ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠰᠤᠷᠭᠠᠨ ᠬᠦᠮᠦᠵᠢᠯ᠎ᠤᠨ ᠬᠠᠨᠲᠤᠯᠭ᠎ᠠ
ᠰᠣᠨᠤᠷ᠎ᠤᠨ ᠲᠠᠪᠴᠠᠩ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠰᠣᠨᠤᠷ᠎ᠤᠨ ᠲᠠᠪᠴᠠᠩ   -   ᠬᠡᠣᠬᠡᠳ᠎ᠤᠨ ᠬᠦᠮᠦᠵᠢᠯ
ᠬᠡᠥᠬᠡᠳ ᠵᠶ᠋ᠠᠨ ᠦᠪᠡᠷ᠎ᠤᠨ ᠭᠢᠨᠢ ᠠᠶ᠎ᠠ᠎ᠪᠠᠷ ᠦᠰᠭᠡᠶ᠎ᠡ
ᠨᠡᠶ᠋ᠢᠲᠡᠯᠡᠭᠰᠡᠨ ᠴᠠᠭ᠄ 2021-08-20

 

                                ᠲᠤᠩᠭ᠋ᠠᠯᠠᠭ


      ᠦᠷ᠎ᠡ ᠬᠡᠥᠬᠡᠳ ᠵᠶ᠋ᠠᠨ ᠭᠦᠮᠦᠵᠢᠭᠦᠯᠬᠦ ᠪᠤᠯ ᠡᠴᠢᠭᠡ ᠠ᠋ᠭᠡ ᠵᠢᠨ ᠲᠠᠶᠠᠭᠳᠠᠵᠤ ᠪᠤᠯᠤᠰᠢ ᠦᠭᠡᠢ ᠠ᠋ᠭᠦᠷᠭᠡ ᠬᠠᠷᠢᠭᠤᠴᠠᠯᠭ᠎ᠠ ᠪᠤᠯᠬᠤ ᠶᠤᠮ᠃ ᠭᠡᠳᠦᠶ᠋ᠢᠪᠡᠷ ᠰᠤᠷᠭ᠋ᠠᠨ ᠭᠦᠮᠦᠵᠢᠯ᠎ᠤᠨ ᠶᠠᠪᠤᠴᠠ᠎ᠳᠤ ᠰᠤᠷᠭ᠋ᠠᠭᠤᠯᠢ᠂ ᠨᠠᠶ᠋ᠢᠭᠡᠮ᠂ ᠭᠡᠷ ᠪᠦᠯᠢ ᠴᠦᠮ ᠵᠤᠭᠢᠬᠤ ᠭᠡᠮᠵᠢᠶᠡᠨ᠎ᠤ ᠬᠠᠷᠢᠭᠤᠴᠠᠯᠭ᠎ᠠ ᠵᠢ ᠠ᠋ᠭᠦᠷᠭᠡᠯᠡᠵᠤ ᠪᠠᠶ᠋ᠢᠭ᠎ᠠ ᠪᠤᠯᠪᠠᠴᠤ ᠭᠡᠷ᠎ᠤᠨ ᠭᠦᠮᠦᠵᠢᠯ᠎ᠨᠢ ᠰᠤᠷᠭ᠋ᠠᠭᠤᠯᠢ ᠵᠢᠨ ᠭᠦᠮᠦᠵᠢᠯ ᠪᠠ ᠨᠠᠶ᠋ᠢᠭᠡᠮ᠎ᠤᠨ ᠭᠦᠮᠦᠵᠢᠯ᠎ᠢ ᠤᠷᠤᠯᠠᠵᠤ ᠪᠤᠯᠤᠰᠢ ᠦᠭᠡᠢ ᠪᠠᠶ᠋ᠢᠷᠢ ᠰᠠᠭᠤᠷᠢ ᠪᠠ ᠤᠶ᠋ᠢᠯᠡᠳᠤᠯ᠎ᠲᠠᠢ ᠪᠠᠶ᠋ᠢᠳᠠᠭ᠃ ᠠᠪᠤ ᠡᠵᠢ ᠪᠤᠯ ᠭᠡᠤᠭᠡᠳ᠎ᠤᠨ ᠠᠨᠭ᠌ᠬᠠᠨ᠎ᠤ ᠪᠠᠭᠰᠢ᠂ ᠮᠦᠨ ᠴᠤ᠌ ᠨᠠᠰᠤᠨ ᠲᠤᠷᠰᠢ ᠵᠢᠨ ᠪᠠᠭᠰᠢ ᠪᠤᠯᠬᠤ ᠶᠤᠮ᠃ ᠭᠡᠷ᠎ᠤᠨ ᠭᠦᠮᠦᠵᠢᠯ᠎ᠤᠨ ᠰᠠᠶ᠋ᠢᠨ ᠮᠠᠭᠤ᠎ᠨᠢ ᠭᠡᠤᠭᠡᠳ᠎ᠤᠨ ᠨᠢᠭᠡ ᠨᠠᠰᠤ ᠵᠢ ᠰᠢᠭᠤᠳ ᠨᠦᠯᠦᠭᠡᠯᠡᠳᠡᠭ᠂ ᠴᠢᠨᠠᠭᠰᠢᠯᠠᠪᠠᠯ ᠤᠯᠤᠰ ᠦᠨᠳᠤᠰᠤᠳᠠᠨ᠎ᠤ ᠢᠷᠡᠭᠡᠳᠤᠢ ᠵᠢᠨ ᠭᠦᠭᠵᠢᠯ ᠪᠠ ᠭᠦᠴᠦᠷᠭᠡᠭᠵᠢᠯ᠎ᠲᠠᠢ ᠬᠤᠯᠪᠤᠭᠳᠠᠵᠤ ᠪᠠᠢ᠍ᠢ᠍ᠳᠠᠬ᠃
      ᠰᠢᠨ᠎ᠡ ᠲᠡᠦᠭᠡᠨ ᠠ᠋ᠷᠢᠨ᠎ᠳᠤ ᠭᠡᠷ᠎ᠤᠨ ᠭᠦᠮᠦᠵᠢᠯ᠎ᠨᠢ ᠦᠩᠭᠡᠷᠡᠭᠰᠡᠨ᠎ᠤ ᠠᠯᠢ ᠴᠤ᠌ ᠴᠠᠭ ᠦᠶ᠎ᠡ᠎ᠠᠴᠠ ᠢᠯᠡᠭᠦᠤ ᠬᠠᠳᠠᠭᠤ ᠰᠢᠯᠭ᠋ᠠᠯᠳᠠ᠎ᠳᠤ ᠲᠤᠯᠭ᠋ᠠᠷᠠᠵᠤ ᠪᠠᠶ᠋ᠢᠨ᠎ᠠ᠃ ᠲᠤᠬᠠᠢ᠍ᠢ᠍ᠯᠠᠪᠠᠯ᠂ ᠵᠠᠷᠢᠮ ᠭᠡᠷ᠎ᠤᠨ ᠠᠬᠠᠮᠠᠳ ᠲᠡᠩᠳᠡᠭᠦᠤ ᠠ᠋ᠷᠲᠡᠨ᠎ᠠᠴᠠ ᠭᠡᠤᠭᠡᠳ᠎ᠲᠤ᠎ᠪᠠᠨ ᠬᠤᠵᠢᠮ᠎ᠤᠨ ᠵᠠᠮ᠎ᠢ᠎ᠨᠢ ᠲᠦᠯᠦᠪᠯᠡᠵᠤ ᠦᠭᠭᠦᠭᠡᠳ᠂ ᠨᠦᠭᠦᠴᠡᠯ ᠰᠠᠶ᠋ᠢᠨᠳᠠᠢ ᠴᠡᠴᠡᠷᠯᠢᠭ᠎ᠲᠤ ᠭᠦᠷᠭᠡᠭᠦ᠂ ᠭᠤᠥᠯᠳᠠᠯᠭ᠎ᠠ᠎ᠲᠠᠢ ᠳᠤᠮᠳᠠᠳᠤ ᠪᠠᠭ᠎ᠠ ᠰᠤᠷᠭ᠋ᠠᠭᠤᠯᠢ᠂ ᠲᠡᠭᠦᠨᠴᠢᠯᠡᠨ ᠭᠠᠳᠠᠭ᠋ᠠᠳᠤ᠎ᠳᠤ ᠰᠤᠷᠤᠯᠴᠠᠭᠤᠯᠬᠤ ᠵᠢᠴᠢ ᠠ᠋ᠨᠡ ᠲᠤᠷ᠎ᠠ ᠰᠤᠨᠢᠷᠬᠠᠯ᠎ᠤᠨ ᠠᠩᠭᠢ᠎ᠳᠤ ᠨᠡᠷ᠎ᠡ ᠮᠡᠳᠡᠭᠦᠯᠳᠠᠯ᠎ᠠ᠂ ᠲᠡᠷᠡ ᠲᠡᠭᠡᠭᠰᠢᠯᠡᠭᠦᠯᠬᠦ ᠠᠩᠭᠢ᠎ᠳᠤ ᠭᠦᠷᠭᠡᠭᠡᠳ ᠮᠤᠩᠭᠢᠨᠠᠨ᠎ᠠ᠃ ᠲᠠᠭᠡᠪᠡᠯ ᠠ᠋ᠢ᠍ᠢ᠍ᠮᠦᠷᠭᠦᠦ ᠪᠠᠢ᠍ᠢ᠍ᠳᠠᠯ ᠴᠤᠬᠤᠮ ᠵᠤᠬᠢᠰᠳᠠᠢ ᠤᠤ? ᠦᠭᠡᠢ ᠤᠤ? ᠲᠤᠤᠷ᠎ᠠ ᠠ᠋ᠭᠦᠨ᠎ᠳᠤ ᠬᠠᠨᠳᠤᠭᠤᠯᠤᠨ ᠭᠡᠤᠭᠡᠳ ᠵᠶ᠋ᠠᠨ ᠦᠪᠡᠷ᠎ᠤᠨ ᠭᠢᠨᠢ ᠠᠶ᠎ᠠ᠎ᠪᠠᠷ ᠦᠰᠭᠡᠭᠦ ᠵᠢ ᠰᠠᠨᠠᠭ᠋ᠠᠴᠢᠯᠠᠭᠰᠠᠨ ᠴᠤᠯᠭᠤᠶ᠋ᠢᠬᠠᠨ ᠦᠵᠡᠯᠳᠠ᠎ᠪᠠᠨ ᠶᠠᠷᠢᠶ᠎ᠠ ᠭᠡᠰᠡᠨ ᠶᠤᠮ᠃
      ᠨᠢᠭᠡ᠂ ᠠᠪᠤ ᠡᠵᠢ ᠪᠤᠯᠤᠭᠰᠠᠳ ᠠ᠋ᠷᠭᠡᠪᠰᠢ ᠭᠡᠪ ᠶᠠᠷᠤᠮᠳᠡᠭ ᠰᠡᠳᠬᠢᠯ᠎ᠲᠠᠢ ᠪᠠᠶ᠋ᠢᠬᠤ ᠭᠡᠷᠡᠭᠲᠡᠢ᠃
      ᠲᠡᠩᠳᠡᠭᠦᠤ ᠠ᠋ᠷᠲᠡᠨ᠎ᠠᠴᠠ ᠠᠮᠢᠳᠤᠷᠠᠯ᠎ᠤᠨ ᠲᠠᠷᠤᠭ᠋ᠠᠰᠤ ᠵᠢ ᠭᠡᠤᠭᠡᠳ᠎ᠤᠨ ᠪᠡᠶ᠎ᠠ ᠰᠡᠳᠭᠢᠯ᠎ᠳᠤ ᠲᠤᠬᠤᠵᠤ ᠪᠤᠯᠬᠤ ᠦᠭᠡᠢ᠃ ᠪᠠᠭ᠎ᠠ ᠵᠢᠨ ᠦᠶ᠎ᠡ᠎ᠳᠤ ᠭᠦᠮᠦᠨ ᠪᠦᠭᠦᠨ ᠰᠠᠶ᠋ᠢᠨ ᠰᠠᠶ᠋ᠢᠬᠠᠨ ᠭᠦᠰᠡᠯ ᠮᠦᠷᠦᠭᠡᠳᠤᠯ᠎ᠲᠠᠢ ᠪᠠᠶ᠋ᠢᠳᠠᠭ᠃ ᠵᠦᠪᠭᠡᠨ ᠲᠡᠷᠡ ᠯᠡ ᠭᠦᠰᠡᠯ ᠵᠡᠭᠦᠳᠦᠨ ᠲᠤᠳᠤᠷ᠎ᠠ᠎ᠠᠴᠠ ᠡᠯ᠎ᠡ ᠵᠦᠢ᠍ᠯ᠎ᠤᠨ ᠶᠠᠭᠤᠮ᠎ᠠ ᠵᠢ ᠰᠡᠳᠭᠢᠨ ᠪᠦᠲᠦᠭᠡᠵᠤ ᠴᠢᠳᠠᠨ᠎ᠠ᠃ 《ᠠᠮᠵᠢᠯᠲᠠ ᠤᠯᠬᠤ ᠵᠢᠨ ᠤᠭᠢ ᠬᠠᠷᠠᠯᠲᠠ ᠪᠤᠯ ᠬᠠᠮᠤᠭ᠎ᠤᠨ ᠦᠨ᠎ᠡ ᠴᠠᠨ᠎ᠠ᠎ᠲᠠᠢ ᠨᠢᠭᠡ᠎ᠨᠢ ᠪᠢᠰᠢ᠂ ᠬᠠᠷᠢᠨ ᠬᠠᠮᠤᠭ᠎ᠤᠨ ᠠᠮᠠᠷᠬᠠᠨ ᠪᠡᠶᠡᠯᠡᠭᠳᠡᠭᠦ ᠨᠢᠭᠡ᠎ᠨᠢ ᠪᠠᠶ᠋ᠢᠬᠤ ᠶᠤᠰᠤᠲᠡᠢ》᠃ ᠭᠡᠷ᠎ᠤᠨ ᠠᠬᠠᠮᠠᠳ᠎ᠤᠨ ᠬᠠᠷᠢᠭᠤᠴᠠᠯᠭ᠎ᠠ ᠪᠤᠯ ᠭᠡᠤᠭᠡᠳ ᠵᠶ᠋ᠠᠨ ᠬᠠᠷᠠᠭ᠍ᠠᠨ ᠪᠠᠭ᠎ᠠ᠎ᠠᠴᠠ᠎ᠨᠢ ᠢᠯᠡᠭᠦᠭᠡᠨ ᠵᠢᠯᠤᠭᠤᠳᠴᠤ᠂ ᠲᠡᠮᠵᠢᠵᠤ᠂ ᠵᠤᠷᠢᠬ᠍ᠵᠢᠭᠤᠯᠵᠤ ᠪᠠᠶ᠋ᠢᠪᠠᠯ ᠪᠤᠯᠴᠢᠬᠠᠨ᠎ᠠ᠂ ᠬᠠᠷᠢᠨ ᠲᠤᠭ᠎ᠠ ᠲᠤᠮᠰᠢ ᠦᠭᠡᠢ ᠠ᠋ᠭᠦᠷᠭᠡ ᠳᠠᠷᠤᠭ᠋ᠠᠰᠤ᠎ᠪᠠᠷ ᠭᠡᠤᠭᠡᠳ᠎ᠢ ᠰᠢᠬᠠᠮᠳᠠᠭᠤᠯᠵᠤ ᠪᠤᠯᠬᠤ ᠦᠭᠡᠢ᠃
