ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠰᠤᠷᠭᠠᠨ ᠬᠦᠮᠦᠵᠢᠯ᠎ᠤᠨ ᠬᠠᠨᠲᠤᠯᠭ᠎ᠠ
ᠰᠣᠨᠤᠷ᠎ᠤᠨ ᠲᠠᠪᠴᠠᠩ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠰᠣᠨᠤᠷ᠎ᠤᠨ ᠲᠠᠪᠴᠠᠩ   -   ᠬᠡᠣᠬᠡᠳ᠎ᠤᠨ ᠬᠦᠮᠦᠵᠢᠯ
ᠬᠡᠦᠬᠡᠳ ᠪᠠᠭ᠋ᠠᠴᠣᠳ᠎ᠤᠨ ᠬᠦᠮᠦᠵᠢᠯ᠎ᠢ ᠨᠥᠯᠣᠭᠡᠯᠡᠬᠦ ᠬᠦᠴᠦᠨ᠎ᠢ ᠵᠠᠳᠠᠯᠬᠤ᠎ᠨᠢ
ᠨᠡᠶ᠋ᠢᠲᠡᠯᠡᠭᠰᠡᠨ ᠴᠠᠭ᠄ 2021-08-19

                              ᠲᠤ᠋ · ᠰᠠᠴᠠᠨᠪᠠᠭ᠋ᠠᠳᠤᠷ


      ᠬᠡᠦᠬᠡᠳ ᠪᠠᠭ᠋ᠠᠴᠣᠳ᠎ᠤᠨ ᠥᠰᠴᠦ ᠪᠥᠢ᠍ᠵᠢᠬᠤ᠂ ᠬᠦᠮᠦᠵᠢᠯ ᠬᠦᠷᠳᠡᠬᠦ ᠪᠥᠬᠦ ᠶᠠᠪᠣᠴᠠ ᠵᠢ ᠨᠥᠯᠣᠭᠡᠯᠡᠬᠦ ᠲᠣᠳᠦᠭ᠋ᠠᠳᠦ ᠰᠢᠯᠳᠠᠭ᠋ᠠᠨ ᠭᠠᠳᠠᠭ᠋ᠠᠳᠦ ᠨᠥᠬᠦᠴᠡᠯ ᠲᠣᠩ ᠣᠯᠠᠨ ᠪᠠᠶ᠋ᠢᠨ᠎ᠠ᠃ ᠲᠡᠳᠡᠭᠡᠷ᠎ᠤᠨ ᠲᠣᠳᠣᠷ᠎ᠠ ᠭᠡᠷ᠎ᠤᠨ ᠠᠬᠠᠮᠠᠳ᠂ ᠪᠠᠭᠰᠢ᠂ ᠰᠣᠷᠭ᠋ᠠᠭᠤᠯᠢ᠂ ᠨᠡᠶ᠋ᠢᠬᠡᠮ ᠭᠡᠭᠦ ᠲᠥᠷᠪᠡᠨ ᠲᠠᠯ᠎ᠠ ᠬᠠᠮᠤᠭ᠎ᠤᠨ ᠭᠤᠣᠯ ᠪᠣᠯᠣᠨ᠎ᠠ᠃
      ᠬᠡᠦᠬᠡᠳ᠎ᠤᠨ ᠰᠣᠷᠭ᠋ᠠᠨ ᠬᠦᠮᠦᠵᠢᠯ ᠪᠣᠯ ᠭᠡᠷ᠎ᠤᠨ ᠠᠬᠠᠮᠠᠳ᠂ ᠪᠠᠭᠰᠢ᠂ ᠰᠣᠷᠭ᠋ᠠᠭᠤᠯᠢ᠂ ᠨᠡᠶ᠋ᠢᠬᠡᠮ᠂ ᠲᠥᠷᠣ ᠵᠠᠰᠠᠭ᠎ᠠᠴᠠ ᠬᠦᠴᠦ ᠬᠠᠮᠳᠣᠳᠬᠠᠵᠦ ᠪᠡᠶᠡᠯᠡᠭᠦᠯᠬᠦ ᠶᠡᠭᠡ ᠥᠢ᠍ᠯᠡᠰ᠃ ᠬᠡᠦᠬᠡᠳ᠎ᠤᠨ ᠰᠣᠷᠭ᠋ᠠᠨ ᠬᠦᠮᠦᠵᠢᠯ ᠪᠤᠯ ᠰᠤᠷᠭ᠋ᠠᠨ ᠭᠦᠮᠦᠵᠢᠭᠦᠯᠭᠦ ᠤᠬᠠᠭ᠋ᠠᠨ᠎ᠤ ᠮᠥᠩᠬᠡ ᠵᠢᠨ ᠰᠤᠳᠤᠯᠭ᠋ᠠᠨ᠎ᠤ ᠰᠡᠳᠦᠪ᠂ ᠮᠦᠨ ᠴᠦ᠍ ᠪᠥᠬᠦ ᠨᠡᠶ᠋ᠢᠭᠡᠮ᠎ᠤᠨ ᠠᠩᠬᠠᠷᠣᠯ᠎ᠤᠨ ᠴᠡᠭ ᠪᠤᠯᠵᠤ ᠪᠤᠢ᠃
      ᠨᠢᠭᠡ᠂ ᠭᠡᠷ᠎ᠤᠨ ᠠᠬᠠᠮᠠᠳ
      ᠬᠡᠦᠬᠡᠳ᠎ᠤᠨ ᠰᠣᠷᠭ᠋ᠠᠨ ᠬᠦᠮᠦᠵᠢᠯ᠎ᠤᠨ ᠠᠰᠠᠭᠤᠳᠠᠯ ᠪᠣᠯ ᠭᠡᠷ᠎ᠤᠨ ᠠᠬᠠᠮᠠᠳ᠎ᠤᠨ ᠲᠥᠯᠬᠢᠵᠦ ᠪᠣᠯᠣᠰᠢ ᠦᠭᠡᠢ ᠲᠠᠷᠬᠠᠨ ᠠ᠋ᠭᠦᠷᠭᠡ ᠨᠠᠨᠳᠢᠨ ᠬᠠᠷᠢᠭᠤᠴᠠᠯᠭ᠎ᠠ ᠪᠣᠯᠬᠤ ᠶᠣᠮ᠃ ᠰᠣᠷᠭ᠋ᠠᠨ ᠬᠦᠮᠦᠵᠢᠯ᠎ᠤᠨ ᠠ᠋ᠭᠦᠷᠭᠡ ᠬᠠᠷᠢᠭᠤᠴᠠᠯᠭ᠎ᠠ᠎ᠠᠴᠠ ᠠᠪᠴᠦ ᠬᠡᠯᠡᠪᠡᠯ᠂ ᠭᠡᠷ᠎ᠤᠨ ᠠᠬᠠᠮᠠᠳ᠎ᠨᠢ ᠬᠡᠦᠬᠡᠳ᠎ᠤᠨ ᠵᠶ᠋ᠠᠨ ᠲᠥᠯᠣᠭᠡ ᠣᠶᠣᠨ ᠣᠬᠠᠭ᠋ᠠᠨ ᠬᠦᠴᠦ ᠬᠥᠳᠡᠯᠮᠣᠷᠢ᠎ᠪᠠᠨ ᠬᠠᠷᠠᠮ ᠦᠭᠡᠢ ᠶᠡᠭᠦᠯᠡᠬᠦ᠎ᠨᠢ ᠵᠥᠢ᠃ ᠭᠡᠭᠦ᠎ᠳᠤ᠎ᠪᠠᠨ ᠪᠣᠳᠠᠳᠦ ᠠᠮᠢᠳᠣᠷᠠᠯ᠎ᠨᠢ ᠪᠢᠳᠡᠨ᠎ᠤ ᠪᠣᠳᠣᠭᠰᠠᠨ ᠰᠢᠬ ᠲᠡᠶ᠋ᠢᠮᠦ ᠠᠮᠠᠷᠬᠠᠨ ᠪᠢᠰᠢ᠃ ᠭᠡᠷ᠎ᠤᠨ ᠠᠬᠠᠮᠠᠳ᠎ᠠᠴᠠ ᠬᠡᠦᠬᠡᠳ᠎ᠲᠤ᠎ᠪᠠᠨ ᠠ᠋ᠨᠡ᠎ᠨᠢ ᠪᠣᠯᠬᠤ ᠦᠭᠡᠢ᠂ ᠲᠡᠷᠡ᠎ᠨᠢ ᠪᠣᠯᠬᠤ ᠦᠭᠡᠢ ᠭᠡᠬᠦ ᠵᠡᠷᠭᠡ᠎ᠪᠠᠷ ᠬᠢᠷᠢ ᠬᠡᠮᠵᠢᠶᠡᠨ᠎ᠠᠴᠠ᠎ᠨᠢ ᠭᠡᠳᠤᠷᠡᠭᠰᠡᠨ ᠪᠣᠶᠣ ᠪᠣᠳᠠᠳᠦ ᠪᠠᠶ᠋ᠢᠳᠠᠯ᠎ᠲᠠᠢ ᠨᠡᠶ᠋ᠢᠴᠡᠬᠦ ᠦᠭᠡᠢ ᠱᠠᠭ᠋ᠠᠷᠳᠠᠯᠭ᠎ᠠ ᠲᠠᠯᠪᠢᠬᠤ ᠠ᠋ᠰᠡᠬᠦᠯ᠎ᠡ ᠬᠡᠦᠬᠡᠳ᠎ᠨᠢ ᠪᠠᠰᠠ ᠡᠴᠢᠭᠡ ᠠ᠋ᠬᠡ ᠵᠢ᠎ᠪᠠᠨ ᠠ᠋ᠨᠡ᠎ᠨᠢ ᠪᠣᠯᠬᠤ ᠦᠭᠡᠢ᠂ ᠲᠠᠷᠠ᠎ᠨᠢ ᠪᠣᠯᠬᠤ ᠦᠭᠡᠢ ᠭᠡᠳ ᠪᠠᠶ᠋ᠢᠬᠤ᠎ᠨᠢ ᠵᠦᠨᠭᠳᠡᠭᠡᠨ ᠶᠤᠮ᠃ ᠲᠡᠭᠡᠪᠡᠯ ᠭᠡᠷᠬᠢᠨ ᠭᠡᠤᠭᠡᠳ᠎ᠤᠨ ᠬᠠᠢ᠍ᠢ᠍ᠷ᠎ᠠ ᠵᠢ ᠲᠠᠳᠠᠭᠰᠠᠨ᠂ ᠭᠡᠤᠭᠡᠳ᠎ᠲᠤ ᠲᠤᠯᠠᠭ᠋ᠠᠨ ᠪᠦᠯᠢᠶᠠᠨ᠎ᠢ ᠤᠯᠭᠤᠬᠤ ᠪᠤᠢ?
      ᠵᠠᠷᠢᠮ ᠭᠡᠷ᠎ᠤᠨ ᠠᠬᠠᠮᠠᠳ᠎ᠤᠨ ᠬᠡᠯᠡᠬᠦ᠎ᠪᠠᠷ᠂ ᠣᠳᠣ ᠵᠢᠨ ᠬᠡᠦᠬᠡᠳ᠎ᠢ ᠴᠤᠬᠢᠬᠤ ᠪᠠᠢ᠍ᠢ᠍ᠳᠤᠭ᠋ᠠᠢ ᠭᠡᠯᠡᠵᠦ ᠴᠦ᠍ ᠪᠣᠯᠬᠤ ᠦᠭᠡᠢ ᠭᠡᠨ᠎ᠠ᠂ ᠶᠤᠰᠤᠳᠠᠢ ᠶᠠᠭ᠋ᠠᠬᠢᠬᠤ᠎ᠪᠠᠨ ᠤᠯᠬᠤ ᠪᠤᠯᠤᠭᠰᠠᠨ ᠭᠡᠵᠤ ᠪᠤᠢ᠃ ᠦᠨᠡᠭᠡᠷ ᠬᠡᠦᠬᠡᠳ᠎ᠨᠢ ᠪᠣᠯᠬᠤ ᠦᠭᠡᠢ ᠪᠠᠶ᠋ᠢᠨ᠎ᠠ ᠤᠤ ᠠ᠋ᠰᠠᠭᠦᠯ᠎ᠠ ᠭᠡᠷ᠎ᠤᠨ ᠠᠬᠠᠮᠠᠳ᠎ᠨᠢ ᠪᠤᠯᠬᠤ ᠦᠭᠡᠢ ᠪᠠᠢ᠍ᠢ᠍ᠨ᠎ᠠ ᠤᠤ? ᠬᠡᠨ᠎ᠨᠢ ᠪᠣᠯᠬᠤ ᠦᠭᠡᠢ ᠪᠠᠶ᠋ᠢᠭ᠎ᠠ ᠪᠣᠯ? ᠠ᠋ᠨᠡ ᠠᠰᠠᠭᠤᠳᠠᠯ᠎ᠢ ᠪᠥᠬᠦ ᠲᠠᠯ᠎ᠠ᠎ᠪᠠᠷ ᠰᠡᠳᠬᠢᠵᠦ ᠨᠠᠷᠢᠨ ᠵᠠᠳᠠᠯᠣᠯᠳᠠ ᠬᠢᠬᠦ ᠭᠡᠷᠡᠭᠳᠠᠢ᠃ ᠣᠳᠣᠬᠠᠨ᠎ᠳᠤ ᠭᠡᠷ᠎ᠤᠨ ᠠᠬᠠᠮᠠᠳ᠎ᠤᠨ ᠬᠦᠮᠦᠵᠢᠯ ᠪᠤᠯᠪᠠᠰᠤᠷᠠᠯ᠎ᠢ ᠰᠠᠶ᠋ᠢᠳᠤᠷ ᠬᠢᠬᠦ᠎ᠳᠤ ᠪᠠᠰᠠ ᠨᠡᠯᠢᠶᠡᠳ ᠬᠦᠴᠢᠷ ᠠᠰᠠᠭᠤᠳᠠᠯ ᠤᠷᠤᠰᠢᠵᠤ ᠪᠠᠶ᠋ᠢᠨ᠎ᠠ᠃ ᠨᠠᠰᠣᠨ᠎ᠳᠤ ᠬᠦᠷᠦᠭᠰᠡᠳ᠎ᠤᠨ ᠬᠦᠮᠦᠵᠢᠯ ᠪᠤᠯᠪᠠᠰᠤᠷᠠᠯ ᠶᠡᠭᠡ᠎ᠪᠠᠷ ᠲᠤᠲᠠᠭᠳᠠᠵᠦ ᠪᠠᠢ᠍ᠢ᠍ᠨ᠎ᠠ ᠭᠡᠵᠦ ᠲᠤᠰᠬᠠᠢ ᠮᠠᠷᠭᠡᠵᠢᠯᠳᠠᠳ ᠦᠵᠠᠵᠤ ᠪᠤᠢ᠃ ᠤᠯᠠᠨ ᠵᠶ᠋ᠠᠷ ᠵᠶ᠋ᠠᠨ ᠬᠡᠦᠬᠡᠳ᠎ᠤᠨ ᠰᠣᠷᠭ᠋ᠠᠨ ᠬᠦᠮᠦᠵᠢᠯ᠎ᠤᠨ ᠲᠠᠯ᠎ᠠ᠎ᠳᠤ ᠠᠮᠵᠢᠯᠳᠠ ᠣᠯᠬᠤ ᠵᠢ ᠶᠡᠭᠡᠳᠡ ᠭᠦᠰᠠᠵᠤ ᠪᠤᠢ᠃ ᠭᠡᠪᠡᠴᠤ ᠨᠠᠢ᠍ᠢ᠍ᠭᠡᠮ ᠳᠡᠭᠡᠷ᠎ᠠ ᠰᠣᠷᠭ᠋ᠠᠨ ᠬᠦᠮᠦᠵᠢᠯ᠎ᠤᠨ ᠠᠮᠵᠢᠯᠳᠠ ᠵᠢ ᠨᠡᠶ᠋ᠢᠳᠡᠮ᠎ᠳᠤ᠎ᠪᠠᠨ ᠶᠡᠭᠡ ᠰᠣᠷᠭ᠋ᠠᠭᠤᠯᠢ ᠵᠢᠨ ᠣᠶᠣᠳᠠᠨ ᠪᠤᠯᠬᠤ᠂ ᠣᠯᠣᠰ᠎ᠤᠨ ᠠᠯᠪᠠᠳᠠᠨ ᠪᠤᠯᠵᠤ 《ᠲᠡᠮᠣᠷ ᠠᠶᠠᠭ᠎ᠠ》 ᠤᠯᠵᠤ ᠴᠢᠳᠠᠭᠰᠠᠨ ᠵᠶ᠋ᠠᠷ ᠪᠠᠷᠢᠮᠵᠢᠶ᠎ᠡ ᠪᠣᠯᠭ᠋ᠠᠬᠤ ᠭᠡᠳ ᠪᠠᠶ᠋ᠢᠬᠤ ᠶᠤᠮ᠃ ᠭᠡᠭᠦ᠎ᠳᠤ᠎ᠪᠠᠨ ᠰᠣᠷᠭ᠋ᠠᠨ ᠬᠦᠮᠦᠵᠢᠯ ᠪᠣᠯ ᠠ᠋ᠶ᠋ᠢᠮᠦ ᠥᠬᠦᠮᠡᠯ ᠪᠢᠰᠢ᠂ ᠨᠢᠭᠡ ᠯᠡ ᠵᠥᠭ᠎ᠲᠤ ᠬᠠᠨᠳᠣᠬᠤ ᠪᠢᠰᠢ᠂ ᠬᠠᠷᠢᠨ ᠣᠬᠤᠷᠢᠵᠦ ᠭᠠᠷᠬᠤ ᠣᠷᠣᠨ ᠵᠠᠢ᠎ᠲᠠᠢ ᠪᠠᠶ᠋ᠢᠬᠤ ᠬᠡᠷᠡᠭ᠎ᠲᠠᠢ᠃ ᠪᠢᠷ · ᠭᠧᠰ ᠬᠠᠷᠸᠠᠳ᠋ ᠶᠡᠭᠡ ᠰᠤᠷᠭ᠋ᠠᠭᠤᠯᠢ᠎ᠳᠤ ᠰᠢᠯᠭ᠋ᠠᠭᠤᠯᠵᠤ ᠣᠷᠣᠭᠰᠠᠨ ᠪᠣᠯᠪᠠᠴᠦ ᠰᠤᠷᠭ᠋ᠠᠭᠤᠯᠢ᠎ᠪᠠᠨ ᠲᠡᠭᠦᠰᠦᠭᠰᠡᠨ ᠦᠭᠡᠢ᠂ ᠬᠡᠳᠡᠯ᠎ᠡ ᠲᠡᠭᠦᠨ᠎ᠤ ᠨᠡᠶ᠋ᠢᠭᠡᠮ᠎ᠳᠤ ᠠ᠋ᠭᠦᠳᠦᠭᠰᠡᠨ ᠥᠷᠳᠡᠭ᠎ᠢ ᠬᠡᠮᠵᠢᠶᠡᠯᠡᠬᠦ ᠵᠢᠨ ᠠᠷᠭ᠎ᠠ ᠦᠭᠡᠢ ᠶᠤᠮ᠃ ᠠᠮᠸᠷᠢᠺᠠ ᠵᠢᠨ ᠣᠯᠣᠰ᠎ᠤᠨ ᠠᠯᠪᠠᠳᠠᠨ ᠰᠢᠯᠭ᠋ᠠᠬᠤ ᠨᠣᠷᠮ᠎ᠠ᠎ᠨᠢ 3%᠎ᠳᠤ ᠬᠦᠷᠴᠦ ᠪᠠᠶ᠋ᠢᠬᠤ᠎ᠳᠤ᠂ ᠲᠣᠮᠳᠠᠳᠦ ᠣᠯᠣᠰ᠎ᠤᠨ᠎ᠬᠢ 76%᠎ᠳᠤ ᠬᠦᠷᠳᠡᠭ ᠭᠡᠰᠡᠨ ᠮᠠᠳᠠᠭᠡᠯᠡᠯ ᠪᠤᠢ᠃
      ᠰᠣᠷᠭ᠋ᠠᠨ ᠬᠦᠮᠦᠵᠢᠯ᠎ᠨᠢ ᠭᠡᠤᠭᠡᠳ᠎ᠲᠤ ᠰᠣᠷᠬᠤ ᠵᠣᠬᠢᠰᠳᠠᠢ ᠮᠡᠳᠡᠯᠭᠡ ᠪᠤᠯᠪᠠᠰᠤᠷᠠᠯ᠎ᠢ ᠡᠵᠡᠮᠰᠢᠭᠦᠯᠵᠦ᠂ ᠪᠡᠶ᠎ᠡ ᠰᠡᠳᠬᠢᠴᠡ ᠪᠥᠬᠦ ᠲᠠᠯ᠎ᠠ᠎ᠪᠠᠷ ᠬᠦᠮᠦᠵᠢᠭᠰᠡᠨ ᠬᠦᠮᠦᠨ᠎ᠢ ᠬᠦᠮᠦᠵᠢᠭᠦᠯᠬᠦ᠎ᠪᠠᠷ ᠵᠤᠷᠢᠯᠭ᠎ᠠ ᠪᠤᠯᠭ᠋ᠠᠳᠠᠬ᠃ ᠥᠨᠣᠳᠦᠷ᠎ᠤᠨ ᠨᠡᠶ᠋ᠢᠭᠡᠮ ᠠᠬᠤᠢ᠎ᠳᠤ ᠬᠡᠦᠬᠡᠳ᠎ᠤᠨ ᠰᠣᠷᠭ᠋ᠠᠨ ᠬᠦᠮᠦᠵᠢᠯ᠎ᠤᠨ ᠲᠠᠯ᠎ᠠ᠎ᠪᠠᠷ ᠲᠣᠯᠢ ᠪᠣᠯᠭ᠋ᠠᠬᠤ ᠲᠤᠷᠰᠢᠯᠭ᠎ᠠ ᠰᠤᠷᠭ᠋ᠠᠮᠵᠢ ᠮᠠᠰᠢ ᠣᠯᠠᠨ ᠪᠠᠢ᠍ᠢ᠍ᠳᠠᠬ᠃
      ᠭᠡᠷ᠎ᠤᠨ ᠠᠬᠠᠮᠠᠳ ᠪᠣᠯ ᠭᠡᠤᠭᠡᠳ᠎ᠤᠨ ᠤᠤᠭ᠋ᠠᠨ ᠪᠠᠭᠰᠢ᠂ ᠰᠤᠶᠤᠨ ᠭᠡᠭᠡᠷᠡᠭᠦᠯᠦᠭᠴᠢ ᠥᠯᠢᠭᠡᠷ ᠲᠠᠭᠤᠷᠢᠶᠠᠯ ᠪᠤᠯᠬᠤ ᠶᠤᠮ᠃ ᠲᠡᠭᠡᠭᠦᠯᠡᠷ ᠭᠡᠷ᠎ᠤᠨ ᠠᠬᠠᠮᠠᠳ᠎ᠤᠨ ᠵᠠᠩ ᠠᠷᠡᠨᠰᠢᠨ᠂ ᠥᠭᠡ ᠶᠠᠷᠢᠶ᠎ᠠ᠂ ᠥᠢ᠍ᠯᠡ ᠬᠦᠳᠡᠯᠭᠡᠭᠡᠨ ᠵᠢᠴᠢ ᠶᠣᠰᠣ ᠤᠴᠢᠷ᠎ᠢ ᠤᠯᠠᠮᠵᠢᠯᠠᠵᠦ ᠣᠶ᠋ᠢᠯᠠᠭ᠋ᠠᠭᠤᠯᠬᠤ ᠠᠷᠭ᠎ᠠ ᠠᠪᠴᠠᠯ᠂ ᠮᠡᠳᠡᠯᠭᠡ ᠵᠢᠨ ᠥᠷᠭᠡᠴᠢ ᠭᠦᠨᠴᠠ ᠵᠡᠷᠭᠡ ᠠᠯᠢ ᠪᠥᠬᠦᠨ᠎ᠨᠢ ᠬᠡᠦᠬᠡᠳ᠎ᠢ ᠮᠡᠳᠡᠭᠡ ᠣᠷᠣᠬᠤ᠎ᠠᠴᠠ ᠠᠪᠣᠭ᠋ᠠᠳ ᠲᠣᠮᠣ ᠬᠦᠮᠦᠨ ᠪᠣᠯᠳᠠᠯ᠎ᠠ ᠰᠠᠯᠣᠯᠳᠠ ᠦᠭᠡᠢ ᠬᠥᠳᠦᠯᠣᠨ ᠨᠥᠯᠣᠭᠡᠯᠡᠨ᠎ᠡ᠃ ᠠ᠋ᠶ᠋ᠢᠮᠦ ᠪᠣᠯᠬᠤᠷ ᠠᠩᠬᠠᠨ᠎ᠤ ᠪᠠᠭᠰᠢ ᠪᠤᠯᠬᠤ ᠠᠪᠤ ᠡᠵᠢ ᠨᠠᠷ ᠬᠡᠦᠬᠡᠳ ᠵᠶ᠋ᠠᠨ ᠰᠣᠷᠭ᠋ᠠᠵᠦ ᠬᠦᠮᠦᠵᠢᠭᠦᠯᠬᠦ᠎ᠳᠤ ᠶᠡᠭᠤᠨ᠎ᠤ ᠠ᠋ᠮᠣᠨ᠎ᠡ ᠬᠡᠦᠬᠡᠳ᠎ᠤᠨ ᠣᠷᠮ᠎ᠠ ᠪᠠᠬ᠎ᠠ ᠵᠢ ᠬᠥᠭᠵᠢᠭᠡᠬᠦ ᠬᠡᠷᠡᠭ᠎ᠲᠠᠢ᠃ ᠰᠣᠷᠭ᠋ᠠᠨ ᠬᠦᠮᠦᠵᠢᠯ᠎ᠤᠨ ᠤᠷᠠᠯᠢᠭ᠎ᠨᠢ ᠣᠷᠮᠠᠰᠢᠭᠤᠯᠵᠦ ᠬᠥᠭᠵᠢᠭᠡᠬᠦ᠂ ᠰᠡᠩᠭᠡᠷᠡᠭᠦᠯᠵᠦ ᠰᠡᠷᠢᠭᠡᠬᠦ᠂ ᠣᠮᠣᠭᠰᠢᠭᠤᠯᠵᠦ ᠵᠣᠷᠢᠬ᠍ᠵᠢᠭᠤᠯᠬᠤ᠎ᠳᠤ ᠪᠠᠶ᠋ᠢᠭ᠎ᠠ ᠶᠤᠮ᠃
      ᠭᠡᠷ᠎ᠤᠨ ᠠᠬᠠᠮᠠᠳ᠎ᠨᠢ ᠬᠡᠦᠬᠡᠳ᠎ᠢ ᠪᠠᠭ᠎ᠠ ᠪᠠᠶ᠋ᠢᠬᠤ᠎ᠳᠤ᠎ᠨᠢ ᠡᠪ ᠵᠶ᠋ᠠᠷ ᠰᠤᠷᠭ᠋ᠠᠵᠤ ᠪᠣᠯᠣᠨ᠎ᠠ᠂ ᠬᠦᠴᠦ᠎ᠪᠠᠷ ᠰᠤᠷᠭ᠋ᠠᠵᠤ ᠪᠣᠯᠣᠨ᠎ᠠ᠃ ᠭᠡᠪᠡᠴᠦ ᠬᠡᠦᠬᠡᠳ ᠲᠣᠮᠣ ᠪᠣᠯᠣᠭ᠋ᠠᠳ ᠢᠷᠡᠪᠡᠯ ᠭᠡᠷ᠎ᠤᠨ ᠠᠬᠠᠮᠠᠳ᠎ᠠᠴᠠ ᠠᠶᠣᠬᠤ ᠰᠢᠷᠬᠢᠬᠦ᠎ᠪᠠᠨ ᠪᠤᠯᠢᠵᠤ ᠶᠣᠰᠣ ᠬᠡᠯᠡᠯᠴᠡᠵᠦ ᠮᠡᠳᠬᠡᠯᠳᠤᠨ᠎ᠡ᠃ ᠬᠡᠦᠬᠡᠳ ᠬᠦᠮᠦᠨ᠎ᠤ ᠵᠡᠷᠭᠡ᠎ᠳᠤ ᠬᠦᠷᠪᠡᠯ ᠭᠡᠷ᠎ᠤᠨ ᠠᠬᠠᠮᠠᠳ᠎ᠨᠢ ᠬᠡᠦᠬᠡᠳ᠎ᠲᠠᠢ᠎ᠪᠠᠨ ᠵᠥᠪᠬᠡᠨ ᠶᠣᠰᠣ ᠬᠡᠯᠡᠯᠴᠡᠬᠦ᠎ᠠᠴᠠ ᠥᠭᠡᠷ᠎ᠡ ᠰᠠᠶ᠋ᠢᠨ ᠠᠷᠭ᠎ᠠ ᠵᠠᠮ ᠪᠠᠢ᠍ᠢ᠍ᠬᠤ ᠦᠭᠡᠢ ᠶᠤᠮ᠃ ᠬᠦᠮᠦᠨ ᠲᠡᠭᠷᠢ ᠭᠠᠵᠠᠷ᠂ ᠪᠤᠷᠬᠠᠨ ᠰᠠᠬᠢᠭᠤᠯᠰᠤᠨ᠎ᠳᠤ ᠰᠦᠭᠦᠷᠡᠭᠦ ᠦᠭᠡᠢ ᠪᠠᠶ᠋ᠢᠵᠦ ᠪᠣᠯᠣᠨ᠎ᠠ᠂ ᠭᠡᠪᠡᠴᠦ ᠶᠣᠰᠣᠨ᠎ᠳᠤ ᠪᠥᠬᠦᠶ᠋ᠢᠬᠦ ᠬᠡᠷᠡᠭ᠎ᠲᠠᠢ᠃ ᠬᠡᠦᠬᠡᠳ᠎ᠢ ᠪᠠᠭ᠎ᠠ᠎ᠠᠴᠠ᠎ᠨᠢ ᠶᠣᠰᠣ ᠣᠴᠢᠷ᠎ᠢ ᠲᠠᠨᠢᠭᠤᠯᠵᠦ᠂ ᠨᠡᠶ᠋ᠢᠭᠡᠮ᠎ᠤᠨ ᠨᠢᠭᠡ ᠬᠡᠰᠢᠭᠦᠨ ᠪᠤᠯᠤᠭᠰᠠᠨ᠎ᠤ ᠬᠤᠪᠢ᠎ᠳᠤ ᠵᠤᠬᠢᠬᠤ ᠠ᠋ᠮᠬᠢ ᠵᠢᠷᠤᠮ᠎ᠢ ᠵᠢᠷᠤᠮᠯᠠᠬᠤ ᠭᠡᠷᠡᠭᠳᠠᠢ ᠭᠡᠳᠡᠭ᠎ᠢ ᠮᠠᠳᠠᠭᠦᠯᠭᠦ ᠭᠡᠷᠡᠭᠳᠠᠢ᠃ ᠬᠡᠦᠬᠡᠳ᠎ᠢ ᠬᠦᠮᠦᠵᠢᠭᠦᠯᠬᠦ᠎ᠳᠤ ᠶᠠᠭᠤᠨ᠎ᠤ ᠠ᠋ᠮᠦᠨ᠎ᠡ ᠬᠦᠮᠦᠨ ᠪᠣᠯᠬᠤ ᠵᠢ ᠬᠦᠮᠦᠵᠢᠭᠦᠯᠣᠨ᠎ᠡ᠃ ᠬᠡᠦᠭᠡᠳ᠎ᠢ ᠬᠦᠮᠦᠵᠢᠭᠦᠯᠬᠦ᠎ᠳᠤ ᠥᠬᠦᠮᠡᠯ ᠪᠠᠶ᠋ᠢᠬᠤ ᠵᠢ ᠴᠡᠭᠡᠷᠯᠡᠭᠦ ᠭᠡᠷᠡᠭᠳᠠᠢ᠃ ᠬᠦᠮᠦᠨ᠎ᠢ ᠬᠦᠮᠦᠵᠢᠭᠦᠯᠬᠦ ᠥᠢ᠍ᠯᠡᠰ ᠶᠡᠷᠦ᠎ᠨᠢ ᠲᠣᠭᠳᠠᠭᠰᠠᠨ ᠬᠡᠪ ᠵᠠᠭᠪᠣᠷ᠂ ᠬᠤᠪᠢᠷᠠᠰᠢ ᠦᠭᠡᠢ ᠵᠣᠷ ᠭᠡᠵᠦ ᠪᠠᠢ᠍ᠢ᠍ᠬᠤ ᠦᠭᠡᠢ᠃ ᠲᠠᠭ᠋ᠠᠭ᠋ᠠᠴᠠ ᠲᠡᠰᠪᠣᠷᠢ᠂ ᠬᠠᠳᠠᠭᠤ ᠵᠥᠭᠡᠯᠡᠨ᠂ ᠣᠶᠠᠨ ᠬᠠᠳᠠᠨ ᠵᠶ᠋ᠠᠷ ᠬᠦᠮᠦᠵᠢᠭᠦᠯᠬᠦ ᠵᠠᠷᠴᠢᠮ᠎ᠢ ᠪᠠᠷᠢᠮᠳᠠᠯᠠᠵᠦ ᠬᠡᠦᠬᠡᠳ᠎ᠤᠨ ᠪᠣᠳᠠᠲᠠᠢ ᠪᠠᠶ᠋ᠢᠳᠠᠯ᠎ᠳᠤ ᠵᠣᠬᠢᠴᠠᠭᠰᠠᠨ᠂ ᠰᠣᠷᠭ᠋ᠠᠨ ᠬᠦᠮᠦᠵᠢᠯ᠎ᠤᠨ ᠴᠢᠭᠯᠡᠯᠳᠡ ᠵᠣᠷᠢᠯᠭ᠎ᠠ᠎ᠳᠤ ᠲᠣᠬᠢᠷᠠᠭᠰᠠᠨ ᠠᠷᠭ᠎ᠠ ᠪᠠᠷᠢᠯ᠎ᠢ ᠰᠥᠪᠡᠭᠴᠢᠯᠡᠨ᠎ᠡ᠃ ᠬᠡᠳᠦ ᠴᠢᠩᠭ᠋ᠠᠯᠠᠭᠰᠠᠨ ᠬᠥᠪᠴᠢ ᠠᠮᠠᠷᠬᠠᠨ ᠲᠠᠰᠣᠷᠠᠨ᠎ᠠ᠃ ᠠ᠋ᠢ᠍ᠢ᠍ᠮᠦ᠎ᠠᠴᠠ ᠭᠡᠤᠭᠡᠳ᠎ᠢ ᠭᠦᠮᠦᠵᠢᠭᠦᠯᠭᠦ ᠠ᠋ᠷᠴᠢᠮ ᠭᠦᠴᠦ ᠵᠢ ᠲᠤᠬᠢᠳᠠᠢ ᠪᠠᠢ᠍ᠢ᠍ᠯᠭ᠋ᠠᠬᠤ ᠭᠡᠷᠡᠭᠳᠠᠢ᠃ ᠲᠤᠬᠠᠢ᠍ᠢ᠍ᠯᠠᠪᠠᠯ᠂ ᠬᠡᠦᠬᠡᠳ᠎ᠲᠤ ᠥᠪᠡᠷ᠎ᠲᠤ᠎ᠪᠠᠨ ᠲᠣᠬᠢᠷᠠᠭᠤᠯᠬᠤ ᠴᠢᠯᠦᠭᠡᠲᠠᠢ ᠤᠷᠴᠢᠨ ᠲᠤᠭᠤᠷᠢᠨ ᠪᠠ ᠴᠠᠭ ᠮᠥᠴᠡ ᠵᠢ ᠬᠠᠩᠭ᠋ᠠᠬᠤ ᠴᠢᠬᠤᠯᠠᠲᠠᠢ᠃ ᠬᠡᠦᠬᠡᠳ᠎ᠢ ᠬᠦᠮᠦᠵᠢᠭᠦᠯᠬᠦ᠎ᠳᠤ ᠠᠷᠭ᠎ᠠ ᠣᠬᠠᠭ᠋ᠠᠨ ᠣᠷ᠎ᠠ ᠲᠡᠮ ᠶᠡᠭᠡ ᠱᠠᠭ᠋ᠠᠷᠳᠠᠭᠳᠠᠨ᠎ᠠ᠃ 《ᠠᠮᠢ ᠮᠢᠩᠭ᠋ᠠᠨ ᠯᠠᠩ ᠠᠷᠭ᠎ᠠ ᠲᠥᠮᠡᠨ ᠯᠠᠩ》 ᠭᠡᠭᠦ ᠬᠠᠭᠤᠴᠢ ᠦᠭᠡ ᠪᠤᠯ ᠮᠠᠨ᠎ᠤ ᠠᠷᠠᠳ ᠲᠦᠮᠡᠨ᠎ᠤ ᠦᠢ᠍ᠯᠠᠳᠤᠯᠭᠡ ᠵᠢᠨ ᠳ᠋ᠦᠨᠭᠨᠡᠯᠳᠠ ᠪᠤᠯᠬᠤ ᠶᠤᠮ᠂ ᠠ᠋ᠭᠦᠨ᠎ᠠᠴᠠ ᠭᠡᠤᠭᠡᠳ᠎ᠢ ᠭᠦᠮᠦᠵᠢᠭᠦᠯᠭᠦ᠎ᠳᠤ ᠠᠷᠭ᠎ᠠ ᠤᠬᠠᠭ᠋ᠠᠨ ᠭᠡᠷᠡᠭᠳᠠᠢ ᠭᠡᠳᠡᠭ᠎ᠢ ᠮᠠᠳᠠᠵᠤ ᠪᠤᠯᠤᠨ᠎ᠠ᠃ ᠬᠤᠨᠠᠨ᠎ᠤ ᠨᠢᠭᠡ ᠰᠣᠷᠭ᠋ᠠᠭᠤᠯᠢ᠎ᠳᠤ × × ᠭᠡᠳᠡᠭ ᠨᠠᠷ᠎ᠠ᠎ᠲᠠᠢ ᠰᠤᠷᠤᠭᠴᠢ ᠴᠣᠬᠢᠭᠳᠠᠵᠦ ᠦᠬᠦᠭᠰᠡᠨ ᠣᠴᠢᠷ᠎ᠢ ᠮᠠᠳᠡᠭᠡᠯᠡᠵᠦ ᠪᠢᠯᠡ᠃ ᠬᠡᠨ ᠴᠦ᠍ ᠬᠡᠦᠬᠡᠳ ᠵᠶ᠋ᠠᠨ ᠬᠠᠶ᠋ᠢᠷᠠᠯᠠᠨ᠎ᠠ᠃ ᠭᠡᠭᠦ᠎ᠳᠤ ᠨᠡᠶ᠋ᠢᠭᠡᠮ ᠬᠡᠦᠬᠡᠳ᠎ᠢ ᠴᠢᠨᠢ ᠥᠭᠡᠳᠡ᠎ᠨᠢ ᠲᠠᠳᠠᠭ᠍ᠤ ᠴᠦ᠍ ᠮᠠᠭ᠋ᠠᠳ ᠦᠭᠡᠢ᠂ ᠤᠷᠣᠭᠤ᠎ᠨᠢ ᠲᠥᠯᠬᠢᠴᠢᠭᠡᠭᠦ ᠴᠦ᠍ ᠮᠠᠭ᠋ᠠᠳ ᠦᠭᠡᠢ᠃ ᠢᠨᠭᠬᠢᠭᠦᠯᠡᠷ ᠬᠠᠰᠢ ᠯᠠ ᠬᠠᠶ᠋ᠢᠷ᠎ᠠ᠎ᠪᠠᠨ ᠲᠣᠳᠣᠷ᠎ᠠ᠎ᠪᠠᠨ ᠬᠠᠯᠠ᠎ᠪᠠᠨ ᠭᠠᠳᠠᠨ᠎ᠠ᠎ᠪᠠᠨ ᠪᠠᠶ᠋ᠢᠯᠭ᠋ᠠᠵᠦ ᠪᠠᠶ᠋ᠢᠭ᠋ᠠᠳ ᠬᠠᠳᠠᠭᠤ᠎ᠪᠠᠷ ᠲᠠᠪᠳᠠᠵᠦ ᠪᠣᠯᠪᠠᠰᠣᠷᠠᠭᠤᠯᠬᠤ᠎ᠨᠢ ᠬᠡᠦᠬᠡᠳ᠎ᠤᠨ ᠦᠰᠦᠨ ᠪᠤᠢ᠍ᠢ᠍ᠵᠢᠯᠳᠠ᠎ᠳᠤ ᠠᠴᠢ ᠲᠣᠰᠠ ᠦᠯᠠᠮᠵᠢ ᠶᠤᠮ᠃ ᠴᠠᠭ᠎ᠤᠨ ᠠᠨᠢᠷ ᠴᠢᠮᠡᠭᠡ ᠵᠢ ᠴᠢᠩᠨᠠᠵᠦ ᠨᠡᠶ᠋ᠢᠭᠡᠮ᠎ᠤᠨ ᠬᠥᠭᠵᠢᠯᠳᠡ ᠵᠢ ᠪᠣᠷᠪᠢᠳᠠᠨ ᠲᠠᠭ᠋ᠠᠨ᠎ᠠ ᠭᠡᠵᠦ ᠠᠮᠠᠷᠬᠠᠨ ᠪᠢᠰᠢ᠃ ᠨᠡᠶ᠋ᠢᠭᠡᠮ ᠬᠥᠭᠵᠢᠬᠦ ᠲᠣᠳᠣᠮ ᠬᠦᠮᠦᠨ᠎ᠳᠤ ᠲᠠᠯᠪᠢᠬᠤ ᠱᠠᠭ᠋ᠠᠷᠳᠠᠯᠭ᠎ᠠ ᠥᠨᠳᠦᠷ ᠪᠤᠯᠵᠦ᠂ ᠥᠷᠢᠰᠦᠯᠳᠦᠭᠡᠨ ᠴᠤ᠌ ᠰᠢᠷᠦᠭᠦᠨ ᠪᠣᠯᠣᠨ᠎ᠠ᠃ ᠰᠢᠨ᠎ᠠ ᠴᠠᠭ ᠦᠶ᠎ᠠ ᠵᠢᠨ ᠪᠠᠶ᠋ᠢᠳᠠᠯ᠎ᠳᠤ ᠵᠣᠬᠢᠴᠠᠭᠤᠯᠵᠦ ᠬᠡᠦᠬᠡᠳ᠎ᠢ ᠬᠦᠮᠦᠵᠢᠭᠦᠯᠬᠦ ᠪᠣᠯ ᠭᠡᠷ᠎ᠤᠨ ᠠᠬᠠᠮᠠᠳ᠎ᠤᠨ ᠤᠶᠣᠨ ᠵᠶ᠋ᠠᠨ ᠰᠢᠪᠬᠠᠵᠦ ᠬᠦᠴᠦ ᠬᠥᠯᠥᠰᠦ᠎ᠪᠠᠨ ᠭᠠᠷᠭ᠋ᠠᠵᠦ ᠬᠥᠳᠡᠯᠮᠥᠷᠢ᠎ᠪᠠᠨ ᠵᠠᠷᠤᠴᠠᠭᠤᠯᠬᠤ ᠨᠠᠷᠢᠯᠢᠬ ᠠᠵᠢᠯ ᠪᠣᠯᠣᠨ᠎ᠠ᠃ ᠬᠡᠦᠬᠡᠳ᠎ᠤᠨ ᠲᠠᠪᠤ ᠵᠢ ᠴᠢᠯᠣᠭᠡᠯᠡᠬᠦ ᠵᠢᠨ ᠰᠠᠶ᠋ᠢᠨ ᠲᠠᠯ᠎ᠠ᠎ᠠᠴᠠ ᠭᠠᠷᠳᠠᠵᠤ ᠪᠤᠳᠠᠳᠠᠢ ᠵᠠᠳᠠᠯᠤᠶ᠎ᠠ᠃
     1. ᠭᠡᠯᠡ ᠵᠢ᠎ᠨᠢ ᠴᠢᠯᠣᠭᠡᠯᠡᠬᠦ᠄ ᠬᠡᠦᠬᠡᠳ᠎ᠢ ᠴᠢᠯᠦᠭᠡᠳᠠᠢ ᠶᠠᠷᠢᠭᠤᠯᠬᠤ᠎ᠨᠢ ᠢᠯᠡᠳᠬᠡᠭᠦ ᠴᠢᠳᠠᠪᠣᠷᠢ᠎ᠪᠠᠨ ᠲᠡᠭᠡᠭᠰᠢᠯᠡᠭᠦᠯᠬᠦ᠂ ᠰᠠᠨᠠᠭ᠎ᠠ ᠵᠣᠷᠢᠯᠭ᠎ᠠ᠎ᠪᠠᠨ ᠲᠤᠳᠤ ᠢᠯᠡᠳᠬᠡᠬᠦ᠂ ᠪᠣᠰᠣᠳ᠎ᠲᠠᠢ ᠬᠠᠷᠢᠯᠴᠠᠵᠦ ᠥᠢ᠍ᠯᠠᠭ᠋ᠠᠯᠴᠠᠭ᠍ᠤ ᠵᠡᠷᠭᠡ ᠲᠠᠯ᠎ᠠ᠎ᠪᠠᠷ ᠰᠠᠢ᠍ᠢ᠍ᠨ ᠪᠠᠢ᠍ᠢ᠍ᠳᠠᠬ᠃
     2. ᠴᠢᠬᠢ ᠵᠢ᠎ᠨᠢ ᠴᠢᠯᠤᠭᠡᠯᠡᠬᠦ᠄ ᠮᠡᠳᠡᠯᠭᠡ᠎ᠨᠢ ᠰᠣᠨᠣᠰᠬᠤ᠎ᠪᠠᠷ ᠲᠠᠮᠵᠢᠵᠦ ᠲᠠᠷᠢᠬᠢᠨ᠎ᠳᠤ ᠬᠤᠷᠠᠮᠳᠣᠭᠳᠠᠨ᠎ᠠ᠃ ᠬᠡᠳᠦᠢ ᠠᠷᠪᠢᠨ ᠶᠠᠭᠤᠮ᠎ᠠ ᠰᠣᠨᠣᠰᠴᠦ ᠪᠠᠶ᠋ᠢᠪᠠᠯ ᠬᠦᠮᠦᠨ᠎ᠤ ᠲᠠᠷᠢᠬᠢᠨ᠎ᠳᠤ ᠬᠡᠳᠦᠢ ᠠᠷᠪᠢᠨ ᠶᠠᠭᠤᠮ᠎ᠠ ᠤᠷᠤᠵᠤ ᠢᠷᠠᠨ᠎ᠠ᠃ ᠣᠯᠠᠨ ᠶᠠᠭᠤᠮ᠎ᠠ ᠰᠣᠨᠣᠰᠬᠤ᠎ᠨᠢ ᠬᠡᠦᠬᠡᠳ᠎ᠤᠨ ᠰᠣᠨᠢᠭᠤᠴᠢ ᠵᠠᠩ ᠠᠷᠠᠨᠰᠢᠨ᠎ᠳᠤ ᠶᠠᠪ ᠴᠠᠪ ᠨᠡᠶ᠋ᠢᠴᠡᠨ᠎ᠡ᠃ ᠬᠡᠦᠬᠡᠳ ᠨᠡᠶ᠋ᠢᠭᠡᠮ ᠪᠠ ᠪᠠᠶ᠋ᠢᠭ᠋ᠠᠯᠢ ᠵᠢᠨ ᠲᠡᠷᠡ ᠤᠯᠠᠨ ᠬᠡᠷᠡᠭ ᠤᠴᠢᠷ᠎ᠢ ᠰᠣᠨᠣᠰᠴᠦ ᠪᠠᠶ᠋ᠢᠮᠠᠨᠵᠢᠨ ᠮᠡᠳᠡᠯᠭᠡ᠎ᠨᠢ ᠪᠠᠭ᠎ᠠ ᠪᠠᠭ᠎ᠠ᠎ᠪᠠᠷ ᠠᠯᠭᠤᠷ ᠠᠭ᠋ᠠᠵᠢᠮ ᠵᠶ᠋ᠠᠷ ᠬᠤᠷᠠᠮᠳᠣᠨ᠂ ᠨᠠᠢ᠍ᠢ᠍ᠭᠡᠮ ᠪᠠ ᠪᠠᠢ᠍ᠢ᠍ᠭ᠋ᠠᠯᠢ ᠵᠢᠨ ᠲᠤᠬᠠᠢ ᠰᠠᠷᠠᠯ᠎ᠤᠨ ᠲᠠᠨᠢᠯᠳᠠ᠎ᠨᠢ ᠪᠦᠷᠢᠯᠳᠤᠨ᠎ᠠ᠃
     3. ᠨᠢᠳᠦ ᠵᠢ᠎ᠨᠢ ᠴᠢᠯᠣᠭᠡᠯᠡᠬᠦ᠄ ᠰᠤᠨᠤᠰᠬᠤ᠎ᠠᠴᠠ ᠭᠠᠳᠠᠨ᠎ᠠ ᠪᠠᠰᠠ ᠦᠵᠡᠭᠦ ᠭᠡᠷᠡᠭᠳᠠᠢ᠃ ᠦᠵᠠᠭᠦ᠎ᠨᠢ ᠲᠤᠷᠰᠢᠯᠭ᠎ᠠ ᠬᠤᠷᠠᠮᠳᠤᠭᠤᠯᠤᠨ᠎ᠠ᠃ 《ᠠ᠋ᠷᠳᠡ ᠪᠣᠰᠪᠠᠯ ᠨᠢᠭᠡ ᠵᠢ ᠥᠵᠡᠵᠦ ᠣᠷᠣᠢ ᠣᠨᠳᠠᠪᠠᠯ ᠨᠢᠭᠡ ᠵᠢ ᠰᠣᠨᠣᠰᠣᠨ᠎ᠠ》 ᠭᠡᠳᠡᠭ ᠪᠢᠰᠢᠤ᠃
     4. ᠬᠥᠯ᠎ᠢ᠎ᠨᠢ ᠴᠢᠯᠣᠭᠡᠯᠡᠬᠦ᠄ ᠬᠡᠦᠬᠡᠳ ᠪᠡᠶ᠎ᠡ᠎ᠪᠠᠨ ᠲᠠᠭ᠋ᠠᠭ᠋ᠠᠵᠦ ᠬᠠᠷᠠᠭ᠋ᠠᠨ ᠰᠡᠷᠡᠯ᠂ ᠰᠤᠨᠤᠰᠬᠤ ᠰᠠᠷᠠᠯ ᠵᠶ᠋ᠠᠨ ᠲᠥᠰᠢᠵᠦ᠂ ᠪᠡᠶ᠎ᠡ᠎ᠪᠠᠷ ᠵᠶ᠋ᠠᠨ ᠪᠠᠶ᠋ᠢᠭ᠋ᠠᠯᠢ ᠪᠠ ᠨᠡᠶ᠋ᠢᠭᠡᠮ᠎ᠲᠠᠢ ᠥᠢ᠍ᠷᠠᠳᠴᠤ ᠮᠠᠳᠠᠯᠭᠡ ᠲᠤᠷᠰᠢᠯᠭ᠎ᠠ᠎ᠪᠠᠨ ᠨᠡᠮᠡᠭᠳᠠᠭᠦᠯᠭᠦ ᠭᠡᠷᠡᠭᠳᠠᠢ᠃ ᠬᠠᠷᠢᠨ ᠲᠠᠳᠠᠨ᠎ᠢ ᠰᠢᠩᠭᠡᠯᠢᠭ᠎ᠲᠤ ᠬᠤᠷᠢᠭᠰᠠᠨ ᠰᠢᠪᠠᠭᠤ ᠰᠢᠬ ᠠ᠋ᠷᠬᠡ ᠴᠢᠯᠣᠭᠡ ᠵᠢ᠎ᠨᠢ ᠬᠠᠰᠤᠵᠤ ᠪᠣᠯᠬᠤ ᠦᠭᠡᠢ᠃ ᠨᠡᠩ ᠴᠦ᠍ ᠬᠥᠯᠡᠮᠵᠢᠨ᠎ᠳᠤ ᠪᠣᠶ᠋ᠢᠵᠢᠭᠤᠯᠵᠦ ᠪᠣᠯᠬᠤ ᠦᠭᠡᠢ᠃
     5. ᠭᠠᠷ᠎ᠢ᠎ᠨᠢ ᠴᠢᠯᠥᠭᠡᠯᠡᠬᠦ᠄ ᠭᠠᠷ ᠬᠥᠳᠡᠯᠬᠦ᠎ᠨᠢ ᠤᠶᠣᠨ᠎ᠤ ᠲᠠᠨᠢᠯᠳᠠ ᠵᠢ ᠪᠠᠳᠣᠳᠬᠠᠨ᠎ᠠ᠃ ᠥᠢ᠍ᠯᠡᠳᠦᠯᠭᠡ ᠪᠣᠯ ᠬᠠᠮᠤᠭ᠎ᠤᠨ ᠰᠠᠶ᠋ᠢᠨ ᠬᠢᠴᠢᠶᠡᠯ᠃ ᠲᠡᠷᠡ᠎ᠨᠢ ᠬᠠᠷᠠᠭ᠋ᠠᠨ ᠰᠡᠷᠡᠯ᠂ ᠭᠠᠷ᠎ᠤᠨ ᠮᠡᠳᠡᠷᠡᠮᠵᠢ ᠵᠢ ᠭᠦᠭᠵᠢᠭᠦᠯᠭᠦ ᠪᠣᠳᠠᠲᠠᠢ ᠬᠢᠴᠢᠶᠡᠯ ᠪᠣᠯᠣᠨ᠎ᠠ᠃
      ᠲᠠᠭᠡᠷ᠎ᠠ ᠬᠡᠦᠬᠡᠳ᠎ᠤᠨ ᠲᠠᠪᠤᠨ ᠠ᠋ᠷᠬᠡᠳᠡᠨ᠎ᠳᠤ ᠪᠦᠷᠢᠨ ᠠ᠋ᠷᠬᠡ ᠴᠢᠯᠣᠭᠡ ᠣᠯᠭᠤᠬᠤ ᠵᠢᠨ ᠴᠢᠬᠤᠯᠠ ᠴᠢᠨᠠᠷ᠎ᠢ ᠦᠭᠦᠯᠡᠭᠰᠡᠨ ᠪᠠᠢ᠍ᠢ᠍ᠨ᠎ᠠ᠃ ᠬᠡᠦᠬᠡᠳ᠎ᠢ ᠭᠦᠮᠦᠵᠢᠭᠦᠯᠭᠦ᠎ᠳᠤ ᠴᠣᠷ᠎ᠤᠨ ᠭᠠᠭᠴᠠ ᠰᠣᠷᠣᠯᠭ᠎ᠠ᠎ᠪᠠᠷ ᠪᠢᠰᠢ᠂ ᠬᠠᠷᠢᠨ ᠪᠥᠬᠦ ᠲᠠᠯ᠎ᠠ᠎ᠪᠠᠷ ᠲᠠᠪᠳᠠᠨ ᠪᠤᠯᠪᠠᠰᠤᠷᠠᠭᠤᠯᠬᠤ ᠴᠢᠬᠤᠯᠠ᠎ᠲᠠᠢ᠃ ᠠᠮᠧᠷᠢᠺᠠ᠎ᠳᠤ ᠪᠠᠭ᠎ᠠ ᠰᠣᠷᠭ᠋ᠠᠭᠤᠯᠢ᠎ᠳᠤ ᠰᠣᠷᠣᠭᠴᠢ ᠠ᠋ᠯᠰᠠᠭᠦ᠎ᠳᠤ ᠵᠢᠵᠢᠭ ᠪᠠᠷᠠᠭ᠎ᠠ ᠬᠤᠳᠠᠯᠳᠣᠭᠤᠯᠳᠠᠬ ᠭᠡᠨ᠎ᠠ᠃ ᠭᠡᠤᠭᠡᠳ᠎ᠤᠳ ᠣᠯᠠᠨ ᠬᠦᠮᠦᠨ᠎ᠲᠠᠢ ᠬᠠᠷᠢᠴᠠᠨ᠎ᠠ᠂ ᠰᠠᠨᠠᠭ᠎ᠠ ᠵᠣᠷᠢᠯᠭ᠎ᠠ᠎ᠪᠠᠨ ᠵᠦᠪ ᠢᠯᠡᠳᠬᠡᠨ᠎ᠡ᠂ ᠪᠠᠷᠠᠭ᠎ᠠ ᠪᠣᠷᠣᠯᠠᠭᠤᠯᠬᠤ ᠶᠠᠪᠣᠴᠠ ᠵᠢ ᠪᠡᠶᠡᠳᠡᠨ ᠥᠩᠭᠡᠷᠡᠭᠦᠯᠦᠨ᠎ᠡ᠃ ᠠ᠋ᠨᠡ ᠪᠤᠯ ᠨᠠᠢ᠍ᠢ᠍ᠭᠡᠮᠴᠢᠯᠡᠭᠦ ᠵᠢᠨ ᠠᠨᠭ᠌ᠬᠠᠨ᠎ᠤ ᠠᠯᠬᠤᠮ᠎ᠢ ᠶᠠᠪᠤᠵᠤ ᠪᠠᠢ᠍ᠢ᠍ᠭ᠎ᠠ ᠤᠴᠢᠷ᠎ᠲᠠᠢ ᠶᠤᠮ᠃
      ᠭᠡᠷ᠎ᠤᠨ ᠠᠬᠠᠮᠠᠳ᠎ᠤᠨ ᠠᠩᠬᠠᠷᠬᠤ ᠵᠥᠢ᠍ᠯ ᠲᠤᠩ ᠣᠯᠠᠨ ᠪᠠᠶ᠋ᠢᠨ᠎ᠠ᠃ ᠠᠮᠢᠳᠣᠷᠠᠯ ᠠᠵᠢᠯ ᠥᠢ᠍ᠯᠡᠰ᠎ᠲᠤ᠎ᠪᠠᠨ ᠢᠳᠡᠪᠬᠢᠲᠠᠢ᠂ ᠢᠳᠡᠭᠡᠯ᠎ᠲᠠᠢ ᠪᠠᠶ᠋ᠢᠬᠤ ᠭᠡᠷ ᠪᠥᠯᠢ ᠵᠢᠨ ᠠᠭᠤᠷ ᠠᠮᠢᠰᠬᠤᠯ᠎ᠨᠢ ᠬᠡᠦᠬᠡᠳ᠎ᠤᠨ ᠪᠡᠶ᠎ᠡ᠎ᠳᠤ᠎ᠪᠠᠨ ᠢᠳᠡᠬᠡᠯ᠎ᠲᠠᠢ ᠪᠣᠯᠵᠦ ᠬᠦᠮᠦᠵᠢᠬᠦ᠎ᠳᠤ ᠰᠠᠭᠤᠷᠢ ᠪᠣᠯᠣᠨ᠎ᠠ᠃ ᠬᠡᠦᠬᠡᠳ᠎ᠲᠤ ᠤᠶᠣᠨ ᠰᠠᠨᠠᠭ᠋ᠠᠨ᠎ᠤ ᠰᠢᠮ᠎ᠡ ᠲᠡᠵᠢᠭᠡᠯ ᠬᠡᠵᠢᠶ᠎ᠡ ᠴᠦ᠍ ᠲᠣᠳᠠᠵᠦ ᠪᠣᠯᠬᠤ ᠦᠭᠡᠢ᠃ ᠠᠶ᠋ᠢᠯ ᠭᠡᠷ᠎ᠲᠤ ᠪᠣᠯᠣᠭᠰᠠᠨ ᠠᠯᠢᠪᠠ ᠪᠠᠶᠠᠷ ᠬᠥᠷ᠂ ᠵᠣᠪᠠᠭᠤᠷᠢ ᠵᠥᠳᠡᠭᠦᠷᠢ ᠵᠢ ᠬᠡᠦᠬᠡᠳ᠎ᠲᠠᠢ ᠬᠤᠪᠢᠶᠠᠯᠴᠠᠨ᠎ᠠ᠃ ᠠ᠋ᠨᠡ᠎ᠨᠢ ᠬᠡᠦᠬᠡᠳ᠎ᠤᠨ ᠬᠦᠴᠢᠷ ᠪᠡᠷᠬᠡ᠂ ᠵᠣᠪᠠᠭᠤᠷᠢ ᠵᠥᠳᠡᠭᠦᠷᠢ ᠵᠢ ᠲᠠᠰᠪᠤᠷᠢᠯᠠᠵᠤ ᠲᠠᠪᠠᠬᠤ ᠴᠢᠳᠠᠪᠣᠷᠢ ᠪᠠ ᠤᠶᠣᠨ ᠰᠠᠨᠠᠭ᠋ᠠᠨ᠎ᠤ ᠲᠠᠭ᠋ᠠᠭ᠋ᠠᠴᠠ ᠲᠡᠰᠪᠦᠷᠢ ᠵᠢ ᠬᠦᠮᠦᠵᠢᠭᠦᠯᠬᠦ ᠶᠤᠮ᠃ ᠮᠥᠨ ᠴᠦ᠍ ᠨᠣᠭᠤᠷᠡᠯ ᠪᠦᠳᠦᠷᠢᠯ ᠬᠢᠭᠡᠳ ᠢᠯᠠᠭᠳᠠᠯ᠎ᠤᠨ ᠴᠣᠬᠢᠯᠳᠠ ᠵᠢ ᠲᠠᠭ᠋ᠠᠭ᠋ᠠᠵᠦ ᠭᠠᠷᠬᠤ ᠵᠠᠩ ᠠᠷᠠᠠᠰᠢᠨ᠎ᠤ ᠰᠠᠭᠤᠷᠢ ᠪᠤᠯᠤᠨ᠎ᠠ᠃ ᠰᠢᠳᠠᠷ᠎ᠠ᠎ᠳᠤ 《ᠪᠤᠳᠠ ᠠᠯᠳᠠᠭ᠍ᠤ ᠭᠠᠶ᠋ᠢᠭᠤᠢ ᠪᠣᠳᠤᠯᠭ᠎ᠠ ᠠᠯᠳᠠᠭ᠍ᠤ ᠬᠡᠴᠡᠭᠦᠦ》 ᠭᠡᠳᠡᠭ ᠶᠤᠮ᠃ ᠭᠡᠷ᠎ᠤᠨ ᠠᠬᠠᠮᠠᠳ ᠴᠠᠭ ᠥᠷᠭᠦᠯᠵᠢ ᠥᠪᠡᠷ᠎ᠤᠨ ᠮᠡᠳᠡᠯᠭᠡ ᠪᠣᠯᠪᠠᠰᠣᠷᠡᠯ ᠵᠶ᠋ᠠᠨ ᠲᠡᠭᠡᠭᠰᠢᠯᠡᠭᠦᠯᠵᠤ᠂ ᠪᠤᠳᠤᠯᠭ᠎ᠠ ᠠᠯᠳᠠᠵᠤ ᠪᠤᠯᠬᠤ ᠦᠭᠡᠢ᠃ ᠲᠠᠬᠢᠪᠠᠯ ᠬᠡᠦᠬᠡᠳ᠎ᠤᠨ ᠲᠣᠷ᠎ᠠ ᠪᠠᠬ᠎ᠠ ᠵᠢ ᠬᠦᠨᠳᠦᠳᠬᠡᠵᠦ᠂ ᠢᠯᠡᠷᠡᠭᠦᠯᠵᠦ᠂ ᠨᠤᠳᠠᠯᠠᠵᠦ ᠵᠣᠷᠢᠬ᠍ᠵᠢᠭᠤᠯᠣᠨ᠎ᠠ᠃ ᠰᠣᠳᠣᠯᠣᠭᠴᠢ᠎ᠠᠴᠠ ᠬᠦᠮᠦᠨ᠎ᠤ ᠲᠣᠷ᠎ᠠ ᠪᠠᠬ᠎ᠠ ᠵᠢ ᠲᠤᠰᠬᠠᠢ ᠮᠡᠷᠭᠡᠵᠢᠯ᠎ᠤᠨ ᠬᠢᠷᠢ ᠲᠥᠪᠰᠢᠨ᠎ᠠᠴᠠ ᠥᠨᠳᠦᠷ ᠥᠨᠡᠯᠡᠵᠦ ᠪᠠᠶ᠋ᠢᠨ᠎ᠠ᠃ ᠥᠪᠡᠷ᠎ᠤᠨ ᠲᠣᠷ᠎ᠠ ᠪᠠᠬ᠎ᠠ᠎ᠲᠠᠢ ᠵᠥᠢ᠍ᠯ᠎ᠳᠤ᠎ᠪᠠᠨ ᠰᠢᠬᠢᠳᠴᠦ ᠥᠢ᠍ᠯᠡᠰ ᠪᠥᠳᠦᠭᠡᠵᠦ ᠤᠯᠤᠰ ᠲᠥᠮᠡᠨ᠎ᠤ᠎ᠪᠠᠨ ᠲᠤᠮᠳᠠ ᠨᠡᠷ᠎ᠡ ᠮᠠᠨᠳᠦᠵᠦ᠂ ᠬᠥᠨᠳᠦᠳᠬᠡᠯ ᠪᠠᠭ᠍ᠠᠷᠣᠯ᠎ᠢ ᠤᠯᠤᠭᠰᠠᠨ ᠬᠦᠮᠦᠨ ᠲᠣᠳᠦᠭ᠋ᠠᠳᠦ ᠭᠠᠳᠠᠭ᠋ᠠᠳᠦ᠎ᠳᠤ ᠤᠯᠠᠨ ᠭᠠᠷᠣᠭᠰᠠᠨ᠎ᠢ ᠪᠦᠭᠦᠳᠡᠭᠡᠷ ᠰᠠᠢ᠍ᠢ᠍ᠨ ᠮᠠᠳᠠᠨ᠎ᠠ᠃ ᠤᠳᠤ ᠬᠡᠦᠬᠡᠳ᠎ᠲᠤ ᠤᠯᠠᠨ ᠵᠥᠢ᠍ᠯ᠎ᠢ ᠰᠣᠷᠭ᠋ᠠᠨ᠎ᠠ ᠭᠡᠵᠦ ᠵᠣᠪᠠᠭ᠋ᠠᠵᠦ ᠪᠠᠶ᠋ᠢᠨ᠎ᠠ᠃ ᠵᠠᠷᠢᠮ ᠲᠣᠰᠬᠠᠢ ᠮᠡᠷᠭᠡᠵᠢᠯ᠎ᠨᠢ ᠲᠣᠷ᠎ᠠ ᠪᠠᠬ᠎ᠠ ᠬᠢᠭᠡᠳ ᠠᠪᠢᠶᠠᠰ ᠪᠢᠯᠢᠭ ᠵᠶ᠋ᠠᠷ ᠨᠥᠬᠦᠴᠡᠯ ᠪᠣᠯᠭ᠋ᠠᠨ᠎ᠠ᠃ ᠭᠡᠤᠭᠡᠳ᠎ᠲᠤ ᠶᠠᠭᠤ ᠰᠣᠷᠭ᠋ᠠᠨ᠎ᠠ ᠭᠡᠪᠡᠯ ᠲᠠᠳᠠ ᠴᠢᠨᠢ ᠰᠣᠷᠣᠭ᠋ᠠᠳ ᠦᠭᠴᠢᠭᠡᠭᠦ ᠪᠢᠰᠢ ᠰᠢᠤ᠃ ᠪᠠᠰᠠ ᠭᠡᠷ᠎ᠤᠨ ᠠᠬᠠᠮᠠᠳᠴᠤᠳ ᠪᠥᠬᠦ ᠤᠴᠢᠷ᠎ᠢ ᠪᠠᠭᠰᠢ ᠪᠠ ᠰᠣᠷᠭ᠋ᠠᠭᠤᠯᠢ᠎ᠳᠤ ᠨᠠᠶ᠋ᠢᠳᠠᠵᠦ᠂ ᠬᠡᠦᠬᠡᠳ᠎ᠤᠨ ᠪᠡᠶ᠎ᠡ ᠰᠡᠳᠬᠢᠴᠡ ᠵᠢᠨ ᠠ᠋ᠷᠡᠭᠦᠯ ᠴᠢᠬᠢᠷᠠᠭ᠎ᠢ ᠠᠩᠬᠠᠷᠬᠤ ᠦᠭᠡᠢ᠂ ᠬᠠᠯᠠᠮᠵᠢᠯᠠᠭ᠍ᠣ ᠦᠭᠡᠢ᠎ᠪᠠᠷ ᠬᠡᠦᠬᠡᠳ᠎ᠤᠨ ᠴᠣᠬᠤᠮ ᠴᠢᠬᠤᠯᠠ᠎ᠲᠠᠢ ᠴᠠᠭ᠎ᠲᠤ᠎ᠨᠢ ᠵᠣᠬᠢᠰᠳᠠᠢ ᠵᠢᠯᠣᠭᠤᠳᠣᠯᠭ᠎ᠠ ᠬᠢᠬᠦ ᠦᠭᠡᠢ᠂ ᠬᠡᠦᠬᠡᠳ᠎ᠤᠨ ᠰᠠᠨᠠᠯ ᠪᠣᠳᠣᠯ᠎ᠢ ᠥᠢ᠍ᠯᠠᠭ᠋ᠠᠬᠤ ᠦᠭᠡᠢ᠂ ᠰᠠᠶ᠋ᠢᠳᠤᠷ ᠨᠡᠪᠳᠡᠷᠡᠯᠴᠡᠬᠦ ᠦᠭᠡᠢ᠂ ᠬᠡᠦᠬᠡᠳ᠎ᠤᠨ ᠲᠠᠯ᠎ᠠ᠎ᠠᠴᠠ ᠠᠰᠠᠭᠤᠳᠠᠯ᠎ᠢ ᠪᠣᠳᠣᠯᠬᠢᠯᠠᠭ᠍ᠣ ᠦᠭᠡᠢ᠎ᠪᠠᠷ ᠰᠢᠢ᠍ᠳᠪᠦᠷᠢ ᠭᠠᠷᠭ᠋ᠠᠳᠠᠭ ᠪᠠᠶ᠋ᠢᠳᠠᠯ ᠪᠠᠶ᠋ᠢᠩᠭᠤ ᠣᠷᠣᠰᠢᠵᠦ ᠮᠠᠭᠤ ᠥᠷ᠎ᠡ ᠳ᠋ᠦᠩ ᠠᠪᠴᠢᠷᠠᠭ᠍ᠣ ᠪᠣᠶᠣ ᠭᠡᠤᠭᠡᠳ᠎ᠲᠤ ᠨᠠᠰᠣᠨ᠎ᠤ ᠬᠠᠷᠠᠮᠰᠠᠯ ᠥᠯᠡᠳᠡᠭᠡᠳᠡᠭ ᠤᠴᠢᠷ ᠣᠯᠠᠨ ᠭᠠᠷᠴᠦ ᠪᠠᠶ᠋ᠢᠨ᠎ᠠ᠃
      ᠬᠡᠦᠬᠡᠳ᠎ᠤᠨ ᠬᠦᠮᠦᠵᠢᠯ᠎ᠨᠢ ᠬᠦᠮᠦᠨ ᠪᠣᠯᠬᠤ ᠵᠢᠨ ᠤᠭ ᠶᠣᠰᠣ ᠵᠢ ᠡᠵᠡᠮᠰᠢᠭᠦᠯᠬᠦ᠎ᠠᠴᠠ ᠠ᠋ᠬᠢᠯᠡᠵᠦ ᠨᠡᠶ᠋ᠢᠭᠡᠮ ᠲᠡᠭᠡᠷ᠎ᠡ ᠭᠠᠷᠬᠤ᠂ ᠢᠷᠡᠭᠡᠳᠦᠢ᠎ᠳᠤ ᠬᠠᠨᠳᠣᠬᠤ ᠬᠥᠭᠵᠢᠯᠳᠡ᠎ᠳᠤ ᠵᠣᠬᠢᠴᠠᠭ᠍ᠤ ᠭᠡᠭᠦ ᠮᠠᠳᠤᠴᠢᠯᠠᠨ ᠤᠯᠠᠨ ᠲᠠᠯ᠎ᠠ᠎ᠳᠤ ᠰᠠᠭᠤᠷᠢ ᠲᠠᠯᠪᠢᠵᠤ ᠪᠠᠢ᠍ᠢ᠍ᠭ᠎ᠠ ᠶᠠᠪᠤᠳᠠᠯ ᠮᠦᠨ᠃ ᠬᠡᠦᠬᠡᠳ᠎ᠤᠨ ᠬᠥᠭᠵᠢᠯᠳᠡ ᠵᠢᠨ ᠵᠠᠩᠭᠢᠯᠠᠭ᠎ᠠ᠎ᠨᠢ ᠪᠦᠬᠦ ᠲᠠᠯ᠎ᠠ᠎ᠪᠠᠷ ᠬᠦᠮᠦᠵᠢᠭᠳᠡᠵᠤ ᠴᠢᠳᠠᠭᠰᠠᠨ ᠠ᠋ᠰᠡᠬᠦ᠎ᠳᠤ ᠪᠤᠢ᠃ ᠬᠦᠯ ᠠᠯᠳᠠᠭᠰᠠᠨ ᠬᠡᠦᠬᠡᠳ᠎ᠤᠨ ᠣᠯᠠᠩᠬᠢ᠎ᠨᠢ ᠤᠶᠣᠨ ᠰᠠᠨᠠᠭ᠋ᠠᠨ ᠲᠡᠭᠡᠷ᠎ᠡ᠎ᠪᠠᠨ ᠰᠢᠷᠬ᠎ᠠ ᠰᠣᠷᠪᠢ᠎ᠲᠠᠢ ᠪᠠᠶ᠋ᠢᠵᠦ᠂ ᠪᠣᠳᠣᠯ᠎ᠤᠨ ᠭᠦᠨ᠎ᠳᠤ᠎ᠪᠠᠨ ᠮᠠᠨᠠᠨ᠎ᠲᠠᠢ ᠪᠠᠶ᠋ᠢᠳᠠᠭ᠃ ᠬᠡᠷᠡᠭ ᠲᠠᠳᠠᠭᠰᠠᠨ ᠬᠡᠦᠬᠡᠳ᠎ᠤᠨ ᠣᠯᠠᠩᠬᠢ᠎ᠨᠢ 《ᠭᠠᠭᠴᠠ ᠪᠡᠶ᠎ᠡ ᠭᠡᠷ ᠪᠥᠯᠢ》᠎ᠳᠤ ᠥᠰᠣᠨ ᠪᠣᠶ᠋ᠢᠵᠢᠵᠦ ᠬᠠᠶ᠋ᠢᠷ᠎ᠠ ᠪᠠ ᠬᠠᠯᠠ ᠬᠤᠶᠠᠷ᠎ᠨᠢ ᠲᠡᠩᠴᠡᠭᠦᠷᠢ᠎ᠪᠠᠨ ᠠᠯᠳᠠᠭᠰᠠᠨ ᠪᠠᠶ᠋ᠢᠳᠠᠭ᠃ ᠴᠣᠬᠤᠮ ᠶᠣᠰᠣᠨ ᠲᠡᠭᠡᠷ᠎ᠡ᠎ᠪᠠᠨ ᠬᠡᠦᠬᠡᠳ᠎ᠲᠤ ᠬᠠᠶ᠋ᠢᠷ᠎ᠠ ᠪᠠ ᠬᠠᠯᠠ ᠬᠤᠶᠠᠷ᠎ᠤᠨ ᠠᠯᠢ᠎ᠨᠢ ᠴᠤ᠌ ᠲᠣᠳᠠᠵᠦ ᠪᠣᠯᠬᠤ ᠦᠭᠡᠢ᠃ ᠡᠴᠢᠭᠡ ᠠ᠋ᠬᠡ ᠬᠤᠶᠠᠷ᠎ᠤᠨ ᠠᠯᠢ᠎ᠨᠢ ᠴᠦ᠍ ᠲᠣᠳᠠᠵᠦ ᠪᠣᠯᠬᠤ ᠦᠭᠡᠢ᠃ ᠪᠦᠷᠢᠨ ᠪᠦᠳᠤᠨ ᠭᠡᠷ ᠪᠦᠯᠢ ᠵᠢᠨ ᠬᠦᠮᠦᠵᠢᠯ ᠬᠦᠷᠳᠡᠬᠦ ᠪᠠ ᠭᠠᠭᠴᠠ ᠪᠡᠶ᠎ᠡ ᠭᠡᠷ ᠪᠦᠯᠢ ᠵᠢᠨ ᠬᠦᠮᠦᠵᠢᠯ᠎ᠢ ᠬᠦᠷᠳᠡᠬᠦ᠎ᠨᠢ 50%᠎ᠪᠠᠷ ᠵᠥᠷᠢᠨ᠎ᠡ᠃ ᠭᠡᠷ ᠪᠥᠯᠢ ᠵᠢᠨ ᠣᠷᠴᠢᠨ ᠲᠤᠭᠤᠷᠢᠨ᠂ ᠠᠭᠤᠷ ᠠᠮᠢᠰᠬᠤᠯ ᠵᠡᠷᠭᠡ ᠠᠯᠢ ᠪᠣᠯᠭ᠋ᠠᠨ᠎ᠨᠢ ᠬᠡᠦᠬᠡᠳ᠎ᠤᠨ ᠪᠣᠳᠣᠯ ᠤᠬᠠᠭ᠋ᠠᠨ᠎ᠳᠤ ᠪᠠᠶ᠋ᠢᠩᠭᠤ ᠨᠡᠪᠴᠢᠨ᠎ᠡ᠃ ᠠ᠋ᠶ᠋ᠢᠮᠦ ᠤᠴᠢᠷ᠎ᠠᠴᠠ ᠥᠰᠬᠦ ᠬᠡᠦᠬᠡᠳ᠎ᠤᠨ ᠤᠭᠤᠷᠠᠭ ᠲᠠᠷᠢᠬᠢᠨ᠎ᠳᠤ ᠰᠡᠪ ᠣᠷᠣᠭᠤᠯᠬᠤ ᠵᠢ ᠲᠠᠰᠤ ᠴᠡᠭᠡᠷᠯᠡᠬᠦ ᠬᠡᠷᠡᠭ᠎ᠲᠠᠢ ᠶᠤᠮ᠃ ᠬᠡᠦᠬᠡᠳ᠎ᠤᠨ ᠰᠡᠳᠬᠢᠯ᠎ᠤᠨ ᠲᠠᠭᠤᠨ᠎ᠢ ᠬᠡᠵᠢᠶ᠎ᠡ ᠥᠷᠭᠦᠯᠵᠢ ᠰᠣᠨᠣᠰᠴᠦ᠂ ᠰᠡᠳᠬᠢᠯ᠎ᠤᠨ ᠬᠦᠳᠡᠯᠭᠡᠭᠡᠨ᠎ᠢ᠎ᠨᠢ ᠪᠠᠶ᠋ᠢᠩᠭᠤ ᠣᠶ᠋ᠢᠯᠠᠭ᠋ᠠᠵᠦ᠂ ᠬᠡᠦᠬᠡᠳ᠎ᠤᠨ ᠪᠠᠶ᠋ᠢᠳᠠᠯ᠎ᠳᠤ ᠵᠤᠬᠢᠴᠠᠭᠰᠠᠨ ᠤᠷ᠎ᠠ ᠲᠡᠮ᠎ᠢ ᠰᠡᠳᠦᠵᠦ᠂ ᠰᠣᠷᠭ᠋ᠠᠨ ᠭᠦᠮᠦᠵᠢᠭᠦᠯᠬᠦ ᠠᠷᠭ᠎ᠠ ᠪᠠᠷᠢᠯ᠎ᠢ ᠠᠮᠢᠳᠣᠯᠢᠭ ᠪᠠᠶ᠋ᠢᠯᠭ᠋ᠠᠬᠤ ᠴᠢᠬᠤᠯᠠ᠎ᠲᠠᠢ᠃ ᠠ᠋ᠶ᠋ᠢᠮᠦ᠎ᠠᠴᠠ ᠭᠡᠷ ᠪᠥᠯᠢ ᠵᠢᠨ ᠪᠥᠳᠦᠴᠡ ᠵᠢ ᠪᠠᠬᠢᠵᠢᠭᠦᠯᠵᠦ ᠭᠡᠷ ᠪᠥᠯᠢ ᠵᠢᠨ ᠬᠠᠷᠢᠴᠠᠭ᠎ᠠ ᠵᠢ ᠰᠠᠶ᠋ᠢᠵᠢᠷᠠᠭᠤᠯᠵᠦ᠂ ᠭᠡᠷ ᠪᠥᠯᠢ ᠵᠢᠨ ᠲᠤᠳᠦᠭ᠋ᠠᠳᠦ ᠵᠢᠨ ᠬᠠᠮᠢᠶᠠᠷᠣᠯᠳᠠ ᠵᠢ ᠴᠢᠩᠭ᠋ᠠᠳᠬᠠᠬᠤ᠎ᠨᠢ ᠭᠠᠵᠠᠷ ᠲᠡᠭᠡᠷ᠎ᠡ ᠭᠠᠭᠴᠠ ᠬᠤᠶᠠᠷ ᠬᠡᠦᠬᠡᠳ ᠵᠶ᠋ᠠᠨ ᠬᠦᠮᠦᠨ᠎ᠤ ᠰᠥᠷᠦᠭ᠎ᠲᠤ ᠬᠦᠮᠦᠨ᠎ᠲᠠᠢ ᠠᠳᠠᠯᠢ ᠶᠠᠪᠣᠭᠤᠯᠬᠤ ᠵᠢᠨ ᠵᠠᠶ᠋ᠢᠯᠠᠰᠢ ᠦᠭᠡᠢ ᠤᠷᠢᠳᠠᠯ ᠨᠥᠬᠦᠴᠡᠯ᠂ ᠵᠠᠪᠠᠯ ᠭᠦᠢ᠍ᠴᠡᠳᠭᠡᠭᠦ ᠠ᠋ᠭᠦᠷᠭᠡ ᠬᠠᠷᠢᠭᠤᠴᠠᠯᠭ᠎ᠠ ᠪᠣᠯᠣᠨ᠎ᠠ᠃ ᠭᠡᠷ᠎ᠲᠤ᠎ᠪᠠᠨ ᠬᠠᠷᠢᠬᠤ ᠲᠣᠷ᠎ᠠ ᠦᠭᠡᠢ᠂ ᠭᠡᠷ᠎ᠠᠴᠠ᠎ᠪᠠᠨ ᠤᠷᠭᠤᠨ ᠲᠣᠳᠠᠭ᠋ᠠᠬᠤ᠂ ᠡᠴᠢᠭᠡ ᠠ᠋ᠬᠡ᠎ᠳᠤ᠎ᠪᠠᠨ ᠬᠤᠷᠣᠰᠣᠯ ᠡᠪᠦᠷᠯᠡᠬᠦ᠂ ᠣᠨᠴᠠ ᠵᠠᠷᠢᠮ᠎ᠨᠢ ᠡᠴᠢᠭᠡ ᠠ᠋ᠬᠡ᠎ᠪᠠᠨ ᠠᠯᠠᠵᠦ ᠪᠤᠯᠠᠨ᠎ᠠ ᠭᠡᠬᠦ ᠤᠴᠢᠷ ᠶᠠᠪᠣᠳᠠᠯ᠎ᠤᠳ ᠮᠠᠨ᠎ᠤ ᠲᠤᠭᠤᠷᠢᠨ᠎ᠳᠤ ᠮᠤᠩ ᠦᠭᠡᠢ ᠭᠠᠷᠴᠤ ᠪᠠᠢ᠍ᠢ᠍ᠨ᠎ᠠ᠃ ᠬᠡᠦᠬᠡᠳ ᠪᠣᠯ ᠡᠴᠢᠭᠡ ᠠ᠋ᠬᠡ᠎ᠳᠤ᠎ᠪᠠᠨ ᠬᠠᠶ᠋ᠢᠷᠠᠯᠠᠭᠳᠠᠵᠦ᠂ ᠬᠠᠯᠠᠮᠵᠢᠯᠠᠭᠳᠠᠵᠦ᠂ ᠥᠢ᠍ᠯᠠᠭ᠋ᠠᠭᠳᠠᠭᠰᠠᠨ ᠪᠠᠶ᠋ᠢᠬᠤ ᠬᠡᠷᠡᠭ᠎ᠲᠠᠢ᠃ ᠢᠩᠭᠢᠪᠡᠯ ᠰᠠᠶᠢ ᠬᠡᠦᠬᠡᠳ᠎ᠤᠨ ᠥᠰᠣᠨ ᠪᠣᠶ᠋ᠢᠵᠢᠬᠤ᠎ᠨᠢ ᠠ᠋ᠷᠡᠭᠦᠯ ᠰᠠᠷᠠᠭᠤᠯ ᠪᠠᠶ᠋ᠢᠵᠦ ᠴᠢᠳᠠᠨ᠎ᠠ᠃ ᠬᠠᠶ᠋ᠢᠷ᠎ᠠ ᠪᠣᠯ ᠬᠠᠮᠤᠭ᠎ᠤᠨ ᠠᠷᠢᠭᠤᠨ ᠲᠠᠷᠬᠠᠨ ᠬᠦᠮᠦᠵᠢᠯ ᠶᠤᠮ᠃ ᠯᠦ᠍ ᠰᠢᠶᠦ᠋ᠨ᠄ 《ᠪᠠᠭ᠎ᠠ᠎ᠳᠤ᠎ᠨᠢ ᠬᠦᠮᠦᠨ ᠵᠶ᠋ᠠᠷ ᠥᠵᠡᠬᠦ ᠦᠭᠡᠢ ᠪᠣᠯ ᠲᠣᠮᠤ ᠪᠣᠯᠣᠭ᠋ᠠᠳ ᠬᠦᠮᠦᠨ ᠪᠣᠯᠵᠦ ᠴᠢᠳᠠᠭ᠍ᠤ ᠦᠭᠡᠢ》 ᠭᠡᠵᠦ ᠬᠡᠯᠡᠵᠦ ᠥᠩᠭᠡᠷᠡᠭᠰᠡᠨ ᠪᠢᠯᠡ᠃ ᠣᠯᠠᠨ ᠭᠡᠷ᠎ᠤᠨ ᠠᠬᠠᠮᠠᠳ ᠬᠡᠦᠬᠡᠳ᠎ᠲᠤ᠎ᠪᠠᠨ ᠶᠠᠭᠤᠮ᠎ᠠ ᠰᠣᠷᠭ᠋ᠠᠨ᠎ᠠ ᠭᠡᠵᠦ ᠤᠬᠠᠭ᠋ᠠᠨ ᠦᠭᠡᠢ ᠶᠠᠭ᠋ᠠᠷᠠᠨ᠎ᠠ᠃ ᠬᠡᠦᠬᠡᠳ ᠵᠶ᠋ᠠᠨ ᠪᠣᠰᠣᠳ᠎ᠠᠴᠠ ᠬᠤᠴᠣᠷᠣᠯ᠎ᠠ ᠭᠡᠵᠦ ᠰᠠᠨᠳᠤᠷᠴᠤ ᠪᠠᠴᠢᠮᠳᠠᠨ᠎ᠠ᠃ ᠲᠡᠭᠡᠭᠡᠳ ᠬᠡᠦᠬᠡᠳ᠎ᠤᠨ ᠵᠶ᠋ᠠᠨ ᠠᠶᠠᠨᠳᠠᠭ᠋ᠠᠨ᠎ᠤ ᠠᠮᠠᠷᠠᠬᠤ᠂ ᠲᠤᠭᠯᠠᠬᠤ ᠴᠠᠭ᠎ᠢ ᠠᠯᠪᠠᠳᠠᠯᠭ᠎ᠠ ᠵᠢᠨ ᠬᠢᠴᠢᠶᠡᠯ ᠨᠦᠭᠦᠭᠦ ᠳᠡᠭᠡᠷ᠎ᠠ ᠵᠠᠷᠤᠴᠠᠭᠤᠯᠵᠤ᠂ ᠨᠡᠶ᠋ᠢᠭᠡᠮ᠎ᠢ ᠠᠩᠬᠠᠷᠣᠭᠤᠯᠬᠤ ᠦᠭᠡᠢ᠂ ᠪᠠᠶ᠋ᠢᠭ᠋ᠠᠯᠢ ᠵᠢ ᠰᠣᠨᠢᠷᠬᠠᠭᠤᠯᠬᠤ ᠦᠭᠡᠢ᠂ ᠲᠠᠷᠠ ᠮᠦᠷᠳᠡᠭᠡᠨ ᠰᠣᠷᠬᠤ ᠶᠠᠭᠤᠮ᠎ᠠ᠎ᠨᠢ ᠠᠷᠪᠢᠨ᠂ ᠰᠣᠷᠴᠦ ᠵᠠᠪᠳᠣᠬᠤ ᠦᠭᠡᠢ᠂ ᠰᠢᠩᠭᠡᠭᠡᠵᠦ ᠲᠡᠶ᠋ᠢᠯᠬᠦ ᠦᠭᠡᠢ᠂ ᠮᠠᠷᠭᠡᠵᠢᠯ ᠪᠤᠶᠤ ᠮᠡᠷᠭᠡᠰᠢᠯ᠎ᠤᠨ ᠪᠤᠯᠪᠠᠰᠤᠷᠠᠯ ᠵᠶ᠋ᠠᠷ ᠰᠤᠯᠢᠳᠠᠬ᠃ ᠰᠣᠷᠬᠤ ᠲᠣᠷ᠎ᠠ ᠦᠭᠡᠢ᠂ ᠰᠣᠷᠬᠤ ᠪᠠᠬ᠎ᠠ ᠦᠭᠡᠢ᠂ ᠠᠪᠢᠶᠠᠰ᠎ᠨᠢ ᠢᠯᠡᠷᠡᠬᠦ ᠦᠭᠡᠢ᠂ ᠵᠣᠷᠢᠭ᠎ᠨᠢ ᠬᠥᠪᠴᠢᠯᠡᠭᠳᠡᠬᠦ ᠦᠭᠡᠢ᠂ ᠤᠷᠮ᠎ᠠ ᠠᠯᠳᠠᠷᠠᠵᠦ᠂ ᠤᠷᠤᠭᠤ ᠴᠢᠷᠠᠢ᠍ᠢ᠍ᠯᠠᠬᠤ᠂ ᠬᠢᠳᠡᠯ ᠠᠯᠳᠠᠵᠦ ᠪᠣᠳᠣᠯ᠎ᠨᠢ ᠲᠥᠭᠡᠷᠢᠭᠦ ᠪᠠᠢ᠍ᠢ᠍ᠳᠠᠯ ᠴᠦ᠍ ᠵᠦᠨᠭᠳᠡᠭᠡᠨ ᠪᠠᠢ᠍ᠢ᠍ᠳᠠᠬ᠃ ᠠ᠋ᠨᠡ ᠪᠣᠯ ᠬᠡᠦᠬᠡᠳ᠎ᠤᠨ ᠤᠶᠣᠨ ᠰᠠᠨᠠᠭ᠎ᠠ ᠪᠠ ᠪᠡᠶ᠎ᠡ ᠮᠠᠭ᠍ᠠᠪᠣᠳ᠎ᠢ ᠵᠡᠷᠭᠡ᠎ᠳᠤ᠎ᠨᠢ ᠲᠠᠮᠣᠯᠠᠵᠦ᠂ ᠰᠣᠷᠬᠤ᠎ᠠᠴᠠ᠎ᠨᠢ ᠠ᠋ᠮᠣᠨ᠎ᠡ ᠬᠠᠰᠢᠷᠠᠭ᠎ᠠ ᠪᠣᠯᠭ᠋ᠠᠵᠤ ᠪᠠᠢ᠍ᠢ᠍ᠭ᠎ᠠ ᠶᠠᠪᠤᠳᠠᠯ ᠪᠤᠯᠤᠨ᠎ᠠ᠃ ᠶᠠᠭ᠋ᠠᠬᠢᠯ᠎ᠠ ᠭᠡᠳ ᠬᠡᠦᠬᠡᠳ᠎ᠢ ᠲᠥᠮᠡᠨ ᠭᠠᠵᠠᠷ᠎ᠤᠨ ᠠᠶᠠᠨ᠎ᠤ ᠲᠥᠷᠣᠭᠦᠦ ᠠᠯᠬᠤᠮ ᠲᠡᠭᠡᠷ᠎ᠡ᠎ᠨᠢ ᠢᠯᠠᠭᠳᠠᠭᠤᠯᠵᠦ ᠵᠣᠷᠢᠭ ᠵᠢᠷᠣᠬᠡ ᠵᠢ᠎ᠨᠢ ᠬᠤᠭᠤᠯᠵᠤ ᠪᠣᠯᠬᠤ ᠦᠭᠡᠢ ᠭᠡᠵᠦ ᠪᠢ ᠦᠵᠡᠨ᠎ᠠ᠃ ᠣᠳᠣ ᠵᠢᠨ ᠬᠡᠦᠬᠡᠳ ᠪᠥᠷ ᠰᠡᠴᠡᠨ ᠰᠡᠷᠭᠦᠯᠡᠩ ᠭᠡᠪᠡᠴᠦ ᠰᠡᠴᠡᠨ ᠰᠡᠷᠭᠦᠯᠡᠩ᠂ ᠬᠡᠦᠬᠡᠳ᠎ᠲᠤ ᠮᠡᠳᠡᠯᠭᠡ ᠡᠵᠡᠮᠰᠢᠭᠦᠯᠵᠦ ᠴᠢᠳᠠᠪᠣᠷᠢᠳᠡᠨ ᠪᠣᠯᠭ᠋ᠠᠵᠦ ᠬᠦᠮᠦᠵᠢᠭᠦᠯᠣᠨ᠎ᠡ ᠭᠡᠳᠡᠭ ᠪᠠᠰᠠ ᠴᠦ᠍ ᠦᠯᠡᠮᠵᠢ ᠤᠬᠠᠭ᠋ᠠᠨ ᠱᠠᠭ᠋ᠠᠷᠳᠠᠭᠳᠠᠬᠤ ᠥᠨᠳᠣᠷ ᠱᠠᠭ᠋ᠠᠷᠳᠠᠯᠭ᠎ᠠ᠎ᠲᠠᠢ ᠨᠠᠷᠢᠯᠢᠬ ᠠᠵᠢᠯ ᠪᠣᠯᠣᠨ᠎ᠠ᠃ ᠰᠡᠴᠡᠨ ᠰᠡᠷᠭᠦᠯᠡᠩ ᠭᠡᠤᠭᠡᠳ ᠭᠡᠳᠡᠭ ᠪᠣᠯ ᠥᠶ᠎ᠡ ᠬᠤᠷᠠᠭᠴᠤᠤᠯ᠎ᠤᠨ ᠲᠣᠳᠣᠷ᠎ᠠ᠎ᠪᠠᠨ ᠪᠣᠳᠣᠵᠦ ᠰᠡᠳᠬᠢᠬᠦ᠂ ᠥᠢ᠍ᠯᠠᠭ᠋ᠠᠵᠦ ᠡᠵᠡᠮᠰᠢᠬᠦ᠂ ᠰᠢᠩᠭᠡᠭᠡᠵᠦ ᠲᠣᠩᠭ᠋ᠠᠬᠤ ᠵᠡᠷᠭᠡ ᠣᠯᠠᠨ ᠲᠠᠯ᠎ᠠ᠎ᠪᠠᠷ ᠲᠠᠪᠠᠭᠤᠯᠢᠭ ᠪᠠᠶ᠋ᠢᠬᠤ ᠵᠢ ᠬᠡᠯᠡᠨ᠎ᠡ᠃ ᠰᠡᠴᠡᠨ ᠰᠡᠷᠭᠦᠯᠡᠩ ᠬᠡᠦᠬᠡᠳ᠎ᠲᠤ ᠲᠣᠳᠣᠷᠬᠠᠢ ᠵᠠᠭ᠋ᠠᠭ ᠪᠣᠶᠣ ᠢᠯᠡᠷᠬᠡᠢ ᠨᠣᠳᠠᠯᠠᠯᠳᠠ ᠪᠠᠶ᠋ᠢᠬᠤ ᠦᠭᠡᠢ᠃ ᠤᠴᠢᠷ᠎ᠨᠢ ᠠ᠋ᠭᠡᠬᠡ ᠠᠳᠠᠯᠢ ᠲᠥᠷᠣᠯᠬᠢ ᠠᠪᠢᠶᠠᠰ ᠪᠢᠯᠢᠭ᠎ᠲᠠᠢ ᠬᠡᠦᠬᠡᠳ ᠪᠠᠶ᠋ᠢᠳᠠᠯ᠎ᠠ ᠬᠤᠵᠢᠮ ᠬᠤᠶ᠋ᠢᠰᠢᠬᠢ ᠵᠢᠨ ᠬᠦᠭᠵᠢᠯᠳᠡ᠎ᠨᠢ ᠲᠤᠩ ᠶᠡᠭᠡ ᠵᠦᠷᠢᠶ᠎ᠡ᠎ᠲᠠᠢ ᠪᠠᠢ᠍ᠢ᠍ᠳᠠᠬ᠃ ᠬᠡᠦᠬᠡᠳ ᠪᠣᠯ ᠥᠯᠢᠭᠡᠷ ᠲᠡᠦᠬᠡ ᠰᠣᠨᠣᠰᠬᠤ ᠲᠣᠷ᠎ᠠ᠎ᠲᠠᠢ᠃ ᠰᠠᠶ᠋ᠢᠬᠠᠨ ᠥᠯᠢᠭᠡᠷ ᠵᠶ᠋ᠠᠨ ᠲᠠᠬᠢᠨ ᠲᠠᠪᠳᠠᠨ ᠰᠣᠨᠣᠰᠬᠤ᠎ᠳᠤ ᠥᠢ᠍ᠳᠬᠤ ᠦᠭᠡᠢ᠃ ᠬᠡᠷᠪᠡ ᠴᠢᠮ᠎ᠠ᠎ᠳᠤ ᠶᠠᠷᠢᠭ᠋ᠠᠳ ᠪᠠᠷᠠᠭ᠍ᠤ ᠦᠭᠡᠢ ᠥᠯᠢᠭᠡᠷ ᠲᠡᠦᠬᠡ ᠪᠠᠶ᠋ᠢᠳᠠᠭ ᠪᠤᠯ ᠲᠠᠨ᠎ᠤ ᠬᠡᠦᠬᠡᠳ᠎ᠤᠨ ᠮᠡᠳᠡᠯᠭᠡ ᠪᠠᠭ᠎ᠠ᠎ᠠᠴᠠ᠎ᠪᠠᠨ ᠥᠷᠭᠡᠨ ᠲᠡᠯᠭᠡᠷ ᠪᠠᠶ᠋ᠢᠵᠦ᠂ ᠬᠤᠵᠢᠮ᠎ᠤᠨ ᠬᠢᠨᠢ ᠰᠣᠷᠬᠤ᠂ ᠰᠢᠩᠭᠡᠭᠡᠬᠦ ᠪᠦᠳᠦᠭᠡᠭᠦ᠎ᠳᠤ᠎ᠨᠢ ᠰᠠᠶ᠋ᠢᠨ ᠰᠠᠭᠤᠷᠢ ᠵᠢ ᠲᠠᠯᠪᠢᠬᠤ ᠪᠣᠯᠣᠨ᠎ᠠ᠃ ᠱᠠᠩᠬᠠᠢ ᠬᠤᠳᠠ ᠵᠢᠨ ᠢᠷᠭᠡᠳ᠎ᠤᠨ ᠨᠣᠮ ᠤᠩᠰᠢᠬᠰᠠᠨ ᠲᠤᠭ᠎ᠠ᠎ᠨᠢ ᠪᠦᠭᠦ ᠤᠯᠤᠰ᠎ᠲᠤ ᠣᠷᠣᠶ᠋ᠢᠯᠠᠵᠦ ᠲᠤᠮᠳᠠᠴᠢ᠎ᠪᠠᠷ ᠵᠢᠯ ᠪᠦᠷᠢ᠎ᠳᠤ ᠬᠦᠮᠦᠨ ᠪᠦᠭᠦᠨ 8 ᠲᠡᠪᠳᠡᠷ ᠨᠣᠮ ᠤᠩᠰᠢᠭᠰᠠᠨ ᠪᠠᠶ᠋ᠢᠬᠤ᠎ᠳᠤ᠂ ᠢᠰᠷᠸᠯ᠎ᠳᠤ ᠢᠪᠷᠡᠢ᠍ᠢ᠍ᠴᠤᠳ ᠵᠢᠯ᠎ᠳᠤ ᠭᠦᠮᠦᠨ ᠪᠦᠷᠢ ᠲᠤᠮᠳᠠᠴᠢ᠎ᠪᠠᠷ 64 ᠲᠡᠪᠲᠡᠷ ᠨᠣᠮ ᠤᠩᠰᠢᠳᠠᠭ ᠭᠡᠨ᠎ᠡ᠃ ᠪᠣᠰᠣᠳ ᠤᠯᠣᠰ ᠥᠨᠳᠦᠰᠦᠳᠡᠨ ᠬᠡᠪᠡᠯᠢ᠎ᠳᠤ᠎ᠬᠢ ᠬᠡᠦᠬᠡᠳ᠎ᠤᠨ ᠰᠣᠷᠭ᠋ᠠᠨ ᠬᠦᠮᠦᠵᠢᠯ᠎ᠢ ᠶᠠᠷᠢᠭ᠋ᠠᠳ ᠰᠣᠳᠦᠯᠣᠭ᠋ᠠᠳ ᠨᠢᠭᠡ ᠬᠡᠮᠵᠢᠶᠡᠨ᠎ᠳᠤ ᠬᠦᠷᠦᠭᠰᠡᠨ ᠪᠠᠶ᠋ᠢᠬᠤ᠎ᠳᠤ᠂ ᠮᠠᠨ᠎ᠤ ᠣᠯᠣᠰ ᠠ᠋ᠨᠡ ᠭᠦ᠌ ᠲᠠᠯ᠎ᠠ᠎ᠪᠠᠷ ᠨᠠᠯᠢᠶᠠᠳ ᠬᠤᠴᠤᠷᠤᠨᠭ᠌ᠭᠤᠢ ᠪᠠᠶ᠋ᠢᠨ᠎ᠠ᠃ ᠬᠡᠦᠬᠡᠳ᠎ᠢ ᠬᠥᠯᠡᠮᠵᠢᠨ᠎ᠳᠤ ᠪᠣᠶ᠋ᠢᠵᠢᠭᠤᠯᠵᠦ ᠪᠣᠯᠬᠤ ᠦᠭᠡᠢ᠂ ᠨᠡᠩ ᠴᠦ᠍ ᠰᠢᠩᠭᠡᠯᠢᠭ᠎ᠲᠤ ᠬᠤᠷᠢᠵᠦ ᠪᠣᠯᠬᠤ ᠦᠭᠡᠢ ᠭᠡᠳᠡᠭ ᠶᠣᠰᠣ ᠵᠢ ᠬᠡᠨ ᠴᠦ᠍ ᠪᠥᠷ ᠮᠡᠳᠡᠨ᠎ᠡ᠃ ᠭᠡᠪᠡᠴᠦ ᠪᠣᠳᠠᠲᠠᠢ ᠰᠣᠷᠭ᠋ᠠᠨ ᠬᠦᠮᠦᠵᠢᠯ᠎ᠤᠨ ᠶᠠᠪᠣᠴᠠ᠎ᠳᠤ ᠬᠡᠦᠬᠡᠳ᠎ᠢ ᠰᠢᠩᠭᠡᠯᠢᠭ᠎ᠲᠤ ᠬᠤᠷᠢᠭ᠋ᠠᠳ ᠪᠠᠶ᠋ᠢᠨ᠎ᠠ᠃ ᠠ᠋ᠨᠡ ᠭᠦ᠌ ᠠᠯᠳᠠᠭ᠎ᠠ ᠵᠢ ᠭᠡᠷ᠎ᠤᠨ ᠠᠬᠠᠮᠠᠳᠴᠤᠳ ᠭᠠᠷᠭ᠋ᠠᠵᠦ ᠥᠩᠭᠡᠷᠡᠭᠰᠡᠨ ᠪᠢᠯᠡ᠃ ᠬᠦᠮᠦᠨ ᠪᠣᠯ ᠲᠡᠭᠡᠳᠦ ᠵᠡᠷᠭᠡ ᠵᠢᠨ ᠠᠮᠢᠳᠠᠨ ᠪᠣᠯᠬᠤᠷ ᠮᠥᠨ ᠲᠡᠭᠡᠳᠦ ᠵᠡᠷᠭᠡ ᠵᠢᠨ ᠠᠮᠢᠳᠠᠨ᠎ᠤ ᠱᠠᠭ᠋ᠠᠷᠳᠠᠯᠭ᠎ᠠ᠎ᠪᠠᠷ ᠠᠮᠢᠳᠣᠷᠠᠵᠦ ᠣᠷᠣᠰᠢᠨ᠎ᠠ᠃
