ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠰᠤᠷᠭᠠᠨ ᠬᠦᠮᠦᠵᠢᠯ᠎ᠤᠨ ᠬᠠᠨᠲᠤᠯᠭ᠎ᠠ
ᠰᠣᠨᠤᠷ᠎ᠤᠨ ᠲᠠᠪᠴᠠᠩ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠰᠣᠨᠤᠷ᠎ᠤᠨ ᠲᠠᠪᠴᠠᠩ   -   ᠬᠡᠣᠬᠡᠳ᠎ᠤᠨ ᠬᠦᠮᠦᠵᠢᠯ
ᠴᠡᠴᠡᠷᠯᠢᠭ ᠪᠤᠯᠤᠨ ᠬᠡᠷ ᠪᠦᠯᠢ ᠵᠢᠨ ᠬᠠᠮᠳᠤᠷᠠᠯᠴᠠᠭ᠎ᠠ᠎ᠳᠤ ᠵᠢᠷᠭᠢᠶᠡᠨ᠎ᠤ ᠨᠡᠶ᠋ᠢᠳᠡ ᠵᠢᠨ ᠲᠠᠪᠴᠠᠩ᠎ᠢ ᠬᠡᠷᠬᠢᠨ ᠠᠰᠢᠭᠯᠠᠭ᠍ᠤ ᠲᠤᠬᠠᠢ ᠲᠦᠭᠦᠮ ᠦᠬᠦᠯᠡᠬᠦ᠎ᠨᠢ
ᠨᠡᠶ᠋ᠢᠲᠡᠯᠡᠭᠰᠡᠨ ᠴᠠᠭ᠄ 2021-08-20


                                      ᠠᠷᠢᠭᠤᠨ


      ᠰᠤᠷᠭ᠋ᠠᠨ ᠬᠦᠮᠦᠵᠢᠯ ᠪᠤᠯ ᠦᠢ ᠤᠯᠠᠨ ᠬᠡᠤᠬᠡᠳ᠎ᠤᠨ ᠬᠤᠪᠢ ᠵᠠᠶᠠᠭ᠎ᠠ ᠪᠠ ᠢᠷᠡᠭᠡᠳᠤᠢ ᠵᠢ ᠲᠤᠭᠳᠠᠭ᠋ᠠᠬᠤ ᠴᠢᠬᠤᠯᠠ ᠶᠡᠭᠡ ᠠᠰᠠᠭᠤᠳᠠᠯ ᠪᠤᠯᠤᠨ᠎ᠠ᠃ ᠠ᠋ᠶ᠋ᠢᠨ ᠬᠦ᠌ ᠨᠠᠮ ᠵᠠᠰᠠᠭ᠎ᠠᠴᠠ ᠰᠤᠷᠭ᠋ᠠᠨ ᠬᠦᠮᠦᠵᠢᠯ᠎ᠤᠨ ᠠᠰᠠᠭᠤᠳᠠᠯ᠎ᠢ ᠬᠦᠨᠳᠤᠳᠭᠡᠨ ᠦᠵᠡᠵᠤ᠂ ᠪᠡᠯᠡ ᠤᠷᠤᠭᠤᠯᠤᠯᠲᠠ᠎ᠪᠠᠨ ᠨᠡᠮᠡᠭᠳᠡᠭᠦᠯᠦᠨ᠂ ᠦᠭᠡᠷᠡᠴᠢᠯᠡᠯᠲᠡ ᠰᠢᠨᠡᠴᠢᠯᠡᠯᠲᠡ ᠬᠢᠭᠰᠡᠭᠡᠷ ᠢᠷᠡᠵᠠᠢ᠃ ᠨᠠᠮ᠎ᠤᠨ ᠠᠷᠪᠠᠨ ᠲᠤᠯᠤᠳᠤᠭ᠋ᠠᠷ ᠶᠡᠭᠡ ᠬᠤᠷᠠᠯ᠎ᠠᠴᠠ ᠨᠠᠭ᠋ᠠᠰᠢ᠂ ᠨᠠᠮ ᠵᠠᠰᠠᠭ᠎ᠠᠴᠠ ᠰᠤᠷᠭ᠋ᠠᠭᠤᠯᠢ᠎ᠠᠴᠠ ᠠ᠋ᠮᠦᠨᠡᠬᠢ ᠰᠤᠷᠭ᠋ᠠᠨ ᠬᠦᠮᠦᠵᠢᠯ᠎ᠳᠤ ᠨᠡᠩ ᠶᠡᠭᠡ ᠠᠩᠬᠠᠷᠤᠯ ᠲᠠᠯᠪᠢᠵᠤ᠂ 2010 ᠣᠨ᠎ᠤ 7 ᠰᠠᠷ᠎ᠠ᠎ᠳᠤ ᠨᠡᠶ᠋ᠢᠳᠡᠯᠡᠭᠰᠡᠨ 《ᠤᠯᠤᠰ᠎ᠤᠨ ᠲᠤᠮᠲᠠ ᠤᠷᠳᠤ ᠬᠤᠭᠤᠴᠠᠭ᠋ᠠᠨ᠎ᠤ ᠰᠤᠷᠭ᠋ᠠᠨ ᠬᠦᠮᠦᠵᠢᠯ᠎ᠤᠨ ᠦᠭᠡᠷᠡᠴᠢᠯᠡᠯᠳᠡ ᠪᠠ ᠬᠦᠭᠵᠢᠯᠳᠡ ᠵᠢᠨ ᠲᠦᠯᠦᠪᠵᠢᠬᠦᠯᠬᠡ ᠵᠢᠨ ᠬᠦᠳᠦᠯᠪᠦᠷᠢ (2010-2020)》᠎ᠳᠤ 《2020 ᠪᠣᠯᠬᠤ᠎ᠳᠤ ᠰᠤᠷᠭ᠋ᠠᠭᠤᠯᠢ᠎ᠠᠴᠠ ᠠ᠋ᠮᠦᠨᠡᠬᠢ ᠰᠤᠷᠭ᠋ᠠᠨ ᠬᠦᠮᠦᠵᠢᠯ᠎ᠢ ᠦᠨᠳᠦᠰᠦᠨ᠎ᠳᠤ᠎ᠪᠠᠨ ᠲᠦᠭᠡᠮᠡᠯᠵᠢᠭᠦᠯᠦᠨ᠎ᠡ》 ᠭᠡᠵᠦ ᠲᠤᠷᠠᠳᠴᠠᠢ᠃ ᠣᠯᠣᠰ᠎ᠤᠨ ᠰᠣᠷᠭ᠋ᠠᠨ ᠬᠦᠮᠦᠵᠢᠯ᠎ᠤᠨ 《ᠠᠷᠪᠠᠨ ᠭᠤᠷᠪᠠᠳᠤᠭ᠋ᠠᠷ ᠳᠠᠪᠤᠨ ᠵᠢᠯ》᠎ᠤᠨ ᠲᠦᠯᠦᠪᠵᠢᠬᠦᠯᠬᠡ ᠵᠢᠨ ᠠᠵᠢᠯ᠎ᠤᠨ ᠭᠤᠣᠯᠳᠠᠯᠭ᠎ᠠ᠎ᠳᠤ ᠰᠤᠷᠭ᠋ᠠᠨ ᠬᠦᠮᠦᠵᠢᠯ᠎ᠤᠨ ᠴᠢᠨᠠᠷ ᠴᠢᠨᠰᠠᠭ᠎ᠠ ᠵᠢ ᠪᠦᠬᠦ ᠳᠠᠯ᠎ᠠ᠎ᠪᠠᠷ ᠳᠡᠬᠡᠭᠰᠢᠯᠡᠬᠦᠯᠬᠦ ᠵᠢ ᠦᠬᠡᠷᠡᠴᠢᠯᠡᠯᠳᠡ ᠵᠢᠨ ᠭᠤᠤᠯ ᠰᠡᠳᠦᠪ ᠪᠤᠯᠭ᠋ᠠᠵᠦ᠂ 《ᠰᠤᠷᠭ᠋ᠠᠨ ᠬᠦᠮᠦᠵᠢᠯ᠎ᠤᠨ ᠮᠡᠳᠡᠭᠡ ᠵᠠᠩᠬᠢᠴᠢᠯᠠᠯᠳᠠ ᠪᠤᠯ ᠰᠤᠷᠭ᠋ᠠᠨ ᠭᠦᠮᠤᠵᠢᠯ᠎ᠤᠨ ᠴᠢᠨᠠᠷ ᠴᠢᠨᠰᠠᠭ᠎ᠠ ᠵᠢ ᠳᠡᠬᠡᠭᠰᠢᠯᠡᠬᠦᠯᠬᠦ ᠴᠢᠬᠤᠯᠠ ᠠᠷᠭ᠎ᠠ ᠬᠡᠮᠵᠢᠶᠡᠨ᠎ᠤ ᠨᠢᠬᠡ》 ᠭᠡᠰᠡᠨ ᠪᠠᠶ᠋ᠢᠨ᠎ᠠ᠃ 2014 ᠣᠨ᠎ᠳᠤ ᠰᠤᠷᠭ᠋ᠠᠨ ᠬᠦᠮᠦᠵᠢᠯ᠎ᠤᠨ ᠶᠠᠮᠤᠨ᠂ ᠤᠯᠤᠰ᠎ᠤᠨ ᠬᠦᠭᠵᠢᠭᠦᠯᠦᠯᠳᠡ ᠦᠭᠡᠷᠡᠴᠢᠯᠡᠯᠳᠡ ᠵᠢᠨ ᠵᠦᠪᠯᠡᠯ᠂ ᠠ᠋ᠳ᠋᠎ᠤᠨ ᠵᠠᠰᠠᠭ᠎ᠤᠨ ᠶᠠᠮᠤᠨ ᠬᠤᠯᠪᠤᠭ᠋ᠠᠯᠠᠨ 《ᠬᠤᠶᠠᠳᠤᠭ᠋ᠠᠷ ᠬᠤᠭᠤᠴᠠᠭ᠋ᠠᠨ᠎ᠤ ᠰᠤᠷᠭ᠋ᠠᠭᠤᠯᠢ᠎ᠠᠴᠠ ᠠ᠋ᠮᠦᠨᠡᠬᠢ ᠰᠤᠷᠭ᠋ᠠᠨ ᠬᠦᠮᠦᠵᠢᠯ᠎ᠤᠨ ᠭᠤᠷᠪᠠᠨ ᠵᠢᠯ᠎ᠤᠨ ᠠᠵᠢᠯᠯᠠᠭ᠋ᠠᠨ᠎ᠤ ᠲᠦᠯᠦᠪᠯᠡᠭᠡ ᠵᠢ ᠭᠡᠷᠡᠭᠵᠢᠬᠦᠯᠬᠦ ᠰᠠᠨᠠᠯ》᠎ᠢ ᠲᠠᠷᠤᠮᠠᠯᠯᠠᠨ ᠲᠠᠷᠬᠠᠭ᠋ᠠᠵᠦ᠂ ᠰᠤᠷᠭ᠋ᠠᠭᠤᠯᠢ᠎ᠠᠴᠠ ᠠ᠋ᠮᠦᠨᠡᠬᠢ ᠰᠤᠷᠭ᠋ᠠᠨ ᠬᠦᠮᠦᠵᠢᠯ᠎ᠤᠨ ᠦᠭᠡᠷᠡᠴᠢᠯᠡᠯᠳᠡ ᠮᠦᠨ ᠴᠤ᠌ ᠤᠯᠤᠰ᠎ᠤᠨ ᠠᠩᠬᠠᠷᠤᠯ᠎ᠤᠨ ᠴᠡᠭ ᠪᠤᠯᠤᠬᠰᠠᠨ ᠪᠠᠶ᠋ᠢᠯ᠎ᠠ᠃
      ᠰᠤᠷᠭ᠋ᠠᠭᠤᠯᠢ᠎ᠠᠴᠠ ᠠ᠋ᠮᠦᠨᠡᠬᠢ ᠰᠤᠷᠭ᠋ᠠᠨ ᠬᠦᠮᠦᠵᠢᠯ ᠪᠤᠯ ᠴᠡᠴᠡᠷᠯᠢᠭ᠎ᠤᠨ ᠬᠦᠮᠦᠵᠢᠯ᠎ᠤᠨ ᠴᠢᠬᠤᠯᠠ ᠨᠢᠭᠡᠨ ᠪᠦᠷᠢᠯᠳᠤᠭᠦᠨ ᠬᠡᠰᠡᠭ ᠪᠤᠯᠬᠤ ᠶᠤᠮ᠃ ᠰᠤᠷᠭ᠋ᠠᠭᠤᠯᠢ᠎ᠠᠴᠠ ᠠ᠋ᠮᠦᠨᠡᠬᠢ ᠬᠦᠮᠦᠵᠢᠯ ᠪᠣᠯ ᠰᠤᠷᠭ᠋ᠠᠭᠤᠯᠢ ᠵᠢᠨ ᠬᠦᠮᠦᠵᠢᠯ᠎ᠤᠨ ᠠᠩᠬᠠᠨ᠎ᠤ ᠱᠠᠲᠦ ᠪᠠᠶ᠋ᠢᠵᠦ᠂ ᠬᠡᠦᠬᠡᠳ᠎ᠤᠨ ᠬᠤᠵᠢᠮ ᠬᠤᠶ᠋ᠢᠰᠢᠳᠠ ᠵᠢᠨ ᠨᠡᠶ᠋ᠢᠭᠡᠮ᠎ᠤᠨ ᠠᠮᠢᠳᠦᠷᠠᠯ᠎ᠤᠨ ᠵᠠᠮ᠎ᠳᠤ᠎ᠨᠢ ᠰᠠᠭᠤᠷᠢ ᠪᠤᠯᠳᠠᠭ᠃ ᠬᠦᠮᠦᠰ ᠶᠡᠷᠦ᠎ᠨᠢ ᠬᠡᠦᠬᠡᠳ᠎ᠤᠨ ᠪᠡᠶ᠎ᠡ ᠮᠠᠭ᠍ᠠᠪᠤᠤᠨ᠎ᠤᠨ ᠥᠰᠤᠨ ᠪᠤᠶ᠋ᠢᠵᠢᠯᠲᠡ᠂ ᠤᠢ ᠤᠬᠠᠭ᠋ᠠᠨ᠎ᠤ ᠨᠡᠭᠡᠭᠡᠭᠳᠡᠯ ᠬᠦᠭᠵᠢᠯᠲᠡ ᠵᠢ ᠠᠩᠬᠠᠷᠳᠠᠭ ᠪᠠᠶ᠋ᠢᠭᠰᠠᠨ᠎ᠠᠴᠠ᠎ᠪᠠᠨ ᠠ᠋ᠳᠤᠭᠡ ᠭᠡᠦᠬᠡᠳ᠎ᠤᠨ ᠬᠦᠮᠦᠵᠢᠯ᠎ᠢ ᠨᠡᠩ ᠴᠦ᠍ ᠠᠩᠬᠠᠷᠬᠤ ᠪᠤᠯᠤᠭᠰᠠᠨ ᠪᠠᠶ᠋ᠢᠨ᠎ᠠ᠃ ᠰᠤᠷᠭ᠋ᠠᠭᠤᠯᠢ᠎ᠠᠴᠠ ᠠ᠋ᠮᠦᠨᠡᠬᠢ ᠬᠦᠮᠦᠵᠢᠯ ᠭᠡᠳᠡᠭ᠎ᠨᠢ 3 — 6 ᠨᠠᠰᠤᠨ᠎ᠤ ᠪᠠᠯᠴᠢᠷ ᠬᠡᠦᠭᠡᠳ᠎ᠲᠤ ᠰᠤᠷᠭ᠋ᠠᠨ ᠬᠦᠮᠦᠵᠢᠯ ᠭᠦᠷᠳᠡᠭᠡᠭᠦ ᠵᠢ ᠬᠡᠯᠡᠳᠡᠭ᠃ ᠦᠭᠡᠷ᠎ᠡ᠎ᠪᠠᠷ ᠬᠡᠯᠡᠪᠡᠯ ᠪᠠᠯᠴᠢᠷ ᠬᠡᠦᠭᠡᠳ᠎ᠤᠨ ᠪᠡᠶ᠎ᠠ ᠵᠢᠨ ᠦᠰᠤᠨ ᠪᠤᠶ᠋ᠢᠵᠢᠯᠲᠠ᠂ ᠲᠠᠨᠢᠨ ᠮᠡᠳᠡᠬᠦᠢ᠂ ᠤᠷᠮ᠎ᠠ ᠰᠡᠳᠬᠢᠯᠭᠡ᠂ ᠵᠠᠩ ᠴᠢᠨᠠᠷ᠂ ᠰᠡᠳᠬᠢᠬᠦᠢ ᠵᠡᠷᠭᠡ ᠡᠯ᠎ᠡ ᠲᠠᠯ᠎ᠠ ᠵᠢᠨ ᠬᠦᠭᠵᠢᠯᠲᠡ ᠵᠢ ᠠᠬᠢᠭᠤᠯᠬᠤ ᠠᠵᠢᠯᠯᠠᠭ᠎ᠠ᠂ ᠪᠢᠲᠠᠨ᠎ᠤ ᠶᠡᠷᠤ᠎ᠳᠤ᠎ᠪᠠᠨ ᠬᠡᠯᠡᠯᠴᠡᠳᠡᠭ ᠰᠤᠷᠭ᠋ᠠᠭᠤᠯᠢ᠎ᠠᠴᠠ ᠠ᠋ᠮᠦᠨᠡᠬᠢ ᠴᠡᠴᠡᠷᠯᠢᠭ᠎ᠤᠨ ᠬᠦᠮᠦᠵᠢᠯ ᠪᠤᠯᠤᠨ᠎ᠠ᠃
      ᠵᠢᠷᠬᠢᠶᠡᠨ᠎ᠤ ᠨᠡᠶ᠋ᠢᠳᠡ ᠵᠢᠨ ᠲᠠᠪᠴᠠᠩ ᠪᠣᠯ ᠬᠡᠤᠬᠡᠳ᠎ᠤᠨ ᠴᠡᠴᠡᠷᠯᠢᠭ᠎ᠤᠨ ᠰᠤᠷᠠᠭ ᠵᠠᠩᠬᠢᠴᠢᠯᠠᠯᠳᠠ ᠵᠢᠨ ᠠᠵᠢᠯ᠎ᠤᠨ ᠴᠢᠬᠤᠯᠠ ᠪᠦᠷᠢᠯᠳᠦᠭᠦᠨ ᠬᠡᠰᠡᠭ᠂ ᠬᠡᠤᠬᠡᠳ᠎ᠤᠨ ᠴᠡᠴᠡᠷᠯᠢᠭ ᠪᠤᠯᠤᠨ ᠬᠡᠷ ᠪᠦᠯᠢ ᠵᠢᠨ ᠬᠠᠮᠳᠤᠷᠠᠯᠴᠠᠭ᠋ᠠᠨ᠎ᠤ ᠠᠵᠢᠯ᠎ᠳᠤ ᠬᠦᠭᠦᠷᠭᠡ ᠪᠤᠶᠤ ᠬᠤᠯᠪᠤᠭ᠋ᠠᠰᠦ ᠵᠢᠨ ᠦᠢ᠍ᠯᠡᠳᠦᠯ ᠦᠵᠠᠭᠦᠯᠳᠡᠭ᠃ ᠬᠡᠪᠡᠴᠦ ᠵᠢᠷᠬᠢᠶᠡᠨ᠎ᠤ ᠨᠡᠶ᠋ᠢᠳᠡ ᠵᠢᠨ ᠲᠠᠪᠴᠠᠩ᠎ᠨᠢ ᠰᠢᠨ᠎ᠡ ᠵᠠᠭᠤᠴᠢᠯᠠᠭᠤᠷ᠎ᠤᠨ ᠬᠤᠪᠢ᠎ᠳᠤ ᠪᠠᠰᠠ ᠵᠤᠬᠢᠬᠤ ᠬᠢᠵᠠᠭ᠋ᠠᠷᠳᠠᠮᠠᠯ ᠲᠠᠯ᠎ᠠ ᠪᠣᠢ ᠪᠥᠭᠡᠳ ᠬᠡᠤᠬᠡᠳ᠎ᠤᠨ ᠴᠡᠴᠡᠷᠯᠢᠭ᠎ᠲᠠᠬᠢ ᠠᠰᠢᠬᠯᠠᠯᠳᠠ ᠴᠤ᠌ ᠠᠩᠬᠠᠨ᠎ᠤ ᠱᠠᠳᠤᠨ᠎ᠳᠤ᠎ᠪᠠᠨ ᠪᠠᠶ᠋ᠢᠭ᠎ᠠ ᠪᠤᠯᠬᠤᠷ ᠠᠭᠤᠯᠭ᠎ᠠ ᠪᠠ ᠴᠢᠳᠠᠮᠵᠢ ᠵᠢᠨ ᠲᠠᠯ᠎ᠠ᠎ᠪᠠᠷ ᠨᠡᠬᠡᠬᠡᠨ ᠬᠥᠭᠵᠢᠭᠦᠯᠬᠦ ᠴᠢᠬᠤᠯᠠᠳᠠᠢ ᠪᠠᠶ᠋ᠢᠨ᠎ᠠ᠃ ᠬᠡᠤᠬᠡᠳ᠎ᠤᠨ ᠴᠡᠴᠡᠷᠯᠢᠭ ᠪᠣᠯᠤᠨ ᠬᠡᠷ᠎ᠤᠨ ᠠᠬᠠᠮᠠᠳ ᠴᠦ᠍ ᠵᠦᠪ ᠬᠡᠷᠡᠭᠯᠡᠬᠡᠨ᠎ᠤ ᠦᠵᠡᠯᠳᠡ ᠲᠠᠨᠢᠯᠳᠠ ᠪᠤᠯᠤᠨ ᠲᠠᠳᠬᠠᠯ᠎ᠢ ᠪᠤᠢ ᠪᠤᠯᠭ᠋ᠠᠵᠤ᠂ ᠬᠠᠮᠳᠣ᠎ᠪᠠᠷ ᠰᠤᠳᠤᠯᠤᠨ ᠢᠳᠡᠪᠬᠢᠳᠡᠢ ᠤᠷᠤᠯᠴᠠᠵᠦ᠂ ᠵᠢᠷᠬᠢᠶᠡᠨ᠎ᠤ ᠨᠡᠶ᠋ᠢᠳᠡ ᠵᠢᠨ ᠲᠠᠪᠴᠠᠩ᠎ᠢ ᠬᠡᠤᠬᠡᠳ᠎ᠤᠨ ᠴᠡᠴᠡᠷᠯᠢᠭ ᠪᠤᠯᠤᠨ ᠬᠡᠷ ᠪᠦᠯᠢ ᠵᠢᠨ ᠬᠠᠮᠳᠤᠷᠠᠯᠴᠠᠭ᠎ᠠ᠎ᠳᠤ ᠦᠢ᠍ᠯᠡᠴᠢᠯᠡᠭᠦᠯᠪᠡᠯ᠂ ᠬᠡᠤᠬᠡᠳ᠎ᠤᠨ ᠠ᠋ᠷᠡᠭᠦᠯ ᠴᠢᠬᠢᠷᠠᠭ ᠦᠰᠦᠨ ᠪᠤᠶ᠋ᠢᠵᠢᠯᠳᠠ ᠵᠢᠨ ᠬᠠᠮᠳᠦ ᠵᠢᠨ ᠬᠠᠷᠠᠯᠳᠠ ᠵᠢ ᠪᠡᠶᠡᠯᠡᠭᠦᠯᠭᠦ᠎ᠳᠤ ᠨᠡᠩ ᠰᠠᠶ᠋ᠢᠨ ᠨᠦᠭᠦᠴᠡᠯ ᠬᠠᠨᠭ᠌ᠭ᠋ᠠᠬᠤ ᠪᠤᠯᠤᠨ᠎ᠠ᠃
      ᠨᠢᠭᠡ᠂ ᠴᠡᠴᠡᠷᠯᠢᠭ᠎ᠤᠨ ᠬᠦᠮᠤᠵᠢᠯ ᠪᠠ ᠬᠡᠷ᠎ᠤᠨ ᠬᠦᠮᠤᠵᠢᠯ
      ᠰᠤᠷᠭ᠋ᠠᠭᠤᠯᠢ᠎ᠠᠴᠠ ᠠ᠋ᠮᠤᠨᠡᠬᠢ ᠬᠦᠮᠤᠵᠢᠯ᠎ᠨᠢ ᠰᠠᠭᠤᠷᠢ ᠰᠤᠷᠭ᠋ᠠᠨ ᠬᠦᠮᠦᠵᠢᠯ᠎ᠳᠤ ᠬᠠᠮᠤᠷᠤᠭᠳᠠᠭ᠍ᠤ ᠵᠢᠨ ᠬᠤᠪᠢ᠎ᠳᠤ ᠬᠦᠮᠦᠰ᠎ᠤᠨ ᠠᠩᠬᠠᠷᠤᠯ᠎ᠢ ᠶᠡᠭᠡ᠎ᠪᠠᠷ ᠲᠠᠳᠠᠭᠰᠠᠭ᠋ᠠᠷ ᠢᠷᠡᠪᠡ᠂ ᠳᠠᠷᠠ ᠮᠦᠷᠳᠡᠬᠡᠨ ᠬᠦᠮᠤᠨ᠎ᠤ ᠨᠢᠬᠡ ᠨᠠᠰᠤᠨ᠎ᠤ ᠰᠤᠷᠭ᠋ᠠᠨ ᠬᠦᠮᠤᠵᠢᠯ᠎ᠤᠨ ᠬᠦᠭᠵᠢᠯᠳᠠ᠎ᠳᠤ ᠴᠢᠬᠤᠯᠠ ᠦᠢ᠍ᠯᠡᠳᠤᠯ᠎ᠲᠠᠢ ᠪᠠᠶ᠋ᠢᠳᠠᠭ ᠶᠤᠮ᠃ ᠰᠣᠷᠭ᠋ᠠᠭᠤᠯᠢ᠎ᠠᠴᠠ ᠠ᠋ᠮᠦᠨᠡᠬᠢ ᠬᠦᠮᠦᠵᠢᠯ᠎ᠳᠤ ᠬᠡᠷ᠎ᠤᠨ ᠬᠦᠮᠤᠵᠢᠯ᠎ᠨᠢ ᠳᠣᠳᠠᠭᠳᠠᠵᠣ ᠪᠣᠯᠣᠰᠢ ᠦᠬᠡᠢ ᠴᠢᠬᠤᠯᠠ ᠪᠣᠯᠬᠤ ᠮᠦᠷᠳᠡᠭᠡᠨ ᠨᠢᠭᠡ ᠬᠦᠮᠤᠨ᠎ᠤ ᠬᠦᠭᠵᠢᠯᠳᠠ ᠵᠢᠨ ᠶᠠᠪᠤᠴᠠ᠎ᠳᠤ ᠲᠤᠩ ᠴᠢᠬᠤᠯᠠ ᠦᠢ᠍ᠯᠡᠳᠤᠯ ᠦᠵᠡᠭᠦᠯᠳᠡᠭ᠃ ᠠ᠋ᠨᠡ ᠬᠦ᠌ ᠤᠳᠬ᠎ᠠ ᠠᠭᠤᠯᠭ᠎ᠠ᠎ᠠᠴᠠ ᠦᠵᠡᠪᠡᠯ 《ᠴᠡᠴᠡᠷᠯᠢᠭ᠎ᠤᠨ ᠬᠦᠮᠤᠵᠢᠯ ᠪᠤᠯᠤᠨ ᠬᠡᠷ᠎ᠤᠨ ᠬᠦᠮᠤᠵᠢᠯ》᠎ᠨᠢ ᠰᠤᠷᠭ᠋ᠠᠭᠤᠯᠢ᠎ᠠᠴᠠ ᠠ᠋ᠮᠤᠨᠡᠬᠢ ᠬᠦᠮᠤᠵᠢᠯ᠎ᠤᠨ ᠬᠤᠶᠠᠷ ᠭᠦᠷᠳᠣ ᠪᠠᠶ᠋ᠢᠵᠦ ᠠᠯᠢ᠎ᠨᠢ ᠴᠤ᠌ ᠲᠤᠲᠠᠭᠳᠠᠵᠦ ᠪᠤᠯᠤᠰᠢ ᠦᠭᠡᠢ ᠪᠠᠶ᠋ᠢᠳᠠᠭ᠃ ᠰᠤᠷᠭ᠋ᠠᠨ ᠬᠦᠮᠦᠵᠢᠯᠳᠡᠨ ᠰᠦᠬᠤᠮᠯᠢᠨ᠋ᠰᠺᠢ᠄ 《ᠭᠡᠷ᠎ᠤᠨ ᠬᠦᠮᠦᠵᠢᠯ ᠦᠭᠡᠢ ᠰᠤᠷᠭ᠋ᠠᠭᠤᠯᠢ ᠵᠢᠨ ᠬᠦᠮᠦᠵᠢᠯ ᠪᠤᠯᠤᠨ ᠰᠤᠷᠭ᠋ᠠᠭᠤᠯᠢ ᠵᠢᠨ ᠬᠦᠮᠦᠵᠢᠯ ᠦᠭᠡᠢ ᠭᠡᠷ᠎ᠤᠨ ᠬᠦᠮᠦᠵᠢᠯ᠎ᠨᠢ ᠴᠦᠮ ᠴᠢᠳᠠᠪᠦᠷᠢᠳᠠᠨ ᠬᠦᠮᠦᠵᠢᠭᠦᠯᠬᠦ ᠠ᠋ᠨᠡ ᠬᠦ᠌ ᠬᠦᠨᠳᠦ ᠠ᠋ᠭᠦᠷᠬᠡ ᠵᠢ ᠪᠡᠶᠡᠯᠡᠭᠦᠯᠵᠦ ᠴᠢᠳᠠᠭ᠍ᠤ ᠦᠭᠡᠢ》 ᠭᠡᠵᠦ ᠬᠡᠯᠡᠵᠦ ᠦᠩᠭᠡᠷᠡᠭᠰᠡᠨ ᠪᠠᠶ᠋ᠢᠳᠠᠭ᠃ ᠬᠡᠤᠬᠡᠳ ᠳᠦᠷᠦᠮᠡᠭᠴᠠ ᠬᠡᠷ ᠪᠦᠯᠢ᠎ᠲᠠᠢ ᠰᠢᠭᠤᠳ ᠬᠠᠷᠢᠴᠠᠭ᠎ᠠ᠎ᠲᠠᠢ ᠪᠤᠯᠳᠠᠭ᠃ ᠬᠡᠤᠬᠡᠳ᠎ᠲᠤ᠎ᠪᠠᠨ ᠬᠠᠨᠳᠤᠬᠤ ᠡᠴᠢᠬᠡ ᠠ᠋ᠬᠡ ᠵᠢᠨ ᠤᠪᠤᠷ ᠪᠤᠯᠤᠨ ᠠ᠋ᠳᠤᠷ ᠳᠤᠳᠤᠮ᠎ᠤᠨ ᠦᠬᠡ ᠶᠠᠷᠢᠶ᠎ᠠ᠂ ᠰᠤᠷᠭ᠋ᠠᠨ ᠬᠦᠮᠤᠵᠢᠯ᠎ᠨᠢ ᠬᠡᠤᠬᠡᠳ᠎ᠤᠨ ᠨᠢᠬᠡ ᠨᠠᠰᠤᠨ᠎ᠤ ᠬᠦᠭᠵᠢᠯᠳᠠ᠎ᠳᠤ ᠮᠠᠰᠢ ᠴᠢᠬᠤᠯᠠ ᠨᠦᠯᠦᠭᠡ᠎ᠲᠠᠢ ᠪᠠᠶ᠋ᠢᠳᠠᠬ᠃ ᠠ᠋ᠶ᠋ᠢᠮᠤ᠎ᠠᠴᠠ ᠭᠡᠷ᠎ᠤᠨ ᠬᠦᠮᠤᠵᠢᠯ᠎ᠨᠢ ᠬᠦᠳᠡᠯᠬᠡᠬᠡᠨᠳᠤ ᠴᠢᠨᠠᠷ᠂ ᠬᠠᠨᠳᠤᠯᠭ᠋ᠠᠳᠤ ᠴᠢᠨᠠᠷ᠂ ᠦᠷᠭᠦᠯᠵᠢᠯᠡᠯᠳᠤ ᠴᠢᠨᠠᠷ ᠵᠶ᠋ᠠᠷ ᠵᠶ᠋ᠠᠨ ᠬᠡᠤᠬᠡᠤᠨ᠎ᠤᠨ ᠭᠦᠮᠤᠵᠢᠯ᠎ᠳᠤ ᠦᠢ᠍ᠯᠡᠳᠤᠯ ᠦᠵᠡᠭᠦᠯᠵᠤ᠂ ᠴᠠᠭ ᠤᠷᠤᠨ ᠵᠡᠷᠬᠡ ᠨᠦᠭᠦᠴᠡᠯ ᠰᠢᠯᠲᠠᠭ᠋ᠠᠨ᠎ᠳᠤ ᠪᠠᠷᠢᠭᠲᠠᠭ᠍ᠤ ᠦᠭᠡᠢ᠂ ᠬᠡᠤᠬᠡᠳ᠎ᠤᠨ ᠪᠤᠳᠠᠳᠤ ᠪᠠᠶ᠋ᠢᠳᠠᠯ᠎ᠢ ᠦᠨᠳᠤᠰᠤᠯᠡᠨ ᠰᠤᠷᠭ᠋ᠠᠨ ᠬᠦᠮᠦᠵᠢᠭᠦᠯᠦᠨ᠎ᠡ᠃ ᠴᠡᠴᠡᠷᠯᠢᠭ᠎ᠤᠨ ᠬᠦᠮᠤᠵᠢᠯ ᠪᠤᠯ ᠤᠯᠤᠰ᠎ᠤᠨ ᠰᠤᠷᠭ᠋ᠠᠨ ᠬᠦᠮᠤᠵᠢᠯ᠎ᠤᠨ ᠬᠠᠷᠠᠯᠳᠠ ᠮᠦᠷᠳᠡᠬᠡᠨ ᠠ᠋ᠬᠦᠷᠬᠡ ᠮᠦᠨ᠃ ᠪᠠᠰᠠ ᠴᠦ᠍ ᠰᠤᠷᠭ᠋ᠠᠨ ᠬᠦᠮᠤᠵᠢᠯ᠎ᠤᠨ ᠡᠯ᠎ᠡ ᠱᠠᠳᠤᠨ᠎ᠤ ᠵᠢᠯᠤᠭᠤᠳᠤᠯᠭ᠎ᠠ ᠪᠤᠯᠤᠨ ᠬᠢᠨᠠᠯᠳᠠ ᠵᠢᠨ ᠲᠤᠤᠷᠠᠬᠢ᠂ ᠨᠡᠶ᠋ᠢᠬᠡᠮ᠎ᠲᠠᠢ ᠬᠠᠮᠲᠤᠷᠠᠯᠴᠠᠭᠰᠠᠨ ᠠᠵᠢᠯᠯᠠᠭ᠎ᠠ ᠪᠤᠯᠤᠨ᠎ᠠ᠃ ᠠ᠋ᠭᠦᠨ᠎ᠢ ᠪᠢᠳᠡ ᠪᠠᠰᠠ ᠴᠡᠴᠡᠷᠯᠢᠭ᠎ᠠᠴᠠ ᠪᠤᠳᠠᠳᠤ ᠪᠠᠶ᠋ᠢᠳᠠᠯ᠎ᠢ ᠦᠨᠳᠤᠰᠤᠯᠡᠨ ᠪᠤᠳᠠᠳᠠᠢ ᠬᠠᠷᠠᠯᠳᠠ᠎ᠲᠠᠢ᠂ ᠱᠠᠭ᠋ᠠᠷᠳᠠᠯᠭ᠎ᠠ᠎ᠲᠠᠢ᠂ ᠵᠤᠬᠢᠶᠠᠨ ᠪᠠᠶ᠋ᠢᠭᠤᠯᠤᠯᠳᠠ᠎ᠲᠠᠢ᠎ᠪᠠᠷ ᠭᠡᠤᠭᠡᠤᠨ᠎ᠲᠤ ᠮᠡᠳᠡᠯᠬᠡ ᠵᠢ ᠤᠯᠠᠮᠵᠢᠯᠠᠨ ᠦᠭᠴᠤ ᠦᠵᠡᠯ ᠰᠠᠨᠠᠭ᠎ᠠ ᠵᠠᠩ ᠮᠤᠷᠠᠯ᠎ᠢ᠎ᠨᠢ ᠬᠦᠮᠤᠵᠢᠬᠦᠯᠤᠨ ᠤᠶᠤᠨ᠎ᠢ᠎ᠨᠢ ᠨᠡᠭᠡᠭᠡᠭᠦ ᠠᠵᠢᠯᠯᠠᠭ᠎ᠠ ᠬᠡᠵᠤ ᠤᠶ᠋ᠢᠯᠠᠭ᠋ᠠᠵᠤ ᠪᠤᠯᠤᠨ᠎ᠠ᠃
      ᠴᠡᠴᠡᠷᠯᠢᠭ ᠪᠤᠯᠤᠨ ᠬᠡᠷ ᠪᠦᠯᠢ ᠵᠢᠨ ᠬᠠᠮᠳᠤᠷᠠᠯᠴᠠᠭ᠎ᠠ ᠪᠣᠯ ᠬᠡᠤᠬᠡᠳ᠎ᠤᠨ ᠴᠡᠴᠡᠷᠯᠢᠭ᠎ᠤᠨ ᠬᠦᠮᠦᠵᠢᠯ᠎ᠤᠨ ᠴᠢᠬᠤᠯᠠ ᠪᠦᠷᠢᠯᠳᠦᠭᠦᠨ ᠬᠡᠰᠡᠭ ᠪᠤᠯᠤᠨ᠎ᠠ᠃ ᠬᠡᠤᠬᠡᠳ᠎ᠤᠨ ᠴᠡᠴᠡᠷᠯᠢᠭ᠎ᠤᠨ ᠬᠦᠮᠦᠵᠢᠯ᠎ᠤᠨ ᠦᠬᠡᠷᠡᠴᠢᠯᠡᠯᠳᠡ ᠵᠢ ᠲᠠᠭ᠋ᠠᠯᠳᠤᠨ᠂ ᠰᠤᠳᠤᠯᠭ᠋ᠠᠳᠠᠳ ᠪᠤᠯᠤᠨ ᠴᠡᠴᠡᠷᠯᠢᠭᠴᠢ᠎ᠠᠴᠠ ᠬᠡᠤᠬᠡᠳ᠎ᠤᠨ ᠬᠦᠮᠦᠵᠢᠯ ᠪᠣᠯ ᠲᠠᠩ ᠭᠠᠭᠴᠠ ᠬᠡᠤᠬᠡᠳ᠎ᠤᠨ ᠴᠡᠴᠡᠷᠯᠢᠭ᠎ᠤᠨ ᠠ᠋ᠭᠦᠷᠬᠡ ᠪᠢᠰᠢ᠂ ᠪᠠᠰᠠ ᠴᠤ᠌ ᠭᠡᠷ᠎ᠤᠨ ᠠᠬᠠᠮᠠᠳ᠎ᠤᠨ ᠬᠠᠷᠢᠭᠤᠴᠠᠯᠭ᠎ᠠ ᠪᠤᠯᠤᠨ᠎ᠠ᠂ ᠬᠤᠶᠠᠷ ᠲᠠᠯ᠎ᠠ᠎ᠪᠠᠷ ᠵᠶ᠋ᠠᠨ ᠤᠶᠠᠯᠳᠤᠨ ᠨᠢᠭᠡᠳᠴᠦ᠂ ᠬᠦᠢ᠍ᠴᠡᠳ ᠬᠠᠮᠵᠢᠯᠴᠠᠪᠠᠯ ᠰᠠᠶᠢ ᠬᠡᠤᠬᠡᠳ᠎ᠤᠨ ᠴᠡᠴᠡᠷᠯᠢᠭ᠎ᠤᠨ ᠠᠵᠢᠯ᠎ᠤᠨ ᠤᠷᠤᠬᠰᠢᠳᠠᠢ ᠮᠦᠷᠳᠡᠬᠡᠨ ᠬᠡᠤᠬᠡᠳ᠎ᠤᠨ ᠠ᠋ᠷᠡᠬᠦᠯ ᠬᠦᠭᠵᠢᠯᠳᠡ᠎ᠳᠤ ᠠᠰᠢᠬᠳᠠᠢ ᠭᠡᠳᠡᠭ᠎ᠢ ᠲᠠᠨᠢᠬᠰᠠᠨ ᠪᠠᠶ᠋ᠢᠨ᠎ᠠ᠃ ᠮᠠᠨ᠎ᠤ ᠤᠯᠤᠰ᠎ᠲᠤ ᠰᠣᠷᠭ᠋ᠠᠭᠤᠯᠢ᠎ᠠᠴᠠ ᠠ᠋ᠮᠤᠨᠡᠬᠢ ᠬᠦᠮᠤᠵᠢᠯ᠎ᠤᠨ ᠦᠷᠬᠡᠵᠢᠬᠦ ᠵᠢ ᠳᠠᠭ᠋ᠠᠯᠳᠤᠨ ᠴᠡᠴᠡᠷᠯᠢᠭ᠎ᠲᠤ ᠳᠠᠩ ᠭᠠᠭᠴᠠ ᠪᠠᠭᠰᠢ ᠵᠢᠨ ᠵᠢᠯᠤᠭᠤᠳᠤᠯᠭ᠎ᠠ ᠳᠤᠤᠷ᠎ᠠ ᠬᠡᠤᠬᠡᠳ᠎ᠢ ᠰᠤᠷᠭ᠋ᠠᠨ ᠬᠦᠮᠤᠵᠢᠬᠦᠯᠳᠡᠭ ᠪᠢᠰᠢ᠂ ᠬᠠᠷᠢᠨ ᠬᠡᠷ᠎ᠤᠨ ᠠᠬᠠᠮᠠᠳ ᠡᠯ᠎ᠡ ᠵᠦᠢ᠍ᠯ᠎ᠤᠨ ᠬᠦᠳᠡᠯᠬᠡᠬᠡᠨ᠎ᠳᠤ ᠤᠷᠤᠯᠴᠠᠭᠰᠠᠨ ᠪᠠᠶ᠋ᠢᠳᠠᠯ ᠵᠶ᠋ᠠᠷ ᠴᠤ᠌ ᠬᠡᠤᠬᠡᠳ᠎ᠤᠨ ᠬᠦᠮᠤᠵᠢᠯ᠎ᠳᠤ ᠳᠤᠩ ᠶᠡᠭᠡ ᠨᠦᠯᠦᠬᠡ ᠦᠵᠡᠬᠦᠯᠳᠡᠭ ᠬᠡᠰᠡᠨ᠎ᠢ ᠮᠡᠳᠡᠭᠰᠡᠨ ᠪᠠᠶ᠋ᠢᠨ᠎ᠠ᠃ ᠠ᠋ᠶ᠋ᠢᠮᠤ᠎ᠠᠴᠠ ᠴᠡᠴᠡᠷᠯᠢᠭ ᠪᠤᠯᠤᠨ ᠬᠡᠷ᠎ᠤᠨ ᠠᠬᠠᠮᠠᠳ ᠰᠠᠶ᠋ᠢᠳᠣᠷ ᠬᠠᠮᠵᠢᠯᠴᠠᠪᠠᠯ ᠬᠡᠤᠬᠡᠳ᠎ᠤᠨ ᠦᠰᠤᠨ ᠪᠤᠶ᠋ᠢᠵᠢᠯᠳᠠ᠎ᠳᠤ ᠰᠠᠶ᠋ᠢᠨ ᠰᠠᠶ᠋ᠢᠬᠠᠨ ᠰᠠᠭᠤᠷᠢ ᠳᠠᠯᠪᠢᠨ ᠰᠡᠳᠬᠢᠴᠠ ᠵᠢᠨ ᠬᠦᠭᠵᠢᠯᠲᠠ᠎ᠳᠤ᠎ᠨᠢ ᠮᠦᠨ ᠴᠢᠳᠠᠮᠠᠭ᠋ᠠᠢ ᠦᠢ᠍ᠯᠡᠳᠤᠯ ᠦᠵᠡᠭᠦᠯᠵᠦ ᠴᠢᠳᠠᠳᠠᠭ᠃ ᠬᠡᠤᠬᠡᠳ᠎ᠤᠨ ᠴᠡᠴᠡᠷᠯᠢᠭ ᠪᠤᠯᠤᠨ ᠬᠡᠷ ᠪᠦᠯᠢ ᠵᠢᠨ ᠬᠠᠮᠳᠤᠷᠠᠯᠴᠠᠭ᠎ᠠ ᠪᠣᠯ ᠬᠡᠤᠬᠡᠳ᠎ᠤᠨ ᠭᠦᠮᠤᠵᠢᠯ᠎ᠤᠨ ᠴᠢᠬᠤᠯᠠ ᠠᠷᠭ᠎ᠠ ᠵᠠᠮ᠂ ᠤᠳᠤᠬᠠᠨ᠎ᠤ ᠲᠡᠯᠡᠬᠡᠢ ᠵᠢᠨ ᠤᠯᠠᠨ ᠤᠯᠤᠰ᠎ᠤᠨ ᠬᠡᠤᠬᠡᠳ᠎ᠤᠨ ᠬᠦᠮᠦᠵᠢᠯ᠎ᠤᠨ ᠬᠦᠭᠵᠢᠯᠳᠡ ᠵᠢᠨ ᠬᠠᠨᠳᠤᠰᠢ ᠪᠤᠯᠤᠨ ᠤᠷᠤᠰᠬᠠᠯ ᠪᠤᠯᠵᠦ ᠪᠠᠶ᠋ᠢᠭ᠎ᠠ ᠶᠤᠮ᠃
      ᠬᠡᠤᠬᠡᠤᠨ᠎ᠤᠨ ᠴᠡᠴᠡᠷᠯᠢᠭ ᠪᠡ ᠬᠡᠷ ᠪᠦᠯᠢ ᠵᠢᠨ ᠬᠠᠮᠳᠤᠷᠠᠯᠴᠠᠭ᠎ᠠ᠎ᠳᠤ᠎ᠬᠢ ᠠᠰᠢᠬᠳᠠᠢ ᠲᠠᠯ᠎ᠠ ᠬᠡᠪᠡᠯ᠄
     (ᠨᠢᠭᠡ) ᠬᠡᠤᠬᠡᠳ᠎ᠲᠤ ᠶᠠᠭᠤᠨ᠎ᠤ ᠤᠷᠢᠳ ᠬᠡᠷ᠎ᠤᠨ ᠠᠬᠠᠮᠠᠳ ᠪᠤᠯᠤᠨ ᠪᠠᠭᠰᠢ ᠰᠢᠭᠤᠳ ᠬᠠᠷᠢᠴᠠᠭ᠎ᠠ᠎ᠲᠠᠢ ᠬᠡᠰᠡᠨ᠎ᠢ ᠮᠡᠳᠡᠬᠦᠯᠤᠨ᠂ ᠬᠡᠷ᠎ᠤᠨ ᠠᠬᠠᠮᠠᠳ ᠴᠤ᠌ ᠦᠪᠡᠷ᠎ᠤᠨ ᠦᠷᠳᠡᠭ ᠵᠶ᠋ᠠᠨ ᠤᠶ᠋ᠢᠯᠠᠭ᠋ᠠᠨ᠂ ᠪᠠᠭᠰᠢ — ᠭᠡᠷ᠎ᠤᠨ ᠠᠬᠠᠮᠡᠤᠨ — ᠬᠡᠤᠬᠡᠤᠨ᠎ᠤᠨ 《ᠲᠤᠯᠭ᠎ᠠ ᠵᠢᠨ ᠭᠤᠷᠪᠠᠨ ᠴᠢᠯᠠᠭᠤ》 ᠰᠢᠬ ᠬᠠᠷᠢᠴᠠᠭ᠎ᠠ ᠵᠢ ᠪᠠᠶ᠋ᠢᠭᠤᠯᠬᠤ᠎ᠳᠤ ᠠᠰᠢᠭᠳᠠᠢ ᠪᠠᠶ᠋ᠢᠳᠠᠭ᠃
     (ᠬᠤᠶᠠᠷ) ᠭᠡᠤᠭᠡᠤᠨ᠎ᠤᠨ ᠴᠡᠴᠡᠷᠯᠢᠭ᠎ᠤᠨ ᠪᠠᠭᠰᠢ ᠪᠤᠯᠤᠨ ᠬᠡᠷ᠎ᠤᠨ ᠠᠬᠠᠮᠠᠳ ᠢᠳᠡᠪᠬᠢᠳᠠᠢ ᠬᠠᠮᠳᠤᠷᠠᠨ ᠦᠷᠬᠦᠯᠵᠢ ᠬᠡᠤᠬᠡᠳ᠎ᠤᠨ ᠳᠤᠬᠠᠢ ᠮᠡᠳᠡᠭᠡ ᠵᠠᠩᠬᠢ᠎ᠪᠠᠨ ᠰᠤᠯᠢᠯᠴᠠᠵᠤ ᠪᠠᠶ᠋ᠢᠪᠠᠯ ᠬᠡᠤᠬᠡᠳ᠎ᠤᠨ ᠭᠦᠮᠤᠵᠢᠯ᠎ᠤᠨ ᠲᠤᠬᠠᠢ ᠠᠷᠭ᠎ᠠ ᠣᠬᠠᠭ᠋ᠠᠨ ᠰᠦᠪᠡᠯᠡᠬᠦ᠎ᠳᠤ ᠠᠰᠢᠬᠳᠠᠢ ᠪᠠᠶ᠋ᠢᠳᠠᠭ᠃
     (ᠭᠤᠷᠪᠠ) ᠬᠡᠷ᠎ᠤᠨ ᠠᠬᠠᠮᠠᠳ᠎ᠠᠴᠠ ᠬᠡᠤᠬᠡᠳ ᠵᠶ᠋ᠠᠨ ᠭᠦᠮᠤᠵᠢᠭᠦᠯᠭᠦ᠎ᠳᠤ ᠨᠢᠬᠡ ᠳᠤᠰᠠᠯᠠᠨ ᠳᠠᠮᠵᠢᠬᠦ ᠬᠦᠮᠤᠨ᠎ᠲᠠᠢ ᠪᠤᠯᠤᠯ᠎ᠠ ᠬᠡᠰᠡᠨ ᠳᠦᠷᠦᠭᠳᠡᠯ᠎ᠲᠠᠢ ᠪᠤᠯᠵᠤ ᠪᠠᠭᠰᠢ᠎ᠲᠠᠢ ᠢᠯᠡᠬᠦᠤ ᠬᠠᠷᠢᠯᠴᠠᠨ ᠬᠡᠤᠬᠡᠤᠨ ᠵᠶ᠋ᠠᠨ ᠣᠶ᠋ᠢᠯᠠᠭ᠋ᠠᠬᠤ᠎ᠳᠤ ᠠᠰᠢᠭᠳᠠᠢ ᠪᠠᠶ᠋ᠢᠳᠠᠭ᠃