      ᠰᠤᠨᠢᠷᠬᠠᠯᠲᠠᠢ᠎ᠨᠢ ᠤᠶ᠋ᠢᠷ᠎ᠠ ᠵᠢᠨ ᠵᠢᠯ ᠵᠠᠷᠢᠮ ᠵᠠᠯᠠᠭᠤ ᠭᠡᠷ᠎ᠤᠨ ᠠᠬᠠᠮᠠᠳ᠂ ᠬᠤᠰᠢᠭᠤ ᠪᠠᠯᠭ᠋ᠠᠰᠤᠨ᠎ᠤ ᠰᠤᠷᠭ᠋ᠠᠨ ᠭᠦᠮᠦᠵᠢᠯ᠎ᠢ ᠲᠤᠭᠤᠬᠤ ᠦᠭᠡᠢ᠂ ᠭᠡᠤᠭᠡᠳ᠎ᠨᠢ ᠴᠡᠴᠡᠷᠯᠢᠭ᠎ᠲᠤ ᠤᠷᠤᠬᠤ ᠦᠶᠡᠰ᠎ᠠᠴᠠ᠎ᠪᠠᠨ ᠠ᠋ᠭᠢᠯᠡᠨ ᠠᠵᠢᠯ᠎ᠠᠴᠠ᠎ᠪᠠᠨ ᠠᠮᠠᠷᠠᠭᠰᠠᠨ ᠠᠪᠤ ᠡᠵᠢ ᠵᠢ᠎ᠪᠠᠨ ᠬᠤᠲᠠ᠎ᠳᠤ ᠨᠡᠭᠦᠯᠭᠡᠵᠤ ᠠᠪᠴᠢᠷᠠᠭ᠋ᠠᠳ ᠭᠡᠤᠭᠡᠳ ᠵᠶ᠋ᠠᠨ ᠬᠠᠷᠠᠭᠤᠯᠵᠤ ᠪᠢᠴᠢᠭ ᠦᠵᠠᠭᠦᠯᠵᠤ ᠪᠠᠶ᠋ᠢᠨ᠎ᠠ᠃ ᠠ᠋ᠨᠡ᠎ᠨᠢ ᠤᠶ᠋ᠢᠷ᠎ᠠ ᠵᠢᠨ ᠵᠢᠯ᠎ᠳᠤ ᠭᠦᠮᠦᠰ᠎ᠤᠨ ᠠᠩᠬᠠᠷᠤᠯ᠎ᠢ ᠲᠠᠲᠠᠭ᠋ᠠᠳ ᠪᠠᠶ᠋ᠢᠭ᠎ᠠ 《ᠭᠡᠷ᠎ᠤᠨ ᠮᠤᠬᠤᠷ ᠰᠠᠭᠢᠭᠰᠠᠨ ᠭᠡᠤᠭᠡᠳ》᠎ᠲᠠᠢ ᠶᠠᠮᠠᠷ ᠢᠯᠭ᠋ᠠᠭ᠎ᠠ᠎ᠲᠠᠢ ᠪᠠᠶ᠋ᠢᠨ᠎ᠠ ᠪᠤᠢ? 《ᠭᠡᠷ᠎ᠤᠨ ᠮᠤᠬᠤᠷ ᠰᠠᠭᠢᠭᠰᠠᠨ ᠭᠡᠤᠭᠡᠳ》 ᠪᠤᠯ ᠠᠪᠤ ᠡᠵᠢ᠎ᠨᠢ ᠬᠤᠲᠠ᠎ᠳᠤ ᠤᠷᠤᠵᠤ ᠭᠦᠯᠦᠰᠦᠨ ᠠᠵᠢᠯ ᠭᠢᠵᠤ᠂ ᠭᠡᠥᠭᠡᠳ᠎ᠨᠢ ᠭᠦᠲᠡᠭᠡ᠎ᠳᠤ ᠦᠯᠡᠲᠡᠨ᠎ᠠ᠃ ᠠ᠋ᠲᠡ ᠨᠠᠷ ᠪᠤᠯ ᠬᠠᠷᠢᠨ ᠠᠪᠤ ᠡᠵᠢ᠎ᠨᠢ ᠭᠡᠷ᠎ᠲᠤ᠎ᠪᠠᠨ ᠦᠯᠡᠲᠡᠭᠡᠳ᠂ ᠭᠡᠥᠭᠡᠳ᠎ᠨᠢ ᠬᠤᠲᠠ᠎ᠳᠤ ᠤᠷᠤᠵᠤ ᠪᠢᠴᠢᠭ ᠦᠵᠡᠨ᠎ᠡ᠃ ᠦᠨᠡᠨ᠎ᠳᠤ᠎ᠪᠠᠨ ᠮᠦᠨ ᠴᠢᠨᠠᠷ ᠲᠡᠭᠡᠷ᠎ᠡ᠎ᠪᠠᠨ ᠠᠲᠠᠯᠢᠬᠠᠨ ᠪᠢᠰᠢᠤ ᠤᠤ? ᠢᠩᠭᠢᠵᠤ ᠭᠢᠭᠦ᠎ᠨᠢ ᠨᠢᠭᠡ ᠲᠠᠯ᠎ᠠ᠎ᠪᠠᠷ ᠭᠡᠥᠭᠡᠳ ᠠᠪᠤ ᠡᠵᠢ᠎ᠲᠠᠢ᠎ᠪᠠᠨ ᠬᠠᠶ᠋ᠢᠷ᠎ᠠ ᠰᠡᠳᠭᠢᠯᠭᠡ ᠵᠢᠨ ᠰᠤᠯᠢᠯᠴᠠᠭ᠎ᠠ ᠲᠤᠳᠠᠮᠠᠬ ᠪᠤᠯᠤᠨ᠎ᠠ᠂ ᠨᠦᠭᠦᠭᠡ ᠲᠠᠯ᠎ᠠ᠎ᠪᠠᠷ ᠨᠠᠰᠤᠲᠠᠶ᠋ᠢᠴᠦᠳ ᠭᠡᠳᠤᠶ᠋ᠢᠪᠠᠷ ᠠᠮᠢᠲᠤᠷᠠᠯ ᠲᠡᠭᠡᠷ᠎ᠡ᠎ᠨᠢ ᠭᠡᠥᠭᠡᠳ᠎ᠢ ᠬᠠᠷᠠᠭ᠋ᠠᠯᠵᠠᠵᠤ ᠳᠡᠶ᠋ᠢᠯᠭᠦ ᠪᠤᠯᠪᠠᠴᠤ ᠰᠤᠷᠭ᠋ᠠᠨ ᠭᠦᠮᠦᠵᠢᠯ᠎ᠤᠨ ᠲᠠᠯ᠎ᠠ᠎ᠪᠠᠷ ᠢᠯᠭ᠋ᠠᠭ᠎ᠠ᠎ᠲᠠᠢ ᠪᠠᠶ᠋ᠢᠵᠤ᠂ ᠭᠡᠥᠭᠡᠳ᠎ᠲᠠᠢ᠎ᠪᠠᠨ ᠭᠦᠢ᠍ᠴᠡᠳ ᠭᠡᠮᠵᠢᠶᠡᠨ᠎ᠤ ᠰᠡᠳᠭᠢᠯ᠎ᠤᠨ ᠰᠤᠯᠢᠯᠴᠠᠭ᠎ᠠ ᠬᠢᠭᠦ ᠲᠡᠶ᠋ᠢᠯᠭᠦ ᠦᠭᠡᠢ ᠶᠤᠮ᠃
      ᠬᠤᠶᠠᠷ᠂ ᠠᠪᠤ ᠡᠵᠢ ᠪᠤᠯᠤᠭᠰᠠᠳ ᠪᠦᠭᠦᠨ᠎ᠢ ᠤᠷᠤᠯᠡᠨ ᠭᠢᠵᠤ ᠪᠤᠯᠬᠤ ᠦᠭᠡᠢ᠃
