ᠡᠦ ᠬᠤᠩ ᠰᠢᠶᠠ
ᠦᠩᠬᠡᠲᠦ ᠰᠢᠪᠠᠷ ᠵᠶ᠋ᠠᠷ ᠨᠠᠭ᠋ᠠᠳᠬᠤ ᠪᠤᠯ ᠰᠤᠷᠤᠭᠴᠢᠳ᠎ᠤᠨ ᠬᠠᠮᠤᠭ᠎ᠤᠨ ᠲᠤᠷᠠᠲᠠᠢ ᠲᠤᠭᠯᠠᠭ᠋ᠠᠮ᠎ᠤᠨ ᠨᠢᠭᠡ ᠪᠤᠯᠤᠨ᠎ᠠ᠃ ᠲᠤᠭᠯᠠᠭ᠋ᠠᠮ ᠵᠶ᠋ᠠᠷ ᠲᠠᠮᠵᠢᠭᠤᠯᠤᠨ ᠰᠤᠷᠤᠭᠴᠢᠳ᠎ᠤᠨ ᠵᠢᠷᠤᠭ ᠪᠠᠶ᠋ᠢᠷᠢᠰᠢᠭᠤᠯᠬᠤ ᠠᠷᠭ᠎ᠠ ᠮᠡᠷᠬᠡᠵᠢᠯ᠂ ᠭᠠᠷ ᠬᠦᠳᠡᠯᠤᠨ ᠤᠷᠤᠯᠳᠤᠬᠤ ᠴᠢᠳᠠᠪᠦᠷᠢ ᠵᠢ ᠪᠤᠯᠪᠠᠰᠤᠷᠠᠭᠤᠯᠬᠤ᠎ᠪᠠᠷ ᠦᠯᠤ ᠪᠠᠷᠡᠨ ᠠᠵᠢᠭᠯᠠᠭ᠍ᠤ ᠴᠢᠳᠠᠪᠦᠷᠢ ᠵᠢ᠎ᠨᠢ ᠲᠡᠭᠡᠭᠰᠢᠯᠡᠬᠦᠯᠵᠦ᠂ ᠰᠤᠷᠤᠭᠴᠢᠳ᠎ᠤᠨ ᠤᠷᠡᠨ ᠵᠢᠷᠤᠭ ᠰᠤᠷᠤᠯᠴᠠᠭ᠍ᠤ ᠤᠷᠮ᠎ᠠ ᠪᠠᠬ᠎ᠠ ᠵᠢ ᠬᠦᠭᠵᠢᠬᠡᠵᠦ᠂ ᠦᠷᠳᠡᠭ᠎ᠤᠨ ᠦᠵᠡᠯᠲᠡ ᠵᠢ ᠪᠤᠢ ᠪᠤᠯᠭ᠋ᠠᠨ ᠭᠤᠸ᠎ᠠ ᠰᠠᠶ᠋ᠢᠬᠠᠨ᠎ᠤ ᠬᠦᠮᠦᠵᠢᠯ ᠬᠦᠷᠳᠡᠬᠡᠬᠦ ᠵᠤᠷᠢᠯᠭ᠎ᠠ᠎ᠳᠤ᠎ᠪᠠᠨ ᠬᠦᠷᠴᠦ ᠴᠢᠳᠠᠭ᠍ᠤ ᠪᠤᠯᠤᠨ᠎ᠠ᠃ ᠦᠩᠬᠡᠲᠦ ᠰᠢᠪᠠᠷ᠎ᠨᠢ ᠠ᠋ᠩ᠎ᠤᠨ ᠰᠢᠪᠠᠷ᠎ᠢ ᠪᠤᠳᠤᠪᠠᠯ ᠰᠤᠷᠤᠭᠴᠢᠳ᠎ᠤᠨ ᠲᠤᠷ᠎ᠠ ᠰᠤᠨᠢᠷᠬᠠᠯ᠎ᠢ ᠨᠡᠩ ᠢᠯᠡᠬᠦᠦ ᠲᠠᠳᠠᠭ᠍ᠤ ᠬᠦᠴᠤᠨ᠎ᠲᠠᠢ ᠪᠠᠶ᠋ᠢᠳᠠᠭ᠃ ᠬᠦᠪᠰᠦᠬᠦᠷ ᠰᠢᠪᠠᠷ᠎ᠢ ᠠᠰᠢᠭᠯᠠᠨ ᠭᠠᠷ ᠤᠷᠠᠯᠠᠯ᠎ᠤᠨ ᠪᠦᠲᠦᠭᠡᠯ ᠭᠠᠷᠭ᠋ᠠᠬᠤ ᠲᠤᠬᠠᠢ ᠲᠤᠤᠷᠠᠬᠢ ᠬᠡᠳᠤᠨ ᠲᠠᠯ᠎ᠠ᠎ᠠᠴᠠ ᠲᠦᠬᠦᠮ ᠦᠬᠦᠯᠡᠶ᠎ᠡ᠃
ᠨᠢᠭᠡ᠂ ᠵᠢᠷᠤᠭ ᠪᠠᠶ᠋ᠢᠷᠢᠰᠢᠭᠤᠯᠬᠤ
ᠵᠢᠷᠤᠭ ᠪᠠᠶ᠋ᠢᠷᠢᠰᠢᠭᠤᠯᠬᠤ᠎ᠨᠢ ᠰᠤᠷᠤᠭᠴᠢᠳ᠎ᠤᠨ ᠤᠷᠡᠨ ᠵᠢᠷᠤᠭ ᠰᠤᠷᠤᠯᠴᠠᠭ᠍ᠤ ᠵᠢᠨ ᠬᠠᠮᠤᠭ᠎ᠤᠨ ᠭᠤᠤᠯ ᠵᠠᠩᠬᠢᠯᠠᠭ᠎ᠠ ᠪᠤᠯᠵᠦ ᠪᠠᠶ᠋ᠢᠳᠠᠭ᠃ ᠵᠢᠷᠤᠭ ᠪᠠᠶ᠋ᠢᠷᠢᠰᠢᠭᠤᠯᠬᠤ ᠠᠷᠭ᠎ᠠ ᠮᠡᠷᠬᠡᠵᠢᠯ᠎ᠤᠨ ᠲᠡᠬᠡᠭᠰᠢᠯᠡᠯᠲᠡᠨᠢ ᠠ᠋ᠩ᠎ᠤᠨ ᠴᠠᠭ᠎ᠤᠨ ᠵᠢᠷᠤᠭᠴᠢᠯᠠᠭ᠍ᠤ ᠶᠠᠪᠤᠴᠠ᠎ᠳᠤ᠎ᠬᠢ ᠤᠷᠲᠦ ᠬᠤᠭᠤᠴᠠᠭ᠋ᠠᠨ᠎ᠤ ᠴᠢᠷᠮᠠᠶ᠋ᠢᠯᠭ᠎ᠠ᠎ᠠᠴᠠ ᠰᠠᠯᠵᠦ ᠴᠢᠳᠠᠭ᠍ᠤ ᠦᠬᠡᠢ᠃ ᠰᠤᠯᠠ ᠰᠡᠯᠡᠬᠦᠦ ᠴᠠᠭ ᠵᠶ᠋ᠠᠷ ᠵᠶ᠋ᠠᠨ ᠢᠯᠡᠬᠦᠬᠡᠨ ᠲᠠᠳᠠᠯᠭ᠋ᠠᠨ ᠵᠢᠷᠤᠭ ᠵᠢᠷᠤᠵᠦ ᠦᠪᠡᠷ᠎ᠤᠨ ᠵᠢᠷᠤᠭ ᠪᠠᠶ᠋ᠢᠷᠢᠰᠢᠭᠤᠯᠬᠤ ᠴᠢᠳᠠᠪᠦᠷᠢ᠎ᠪᠠᠨ ᠲᠡᠬᠡᠭᠰᠢᠯᠡᠬᠦᠯᠵᠦ᠂ ᠤᠷᠡᠨ ᠵᠢᠷᠤᠭ ᠰᠤᠷᠤᠯᠴᠠᠭ᠍ᠤ ᠠᠩᠬᠠᠨ᠎ᠤ ᠠᠯᠬᠤᠮ ᠵᠶ᠋ᠠᠨ ᠰᠠᠶ᠋ᠢᠳᠤᠷ ᠠᠯᠬᠤᠬᠤ ᠭᠡᠷᠡᠭᠲᠠᠢ ᠪᠠᠶ᠋ᠢᠳᠠᠭ᠃ ᠵᠢᠷᠤᠭ ᠪᠠᠶ᠋ᠢᠷᠢᠰᠢᠭᠤᠯᠬᠤᠳᠤᠪᠠᠨ ᠵᠢᠷᠤᠭᠴᠢᠯᠠᠭ᠍ᠤ ᠬᠡᠵᠦ ᠪᠠᠶ᠋ᠢᠭ᠎ᠠ ᠪᠤᠳᠡᠰ ᠵᠶ᠋ᠠᠨ ᠠ᠋ᠷᠬᠡᠪᠰᠢ ᠰᠠᠶ᠋ᠢᠳᠤᠷ ᠠᠵᠢᠭᠯᠠᠵᠦ ᠪᠦᠲᠦᠴᠡ ᠵᠢᠨ ᠲᠠᠯ᠎ᠠ᠎ᠪᠠᠷ ᠤᠶ᠋ᠢᠯᠠᠭ᠋ᠠᠨ᠂ ᠵᠢᠷᠤᠭ᠎ᠤᠨ ᠬᠠᠪᠳᠠᠭ᠋ᠠᠢᠳᠤᠪᠠᠨ ᠲᠤᠬᠢᠷᠠᠯᠴᠠᠭᠤᠯᠤᠨ ᠵᠢᠷᠤᠭᠴᠢᠯᠠᠭ᠍ᠤ ᠵᠢ ᠤᠨᠴᠠ ᠠᠩᠬᠠᠷᠤᠭᠤᠯᠬᠤ ᠭᠡᠷᠡᠭᠲᠠᠢ᠃ ᠵᠢᠷᠤᠭ᠎ᠤᠨ ᠪᠠᠶ᠋ᠢᠷᠢᠰᠢᠭᠤᠯᠤᠯ᠎ᠤᠨ ᠵᠤᠬᠢᠴᠡᠯ᠎ᠨᠢ ᠬᠦᠮᠦᠰ᠎ᠲᠤ ᠬᠠᠷᠠᠭ᠋ᠠᠨ᠎ᠤ ᠲᠠᠭ᠋ᠠᠰᠢᠶᠠᠯ᠂ ᠭᠤᠸ᠎ᠠ ᠰᠠᠶ᠋ᠢᠬᠠᠨ᠎ᠤ ᠪᠠᠭ᠍ᠠᠷᠬᠠᠯ ᠤᠯᠭᠤᠳᠠᠭ᠃
ᠬᠤᠶᠠᠷ᠂ ᠬᠦᠪᠰᠦᠬᠦᠷ ᠰᠢᠪᠠᠷ᠎ᠤᠨ ᠤᠨᠴᠠᠯᠢᠭ ᠰᠢᠨᠵᠢ
ᠬᠦᠪᠰᠦᠬᠦᠷ ᠰᠢᠪᠠᠷ᠎ᠨᠢ ᠤᠤᠯ᠎ᠤᠨ ᠦᠩᠭᠡᠲᠦ ᠰᠢᠪᠠᠷ᠎ᠢ ᠪᠤᠳᠤᠪᠠᠯ ᠦᠩᠬᠡ᠎ᠨᠢ ᠰᠢᠨ᠎ᠡ ᠰᠤᠷᠭᠤᠭ᠂ ᠤᠯᠠᠨ ᠶᠠᠩᠵᠦ ᠵᠢᠨ ᠦᠩᠬᠡᠯᠡᠬᠦᠨ᠎ᠲᠠᠢ᠂ ᠦᠨᠦᠷ ᠦᠬᠡᠢ᠂ ᠠᠭ᠋ᠠᠷ᠎ᠲᠠᠢ ᠬᠦᠷᠦᠯᠴᠡᠵᠦ ᠤᠳᠠᠪᠡᠯ ᠤᠶᠠᠨ ᠵᠦᠬᠡᠯᠠᠨᠠᠴᠠᠪᠠᠨ ᠪᠠᠬᠢ ᠬᠠᠳᠠᠭᠤ ᠪᠤᠯᠵᠦ ᠬᠤᠪᠢᠷᠠᠨ᠎ᠠ᠃ ᠰᠤᠷᠤᠭᠴᠢᠳ᠎ᠤᠨ ᠪᠡᠶ᠎ᠡ ᠮᠠᠭ᠍ᠠᠪᠤᠳ᠎ᠲᠤ ᠬᠤᠤᠷ ᠬᠦᠨᠦᠭᠡᠯ ᠦᠬᠡᠢ᠂ ᠨᠠᠭ᠋ᠠᠯᠳᠤᠬᠤ ᠴᠢᠨᠠᠷ ᠵᠶ᠋ᠠᠷ ᠴᠢᠩᠭ᠎ᠠ᠂ ᠤᠶᠠᠨ ᠵᠦᠬᠡᠯᠡᠨ ᠪᠠᠶ᠋ᠢᠳᠠᠭ ᠵᠶ᠋ᠠᠷ ᠵᠶ᠋ᠠᠨ ᠭᠡᠤᠭᠡᠳ᠎ᠤᠨ ᠪᠠᠭ᠍ᠠᠷᠬᠠᠯ᠎ᠢ ᠤᠯᠵᠦ᠂ ᠤᠳᠤᠬᠠᠨ᠎ᠳᠤ ᠰᠤᠷᠤᠭᠴᠢᠳ᠎ᠤᠨ ᠭᠠᠷ ᠤᠷᠠᠯᠡᠯ᠎ᠤᠨ ᠪᠦᠲᠦᠭᠡᠯ ᠭᠠᠷᠭ᠋ᠠᠬᠤ᠎ᠳᠤ ᠲᠤᠳᠠᠭᠳᠠᠵᠦ ᠪᠤᠯᠤᠰᠢ ᠦᠬᠡᠢ ᠤᠷᠡᠨ ᠵᠢᠷᠤᠭ᠎ᠤᠨ ᠬᠡᠷᠡᠭᠰᠡᠯ ᠪᠤᠯᠵᠠᠢ᠃ ᠬᠦᠪᠰᠦᠬᠦᠷ ᠰᠢᠪᠠᠷ᠎ᠨᠢ ᠨᠤᠬᠤᠯᠠᠭ᠍ᠤ ᠲᠤᠳᠤᠮ ᠵᠦᠬᠡᠯᠡᠨ ᠪᠤᠯᠵᠦ ᠨᠠᠭ᠋ᠠᠯᠳᠤᠬᠤ ᠴᠢᠨᠠᠷ᠎ᠨᠢ ᠤᠯᠠᠮ ᠨᠡᠮᠡᠭᠳᠡᠬᠦ ᠪᠤᠯᠤᠨ᠎ᠠ᠃ ᠡ᠊ᠨᠡ ᠭᠦ᠌ ᠶᠠᠪᠤᠴᠠ᠎ᠳᠤ ᠰᠤᠷᠤᠭᠴᠢᠳ᠎ᠤᠨ ᠭᠠᠷ ᠬᠦᠳᠡᠯᠵᠦ ᠤᠷᠤᠯᠳᠤᠬᠤ ᠴᠢᠳᠠᠪᠦᠷᠢ ᠵᠢ ᠬᠦᠪᠴᠢᠯᠡᠵᠦ᠂ ᠰᠡᠳᠬᠢᠨ ᠪᠤᠳᠤᠯᠬᠢᠯᠠᠬᠤ ᠴᠢᠳᠠᠪᠤᠷᠢ᠂ ᠵᠤᠬᠢᠶᠠᠨ ᠪᠦᠲᠦᠭᠡᠬᠦ ᠴᠢᠳᠠᠪᠦᠷᠢ ᠵᠢ ᠲᠡᠬᠡᠭᠰᠢᠯᠡᠬᠦᠯᠬᠦ ᠪᠤᠯᠤᠨ᠎ᠠ᠃
