ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠰᠤᠷᠭᠠᠨ ᠬᠦᠮᠦᠵᠢᠯ᠎ᠤᠨ ᠬᠠᠨᠲᠤᠯᠭ᠎ᠠ
ᠰᠣᠨᠤᠷ᠎ᠤᠨ ᠲᠠᠪᠴᠠᠩ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠰᠣᠨᠤᠷ᠎ᠤᠨ ᠲᠠᠪᠴᠠᠩ   -   ᠰᠣᠶᠣᠯ ᠣᠯᠠᠮᠵᠢᠯᠠᠯ
ᠮᠣᠩᠭᠤᠯ ᠦᠨᠳᠦᠰᠦᠲᠡᠨ᠎ᠤ ᠣᠯᠠᠮᠵᠢᠯᠠᠯᠲᠣ ᠨᠣᠮᠤ ᠰᠣᠮᠣ ᠵᠢᠨ ᠠ᠋ᠭᠦᠰᠦᠯ ᠬᠦᠭᠵᠢᠯ᠎ᠤᠨ ᠲᠣᠬᠠᠢ ᠲᠦᠭᠦᠮ ᠦᠭᠦᠯᠡᠬᠦ᠎ᠨᠢ
ᠨᠡᠶ᠋ᠢᠲᠡᠯᠡᠭᠰᠡᠨ ᠴᠠᠭ᠄ 2019-01-11

                                                      ᠬᠠᠩᠭ᠋ᠠᠢ   ᠮᠦᠩᠬᠡᠮᠠᠨᠳᠥᠬᠤ

     

      ᠨᠢᠭᠡ᠂ ᠣᠯᠠᠮᠵᠢᠯᠠᠯᠲᠣ ᠨᠣᠮᠤ ᠰᠣᠮᠣ ᠵᠢᠨ ᠠ᠋ᠭᠦᠰᠤᠯ
      ᠮᠤᠨᠢ ᠠᠭᠤᠯᠠ ᠵᠢᠨ ᠬᠠᠳᠠᠨ ᠵᠢᠷᠤᠭ ᠪᠠ ᠴᠢᠯᠠᠭᠤᠨ ᠵᠡᠪᠰᠡᠭ᠎ᠤᠨ ᠦᠶ᠎ᠡ᠎ᠳᠤ ᠬᠦᠮᠤᠨ ᠲᠦᠷᠦᠯᠬᠢᠲᠡᠨ ᠨᠤᠮᠤ ᠰᠤᠮᠤ ᠵᠢ ᠠ᠋ᠭᠦᠳᠴᠡᠢ ᠭᠡᠰᠡᠨ᠎ᠢ ᠰᠤᠳᠤᠯᠭ᠋ᠠᠲᠠᠳ᠎ᠤᠨ ᠰᠤᠳᠤᠯᠤᠯ ᠨᠢᠭᠡᠨᠲᠡ ᠭᠡᠷᠡᠴᠢᠯᠡᠵᠡᠢ᠃ ᠮᠣᠩᠭᠤᠯ ᠣᠪᠣᠭ ᠠᠶ᠋ᠢᠮᠠᠭ᠎ᠤᠳ ᠨᠤᠮᠤ ᠰᠣᠮᠣ ᠵᠢ ᠰᠢᠨ᠎ᠡ ᠴᠢᠯᠠᠭᠤᠨ ᠵᠡᠪᠰᠡᠭ᠎ᠤᠨ ᠦᠶ᠎ᠡ᠎ᠠᠴᠠ ᠠ᠋ᠬᠢᠯᠡᠨ ᠠᠪᠢᠶᠠᠰᠯᠢᠭ ᠴᠢᠳᠠᠮᠠᠭ᠋ᠠᠢ ᠡᠵᠡᠮᠰᠢᠨ ᠬᠡᠷᠡᠭᠯᠡᠵᠦ ᠢᠷᠡᠭᠰᠡᠨ ᠭᠡᠳᠡᠭ᠃
      ᠮᠣᠩᠭᠤᠯ ᠬᠡᠦᠬᠡᠳ᠎ᠤᠳ ᠭᠤᠷᠪᠠ ᠳᠦᠷᠪᠡᠨ ᠨᠠᠰᠤᠨ᠎ᠠᠴᠠ᠎ᠪᠠᠨ ᠠ᠋ᠬᠢᠯᠡᠵᠦ ᠪᠤᠷᠭ᠋ᠠᠰᠤ ᠮᠣᠳᠣ᠎ᠪᠠᠷ ᠬᠠᠪᠴᠢᠬᠠᠲᠠᠢ ᠨᠣᠮᠤ ᠬᠢᠵᠦ ᠬᠠᠷᠪᠤᠳᠠᠭ᠎ᠨᠢ ᠮᠣᠩᠭᠤᠯ ᠤᠯᠠᠮᠵᠢᠯᠠᠯ ᠵᠠᠩᠰᠢᠯ ᠦᠪᠯᠡᠭᠳᠡᠵᠦ ᠶᠠᠪᠤᠭ᠎ᠠ ᠵᠢᠨ ᠰᠢᠨᠵᠢ ᠮᠦᠨ᠃ ᠨᠣᠮᠤ ᠰᠣᠮᠤ ᠵᠢ ᠦᠨᠳᠤᠰᠤᠳᠠᠨ᠎ᠤ ᠰᠣᠶᠤᠯ᠎ᠤᠨ ᠰᠠᠯᠣᠰᠢ ᠦᠭᠡᠢ ᠬᠡᠰᠡᠭ ᠭᠡᠵᠦ ᠦᠵᠡᠳᠡᠭ᠎ᠤᠨ ᠤᠴᠢᠷ᠎ᠠᠴᠠ ᠲᠦᠷᠦ ᠵᠠᠰᠠᠭ ᠪᠤᠶᠤ ᠠ᠋ᠭᠡᠯ ᠲᠦᠮᠡᠨ ᠪᠠᠶ᠋ᠢᠩᠭᠤ ᠠᠩᠬᠠᠷᠴᠤ᠂ ᠦᠪᠡᠷ ᠦᠪᠡᠷ᠎ᠤᠨ ᠠᠷᠭ᠎ᠠ ᠠᠪᠴᠠᠯ ᠵᠶ᠋ᠠᠷ ᠣᠯᠠᠮᠵᠢᠯᠠᠨ ᠬᠦᠭᠵᠢᠬᠦᠯᠵᠦ ᠪᠠᠶ᠋ᠢᠳᠠᠭ᠃
     (ᠨᠢᠭᠡ) ᠨᠤᠮᠣ ᠰᠣᠮᠣ᠎ᠨᠢ ᠪᠠᠯᠠᠷ ᠠ᠋ᠷᠲᠡᠨ᠎ᠤ ᠴᠠᠭ᠎ᠲᠤ ᠠᠮᠢᠲᠠᠨ ᠠᠷᠢᠶᠠᠲᠠᠨ᠎ᠠᠴᠠ ᠪᠡᠶ᠎ᠡ᠎ᠪᠠᠨ ᠬᠠᠮᠠᠭ᠋ᠠᠯᠠᠭ᠍ᠣ᠂ ᠭᠦᠷᠦᠭᠡᠰᠦ ᠠᠨᠭ᠌ᠨᠠᠬᠤ᠂ ᠨᠤᠳᠤᠬ ᠣᠷᠣᠨ ᠵᠶ᠋ᠠᠨ ᠲᠠᠶ᠋ᠢᠰᠣᠨ᠎ᠠᠴᠠ ᠬᠠᠮᠠᠭ᠋ᠠᠯᠠᠭ᠍ᠣ ᠵᠡᠪᠰᠡᠭ ᠪᠠᠶ᠋ᠢᠭᠰᠠᠨ ᠪᠣᠯ ᠣᠳᠣ ᠪᠣᠯᠬᠤ᠎ᠳᠤ ᠪᠠᠶ᠎ᠡ ᠲᠠᠮᠢᠷ᠎ᠤᠨ ᠰᠤᠶᠤᠯ᠎ᠤᠨ ᠨᠢᠭᠡ ᠲᠦᠷᠦᠯ ᠪᠣᠯᠣᠨ ᠬᠦᠭᠵᠢᠨ ᠬᠤᠪᠢᠷᠠᠵᠠᠢ᠃
      ᠠ᠋ᠭᠦᠰᠦᠯ ᠭᠠᠷᠣᠯ᠎ᠠᠴᠠ᠎ᠨᠢ ᠠᠪᠴᠦ ᠦᠵᠡᠪᠡᠯ᠂ ᠬᠠᠯᠬ᠎ᠠ ᠬᠠᠷᠪᠣᠭ᠋ᠠᠨ᠎ᠤ ᠨᠣᠮᠤ᠎ᠨᠢ ᠣᠷᠲᠣ ᠬᠢᠴᠢᠷᠲᠠᠢ᠂ ᠡᠪᠡᠷ ᠠ᠋ᠯᠢᠭᠡᠲᠡᠢ᠂ ᠰᠢᠷᠮᠦᠰᠦᠨ ᠠᠷᠣ᠎ᠲᠠᠢ; ᠪᠣᠷᠢᠶᠠᠳ ᠬᠠᠷᠪᠣᠭ᠋ᠠᠨ᠎ᠤ ᠨᠣᠮᠤ᠎ᠨᠢ ᠬᠢᠴᠢᠷ ᠪᠣᠭᠤᠨᠢᠲᠠᠢ᠂ ᠬᠠᠶ᠋ᠢᠭᠤᠯᠭᠦᠢ᠂ ᠡᠪᠡᠷ ᠠ᠋ᠯᠢᠭᠡᠲᠠᠢ; ᠣᠷᠢᠶᠠᠩᠬᠠᠢ ᠨᠣᠮᠤ᠎ᠨᠢ 2m ᠣᠷᠲᠣ ᠬᠤᠰᠤ ᠮᠣᠳᠣᠨ᠎ᠤ ᠬᠤᠶᠠᠷ ᠦᠵᠦᠭᠦᠷ᠎ᠲᠤ ᠬᠡᠷᠴᠢᠭᠡᠰᠦ ᠭᠠᠷᠭ᠋ᠠᠨ ᠬᠦᠪᠴᠢᠯᠡᠳᠡᠭ ᠮᠣᠳᠣᠨ ᠨᠣᠮᠤ᠎ᠲᠠᠢ᠃ ᠰᠡᠭᠦᠯ᠎ᠤᠨ ᠦᠶ᠎ᠡ᠎ᠳᠤ ᠪᠣᠷᠢᠶᠠᠳ᠂ ᠣᠷᠢᠶᠠᠩᠬᠠᠢ ᠬᠠᠷᠪᠣᠭ᠎ᠠ᠎ᠨᠢ ᠬᠠᠯᠬ᠎ᠠ ᠡᠪᠡᠷ ᠠ᠋ᠯᠢᠭᠡᠲᠠᠢ᠂ ᠰᠢᠷᠮᠦᠰᠦᠨ ᠠᠷᠣ᠎ᠲᠠᠢ ᠨᠤᠮᠣ᠎ᠪᠠᠷ ᠭᠤᠣᠯᠯᠠᠨ ᠬᠠᠷᠪᠣᠵᠣ ᠪᠠᠶ᠋ᠢᠨ᠎ᠠ᠃ ᠠ᠋ᠨᠡ ᠭᠤᠷᠪᠠᠨ ᠬᠠᠷᠪᠣᠭ᠎ᠠ ᠵᠢᠨ ᠬᠠᠷᠪᠣᠬᠤ ᠵᠠᠢ᠂ ᠣᠨᠣᠬᠤ ᠫᠠᠢ᠂ ᠬᠠᠷᠪᠣᠭ᠋ᠠᠨ᠎ᠤ ᠲᠢᠭ ᠵᠢᠷᠣᠮ᠎ᠨᠢ ᠦᠪᠡᠷ ᠦᠪᠡᠷ᠎ᠤᠨ ᠦᠪᠡᠷᠮᠢᠴᠠ ᠣᠨᠴᠠᠯᠢᠭ᠎ᠢ ᠬᠠᠷᠠᠭᠤᠯᠣᠭᠰᠠᠨ ᠬᠤᠪᠴᠠᠰᠣ ᠵᠠᠰᠠᠯ᠎ᠲᠠᠢ᠂ ᠬᠠᠮᠲᠣ ᠵᠢᠨ ᠪᠠ ᠬᠤᠪᠢ ᠬᠦᠮᠦᠨ᠎ᠤ ᠬᠠᠷᠪᠣᠭ᠎ᠠ᠎ᠨᠢ ᠦᠪᠡᠷᠮᠢᠴᠠ ᠠᠷᠭ᠎ᠠ ᠠᠪᠴᠠᠯ ᠣᠯᠠᠮᠵᠢᠯᠠᠯ᠎ᠲᠠᠢ ᠪᠠᠢ᠍ᠢ᠍ᠳᠠᠬ᠃
      ᠦᠨᠳᠦᠰᠦᠲᠡᠨ᠎ᠤ ᠰᠤᠷ᠎ᠤᠨ ᠬᠠᠷᠪᠤᠭ᠋ᠠᠨ᠎ᠤ ᠨᠣᠮᠤ ᠰᠤᠮᠤ᠎ᠨᠢ ᠮᠠᠨ᠎ᠤ ᠠ᠋ᠷᠲᠡᠨ᠎ᠤ ᠣᠯᠠᠮᠵᠢᠯᠠᠯᠲᠣ ᠰᠣᠶᠤᠯ ᠵᠠᠩᠰᠢᠯ᠂ ᠵᠠᠩ ᠦᠢ᠍ᠯᠡ ᠵᠢᠨ ᠢᠯᠡᠷᠬᠡᠶ᠋ᠢᠯᠡᠯ ᠶᠠᠭ᠋ᠠᠬᠢᠬᠤ ᠠᠷᠭ᠎ᠠ ᠦᠭᠡᠢ ᠮᠦᠨ ᠪᠢᠯᠡ᠃ ᠣᠯᠠᠨ ᠮᠢᠩᠭ᠋ᠠᠨ ᠵᠢᠯ᠎ᠤᠨ ᠳᠡᠷᠲᠡᠭᠡ᠎ᠠᠴᠠ ᠦᠪᠯᠡᠭᠳᠡᠨ ᠨᠣᠮᠤ ᠰᠤᠮᠤ᠎ᠨᠢ ᠴᠠᠭ ᠦᠶ᠎ᠡ᠎ᠲᠠᠢ᠎ᠪᠠᠨ ᠣᠶᠠᠯᠳᠣᠨ ᠬᠦᠭᠵᠢᠵᠦ ᠢᠷᠡᠭᠰᠡᠨ ᠲᠡᠦᠬᠡᠨ ᠤᠯᠠᠮᠵᠢᠯᠠᠯᠲᠠᠢ ᠠᠷᠠᠳ᠎ᠤᠨ ᠭᠠᠷ ᠤᠷᠠᠯᠠᠯ ᠮᠦᠨ᠃
     (ᠬᠤᠶᠠᠷ) ᠠᠯᠢ ᠠ᠋ᠷᠳᠠ ᠮᠣᠩᠭᠤᠯ ᠭᠠᠷ ᠤᠷᠠᠴᠤᠳ᠎ᠤᠨ ᠨᠤᠮᠤ ᠰᠤᠮᠤ ᠬᠢᠭᠰᠡᠨ ᠵᠣᠷᠢᠯᠭ᠎ᠠ᠎ᠨᠢ ᠠᠩ ᠠᠪᠠ ᠬᠢᠬᠦ᠂ ᠨᠤᠳᠤᠬ ᠣᠷᠣᠨ ᠵᠶ᠋ᠠᠨ ᠬᠠᠷᠢ ᠵᠢᠨ ᠳᠠᠶ᠋ᠢᠰᠤᠨ᠎ᠠᠴᠠ ᠬᠠᠮᠠᠭ᠋ᠠᠯᠠᠭ᠍ᠤ ᠵᠢᠨ ᠲᠦᠯᠦᠭᠡ ᠨᠡᠭᠦᠳᠡᠯᠴᠢᠨ ᠮᠣᠩᠭᠤᠯ᠎ᠤᠨ ᠠᠬᠤᠢ ᠨᠦᠬᠦᠴᠡᠯ᠎ᠳᠤ ᠵᠣᠬᠢᠴᠠᠭᠰᠠᠨ ᠮᠣᠷᠢᠨ ᠳᠡᠭᠡᠷ᠎ᠡ᠎ᠠᠴᠠ ᠬᠠᠷᠪᠤᠬᠤ᠂ ᠨᠠᠮᠨᠠᠭ᠍ᠤ ᠦᠢ᠍ᠯᠠᠳᠦᠯ ᠬᠢᠬᠦ ᠪᠣᠯᠤᠮᠵᠢᠲᠠᠢ ᠪᠠᠶ᠋ᠢᠭᠰᠠᠨ ᠵᠶ᠋ᠠᠷ ᠵᠶ᠋ᠠᠨ ᠣᠨᠴᠠᠯᠢᠭ᠎ᠲᠠᠢ᠃ ᠠ᠋ᠷᠲᠡᠨ᠎ᠤ ᠮᠣᠩᠭᠤᠯᠴᠤᠳ ᠦᠪᠡᠷᠰᠡᠳ᠎ᠤᠨ ᠠ᠋ᠳ᠋ᠯᠡᠵᠦ ᠬᠡᠷᠡᠭᠯᠡᠵᠦ ᠪᠠᠶ᠋ᠢᠭᠰᠠᠨ ᠭᠠᠷ᠎ᠳᠤ᠎ᠬᠢ ᠮᠠᠲᠸᠷᠢᠶᠠᠯ ᠵᠶ᠋ᠠᠨ ᠠᠰᠢᠭᠯᠠᠨ ᠨᠣᠮᠤ ᠰᠣᠮᠤ ᠵᠢ ᠤᠷᠠᠯᠠᠨ ᠪᠦᠲᠦᠭᠡᠵᠦ ᠪᠠᠶ᠋ᠢᠵᠠᠢ᠃ ᠲᠤᠬᠠᠶ᠋ᠢᠯᠠᠪᠠᠯ᠄ ᠶᠡᠭᠡ ᠪᠡᠶ᠎ᠡ ᠵᠢ ᠬᠤᠰᠤ᠂ ᠬᠠᠷ᠎ᠠ ᠮᠣᠳᠣ᠂ ᠦᠬᠡᠷ᠎ᠤᠨ ᠡᠪᠡᠷ᠂ ᠪᠣᠲᠠ ᠵᠢᠨ ᠰᠢᠷᠪᠦᠰᠦ᠎ᠪᠠᠷ᠂ ᠨᠣᠮᠤᠨ᠎ᠤ ᠬᠦᠪᠴᠢ ᠵᠢ ᠪᠣᠳᠠ ᠮᠠᠯ᠎ᠤᠨ ᠦᠯᠦᠨ ᠭᠡᠳᠡᠰᠦ ᠮᠣᠰᠭᠢᠨ ᠬᠠᠲᠠᠭ᠋ᠠᠭ᠋ᠠᠳ ᠬᠢᠵᠦ ᠪᠠᠶ᠋ᠢᠭᠰᠠᠨ᠃ ᠰᠣᠮᠤ ᠵᠢ᠎ᠨᠢ ᠰᠢᠯᠤᠭᠤᠬᠠᠨ ᠮᠣᠳᠤ ᠵᠢᠨ ᠦᠵᠦᠭᠦᠷ᠎ᠲᠤ ᠴᠢᠯᠠᠭᠤᠨ ᠵᠡᠪᠡ ᠪᠣᠶᠤ ᠬᠦᠷᠡᠯ ᠲᠠᠮᠦᠷ ᠵᠡᠪᠡ᠎ᠪᠠᠷ ᠬᠢᠵᠦ ᠪᠦᠲᠦᠭᠡᠵᠡᠢ᠃
      ᠨᠣᠮᠤ ᠰᠣᠮᠣ᠎ᠨᠢ ᠠᠰᠤᠷᠦ ᠠ᠋ᠷᠲᠡᠨ᠎ᠤ ᠲᠡᠦᠬᠡ᠎ᠲᠠᠢ ᠪᠦᠭᠡᠳ ᠨᠠᠶ᠋ᠢᠭᠡᠮ᠎ᠤᠨ ᠬᠦᠭᠵᠢᠯᠲᠡ ᠵᠢ ᠳᠠᠭ᠋ᠠᠯᠳᠣᠨ ᠣᠯᠠᠮᠵᠢᠯᠠᠯ ᠵᠶ᠋ᠠᠨ ᠠᠯᠳᠠᠭ᠎ᠠ ᠦᠭᠡᠢ ᠮᠦᠷᠲᠡᠭᠡᠨ ᠤᠯᠠᠮ ᠪᠣᠯᠪᠠᠰᠣᠷᠠᠩᠭᠤᠢ ᠪᠣᠯᠤᠨ ᠬᠦᠭᠵᠢᠵᠦ ᠢᠷᠡᠭᠰᠡᠨ ᠶᠤᠮ᠃ ᠨᠤᠮᠤ᠎ᠨᠢ ᠴᠢᠨᠠᠷ ᠪᠦᠲᠦᠴᠡ᠂ ᠬᠡᠪ ᠵᠠᠭᠪᠣᠷ᠎ᠤᠨ ᠬᠤᠪᠢ᠎ᠳᠤ ᠮᠤᠩᠭᠤᠯ᠎ᠳᠤ 1990 ᠣᠨ ᠬᠦᠷᠲᠡᠯ᠎ᠡ ᠲᠡᠭᠡᠷ᠎ᠡ ᠦᠶ᠎ᠡ ᠵᠢᠨ ᠡᠪᠡᠷ ᠵᠠᠭᠪᠣᠷ ᠵᠶ᠋ᠠᠨ ᠵᠠᠯᠭ᠋ᠠᠮᠵᠢᠯᠠᠵᠣ ᠢᠷᠡᠵᠠᠢ᠃ 1960 ᠣᠨ᠎ᠠᠴᠠ ᠤᠯᠠᠮᠵᠢᠯᠠᠯᠲᠤ ᠨᠣᠮᠤ ᠰᠣᠮᠤ ᠵᠢ ᠣᠷᠤᠨ ᠨᠣᠲᠤᠭ᠎ᠲᠤ ᠤᠷᠠᠯᠠᠨ ᠬᠢᠬᠦ ᠠᠵᠢᠯ ᠰᠡᠷᠭᠦᠵᠦ ᠢᠷᠡᠭᠰᠡᠨ ᠶᠤᠮ᠃ ᠦᠪᠦᠷ ᠮᠤᠩᠭᠤᠯ ᠤᠷᠤᠨ᠎ᠳᠤ 2000 ᠤᠨ᠎ᠠᠴᠠ ᠨᠠᠭ᠋ᠠᠰᠢ ᠨᠤᠮᠤ ᠰᠤᠮᠤ ᠬᠢᠬᠦ ᠬᠦᠮᠤᠨ ᠤᠯᠠᠨ ᠪᠤᠯᠵᠠᠢ᠃ ᠵᠢᠱ᠌ᠢᠶᠡᠯᠡᠪᠡᠯ᠂ ᠪᠠᠷᠠᠭᠤᠨ ᠪᠠᠭ᠋ᠠᠷᠢᠨ᠎ᠤ ᠰᠡᠴᠡᠨᠮᠦᠢ᠍ᠩᠭᠡ ᠵᠡᠷᠭᠡ ᠠᠷᠠᠳ᠎ᠤᠨ ᠳᠤᠮᠳᠠᠬᠢ ᠭᠠᠷ ᠤᠷᠠᠯᠢᠬ᠍ᠴᠢᠨ ᠤᠯᠠᠮ ᠵᠶ᠋ᠠᠷ ᠤᠯᠠᠰᠢᠷᠠᠵᠤ ᠪᠠᠶ᠋ᠢᠨ᠎ᠠ᠃ ᠮᠣᠩᠭᠤᠯ ᠦᠨᠳᠤᠰᠦᠲᠡᠨ᠎ᠤ ᠣᠯᠠᠮᠵᠢᠯᠠᠯᠲᠣ ᠨᠣᠮᠤ ᠰᠣᠮᠣ ᠵᠢ ᠳᠡᠭᠡᠷ᠎ᠡ ᠦᠶ᠎ᠡ᠎ᠠᠴᠠ ᠮᠣᠩᠭᠤᠯᠴᠣᠳ ᠦᠪᠡᠷᠰᠡᠳ ᠵᠶ᠋ᠠᠨ ᠰᠠᠨᠠᠭ᠋ᠠᠴᠢᠯᠠᠨ ᠬᠦᠴᠦ ᠴᠢᠳᠠᠯ᠎ᠢ᠎ᠨᠢ ᠰᠠᠶ᠋ᠢᠵᠢᠷᠠᠭᠤᠯᠬᠤ᠂ ᠰᠣᠮᠣᠨ᠎ᠤ ᠲᠣᠰᠣᠯᠲᠠ ᠵᠢ ᠬᠤᠯᠠ ᠪᠣᠯᠭ᠋ᠠᠬᠤ ᠭᠡᠵᠦ ᠣᠯᠠᠨ ᠵᠦᠢ᠍ᠯ᠎ᠢ ᠰᠢᠨᠠᠴᠢᠯᠠᠵᠣ ᠢᠷᠡᠭᠰᠡᠨ ᠶᠤᠮ᠃
      ᠬᠤᠶᠠᠷ᠂ ᠣᠯᠠᠮᠵᠢᠯᠠᠯᠲᠣ ᠨᠣᠮᠤ ᠰᠣᠮᠣ ᠵᠢᠨ ᠬᠢᠴᠡ
     (ᠨᠢᠭᠡ) 《ᠪᠠᠯᠠᠷ ᠠ᠋ᠷᠲᠡᠨ᠎ᠤ ᠠᠩᠴᠢᠳ ᠠᠷᠢᠶᠠᠲᠠᠨ᠎ᠤ ᠠᠷᠠᠰᠦ᠎ᠪᠠᠷ ᠪᠡᠶ᠎ᠡ᠎ᠪᠠᠨ ᠬᠤᠪᠴᠠᠯᠠᠵᠤ᠂ ᠴᠢᠯᠠᠭᠤᠨ ᠦᠵᠦᠭᠦᠷ᠎ᠲᠠᠢ ᠠᠩ᠎ᠤᠨ ᠵᠢᠳᠠ᠎ᠪᠠᠨ ᠪᠠᠷᠢᠵᠠᠭ᠋ᠠᠨ᠂ ᠰᠠᠭ᠍ᠤᠯᠢᠭ ᠭᠦᠨ ᠤᠢ ᠬᠦᠪᠴᠢ᠎ᠪᠠᠷ ᠠᠩᠨᠠᠵᠦ ᠪᠠᠶ᠋ᠢᠭ᠋ᠠᠳ ᠨᠢᠭᠡ ᠠᠩᠴᠢᠨ᠎ᠨᠢ ᠨᠠᠷᠢᠬᠠᠨ ᠪᠦᠭᠳᠦᠷ ᠬᠡᠪᠲᠡᠭᠡ ᠤᠷᠭᠤᠭᠰᠠᠨ ᠮᠤᠳᠤᠨ᠎ᠳᠤ ᠤᠷᠢᠶᠠᠩᠭᠤ ᠡᠪᠡᠰᠦ ᠤᠷᠢᠶᠠᠨ ᠵᠠᠯᠠᠯᠠᠵᠤ ᠤᠷᠤᠭᠰᠢ ᠶᠠᠪᠤᠬᠤ᠎ᠳᠤ᠎ᠨᠢ ᠰᠠᠭ᠋ᠠᠳ ᠪᠤᠯᠤᠭᠰᠠᠨ᠎ᠠᠴᠠ ᠲᠡᠷᠡ ᠮᠤᠳᠤᠨ᠎ᠤ ᠳᠡᠭᠡᠷ᠎ᠡ ᠵᠢᠳᠠ᠎ᠪᠠᠨ ᠬᠦᠨᠳᠡᠯᠡᠨ ᠲᠠᠯᠪᠢᠵᠤ᠂ ᠵᠢᠳᠠᠨ ᠠ᠋ᠰᠢᠨ᠎ᠤ ᠤᠭ ᠪᠠ ᠤᠷᠢᠶᠠᠩᠭᠤ ᠡᠪᠡᠰᠤ ᠵᠢ ᠬᠠᠮᠳᠦ᠎ᠳᠤ᠎ᠨᠢ ᠮᠦᠴᠢᠳ ᠠᠳᠬᠤᠨ᠂ ᠠᠭ᠋ᠠᠵᠢᠮ ᠰᠢᠬ ᠬᠦᠴᠦᠯᠡᠨ ᠴᠢᠩᠭ᠋ᠠᠵᠦ ᠲᠠᠰᠤᠯᠬᠤ ᠭᠡᠰᠡᠨ᠎ᠳᠤ ᠰᠠᠨᠠᠮᠰᠠᠷ ᠦᠭᠡᠢ ᠭᠠᠷ᠎ᠠᠴᠠ᠎ᠨᠢ ᠮᠤᠯᠳᠤᠷᠠᠵᠦ᠂ ᠵᠢᠳᠠ᠎ᠨᠢ ᠤᠷᠢᠶᠠᠩᠭᠤ ᠡᠪᠡᠰᠦᠨ᠎ᠳᠤ ᠬᠦᠪᠴᠢᠯᠡᠭᠳᠡᠨ ᠲᠡᠷᠡ ᠬᠤᠯᠠ ᠱᠤᠤᠭᠢᠨ ᠶᠠᠪᠤᠯ᠎ᠠ᠃ ᠠ᠋ᠭᠦᠨ᠎ᠢ ᠠᠩᠴᠢᠳ ᠶᠡᠭᠡ ᠯᠡ ᠭᠠᠶ᠋ᠢᠬᠠᠵᠠᠭ᠋ᠠᠪᠠ! ᠶᠠᠮᠠᠷ ᠬᠦᠴᠦᠨ ᠵᠢᠳᠠ ᠵᠢ ᠲᠡᠶ᠋ᠢᠮᠦ ᠬᠤᠯᠠ ᠬᠠᠷᠪᠤᠵᠤ ᠶᠠᠪᠤᠭᠤᠯᠤᠭᠰᠠᠨ᠎ᠢ ᠳᠠᠬᠢᠨ ᠳᠤᠷᠰᠢᠵᠤ ᠮᠡᠳᠡᠭᠡᠳ ᠨᠤᠮᠤ ᠰᠤᠮᠤ ᠵᠢ ᠠ᠋ᠬᠢᠯᠡᠨ ᠠ᠋ᠭᠦᠳᠵᠡᠢ》 ᠬᠡᠮᠡᠨ ᠵᠢᠱ᠌ᠢᠵᠦ ᠪᠤᠯᠬᠤ ᠶᠤᠮ᠃ [1] ᠬᠦᠮᠦᠨ ᠨᠡᠶ᠋ᠢᠭᠡᠮ᠎ᠤᠨ ᠬᠦᠭᠵᠢᠯ᠎ᠤᠨ ᠲᠡᠦᠬᠡᠨ᠎ᠠᠴᠠ ᠦᠵᠡᠬᠦ᠎ᠳᠤ ᠳᠡᠯᠡᠬᠡᠢ ᠵᠢᠨ ᠣᠯᠠᠨ ᠣᠯᠣᠰ ᠭᠦᠷᠦᠨ᠎ᠨᠦᠭᠦᠳ 《ᠬᠠᠪᠴᠢᠬᠠᠢ》 ᠨᠣᠮᠤ ᠬᠢᠳᠡᠭ ᠪᠠᠶ᠋ᠢᠭᠰᠠᠨ ᠳᠣᠲᠣᠷ᠎ᠠ᠎ᠠᠴᠠ ᠮᠣᠩᠭᠤᠯᠴᠣᠳ ᠬᠠᠪᠴᠢᠬᠠᠢ ᠨᠣᠮᠤ ᠵᠢ ᠰᠢᠨ᠎ᠡ ᠴᠢᠯᠠᠭᠤᠨ ᠵᠡᠪᠰᠡᠭ᠎ᠤᠨ ᠦᠶ᠎ᠡ᠎ᠠᠴᠠ ᠪᠣᠰᠣᠳ ᠣᠷᠣᠨ᠎ᠨᠤᠭᠤᠳ᠎ᠲᠠᠢ ᠵᠡᠷᠭᠡᠴᠡᠭᠡ᠎ᠪᠠᠷ ᠬᠢᠵᠦ ᠠ᠋ᠬᠢᠯᠡᠭᠰᠡᠨ ᠶᠤᠮ᠃ ᠨᠤᠮᠤ ᠵᠢ ᠠᠩᠬ᠎ᠠ ᠨᠠᠷᠢᠨ ᠰᠠᠯᠠᠭ᠎ᠠ ᠮᠣᠳᠣᠨ᠎ᠤ ᠬᠤᠶᠠᠷ ᠦᠵᠦᠭᠦᠷ᠎ᠲᠤ ᠤᠨᠢ ᠭᠠᠷᠭ᠋ᠠᠵᠣ ᠲᠣᠷᠭᠤᠨ ᠦᠢ᠍ᠯᠡᠳᠦᠵᠦ ᠪᠠᠶ᠋ᠢᠭᠰᠠᠨ ᠪᠣᠯ ᠶᠠᠪᠣᠭ᠋ᠠᠨ᠎ᠳᠠᠭᠠᠨ ᠡᠪᠡᠷ᠂ ᠶᠠᠰᠣᠨ ᠨᠠᠭ᠋ᠠᠯᠲᠠ ᠬᠢᠵᠦ ᠬᠦᠭᠵᠢᠭᠦᠯᠦᠨ ᠬᠡᠷᠡᠭᠯᠡᠬᠦ ᠪᠣᠯᠵᠠᠢ᠃