     (ᠲᠦᠷᠪᠡ) ᠬᠡᠤᠬᠡᠳ᠎ᠢ ᠭᠦᠮᠤᠵᠢᠭᠦᠯᠭᠦ ᠵᠠᠷᠢᠮ ᠠᠰᠠᠭᠤᠳᠠᠯ ᠳᠡᠬᠡᠷ᠎ᠡ ᠪᠠᠭᠰᠢ᠎ᠠᠴᠠ ᠳᠤᠰᠬᠠᠢ ᠮᠡᠷᠬᠡᠵᠢᠯ᠎ᠤᠨ ᠵᠦᠪᠯᠡᠯᠭᠡ ᠪᠤᠶᠤ ᠲᠠᠶ᠋ᠢᠯᠤᠮᠵᠢ ᠵᠢ ᠬᠡᠷ᠎ᠤᠨ ᠠᠬᠠᠮᠠᠳ᠎ᠲᠤ ᠦᠭᠭᠦ᠎ᠨᠢ ᠬᠡᠷ᠎ᠤᠨ ᠠᠬᠠᠮᠠᠳ᠎ᠲᠤ ᠵᠤᠷᠢᠬ᠍ᠵᠢᠭᠤᠯᠤᠯ ᠤᠯᠭᠤᠨ ᠲᠠᠳᠠᠨ᠎ᠤ ᠦᠪᠡᠷ᠎ᠢ᠎ᠪᠠᠨ ᠢᠳᠡᠬᠡᠬᠦ ᠰᠡᠳᠬᠢᠯᠬᠡ ᠵᠢ ᠤᠯᠠᠮ ᠨᠠᠮᠡᠭᠳᠡᠬᠦᠯᠵᠤ᠂ ᠬᠡᠤᠬᠡᠳ᠎ᠤᠨ ᠬᠦᠮᠤᠵᠢᠯ᠎ᠤᠨ ᠦᠷᠬᠡᠨ ᠬᠠᠷᠭᠤᠢ ᠵᠢ ᠨᠡᠬᠡᠬᠡᠭᠦ᠎ᠳᠤ ᠠᠰᠢᠭᠳᠠᠢ ᠪᠠᠶ᠋ᠢᠳᠠᠭ᠃
     (ᠲᠠᠪᠤ) ᠬᠡᠤᠬᠡᠳ ᠪᠤᠯᠭ᠋ᠠᠨ᠎ᠤ ᠭᠦᠷᠳᠡᠭᠰᠡᠨ ᠭᠡᠷ᠎ᠤᠨ ᠭᠦᠮᠦᠵᠢᠯ᠂ ᠵᠠᠩ ᠴᠢᠨᠠᠷ᠂ ᠤᠷᠮ᠎ᠠ ᠪᠠᠬ᠎ᠠ᠎ᠨᠢ ᠦᠭᠡᠷ᠎ᠠ ᠦᠭᠡᠷ᠎ᠡ ᠪᠠᠢ᠍ᠢ᠍ᠳᠠᠬ᠎ᠢ ᠴᠡᠴᠡᠷᠯᠢᠭ᠎ᠤᠨ ᠪᠠᠭᠰᠢ ᠨᠠᠷ ᠤᠶ᠋ᠢᠯᠠᠭ᠋ᠠᠬᠰᠡᠨ ᠪᠠᠶ᠋ᠢᠬᠤ ᠬᠡᠷᠡᠭᠳᠡᠢ᠃ ᠳᠠᠷᠠ ᠮᠦᠷᠳᠡᠬᠡᠨ ᠬᠡᠷ᠎ᠤᠨ ᠠᠬᠠᠮᠠᠳ᠎ᠨᠢ ᠪᠠᠭᠰᠢ ᠵᠢᠨ ᠠᠵᠢᠯ᠎ᠳᠤ ᠪᠠᠰᠠ ᠵᠤᠬᠢᠬᠤ ᠰᠠᠨᠠᠯ ᠵᠦᠪᠯᠡᠯᠭᠡ ᠬᠠᠨᠭ᠌ᠭ᠋ᠠᠬᠤ᠎ᠨᠢ ᠬᠡᠤᠬᠡᠤᠨ᠎ᠢ ᠭᠦᠮᠤᠵᠢᠭᠦᠯᠭᠦ ᠲᠠᠯ᠎ᠠ᠎ᠪᠠᠷ ᠲᠤᠩ ᠶᠡᠭᠡ ᠠᠴᠢ ᠲᠤᠰᠠ᠎ᠲᠠᠢ ᠪᠠᠢ᠍ᠢ᠍ᠳᠠᠬ᠃ ᠪᠠᠭᠰᠢ ᠨᠠᠷ ᠠ᠋ᠭᠦᠨ᠎ᠤ ᠤᠯᠠᠮ᠎ᠠᠴᠠ ᠦᠪᠡᠷ᠎ᠤᠨ ᠵᠶ᠋ᠠᠨ ᠠᠵᠢᠯ᠎ᠳᠤ ᠴᠤ᠌ ᠳᠤᠷᠠᠳᠠᠢ ᠪᠦᠬᠡᠤᠨ ᠪᠠᠶᠠᠰᠤᠩᠭᠤᠢ ᠤᠪᠤᠷ᠎ᠲᠠᠢ ᠪᠣᠯᠳᠠᠭ᠃
      ᠬᠡᠤᠬᠡᠳ᠎ᠤᠨ ᠴᠡᠴᠡᠷᠯᠢᠭ᠎ᠤᠨ ᠮᠠᠳᠡᠭᠡ ᠵᠠᠩᠬᠢᠴᠢᠯᠠᠯᠳᠠ ᠪᠣᠯ ᠤᠳᠤᠬᠠᠨ᠎ᠤ ᠰᠣᠷᠭ᠋ᠠᠭᠤᠯᠢ᠎ᠠᠴᠠ ᠠ᠋ᠮᠦᠨᠡᠬᠢ ᠬᠦᠮᠦᠵᠢᠯ᠎ᠤᠨ ᠦᠭᠡᠷᠡᠴᠢᠯᠡᠯᠳᠡ ᠵᠢ ᠪᠡᠶᠡᠯᠡᠬᠦᠯᠬᠦ ᠴᠢᠬᠤᠯᠠ ᠠᠷᠭ᠎ᠠ ᠪᠤᠯᠤᠨ᠎ᠠ᠃ ᠠᠮᠸᠷᠢᠺᠠ᠂ ᠠᠩᠭ᠍ᠯᠢ᠂ ᠠᠦ᠋ᠰᠲᠷᠠᠯᠢᠶ᠎ᠠ᠂ ᠠ᠋ᠨᠡᠳᠬᠡᠭ ᠵᠡᠷᠭᠡ ᠤᠯᠤᠰ ᠤᠷᠤᠨ᠎ᠳᠤ ᠮᠠᠳᠡᠭᠡ ᠵᠠᠩᠭᠢ ᠬᠠᠩᠭ᠋ᠠᠬᠤ ᠰᠢᠨ᠎ᠡ ᠮᠡᠷᠭᠡᠵᠢᠯ᠎ᠨᠢ ᠬᠡᠤᠬᠡᠳ᠎ᠤᠨ ᠬᠦᠮᠦᠵᠢᠯ᠎ᠳᠤ ᠠᠯᠢ ᠬᠡᠵᠢᠶᠡᠨ᠎ᠤ ᠬᠡᠷᠡᠭᠯᠡᠭᠳᠡᠭᠰᠡᠨ ᠪᠠᠶ᠋ᠢᠨ᠎ᠠ᠃ ᠮᠠᠳᠡᠭᠡ ᠵᠠᠩᠬᠢᠴᠢᠯᠠᠯᠳᠠ ᠵᠢᠨ ᠰᠤᠳᠤᠯᠭ᠋ᠠᠨ ᠬᠤᠳᠠ᠎ᠠᠴᠠ ᠬᠦᠳᠡᠭᠡ᠂ ᠲᠡᠭᠡᠳᠦ ᠰᠤᠷᠭ᠋ᠠᠭᠤᠯᠢ᠎ᠠᠴᠠ ᠲᠤᠮᠳᠠᠳᠦ ᠪᠠᠭ᠎ᠠ ᠰᠤᠷᠭ᠋ᠠᠭᠤᠯᠢ ᠵᠢ ᠪᠦᠷᠬᠦᠵᠦ᠂ ᠪᠠᠷᠤᠭ ᠰᠤᠷᠭ᠋ᠠᠨ ᠬᠦᠮᠦᠵᠢᠯ᠎ᠤᠨ ᠡᠯ᠎ᠡ ᠲᠠᠯ᠎ᠠ ᠵᠢ ᠬᠠᠮᠤᠷᠤᠬᠰᠠᠨ ᠪᠠᠶ᠋ᠢᠬᠤ᠎ᠳᠤ ᠰᠤᠷᠭ᠋ᠠᠭᠤᠯᠢ᠎ᠠᠴᠠ ᠠ᠋ᠮᠦᠨᠡᠬᠢ ᠬᠦᠮᠦᠵᠢᠯ᠎ᠤᠨ ᠮᠠᠳᠡᠭᠡ ᠵᠠᠩᠬᠢᠴᠢᠯᠠᠯᠳᠠ ᠬᠠᠷᠢᠨ ᠬᠦᠮᠦᠰ᠎ᠤᠨ ᠠᠩᠬᠠᠷᠤᠯ᠎ᠳᠤ ᠲᠡᠳᠦᠢ ᠶᠡᠭᠡ ᠤᠷᠤᠵᠦ ᠲᠡᠶ᠋ᠢᠯᠦᠭᠡ ᠦᠭᠡᠢ ᠪᠠᠶ᠋ᠢᠬᠰᠠᠭ᠋ᠠᠷ ᠬᠡᠳᠡᠭ᠎ᠢ ᠡ᠊ᠨᠳᠡ ᠴᠣᠬᠤᠰ ᠲᠤᠷᠠᠳᠤᠶ᠎ᠠ᠃
      ᠬᠤᠶᠠᠷ᠂ ᠬᠡᠣᠬᠡᠣᠨ᠎ᠤᠨ ᠴᠡᠴᠡᠷᠯᠢᠭ᠎ᠤᠨ ᠬᠠᠮᠢᠶᠠᠷᠤᠯᠲᠠ᠎ᠳᠤ ᠦᠵᠡᠭᠦᠯᠭᠦ ᠵᠢᠷᠬᠢᠶᠠᠨ᠎ᠤ ᠨᠡᠶ᠋ᠢᠳᠡ ᠵᠢᠨ ᠲᠠᠪᠴᠠᠩ᠎ᠤᠨ ᠴᠢᠳᠠᠪᠬᠢ ᠦᠢ᠍ᠯᠡᠳᠦᠯ
      ᠵᠢᠷᠭᠢᠶ᠎ᠡ᠎ᠳᠤ ᠰᠠᠭᠤᠷᠢᠯᠠᠭᠰᠠᠨ ᠵᠢᠷᠬᠢᠶᠠᠨ᠎ᠤ ᠨᠡᠶ᠋ᠢᠳᠡ ᠵᠢᠨ ᠲᠠᠪᠴᠠᠩ᠎ᠨᠢ 2012 ᠣᠨ᠎ᠤ 8 ᠰᠠᠷ᠎ᠠ ᠵᠢᠨ 23᠎ᠤ ᠠ᠋ᠳᠦᠷ ᠵᠢᠩᠭᠢᠨᠢ᠎ᠪᠠᠷ ᠨᠡᠪᠳᠡᠷᠡᠵᠦ᠂ ᠬᠡᠳᠦ ᠤᠳᠠᠭ᠋ᠠᠨ᠎ᠤ ᠲᠤᠬᠢᠷᠠᠭᠤᠯᠤᠯᠳᠠ᠎ᠪᠠᠷ ᠲᠠᠮᠵᠢᠨ 《ᠵᠠᠬᠢᠶᠠᠯᠠᠭ᠎ᠠ ᠵᠢᠨ ᠳ᠋ᠤᠭ᠋ᠠᠷ》᠂ 《ᠦᠢ᠍ᠯᠡᠴᠢᠯᠡᠬᠡᠨ᠎ᠤ ᠳ᠋ᠤᠭ᠋ᠠᠷ》᠂ 《ᠠᠵᠦ ᠠᠬᠤᠶ᠋ᠢᠯᠠᠯ᠎ᠤᠨ ᠳ᠋ᠤᠭ᠋ᠠᠷ》 ᠭᠡᠵᠦ ᠨᠠᠷᠢᠯᠢᠬ ᠬᠤᠪᠢᠶᠠᠭᠳᠠᠨ ᠬᠡᠷᠡᠭᠯᠡᠭᠳᠡᠵᠦ ᠪᠠᠶ᠋ᠢᠨ᠎ᠠ᠃ ᠵᠢᠷᠬᠢᠶᠠᠨ᠎ᠤ ᠨᠡᠶ᠋ᠢᠳᠡ ᠵᠢᠨ ᠲᠠᠪᠴᠠᠩ ᠪᠣᠯ ᠬᠤᠪᠢ ᠬᠦᠮᠦᠨ᠂ ᠠᠵᠦ ᠠᠬᠤᠶ᠋ᠢᠯᠠᠯ ᠪᠤᠯᠤᠨ ᠵᠤᠬᠢᠶᠠᠨ ᠪᠠᠶ᠋ᠢᠭᠤᠯᠤᠯᠳᠠ᠎ᠠᠴᠠ ᠬᠡᠷᠡᠭᠯᠡᠭᠴᠢᠳ᠎ᠲᠤ ᠬᠠᠨᠳᠤᠭᠤᠯᠤᠨ ᠭᠠᠷᠭ᠋ᠠᠬᠰᠠᠨ ᠬᠠᠮᠢᠶᠠᠷᠤᠯᠳᠠ ᠪᠠ ᠦᠢ᠍ᠯᠡᠴᠢᠯᠡᠬᠡᠨ᠎ᠤ ᠴᠢᠨᠠᠷᠳᠠᠢ ᠴᠣ᠋ ᠰᠢᠨ᠎ᠡ ᠲᠠᠪᠴᠠᠩ ᠪᠤᠯᠤᠨ᠎ᠠ᠃
      ᠵᠢᠷᠬᠢᠶᠠᠨ᠎ᠤ ᠨᠡᠶ᠋ᠢᠳᠡ ᠵᠢᠨ ᠲᠠᠪᠴᠠᠩ᠎ᠤᠨ ᠬᠡᠤᠬᠡᠤᠨ᠎ᠤᠨ ᠴᠡᠴᠡᠷᠯᠢᠭ᠎ᠲᠤ᠎ᠬᠢ ᠠᠰᠢᠬᠯᠠᠯᠳᠠ ᠵᠢᠨ ᠬᠡᠯᠪᠡᠷᠢ᠎ᠳᠤ ᠬᠡᠤᠬᠡᠤᠨ᠎ᠤᠨ ᠴᠡᠴᠡᠷᠯᠢᠭ᠎ᠤᠨ ᠵᠢᠷᠬᠢᠶᠠᠨ᠎ᠤ ᠨᠡᠶ᠋ᠢᠳᠡ ᠵᠢᠨ ᠲᠠᠪᠴᠠᠩ᠎ᠢ ᠨᠡᠪᠳᠡᠷᠡᠬᠦᠯᠵᠦ᠂ ᠠᠩᠬᠠᠷᠴᠦ ᠦᠵᠡᠵᠦ ᠪᠠᠶ᠋ᠢᠭ᠎ᠠ ᠬᠦᠮᠦᠰ᠎ᠲᠤ ᠮᠡᠳᠡᠭᠡ ᠵᠠᠩᠭᠢ ᠲᠠᠮᠵᠢᠭᠤᠯᠵᠦ᠂ ᠲᠠᠪᠴᠠᠩ ᠵᠶ᠋ᠠᠷ ᠬᠡᠷᠡᠭᠯᠡᠭᠴᠢᠳ᠎ᠤᠨ ᠬᠠᠷᠢᠭᠤ ᠰᠠᠨᠠᠯ᠎ᠢ ᠲᠤᠰᠴᠦ ᠪᠤᠯᠤᠨ᠎ᠠ᠃ ᠬᠡᠣᠬᠡᠣᠨ᠎ᠤᠨ ᠴᠡᠴᠡᠷᠯᠢᠭ᠎ᠨᠢ ᠵᠢᠷᠬᠢᠶᠠᠨ᠎ᠤ ᠨᠡᠶ᠋ᠢᠳᠡ ᠵᠢᠨ ᠲᠠᠪᠴᠠᠩ᠎ᠢ ᠭᠤᠤᠯᠯᠠᠨ ᠠ᠋ᠷᠬᠢᠯᠡᠵᠦ ᠪᠠᠶ᠋ᠢᠭ᠎ᠠ ᠪᠤᠯᠬᠤᠷ ᠠᠭᠤᠯᠭ᠎ᠠ ᠬᠡᠯᠪᠡᠷᠢ ᠵᠢᠨ ᠴᠢᠳᠠᠮᠵᠢ ᠵᠢ ᠲᠤᠬᠳᠠᠭ᠋ᠠᠵᠦ᠂ ᠠ᠋ᠨᠡ ᠬᠦ᠌ ᠲᠠᠪᠴᠠᠩ ᠵᠶ᠋ᠠᠷ ᠲᠠᠮᠵᠢᠭᠤᠯᠤᠨ ᠬᠡᠤᠬᠡᠳ᠎ᠤᠨ ᠴᠡᠴᠡᠷᠯᠢᠭ ᠪᠤᠯᠤᠨ ᠭᠡᠷ᠎ᠤᠨ ᠠᠬᠠᠮᠠᠳ᠎ᠤᠨ ᠬᠤᠭᠤᠷᠤᠨᠳᠤᠬᠢ ᠤᠶ᠋ᠢᠯᠠᠭ᠋ᠠᠯᠴᠠᠭ᠎ᠠ ᠵᠢ ᠨᠡᠮᠡᠭᠳᠡᠭᠦᠯᠵᠦ ᠪᠤᠯᠤᠨ᠎ᠠ᠃ ᠴᠡᠴᠡᠷᠯᠢᠭ ᠪᠤᠯᠤᠨ ᠬᠡᠷ ᠪᠦᠯᠢ ᠵᠢᠨ ᠬᠠᠮᠳᠤᠷᠠᠯᠴᠠᠭ᠎ᠠ ᠪᠣᠯ ᠰᠣᠷᠭ᠋ᠠᠭᠤᠯᠢ᠎ᠠᠴᠠ ᠠ᠋ᠮᠦᠨᠡᠬᠢ ᠬᠦᠮᠦᠵᠢᠯ᠎ᠤᠨ ᠬᠤᠭᠤᠴᠠᠭ᠋ᠠᠨ᠎ᠳᠤ᠎ᠬᠢ ᠬᠡᠤᠬᠡᠤᠨ᠎ᠤᠨ ᠴᠡᠴᠡᠷᠯᠢᠭ ᠪᠠ ᠭᠡᠷ᠎ᠤᠨ ᠠᠬᠠᠮᠠᠳ᠎ᠤᠨ ᠬᠠᠮᠳᠤᠷᠠᠨ ᠠᠵᠢᠯᠯᠠᠭ᠍ᠤ ᠰᠤᠷᠭ᠋ᠠᠨ ᠬᠦᠮᠦᠵᠢᠯ᠎ᠤᠨ ᠦᠢ᠍ᠯᠡᠳᠦᠯᠬᠡ ᠵᠢᠨ ᠠᠵᠢᠯᠯᠠᠭ᠎ᠠ ᠮᠦᠨ᠂ ᠠ᠋ᠭᠦᠨ᠎ᠳᠤ ᠬᠡᠯᠪᠡᠷᠢ ᠤᠯᠠᠨ ᠶᠠᠩᠵᠦ ᠵᠢᠨ ᠪᠠᠶ᠋ᠢᠵᠦ ᠪᠤᠯᠤᠨ᠎ᠠ᠂ ᠮᠦᠨ ᠴᠤ᠌ ᠴᠠᠭ ᠦᠶ᠎ᠡ ᠵᠢ᠎ᠲᠠᠭᠠᠨ ᠬᠤᠪᠢᠷᠠᠵᠦ ᠬᠦᠭᠵᠢᠵᠦ ᠪᠠᠶ᠋ᠢᠨ᠎ᠠ᠃ ᠰᠢᠨ᠎ᠡ ᠵᠠᠭᠤᠴᠢᠯᠠᠭᠤᠷ ᠬᠦᠭᠵᠢᠭᠰᠡᠨ ᠦᠶ᠎ᠡ᠎ᠳᠤ᠂ ᠲᠠᠪᠴᠠᠩ ᠵᠶ᠋ᠠᠷ ᠲᠠᠮᠵᠢᠨ ᠬᠠᠷᠢᠯᠴᠠᠭ᠍ᠤ᠎ᠨᠢ ᠤᠯᠠᠨ ᠲᠠᠪᠠᠭᠤᠯᠢᠭ ᠲᠠᠯ᠎ᠠ᠎ᠲᠠᠢ᠃ ᠢᠯᠠᠩᠭᠤᠶ᠎ᠠ ᠭᠠᠷ ᠤᠳᠠᠰᠤᠨ᠎ᠤ ᠰᠢᠯᠵᠢᠶ᠎ᠡ ᠬᠤᠯᠪᠤᠭ᠎ᠠ᠎ᠨᠢ ᠳᠦᠭᠦᠮ ᠲᠦᠲᠡ ᠮᠦᠷᠳᠡᠬᠡᠨ ᠦᠷ᠎ᠡ ᠪᠦᠳᠦᠮᠵᠢ ᠦᠨᠳᠦᠷ ᠪᠠᠶ᠋ᠢᠳᠠᠭ᠃ ᠲᠡᠭᠡᠪᠡᠯ᠂ ᠬᠡᠤᠬᠡᠤᠨ᠎ᠤᠨ ᠴᠡᠴᠡᠷᠯᠢᠭ᠎ᠤᠨ ᠵᠢᠷᠬᠢᠶᠠᠨ᠎ᠤ ᠨᠡᠶ᠋ᠢᠳᠡ ᠵᠢᠨ ᠲᠠᠪᠴᠠᠩ᠎ᠤᠨ ᠪᠤᠳᠠᠲᠠᠢ ᠴᠢᠳᠠᠪᠬᠢ ᠦᠢ᠍ᠯᠡᠳᠦᠯ᠎ᠨᠢ ᠭᠤᠤᠯᠳᠠᠭᠤ ᠲᠤᠤᠷᠠᠬᠢ ᠬᠡᠳᠦᠨ ᠲᠠᠯ᠎ᠠ᠎ᠳᠤ ᠢᠯᠡᠷᠡᠳᠡᠭ᠃
     (ᠨᠢᠭᠡ) ᠮᠡᠳᠡᠭᠡ ᠵᠠᠩᠭᠢ ᠲᠠᠮᠵᠢᠭᠤᠯᠬᠤ ᠴᠢᠳᠠᠮᠵᠢ