ᠭᠤᠷᠪᠠ᠂ ᠬᠦᠪᠰᠦᠬᠦᠷ ᠰᠢᠪᠠᠷ ᠵᠶ᠋ᠠᠷ ᠬᠦᠳᠦᠬᠦᠷ ᠰᠡᠶ᠋ᠢᠯᠦᠮᠡᠯ᠎ᠤᠨ ᠤᠨᠴᠠᠯᠢᠭ᠎ᠲᠠᠢ ᠪᠦᠲᠦᠭᠡᠯ ᠭᠠᠷᠭ᠋ᠠᠬᠤ
ᠬᠦᠪᠰᠦᠬᠦᠷ ᠰᠢᠪᠠᠷ᠎ᠢ ᠠᠰᠢᠭᠯᠠᠨ ᠲᠦᠷᠢᠮ ᠭᠤᠷᠢᠮ᠎ᠲᠠᠢ ᠪᠤᠳᠠᠰ᠎ᠤᠨ ᠬᠡᠯᠪᠡᠷᠢ ᠲᠦᠷᠰᠦ ᠵᠢ ᠵᠤᠬᠢᠶᠠᠨ ᠪᠦᠲᠦᠭᠡᠵᠦ ᠴᠢᠳᠠᠭ᠍ᠤ ᠮᠦᠷᠳᠡᠭᠡᠨ ᠬᠡᠯᠪᠡᠷᠢ ᠲᠦᠷᠰᠦ᠎ᠨᠢ ᠠ᠋ᠮᠬᠢ ᠵᠠᠮᠪᠠᠷᠠᠭ᠎ᠠ ᠦᠬᠡᠢ ᠪᠤᠳᠠᠰ᠎ᠤᠨ ᠬᠡᠯᠪᠡᠷᠢ ᠲᠦᠷᠰᠦ ᠵᠢ ᠴᠦ᠍ ᠵᠤᠬᠢᠶᠠᠨ ᠪᠦᠲᠦᠭᠡᠵᠦ ᠬᠦᠮᠦᠰ᠎ᠲᠤ ᠬᠦᠳᠦᠭᠡᠷ ᠰᠡᠶ᠋ᠢᠯᠦᠮᠡᠯ᠎ᠤᠨ ᠲᠦᠷᠦᠭᠳᠡᠯ᠎ᠢ ᠤᠯᠭᠤᠨ ᠭᠤᠸ᠎ᠠ ᠰᠠᠶ᠋ᠢᠬᠠᠨ᠎ᠤ ᠬᠦᠮᠦᠵᠢᠯ᠂ ᠦᠷᠳᠡᠭ᠎ᠤᠨ ᠦᠵᠡᠯᠲᠡ ᠵᠢ ᠪᠤᠢ ᠪᠤᠯᠭ᠋ᠠᠵᠦ ᠴᠢᠳᠠᠳᠠᠭ᠃ ᠠ᠋ᠭᠦᠨ᠎ᠳᠤ ᠰᠤᠷᠤᠭᠴᠢᠳ᠎ᠢ ᠲᠤᠤᠷᠠᠬᠢ ᠭᠡᠳᠤᠨ ᠲᠠᠯ᠎ᠠ᠎ᠪᠠᠷ ᠠᠨᠭ᠌ᠬᠠᠷᠤᠭᠤᠯᠤᠨᠠ᠃
1. ᠵᠤᠬᠢᠶᠠᠨ ᠪᠦᠲᠦᠭᠡᠬᠦ ᠬᠡᠵᠦ ᠪᠠᠶ᠋ᠢᠭ᠎ᠠ ᠠᠮᠢᠳᠠᠨ᠂ ᠤᠷᠭᠤᠮᠠᠯ᠂ ᠪᠤᠳᠠᠰ᠎ᠢ ᠬᠠᠳᠠᠭᠤ ᠬᠠᠪᠳᠠᠭ᠋ᠠᠢ ᠲᠡᠭᠡᠷ᠎ᠡ᠎ᠪᠠᠨ ᠵᠢᠷᠤᠭᠴᠢᠯᠠᠵᠦ ᠪᠠᠶ᠋ᠢᠷᠢᠰᠢᠭᠤᠯᠤᠨ᠎ᠠ᠃
