ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠰᠤᠷᠭᠠᠨ ᠬᠦᠮᠦᠵᠢᠯ᠎ᠤᠨ ᠬᠠᠨᠲᠤᠯᠭ᠎ᠠ
ᠰᠣᠨᠤᠷ᠎ᠤᠨ ᠲᠠᠪᠴᠠᠩ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠰᠣᠨᠤᠷ᠎ᠤᠨ ᠲᠠᠪᠴᠠᠩ   -   ᠬᠡᠣᠬᠡᠳ᠎ᠤᠨ ᠬᠦᠮᠦᠵᠢᠯ
ᠭᠡᠤᠭᠡᠳ᠎ᠢ ᠬᠦᠳᠡᠯᠮᠤᠷᠢ᠎ᠳᠤ ᠰᠤᠷᠭ᠋ᠠᠬᠤ ᠵᠢᠨ ᠴᠢᠬᠤᠯᠠ ᠴᠢᠨᠠᠷ
ᠨᠡᠶ᠋ᠢᠲᠡᠯᠡᠭᠰᠡᠨ ᠴᠠᠭ᠄ 2021-02-22

                                          ᠠᠯᠲᠠᠨᠴᠢᠮᠡᠭ


     《ᠬᠦᠮᠦᠠ ᠰᠠᠷᠮᠠᠭᠴᠢᠠ᠎ᠠᠴᠠ ᠬᠤᠪᠢᠷᠠᠵᠦ ᠢᠷᠡᠬᠦ᠎ᠳᠤ ᠬᠦᠳᠡᠯᠮᠤᠷᠢ ᠴᠢᠬᠤᠯᠠ ᠦᠢ᠍ᠯᠡᠳᠦᠯ ᠦᠵᠡᠬᠦᠯᠵᠡᠢ》 ᠭᠡᠳᠡᠭ᠃ ᠠ᠋ᠨᠡ ᠪᠤᠯ ᠭᠦᠮᠦᠨ ᠲᠦᠷᠤᠯᠬᠢᠳᠠᠨ᠎ᠤ ᠠ᠋ᠭᠦᠰᠦᠯ᠎ᠤᠨ ᠲᠤᠬᠠᠢ ᠬᠠᠮᠤᠭ᠎ᠤᠨ ᠵᠦᠪ ᠤᠨᠤᠪᠴᠢᠳᠠᠢ ᠲᠠᠢ᠍ᠢ᠍ᠯᠪᠤᠷᠢ ᠪᠤᠯᠤᠨ᠎ᠠ᠃ ᠭᠡᠷᠡᠭ ᠳᠡᠭᠡᠷ᠎ᠡ᠎ᠪᠠᠨ ᠬᠦᠮᠦᠠ ᠲᠦᠷᠦᠯᠬᠢᠳᠡᠡ ᠤᠷᠤᠰᠢᠠ ᠲᠤᠭᠳᠠᠨᠢᠵᠦ᠂ ᠬᠥᠭᠵᠢᠡ ᠪᠤᠵᠠᠭ᠋ᠠᠢ᠍ᠢ᠍ᠷᠠᠵᠦ ᠦᠨᠦᠳᠦᠷ᠎ᠲᠤ ᠲᠤᠯᠳᠠᠯ᠎ᠠ ᠬᠦᠳᠡᠯᠮᠤᠷᠢ᠎ᠠᠴᠠ ᠰᠠᠯᠵᠦ ᠴᠢᠳᠠᠭ᠎ᠠ ᠦᠭᠡᠢ᠃ ᠨᠠᠢ᠍ᠢ᠍ᠭᠡᠮ᠎ᠤᠨ ᠭᠦᠭᠵᠢᠯ᠎ᠤᠨ ᠵᠤᠬᠢᠬᠤ ᠱᠠᠳᠤᠨ᠎ᠳᠤ ᠬᠦᠳᠡᠯᠮᠤᠷᠢ᠎ᠨᠢ ᠤᠶᠤᠠ᠎ᠤ ᠬᠦᠳᠡᠯᠮᠤᠷᠢ ᠪᠤᠯᠤᠨ ᠪᠡᠶ᠎ᠡ ᠵᠢᠨ ᠬᠦᠳᠡᠯᠮᠤᠷᠢ ᠭᠡᠭᠦ ᠬᠤᠶᠠᠷ ᠲᠦᠷᠦᠯ᠎ᠳᠤ ᠬᠤᠪᠢᠶᠠᠭᠳᠠᠭᠰᠠᠨ ᠪᠠᠢ᠍ᠢ᠍ᠳᠠᠭ᠃ ᠣᠳᠣᠬᠠᠨ ᠨᠠᠢ᠍ᠢ᠍ᠭᠡᠮ ᠲᠠᠶᠠᠭ᠋ᠠᠷ᠎ᠲᠤ ᠤᠶᠤᠠ᠎ᠤ ᠬᠦᠳᠡᠯᠮᠤᠷᠢ ᠵᠢ ᠴᠢᠬᠤᠯᠠᠴᠢᠯᠠᠭ᠋ᠠᠳ ᠪᠡᠶ᠎ᠡ ᠵᠢᠨ ᠬᠦᠳᠡᠯᠮᠤᠷᠢ ᠵᠢ ᠭᠦᠨᠭᠭᠡᠪᠴᠢᠯᠠᠭᠦ ᠭᠡᠯᠪᠠᠷᠢᠯ ᠨᠡᠢ᠍ᠢ᠍ᠳᠡᠮ ᠤᠷᠤᠰᠢᠵᠦ᠂ ᠪᠡᠶ᠎ᠡ ᠵᠢᠨ ᠬᠦᠳᠡᠯᠮᠤᠷᠢᠴᠢᠳ᠎ᠢ ᠲᠤᠤᠷᠠᠰᠢᠶᠠᠬᠤ ᠪᠤᠶᠤ ᠬᠦᠳᠡᠯᠮᠤᠷᠢᠯᠡᠬᠦ᠎ᠠᠴᠠ ᠬᠠᠯᠠᠰᠢᠷᠠᠬᠤ ᠬᠦᠮᠦᠨ ᠶᠠᠪᠤᠬᠤ ᠲᠤᠳᠤᠮ ᠤᠯᠠᠰᠢᠷᠠᠵᠤ ᠪᠠᠢ᠍ᠢ᠍ᠨ᠎ᠠ᠃ ᠲᠤᠬᠠᠢ᠍ᠢ᠍ᠯᠠᠪᠠᠯ᠂ ᠤᠯᠠᠨᠭ᠌ᠬᠢ ᠭᠡᠷ᠎ᠤᠨ ᠠᠬᠠᠮᠠᠳ ᠦᠷ᠎ᠡ ᠭᠡᠤᠭᠡᠳ ᠵᠶ᠋ᠠᠨ ᠬᠦᠳᠡᠭᠡ ᠪᠤᠶᠤ ᠲᠠᠷᠢᠶᠠᠯᠠᠬᠤ ᠮᠠᠯᠵᠢᠬᠤ ᠠᠮᠢᠳᠤᠷᠠᠯ᠎ᠢ ᠬᠢᠯᠭᠡᠭᠦ ᠲᠤᠷ᠎ᠠ ᠦᠭᠡᠢ ᠪᠠᠢ᠍ᠢ᠍ᠵᠦ᠂ ᠬᠤᠳᠠ ᠤᠷᠤᠭᠤᠯᠵᠦ ᠠᠯᠪᠠᠠ ᠰᠢᠷᠡᠭᠡ ᠲᠦᠰᠢᠬᠦᠯᠬᠦ ᠬᠦᠭᠡᠭᠡᠴᠡᠯᠳᠦᠯ ᠤᠯᠠᠮ ᠵᠶ᠋ᠠᠷ ᠶᠡᠭᠡᠰᠴᠦ ᠪᠠᠢ᠍ᠢ᠍ᠨ᠎ᠠ᠃ ᠭᠡᠳᠡᠯ᠎ᠡ ᠶᠠᠮᠠᠷᠪᠠ ᠨᠡᠢ᠍ᠢ᠍ᠭᠡᠮ᠎ᠤᠨ ᠬᠦᠭᠵᠢᠯᠳᠠ ᠰᠢᠨᠡᠴᠢᠯᠡᠯᠳᠡ᠎ᠨᠢ ᠬᠦᠮᠦᠰ᠎ᠤᠨ ᠪᠡᠶ᠎ᠡ ᠵᠢᠨ ᠬᠦᠳᠡᠯᠮᠤᠷᠢ ᠵᠢ ᠬᠦᠩᠭᠡᠷᠠᠭᠦᠯᠵᠦ ᠴᠢᠳᠠᠭᠰᠠᠠ᠎ᠠᠴᠠ ᠪᠢᠰᠢ᠂ ᠪᠡᠶ᠎ᠡ ᠵᠢᠨ ᠬᠦᠳᠡᠯᠮᠤᠷᠢ᠎ᠠᠴᠠ ᠰᠠᠯᠭ᠋ᠠᠵᠦ ᠴᠢᠳᠠᠭ᠎ᠠ ᠦᠭᠡᠢ᠃ ᠰᠢ ᠵᠢᠨ ᠫᠢᠩ ᠨᠦᠭᠦᠷ ᠪᠦᠬᠦ ᠤᠯᠤᠰ᠎ᠤᠨ ᠰᠤᠷᠭ᠋ᠠᠨ ᠬᠥᠮᠦᠵᠢᠯ᠎ᠤᠨ ᠬᠤᠷᠠᠯ ᠲᠡᠭᠡᠷ᠎ᠠ 《ᠲᠤᠮᠳᠠᠳᠤ ᠤᠯᠤᠰ᠎ᠤᠨ ᠣᠨᠴᠠᠯᠢᠭ᠎ᠲᠠᠢ ᠨᠡᠢ᠍ᠢ᠍ᠭᠡᠮ ᠵᠢᠷᠤᠮ᠎ᠤᠨ ᠰᠤᠷᠭ᠋ᠠᠨ ᠬᠥᠮᠦᠵᠢᠯ᠎ᠤᠨ ᠬᠦᠭᠵᠢᠯᠳᠡ ᠵᠢᠨ ᠵᠠᠮ᠎ᠢ ᠪᠠᠷᠢᠮᠳᠠᠯᠠᠵᠦ ᠶᠣᠰᠤ ᠰᠤᠷᠳᠠᠬᠤᠨ᠂ ᠣᠶᠤᠨ ᠤᠬᠠᠭ᠋ᠠᠨ᠂ ᠪᠡᠶ᠎ᠠ ᠮᠠᠬᠠᠪᠤᠳ᠂ ᠭᠤᠸ᠎ᠠ ᠰᠠᠢ᠍ᠢ᠍ᠬᠠᠨ᠂ ᠬᠥᠳᠡᠯᠮᠦᠷᠢ ᠪᠦᠬᠦ ᠲᠠᠯ᠎ᠠ᠎ᠪᠠᠷ ᠬᠥᠭᠵᠢᠭᠰᠡᠨ ᠨᠡᠢ᠍ᠢ᠍ᠭᠡᠮ ᠵᠢᠷᠤᠮ᠎ᠤᠨ ᠪᠦᠳᠦᠭᠡᠨ ᠪᠠᠢ᠍ᠢ᠍ᠭᠤᠯᠤᠭᠴᠢ ᠪᠣᠯᠤᠨ ᠵᠠᠯᠭ᠋ᠠᠮᠵᠢᠯᠠᠭᠴᠢ ᠵᠢ ᠬᠥᠮᠦᠵᠢᠭᠦᠯᠬᠦ ᠭᠡᠷᠡᠭᠳᠡᠢ》 ᠭᠡᠵᠦ ᠬᠥᠳᠡᠯᠮᠦᠷᠢ ᠵᠢᠨ ᠬᠥᠮᠦᠵᠢᠯ᠎ᠢ ᠴᠢᠬᠤᠯᠠᠴᠢᠯᠠᠭᠰᠠᠨ ᠪᠠᠢ᠍ᠢ᠍ᠨ᠎ᠠ᠃ ᠪᠠᠭ᠎ᠠ ᠰᠤᠷᠭ᠋ᠠᠭᠤᠯᠢ ᠵᠢᠨ 《ᠶᠣᠰᠤ ᠮᠤᠷᠠᠯ ᠬᠢᠭᠡᠳ ᠠᠮᠢᠳᠤᠷᠠᠯ᠎ᠤᠨ ᠬᠢᠴᠢᠶᠡᠯ᠎ᠤᠨ ᠪᠠᠷᠢᠮᠵᠢᠶ᠎ᠠ》᠎ᠳᠤ 《ᠠᠷᠠᠳ ᠢᠷᠭᠡᠳ᠎ᠤᠨ ᠰᠢᠯᠢᠳᠡᠭ ᠰᠠᠢ᠍ᠢ᠍ᠨ ᠶᠤᠰᠤ ᠮᠤᠷᠠᠯ᠎ᠤᠨ ᠬᠡᠪ ᠴᠢᠨᠠᠷ ᠪᠠ ᠵᠤᠷᠢᠭᠳᠠᠢ᠎ᠪᠠᠷ ᠬᠠᠢ᠍ᠢ᠍ᠨ ᠰᠤᠳᠤᠯᠤᠨ᠂ ᠰᠢᠨ᠎ᠠ ᠵᠢ ᠠ᠋ᠭᠦᠳᠭᠦ ᠵᠤᠷᠢᠭ ᠰᠠᠨᠠᠭ᠎ᠠ ᠵᠢ ᠪᠦᠷᠢᠯᠳᠤᠭᠦᠯᠭᠦ》 ᠱᠠᠭ᠋ᠠᠷᠳᠠᠯᠭ᠎ᠠ ᠵᠢ ᠲᠠᠯᠪᠢᠵᠡᠢ᠃ ᠪᠠᠭ᠎ᠠ ᠰᠤᠷᠭ᠋ᠠᠭᠤᠯᠢ ᠵᠢᠨ ᠰᠤᠷᠤᠭᠴᠢᠳ᠎ᠤᠨ ᠠ᠋ᠳᠦᠷ ᠲᠤᠳᠤᠮ᠎ᠤᠨ ᠦᠢ᠍ᠯᠡ ᠠᠵᠢᠯᠯᠠᠭ᠋ᠠᠨ᠎ᠤ ᠲᠦᠷᠢᠮᠵᠢᠯ᠎ᠳᠤ 《ᠥᠪᠡᠷ᠎ᠤᠨ ᠬᠢᠵᠦ ᠴᠢᠳᠠᠬᠤ ᠠᠵᠢᠯ ᠵᠶ᠋ᠠᠨ ᠥᠪᠡᠷ ᠵᠶ᠋ᠠᠨ ᠬᠢᠵᠦ᠂ ᠭᠡᠷ ᠣᠷᠤᠨ᠂ ᠬᠤᠪᠴᠠᠰᠤ ᠬᠤᠨᠠᠷ ᠵᠶ᠋ᠠᠨ ᠥᠪᠡᠷ ᠵᠶ᠋ᠠᠨ ᠲᠢᠭᠯᠡᠵᠦ ᠰᠤᠷᠬᠤ ᠪᠥᠭᠡᠳ ᠠᠶᠠᠭ᠎ᠠ ᠰᠢᠨᠠᠭ᠎ᠠ ᠤᠭᠢᠶᠠᠬᠤ ᠵᠡᠷᠭᠡ ᠭᠡᠷ᠎ᠤᠨ ᠬᠥᠳᠡᠯᠮᠦᠷᠢ᠎ᠳᠤ ᠣᠷᠤᠯᠴᠠᠬᠤ ᠭᠡᠷᠡᠭᠳᠡᠢ》 ᠭᠡᠵᠦ ᠲᠤᠭᠳᠠᠭ᠋ᠠᠭᠰᠠᠨ ᠪᠠᠢ᠍ᠢ᠍ᠳᠠᠭ᠃ 《ᠠᠵᠢᠯ ᠬᠢᠵᠦ ᠬᠦᠮᠦᠨ ᠪᠤᠯᠳᠠᠭ᠂ ᠠᠷᠦ ᠲᠠᠪᠠᠵᠦ ᠬᠦᠯᠦᠭ ᠪᠤᠯᠳᠠᠭ》 ᠭᠡᠳᠡᠭᠴᠢᠯᠠᠨ ᠭᠡᠦᠭᠡᠳ᠎ᠢ ᠪᠠᠭ᠎ᠠ᠎ᠠᠴᠠ᠎ᠨᠢ ᠠᠵᠢᠯ ᠬᠦᠳᠡᠯᠮᠦᠷᠢ᠎ᠳᠤ ᠰᠤᠷᠭ᠋ᠠᠬᠤ᠎ᠨᠢ ᠦᠭᠡᠯᠡᠢ ᠪᠤᠯᠵᠦ ᠠᠵᠢᠯ ᠦᠢ᠍ᠯᠡᠰ ᠪᠤᠰᠬᠠᠵᠦ᠂ ᠠᠵᠦ ᠲᠦᠷᠦᠨ ᠠᠮᠢᠳᠤᠷᠠᠬᠤ ᠰᠠᠢ᠍ᠢ᠍ᠨ ᠰᠠᠢ᠍ᠢ᠍ᠬᠠᠨ ᠲᠠᠳᠬᠠᠯ ᠪᠤᠯᠪᠠᠰᠤᠷᠠᠯ᠎ᠤᠨ ᠰᠠᠭᠤᠷᠢ ᠵᠢ ᠲᠠᠯᠪᠢᠵᠦ ᠦᠭᠬᠦ᠎ᠳᠤ ᠲᠦᠢ᠍ᠯ᠎ᠤᠨ ᠴᠢᠬᠤᠯᠠ ᠦᠢ᠍ᠯᠡᠳᠦᠯ᠎ᠲᠠᠢ ᠶᠤᠮ᠃
      ᠨᠢᠭᠡ᠂ ᠭᠡᠦᠭᠡᠳ᠎ᠢ ᠬᠦᠳᠡᠯᠮᠦᠷᠢ᠎ᠳᠤ ᠰᠤᠷᠭ᠋ᠠᠬᠤ ᠵᠢᠨ ᠴᠢᠬᠤᠯᠠ ᠴᠢᠨᠠᠷ
      ᠭᠡᠤᠭᠡᠳ᠎ᠤᠨ ᠠᠮᠢᠳᠤᠷᠠᠯ᠎ᠤᠨ ᠲᠤᠷᠰᠢᠯᠭ᠎ᠠ ᠪᠤᠯ ᠰᠢᠯᠢᠳᠡᠭ ᠰᠠᠢ᠍ᠢ᠍ᠨ ᠶᠤᠰᠤ ᠮᠤᠷᠠᠯ᠎ᠤᠨ ᠪᠦᠷᠢᠯᠳᠦᠯ ᠪᠠ ᠨᠡᠢ᠍ᠢ᠍ᠭᠡᠮᠴᠢ ᠴᠢᠨᠠᠷ᠎ᠤᠨ ᠬᠢᠨᠢ ᠬᠦᠭᠵᠢᠯᠳᠠ ᠵᠢᠨ ᠰᠠᠭᠤᠷᠢ ᠮᠦᠠ᠃ ᠬᠦᠳᠡᠯᠮᠤᠷᠢ᠎ᠠᠴᠠ ᠬᠦᠮᠦᠰ᠎ᠤᠨ ᠪᠡᠶ᠎ᠠ᠎ᠪᠠᠨ ᠲᠠᠭ᠋ᠠᠭ᠋ᠠᠬᠤ ᠴᠢᠳᠠᠪᠤᠷᠢ᠂ ᠦᠪᠡᠷ ᠪᠤᠰᠤᠳ᠎ᠲᠤ ᠬᠠᠷᠢᠭᠤᠴᠠᠬᠤ ᠬᠠᠷᠢᠭᠤᠴᠠᠯᠭ᠋ᠠᠳᠦ ᠰᠡᠳᠬᠢᠯ᠂ ᠵᠦᠪ ᠠᠮᠢᠳᠤᠷᠠᠬᠤᠢ ᠵᠢᠨ ᠦᠵᠡᠯᠳᠡ᠂ ᠠ᠋ᠷᠬᠢᠮ ᠲᠡᠭᠡᠳᠦ ᠦᠵᠡᠯ ᠰᠤᠷᠳᠠᠯ᠂ ᠠ᠋ᠷᠡᠬᠦᠯ ᠴᠢᠬᠢᠷᠠᠭ ᠬᠦᠮᠦᠨ ᠮᠦᠰᠦ ᠪᠦᠷᠢᠯᠳᠦᠠ ᠲᠤᠭᠳᠠᠳᠠᠭ᠃