      ᠡᠪᠡᠷ ᠠ᠋ᠯᠢᠭᠡᠲᠠᠢ᠂ ᠰᠢᠷᠮᠦᠰᠦᠨ ᠠᠷᠣ᠎ᠲᠠᠢ ᠨᠣᠮᠤ ᠬᠢᠬᠦ ᠪᠣᠯᠣᠭᠰᠠᠨ᠎ᠨᠢ ᠨᠣᠮᠤ ᠵᠢᠨ ᠬᠦᠴᠦ ᠴᠢᠳᠠᠯ᠎ᠢ ᠳᠡᠭᠡᠭᠰᠢᠯᠡᠭᠦᠯᠦᠭᠰᠡᠨ ᠪᠠᠶ᠋ᠢᠨ᠎ᠠ᠃ ᠮᠦᠨ ᠰᠣᠮᠣ ᠵᠢᠨ ᠳᠦᠷᠪᠡᠨ ᠲᠠᠯ᠎ᠠ ᠵᠢ᠎ᠨᠢ ᠣᠳᠣᠲᠠᠢ ᠪᠣᠯᠭ᠋ᠠᠵᠣ ᠶᠠᠩᠵᠣ ᠪᠦᠷᠢ ᠵᠢᠨ ᠬᠡᠯᠪᠡᠷᠢᠲᠡᠢ ᠬᠢᠭᠰᠡᠨ᠎ᠨᠢ ᠰᠣᠮᠣ ᠲᠣᠰᠬᠤ ᠬᠤᠯᠡ ᠵᠢᠨ ᠵᠠᠢ ᠵᠢ ᠨᠡᠮᠡᠭᠳᠡᠭᠦᠯᠵᠡᠢ᠃
     (ᠬᠤᠶᠠᠷ) ᠾᠦᠩᠨᠦ ᠵᠢᠨ ᠦᠶ᠎ᠡ᠎ᠳᠤ ᠨᠤᠮᠤ᠎ᠨᠢ ᠪᠠᠷᠢᠭᠤᠯ᠎ᠤᠨ ᠬᠡᠰᠡᠭ᠎ᠲᠤ ᠳᠣᠲᠣᠷ ᠲᠠᠯ᠎ᠠ᠎ᠨᠢ ᠡᠪᠡᠷ ᠨᠠᠭ᠋ᠠᠳᠠᠭ᠂ ᠶᠠᠰᠣᠨ ᠨᠠᠭ᠋ᠠᠯᠲᠠᠲᠠᠢ ᠨᠤᠮᠣ ᠬᠡᠷᠡᠭᠯᠡᠵᠦ ᠪᠠᠶ᠋ᠢᠭᠰᠠᠨ ᠪᠦᠭᠡᠳ ᠨᠣᠮᠤ ᠵᠢᠨ ᠤᠷᠲᠤ᠎ᠨᠢ 140~160cm ᠪᠠᠶ᠋ᠢᠵᠠᠢ ᠭᠡᠳᠡᠭ᠃ ᠮᠣᠩᠭᠤᠯ ᠨᠣᠮᠤ ᠵᠢ ᠳᠡᠭᠡᠷ᠎ᠡ ᠦᠶ᠎ᠡ᠎ᠳᠤ ᠮᠠᠯ᠎ᠤᠨ ᠠᠷᠠᠰᠤ ᠰᠢᠷᠢ ᠵᠢ ᠪᠣᠯᠪᠠᠰᠤᠷᠠᠭᠤᠯᠤᠭᠰᠠᠨ ᠴᠠᠪᠠᠭᠤ᠎ᠪᠠᠷ ᠬᠢᠵᠦ ᠪᠠᠶ᠋ᠢᠭᠰᠠᠨ᠃ ᠮᠣᠩᠭᠤᠯ ᠳᠠᠷᠬᠠᠴᠤᠳ (ᠨᠣᠮᠤ ᠤᠷᠠᠯᠢᠬ᠍ᠴᠢᠳ)᠎ᠤᠨ ᠤᠷᠠᠯᠠᠭᠰᠠᠨ ᠨᠣᠮᠤ᠎ᠨᠢ ᠮᠠᠯ᠎ᠤᠨ ᠭᠠᠷᠤᠯᠲᠠᠢ ᠲᠦᠭᠦᠬᠡᠢ ᠠ᠋ᠳ᠋᠎ᠪᠠᠷ ᠬᠢᠭᠰᠡᠨ ᠪᠠᠶ᠋ᠢᠳᠠᠭ ᠤᠴᠢᠷ᠎ᠠᠴᠠ ᠬᠠᠯᠠᠭᠤᠨ᠎ᠳᠤ ᠵᠦᠭᠡᠯᠡᠷᠠᠵᠤ᠂ ᠰᠡᠷᠢᠭᠦᠨ᠎ᠳᠤ ᠬᠠᠲᠠᠭᠤᠷᠠᠵᠤ ᠬᠤᠪᠢᠷᠠᠳᠠᠭ᠃
     (ᠭᠤᠷᠪᠠ) ᠤᠳᠤ ᠦᠶ᠎ᠡ᠎ᠳᠤ᠂ ᠨᠤᠮᠤ ᠬᠢᠬᠦ᠎ᠳᠤ ᠤᠷᠢᠳᠠᠪᠠᠷ ᠳᠠᠩᠰᠠ ᠪᠤᠶᠤ ᠬᠤᠯᠤᠰᠤᠨ ᠮᠤᠳᠦ ᠵᠢ ᠵᠦᠰᠤᠨ᠂ ᠬᠡᠮᠵᠢᠶ᠎ᠡ᠎ᠪᠠᠷ ᠠᠳᠠᠯᠢ ᠬᠤᠶᠠᠷ ᠵᠤᠷᠪᠤᠰ ᠤᠭᠲᠤᠯᠤᠨ ᠠᠪᠴᠦ ᠵᠤᠷᠭᠤᠨ ᠵᠠᠰᠠᠭ᠋ᠠᠳ᠂ ᠨᠢᠭᠡ ᠲᠠᠯ᠎ᠠ᠎ᠳᠤ᠎ᠨᠢ ᠲᠡᠭᠦᠨ᠎ᠲᠠᠢ ᠠᠳᠠᠯᠢ ᠵᠠᠰᠠᠭᠰᠠᠨ ᠡᠪᠡᠷ ᠵᠶ᠋ᠠᠨ ᠵᠢᠭ᠋ᠠᠰᠤᠨ ᠭᠡᠳᠡᠰᠤ᠎ᠪᠠᠷ ᠬᠢᠭᠰᠡᠨ ᠴᠠᠪᠠᠤ᠎ᠪᠠᠷ ᠨᠠᠭ᠋ᠠᠨ᠎ᠠ᠃ ᠠ᠋ᠨᠡ ᠭᠦ᠌ ᠲᠠᠯ᠎ᠠ ᠵᠢ ᠨᠤᠮᠤ ᠵᠢᠨ ᠠ᠋ᠯᠢᠭᠡ ᠭᠡᠨ᠎ᠡ᠃ ᠨᠦᠭᠦᠭᠡ ᠲᠠᠯ᠎ᠠ᠎ᠳᠤ᠎ᠨᠢ ᠮᠤᠷᠢᠨ᠎ᠤ ᠵᠥ᠋ ᠳᠠᠭ᠋ᠠᠭᠰᠠᠨ ᠰᠢᠷᠪᠦᠰᠦ ᠵᠢ ᠮᠤᠳᠤᠨ ᠳᠦᠰᠢ ᠳᠡᠭᠡᠷ᠎ᠡ ᠲᠠᠯᠪᠢᠵᠤ ᠮᠤᠳᠦ᠎ᠪᠠᠷ ᠬᠦᠪᠢᠭᠡᠳ᠂ ᠳᠠᠬᠢᠨ ᠲᠡᠮᠦᠷ ᠳᠦᠰᠢ ᠳᠡᠭᠡᠷ᠎ᠡ ᠲᠠᠯᠪᠢᠵᠤ ᠲᠡᠮᠦᠷ ᠰᠦᠬᠡ᠎ᠪᠠᠷ ᠰᠠᠶ᠋ᠢᠲᠤᠷ ᠭᠦᠪᠢᠵᠤ ᠨᠠᠷᠢᠨ ᠰᠢᠷᠭᠡᠭ ᠪᠣᠯᠭ᠋ᠠᠨ ᠵᠢᠭ᠋ᠠᠰᠤᠨ ᠭᠡᠳᠡᠰᠤᠨ ᠴᠠᠪᠠᠤ᠎ᠪᠠᠷ ᠭᠤᠷᠪᠠᠨ ᠮᠦᠷ ᠨᠠᠭ᠋ᠠᠨ᠎ᠠ᠃ ᠠ᠋ᠨᠡ ᠭᠦ᠌ ᠲᠠᠯ᠎ᠠ ᠵᠢ ᠨᠤᠮᠤ ᠵᠢᠨ ᠠᠷᠤ ᠭᠡᠨ᠎ᠡ᠃ ᠲᠡᠭᠦᠨ᠎ᠤ ᠳᠡᠭᠡᠷ᠎ᠡ᠎ᠨᠢ ᠮᠤᠭ᠋ᠠᠢ ᠵᠢᠨ ᠠᠷᠠᠰᠤ ᠨᠠᠭ᠋ᠠᠨ᠎ᠠ; ᠠ᠋ᠨᠡ᠎ᠨᠢ ᠴᠢᠭᠢᠭ᠎ᠠᠴᠠ ᠬᠠᠮᠠᠭ᠋ᠠᠯᠠᠭ᠍ᠤ ᠦᠢ᠍ᠯᠡᠳᠤᠯ᠎ᠲᠠᠢ᠃ ᠢᠩᠬᠢᠭᠡᠳ ᠠ᠋ᠨᠡ ᠬᠤᠶᠠᠷ᠎ᠤᠨ ᠳᠤᠮᠳᠠᠬᠢ ᠠᠭᠤᠯᠵᠠᠷ᠎ᠲᠤ ᠲᠡᠮᠡᠭᠡᠨ ᠰᠢᠯᠪᠢ ᠪᠤᠶᠤ ᠦᠬᠡᠷ᠎ᠤᠨ ᠰᠢᠯᠪᠢ ᠵᠢᠨ ᠶᠠᠰᠤ᠎ᠪᠠᠷ ᠪᠠᠷᠢᠭᠤᠯ ᠬᠢᠵᠤ᠂ ᠲᠡᠭᠦᠨ᠎ᠤ ᠭᠠᠳᠠᠭᠤᠷ ᠵᠦᠭᠡᠯᠡᠨ ᠮᠤᠳᠤᠨ ᠦᠷᠦᠪᠳᠡᠰᠦ ᠵᠢ ᠴᠠᠪᠠᠤ᠎ᠲᠠᠢ ᠵᠢᠭᠤᠷᠠᠨ ᠰᠢᠪᠠᠵᠤ᠂ ᠬᠤᠶᠠᠷ ᠦᠵᠤᠭᠦᠷ᠎ᠲᠤ᠎ᠨᠢ ᠤᠯᠠᠭ᠋ᠠᠨ ᠬᠤᠰᠤ᠎ᠪᠠᠷ ᠬᠢᠭᠰᠡᠨ ᠬᠢᠴᠢᠷ ᠵᠠᠯᠭ᠋ᠠᠨ᠎ᠠ; ᠪᠤᠭᠤᠨ ᠡᠪᠡᠷ᠎ᠤᠨ ᠰᠠᠭᠤᠷᠢ᠎ᠪᠠᠷ ᠦᠨᠳᠤᠷ᠎ᠨᠢ 15cm᠂ ᠤᠷᠲᠤ᠎ᠨᠢ 5~6cm᠎ᠤᠨ ᠶᠤᠸᠠᠮᠪᠤᠤ ᠬᠡᠯᠪᠡᠷᠢᠲᠠᠢ ᠲᠡᠪᠭᠡ ᠦᠢ᠍ᠯᠡᠳᠴᠦ᠂ ᠬᠤᠶᠠᠷ ᠲᠠᠯ᠎ᠠ᠎ᠳᠤ᠎ᠨᠢ ᠨᠦᠬᠡᠯᠡᠵᠤ᠂ ᠨᠤᠮᠤ ᠵᠢᠨ ᠠ᠋ᠯᠢᠭᠡᠨ ᠲᠠᠯ᠎ᠠ᠎ᠳᠤ ᠬᠢᠴᠢᠷ᠎ᠤᠨ ᠤᠭ᠎ᠲᠤ᠎ᠨᠢ ᠤᠶᠠᠨ᠎ᠠ᠃ ᠲᠡᠭᠡᠭᠡᠳ ᠨᠤᠮᠤᠨ ᠳᠡᠭᠡᠷ᠎ᠡ᠎ᠪᠠᠨ ᠬᠡ ᠤᠭ᠋ᠠᠯᠵᠠ ᠰᠠᠶ᠋ᠢᠯᠳᠡᠭ᠃ [2]