2. ᠬᠦᠪᠰᠦᠬᠦᠷ ᠰᠢᠪᠠᠷ ᠵᠶ᠋ᠠᠨ ᠲᠠᠬᠢᠨ ᠳᠠᠪᠳᠡᠨ ᠨᠤᠬᠤᠯᠠᠵᠦ᠂ ᠤᠶᠠᠨ ᠵᠦᠬᠡᠯᠡᠨ ᠪᠤᠯᠭ᠋ᠠᠬᠤ ᠵᠢᠨ ᠬᠠᠮᠲᠦ ᠨᠠᠭ᠋ᠠᠯᠳᠤᠬᠤ ᠴᠢᠨᠠᠷ᠎ᠢ᠎ᠨᠢ ᠨᠡᠮᠡᠭᠳᠡᠬᠦᠯᠦᠨ᠎ᠡ᠃
3. ᠬᠦᠪᠰᠦᠬᠦᠷ ᠰᠢᠪᠠᠷ ᠵᠶ᠋ᠠᠨ ᠵᠢᠷᠤᠭ᠎ᠤᠨ ᠪᠠᠶ᠋ᠢᠷᠢᠰᠢᠭᠤᠯᠤᠯ᠎ᠤᠨ ᠶᠤᠰᠤᠭ᠋ᠠᠷ ᠵᠢᠷᠤᠭ᠋ᠠᠰᠤᠨᠤ ᠲᠠᠭ᠋ᠠᠤ ᠪᠤᠳᠠᠲᠠᠢ ᠪᠡᠶᠡᠲᠦ ᠵᠢ ᠪᠦᠲᠦᠭᠡᠨ ᠨᠠᠭ᠋ᠠᠯᠳᠤᠭᠤᠯᠤᠨᠠ᠃ ᠡ᠊ᠨᠡ ᠭᠦ᠌ ᠶᠠᠪᠤᠴᠠ᠎ᠳᠤ ᠪᠦᠬᠦ ᠠᠩᠬᠠᠷᠤᠯ ᠵᠶ᠋ᠠᠨ ᠲᠦᠪᠯᠡᠷᠡᠬᠦᠯᠵᠦ᠂ ᠤᠬᠤᠷᠬᠠᠨ ᠴᠠᠭ᠎ᠤᠨ ᠲᠤᠳᠤᠷ᠎ᠠ ᠪᠤᠳᠠᠰ᠎ᠤᠨ ᠬᠡᠯᠪᠡᠷᠢ ᠲᠦᠷᠰᠦ ᠵᠢ ᠵᠦᠪ ᠤᠨᠤᠪᠴᠢᠳᠠᠢ ᠢᠯᠡᠳᠬᠡᠬᠦ ᠲᠡᠭᠡᠷ᠎ᠡ ᠬᠦᠴᠦ ᠲᠠᠯᠪᠢᠨ᠎ᠠ᠃ ᠬᠦᠪᠰᠦᠬᠦᠷ ᠰᠢᠪᠠᠷ᠎ᠤᠨ ᠬᠠᠳᠠᠭᠤᠷᠠᠨ᠂ ᠨᠠᠭ᠋ᠠᠯᠳᠤᠬᠤ ᠴᠢᠨᠠᠷ ᠵᠶ᠋ᠠᠨ ᠠᠯᠳᠠᠭ᠍ᠤ᠎ᠠᠴᠠ ᠰᠡᠷᠬᠡᠶ᠋ᠢᠯᠡᠨᠡ᠃