      ᠨᠢᠭᠡ ᠤᠯᠣᠰ ᠣᠷᠣᠨ᠎ᠳᠤ ᠪᠥᠬᠦ ᠠᠷᠠᠳ ᠢᠷᠭᠡᠳ᠎ᠤᠨ ᠴᠢᠨᠠᠷ ᠴᠢᠨᠰᠠᠭ᠎ᠠ ᠪᠤᠯ ᠶᠠᠭᠤᠨ᠎ᠠᠴᠠ ᠴᠦ᠍ ᠴᠢᠬᠤᠯᠠ ᠶᠤᠮ᠃ 《ᠶᠠᠭᠤᠮ᠎ᠠ ᠪᠥᠬᠦᠨ᠎ᠳᠤ ᠬᠡᠦᠬᠡᠳ᠎ᠲᠤ ᠨᠠᠶ᠋ᠢᠷ ᠲᠠᠯᠪᠢᠵᠦ ᠠᠯᠢᠪᠠ᠎ᠪᠠᠨ ᠥᠷᠡᠭᠳᠡᠭᠦᠯᠬᠦ᠂ ᠴᠢᠨᠠᠭᠰᠢᠯᠠᠪᠠᠯ ᠥᠪᠡᠷ᠎ᠤᠨ ᠵᠤᠯ ᠵᠢᠷᠭ᠋ᠠᠯ ᠵᠶ᠋ᠠᠨ ᠦᠷᠡᠭᠳᠡᠭᠦᠯᠬᠦ ᠪᠣᠯ ᠡᠴᠢᠭᠡ ᠠ᠋ᠬᠡ᠎ᠠᠴᠠ ᠬᠡᠦᠬᠡᠳ᠎ᠲᠤ᠎ᠪᠠᠨ ᠥᠭᠭᠦᠭᠰᠡᠨ ᠬᠠᠮᠤᠭ᠎ᠤᠨ ᠠᠶᠣᠮᠰᠢᠭ᠎ᠲᠠᠢ ᠪᠡᠯᠡᠭ ᠶᠤᠮ》 ᠭᠡᠵᠦ ᠣᠷᠣᠰ᠎ᠤᠨ ᠮᠠᠺᠸᠯᠢᠶᠠᠨᠽᠦ᠋ᠨ ᠬᠡᠯᠡᠪᠡ᠃ ᠮᠠᠨ᠎ᠤ ᠠᠷᠠᠳ ᠲᠥᠮᠡᠨ ᠴᠦ᠍ 《ᠬᠠᠶ᠋ᠢᠷ᠎ᠠ ᠶᠡᠬᠡᠳᠪᠡᠯ ᠬᠠᠯᠠ ᠪᠣᠯᠣᠨ᠎ᠠ》 ᠭᠡᠵᠦ ᠶᠠᠷᠢᠭ᠋ᠠᠳ ᠪᠠᠶ᠋ᠢᠳᠠᠭ᠃ 《ᠬᠡᠷᠪᠡ ᠮᠠᠨᠣᠰ᠎ᠲᠤ ᠰᠣᠷᠳᠠᠯ ᠬᠦᠮᠦᠵᠢᠯ ᠲᠣᠳᠠᠭᠰᠠᠨ ᠪᠠᠶ᠋ᠢᠪᠠᠯ ᠬᠡᠦᠬᠡᠳ᠎ᠢ ᠬᠦᠮᠦᠵᠢᠭᠦᠯᠬᠦ ᠭᠡᠳᠡᠭ ᠱᠠᠯ ᠲᠡᠮᠡᠢ ᠴᠠᠯᠴᠢᠶ᠎ᠠ ᠪᠣᠯᠣᠨ᠎ᠠ》 ᠭᠡᠰᠡᠨ ᠭᠤᠷᠺᠢ ᠵᠢᠨ ᠥᠭᠡ ᠪᠠᠶ᠋ᠢᠨ ᠲᠠᠬᠢᠨ ᠰᠠᠨᠠᠭ᠋ᠠᠨ᠎ᠳᠤ ᠣᠷᠣᠵᠦ ᠢᠷᠡᠭᠡᠳ ᠪᠠᠶ᠋ᠢᠳᠠᠭ᠃ 《ᠬᠡᠦᠬᠡᠳ᠎ᠤᠨ ᠬᠤᠪᠢ ᠵᠠᠶᠠᠭ᠎ᠠ ᠵᠢ ᠡᠴᠢᠭᠡ ᠠ᠋ᠬᠡ᠎ᠨᠢ ᠲᠣᠭᠳᠠᠭ᠋ᠠᠨ᠎ᠠ》 ᠴᠤ᠌ ᠭᠡᠳᠡᠭ᠃ ᠠ᠋ᠨᠡ ᠪᠣᠯ ᠡᠴᠢᠭᠡ ᠠ᠋ᠬᠡ ᠵᠢᠨ ᠠ᠋ᠭᠦᠷᠭᠡ ᠬᠠᠷᠢᠭᠤᠴᠠᠯᠭ᠎ᠠ ᠲᠣᠶ᠋ᠢᠯ᠎ᠤᠨ ᠬᠦᠨᠳᠦ ᠴᠢᠬᠤᠯᠠ ᠭᠡᠰᠡᠨ᠎ᠢ ᠬᠠᠷᠠᠭᠤᠯᠵᠦ ᠪᠠᠶ᠋ᠢᠨ᠎ᠠ᠃ ᠬᠡᠦᠬᠡᠳ᠎ᠲᠤ ᠠ᠋ᠬᠡ ᠵᠢᠨ ᠬᠢᠨᠢ ᠬᠠᠶ᠋ᠢᠷ᠎ᠠ ᠲᠣᠳᠠᠵᠦ ᠪᠣᠯᠬᠤ ᠦᠭᠡᠢ ᠭᠡᠬᠦ᠎ᠳᠤ ᠡᠴᠢᠭᠡ ᠵᠢᠨ ᠬᠢᠨᠢ ᠬᠠᠯᠠ ᠴᠦ᠍ ᠲᠣᠳᠠᠵᠦ ᠪᠣᠯᠬᠤ ᠦᠭᠡᠢ᠃ ᠬᠠᠶ᠋ᠢᠷ᠎ᠠ᠎ᠨᠢ ᠠᠬᠠᠳᠠᠭᠰᠠᠨ ᠪᠤᠶᠤ ᠬᠠᠯᠠ᠎ᠨᠢ ᠬᠡᠳᠦᠷᠡᠭᠰᠡᠨ ᠵᠢᠱ᠌ᠢᠶ᠎ᠡ ᠪᠣᠳᠠᠳᠦ ᠠᠮᠢᠳᠣᠷᠠᠯ᠎ᠳᠤ ᠵᠦᠨᠭᠳᠡᠭᠡᠨ ᠬᠠᠷᠠᠭᠳᠠᠨ᠎ᠠ᠃ ᠭᠡᠪᠡᠴᠦ ᠬᠡᠦᠬᠡᠳ᠎ᠤᠨ ᠪᠡᠶ᠎ᠡ ᠲᠡᠭᠡᠷ᠎ᠡ ᠲᠠᠯᠪᠢᠬᠤ ᠬᠦᠰᠡᠯ ᠠ᠋ᠷᠡᠮᠡᠯᠵᠡᠯ᠎ᠳᠤ ᠬᠢᠵᠠᠭ᠋ᠠᠷ ᠪᠠᠶ᠋ᠢᠬᠤ ᠦᠭᠡᠢ᠃ ᠭᠡᠳᠡᠯ᠎ᠡ ᠬᠡᠦᠬᠡᠳ ᠪᠤᠯ ᠶᠠᠮᠠᠷ ᠪᠤᠯ ᠶᠠᠮᠠᠷ ᠵᠶ᠋ᠠᠷ ᠵᠶ᠋ᠠᠨ ᠥᠨᠡᠨ ᠪᠣᠳᠠᠳᠠᠢ ᠠᠬᠤᠶ᠋ᠢᠴᠢ᠎ᠪᠠᠷ ᠥᠰᠴᠦ ᠪᠣᠶ᠋ᠢᠵᠢᠨ᠎ᠠ᠂ ᠬᠠᠷᠢᠨ ᠴᠢᠨᠣ ᠬᠦᠰᠡᠯᠡᠩ᠎ᠤᠨ ᠶᠢᠷᠳᠢᠨᠴᠦ ᠵᠢᠨ ᠲᠤᠳᠤᠷ᠎ᠠ ᠬᠦᠮᠦᠵᠢᠵᠦ ᠪᠣᠶ᠋ᠢᠵᠢᠬᠤ ᠪᠢᠰᠢ ᠶᠤᠮ᠃
      ᠰᠣᠶᠣᠯ ᠰᠣᠷᠬᠤ ᠵᠢ ᠠ᠋ᠷᠬᠢᠮᠯᠡᠵᠦ᠂ ᠶᠣᠰᠣ ᠰᠣᠷᠳᠠᠭ᠍ᠤᠨ᠎ᠢ ᠤᠮᠳᠤᠭ᠋ᠠᠶ᠋ᠢᠯᠠᠭ᠍ᠤ ᠥᠵᠡᠭᠳᠡᠯ ᠴᠦ᠍ ᠬᠠᠷᠠᠭᠳᠠᠨ᠎ᠠ᠃ ᠬᠡᠦᠬᠡᠳ᠎ᠢ ᠬᠦᠮᠦᠵᠢᠭᠦᠯᠬᠦ᠎ᠳᠤ ᠪᠡᠶ᠎ᠡ ᠮᠠᠭ᠍ᠠᠪᠣᠳ᠂ ᠶᠣᠰᠣ ᠰᠤᠷᠳᠠᠭ᠍ᠤᠨ᠂ ᠤᠶᠤᠨ ᠣᠬᠠᠭ᠋ᠠᠨ᠂ ᠭᠤᠸ᠎ᠠ ᠰᠠᠢ᠍ᠢ᠍ᠬᠠᠨ᠂ ᠭᠦᠳᠠᠯᠮᠤᠷᠢ ᠠ᠋ᠨᠡ ᠲᠠᠪᠤ ᠵᠢᠨ ᠠᠯᠢ ᠨᠢᠭᠡ ᠵᠢ᠎ᠨᠢ ᠴᠦ᠍ ᠬᠥᠩᠭᠡᠪᠴᠢᠯᠡᠵᠦ ᠪᠣᠯᠬᠤ ᠦᠭᠡᠢ᠂ ᠬᠡᠷᠪᠡ ᠶᠣᠰᠤ ᠰᠣᠷᠳᠠᠭ᠍ᠤᠨ᠎ᠢ ᠠᠩᠬᠠᠷᠬᠤ ᠦᠭᠡᠢ ᠪᠤᠯ ᠠᠶᠣᠯ᠎ᠤᠨ ᠥᠨᠳᠦᠰᠦ ᠵᠢ ᠲᠠᠷᠢᠵᠤ ᠪᠠᠢ᠍ᠢ᠍ᠨ᠎ᠠ ᠭᠡᠰᠡᠨ ᠦᠭᠡ᠃ ᠵᠠᠯᠠᠭᠤ ᠪᠠᠭ᠋ᠠᠴᠣᠳ᠎ᠤᠨ ᠶᠠᠯ᠎ᠠ ᠬᠢᠬᠦ ᠨᠤᠷᠮ᠎ᠠ ᠲᠡᠭᠡᠭᠰᠢᠯᠡᠵᠦ ᠪᠠᠶ᠋ᠢᠨ᠎ᠠ᠃ ᠭᠡᠤᠭᠡᠳ᠎ᠢ ᠬᠡᠳᠦ ᠬᠢᠵᠠᠭ᠋ᠠᠷᠯᠠᠭ᠍ᠤ᠂ ᠭᠡᠳᠤ ᠲᠣᠷ᠎ᠠ᠎ᠪᠠᠷ᠎ᠨᠢ ᠲᠠᠯᠪᠢᠬᠤ ᠵᠡᠷᠭᠡ ᠪᠤᠯ ᠬᠡᠦᠬᠡᠳ ᠪᠠᠭ᠋ᠠᠴᠣᠳ᠎ᠤᠨ ᠪᠡᠶ᠎ᠡ ᠰᠡᠳᠬᠢᠴᠡ ᠵᠢᠨ ᠠ᠋ᠷᠡᠭᠦᠯ ᠰᠠᠷᠠᠭᠤᠯ ᠪᠣᠶ᠋ᠢᠵᠢᠬᠤ ᠵᠢ ᠬᠠᠷᠰᠢᠯᠠᠭ᠍ᠤ ᠬᠤᠣᠷ᠎ᠤᠨ ᠥᠨᠳᠦᠰᠦ ᠪᠤᠯᠤᠨ᠎ᠠ᠃ ᠶᠠᠮᠠᠷᠪᠠ ᠶᠠᠭᠤᠮ᠎ᠠ ᠬᠡᠮᠵᠢᠶ᠎ᠡ ᠬᠢᠵᠠᠭ᠋ᠠᠷ ᠦᠭᠡᠢ ᠪᠠᠶ᠋ᠢᠵᠦ ᠪᠤᠯᠬᠤ ᠦᠭᠡᠢ᠂ ᠲᠠᠯᠠ ᠬᠦᠷᠦᠭᠰᠡᠨ ᠴᠦ᠍ ᠲᠠᠷᠣᠯᠭ᠎ᠠ᠎ᠲᠠᠢ ᠪᠠᠶ᠋ᠢᠳᠠᠭ᠃ ᠰᠣᠷᠭ᠋ᠠᠨ ᠬᠦᠮᠦᠵᠢᠯ ᠪᠣᠯ ᠲᠣᠶ᠋ᠢᠯ᠎ᠤᠨ ᠨᠠᠷᠢᠯᠢᠬ ᠪᠥᠭᠡᠳ ᠲᠠᠭ᠋ᠠᠭ᠋ᠠᠴᠠ᠎ᠲᠠᠢ ᠪᠠᠶ᠋ᠢᠬᠤ ᠵᠢ ᠪᠠᠶ᠋ᠢᠩᠭᠤ ᠱᠠᠭ᠋ᠠᠷᠳᠠᠳᠠᠭ ᠣᠨᠴᠠᠭ᠋ᠠᠢ ᠠᠵᠢᠯ ᠲᠥᠷᠣᠯ ᠮᠦᠨ᠃ ᠪᠣᠳᠣᠯ ᠰᠠᠨᠠᠭ᠎ᠠ ᠪᠤᠯ ᠨᠢᠳᠦᠨ᠎ᠳᠤ ᠥᠵᠡᠭᠳᠡᠵᠦ ᠭᠠᠷ᠎ᠲᠤ ᠪᠠᠷᠢᠭᠳᠠᠭ᠍ᠣ ᠶᠠᠭᠤᠮ᠎ᠠ ᠪᠢᠰᠢ᠃ ᠬᠦᠮᠦᠨ᠎ᠤ ᠪᠡᠶ᠎ᠡ ᠰᠡᠳᠬᠢᠴᠡ ᠵᠢ ᠵᠠᠰᠠᠵᠦ ᠵᠠᠯᠠᠨ᠎ᠠ ᠭᠡᠳᠡᠭ ᠪᠤᠯ ᠮᠠᠰᠢ ᠨᠠᠷᠢᠯᠢᠬ ᠬᠥᠳᠡᠯᠮᠣᠷᠢ ᠵᠢ ᠱᠠᠭ᠋ᠠᠷᠳᠠᠬᠤ ᠶᠤᠮ᠃
      ᠬᠤᠶᠠᠷ᠂ ᠪᠠᠭᠰᠢ
      ᠭᠡᠤᠭᠡᠳ᠎ᠢ ᠶᠠᠭ᠋ᠠᠬᠢᠵᠤ ᠭᠦᠮᠦᠵᠢᠭᠦᠯᠭᠦ ᠪᠤᠢ? ᠬᠡᠦᠬᠡᠳ᠎ᠲᠤ ᠶᠠᠭ᠋ᠠᠬᠢᠵᠦ ᠠ᠋ᠷᠳᠡᠮ ᠮᠡᠳᠡᠯᠭᠡ ᠡᠵᠡᠮᠰᠢᠭᠦᠯᠬᠦ ᠪᠣᠢ ᠭᠡᠳᠡᠭ ᠪᠣᠯ ᠪᠠᠭᠰᠢ ᠨᠠᠷ᠎ᠤᠨ ᠪᠠᠶ᠋ᠢᠩᠭᠤ ᠰᠣᠳᠣᠯᠬᠤ ᠰᠡᠳᠦᠪ ᠪᠠᠢ᠍ᠢ᠍ᠭ᠎ᠠ᠃ ᠭᠡᠭᠦ᠎ᠳᠤ᠎ᠪᠠᠨ ᠭᠡᠷ᠎ᠤᠨ ᠠᠬᠠᠮᠠᠳ᠎ᠨᠢ ᠭᠡᠤᠭᠡᠳ᠎ᠢ ᠰᠤᠷᠭ᠋ᠠᠨ ᠭᠦᠮᠦᠵᠢᠭᠦᠯᠭᠦ ᠠ᠋ᠭᠦᠷᠭᠡ ᠵᠢ ᠪᠦᠭᠦᠨ᠎ᠢ ᠪᠠᠭᠰᠢ᠎ᠳᠤ ᠨᠠᠶ᠋ᠢᠳᠠᠭ᠋ᠠᠳ ᠪᠣᠯᠬᠤ ᠦᠭᠡᠢ᠃ ᠬᠠᠷᠢᠨ ᠪᠠᠭᠰᠢ ᠨᠠᠷ᠎ᠲᠠᠢ ᠥᠷᠭᠦᠯᠵᠢ ᠬᠠᠷᠢᠴᠠᠵᠦ᠂ ᠭᠡᠷ ᠪᠥᠯᠢ ᠵᠢᠨ ᠪᠠᠶ᠋ᠢᠳᠠᠯ᠂ ᠬᠡᠦᠬᠡᠳ᠎ᠤᠨ ᠪᠣᠳᠣᠯ ᠰᠠᠨᠠᠭ᠎ᠠ᠂ ᠥᠢ᠍ᠯᠡ ᠠᠵᠢᠯᠯᠠᠭ᠋ᠠᠨ᠎ᠤ ᠲᠤᠬᠠᠢ ᠶᠠᠷᠢᠯᠴᠠᠨ ᠵᠥᠪᠳᠡᠯᠴᠡᠬᠦ᠎ᠨᠢ ᠮᠠᠰᠢ ᠴᠢᠬᠤᠯᠠ ᠪᠠᠶ᠋ᠢᠳᠠᠭ᠃ ᠬᠡᠦᠬᠡᠳ᠎ᠲᠤ ᠲᠠᠪᠠᠭᠤᠯᠢᠭ ᠲᠠᠯ᠎ᠠ ᠠᠷᠪᠢᠨ ᠪᠠᠶ᠋ᠢᠨ᠎ᠠ ᠭᠡᠬᠦ᠎ᠳᠤ ᠪᠠᠭᠤᠷᠠᠢ ᠲᠠᠯ᠎ᠠ ᠴᠦ᠍ ᠴᠦᠭᠡᠨ ᠪᠠᠶ᠋ᠢᠨ᠎ᠠ᠃ ᠬᠠᠶ᠋ᠢᠷ᠎ᠠ᠎ᠨᠢ ᠠᠬᠠᠳᠠᠬᠤ᠂ ᠬᠠᠢ᠍ᠢ᠍ᠷ᠎ᠠ᠎ᠨᠢ ᠪᠠᠭ᠋ᠠᠳᠠᠬᠤ ᠪᠦᠷ ᠲᠠᠭ᠋ᠠᠷᠠᠬᠤ ᠦᠭᠡᠢ᠃ ᠨᠥᠭᠦᠭᠡ ᠲᠠᠯ᠎ᠠ᠎ᠪᠠᠷ ᠨᠡᠶ᠋ᠢᠭᠡᠮ᠎ᠤᠨ ᠠᠭᠤᠷ ᠠᠮᠢᠰᠬᠤᠯ᠂ ᠵᠢᠱ᠌ᠢᠶᠡᠯᠡᠪᠡᠯ᠂ ᠰᠦᠯᠵᠢᠶᠡᠨ ᠨᠠᠭ᠋ᠠᠳᠤᠮ᠂ ᠸᠢᠴᠠᠲ᠎ᠲᠤ ᠰᠢᠨᠣᠬᠤ ᠮᠡᠳᠦ ᠵᠢᠨ ᠵᠥᠢ᠍ᠯ ᠬᠡᠦᠬᠡᠳ᠎ᠤᠨ ᠬᠠᠷᠠᠭ᠋ᠠᠨ᠎ᠳᠤ ᠦᠷᠳᠡᠵᠦ ᠨᠢᠯᠬ᠎ᠠ ᠪᠠᠯᠴᠢᠷ ᠪᠡᠶ᠎ᠡ ᠰᠡᠳᠬᠢᠯ᠎ᠢ᠎ᠨᠢ ᠪᠣᠷᠣᠭᠤ ᠲᠠᠢ᠍ᠢ᠍ᠰᠢ ᠬᠥᠳᠦᠯᠵᠦ ᠪᠠᠶ᠋ᠢᠨ᠎ᠠ᠃ ᠠ᠋ᠳᠡᠭᠡᠷ᠎ᠨᠢ ᠪᠠᠭᠰᠢ ᠨᠠᠷ᠎ᠤᠨ ᠵᠢᠭ᠋ᠠᠨ ᠵᠢᠯᠤᠭᠤᠳᠬᠤ᠎ᠳᠤ ᠬᠠᠷᠰᠢ ᠰᠠᠭ᠋ᠠᠳ ᠤᠴᠠᠷᠠᠭᠤᠯᠵᠦ᠂ ᠪᠠᠭᠰᠢ ᠨᠠᠷ᠎ᠤᠨ ᠠ᠋ᠭᠦᠷᠭᠡ ᠲᠠᠷᠣᠭ᠋ᠠᠰᠣ ᠵᠢ ᠬᠥᠨᠳᠦᠷᠡᠭᠦᠯᠵᠦ ᠪᠠᠶ᠋ᠢᠨ᠎ᠠ᠃ ᠬᠡᠦᠬᠡᠳ ᠪᠣᠯ ᠶᠠᠮᠠᠷ ᠴᠦ᠍ ᠶᠠᠭᠤᠮᠠᠨ᠎ᠳᠤ ᠰᠣᠨᠢᠭᠤᠴᠢ ᠪᠠᠢ᠍ᠢ᠍ᠳᠠᠬ᠃ ᠭᠡᠭᠦ᠎ᠳᠤ᠎ᠪᠠᠨ ᠪᠠᠭᠰᠢ ᠵᠢᠨ ᠦᠭᠡ ᠶᠠᠷᠢᠶ᠎ᠠ᠂ ᠥᠢ᠍ᠯᠡ ᠠᠵᠢᠯᠯᠠᠭ᠎ᠠ᠎ᠨᠢ ᠰᠣᠷᠣᠭᠴᠢ᠎ᠳᠤ ᠨᠠᠰᠣᠨ ᠲᠣᠷᠰᠢ᠎ᠳᠤ᠎ᠪᠠᠨ ᠮᠠᠷᠳᠠᠭᠳᠠᠰᠢ ᠦᠭᠡᠢ ᠰᠠᠶ᠋ᠢᠬᠠᠨ ᠠ᠋ᠷᠬᠢᠴᠡᠭᠦᠯᠣᠯ ᠪᠣᠶᠣ ᠪᠠᠭ᠍ᠠᠷᠣᠯ ᠲᠣᠷᠠᠰᠣᠮᠵᠢ ᠪᠣᠯᠵᠦ᠂ ᠠᠬᠤᠢ ᠠᠮᠢᠳᠣᠷᠠᠯ᠎ᠳᠤ᠎ᠨᠢ ᠣᠷ᠎ᠠ ᠤᠬᠠᠭ᠋ᠠᠨ ᠰᠡᠯᠪᠢᠵᠦ᠂ ᠠᠵᠢᠯ ᠥᠢ᠍ᠯᠡᠰ᠎ᠲᠤ᠎ᠨᠢ ᠵᠢᠯᠤᠭᠤᠳᠣᠮᠵᠢ ᠪᠣᠯᠳᠠᠭ᠃ ᠰᠣᠷᠣᠭᠴᠢ ᠵᠢᠨ ᠬᠤᠪᠢ᠎ᠳᠤ ᠪᠠᠭᠰᠢ ᠵᠢ ᠪᠢᠰᠢᠷᠡᠬᠦ ᠲᠠᠯ᠎ᠠ ᠪᠠᠶ᠋ᠢᠬᠤ ᠮᠦᠷᠳᠡᠭᠡᠨ ᠦᠵᠡᠨ ᠶᠠᠳᠠᠭ᠍ᠤ ᠵᠦᠢ᠍ᠯ ᠴᠦ᠍ ᠪᠠᠢ᠍ᠢ᠍ᠳᠠᠬ᠃ ᠦᠭᠡᠷ᠎ᠠ᠎ᠪᠠᠷ ᠭᠡᠯᠡᠪᠡᠯ᠂ ᠰᠣᠷᠣᠭᠴᠢ᠎ᠳᠤ ᠥᠭᠬᠦ ᠪᠠᠭᠰᠢ ᠬᠦᠮᠦᠨ᠎ᠤ ᠨᠥᠯᠤᠭᠡ᠎ᠨᠢ ᠮᠠᠰᠢ ᠭᠦᠨ ᠬᠦᠨᠵᠡᠭᠡᠢ ᠪᠠᠶ᠋ᠢᠳᠠᠭ᠃ ᠪᠠᠭᠰᠢ ᠵᠢᠨ ᠠᠵᠢᠯ ᠥᠢ᠍ᠯᠡᠰ ᠪᠣᠯ ᠰᠤᠷᠤᠭᠴᠢ ᠵᠢ ᠢᠷᠡᠭᠡᠳᠦᠢ ᠵᠢᠨ ᠴᠢᠳᠠᠪᠣᠷᠢᠳᠠᠨ ᠪᠤᠯᠬᠤ᠎ᠳᠤ᠎ᠨᠢ ᠪᠠᠳᠦ ᠪᠠᠬᠢ ᠰᠠᠭᠤᠷᠢ ᠵᠢ ᠲᠠᠯᠪᠢᠵᠦ ᠪᠠᠢ᠍ᠢ᠍ᠬᠤ ᠠᠵᠢᠯ ᠪᠤᠯᠤᠨ᠎ᠠ᠃ ᠭᠡᠷ᠎ᠤᠨ ᠠᠬᠠᠮᠠᠳ᠂ ᠬᠡᠨ ᠴᠦ᠍ ᠪᠣᠯᠤᠭ ᠪᠠᠭᠰᠢ ᠬᠦᠮᠦᠨ᠎ᠤ ᠠᠵᠢᠯ ᠥᠢ᠍ᠯᠡᠰ᠎ᠤᠨ ᠬᠦᠨᠳᠦ ᠴᠢᠬᠤᠯᠠ ᠴᠢᠨᠠᠷ᠎ᠢ ᠥᠢ᠍ᠯᠠᠭ᠋ᠠᠬᠤ ᠬᠡᠷᠡᠭᠲᠠᠢ᠃ ᠨᠢᠭᠡᠨ ᠪᠠᠭᠰᠢ ᠵᠢᠨ ᠰᠢᠯᠢᠳᠡᠭ ᠠ᠋ᠰᠠᠭᠦ ᠵᠢ ᠰᠣᠷᠣᠭᠴᠢᠳ᠎ᠤᠨ ᠥᠨᠡᠯᠡᠯ ᠬᠦᠨᠳᠦᠳᠬᠡᠯ᠎ᠠᠴᠠ ᠢᠯᠠᠳᠳᠠ ᠥᠵᠡᠨ ᠭᠠᠷᠴᠤ ᠪᠤᠯᠤᠨ᠎ᠠ᠃ ᠰᠣᠷᠭ᠋ᠠᠨ ᠬᠦᠮᠦᠵᠢᠯ᠎ᠤᠨ ᠰᠢᠳᠢ᠎ᠨᠢ ᠬᠠᠶ᠋ᠢᠷ᠎ᠠ᠎ᠳᠤ ᠪᠠᠶ᠋ᠢᠵᠦ᠂ ᠰᠣᠷᠭ᠋ᠠᠨ ᠬᠦᠮᠦᠵᠢᠯ᠎ᠤᠨ ᠤᠷᠠᠯᠢᠭ᠎ᠨᠢ ᠵᠦᠪᠭᠡᠨ ᠮᠠᠳᠠᠯᠭᠡ ᠵᠢ ᠤᠯᠠᠮᠵᠢᠯᠠᠭ᠍ᠣ᠎ᠳᠤ ᠯᠠ ᠪᠠᠶ᠋ᠢᠬᠤ ᠪᠢᠰᠢ᠂ ᠬᠠᠷᠢᠨ ᠤᠷᠮᠠᠰᠢᠭᠤᠯᠬᠤ᠂ ᠰᠡᠬᠡᠬᠡᠷᠡᠭᠦᠯᠬᠦ᠂ ᠵᠣᠷᠢᠬ᠍ᠵᠢᠭᠤᠯᠬᠤ᠎ᠳᠤ ᠪᠠᠶ᠋ᠢᠨ᠎ᠠ ᠭᠡᠵᠦ ᠵᠠᠷᠢᠮ ᠬᠦᠮᠦᠨ ᠦᠵᠡᠳᠡᠭ᠃ ᠪᠠᠭᠰᠢ ᠬᠦᠮᠦᠨ ᠰᠣᠷᠣᠭᠴᠢ᠎ᠪᠠᠨ ᠬᠠᠶ᠋ᠢᠷᠠᠯᠠᠭ᠍ᠤ ᠵᠢᠨ ᠬᠦᠴᠦᠨ᠎ᠳᠤ ᠰᠣᠷᠭ᠋ᠠᠨ ᠬᠦᠮᠦᠵᠢᠯ᠎ᠤᠨ ᠰᠢᠳᠢ᠎ᠨᠢ ᠭᠠᠷᠳᠠᠭ᠃ ᠤᠨᠳᠣᠷᠣᠭᠰᠠᠨ ᠬᠠᠶ᠋ᠢᠷ᠎ᠠ ᠵᠢᠨ ᠬᠦᠴᠦᠨ᠎ᠳᠤ ᠪᠠᠭᠰᠢ ᠬᠦᠮᠦᠨ ᠠᠯᠢᠪᠠ ᠠ᠋ᠷᠳᠡᠮ ᠮᠡᠳᠡᠯᠭᠡ᠎ᠪᠠᠨ ᠰᠣᠷᠣᠭᠴᠢ᠎ᠳᠤ᠎ᠪᠠᠨ ᠬᠠᠷᠠᠮ ᠦᠭᠡᠢ ᠶᠡᠭᠦᠯᠡᠵᠦ᠂ ᠥᠭᠡ ᠲᠠᠭᠤ ᠦᠭᠡᠢ᠂ ᠥᠨᠡᠷᠬᠡᠵᠦ ᠭᠠᠪᠢᠶᠠᠷᠬᠠᠬᠤ ᠦᠭᠡᠢ ᠥᠬᠦᠨ ᠵᠢᠳᠬᠦᠳᠡᠭ᠃ ᠪᠠᠭᠰᠢ ᠬᠦᠮᠦᠨ᠎ᠤ ᠠᠵᠢᠯ ᠠ᠋ᠭᠦᠷᠭᠡ ᠬᠦᠨᠳᠦ᠂ ᠬᠠᠷᠢᠭᠤᠴᠠᠯᠭ᠎ᠠ ᠴᠢᠩᠭ᠎ᠠ ᠤᠴᠢᠷ᠎ᠠᠴᠠ ᠠᠷᠠᠳ ᠲᠥᠮᠡᠨ᠎ᠳᠤ᠎ᠪᠠᠨ᠂ ᠠ᠋ᠬᠡ ᠣᠷᠣᠨ᠎ᠳᠤ᠎ᠪᠠᠨ ᠣᠰᠣᠯᠳᠣᠬᠤ ᠦᠭᠡᠢ ᠪᠠᠶ᠋ᠢᠬᠤ ᠵᠢ ᠬᠢᠴᠢᠶᠡᠳᠡᠭ᠃ ᠬᠡᠳᠡᠯ᠎ᠡ ᠪᠠᠭᠰᠢ ᠬᠦᠮᠦᠨ᠎ᠤ ᠪᠠᠭ᠎ᠠ ᠯᠠ ᠠᠩᠬᠠᠷᠣᠮᠵᠢ ᠦᠭᠡᠢ᠎ᠠᠴᠠ ᠪᠣᠯᠵᠦ ᠶᠠᠷᠢᠭᠰᠠᠨ ᠥᠭᠡ ᠶᠠᠷᠢᠶ᠎ᠠ᠂ ᠥᠢ᠍ᠯᠡ ᠠᠵᠢᠯᠯᠠᠭ᠎ᠠ᠎ᠨᠢ ᠵᠠᠷᠢᠮ ᠬᠡᠦᠬᠡᠳ᠎ᠤᠨ ᠨᠢᠭᠡ ᠨᠠᠰᠣ ᠵᠢ ᠦᠭᠡᠶ ᠬᠢᠭᠦ ᠪᠣᠯᠣᠮᠵᠢ ᠶᠡᠭᠡ ᠪᠠᠶ᠋ᠢᠳᠠᠭ᠃ ᠨᠢᠭᠡ ᠬᠤᠶᠠᠷ ᠤᠴᠢᠷ ᠵᠶ᠋ᠠᠷ ᠨᠢᠭᠡ ᠬᠡᠦᠬᠡᠳ᠎ᠤᠨ ᠢᠷᠡᠭᠡᠳᠦᠢ ᠵᠢ ᠲᠣᠭᠳᠠᠭ᠋ᠠᠬᠤ ᠪᠣᠶᠣ ᠮᠠᠭᠤ ᠮᠠᠭᠤᠬᠠᠢ ᠳ᠋ᠦᠩᠨᠡᠯᠳᠡ ᠭᠠᠷᠭ᠋ᠠᠵᠦ ᠪᠣᠯᠬᠤ ᠦᠭᠡᠢ᠃ ᠪᠠᠭᠰᠢ ᠵᠢᠨ ᠥᠭᠡ ᠶᠠᠷᠢᠶᠠᠨ᠎ᠤ ᠰᠣᠷᠣᠭᠴᠢ ᠵᠢ ᠨᠦᠯᠦᠭᠡᠯᠡᠬᠦ ᠢᠳᠡ ᠬᠦᠴᠦ ᠵᠢ ᠪᠢᠳᠡ ᠪᠥᠬᠦᠨ ᠥᠢ᠍ᠯᠠᠭ᠋ᠠᠨ᠎ᠠ᠃ ᠵᠣᠷᠢᠯᠭ᠎ᠠ᠎ᠲᠠᠢ ᠬᠡᠯᠡᠭᠰᠡᠨ ᠤᠳᠬ᠎ᠠ᠎ᠲᠠᠢ ᠥᠭᠡ᠎ᠨᠢ ᠰᠣᠷᠣᠭᠴᠢ᠎ᠳᠤ ᠲᠣᠶ᠋ᠢᠯ᠎ᠤᠨ ᠶᠡᠭᠡ ᠵᠤᠷᠢᠬ᠍ᠵᠢᠭᠤᠯᠤᠯ ᠪᠤᠯᠳᠠᠬ᠃ ᠠᠮᠧᠷᠢᠺᠠ ᠵᠢᠨ ᠨᠢᠭᠡ ᠪᠠᠭ᠎ᠠ ᠰᠣᠷᠭ᠋ᠠᠭᠤᠯᠢ ᠵᠢᠨ ᠵᠠᠬᠢᠷᠣᠯ ᠨᠢᠭᠡ ᠠᠯᠢᠶ᠎ᠠ ᠬᠡᠦᠬᠡᠳ᠎ᠲᠤ᠄ 《ᠪᠢ ᠴᠢᠨᠣ ᠨᠢᠳᠦᠨ᠎ᠠᠴᠠ ᠣᠯᠵᠦ ᠮᠡᠳᠡᠯ᠎ᠡ᠃ ᠴᠢ ᠪᠣᠯ ᠵᠧᠦ ᠵᠢᠨ ᠲᠠᠷᠤᠭ᠎ᠠ ᠪᠣᠯᠬᠤ ᠬᠦᠮᠦᠨ》 ᠭᠡᠵᠦ ᠬᠡᠯᠡᠵᠠᠢ᠃ ᠠ᠋ᠨᠡ ᠰᠣᠷᠣᠭᠴᠢ᠎ᠨᠢ 52 ᠨᠠᠰᠣᠨ ᠲᠡᠭᠡᠷ᠎ᠡ᠎ᠪᠠᠨ ᠨᠢᠦ᠋ ᠶᠤᠷᠺ ᠵᠧᠦ ᠵᠢᠨ ᠲᠠᠷᠤᠭ᠎ᠠ ᠪᠣᠯᠣᠭᠰᠠᠨ ᠪᠠᠶ᠋ᠢᠨ᠎ᠠ᠃ ᠰᠣᠷᠪᠣᠯᠵᠢᠯᠠᠭᠴᠢ ᠲᠠᠷᠠᠭᠦ ᠵᠠᠬᠢᠷᠤᠯ᠎ᠠᠴᠠ᠄ 《ᠲᠠ ᠴᠢᠨᠢ ᠵᠦᠨᠭᠴᠢ ᠪᠠᠶ᠋ᠢᠨ᠎ᠠ᠃ ᠶᠠᠭ᠋ᠠᠬᠢᠵᠤ ᠲᠡᠭᠦᠨ᠎ᠤ ᠨᠢᠦ᠋ ᠶᠤᠷᠺ ᠵᠸᠤ ᠵᠢᠨ ᠲᠠᠷᠤᠭ᠎ᠠ ᠪᠣᠯᠬᠤ ᠵᠢ ᠮᠡᠳᠡᠭᠰᠡᠨ ᠪᠣᠢ?》 