      ᠮᠡᠳᠡᠭᠡ ᠵᠠᠩᠭᠢ ᠲᠠᠮᠵᠢᠭᠤᠯᠬᠤ ᠴᠢᠳᠠᠮᠵᠢ ᠪᠣᠯ ᠬᠡᠤᠬᠡᠤᠨ᠎ᠤᠨ ᠴᠡᠴᠡᠷᠯᠢᠭ᠎ᠤᠨ ᠵᠢᠷᠬᠢᠶᠠᠨ᠎ᠤ ᠨᠡᠶ᠋ᠢᠳᠡ ᠵᠢᠨ ᠲᠠᠪᠴᠠᠩ᠎ᠤᠨ ᠬᠠᠮᠤᠭ᠎ᠤᠨ ᠦᠨᠳᠦᠰᠦᠨ ᠴᠢᠳᠠᠮᠵᠢ ᠵᠢᠨ ᠨᠢᠭᠡ ᠪᠤᠯᠤᠨ᠎ᠠ᠃ ᠤᠴᠢᠷ᠎ᠨᠢ ᠵᠢᠷᠬᠢᠶᠠᠨ᠎ᠤ ᠨᠡᠶ᠋ᠢᠳᠡ ᠵᠢᠨ ᠲᠠᠪᠴᠠᠩ᠎ᠨᠢ ᠨᠢᠭᠡᠨ ᠰᠢᠨ᠎ᠡ ᠵᠠᠭᠤᠴᠢᠯᠠᠭᠤᠷ ᠪᠤᠯᠤᠬᠰᠠᠨ᠎ᠤ ᠬᠤᠪᠢ᠎ᠳᠤ ᠲᠡᠬᠦᠨ᠎ᠤ ᠰᠢᠨᠵᠢ ᠴᠢᠨᠠᠷ ᠪᠣᠯ ᠮᠡᠳᠡᠭᠡ ᠰᠤᠷᠠᠭ ᠵᠠᠩᠭᠢ ᠲᠠᠮᠵᠢᠭᠤᠯᠬᠤ ᠪᠤᠯᠤᠨ᠎ᠠ᠃ ᠤᠨᠴᠠᠯᠢᠭ᠎ᠨᠢ ᠲᠠᠩ ᠴᠢᠭᠯᠡᠯ᠎ᠤᠨ ᠤᠯᠠᠨ ᠲᠦᠮᠡᠨᠴᠢ ᠲᠠᠮᠵᠢᠭᠤᠯᠭ᠎ᠠ ᠪᠤᠯᠤᠨ ᠬᠤᠣᠰ ᠴᠢᠭᠯᠡᠯ᠎ᠤᠨ ᠬᠦᠮᠦᠰ᠎ᠤᠨ ᠬᠤᠭᠤᠷᠤᠨᠳᠤᠬᠢ ᠶᠠᠪᠤᠯᠴᠠᠭ᠋ᠠᠨ᠎ᠤ ᠲᠠᠮᠵᠢᠭᠤᠯᠭ᠎ᠠ ᠵᠢ ᠤᠶᠠᠯᠳᠤᠭᠤᠯᠤᠬᠰᠠᠨ᠎ᠳᠤ ᠪᠤᠢ᠃ ᠠᠰᠢᠬᠳᠠᠢ ᠮᠠᠳᠡᠭᠡ ᠵᠠᠩᠭᠢ ᠵᠢᠨ ᠲᠠᠮᠵᠢᠭᠤᠯᠭ᠎ᠠ᠎ᠨᠢ ᠬᠡᠤᠬᠡᠤᠨ᠎ᠤᠨ ᠴᠡᠴᠡᠷᠯᠢᠭ᠎ᠤᠨ ᠦᠡᠳᠣᠰᠤᠨ ᠪᠠᠶ᠋ᠢᠳᠠᠯ᠂ ᠰᠤᠷᠭ᠋ᠠᠨ ᠬᠦᠮᠦᠵᠢᠯ᠎ᠤᠨ ᠣᠨᠣᠯᠵᠢᠬᠤᠨ ᠪᠠ ᠰᠤᠷᠭ᠋ᠠᠨ ᠬᠦᠮᠦᠵᠢᠯ᠎ᠤᠨ ᠠᠷᠭ᠎ᠠ ᠮᠠᠶᠢᠭ᠎ᠢ ᠴᠠᠭ ᠲᠤᠬᠠᠢ᠎ᠳᠤ᠎ᠨᠢ ᠨᠡᠶ᠋ᠢᠭᠡᠮ ᠨᠡᠶ᠋ᠢᠳᠡ ᠪᠤᠯᠤᠨ ᠭᠡᠷ᠎ᠤᠨ ᠠᠬᠠᠮᠠᠳ᠎ᠲᠤ ᠳᠠᠮᠵᠢᠭᠤᠯᠤᠨ ᠮᠡᠳᠡᠭᠳᠡᠵᠦ᠂ ᠬᠡᠤᠬᠡᠤᠨ᠎ᠤᠨ ᠴᠡᠴᠡᠷᠯᠢᠭ᠎ᠤᠨ ᠲᠤᠰ ᠪᠡᠶ᠎ᠡ ᠵᠢᠨ ᠤᠬᠠᠭᠤᠯᠭ᠎ᠠ ᠵᠢ ᠰᠠᠶ᠋ᠢᠳᠤᠷ ᠬᠢᠬᠦ᠎ᠪᠠᠷ ᠪᠠᠷᠠᠭ᠍ᠤ ᠦᠭᠡᠢ᠂ ᠴᠡᠴᠡᠷᠯᠢᠭ᠎ᠤᠨ ᠠ᠋ᠳᠦᠷ ᠳᠤᠳᠤᠮ᠎ᠤᠨ ᠠᠵᠢᠯ᠎ᠢ ᠭᠡᠷ᠎ᠤᠨ ᠠᠬᠠᠮᠠᠳ᠎ᠲᠤ ᠨᠡᠩ ᠬᠦᠨᠵᠡᠭᠡᠢ ᠤᠶ᠋ᠢᠯᠠᠭ᠋ᠠᠭᠤᠯᠵᠤ ᠴᠢᠳᠠᠨ᠎ᠠ᠃ ᠬᠡᠷᠪᠡ ᠵᠢᠷᠬᠢᠶᠠᠨ᠎ᠤ ᠨᠡᠶ᠋ᠢᠳᠡ ᠵᠢᠨ ᠲᠠᠪᠴᠠᠩ᠎ᠤᠨ ᠤᠬᠠᠭᠤᠯᠭ᠎ᠠ ᠵᠢᠨ ᠠᠵᠢᠯ᠎ᠢ ᠰᠠᠶ᠋ᠢᠳᠦᠷ ᠬᠢᠵᠦ ᠴᠢᠳᠠᠪᠠᠯ ᠬᠡᠤᠬᠡᠳ᠎ᠤᠨ ᠴᠡᠴᠡᠷᠯᠢᠭ᠎ᠤᠨ ᠰᠤᠷᠤᠬ᠍ᠴᠢ ᠠ᠋ᠯᠰᠡᠬᠦ᠂ ᠨᠡᠶ᠋ᠢᠭᠡᠮ᠎ᠤᠨ ᠨᠡᠷ᠎ᠡ ᠨᠦᠯᠦᠭᠡ ᠪᠤᠯᠤᠨ ᠭᠡᠷ᠎ᠤᠨ ᠠᠬᠠᠮᠠᠳ᠎ᠤᠨ ᠢᠳᠡᠭᠡᠯ᠎ᠢ ᠣᠯᠬᠤ᠎ᠳᠤ ᠪᠦᠷ ᠶᠡᠭᠡ ᠲᠡᠮᠵᠢᠯᠭᠡ ᠪᠤᠯᠤᠨ᠎ᠠ᠃ ᠮᠠᠳᠡᠭᠡ ᠵᠠᠩᠭᠢ ᠲᠠᠮᠵᠢᠭᠤᠯᠬᠤ ᠴᠢᠳᠠᠮᠵᠢ᠎ᠳᠤ ᠬᠤᠶᠠᠷ ᠲᠠᠯ᠎ᠠ ᠵᠢᠨ ᠠᠭᠤᠯᠭ᠎ᠠ ᠵᠢ ᠪᠠᠭᠳᠠᠭ᠋ᠠᠵᠦ ᠪᠤᠯᠤᠨ᠎ᠠ᠄
     1. ᠬᠡᠤᠬᠡᠤᠨ᠎ᠤᠨ ᠴᠡᠴᠡᠷᠯᠢᠭ᠎ᠤᠨ ᠦᠡᠳᠣᠰᠣᠨ ᠪᠠᠶ᠋ᠢᠳᠠᠯ
      ᠴᠡᠴᠡᠷᠯᠢᠭ᠎ᠤᠨ ᠵᠢᠷᠬᠢᠶᠠᠨ᠎ᠤ ᠨᠡᠶ᠋ᠢᠳᠡ ᠵᠢᠨ ᠲᠠᠪᠴᠠᠩ᠎ᠨᠢ ᠨᠢᠬᠡᠨᠳᠡ ᠨᠡᠶ᠋ᠢᠬᠡᠮ ᠨᠡᠶ᠋ᠢᠳᠡ ᠪᠤᠯᠤᠨ ᠬᠡᠷ᠎ᠤᠨ ᠠᠬᠠᠮᠠᠳ᠎ᠲᠤ ᠬᠡᠤᠬᠡᠤᠨ᠎ᠤᠨ ᠴᠡᠴᠡᠷᠯᠢᠭ᠎ᠤᠨ ᠦᠡᠳᠣᠰᠣᠨ ᠪᠠᠶ᠋ᠢᠳᠠᠯ᠎ᠢ ᠲᠠᠨᠢᠭᠤᠯᠬᠤ ᠴᠢᠬᠤᠯᠠ ᠬᠡᠯᠪᠡᠷᠢ ᠪᠤᠯᠤᠬᠰᠠᠨ ᠪᠠᠶ᠋ᠢᠨ᠎ᠠ᠃ ᠬᠡᠷ᠎ᠤᠨ ᠠᠬᠠᠮᠠᠳ ᠬᠡᠷ᠎ᠲᠤ᠎ᠪᠠᠨ ᠰᠠᠭᠤᠵᠦ ᠪᠠᠶ᠋ᠢᠭ᠋ᠠᠳ ᠬᠡᠤᠬᠡᠤᠨ᠎ᠤᠨ ᠴᠡᠴᠡᠷᠯᠢᠭ᠎ᠤᠨ ᠦᠡᠳᠣᠰᠣᠨ ᠪᠠᠶ᠋ᠢᠳᠠᠯ᠎ᠢ ᠤᠶ᠋ᠢᠯᠠᠭ᠋ᠠᠵᠦ ᠪᠤᠯᠤᠨ᠎ᠠ᠃ ᠤᠯᠠᠩᠬᠢ ᠬᠡᠤᠬᠡᠤᠨ᠎ᠤᠨ ᠴᠡᠴᠡᠷᠯᠢᠭ᠎ᠤᠨ ᠵᠢᠷᠬᠢᠶᠠᠨ᠎ᠤ ᠨᠡᠶ᠋ᠢᠳᠡ ᠵᠢᠨ ᠲᠠᠪᠴᠠᠩ᠎ᠳᠤ 《ᠴᠡᠴᠡᠷᠯᠢᠭ᠎ᠤᠨ ᠲᠠᠨᠢᠯᠴᠠᠭᠤᠯᠭ᠎ᠠ》᠂ 《ᠴᠡᠴᠡᠷᠯᠢᠭ᠎ᠤᠨ ᠦᠵᠡᠬᠦᠯᠬᠡ》᠂ 《ᠴᠡᠴᠡᠷᠯᠢᠭ᠎ᠤᠨ ᠲᠤᠬᠠᠢ》 ᠭᠡᠬᠦ ᠮᠡᠳᠦ ᠵᠢᠨ ᠪᠤᠯᠤᠩ᠎ᠲᠠᠢ᠃ ᠬᠦᠬᠡᠬᠤᠳᠠ ᠵᠢᠨ ᠰᠠᠶ᠋ᠢᠬᠠᠨ ᠲᠤᠭᠤᠷᠢᠭ᠎ᠤᠨ ᠮᠤᠩᠭᠤᠯ ᠦᠨᠳᠦᠰᠦᠳᠡᠨ᠎ᠤ ᠬᠡᠤᠬᠡᠳ᠎ᠤᠨ ᠴᠡᠴᠡᠷᠯᠢᠭ᠎ᠤᠨ ᠵᠢᠷᠬᠢᠶ᠎ᠡ᠎ᠪᠠᠷ ᠵᠢᠱ᠌ᠢᠶᠡᠯᠡᠬᠦ᠎ᠳᠤ 《ᠪᠢᠴᠢᠯ ᠰᠦᠯᠵᠢᠶ᠎ᠡ》᠂ 《ᠴᠡᠴᠡᠷᠯᠢᠭ᠎ᠤᠨ ᠤᠷᠴᠢᠨ》᠂ 《ᠴᠡᠴᠡᠷᠯᠢᠭ᠎ᠤᠨ ᠲᠠᠨᠢᠯᠴᠠᠭᠤᠯᠭ᠎ᠠ》᠂ 《ᠮᠠᠨ᠎ᠲᠠᠢ ᠬᠠᠷᠢᠯᠴᠠᠭ᠍ᠤ》 ᠬᠡᠭᠦ ᠮᠡᠳᠤ ᠪᠤᠯᠤᠩ ᠪᠠᠶ᠋ᠢᠨ᠎ᠠ᠃ ᠰᠢᠷᠪᠢᠨ ᠦᠵᠡᠬᠡᠳ ᠭᠠᠷᠬᠤ᠎ᠳᠤ ᠴᠡᠴᠡᠷᠯᠢᠭ᠎ᠤᠨ ᠲᠤᠬᠠᠢ ᠤᠶ᠋ᠢᠯᠠᠭ᠋ᠠᠯᠳᠠ᠎ᠲᠠᠢ ᠪᠤᠯᠵᠦ᠂ ᠤᠯᠠᠮ ᠨᠢᠬᠡ ᠠᠯᠬᠤᠮ ᠤᠶ᠋ᠢᠯᠠᠭ᠋ᠠᠬᠤ ᠭᠡᠪᠡᠯ ᠴᠡᠴᠡᠷᠯᠢᠭ᠎ᠲᠠᠢ ᠬᠠᠷᠢᠯᠴᠠᠵᠤ ᠪᠤᠯᠤᠨ᠎ᠠ᠃
     2. ᠬᠡᠤᠬᠡᠤᠨ᠎ᠤᠨ ᠴᠡᠴᠡᠷᠯᠢᠭ᠎ᠤᠨ ᠠᠵᠢᠯᠯᠠᠭ᠎ᠠ
      ᠴᠡᠴᠡᠷᠯᠢᠭ᠎ᠤᠨ ᠵᠢᠷᠬᠢᠶᠠᠨ᠎ᠤ ᠨᠡᠶ᠋ᠢᠳᠡ ᠵᠢᠨ ᠲᠠᠪᠴᠠᠩ᠎ᠤᠨ ᠨᠠᠶ᠋ᠢᠳᠠ ᠠᠵᠢᠯᠯᠠᠭ᠎ᠠ᠎ᠨᠢ ᠬᠡᠷ᠎ᠤᠨ ᠠᠬᠠᠮᠠᠳ᠎ᠲᠤ ᠴᠡᠴᠡᠷᠯᠢᠭ᠎ᠤᠨ ᠠ᠋ᠳᠦᠷ ᠲᠤᠳᠤᠮ᠎ᠤᠨ ᠠᠵᠢᠯᠯᠠᠭ᠎ᠠ ᠵᠢ ᠴᠢᠨᠠᠭᠰᠢᠯᠠᠨ ᠨᠡᠶ᠋ᠢᠭᠡᠮ ᠨᠡᠶ᠋ᠢᠳᠡ ᠪᠤᠯᠤᠨ 《ᠨᠢᠭᠤᠬᠳᠠᠮᠠᠯ ᠭᠡᠷ᠎ᠤᠨ ᠠᠬᠠᠮᠠᠳ》᠎ᠲᠤ ᠴᠡᠴᠡᠷᠯᠢᠭ᠎ᠤᠨ ᠦᠢ᠍ᠯᠡᠴᠢᠯᠡᠬᠡᠨ᠎ᠤ ᠶᠠᠰᠦ ᠴᠢᠨᠠᠷ ᠪᠤᠯᠤᠨ ᠰᠤᠷᠭ᠋ᠠᠨ ᠬᠦᠮᠦᠵᠢᠯ᠎ᠤᠨ ᠶᠠᠰᠤ ᠴᠢᠨᠠᠷ᠎ᠢ ᠲᠣᠰᠬᠠᠨ ᠦᠵᠡᠬᠦᠯᠵᠦ ᠪᠠᠶ᠋ᠢᠭ᠎ᠠ ᠶᠤᠮ᠃ ᠬᠦᠬᠡᠬᠤᠳᠠ ᠵᠢᠨ ᠮᠤᠩᠭᠤᠯ ᠦᠨᠳᠦᠰᠦᠳᠡᠨ᠎ᠤ ᠬᠡᠤᠬᠡᠳ᠎ᠤᠨ ᠴᠡᠴᠡᠷᠯᠢᠭ᠎ᠤᠨ ᠵᠢᠷᠬᠢᠶ᠎ᠠ᠎ᠳᠤ 《ᠰᠤᠷᠭ᠋ᠠᠭᠤᠯᠢ ᠵᠢᠨ ᠠᠵᠢᠯᠯᠠᠭ᠎ᠠ》 ᠭᠡᠬᠦ ᠪᠤᠯᠤᠩ᠎ᠲᠠᠢ᠂ ᠠ᠋ᠭᠦᠨ᠎ᠳᠤ ᠨᠡᠶ᠋ᠢᠲᠡᠯᠡᠯ᠎ᠤᠨ ᠠᠭᠤᠯᠭ᠎ᠠ ᠵᠢ ᠲᠡᠯᠡᠵᠦ ᠪᠠᠶᠠᠯᠢᠬ᠍ᠵᠢᠭᠤᠯᠬᠤ᠂ ᠲᠤᠬᠠᠶ᠋ᠢᠯᠠᠪᠠᠯ᠂ ᠬᠡᠤᠬᠡᠤᠨ᠎ᠤᠨ ᠴᠡᠴᠡᠷᠯᠢᠭ᠎ᠤᠨ ᠤᠶ᠋ᠢᠷ᠎ᠠ ᠵᠢᠨ ᠬᠤᠭᠤᠴᠠᠭ᠋ᠠᠨ᠎ᠤ ᠠᠵᠢᠯᠯᠠᠭ᠎ᠠ᠎ᠪᠠᠨ ᠠ᠋ᠨᠡ ᠬᠦ᠌ ᠪᠤᠯᠤᠩ᠎ᠳᠤ᠎ᠪᠠᠨ ᠨᠡᠶ᠋ᠢᠳᠡᠯᠡᠪᠡᠯ ᠬᠦᠮᠦᠰ᠎ᠤᠨ ᠠᠩᠬᠠᠷᠤᠯ᠎ᠢ ᠨᠡᠩ ᠶᠡᠭᠡ ᠲᠠᠳᠠᠵᠦ ᠴᠢᠳᠠᠭ᠍ᠤ ᠪᠤᠯᠤᠨ᠎ᠠ᠃
     (ᠬᠤᠶᠠᠷ) ᠭᠡᠷ᠎ᠤᠨ ᠠᠬᠠᠮᠠᠳ᠎ᠤᠨ ᠬᠦᠮᠦᠵᠢᠯ᠎ᠤᠨ ᠴᠢᠳᠠᠮᠵᠢ
      ᠭᠡᠷ᠎ᠤᠨ ᠠᠬᠠᠮᠠᠳ᠎ᠤᠨ ᠬᠦᠮᠦᠵᠢᠯ᠎ᠤᠨ ᠴᠢᠳᠠᠮᠵᠢ ᠭᠡᠳᠡᠭ ᠪᠣᠯ ᠵᠢᠷᠬᠢᠶᠠᠨ᠎ᠤ ᠨᠡᠶ᠋ᠢᠳᠡ ᠵᠢᠨ ᠲᠠᠪᠴᠠᠩ ᠵᠶ᠋ᠠᠷ ᠳᠠᠮᠵᠢᠭᠤᠯᠤᠨ ᠵᠦᠪ ᠰᠤᠷᠭ᠋ᠠᠨ ᠬᠦᠮᠦᠵᠢᠯ᠎ᠤᠨ ᠦᠵᠡᠯ ᠳᠠᠨᠢᠯᠳᠠ ᠪᠠ ᠰᠢᠨ᠎ᠡ ᠴᠠᠭ ᠦᠶ᠎ᠡ᠎ᠳᠤ ᠲᠤᠬᠢᠷᠠᠭᠰᠠᠨ ᠰᠢᠨᠵᠢᠯᠡᠬᠦ ᠤᠬᠠᠭ᠋ᠠᠨᠴᠢ ᠰᠤᠷᠭ᠋ᠠᠨ ᠬᠦᠮᠦᠵᠢᠯ᠎ᠤᠨ ᠣᠨᠣᠯᠵᠢᠬᠤᠨ᠎ᠢ ᠭᠡᠷ᠎ᠤᠨ ᠠᠬᠠᠮᠠᠳ᠎ᠲᠤ ᠲᠠᠨᠢᠭᠤᠯᠵᠦ᠂ ᠬᠡᠤᠬᠡᠳ᠎ᠢ ᠰᠤᠷᠭ᠋ᠠᠵᠦ ᠬᠦᠮᠦᠵᠢᠭᠦᠯᠬᠦ ᠶᠠᠪᠤᠴᠠ᠎ᠳᠤ ᠭᠡᠷ᠎ᠤᠨ ᠠᠬᠠᠮᠠᠣᠨ᠎ᠤᠨ ᠲᠠᠯ᠎ᠠ᠎ᠳᠤ ᠭᠠᠷᠴᠣ ᠪᠤᠢ ᠠᠰᠠᠭᠤᠳᠠᠯ᠎ᠳᠤ ᠵᠠᠳᠠᠯᠤᠯᠳᠠ ᠲᠠᠶ᠋ᠢᠯᠤᠮᠵᠢ ᠬᠢᠵᠦ᠂ ᠭᠡᠷ᠎ᠤᠨ ᠬᠦᠮᠦᠵᠢᠯ᠎ᠳᠤ ᠲᠡᠮᠵᠢᠯᠭᠡ ᠦᠵᠡᠬᠦᠯᠦᠨ᠎ᠡ᠃ ᠵᠣᠬᠢᠬᠤ ᠤᠤᠠᠭ᠍ᠠᠨ᠎ᠠᠴᠠ ᠬᠡᠯᠡᠪᠡᠯ᠂ ᠭᠦᠮᠣᠨ ᠪᠤᠯᠭ᠋ᠠᠨ᠎ᠤ ᠰᠤᠷᠭ᠋ᠠᠨ ᠬᠦᠮᠦᠵᠢᠯ᠎ᠤᠨ ᠦᠵᠡᠯ ᠳᠠᠨᠢᠯᠳᠠ ᠵᠢᠨ ᠠᠳᠠᠯᠢ ᠪᠤᠰᠤ᠎ᠨᠢ ᠰᠤᠷᠭ᠋ᠠᠨ ᠬᠦᠮᠦᠵᠢᠯ᠎ᠤᠨ ᠠᠵᠢᠯᠯᠠᠭ᠋ᠠᠨ᠎ᠤ ᠰᠢᠯᠤᠭᠤᠬᠠᠨ ᠶᠠᠪᠤᠬᠳᠠᠭ᠍ᠤ ᠵᠢ ᠰᠢᠭᠤᠳ ᠨᠦᠯᠤᠬᠡᠯᠠᠨ᠎ᠠ᠃ ᠭᠡᠷ᠎ᠤᠨ ᠠᠬᠠᠮᠠᠳ ᠵᠦᠪ ᠰᠤᠷᠭ᠋ᠠᠨ ᠬᠦᠮᠦᠵᠢᠯ᠎ᠤᠨ ᠦᠵᠡᠯ ᠳᠠᠨᠢᠯᠳᠠ᠎ᠲᠠᠢ ᠪᠠᠶ᠋ᠢᠬᠤ ᠠ᠋ᠰᠡᠬᠦ ᠪᠣᠯ ᠰᠤᠷᠭ᠋ᠠᠨ ᠬᠦᠮᠦᠵᠢᠯ᠎ᠤᠨ ᠴᠢᠨᠠᠷ ᠴᠢᠨᠰᠠᠭ᠎ᠠ ᠵᠢ ᠨᠦᠯᠦᠭᠡᠯᠡᠬᠦ ᠴᠢᠬᠤᠯᠠ ᠠ᠋ᠯᠸᠮᠧᠨ᠋ᠲ᠎ᠤᠨ ᠨᠢᠭᠡ᠂ ᠲᠡᠶ᠋ᠢᠮᠦ ᠪᠤᠯᠬᠤᠷ ᠬᠡᠦᠬᠡᠳ᠎ᠤᠨ ᠴᠡᠴᠡᠷᠯᠢᠭ᠎ᠠᠴᠠ ᠭᠡᠷ᠎ᠤᠨ ᠠᠬᠠᠮᠠᠳ᠎ᠢ ᠵᠢᠯᠤᠭᠤᠳᠤᠨ ᠵᠦᠪ ᠰᠤᠷᠭ᠋ᠠᠨ ᠬᠦᠮᠦᠵᠢᠯ᠎ᠤᠨ ᠦᠵᠡᠯ ᠳᠠᠨᠢᠯᠳᠠ᠎ᠲᠠᠢ ᠪᠤᠯᠭ᠋ᠠᠬᠤ ᠬᠠᠷᠢᠭᠤᠴᠠᠯᠭ᠎ᠠ ᠪᠤᠯᠤᠨ ᠠ᠋ᠭᠦᠷᠭᠡ᠎ᠲᠠᠢ ᠶᠤᠮ᠃ ᠴᠡᠴᠡᠷᠯᠢᠭ ᠪᠤᠯᠤᠨ ᠭᠡᠷ᠎ᠤᠨ ᠠᠬᠠᠮᠠᠳ᠎ᠨᠢ ᠬᠠᠮᠲᠦ ᠵᠢᠨ ᠵᠦᠪ ᠰᠤᠷᠭ᠋ᠠᠨ ᠬᠦᠮᠦᠵᠢᠯ᠎ᠤᠨ ᠦᠵᠡᠯ ᠲᠠᠨᠢᠯᠲᠠ᠎ᠲᠠᠢ ᠪᠣᠯᠣᠮᠠᠨᠵᠢᠨ ᠰᠠᠶᠢ ᠬᠡᠤᠬᠡᠳ᠎ᠤᠨ ᠴᠡᠴᠡᠷᠯᠢᠭ ᠪᠣᠯᠣᠨ ᠬᠡᠷ ᠪᠦᠯᠢ ᠵᠢᠨ ᠬᠠᠮᠳᠤᠷᠠᠯᠴᠠᠭ᠎ᠠ ᠨᠡᠩ ᠢᠯᠭᠤᠮ ᠶᠠᠪᠤᠬᠳᠠᠵᠦ ᠴᠢᠳᠠᠨ᠎ᠠ᠃
      ᠵᠢᠷᠭᠢᠶ᠎ᠡ᠎ᠪᠠᠷ ᠳᠠᠮᠵᠢᠭᠤᠯᠤᠨ ᠭᠡᠷ᠎ᠤᠨ ᠠᠬᠠᠮᠠᠳ᠎ᠲᠤ ᠰᠤᠷᠭ᠋ᠠᠨ ᠬᠦᠮᠦᠵᠢᠭᠦᠯᠬᠦ ᠤᠬᠠᠭ᠋ᠠᠨ᠂ ᠬᠡᠦᠬᠡᠳ᠎ᠤᠨ ᠬᠦᠮᠦᠵᠢᠯ᠎ᠤᠨ ᠲᠤᠬᠠᠢ ᠲᠠᠶ᠋ᠢᠯᠤᠮᠵᠢ ᠬᠢᠵᠤ ᠪᠣᠯᠤᠨ᠎ᠠ᠃ ᠲᠤᠬᠠᠶ᠋ᠢᠯᠠᠪᠠᠯ᠂ ᠨᠡᠷᠡᠳᠦ ᠪᠠᠭᠰᠢ ᠪᠤᠯᠤᠨ ᠲᠤᠰᠬᠠᠢ ᠮᠡᠷᠬᠡᠵᠢᠯᠳᠡᠨ᠎ᠲᠠᠢ ᠰᠦᠯᠵᠢᠶᠡᠨ ᠲᠡᠭᠡᠷ᠎ᠡ ᠬᠠᠷᠢᠯᠴᠠᠵᠦ᠂ ᠰᠤᠷᠭ᠋ᠠᠨ ᠬᠦᠮᠦᠵᠢᠯ᠎ᠤᠨ ᠲᠤᠬᠠᠢ ᠡ᠊ᠨᠳᠡᠭᠦᠷᠡᠯ ᠮᠠᠳᠠᠭ ᠠ᠋ᠭᠡᠳᠡᠷᠡᠭᠡ ᠵᠢᠴᠢ ᠰᠢᠨ᠎ᠡ ᠴᠠᠭ ᠦᠶ᠎ᠡ ᠵᠢᠨ ᠰᠤᠷᠭ᠋ᠠᠨ ᠬᠦᠮᠦᠵᠢᠯ᠎ᠤᠨ ᠰᠢᠨ᠎ᠡ ᠦᠵᠡᠯ ᠰᠠᠨᠠᠭ᠎ᠠ᠂ ᠰᠢᠨ᠎ᠡ ᠣᠨᠤᠯᠵᠢᠬᠤᠨ᠎ᠢ ᠰᠤᠷᠤᠯᠴᠠᠵᠤ ᠪᠤᠯᠤᠨ᠎ᠠ᠃ ᠦᠨᠡᠨ᠎ᠳᠤ᠎ᠪᠠᠨ ᠪᠠᠰᠠ ᠨᠡᠷᠡᠳᠦ ᠰᠤᠷᠭ᠋ᠠᠨ ᠬᠦᠮᠦᠵᠢᠯᠳᠡᠨ᠂ ᠲᠤᠰᠬᠠᠢ ᠮᠡᠷᠭᠡᠵᠢᠯᠲᠡᠨ᠎ᠤ ᠢᠷᠡᠭᠰᠡᠨ᠎ᠨᠢ ᠭᠤᠤᠯ ᠪᠢᠰᠢ᠂ ᠢᠷᠡᠬᠡᠳ ᠶᠠᠮᠠᠷ ᠰᠢᠨ᠎ᠡ ᠰᠤᠷᠭ᠋ᠠᠨ ᠬᠦᠮᠦᠵᠢᠯ᠎ᠤᠨ ᠦᠵᠡᠯᠳᠡ ᠲᠠᠨᠢᠯᠳᠠ ᠵᠢ ᠤᠯᠠᠮᠵᠢᠯᠠᠭᠰᠠᠨ᠎ᠨᠢ ᠭᠤᠤᠯ ᠪᠤᠯᠤᠨ᠎ᠠ᠃ ᠬᠡᠷᠪᠡ ᠠ᠋ᠨᠡ ᠬᠦ᠌ ᠦᠬᠡ ᠶᠠᠷᠢᠶᠠᠨ᠎ᠤ ᠲᠠᠶ᠋ᠢᠯᠤᠮᠵᠢ ᠵᠢᠨ ᠰᠢᠩᠭᠡᠭᠡᠯᠳᠡ ᠵᠢ ᠵᠢᠷᠬᠢᠶ᠎ᠡ᠎ᠪᠠᠷ ᠳᠠᠮᠵᠢᠭᠤᠯᠤᠨ ᠭᠡᠷ᠎ᠤᠨ ᠠᠬᠠᠮᠠᠳ᠎ᠲᠤ ᠰᠣᠨᠤᠰᠬᠠᠪᠠᠯ ᠭᠡᠷ᠎ᠤᠨ ᠠᠬᠠᠮᠠᠳ᠎ᠲᠤ ᠪᠠᠰᠠ ᠨᠢᠬᠡ ᠵᠦᠢ᠍ᠯ᠎ᠤᠨ ᠰᠡᠩᠭᠡᠷᠡᠬᠦᠯᠦᠯ ᠪᠤᠯᠵᠦ᠂ ᠬᠡᠦᠬᠡᠳ᠎ᠤᠨ ᠴᠡᠴᠡᠷᠯᠢᠭ ᠪᠣᠯᠤᠨ ᠭᠡᠷ᠎ᠤᠨ ᠠᠬᠠᠮᠠᠳ᠎ᠤᠨ ᠬᠠᠮᠲᠤᠷᠠᠯᠴᠠᠭ᠎ᠠ᠎ᠳᠤ ᠢᠳᠡᠪᠬᠢᠳᠡᠢ ᠨᠦᠯᠦᠭᠡ ᠦᠵᠡᠬᠦᠯᠵᠦ ᠪᠤᠯᠤᠨ᠎ᠠ᠃
     (ᠭᠤᠷᠪᠠ) ᠭᠡᠷ᠎ᠤᠨ ᠠᠬᠠᠮᠠᠳ᠎ᠤᠨ ᠤᠷᠤᠯᠴᠠᠭ᠍ᠤ ᠴᠢᠳᠠᠮᠵᠢ
      ᠭᠡᠷ᠎ᠤᠨ ᠠᠬᠠᠮᠠᠳ᠎ᠤᠨ ᠰᠤᠶᠤᠯ᠎ᠤᠨ ᠬᠢᠷᠢ ᠲᠦᠪᠰᠢᠨ᠎ᠤ ᠲᠡᠭᠡᠭᠰᠢᠯᠡᠯᠳᠡ ᠵᠢ ᠲᠠᠭ᠋ᠠᠯᠳᠤᠨ ᠤᠯᠠᠮᠵᠢᠯᠠᠯᠳᠦ ᠬᠠᠮᠵᠢᠯᠴᠠᠭ᠎ᠠ᠎ᠲᠠᠢ ᠬᠠᠷᠢᠴᠠᠭᠤᠯᠪᠠᠯ ᠤᠳᠤᠬᠢ ᠬᠠᠮᠵᠢᠯᠴᠠᠭ᠎ᠠ ᠳᠤᠮᠳᠠ ᠬᠤᠷᠰᠢᠬᠤ ᠠᠵᠢᠯᠯᠠᠭ᠎ᠠ ᠨᠡᠩ ᠤᠯᠠᠨ ᠲᠤᠷᠠᠳᠤᠬᠳᠠᠭ᠍ᠤ ᠪᠤᠯᠵᠦ ᠪᠠᠶ᠋ᠢᠨ᠎ᠠ᠃ ᠬᠡᠦᠬᠡᠳ᠎ᠤᠨ ᠴᠡᠴᠡᠷᠯᠢᠭ᠎ᠤᠨ ᠵᠢᠷᠭᠢᠶᠡᠨ᠎ᠤ ᠨᠡᠶ᠋ᠢᠳᠡ ᠵᠢᠨ ᠲᠠᠪᠴᠠᠩ᠎ᠨᠢ 《ᠳᠤᠤᠷ ᠰᠦᠯᠵᠢᠶ᠎ᠡ +》 ᠴᠠᠭ ᠦᠶ᠎ᠡ᠎ᠳᠤ ᠰᠠᠭᠤᠷᠢᠯᠠᠭᠰᠠᠨ ᠰᠢᠨ᠎ᠡ ᠬᠡᠯᠪᠡᠷᠢ ᠵᠢᠨ ᠬᠡᠤᠬᠡᠳ᠎ᠤᠨ ᠴᠡᠴᠡᠷᠯᠢᠭ ᠪᠤᠯᠤᠨ ᠬᠡᠷ ᠪᠦᠯᠢ ᠵᠢᠨ ᠬᠠᠮᠵᠢᠯᠴᠠᠭ᠎ᠠ ᠵᠢᠨ ᠠᠷᠭ᠎ᠠ ᠵᠠᠮ ᠪᠤᠯᠵᠦ᠂ ᠭᠡᠷ᠎ᠤᠨ ᠠᠬᠠᠮᠠᠳ ᠵᠢᠷᠭᠢᠶ᠎ᠡ ᠵᠢ ᠠᠰᠢᠬᠯᠠᠨ ᠦᠵᠡᠯ ᠪᠤᠳᠤᠯ ᠵᠶ᠋ᠠᠨ ᠶᠠᠷᠢᠯᠴᠠᠵᠤ᠂ ᠢᠳᠡᠪᠬᠢᠳᠠᠢ ᠤᠷᠤᠯᠴᠠᠭ᠎ᠠ᠎ᠪᠠᠷ ᠲᠠᠪᠴᠠᠩ᠎ᠤᠨ ᠪᠠᠶ᠋ᠢᠭᠤᠯᠤᠯᠳᠠ᠂ ᠬᠡᠷᠡᠭᠯᠡᠭᠡ ᠵᠢ ᠨᠡᠩ ᠴᠢᠨᠠᠷᠵᠢᠭᠤᠨ ᠦᠢ᠍ᠯᠡᠴᠢᠯᠡᠬᠡᠳᠦ ᠴᠢᠳᠠᠮᠵᠢ᠎ᠲᠠᠢ ᠪᠣᠯᠭ᠋ᠠᠬᠤ ᠵᠢᠨ ᠤᠯᠠᠮ᠎ᠠᠴᠠ ᠬᠡᠤᠬᠡᠳ᠎ᠤᠨ ᠬᠦᠮᠦᠵᠢᠯ᠎ᠳᠤ ᠨᠡᠩ ᠣᠯᠠᠨ ᠠᠷᠭ᠎ᠠ ᠵᠠᠮ᠂ ᠠᠷᠭ᠎ᠠ ᠤᠬᠠᠭ᠋ᠠᠨ ᠬᠠᠨᠭ᠌ᠭ᠋ᠠᠵᠤ ᠪᠤᠯᠤᠨ᠎ᠠ᠃ ᠢᠡᠭᠬᠢᠪᠡᠯ ᠬᠡᠤᠬᠡᠳ᠎ᠤᠨ ᠴᠡᠴᠡᠷᠯᠢᠭ᠎ᠤᠨ ᠵᠢᠷᠭᠢᠶ᠎ᠡ᠎ᠨᠢ ᠬᠡᠤᠬᠡᠳ᠎ᠤᠨ ᠴᠡᠴᠡᠷᠯᠢᠭ ᠪᠤᠯᠤᠨ ᠭᠡᠷ᠎ᠤᠨ ᠠᠬᠠᠮᠠᠳ᠎ᠤᠨ ᠬᠤᠭᠤᠷᠤᠨᠳᠤ ᠨᠢᠭᠡᠨ ᠵᠢᠩᠭᠢᠨᠢ ᠤᠳᠬ᠎ᠠ ᠴᠢᠨᠠᠷ ᠲᠡᠭᠡᠷᠡᠬᠢ ᠬᠤᠷᠰᠢᠬᠤ ᠠᠵᠢᠯᠯᠠᠭ᠎ᠠ ᠵᠢ ᠪᠡᠶᠡᠯᠡᠭᠦᠯᠬᠦ ᠲᠠᠪᠴᠠᠩ ᠪᠣᠯᠵᠤ ᠴᠢᠳᠠᠨ᠎ᠠ᠃
      ᠭᠤᠷᠪᠠ᠂ ᠬᠡᠤᠬᠡᠳ᠎ᠤᠨ ᠴᠡᠴᠡᠷᠯᠢᠭ ᠪᠤᠯᠤᠨ ᠬᠡᠷ ᠪᠦᠯᠢ ᠵᠢᠨ ᠬᠠᠮᠵᠢᠯᠴᠠᠭ᠎ᠠ᠎ᠳᠤ᠎ᠬᠢ ᠵᠢᠷᠭᠢᠶᠡᠨ᠎ᠤ ᠨᠡᠶ᠋ᠢᠳᠡ ᠵᠢᠨ ᠲᠠᠪᠴᠠᠩ᠎ᠤᠨ ᠲᠠᠪᠠᠭᠤᠯᠢᠭ ᠰᠢᠨᠵᠢ
      ᠵᠢᠷᠭᠢᠶᠡᠨ᠎ᠤ ᠨᠡᠶ᠋ᠢᠳᠡ ᠵᠢᠨ ᠲᠠᠪᠴᠠᠩ᠎ᠳᠤ ᠰᠠᠭᠤᠷᠢᠯᠠᠭᠰᠠᠨ ᠬᠡᠦᠬᠡᠳ᠎ᠤᠨ ᠴᠡᠴᠡᠷᠯᠢᠭ ᠪᠤᠯᠤᠨ ᠬᠡᠷ ᠪᠦᠯᠢ ᠵᠢᠨ ᠬᠠᠮᠵᠢᠯᠴᠠᠭ᠎ᠠ᠎ᠨᠢ ᠤᠯᠠᠮᠵᠢᠯᠠᠯᠳᠦ ᠭᠡᠷ ᠪᠦᠯᠢ ᠪᠤᠯᠤᠨ ᠴᠡᠴᠡᠷᠯᠢᠭ᠎ᠤᠨ ᠬᠠᠮᠵᠢᠯᠴᠠᠭ᠎ᠠ᠂ QQ ᠬᠤᠯᠪᠤᠭ᠎ᠠ᠂ ᠵᠢᠷᠭᠢᠶ᠎ᠡ ᠬᠤᠯᠪᠤᠭ᠎ᠠ᠂ ᠰᠤᠷᠭ᠋ᠠᠭᠤᠯᠢ ᠵᠢᠨ ᠴᠢᠮᠡᠭᠡ ᠬᠤᠯᠪᠤᠭ᠎ᠠ᠎ᠲᠠᠢ ᠬᠠᠷᠢᠴᠠᠭᠤᠯᠪᠠᠯ ᠲᠠᠪᠠᠭᠤᠯᠢᠭ ᠰᠢᠨᠵᠢ᠎ᠨᠢ ᠢᠯᠡ ᠲᠣᠳᠤᠷᠬᠠᠢ ᠪᠠᠶ᠋ᠢᠳᠠᠭ᠃
      ᠬᠡᠤᠬᠡᠳ᠎ᠤᠨ ᠴᠡᠴᠡᠷᠯᠢᠭ᠎ᠤᠨ ᠵᠢᠷᠭᠢᠶᠡᠨ᠎ᠤ ᠨᠡᠶ᠋ᠢᠳᠡ ᠵᠢᠨ ᠲᠠᠪᠴᠠᠩ ᠶᠠᠭᠤᠨ᠎ᠤ ᠤᠷᠢᠳ ᠬᠡᠦᠬᠡᠳ᠎ᠤᠨ ᠴᠡᠴᠡᠷᠯᠢᠭ ᠪᠤᠯᠤᠨ ᠬᠡᠷ᠎ᠤᠨ ᠠᠬᠠᠮᠠᠳ᠎ᠤᠨ ᠤᠶ᠋ᠢᠯᠠᠭ᠋ᠠᠯᠴᠠᠭ᠎ᠠ᠎ᠳᠤ ᠲᠤᠰᠠᠳᠠᠢ᠃ ᠲᠤᠬᠠᠶ᠋ᠢᠯᠠᠪᠠᠯ᠂ ᠰᠤᠷᠠᠭ ᠴᠢᠮᠡᠭᠡᠨ᠎ᠤ ᠬᠠᠩᠭ᠋ᠠᠯᠭ᠎ᠠ᠂ ᠰᠤᠷᠲᠠᠯ ᠤᠬᠠᠭᠤᠯᠭ᠎ᠠ ᠵᠢᠴᠢ ᠰᠤᠷᠤᠬ᠍ᠴᠢ ᠠ᠋ᠯᠰᠡᠬᠦ ᠮᠡᠳᠡᠭᠳᠡᠯ ᠮᠡᠲᠦ ᠪᠠᠶᠠᠯᠢᠭ ᠨᠡᠶ᠋ᠢᠲᠡᠯᠡᠯ᠎ᠲᠠᠢ ᠪᠠᠶ᠋ᠢᠳᠠᠭ᠃ ᠨᠢᠭᠡᠨ ᠬᠡᠦᠬᠡᠳ᠎ᠤᠨ ᠴᠡᠴᠡᠷᠯᠢᠭ᠎ᠤᠨ ᠲᠠᠷᠤᠭ᠎ᠠ᠄ 《ᠪᠢᠳᠡ ᠬᠡᠤᠬᠡᠳ᠎ᠤᠨ ᠴᠡᠴᠡᠷᠯᠢᠭ᠎ᠤᠨ ᠵᠢᠷᠭᠢᠶᠡᠨ᠎ᠤ ᠨᠡᠶ᠋ᠢᠳᠡ ᠵᠢᠨ ᠲᠠᠪᠴᠠᠩ᠎ᠳᠤ ᠤᠳᠤᠬᠠᠨ᠎ᠳᠤ᠎ᠪᠠᠨ ᠤᠬᠠᠭᠤᠯᠭ᠎ᠠ ᠬᠢᠬᠦ᠎ᠪᠠᠷ ᠭᠤᠤᠯᠳᠠᠵᠦ ᠪᠠᠶ᠋ᠢᠨ᠎ᠠ᠂ ᠲᠡᠭᠦᠨ ᠵᠶ᠋ᠠᠷ ᠤᠬᠠᠭᠤᠯᠭ᠎ᠠ ᠬᠢᠪᠡᠯ ᠬᠡᠷ᠎ᠤᠨ ᠠᠬᠠᠮᠠᠳ ᠰᠠᠶᠢ ᠪᠢᠳᠡᠨ᠎ᠢ ᠪᠦᠷᠢᠨ ᠰᠠᠶ᠋ᠢᠨ ᠤᠶ᠋ᠢᠯᠠᠭ᠋ᠠᠵᠦ᠂ ᠤᠶ᠋ᠢᠯᠠᠭ᠋ᠠᠬᠰᠠᠨ ᠰᠠᠭᠤᠷᠢᠨ ᠲᠡᠭᠡᠷ᠎ᠡ ᠤᠷᠤᠯᠴᠠᠨ᠎ᠠ᠃ ᠬᠦᠮᠦᠰ ᠠ᠋ᠩ᠎ᠤᠨ ᠪᠠᠶ᠋ᠢᠳᠠᠯ᠎ᠳᠤ ᠴᠦ᠍ ᠭᠡᠰᠡᠨ ᠠᠳᠠᠯᠢᠬᠠᠨ᠂ ᠦᠷᠬᠦᠯᠵᠢ ᠠᠩᠬᠠᠷᠴᠦ ᠦᠵᠡᠵᠦ ᠪᠠᠶ᠋ᠢᠮᠠᠨᠵᠢᠨ ᠰᠠᠶᠢ ᠴᠢᠮ᠎ᠠ ᠵᠢ ᠮᠡᠳᠡᠷᠡᠨ᠎ᠡ᠂ ᠠ᠋ᠬᠦᠨ᠎ᠳᠤ ᠴᠠᠭ ᠬᠡᠷᠡᠭᠳᠡᠢ᠂ ᠤᠶ᠋ᠢᠯᠠᠭ᠋ᠠᠯᠴᠠᠭ᠎ᠠ ᠬᠠᠷᠢᠯᠴᠠᠭ᠎ᠠ ᠴᠢᠬᠤᠯᠠᠳᠠᠢ》 ᠬᠡᠰᠡᠨ ᠪᠠᠶ᠋ᠢᠨ᠎ᠠ᠃
      ᠭᠡᠷ ᠪᠦᠯᠢ ᠪᠤᠯᠤᠨ ᠬᠡᠦᠬᠡᠳ᠎ᠤᠨ ᠴᠡᠴᠡᠷᠯᠢᠭ᠎ᠤᠨ ᠬᠠᠮᠳᠤᠷᠠᠯᠴᠠᠭ᠎ᠠ᠎ᠳᠤ ᠰᠤᠷᠭ᠋ᠠᠭᠤᠯᠢ᠂ ᠭᠡᠷ᠎ᠤᠨ ᠠᠬᠠᠮᠠᠳ᠎ᠤᠨ ᠨᠡᠭᠡᠭᠡᠯᠲᠡᠲᠥ ᠠ᠋ᠳᠦᠷ᠎ᠤᠨ ᠠᠵᠢᠯᠯᠠᠭ᠋ᠠᠨ᠂ ᠭᠡᠷ᠎ᠤᠨ ᠠᠬᠠᠮᠠᠳ᠎ᠤᠨ ᠬᠤᠯᠪᠤᠭ᠋ᠠᠳᠦ ᠬᠤᠷᠠᠯ᠂ ᠭᠡᠷ᠎ᠤᠨ ᠠᠬᠠᠮᠠᠳ᠎ᠤᠨ ᠶᠠᠷᠢᠯᠴᠠᠭ᠎ᠠ᠂ ᠭᠡᠷ᠎ᠤᠨ ᠰᠤᠷᠪᠤᠯᠵᠢᠯᠠᠭ᠎ᠠ ᠵᠡᠷᠬᠡ ᠬᠡᠯᠪᠡᠷᠢ ᠪᠠᠶ᠋ᠢᠳᠠᠭ᠃ ᠠ᠋ᠳᠡᠬᠡᠷ᠎ᠨᠢ ᠭᠡᠷ᠎ᠤᠨ ᠠᠬᠠᠮᠠᠳ ᠪᠤᠯᠤᠨ ᠬᠡᠦᠬᠡᠳ᠎ᠤᠨ ᠴᠡᠴᠡᠷᠯᠢᠭ᠎ᠤᠨ ᠪᠠᠭᠰᠢ ᠨᠢᠭᠤᠷᠳᠠᠨ ᠤᠴᠠᠷᠠᠭ᠍ᠤ᠂ ᠨᠢᠭᠡ ᠤᠷᠤᠨ ᠵᠠᠢ᠎ᠳᠤ ᠪᠠᠶ᠋ᠢᠬᠤ ᠵᠢ ᠱᠠᠭ᠋ᠠᠷᠳᠠᠳᠠᠭ᠃ ᠭᠡᠪᠡᠴᠦ ᠭᠡᠷ᠎ᠤᠨ ᠠᠬᠠᠮᠠᠳ᠎ᠤᠨ ᠠᠵᠢᠯ ᠶᠠᠭ᠋ᠠᠷᠠᠤ ᠦᠶ᠎ᠡ᠎ᠳᠤ ᠬᠡᠤᠬᠡᠳ᠎ᠤᠨ ᠴᠡᠴᠡᠷᠯᠢᠭ᠎ᠤᠨ ᠠᠵᠢᠯᠯᠠᠭ᠎ᠠ᠎ᠳᠤ ᠣᠷᠣᠯᠴᠠᠵᠤ ᠲᠡᠶ᠋ᠢᠯᠬᠦ ᠦᠭᠡᠢ ᠪᠠᠶ᠋ᠢᠳᠠᠯ ᠵᠦᠩᠳᠡᠭᠡᠨ ᠪᠠᠶ᠋ᠢᠳᠠᠭ᠃ ᠠ᠋ᠨᠡ ᠦᠶ᠎ᠡ᠎ᠳᠤ ᠲᠠᠪᠴᠠᠩ ᠵᠶ᠋ᠠᠷ ᠬᠠᠷᠢᠯᠴᠠᠭ᠍ᠤ ᠵᠢᠨ ᠲᠦᠭᠦᠮ ᠢᠯᠭᠤᠮ ᠴᠢᠨᠠᠷ ᠲᠤᠳᠤ ᠮᠡᠳᠡᠭᠳᠡᠨ᠎ᠡ᠃ ᠪᠤᠰᠤᠳ ᠲᠠᠪᠴᠠᠩ᠎ᠲᠠᠢ ᠠᠳᠠᠯᠢᠳᠬᠠᠪᠠᠯ ᠵᠢᠷᠭᠢᠶᠡᠨ᠎ᠤ ᠨᠡᠶ᠋ᠢᠳᠡ ᠵᠢᠨ ᠲᠠᠪᠴᠠᠩ᠎ᠤᠨ ᠬᠡᠷᠡᠭᠯᠡᠭᠴᠢᠳ᠎ᠤᠨ ᠳᠤᠭ᠎ᠠ᠂ ᠲᠠᠷᠤᠮ᠎ᠤᠨ ᠳᠤᠭ᠎ᠠ᠂ ᠲᠠᠳᠬᠠᠯ ᠵᠡᠷᠭᠡ ᠲᠠᠯ᠎ᠠ᠎ᠳᠤ ᠬᠤᠪᠢᠨ᠎ᠤ ᠲᠠᠪᠠᠭᠤᠯᠢᠭ᠎ᠲᠠᠢ᠂ ᠭᠡᠷ᠎ᠤᠨ ᠠᠬᠠᠮᠠᠳ ᠪᠤᠯᠤᠨ ᠬᠡᠦᠬᠡᠳ᠎ᠤᠨ ᠴᠡᠴᠡᠷᠯᠢᠭ᠎ᠤᠨ ᠬᠤᠭᠤᠷᠤᠨᠳᠦ ᠮᠡᠳᠡᠭᠡ ᠵᠠᠩᠭᠢ ᠵᠢ ᠲᠠᠮᠵᠢᠭᠤᠯᠬᠤ ᠬᠤᠷᠳᠤᠴᠠ ᠵᠢᠴᠢ ᠤᠨᠤᠪᠴᠢ ᠵᠢᠨ ᠴᠢᠨᠠᠷ ᠬᠠᠷᠢᠴᠠᠩᠭᠤᠢ ᠦᠨᠳᠦᠷ ᠪᠠᠶ᠋ᠢᠳᠠᠭ᠃ ᠤᠯᠠᠨ᠎ᠤ ᠮᠡᠲᠡᠭᠡᠵᠢ᠎ᠪᠠᠷ᠂ ᠭᠡᠷ᠎ᠤᠨ ᠠᠬᠠᠮᠠᠳ᠎ᠤᠨ ᠬᠤᠷᠠᠯ ᠪᠣᠯ ᠬᠡᠤᠬᠡᠳ᠎ᠤᠨ ᠴᠡᠴᠡᠷᠯᠢᠭ᠎ᠤᠨ ᠪᠠᠭᠰᠢ ᠪᠤᠯᠤᠨ ᠭᠡᠷ᠎ᠤᠨ ᠠᠬᠠᠮᠠᠳ᠎ᠤᠨ ᠤᠶ᠋ᠢᠯᠠᠭ᠋ᠠᠯᠴᠠᠭ᠎ᠠ ᠵᠢ ᠨᠡᠮᠡᠭᠳᠡᠬᠦᠯᠬᠦ ᠨᠢᠭᠡ ᠵᠦᠢ᠍ᠯ᠎ᠤᠨ ᠠᠷᠭ᠎ᠠ ᠬᠡᠯᠪᠡᠷᠢ ᠮᠦᠨ᠃ ᠭᠡᠬᠦ᠎ᠳᠤ ᠵᠠᠷᠢᠮ ᠭᠡᠷ᠎ᠤᠨ ᠠᠬᠠᠮᠠᠳ ᠬᠤᠷᠠᠯ ᠲᠡᠭᠡᠷ᠎ᠡ ᠶᠡᠷᠦ᠎ᠠᠴᠠ ᠦᠭᠡ ᠶᠠᠷᠢᠬᠤ ᠦᠭᠡᠢ᠂ ᠦᠵᠡᠯ ᠪᠤᠳᠤᠯ ᠵᠶ᠋ᠠᠨ ᠲᠤᠰᠬᠠᠬᠤ ᠦᠭᠡᠢ ᠪᠠᠶ᠋ᠢᠳᠠᠭ᠃ ᠨᠦᠭᠦᠭᠡ ᠲᠠᠯ᠎ᠠ᠎ᠪᠠᠷ ᠭᠡᠷ᠎ᠤᠨ ᠠᠬᠠᠮᠠᠳ᠎ᠤᠨ ᠬᠤᠷᠠᠯ᠎ᠨᠢ ᠴᠠᠭ᠎ᠤᠨ ᠬᠢᠵᠠᠭ᠋ᠠᠷᠳᠠᠮᠠᠯ ᠲᠠᠯ᠎ᠠ᠎ᠲᠠᠢ᠃ ᠢᠩᠬᠢᠭᠦᠯᠡᠷ ᠵᠢᠷᠭᠢᠶᠡᠨ᠎ᠤ ᠨᠡᠶ᠋ᠢᠳᠡ ᠵᠢᠨ ᠲᠠᠪᠴᠠᠩ᠎ᠢ ᠠᠰᠢᠬᠯᠠᠪᠠᠯ ᠴᠠᠭ᠎ᠲᠤ ᠬᠢᠵᠠᠭ᠋ᠠᠷᠯᠠᠭᠳᠠᠭ᠍ᠤ ᠦᠭᠡᠢ᠂ ᠨᠢᠭᠤᠷᠳᠠᠨ ᠶᠠᠷᠢᠵᠦ ᠢᠯᠡᠳᠬᠡᠵᠦ ᠲᠡᠶ᠋ᠢᠯᠬᠦ ᠦᠭᠡᠢ ᠰᠠᠨᠠᠯ ᠰᠠᠨᠠᠭᠤᠯᠭ᠎ᠠ᠎ᠪᠠᠨ ᠵᠢᠷᠭᠢᠶᠡᠨ᠎ᠤ ᠨᠡᠶ᠋ᠢᠳᠡ ᠵᠢᠨ ᠲᠠᠪᠴᠠᠩ᠎ᠳᠤ ᠦᠭᠡ ᠦᠯᠡᠳᠡᠭᠡᠬᠦ ᠬᠡᠯᠪᠡᠷᠢ᠎ᠪᠠᠷ ᠲᠤᠰᠬᠠᠵᠦ ᠪᠤᠯᠤᠨ᠎ᠠ᠃