      ᠭᠡᠥᠭᠡᠳ ᠦᠰᠴᠤ ᠭᠦᠮᠦᠵᠢᠭᠦ᠎ᠳᠤ ᠦᠨᠲᠦᠰᠦᠨ᠎ᠳᠤ᠎ᠪᠠᠨ ᠲᠡᠭᠦᠨ᠎ᠤ ᠦᠪᠡᠷ᠎ᠤᠨ ᠭᠢᠨᠢ ᠤᠴᠢᠷ ᠵᠦᠢ᠂ ᠠᠶᠠᠨᠳᠠᠭ᠋ᠠᠨ᠎ᠤ ᠶᠠᠪᠤᠴᠠ ᠪᠠᠢ᠍ᠢ᠍ᠳᠠᠬ᠃ ᠭᠡᠦᠭᠡᠳ ᠦᠪᠡᠷ ᠵᠶ᠋ᠠᠨ ᠤᠶ᠋ᠢᠯᠡᠲᠦᠯᠭᠡ ᠵᠢᠨ ᠲᠤᠮᠲᠠ ᠦᠰᠦᠨ ᠪᠦᠢ᠍ᠵᠢᠵᠤ᠂ ᠠᠮᠵᠢᠯᠲᠠ ᠢᠯᠠᠭᠲᠠᠯ᠎ᠤᠨ ᠲᠤᠮᠳᠠ ᠲᠤᠷᠰᠢᠯᠭ᠎ᠠ ᠰᠤᠷᠭ᠋ᠠᠮᠵᠢ ᠬᠤᠷᠠᠮᠲᠤᠭᠤᠯᠬᠤ᠎ᠨᠢ ᠴᠢᠬᠤᠯᠠ᠃ 《ᠪᠦᠲᠦᠷᠢᠭᠦ ᠦᠭᠡᠢ ᠪᠤᠯ ᠤᠬᠠᠭ᠋ᠠᠷᠠᠭ᠍ᠤ ᠦᠭᠡᠢ》᠂ ᠪᠢᠲᠠ ᠭᠡᠤᠭᠡᠳ᠎ᠢ ᠨᠢᠭᠡ ᠨᠠᠰᠤ᠎ᠪᠠᠷ ᠵᠶ᠋ᠠᠨ ᠪᠦᠳᠦᠷᠢᠭᠦ ᠵᠢ ᠭᠦᠰᠡᠭᠦ ᠦᠭᠡᠢ᠂ ᠭᠡᠪᠡᠴᠤ ᠲᠠᠳᠠᠨ᠎ᠢ ᠠ᠋ᠭᠡᠲᠡᠷᠡᠭᠡᠨ ᠪᠤᠳᠤᠯᠢᠶᠠᠨᠲᠠᠢ ᠠᠮᠢᠳᠤᠷᠠᠯ᠎ᠢ ᠠᠷᠭ᠋ᠠᠴᠠᠭ᠋ᠠᠬᠤ ᠴᠢᠳᠠᠪᠤᠷᠢ᠎ᠲᠠᠢ ᠪᠤᠯᠬᠤ ᠵᠢ ᠭᠦᠰᠡᠨ᠎ᠡ᠃ ᠲᠡᠭᠡᠷᠡᠭᠢ ᠵᠢᠱ᠌ᠢᠶ᠎ᠡ ᠮᠡᠲᠤ᠎ᠪᠠᠷ ᠪᠤᠯ ᠭᠡᠥᠭᠡᠳ ᠶᠠᠭ᠋ᠠᠭᠢᠵᠤ ᠦᠰᠴᠦ ᠭᠦᠮᠦᠵᠢᠵᠤ ᠴᠢᠲᠠᠭ᠍ᠤ ᠪᠤᠢ? ᠦᠨᠦ ᠵᠢᠨ ᠭᠡᠴᠢᠨᠡᠭᠡᠨ ᠭᠡᠥᠭᠡᠳ ᠠ᠋ᠶ᠋ᠢᠮᠤ ᠶᠠᠩᠵᠤ᠎ᠪᠠᠷ ᠭᠡᠷ᠎ᠤᠨ ᠠᠬᠠᠮᠠᠳ᠎ᠤᠨ ᠭᠡᠳᠤ ᠠ᠋ᠷᠳᠠ᠎ᠠᠴᠠ ᠲᠦᠰᠦᠪᠯᠡᠵᠦ ᠦᠭᠭᠦᠭᠰᠡᠨ ᠵᠠᠮ ᠵᠶ᠋ᠠᠷ ᠭᠦᠨᠳᠤ ᠳᠠᠷᠤᠭ᠋ᠠᠰᠤ᠎ᠲᠠᠢ ᠭᠡᠯᠳᠤᠷᠢᠵᠤ ᠪᠠᠢ᠍ᠢ᠍ᠬᠤ ᠵᠢ ᠪᠤᠤ ᠮᠠᠳᠠ᠃
      ᠠ᠋ᠶ᠋ᠢᠮᠤ᠎ᠠᠴᠠ ᠪᠢᠳᠠ ᠭᠡᠥᠭᠡᠳ᠎ᠲᠤ᠎ᠪᠠᠨ ᠬᠠᠷᠠᠭ᠍ᠠᠨ ᠪᠠᠭ᠎ᠠ᠎ᠠᠴᠠ᠎ᠨᠢ 《ᠬᠦᠮᠦᠨ᠎ᠢ ᠲᠦᠰᠢᠭᠦ ᠪᠤᠯ ᠲᠦᠷ ᠵᠠᠭᠤᠷ᠎ᠠ ᠵᠢᠨ᠂ ᠦᠪᠡᠷ᠎ᠢ᠎ᠪᠠᠨ ᠲᠦᠰᠢᠭᠦ ᠪᠤᠯ ᠦᠨᠢ ᠠ᠋ᠭᠦᠷᠢᠳᠡ ᠵᠢᠨ》 ᠭᠡᠳᠡᠭ ᠶᠤᠰᠤ ᠵᠢ ᠮᠡᠳᠡᠭᠦᠯᠪᠡᠯ ᠲᠠᠭ᠋ᠠᠷᠠᠨ᠎ᠠ᠃ ᠭᠡᠥᠭᠡᠳ᠎ᠤᠨ ᠦᠪᠡᠷ᠎ᠤᠨ ᠭᠢᠨᠢ ᠤᠴᠢᠷ᠎ᠲᠤ ᠭᠡᠷ᠎ᠤᠨ ᠠᠬᠠᠮᠠᠳ ᠭᠠᠷ ᠲᠦᠷᠭᠦ ᠦᠭᠡᠢ ᠪᠤᠯ ᠰᠠᠶ᠋ᠢᠨ᠃ ᠵᠢᠱ᠌ᠢᠶᠡᠯᠡᠪᠠᠯ᠄ ᠪᠠᠭ᠎ᠠ᠎ᠠᠴᠠ᠎ᠨᠢ ᠨᠢᠭᠤᠷ ᠭᠠᠷ ᠤᠭᠢᠶᠠᠭ᠍ᠤ᠂ ᠬᠤᠪᠴᠠᠰᠤ ᠬᠤᠨᠠᠷ ᠠ᠋ᠮᠦᠰᠭᠦ ᠲᠡᠭᠦᠨᠴᠢᠯᠡᠨ ᠲᠠᠰᠬᠠᠯ ᠲᠠᠭ᠋ᠠᠭ᠋ᠠᠯᠭ᠋ᠠᠪᠤᠷᠢ᠎ᠪᠠᠨ ᠪᠡᠶᠡᠯᠡᠭᠦᠯᠭᠦ᠎ᠳᠤ᠎ᠨᠢ ᠭᠡᠵᠢᠶᠡᠳᠡ ᠬᠠᠵᠠᠭᠤ᠎ᠳᠤ᠎ᠨᠢ ᠰᠠᠭᠤᠵᠤ ᠰᠠᠭᠢᠵᠤ ᠪᠤᠯᠬᠤ ᠦᠭᠡᠢ᠃ ᠵᠠᠷᠢᠮ ᠭᠡᠥᠭᠡᠳ ᠬᠠᠵᠠᠭᠤ᠎ᠳᠤ᠎ᠨᠢ ᠭᠦᠮᠦᠨ ᠰᠠᠭᠢᠬᠤ ᠦᠭᠡᠢ ᠪᠤᠯ ᠲᠠᠰᠬᠠᠯ ᠭᠢᠳᠡᠭ ᠦᠭᠡᠢ᠃ ᠠ᠋ᠨᠡ᠎ᠨᠢ ᠭᠡᠷ᠎ᠤᠨ ᠠᠬᠠᠮᠠᠳ᠎ᠤᠨ ᠠᠷᠭ᠎ᠠ ᠪᠠᠷᠢᠯ ᠲᠠᠭ᠋ᠠᠷᠠᠭ᠍ᠤ ᠦᠭᠡᠢ ᠮᠠᠭᠤ ᠵᠠᠩᠰᠢᠯ᠎ᠲᠠᠢ ᠪᠤᠯᠭ᠋ᠠᠭᠰᠠᠨ᠎ᠢ ᠬᠠᠷᠠᠭᠤᠯᠵᠤ ᠪᠠᠶ᠋ᠢᠭ᠎ᠠ᠃
