᠋ᠠᠨ ᠰᠤᠷᠭ᠋ᠠᠯᠳᠠ᠎ᠳᠤ᠎ᠪᠠᠨ ᠦᠢ᠍ᠯᠡᠴᠢᠭᠦᠯᠦᠨ᠂ ᠠᠷᠠᠳ᠎ᠤᠨ ᠲᠠᠭᠤᠤ ᠵᠢ ᠲᠠᠭᠤᠯᠠᠵᠦ ᠰᠤᠷᠬᠤ᠎ᠳᠤ ᠲᠦᠭᠦᠮ ᠪᠤᠯᠭ᠋ᠠᠨ᠎ᠠ᠃ ᠢᠩᠬᠢᠪᠡᠯ ᠲᠠᠩ ᠴᠤᠯᠭᠤᠢ ᠠᠷᠠᠳ᠎ᠤᠨ ᠲᠠᠭᠤᠤ ᠵᠢ ᠲᠠᠭ᠋ᠠᠭᠤᠯᠵᠦ ᠲᠠᠭᠤᠯᠠᠬᠤ᠎ᠠᠴᠠ ᠵᠠᠶ᠋ᠢᠯᠠᠰᠬᠢᠨ᠂ ᠰᠤᠷᠤᠭᠴᠢ ᠵᠢᠨ ᠠᠷᠠᠳ᠎ᠤᠨ ᠲᠠᠭᠤᠤ ᠰᠤᠷᠬᠤ ᠤᠷᠮ᠎ᠠ ᠪᠠᠬ᠎ᠠ ᠵᠢ ᠬᠦᠭᠵᠢᠬᠡᠬᠦ ᠪᠤᠯᠤᠨ᠎ᠠ᠃
ᠲᠠᠪᠤ᠂ ᠠᠷᠠᠳ᠎ᠤᠨ ᠲᠠᠭᠤᠤ ᠵᠢ ᠦᠢ᠍ᠯᠡᠳᠦᠯᠭᠡ ᠬᠦᠳᠡᠯᠭᠡᠭᠡᠨ ᠵᠶ᠋ᠠᠷ ᠲᠠᠮᠵᠢᠨ ᠰᠤᠷᠤᠯᠴᠠᠬᠤ ᠵᠢᠭ᠋ᠠᠨ ᠰᠤᠷᠭ᠋ᠠᠯᠳᠠ
ᠤᠨᠤᠯ ᠪᠠ ᠦᠢ᠍ᠯᠡᠳᠦᠯᠭᠡ ᠵᠢ ᠵᠡᠷᠭᠡ᠎ᠪᠠᠷ ᠴᠢᠬᠤᠯᠠᠴᠢᠯᠠᠵᠦ᠂ ᠤᠨᠤᠯ᠎ᠤᠨ ᠮᠡᠳᠡᠯᠭᠡ ᠵᠢᠨ ᠵᠢᠭ᠋ᠠᠨ ᠰᠤᠷᠭ᠋ᠠᠯᠳᠠ᠎ᠨᠢ ᠪᠠᠳᠦ ᠪᠡᠬᠢ ᠤᠨᠤᠯ᠎ᠤᠨ ᠰᠠᠭᠤᠷᠢ ᠵᠢ ᠲᠠᠯᠪᠢᠵᠦ᠂ ᠦᠢ᠍ᠯᠡᠳᠦᠯᠭᠡ ᠪᠤᠯ ᠠᠷᠠᠳ᠎ᠤᠨ ᠲᠠᠭᠤᠤ ᠵᠢ ᠰᠤᠷᠤᠯᠴᠠᠬᠤ᠎ᠳᠤ ᠵᠢᠩᠭᠢᠨᠢ ᠦᠢ᠍ᠯᠡᠳᠦᠯ ᠦᠵᠡᠭᠦᠯᠦᠨ᠎ᠡ᠃ ᠰᠤᠷᠤᠭᠴᠢᠳ ᠠᠷᠠᠳ᠎ᠤᠨ ᠲᠠᠭᠤᠤ ᠵᠢ ᠲᠠᠭᠤᠯᠠᠬᠤ᠎ᠳᠤ ᠲᠠᠭᠤᠤ ᠵᠢᠨ ᠦᠭᠡ ᠵᠢᠨ ᠠᠭᠤᠯᠤᠭᠳᠠᠬᠤᠨ ᠪᠠ ᠲᠠᠭᠤᠯᠠᠬᠤ ᠦᠶᠡᠰ᠎ᠤᠨ ᠬᠦᠭ ᠠᠶᠠᠯᠭᠤ ᠵᠢ᠎ᠨᠢ ᠦᠢ᠍ᠯᠠᠭ᠋ᠠᠬᠤ ᠵᠢ ᠵᠤᠷᠢᠬ᠍ᠵᠢᠭᠤᠯᠤᠨ᠎ᠠ᠃ ᠰᠤᠷᠤᠭᠴᠢᠳ᠎ᠲᠤ ᠲᠤᠭᠯᠠᠯᠳᠠ ᠵᠢᠨ ᠲᠡᠪᠴᠡᠩ ᠬᠠᠩᠭ᠋ᠠᠵᠤ᠂ ᠬᠢᠴᠢᠶᠡᠯ᠎ᠤᠨ ᠲᠠᠩᠬᠢᠮ᠂ ᠰᠤᠷᠭ᠋ᠠᠭᠤᠯᠢ᠎ᠠᠴᠠ ᠠ᠋ᠷᠭᠢᠯᠡᠭᠰᠡᠨ ᠦᠳᠡᠰᠢᠯᠡᠭᠡ᠂ ᠲᠤᠰᠬᠠᠢ ᠬᠠᠷᠢᠭᠤ ᠮᠡᠳᠡᠭᠦᠯᠦᠯᠳᠡ ᠵᠢᠨ ᠲᠤᠭᠯᠠᠯᠳᠠ᠎ᠨᠢ ᠪᠦᠷ ᠰᠤᠷᠤᠭᠴᠢᠳ᠎ᠤᠨ ᠰᠤᠷᠤᠭᠰᠠᠨ ᠵᠦᠢ᠍ᠯ ᠵᠶ᠋ᠠᠨ ᠲᠡᠯᠭᠡᠨ ᠦᠵᠡᠬᠦᠯᠬᠦ ᠲᠤᠬᠢᠶᠠᠯ ᠲᠡᠪᠴᠡᠩ ᠪᠤᠯᠵᠤ ᠪᠤᠯᠤᠨ᠎ᠠ᠃ ᠤᠷᠠᠯᠢᠭ᠎ᠤᠨ ᠦᠢ᠍ᠯᠡᠳᠦᠯᠭᠡ᠎ᠳᠤ ᠤᠷᠤᠯᠴᠠᠬᠤ᠎ᠪᠠᠷ ᠲᠠᠮᠵᠢᠨ ᠠᠷᠠᠳ᠎ᠤᠨ ᠲᠠᠭᠤᠤ ᠵᠢᠨ ᠵᠢᠭ᠋ᠠᠨ ᠰᠤᠷᠭ᠋ᠠᠯᠳᠠ ᠵᠢᠨ ᠦᠷ᠎ᠡ ᠠᠰᠢᠭ᠎ᠢ ᠲᠡᠭᠡᠭᠰᠢᠯᠡᠬᠦᠯᠵᠦ ᠪᠤᠯᠤᠨ᠎ᠠ᠃ ᠬᠢᠴᠢᠶᠡᠯ᠎ᠤᠨ ᠲᠠᠩᠬᠢᠮ᠎ᠤᠨ ᠵᠢᠭ᠋ᠠᠨ ᠰᠤᠷᠭ᠋ᠠᠯᠳᠠ᠎ᠠᠴᠠ ᠭᠠᠳᠠᠨ᠎ᠠ ᠬᠢᠴᠢᠶᠡᠯ᠎ᠤᠨ ᠭᠠᠳᠠᠨᠠᠬᠢ ᠬᠦᠳᠡᠯᠭᠡᠭᠡᠨ ᠵᠶ᠋ᠠᠷ ᠲᠠᠮᠵᠢᠵᠦ ᠠᠷᠠᠳ᠎ᠤᠨ ᠲᠠᠭᠤᠤ ᠵᠢᠨ ᠵᠢᠭ᠋ᠠᠨ ᠰᠤᠷᠭ᠋ᠠᠯᠳᠠ ᠬᠢᠵᠦ᠂ ᠰᠤᠷᠤᠭᠴᠢᠳ᠎ᠢ ᠢᠯᠡᠭᠦᠬᠡᠨ ᠤᠷᠠᠯᠢᠭ᠎ᠤᠨ ᠲᠠᠶ᠋ᠢᠰᠠᠨ᠎ᠳᠤ ᠭᠠᠷᠭ᠋ᠠᠵᠤ᠂ ᠲᠡᠳᠡᠨᠦᠰ᠎ᠤᠨ ᠰᠤᠷᠤᠯᠴᠠᠬᠤ ᠤᠷᠮ᠎ᠠ ᠪᠠᠬ᠎ᠠ᠂ ᠢᠳᠡᠭᠡᠯ᠎ᠢ ᠲᠡᠭᠡᠭᠰᠢᠯᠡᠬᠦᠯᠬᠦ᠎ᠪᠠᠷ ᠲᠠᠮᠵᠢᠨ᠂ ᠨᠡᠩ ᠲᠦᠭᠦᠮ ᠲᠦᠳᠡ ᠵᠠᠮ ᠵᠶ᠋ᠠᠷ ᠠᠷᠠᠳ᠎ᠤᠨ ᠲᠠᠭᠤᠤ ᠵᠢᠨ ᠲᠤᠬᠠᠢ ᠪᠡᠶᠡᠴᠢ ᠤᠶ᠋ᠢᠯᠠᠭ᠋ᠠᠯᠳᠠ ᠬᠢᠯᠭᠡᠵᠦ ᠪᠤᠯᠤᠨ᠎ᠠ᠃ ᠪᠢᠳᠡ ᠨᠢᠭᠡ ᠤᠳᠠᠭ᠎ᠠ ᠰᠤᠷᠤᠭᠴᠢ ᠵᠢ ᠵᠤᠬᠢᠶᠠᠨ ᠪᠠᠶ᠋ᠢᠭᠤᠯᠵᠤ ᠬᠤᠳᠠ ᠵᠢᠨ ᠬᠡᠤᠭᠡᠳ ᠪᠠᠭ᠋ᠠᠴᠤᠳ᠎ᠤᠨ ᠨᠠᠶ᠋ᠢᠷᠠᠯ ᠲᠠᠭᠤᠤ ᠵᠢᠨ ᠤᠷᠤᠯᠳᠤᠭ᠋ᠠᠨ᠎ᠳᠤ ᠤᠷᠤᠯᠴᠠᠨ 《ᠰᠢᠭᠰᠢᠷᠭᠡ ᠵᠢᠨ ᠲᠠᠭᠤᠤ》 ᠭᠡᠬᠦ ᠠᠷᠠᠳ᠎ᠤᠨ ᠲᠠᠭᠤᠤ ᠵᠢ ᠰᠤᠩᠭᠤᠵᠤ ᠨᠠᠶ᠋ᠢᠷᠠᠯ ᠲᠠᠭᠤᠤ ᠪᠤᠯᠭ᠋ᠠᠨ ᠬᠤᠪᠢᠷᠠᠭᠤᠯᠤᠨ ᠨᠠᠶ᠋ᠢᠷᠠᠭᠤᠯᠤᠭ᠋ᠠᠳ ᠲᠠᠭᠤᠯᠠᠭᠰᠠᠨ ᠶᠤᠮ᠃ ᠤᠷᠤᠯᠳᠤᠭ᠋ᠠᠨ ᠪᠠᠷᠠᠭ᠋ᠠᠳ ᠨᠢᠭᠡ ᠭᠡᠰᠡᠭ ᠬᠤᠭᠤᠴᠠᠭ᠎ᠠ ᠦᠩᠭᠡᠷᠡᠭᠰᠡᠨ᠎ᠳᠤ ᠨᠢᠭᠡ ᠰᠤᠷᠤᠭᠴᠢ ᠵᠠᠮ ᠶᠠᠪᠤᠵᠤ ᠪᠠᠶ᠋ᠢᠭ᠋ᠠᠳ ᠦᠪᠡᠷ᠎ᠤᠨ ᠠ᠋ᠷᠬᠡ ᠦᠭᠡᠢ ᠲᠤᠰ ᠲᠠᠭᠤᠤ ᠵᠢ ᠭᠢᠩᠰᠢᠨ ᠲᠠᠭᠤᠯᠠᠵᠤ ᠪᠠᠶ᠋ᠢᠪᠠ᠃ ᠠ᠋ᠭᠦᠨ᠎ᠠᠴᠠ ᠦᠵᠡᠬᠦ᠎ᠳᠤ ᠤᠷᠤᠯᠳᠤᠭ᠋ᠠᠨ ᠵᠶ᠋ᠠᠷ ᠲᠠᠮᠵᠢᠭ᠋ᠠᠳ ᠠ᠋ᠨᠡ ᠭᠦ᠌ 《ᠰᠢᠭᠰᠢᠷᠭᠡ ᠵᠢᠨ ᠲᠠᠭᠤᠤ》 ᠬᠡᠬᠦ ᠠᠷᠠᠳ᠎ᠤᠨ ᠲᠠᠭᠤᠤ᠎ᠨᠢ ᠰᠤᠷᠤᠭᠴᠢ ᠵᠢᠨ ᠴᠡᠭᠡᠵᠢᠨ᠎ᠳᠤ ᠭᠦᠨ ᠬᠠᠳᠠᠩᠰᠢᠭᠰᠠᠨ ᠪᠠᠶ᠋ᠢᠨ᠎ᠠ᠃
ᠠᠮᠠᠷᠠᠯᠳᠠ ᠵᠢᠨ ᠴᠠᠭ᠎ᠢ ᠠᠰᠢᠭᠯᠠᠨ ᠰᠤᠷᠤᠭᠴᠢᠳ ᠬᠦᠳᠡᠭᠡ ᠨᠤᠳᠤᠭ᠎ᠲᠤ ᠬᠦᠷᠴᠦ ᠲᠤᠬᠠᠢ ᠵᠢᠨ ᠭᠠᠵᠠᠷ᠎ᠲᠤ ᠲᠠᠭᠤᠯᠠᠭᠳᠠᠵᠤ ᠪᠠᠶ᠋ᠢᠭ᠎ᠠ ᠠᠷᠠᠳ᠎ᠤᠨ ᠲᠠᠭᠤᠤ ᠵᠢ ᠰᠤᠨᠤᠰᠴᠤ ᠦᠢ᠍ᠯᠠᠭ᠋ᠠᠵᠤ ᠪᠤᠯᠤᠨ᠎ᠠ᠃ ᠲᠤᠬᠠᠢ ᠵᠢᠨ ᠭᠠᠵᠠᠷ᠎ᠤᠨ ᠲᠠᠭᠤᠴᠢᠳ᠎ᠤᠨ ᠲᠠᠭᠤᠯᠠᠬᠤ ᠵᠢ ᠰᠤᠨᠢᠷᠬᠠᠵᠤ᠂ ᠠᠷᠠᠳ᠎ᠤᠨ ᠲᠠᠭᠤᠤ ᠦᠷᠭᠡᠨ ᠵᠶ᠋ᠠᠷ ᠲᠠᠷᠬᠠᠭᠳᠠᠵᠤ ᠪᠠᠶ᠋ᠢᠭ᠎ᠠ ᠭᠠᠵᠠᠷ᠎ᠲᠤ ᠦᠢ᠍ᠷᠠᠳᠴᠤ᠂ ᠲᠤᠬᠠᠢ ᠵᠢᠨ ᠭᠠᠵᠠᠷ᠎ᠤᠨ ᠠᠷᠠᠳ᠎ᠤᠨ ᠲᠠᠭᠤᠤ᠎ᠳᠤ ᠠᠭᠤᠯᠤᠭᠳᠠᠭᠰᠠᠨ ᠦᠨᠡᠨ ᠪᠤᠳᠠᠳᠠᠢ ᠰᠡᠳᠬᠢᠯᠭᠡ ᠵᠢ ᠤᠶ᠋ᠢᠯᠠᠭ᠋ᠠᠵᠤ ᠪᠤᠯᠤᠨ᠎ᠠ᠃ ᠠᠷᠠᠳ᠎ᠤᠨ ᠲᠠᠭᠤᠤ ᠪᠤᠯ ᠠᠷᠠᠳ᠎ᠤᠨ ᠠᠮᠢᠳᠤᠷᠠᠯ᠎ᠠᠴᠠ ᠢᠷᠡᠯ᠎ᠲᠠᠢ᠂ ᠠ᠋ᠶ᠋ᠢᠮᠦᠷᠭᠦᠤ ᠤᠷᠴᠢᠨ ᠲᠤᠭᠤᠷᠢᠨ᠎ᠨᠢ ᠰᠤᠷᠤᠭᠴᠢᠳ᠎ᠢ ᠠᠷᠠᠳ᠎ᠤᠨ ᠲᠠᠭᠤᠤ᠎ᠲᠠᠢ ᠤᠯᠠᠮ ᠤᠶ᠋ᠢᠷᠠᠳᠤᠭᠤᠯᠬᠤ ᠪᠤᠯᠤᠨ᠎ᠠ᠃
ᠠᠷᠠᠳ᠎ᠤᠨ ᠲᠠᠭᠤᠤ ᠪᠤᠯ ᠬᠦᠮᠦᠨ ᠲᠦᠷᠦᠯᠬᠢᠳᠡᠨ᠎ᠤ ᠰᠤᠶᠤᠯ᠎ᠤᠨ ᠬᠠᠮᠤᠭ᠎ᠤᠨ ᠦᠨᠡᠳᠦ ᠪᠦᠷᠢᠯᠳᠦᠭᠦᠨ ᠪᠤᠯᠬᠤ ᠮᠦᠷᠳᠡᠭᠡᠨ ᠪᠤᠳᠠᠰ᠎ᠤᠨ ᠪᠤᠰᠤ ᠰᠤᠶᠤᠯ᠎ᠤᠨ ᠦᠪ᠎ᠤᠨ ᠴᠢᠬᠤᠯᠠ ᠨᠢᠭᠡ ᠪᠦᠷᠢᠯᠳᠤᠭᠦᠨ ᠪᠤᠯᠤᠨ᠎ᠠ᠃ ᠠᠷᠠᠳ᠎ᠤᠨ ᠤᠯᠠᠮᠵᠢᠯᠠᠯᠳᠤ ᠰᠤᠶᠤᠯ ᠤᠷᠠᠯᠢᠭ᠎ᠢ ᠬᠤᠶ᠋ᠢᠴᠢ ᠦᠶ᠎ᠡ᠎ᠳᠤ᠎ᠪᠠᠨ ᠤᠯᠠᠮᠵᠢᠯᠠᠨ ᠡᠵᠡᠮᠰᠢᠬᠦᠯᠵᠦ᠂ ᠮᠤᠩᠭᠤᠯ ᠠᠷᠠᠳ᠎ᠤᠨ ᠲᠠᠭᠤᠤ ᠵᠢ ᠰᠤᠷᠤᠭᠴᠢᠳ᠎ᠲᠤ ᠵᠢᠭ᠋ᠠᠨ ᠰᠤᠷᠭ᠋ᠠᠬᠤ᠎ᠨᠢ ᠪᠢᠳᠡᠨ᠎ᠤ ᠵᠠᠶ᠋ᠢᠯᠠᠭᠤᠯᠵᠤ ᠪᠤᠯᠤᠰᠢ ᠦᠬᠡᠢ ᠠ᠋ᠭᠦᠷᠭᠡ ᠬᠠᠷᠢᠭᠤᠴᠠᠯᠭ᠎ᠠ ᠪᠤᠯᠬᠤ ᠶᠤᠮ᠃ ᠠ᠋ᠶ᠋ᠢᠮᠦ᠎ᠠᠴᠠ ᠪᠢᠳᠡᠨ᠎ᠤ ᠰᠠᠭᠤᠷᠢ ᠰᠤᠷᠭ᠋ᠠᠨ ᠰᠤᠷᠭ᠋ᠠᠨ ᠬᠦᠮᠦᠵᠢᠯ᠂ ᠦᠨᠳᠦᠰᠦᠨ ᠱᠠᠲᠤᠨ᠎ᠳᠤ ᠠᠵᠢᠯᠯᠠᠵᠤ ᠪᠠᠶ᠋ᠢᠭ᠎ᠠ ᠲᠠᠭᠤᠤ ᠬᠦᠭᠵᠢᠮ᠎ᠤᠨ ᠪᠠᠭᠰᠢ ᠨᠠᠷ ᠤᠯᠠᠮᠵᠢᠯᠠᠯᠳᠤ ᠲᠠᠭᠤᠤ ᠤᠷᠠᠯᠢᠭ᠂ ᠰᠤᠶᠤᠯ ᠤᠷᠠᠯᠢᠭ᠎ᠢ ᠬᠤᠶ᠋ᠢᠴᠢ ᠦᠶ᠎ᠡ᠎ᠳᠤ᠎ᠪᠠᠨ ᠤᠶ᠋ᠢᠯᠠᠭ᠋ᠠᠭᠤᠯᠵᠦ ᠡᠵᠡᠮᠰᠢᠭᠦᠯᠦᠨ᠂ ᠤᠯᠠᠮᠵᠢᠯᠠᠬᠤ ᠠ᠋ᠨᠡ ᠭᠦ᠌ ᠬᠦᠨᠳᠦ ᠠ᠋ᠭᠦᠷᠭᠡ ᠵᠢ ᠠ᠋ᠭᠦᠷᠭᠡᠯᠡᠵᠦ ᠠᠪᠴᠤ ᠬᠢᠶ᠎ᠡ᠃
ᠵᠡᠬᠦᠯᠳᠡ
[1] ᠳ᠋᠊ · ᠪᠠᠳᠤ · ᠮᠤᠨᠭ᠌ᠭᠤᠯ ᠠᠷᠠᠳ᠎ᠤᠨ ᠲᠠᠭᠤᠤ ᠵᠢᠨ ᠲᠠᠤᠭᠡᠨ ᠠ᠋ᠬᠢ ᠰᠤᠷᠪᠤᠯᠵᠢ ᠪᠠ ᠲᠸᠺᠰᠲ ᠰᠤᠳᠤᠯᠤᠯ · ᠪᠠᠭᠡᠵᠢᠩ᠄ ᠦᠨᠳᠤᠰᠤᠳᠠᠨ᠎ᠤ ᠭᠡᠪᠯᠡᠯ᠎ᠤᠨ ᠬᠤᠷᠢᠶ᠎ᠠ
[2] ᠪᠤᠷᠵᠢᠭᠢᠨ ᠰᠠᠶ᠋ᠢᠨᠪᠠᠶᠠᠷ · ᠬᠤᠷᠴᠢᠨ ᠠᠷᠠᠳ᠎ᠤᠨ ᠲᠠᠭᠤᠤ ᠵᠢᠨ ᠰᠤᠳᠤᠯᠤᠯ · ᠲᠦᠨᠭᠯᠢᠶᠤᠤ᠄ ᠦᠪᠦᠷ ᠮᠤᠩᠭᠤᠯ᠎ᠤᠨ ᠪᠠᠭ᠋ᠠᠴᠤᠳ ᠬᠡᠤᠬᠡᠳ᠎ᠤᠨ ᠬᠡᠪᠯᠡᠯ᠎ᠤᠨ ᠬᠤᠷᠢᠶ᠎ᠠ