      ᠲᠦᠷᠪᠡ᠂ ᠵᠢᠷᠭᠢᠶᠡᠨ᠎ᠤ ᠪᠠᠶ᠋ᠢᠭᠤᠯᠤᠯᠳᠠ᠎ᠳᠤ᠎ᠬᠢ ᠭᠡᠷ᠎ᠤᠨ ᠠᠬᠠᠮᠠᠳ᠎ᠤᠨ ᠬᠠᠨᠤᠮᠵᠢ ᠵᠢᠨ ᠪᠠᠶ᠋ᠢᠳᠠᠯ
      ᠪᠢ᠎ᠪᠠᠷ ᠬᠡᠤᠬᠡᠳ᠎ᠤᠨ ᠴᠡᠴᠡᠷᠯᠢᠭ᠎ᠤᠨ ᠵᠢᠷᠭᠢᠶᠡᠨ᠎ᠤ ᠨᠡᠶ᠋ᠢᠳᠡ ᠵᠢᠨ ᠲᠠᠪᠴᠠᠩ ᠠ᠋ᠷᠬᠢᠯᠡᠵᠦ ᠪᠠᠶ᠋ᠢᠬᠤ ᠲᠤᠬᠠᠢ ᠭᠡᠷ᠎ᠤᠨ ᠠᠬᠠᠮᠠᠳ᠎ᠠᠴᠠ ᠠᠰᠠᠭᠤᠨ ᠯᠠᠪᠯᠠᠭ᠍ᠤ᠂ ᠰᠣᠷᠪᠤᠯᠵᠢᠯᠠᠭ᠍ᠤ ᠪᠠ ᠭᠡᠷ᠎ᠤᠨ ᠠᠬᠠᠮᠠᠳ᠎ᠲᠤ ᠪᠠᠶ᠋ᠢᠴᠠᠭ᠋ᠠᠯᠲᠠ ᠵᠢᠨ ᠬᠠᠭᠤᠳᠠᠰᠦ ᠲᠠᠷᠬᠠᠭ᠋ᠠᠬᠤ ᠬᠡᠯᠪᠡᠷᠢ᠎ᠪᠠᠷ ᠪᠠᠶ᠋ᠢᠴᠠᠭ᠋ᠠᠯᠳᠠ ᠬᠢᠭᠰᠡᠨ᠎ᠤ ᠳ᠋ᠦᠡᠭ᠎ᠳᠤ ᠬᠡᠤᠬᠡᠳ᠎ᠤᠨ ᠴᠡᠴᠡᠷᠯᠢᠭ᠎ᠤᠨ ᠵᠢᠷᠭᠢᠶᠡᠨ᠎ᠤ ᠨᠡᠶ᠋ᠢᠳᠡ ᠵᠢᠨ ᠲᠠᠪᠴᠠᠩ᠎ᠤᠨ ᠪᠠᠶ᠋ᠢᠭᠤᠯᠤᠯᠳᠠ᠎ᠳᠤ ᠭᠡᠷ᠎ᠤᠨ ᠠᠬᠠᠮᠠᠳᠴᠤᠳ ᠨᠡᠯᠢᠶᠡᠳ ᠬᠠᠨᠤᠮᠵᠢᠳᠠᠢ ᠪᠠᠶ᠋ᠢᠬᠤ ᠵᠢ ᠤᠶ᠋ᠢᠯᠠᠭ᠋ᠠᠵᠦ ᠮᠡᠳᠡᠵᠡᠢ᠃ ᠪᠠᠰᠠ ᠴᠡᠴᠡᠷᠯᠢᠭ᠎ᠤᠨ ᠵᠢᠷᠭᠢᠶᠡᠨ᠎ᠤ ᠨᠡᠶ᠋ᠢᠳᠡ ᠵᠢᠨ ᠲᠠᠪᠴᠠᠩ᠎ᠤᠨ ᠠᠭᠤᠯᠭ᠎ᠠ ᠲᠠᠩ ᠴᠤᠯᠭᠤᠢ᠂ ᠰᠢᠨᠡᠴᠢᠯᠡᠯᠳᠡ ᠤᠳᠠᠭ᠋ᠠᠪᠳᠤᠷ ᠪᠠ ᠵᠠᠷᠢᠮ ᠭᠡᠷ᠎ᠤᠨ ᠠᠬᠠᠮᠠᠳ᠎ᠤᠨ ᠤᠷᠤᠯᠴᠠᠯᠭ᠎ᠠ ᠠᠨᠠᠢ ᠭᠡᠳᠡᠭ᠎ᠢ ᠴᠤ᠌ ᠣᠯᠵᠤ ᠮᠡᠳᠡᠵᠡᠢ᠃ ᠠ᠋ᠭᠦᠨ᠎ᠤ ᠰᠢᠯᠲᠠᠭ᠋ᠠᠨ᠎ᠢ ᠳᠣᠤᠷᠠᠬᠢ ᠬᠡᠳᠦᠨ ᠲᠠᠯ᠎ᠠ᠎ᠠᠴᠠ ᠵᠠᠳᠠᠯᠵᠦ ᠪᠣᠯᠣᠮᠠᠷ᠃
     (ᠨᠢᠭᠡ) ᠨᠠᠰᠤᠨ᠎ᠤ ᠬᠢᠵᠠᠭ᠋ᠠᠷ᠃ ᠡᠪᠦᠭᠡ ᠠ᠋ᠮᠡᠭᠡ᠎ᠨᠢ ᠬᠡᠤᠬᠡᠳ ᠵᠶ᠋ᠠᠨ ᠬᠠᠷᠠᠵᠦ ᠬᠠᠷᠠᠭ᠋ᠠᠯᠵᠠᠵᠦ ᠪᠠᠶ᠋ᠢᠭ᠎ᠠ ᠪᠣᠯ ᠵᠢᠷᠭᠢᠶᠡᠨ᠎ᠤ ᠬᠤᠷᠰᠢᠬᠤ ᠠᠵᠢᠯᠯᠠᠭ᠎ᠠ᠎ᠳᠤ ᠣᠷᠣᠯᠴᠠᠭ᠍ᠤ ᠲᠠᠯ᠎ᠠ᠎ᠪᠠᠷ ᠢᠳᠡᠪᠬᠢ ᠦᠭᠡᠢ ᠪᠠᠶ᠋ᠢᠨ᠎ᠠ᠃ ᠲᠡᠳᠡ ᠭᠠᠷ ᠤᠳᠠᠰᠦ ᠬᠡᠷᠡᠭᠯᠡᠵᠦ ᠴᠢᠳᠠᠭ᠍ᠤ ᠦᠭᠡᠢ᠂ ᠠ᠋ᠰᠡᠪᠡᠯ ᠬᠡᠷᠡᠭᠯᠡᠵᠦ ᠴᠢᠳᠠᠭᠰᠠᠨ ᠴᠤ᠌ ᠵᠢᠷᠭᠢᠶᠡᠨ᠎ᠤ ᠨᠡᠶ᠋ᠢᠳᠡ ᠵᠢᠨ ᠲᠠᠪᠴᠠᠩ᠎ᠢ ᠠᠰᠢᠭᠯᠠᠭ᠍ᠤ᠎ᠨᠢ ᠪᠤᠯᠪᠠᠰᠤᠷᠠᠩᠭᠤᠢ ᠪᠢᠰᠢ ᠪᠠᠶ᠋ᠢᠳᠠᠭ᠃
     (ᠬᠤᠶᠠᠷ) ᠰᠤᠶᠤᠯ᠎ᠤᠨ ᠬᠢᠷᠢ ᠲᠦᠪᠰᠢᠨ᠃ ᠰᠤᠶᠤᠯ᠎ᠤᠨ ᠬᠢᠷᠢ ᠬᠡᠮᠵᠢᠶ᠎ᠡ ᠬᠠᠷᠢᠴᠠᠩᠭᠤᠢ ᠲᠣᠣᠷ᠎ᠠ ᠭᠡᠷ᠎ᠤᠨ ᠠᠬᠠᠮᠠᠳ ᠮᠡᠳᠡᠯᠭᠡ ᠵᠢᠨ ᠬᠢᠷᠢ ᠬᠡᠮᠵᠢᠶ᠎ᠡ ᠠᠷᠠᠢ ᠪᠠᠭᠤᠷᠠᠢ ᠪᠠᠶ᠋ᠢᠵᠦ᠂ ᠬᠡᠤᠬᠡᠳ᠎ᠤᠨ ᠴᠡᠴᠡᠷᠯᠢᠭ᠎ᠤᠨ ᠲᠤᠰᠬᠠᠢ ᠮᠡᠷᠭᠡᠵᠢᠯ᠎ᠤᠨ ᠰᠤᠷᠭ᠋ᠠᠨ ᠬᠦᠮᠦᠵᠢᠯ᠎ᠤᠨ ᠬᠢᠷᠢ ᠲᠦᠪᠰᠢᠨ᠎ᠲᠠᠢ ᠵᠦᠷᠢᠶ᠎ᠡ ᠭᠠᠷᠴᠦ ᠪᠠᠶ᠋ᠢᠨ᠎ᠠ᠃ ᠢᠡᠭᠭᠢᠭᠡᠳ ᠤᠶ᠋ᠢᠯᠠᠭ᠋ᠠᠵᠦ ᠬᠡᠷᠡᠭᠯᠡᠵᠦ ᠨᠡᠪᠳᠡᠷᠡᠯᠴᠡᠭᠦ ᠲᠠᠯ᠎ᠠ᠎ᠳᠤ ᠵᠦᠷᠢᠴᠡᠯ ᠠ᠋ᠭᠦᠰᠴᠦ ᠪᠠᠶ᠋ᠢᠨ᠎ᠠ᠃
     (ᠭᠤᠷᠪᠠ) ᠠᠭᠤᠯᠭ᠎ᠠ᠃ ᠬᠡᠤᠬᠡᠳ᠎ᠤᠨ ᠴᠡᠴᠡᠷᠯᠢᠭ᠎ᠤᠨ ᠵᠢᠷᠭᠢᠶᠡᠨ᠎ᠤ ᠨᠡᠶ᠋ᠢᠳᠡ ᠵᠢᠨ ᠲᠠᠪᠴᠠᠩ᠎ᠨᠢ ᠬᠡᠤᠬᠡᠳ᠎ᠤᠨ ᠴᠡᠴᠡᠷᠯᠢᠭ᠎ᠤᠨ ᠲᠠᠨᠢᠯᠴᠠᠭᠤᠯᠭ᠎ᠠ᠂ ᠪᠠᠭᠰᠢ ᠵᠢᠨ ᠲᠠᠨᠢᠯᠴᠠᠭᠤᠯᠭ᠎ᠠ᠂ ᠬᠢᠴᠢᠶᠡᠯ᠎ᠤᠨ ᠢᠯᠡᠳᠬᠡᠯ᠂ ᠴᠡᠴᠡᠷᠯᠢᠭ᠎ᠤᠨ ᠠᠵᠢᠯᠯᠠᠭ᠎ᠠ᠂ ᠬᠡᠤᠬᠡᠳ᠎ᠤᠨ ᠬᠦᠮᠦᠵᠢᠯ᠎ᠤᠨ ᠮᠡᠳᠡᠯᠭᠡ᠎ᠪᠠᠷ ᠭᠤᠤᠯᠳᠠᠵᠦ᠂ ᠭᠡᠷ᠎ᠤᠨ ᠠᠬᠠᠮᠠᠳ᠎ᠤᠨ ᠬᠦᠰᠡᠯ ᠱᠠᠭ᠋ᠠᠷᠳᠠᠯᠭ᠎ᠠ ᠵᠢ ᠭᠦᠢ᠍ᠴᠡᠳ ᠬᠠᠩᠭ᠋ᠠᠵᠤ ᠲᠡᠶ᠋ᠢᠯᠦᠭᠡ ᠦᠭᠡᠢ ᠪᠠᠶ᠋ᠢᠨ᠎ᠠ᠂ ᠥᠭᠡᠷ᠎ᠡ᠎ᠪᠠᠷ ᠬᠡᠯᠡᠪᠡᠯ ᠬᠤᠶᠠᠷ ᠲᠠᠯ᠎ᠠ ᠵᠢᠨ᠎ᠬᠢᠨ᠎ᠤ ᠠᠩᠬᠠᠷᠤᠯ᠎ᠤᠨ ᠴᠡᠭ᠎ᠲᠤ ᠵᠦᠷᠢᠶ᠎ᠡ ᠠ᠋ᠭᠦᠰᠦᠭᠰᠡᠨ ᠪᠠᠶ᠋ᠢᠳᠠᠯ ᠪᠣᠢ᠃
     (ᠲᠥᠷᠪᠡ) ᠬᠡᠷᠡᠭᠴᠡᠭᠡ ᠴᠢᠳᠠᠮᠵᠢ᠃ ᠬᠡᠤᠬᠡᠳ᠎ᠤᠨ ᠴᠡᠴᠡᠷᠯᠢᠭ ᠵᠦᠪᠬᠡᠨ ᠨᠡᠶ᠋ᠢᠭᠡᠮ᠂ ᠭᠡᠷ ᠪᠦᠯᠢ᠎ᠳᠤ ᠬᠠᠨᠳᠤᠭᠰᠠᠨ ᠳᠠᠩ ᠴᠢᠭᠯᠡᠯᠲᠦ ᠤᠬᠠᠭᠤᠯᠭ᠎ᠠ ᠬᠢᠬᠦ ᠵᠢ ᠠᠩᠬᠠᠷᠴᠦ᠂ ᠭᠡᠷ᠎ᠤᠨ ᠠᠬᠠᠮᠠᠳ᠎ᠤᠨ ᠤᠷᠤᠯᠴᠠᠯᠭ᠎ᠠ ᠵᠢ ᠬᠠᠷᠠᠭ᠍ᠠᠨ ᠤᠮᠳᠤᠭ᠋ᠠᠶ᠋ᠢᠯᠠᠭᠰᠠᠨ ᠪᠠᠶ᠋ᠢᠨ᠎ᠠ᠃ ᠣᠯᠠᠩᠭᠢ ᠬᠡᠤᠬᠡᠳ᠎ᠤᠨ ᠴᠡᠴᠡᠷᠯᠢᠭ᠎ᠨᠢ ᠵᠢᠷᠭᠢᠶᠡᠨ᠎ᠤ ᠨᠡᠶ᠋ᠢᠳᠡ ᠵᠢᠨ ᠲᠠᠪᠴᠠᠩ᠎ᠢ ᠳᠠᠩ ᠴᠢᠭᠯᠡᠯᠲᠦ ᠤᠬᠠᠭᠤᠯᠭ᠎ᠠ᠎ᠳᠤ ᠬᠡᠷᠡᠭᠯᠡᠵᠦ᠂ ᠵᠦᠪᠬᠡᠨ ᠴᠦᠭᠡᠨ ᠲᠣᠭ᠋ᠠᠨ᠎ᠤ ᠬᠡᠤᠬᠡᠳ᠎ᠤᠨ ᠴᠡᠴᠡᠷᠯᠢᠭ᠎ᠨᠢ ᠭᠡᠷ᠎ᠤᠨ ᠠᠬᠠᠮᠠᠳ ᠪᠤᠯᠤᠨ ᠬᠡᠤᠬᠡᠳ᠎ᠤᠨ ᠴᠡᠴᠡᠷᠯᠢᠭ᠎ᠢ ᠬᠠᠮᠳᠣ᠎ᠳᠤ᠎ᠨᠢ ᠬᠠᠷᠠᠭ᠋ᠠᠯᠵᠠᠵᠦ ᠪᠠᠶ᠋ᠢᠨ᠎ᠠ᠃ ᠦᠨᠡᠨ  ᠎ᠳᠤ᠎ᠪᠠᠨ ᠭᠡᠷ᠎ᠤᠨ ᠠᠬᠠᠮᠠᠳ᠎ᠤᠨ ᠬᠠᠮᠤᠭ᠎ᠤᠨ ᠶᠡᠭᠡ ᠬᠦᠰᠡᠯ ᠱᠠᠭ᠋ᠠᠷᠳᠠᠯᠭ᠎ᠠ ᠪᠣᠯ ᠲᠠᠪᠴᠠᠩ ᠵᠶ᠋ᠠᠷ ᠲᠠᠮᠵᠢᠨ ᠬᠡᠤᠬᠡᠳ᠎ᠤᠨ ᠵᠶ᠋ᠠᠨ ᠪᠠᠶ᠋ᠢᠳᠠᠯ᠂ ᠬᠡᠦᠬᠡᠳ᠎ᠤᠨ ᠴᠡᠴᠡᠷᠯᠢᠭ᠎ᠤᠨ ᠪᠠᠶ᠋ᠢᠳᠠᠯ ᠵᠢᠴᠢ ᠪᠠᠭᠰᠢ ᠨᠠᠷ᠎ᠲᠠᠢ ᠴᠠᠭ ᠲᠤᠬᠠᠢ᠎ᠳᠤ᠎ᠨᠢ ᠬᠠᠷᠢᠯᠴᠠᠭ᠍ᠤ ᠪᠠ ᠬᠡᠤᠬᠡᠳ᠎ᠤᠨ ᠬᠦᠮᠦᠵᠢᠯ᠎ᠢ ᠶᠠᠭ᠋ᠠᠬᠢᠵᠦ ᠨᠡᠩ ᠰᠠᠶ᠋ᠢᠨ ᠬᠢᠬᠦ ᠵᠢ ᠠᠩᠬᠠᠷᠴᠦ ᠪᠠᠶ᠋ᠢᠨ᠎ᠠ᠃
      ᠬᠡᠦᠬᠡᠳ᠎ᠤᠨ ᠴᠡᠴᠡᠷᠯᠢᠭ ᠪᠠᠶ᠋ᠢᠷᠢ ᠰᠤᠯᠢᠨ ᠰᠡᠳᠬᠢᠵᠦ᠂ ᠭᠡᠷ᠎ᠤᠨ ᠠᠬᠠᠮᠠᠳ᠎ᠤᠨ ᠬᠦᠰᠡᠯ ᠱᠠᠭ᠋ᠠᠷᠳᠠᠯᠭ᠎ᠠ ᠵᠢ ᠦᠨᠳᠦᠰᠦᠯᠡᠨ᠂ ᠵᠢᠷᠭᠢᠶᠡᠨ᠎ᠤ ᠨᠡᠶ᠋ᠢᠳᠡ ᠵᠢᠨ ᠲᠠᠪᠴᠠᠩ᠎ᠤᠨ ᠭᠡᠷ ᠪᠦᠯᠢ ᠪᠤᠯᠤᠨ ᠴᠡᠴᠡᠷᠯᠢᠭ᠎ᠤᠨ ᠬᠠᠮᠳᠤᠷᠠᠯᠴᠠᠭ᠎ᠠ᠎ᠳᠤ᠎ᠬᠢ ᠬᠦᠭᠦᠷᠭᠡ ᠪᠣᠶᠤ ᠬᠤᠯᠪᠤᠭ᠋ᠠᠰᠦ ᠵᠢᠨ ᠦᠢ᠍ᠯᠡᠳᠦᠯ᠎ᠢ ᠭᠦᠢ᠍ᠴᠡᠳ ᠪᠠᠳᠠᠷᠠᠭᠤᠯᠬᠤ᠎ᠪᠠᠷ ᠵᠤᠬᠢᠰᠳᠠᠢ ᠠᠷᠭ᠎ᠠ ᠠᠪᠴᠠᠯ ᠠᠪᠤᠪᠠᠯ ᠵᠤᠬᠢᠨ᠎ᠠ᠃
      ᠠ᠋ᠬᠦᠨ᠎ᠠᠴᠠ ᠭᠠᠳᠠᠨ᠎ᠠ ᠮᠢᠨᠦ ᠰᠠᠨᠠᠯ ᠪᠤᠳᠤᠯ ᠰᠤᠯᠢᠯᠴᠠᠭ᠍ᠤ ᠶᠠᠪᠤᠴᠠ᠎ᠳᠤ ᠣᠶ᠋ᠢᠯᠠᠭ᠋ᠠᠭᠰᠠᠨ ᠵᠶ᠋ᠠᠷ᠂ ᠵᠢᠷᠭᠢᠶᠡᠨ᠎ᠤ ᠨᠡᠶ᠋ᠢᠳᠡ ᠵᠢᠨ ᠲᠠᠪᠴᠠᠩ᠎ᠠᠴᠠ ᠲᠡᠳᠡ ᠨᠠᠷ᠎ᠲᠤ ᠦᠭᠬᠦᠭᠰᠡᠨ ᠪᠤᠳᠠᠳᠦ ᠬᠠᠪᠰᠤᠷᠤᠯᠭ᠎ᠠ ᠬᠡᠪᠡᠯ᠄
     1. ᠲᠠᠪᠴᠠᠩ᠎ᠨᠢ ᠴᠡᠴᠡᠷᠯᠢᠭ ᠪᠤᠯᠤᠨ ᠬᠡᠷ ᠪᠦᠯᠢ ᠵᠢᠨ ᠬᠠᠮᠳᠤᠷᠠᠯᠴᠠᠭ᠎ᠠ᠎ᠳᠤ ᠬᠦᠭᠦᠷᠬᠡ ᠪᠣᠶᠤ ᠬᠤᠯᠪᠤᠭ᠋ᠠᠰᠦ ᠵᠢᠨ ᠦᠢ᠍ᠯᠡᠳᠦᠯ ᠦᠵᠡᠬᠦᠯᠵᠦ ᠪᠠᠶ᠋ᠢᠨ᠎ᠠ᠃ ᠬᠡᠦᠬᠡᠳ᠎ᠤᠨ ᠴᠡᠴᠡᠷᠯᠢᠭ᠎ᠤᠨ ᠬᠦᠮᠦᠵᠢᠯ ᠪᠤᠯᠤᠨ ᠬᠡᠷ᠎ᠤᠨ ᠬᠦᠮᠦᠵᠢᠯ ᠪᠣᠯ ᠲᠤᠰᠠᠭ᠋ᠠᠷ ᠬᠤᠶᠠᠷ ᠴᠤᠬ᠍ᠴᠠ ᠪᠢᠰᠢ᠂ ᠬᠠᠷᠢᠨ ᠰᠠᠯᠤᠰᠢ ᠦᠭᠡᠢ ᠨᠢᠭᠲᠠ ᠬᠤᠯᠪᠤᠭ᠋ᠠᠲᠠᠢ ᠪᠠᠶ᠋ᠢᠳᠠᠭ᠃ ᠬᠡᠷ᠎ᠤᠨ ᠠᠬᠠᠮᠠᠳ ᠲᠠᠪᠴᠠᠩ ᠵᠶ᠋ᠠᠷ ᠲᠠᠮᠵᠢᠨ ᠬᠡᠦᠬᠡᠳ᠎ᠤᠨ ᠴᠡᠴᠡᠷᠯᠢᠭ᠎ᠤᠨ ᠬᠠᠮᠤᠭ᠎ᠤᠨ ᠰᠢᠨ᠎ᠡ ᠪᠠᠶ᠋ᠢᠳᠠᠯ᠂ ᠬᠡᠤᠬᠡᠳ᠎ᠤᠨ ᠵᠶ᠋ᠠᠨ ᠴᠡᠴᠡᠷᠯᠢᠭ᠎ᠲᠤ ᠪᠠᠶ᠋ᠢᠬᠤ ᠪᠠᠶ᠋ᠢᠳᠠᠯ᠎ᠢ ᠦᠢ᠍ᠯᠠᠭ᠋ᠠᠵᠦ᠂ ᠴᠡᠴᠡᠷᠯᠢᠭ ᠴᠦ᠍ ᠭᠡᠷ᠎ᠤᠨ ᠠᠬᠠᠮᠠᠳ᠎ᠤᠨ ᠭᠡᠷ᠎ᠤᠨ ᠬᠦᠮᠦᠵᠢᠯ᠎ᠳᠤ᠎ᠬᠢ ᠡᠯ᠎ᠡ ᠵᠦᠢ᠍ᠯ᠎ᠤᠨ ᠬᠠᠷᠢᠭᠤ ᠳᠤᠰᠬᠠᠯ᠎ᠢ ᠤᠯᠵᠦ ᠪᠤᠯᠤᠨ᠎ᠠ᠃
     2. ᠲᠠᠪᠴᠠᠩ᠎ᠨᠢ ᠬᠡᠤᠬᠡᠳ ᠬᠦᠮᠦᠵᠢᠭᠦᠯᠬᠦ ᠮᠡᠳᠡᠯᠭᠡ ᠵᠢ ᠲᠠᠮᠵᠢᠭᠤᠯᠵᠦ᠂ ᠬᠡᠷ᠎ᠤᠨ ᠬᠦᠮᠦᠵᠢᠯ᠎ᠳᠤ ᠶᠡᠬᠡᠬᠡᠨ ᠠᠴᠢ ᠲᠤᠰᠠ ᠦᠵᠡᠭᠦᠯᠵᠦ ᠪᠠᠶ᠋ᠢᠨ᠎ᠠ᠃