     1. ᠭᠡᠦᠭᠡᠳ᠎ᠢ ᠬᠦᠳᠡᠯᠮᠦᠷᠢ᠎ᠳᠤ ᠰᠤᠷᠭ᠋ᠠᠬᠤ᠎ᠨᠢ ᠪᠡᠶ᠎ᠠ᠎ᠪᠠᠨ ᠲᠠᠭ᠋ᠠᠭ᠋ᠠᠵᠦ ᠰᠤᠷᠬᠤ᠎ᠳᠤ ᠰᠠᠭᠤᠷᠢ ᠪᠤᠯᠳᠠᠭ᠃ ᠨᠢᠭᠡ ᠭᠡᠦᠭᠡᠳ᠎ᠤᠨ ᠪᠡᠶ᠎ᠡ᠎ᠪᠠᠨ ᠲᠠᠭ᠋ᠠᠭ᠋ᠠᠬᠤ ᠴᠢᠳᠠᠪᠤᠷᠢᠳᠠᠢ ᠠ᠋ᠰᠡᠬᠦ ᠵᠢ ᠲᠡᠬᠦᠨ᠎ᠤ ᠠᠵᠢᠯ ᠬᠦᠳᠡᠯᠮᠦᠷᠢ ᠵᠢ ᠬᠢᠷᠢ ᠵᠡᠷᠭᠡ ᠬᠢᠵᠦ ᠴᠢᠳᠠᠭᠰᠠᠨ ᠵᠶ᠋ᠠᠷ᠎ᠨᠢ ᠦᠨᠡᠯᠡᠳᠡᠭ ᠪᠠᠢ᠍ᠢ᠍ᠨ᠎ᠠ᠃ ᠵᠢᠱ᠌ᠢᠶᠡᠯᠡᠪᠡᠯ᠄ ᠭᠠᠵᠠᠷ ᠵᠶ᠋ᠠᠨ ᠰᠠᠢ᠍ᠢ᠍ᠬᠠᠨ ᠵᠦᠯᠬᠦᠴᠢᠭᠡᠳᠡᠭ ᠭᠡᠦᠭᠡᠳ ᠤᠷᠤ᠎ᠪᠠᠨ ᠰᠠᠢ᠍ᠢ᠍ᠬᠠᠨ ᠲᠢᠭᠯᠡᠵᠦ ᠴᠢᠳᠠᠳᠠᠭ᠂ ᠲᠠᠰᠬᠠᠯ ᠵᠶ᠋ᠠᠨ ᠠᠯᠳᠠᠯ ᠦᠭᠡᠢ ᠪᠡᠶᠡᠯᠡᠬᠦᠯᠴᠢᠭᠡᠳᠡᠭ ᠭᠡᠦᠭᠡᠳ ᠪᠤᠰᠤᠳ᠎ᠤᠨ ᠭᠡᠯᠡᠭᠰᠡᠨ ᠦᠭᠡ ᠵᠢ ᠠᠮᠠᠷᠬᠠᠨ ᠤᠢ᠍ᠢ᠍ᠯᠠᠭ᠋ᠠᠭ᠋ᠠᠳ ᠬᠦᠯᠢᠶᠡᠨ ᠠᠪᠴᠢᠬᠠᠳᠠᠭ ᠪᠡᠶ᠎ᠠ᠎ᠪᠠᠨ ᠡᠵᠡᠮᠳᠡᠵᠦ ᠴᠢᠳᠠᠭᠰᠠᠨ ᠭᠡᠦᠭᠡᠳ ᠪᠠᠢ᠍ᠢ᠍ᠳᠠᠭ᠃ ᠬᠦᠳᠡᠯᠮᠦᠷᠢ᠎ᠠᠴᠠ ᠭᠡᠦᠭᠡᠳ ᠤᠴᠢᠷ ᠶᠠᠪᠤᠳᠠᠯ᠎ᠢ ᠰᠢᠢ᠍ᠳᠪᠦᠷᠢᠯᠡᠬᠦ ᠡᠪ ᠲᠡᠮ᠎ᠢ ᠤᠯᠵᠦ ᠦᠪᠡᠷ ᠪᠤᠰᠤᠳ᠎ᠤᠨ ᠬᠠᠷᠢᠴᠠᠭ᠎ᠠ᠎ᠪᠠᠨ ᠡᠪᠯᠢᠭ ᠵᠤᠬᠢᠴᠠᠭᠤᠯᠬᠤ ᠵᠡᠷᠭᠡ ᠴᠢᠳᠠᠪᠤᠷᠢ ᠵᠢ ᠠᠶᠠᠨᠳᠠᠭ᠋ᠠᠨ ᠣᠯᠵᠤ ᠪᠣᠯᠳᠠᠭ ᠪᠠᠢ᠍ᠢ᠍ᠨ᠎ᠠ᠃
     2. ᠭᠡᠦᠭᠡᠳ᠎ᠢ ᠬᠦᠳᠡᠯᠮᠦᠷᠢ᠎ᠳᠤ ᠰᠤᠷᠭ᠋ᠠᠬᠤ᠎ᠨᠢ ᠦᠪᠡᠷ ᠪᠤᠰᠤᠳ᠎ᠲᠤ ᠬᠠᠷᠢᠭᠤᠴᠠᠬᠤ ᠤᠬᠠᠮᠰᠠᠷᠳᠤ ᠰᠡᠳᠬᠢᠯᠭᠡ ᠵᠢ ᠪᠤᠢ ᠪᠤᠯᠭ᠋ᠠᠳᠠᠭ᠃ ᠦᠪᠡᠷ᠎ᠤᠨ ᠬᠦᠳᠡᠯᠮᠤᠷᠢ ᠵᠢᠨ ᠦᠷ᠎ᠡ ᠪᠦᠳᠦᠭᠡᠯ ᠵᠶ᠋ᠠᠨ ᠦᠪᠡᠷ ᠵᠶ᠋ᠠᠨ ᠯᠠ ᠬᠠᠮᠤᠭ᠎ᠠᠴᠠ ᠨᠠᠨᠳᠢᠨᠭ᠌ᠨᠠᠳᠠᠬ ᠪᠤᠯᠬᠤᠷ ᠭᠡᠤᠭᠡᠳ᠎ᠢ ᠬᠦᠳᠡᠯᠮᠤᠷᠢᠯᠡᠬᠦᠯᠵᠦ᠂ ᠬᠦᠳᠡᠯᠮᠤᠷᠢ ᠵᠢᠨ ᠦᠷ᠎ᠡ ᠪᠦᠳᠦᠭᠡᠯ᠎ᠢ᠎ᠨᠢ ᠬᠠᠷᠠᠭᠤᠯᠵᠦ᠂ ᠬᠦᠳᠡᠯᠮᠤᠷᠢᠯᠡᠬᠦ ᠵᠢᠨ ᠴᠢᠬᠤᠯᠠ ᠴᠢᠨᠠᠷ᠎ᠢ ᠮᠡᠳᠡᠷᠡᠬᠦᠯᠬᠦ ᠭᠡᠷᠡᠭᠳᠡᠢ᠃ ᠦᠪᠡᠷ᠎ᠤᠨ ᠵᠶ᠋ᠠᠨ ᠬᠦᠳᠡᠯᠮᠤᠷᠢ ᠵᠢᠨ ᠦᠷ᠎ᠡ ᠪᠦᠳᠦᠭᠡᠯ᠎ᠢ ᠬᠠᠢ᠍ᠢ᠍ᠷᠠᠯᠠᠵᠦ ᠴᠢᠳᠠᠪᠠᠯ᠂ ᠦᠷᠦᠭᠡᠯ᠎ᠤᠨ ᠬᠦᠳᠡᠯᠮᠤᠷᠢ ᠵᠢ ᠣᠢ᠍ᠢ᠍ᠯᠠᠭ᠋ᠠᠵᠦ᠂ ᠬᠦᠳᠡᠯᠮᠤᠷᠢ ᠵᠢ ᠬᠠᠢ᠍ᠢ᠍ᠷᠠᠯᠠᠬᠤ ᠤᠬᠠᠮᠰᠠᠷ ᠬᠦᠮᠦᠵᠢᠭᠳᠡᠵᠦ᠂ ᠠ᠋ᠭᠦᠨ᠎ᠤ ᠤᠯᠠᠮ᠎ᠠᠴᠠ ᠠᠶᠠᠠᠳᠠᠭ᠋ᠠᠠ ᠬᠠᠷᠢᠭᠤᠴᠠᠯᠭ᠋ᠠᠳᠦ ᠰᠡᠳᠬᠢᠯᠭᠡ ᠬᠦᠮᠦᠵᠢᠭᠳᠡᠵᠦ ᠴᠢᠳᠠᠳᠠᠭ᠃ ᠵᠢᠱ᠌ᠢᠶᠡᠯᠡᠪᠡᠯ᠄ ᠠᠩᠬᠢ ᠵᠢᠨ ᠵᠢᠵᠢᠬᠦᠷ ᠵᠶ᠋ᠠᠨ ᠰᠠᠢ᠍ᠢ᠍ᠳᠤᠷ ᠬᠢᠵᠦ ᠴᠢᠨᠠᠷ᠎ᠢ ᠪᠠᠳᠤᠯᠠᠵᠦ ᠴᠢᠳᠠᠭᠰᠠᠨ ᠭᠡᠦᠭᠡᠳ ᠪᠤᠰᠤᠳ᠎ᠤᠨ ᠵᠢᠵᠢᠬᠦᠷ᠎ᠢ ᠴᠦ᠍ ᠬᠦᠡᠳᠦᠳᠭᠡᠵᠦ ᠬᠤᠬ ᠨᠤᠪᠰᠢ ᠵᠢ ᠠ᠋ᠷᠦᠢ ᠬᠤᠷᠤᠢ ᠦᠭᠡᠢ ᠬᠠᠶᠠᠬᠤ ᠦᠭᠡᠢ ᠪᠠᠢ᠍ᠢ᠍ᠵᠤ᠂ ᠠᠩᠬᠢ ᠵᠢᠨ ᠠᠷᠢᠭᠤᠨ ᠴᠡᠪᠡᠷ ᠵᠶ᠋ᠠᠨ ᠪᠠᠳᠤᠯᠠᠬᠤ ᠬᠠᠷᠢᠭᠤᠴᠠᠯᠭ᠋ᠠᠳᠦ ᠰᠡᠳᠬᠢᠯᠭᠡ ᠬᠦᠮᠦᠵᠢᠭᠳᠡᠳᠡᠭ ᠪᠠᠢ᠍ᠢ᠍ᠨ᠎ᠠ᠃
     3. ᠭᠡᠦᠭᠡᠳ᠎ᠢ ᠬᠦᠳᠡᠯᠮᠦᠷᠢ᠎ᠳᠤ ᠰᠤᠷᠭ᠋ᠠᠬᠤ᠎ᠨᠢ ᠰᠠᠢ᠍ᠢ᠍ᠨ ᠰᠠᠢ᠍ᠢ᠍ᠬᠠᠨ ᠠᠮᠢᠳᠤᠷᠠᠵᠦ ᠰᠤᠷᠤᠯᠴᠠᠬᠤ ᠵᠠᠩ ᠲᠠᠳᠬᠠᠯ᠎ᠤᠨ ᠪᠦᠷᠢᠯᠳᠦᠨ ᠲᠤᠭᠳᠠᠬᠤ᠎ᠳᠤ ᠰᠠᠭᠤᠷᠢ ᠲᠠᠯᠪᠢᠵᠦ ᠦᠭᠳᠡᠭ᠃ ᠬᠦᠮᠦᠨ᠎ᠤ ᠠᠮᠢᠳᠤᠷᠠᠯ ᠬᠦᠳᠡᠯᠮᠦᠷᠢ ᠲᠡᠭᠡᠷ᠎ᠠ ᠲᠤᠭᠳᠠᠳᠠᠭ᠃ ᠭᠡᠦᠭᠡᠳ᠎ᠢ ᠠ᠋ᠳᠦᠷ ᠪᠦᠷᠢ ᠤᠷᠤ᠎ᠪᠠᠨ ᠬᠤᠷᠢᠶᠠᠬᠤ ᠠᠵᠢᠯ᠎ᠢ ᠬᠢᠯᠭᠡᠬᠦ᠎ᠪᠠᠷ ᠵᠢᠱ᠌ᠢᠪᠡᠯ᠂ ᠠ᠋ᠳᠦᠷ ᠪᠦᠷᠢ ᠠ᠋ᠨᠡ ᠭᠦ᠌ ᠠᠵᠢᠯ᠎ᠤᠨ ᠵᠶ᠋ᠠᠨ ᠦᠷ᠎ᠠ ᠪᠦᠳᠦᠮᠵᠢ ᠵᠢ ᠪᠠᠳᠤᠯᠠᠵᠦ ᠲᠠᠬᠢᠨ ᠲᠠᠪᠳᠠᠬᠤ᠎ᠠᠴᠠ ᠠ᠋ᠬᠦᠷᠭᠡ᠎ᠪᠠᠨ ᠮᠡᠳᠡᠷᠡᠵᠦ᠂ ᠭᠡᠦᠭᠡᠳ᠎ᠲᠤ ᠬᠦᠯᠢᠴᠡᠩᠬᠦᠢ ᠲᠠᠭ᠋ᠠᠭ᠋ᠠᠮᠠᠭ᠋ᠠᠢ᠂ ᠬᠦᠴᠢᠷ᠎ᠢ ᠢᠯᠠᠨ ᠲᠠᠪᠠᠬᠤ ᠤᠬᠠᠮᠰᠠᠷ ᠠᠶᠠᠨᠳᠠᠭ᠋ᠠᠨ ᠪᠦᠷᠢᠯᠳᠦᠳᠡᠭ ᠤᠴᠢᠷ᠎ᠠᠴᠠ ᠬᠦᠳᠡᠯᠮᠦᠷᠢ᠎ᠪᠠᠷ ᠠᠮᠢᠳᠤᠷᠠᠯ ᠵᠶ᠋ᠠᠨ ᠴᠤᠭᠴᠠᠯᠠᠬᠤ᠂ ᠪᠡᠶ᠎ᠠ᠎ᠪᠠᠨ ᠲᠠᠭ᠋ᠠᠭ᠋ᠠᠵᠦ ᠠᠮᠢᠳᠤᠷᠠᠬᠤ ᠵᠡᠷᠭᠡ ᠠᠮᠢᠳᠤᠷᠠᠬᠤᠢ ᠵᠢᠨ ᠵᠦᠪ ᠦᠵᠡᠯᠳᠡ ᠪᠦᠷᠢᠯᠳᠦᠨ ᠲᠤᠭᠳᠠᠳᠠᠭ ᠪᠠᠢ᠍ᠢ᠍ᠨ᠎ᠠ᠃
     4. ᠭᠡᠦᠭᠡᠳ᠎ᠢ ᠬᠦᠳᠡᠯᠮᠦᠷᠢ᠎ᠳᠤ ᠰᠤᠷᠭ᠋ᠠᠬᠤ᠎ᠨᠢ ᠠ᠋ᠷᠡᠬᠦᠯ ᠴᠢᠬᠢᠷᠠᠭ ᠵᠶ᠋ᠠᠷ ᠦᠰᠦᠨ ᠪᠤᠢ᠍ᠢ᠍ᠵᠢᠬᠤ᠎ᠳᠤ ᠠᠰᠢᠭᠳᠠᠢ᠃ ᠬᠦᠮᠦᠨ᠎ᠤ ᠠᠮᠢᠳᠤᠷᠠᠯ᠎ᠤᠨ ᠬᠠᠮᠤᠭ᠎ᠤᠨ ᠠ᠋ᠷᠬᠢᠮ᠎ᠨᠢ ᠪᠡᠶ᠎ᠠ ᠰᠡᠳᠬᠢᠴᠠ ᠵᠢᠨ ᠠ᠋ᠷᠡᠬᠦᠯ ᠴᠢᠬᠢᠷᠠᠭ᠎ᠤᠨ ᠠᠰᠠᠭᠤᠳᠠᠯ ᠪᠤᠯᠤᠨ᠎ᠠ᠃ ᠬᠤᠷᠢᠨ ᠵᠢᠯ᠎ᠤᠨ ᠠ᠋ᠮᠦᠨ᠎ᠠ ᠭᠡᠦᠭᠡᠳ ᠭᠠᠳᠠᠨ᠎ᠠ ᠲᠤᠭᠯᠠᠭ᠋ᠠᠳ ᠭᠡᠷ᠎ᠲᠤ᠎ᠪᠠᠨ ᠲᠤᠭᠳᠠᠬᠤ ᠦᠭᠡᠢ ᠠᠪᠤ ᠡᠵᠢ ᠵᠢᠨ ᠰᠡᠳᠬᠢᠯ᠎ᠤᠨ ᠵᠤᠪᠠᠯᠠᠩ ᠪᠤᠯᠳᠠᠭ ᠪᠠᠢ᠍ᠢ᠍ᠭᠰᠠᠨ ᠪᠤᠯ ᠦᠨᠦ ᠪᠤᠯᠬᠤ᠎ᠳᠤ ᠭᠡᠦᠭᠡᠳ ᠭᠡᠷ᠎ᠲᠤ᠎ᠪᠠᠨ ᠰᠠᠭᠤᠭ᠋ᠠᠳ ᠲᠸᠯᠸᠢᠰ᠂ ᠭᠠᠷ ᠤᠳᠠᠰᠦ᠎ᠲᠠᠢ ᠠᠪᠤᠯᠴᠠᠭ᠋ᠠᠳ ᠭᠠᠳᠠᠨ᠎ᠠ ᠭᠠᠷᠬᠤ ᠦᠭᠡᠢ ᠠᠪᠤ ᠡᠵᠢ᠎ᠪᠠᠨ ᠵᠤᠪᠠᠭ᠋ᠠᠳᠠᠭ ᠪᠤᠯᠵᠡᠢ᠃ ᠠ᠋ᠨᠡ ᠪᠤᠯ ᠠᠪᠤ ᠡᠵᠢ ᠪᠤᠯᠤᠭᠰᠠᠳ᠎ᠤᠨ ᠭᠡᠦᠭᠡᠳ᠎ᠤᠨ ᠠ᠋ᠷᠡᠬᠦᠯ ᠴᠢᠬᠢᠷᠠᠭ᠎ᠤᠨ ᠲᠦᠯᠦᠭᠡᠨ᠎ᠤ ᠰᠠᠨᠠᠭ᠋ᠠᠰᠢᠷᠠᠯ ᠪᠤᠯᠤᠨ᠎ᠠ᠃ 《ᠪᠡᠶ᠎ᠠ ᠪᠠᠢ᠍ᠢ᠍ᠪᠠᠯ ᠪᠡᠭᠡᠵᠢᠩ》 ᠭᠡᠳᠡᠭ ᠵᠶ᠋ᠠᠷ ᠠ᠋ᠷᠡᠬᠦᠯ ᠴᠢᠬᠢᠷᠠᠭ ᠪᠡᠶ᠎ᠠ ᠰᠡᠳᠬᠢᠴᠡ᠎ᠲᠠᠢ ᠪᠠᠢ᠍ᠢ᠍ᠪᠠᠯ ᠪᠠᠶᠠᠯᠡᠬᠦᠯᠵᠤ ᠴᠢᠳᠠᠰᠢ ᠦᠭᠡᠢ ᠦᠢ᠍ᠯᠡ ᠭᠡᠵᠦ ᠦᠭᠡᠢ ᠶᠤᠮ᠃ ᠠ᠋ᠢ᠍ᠢ᠍ᠮᠦ᠎ᠠᠴᠠ ᠭᠡᠦᠭᠡᠳ᠎ᠢ ᠬᠦᠳᠡᠯᠮᠦᠷᠢ᠎ᠳᠤ ᠰᠤᠷᠭ᠋ᠠᠬᠤ᠎ᠨᠢ ᠪᠡᠶ᠎ᠠ ᠮᠠᠬᠠᠪᠤᠳ᠎ᠢ᠎ᠨᠢ ᠴᠢᠭᠢᠷᠠᠭᠵᠢᠭᠤᠯᠤᠨ᠂ ᠦᠵᠡᠯ ᠰᠡᠳᠬᠢᠴᠡ ᠵᠢ᠎ᠨᠢ ᠲᠠᠪᠳᠠᠭᠤᠯᠳᠠᠭ ᠤᠴᠢᠷ᠎ᠠᠴᠠ ᠬᠦᠳᠡᠯᠮᠦᠷᠢ᠎ᠨᠢ ᠭᠡᠦᠭᠡᠳ᠎ᠲᠤ ᠤᠯᠭᠤᠬᠤ ᠬᠠᠮᠤᠭ᠎ᠤᠨ ᠰᠠᠢ᠍ᠢ᠍ᠨ ᠠ᠋ᠷᠡᠭᠦᠯ ᠴᠢᠭᠢᠷᠠᠭ᠎ᠤᠨ ᠬᠦᠴᠦᠨ ᠵᠦᠢ᠍ᠯ ᠪᠣᠯᠳᠠᠭ᠃
     5. ᠭᠡᠦᠭᠡᠳ᠎ᠢ ᠬᠦᠳᠡᠯᠮᠦᠷᠢ᠎ᠳᠤ ᠰᠤᠷᠭ᠋ᠠᠬᠤ᠎ᠨᠢ ᠠ᠋ᠷᠬᠢᠮ ᠲᠡᠭᠡᠳᠦ ᠦᠵᠡᠯ ᠰᠡᠳᠬᠢᠯᠭᠡ᠎ᠲᠠᠢ ᠪᠤᠯᠤᠨ ᠬᠦᠮᠦᠵᠢᠭᠳᠡᠬᠦ᠎ᠳᠤ ᠴᠢᠬᠤᠯᠠ ᠨᠦᠯᠦᠭᠡ ᠦᠵᠡᠬᠦᠯᠳᠡᠭ᠃ 《ᠬᠠᠯᠠ ᠦᠵᠡᠵᠦ ᠬᠠᠯᠠᠭᠤᠨ ᠴᠢᠯᠠᠭᠤ ᠲᠤᠯᠢᠶᠠᠭᠰᠠᠨ》 ᠬᠦᠮᠦᠨ ᠰᠠᠶᠢ ᠪᠤᠰᠤᠳ᠎ᠤᠨ ᠵᠤᠪᠠᠯᠠᠩ ᠵᠦᠳᠡᠬᠦᠷᠢ ᠵᠢ ᠤᠢ᠍ᠢ᠍ᠯᠠᠭ᠋ᠠᠵᠦ᠂ ᠦᠷᠦ ᠡᠪᠡᠳᠴᠦ ᠬᠠᠢ᠍ᠢ᠍ᠷᠠᠯᠠᠬᠤ᠂ ᠲᠤᠰᠠᠯᠠᠵᠦ ᠲᠡᠮᠵᠢᠬᠦ᠎ᠨᠢ ᠠᠷᠪᠢᠨ ᠪᠠᠢ᠍ᠢ᠍ᠳᠠᠭ᠃ ᠠ᠋ᠬᠦᠨ᠎ᠢ ᠬᠦᠳᠡᠯᠮᠦᠷᠢ᠎ᠠᠴᠠ ᠤᠯᠭᠤᠭᠰᠠᠨ ᠵᠦᠪ ᠠᠮᠢᠳᠤᠷᠠᠬᠤᠢ ᠵᠢᠨ ᠦᠵᠡᠯᠳᠡ᠂ ᠠ᠋ᠷᠬᠢᠮ ᠲᠡᠭᠡᠳᠦ ᠬᠦᠮᠦᠨ ᠮᠦᠰᠦᠴᠢ ᠴᠢᠨᠠᠷ ᠮᠥᠨ ᠬᠡᠮᠡᠨ ᠦᠵᠡᠵᠦ ᠪᠤᠯᠤᠨ᠎ᠠ᠃ ᠠ᠋ᠢ᠍ᠢ᠍ᠮᠦ᠎ᠠᠴᠠ ᠭᠡᠦᠭᠡᠳ᠎ᠢ ᠪᠠᠭ᠎ᠠ᠎ᠠᠴᠠ᠎ᠨᠢ ᠬᠦᠳᠡᠯᠮᠦᠷᠢ᠎ᠳᠤ ᠰᠤᠷᠭ᠋ᠠᠬᠤ᠎ᠨᠢ ᠵᠦᠪ ᠶᠢᠷᠳᠢᠨᠴᠦ ᠵᠢᠨ ᠦᠵᠡᠯᠳᠡ᠎ᠲᠠᠢ ᠪᠣᠯᠤᠨ ᠬᠥᠮᠦᠵᠢᠭᠳᠡᠬᠦ᠎ᠳᠤ ᠭᠦᠨᠵᠡᠭᠡᠢ ᠨᠦᠯᠦᠭᠡ ᠦᠵᠡᠬᠦᠯᠳᠡᠭ ᠪᠠᠢ᠍ᠢ᠍ᠨ᠎ᠠ᠃ ᠵᠢᠱ᠌ᠢᠶᠡᠯᠡᠪᠡᠯ᠄ ᠭᠡᠦᠭᠡᠳ᠎ᠢ ᠬᠦᠳᠡᠭᠡ ᠠᠪᠠᠴᠢᠵᠦ ᠮᠠᠯ ᠠᠷᠠᠴᠢᠯᠠᠬᠤ ᠬᠦᠳᠡᠯᠮᠦᠷᠢ᠎ᠳᠤ ᠤᠷᠤᠯᠴᠠᠭᠤᠯᠪᠠᠯ ᠭᠡᠦᠭᠡᠳ ᠭᠦᠳᠠᠯᠮᠤᠷᠢ ᠵᠢᠨ ᠭᠦᠨᠳᠤ ᠪᠡᠷᠭᠡ ᠵᠢ ᠮᠠᠳᠠᠭᠦ᠂ ᠲᠦᠯ ᠮᠠᠯ ᠲᠡᠵᠢᠭᠡᠬᠦ ᠦᠢ᠍ᠯᠡ᠎ᠠᠴᠠ ᠠᠮᠢᠳᠠᠨ᠎ᠢ ᠬᠠᠢ᠍ᠢ᠍ᠷᠠᠯᠠᠬᠤ ᠁ ᠮᠡᠳᠦ ᠮᠤᠩᠭᠤᠯ᠎ᠤᠨ ᠰᠢᠯᠢᠳᠡᠭ ᠵᠠᠩ ᠲᠠᠳᠬᠠᠯ᠂ ᠠ᠋ᠷᠬᠢᠮ ᠲᠡᠭᠡᠳᠦ ᠦᠵᠡᠯ ᠰᠤᠷᠳᠠᠯ᠎ᠢ ᠤᠢ᠍ᠢ᠍ᠯᠠᠭ᠋ᠠᠵᠦ ᠴᠢᠳᠠᠬᠤ ᠶᠤᠮ᠃
     6. ᠭᠡᠦᠭᠡᠳ᠎ᠢ ᠬᠦᠳᠡᠯᠮᠦᠷᠢ᠎ᠳᠤ ᠰᠤᠷᠭ᠋ᠠᠬᠤ᠎ᠨᠢ ᠠᠴᠢᠯᠠᠯ ᠠ᠋ᠯᠪᠡᠷᠢᠯ᠎ᠲᠠᠢ ᠬᠦᠮᠦᠨ ᠪᠤᠯᠭ᠋ᠠᠨ ᠬᠦᠮᠦᠵᠢᠬᠦᠯᠬᠦ᠎ᠳᠤ ᠰᠠᠭᠤᠷᠢ ᠲᠠᠯᠪᠢᠵᠦ ᠦᠭᠳᠡᠭ᠃ ᠠᠮᠢᠳᠤᠷᠠᠯ᠎ᠤᠨ ᠠᠯᠢᠪᠠ ᠪᠠᠶᠠᠷ ᠴᠡᠩᠭᠡᠯ᠎ᠨᠢ ᠪᠦᠷ ᠰᠢᠷᠭ᠋ᠠᠭᠤ ᠬᠦᠳᠡᠯᠮᠦᠷᠢ᠎ᠳᠤ ᠰᠠᠭᠤᠷᠢᠯᠠᠵᠦ ᠪᠠᠢ᠍ᠢ᠍ᠳᠠᠭ᠃ ᠭᠡᠦᠭᠡᠳ ᠬᠦᠳᠡᠯᠮᠦᠷᠢ᠎ᠳᠤ ᠤᠷᠤᠯᠴᠠᠬᠤ ᠦᠶᠡᠰ ᠬᠦᠳᠡᠯᠮᠦᠷᠢᠯᠡᠵᠦ ᠪᠠᠢ᠍ᠢ᠍ᠭ᠎ᠠ ᠬᠦᠮᠦᠰ᠎ᠤᠨ ᠵᠢᠳᠬᠦᠯ᠎ᠢ ᠤᠯᠵᠦ ᠬᠠᠷᠠᠳᠠᠭ᠃ ᠦᠪᠡᠷ ᠵᠶ᠋ᠠᠨ ᠬᠦᠳᠡᠯᠮᠦᠷᠢᠯᠡᠬᠦ ᠦᠶᠡᠰ ᠰᠠᠶᠢ ᠪᠤᠰᠤᠳ᠎ᠤᠨ ᠵᠢᠳᠬᠦᠯ᠎ᠢ ᠮᠡᠳᠡᠷᠡᠵᠦ ᠴᠢᠳᠠᠳᠠᠭ ᠪᠤᠯᠬᠤᠷ ᠬᠦᠳᠡᠯᠮᠦᠷᠢ ᠵᠢᠨ ᠬᠦᠴᠢᠷ ᠪᠠ ᠬᠦᠳᠡᠯᠮᠦᠷᠢ ᠵᠢᠨ ᠦᠷ᠎ᠡ ᠪᠦᠳᠦᠭᠡᠯ᠎ᠢ ᠬᠠᠢ᠍ᠢ᠍ᠷᠠᠯᠠᠬᠤ ᠵᠢ ᠮᠡᠳᠡᠷᠡᠵᠦ᠂ ᠦᠪᠡᠷ ᠪᠤᠰᠤᠳ᠎ᠤᠨ ᠬᠦᠳᠡᠯᠮᠦᠷᠢ ᠵᠢ ᠬᠠᠢ᠍ᠢ᠍ᠷᠠᠯᠠᠬᠤ᠎ᠠᠴᠠ ᠪᠤᠰᠤᠳ᠎ᠢ ᠬᠦᠡᠳᠦᠳᠭᠡᠨ ᠪᠢᠰᠢᠷᠡᠬᠦ᠂ ᠪᠠᠶᠠᠷᠯᠠᠨ ᠲᠠᠯᠠᠷᠬᠠᠬᠤ ᠵᠡᠷᠭᠡ ᠦᠵᠡᠯ ᠰᠡᠳᠬᠢᠯᠭᠡ ᠪᠦᠷᠢᠯᠳᠦᠨ ᠲᠤᠭᠳᠠᠵᠦ ᠠᠪᠤ ᠡᠵᠢ᠎ᠪᠠᠨ ᠬᠦᠡᠳᠦᠯᠡᠬᠦ᠂ ᠠᠬᠠᠰ ᠵᠠᠬᠠᠰ ᠵᠶ᠋ᠠᠨ ᠠᠴᠢᠯᠠᠬᠤ ᠵᠢ ᠪᠦᠷᠢᠨ ᠤᠬᠠᠮᠰᠠᠷᠠᠵᠦ᠂ ᠠᠴᠢᠯᠠᠯ ᠵᠢᠷᠤᠮ᠎ᠲᠠᠢ ᠬᠦᠮᠦᠨ ᠪᠤᠯᠤᠨ ᠬᠦᠮᠦᠵᠢᠭᠳᠡᠬᠦ᠎ᠳᠤ ᠴᠢᠬᠤᠯᠠ ᠦᠢ᠍ᠯᠡᠳᠦᠯ ᠦᠵᠡᠬᠦᠯᠳᠡᠭ᠃
      ᠬᠤᠶᠠᠷ᠂ ᠭᠡᠤᠭᠡᠳ᠎ᠢ ᠠᠵᠢᠯ ᠬᠦᠳᠡᠯᠮᠦᠷᠢ᠎ᠳᠤ ᠲᠠᠭ᠋ᠠᠭᠤᠯᠤᠨ ᠤᠷᠤᠯᠴᠠᠭᠤᠯᠵᠦ ᠠᠵᠢᠯᠴᠢ ᠬᠦᠳᠡᠯᠮᠦᠷᠢᠴᠢ ᠵᠠᠩ ᠲᠠᠳᠬᠠᠯ᠎ᠲᠠᠢ ᠪᠤᠯᠭ᠋ᠠᠨ ᠬᠦᠮᠦᠵᠢᠬᠦᠯᠬᠦ
     1. 《ᠬᠦᠳᠡᠯᠮᠤᠷᠢ ᠪᠤᠯ ᠦᠩᠭᠡ ᠭᠡᠷᠡᠯᠳᠡᠢ》 ᠬᠡᠬᠦ ᠬᠦᠮᠦᠵᠢᠯ᠎ᠢ ᠦᠢ᠍ᠯᠡᠳᠦᠯᠭᠡ᠎ᠪᠠᠷ ᠲᠠᠮᠵᠢᠭᠤᠯᠤᠠ ᠭᠡᠤᠭᠡᠳ᠎ᠲᠤ ᠲᠠᠨᠢᠭᠤᠯᠬᠤ ᠭᠡᠷᠡᠭᠳᠡᠢ᠃ ᠪᠢᠳᠠᠨ ᠪᠠᠭ᠎ᠠ ᠪᠠᠢ᠍ᠢ᠍ᠬᠤ᠎ᠳᠤ ᠬᠤᠨᠢ ᠬᠠᠷᠢᠭᠤᠯᠤᠭ᠋ᠠᠳ ᠢᠷᠡᠬᠦ᠎ᠳᠤ ᠬᠦᠮᠦᠨ ᠪᠦᠬᠦᠨ 《ᠬᠤᠨᠢ ᠲᠤᠭᠳᠠᠪᠠ ᠤᠤ?》 