ᠭᠡᠭᠦ᠎ᠳᠤ᠄ 《ᠪᠢ ᠵᠦᠨᠭᠴᠢ ᠪᠢᠰᠢ᠂ ᠬᠡᠦᠬᠡᠳ ᠶᠠᠮᠠᠷ ᠴᠦ᠍ ᠪᠣᠯᠤᠭ᠂ ᠪᠢ ᠲᠣᠬᠠᠢ ᠵᠢᠨ ᠵᠢᠯ᠎ᠤᠳ᠎ᠲᠤ ᠲᠡᠳᠡᠭᠡᠷ ᠬᠡᠦᠬᠡᠳ᠎ᠲᠤ ᠣᠨᠴᠠᠭ᠋ᠠᠢ ᠬᠠᠶ᠋ᠢᠷ᠎ᠠ᠎ᠲᠠᠢ ᠪᠠᠶ᠋ᠢᠭᠰᠠᠨ᠎ᠠᠴᠠ ᠪᠣᠯᠣᠭᠰᠠᠨ ᠶᠤᠮ》 ᠭᠡᠵᠠᠢ᠃ ᠠ᠋ᠨᠡ ᠪᠣᠯ ᠢᠪᠢᠯᠦᠭᠰᠡᠨ ᠬᠠᠶ᠋ᠢᠷ᠎ᠠ ᠵᠢᠨ ᠬᠦᠴᠦᠨ᠂ ᠮᠥᠨ ᠴᠦ᠍ ᠬᠡᠦᠬᠡᠳ᠎ᠢ ᠬᠦᠮᠦᠵᠢᠭᠦᠯᠬᠦ ᠣᠨᠴᠠᠭ᠋ᠠᠢ ᠣᠷ᠎ᠠ ᠲᠡᠮ ᠪᠣᠯᠬᠤ ᠶᠤᠮ᠃ 《ᠬᠡᠦᠬᠡᠳ ᠮᠠᠭᠳᠠᠭ᠋ᠠᠯ ᠵᠶ᠋ᠠᠷ ᠬᠦᠮᠦᠵᠢᠭᠳᠡᠨ᠎ᠡ》 ᠭᠡᠵᠦ ᠮᠠᠨ᠎ᠤ ᠠᠷᠠᠳ ᠲᠥᠮᠡᠨ ᠰᠠᠴᠠᠯᠡᠭᠰᠡᠨ ᠪᠠᠢ᠍ᠢ᠍ᠳᠠᠬ᠃ ᠭᠡᠷ᠎ᠤᠨ ᠠᠬᠠᠮᠠᠳ᠎ᠤᠨ ᠴᠥᠬᠦᠷᠡᠰᠢ ᠦᠭᠡᠢ ᠴᠢᠷᠮᠠᠶ᠋ᠢᠯᠭ᠎ᠠ ᠵᠢᠨ ᠲᠣᠣᠷ᠎ᠠ ᠬᠡᠦᠬᠡᠳ᠎ᠤᠳ ᠵᠦᠪ ᠭᠦᠮᠦᠨ ᠪᠤᠯᠵᠤ ᠭᠦᠮᠦᠵᠢᠭᠳᠡᠨ᠎ᠡ᠃ ᠠᠬᠠᠮᠠᠳ ᠺᠡᠷᠸᠲ᠄ 《ᠠᠪᠢᠶᠠᠰ ᠪᠢᠯᠢᠭᠳᠡᠨ᠎ᠢ ᠡᠵᠡᠨ ᠲᠡᠭᠷᠢ᠎ᠠᠴᠠ ᠢᠪᠡᠭᠡᠵᠦ ᠬᠠᠶ᠋ᠢᠷᠠᠯᠠᠭᠰᠠᠨ ᠪᠢᠰᠢ᠂ ᠬᠠᠷᠢᠨ ᠰᠣᠷᠭ᠋ᠠᠨ ᠬᠦᠮᠦᠵᠢᠭᠦᠯᠥᠭᠰᠡᠨ᠎ᠤ ᠥᠷ᠎ᠡ ᠳ᠋ᠦᠩ ᠮᠥᠨ》 ᠭᠡᠵᠦ ᠬᠡᠯᠡᠭᠰᠡᠨ ᠪᠠᠶ᠋ᠢᠳᠠᠭ᠃ ᠪᠠᠭ᠎ᠠ ᠬᠡᠦᠬᠡᠳ᠎ᠤᠨ ᠠᠩᠬᠠᠷᠣᠯ ᠲᠥᠪᠯᠡᠷᠡᠬᠦ ᠴᠠᠭ ᠮᠥᠴᠡ ᠲᠣᠶ᠋ᠢᠯ᠎ᠤᠨ ᠣᠬᠤᠷ ᠪᠠᠶ᠋ᠢᠳᠠᠭ᠃ ᠢᠯᠠᠩᠭᠤᠶ᠎ᠠ ᠲᠣᠷ᠎ᠠ ᠪᠠᠬ᠎ᠠ ᠦᠭᠡᠢ ᠪᠣᠶᠣ ᠠᠯᠪᠠᠳᠠᠯᠭ᠎ᠠ ᠵᠢᠨ ᠴᠢᠨᠠᠷ᠎ᠲᠠᠢ ᠥᠢ᠍ᠯᠡ ᠬᠡᠷᠡᠭ᠎ᠲᠤ ᠲᠣᠮᠣ ᠬᠦᠮᠦᠨ ᠴᠦ᠍ ᠠᠷᠭ᠎ᠠ ᠪᠠᠷᠠᠭᠳᠠᠵᠦ ᠠᠭ᠋ᠠᠰᠢ ᠠᠯᠳᠠᠷᠠᠨ᠎ᠠ᠃ ᠨᠢᠭᠡ ᠵᠥᠢ᠍ᠯ᠎ᠤᠨ ᠶᠠᠭᠤᠮ᠎ᠠ᠎ᠪᠠᠷ ᠤᠳᠠᠭ᠋ᠠᠨ ᠣᠷᠣᠯᠳᠣᠬᠤ᠎ᠨᠢ ᠶᠠᠳᠠᠷᠠᠭ᠎ᠠ᠎ᠲᠠᠢ ᠰᠠᠨᠠᠭᠳᠠᠵᠦ ᠵᠠᠯᠬᠠᠭᠤ ᠬᠦᠷᠭᠡᠳᠡᠭ᠃ ᠣᠯᠠᠩᠬᠢ ᠪᠠᠶ᠋ᠢᠳᠠᠯ ᠲᠣᠣᠷ᠎ᠠ ᠠᠩᠬᠠᠷᠴᠦ ᠬᠢᠴᠢᠶᠡᠬᠦ ᠦᠭᠡᠢ᠎ᠠᠴᠠ ᠪᠣᠯᠵᠦ ᠪᠠᠭᠰᠢ ᠪᠠ ᠭᠡᠷ᠎ᠤᠨ ᠠᠬᠠᠮᠠᠳ᠎ᠠᠴᠠ ᠬᠡᠦᠬᠡᠳ᠎ᠢ ᠱᠠᠭ᠋ᠠᠷᠳᠠᠭ᠍ᠣ᠎ᠨᠢ ᠬᠡᠦᠬᠡᠳ᠎ᠤᠨ ᠪᠣᠳᠠᠳᠦ ᠪᠠᠶ᠋ᠢᠳᠠᠯ᠎ᠠᠴᠠ ᠬᠤᠯᠠ ᠬᠡᠳᠦᠷᠴᠤ᠂ ᠬᠡᠦᠬᠡᠳ᠎ᠤᠨ ᠤᠷᠮ᠎ᠠ ᠵᠣᠷᠢᠭ᠎ᠢ ᠬᠤᠭᠤᠯᠳᠠᠬ᠃ ᠬᠡᠦᠬᠡᠳ᠎ᠤᠨ ᠲᠠᠭ᠋ᠠᠭ᠋ᠠᠴᠠ ᠲᠡᠰᠪᠦᠷᠢ ᠲᠣᠶ᠋ᠢᠯ᠎ᠤᠨ ᠬᠢᠵᠠᠭ᠋ᠠᠷ᠎ᠲᠠᠢ ᠪᠠᠶ᠋ᠢᠳᠠᠭ ᠣᠨᠴᠠᠯᠢᠭ᠎ᠢ ᠥᠢ᠍ᠯᠠᠭ᠋ᠠᠵᠦ ᠠᠩᠬᠠᠷᠬᠤ ᠴᠢᠬᠤᠯᠠ᠎ᠲᠠᠢ ᠶᠤᠮ᠃ ᠬᠡᠦᠬᠡᠳ᠎ᠤᠨ ᠨᠠᠭ᠋ᠠᠳᠬᠤ᠂ ᠲᠠᠮᠢᠷ᠎ᠤᠨ ᠬᠦᠳᠡᠯᠭᠡᠭᠡᠨ ᠬᠢᠬᠦ᠂ ᠲᠠᠰᠬᠠᠯ ᠬᠢᠬᠦ᠂ ᠠᠮᠠᠷᠠᠬᠤ ᠴᠠᠭ᠎ᠢ ᠵᠥᠢ ᠵᠣᠬᠢᠰᠳᠠᠢ ᠲᠣᠬᠢᠷᠠᠭᠤᠯᠬᠤ ᠪᠦᠭᠡᠳ ᠵᠦᠢ ᠶᠤᠰᠤ᠎ᠪᠠᠷ ᠭᠡᠷᠡᠭᠵᠢᠭᠦᠯᠪᠡᠯ ᠲᠠᠭ᠋ᠠᠷᠠᠨ᠎ᠠ᠃ ᠬᠡᠦᠬᠡᠳ ᠬᠡᠳᠦᠢ ᠪᠠᠭ᠎ᠠ ᠴᠦ᠍ ᠨᠢᠭᠤᠷ ᠵᠶ᠋ᠠᠨ ᠬᠠᠶ᠋ᠢᠷᠠᠯᠠᠨ᠎ᠠ᠃ ᠨᠢᠭᠤᠷ ᠵᠶ᠋ᠠᠨ ᠬᠠᠶ᠋ᠢᠷᠠᠯᠠᠭ᠍ᠣ᠎ᠨᠢ ᠵᠢᠩᠬᠢᠨᠢ ᠪᠤᠯᠪᠠᠰᠤᠨ ᠰᠠᠶ᠋ᠢᠬᠠᠨ ᠵᠠᠩ ᠠᠷᠠᠨᠰᠢᠨ᠎ᠤ ᠰᠢᠨᠵᠢ ᠲᠡᠮᠲᠡᠭ ᠰᠢᠤ ᠳ᠋ᠠ᠃ ᠢᠴᠢᠬᠦ ᠨᠢᠭᠤᠷᠳᠠᠢ ᠰᠠᠶ᠋ᠢᠬᠠᠨ ᠶᠤᠮ᠃ ᠠ᠋ᠷᠳᠡ ᠠ᠋ᠳᠦᠭᠡ ᠲᠣᠳᠦᠭ᠋ᠠᠳᠦ ᠭᠠᠳᠠᠭ᠋ᠠᠳᠦ᠎ᠳᠤ ᠪᠠᠭᠰᠢ ᠬᠦᠮᠦᠨ ᠰᠣᠷᠣᠭᠴᠢ ᠵᠢᠨ ᠨᠢᠭᠤᠷ᠎ᠢ ᠪᠠᠷᠠᠭ᠍ᠤ ᠪᠣᠶᠣ ᠪᠡᠶ᠎ᠡ ᠵᠢᠨ ᠬᠦᠨᠳᠦᠳᠬᠡᠯ᠎ᠢ ᠬᠥᠨᠳᠡᠬᠦ᠎ᠠᠴᠠ ᠶᠡᠭᠡ ᠴᠡᠭᠡᠷᠯᠡᠳᠡᠭ᠃ ᠬᠡᠳᠡᠯ᠎ᠡ ᠪᠣᠳᠠᠳᠦ ᠠᠮᠢᠳᠣᠷᠠᠯ᠎ᠳᠤ ᠬᠡᠦᠬᠡᠳ ᠵᠶ᠋ᠠᠨ ᠪᠣᠶᠣ ᠰᠣᠷᠣᠭᠴᠢ ᠵᠢᠨ ᠬᠠᠮᠤᠭ᠎ᠤᠨ ᠠ᠋ᠮᠵᠡᠭ ᠲᠠᠯ᠎ᠠ ᠵᠢ ᠪᠠᠷᠢᠵᠦ ᠣᠯᠠᠨ᠎ᠤ ᠠ᠋ᠮᠦᠨ᠎ᠡ ᠨᠢᠭᠤᠷ᠎ᠢ᠎ᠨᠢ ᠪᠠᠷᠠᠭ᠍ᠣ ᠪᠠᠶ᠋ᠢᠳᠠᠯ ᠬᠠᠶᠠ ᠭᠠᠷᠳᠠᠭ᠃ ᠪᠡᠶ᠎ᠡ ᠰᠡᠳᠬᠢᠯ᠎ᠤᠨ ᠬᠠᠯᠠ ᠲᠠᠮᠦ ᠵᠢ ᠲᠠᠭ᠋ᠠᠭ᠋ᠠᠵᠦ ᠲᠡᠰᠦᠭᠰᠡᠨ ᠦᠭᠡᠢ ᠪᠡᠶ᠎ᠡ᠎ᠪᠠᠨ ᠦᠭᠡᠶ ᠬᠢᠭᠰᠡᠨ ᠬᠡᠦᠬᠡᠳ ᠡ᠊ᠨᠳᠡ ᠲᠡᠨᠳᠡ ᠦᠭᠡᠢ ᠭᠠᠷᠴᠦ ᠪᠠᠶ᠋ᠢᠳᠠᠭ᠃ ᠨᠡᠶ᠋ᠢᠭᠡᠮ᠎ᠤᠨ ᠥᠢ᠍ᠯᠡᠳᠦᠯᠭᠡ᠎ᠠᠴᠠ ᠦᠵᠡᠪᠡᠯ᠂ ᠪᠠᠭᠰᠢ ᠬᠦᠮᠦᠨ ᠮᠡᠳᠡᠯᠭᠡ ᠪᠣᠯᠪᠠᠰᠣᠷᠠᠯ᠎ᠤᠨ ᠥᠷᠭᠡᠨ ᠭᠦᠨ᠂ ᠬᠢᠴᠢᠶᠡᠯᠯᠡᠬᠦ ᠣᠷ᠎ᠠ ᠲᠡᠮ᠂ ᠰᠣᠷᠣᠭᠴᠢ ᠵᠢ ᠲᠠᠳᠠᠭ᠍ᠤ ᠢᠳᠡ ᠬᠦᠴᠦ᠂ ᠠᠵᠢᠯ᠎ᠤᠨ ᠬᠠᠷᠢᠭᠤᠴᠠᠯᠭ᠎ᠠ ᠵᠡᠷᠭᠡ ᠲᠠᠯ᠎ᠠ᠎ᠪᠠᠷ ᠰᠣᠷᠣᠭᠴᠢ ᠪᠠ ᠨᠡᠶ᠋ᠢᠭᠡᠮ ᠨᠡᠶ᠋ᠢᠳᠡ ᠵᠢᠨ ᠬᠦᠨᠳᠦᠳᠬᠡᠯ ᠪᠢᠰᠢᠷᠡᠯ᠎ᠢ ᠣᠯᠳᠠᠭ᠃ ᠨᠡᠶ᠋ᠢᠭᠡᠮ᠎ᠤᠨ ᠤᠯᠠᠷᠢᠨ ᠬᠦᠭᠵᠢᠬᠦ ᠵᠢ ᠲᠠᠭ᠋ᠠᠵᠦ ᠬᠡᠦᠬᠡᠳ ᠪᠠᠭ᠋ᠠᠴᠣᠳ᠎ᠤᠨ ᠵᠠᠩ ᠴᠢᠨᠠᠷ᠂ ᠪᠣᠳᠣᠯ ᠰᠡᠳᠬᠢᠴᠡ᠂ ᠲᠣᠷ᠎ᠠ ᠪᠠᠬ᠎ᠠ ᠥᠪᠡᠷ ᠥᠪᠡᠷ᠎ᠤᠨ ᠤᠨᠴᠠᠯᠢᠭ ᠵᠶ᠋ᠠᠷ ᠨᠠᠩ ᠲᠤᠪᠤᠢ᠍ᠢ᠍ᠮ᠎ᠠ ᠪᠤᠯᠵᠤ ᠪᠠᠢ᠍ᠢ᠍ᠨ᠎ᠠ᠃ ᠠ᠋ᠢ᠍ᠢ᠍ᠮᠦ᠎ᠠᠴᠠ ᠪᠠᠭᠰᠢ ᠵᠢᠨ ᠬᠤᠪᠢ᠎ᠳᠤ ᠰᠣᠷᠣᠭᠴᠢ ᠵᠢᠨ ᠥᠵᠡᠯᠳᠡ᠂ ᠲᠠᠨᠢᠯᠳᠠ᠂ ᠵᠣᠭᠰᠣᠯᠳᠠ᠂ ᠰᠠᠨᠠᠭ᠋ᠠᠰᠢᠷᠠᠯ ᠪᠠ ᠬᠠᠷᠠᠭ᠋ᠠᠨ ᠴᠡᠭ᠎ᠠᠴᠠ ᠠᠰᠠᠭᠤᠳᠠᠯ᠎ᠢ ᠪᠣᠳᠣᠯᠬᠢᠯᠠᠵᠦ ᠢᠯᠡᠭᠦᠦ ᠬᠠᠷᠢᠴᠠᠵᠦ ᠬᠠᠶ᠋ᠢᠷ᠎ᠠ᠎ᠪᠠᠨ ᠬᠦᠷᠳᠡᠭᠡᠬᠦ᠎ᠪᠠᠷ ᠲᠠᠮᠵᠢᠵᠦ᠂ ᠲᠡᠳᠡᠨ᠎ᠤ ᠰᠡᠳᠬᠢᠯ᠎ᠤᠨ ᠲᠠᠭᠤᠨ᠎ᠢ ᠰᠣᠨᠣᠰᠬᠤ ᠴᠢᠬᠤᠯᠠ᠎ᠲᠠᠢ ᠪᠠᠢ᠍ᠢ᠍ᠨ᠎ᠠ᠃ ᠬᠡᠦᠬᠡᠳ ᠪᠠᠭ᠋ᠠᠴᠣᠳ ᠪᠡᠶ᠎ᠡ᠎ᠳᠤ᠎ᠨᠢ ᠲᠣᠯᠭ᠋ᠠᠷᠠᠭᠰᠠᠨ ᠬᠡᠷᠡᠭ ᠤᠴᠢᠷ᠎ᠤᠳ᠎ᠢ ᠲᠤᠮᠦ ᠬᠦᠮᠦᠨ᠎ᠳᠤ ᠲᠡᠷᠡ ᠪᠣᠯᠭ᠋ᠠᠨ᠎ᠢ ᠲᠣᠭ᠋ᠠᠴᠢᠵᠦ ᠪᠥᠷᠢᠨ ᠢᠯᠡᠳᠬᠡᠵᠦ ᠴᠢᠳᠠᠭ᠍ᠤ ᠦᠭᠡᠢ ᠪᠣᠶᠣ ᠶᠠᠷᠢᠵᠦ ᠲᠤᠭ᠋ᠠᠴᠢᠬᠤ᠎ᠠᠴᠠ ᠰᠢᠷᠬᠡᠶ᠋ᠢᠳᠡᠭ ᠴᠦ᠍ ᠪᠤᠢ᠃ ᠬᠡᠦᠬᠡᠳ ᠪᠠᠰᠠ ᠠᠬᠤᠢ ᠠᠮᠢᠳᠣᠷᠠᠯ ᠰᠣᠷᠣᠯᠭ᠎ᠠ ᠵᠢᠨ ᠶᠠᠪᠣᠴᠠ᠎ᠳᠤ ᠤᠴᠠᠷᠠᠭᠰᠠᠨ ᠵᠠᠷᠢᠮ ᠬᠡᠷᠡᠭ᠎ᠢ ᠤᠬᠠᠭ᠋ᠠᠨ ᠲᠥᠬᠦᠭᠡ ᠵᠢ᠎ᠨᠢ ᠤᠯᠵᠤ ᠶᠠᠳᠠᠬᠤ ᠶᠤᠮ᠃ ᠭᠡᠷ ᠪᠥᠯᠢ ᠵᠢᠨ ᠠᠵᠦ ᠠᠬᠤᠢ ᠵᠢᠨ ᠨᠦᠭᠦᠴᠡᠯ᠂ ᠡᠪᠡᠳᠴᠢᠨ ᠵᠣᠪᠠᠯᠠᠩ᠂ ᠭᠠᠢ ᠭᠠᠮᠰᠢᠭ᠂ ᠭᠡᠷ ᠵᠠᠭᠤᠷ᠎ᠠ ᠵᠢᠨ ᠵᠥᠷᠢᠴᠡᠯ ᠮᠥᠷᠬᠦᠯᠳᠦᠭᠡᠨ ᠵᠡᠷᠭᠡ ᠪᠥᠬᠦ ᠤᠴᠢᠷ ᠶᠠᠪᠣᠳᠠᠯ᠎ᠨᠢ ᠬᠡᠦᠬᠡᠳ᠎ᠤᠨ ᠪᠣᠳᠣᠯ ᠰᠠᠨᠠᠭ᠎ᠠ ᠵᠢ ᠲᠠᠯᠳᠠᠭᠤᠷ ᠲᠠᠷᠴᠢᠯᠭ᠋ᠠᠨ᠎ᠠ᠃ ᠣᠳᠣ ᠵᠢᠨ ᠨᠡᠶ᠋ᠢᠭᠡᠮ᠎ᠳᠤ ᠰᠤᠷᠭ᠋ᠠᠨ ᠬᠦᠮᠦᠵᠢᠯ᠎ᠤᠨ ᠤᠬᠠᠭ᠋ᠠᠨ᠂ ᠰᠡᠳᠬᠢᠴᠡ ᠵᠢᠨ ᠵᠥᠢ᠂ ᠨᠡᠶ᠋ᠢᠭᠡᠮ᠎ᠤᠨ ᠬᠥᠭᠵᠢᠯᠳᠡ᠂ ᠢᠷᠡᠭᠡᠳᠦᠢ ᠵᠢᠨ ᠬᠠᠨᠳᠣᠰᠢ᠂ ᠪᠣᠯᠪᠠᠰᠣᠨ ᠮᠣᠷᠠᠯ᠎ᠲᠠᠢ ᠨᠡᠶ᠋ᠢᠴᠡᠬᠦ ᠦᠭᠡᠢ ᠬᠡᠷᠡᠭ ᠤᠴᠢᠷ ᠪᠠ ᠰᠣᠨᠢᠨ ᠬᠠᠴᠢᠨ ᠦᠵᠡᠭᠳᠡᠯ ᠭᠠᠷᠤᠭᠰᠠᠭ᠋ᠠᠷ ᠯᠠ ᠪᠠᠶ᠋ᠢᠨ᠎ᠠ᠃ ᠵᠤᠬᠢᠬᠤ ᠤᠳᠬᠠᠨ᠎ᠠᠴᠠ ᠭᠡᠯᠡᠪᠡᠯ᠂ ᠨᠠᠭ᠋ᠠᠳᠬᠤ᠎ᠨᠢ ᠲᠡᠭᠡᠳᠦ ᠲᠡᠭᠷᠢ᠎ᠠᠴᠠ ᠬᠡᠦᠬᠡᠳ᠎ᠲᠤ ᠥᠭᠭᠦᠭᠰᠡᠨ ᠠ᠋ᠷᠬᠡ ᠴᠢᠯᠣᠭᠡ ᠪᠠᠶ᠋ᠢᠳᠠᠯ᠎ᠠ ᠨᠠᠭ᠋ᠠᠳᠬᠤ ᠴᠢᠯᠣᠭᠡ ᠦᠭᠡᠢ᠂ ᠨᠣᠶ᠋ᠢᠷ᠎ᠨᠢ ᠪᠠᠰᠠ ᠬᠠᠨᠣᠬᠤ ᠦᠭᠡᠢ ᠪᠠᠶ᠋ᠢᠨ᠎ᠠ᠃ ᠪᠠᠭᠰᠢ ᠵᠢᠨ ᠬᠤᠪᠢ᠎ᠳᠤ ᠬᠡᠦᠬᠡᠳ᠎ᠤᠨ ᠨᠠᠰᠣ ᠵᠢᠯ᠂ ᠲᠠᠭ᠋ᠠᠭ᠋ᠠᠴᠠ ᠲᠡᠰᠪᠣᠷᠢ᠂ ᠴᠢᠨᠠᠷ᠎ᠤᠨ ᠢᠯᠭ᠋ᠠᠯ᠂ ᠣᠨᠴᠠᠯᠢᠭ᠂ ᠮᠠᠳᠠᠯᠭᠡ ᠵᠢ ᠰᠢᠩᠭᠡᠭᠡᠬᠦ ᠴᠢᠳᠠᠪᠣᠷᠢ᠎ᠳᠤ ᠲᠣᠬᠢᠷᠠᠭ᠍ᠣ ᠠᠷᠭ᠎ᠠ ᠲᠡᠮ᠎ᠢ ᠬᠠᠶ᠋ᠢᠬᠤ ᠴᠢᠬᠤᠯᠠ᠎ᠲᠠᠢ᠃
      ᠭᠤᠷᠪᠠ᠂ ᠰᠣᠷᠭ᠋ᠠᠭᠤᠯᠢ
      ᠰᠣᠷᠭ᠋ᠠᠭᠤᠯᠢ ᠪᠣᠯ ᠬᠡᠦᠬᠡᠳ ᠪᠠᠭ᠋ᠠᠴᠣᠳ᠎ᠤᠨ ᠰᠣᠷᠭ᠋ᠠᠨ ᠬᠦᠮᠦᠵᠢᠯ ᠭᠦᠷᠳᠡᠬᠦ ᠲᠣᠰᠬᠠᠢ ᠥᠯᠣᠭᠡᠢ᠃ ᠬᠡᠦᠬᠡᠳ᠎ᠤᠨ ᠥᠰᠬᠦ᠂ ᠪᠣᠶ᠋ᠢᠵᠢᠬᠤ᠂ ᠭᠦᠮᠦᠵᠢᠬᠦ᠂ ᠪᠣᠯᠪᠠᠰᠣᠷᠠᠬᠤ ᠣᠨᠴᠠᠭ᠋ᠠᠢ ᠣᠷᠣᠨ ᠵᠠᠢ ᠶᠤᠮ᠃ ᠨᠢᠭᠡ ᠰᠤᠷᠭ᠋ᠠᠭᠤᠯᠢ ᠵᠢᠨ ᠰᠣᠷᠤᠯᠴᠠᠬᠤ ᠠᠭᠤᠷ ᠠᠮᠢᠰᠬᠤᠯ᠂ ᠰᠠᠶ᠋ᠢᠨ ᠰᠠᠶ᠋ᠢᠬᠠᠨ ᠵᠠᠩ ᠵᠢᠷᠣᠮ ᠵᠢᠴᠢ ᠠᠵᠢᠯᠴᠢ ᠪᠣᠷᠣᠭᠵᠢᠭᠤᠨ ᠬᠡᠪ ᠰᠣᠷᠳᠠᠯ᠎ᠨᠢ ᠬᠡᠦᠬᠡᠳ ᠪᠠᠭ᠋ᠠᠴᠣᠳ᠎ᠤᠨ ᠬᠤᠵᠢᠮ᠎ᠤᠨ ᠢᠷᠡᠭᠡᠳᠤᠢ᠎ᠳᠤ ᠭᠦᠨᠵᠡᠭᠡᠢ ᠨᠦᠯᠦᠭᠡ ᠦᠵᠡᠭᠦᠯᠳᠡᠭ᠃ ᠪᠠᠭᠰᠢ ᠰᠣᠷᠭ᠋ᠠᠭᠤᠯᠢ ᠬᠤᠶᠠᠷ ᠵᠶ᠋ᠠᠨ ᠪᠠᠶ᠋ᠢᠨ ᠲᠠᠬᠢᠨ ᠲᠣᠷᠡᠰᠴᠦ ᠰᠠᠨᠠᠭ᠋ᠠᠯᠵᠠᠵᠦ ᠶᠠᠪᠣᠳᠠᠭ ᠰᠣᠷᠣᠭᠴᠢ ᠬᠠᠶᠠ ᠦᠭᠡᠢ ᠲᠠᠭ᠋ᠠᠷᠠᠳᠠᠭ᠃ ᠠ᠋ᠬᠡ ᠰᠣᠷᠭ᠋ᠠᠭᠤᠯᠢ᠎ᠪᠠᠨ ᠭᠡᠵᠦ ᠠ᠋ᠯᠢᠭᠡ ᠵᠢᠷᠦᠬᠡ᠎ᠨᠢ ᠲᠣᠭᠳᠣᠯᠵᠦ ᠶᠠᠪᠣᠭᠰᠠᠨ ᠵᠢᠱ᠌ᠢᠶ᠎ᠡ ᠴᠦ᠍ ᠠᠷᠪᠢᠨ ᠪᠠᠶ᠋ᠢᠳᠠᠭ᠃ ᠰᠤᠷᠭ᠋ᠠᠭᠤᠯᠢ ᠪᠣᠯ ᠰᠣᠶᠣᠯ᠎ᠤᠨ ᠥᠯᠣᠭᠡᠢ᠂ ᠰᠣᠷᠬᠤ ᠨᠠᠰᠣᠨ᠎ᠤ ᠬᠡᠦᠬᠡᠳ ᠪᠠᠭ᠋ᠠᠴᠣᠳ᠎ᠤᠨ ᠠᠯᠣᠰ᠎ᠤᠨ ᠠᠶᠠᠨ᠎ᠤ ᠬᠢᠨᠢ ᠠᠩᠬᠠᠨ᠎ᠤ ᠲᠥᠷᠣᠭᠡ᠂ ᠠᠰᠢᠳᠠ ᠠ᠋ᠷᠢᠭ᠌ᠳᠡᠬᠦ ᠮᠥᠩᠬᠡ ᠵᠢᠨ ᠵᠣᠯᠠ᠃ ᠬᠡᠦᠬᠡᠳ ᠪᠠᠭ᠋ᠠᠴᠣᠳ᠎ᠤᠨ ᠣᠶᠣᠨ ᠤᠬᠠᠭ᠋ᠠᠨ ᠤᠭᠤᠷᠠᠭ ᠲᠠᠷᠢᠬᠢ ᠵᠢ ᠰᠣᠶᠣᠨ ᠭᠡᠭᠡᠷᠡᠭᠦᠯᠥᠭᠴᠢ 《ᠰᠣᠷᠭ᠋ᠠᠭᠤᠯᠢ》 ᠭᠡᠭᠴᠢ ᠪᠠᠶ᠋ᠢᠭᠤᠯᠣᠮᠵᠢ ᠪᠣᠢ ᠪᠣᠯᠣᠭ᠋ᠠᠳ ᠣᠳᠣ ᠨᠢᠭᠡᠨᠳᠡ ᠬᠡᠳᠦᠨ ᠮᠢᠩᠭ᠋ᠠᠨ ᠵᠢᠯ᠎ᠤᠨ ᠲᠡᠦᠬᠡᠨ ᠶᠠᠪᠣᠴᠠ ᠵᠢ ᠥᠩᠭᠡᠷᠡᠭᠡᠵᠦ᠂ ᠰᠣᠷᠭ᠋ᠠᠭᠤᠯᠢ ᠵᠢᠨ ᠠᠯᠳᠠᠨ ᠪᠣᠱ᠌ᠤᠭ᠎ᠠ ᠵᠢ ᠲᠠᠮᠵᠢᠨ ᠲᠣᠭ᠋ᠠᠯᠠᠰᠢ ᠦᠭᠡᠢ ᠣᠯᠠᠨ ᠠ᠋ᠷᠳᠡᠮᠳᠡᠨ ᠬᠦᠮᠦᠵᠢᠭᠳᠡᠨ ᠭᠠᠷᠴᠦ᠂ ᠬᠦᠮᠦᠨ ᠲᠥᠷᠣᠯᠬᠢᠳᠡᠨ᠎ᠤ ᠬᠥᠭᠵᠢᠯᠳᠡ ᠪᠠ ᠪᠣᠯᠪᠠᠰᠣᠨ ᠲᠡᠦᠬᠡᠨ᠎ᠳᠤ ᠬᠤᠪᠢ ᠨᠠᠮᠠᠷᠢ ᠦᠵᠡᠭᠦᠯᠦᠭᠰᠡᠭᠡᠷ ᠥᠨᠣᠳᠦᠷ᠎ᠲᠤ ᠬᠦᠷᠴᠦ ᠢᠷᠡᠯ᠎ᠡ᠃ ᠬᠦᠮᠦᠨ ᠲᠥᠷᠣᠯᠬᠢᠳᠡᠨ᠎ᠤ ᠬᠥᠭᠵᠢᠯᠳᠡ ᠪᠠ ᠪᠣᠯᠪᠠᠰᠣᠨ᠎ᠤ ᠲᠡᠦᠬᠡ ᠪᠣᠯ ᠪᠥᠬᠦ ᠬᠦᠮᠦᠨ ᠲᠥᠷᠣᠯᠬᠢᠳᠡᠨ᠎ᠤ ᠬᠠᠮᠳᠦ ᠵᠢᠨ ᠥᠪ ᠬᠦᠷᠣᠩᠭᠡ ᠪᠣᠯᠬᠤ ᠶᠤᠮ᠃ ᠲᠣᠮᠳᠠᠳᠦ ᠤᠯᠤᠰ ᠪᠣᠯ ᠠ᠋ᠷᠳᠡᠨ᠎ᠤ ᠲᠥᠷᠪᠡᠨ ᠪᠣᠯᠪᠠᠰᠣᠨ ᠣᠯᠣᠰ᠎ᠤᠨ ᠨᠢᠭᠡ ᠪᠠᠶ᠋ᠢᠵᠦ᠂ ᠲᠠᠪᠣᠨ ᠮᠢᠩᠭ᠋ᠠᠨ ᠵᠢᠯ᠎ᠤᠨ ᠭᠡᠷᠡᠯ ᠰᠠᠴᠤᠷᠠᠩᠭᠤᠢ ᠪᠣᠯᠪᠠᠰᠣᠨ᠎ᠤ ᠲᠡᠦᠬᠡ ᠵᠢ ᠠ᠋ᠭᠦᠳᠴᠦ᠂ ᠬᠦᠮᠦᠨ ᠲᠥᠷᠣᠯᠬᠢᠳᠡᠨ᠎ᠤ ᠲᠡᠦᠬᠡᠨ᠎ᠳᠤ ᠪᠠᠯᠠᠷᠠᠰᠢ ᠦᠭᠡᠢ ᠬᠤᠪᠢ ᠨᠡᠮᠡᠷᠢ ᠦᠵᠡᠭᠦᠯᠥᠭᠰᠡᠨ ᠪᠢᠯᠡ᠃