     3. ᠲᠠᠪᠴᠠᠩ᠎ᠨᠢ ᠬᠡᠤᠬᠡᠳ᠎ᠤᠨ ᠴᠡᠴᠡᠷᠯᠢᠭ ᠪᠤᠯᠤᠨ ᠬᠡᠷ ᠪᠦᠯᠢ ᠵᠢᠨ ᠬᠠᠮᠵᠢᠯᠴᠠᠭ᠎ᠠ᠎ᠳᠤ ᠬᠠᠪᠰᠤᠷᠤᠯᠴᠠᠭ᠍ᠤ ᠳᠣᠬᠢᠶᠠᠯ᠎ᠢ ᠤᠯᠭᠤᠵᠡᠢ᠃ ᠬᠡᠦᠬᠡᠳ᠎ᠤᠨ ᠴᠡᠴᠡᠷᠯᠢᠭ ᠪᠤᠯᠤᠨ ᠬᠡᠷ᠎ᠤᠨ ᠠᠬᠠᠮᠠᠳ ᠲᠤᠰ ᠪᠦᠷᠢ ᠲᠠᠪᠴᠠᠩ ᠵᠶ᠋ᠠᠷ ᠲᠠᠮᠵᠢᠨ ᠬᠡᠣᠬᠡᠳ᠎ᠤᠨ ᠴᠡᠴᠡᠷᠯᠢᠭ᠎ᠲᠤ ᠪᠠᠶ᠋ᠢᠬᠤ ᠪᠠᠶ᠋ᠢᠳᠠᠯ ᠪᠤᠯᠤᠨ ᠬᠡᠷ᠎ᠲᠤ᠎ᠪᠠᠨ ᠪᠠᠶ᠋ᠢᠬᠤ ᠠᠮᠢᠳᠤᠷᠠᠯ᠎ᠤᠨ ᠪᠠᠶ᠋ᠢᠳᠠᠯ᠎ᠢ ᠤᠶ᠋ᠢᠯᠠᠭ᠋ᠠᠵᠦ᠂ ᠢᠳᠡᠪᠬᠢᠳᠡᠢ ᠬᠠᠮᠳᠤᠷᠠᠯᠴᠠᠭ᠍ᠤ ᠦᠵᠡᠯᠳᠡ ᠪᠤᠯᠤᠨ ᠬᠠᠮᠳᠦ ᠵᠢᠨ ᠬᠦᠮᠦᠵᠢᠬᠦᠯᠬᠦ ᠵᠤᠷᠢᠯᠳᠠ᠎ᠪᠠᠷ ᠬᠡᠤᠬᠡᠳ᠎ᠢ ᠬᠦᠮᠦᠵᠢᠭᠦᠯᠬᠦ ᠠᠷᠭ᠎ᠠ ᠤᠬᠠᠭ᠋ᠠᠨ᠎ᠢ ᠰᠦᠪᠡᠭᠴᠢᠯᠡᠬᠦ᠎ᠳᠤ ᠳᠦᠭᠦᠮ ᠦᠵᠡᠭᠦᠯᠵᠦ ᠪᠠᠶ᠋ᠢᠨ᠎ᠠ᠃
      ᠲᠠᠪᠤ᠂ ᠬᠡᠦᠬᠡᠳ᠎ᠤᠨ ᠴᠡᠴᠡᠷᠯᠢᠭ ᠪᠤᠯᠤᠨ ᠬᠡᠷ ᠪᠦᠯᠢ ᠵᠢᠨ ᠬᠠᠮᠳᠤᠷᠠᠯᠴᠠᠭ᠎ᠠ᠎ᠳᠤ ᠵᠢᠷᠭᠢᠶ᠎ᠡ ᠵᠢᠨ ᠬᠡᠷᠡᠭᠯᠡᠭᠡ ᠵᠢ ᠬᠦᠨᠳᠦᠳᠬᠡᠵᠦ ᠦᠵᠡᠬᠦ ᠲᠤᠬᠠᠢ ᠰᠠᠨᠠᠯ ᠵᠦᠪᠯᠡᠯᠭᠡ
      ᠣᠳᠣᠬᠠᠨ᠎ᠳᠤ ᠡᠯ᠎ᠡ ᠬᠡᠤᠬᠡᠳ᠎ᠤᠨ ᠴᠡᠴᠡᠷᠯᠢᠭ᠎ᠤᠨ᠎ᠬᠢᠨ ᠴᠦᠮ ᠦᠪᠡᠷ᠎ᠤᠨ ᠵᠢᠷᠭᠢᠶᠡᠨ᠎ᠤ ᠨᠡᠶ᠋ᠢᠳᠡ ᠵᠢᠨ ᠲᠠᠪᠴᠠᠩ᠎ᠲᠠᠢ ᠪᠤᠯᠤᠬᠰᠠᠨ ᠪᠠᠶ᠋ᠢᠨ᠎ᠠ᠃ ᠲᠡᠷᠡ ᠮᠦᠷᠳᠡᠬᠡᠨ ᠵᠢᠷᠭᠢᠶᠡᠨ᠎ᠤ ᠨᠡᠶ᠋ᠢᠳᠡ ᠵᠢᠨ ᠲᠠᠪᠴᠠᠩ᠎ᠨᠢ ᠭᠡᠷ ᠪᠦᠯᠢ ᠪᠤᠯᠤᠨ ᠴᠡᠴᠡᠷᠯᠢᠭ᠎ᠤᠨ ᠬᠠᠮᠲᠤᠷᠠᠯᠴᠠᠭ᠋ᠠᠨ᠎ᠤ ᠰᠢᠨ᠎ᠡ ᠠᠷᠭ᠎ᠠ ᠬᠡᠯᠪᠡᠷᠢ ᠪᠤᠯᠵᠦ ᠪᠠᠶ᠋ᠢᠨ᠎ᠠ᠃ ᠭᠡᠪᠡᠴᠦ ᠰᠠᠶᠢ ᠠᠰᠢᠬᠯᠠᠬᠳᠠᠵᠦ ᠪᠠᠶ᠋ᠢᠭ᠎ᠠ ᠪᠤᠯᠬᠤᠷ ᠤᠯᠠᠨ ᠠᠰᠠᠭᠤᠳᠠᠯ ᠤᠷᠤᠰᠢᠵᠦ ᠪᠤᠢ᠃ ᠠ᠋ᠳᠡᠬᠡᠷ ᠠᠰᠠᠭᠤᠳᠠᠯ᠎ᠳᠤ ᠬᠠᠨᠳᠤᠭᠤᠯᠤᠨ ᠰᠠᠨᠠᠯ ᠵᠦᠪᠯᠡᠯᠭᠡ᠎ᠪᠠᠨ ᠳᠡᠪᠰᠢᠭᠦᠯᠦᠨ᠎ᠡ᠃
     (ᠨᠢᠭᠡ) ᠬᠡᠦᠬᠡᠳ᠎ᠤᠨ ᠴᠡᠴᠡᠷᠯᠢᠭ ᠪᠤᠯᠤᠨ ᠬᠡᠷ ᠪᠦᠯᠢ ᠵᠢᠨ ᠬᠠᠮᠳᠤᠷᠠᠯᠴᠠᠭ᠎ᠠ᠎ᠪᠠᠷ ᠭᠤᠤᠯ ᠪᠤᠯᠭ᠋ᠠᠵᠦ᠂ ᠲᠠᠪᠴᠠᠩ ᠵᠶ᠋ᠠᠷ ᠳᠠᠮᠵᠢᠨ ᠬᠠᠷᠢᠯᠴᠠᠭ᠎ᠠ᠎ᠪᠠᠨ ᠴᠢᠩᠭ᠋ᠠᠳᠬᠠᠬᠤ ᠴᠢᠬᠤᠯᠠᠲᠠᠢ
      ᠬᠡᠦᠬᠡᠳ᠎ᠤᠨ ᠴᠡᠴᠡᠷᠯᠢᠭ ᠪᠣᠯ ᠬᠡᠦᠬᠡᠳ᠎ᠤᠨ ᠴᠡᠴᠡᠷᠯᠢᠭ ᠪᠤᠯᠤᠨ ᠬᠡᠷ ᠪᠦᠯᠢ ᠵᠢᠨ ᠬᠠᠮᠲᠤᠷᠠᠯᠴᠠᠭ᠋ᠠᠨ᠎ᠤ ᠭᠤᠤᠯ ᠴᠤᠬ᠍ᠴᠠ ᠮᠦᠷᠳᠡᠬᠡᠨ ᠵᠢᠷᠭᠢᠶᠡᠨ᠎ᠤ ᠨᠡᠶ᠋ᠢᠳᠡ ᠵᠢᠨ ᠲᠠᠪᠴᠠᠩ᠎ᠢ ᠡᠵᠡᠩᠨᠡᠵᠦ ᠬᠠᠮᠢᠶᠠᠷᠴᠦ ᠪᠠᠶ᠋ᠢᠭ᠎ᠠ ᠠ᠋ᠲᠡᠭᠡᠳ ᠪᠣᠯᠤᠨ᠎ᠠ᠃ ᠬᠡᠦᠬᠡᠳ᠎ᠤᠨ ᠴᠡᠴᠡᠷᠯᠢᠭ᠎ᠤᠨ ᠵᠢᠷᠭᠢᠶᠡᠨ᠎ᠤ ᠨᠡᠶ᠋ᠢᠳᠡ ᠵᠢᠨ ᠲᠠᠪᠴᠠᠩ᠎ᠨᠢ ᠬᠡᠤᠬᠡᠳ᠎ᠤᠨ ᠴᠡᠴᠡᠷᠯᠢᠭ ᠪᠤᠯᠤᠨ ᠬᠡᠷ ᠪᠦᠯᠢ ᠵᠢᠨ ᠬᠠᠮᠳᠤᠷᠠᠯᠴᠠᠭ᠎ᠠ᠎ᠳᠤ ᠴᠢᠬᠤᠯᠠ ᠦᠢ᠍ᠯᠡᠳᠦᠯ᠎ᠲᠠᠢ ᠪᠠᠶ᠋ᠢᠵᠦ᠂ ᠲᠠᠪᠴᠠᠩ᠎ᠢ ᠬᠡᠷᠬᠢᠨ ᠠ᠋ᠷᠬᠢᠯᠡᠬᠦ᠎ᠨᠢ ᠲᠠᠪᠴᠠᠩ᠎ᠤᠨ ᠦᠷ᠎ᠡ ᠪᠦᠳᠦᠮᠵᠢ ᠵᠢ ᠰᠢᠭᠤᠳ ᠨᠦᠯᠦᠭᠡᠯᠡᠨ᠎ᠡ᠃ ᠬᠡᠦᠬᠡᠳ᠎ᠤᠨ ᠴᠡᠴᠡᠷᠯᠢᠭ᠎ᠤᠨ ᠵᠢᠷᠭᠢᠶᠡᠨ᠎ᠤ ᠨᠡᠶ᠋ᠢᠳᠡ ᠵᠢᠨ ᠲᠠᠪᠴᠠᠩ᠎ᠤᠨ ᠪᠠᠶ᠋ᠢᠷᠢ ᠲᠤᠬᠳᠠᠭ᠋ᠠᠯᠳᠠ ᠲᠠᠷᠤᠢ ᠦᠰᠦᠭ ᠪᠢᠴᠢᠭ᠎ᠤᠨ ᠨᠠᠶ᠋ᠢᠷᠠᠭᠤᠯᠤᠬ᠍ᠴᠢ᠂ ᠮᠡᠷᠭᠡᠵᠢᠯ᠎ᠤᠨ ᠨᠠᠶ᠋ᠢᠷᠠᠭᠤᠯᠤᠬ᠍ᠴᠢ ᠲᠤᠬᠢᠷᠠᠭᠤᠯᠵᠦ᠂ ᠭᠡᠷ᠎ᠤᠨ ᠠᠬᠠᠮᠠᠳ ᠪᠤᠯᠤᠨ ᠬᠡᠦᠬᠡᠳ᠎ᠤᠨ ᠴᠡᠴᠡᠷᠯᠢᠭ᠎ᠤᠨ ᠬᠡᠷᠡᠭᠴᠡᠭᠡ ᠱᠠᠭ᠋ᠠᠷᠳᠠᠯᠭ᠎ᠠ᠎ᠪᠠᠷ ᠭᠤᠤᠯ ᠰᠤᠪᠠᠭ ᠪᠤᠯᠤᠩ ᠪᠤᠯᠭ᠋ᠠᠵᠤ᠂ ᠲᠠᠪᠴᠠᠩ᠎ᠤᠨ ᠬᠡᠷᠡᠭᠯᠡᠭᠡ ᠵᠢ ᠬᠠᠮᠤᠭ᠎ᠤᠨ ᠦᠨᠳᠦᠷ ᠲᠦᠪᠰᠢᠨ᠎ᠳᠤ ᠬᠦᠷᠭᠡᠬᠦ ᠵᠢ ᠪᠣᠳᠤᠯᠬᠢᠯᠠᠨ᠎ᠠ᠃ ᠬᠡᠦᠬᠡᠳ᠎ᠤᠨ ᠴᠡᠴᠡᠷᠯᠢᠭ᠎ᠤᠨ ᠮᠡᠳᠡᠭᠡ ᠵᠠᠩᠬᠢᠴᠢᠯᠠᠯᠲᠠ ᠵᠢᠨ ᠪᠠᠶ᠋ᠢᠭᠤᠯᠤᠯᠳᠠ ᠪᠣᠯ ᠠ᠋ᠳᠦᠷ ᠢᠷᠡᠬᠦᠶ᠎ᠡ ᠲᠤᠯᠭ᠋ᠠᠮ ᠱᠠᠭ᠋ᠠᠷᠳᠠᠭᠳᠠᠵᠦ ᠪᠠᠶ᠋ᠢᠭ᠎ᠠ ᠵᠦᠢ᠍ᠯ ᠪᠤᠯᠬᠤᠷ ᠲᠤᠰᠬᠠᠢ ᠪᠡᠯᠡ ᠮᠦᠩᠭᠦ ᠭᠠᠷᠭ᠋ᠠᠨ᠂ ᠵᠢᠷᠭᠢᠶᠡᠨ᠎ᠤ ᠠᠩᠬᠠᠨ᠎ᠤ ᠪᠠᠶ᠋ᠢᠭᠤᠯᠤᠯᠳᠠ ᠪᠤᠯᠤᠨ ᠬᠤᠶ᠋ᠢᠰᠢᠳᠡ ᠵᠢᠨ ᠡᠵᠡᠩᠨᠡᠯᠳᠡ᠎ᠳᠤ ᠪᠠᠳᠤᠯᠠᠭ᠎ᠠ ᠬᠠᠩᠭ᠋ᠠᠪᠡᠯ ᠵᠣᠬᠢᠨ᠎ᠠ᠃ ᠲᠠᠪᠴᠠᠩ᠎ᠨᠢ ᠶᠠᠭ᠋ᠠᠬᠢᠵᠦ ᠠ᠋ᠬᠢᠯᠡᠭᠰᠡᠨ ᠪᠣᠯ ᠲᠡᠷᠡ ᠶᠠᠩᠵᠦ᠎ᠪᠠᠷ ᠵᠶ᠋ᠠᠨ ᠪᠠᠶ᠋ᠢᠭ᠋ᠠᠳ ᠪᠠᠶ᠋ᠢᠵᠦ ᠪᠤᠯᠬᠤ ᠦᠭᠡᠢ ᠬᠠᠷᠢᠨ ᠴᠠᠭ ᠦᠶ᠎ᠡ᠂ ᠨᠡᠶ᠋ᠢᠭᠡᠮ᠂ ᠭᠡᠷ ᠪᠦᠯᠢ᠂ ᠬᠡᠦᠬᠡᠳ᠎ᠤᠨ ᠴᠡᠴᠡᠷᠯᠢᠭ᠎ᠤᠨ ᠬᠡᠷᠡᠭᠴᠡᠭᠡ ᠱᠠᠭ᠋ᠠᠷᠳᠠᠯᠭ᠎ᠠ᠎ᠳᠤ ᠬᠠᠨᠳᠤᠭᠤᠯᠤᠨ ᠴᠠᠭ ᠢᠮᠠᠭᠳᠠ ᠰᠢᠨᠡᠴᠢᠯᠡᠯᠳᠡ ᠬᠢᠵᠦ᠂ ᠰᠢᠨ᠎ᠡ ᠬᠡᠯᠪᠡᠷᠢ᠂ ᠰᠢᠨ᠎ᠡ ᠠᠭᠤᠯᠭ᠎ᠠ᠂ ᠰᠢᠨ᠎ᠡ ᠴᠢᠳᠠᠮᠵᠢ ᠵᠢ ᠨᠡᠮᠡᠬᠦ ᠬᠡᠷᠡᠭᠳᠡᠢ᠃
     (ᠬᠤᠶᠠᠷ) ᠭᠡᠷ᠎ᠤᠨ ᠠᠬᠠᠮᠠᠳ ᠢᠳᠡᠪᠬᠢᠳᠡᠢ ᠤᠷᠤᠯᠴᠠᠵᠦ᠂ ᠬᠠᠮᠳᠤ᠎ᠪᠠᠷ ᠲᠠᠪᠴᠠᠩ᠎ᠤᠨ ᠪᠠᠶ᠋ᠢᠭᠤᠯᠤᠯᠳᠠ ᠵᠢ ᠠᠬᠢᠭᠤᠯᠬᠤ ᠵᠢ ᠪᠤᠳᠤᠯᠬᠢᠯᠠᠪᠠᠯ ᠵᠤᠬᠢᠨ᠎ᠠ᠃
      ᠭᠡᠷ᠎ᠤᠨ ᠠᠬᠠᠮᠠᠳ᠎ᠤᠨ ᠰᠢᠨ᠎ᠡ ᠮᠡᠷᠭᠡᠵᠢᠯ᠎ᠢ ᠰᠤᠷᠴᠦ ᠦᠢ᠍ᠯᠡᠭ᠋ᠠᠬᠤ ᠬᠢᠷᠢ ᠲᠦᠪᠰᠢᠨ᠎ᠨᠢ ᠨᠡᠯᠢᠶᠡᠳ ᠬᠡᠮᠵᠢᠶᠡᠨ᠎ᠳᠤ ᠵᠢᠷᠭᠢᠶᠡᠨ᠎ᠤ ᠨᠡᠶ᠋ᠢᠳᠡ ᠵᠢᠨ ᠲᠠᠪᠴᠠᠩ᠎ᠤᠨ ᠦᠷ᠎ᠡ ᠪᠦᠳᠦᠮᠵᠢ ᠵᠢ ᠨᠦᠯᠦᠭᠡᠯᠡᠵᠦ ᠪᠠᠶ᠋ᠢᠨ᠎ᠠ᠃ ᠭᠡᠷ᠎ᠤᠨ ᠠᠬᠠᠮᠠᠳ᠎ᠤᠨ ᠮᠡᠳᠡᠭᠡ ᠵᠠᠩᠭᠢ ᠵᠢᠨ ᠮᠡᠷᠭᠡᠵᠢᠯ᠎ᠤᠨ ᠬᠢᠷᠢ ᠲᠦᠪᠰᠢᠨ ᠦᠨᠳᠦᠷ ᠪᠣᠯ ᠵᠢᠷᠭᠢᠶᠡᠨ᠎ᠤ ᠨᠡᠶ᠋ᠢᠳᠡ ᠵᠢᠨ ᠲᠠᠪᠴᠠᠩ᠎ᠢ ᠰᠠᠶ᠋ᠢᠬᠠᠨ ᠡᠵᠡᠮᠳᠡᠨ ᠬᠡᠷᠡᠭᠯᠡᠵᠦ᠂ ᠦᠪᠡᠷ᠎ᠲᠤ᠎ᠨᠢ ᠠᠰᠢᠬᠳᠠᠢ ᠮᠡᠳᠡᠯᠭᠡ ᠪᠤᠯᠤᠨ ᠮᠡᠳᠡᠭᠡ ᠵᠠᠩᠭᠢ ᠵᠢ ᠣᠯᠵᠥ᠂ ᠲᠠᠪᠴᠠᠩ ᠵᠶ᠋ᠠᠷ ᠲᠠᠮᠵᠢᠨ ᠬᠡᠦᠬᠡᠳ᠎ᠤᠨ ᠴᠡᠴᠡᠷᠯᠢᠭ᠎ᠤᠨ ᠪᠠᠭᠰᠢ ᠨᠠᠷ᠎ᠲᠠᠢ ᠢᠮᠠᠭᠲᠠ ᠬᠠᠷᠢᠯᠴᠠᠵᠦ ᠴᠢᠳᠠᠨ᠎ᠠ᠃ ᠢᠩᠭᠢᠵᠦ ᠬᠠᠷᠢᠯᠴᠠᠭ᠍ᠤ᠎ᠨᠢ ᠬᠡᠤᠬᠡᠳ᠎ᠤᠨ ᠴᠡᠴᠡᠷᠯᠢᠭ ᠪᠤᠯᠤᠨ ᠬᠡᠷ ᠪᠦᠯᠢ ᠵᠢᠨ ᠬᠠᠮᠲᠤᠷᠠᠯᠴᠠᠭ᠋ᠠᠨ᠎ᠤ ᠠᠵᠢᠯᠯᠠᠭ᠋ᠠᠨ᠎ᠤ ᠠᠵᠢᠯ᠎ᠢ ᠨᠡᠩ ᠤᠶᠤᠨᠴᠢᠯᠠᠵᠦ᠂ ᠦᠷ᠎ᠡ ᠪᠦᠲᠦᠮᠵᠢᠲᠠᠢ ᠪᠣᠯᠭ᠋ᠠᠵᠤ ᠪᠠᠶ᠋ᠢᠨ᠎ᠠ ᠬᠡᠳᠡᠭ᠎ᠢ ᠬᠠᠷᠠᠭᠤᠯᠵᠦ ᠪᠠᠶ᠋ᠢᠨ᠎ᠠ᠃ ᠭᠡᠷ ᠪᠦᠯᠢ ᠪᠤᠯᠤᠨ ᠬᠡᠦᠬᠡᠳ᠎ᠤᠨ ᠴᠡᠴᠡᠷᠯᠢᠭ᠎ᠤᠨ ᠬᠠᠮᠲᠤᠷᠠᠯᠴᠠᠭ᠎ᠠ ᠪᠣᠯ ᠨᠢᠭᠡᠨ ᠬᠤᠷᠰᠢᠬᠤ ᠠᠵᠢᠯᠯᠠᠭ᠋ᠠᠨ᠎ᠤ ᠶᠠᠪᠤᠴᠠ ᠪᠣᠯᠬᠤᠷ ᠨᠢᠭᠡ ᠲᠠᠯ᠎ᠠ᠎ᠨᠢ ᠯᠠ ᠴᠢᠷᠮᠠᠶ᠋ᠢᠭ᠋ᠠᠳ ᠨᠦᠭᠦᠭᠡ ᠲᠠᠯ᠎ᠠ᠎ᠨᠢ ᠢᠳᠡᠪᠬᠢᠯᠡᠬᠦ ᠦᠭᠡᠢ ᠪᠣᠯ ᠤᠭ ᠬᠠᠮᠲᠤᠷᠠᠯᠴᠠᠭ᠎ᠠ ᠪᠡᠶᠡᠯᠡᠭᠳᠡᠵᠦ ᠴᠢᠳᠠᠭ᠍ᠤ ᠦᠭᠡᠢ᠃ ᠠ᠋ᠭᠦᠨ᠎ᠳᠤ᠂ ᠭᠡᠷ᠎ᠤᠨ ᠠᠬᠠᠮᠠᠳ ᠵᠢᠷᠭᠢᠶᠡᠨ᠎ᠤ ᠨᠡᠶ᠋ᠢᠳᠡ ᠵᠢᠨ ᠲᠠᠪᠴᠠᠩ᠎ᠤᠨ ᠬᠠᠷᠢᠯᠴᠠᠭ᠍ᠤ ᠴᠢᠳᠠᠮᠵᠢ ᠵᠢ ᠠᠰᠢᠬᠯᠠᠭ᠍ᠤ ᠲᠠᠳᠬᠠᠯ᠎ᠲᠠᠢ ᠪᠤᠯᠬᠤ ᠵᠢ ᠰᠠᠨᠠᠭᠤᠯᠤᠶ᠎ᠠ᠃ ᠲᠠᠪᠴᠠᠩ ᠵᠶ᠋ᠠᠷ ᠲᠠᠮᠵᠢᠭᠤᠯᠤᠨ ᠦᠪᠡᠷ᠎ᠤᠨ ᠦᠵᠡᠯ ᠪᠤᠳᠤᠯ ᠵᠶ᠋ᠠᠨ ᠲᠡᠯᠭᠡᠵᠦ᠂ ᠬᠦᠰᠡᠯ ᠱᠠᠭ᠋ᠠᠷᠳᠠᠯᠭ᠎ᠠ᠎ᠪᠠᠨ ᠲᠤᠷᠠᠳᠴᠦ ᠪᠤᠯᠤᠨ᠎ᠠ᠃ ᠬᠠᠷᠢᠨ ᠲᠠᠩ ᠭᠠᠭᠴᠠ ᠮᠡᠳᠡᠯᠭᠡ ᠵᠢ ᠬᠦᠯᠢᠶᠡᠵᠦ ᠦᠵᠡᠬᠦ ᠪᠢᠰᠢ᠃ ᠵᠢᠱ᠌ᠢᠶᠡᠯᠡᠪᠡᠯ᠂ ᠨᠡᠶ᠋ᠢᠲᠡᠯᠡᠯ ᠪᠤᠯᠭ᠋ᠠᠨ᠎ᠤ ᠲᠤᠤᠷ᠎ᠠ ᠪᠢᠴᠢᠭᠡᠰᠦ ᠦᠯᠡᠳᠡᠭᠡᠵᠦ᠂ ᠪᠤᠳᠤᠯ ᠰᠠᠨᠠᠯ ᠵᠶ᠋ᠠᠨ ᠶᠠᠷᠢᠵᠦ ᠪᠤᠯᠤᠨ᠎ᠠ᠃ ᠠ᠋ᠰᠡᠪᠡᠯ ᠲᠠᠪᠴᠠᠩ᠎ᠳᠤ ᠦᠭᠡ ᠦᠯᠡᠳᠡᠭᠡᠵᠦ ᠠᠰᠠᠭᠤᠳᠠᠯ ᠲᠤᠷᠠᠳᠴᠦ ᠪᠤᠯᠤᠨ᠎ᠠ᠃ ᠭᠡᠬᠦ᠎ᠳᠤ᠎ᠪᠠᠨ ᠬᠡᠦᠬᠡᠳ᠎ᠤᠨ ᠴᠡᠴᠡᠷᠯᠢᠭ ᠪᠣᠯᠤᠨ ᠭᠡᠷ᠎ᠤᠨ ᠠᠬᠠᠮᠠᠳ ᠢᠳᠡᠪᠬᠢᠳᠡᠢ ᠬᠠᠮᠵᠢᠯᠴᠠᠪᠠᠯ ᠰᠠᠶᠢ ᠭᠡᠷ ᠪᠦᠯᠢ ᠪᠤᠯᠤᠨ ᠴᠡᠴᠡᠷᠯᠢᠭ᠎ᠤᠨ ᠬᠠᠮᠲᠤᠷᠠᠯᠴᠠᠭ᠎ᠠ ᠳᠡᠭᠡᠳᠦ ᠬᠡᠮᠵᠢᠶ᠎ᠠ᠎ᠪᠠᠷ ᠨᠢᠭᠡᠲᠦᠯᠲᠠᠢ ᠪᠤᠯᠵᠦ᠂ ᠬᠡᠤᠬᠡᠳ᠎ᠤᠨ ᠴᠡᠴᠡᠷᠯᠢᠭ ᠪᠤᠯᠤᠨ ᠬᠡᠷ ᠪᠦᠯᠢ ᠵᠢᠨ ᠬᠠᠮᠲᠤᠷᠠᠯᠴᠠᠭ᠋ᠠᠨ᠎ᠤ ᠰᠢᠨ᠎ᠡ ᠬᠠᠭᠤᠳᠠᠰᠦ ᠵᠢ ᠪᠢᠴᠢᠭᠯᠡᠵᠦ ᠴᠢᠳᠠᠨ᠎ᠠ᠃