      ᠭᠤᠷᠪᠠ᠂ ᠣᠯᠠᠮᠵᠢᠯᠠᠯᠲᠣ ᠨᠣᠮᠤ ᠰᠣᠮᠣ ᠵᠢᠨ ᠬᠠᠷᠪᠤᠵᠤ ᠨᠠᠮᠨᠠᠭ᠍ᠤ ᠶᠤᠰᠤᠨ
     (ᠨᠢᠭᠡ) ᠬᠠᠷᠪᠤᠵᠤ ᠨᠠᠮᠨᠠᠭ᠍ᠤ ᠲᠦᠷᠦᠯ ᠵᠤᠶ᠋ᠢᠯ
     1. ᠶᠠᠪᠠᠭ᠋ᠠᠨ ᠵᠶ᠋ᠠᠷ ᠬᠠᠷᠪᠤᠬᠤ
     (1) ᠰᠠᠷᠠᠨ ᠫᠠᠢ ᠬᠠᠷᠪᠤᠬᠤ ᠮᠦᠷᠦᠶ᠋ᠢᠴᠡᠭᠡᠨ ᠪᠤᠯ ᠠ᠋ᠷᠲᠡᠨ᠎ᠤ ᠮᠣᠩᠭᠤᠯ ᠦᠨᠳᠦᠰᠦᠲᠡᠨ᠎ᠤ ᠠᠯᠠᠭ ᠦᠬᠡᠷ᠎ᠤᠨ ᠠᠷᠠᠰᠤ ᠬᠠᠷᠪᠤᠬᠤ ᠮᠦᠷᠦᠶ᠋ᠢᠴᠡᠭᠡᠨ᠎ᠠᠴᠠ ᠤᠯᠠᠷᠢᠨ ᠬᠦᠭᠵᠢᠵᠤ ᠢᠷᠡᠵᠡᠢ; ᠦᠬᠡᠷ᠎ᠤᠨ ᠠᠷᠠᠰᠤ᠎ᠨᠢ ᠲᠡᠯᠡᠵᠤ ᠪᠤᠰᠬᠠᠬᠤ ᠪᠠ ᠠᠪᠴᠤ ᠶᠠᠪᠤᠬᠤ᠎ᠳᠤ ᠳᠦᠭᠦᠮ ᠦᠭᠡᠢ ᠲᠤᠯᠠ ᠰᠠᠷᠠᠨ ᠫᠠᠢ ᠵᠢ ᠠ᠋ᠭᠦᠳᠴᠡᠢ᠃[3]
     (2) ᠬᠤᠯᠠ ᠵᠢᠨ ᠬᠠᠷᠪᠤᠯᠲᠠ ᠪᠤᠯ ᠮᠣᠩᠭᠤᠯ ᠦᠨᠳᠦᠰᠦᠲᠡᠨ᠎ᠤ ᠠ᠋ᠷᠲᠡᠨ᠎ᠤ ᠦᠶ᠎ᠡ᠎ᠳᠤ ᠤᠯᠠᠮᠵᠢᠯᠠᠭᠳᠠᠵᠤ ᠪᠠᠶ᠋ᠢᠠᠭᠰᠠᠨ ᠨᠢᠭᠡᠨ ᠵᠤᠶ᠋ᠢᠯ᠎ᠤᠨ ᠡᠷ᠎ᠡ ᠵᠢᠨ ᠴᠢᠳᠠᠯ᠎ᠢ ᠰᠢᠯᠭ᠋ᠠᠷᠠᠭᠤᠯᠬᠤ ᠮᠦᠷᠤᠶ᠋ᠢᠴᠡᠭᠡᠨ ᠮᠦᠨ᠃ ᠲᠤᠰ ᠮᠦᠷᠦᠶ᠋ᠢᠴᠡᠭᠡᠨ᠎ᠳᠤ ᠭᠤᠤᠯᠳᠠᠭᠤ ᠠ᠋ᠷᠡᠴᠤᠳ᠎ᠤᠨ ᠨᠤᠮᠤ ᠲᠠᠲᠠᠭ᠍ᠤ ᠬᠦᠴᠤᠨ ᠴᠢᠳᠠᠯ᠎ᠢ ᠰᠢᠯᠭ᠋ᠠᠷᠠᠭᠤᠯᠬᠤ ᠲᠤᠯᠠ ᠠᠯᠢ ᠬᠤᠯᠠ ᠬᠠᠷᠪᠤᠵᠤ ᠤᠨᠤᠬᠤ᠎ᠪᠠᠷ ᠮᠦᠷᠦᠶ᠋ᠢᠴᠡᠳᠡᠭ᠃ ᠠ᠋ᠭᠦᠨ᠎ᠤ ᠲᠤᠬᠠᠢ ᠴᠢᠩᠬᠢᠰ᠎ᠤᠨ ᠴᠢᠯᠠᠭᠤᠨ ᠪᠢᠴᠢᠭ᠎ᠲᠤ᠎ᠬᠢ ᠶᠢᠰᠤᠬᠡᠢ ᠮᠡᠷᠭᠡᠨ 335 ᠠᠯᠳᠠ ᠵᠢᠨ ᠭᠠᠵᠠᠷ᠎ᠤᠨ ᠬᠠᠷᠪᠤᠭᠤᠯ ᠬᠠᠷᠪᠤᠵᠤ ᠣᠨᠣᠭᠰᠡᠨ ᠶᠠᠪᠤᠳᠠᠯ ᠪᠤᠯ ᠨᠢᠭᠡᠨ ᠭᠡᠷᠡᠴᠢ ᠪᠠᠷᠢᠮᠲᠠ ᠮᠦᠨ᠃[4]
      2. ᠬᠦᠯᠦᠭ ᠳᠤᠪᠲᠤᠯᠭ᠋ᠠᠨ ᠳᠠᠪᠬᠢᠵᠤ ᠬᠠᠷᠪᠤᠬᠤ
     (1) ᠤᠳᠠ ᠬᠠᠷᠪᠤᠬᠤ ᠪᠤᠯ ᠠ᠋ᠷᠲᠡ ᠳᠡᠭᠡᠷ᠎ᠡ ᠦᠶ᠎ᠡ ᠵᠢᠨ ᠶᠠᠪᠠᠭ᠋ᠠᠨ ᠵᠶ᠋ᠠᠷ ᠤᠳᠠ ᠬᠠᠷᠪᠤᠬᠤ ᠨᠠᠭ᠋ᠠᠳᠤᠮ᠎ᠢ ᠭᠦᠯᠦᠭ᠎ᠤᠨ ᠨᠢᠷᠤᠭᠤᠨ ᠳᠡᠭᠡᠷ᠎ᠡ ᠰᠢᠯᠵᠢᠭᠦᠯᠤᠭᠡᠳ ᠭᠦᠯᠦᠭ᠎ᠤᠨ ᠵᠠᠰᠠᠯ᠂ ᠡᠷ᠎ᠡ ᠵᠢᠨ ᠮᠡᠷᠭᠡᠨ᠎ᠢ ᠰᠢᠯᠭ᠋ᠠᠷᠠᠭᠤᠯᠤᠭᠰᠠᠨ ᠨᠠᠭ᠋ᠠᠳᠤᠮ ᠶᠤᠮ᠃ ᠲᠤᠰ ᠵᠤᠶ᠋ᠢᠯ᠎ᠤᠨ ᠨᠠᠭ᠋ᠠᠳᠤᠮ᠎ᠤᠨ ᠬᠡᠯᠪᠡᠷᠢ᠎ᠨᠢ ᠮᠦᠨ ᠴᠤ᠌ ᠮᠣᠩᠭᠤᠯ᠎ᠤᠨ ᠳᠡᠭᠡᠳᠤ ᠰᠢᠶᠠᠨᠪᠢ ᠠᠶ᠋ᠢᠮᠠᠭ᠎ᠤᠨ ᠦᠶ᠎ᠡ᠎ᠠᠴᠠ ᠤᠯᠠᠮᠵᠢᠯᠠᠵᠤ᠂ ᠬᠢᠳᠠᠨ ᠪᠤᠯᠤᠨ ᠠᠯᠲᠠᠨ ᠤᠯᠤᠰ᠎ᠤᠨ ᠦᠶ᠎ᠡ᠎ᠳᠤ ᠲᠡᠤᠬᠡ ᠪᠢᠴᠢᠭ᠎ᠲᠤ ᠲᠡᠮᠳᠡᠭᠯᠡᠭᠳᠡᠨ ᠦᠯᠡᠳᠡᠭᠰᠡᠨ ᠬᠦᠷᠦᠩᠭᠡ ᠪᠤᠯᠤᠨ᠎ᠠ᠃[5]
     (2) ᠪᠦᠮᠪᠦᠭᠡ ᠨᠠᠮᠨᠠᠭ᠍ᠤ᠎ᠨᠢ ᠳᠦᠴᠢᠨ ᠲᠠᠪᠤᠨ ᠠᠯᠳᠠ ᠭᠠᠵᠠᠷ᠎ᠢ ᠭᠤᠷᠪᠠ ᠬᠤᠪᠢᠶᠠᠵᠤ᠂ ᠠᠷᠪᠠᠨ ᠲᠠᠪᠤᠨ ᠠᠯᠳᠠ ᠭᠠᠵᠠᠷ᠎ᠲᠤ ᠨᠢᠭᠡᠨ ᠪᠦᠮᠪᠦᠭᠡ ᠵᠢ ᠮᠤᠷᠢ᠎ᠲᠠᠢ ᠬᠦᠮᠦᠨ᠎ᠤ ᠵᠡᠷᠭᠡᠯᠡᠭᠡ᠎ᠪᠠᠷ ᠴᠤᠪᠤᠷᠠᠭᠤᠯᠤᠨ ᠭᠤᠷᠪᠠ ᠪᠤᠰᠬᠠᠨ᠎ᠠ᠂ ᠠ᠋ᠭᠦᠨ᠎ᠢ ᠬᠡᠳᠦᠨ ᠠᠯᠬᠤᠮ᠎ᠤᠨ ᠵᠠᠢ᠎ᠲᠠᠢ ᠱᠤᠭᠤᠮ ᠵᠶ᠋ᠠᠷ ᠮᠤᠷᠢᠨ᠎ᠤ ᠬᠤᠷᠳᠤᠨ ᠭᠦᠶᠤᠳᠡᠯ ᠵᠶ᠋ᠠᠷ ᠬᠦᠮᠤᠨ ᠪᠦᠷᠢ ᠭᠤᠷᠪᠠᠨ ᠪᠤᠭᠤᠨᠢ ᠮᠤᠳᠤᠨ ᠰᠤᠮᠤ᠎ᠪᠠᠷ ᠬᠠᠷᠪᠤᠵᠤ ᠦᠩᠭᠡᠷᠡᠬᠦ᠎ᠳᠤ᠎ᠪᠠᠨ ᠭᠤᠷᠪᠠ ᠬᠤᠶᠠᠷ ᠪᠠ ᠨᠢᠭᠡ ᠪᠦᠮᠪᠦᠭᠡ ᠵᠢ ᠤᠨᠤᠭ᠋ᠠᠭᠰᠠᠨ ᠬᠦᠮᠤᠨ᠎ᠢ ᠱᠠᠩᠨᠠᠯ᠎ᠳᠤ ᠤᠷᠤᠭᠤᠯᠳᠠᠭ᠃[6]