      ᠲᠡᠯᠡᠬᠡᠢ ᠲᠡᠭᠡᠷ᠎ᠡ ᠬᠡᠳᠦᠨ ᠵᠠᠭᠤᠨ ᠵᠢᠯ᠎ᠤᠨ ᠲᠡᠦᠬᠡ᠎ᠲᠠᠢ ᠰᠣᠷᠭ᠋ᠠᠭᠤᠯᠢ᠎ᠨᠤᠭᠤᠳ ᠮᠠᠰᠢ ᠣᠯᠠᠨ ᠪᠠᠶ᠋ᠢᠵᠦ᠂ ᠬᠦᠮᠦᠨ ᠲᠥᠷᠣᠯᠬᠢᠳᠡᠨ᠎ᠤ ᠬᠥᠭᠵᠢᠯᠳᠡ᠎ᠳᠤ ᠠᠤᠭ᠎ᠠ ᠶᠡᠭᠡ ᠥᠢ᠍ᠯᠡᠳᠦᠯ ᠦᠵᠡᠭᠦᠯᠦᠭᠰᠡᠨ᠎ᠨᠢ ᠪᠢᠰᠢᠷᠡᠯᠲᠠᠢ ᠶᠤᠮ᠃ ᠬᠦᠮᠦᠰ᠎ᠤᠨ ᠰᠡᠳᠬᠢᠯ᠎ᠢ ᠤᠶᠠᠷᠠᠭᠤᠯᠣᠭᠰᠠᠨ ᠨᠢᠭᠡ ᠥᠯᠢᠭᠡᠷ᠎ᠢ ᠲᠣᠷᠠᠳᠪᠠᠯ᠂ 1803 ᠣᠨ᠎ᠳᠤ ᠠᠮᠧᠷᠢᠺᠠ ᠤᠯᠤᠰ᠎ᠨᠢ ᠠᠷᠠᠢ ᠭᠡᠵᠦ ᠬᠠᠭ᠋ᠠᠰ ᠺᠣᠯᠣᠨᠢ ᠵᠢᠨ ᠲᠠᠷᠣᠩᠭᠤᠶ᠋ᠢᠯᠠᠯ᠎ᠠᠴᠠ ᠠᠩᠬᠢᠵᠢᠷᠠᠵᠦ᠂ ᠠᠷᠠᠳ ᠲᠥᠮᠡᠨ᠎ᠤ ᠠᠮᠢᠳᠣᠷᠠᠯ ᠲᠣᠶ᠋ᠢᠯ᠎ᠤᠨ ᠬᠦᠴᠢᠷ ᠪᠠᠷᠭᠡᠰᠢᠶᠡᠯ᠎ᠲᠠᠢ ᠪᠠᠶ᠋ᠢᠭᠰᠠᠨ ᠥᠶ᠎ᠡ᠎ᠳᠤ᠂ ᠨᠢᠭᠡᠨ ᠪᠡᠶ᠎ᠡ ᠪᠠᠭᠤᠷᠠᠢ ᠡᠪᠡᠳᠴᠢᠨ ᠠ᠋ᠮᠬᠡᠭ᠎ᠲᠤ ᠳᠠᠷᠤᠭᠳᠠᠭᠰᠠᠨ ᠪᠥᠰᠡᠭᠦᠢ ᠪᠢᠴᠢᠬᠠᠨ ᠥᠬᠢᠨ ᠵᠶ᠋ᠠᠨ ᠲᠠᠭ᠋ᠠᠭᠤᠯᠵᠦ ᠭᠤᠶ᠋ᠢᠷᠠᠨᠴᠢᠯᠠᠨ ᠲᠡᠨᠦᠭᠦᠴᠢᠯᠡᠵᠦ ᠶᠠᠪᠣᠭᠰᠠᠭ᠋ᠠᠷ ᠠᠮᠧᠷᠢᠺᠠ ᠵᠢᠨ ᠹᠢᠯᠠᠳ᠋ᠸᠯᠹᠢᠶ᠎ᠠ ᠬᠤᠳᠠ ᠵᠢᠨ ᠵᠠᠬ᠎ᠠ ᠵᠢᠨ ᠨᠢᠭᠡᠨ ᠰᠣᠷᠭ᠋ᠠᠭᠤᠯᠢ ᠵᠢᠨ ᠠ᠋ᠭᠦᠳᠡᠨ᠎ᠳᠤ ᠨᠠᠷᠠᠨ᠎ᠳᠤ ᠠ᠋ᠭᠡᠭᠡᠵᠦ ᠰᠠᠭᠤᠵᠦ ᠪᠠᠶ᠋ᠢᠳᠠᠯ᠎ᠠ᠂ ᠰᠣᠷᠭ᠋ᠠᠭᠤᠯᠢ ᠵᠢᠨ ᠬᠦᠷᠢᠶᠡᠨ᠎ᠤ ᠬᠡᠦᠬᠡᠳ᠎ᠤᠳ᠎ᠤᠨ ᠪᠢᠴᠢᠭ ᠤᠩᠰᠢᠬᠤ ᠲᠠᠭᠤ ᠪᠤᠯᠤᠨ ᠲᠡᠭᠦᠯᠳᠡᠷ ᠬᠥᠭᠵᠢᠮ ᠲᠠᠳᠠᠬᠤ ᠲᠠᠭᠤᠨ ᠰᠣᠨᠣᠰᠤᠭᠳᠠᠭᠰᠠᠨ ᠪᠠᠶ᠋ᠢᠨ᠎ᠠ᠃ ᠠ᠋ᠨᠡ ᠭᠦ᠌ ᠲᠠᠭᠤ᠎ᠨᠢ ᠪᠢᠴᠢᠬᠠᠨ ᠥᠬᠢᠨ᠎ᠤ ᠰᠡᠳᠬᠢᠯ ᠵᠢᠷᠦᠬᠡ ᠵᠢ ᠥᠪᠡᠷ᠎ᠤᠨ ᠠ᠋ᠷᠬᠡ ᠦᠭᠡᠢ ᠲᠣᠭᠳᠦᠯᠤᠭᠤᠯᠵᠦ᠂ ᠰᠣᠷᠭ᠋ᠠᠭᠤᠯᠢ᠎ᠳᠤ ᠰᠠᠭᠤᠬᠤ ᠵᠢ ᠭᠦᠰᠡᠨ ᠮᠥᠷᠣᠭᠡᠳᠦᠭᠰᠡᠨ ᠰᠡᠳᠬᠢᠯᠭᠡ᠎ᠳᠤ᠎ᠪᠠᠨ ᠬᠥᠳᠦᠯᠥᠭᠳᠡᠭᠰᠡᠨ ᠪᠢᠴᠢᠬᠠᠨ ᠥᠬᠢᠨ ᠠ᠋ᠭᠦᠨ᠎ᠠᠴᠠ ᠬᠤᠶ᠋ᠢᠰᠢ ᠥᠷᠭᠦᠯᠵᠢ ᠰᠣᠷᠭ᠋ᠠᠭᠤᠯᠢ ᠵᠢᠨ ᠬᠡᠷᠡᠮ᠎ᠤᠨ ᠭᠠᠳᠠᠨ᠎ᠠ ᠰᠠᠭᠤᠵᠦ ᠬᠢᠴᠢᠶᠡᠯ ᠰᠣᠨᠣᠰᠳᠠᠭ ᠪᠣᠯᠵᠠᠢ᠃ ᠬᠠᠷᠠᠮᠰᠠᠯᠳᠠᠢ᠎ᠨᠢ ᠬᠥᠭᠡᠷᠣᠬᠦᠢ ᠥᠬᠢᠨ᠎ᠤ ᠡᠵᠢ᠎ᠨᠢ ᠨᠢᠭᠡ ᠵᠢᠯ᠎ᠤᠨ ᠲᠠᠷᠠᠭ᠎ᠠ ᠡᠪᠡᠳᠴᠢᠨ ᠵᠶ᠋ᠠᠷ ᠨᠠᠰᠣ ᠪᠠᠷᠠᠵᠠᠢ᠃ ᠭᠡᠪᠡᠴᠦ ᠥᠨᠣᠴᠢᠨ ᠭᠠᠭᠴᠠᠭ᠋ᠠᠷ ᠪᠣᠯᠣᠭᠰᠠᠨ ᠪᠢᠴᠢᠬᠠᠨ ᠥᠬᠢᠨ ᠮᠥᠨ ᠯᠡ ᠰᠤᠷᠭ᠋ᠠᠭᠤᠯᠢ᠎ᠳᠤ ᠰᠠᠭᠤᠬᠤ ᠲᠣᠷ᠎ᠠ ᠬᠦᠰᠡᠯ᠎ᠠᠴᠠ᠎ᠪᠠᠨ ᠪᠣᠯᠵᠦ ᠥᠷᠭᠦᠯᠵᠢᠯᠡᠨ ᠰᠣᠷᠭ᠋ᠠᠭᠤᠯᠢ ᠵᠢᠨ ᠭᠠᠳᠠᠨ᠎ᠠ᠎ᠠᠴᠠ ᠬᠢᠴᠢᠶᠡᠯ ᠰᠣᠨᠣᠰᠳᠠᠭ ᠪᠠᠶ᠋ᠢᠵᠠᠢ᠃ ᠲᠡᠭᠡᠵᠤ ᠪᠠᠢ᠍ᠢ᠍ᠳᠠᠯ᠎ᠠ ᠨᠢᠭᠡᠨ ᠪᠠᠭᠰᠢ᠎ᠲᠠᠢ ᠤᠴᠠᠷᠠᠵᠦ ᠲᠠᠷᠠ ᠪᠠᠰᠠ ᠠ᠋ᠨᠡ ᠰᠣᠷᠭ᠋ᠠᠭᠤᠯᠢ᠎ᠳᠤ ᠪᠢᠴᠢᠭ ᠦᠵᠡᠵᠤ ᠪᠤᠯᠬᠤ ᠠ᠋ᠰᠡᠭᠦ ᠵᠢ ᠠᠰᠠᠭᠤᠭᠰᠠᠨ᠎ᠳᠤ ᠠ᠋ᠨᠡ ᠪᠠᠭᠰᠢ ᠪᠢᠴᠢᠬᠠᠨ ᠥᠬᠢᠨ᠎ᠤ ᠰᠡᠳᠬᠢᠯ᠎ᠢ ᠬᠥᠨᠳᠡᠬᠦ᠎ᠠᠴᠠ ᠪᠣᠯᠭᠤᠮᠵᠢᠯᠠᠨ᠄ 《ᠲᠣᠰ ᠰᠣᠷᠭ᠋ᠠᠭᠤᠯᠢ ᠵᠢᠨ ᠬᠦᠷᠢᠶ᠎ᠡ ᠬᠡᠪᠴᠢᠶ᠎ᠡ ᠲᠤᠶ᠋ᠢᠯ᠎ᠤᠨ ᠪᠠᠭ᠎ᠠ ᠰᠢᠦ! ᠵᠥᠪᠬᠡᠨ ᠪᠠᠶᠠᠴᠤᠳ᠎ᠤᠨ ᠬᠡᠦᠬᠡᠳ᠎ᠢ ᠯᠠ ᠪᠠᠭᠳᠠᠭ᠋ᠠᠳᠠᠭ》 ᠭᠡᠵᠦ ᠬᠡᠯᠡᠭᠰᠡᠨ ᠪᠠᠶ᠋ᠢᠨ᠎ᠠ᠃ ᠲᠡᠷᠡ ᠴᠠᠭ᠎ᠠᠴᠠ ᠠ᠋ᠬᠢᠯᠡᠵᠦ ᠪᠢᠴᠢᠬᠠᠨ ᠥᠬᠢᠨ ᠰᠤᠷᠭ᠋ᠠᠭᠤᠯᠢ ᠵᠢᠨ ᠭᠠᠳᠠᠨ᠎ᠠ ᠬᠢᠴᠢᠶᠡᠯ ᠰᠣᠨᠣᠰᠬᠤ ᠵᠢᠨ ᠲᠠᠭ᠋ᠠᠤ ᠭᠤᠶ᠋ᠢᠷᠠᠨᠴᠢᠯᠠᠵᠦ ᠲᠣᠰ ᠰᠣᠷᠭ᠋ᠠᠭᠤᠯᠢ ᠵᠢ ᠥᠷᠬᠡᠳᠬᠡᠨ ᠪᠠᠶ᠋ᠢᠭᠤᠯᠬᠤ᠎ᠳᠤ ᠮᠥᠩᠭᠦ ᠬᠤᠷᠠᠮᠳᠣᠭᠤᠯᠵᠦ ᠶᠠᠳᠠᠭᠤᠴᠤᠳ᠎ᠤᠨ ᠬᠡᠦᠬᠡᠳ᠎ᠢ ᠪᠥᠷ ᠰᠤᠷᠭ᠋ᠠᠭᠤᠯᠢ᠎ᠳᠤ ᠰᠠᠭᠤᠯᠭ᠋ᠠᠬᠤ ᠭᠡᠵᠦ ᠵᠣᠷᠢᠭᠰᠠᠨ ᠪᠠᠶ᠋ᠢᠵᠠᠢ᠃ ᠬᠡᠳᠡᠯ᠎ᠡ ᠠ᠋ᠨᠡ ᠭᠦ᠌ ᠬᠥᠭᠡᠷᠣᠬᠦᠢ ᠥᠬᠢᠨ ᠴᠠᠰᠣ ᠰᠢᠭᠤᠷᠠᠭ᠋ᠠᠨᠳᠤ ᠡᠪᠦᠯ᠎ᠤᠨ ᠨᠢᠭᠡ ᠠ᠋ᠳᠦᠷ ᠰᠣᠷᠭ᠋ᠠᠭᠤᠯᠢ ᠵᠢᠨ ᠬᠡᠷᠡᠮ᠎ᠤᠨ ᠭᠠᠳᠠᠨ᠎ᠠ ᠬᠥᠯᠳᠡᠵᠦ ᠥᠬᠦᠭᠰᠡᠨ᠎ᠢ ᠬᠦᠮᠦᠰ ᠣᠯᠵᠦ ᠮᠡᠳᠡᠭᠰᠡᠨ ᠪᠥᠭᠡᠳ ᠲᠡᠭᠦᠨ᠎ᠤ ᠬᠠᠷᠮᠠᠨ᠎ᠳᠤ 57 ᠮᠥᠩᠭᠦ ᠪᠠ ᠨᠢᠭᠡ ᠴᠠᠭ᠋ᠠᠰᠣᠨ ᠲᠡᠭᠡᠷ᠎ᠡ ᠮᠣᠷᠣᠢ ᠬᠠᠵᠠᠭ᠋ᠠᠢ᠎ᠪᠠᠷ 《ᠲᠣᠰ ᠰᠣᠷᠭ᠋ᠠᠭᠤᠯᠢ ᠵᠢ ᠥᠷᠬᠡᠳᠬᠡᠨ ᠪᠠᠶ᠋ᠢᠭᠤᠯᠬᠤ᠎ᠳᠤ ᠮᠥᠩᠬᠦ ᠬᠤᠷᠠᠮᠳᠣᠭᠤᠯᠵᠦ ᠪᠣᠢ ᠪᠥᠬᠦᠢ ᠶᠠᠳᠠᠭᠤ ᠠᠶ᠋ᠢᠯ᠎ᠤᠨ ᠬᠡᠦᠬᠡᠳ᠎ᠢ ᠰᠣᠷᠭ᠋ᠠᠭᠤᠯᠢ᠎ᠳᠤ ᠰᠠᠭᠤᠯᠭ᠋ᠠᠬᠤ ᠵᠢᠨ ᠲᠥᠯᠣᠭᠡ ᠪᠢ ᠪᠥᠳᠦᠨ ᠨᠢᠭᠡ ᠵᠢᠯ ᠭᠤᠶᠣᠵᠦ ᠣᠯᠣᠭᠰᠠᠨ ᠮᠥᠩᠭᠦ ᠶᠤᠮ》 ᠭᠡᠵᠦ ᠪᠢᠴᠢᠭᠰᠡᠨ ᠪᠠᠶ᠋ᠢᠵᠠᠢ᠃ ᠠ᠋ᠨᠡ ᠭᠦ᠌ ᠴᠢᠮᠡᠭᠡ ᠤᠳᠠᠯ ᠦᠭᠡᠢ ᠲᠠᠷᠬᠠᠭᠳᠠᠵᠤ ᠭᠡᠷ ᠪᠠᠶ᠋ᠢᠰᠢᠩ ᠭᠠᠵᠠᠷ ᠬᠥᠷᠣᠩᠭᠡ ᠵᠢᠨ ᠲᠣᠮᠤ ᠪᠠᠶᠠᠴᠤᠳ᠎ᠠᠴᠠ ᠪᠢᠴᠢᠬᠠᠨ ᠥᠬᠢᠨ᠎ᠤ 57 ᠮᠥᠩᠭᠦ᠎ᠪᠠᠷ ᠵᠠᠭᠤᠨ ᠮᠦ᠍ ᠭᠠᠵᠠᠷ᠎ᠢ ᠰᠣᠷᠭ᠋ᠠᠭᠤᠯᠢ᠎ᠳᠤ ᠬᠤᠳᠠᠯᠳᠣᠨ ᠥᠭᠴᠦ᠂ ᠲᠣᠭᠤᠰᠬ᠎ᠠ᠂ ᠴᠢᠯᠠᠭᠤ᠂ ᠮᠣᠳᠣᠨ᠎ᠤ ᠠᠷᠠᠯᠵᠢᠶᠠᠴᠢᠳ ᠪᠠᠷᠢᠯᠭ᠎ᠠ ᠵᠢᠨ ᠮᠠᠲᠸᠷᠢᠶᠠᠯ᠎ᠢ ᠥᠨ᠎ᠡ ᠲᠦᠯᠦᠪᠤᠷᠢ ᠦᠭᠡᠢ ᠬᠠᠨᠳᠢᠪᠯᠠᠵᠦ᠂ ᠲᠣᠩ ᠣᠯᠠᠨ ᠪᠠᠷᠢᠯᠭ᠎ᠠ ᠵᠢᠨ ᠲᠠᠷᠬᠠᠨ ᠬᠦᠴᠦ ᠬᠥᠯᠣᠰᠦ ᠠᠪᠬᠤ ᠦᠭᠡᠢ ᠠᠵᠢᠯᠯᠠᠬᠤ᠎ᠪᠠᠷ ᠨᠡᠷ᠎ᠡ ᠮᠡᠳᠡᠭᠦᠯᠵᠦ᠂ ᠠ᠋ᠨᠡ ᠭᠦ᠌ ᠲᠣᠶ᠋ᠢᠯ᠎ᠤᠨ ᠪᠠᠭ᠎ᠠ ᠬᠡᠪᠴᠢᠶ᠎ᠡ᠎ᠲᠠᠢ ᠢᠵᠠᠭᠤᠷᠳᠠᠨ᠎ᠤ ᠰᠣᠷᠭ᠋ᠠᠭᠤᠯᠢ ᠵᠢ ᠤᠳᠠᠯ ᠦᠭᠡᠢ ᠵᠠᠭᠤᠨ ᠮᠦ᠍ ᠵᠢᠨ ᠲᠠᠯᠠᠪᠠᠢ᠎ᠲᠠᠢ ᠨᠢᠭᠡᠨ ᠶᠡᠭᠡ ᠰᠣᠷᠭ᠋ᠠᠭᠤᠯᠢ ᠪᠣᠯᠣᠨ ᠪᠠᠢ᠍ᠢ᠍ᠭᠤᠯᠤᠭᠰᠠᠨ ᠪᠥᠭᠡᠳ ᠰᠣᠷᠭ᠋ᠠᠭᠤᠯᠢ ᠵᠢᠨ ᠨᠡᠷ᠎ᠡ ᠵᠢ 《ᠹᠢᠯᠠᠳ᠋ᠸᠯᠹᠢᠶ᠎ᠠ ᠶᠡᠭᠡ ᠰᠣᠷᠭ᠋ᠠᠭᠤᠯᠢ》 ᠭᠡᠮᠡᠨ ᠨᠡᠷᠡᠶ᠋ᠢᠳᠴᠦ᠂ ᠣᠳᠣ ᠪᠣᠯᠬᠤ᠎ᠳᠤ ᠲᠣᠰ ᠰᠣᠷᠭ᠋ᠠᠭᠤᠯᠢ᠎ᠨᠢ ᠨᠢᠬᠡᠨᠳᠡ ᠬᠤᠶᠠᠷ ᠵᠠᠭᠤ ᠭᠠᠷᠣᠢ ᠵᠢᠯ᠎ᠤᠨ ᠲᠡᠦᠬᠡ᠎ᠲᠠᠢ ᠪᠤᠯᠵᠠᠢ᠃ ᠰᠤᠷᠭ᠋ᠠᠭᠤᠯᠢ ᠭᠡᠬᠦ ᠠ᠋ᠨᠡᠭᠦ ᠠᠷᠢᠭᠤᠨ ᠲᠠᠷᠬᠠᠨ ᠣᠷᠣᠨ᠎ᠨᠢ ᠬᠡᠦᠬᠡᠳ ᠪᠠᠭ᠋ᠠᠴᠣᠳ᠎ᠤᠨ ᠬᠦᠰᠡᠯᠡᠩ᠎ᠤᠨ ᠣᠷᠣᠨ ᠪᠣᠯᠵᠦ᠂ ᠲᠡᠳᠡᠨ᠎ᠤ ᠣᠶᠣᠨ ᠰᠦᠨᠡᠰᠦ ᠵᠢ ᠲᠠᠭᠤᠳᠠᠨ ᠲᠠᠯᠠᠯᠠᠵᠤ ᠪᠠᠶ᠋ᠢᠳᠠᠭ ᠶᠤᠮ᠃ ᠬᠦᠮᠦᠨ ᠲᠥᠷᠣᠯᠬᠢᠳᠡᠨ᠎ᠤ ᠥᠨᠢ ᠤᠳᠠᠭ᠋ᠠᠨ᠎ᠤ ᠣᠷᠤᠭ᠎ᠠ ᠪᠣᠰᠬᠠᠭ᠎ᠠ ᠲᠡᠦᠬᠡᠨ ᠶᠠᠪᠣᠴᠠ᠎ᠳᠤ ᠭᠡᠳᠤᠢ ᠣᠯᠠᠨ ᠬᠡᠦᠬᠡᠳ ᠪᠠᠭ᠋ᠠᠴᠤᠳ᠎ᠤᠨ ᠰᠣᠷᠭ᠋ᠠᠭᠤᠯᠢ ᠵᠢᠨ ᠠ᠋ᠭᠦᠳᠡᠨ ᠪᠣᠱ᠌ᠤᠭ᠎ᠠ ᠵᠢ ᠠᠯᠬᠤᠬᠤ ᠬᠦᠰᠡᠯ ᠲᠡᠮᠡᠦᠯᠣᠯ᠎ᠨᠢ ᠬᠥᠭᠡᠰᠦ ᠪᠣᠯᠣᠨ ᠵᠠᠮᠬᠠᠷᠠᠭᠰᠠᠨ᠎ᠢ ᠪᠣᠦ ᠮᠡᠳᠡ᠃ ᠰᠣᠷᠭ᠋ᠠᠭᠤᠯᠢ᠎ᠨᠢ ᠨᠢᠭᠡ ᠬᠦᠮᠦᠨ᠎ᠤ ᠥᠰᠴᠦ ᠪᠣᠶ᠋ᠢᠵᠢᠬᠤ᠂ ᠰᠣᠷᠤᠯᠴᠠᠬᠤ ᠠᠮᠢᠳᠣᠷᠠᠭ᠍ᠣ᠂ ᠠᠳᠠᠯ ᠥᠢ᠍ᠯᠡᠰ ᠪᠣᠰᠬᠠᠬᠤ᠎ᠳᠤ᠎ᠨᠢ ᠬᠢᠵᠠᠭ᠋ᠠᠷ ᠦᠭᠡᠢ ᠶᠡᠭᠡ ᠥᠢ᠍ᠯᠡᠳᠦᠯ ᠥᠵᠡᠭᠦᠯᠳᠡᠭ ᠪᠠᠶ᠋ᠢᠨ᠎ᠠ᠃ ᠠᠷᠪᠠᠨ ᠬᠡᠳᠦᠨ ᠵᠢᠯ᠎ᠤᠨ ᠠ᠋ᠮᠦᠨ᠎ᠡ ᠪᠣᠭᠤᠳᠦ ᠬᠤᠳᠠ ᠵᠢᠨ ᠬᠥᠩᠭᠡᠨ ᠠᠵᠦ ᠥᠢ᠍ᠯᠡᠳᠪᠣᠷᠢ ᠵᠢᠨ ᠲᠣᠮᠳᠠᠳᠦ ᠰᠤᠷᠭ᠋ᠠᠭᠤᠯᠢ ᠵᠢᠨ ᠨᠢᠭᠡ ᠰᠣᠷᠣᠭᠴᠢ ᠨᠠᠮᠳᠠᠷᠴᠢᠯᠠᠨ ᠪᠢᠴᠢᠭᠰᠡᠨ ᠲᠡᠦᠬᠡᠨ ᠷᠣᠮᠠᠨ ᠵᠶ᠋ᠠᠨ ᠪᠡᠭᠡᠵᠢᠩ᠎ᠤᠨ ᠨᠢᠭᠡ ᠬᠡᠪᠯᠡᠯ᠎ᠤᠨ ᠬᠤᠷᠢᠶ᠎ᠠ᠎ᠳᠤ ᠭᠤᠪᠢᠭᠤᠯᠤᠨ ᠢᠯᠡᠭᠡᠭᠰᠡᠨ᠎ᠳᠤ ᠬᠡᠪᠯᠡᠯ᠎ᠤᠨ ᠬᠤᠷᠢᠶ᠎ᠠ᠎ᠨᠢ ᠲᠣᠰ ᠨᠣᠮ᠎ᠢ ᠬᠡᠪᠯᠡᠬᠦ᠎ᠪᠠᠷ ᠪᠣᠯᠵᠦ ᠪᠠᠰᠠ ᠲᠣᠰ ᠰᠣᠷᠣᠭᠴᠢ ᠵᠢ ᠪᠡᠭᠡᠵᠢᠩ᠎ᠤᠨ ᠲᠠᠪᠣᠨ ᠶᠡᠭᠡ ᠰᠣᠷᠭ᠋ᠠᠭᠤᠯᠢ᠎ᠳᠤ ᠲᠠᠨᠢᠯᠴᠠᠭᠤᠯᠤᠬᠰᠡᠨ᠎ᠳᠤ ᠪᠡᠭᠡᠵᠢᠩ ᠶᠡᠭᠡ ᠰᠣᠷᠭ᠋ᠠᠭᠤᠯᠢ᠎ᠨᠢ ᠵᠣᠷᠰᠢᠯ᠎ᠢ ᠡᠪᠳᠡᠵᠦ ᠠ᠋ᠯᠰᠡᠵᠦ ᠠᠪᠣᠭᠰᠠᠨ ᠭᠡᠳᠡᠭ᠃ ᠬᠠᠷᠸᠠᠷᠲ ᠶᠡᠭᠡ ᠰᠣᠷᠭ᠋ᠠᠭᠤᠯᠢ᠎ᠠᠴᠠ ᠲᠡᠭᠦᠰᠦᠭᠰᠡᠨ ᠰᠣᠷᠣᠭᠴᠢ᠎ᠠᠴᠠ 33 ᠬᠦᠮᠦᠨ ᠨᠤᠪᠸᠯ᠎ᠤᠨ ᠱᠠᠩᠨᠠᠯ ᠲᠣᠰᠴᠦ᠂ 7 ᠬᠦᠮᠦᠨ᠎ᠨᠢ ᠠᠮᠸᠷᠢᠺᠠ ᠵᠢᠨ ᠶᠡᠷᠣᠩᠬᠡᠶ᠋ᠢᠯᠡᠭᠴᠢ ᠪᠣᠯᠣᠭᠰᠠᠨ ᠪᠠᠶ᠋ᠢᠨ᠎ᠠ᠃ ᠴᠢᠳᠠᠪᠣᠷᠢᠳᠠᠨ᠎ᠨᠢ ᠵᠥᠪᠬᠡᠨ ᠶᠡᠭᠡ ᠰᠣᠷᠭ᠋ᠠᠭᠤᠯᠢ᠎ᠳᠤ ᠯᠡ ᠬᠦᠮᠦᠵᠢᠭᠳᠡᠬᠦ ᠪᠢᠰᠢ᠂ ᠬᠡᠦᠬᠡᠳ᠎ᠤᠨ ᠴᠡᠴᠡᠷᠯᠢᠭ᠂ ᠪᠠᠭ᠎ᠠ ᠰᠣᠷᠭ᠋ᠠᠭᠤᠯᠢ᠂ ᠲᠣᠮᠳᠠᠳᠦ ᠰᠣᠷᠭ᠋ᠠᠭᠤᠯᠢ ᠵᠢᠨ ᠪᠠᠳᠦ ᠪᠠᠬᠢ ᠰᠠᠭᠤᠷᠢ ᠪᠠᠶ᠋ᠢᠬᠤ ᠭᠡᠷᠡᠭ᠎ᠲᠠᠢ᠃ ᠠ᠋ᠶ᠋ᠢᠮᠦ ᠪᠣᠯᠬᠤᠷ ᠪᠠᠭ᠎ᠠ ᠰᠣᠷᠭ᠋ᠠᠭᠤᠯᠢ ᠵᠢᠨ ᠱᠠᠳᠦ ᠪᠤᠯ ᠨᠢᠭᠡ ᠭᠦᠮᠦᠨ᠎ᠤ ᠨᠠᠢ᠍ᠢ᠍ᠭᠡᠮ᠎ᠳᠤ᠎ᠪᠠᠨ ᠲᠤᠰᠠᠳᠠᠢ᠂ ᠴᠢᠳᠠᠪᠤᠷᠢᠳᠠᠢ ᠭᠦᠮᠦᠨ ᠪᠤᠯᠵᠤ ᠭᠦᠮᠦᠵᠢᠭᠳᠡᠭᠦ ᠬᠠᠮᠤᠭ᠎ᠤᠨ ᠦᠨᠳᠤᠰᠤᠨ᠂ ᠬᠠᠮᠤᠭ᠎ᠤᠨ ᠵᠠᠨᠭ᠌ᠬᠢᠯᠠᠭ᠎ᠠ ᠵᠢᠨ ᠦᠶ᠎ᠠ ᠪᠤᠯᠬᠤ ᠶᠤᠮ᠃