      ᠬᠦᠬᠡᠬᠤᠳᠠ ᠵᠢᠨ ᠮᠤᠩᠭᠤᠯ ᠦᠨᠳᠦᠰᠦᠳᠡᠨ᠎ᠤ ᠬᠡᠤᠬᠡᠳ᠎ᠤᠨ ᠴᠡᠴᠡᠷᠯᠢᠭ᠎ᠤᠨ ᠵᠢᠷᠭᠢᠶᠡᠨ᠎ᠤ ᠨᠡᠶ᠋ᠢᠳᠡ ᠵᠢᠨ ᠲᠠᠪᠴᠠᠩ᠂ ᠬᠦᠬᠡᠬᠤᠳᠠ ᠵᠢᠨ ᠰᠠᠶ᠋ᠢᠬᠠᠨ ᠲᠤᠭᠤᠷᠢᠭ᠎ᠤᠨ ᠮᠤᠩᠭᠤᠯ ᠦᠨᠳᠦᠰᠦᠳᠡᠨ᠎ᠤ ᠬᠡᠤᠬᠡᠳ᠎ᠤᠨ ᠴᠡᠴᠡᠷᠯᠢᠭ᠎ᠤᠨ ᠵᠢᠷᠭᠢᠶᠡᠨ᠎ᠤ ᠨᠡᠶ᠋ᠢᠳᠡ ᠵᠢᠨ ᠲᠠᠪᠴᠠᠩ᠂ ᠬᠦᠬᠡᠬᠤᠳᠠ ᠵᠢᠨ ᠰᠢᠨ᠎ᠡ ᠬᠤᠳᠠ ᠲᠤᠭᠤᠷᠢᠭ᠎ᠤᠨ ᠮᠤᠩᠭᠤᠯ ᠦᠨᠳᠦᠰᠦᠳᠡᠨ᠎ᠤ ᠬᠡᠤᠬᠡᠳ᠎ᠤᠨ ᠴᠡᠴᠡᠷᠯᠢᠭ᠎ᠤᠨ ᠵᠢᠷᠭᠢᠶᠡᠨ᠎ᠤ ᠨᠡᠶ᠋ᠢᠳᠡ ᠵᠢᠨ ᠲᠠᠪᠴᠠᠩ᠎ᠤᠨ ᠪᠠᠶ᠋ᠢᠳᠠᠯ᠎ᠠᠴᠠ ᠦᠵᠡᠬᠦ᠎ᠳᠤ᠂ ᠭᠤᠤᠯᠳᠠᠭᠤ 《ᠴᠡᠴᠡᠷᠯᠢᠭ᠎ᠤᠨ ᠲᠤᠶ᠋ᠢᠮᠤ ᠪᠠᠶ᠋ᠢᠳᠠᠯ》᠂ 《ᠴᠡᠴᠡᠷᠯᠢᠭ᠎ᠤᠨ ᠠᠵᠢᠯᠯᠠᠭ᠎ᠠ》᠂ 《ᠪᠠᠭᠰᠢ ᠵᠢᠨ ᠠ᠋ᠩᠨᠡᠭᠡ》᠂ 《ᠰᠤᠷᠤᠬ᠍ᠴᠢ ᠠ᠋ᠯᠰᠡᠬᠦ ᠮᠡᠳᠡᠭᠳᠡᠯ》᠂ 《ᠪᠠᠭᠰᠢ ᠠ᠋ᠯᠰᠡᠬᠦ ᠮᠡᠳᠡᠭᠳᠡᠯ》 ᠵᠡᠷᠬᠡ ᠵᠢ ᠨᠡᠶ᠋ᠢᠳᠡᠯᠡᠵᠦ᠂ ᠳᠠᠩ ᠴᠢᠭᠯᠡᠯᠲᠦ ᠤᠬᠠᠭᠤᠯᠭ᠎ᠠ᠎ᠳᠤ ᠲᠦᠪᠯᠡᠷᠡᠭᠡᠳ᠂ ᠭᠡᠷ᠎ᠤᠨ ᠠᠬᠠᠮᠠᠳ᠎ᠤᠨ ᠣᠷᠤᠯᠴᠠᠯᠭ᠎ᠠ ᠵᠢ ᠵᠣᠬᠢᠶᠠᠨ ᠪᠠᠶ᠋ᠢᠭᠤᠯᠬᠤ ᠲᠠᠪᠴᠠᠩ᠎ᠤᠨ ᠴᠢᠳᠠᠮᠵᠢ ᠵᠢ ᠭᠦᠢ᠍ᠴᠡᠳ ᠬᠡᠷᠡᠭᠯᠡᠭᠡᠳᠦᠢ ᠪᠠᠶ᠋ᠢᠨ᠎ᠠ᠃ ᠠ᠋ᠨᠡ᠎ᠨᠢ ᠭᠡᠷ᠎ᠤᠨ ᠠᠬᠠᠮᠠᠳ᠎ᠤᠨ ᠬᠦᠰᠡᠯ ᠱᠠᠭ᠋ᠠᠷᠳᠠᠯᠭ᠎ᠠ᠎ᠲᠠᠢ ᠵᠦᠷᠢᠶᠡᠲᠠᠢ᠂ ᠨᠡᠩ ᠴᠢᠨᠠᠭᠰᠢᠯᠠᠨ ᠬᠡᠦᠬᠡᠳ᠎ᠤᠨ ᠴᠡᠴᠡᠷᠯᠢᠭ ᠪᠤᠯᠤᠨ ᠬᠡᠷ ᠪᠦᠯᠢ ᠵᠢᠨ ᠬᠠᠮᠳᠤᠷᠠᠯᠴᠠᠭ᠎ᠠ᠎ᠳᠤ ᠵᠢᠷᠭᠢᠶᠡᠨ᠎ᠤ ᠦᠢ᠍ᠯᠡᠳᠦᠯ᠎ᠢ ᠪᠠᠳᠠᠷᠠᠭᠤᠯᠬᠤ᠎ᠳᠤ ᠰᠠᠭ᠋ᠠᠳ ᠪᠣᠯᠵᠤ ᠪᠠᠶ᠋ᠢᠨ᠎ᠠ᠃ ᠮᠦᠨ ᠲᠡᠳᠡᠬᠡᠷ ᠨᠡᠶ᠋ᠢᠳᠡᠯᠡᠭᠰᠡᠨ ᠮᠡᠳᠡᠭᠡᠯᠡᠯ᠎ᠤᠨ ᠬᠤᠶ᠋ᠢᠨᠠᠬᠢ ᠪᠢᠴᠢᠭᠡᠰᠦ ᠦᠯᠡᠳᠡᠭᠡᠬᠦ ᠴᠢᠳᠠᠮᠵᠢ ᠵᠢ ᠨᠡᠪᠳᠡᠷᠡᠬᠦᠯᠵᠦ ᠪᠠᠶ᠋ᠢᠬᠤ ᠦᠭᠡᠢ ᠪᠤᠶᠤ ᠨᠡᠪᠳᠡᠷᠡᠬᠦᠯᠦᠭᠰᠡᠨ ᠴᠦ᠍ ᠦᠯᠡᠳᠡᠭᠡᠭᠰᠡᠨ ᠪᠢᠴᠢᠬᠡᠰᠦ ᠵᠢ ᠢᠯᠡᠷᠡᠬᠦᠯᠵᠦ ᠪᠠᠶ᠋ᠢᠬᠤ ᠦᠭᠡᠢ᠃ ᠦᠨᠡᠨ᠎ᠳᠤ᠎ᠪᠠᠨ ᠲᠠᠪᠴᠠᠩ᠎ᠤᠨ ᠪᠢᠴᠢᠭᠡᠰᠦ ᠦᠯᠡᠳᠡᠬᠡᠬᠦ ᠴᠢᠳᠠᠮᠵᠢ ᠪᠤᠯ ᠬᠡᠦᠬᠡᠳ᠎ᠤᠨ ᠴᠡᠴᠡᠷᠯᠢᠭ ᠪᠤᠯᠤᠨ ᠬᠡᠷ᠎ᠤᠨ ᠠᠬᠠᠮᠠᠳ᠎ᠤᠨ ᠤᠶ᠋ᠢᠯᠠᠭ᠋ᠠᠯᠴᠠᠭ᠎ᠠ᠂ ᠭᠡᠷ᠎ᠤᠨ ᠠᠬᠠᠮᠠᠳ ᠪᠤᠯᠤᠨ ᠬᠡᠷ᠎ᠤᠨ ᠠᠬᠠᠮᠠᠳ᠎ᠤᠨ ᠦᠵᠡᠯ ᠪᠤᠳᠤᠯ ᠵᠶ᠋ᠠᠨ ᠰᠤᠯᠢᠯᠴᠠᠭ᠍ᠤ᠎ᠳᠤ ᠲᠤᠶ᠋ᠢᠯ᠎ᠤᠨ ᠠᠰᠢᠬᠳᠠᠢ ᠵᠦᠢ᠍ᠯ ᠪᠤᠯᠬᠤ ᠶᠤᠮ᠃
      ᠬᠤᠷᠢᠶᠠᠩᠭᠤᠶ᠋ᠢᠯᠠᠨ ᠬᠡᠯᠡᠪᠡᠯ᠂ ᠬᠡᠦᠬᠡᠳ᠎ᠤᠨ ᠦᠰᠤᠨ ᠪᠤᠶ᠋ᠢᠵᠢᠯᠳᠠ᠎ᠨᠢ ᠬᠡᠷ ᠪᠦᠯᠢ᠂ ᠬᠡᠦᠬᠡᠳ᠎ᠤᠨ ᠴᠡᠴᠡᠷᠯᠢᠭ᠂ ᠨᠡᠶ᠋ᠢᠬᠡᠮ᠎ᠠᠴᠠ ᠰᠠᠯᠵᠤ ᠪᠤᠯᠤᠰᠢ ᠦᠭᠡᠢ᠃ ᠬᠡᠤᠬᠡᠳ᠎ᠨᠢ ᠠᠪᠤ ᠡᠵᠢ᠎ᠠᠴᠠ᠎ᠪᠠᠨ ᠰᠠᠯᠵᠤ ᠪᠤᠯᠬᠤ ᠦᠬᠡᠢ᠎ᠲᠠᠢ ᠠᠳᠠᠯᠢ ᠪᠠᠭᠰᠢ᠎ᠠᠴᠠ᠎ᠪᠠᠨ ᠨᠡᠩ ᠰᠠᠯᠵᠤ ᠪᠤᠯᠬᠤ ᠦᠬᠡᠢ᠃ ᠬᠡᠤᠬᠡᠳ᠎ᠢ ᠠ᠋ᠷᠡᠬᠦᠯ ᠴᠢᠬᠢᠷᠠᠭ᠂ ᠪᠠᠶᠠᠷ ᠬᠦᠷ᠎ᠲᠠᠢ᠂ ᠨᠠᠶ᠋ᠢᠬᠡᠮ᠎ᠳᠤ ᠠᠰᠢᠭᠲᠠᠢ ᠬᠦᠮᠤᠨ ᠪᠤᠯᠭ᠋ᠠᠶ᠎ᠠ ᠬᠡᠪᠡᠯ ᠬᠡᠦᠬᠡᠳ᠎ᠤᠨ ᠴᠡᠴᠡᠷᠯᠢᠭ ᠪᠣᠯᠤᠨ ᠬᠡᠷ ᠪᠦᠯᠢ ᠠ᠋ᠷᠬᠡᠪᠰᠢ ᠬᠠᠮᠳᠤᠷᠠᠯᠴᠠᠭ᠍ᠤ ᠬᠡᠷᠡᠭᠳᠡᠢ᠃ ᠰᠢᠨ᠎ᠡ ᠮᠡᠷᠭᠡᠵᠢᠯ᠂ ᠰᠤᠷᠠᠭ ᠵᠠᠩᠬᠢᠴᠢᠯᠠᠯᠲᠠ ᠵᠢ ᠥᠷᠭᠡᠨ ᠵᠶ᠋ᠠᠷ ᠠᠰᠢᠬᠯᠠᠵᠦ᠂ ᠲᠡᠭᠦᠨ᠎ᠢ ᠰᠤᠷᠭ᠋ᠠᠭᠤᠯᠢ᠎ᠠᠴᠠ ᠠ᠋ᠮᠦᠨᠡᠬᠢ ᠬᠡᠤᠬᠡᠳ᠎ᠤᠨ ᠬᠦᠮᠦᠵᠢᠯ᠂ ᠬᠡᠦᠬᠡᠳ᠎ᠤᠨ ᠴᠡᠴᠡᠷᠯᠢᠭ ᠪᠤᠯᠤᠨ ᠭᠡᠷ ᠪᠦᠯᠢ ᠵᠢᠨ ᠬᠠᠮᠳᠤᠷᠠᠯᠴᠠᠭ᠎ᠠ᠎ᠳᠤ ᠦᠢ᠍ᠯᠡᠴᠢᠯᠡᠭᠦᠯᠵᠦ᠂ ᠬᠡᠤᠬᠡᠳ ᠵᠶ᠋ᠠᠨ ᠠ᠋ᠷᠡᠭᠦᠯ ᠴᠢᠬᠢᠷᠠᠭ ᠵᠶ᠋ᠠᠷ ᠦᠰᠭᠡᠨ ᠬᠦᠮᠦᠵᠢᠬᠦᠯᠬᠦ ᠵᠢᠨ ᠲᠦᠯᠦᠭᠡ ᠬᠠᠮᠳᠦ᠎ᠪᠠᠷ ᠴᠢᠷᠮᠠᠶ᠋ᠢᠶ᠎ᠠ᠃


      ᠠᠰᠢᠬᠯᠠᠬᠰᠠᠨ ᠨᠤᠮ ᠪᠠ ᠰᠡᠳᠬᠦᠯ


     1. ᠭᠦᠸᠸ ᠯᠢ ᠫᠢᠡᠭ᠂ 《ᠰᠤᠷᠠᠭ ᠵᠠᠩᠬᠢ ᠮᠡᠷᠬᠡᠵᠢᠯ ᠪᠠ ᠬᠡᠤᠬᠡᠳ᠎ᠤᠨ ᠬᠦᠮᠦᠵᠢᠯ[M]᠂ ᠱᠠᠩᠬᠠᠢ᠄ ᠬᠤᠸᠠ ᠳ᠋ᠦᠡᠭ ᠪᠠᠭᠰᠢ ᠵᠢᠨ ᠶᠡᠭᠡ ᠰᠤᠷᠭ᠋ᠠᠭᠤᠯᠢ ᠵᠢᠨ ᠬᠡᠪᠯᠡᠯ᠎ᠤᠨ ᠬᠤᠷᠢᠶ᠎ᠠ᠂ 2007
     2. ᠠ᠋ᠾᠸ ᠰᠢᠤ ᠹᠸᠡᠭ᠂ 《ᠵᠢᠷᠭᠢᠶᠡᠨ᠎ᠤ ᠨᠡᠶ᠋ᠢᠳᠡ ᠵᠢᠨ ᠲᠠᠪᠴᠠᠩ᠎ᠤᠨ ᠬᠡᠦᠬᠡᠳ᠎ᠤᠨ ᠴᠡᠴᠡᠷᠯᠢᠭ᠎ᠤᠨ ᠬᠠᠮᠢᠶᠠᠷᠤᠯᠳᠠ ᠲᠤᠮᠳᠠᠬᠢ ᠬᠡᠷᠡᠭᠯᠡᠯᠳᠡ ᠪᠠ ᠨᠡᠬᠡᠬᠡᠨ ᠬᠦᠭᠵᠢᠭᠦᠯᠦᠯᠳᠡ》[J]. ᠰᠤᠷᠭ᠋ᠠᠭᠤᠯᠢ᠎ᠠᠴᠠ ᠠ᠋ᠮᠦᠨᠡᠬᠢ ᠬᠦᠮᠦᠵᠢᠯ᠎ᠤᠨ ᠰᠣᠳᠤᠯᠤᠯ᠂ 2014᠂ (11)᠄ 58 — 60
     3. ᠯᠢ ᠹᠠᠨ᠂ 《ᠵᠢᠷᠬᠢᠶ᠎ᠡ ᠵᠢᠨ ᠨᠡᠶ᠋ᠢᠳᠡ ᠵᠢᠨ ᠲᠠᠪᠴᠠᠩ᠎ᠢ ᠠᠰᠢᠬᠯᠠᠨ ᠲᠡᠭᠡᠳᠦ ᠰᠤᠷᠭ᠋ᠠᠭᠤᠯᠢ ᠵᠢᠨ ᠴᠡᠴᠡᠷᠯᠢᠭ᠎ᠤᠨ ᠨᠠᠷᠢᠯᠢᠬ ᠬᠠᠮᠢᠶᠠᠷᠤᠯᠳᠠ ᠵᠢ ᠲᠡᠭᠡᠭᠰᠢᠯᠡᠬᠦᠯᠬᠦ》[J]. ᠬᠢᠴᠢᠶᠡᠯ ᠬᠦᠮᠦᠵᠢᠯ᠎ᠤᠨ ᠰᠤᠳᠤᠯᠭ᠋ᠠᠨ᠂ 2015᠂ 24᠄ 235-236
     4. ᠨᠢᠤ ᠶᠤᠸᠠᠨ ᠶᠤᠸᠠᠨ᠂ 《ᠰᠦᠯᠵᠢᠶᠡᠨ ᠲᠠᠪᠴᠠᠩ᠎ᠢ ᠪᠠᠶ᠋ᠢᠭᠤᠯᠤᠨ ᠴᠡᠴᠡᠷᠯᠢᠭ ᠪᠤᠯᠤᠨ ᠬᠡᠷ ᠪᠦᠯᠢ ᠵᠢᠨ ᠬᠠᠮᠳᠤᠷᠠᠯᠴᠠᠭ᠎ᠠ ᠵᠢ ᠠᠬᠢᠭᠤᠯᠤᠶ᠎ᠠ》[J]. ᠲᠤᠮᠳᠠᠳᠦ ᠤᠯᠤᠰ᠎ᠤᠨ ᠤᠳᠤᠬᠢᠴᠢᠯᠠᠭᠰᠠᠨ ᠰᠤᠷᠭ᠋ᠠᠨ ᠬᠦᠮᠦᠵᠢᠯ᠎ᠤᠨ ᠲᠦᠬᠦᠭᠡᠷᠦᠮᠵᠢ᠂ 2012. 08᠄ 42-45


          ᠠᠵᠢᠯᠯᠠᠵᠤ ᠪᠠᠶ᠋ᠢᠭ᠎ᠠ ᠪᠠᠢ᠍ᠢ᠍ᠭᠤᠯᠭ᠎ᠠ᠄ ᠬᠦᠬᠡᠬᠤᠲᠠ ᠵᠢᠨ ᠮᠣᠩᠭᠤᠯ ᠦᠨᠳᠦᠰᠦᠲᠡᠨ᠎ᠤ
                                      ᠬᠡᠦᠬᠡᠳ᠎ᠤᠨ ᠴᠡᠴᠡᠷᠯᠢᠭ
                                           (ᠠᠯᠳᠠᠨᠰᠦᠢ᠍ᠭᠡ ᠨᠠᠢ᠍ᠢ᠍ᠷᠠᠭᠤᠯᠪᠠ)
                                           2021 ᠣᠨ᠎ᠤ 3 ᠳ᠋ᠤᠭ᠋ᠠᠷ ᠬᠤᠭᠤᠴᠠᠭ᠎ᠠ


ᠢᠷᠡᠯᠲᠡ᠄ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠤᠨ᠎ᠤ ᠰᠤᠷᠭ᠋ᠠᠨ ᠬᠥᠮᠦᠵᠢᠯ᠎ᠤᠨ ᠲᠢᠩᠬᠢᠮ
          
ᠬᠠᠮᠢᠶ᠎ᠡ ᠪᠦᠬᠦᠢ ᠰᠣᠨᠢᠨ
ᠬᠡᠥᠭᠡᠳ᠎ᠤᠨ ᠰᠤᠨᠤᠰᠴᠥ ᠶᠠᠷᠢᠬᠤ ᠴᠢᠳᠠᠪᠤᠷᠢ ᠵᠢ ᠬᠦᠮᠦᠵᠢᠬᠦᠯᠬᠦ ᠳᠤᠬᠠᠢ
ᠠᠴᠢ ᠬᠠᠷᠢᠭᠤᠯᠠᠯᠲᠠ ᠵᠢᠨ ᠬᠦᠮᠦᠵᠢᠯ᠎ᠢ ᠰᠠᠶ᠋ᠢᠲᠤᠷ ᠬᠢᠶ᠎ᠡ
ᠰᠤᠷᠤᠭᠴᠢᠳ᠎ᠲᠤ ᠰᠡᠳᠭᠢᠴᠡ ᠵᠢᠨ ᠠ᠋ᠷᠡᠭᠦᠯ ᠮᠡᠨᠳᠦ ᠵᠢᠨ ᠬᠦᠮᠦᠵᠢᠯ᠎ᠢ ᠬᠡᠷᠬᠢᠨ ᠬᠢᠬᠦ ᠪᠤᠢ
ᠰᠤᠷᠤᠯᠭ᠎ᠠ ᠬᠤᠴᠤᠷᠤᠩᠭᠤᠢ ᠰᠤᠷᠤᠭᠴᠢ ᠵᠢ ᠬᠦᠮᠦᠵᠢᠭᠦᠯᠬᠦ ᠠᠵᠢᠯ᠎ᠤᠨ ᠲᠤᠬᠠᠢ
ᠬᠡᠥᠬᠡᠳ᠎ᠤᠨ ᠭᠦᠮᠦᠵᠢᠯ᠎ᠳᠠᠬᠢ ᠭᠡᠷ᠎ᠤᠨ ᠠᠬᠠᠮᠠᠳ᠎ᠤᠨ ᠬᠠᠷᠢᠭᠤᠴᠠᠯᠭ᠎ᠠ
 
             蒙ICP备05000248号