      (ᠬᠤᠶᠠᠷ) ᠮᠣᠩᠭᠤᠯ ᠦᠨᠳᠦᠰᠦᠲᠡᠨ᠎ᠤ ᠣᠯᠠᠮᠵᠢᠯᠠᠯᠲᠣ ᠨᠣᠮᠤ ᠰᠣᠮᠣ ᠵᠢᠨ ᠬᠠᠷᠪᠤᠵᠤ ᠨᠠᠮᠨᠠᠭ᠍ᠤ ᠳᠦᠷᠢᠮ ᠶᠤᠰᠤᠨ
      ᠬᠠᠷᠪᠤᠯᠲᠠ ᠵᠢᠨ ᠬᠢᠷᠢ ᠪᠦᠲᠦᠮᠵᠢ ᠵᠢ ᠪᠤᠳᠤᠬᠤ᠎ᠳᠤ ᠰᠠᠷᠠᠨ ᠫᠠᠢ ᠵᠢᠨ ᠭᠤᠤᠯ (ᠨᠠᠷᠠᠨ ᠭᠤᠤᠯ)᠎ᠢ ᠤᠨᠤᠭ᠋ᠠᠪᠠᠯ᠂ ᠲᠠᠪᠤᠨ ᠬᠤᠪᠢ ᠲᠡᠮᠳᠡᠭᠯᠡᠵᠤ᠂ ᠲᠠᠯᠠᠪᠠᠢ᠎ᠳᠤ ᠪᠠᠶ᠋ᠢᠭ᠎ᠠ ᠤᠷᠤᠯᠴᠠᠬ᠍ᠴᠢᠳ ᠪᠠ ᠦᠵᠡᠭᠴᠢᠳ ᠤᠤᠬᠠᠶ᠋ᠢᠯᠠᠨ ᠬᠠᠰᠭᠢᠷᠳᠠᠭ᠃ ᠲᠡᠭᠦᠨ᠎ᠤ ᠭᠠᠳᠠᠨᠠᠬᠢ᠎ᠨᠢ ᠳᠦᠷᠪᠡᠨ ᠬᠤᠪᠢ᠂ ᠭᠤᠷᠪᠠᠳᠤᠭ᠋ᠠᠷ ᠴᠠᠭ᠋ᠠᠷᠢᠭ᠎ᠨᠢ ᠭᠤᠷᠪᠠᠨ ᠬᠤᠪᠢ᠂ ᠳᠦᠷᠪᠡᠳᠦᠭᠡᠷ ᠴᠠᠭ᠋ᠠᠷᠢᠭ᠎ᠨᠢ ᠬᠤᠶᠠᠷ ᠬᠤᠪᠢ᠂ ᠬᠠᠮᠤᠭ᠎ᠤᠨ ᠭᠠᠳᠠᠨᠠᠬᠢ᠎ᠨᠢ ᠨᠢᠭᠡ ᠬᠤᠪᠢ᠃ ᠬᠡᠷᠪᠡ ᠬᠠᠷᠪᠤᠯᠲᠠ ᠵᠢᠨ ᠳᠤᠮᠳᠠ ᠰᠤᠮᠤ᠎ᠨᠢ ᠫᠠᠢ ᠳᠡᠭᠡᠷ᠎ᠡ ᠲᠤᠰᠤᠭ᠋ᠠᠳ ᠬᠤᠶᠠᠷ ᠴᠠᠭ᠋ᠠᠷᠢᠭ᠎ᠤᠨ ᠳᠤᠮᠳᠠ ᠬᠠᠪᠴᠢᠬᠳᠠᠭ᠍ᠤ ᠪᠤᠶᠤ ᠴᠠᠭ᠋ᠠᠷᠢᠭ᠎ᠢ ᠤᠨᠠᠭ᠋ᠠᠵᠤ ᠳᠡᠶ᠋ᠢᠯᠬᠦ ᠦᠭᠡᠢ ᠪᠤᠯ ᠭᠠᠳᠠᠨᠠᠬᠢ ᠴᠠᠭ᠋ᠠᠷᠢᠭ᠎ᠤᠨ ᠬᠤᠪᠢ᠎ᠪᠠᠷ ᠪᠤᠳᠤᠨ᠎ᠠ᠃ [7]
      ᠣᠳᠣ ᠪᠣᠯ ᠲᠣᠭᠲᠠᠭᠰᠠᠨ ᠬᠡᠮᠵᠢᠶ᠎ᠡ᠎ᠠᠴᠠ (ᠠ᠋ᠷᠡᠭᠲᠡᠢ ᠠ᠋ᠮᠡᠭᠲᠡᠢ ᠵᠢᠨ 30 ᠮᠸᠲᠷ ᠪᠤᠶᠤ 40 ᠮᠸᠲᠷ᠂ ᠠ᠋ᠷᠡᠭᠲᠡᠢ ᠬᠡᠦᠬᠡᠳ ᠨᠠᠰᠤᠨ᠎ᠤ 4 ᠮᠸᠲᠷ᠂ ᠠ᠋ᠮᠡᠭᠲᠡᠢ ᠬᠡᠦᠬᠡᠳ ᠨᠠᠰᠤᠨ᠎ᠤ 3 ᠮᠸᠲᠷ) ᠰᠠᠷᠠᠨ ᠫᠠᠢ᠂ ᠪᠦᠯᠥᠩᠬᠡ ᠵᠡᠷᠭᠡ ᠵᠢ ᠬᠠᠷᠪᠤᠳᠠᠭ᠃
      ᠠ᠋ᠮᠤᠰᠬᠡᠯ ᠵᠠᠰᠠᠯ᠎ᠤᠨ ᠬᠤᠪᠢ᠎ᠠᠴᠠ ᠠᠪᠴᠤ ᠦᠵᠡᠪᠡᠯ᠂ ᠦᠨᠳᠦᠰᠦᠲᠡᠨ᠎ᠤ ᠰᠤᠷ ᠬᠠᠷᠪᠤᠭ᠎ᠠ ᠵᠢ ᠬᠠᠷᠪᠣᠳᠠᠭ ᠬᠦᠮᠦᠨ ᠪᠦᠷ ᠤᠯᠠᠮᠵᠢᠯᠠᠯᠲᠤ ᠮᠣᠩᠭᠤᠯ ᠳᠡᠪᠡᠯ᠂ ᠮᠤᠩᠭᠤᠯ ᠮᠠᠯᠠᠭ᠋ᠠᠢ᠂ ᠭᠤᠲᠤᠯ ᠠ᠋ᠮᠦᠰᠬᠦ ᠵᠢᠨ ᠬᠠᠮᠲᠤ ᠲᠤᠬᠤᠢ ᠵᠢᠨ ᠪᠣᠭᠤᠯᠲᠠ (ᠬᠠᠨᠴᠤᠢ᠎ᠪᠠᠨ ᠣᠷᠢᠶᠠᠵᠤ ᠪᠣᠭᠤᠳᠠᠭ ᠰᠣᠷ ᠪᠣᠶᠤ ᠤᠳᠠᠰᠤ)᠂ ᠰᠣᠷ ᠬᠠᠷᠪᠤᠬᠤ᠎ᠪᠠᠷ ᠵᠣᠭᠰᠤᠭ᠋ᠠᠯ ᠳᠡᠭᠡᠷ᠎ᠡ ᠣᠴᠢᠬᠤ᠎ᠳᠤ᠎ᠪᠠᠨ ᠬᠠᠷᠪᠤᠬᠤ ᠰᠣᠮᠤ᠎ᠪᠠᠨ ᠳᠣᠭᠲᠠᠭ᠋ᠠᠬᠤ ᠪᠦᠰᠡ ᠬᠡᠷᠡᠭᠯᠡᠨ᠎ᠡ᠃
     (ᠭᠤᠷᠪᠠ) ᠮᠣᠩᠭᠤᠯ ᠦᠨᠳᠦᠰᠦᠲᠡᠨ᠎ᠤ ᠣᠯᠠᠮᠵᠢᠯᠠᠯᠲᠣ ᠨᠣᠮᠤ ᠰᠣᠮᠣ ᠵᠢᠨ ᠬᠠᠷᠪᠤᠵᠤ ᠨᠠᠮᠨᠠᠭ᠍ᠤ ᠴᠡᠭᠡᠷ ᠶᠤᠰᠤ
      ᠨᠣᠮᠤ ᠰᠣᠮᠤ᠎ᠨᠢ ᠴᠠᠴᠠ ᠮᠡᠷᠭᠡᠨ ᠦᠵᠡᠵᠦ ᠣᠨᠤᠵᠤ ᠬᠠᠷᠪᠤᠬᠤ ᠵᠢᠨ ᠬᠠᠮᠲᠤ ᠬᠠᠷᠪᠤᠭ᠋ᠠᠴᠢᠳ᠎ᠨᠢ ᠪᠡᠶ᠎ᠡ ᠪᠡᠶ᠎ᠡ᠎ᠪᠠᠨ ᠬᠦᠨᠳᠦᠳᠭᠡᠬᠦ᠂ ᠠᠬᠠᠮᠠᠳ ᠬᠠᠷᠪᠤᠭ᠋ᠠᠴᠢᠳ᠎ᠤᠨ ᠦᠭᠡ ᠰᠤᠷᠭ᠋ᠠᠯ᠎ᠢ ᠰᠣᠨᠤᠰᠬᠤ᠂ ᠠᠬᠠᠮᠠᠳ ᠪᠤᠶᠤ ᠵᠡᠷᠭᠡ ᠴᠤᠯᠠ᠎ᠲᠠᠢ ᠬᠦᠮᠦᠰ ᠵᠶ᠋ᠠᠨ ᠬᠦᠨᠳᠦᠳᠬᠡᠨ ᠠᠶ᠋ᠢᠯ᠎ᠳᠤ ᠣᠷᠤᠭ᠋ᠠᠳ ᠰᠠᠭᠤᠬᠤ᠎ᠳᠤ᠎ᠪᠠᠨ ᠬᠦᠷᠲᠡᠯ᠎ᠡ ᠴᠤᠯᠠ ᠵᠢᠨ ᠲᠠᠷᠠᠭ᠋ᠠᠯᠠᠯ ᠵᠶ᠋ᠠᠷ ᠰᠠᠭᠤᠨ᠎ᠠ᠂ ᠲᠤᠬᠠᠶ᠋ᠢᠯᠠᠪᠠᠯ᠄ ᠮᠡᠷᠭᠡᠨ ᠴᠤᠯᠠ᠎ᠲᠠᠢ ᠬᠦᠮᠦᠰ᠎ᠤᠨ ᠳᠠᠷᠠᠭ᠎ᠠ ᠰᠫᠣᠷᠲ᠎ᠤᠨ ᠮᠠᠰᠲ᠋ᠧᠷ᠂ ᠲᠡᠭᠦᠨ᠎ᠤ ᠳᠠᠷᠠᠭ᠎ᠠ ᠠᠶ᠋ᠢᠮᠠᠭ ᠰᠣᠮᠤ ᠵᠢᠨ ᠮᠡᠷᠭᠡᠴᠤᠳ ᠵᠡᠷᠭᠡ ᠬᠠᠷᠪᠤᠭ᠋ᠠᠴᠢᠳ᠎ᠤᠨ ᠰᠠᠭᠤᠬᠤ ᠵᠢᠱ᠌ᠢᠶ᠎ᠡ᠎ᠲᠠᠢ᠃ ᠬᠡᠨ ᠴᠦ᠍ ᠱᠠᠭ᠋ᠠᠷᠳᠠᠭ᠎ᠠ ᠦᠭᠡᠢ ᠠ᠋ᠨᠡ ᠭᠦ᠌ ᠲᠢᠭ ᠵᠢᠷᠤᠮ᠎ᠨᠢ ᠠ᠋ᠷᠲᠡ ᠳᠡᠭᠡᠷ᠎ᠡ ᠦᠶ᠎ᠡ᠎ᠠᠴᠠ ᠦᠨᠦᠳᠦᠷ᠎ᠲᠤ ᠬᠦᠷᠲᠡᠯ᠎ᠡ ᠤᠯᠠᠮᠵᠢᠯᠠᠭᠳᠠᠨ᠂ ᠬᠡᠦᠬᠡᠳ ᠵᠠᠯᠠᠭᠤᠴᠤᠳ ᠮᠦᠷᠳᠡᠨ ᠬᠡᠷᠡᠭᠵᠢᠭᠦᠯᠵᠦ ᠪᠠᠶ᠋ᠢᠭ᠎ᠠ᠎ᠨᠢ ᠵᠠᠩ ᠶᠣᠰᠤ ᠰᠤᠷᠲᠠᠭ᠍ᠣᠨ᠎ᠢ ᠲᠦᠯᠦᠪᠰᠢᠯ ᠣᠯᠭᠤᠬᠤ᠎ᠳᠤ ᠴᠢᠬᠤᠯᠠ ᠠ᠋ᠭᠦᠷᠭᠡ ᠵᠢ ᠬᠦᠢ᠍ᠴᠡᠳᠬᠡᠵᠦ ᠢᠷᠡᠵᠡᠢ᠃
      ᠠ᠋ᠷᠲᠡ ᠳᠡᠭᠡᠷ᠎ᠡ ᠦᠶ᠎ᠡ᠎ᠠᠴᠠ ᠠᠭᠤᠯᠠ ᠣᠪᠤᠭ᠋ᠠᠨ᠎ᠤ ᠲᠠᠬᠢᠯᠭ᠎ᠠ᠂ ᠮᠣᠩᠭᠤᠯ᠎ᠤᠨ ᠣᠯᠠᠮᠵᠢᠯᠠᠯᠲᠤ ᠴᠠᠭ᠋ᠠᠨ ᠰᠠᠷ᠎ᠠ᠎ᠳᠤ ᠭᠡᠷ᠎ᠤᠨ ᠲᠣᠭᠤᠨᠣ᠎ᠪᠠᠷ ᠰᠣᠷ ᠬᠠᠷᠪᠣᠵᠤ ᠲᠤᠬᠠᠢ ᠵᠢᠨ ᠠᠶ᠋ᠢᠯ ᠠ᠋ᠷᠦᠬᠡ ᠵᠢᠨ ᠰᠢᠨ᠎ᠡ ᠣᠨ᠎ᠳᠤ᠎ᠪᠠᠨ ᠠᠵᠠ ᠵᠢᠷᠭ᠋ᠠᠯᠲᠠᠢ᠂ ᠣᠯᠵᠠ ᠣᠮᠤᠭ᠎ᠲᠠᠢ᠂ ᠠ᠋ᠷᠡᠭᠦᠯ ᠠ᠋ᠩᠬᠡ ᠪᠠᠶ᠋ᠢᠬᠤ ᠵᠢ ᠪᠡᠯᠭᠡᠳᠡᠨ᠂ ᠮᠠᠭᠤ ᠮᠠᠭᠤᠬᠠᠢ ᠪᠦᠬᠦᠨ᠎ᠢ ᠬᠦᠭᠡᠭᠡᠨ ᠵᠠᠶ᠋ᠢᠯᠠᠭᠤᠯᠳᠠᠭ ᠵᠠᠩ ᠦᠢ᠍ᠯᠡ᠎ᠲᠠᠢ ᠪᠠᠶ᠋ᠢᠭᠰᠠᠨ ᠶᠤᠮ᠃ ᠠ᠋ᠨᠡ ᠵᠠᠩᠰᠢᠯ ᠣᠳᠣ ᠴᠦ᠍ ᠦᠷᠭᠦᠯᠵᠢᠯᠡᠨ ᠣᠯᠠᠮᠵᠢᠯᠠᠭᠳᠠᠵᠣ ᠪᠠᠶ᠋ᠢᠨ᠎ᠠ᠃ ᠮᠦᠨ ᠠᠶ᠋ᠢᠯ ᠭᠡᠷ᠎ᠲᠤ ᠵᠢᠪᠠᠷ ᠠ᠋ᠷᠭᠦᠬᠦ᠂ ᠮᠠᠭᠤ ᠮᠠᠭᠤᠬᠠᠢ ᠵᠢ ᠵᠠᠶ᠋ᠢᠯᠠᠭᠤᠯᠬᠤ᠂ ᠠᠵᠠ ᠵᠢᠷᠭ᠋ᠠᠯ᠎ᠢ ᠠᠪᠴᠢᠷᠠᠭ᠍ᠤ ᠰᠢᠳᠢ᠎ᠲᠠᠢ ᠭᠡᠵᠦ ᠦᠵᠡᠵᠦ᠂ ᠭᠡᠷ᠎ᠲᠤ᠎ᠪᠠᠨ ᠨᠣᠮᠤ ᠰᠤᠮᠤ ᠵᠠᠯᠠᠭ᠍ᠤ ᠶᠣᠰᠤ ᠵᠢ ᠠ᠋ᠷᠬᠢᠮᠯᠡᠬᠦ᠎ᠨᠢ ᠵᠢᠯ᠎ᠠᠴᠠ ᠵᠢᠯ᠎ᠳᠤ ᠨᠡᠮᠡᠭᠳᠡᠵᠦ ᠪᠠᠶ᠋ᠢᠨ᠎ᠠ᠃ ᠰᠡᠭᠦᠯ᠎ᠤᠨ ᠦᠶ᠎ᠡ᠎ᠳᠤ ᠵᠠᠯᠠᠭᠤᠴᠤᠳ ᠠ᠋ᠷᠲᠡᠨ᠎ᠤ ᠤᠯᠠᠮᠵᠢᠯᠠᠯᠲᠤ ᠵᠠᠩ ᠵᠠᠩᠰᠢᠯ ᠵᠶ᠋ᠠᠷ ᠭᠡᠷ᠎ᠲᠤ᠎ᠪᠠᠨ ᠮᠣᠷᠢᠨ ᠬᠤᠭᠤᠷ᠂ ᠨᠣᠮᠤ ᠰᠤᠮᠤ ᠵᠢ ᠬᠦᠨᠳᠦᠲᠡᠢ ᠭᠠᠵᠠᠷ ᠵᠶ᠋ᠠᠨ ᠪᠠᠶ᠋ᠢᠷᠢᠯᠠᠭᠤᠯᠵᠣ᠂ ᠴᠠᠭ᠋ᠠᠨ ᠰᠠᠷ᠎ᠠ᠂ ᠦᠨᠳᠦᠰᠦᠲᠡᠨ᠎ᠤ ᠤᠯᠠᠮᠵᠢᠯᠠᠯᠲᠤ ᠪᠠᠶᠠᠷ ᠨᠠᠭ᠋ᠠᠳᠤᠮ ᠵᠶ᠋ᠠᠷ ᠬᠦᠨᠳᠦᠳᠭᠡᠯ ᠦᠵᠡᠭᠦᠯᠵᠦ ᠪᠢᠰᠢᠷᠡᠨ ᠰᠢᠳᠦᠳᠡᠭ ᠵᠠᠩ ᠦᠢ᠍ᠯᠡ ᠲᠠᠯᠭᠡᠷᠡᠵᠦ ᠪᠠᠶ᠋ᠢᠭ᠎ᠠ᠎ᠨᠢ ᠤᠯᠮᠠᠵᠢᠯᠠᠯᠲᠤ ᠰᠣᠶᠤᠯ᠎ᠢ ᠰᠤᠷᠤᠯᠴᠠᠵᠤ ᠲᠠᠯᠭᠡᠷᠡᠭᠦᠯᠵᠤ ᠪᠠᠶ᠋ᠢᠭ᠎ᠠ ᠵᠢᠨ ᠢᠯᠡᠷᠡᠯ ᠮᠦᠨ᠃
      ᠳᠦᠷᠪᠠ᠂ ᠣᠯᠠᠮᠵᠢᠯᠠᠯᠲᠣ ᠨᠣᠮᠤ ᠰᠣᠮᠣ ᠵᠢᠨ ᠬᠦᠭᠵᠢᠯᠲᠡ ᠵᠢᠨ ᠬᠠᠨᠳᠤᠰᠢ
      ᠮᠣᠩᠭᠤᠯ ᠦᠨᠳᠦᠰᠦᠲᠡᠨ᠎ᠤ ᠣᠯᠠᠮᠵᠢᠯᠠᠯᠲᠣ ᠨᠣᠮᠤ ᠰᠣᠮᠣ᠎ᠨᠢ ᠮᠤᠩᠭᠤᠯᠴᠤᠳ᠎ᠤᠨ ᠠᠮᠢᠳᠤᠷᠠᠯ᠎ᠤᠨ ᠴᠢᠬᠤᠯᠠ ᠪᠠᠭ᠋ᠠᠵᠢ ᠬᠡᠷᠡᠭᠰᠡᠯ ᠪᠠᠶ᠋ᠢᠵᠤ᠂ ᠠᠩ ᠭᠦᠷᠤᠭᠡ ᠬᠢᠵᠤ ᠠᠳᠠᠯ ᠠᠮᠢᠳᠤᠷᠠᠯ᠎ᠤᠨ ᠬᠡᠷᠡᠭᠴᠡᠭᠡ᠎ᠪᠠᠨ ᠬᠠᠩᠭ᠋ᠠᠵᠤ᠂ ᠳᠠᠶ᠋ᠢᠨ᠎ᠤ ᠵᠡᠪᠰᠡᠭ ᠪᠤᠯᠵᠤ ᠳᠠᠶ᠋ᠢᠰᠤᠨ᠎ᠢ ᠬᠤᠯᠠ᠎ᠠᠴᠠ ᠬᠠᠷᠪᠤᠵᠤ ᠠᠯᠠᠨ᠂ ᠦᠪᠡᠷ᠎ᠤᠨ ᠴᠡᠷᠢᠭ ᠵᠶ᠋ᠠᠨ ᠵᠤᠬᠢᠬᠤ ᠬᠡᠮᠵᠢᠶ᠎ᠡ᠎ᠪᠠᠷ ᠬᠠᠮᠠᠭ᠋ᠠᠯᠠᠵᠤ ᠴᠢᠳᠠᠭᠰᠠᠨ ᠪᠠᠶ᠋ᠢᠳᠠᠭ᠃ ᠨᠡᠶ᠋ᠢᠭᠡᠮ᠎ᠤᠨ ᠪᠠᠶ᠋ᠢᠳᠠᠯ ᠠ᠋ᠩᠬᠡ ᠲᠠᠶ᠋ᠢᠪᠥᠩ ᠪᠤᠯᠤᠭᠰᠠᠨ᠎ᠤ ᠳᠠᠷᠠᠭ᠎ᠠ ᠨᠤᠮᠤ ᠰᠤᠮᠤ ᠵᠢ ᠴᠦᠭᠡᠨ ᠲᠤᠭ᠋ᠠᠨ᠎ᠤ ᠬᠦᠮᠤᠨ ᠦᠪᠯᠡᠵᠤ ᠤᠯᠠᠮᠵᠢᠯᠠᠭᠰᠠᠨ ᠪᠠᠶ᠋ᠢᠨ᠎ᠠ᠃ ᠢᠨᠭᠬᠢᠭᠡᠳ ᠤᠯᠠᠮᠵᠢᠯᠠᠯᠲᠤ ᠪᠡᠶ᠎ᠡ ᠵᠢᠨ ᠲᠠᠮᠢᠷ᠎ᠤᠨ ᠵᠦᠢ᠍ᠯ ᠪᠤᠯᠵᠤ᠂ ᠠ᠋ᠨᠡ ᠭᠦ᠌ ᠦᠢ᠍ᠯᠠᠰ᠎ᠢ ᠪᠠᠳᠠᠷᠠᠭᠤᠯᠤᠨ ᠬᠦᠭᠵᠢᠭᠦᠯᠬᠦ᠎ᠳᠤ ᠨᠤᠮᠤ ᠰᠤᠮᠤ ᠵᠢᠨ ᠤᠷᠮ᠎ᠠ ᠪᠠᠬᠠᠳᠠᠳ ᠬᠤᠪᠢ ᠬᠤᠪᠢᠨ᠎ᠤ ᠨᠡᠮᠡᠷᠢ᠎ᠪᠠᠨ ᠦᠵᠡᠭᠦᠯᠵᠤ ᠪᠠᠶ᠋ᠢᠨ᠎ᠠ᠃ ᠤᠳᠤ ᠶᠡᠭᠡ ᠪᠠᠭ᠎ᠠ ᠨᠠᠶ᠋ᠢᠷ ᠨᠠᠭ᠋ᠠᠳᠤᠮ᠎ᠳᠤ ᠨᠤᠮᠤ ᠰᠤᠮᠤ ᠤᠷᠤᠯᠳᠤᠨ᠂ ᠴᠦᠭᠡᠨ ᠲᠤᠭ᠋ᠠᠲᠤ ᠦᠨᠳᠤᠰᠤᠲᠡᠨ᠎ᠤ ᠪᠡᠶ᠎ᠡ ᠵᠢᠨ ᠲᠠᠮᠢᠷ᠎ᠤᠨ ᠮᠦᠷᠦᠶ᠋ᠢᠴᠡᠭᠡᠨ᠎ᠳᠤ ᠦᠵᠡᠭᠦᠯᠭᠡ ᠵᠢᠨ ᠲᠦᠷᠤᠯ ᠵᠤᠶ᠋ᠢᠯ ᠵᠶ᠋ᠠᠷ ᠤᠷᠤᠵᠤ᠂ ᠮᠦᠨ ᠴᠤ᠌ ᠪᠦᠬᠦ ᠤᠷᠤᠨ᠎ᠤ ᠪᠡᠶ᠎ᠡ ᠵᠢᠨ ᠲᠠᠮᠢᠷ᠎ᠤᠨ ᠮᠦᠷᠦᠶ᠋ᠢᠴᠡᠭᠡᠨ᠎ᠳᠤ ᠤᠯᠠᠨ ᠲᠦᠮᠡᠨᠴᠢ ᠲᠠᠮᠢᠷ᠎ᠤᠨ ᠳᠤᠭᠤᠶ᠋ᠢᠯᠠᠩ᠎ᠤᠨ ᠲᠦᠷᠤᠯ ᠵᠤᠶ᠋ᠢᠯ ᠵᠶ᠋ᠠᠷ ᠤᠷᠤᠬᠰᠠᠨ ᠪᠠᠶ᠋ᠢᠨ᠎ᠠ᠃
      ᠡᠷ᠎ᠡ ᠵᠢᠨ ᠭᠤᠷᠪᠠᠨ ᠨᠠᠭ᠋ᠠᠳᠤᠮ᠎ᠤᠨ ᠨᠢᠭᠡ ᠪᠤᠯᠤᠭᠰᠠᠨ ᠨᠤᠮᠤ ᠰᠤᠮᠤ᠎ᠨᠢ ᠤᠳᠤ ᠵᠢᠨ ᠮᠤᠩᠭᠤᠯ ᠦᠨᠳᠤᠰᠤᠲᠡᠨ᠎ᠤ ᠳᠤᠮᠳᠠ ᠦᠷᠭᠡᠨ ᠵᠶ᠋ᠠᠷ ᠲᠠᠷᠬᠠᠭ᠋ᠠᠭᠳᠠᠵᠤ᠂ ᠶᠡᠭᠡ ᠪᠠᠭ᠎ᠠ ᠨᠠᠶ᠋ᠢᠷ ᠭᠡᠰᠡᠨ ᠦᠭᠡᠢ ᠪᠦᠭᠦᠳᠡ ᠢᠳᠡᠪᠬᠢᠲᠠᠢ ᠦᠷᠨᠢᠭᠦᠯᠵᠤ᠂ ᠨᠤᠮᠤ ᠰᠤᠮᠤ ᠵᠢᠨ ᠤᠷᠤᠯᠳᠤᠭ᠋ᠠᠨ᠎ᠳᠤ ᠣᠷᠣᠯᠴᠠᠭ᠍ᠤ ᠬᠦᠮᠦᠨ ᠴᠦ᠍ ᠤᠯᠠᠮ ᠵᠶ᠋ᠠᠷ ᠤᠯᠠᠰᠢᠷᠠᠵᠤ ᠪᠠᠢ᠍ᠢ᠍ᠨ᠎ᠠ᠃

      ᠵᠡᠭᠦᠯᠲᠡ᠄

     [1][2][7] ᠬᠡᠷᠡᠢ᠍ᠢ᠍ᠳ ᠪᠠᠬᠢᠪᠠᠲᠦ᠂ 《ᠮᠣᠩᠭᠤᠯ ᠨᠠᠭ᠋ᠠᠳᠤᠮ᠎ᠤᠨ ᠤᠴᠢᠷ》᠂ ᠦᠪᠦᠷ ᠮᠣᠩᠭᠤᠯ᠎ᠤᠨ ᠠᠷᠠᠳ᠎ᠤᠨ ᠬᠡᠪᠯᠡᠯ᠎ᠤᠨ ᠬᠤᠷᠢᠶ᠎ᠠ᠂ 2009 ᠤᠨ᠎ᠤ 10
     [3][4][5][6] ᠠᠯᠲᠠᠨᠸᠴᠢᠷ᠂ 《ᠡᠷ᠎ᠡ ᠵᠢᠨ ᠭᠤᠷᠪᠠᠨ ᠨᠠᠭ᠋ᠠᠳᠤᠮ》᠂ ᠦᠪᠦᠷ ᠮᠣᠩᠭᠤᠯ᠎ᠤᠨ ᠰᠤᠶᠤᠯ᠎ᠤᠨ ᠬᠡᠪᠯᠡᠯ᠎ᠤᠨ ᠬᠤᠷᠢᠶ᠎ᠠ᠂ 2016 ᠤᠨ᠎ᠤ 5 ᠰᠠᠷ᠎ᠠ
      ᠬᠠᠶᠢᠬ᠄ ᠦᠪᠤᠷ ᠮᠤᠩᠭᠤᠯ᠎ᠤᠨ ᠪᠠᠭᠰᠢ ᠵᠢᠨ ᠶᠡᠭᠡ ᠰᠤᠷᠭ᠋ᠠᠭᠤᠯᠢ ᠵᠢᠨ ᠲᠠᠮᠢᠷ᠎ᠤᠨ ᠳᠡᠭᠡᠳᠦ ᠰᠤᠷᠭ᠋ᠠᠭᠤᠯᠢ
                      (ᠲᠤ᠋ · ᠦᠯᠵᠠᠢ᠍ᠢ᠍ᠰᠠᠩ ᠨᠠᠢ᠍ᠢ᠍ᠷᠠᠭᠤᠯᠪᠠ)

                       2018 ᠣᠨ᠎ᠤ 9 ᠳ᠋ᠦ᠍ᠭᠡᠷ ᠬᠤᠭᠤᠴᠠᠭ᠎ᠠ

ᠢᠷᠡᠯᠲᠡ᠄ ᠥᠪᠥᠷ ᠮᠣᠩᠭᠤᠯ᠎ᠤᠨ ᠥᠪᠡᠷᠲᠡᠭᠡᠨ ᠵᠠᠰᠠᠬᠤ ᠣᠷᠣᠨ᠎ᠤ ᠰᠤᠷᠭ᠋ᠠᠨ ᠬᠥᠮᠥᠵᠢᠯ᠎ᠤᠨ ᠲᠢᠩᠬᠢᠮ
          
ᠬᠠᠮᠢᠶ᠎ᠡ ᠪᠦᠬᠦᠢ ᠰᠣᠨᠢᠨ
ᠮᠤᠩᠭᠤᠯ ᠦᠨᠳᠤᠰᠤᠳᠠᠠ᠎ᠤ 《ᠢᠷᠠᠭᠤ ᠨᠠᠶ᠋ᠢᠷᠠᠭ ᠵᠶ᠋ᠠᠷ ᠭᠡᠤᠭᠡᠳ ᠬᠥᠮᠤᠵᠢᠬᠦᠯᠬᠦ ᠤᠬᠠᠭ᠋ᠠᠠ》
《ᠮᠣᠩᠭᠤᠯ᠎ᠤᠨ ᠨᠢᠭᠤᠴᠠ ᠲᠤᠪᠴᠢᠶᠠᠨ》᠎ᠤ ᠰᠤᠷᠭ᠋ᠠᠭᠤᠯᠢ ᠵᠢᠨ ᠬᠦᠷᠢᠶᠡᠨ᠎ᠳᠤ᠎ᠬᠢ ᠤᠩᠰᠢᠯᠭ᠎ᠠ
ᠤᠤᠭ᠋ᠠᠯ ᠰᠤᠶᠤᠯ᠎ᠤᠨ ᠮᠡᠳᠡᠷᠡᠮᠵᠢ᠎ᠲᠠᠢ ᠪᠤᠯᠵᠠᠭ᠋ᠠᠶ᠎ᠠ
ᠮᠤᠩᠭᠤᠯᠴᠤᠳ᠎ᠤᠨ ᠶᠠᠰᠤ ᠮᠦᠯᠵᠢᠭᠦ ᠭᠢᠭᠡᠳ ᠳᠡᠭᠦᠨ᠎ᠲᠠᠢ ᠬᠤᠯᠪᠤᠭᠳᠠᠭᠰᠠᠨ ᠴᠡᠭᠡᠷ ᠶᠤᠰᠤᠨ᠎ᠤ ᠰᠤᠶᠤᠯ
ᠮᠤᠩᠭᠤᠯᠴᠤᠳ᠎ᠤᠨ ᠶᠠᠰᠤ ᠮᠦᠯᠵᠢᠭᠦ ᠭᠢᠭᠡᠳ ᠳᠡᠭᠦᠨ᠎ᠲᠠᠢ ᠬᠤᠯᠪᠤᠭᠳᠠᠭᠰᠠᠨ ᠴᠡᠭᠡᠷ ᠶᠤᠰᠤᠨ᠎ᠤ ᠰᠤᠶᠤᠯ
 
             蒙ICP备05000248号