      ᠦᠨᠡᠨ᠎ᠳᠤ᠎ᠪᠠᠨ ᠭᠡᠥᠭᠡᠳ᠎ᠤᠨ ᠲᠠᠯᠳᠠ ᠴᠢᠲᠠᠪᠤᠷᠢ ᠪᠤᠯ ᠭᠦᠮᠦᠨ᠎ᠢ ᠰᠤᠴᠢᠭ᠋ᠠᠮ᠎ᠠ ᠪᠠᠶ᠋ᠢᠳᠠᠭ᠃ ᠠᠪᠤ ᠡᠵᠢ ᠪᠤᠯᠤᠭᠰᠠᠳ ᠭᠠᠷ ᠲᠠᠯᠪᠢᠨ ᠭᠡᠥᠭᠡᠳ ᠵᠶ᠋ᠠᠷ ᠭᠢᠯᠭᠡᠳᠡᠭ ᠯᠡ ᠶᠤᠮ ᠪᠤᠯ ᠭᠡᠤᠭᠡᠳ ᠶᠠᠭᠤ ᠵᠢ ᠴᠤ᠌ ᠭᠢᠵᠤ ᠴᠢᠳᠠᠨ᠎ᠠ᠃ ᠠ᠋ᠳᠦᠷ᠎ᠲᠤ᠎ᠪᠠᠨ ᠠ᠋ᠨᠡ ᠲᠡᠷᠡ ᠵᠢ ᠵᠠᠭᠢᠭᠰᠠᠭ᠋ᠠᠷ ᠪᠠᠶ᠋ᠢᠭ᠋ᠠᠳ ᠭᠡᠥᠭᠡᠳ ᠪᠦᠷ ᠪᠡᠶ᠎ᠡ᠎ᠪᠠᠨ ᠳᠠᠭ᠋ᠠᠭ᠋ᠠᠬᠤ ᠴᠢᠳᠠᠪᠤᠷᠢ ᠦᠭᠡᠢ ᠪᠤᠯᠵᠤ᠂ ᠦᠪᠡᠷ᠎ᠤᠨ ᠪᠡᠶ᠎ᠡ᠎ᠳᠤ᠎ᠪᠠᠨ ᠢᠲᠡᠭᠡᠯ ᠦᠭᠡᠢ ᠮᠦᠷᠲᠡᠭᠡᠨ ᠤᠯᠠᠮ ᠠᠯᠠᠩ ᠰᠠᠯᠠᠩ ᠪᠤᠯᠴᠢᠬᠠᠨ᠎ᠠ᠃ ᠶᠠᠭᠤ ᠪᠦᠭᠦᠨ᠎ᠢ ᠤᠷᠤᠯᠠᠵᠤ ᠭᠢᠭᠰᠡᠭᠡᠷ ᠪᠠᠶ᠋ᠢᠭ᠋ᠠᠳ ᠡᠴᠤᠰ᠎ᠲᠤ᠎ᠪᠠᠨ 《ᠪᠢᠴᠢᠬᠠᠨ ᠬᠠᠭ᠋ᠠᠨ》 ᠭᠦᠮᠦᠵᠢᠭᠦᠯᠵᠤ᠂ ᠦᠪᠡᠷ ᠵᠶ᠋ᠠᠨ ᠲᠡᠳᠡᠨ᠎ᠤ 《ᠪᠤᠭᠤᠯ》 ᠪᠤᠯᠴᠢᠬᠠᠨ᠎ᠠ᠃ ᠢᠩᠭᠢᠵᠤ ᠦᠰᠦᠭᠰᠡᠨ ᠭᠡᠥᠭᠡᠳ ᠬᠤᠪᠢᠨᠴᠢᠷ᠂ ᠵᠠᠯᠬᠠᠭᠤ ᠮᠦᠷᠲᠡᠭᠡᠨ ᠶᠡᠭᠡᠷᠭᠡᠭ ᠵᠠᠩ᠎ᠲᠠᠢ᠂ ᠭᠦᠷᠲᠡᠭᠦ ᠠ᠋ᠳ᠋ᠯᠡᠭᠦ᠂ ᠵᠢᠷᠭ᠋ᠠᠬᠤ ᠵᠢ ᠯᠡ ᠪᠤᠳᠤᠨ᠎ᠠ᠃ ᠭᠡᠳᠤᠢ ᠲᠤᠮᠤ ᠭᠦᠮᠦᠨ ᠪᠤᠯᠤᠯ᠎ᠠ ᠭᠡᠰᠡᠨ ᠴᠤ᠌ ᠠᠪᠤ ᠡᠵᠢ ᠵᠢᠨ ᠵᠶ᠋ᠠᠨ ᠵᠤᠪᠠᠯ ᠵᠦᠳᠡᠷᠡᠯ᠎ᠢ ᠮᠡᠳᠡᠭᠦ ᠦᠭᠡᠢ᠂ ᠡᠴᠦᠰ᠎ᠲᠤ᠎ᠪᠠᠨ ᠰᠡᠳᠭᠢᠯ ᠰᠢᠮᠰᠢᠷᠡᠭᠦ᠎ᠨᠢ ᠬᠠᠰᠢ ᠯᠠ ᠠᠪᠦ ᠡᠵᠢ᠎ᠨᠢ ᠪᠤᠯᠤᠨ᠎ᠠ᠃ ᠠ᠋ᠶ᠋ᠢᠮᠤ᠎ᠠᠴᠠ ᠬᠠᠷᠠᠭ᠍ᠠᠨ ᠪᠠᠭ᠎ᠠ᠎ᠠᠴᠠ᠎ᠨᠢ ᠭᠡᠥᠭᠡᠳ᠎ᠤᠨ ᠬᠠᠷᠢᠭᠤᠴᠠᠯᠭ᠋ᠠᠲᠤ ᠰᠡᠳᠭᠢᠯ ᠲᠡᠰᠪᠤᠷᠢ ᠬᠠᠲᠠᠭᠤᠵᠢᠯᠲᠠᠢ ᠵᠠᠩ ᠴᠢᠨᠠᠷ᠎ᠢ ᠭᠦᠮᠦᠵᠢᠭᠦᠯᠭᠦ ᠭᠡᠷᠡᠭᠲᠡᠢ᠃
      ᠭᠤᠷᠪᠠ᠂ ᠠᠪᠤ ᠡᠵᠢ ᠪᠤᠯᠤᠭᠰᠠᠳ ᠭᠡᠥᠭᠡᠳ ᠵᠶ᠋ᠠᠨ ᠭᠦᠨᠳᠦᠳᠭᠡᠵᠤ ᠢᠲᠡᠭᠡᠭᠦ ᠭᠡᠷᠡᠭᠲᠡᠢ᠃