[3] ᠰᠢ ᠰᠠᠶ᠋ᠢᠨ᠂ ᠪᠤᠤ ᠵᠦ᠍ · ᠮᠤᠩᠭᠤᠯ ᠠᠷᠠᠳ᠎ᠤᠨ ᠲᠤᠮᠤᠭ ᠦᠯᠢᠭᠡᠷ · ᠭᠦᠭᠡᠬᠤᠳᠠ᠄ ᠦᠪᠦᠷ ᠮᠤᠩᠭᠤᠯ᠎ᠤᠨ ᠬᠡᠪᠯᠡᠯ᠎ᠤᠨ ᠪᠦᠯᠦᠭᠯᠡᠯ᠂ ᠦᠪᠦᠷ ᠮᠤᠩᠭᠤᠯ᠎ᠤᠨ ᠠᠷᠠᠳ᠎ᠤᠨ ᠬᠡᠪᠯᠡᠯ᠎ᠤᠨ ᠬᠤᠷᠢᠶ᠎ᠠ
[4] ᠱ᠌ᠢ ᠶᠦᠩ᠂ ᠸᠠᠩ ᠢ ᠰᠢᠶᠠᠩ · ᠠᠨᠳᠠ ᠬᠠᠮᠳᠤᠯᠢᠭ᠎ᠤᠨ ᠲᠠᠯ᠎ᠠ ᠨᠤᠳᠤᠭ᠎ᠤᠨ ᠲᠠᠭᠤᠤ ᠬᠦᠭᠵᠢᠮ᠎ᠤᠨ ᠭᠠᠳᠠᠭ᠋ᠠᠳᠦ᠎ᠳᠠᠬᠢ ᠲᠠᠷᠬᠠᠭ᠋ᠠᠯᠳᠠ᠂ ᠲᠠᠯ᠎ᠠ ᠨᠤᠳᠤᠭ᠎ᠤᠨ ᠲᠠᠭᠤᠤ ᠬᠦᠭᠵᠢᠮ᠎ᠤᠨ ᠰᠤᠶᠤᠯ᠎ᠤᠨ ᠤᠯᠠᠮᠵᠢᠯᠠᠯ ᠵᠢᠴᠢ ᠰᠤᠳᠤᠯᠤᠯ ᠲᠡᠪᠴᠡᠩ
[5] ᠤᠷᠠᠯᠢᠬ᠎ᠤᠨ ᠬᠢᠴᠢᠶᠡᠯ᠎ᠤᠨ ᠪᠠᠷᠢᠮᠵᠢᠶ᠎ᠠ · 2022
[6] ᠳᠠᠭᠤᠤ ᠭᠦᠭᠵᠢᠮ᠎ᠤᠨ ᠬᠢᠴᠢᠶᠡᠯ᠎ᠤᠨ ᠪᠠᠷᠢᠮᠵᠢᠶ᠎ᠠ · 2011
ᠠᠵᠢᠯᠯᠠᠵᠤ ᠪᠠᠢ᠍ᠢ᠍ᠭ᠎ᠠ ᠪᠠᠢ᠍ᠢ᠍ᠭᠤᠯᠭ᠎ᠠ᠄ ᠬᠦᠬᠡᠬᠤᠳᠠ ᠵᠢᠨ ᠮᠤᠩᠭᠤᠯ ᠦᠨᠳᠦᠰᠦᠳᠡᠨ᠎ᠤ ᠰᠤᠷᠭ᠋ᠠᠭᠤᠯᠢ
(ᠮᠦᠨᠭᠭᠦᠨᠴᠢᠮᠡᠭ ᠨᠠᠢ᠍ᠢ᠍ᠷᠠᠭᠤᠯᠪᠠ)