4. ᠬᠦᠪᠰᠦᠬᠦᠷ ᠰᠢᠪᠠᠷ ᠨᠡᠯᠢᠶᠡᠳ ᠬᠠᠳᠠᠭᠤᠷᠠᠭᠰᠠᠨᠤ ᠲᠠᠷᠠᠭ᠎ᠠ ᠦᠪᠡᠷ᠎ᠤᠨ ᠲᠤᠷᠠᠲᠠᠢ ᠰᠠᠭᠤᠷᠢ ᠦᠩᠬᠡ᠎ᠪᠠᠨ ᠰᠤᠩᠭᠤᠵᠦ ᠪᠤᠳᠤᠭ ᠤᠷᠤᠭᠤᠯᠤᠨ᠎ᠠ᠃
5. ᠠᠮᠢᠳᠠᠨ᠂ ᠤᠷᠭᠤᠮᠠᠯ᠂ ᠪᠤᠳᠠᠰ᠎ᠤᠨ ᠦᠩᠬᠡᠯᠡᠬᠦᠨᠢ ᠦᠨᠳᠦᠰᠦᠯᠡᠨ ᠪᠤᠳᠤᠭ ᠤᠷᠤᠭᠤᠯᠵᠦ᠂ ᠪᠤᠳᠠᠰ᠎ᠤᠨ ᠪᠦᠬᠦᠶ᠋ᠢᠯᠡ ᠴᠤᠭᠴᠠ ᠵᠢ ᠪᠤᠳᠤᠭᠯᠠᠨ᠎ᠠ᠃
6. ᠬᠦᠪᠰᠦᠬᠦᠷ ᠰᠢᠪᠠᠷ᠎ᠤᠨ ᠪᠦᠲᠦᠭᠡᠯ᠎ᠳᠤ᠎ᠪᠠᠨ ᠲᠤᠬᠢᠷᠠᠭᠤᠯᠤᠯᠲᠠ ᠬᠢᠵᠦ ᠬᠠᠮᠤᠭ ᠰᠡᠬᠦᠯ᠎ᠳᠤᠨᠢ ᠪᠢᠩ ᠰᠢ ᠪᠤᠳᠤᠭ᠎ᠤᠨ ᠠᠯᠳᠠᠨ ᠨᠤᠨᠳᠠᠭᠢ ᠠᠰᠢᠭᠯᠠᠨ ᠪᠤᠳᠤᠭᠯᠠᠵᠦ᠂ ᠬᠡᠬᠡᠨ ᠪᠦᠳᠡᠬᠢ ᠵᠢᠨ ᠬᠠᠷᠢᠴᠠᠭ᠎ᠠ ᠵᠢ ᠲᠤᠬᠢᠷᠠᠯᠴᠠᠭᠤᠯᠤᠨ ᠲᠠᠭᠤᠰᠬᠠᠨ᠎ᠠ᠃
7. ᠬᠦᠪᠰᠦᠬᠦᠷ ᠰᠢᠪᠠᠷ᠎ᠤᠨ ᠦᠩᠬᠡᠯᠡᠬᠦᠨᠤ ᠪᠠᠶ᠋ᠢᠳᠠᠯ᠎ᠢ ᠦᠨᠳᠦᠰᠦᠯᠡᠵᠦ ᠵᠢᠷᠤᠭ᠎ᠤᠨ ᠬᠠᠪᠢᠰᠦ ᠲᠠᠭ᠋ᠠᠷᠠᠭᠤᠯᠤᠨᠠ᠃