      ᠤᠳᠤᠬᠠᠨ᠎ᠳᠤ᠂ ᠭᠡᠴᠢᠨᠡᠨ ᠭᠡᠤᠭᠡᠳ ᠲᠤᠮᠤᠴᠤᠥᠯ᠎ᠤᠨ ᠤᠶ᠋ᠢᠯᠠᠭ᠋ᠠᠬᠤ ᠵᠢ ᠭᠦᠰᠡᠵᠤ᠂ ᠰᠡᠳᠭᠢᠯ ᠤᠶ᠋ᠢᠳᠬᠠᠷᠯᠠᠨ ᠵᠤᠪᠠᠵᠤ᠂ ᠭᠡᠴᠢᠨᠡᠨ ᠭᠡᠤᠭᠡᠳ ᠭᠤᠤᠯᠳᠠᠯᠭ᠋ᠠᠳᠤ ᠰᠤᠷᠭ᠋ᠠᠭᠤᠯᠢ᠎ᠳᠤ ᠤᠷᠤᠵᠤ ᠴᠢᠳᠠᠭ᠍ᠤ ᠦᠭᠡᠢ ᠪᠡᠶ᠎ᠡ᠎ᠪᠠᠨ ᠬᠤᠤᠷᠯᠠᠵᠤ ᠪᠠᠶ᠋ᠢᠬᠤ᠂ ᠭᠡᠴᠢᠨᠡᠨ ᠭᠡᠥᠭᠡᠳ ᠠᠪᠤ ᠡᠵᠢ ᠵᠢᠨ ᠵᠶ᠋ᠠᠨ ᠰᠢᠬᠠᠮᠳᠠᠭᠤᠯᠤᠯ ᠲᠤᠥᠷ᠎ᠠ ᠭᠡᠷ᠎ᠠᠴᠠ᠎ᠪᠠᠨ ᠭᠠᠷᠴᠤ ᠶᠠᠪᠤᠵᠤ ᠪᠠᠢ᠍ᠢ᠍ᠬᠤ ᠪᠠ ᠴᠠᠭ᠋ᠠᠰᠢᠯᠠᠨ ᠠᠪᠤ ᠡᠵᠢ᠎ᠪᠠᠨ ᠬᠤᠤᠷᠯᠠᠵᠤ ᠪᠠᠶ᠋ᠢᠬᠤ ᠴᠤ᠌ ᠪᠠᠶ᠋ᠢᠨ᠎ᠠ᠃ ᠪᠠᠰᠠ ᠭᠡᠴᠢᠨᠠᠨ ᠠᠪᠤ ᠡᠵᠢ ᠭᠡᠤᠭᠡᠳ ᠵᠶ᠋ᠠᠨ ᠢᠲᠡᠭᠡᠭᠦ ᠦᠭᠡᠢ ᠬᠤᠯᠠᠭ᠋ᠠᠢ᠎ᠪᠠᠷ ᠭᠠᠷ ᠤᠲᠠᠰᠤ ᠵᠢ᠎ᠨᠢ ᠤᠷᠪᠠᠭᠤᠯᠬᠤ᠂ ᠠ᠋ᠳᠦᠷ᠎ᠤᠨ ᠲᠡᠮᠲᠡᠭᠯᠡᠯ᠎ᠢ᠎ᠨᠢ ᠦᠵᠡᠭᠦ᠂ ᠲᠡᠭᠦᠨᠴᠢᠯᠡᠨ 《ᠬᠤᠪᠢᠨ᠎ᠤ ᠴᠠᠭᠲᠠᠭ᠎ᠠ》᠎ᠪᠠᠷ ᠲᠠᠩᠨᠠᠭᠤᠯᠬᠤ ᠵᠡᠷᠭᠡ ᠠᠷᠭ᠎ᠠ᠎ᠪᠠᠷ ᠭᠡᠥᠭᠡᠳ᠎ᠤᠨ ᠵᠶ᠋ᠠᠨ ᠠᠮᠢᠳᠤᠷᠠᠯ᠎ᠳᠤ ᠭᠠᠷ ᠲᠦᠷᠤᠵᠤ ᠪᠠᠶ᠋ᠢᠨ᠎ᠠ᠃
      ᠭᠡᠥᠭᠡᠳ ᠪᠤᠯ ᠪᠠᠶ᠎ᠠ᠎ᠪᠠᠨ ᠲᠠᠭ᠋ᠠᠭ᠋ᠠᠭᠰᠠᠨ ᠭᠦᠮᠦᠨ ᠭᠡᠳᠡᠭ᠎ᠢ ᠮᠡᠳᠡᠷᠡᠵᠤ᠂ ᠲᠤᠮᠤᠴᠤᠤᠯ᠎ᠲᠠᠢ ᠠᠲᠠᠯᠢ ᠨᠠᠶ᠋ᠢᠭᠡᠮ᠂ ᠭᠡᠷ ᠪᠦᠯᠢ᠎ᠳᠤ ᠵᠤᠭᠢᠬᠤ ᠭᠡᠮᠵᠢᠶᠡᠨ᠎ᠤ ᠠ᠋ᠷᠭᠡ ᠮᠡᠳᠡᠯ᠎ᠲᠠᠢ ᠪᠠᠶ᠋ᠢᠬᠤ ᠶᠤᠰᠤᠲᠡᠢ᠃ ᠠᠪᠤ ᠡᠵᠢ ᠪᠤᠯᠤᠭᠰᠠᠳ ᠨᠢᠭᠡ ᠲᠠᠯ᠎ᠠ᠎ᠪᠠᠷ ᠭᠡᠤᠭᠡᠳ᠎ᠤᠨ ᠵᠶ᠋ᠠᠨ ᠲᠤᠷ᠎ᠠ ᠰᠤᠨᠢᠷᠬᠠᠯ᠎ᠢ ᠭᠦᠨᠳᠦᠳᠭᠡᠵᠤ᠂ ᠦᠢ᠍ᠯᠡ ᠭᠦᠳᠡᠯᠦᠯ᠎ᠢ᠎ᠨᠢ ᠳᠡᠩᠳᠡᠭᠦᠤ ᠭᠢᠵᠠᠭ᠋ᠠᠷᠯᠠᠭ᠍ᠤ ᠦᠭᠡᠢ ᠪᠠᠶ᠋ᠢᠵᠤ᠂ ᠳᠡᠳᠡᠨ᠎ᠳᠤ ᠴᠢᠯᠦᠭᠡᠲᠡᠢ ᠭᠦᠳᠡᠯᠭᠦ ᠤᠷᠤᠨ ᠵᠠᠢ ᠦᠯᠡᠳᠡᠭᠡᠨ ᠦᠭᠴᠦ᠂ ᠤᠴᠢᠷ ᠶᠠᠪᠤᠳᠠᠯ᠎ᠢ ᠦᠪᠡᠰᠤᠪᠠᠨ ᠰᠶ᠋ᠢᠳᠪᠤᠷᠢᠯᠡᠭᠦ ᠵᠠᠪᠰᠢᠶᠡᠨ ᠤᠯᠭᠤᠵᠤ᠂ ᠤᠴᠢᠷ ᠵᠠᠢ ᠦᠭᠡᠢ ᠵᠢᠮᠡᠯᠡᠭᠦ ᠵᠢ ᠴᠡᠭᠡᠷᠯᠡᠵᠤ᠂ ᠢᠯᠡᠭᠦᠭᠡᠨ ᠢᠳᠡᠪᠭᠢᠲᠡᠢ ᠲᠠᠯ᠎ᠠ᠎ᠠᠴᠠ᠎ᠨᠢ ᠰᠡᠩᠭᠡᠷᠡᠭᠦᠯᠤᠨ ᠭᠦᠲᠦᠯᠤᠨ᠎ᠡ᠃ ᠨᠦᠭᠦᠭᠡ ᠲᠠᠯ᠎ᠠ᠎ᠪᠠᠷ ᠭᠡᠦᠭᠡᠳ ᠵᠶ᠋ᠠᠨ ᠢᠲᠡᠭᠡᠭᠦ ᠶᠤᠰᠤᠲᠡᠢ᠃ ᠨᠢᠭᠡ ᠭᠦᠮᠦᠨ᠎ᠢ ᠢᠲᠡᠭᠡᠭᠦ᠎ᠨᠢ ᠲᠡᠭᠦᠨ᠎ᠳᠤ ᠨᠢᠭᠡ ᠵᠤᠶ᠋ᠢᠯ᠎ᠤᠨ ᠭᠢᠵᠠᠭ᠋ᠠᠷᠯᠠᠰᠢ ᠦᠭᠡᠢ ᠭᠦᠴᠦᠨ ᠪᠤᠯᠵᠤ᠂ ᠤᠨᠴᠠᠭ᠋ᠠᠢ ᠶᠡᠭᠡ ᠢᠲᠡᠭᠡᠯ ᠵᠤᠷᠢᠭ ᠪᠠ ᠬᠠᠷᠢᠭᠤᠴᠠᠯᠭ᠎ᠠ ᠵᠢ ᠪᠤᠢ ᠪᠤᠯᠭ᠋ᠠᠨ᠂ ᠳᠠᠯᠳᠠ ᠭᠦᠴᠦᠨ᠎ᠢ᠎ᠨᠢ ᠭᠦᠭᠵᠢᠭᠡᠨ᠂ ᠵᠦᠢ᠍ᠯ ᠪᠦᠷᠢ ᠵᠢᠨ ᠭᠦᠴᠢᠷ᠎ᠢ ᠢᠯᠡᠨ ᠲᠠᠪᠠᠵᠤ᠂ ᠠᠮᠵᠢᠯᠲᠠ ᠤᠯᠬᠤ ᠤᠷᠭᠢᠯ᠎ᠳᠤ ᠭᠦᠷᠭᠡᠵᠤ ᠪᠤᠯᠤᠨ᠎ᠠ᠃ ᠠᠪᠤ ᠡᠵᠢ ᠪᠤᠯᠤᠭᠰᠠᠳ ᠦᠷᠭᠦᠯᠵᠢ ᠭᠡᠤᠭᠡᠳ ᠵᠶ᠋ᠠᠨ᠄ 《ᠴᠢ ᠯᠠᠪᠲᠠᠢ ᠴᠢᠳᠠᠨ᠎ᠠ᠂ ᠪᠢᠲᠠ ᠴᠢᠮ᠎ᠠ ᠵᠢ ᠢᠲᠡᠭᠡᠵᠤ ᠪᠠᠶ᠋ᠢᠨ᠎ᠠ》 ᠭᠡᠵᠤ ᠵᠤᠷᠢᠬ᠍ᠵᠢᠭᠤᠯᠵᠤ ᠪᠠᠶ᠋ᠢᠭ᠋ᠠᠷᠠᠢ᠃
      ᠳᠦᠷᠪᠡ᠂ ᠠᠪᠤ ᠡᠵᠢ ᠪᠤᠯᠤᠭᠰᠠᠳ ᠪᠡᠶ᠎ᠡ᠎ᠪᠠᠷ ᠵᠶ᠋ᠠᠨ ᠲᠠᠭᠤᠷᠢᠶᠠᠯ ᠪᠤᠯᠬᠤ ᠭᠡᠷᠡᠭᠲᠡᠢ᠃ ᠨᠢᠭᠡ ᠭᠢᠷᠢ ᠲᠡᠩᠴᠡᠭᠰᠡᠨ ᠭᠡᠷ᠎ᠤᠨ ᠠᠬᠠᠮᠠᠳ᠎ᠤᠨ ᠪᠠᠷᠢᠮᠵᠢᠶ᠎ᠠ ᠪᠤᠯ ᠲᠡᠭᠦᠨ᠎ᠤ ᠪᠠᠶ᠋ᠢᠷᠢ ᠰᠠᠭᠤᠷᠢ᠂ ᠰᠤᠷᠤᠯᠭ᠎ᠠ ᠵᠢᠨ ᠨᠠᠮᠳᠠᠷ᠂ ᠭᠡᠷ᠎ᠤᠨ ᠠᠮᠢᠳᠤᠷᠠᠯ᠎ᠤᠨ ᠪᠠᠶᠠᠨ ᠴᠢᠨᠡᠭᠡᠯᠢᠭ᠎ᠲᠤ ᠪᠠᠢ᠍ᠢ᠍ᠬᠤ ᠪᠢᠰᠢ᠂ ᠬᠠᠷᠢᠨ ᠭᠡᠤᠭᠡᠳ᠎ᠤᠨ ᠰᠡᠳᠭᠢᠯ᠎ᠳᠠᠬᠢ ᠪᠠᠶ᠋ᠢᠷᠢ ᠰᠠᠭᠤᠷᠢ᠎ᠪᠠᠷ ᠪᠠᠷᠢᠮᠵᠢᠶ᠎ᠠ ᠪᠤᠯᠭ᠋ᠠᠳᠠᠬ᠃ 《ᠪᠡᠶ᠎ᠡ ᠵᠢᠨ ᠲᠠᠭᠤᠷᠢᠶᠠᠯ ᠠᠮᠠᠨ᠎ᠤ ᠰᠤᠷᠭ᠋ᠠᠯ᠎ᠠᠴᠠ ᠲᠡᠭᠡᠷ᠎ᠡ》 ᠭᠡᠳᠡᠭ ᠪᠢᠰᠢ ᠤᠤ? ᠠᠪᠤ ᠡᠵᠢ ᠵᠢᠨ ᠠᠮᠢᠲᠤᠷᠠᠯ᠎ᠤᠨ ᠭᠡᠯᠪᠠᠷᠢ ᠮᠠᠶᠢᠭ᠂ ᠲᠤᠷ᠎ᠠ ᠰᠤᠨᠢᠷᠬᠠᠯ᠂ ᠶᠤᠰᠤ ᠰᠤᠷᠲᠠᠭ᠍ᠤᠨ᠂ ᠭᠡᠪ ᠵᠠᠩᠰᠢᠯ᠂ ᠦᠭᠡ ᠶᠠᠷᠢᠶ᠎ᠡ᠂ ᠦᠢ᠍ᠯᠡ ᠭᠦᠳᠡᠯᠦᠯ᠂ ᠨᠠᠶ᠋ᠢᠭᠡᠮ᠎ᠤᠨ ᠬᠠᠷᠢᠯᠴᠠᠭ᠎ᠠ᠎ᠨᠢ ᠴᠦᠮ ᠭᠡᠤᠭᠡᠳ᠎ᠢ ᠦᠯᠦ ᠮᠡᠳᠡᠭᠳᠡᠮ᠎ᠠ᠎ᠪᠠᠷ ᠨᠦᠯᠦᠭᠡᠯᠡᠭᠦ ᠶᠤᠮ᠃ ᠠ᠋ᠳᠤᠷ ᠲᠤᠲᠤᠮ᠎ᠤᠨ ᠠᠮᠢᠳᠤᠷᠠᠯ ᠲᠤᠮᠳᠠ ᠭᠡᠷ᠎ᠤᠨ ᠠᠬᠠᠮᠠᠳ ᠬᠠᠮᠤᠭ᠎ᠤᠨ ᠨᠠᠭ᠋ᠠᠳᠤ ᠵᠠᠬ᠎ᠠ᠎ᠳᠤ᠎ᠪᠠᠨ ᠬᠤᠭ ᠨᠤᠪᠰᠢ ᠵᠢ ᠲᠤᠷ᠎ᠠ᠎ᠪᠠᠷ ᠬᠠᠶᠠᠭ᠍ᠤ ᠦᠭᠡᠢ᠂ ᠪᠤᠵᠠᠷ ᠦᠭᠡ ᠶᠠᠷᠢᠬᠤ ᠦᠭᠡᠢ ᠵᠡᠷᠭᠡ ᠵᠠᠩᠰᠢᠯ᠎ᠲᠠᠢ ᠪᠤᠯ ᠠ᠋ᠳᠡᠭᠡᠷ᠎ᠨᠢ ᠰᠠᠨᠠᠮᠰᠠᠷ ᠦᠭᠡᠢ᠎ᠪᠠᠷ ᠭᠡᠤᠭᠡᠳ᠎ᠤᠨ ᠡᠯ᠎ᠡ ᠵᠦᠢ᠍ᠯ᠎ᠤᠨ ᠰᠠᠶ᠋ᠢᠨ ᠰᠠᠶ᠋ᠢᠬᠠᠨ ᠵᠠᠩ ᠲᠠᠳᠬᠠᠯ᠎ᠢ ᠭᠦᠮᠦᠵᠢᠭᠦᠯᠵᠤ ᠴᠢᠲᠠᠨ᠎ᠠ᠃