      ᠲᠥᠷᠪᠡ᠂ ᠨᠡᠶ᠋ᠢᠭᠡᠮ
      ᠨᠡᠶ᠋ᠢᠬᠡᠮ ᠪᠣᠯ ᠲᠤᠮᠤ ᠶᠡᠭᠡ ᠭᠡᠷ ᠪᠥᠯᠢ ᠪᠠᠶ᠋ᠢᠵᠦ ᠬᠦᠮᠦᠨ᠎ᠤ ᠥᠰᠴᠦ ᠪᠣᠶ᠋ᠢᠵᠢᠬᠤ᠂ ᠠᠮᠢᠳᠣᠷᠠᠵᠦ ᠣᠷᠣᠰᠢᠬᠤ ᠥᠷᠭᠡᠨ ᠠᠭᠤᠳᠠᠮ ᠥᠨᠢᠷ ᠪᠠᠶᠠᠯᠢᠭ ᠣᠷᠣᠨ ᠵᠠᠢ ᠪᠣᠯᠣᠨ᠎ᠠ᠃ ᠨᠡᠶ᠋ᠢᠭᠡᠮ᠎ᠨᠢ ᠰᠠᠶ᠋ᠢᠨ ᠪᠠ ᠮᠠᠭᠤ᠂ ᠰᠠᠶ᠋ᠢᠬᠠᠨ ᠪᠠ ᠮᠠᠭᠤᠬᠠᠢ᠂ ᠪᠤᠯᠬᠢ ᠪᠠ ᠪᠣᠯᠪᠠᠰᠣᠨ᠂ ᠲᠠᠪᠰᠢᠩᠭᠤᠢ ᠪᠠ ᠬᠤᠴᠣᠷᠣᠩᠭᠤᠢ ᠵᠡᠷᠭᠡ ᠠᠯᠢ ᠪᠥᠬᠦᠨ᠎ᠢ ᠪᠥᠷᠢᠯᠳᠦᠭᠦᠯᠦᠭᠰᠡᠨ ᠲᠥᠪᠡᠭ ᠪᠣᠳᠦᠯᠢᠶᠠᠨᠳᠤ ᠤᠷᠴᠢᠨ ᠠᠬᠤᠢ ᠪᠠᠶ᠋ᠢᠵᠦ ᠬᠦᠮᠦᠨ᠎ᠢ ᠦᠭᠡᠳᠡᠯᠡᠵᠦ ᠲᠠᠳᠠᠵᠤ ᠲᠠᠪᠰᠢᠭᠤᠯᠬᠤ᠂ ᠲᠣᠷᠣᠶ᠋ᠢᠳᠠᠭᠤᠯᠬᠤ ᠠᠯᠢ ᠪᠥᠬᠦᠨ᠎ᠢ ᠭᠦᠢ᠍ᠴᠡᠳᠬᠡᠵᠦ ᠲᠡᠶ᠋ᠢᠯᠬᠦ ᠣᠷᠣᠨ ᠵᠠᠢ ᠪᠠᠢ᠍ᠢ᠍ᠭ᠎ᠠ ᠶᠤᠮ᠃ ᠨᠡᠶ᠋ᠢᠭᠡᠮ ᠪᠣᠯ ᠮᠥᠨ ᠴᠦ᠍ ᠬᠦᠮᠦᠨ ᠲᠥᠷᠣᠯᠬᠢᠳᠡᠨ᠎ᠢ ᠬᠥᠭᠵᠢᠭᠦᠯᠬᠦ ᠪᠣᠳᠠᠳᠦ ᠰᠠᠭᠤᠷᠢᠨ ᠭᠠᠵᠠᠷ ᠪᠣᠯᠬᠤᠷ ᠬᠦᠮᠦᠨ᠎ᠢ ᠲᠣᠬᠠᠢ ᠵᠢᠨ ᠨᠡᠶ᠋ᠢᠭᠡᠮ᠎ᠤᠨ ᠣᠷᠴᠢᠨ ᠠᠬᠤᠢ᠎ᠳᠤ᠎ᠪᠠᠨ ᠵᠣᠬᠢᠴᠠᠭ᠍ᠣ ᠵᠢ ᠱᠠᠭ᠋ᠠᠷᠳᠠᠭ᠍ᠣ ᠶᠤᠮ᠃ ᠨᠡᠶ᠋ᠢᠭᠡᠮ᠎ᠨᠢ ᠬᠦᠮᠦᠨ᠎ᠢ ᠰᠢᠯᠢᠬᠦ ᠰᠢᠭᠰᠢᠬᠦ ᠪᠥᠬᠦ ᠶᠠᠪᠣᠴᠠ ᠵᠢ ᠪᠣᠳᠠᠳᠠᠢ ᠠᠮᠢᠳᠣᠷᠠᠯ ᠥᠢ᠍ᠯᠡᠳᠦᠯᠭᠡ᠎ᠪᠠᠷ ᠲᠠᠮᠵᠢᠭᠤᠯᠵᠦ ᠭᠦᠢ᠍ᠴᠡᠳᠬᠡᠨ᠎ᠡ᠃ ᠲᠣᠬᠠᠢ ᠵᠢᠨ ᠨᠡᠶ᠋ᠢᠭᠡᠮ᠎ᠠᠴᠠ ᠲᠠᠪᠠᠭᠰᠠᠨ ᠪᠣᠶᠣ ᠲᠤᠬᠠᠢ ᠵᠢᠨ ᠠᠬᠤᠢ᠎ᠠᠴᠠ ᠵᠠᠶ᠋ᠢᠯᠠᠵᠦ ᠴᠢᠳᠠᠭ᠍ᠤ ᠬᠦᠮᠦᠨ ᠪᠠᠶ᠋ᠢᠬᠤ ᠦᠭᠡᠢ᠃ ᠬᠦᠮᠦᠨ᠎ᠤ ᠠᠮᠢᠳᠣᠷᠠᠯ ᠠᠵᠢᠯ ᠥᠢ᠍ᠯᠡᠰ᠎ᠤᠨ ᠥᠨᠴᠥᠭ ᠪᠣᠯᠣᠩ ᠠᠯᠢ ᠪᠥᠬᠦᠨ᠎ᠳᠤ᠎ᠨᠢ ᠲᠣᠬᠠᠢ ᠵᠢᠨ ᠨᠡᠶ᠋ᠢᠭᠡᠮ᠎ᠤᠨ ᠠᠭᠤᠷ ᠠᠮᠢᠰᠬᠤᠯ ᠨᠡᠪᠴᠢᠵᠦ ᠨᠥᠯᠥᠭᠡ ᠲᠣᠰᠬᠠᠯ ᠭᠠᠷᠭ᠋ᠠᠨ᠎ᠠ᠃
      ᠬᠡᠦᠬᠡᠳ ᠪᠠᠭ᠋ᠠᠴᠤᠳ᠎ᠤᠨ ᠣᠷᠣᠰᠢᠵᠦ ᠪᠥᠬᠦᠢ ᠲᠣᠬᠠᠢ ᠵᠢᠨ ᠨᠡᠶ᠋ᠢᠭᠡᠮ᠎ᠨᠢ ᠬᠡᠦᠬᠡᠳ᠎ᠢ ᠤᠯᠠᠨ ᠲᠠᠯ᠎ᠠ᠎ᠪᠠᠷ ᠬᠢᠵᠠᠭ᠋ᠠᠷᠯᠠᠭ᠍ᠤ ᠪᠥᠭᠡᠳ ᠱᠠᠭ᠋ᠠᠷᠳᠠᠨ᠎ᠠ᠃ ᠶᠢᠷᠳᠢᠨᠴᠦ ᠵᠢᠨ ᠠᠯᠢᠪᠠ ᠬᠡᠷᠡᠭ ᠪᠣᠳᠠᠰ ᠬᠡᠵᠢᠶᠡᠳᠡ ᠤᠯᠠᠷᠢᠵᠦ ᠬᠤᠪᠢᠷᠠᠭ᠍ᠤ ᠬᠦᠳᠡᠯᠭᠡᠭᠡᠨ᠎ᠤ ᠲᠤᠮᠳᠠ ᠤᠷᠤᠰᠢᠨ᠎ᠠ᠃ ᠭᠦᠭᠵᠢᠯᠳᠠ᠎ᠨᠢ ᠨᠡᠶ᠋ᠢᠭᠡᠮ᠎ᠤᠨ ᠵᠠᠶ᠋ᠢᠯᠠᠰᠢ ᠦᠭᠡᠢ ᠵᠢᠮ᠎ᠠ ᠶᠤᠰᠤ᠃ ᠨᠡᠶ᠋ᠢᠭᠡᠮ ᠬᠡᠳᠦᠢ ᠬᠥᠭᠵᠢᠬᠦ ᠲᠣᠳᠣᠮ ᠬᠦᠮᠦᠨ᠎ᠳᠤ ᠲᠠᠯᠪᠢᠬᠤ ᠱᠠᠭ᠋ᠠᠷᠳᠠᠯᠭ᠎ᠠ᠎ᠨᠢ ᠲᠡᠳᠦᠢ ᠥᠨᠳᠦᠷ ᠪᠣᠯᠣᠨ᠎ᠠ᠃ ᠲᠡᠶ᠋ᠢᠮᠦ᠎ᠳᠤ᠎ᠪᠠᠨ ᠨᠡᠶ᠋ᠢᠭᠡᠮ ᠭᠡᠳᠡᠭ ᠶᠡᠭᠡ ᠭᠡᠷ ᠪᠥᠯᠢ ᠵᠢᠨ ᠠᠭᠤᠷ ᠠᠮᠢᠰᠬᠤᠯ ᠬᠡᠳᠦᠢ ᠰᠠᠶ᠋ᠢᠨ ᠰᠠᠶ᠋ᠢᠬᠠᠨ᠂ ᠬᠡᠳᠦᠢ ᠠᠷᠢᠭᠤᠨ ᠴᠡᠪᠡᠷ ᠪᠤᠯ ᠬᠡᠦᠬᠡᠳ ᠪᠠᠭ᠋ᠠᠴᠣᠳ᠎ᠤᠨ ᠥᠰᠥᠨ ᠪᠣᠶ᠋ᠢᠵᠢᠬᠤ᠂ ᠰᠣᠶᠣᠯ ᠬᠦᠮᠦᠵᠢᠯ ᠬᠦᠷᠳᠡᠬᠦ᠎ᠳᠤ ᠲᠡᠳᠦᠢ ᠠᠴᠢ ᠲᠣᠰᠠ᠎ᠲᠠᠢ ᠪᠠᠢ᠍ᠢ᠍ᠳᠠᠬ᠃ ᠲᠥᠷᠥ ᠴᠢᠭᠴᠢ ᠪᠣᠯ ᠲᠥᠮᠡᠨ ᠠᠮᠣᠭᠤᠯᠠᠩ᠂ ᠨᠡᠶ᠋ᠢᠬᠡᠮ ᠴᠦ᠍ ᠲᠠᠶ᠋ᠢᠪᠤᠭᠤᠨ ᠪᠠᠶ᠋ᠢᠵᠦ ᠴᠢᠳᠠᠨ᠎ᠠ᠃ ᠨᠡᠶ᠋ᠢᠭᠡᠮ ᠲᠠᠶ᠋ᠢᠪᠤᠭᠤᠨ ᠪᠠᠶ᠋ᠢᠮᠠᠨᠵᠢᠨ ᠰᠠᠶᠢ ᠠᠷᠠᠳ ᠲᠦᠮᠡᠨ᠎ᠳᠤ ᠠᠰᠢᠭ ᠲᠣᠰᠠ᠎ᠲᠠᠢ ᠪᠠᠶ᠋ᠢᠵᠦ᠂ ᠰᠣᠷᠭ᠋ᠠᠨ ᠬᠦᠮᠦᠵᠢᠯ ᠬᠦᠷᠳᠡᠬᠦ ᠪᠣᠰᠣᠳᠴᠢ ᠣᠷᠴᠢᠨ ᠠᠬᠤᠢ ᠨᠥᠬᠦᠴᠡᠯ ᠪᠣᠯᠣᠯᠴᠠᠭ᠎ᠠ ᠵᠢ ᠬᠠᠨᠤᠮᠵᠢᠲᠠᠢ ᠬᠠᠩᠭ᠋ᠠᠬᠤ ᠪᠤᠯᠤᠮᠵᠢ᠎ᠲᠠᠢ ᠶᠤᠮ᠃
      ᠭᠡᠷ ᠪᠥᠯᠢ᠂ ᠪᠠᠭᠰᠢ᠂ ᠰᠣᠷᠭ᠋ᠠᠭᠤᠯᠢ᠂ ᠨᠡᠶ᠋ᠢᠬᠡᠮ ᠪᠣᠯ ᠥᠰᠬᠦ ᠨᠠᠰᠣᠨ᠎ᠤ ᠬᠡᠦᠬᠡᠳ ᠪᠠᠭ᠋ᠠᠴᠣᠳ᠎ᠤᠨ ᠥᠭᠡᠳᠡᠯᠡᠵᠦ ᠬᠥᠭᠵᠢᠬᠦ᠂ ᠠ᠋ᠰᠠᠭᠦᠯ᠎ᠠ ᠤᠷᠣᠭᠤᠳᠠᠭ᠍ᠤ ᠲᠤᠷᠤᠶ᠋ᠢᠳᠠᠭ᠍ᠤ ᠵᠢ ᠲᠣᠭᠳᠠᠭ᠋ᠠᠬᠤ ᠬᠠᠮᠤᠭ᠎ᠤᠨ ᠵᠠᠩᠬᠢᠯᠠᠭ᠎ᠠ ᠵᠢᠨ ᠠᠨᠢᠰᠣ ᠶᠤᠮ᠃ ᠨᠡᠶ᠋ᠢᠭᠡᠮ᠎ᠤᠨ ᠠᠭᠤᠷ ᠠᠮᠢᠰᠬᠤᠯ᠎ᠨᠢ ᠲᠥᠷᠥ ᠤᠯᠤᠰ᠂ ᠠᠷᠠᠳ ᠲᠥᠮᠡᠨ᠎ᠤ ᠤᠯᠠᠮᠵᠢᠯᠠᠯᠳᠦ ᠰᠣᠶᠣᠯ᠂ ᠠᠵᠦ ᠠᠬᠤᠢ᠂ ᠪᠣᠯᠪᠠᠰᠣᠨ᠎ᠤ ᠬᠢᠷᠢ ᠲᠥᠪᠰᠢᠨ ᠵᠡᠷᠭᠡ᠎ᠪᠠᠷ ᠰᠠᠭᠤᠷᠢᠯᠠᠵᠦ ᠬᠡᠦᠬᠡᠳ᠎ᠤᠨ ᠥᠰᠣᠨ ᠪᠣᠶ᠋ᠢᠵᠢᠬᠤ᠂ ᠮᠡᠳᠡᠯᠭᠡ ᠡᠵᠡᠮᠰᠢᠬᠦ᠂ ᠥᠢ᠍ᠯᠡᠰ ᠪᠥᠳᠦᠭᠡᠬᠦ᠎ᠳᠤ ᠪᠣᠰᠣᠳᠴᠢ ᠨᠥᠭᠦᠴᠡᠯ᠎ᠢ ᠬᠠᠩᠭ᠋ᠠᠬᠤ ᠶᠤᠮ᠃ ᠵᠠᠰᠠᠭ ᠲᠥᠷᠣ᠂ ᠠᠷᠠᠳ ᠲᠥᠮᠡᠨ ᠠ᠋ᠨᠡ ᠭᠦ᠌ ᠣᠷᠣᠰᠢᠨ ᠲᠣᠭᠳᠠᠨᠢᠵᠦ ᠪᠠᠶ᠋ᠢᠬᠤ ᠨᠡᠶ᠋ᠢᠭᠡᠮ᠎ᠤᠨ ᠠᠭᠤᠷ ᠠᠮᠢᠰᠬᠤᠯ᠎ᠢ ᠰᠠᠢ᠍ᠢ᠍ᠳᠤᠷ ᠠᠷᠢᠭᠤᠳᠬᠠᠨ ᠴᠡᠪᠡᠷᠯᠡᠭᠦ ᠴᠢᠬᠤᠯᠠ᠎ᠲᠠᠢ ᠶᠤᠮ᠃ ᠨᠡᠶ᠋ᠢᠬᠡᠮ᠎ᠤᠨ ᠬᠡᠰᠢᠬᠦᠨ ᠨᠢᠭᠡ ᠪᠦᠷᠢ ᠠᠷᠭ᠎ᠠ ᠪᠥᠬᠦᠨ᠎ᠢ ᠰᠥᠪᠡᠭᠴᠢᠯᠡᠵᠦ ᠬᠡᠦᠬᠡᠳ ᠪᠠᠭ᠋ᠠᠴᠣᠳ᠎ᠤᠨ ᠥᠰᠴᠦ ᠪᠣᠶ᠋ᠢᠵᠢᠬᠤ ᠬᠥᠷᠥᠰᠦ ᠰᠢᠷᠣᠢ ᠵᠢ ᠠᠷᠢᠭᠤᠨ ᠴᠡᠪᠡᠷ᠂ ᠥᠩ ᠰᠢᠮᠡᠯᠢᠭ᠂ ᠥᠨᠢᠷ ᠪᠠᠶᠠᠯᠢᠭ᠂ ᠠᠭᠤᠳᠠᠮ ᠰᠠᠷᠠᠭᠤᠯ ᠪᠠᠶ᠋ᠢᠯᠭ᠋ᠠᠬᠤ᠎ᠳᠤ ᠬᠦᠴᠦ᠎ᠪᠠᠨ ᠠ᠋ᠷᠭᠦᠵᠦ ᠲᠣᠰᠠ᠎ᠪᠠᠨ ᠥᠵᠡᠭᠦᠯᠬᠦ ᠬᠡᠷᠡᠭ᠎ᠲᠠᠢ᠃ ᠥᠨᠥᠳᠦᠷ᠎ᠤᠨ ᠠ᠋ᠨᠡ ᠭᠦ᠌ ᠣᠷᠣᠰᠢᠵᠦ ᠪᠠᠶ᠋ᠢᠬᠤ ᠨᠡᠶ᠋ᠢᠭᠡᠮ᠎ᠤᠨ ᠣᠷᠴᠢᠨ ᠠᠬᠤᠢ᠂ ᠠᠭᠤᠷ ᠠᠮᠢᠰᠬᠤᠯ ᠵᠡᠷᠭᠡ ᠤᠯᠠᠨ ᠲᠠᠯ᠎ᠠ ᠵᠢᠨ ᠰᠢᠯᠳᠠᠭ᠋ᠠᠨ᠎ᠠᠴᠠ ᠪᠣᠯᠵᠦ᠂ ᠴᠥᠭᠡᠨ ᠪᠣᠰᠣ ᠵᠠᠯᠠᠭᠤ ᠪᠠᠭ᠋ᠠᠴᠣᠳ ᠵᠣᠶ᠋ᠢᠯ᠎ᠤᠨ ᠶᠠᠯᠠᠳᠦ ᠬᠡᠷᠡᠭ ᠬᠢᠵᠦ ᠪᠠᠶ᠋ᠢᠨ᠎ᠠ᠃ ᠶᠡᠷᠦ᠎ᠨᠢ ᠪᠠᠯᠠᠮᠠᠳ ᠬᠡᠷᠴᠡᠭᠡᠢ ᠰᠥᠷᠭᠡᠤ ᠶᠠᠭᠤᠮ᠎ᠠ᠎ᠨᠢ ᠪᠣᠯᠪᠠᠰᠣᠨ ᠰᠣᠶᠣᠯ᠎ᠢ ᠪᠣᠷᠪᠢᠳᠠᠨ ᠬᠦᠮᠦᠨ ᠲᠥᠷᠣᠯᠬᠢᠳᠡᠨ᠎ᠤ ᠪᠣᠯᠪᠠᠰᠤᠨ ᠲᠡᠢ᠍ᠢ᠍ᠰᠢ ᠬᠥᠭᠵᠢᠬᠦ ᠵᠢ ᠶᠡᠭᠡ ᠬᠠᠷᠰᠢᠯᠠᠵᠦ ᠪᠠᠶ᠋ᠢᠨ᠎ᠠ᠃ ᠭᠡᠷ᠎ᠤᠨ ᠠᠬᠠᠮᠠᠳ᠎ᠤᠨ ᠪᠣᠳᠣᠯ ᠪᠣᠯᠣᠨ ᠰᠠᠨᠠᠭ᠋ᠠᠰᠢᠷᠠᠨ ᠰᠢᠨᠠᠯᠠᠳᠠᠭ᠎ᠨᠢ ᠬᠡᠦᠬᠡᠳ᠎ᠤᠨ ᠠ᠋ᠷᠡᠭᠦᠯ ᠠ᠋ᠩᠭᠡ᠂ ᠠᠵᠦ ᠠᠮᠢᠳᠣᠷᠠᠯ᠂ ᠠᠵᠢᠯ ᠥᠢ᠍ᠯᠡᠰ᠂ ᠠᠯᠣᠰ ᠢᠷᠡᠭᠡᠳᠦᠢ ᠶᠤᠮ᠃ ᠠ᠋ᠶ᠎ᠡ ᠨᠠᠶ᠋ᠢᠷ ᠪᠢᠯᠬᠠᠭᠰᠠᠨ ᠠ᠋ᠨᠡ ᠭᠦ᠌ ᠨᠡᠶ᠋ᠢᠭᠡᠮ ᠠᠬᠤᠢ᠎ᠳᠤ ᠵᠠᠯᠠᠭᠤ ᠪᠠᠭ᠋ᠠᠴᠣᠳ ᠥᠪᠡᠷ᠎ᠤᠨ ᠭᠡᠰᠡᠨ ᠣᠷᠣᠨ ᠵᠠᠢ᠎ᠪᠠᠨ ᠣᠯᠣᠨ᠎ᠠ ᠭᠡᠪᠡᠯ ᠪᠥᠬᠦ ᠲᠠᠯ᠎ᠠ᠎ᠪᠠᠷ ᠬᠦᠮᠦᠵᠢᠭᠳᠡᠵᠤ ᠭᠦᠭᠵᠢᠭᠦ ᠵᠢ ᠱᠠᠭ᠋ᠠᠷᠳᠠᠨ᠎ᠠ᠃
      ᠲᠠᠪᠤ᠂ ᠰᠡᠳᠬᠢᠴᠡ ᠵᠢᠨ ᠠ᠋ᠷᠡᠭᠦᠯ ᠮᠡᠨᠳᠦ ᠵᠢᠨ ᠬᠦᠮᠦᠵᠢᠯ
      ᠲᠡᠭᠡᠷ᠎ᠠ ᠶᠠᠷᠢᠭᠰᠠᠨ ᠭᠡᠳᠤᠨ ᠲᠠᠯ᠎ᠠ᠎ᠠᠴᠠ ᠭᠠᠳᠠᠨ᠎ᠠ᠂ ᠲᠣᠮᠳᠠᠳᠦ ᠰᠣᠷᠭ᠋ᠠᠭᠤᠯᠢ ᠪᠠᠭ᠎ᠠ ᠰᠣᠷᠭ᠋ᠠᠭᠤᠯᠢ ᠵᠢᠨ ᠰᠤᠷᠤᠭᠴᠢᠳ ᠰᠡᠳᠬᠢᠴᠡ ᠵᠢᠨ ᠠ᠋ᠷᠡᠭᠦᠯ ᠮᠡᠨᠳᠦ ᠵᠢ ᠴᠢᠬᠤᠯᠠᠴᠢᠯᠠᠨ ᠠᠳᠬᠤᠪᠠᠯ ᠵᠤᠬᠢᠨ᠎ᠠ᠃ ᠠ᠋ᠨᠡ ᠲᠠᠯ᠎ᠠ᠎ᠪᠠᠷ ᠨᠡᠶ᠋ᠢᠭᠡᠮ᠎ᠤᠨ᠎ᠬᠢᠨ ᠭᠦᠢ᠍ᠴᠡᠳ ᠭᠦᠨᠳᠤᠳᠭᠡᠭᠦ ᠦᠭᠡᠢ ᠪᠠᠶ᠋ᠢᠨ᠎ᠠ᠃ ᠰᠡᠳᠬᠢᠯ᠎ᠤᠨ ᠭᠦᠮᠦᠵᠢᠯ᠎ᠢ ᠤᠷᠢᠳᠴᠢᠯᠠᠨ ᠰᠡᠷᠭᠡᠶ᠋ᠢᠯᠡᠬᠦ ᠠ᠋ᠭᠦᠳᠡᠨ᠎ᠠᠴᠠ ᠬᠢᠪᠡᠯ ᠠᠴᠢ ᠲᠣᠰᠠ ᠶᠡᠭᠡ ᠭᠠᠷᠣᠨ᠎ᠠ᠃ ᠬᠦᠮᠦᠨ᠎ᠤ ᠪᠣᠬᠢᠨᠢᠳᠣᠯ᠎ᠢ ᠲᠠᠶ᠋ᠢᠯᠵᠦ ᠪᠠᠴᠢᠭᠤᠳᠠᠭᠰᠠᠨ ᠰᠡᠳᠬᠢᠯ᠎ᠢ ᠲᠠᠶ᠋ᠢᠪᠣᠰᠢᠷᠠᠭᠤᠯᠬᠤ ᠵᠣᠭᠤᠭ ᠶᠠᠷᠢᠯᠴᠠᠭ᠎ᠠ᠎ᠨᠢ ᠭᠠᠵᠢ ᠪᠣᠷᠣᠭᠤ ᠬᠡᠷᠡᠭ ᠬᠢᠬᠦ ᠵᠢ ᠰᠠᠷᠭᠡᠢ᠍ᠢ᠍ᠯᠡᠵᠤ ᠲᠠᠢ᠍ᠢ᠍ᠯᠳᠡᠭ᠃ ᠨᠠᠰᠣᠨ᠎ᠳᠤ ᠬᠦᠷᠦᠭᠡᠳᠦᠢ ᠬᠡᠦᠬᠡᠳ ᠪᠠᠭ᠋ᠠᠴᠣᠳ᠎ᠤᠨ ᠶᠠᠯ᠎ᠠ ᠬᠢᠵᠦ ᠪᠠᠶ᠋ᠢᠭ᠎ᠠ ᠥᠵᠡᠭᠳᠡᠯ ᠬᠠᠮᠢᠭ᠎ᠠ ᠴᠦ᠍ ᠪᠥᠷ ᠣᠷᠣᠰᠢᠵᠦ ᠪᠠᠶ᠋ᠢᠨ᠎ᠠ᠃ ᠠ᠋ᠨᠡ ᠣᠯᠠᠨ ᠬᠡᠦᠬᠡᠳ᠎ᠤᠨ ᠲᠣᠳᠣᠷ᠎ᠠ ᠰᠡᠴᠡᠨ ᠰᠡᠷᠭᠦᠯᠡᠩ ᠬᠡᠦᠬᠡᠳ ᠪᠠᠶ᠋ᠢᠬᠤ ᠯᠠ ᠶᠤᠮ᠃ ᠰᠡᠴᠡᠨ ᠰᠡᠷᠭᠦᠯᠡᠩ ᠬᠡᠦᠬᠡᠳ᠎ᠢ ᠬᠦᠮᠦᠵᠢᠭᠦᠯᠭᠦ ᠭᠡᠭᠴᠢ ᠬᠢᠯᠪᠠᠷᠬᠠᠨ ᠪᠢᠰᠢ᠃ ᠬᠠᠷᠠᠮᠰᠠᠯᠲᠠᠢ᠎ᠨᠢ ᠭᠡᠪᠡᠯ᠂ ᠦᠨᠦ ᠵᠢᠨ ᠨᠠᠢ᠍ᠢ᠍ᠭᠡᠮ᠎ᠤᠨ ᠨᠦᠭᠦᠴᠡᠯ᠎ᠨᠢ ᠰᠡᠴᠡᠨ ᠰᠡᠷᠭᠦᠯᠡᠩ ᠬᠡᠦᠬᠡᠳ᠎ᠲᠤ ᠲᠣᠬᠢᠷᠠᠭᠰᠠᠨ ᠰᠣᠷᠭ᠋ᠠᠨ ᠬᠦᠮᠦᠵᠢᠯ᠎ᠢ ᠰᠢᠰᠲ᠋ᠧᠮ᠎ᠲᠠᠢ ᠪᠥᠷᠢᠨ ᠲᠡᠭᠦᠯᠳᠡᠷ ᠭᠦᠷᠳᠡᠭᠡᠵᠦ ᠴᠢᠳᠠᠭ᠍ᠤ ᠦᠭᠡᠢ ᠪᠠᠶ᠋ᠢᠨ᠎ᠠ᠃ ᠮᠠᠯᠵᠢᠬᠤ ᠣᠷᠣᠨ᠎ᠳᠤ ᠲᠠᠭᠤᠣ ᠤᠷᠠᠯᠢᠭ᠎ᠲᠤ ᠠᠪᠢᠶᠠᠰ ᠪᠢᠯᠢᠭ᠎ᠲᠠᠢ ᠲᠣᠷ᠎ᠠ ᠪᠠᠬ᠎ᠠ᠎ᠲᠠᠢ ᠬᠡᠦᠬᠡᠳ᠎ᠤᠳ ᠪᠠᠶ᠋ᠢᠬᠤ ᠯᠠ ᠶᠤᠮ᠃ ᠭᠡᠪᠠᠴᠤ ᠲᠣᠰᠬᠠᠢ ᠮᠡᠷᠭᠡᠵᠢᠯ᠎ᠤᠨ ᠰᠠᠭᠤᠷᠢ ᠮᠡᠳᠡᠯᠭᠡ᠂ ᠥᠨᠳᠦᠰᠦᠨ ᠪᠣᠯᠪᠠᠰᠣᠷᠠᠯ᠎ᠢ ᠰᠢᠰᠲ᠋ᠧᠮ᠎ᠲᠠᠢ ᠭᠦᠢ᠍ᠴᠡᠳ ᠭᠦᠷᠳᠡᠭᠡᠵᠦ ᠴᠢᠳᠠᠭ᠍ᠤ ᠦᠭᠡᠢ ᠪᠣᠯᠬᠤᠷ ᠤᠷᠠᠯᠢᠭ᠎ᠤᠨ ᠥᠢ᠍ᠯᠡᠰ᠎ᠤᠨ ᠠᠶᠠᠨ᠎ᠤ ᠬᠠᠷᠭᠤᠢ᠎ᠳᠤ᠎ᠨᠢ ᠪᠠᠷᠳᠠᠭ᠎ᠠ ᠲᠦᠭᠦᠷᠠᠩ ᠪᠠᠢ᠍ᠢ᠍ᠨ᠎ᠠ᠃