ᠬᠦᠪᠰᠦᠬᠦᠷ ᠰᠢᠪᠠᠷ᠎ᠤᠨ ᠵᠢᠭ᠋ᠠᠨ ᠰᠤᠷᠭ᠋ᠠᠯᠲᠠ᠎ᠨᠢ ᠰᠤᠷᠤᠭᠴᠢᠳ᠎ᠤᠨ ᠤᠷᠡᠨ ᠵᠢᠷᠤᠭ ᠰᠤᠷᠤᠯᠴᠠᠭ᠍ᠤ ᠤᠷᠮ᠎ᠡ ᠪᠠᠬ᠎ᠠ ᠵᠢ ᠲᠡᠭᠡᠭᠰᠢᠯᠡᠬᠦᠯᠵᠦ᠂ ᠭᠠᠷ ᠬᠦᠳᠡᠯᠤᠨ ᠤᠷᠤᠯᠳᠤᠯᠭ᠎ᠠ ᠬᠢᠬᠦ ᠴᠢᠳᠠᠪᠤᠷᠢ᠂ ᠵᠤᠬᠢᠶᠠᠨ ᠪᠦᠲᠦᠭᠡᠬᠦ ᠴᠢᠳᠠᠪᠦᠷᠢ᠂ ᠰᠡᠳᠬᠢᠬᠦ ᠴᠢᠳᠠᠪᠤᠷᠢ ᠵᠢ ᠲᠡᠭᠡᠭᠰᠢᠯᠡᠬᠦᠯᠤᠨ᠂ ᠰᠤᠷᠤᠭᠴᠢᠳ᠎ᠲᠤ ᠭᠤᠸ᠎ᠠ ᠰᠠᠶ᠋ᠢᠬᠠᠨ᠎ᠤ ᠪᠠᠶᠠᠷ ᠪᠠᠭ᠍ᠠᠳᠤᠯ᠎ᠢ ᠤᠯᠭᠤᠵᠦ᠂ ᠦᠷᠳᠡᠭ᠎ᠤᠨ ᠦᠵᠡᠯᠲᠡ ᠵᠢᠨ ᠬᠦᠮᠦᠵᠢᠨ ᠲᠡᠬᠡᠭᠰᠢᠯᠡᠬᠦ᠎ᠳᠤ ᠶᠡᠭᠡ ᠨᠦᠯᠦᠭᠡ ᠦᠵᠡᠬᠦᠯᠳᠡᠭ᠃ ᠤᠷᠡᠨ ᠵᠢᠷᠤᠭ᠎ᠤᠨ ᠪᠠᠭᠰᠢ ᠨᠠᠷ ᠵᠢᠭ᠋ᠠᠬᠤ ᠪᠢᠴᠢᠭ᠎ᠠᠴᠠ ᠭᠠᠳᠠᠨ᠎ᠠ ᠰᠤᠷᠤᠭᠴᠢᠳ᠎ᠤᠨ ᠲᠤᠷ᠎ᠠ ᠰᠤᠨᠢᠷᠬᠠᠯᠳᠤ ᠵᠤᠷᠢᠭᠤᠯᠤᠨ ᠰᠤᠯᠠ ᠰᠡᠯᠡᠬᠦᠦ ᠴᠠᠭ ᠵᠶ᠋ᠠᠷ᠎ᠨᠢ ᠬᠦᠪᠰᠦᠬᠦᠷ ᠰᠢᠪᠠᠷ᠎ᠤᠨ ᠤᠨᠴᠠᠯᠢᠬᠳᠤ ᠪᠦᠲᠦᠭᠡᠯ ᠭᠠᠷᠭ᠋ᠠᠬᠤ ᠵᠢ ᠵᠤᠷᠢᠬ᠍ᠵᠢᠭᠤᠯᠤᠨ ᠭᠦᠢ᠍ᠴᠡᠳᠭᠡᠯᠭᠡᠵᠦ ᠪᠤᠯᠤᠨ᠎ᠠ᠃
ᠬᠠᠶᠢᠬ᠄ ᠬᠠᠨ ᠠᠭᠤᠯᠠ ᠪᠠᠭ᠎ᠠ ᠰᠤᠷᠭ᠋ᠠᠭᠤᠯᠢ
(ᠠ᠋ᠾᠤᠢ᠍ᠩ ᠮᠸᠢ ᠨᠠᠢ᠍ᠢ᠍ᠷᠠᠭᠤᠯᠪᠠ)
2020.4 ᠳ᠋ᠦ᠍ᠭᠡᠷ ᠬᠤᠭᠤᠴᠠᠭ᠎ᠠ