      ᠠ᠋ᠭᠦᠨ᠎ᠠᠴᠠ ᠭᠠᠳᠠᠨ᠎ᠠ ᠭᠡᠤᠭᠡᠳ᠎ᠲᠤ ᠪᠠᠶᠠᠷ ᠭᠦᠷ᠎ᠲᠠᠢ᠂ ᠨᠠᠮ ᠰᠡᠯᠡᠭᠦᠤ ᠠᠮᠢᠲᠤᠷᠠᠵᠤ ᠰᠤᠷᠤᠯᠴᠠᠭ᠍ᠤ ᠤᠷᠴᠢᠨ ᠲᠤᠭᠤᠷᠢᠨ᠎ᠢ ᠪᠤᠢ ᠪᠤᠯᠭ᠋ᠠᠵᠤ ᠦᠭᠭᠦ ᠭᠡᠷᠡᠭᠲᠡᠢ᠃ ᠠ᠋ᠶ᠋ᠢᠮᠦᠷᠭᠦᠤ ᠤᠷᠴᠢᠨ ᠲᠤᠭᠤᠷᠢᠨ᠎ᠳᠤ ᠦᠰᠴᠦ ᠪᠤᠶ᠋ᠢᠵᠢᠭᠰᠠᠨ ᠭᠡᠤᠭᠡᠳ ᠠ᠋ᠷᠡᠭᠦᠯ ᠠ᠋ᠩᠭᠡ ᠰᠡᠳᠭᠢᠯᠭᠡ᠂ ᠴᠤᠪᠤᠭᠤ ᠲᠡᠭᠵᠢᠨ ᠵᠠᠩ ᠠᠭ᠋ᠠᠯᠢ᠎ᠲᠠᠢ ᠪᠤᠯᠵᠤ ᠴᠢᠳᠠᠨ᠎ᠠ᠃ ᠠ᠋ᠶ᠋ᠢᠮᠤ ᠭᠡᠤᠭᠡᠳ ᠬᠠᠮᠢᠭ᠎ᠠ ᠶᠠᠪᠤᠭᠰᠠᠨ ᠴᠤ᠌ ᠭᠦᠮᠦᠰ᠎ᠤᠨ ᠭᠦᠷᠢᠶᠡᠯᠡᠯ᠎ᠢ ᠤᠯᠵᠤ᠂ ᠶᠡᠮᠠᠷ ᠭᠦᠴᠢᠷ ᠪᠡᠷᠭᠡᠰᠢᠶᠡᠯ᠎ᠳᠤ ᠤᠴᠠᠷᠠᠭᠰᠠᠨ ᠴᠤ᠌ ᠠᠮᠢᠳᠤᠷᠠᠯ᠎ᠳᠤ᠎ᠪᠠᠨ ᠢᠲᠡᠭᠡᠯ ᠵᠤᠷᠢᠭ᠎ᠲᠠᠢ ᠪᠠᠶ᠋ᠢᠵᠤ ᠴᠢᠲᠠᠨ᠎ᠠ᠃
      ᠠᠪᠤ ᠡᠵᠢ ᠪᠤᠯᠤᠭᠰᠠᠳ ᠦᠪᠡᠷ᠎ᠤᠨ ᠭᠡᠤᠭᠡᠳ᠎ᠤᠨ ᠵᠶ᠋ᠠᠨ ᠰᠠᠶ᠋ᠢᠨ ᠰᠠᠶ᠋ᠢᠬᠠᠨ ᠢᠷᠡᠭᠡᠳᠦᠢ ᠵᠢᠨ ᠲᠦᠯᠦᠭᠡ᠂ ᠭᠡᠷ᠎ᠤᠨ ᠭᠦᠮᠦᠵᠢᠯ᠎ᠤᠨ ᠲᠤᠬᠠᠢ᠎ᠲᠠᠢ ᠮᠡᠳᠡᠯᠭᠡ ᠵᠢ ᠢᠯᠡᠭᠦᠭᠡᠨ ᠰᠤᠷᠤᠯᠴᠠᠵᠤ ᠪᠠᠶ᠋ᠢᠭ᠋ᠠᠷᠠᠢ᠃

          ᠠᠵᠢᠯᠯᠠᠵᠤ ᠪᠠᠢ᠍ᠢ᠍ᠭ᠎ᠠ ᠪᠠᠢ᠍ᠢ᠍ᠭᠤᠯᠭ᠎ᠠ᠄ ᠰᠦᠪᠸᠢ ᠰᠢᠶᠡᠨ᠎ᠤ ᠮᠤᠩᠭᠤᠯ ᠰᠤᠷᠭ᠋ᠠᠭᠤᠯᠢ
                                           (ᠮᠦᠨᠭᠭᠦᠨᠴᠢᠮᠡᠭ ᠨᠠᠢ᠍ᠢ᠍ᠷᠠᠭᠤᠯᠪᠠ)
                                           2021 ᠣᠨ᠎ᠤ 3 ᠳ᠋ᠤᠭ᠋ᠠᠷ ᠬᠤᠭᠤᠴᠠᠭ᠎ᠠ


ᠢᠷᠡᠯᠲᠡ᠄ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠤᠨ᠎ᠤ ᠰᠤᠷᠭ᠋ᠠᠨ ᠬᠥᠮᠦᠵᠢᠯ᠎ᠤᠨ ᠲᠢᠩᠬᠢᠮ
          
ᠬᠠᠮᠢᠶ᠎ᠡ ᠪᠦᠬᠦᠢ ᠰᠣᠨᠢᠨ
ᠴᠡᠴᠡᠷᠯᠢᠭ ᠪᠤᠯᠤᠨ ᠬᠡᠷ ᠪᠦᠯᠢ ᠵᠢᠨ ᠬᠠᠮᠳᠤᠷᠠᠯᠴᠠᠭ᠎ᠠ᠎ᠳᠤ ᠵᠢᠷᠭᠢᠶᠡᠨ᠎ᠤ ᠨᠡᠶ᠋ᠢᠳᠡ ᠵᠢᠨ ᠲᠠᠪᠴᠠᠩ᠎ᠢ ᠬᠡᠷᠬᠢᠨ ᠠᠰᠢᠭᠯᠠᠭ᠍ᠤ ᠲᠤᠬᠠᠢ ᠲᠦᠭᠦᠮ ᠦᠬᠦᠯᠡᠬᠦ᠎ᠨᠢ
ᠬᠡᠥᠭᠡᠳ᠎ᠤᠨ ᠰᠤᠨᠤᠰᠴᠥ ᠶᠠᠷᠢᠬᠤ ᠴᠢᠳᠠᠪᠤᠷᠢ ᠵᠢ ᠬᠦᠮᠦᠵᠢᠬᠦᠯᠬᠦ ᠳᠤᠬᠠᠢ
ᠠᠴᠢ ᠬᠠᠷᠢᠭᠤᠯᠠᠯᠲᠠ ᠵᠢᠨ ᠬᠦᠮᠦᠵᠢᠯ᠎ᠢ ᠰᠠᠶ᠋ᠢᠲᠤᠷ ᠬᠢᠶ᠎ᠡ
ᠰᠤᠷᠤᠭᠴᠢᠳ᠎ᠲᠤ ᠰᠡᠳᠭᠢᠴᠡ ᠵᠢᠨ ᠠ᠋ᠷᠡᠭᠦᠯ ᠮᠡᠨᠳᠦ ᠵᠢᠨ ᠬᠦᠮᠦᠵᠢᠯ᠎ᠢ ᠬᠡᠷᠬᠢᠨ ᠬᠢᠬᠦ ᠪᠤᠢ
ᠰᠤᠷᠤᠯᠭ᠎ᠠ ᠬᠤᠴᠤᠷᠤᠩᠭᠤᠢ ᠰᠤᠷᠤᠭᠴᠢ ᠵᠢ ᠬᠦᠮᠦᠵᠢᠭᠦᠯᠬᠦ ᠠᠵᠢᠯ᠎ᠤᠨ ᠲᠤᠬᠠᠢ
 
             蒙ICP备05000248号