ᠭᠡᠵᠦ ᠮᠡᠡᠳᠦᠴᠢᠯᠡᠳᠡᠭ ᠪᠦᠭᠡᠳ ᠴᠠᠢ ᠬᠤᠭᠤᠯᠠ ᠵᠠᠰᠠᠨ ᠬᠦᠡᠳᠦᠯᠡᠵᠦ ᠬᠥᠳᠡᠯᠮᠦᠷᠢ ᠬᠦᠡᠳᠦᠳᠡᠢ ᠭᠡᠳᠡᠭ᠎ᠢ ᠤᠬᠠᠭ᠋ᠠᠷᠠᠭᠤᠯᠳᠠᠭ᠃ ᠠ᠋ᠢ᠍ᠢ᠍ᠮᠦ᠎ᠠᠴᠠ ᠪᠢᠳᠡ ᠠᠮᠢᠳᠤᠷᠠᠯ ᠲᠤᠮᠳᠠ᠎ᠪᠠᠨ ᠭᠡᠦᠭᠡᠳ᠎ᠤᠨ ᠬᠢᠵᠦ ᠪᠠᠢ᠍ᠢ᠍ᠭ᠎ᠠ ᠵᠦᠢ᠍ᠯ᠎ᠳᠤ ᠰᠠᠨᠠᠭ᠎ᠠ ᠲᠠᠯᠪᠢᠵᠦ ᠭᠡᠦᠭᠡᠳ᠎ᠤᠨ ᠬᠦᠳᠡᠯᠮᠦᠷᠢᠯᠡᠭᠦ ᠵᠢ ᠵᠤᠷᠢᠬ᠍ᠵᠢᠭᠤᠯᠬᠤ ᠭᠡᠷᠡᠭᠳᠠᠢ᠃ ᠵᠢᠱ᠌ᠢᠶᠡᠯᠡᠪᠡᠯ᠄ ᠭᠡᠦᠭᠡᠳ ᠤᠬᠠᠮᠰᠠᠷ᠎ᠠᠴᠠ᠎ᠪᠠᠨ ᠠᠶᠠᠭ᠎ᠠ ᠰᠠᠪᠬ᠎ᠠ᠂ ᠤᠢ᠍ᠢ᠍ᠮᠤᠰᠤ ᠱᠠᠬᠠᠢ᠎ᠪᠠᠨ ᠤᠬᠢᠶᠠᠭᠰᠠᠨ ᠪᠠᠢ᠍ᠢ᠍ᠪᠠᠯ 《ᠪᠡᠶ᠎ᠠ᠎ᠪᠠᠨ ᠲᠠᠭ᠋ᠠᠭ᠋ᠠᠳᠠᠭ ᠰᠠᠢ᠍ᠢ᠍ᠨ ᠭᠡᠦᠭᠡᠳ ᠪᠠᠢ᠍ᠢ᠍ᠨ᠎ᠠ》᠂ 《ᠮᠢᠨᠦ ᠬᠦᠦ ᠲᠤᠮᠤᠭ᠋ᠠᠵᠢᠵᠡᠢ》 ᠭᠡᠬᠦ ᠮᠡᠳᠦ᠎ᠪᠠᠷ ᠮᠠᠭᠳᠠᠨ ᠤᠷᠮᠠᠰᠢᠭᠤᠯᠵᠦ ᠪᠠᠢ᠍ᠢ᠍ᠬᠤ ᠭᠡᠷᠡᠭᠳᠡᠢ᠃
     2. ᠭᠡᠤᠭᠡᠳ᠎ᠲᠤ ᠪᠡᠶ᠎ᠡ ᠵᠢᠨ ᠬᠦᠳᠡᠯᠮᠤᠷᠢ᠎ᠳᠤ ᠤᠷᠤᠯᠴᠠᠬᠤ ᠤᠷᠤᠠ ᠵᠠᠢ ᠵᠢ ᠤᠯᠭᠤᠵᠦ ᠭᠡᠤᠭᠡᠳ᠎ᠤᠨ ᠪᠡᠶ᠎ᠡ᠎ᠪᠠᠨ ᠲᠠᠭ᠋ᠠᠭ᠋ᠠᠬᠤ ᠴᠢᠳᠠᠪᠤᠷᠢ ᠵᠢ ᠬᠦᠮᠦᠵᠢᠭᠦᠯᠭᠦ ᠭᠡᠷᠡᠭᠳᠡᠢ᠃ ᠬᠦᠳᠡᠯᠮᠤᠷᠢ᠎ᠳᠤ ᠤᠷᠤᠯᠴᠠᠮᠠᠠᠵᠢᠠ ᠰᠠᠶᠢ ᠪᠡᠶ᠎ᠡ᠎ᠪᠠᠨ ᠲᠠᠭ᠋ᠠᠭ᠋ᠠᠬᠤ ᠤᠬᠠᠮᠰᠠᠷ ᠪᠦᠷᠢᠯᠳᠦᠵᠤ ᠴᠢᠳᠠᠳᠠᠭ᠃ ᠠ᠋ᠢ᠍ᠢ᠍ᠮᠦ᠎ᠠᠴᠠ ᠰᠤᠷᠭ᠋ᠠᠭᠤᠯᠢ ᠪᠠ ᠭᠡᠷ ᠪᠦᠯᠢ᠎ᠨᠢ ᠭᠡᠤᠭᠡᠳ᠎ᠲᠤ ᠪᠡᠶ᠎ᠡ ᠵᠢᠨ ᠬᠦᠳᠡᠯᠮᠤᠷᠢ᠎ᠳᠤ ᠤᠷᠤᠯᠴᠠᠬᠤ ᠤᠷᠤᠠ ᠵᠠᠢ ᠵᠢ ᠪᠦᠷᠢᠠ ᠤᠯᠭᠤᠵᠦ ᠦᠪᠡᠷ᠎ᠤᠨ ᠬᠢᠨᠢ ᠬᠢᠵᠤ ᠴᠢᠳᠠᠬᠤ ᠠᠵᠢᠯ᠎ᠢ ᠬᠢᠯᠭᠡᠵᠦ ᠰᠤᠷᠭ᠋ᠠᠨ᠎ᠠ᠃ ᠵᠢᠱ᠌ᠢᠶᠡᠯᠡᠪᠡᠯ᠂ ᠠᠩᠬᠢ᠎ᠳᠤ᠎ᠪᠠᠨ ᠵᠢᠵᠢᠬᠦᠷ ᠵᠶ᠋ᠠᠨ ᠪᠡᠶ᠎ᠡ᠎ᠪᠠᠨ ᠲᠠᠭ᠋ᠠᠭ᠋ᠠᠵᠦ ᠬᠢᠬᠦ᠂ ᠴᠡᠴᠡᠭ ᠬᠤᠸᠠᠷ ᠵᠶ᠋ᠠᠨ ᠠᠷᠠᠴᠢᠯᠠᠬᠤ᠂ ᠭᠡᠷ᠎ᠲᠤ᠎ᠪᠠᠨ ᠬᠤᠪᠴᠠᠰᠦ ᠬᠤᠨᠠᠷ ᠵᠶ᠋ᠠᠨ ᠦᠪᠡᠷ ᠵᠶ᠋ᠠᠨ ᠠ᠋ᠮᠦᠰᠬᠦ᠂ ᠦᠰᠦ ᠭᠡᠵᠢᠭᠡ᠎ᠪᠠᠨ ᠦᠪᠡᠷ ᠵᠶ᠋ᠠᠨ ᠤᠬᠢᠶᠠᠬᠤ᠂ ᠤᠢ᠍ᠢ᠍ᠮᠤᠰᠤ ᠱᠠᠬᠠᠢ᠂ ᠬᠤᠪᠴᠠᠰᠤ ᠬᠤᠨᠠᠷ ᠵᠶ᠋ᠠᠨ ᠦᠪᠡᠷ ᠵᠶ᠋ᠠᠨ ᠤᠬᠢᠶᠠᠬᠤ᠎ᠨᠢ ᠠᠶᠠᠨᠳᠠᠭ᠋ᠠᠨ ᠪᠡᠶ᠎ᠡ᠎ᠪᠠᠨ ᠲᠠᠭ᠋ᠠᠭ᠋ᠠᠵᠦ ᠬᠥᠳᠡᠯᠮᠦᠷᠢᠯᠡᠬᠦ ᠴᠢᠳᠠᠪᠤᠷᠢ ᠵᠢ ᠪᠦᠷᠢᠯᠳᠦᠭᠦᠯᠵᠦ ᠪᠠᠢ᠍ᠢ᠍ᠳᠠᠭ ᠤᠴᠢᠷᠳᠠᠢ᠃
     3. ᠰᠤᠷᠭ᠋ᠠᠭᠤᠯᠢ᠎ᠠᠴᠠ ᠬᠦᠳᠡᠯᠮᠤᠷᠢ ᠦᠢ᠍ᠯᠡᠳᠦᠯᠭᠡ ᠵᠢᠨ ᠬᠢᠴᠢᠶᠡᠯ᠎ᠢ ᠲᠦᠭᠡᠮᠡᠯᠵᠢᠬᠦᠯᠵᠦ ᠰᠤᠷᠤᠭᠴᠢᠳ᠎ᠤᠨ ᠬᠦᠳᠡᠯᠮᠤᠷᠢ᠎ᠳᠤ ᠤᠷᠤᠯᠴᠠᠬᠤ ᠵᠢ ᠰᠤᠷᠭ᠋ᠠᠠ ᠬᠦᠮᠦᠵᠢᠯ᠎ᠤᠨ ᠨᠢᠭᠡᠡ ᠬᠦᠭᠦᠷᠭᠡ ᠪᠤᠯᠭ᠋ᠠᠠ ᠲᠤᠭᠤᠰᠢᠯᠠᠭᠤᠯᠬᠤ ᠭᠡᠷᠡᠭᠳᠡᠢ᠃ ᠤᠯᠤᠰ᠎ᠤᠨ ᠰᠤᠷᠭ᠋ᠠᠠ ᠬᠦᠮᠦᠵᠢᠯ᠎ᠤᠨ ᠱᠠᠭ᠋ᠠᠷᠳᠠᠯᠭ᠎ᠠ᠎ᠳᠤ ᠠᠩᠬᠢ ᠪᠦᠷᠢ᠎ᠳᠤ ᠬᠦᠳᠡᠯᠮᠤᠷᠢ ᠪᠠ ᠮᠡᠷᠭᠡᠰᠢᠯ᠎ᠤᠨ ᠬᠢᠴᠢᠶᠡᠯ᠎ᠢ ᠲᠤᠬᠢᠷᠠᠭᠤᠯᠬᠤ ᠭᠡᠷᠡᠭᠳᠡᠢ ᠭᠡᠵᠦ ᠱᠠᠭ᠋ᠠᠷᠳᠠᠵᠦ ᠪᠠᠢ᠍ᠢ᠍ᠳᠠᠭ᠃ ᠠ᠋ᠨᠡ᠎ᠨᠢ ᠤᠳᠤ ᠵᠢᠨ ᠭᠡᠤᠭᠡᠳ᠎ᠤᠨ ᠠᠵᠢᠯ ᠬᠦᠳᠡᠯᠮᠤᠷᠢ᠎ᠳᠤ ᠤᠷᠤᠯᠴᠠᠬᠤ ᠤᠷᠴᠢᠠ ᠢᠪᠴᠤᠳᠠᠭᠰᠠᠠ ᠪᠠᠢ᠍ᠢ᠍ᠳᠠᠯ᠎ᠳᠤ ᠵᠣᠬᠢᠴᠠᠭᠤᠯᠵᠦ ᠬᠦᠳᠡᠯᠮᠤᠷᠢ ᠵᠢᠨ ᠬᠢᠴᠢᠶᠡᠯ᠎ᠢ ᠰᠠᠭᠤᠷᠢ ᠬᠢᠴᠢᠶᠡᠯ᠎ᠤᠨ ᠨᠢᠭᠡ ᠪᠤᠯᠭ᠋ᠠᠠ ᠲᠤᠭᠳᠠᠭ᠋ᠠᠭᠰᠠᠠ ᠤᠴᠢᠷ ᠪᠠᠢ᠍ᠢ᠍ᠨ᠎ᠠ᠃ ᠠ᠋ᠬᠦᠠ᠎ᠠᠴᠠ ᠪᠢᠳᠠ ᠠᠵᠢᠯ ᠬᠦᠳᠡᠯᠮᠤᠷᠢ᠎ᠳᠤ ᠤᠷᠤᠯᠴᠠᠬᠤ ᠵᠢ ᠰᠤᠷᠭ᠋ᠠᠠ ᠬᠦᠮᠦᠵᠢᠯ᠎ᠤᠨ ᠴᠢᠬᠤᠯᠠ ᠨᠢᠭᠡᠡ ᠠᠭᠤᠯᠭ᠎ᠠ ᠪᠤᠯᠭ᠋ᠠᠠ ᠨᠡᠪᠴᠢᠬᠦᠯᠬᠦ᠎ᠨᠢ ᠠᠯᠤᠰ᠎ᠤᠨ ᠬᠠᠷᠠᠯᠳᠠ᠎ᠲᠠᠢ᠂ ᠦᠷ᠎ᠡ ᠪᠦᠳᠦᠮᠵᠢᠳᠦ ᠰᠤᠷᠭ᠋ᠠᠠ ᠬᠦᠮᠦᠵᠢᠯ ᠭᠡᠳᠡᠭ᠎ᠢ ᠮᠡᠳᠡᠵᠦ ᠪᠤᠯᠤᠨ᠎ᠠ᠃
      ᠭᠤᠷᠪᠠ᠂ ᠭᠡᠤᠭᠡᠳ᠎ᠢ ᠬᠦᠳᠡᠯᠮᠦᠷᠢ᠎ᠳᠤ ᠰᠤᠷᠭ᠋ᠠᠬᠤ᠎ᠳᠤ ᠠᠨᠭ᠌ᠬᠠᠷᠤᠭᠤᠰᠢᠳᠠᠢ ᠵᠠᠷᠢᠮ ᠠᠰᠠᠭᠤᠳᠠᠯ
     1. ᠰᠤᠷᠭ᠋ᠠᠭᠤᠯᠢ ᠵᠢᠨ ᠵᠢᠭ᠋ᠠᠨ ᠰᠤᠷᠭ᠋ᠠᠯᠳᠠ᠎ᠳᠤ 《ᠬᠦᠳᠡᠯᠮᠤᠷᠢ ᠪᠤᠯ ᠦᠨᠭᠭᠡ ᠭᠡᠷᠡᠯᠳᠡᠢ᠂ ᠬᠦᠮᠦᠠ ᠲᠦᠷᠦᠯᠬᠢᠳᠠᠠ᠎ᠤ ᠠᠮᠢᠳᠤᠷᠠᠯ ᠬᠦᠳᠡᠯᠮᠤᠷᠢ᠎ᠠᠴᠠ ᠰᠠᠯᠵᠦ ᠴᠢᠳᠠᠬᠤ ᠦᠭᠡᠢ》 ᠭᠡᠵᠦ ᠬᠦᠳᠡᠯᠮᠦᠷᠢ ᠵᠢᠨ ᠴᠢᠬᠤᠯᠠ ᠴᠢᠨᠠᠷ᠎ᠢ ᠦᠨᠡᠯᠡᠳᠡᠭ ᠪᠤᠯᠪᠠᠴᠦ ᠵᠠᠷᠢᠮ ᠦᠶᠠᠰ ᠦᠭᠡ ᠶᠠᠷᠢᠶ᠎ᠠ ᠦᠢ᠍ᠯᠡ ᠠᠵᠢᠯᠯᠠᠭ᠎ᠠ᠎ᠪᠠᠷ ᠵᠶ᠋ᠠᠨ ᠠ᠋ᠨᠡ ᠭᠦ᠌ ᠬᠦᠮᠦᠵᠢᠯ ᠵᠶ᠋ᠠᠨ ᠭᠡᠳᠡᠷᠭᠦ ᠨᠢᠴᠤᠭ᠋ᠠᠬᠤ᠎ᠨᠢ ᠴᠦ᠍ ᠪᠠᠢ᠍ᠢ᠍ᠳᠠᠭ᠃ ᠵᠢᠱ᠌ᠢᠶᠡᠯᠡᠪᠡᠯ᠂ ᠠᠩᠬᠢ᠎ᠳᠤ᠎ᠪᠠᠨ ᠲᠠᠰᠬᠠᠯ ᠪᠡᠶᠡᠯᠡᠬᠦᠯᠳᠡᠭ ᠦᠭᠡᠢ ᠭᠡᠤᠭᠡᠳ ᠵᠶ᠋ᠠᠷ ᠵᠢᠵᠢᠬᠦᠷ ᠬᠢᠯᠭᠡᠳᠡᠭ᠃ 《ᠨᠤᠮ ᠰᠤᠷᠬᠤ ᠦᠭᠡᠢ ᠪᠤᠯ ᠵᠡᠭᠡᠯᠢ ᠱᠦᠬᠦᠷᠳᠡᠳᠡᠭ ᠠᠵᠢᠯᠴᠢᠠ ᠪᠤᠶᠤ ᠠᠰᠠᠷ ᠪᠠᠷᠢᠳᠠᠭ ᠰᠢᠪᠠᠷᠴᠢᠠ ᠪᠤᠯᠤᠨ᠎ᠠ》 ᠭᠡᠵᠦ ᠵᠠᠩᠨᠠᠳᠠᠭ᠃ ᠠ᠋ᠳᠡᠭᠡᠷ᠎ᠨᠢ ᠭᠡᠤᠭᠡᠳ᠎ᠲᠤ ᠪᠡᠶ᠎ᠡ ᠵᠢᠨ ᠬᠦᠳᠡᠯᠮᠤᠷᠢ ᠬᠢᠭᠰᠡᠳ᠎ᠨᠢ ᠬᠠᠮᠤᠭ᠎ᠤᠨ 《ᠦᠭᠡᠳᠡ ᠦᠭᠡᠢ ᠬᠦᠮᠦᠠ》 ᠭᠡᠰᠡᠨ ᠲᠦᠷᠦᠭᠳᠡᠯ᠎ᠢ ᠤᠯᠭᠤᠳᠠᠭ ᠪᠠᠢ᠍ᠢ᠍ᠨ᠎ᠠ᠃ ᠠ᠋ᠢ᠍ᠢ᠍ᠮᠦ᠎ᠠᠴᠠ ᠬᠦᠳᠡᠯᠮᠤᠷᠢ ᠵᠢᠨ ᠲᠤᠬᠠᠢ ᠦᠵᠡᠯᠳᠡ ᠵᠢ ᠦᠡᠳᠦᠰᠦᠠ᠎ᠠᠴᠠ᠎ᠨᠢ ᠬᠤᠪᠢᠷᠠᠭᠤᠯᠬᠤ ᠴᠢᠬᠤᠯᠠ᠎ᠲᠠᠢ ᠪᠠᠢ᠍ᠢ᠍ᠨ᠎ᠠ᠃
     2. ᠤᠳᠤ ᠵᠢᠨ ᠨᠡᠢ᠍ᠢ᠍ᠭᠡᠮ ᠲᠡᠭᠡᠷ᠎ᠠ ᠬᠦᠳᠡᠯᠮᠦᠷᠢᠯᠡᠬᠦ ᠦᠭᠡᠢ᠎ᠪᠠᠷ ᠨᠦᠬᠦᠪᠦᠷᠢ ᠮᠦᠩᠬᠦ ᠤᠯᠬᠤ᠂ ᠮᠦᠷᠦᠢ᠎ᠲᠠᠢ ᠲᠤᠭᠯᠠᠭ᠋ᠠᠮ ᠲᠤᠭᠯᠠᠵᠦ ᠪᠠᠢ᠍ᠢ᠍ᠭ᠎ᠠ ᠬᠦᠮᠦᠰ᠎ᠤᠨ ᠨᠠᠵᠠᠭ᠋ᠠᠢ ᠰᠤᠷᠳᠠᠯ᠎ᠨᠢ ᠭᠡᠦᠭᠡᠳ᠎ᠲᠤ ᠬᠦᠳᠡᠯᠮᠦᠷᠢ ᠵᠢᠨ ᠴᠢᠬᠤᠯᠠ ᠴᠢᠨᠠᠷ᠎ᠤᠨ ᠲᠤᠬᠠᠢ ᠪᠤᠷᠤᠭᠤ ᠤᠢ᠍ᠢ᠍ᠯᠠᠭ᠋ᠠᠯᠳᠠ ᠵᠢ ᠦᠭᠳᠡᠭ᠃ ᠵᠢᠱ᠌ᠢᠶᠡᠯᠡᠪᠡᠯ᠂ ᠶᠡᠭᠡ᠎ᠪᠠᠷ ᠮᠦᠷᠦᠢ᠎ᠲᠠᠢ ᠲᠤᠭᠯᠠᠭ᠋ᠠᠮ ᠲᠤᠭᠯᠠᠵᠦ ᠴᠡᠩᠭᠡᠯᠳᠦᠬᠦ ᠬᠦᠮᠦᠰ᠂ ᠤᠯᠤᠰ᠎ᠤᠨ ᠨᠦᠬᠦᠪᠦᠷᠢ ᠮᠦᠩᠬᠦ ᠬᠠᠷᠠᠵᠦ ᠬᠦᠳᠡᠯᠮᠦᠷᠢᠯᠡᠬᠦ ᠦᠭᠡᠢ ᠪᠡᠯᠡᠨ ᠪᠤᠳᠠᠭ᠎ᠠ ᠢᠳᠡᠵᠦ ᠪᠠᠢ᠍ᠢ᠍ᠭ᠎ᠠ ᠬᠦᠮᠦᠰ᠎ᠤᠨ ᠭᠡᠷ ᠪᠦᠯᠢ᠎ᠳᠤ ᠦᠰᠦᠭᠰᠡᠨ ᠭᠡᠦᠭᠡᠳ ᠬᠦᠳᠡᠯᠮᠦᠷᠢ ᠵᠢᠨ ᠴᠢᠬᠤᠯᠠ ᠴᠢᠨᠠᠷ᠎ᠢ ᠤᠢ᠍ᠢ᠍ᠯᠠᠭ᠋ᠠᠵᠦ ᠴᠢᠳᠠᠬᠤ ᠦᠭᠡᠢ ᠶᠤᠮ᠃
     3. ᠭᠡᠦᠭᠡᠳ᠎ᠤᠨ ᠠᠮᠢᠳᠤᠷᠠᠯ᠎ᠢ ᠲᠡᠩᠳᠡᠬᠦᠦ ᠠ᠋ᠯᠪᠡᠭ ᠲᠡᠯᠪᠡᠭ ᠪᠠᠢ᠍ᠢ᠍ᠯᠭ᠋ᠠᠬᠤ ᠭᠡᠦᠭᠡᠳ᠎ᠢ ᠤᠶᠤᠨ ᠰᠠᠨᠠᠭ᠋ᠠᠨ᠎ᠤ ᠬᠣᠭᠤᠰᠤᠷᠠᠯ᠎ᠳᠤ ᠤᠴᠠᠷᠠᠭᠤᠯᠵᠦ᠂ ᠬᠦᠰᠡᠯᠡᠩ ᠮᠦᠷᠦᠭᠡᠳᠦᠯ ᠦᠭᠡᠢ᠂ ᠠ᠋ᠳᠡᠭᠡᠳ ᠵᠦᠷᠢᠬᠦᠦ ᠵᠠᠩ᠎ᠲᠠᠢ ᠭᠡᠦᠭᠡᠳ ᠪᠣᠯᠤᠨ ᠬᠦᠮᠦᠵᠢᠭᠳᠡᠬᠦ᠎ᠳᠤ ᠭᠦᠷᠭᠡᠵᠦ ᠮᠠᠳᠠᠨ᠎ᠠ᠃ ᠵᠢᠱ᠌ᠢᠶᠡᠯᠡᠪᠡᠯ᠂ ᠤᠳᠤ ᠵᠢᠨ ᠭᠡᠤᠭᠡᠳ᠎ᠤᠨ ᠢᠳᠡᠵᠦ ᠤᠤᠭᠤᠬᠤ᠂ ᠠ᠋ᠮᠦᠰᠴᠦ ᠵᠡᠬᠦᠬᠦ᠂ ᠠ᠋ᠳ᠋ᠯᠡᠵᠦ ᠭᠡᠷᠡᠭᠯᠡᠬᠦ᠎ᠠᠴᠠ ᠠ᠋ᠬᠢᠯᠡᠭᠡᠳ ᠲᠤᠳᠠᠭᠳᠠᠬᠤ ᠵᠦᠢ᠍ᠯ ᠦᠭᠡᠢ ᠪᠤᠯᠵᠤ᠂ ᠭᠡᠳᠦᠠ ᠮᠢᠩᠭ᠋ᠠᠠ ᠲᠦᠬᠦᠷᠢᠭ᠎ᠤᠨ ᠪᠡᠨ᠎ᠡ᠎ᠲᠠᠢ ᠭᠠᠷ ᠤᠳᠠᠰᠦ᠎ᠪᠠᠨ ᠭᠠᠵᠢᠵᠦ ᠪᠠᠢ᠍ᠢ᠍ᠨ᠎ᠠ ᠭᠡᠳ ᠣᠴᠠᠭ᠋ᠠᠷᠯᠠᠳᠠᠭ ᠭᠡᠤᠭᠡᠳ ᠵᠠᠬ᠎ᠠ᠎ᠠᠴᠠ ᠤᠯᠠᠨ᠃
      ᠪᠠᠭ᠎ᠠ ᠰᠤᠷᠭ᠋ᠠᠭᠤᠯᠢ ᠵᠢᠨ ᠰᠤᠷᠤᠭᠴᠢᠳ᠎ᠲᠤ ᠬᠦᠳᠡᠯᠮᠤᠷᠢ ᠵᠢᠨ ᠬᠦᠮᠦᠵᠢᠯ᠎ᠢ ᠴᠢᠬᠤᠯᠠᠴᠢᠯᠠᠠ ᠬᠦᠷᠳᠡᠭᠡᠬᠦ ᠪᠤᠯ ᠵᠢᠭ᠋ᠠᠠ ᠰᠤᠷᠭ᠋ᠠᠯᠳᠠ ᠵᠢᠨ ᠬᠠᠷᠠᠯᠳᠠ ᠵᠢᠨ ᠴᠢᠬᠤᠯᠠ ᠨᠢᠭᠡᠡ ᠵᠠᠩᠭᠢᠯᠠᠭ᠎ᠠ ᠪᠠᠢ᠍ᠢ᠍ᠪᠠᠯ ᠵᠣᠬᠢᠨ᠎ᠠ᠃ ᠰᠤᠷᠭ᠋ᠠᠠ ᠬᠦᠮᠦᠵᠢᠯ᠎ᠤᠨ ᠦᠷ᠎ᠡ ᠪᠦᠳᠦᠮᠵᠢ ᠵᠢ ᠲᠡᠭᠡᠭᠰᠢᠯᠡᠬᠦᠯᠵᠦ ᠪᠦᠬᠦ ᠠᠷᠠᠳ᠎ᠤᠨ ᠭᠡᠪ ᠴᠢᠨᠠᠷ᠎ᠢ ᠲᠡᠭᠡᠭᠰᠢᠯᠡᠬᠦᠯᠦᠶ᠎ᠠ ᠭᠡᠪᠡᠯ ᠪᠢᠳᠠ ᠭᠡᠦᠭᠡᠳ᠎ᠢ ᠬᠦᠳᠡᠯᠮᠤᠷᠢ᠎ᠳᠤ ᠰᠤᠷᠭ᠋ᠠᠵᠦ᠂ ᠦᠪᠡᠷ ᠪᠤᠰᠤᠳ᠎ᠢ ᠬᠠᠢ᠍ᠢ᠍ᠷᠠᠯᠠᠬᠤ ᠤᠬᠠᠮᠰᠠᠷ᠎ᠲᠠᠢ᠂ ᠪᠡᠶ᠎ᠡ᠎ᠪᠠᠨ ᠲᠠᠭ᠋ᠠᠭ᠋ᠠᠬᠤ ᠲᠠᠳᠬᠠᠯ᠎ᠲᠠᠢ᠂ ᠬᠠᠷᠢᠭᠤᠴᠠᠬᠤ ᠤᠪᠤᠷ᠎ᠲᠠᠢ ᠭᠡᠤᠭᠡᠳ᠎ᠢ ᠬᠦᠮᠦᠵᠢᠬᠦᠯᠬᠦ ᠭᠡᠷᠡᠭᠳᠠᠢ᠃ ᠠ᠋ᠭᠦᠨ᠎ᠳᠤ ᠭᠡᠷ ᠪᠦᠯᠢ᠂ ᠰᠤᠷᠭ᠋ᠠᠭᠤᠯᠢ᠂ ᠨᠠᠢ᠍ᠢ᠍ᠭᠡᠮ᠎ᠤᠨ ᠭᠤᠷᠮᠤᠰᠤᠨ ᠬᠠᠪᠰᠤᠷᠤᠯᠴᠠᠭ᠎ᠠ ᠪᠠᠢ᠍ᠢ᠍ᠮᠠᠨᠵᠢᠨ ᠰᠠᠶᠢ ᠨᠢᠭᠡᠨ ᠦᠨᠠᠨ ᠰᠡᠳᠬᠢᠯ᠎ᠠᠴᠠ᠎ᠪᠠᠨ ᠭᠦᠳᠠᠯᠮᠤᠷᠢ᠎ᠳᠤ ᠲᠤᠷ᠎ᠠ ᠪᠠᠬ᠎ᠠ᠎ᠲᠠᠢ ᠭᠡᠤᠭᠡᠳ᠎ᠢ ᠭᠦᠮᠦᠵᠢᠭᠦᠯᠵᠦ ᠴᠢᠳᠠᠨ᠎ᠠ᠃
   

                  ᠬᠠᠶᠢᠬ᠄ ᠠᠯᠠᠱ᠌ᠠ ᠪᠠᠷᠠᠭᠤᠠ ᠬᠤᠰᠢᠭᠤᠠ᠎ᠤ ᠰᠢᠭᠤᠳ
                          ᠬᠠᠷᠢᠶᠠᠳᠦ ᠮᠤᠩᠭᠤᠯ ᠪᠠᠭ᠎ᠠ ᠰᠤᠷᠭ᠋ᠠᠭᠤᠯᠢ
                            (ᠠᠯᠳᠠᠨᠰᠦᠢ᠍ᠭᠡ ᠨᠠᠢ᠍ᠢ᠍ᠷᠠᠭᠤᠯᠪᠠ)
                             2020 ᠣᠨ᠎ᠤ 6 ᠳ᠋ᠤᠭ᠋ᠠᠷ ᠬᠤᠭᠤᠴᠠᠭ᠎ᠠ


ᠢᠷᠡᠯᠲᠡ᠄ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠤᠨ᠎ᠤ ᠰᠤᠷᠭ᠋ᠠᠨ ᠬᠥᠮᠦᠵᠢᠯ᠎ᠤᠨ ᠲᠢᠩᠬᠢᠮ
          
ᠬᠠᠮᠢᠶ᠎ᠡ ᠪᠦᠬᠦᠢ ᠰᠣᠨᠢᠨ
ᠴᠡᠴᠡᠷᠯᠢᠭ᠎ᠤᠨ ᠪᠠᠭᠰᠢ ᠪᠤᠯᠤᠭᠰᠠᠳ ᠭᠡᠷ᠎ᠤᠨ ᠠᠬᠠᠮᠠᠳ᠎ᠲᠠᠢ ᠭᠡᠷᠭᠢᠨ ᠬᠠᠷᠢᠯᠴᠠᠪᠠᠯ ᠵᠤᠬᠢᠬᠤ ᠪᠤᠢ
ᠪᠠᠯᠴᠢᠷ ᠬᠡᠦᠬᠡᠳ᠎ᠢ ᠭᠦᠮᠦᠵᠢᠭᠦᠯᠭᠦ᠎ᠳᠤ ᠲᠤᠭᠯᠠᠭ᠋ᠠᠮ᠎ᠢ ᠠᠰᠢᠭᠯᠠᠬᠤ᠎ᠨᠢ
ᠭᠡᠷ ᠪᠦᠯᠢ ᠵᠢᠨ ᠰᠣᠷᠭ᠋ᠠᠨ ᠭᠦᠮᠣᠵᠢᠯ᠎ᠤᠨ ᠴᠢᠬᠤᠯᠠ ᠴᠢᠨᠠᠷ
ᠪᠠᠯᠴᠢᠷ ᠬᠡᠦᠬᠡᠳ᠎ᠲᠤ ᠠᠩᠭ᠍ᠯᠢ ᠬᠡᠯᠡᠨ᠎ᠤ ᠭᠡᠷ᠎ᠤᠨ ᠬᠦᠮᠦᠵᠢᠯ᠎ᠢ ᠬᠡᠷᠬᠢᠨ ᠬᠢᠬᠦ ᠪᠤᠢ
ᠬᠡᠦᠬᠡᠳ ᠪᠠᠭ᠋ᠠᠴᠣᠳ᠎ᠤᠨ ᠬᠦᠮᠦᠵᠢᠯ᠎ᠢ ᠨᠥᠯᠣᠭᠡᠯᠡᠬᠦ ᠬᠦᠴᠦᠨ᠎ᠢ ᠵᠠᠳᠠᠯᠬᠤ᠎ᠨᠢ
 
             蒙ICP备05000248号