     《ᠲᠣᠳᠦᠭ᠋ᠠᠳᠦ ᠨᠥᠭᠦᠴᠡᠯ᠎ᠨᠢ ᠭᠠᠳᠠᠭ᠋ᠠᠳᠦ ᠰᠢᠯᠳᠠᠭ᠋ᠠᠨ ᠵᠶ᠋ᠠᠷ ᠲᠠᠮᠵᠢᠵᠦ ᠥᠢ᠍ᠯᠡᠳᠦᠯ ᠭᠠᠷᠣᠨ᠎ᠠ》 ᠭᠡᠵᠦ ᠭᠦᠨ ᠤᠬᠠᠭ᠋ᠠᠨ᠎ᠳᠤ ᠬᠡᠯᠡᠳᠡᠭ᠃ ᠬᠡᠷᠪᠡ ᠥᠨᠳᠡᠭᠡᠨ᠎ᠳᠤ ᠭᠠᠳᠠᠨ᠎ᠠ᠎ᠠᠴᠠ ᠲᠣᠬᠢᠷᠠᠭᠰᠠᠨ ᠬᠠᠯᠠᠭᠤᠨ᠎ᠢ ᠦᠭᠪᠡᠯ ᠥᠨᠳᠡᠭᠡ᠎ᠨᠢ ᠲᠣᠭᠳᠠᠮᠠᠯ ᠬᠤᠭᠤᠴᠠᠭ᠋ᠠᠨ᠎ᠳᠤ᠎ᠪᠠᠨ ᠴᠣᠷᠪᠠᠭ᠎ᠠ ᠨᠡᠪᠴᠢᠨ᠎ᠡ᠃ ᠭᠡᠳᠡᠯ᠎ᠠ ᠴᠢᠯᠠᠭᠤᠨ᠎ᠳᠤ ᠲᠣᠭᠳᠠᠮᠠᠯ ᠬᠤᠭᠤᠴᠠᠭ᠎ᠠ᠎ᠲᠠᠢ ᠲᠣᠬᠢᠷᠠᠭᠰᠠᠨ ᠬᠠᠯᠠᠭᠤᠨ᠎ᠢ ᠥᠭᠭᠦᠭᠰᠡᠨ ᠴᠦ᠍ ᠬᠤᠪᠢᠷᠠᠭ᠍ᠤ ᠦᠭᠡᠢ᠃ ᠮᠥᠨ ᠥᠨᠳᠡᠭᠡᠨ᠎ᠳᠤ ᠭᠠᠳᠠᠨ᠎ᠠ᠎ᠠᠴᠠ ᠬᠠᠯᠠᠭᠤᠨ ᠥᠭᠬᠦ ᠦᠭᠡᠢ ᠪᠣᠯ ᠥᠨᠳᠡᠭᠡ ᠴᠦ᠍ ᠬᠤᠪᠢᠷᠠᠭ᠍ᠤ ᠦᠭᠡᠢ᠃ ᠠ᠋ᠨᠡ ᠶᠤᠰᠤ᠎ᠪᠠᠷ ᠬᠡᠦᠬᠡᠳ᠎ᠤᠨ ᠲᠠᠯᠳᠠ ᠬᠦᠴᠦᠨ ᠴᠦ᠍ ᠮᠥᠨ ᠬᠤᠵᠢᠮ᠎ᠤᠨ ᠠ᠋ᠳᠦᠷ᠎ᠤᠨ ᠬᠦᠮᠦᠵᠢᠭᠦᠯᠭᠦ᠎ᠪᠠᠷ ᠲᠠᠮᠵᠢᠵᠦ ᠨᠡᠭᠡᠭᠡᠭᠳᠡᠨ᠎ᠡ ᠭᠡᠰᠡᠨ᠎ᠢ ᠣᠶ᠋ᠢᠯᠠᠭ᠋ᠠᠵᠦ ᠪᠣᠯᠣᠨ᠎ᠠ᠃ ᠥᠬᠡᠷ᠎ᠲᠤ ᠶᠠᠳᠤᠭ᠎ᠠ ᠲᠡᠯᠡᠳᠬᠦ ᠪᠠ ᠭᠤᠯᠣᠩᠬᠠᠢ ᠬᠤᠨᠢ ᠵᠢ ᠲᠣᠶ᠋ᠢᠭᠯᠠᠭ᠍ᠤ ᠬᠤᠶᠠᠷ᠎ᠨᠢ ᠠ᠋ᠷᠡᠰ ᠣᠨᠳᠣᠣ ᠥᠷ᠎ᠡ ᠳ᠋ᠦᠩ᠎ᠢ ᠠᠪᠴᠢᠷᠠᠨ᠎ᠠ᠃ ᠲᠣᠶ᠋ᠢᠭᠯᠠᠭ᠍ᠣ᠎ᠨᠢ ᠠᠶ᠎ᠠ ᠲᠠᠭᠤᠣ᠎ᠪᠠᠷ ᠲᠠᠮᠵᠢᠭᠤᠯᠵᠦ ᠬᠤᠷᠠᠭ᠎ᠠ᠎ᠪᠠᠨ ᠭᠤᠯᠣᠭᠰᠠᠨ ᠬᠤᠨᠢ ᠵᠢ ᠬᠤᠷᠠᠭ᠎ᠠ᠎ᠳᠤ᠎ᠨᠢ ᠠᠮᠠᠷᠠᠭ ᠪᠣᠯᠭ᠋ᠠᠵᠦ ᠪᠠᠶ᠋ᠢᠨ᠎ᠠ᠃ ᠠ᠋ᠨᠡ ᠪᠣᠯ ᠮᠥᠨ ᠭᠠᠳᠠᠭ᠋ᠠᠳᠦ ᠬᠦᠴᠦᠨ᠎ᠤ ᠥᠢ᠍ᠯᠡᠳᠦᠯ ᠪᠤᠯᠤᠨ᠎ᠠ᠃ ᠬᠡᠦᠬᠡᠳ᠎ᠤᠨ ᠲᠠᠯᠳᠠ ᠬᠦᠴᠦᠨ᠎ᠢ ᠨᠡᠭᠡᠭᠡᠨ᠎ᠡ ᠭᠡᠳᠡᠭ ᠬᠢᠯᠪᠠᠷ ᠪᠢᠰᠢ᠃ ᠬᠡᠦᠬᠡᠳ ᠪᠠᠭ᠋ᠠᠴᠣᠳ᠎ᠤᠨ ᠰᠣᠷᠣᠯᠭ᠎ᠠ ᠵᠢᠨ ᠲᠠᠷᠣᠭ᠋ᠠᠰᠤ ᠬᠥᠨᠳᠦ᠂ ᠴᠠᠭ ᠴᠢᠯᠦᠭᠡ ᠪᠠᠴᠢᠮ ᠪᠤᠯᠬᠤᠷ ᠲᠡᠳᠡᠨ᠎ᠤ ᠰᠠᠨᠠᠭ᠎ᠠ ᠪᠣᠳᠣᠯ᠎ᠤᠨ ᠠ᠋ᠮᠵᠡᠭ ᠠᠷᠬᠠᠭ᠎ᠢ ᠣᠶ᠋ᠢᠯᠠᠭ᠋ᠠᠬᠤ᠎ᠳᠤ ᠭᠦᠴᠢᠷ᠂ ᠵᠠᠰᠠᠵᠦ ᠵᠠᠯᠠᠷᠠᠭᠤᠯᠬᠤ᠎ᠳᠤ ᠴᠤ᠌ ᠬᠡᠴᠡᠭᠦᠦ ᠪᠠᠶ᠋ᠢᠳᠠᠭ᠃ ᠬᠡᠦᠬᠡᠳ ᠪᠠᠭ᠋ᠠᠴᠣᠳ᠎ᠢ ᠪᠠᠶ᠋ᠢᠭ᠋ᠠᠯᠢ ᠨᠡᠶ᠋ᠢᠭᠡᠮ ᠬᠤᠶᠠᠷ᠎ᠲᠠᠢ ᠢᠯᠡᠭᠦᠣ ᠤᠢ᠍ᠢ᠍ᠷᠠᠳᠤᠭᠤᠯᠵᠤ ᠬᠠᠷᠠᠴᠠ ᠵᠢ᠎ᠨᠢ ᠥᠷᠭᠡᠳᠬᠡᠵᠦ ᠪᠣᠳᠠᠳᠦ ᠠᠮᠢᠳᠣᠷᠠᠯ᠎ᠤᠨ ᠲᠣᠮᠳᠠ ᠲᠠᠳᠣᠯᠭ᠎ᠠ ᠬᠢᠯᠭᠡᠭᠦ᠎ᠨᠢ ᠶᠡᠭᠡ ᠠᠴᠢ ᠲᠣᠰᠠ᠎ᠲᠠᠢ ᠪᠠᠢ᠍ᠢ᠍ᠳᠠᠬ᠃ ᠰᠤᠶᠣᠯ ᠤᠷᠠᠯᠢᠭ᠎ᠤᠨ ᠰᠡᠬᠡᠭᠡᠷᠡᠯ᠎ᠤᠨ ᠬᠤᠭᠤᠴᠠᠭ᠋ᠠᠨ᠎ᠳᠤ ᠨᠡᠷ᠎ᠡ ᠭᠠᠷᠣᠭᠰᠠᠨ ᠬᠦᠮᠦᠰ᠎ᠤᠨ ᠤᠯᠠᠩᠬᠢ᠎ᠨᠢ ᠪᠠᠯᠴᠢᠷ ᠨᠠᠰᠣᠨ᠎ᠤ ᠬᠦᠮᠦᠵᠢᠯ᠎ᠢ ᠰᠢᠰᠲ᠋ᠧᠮ᠎ᠲᠠᠢ ᠬᠦᠷᠳᠡᠭᠰᠡᠨ ᠭᠡᠵᠦ ᠰᠡᠭᠦᠯ᠎ᠤᠨ ᠥᠶ᠎ᠡ ᠵᠢᠨ ᠠᠵᠢᠭᠯᠠᠭᠴᠢ ᠣᠯᠵᠦ ᠮᠡᠳᠡᠭᠰᠡᠨ ᠪᠠᠶ᠋ᠢᠪᠠ᠃ ᠪᠠᠯᠴᠢᠷ ᠥᠶ᠎ᠡ᠎ᠳᠤ᠎ᠪᠠᠨ ᠠᠯᠳᠠᠵᠦ ᠣᠷᠬᠢᠭᠰᠠᠨ ᠵᠥᠢ᠍ᠯ᠎ᠢ ᠪᠠᠭ᠎ᠠ ᠨᠠᠰᠣᠨ᠎ᠳᠤ᠎ᠪᠠᠨ ᠣᠯᠵᠦ ᠴᠢᠳᠠᠭ᠍ᠣ ᠦᠭᠡᠢ᠂ ᠨᠠᠰᠣᠨ᠎ᠳᠤ ᠬᠦᠷᠪᠡᠯ ᠨᠡᠩ ᠴᠦ᠍ ᠠ᠋ᠷᠡᠮᠡᠯᠵᠡᠯ ᠦᠭᠡᠢ ᠪᠣᠯᠣᠨ᠎ᠠ᠃ ᠵᠠᠷᠢᠮ ᠬᠡᠦᠬᠡᠳ᠎ᠨᠢ ᠭᠡᠷ᠎ᠲᠤ᠎ᠪᠠᠨ ᠬᠠᠶ᠋ᠢᠷ᠎ᠠ ᠲᠣᠳᠠᠵᠦ ᠠ᠋ᠷᠭᠡ ᠴᠢᠯᠥᠭᠡ᠂ ᠣᠷᠣᠨ ᠪᠠᠶ᠋ᠢᠷᠢ ᠦᠭᠡᠢ ᠪᠠᠶ᠋ᠢᠬᠤ᠂ ᠵᠠᠷᠢᠮ ᠰᠤᠷᠤᠭᠴᠢ ᠰᠣᠷᠭ᠋ᠠᠭᠤᠯᠢ᠎ᠳᠤ᠎ᠪᠠᠨ ᠣᠴᠢᠪᠠᠯ ᠬᠠᠮᠳᠤ ᠰᠤᠷᠤᠯᠭ᠋ᠠᠳᠠᠨ᠎ᠳᠤ᠎ᠪᠠᠨ ᠲᠠᠷᠣᠯᠠᠭᠳᠠᠵᠦ᠂ ᠵᠦᠢ᠍ᠯ᠎ᠤᠨ ᠰᠢᠯᠳᠠᠭ᠋ᠠᠨ᠎ᠠᠴᠠ ᠤᠯᠠᠨᠳᠠ ᠰᠣᠷᠭ᠋ᠠᠭᠤᠯᠢ ᠰᠢᠯᠵᠢᠬᠦ᠂ ᠰᠣᠷᠣᠯᠭ᠎ᠠ ᠵᠣᠭᠰᠣᠬᠤ᠂ ᠭᠡᠷ᠎ᠠᠴᠠ᠎ᠪᠠᠨ ᠤᠷᠭᠤᠬᠤ᠂ ᠣᠨᠴᠠ ᠵᠠᠷᠢᠮ᠎ᠨᠢ ᠪᠡᠶ᠎ᠡ᠎ᠪᠠᠨ ᠬᠤᠣᠷᠯᠠᠭ᠍ᠤ ᠥᠵᠡᠭᠳᠡᠯ ᠭᠠᠷᠴᠦ ᠪᠠᠶ᠋ᠢᠨ᠎ᠠ᠃ ᠬᠡᠷᠪᠡ ᠬᠦᠮᠦᠨ᠎ᠤ ᠤᠶᠣᠨ ᠰᠠᠨᠠᠭ᠎ᠠ ᠬᠠᠷᠰᠢ ᠰᠠᠭ᠋ᠠᠳ᠎ᠲᠠᠢ ᠪᠣᠯᠪᠠᠯ ᠵᠢᠯᠤᠭᠤᠳᠬᠤ ᠲᠥᠪ᠎ᠨᠢ ᠠᠰᠠᠭᠤᠳᠠᠯ᠎ᠲᠠᠢ ᠪᠣᠯᠬᠤ᠎ᠨᠢ ᠲᠡᠷᠡ᠃ ᠬᠦᠮᠦᠨ᠎ᠤ ᠵᠢᠯᠤᠭᠤᠳᠬᠤ ᠲᠥᠪ᠎ᠨᠢ ᠬᠡᠪ᠎ᠤᠨ ᠵᠢᠷᠣᠮ ᠵᠶ᠋ᠠᠨ ᠠᠯᠳᠠᠭ᠍ᠤ᠎ᠳᠤ ᠬᠦᠷᠪᠡᠯ ᠬᠠᠮᠤᠭ᠎ᠤᠨ ᠲᠥᠪᠡᠭ᠎ᠲᠠᠢ ᠪᠣᠯᠣᠨ᠎ᠠ᠃ ᠬᠦᠮᠦᠨ᠎ᠤ ᠠᠯᠢᠪᠠ ᠥᠢ᠍ᠯᠡ ᠠᠵᠢᠯᠯᠠᠭ᠎ᠠ᠎ᠨᠢ ᠬᠠᠮᠤᠭ᠎ᠤᠨ ᠠ᠋ᠷᠡᠭᠦᠯ ᠰᠠᠷᠠᠭᠤᠯ ᠤᠬᠠᠭ᠋ᠠᠨ ᠪᠣᠳᠣᠯ᠎ᠤᠨ ᠰᠠᠭᠤᠷᠢ ᠲᠡᠭᠡᠷ᠎ᠡ ᠶᠠᠪᠣᠭᠳᠠᠪᠠᠯ ᠲᠠᠭ᠋ᠠᠷᠠᠭ᠍ᠤ ᠶᠤᠮ᠃ ᠬᠦᠮᠦᠨ᠎ᠳᠤ ᠶᠠᠮᠠᠷ ᠨᠢᠭᠡ ᠠᠷᠬᠠᠭ ᠪᠠᠶ᠋ᠢᠵᠦ ᠪᠣᠯᠣᠨ᠎ᠠ᠂ ᠭᠡᠪᠡᠴᠦ ᠲᠥᠪ ᠮᠡᠳᠡᠷᠡᠯ᠎ᠤᠨ ᠠᠰᠠᠭᠤᠳᠠᠯ ᠪᠠᠶ᠋ᠢᠵᠦ ᠪᠣᠯᠬᠤ ᠦᠭᠡᠢ᠃ ᠰᠤᠳᠤᠯᠭ᠋ᠠᠳᠠᠳ᠎ᠤᠨ ᠦᠵᠠᠭᠦ᠎ᠪᠠᠷ ᠣᠳᠣᠬᠠᠨ᠎ᠳᠤ ᠲᠠᠯᠠᠭᠡᠢ ᠵᠢᠨ ᠪᠥᠮᠪᠥᠷᠴᠡᠭ ᠲᠠᠭᠡᠷ᠎ᠡ ᠠᠮᠢᠳᠣᠷᠠᠵᠦ ᠪᠠᠶ᠋ᠢᠭ᠎ᠠ ᠬᠦᠮᠦᠰ᠎ᠤᠨ 1/10᠎ᠨᠢ ᠤᠬᠠᠭ᠋ᠠᠨ ᠮᠡᠳᠡᠷᠡᠯ᠎ᠤᠨ ᠭᠦᠨᠭᠭᠡᠨ ᠭᠡᠮ ᠠᠷᠬᠠᠬ᠎ᠲᠠᠢ ᠭᠡᠵᠦ ᠪᠠᠶ᠋ᠢᠨ᠎ᠠ᠃ ᠰᠣᠷᠣᠯᠭ᠎ᠠ ᠠᠮᠢᠳᠣᠷᠠᠯ ᠠᠵᠢᠯ ᠥᠢ᠍ᠯᠡᠰ᠎ᠤᠨ ᠶᠠᠪᠣᠴᠠ᠎ᠳᠤ ᠢᠯᠠᠭᠳᠠᠭ᠍ᠣ᠎ᠨᠢ ᠠᠶᠣᠮᠰᠢᠭ᠎ᠲᠠᠢ ᠪᠢᠰᠢ᠂ ᠬᠠᠷᠢᠨ ᠢᠯᠠᠭᠳᠠᠭ᠍ᠤ᠎ᠠᠴᠠ ᠰᠥᠷᠳᠡᠭᠰᠡᠨ ᠰᠡᠳᠬᠢᠴᠡ ᠪᠤᠯ ᠬᠠᠮᠤᠭ᠎ᠤᠨ ᠠᠶᠣᠯ᠎ᠲᠠᠢ ᠶᠤᠮ᠃ 《ᠮᠡᠳᠡᠷᠡᠯ᠎ᠤᠨ ᠴᠢᠨᠠᠷ᠎ᠲᠠᠢ ᠬᠤᠳᠣᠭᠤᠳᠦᠨ᠎ᠤ ᠠᠷᠬᠠᠭ》 ᠭᠡᠬᠦ ᠨᠣᠮ᠎ᠳᠤ᠂ 《ᠬᠤᠳᠦᠭᠤᠳᠦᠨ᠎ᠤ ᠰᠢᠷᠬᠠᠯᠠᠭ᠎ᠠ ᠵᠢᠨ ᠠ᠋ᠭᠦᠰᠦᠯ᠎ᠨᠢ ᠴᠢᠨᠤ ᠶᠠᠭᠤ ᠢᠳᠡᠭᠰᠡᠨ᠎ᠳᠤ ᠪᠠᠶ᠋ᠢᠬᠤ ᠪᠢᠰᠢ᠂ ᠬᠠᠷᠢᠨ ᠴᠢᠨᠣ ᠶᠠᠭᠤᠨ᠎ᠳᠤ ᠰᠡᠳᠬᠢᠯ ᠰᠢᠨᠠᠯᠡᠵᠦ ᠪᠠᠶ᠋ᠢᠬᠤ᠎ᠳᠤ ᠪᠠᠶ᠋ᠢᠨ᠎ᠠ》 ᠭᠡᠵᠡᠢ᠃ ᠨᠠᠷᠢᠨ ᠠᠵᠢᠭᠯᠠᠵᠦ ᠰᠢᠨᠵᠢᠯᠡᠬᠦ᠎ᠳᠤ ᠬᠡᠦᠬᠡᠳ᠎ᠤᠨ ᠰᠡᠳᠬᠢᠴᠠ ᠵᠢᠨ ᠠ᠋ᠷᠡᠭᠦᠯ ᠮᠡᠨᠳᠦ ᠵᠢᠨ ᠠᠰᠠᠭᠤᠳᠠᠯ ᠪᠣᠯ ᠲᠣᠶ᠋ᠢᠯ᠎ᠤᠨ ᠨᠠᠷᠢᠯᠢᠬ ᠤᠶᠤᠨ᠎ᠤ ᠬᠥᠳᠡᠯᠮᠥᠷᠢ ᠱᠠᠭ᠋ᠠᠷᠳᠠᠭᠳᠠᠳᠠᠬ᠃ ᠶᠠᠮᠠᠷ ᠴᠦ᠍ ᠪᠠᠶ᠋ᠢᠳᠠᠯ᠎ᠤᠨ ᠲᠣᠣᠷ᠎ᠠ ᠬᠡᠦᠬᠡᠳ᠎ᠤᠨ ᠪᠡᠶ᠎ᠡ᠎ᠪᠠᠨ ᠬᠥᠨᠳᠦᠳᠬᠡᠬᠦ ᠰᠡᠳᠬᠢᠯ᠎ᠢ ᠬᠥᠨᠳᠡᠵᠦ ᠪᠣᠯᠬᠤ ᠦᠭᠡᠢ᠃
      ᠵᠢᠷᠭᠤᠭ᠎ᠠ᠂ ᠬᠡᠦᠬᠡᠳ᠎ᠤᠨ ᠪᠠᠶ᠎ᠠ ᠮᠠᠬᠠᠪᠤᠳ᠎ᠤᠨ ᠠ᠋ᠷᠡᠭᠦᠯ ᠮᠡᠨᠳᠦ
      ᠭᠡᠷ᠎ᠤᠨ ᠠᠬᠠᠮᠠᠳ᠎ᠤᠨ ᠠ᠋ᠮᠦᠨ᠎ᠡ ᠲᠣᠯᠭ᠋ᠠᠷᠠᠵᠦ ᠪᠠᠶ᠋ᠢᠭ᠎ᠠ ᠪᠠᠰᠠ ᠨᠢᠭᠡ ᠴᠢᠬᠤᠯᠠ ᠠᠰᠠᠭᠤᠳᠠᠯ ᠪᠣᠯ ᠬᠡᠦᠬᠡᠳ᠎ᠤᠨ ᠪᠠᠶ᠎ᠠ ᠮᠠᠬᠠᠪᠤᠳ᠎ᠤᠨ ᠠ᠋ᠷᠡᠭᠦᠯ ᠮᠡᠨᠳᠦ ᠪᠤᠯᠤᠨ᠎ᠠ᠃ ᠥᠰᠬᠦ ᠨᠠᠰᠣᠨ᠎ᠤ ᠬᠡᠦᠬᠡᠳ᠎ᠤᠨ ᠪᠠᠶ᠎ᠠ ᠮᠠᠬᠠᠪᠤᠳ᠎ᠤᠨ ᠠ᠋ᠷᠡᠭᠦᠯ ᠮᠡᠨᠳᠦ ᠪᠤᠯ ᠠᠮᠢᠳᠤᠷᠠᠯ ᠰᠤᠷᠤᠯᠭ᠎ᠠ ᠵᠢᠨ ᠬᠢᠨᠢ ᠤᠷᠢᠳᠠᠯ ᠨᠥᠬᠦᠴᠡᠯ ᠪᠣᠯᠬᠤ ᠶᠤᠮ᠃ ᠣᠳᠣ ᠵᠥᠪᠬᠡᠨ ᠬᠡᠦᠬᠡᠳ᠎ᠤᠨ ᠬᠠᠷᠠᠭ᠎ᠠ ᠵᠢ ᠬᠠᠮᠠᠭ᠋ᠠᠯᠠᠭ᠍ᠣ ᠨᠢᠭᠡ ᠯᠠ ᠠᠰᠠᠭᠤᠳᠠᠯ᠎ᠳᠤ ᠬᠦᠴᠢᠷ ᠲᠥᠪᠡᠭ ᠲᠣᠯᠭ᠋ᠠᠷᠠᠵᠦ ᠠᠷᠭ᠎ᠠ ᠪᠠᠷᠠᠭᠳᠠᠭᠤᠯᠵᠦ ᠰᠠᠨᠠᠭ᠎ᠠ ᠠᠯᠳᠠᠭᠤᠯᠵᠦ ᠪᠠᠶ᠋ᠢᠨ᠎ᠠ᠃ ᠰᠢᠯ ᠵᠡᠭᠦᠬᠦ ᠦᠭᠡᠢ ᠬᠡᠦᠬᠡᠳ᠎ᠤᠨ ᠲᠤᠭ᠎ᠠ ᠠ᠋ᠳᠦᠷ᠎ᠠᠴᠠ ᠠ᠋ᠳᠦᠷ ᠴᠥᠭᠡᠷᠡᠵᠦ ᠪᠠᠶ᠋ᠢᠨ᠎ᠠ᠃ ᠬᠤᠯᠪᠤᠭᠳᠠᠬᠤ ᠮᠠᠲᠸᠷᠢᠶᠠᠯ᠎ᠢ ᠦᠨᠳᠤᠰᠤᠯᠠᠪᠠᠯ᠂ ᠠᠮᠧᠷᠢᠺᠠ ᠵᠢᠨ ᠪᠠᠭ᠎ᠠ ᠰᠣᠷᠭ᠋ᠠᠭᠤᠯᠢ ᠵᠢᠨ ᠬᠡᠦᠬᠡᠳ᠎ᠤᠨ ᠰᠣᠷᠣᠯᠭ᠎ᠠ ᠵᠢᠨ ᠲᠠᠷᠣᠭ᠋ᠠᠰᠣ ᠬᠥᠩᠭᠡᠨ ᠪᠠᠶ᠋ᠢᠵᠦ ᠨᠢᠳᠦ᠎ᠪᠠᠨ ᠬᠥᠰᠢᠳᠡᠯ᠎ᠡ᠂ ᠭᠠᠷ ᠵᠶ᠋ᠠᠨ ᠡᠪᠡᠷᠰᠢᠳᠡᠯ᠎ᠡ᠂ ᠣᠨᠳᠠᠭ᠍ᠣ ᠴᠠᠭ ᠦᠭᠡᠢ ᠪᠣᠯᠳᠠᠯ᠎ᠠ ᠲᠠᠰᠬᠠᠯ ᠬᠢᠬᠦ ᠦᠭᠡᠢ᠃ ᠬᠠᠷᠢᠨ ᠭᠡᠷ᠎ᠤᠨ ᠭᠠᠳᠠᠨᠠᠬᠢ ᠬᠦᠳᠡᠯᠭᠡᠭᠡᠨ ᠠᠷᠪᠢᠨ᠃ ᠠᠭᠤᠯᠠ ᠲᠠᠯ᠎ᠠ ᠣᠰᠣ ᠭᠤᠪᠢ᠎ᠪᠠᠷ ᠬᠡᠬᠡᠷᠡᠯᠡᠵᠦ ᠨᠠᠭ᠋ᠠᠳᠬᠤ᠎ᠨᠢ ᠠᠷᠪᠢᠨ᠃ ᠨᠡᠶ᠋ᠢᠳᠡ ᠵᠢᠨ ᠴᠡᠴᠡᠷᠯᠢᠭ᠎ᠲᠤ ᠪᠠᠶ᠎ᠠ ᠵᠢᠨ ᠲᠠᠮᠢᠷ᠎ᠤᠨ ᠲᠠᠯᠠᠪᠠᠢ᠂ ᠲᠠᠮᠢᠷ᠎ᠤᠨ ᠬᠡᠷᠡᠭᠰᠡᠯ᠎ᠤᠨ ᠵᠦᠢ᠍ᠯ ᠪᠥᠷᠢᠨ ᠪᠠᠶ᠋ᠢᠨ᠎ᠠ᠃ ᠲᠡᠳᠡ ᠪᠠᠶ᠎ᠠ ᠵᠢᠨ ᠲᠠᠮᠢᠷ᠎ᠤᠨ ᠬᠦᠳᠡᠯᠭᠡᠭᠡᠨ᠎ᠳᠤ ᠶᠠᠳᠠᠷᠠᠵᠦ ᠬᠥᠰᠢᠳᠡᠯ᠎ᠡ᠎ᠪᠠᠨ ᠣᠷᠣᠯᠴᠠᠨ᠎ᠠ᠃ ᠮᠠᠨ᠎ᠤ ᠣᠯᠣᠰ᠎ᠤᠨ ᠬᠡᠦᠬᠡᠳ ᠪᠣᠯ ᠣᠶᠣᠨ ᠰᠠᠨᠠᠭ᠎ᠠ ᠪᠠ ᠪᠡᠶ᠎ᠡ ᠮᠠᠭ᠍ᠠᠪᠣᠳ ᠬᠤᠶᠠᠷ ᠲᠠᠯ᠎ᠠ ᠵᠢᠨ ᠲᠠᠷᠣᠭ᠋ᠠᠰᠣ ᠵᠢ ᠬᠥᠯᠢᠶᠡᠵᠦ ᠥᠰᠴᠦ ᠪᠠᠶ᠋ᠢᠨ᠎ᠠ᠃ ᠢᠳᠡᠭᠡᠨ ᠣᠮᠳᠠᠭ᠋ᠠᠨ᠂ ᠣᠰᠣ᠂ ᠠᠭ᠋ᠠᠷ᠂ ᠤᠷᠴᠢᠨ ᠠᠬᠤᠢ᠂ ᠠᠮᠢᠳᠣᠷᠠᠯ᠎ᠳᠤ ᠱᠠᠭ᠋ᠠᠷᠳᠠᠭᠳᠠᠭ᠍ᠤ ᠵᠦᠢ᠍ᠯ ᠪᠤᠬᠢᠷᠳᠤᠵᠤ ᠪᠠᠢ᠍ᠢ᠍ᠨ᠎ᠠ᠃ ᠣᠳᠣ ᠪᠣᠯ ᠰᠣᠷᠣᠭ᠋ᠠᠳ ᠪᠠᠷᠠᠭ᠍ᠤ ᠦᠭᠡᠢ᠂ ᠰᠣᠷᠣᠭ᠋ᠠᠳ ᠵᠣᠭᠰᠣᠬᠤ ᠦᠭᠡᠢ ᠴᠠᠭ ᠥᠶ᠎ᠡ ᠪᠣᠯᠣᠭᠰᠠᠨ᠃ ᠬᠢᠴᠢᠶᠡᠯ᠎ᠤᠨ ᠲᠥᠷᠣᠯ ᠣᠯᠠᠨ᠂ ᠠᠭᠤᠯᠭ᠎ᠠ᠎ᠨᠢ ᠭᠦᠨ ᠵᠡᠷᠭᠡ ᠰᠢᠯᠳᠠᠭ᠋ᠠᠨ᠎ᠠᠴᠠ ᠪᠣᠯᠵᠦ ᠬᠡᠦᠬᠡᠳ ᠰᠣᠷᠬᠤ᠎ᠠᠴᠠ᠎ᠪᠠᠨ ᠠ᠋ᠮᠦᠨ᠎ᠡ ᠬᠠᠯᠠᠰᠢᠷᠠᠭ᠎ᠠ ᠪᠣᠯᠵᠦ ᠪᠡᠶ᠎ᠡ ᠰᠡᠳᠬᠢᠯ ᠲᠡᠭᠡᠷ᠎ᠡ᠎ᠪᠠᠨ ᠲᠠᠷᠣᠭ᠋ᠠᠰᠣ ᠶᠡᠭᠡ ᠪᠠᠶ᠋ᠢᠨ᠎ᠠ᠃
      ᠪᠠᠭᠴᠠᠯᠠᠭ᠋ᠠᠳ ᠭᠡᠯᠡᠪᠡᠯ᠂ ᠰᠤᠷᠤᠭᠴᠢᠳ᠎ᠢ ᠶᠤᠰᠤ ᠮᠤᠷᠠᠯ᠂ ᠤᠶᠤᠨ ᠤᠬᠠᠭ᠋ᠠᠨ᠂ ᠪᠠᠶ᠎ᠠ ᠮᠠᠬᠠᠪᠤᠳ᠂ ᠭᠤᠸ᠎ᠠ ᠰᠠᠢ᠍ᠢ᠍ᠬᠠᠨ᠂ ᠭᠦᠳᠠᠯᠮᠤᠷᠢ ᠵᠡᠷᠭᠡ ᠪᠦᠭᠦ ᠲᠠᠯ᠎ᠠ᠎ᠪᠠᠷ ᠭᠦᠭᠵᠢᠭᠰᠡᠨ ᠭᠦᠮᠦᠨ ᠪᠤᠯᠭ᠋ᠠᠨ ᠭᠦᠮᠦᠵᠢᠭᠦᠯᠭᠦ᠎ᠳᠤ ᠭᠡᠷ ᠪᠦᠯᠢ᠂ ᠰᠤᠷᠭ᠋ᠠᠭᠤᠯᠢ᠂ ᠨᠠᠢ᠍ᠢ᠍ᠭᠡᠮ᠎ᠤᠨ ᠦᠢ᠍ᠯᠠᠳᠤᠯ ᠴᠢᠳᠠᠮᠵᠢ ᠵᠢ ᠪᠦᠷᠢᠮᠤᠰᠤᠨ ᠪᠠᠳᠠᠷᠠᠭᠤᠯᠬᠤ ᠭᠡᠷᠡᠭᠳᠠᠢ᠃


            ᠠᠵᠢᠯᠯᠠᠵᠤ ᠪᠠᠢ᠍ᠢ᠍ᠭ᠎ᠠ ᠪᠠᠢ᠍ᠢ᠍ᠭᠤᠯᠭ᠎ᠠ᠄ ᠰᠢᠯᠣᠭᠤᠨ ᠬᠥᠪᠡᠭᠡᠳᠦ ᠴᠠᠭ᠋ᠠᠨ
                                      ᠬᠤᠰᠢᠭᠤᠨ᠎ᠤ ᠨᠠᠮ᠎ᠤᠨ ᠰᠣᠷᠭ᠋ᠠᠭᠤᠯᠢ
                                          (ᠠᠯᠳᠠᠨᠰᠦᠢ᠍ᠭᠡ ᠨᠠᠢ᠍ᠢ᠍ᠷᠠᠭᠤᠯᠪᠠ)
                                          2021 ᠣᠨ᠎ᠤ 3 ᠳ᠋ᠤᠭ᠋ᠠᠷ ᠬᠤᠭᠤᠴᠠᠭ᠎ᠠ

ᠢᠷᠡᠯᠲᠡ᠄ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠤᠨ᠎ᠤ ᠰᠤᠷᠭ᠋ᠠᠨ ᠬᠥᠮᠦᠵᠢᠯ᠎ᠤᠨ ᠲᠢᠩᠬᠢᠮ
          
ᠬᠠᠮᠢᠶ᠎ᠡ ᠪᠦᠬᠦᠢ ᠰᠣᠨᠢᠨ
ᠬᠡᠥᠬᠡᠳ ᠵᠶ᠋ᠠᠨ ᠦᠪᠡᠷ᠎ᠤᠨ ᠭᠢᠨᠢ ᠠᠶ᠎ᠠ᠎ᠪᠠᠷ ᠦᠰᠭᠡᠶ᠎ᠡ
ᠴᠡᠴᠡᠷᠯᠢᠭ ᠪᠤᠯᠤᠨ ᠬᠡᠷ ᠪᠦᠯᠢ ᠵᠢᠨ ᠬᠠᠮᠳᠤᠷᠠᠯᠴᠠᠭ᠎ᠠ᠎ᠳᠤ ᠵᠢᠷᠭᠢᠶᠡᠨ᠎ᠤ ᠨᠡᠶ᠋ᠢᠳᠡ ᠵᠢᠨ ᠲᠠᠪᠴᠠᠩ᠎ᠢ ᠬᠡᠷᠬᠢᠨ ᠠᠰᠢᠭᠯᠠᠭ᠍ᠤ ᠲᠤᠬᠠᠢ ᠲᠦᠭᠦᠮ ᠦᠬᠦᠯᠡᠬᠦ᠎ᠨᠢ
ᠬᠡᠥᠭᠡᠳ᠎ᠤᠨ ᠰᠤᠨᠤᠰᠴᠥ ᠶᠠᠷᠢᠬᠤ ᠴᠢᠳᠠᠪᠤᠷᠢ ᠵᠢ ᠬᠦᠮᠦᠵᠢᠬᠦᠯᠬᠦ ᠳᠤᠬᠠᠢ
ᠠᠴᠢ ᠬᠠᠷᠢᠭᠤᠯᠠᠯᠲᠠ ᠵᠢᠨ ᠬᠦᠮᠦᠵᠢᠯ᠎ᠢ ᠰᠠᠶ᠋ᠢᠲᠤᠷ ᠬᠢᠶ᠎ᠡ
ᠰᠤᠷᠤᠭᠴᠢᠳ᠎ᠲᠤ ᠰᠡᠳᠭᠢᠴᠡ ᠵᠢᠨ ᠠ᠋ᠷᠡᠭᠦᠯ ᠮᠡᠨᠳᠦ ᠵᠢᠨ ᠬᠦᠮᠦᠵᠢᠯ᠎ᠢ ᠬᠡᠷᠬᠢᠨ ᠬᠢᠬᠦ ᠪᠤᠢ
 
             蒙ICP备05000248号