ᠴᠦᠨ ᠮᠸᠢ ᠪᠣᠤ ᠵᠢᠨ ᠰᠢᠶᠣᠣ

ᠬᠡᠥᠬᠡᠳ ᠭᠡᠳᠡᠭ ᠭᠡᠷ ᠪᠥᠯᠢ ᠵᠢᠨ ᠵᠶ᠋ᠠᠨ ᠬᠦᠰᠡᠯ᠂ ᠰᠠᠶ᠋ᠢᠨ ᠰᠠᠶ᠋ᠢᠬᠠᠨ᠎ᠤ ᠠ᠋ᠷᠡᠮᠡᠯᠵᠡᠯ ᠮᠥᠨ᠂ ᠠ᠋ᠶ᠋ᠢᠮᠥ ᠵᠢᠨ ᠲᠤᠯᠠ ᠬᠡᠥᠬᠡᠳ ᠵᠶ᠋ᠠᠨ ᠪᠢᠳᠡ ᠵᠠᠩ ᠠᠭ᠋ᠠᠰᠢ᠎ᠨᠢ ᠪᠦᠷᠢᠮᠦᠰᠥᠨ ᠲᠣᠭᠳᠠᠪᠤᠷᠢᠵᠢᠬᠤᠠᠴᠠ ᠠ᠋ᠮᠥᠨ᠎ᠡ ᠦᠭᠡᠳᠡᠷᠭᠡᠭ ᠰᠡᠳᠭᠢᠯ᠎ᠲᠠᠢ᠂ ᠲᠥᠪ ᠲᠠᠳᠬᠠᠯ᠎ᠲᠠᠢ᠂ ᠠ᠋ᠷᠡᠭᠦᠯ ᠪᠡᠶ᠎ᠡ ᠲᠠᠢ᠂ ᠰᠠᠷᠠᠭᠤᠯ ᠤᠬᠠᠭ᠋ᠠᠨ᠎ᠲᠠᠢ ᠪᠤᠯᠭ᠋ᠠᠵᠤ ᠬᠥᠮᠥᠵᠢᠭᠦᠯᠬᠦ᠎ᠨᠢ ᠮᠠᠰᠢ ᠴᠢᠬᠤᠯᠠ ᠪᠠᠶ᠋ᠢᠳᠠᠭ ᠢ ᠲᠠ ᠪᠥᠬᠦᠨ ᠶᠠᠭᠤ ᠠᠨᠳᠠᠭ᠍ᠤ ᠪᠢᠯᠡ! ᠬᠡᠥᠬᠡᠳ᠎ᠤᠨ ᠮᠠᠨᠢ ᠥᠰᠬᠦ ᠨᠠᠰᠤ᠂ ᠬᠥᠷᠬᠦ ᠢᠷᠡᠭᠡᠳᠥᠢ ᠪᠦᠷ ᠴᠤ᠌ ᠲᠠ ᠪᠢᠳᠡᠨ᠎ᠤ ᠲᠤᠳᠤᠨᠤ ᠵᠢᠨ ᠬᠠᠷᠢᠯᠴᠠᠭ᠎ᠠ᠎ᠠᠴᠠ ᠰᠠᠯᠵᠤ ᠴᠢᠳᠠᠭ᠍ᠤ ᠦᠭᠡᠢ ᠵᠢᠨ ᠣᠴᠢᠷ ᠭᠡᠷ᠎ᠤᠨ ᠠᠬᠠᠮᠠᠳ ᠪᠠ ᠪᠠᠭᠰᠢ ᠪᠣᠯᠣᠭᠰᠠᠳ ᠲᠠᠰᠤᠷᠠᠯᠳᠠ ᠦᠭᠡᠢ ᠨᠢᠭᠡᠨ᠎ᠤ᠎ᠪᠠᠨ ᠰᠡᠳᠭᠢᠯ᠎ᠤᠨ ᠲᠠᠭᠤᠨ᠎ᠢ ᠴᠢᠩᠨᠠᠵᠤ ᠮᠥᠷᠥ ᠵᠡᠷᠭᠡᠴᠡᠨ ᠠᠯᠬᠤᠮ ᠨᠢᠭᠡᠳᠬᠦ ᠴᠢᠬᠤᠯᠠᠲᠠᠢ᠃ ᠬᠡᠥᠬᠡᠳ᠎ᠤᠨ ᠵᠶ᠋ᠠᠨ ᠲᠥᠯᠥᠭᠡ ᠴᠢᠩ ᠰᠡᠳᠭᠢᠯ᠎ᠤᠨ ᠬᠡᠳᠥᠨ ᠵᠥᠪᠯᠡᠮᠵᠢ᠎ᠪᠠᠨ ᠡ᠊ᠨᠳᠠ ᠰᠡᠶ᠋ᠢᠷᠡᠭᠦᠯᠵᠥ ᠭᠡᠷ᠎ᠤᠨ ᠠᠬᠠᠮᠠᠳ ᠨᠠᠷ᠎ᠲᠤ᠎ᠪᠠᠨ ᠲᠤᠰᠠᠯᠠᠮᠵᠢ ᠪᠤᠯᠭ᠋ᠠᠬᠤ ᠵᠢ ᠬᠦᠰᠡᠯ᠎ᠡ᠃ ᠬᠦᠰᠡᠯ ᠮᠢᠨᠢ ᠪᠡᠶᠡᠯᠡᠭᠳᠡᠵᠦ ᠬᠡᠥᠬᠡᠳ ᠲᠠᠨ᠎ᠢ ᠥᠭᠡᠳᠡᠷᠬᠡᠭ ᠥᠰᠴᠦ ᠴᠢᠳᠠᠪᠠᠯ ᠮᠢᠨᠦ ᠰᠡᠳᠭᠢᠯ ᠭᠦᠢ᠍ᠴᠡᠬᠦ᠎ᠨᠢ ᠲᠡᠷᠡ᠃
ᠠ᠋ᠩ ᠲᠡᠷᠢᠭᠦᠨ᠎ᠳᠤ᠂ ᠭᠡᠷ᠎ᠤᠨ ᠠᠬᠠᠮᠠᠳ ᠪᠤᠯ ᠭᠡᠤᠭᠡᠳ᠎ᠤᠨ ᠵᠶ᠋ᠠᠨ ᠲᠣᠯᠢ ᠪᠠᠶ᠋ᠢᠳᠠᠭ ᠵᠶ᠋ᠠᠨ ᠬᠡᠵᠢᠶᠡᠳᠡ ᠴᠡᠭᠡᠵᠢᠯᠡᠵᠥ ᠪᠠᠶ᠋ᠢᠭ᠋ᠠᠷᠠᠢ᠃ 《ᠣᠳᠤ ᠵᠢᠨ ᠬᠡᠥᠬᠡᠳ᠎ᠢ ᠪᠢᠳᠡ ᠬᠠᠮᠢᠶᠠᠷᠴᠤ ᠲᠡᠶ᠋ᠢᠯᠬᠦ᠎ᠪᠠᠨ ᠪᠤᠯᠢᠴᠢᠬᠠᠭᠰᠠᠨ ᠰᠢᠥ ᠪᠠᠭᠰᠢ ᠡ᠂ ᠠ᠋ᠳᠥᠷ᠎ᠵᠢᠨ ᠭᠠᠷ ᠣᠲᠠᠰᠤ ᠲᠣᠭᠯᠠᠭ᠋ᠠᠳ ᠪᠠᠭ᠎ᠠ ᠯᠠ ᠬᠠᠮᠢᠶᠠᠷᠴᠤ ᠬᠠᠰᠢᠪᠠᠯ ᠪᠤᠳᠠᠭ᠎ᠠ ᠢᠳᠡᠬᠦ ᠦᠭᠡᠢ ᠭᠡᠳᠡᠯ᠎ᠡ ᠦᠬᠦᠵᠥ ᠤᠨᠠᠨ᠎ᠠ ᠭᠡᠳ ᠠᠶᠤᠯᠭ᠋ᠠᠨᠠ᠂ ᠪᠢ ᠪᠠᠭ᠎ᠠ ᠯᠡ ᠶᠠᠩᠰᠢᠪᠠᠯ ᠡᠴᠢᠭᠡ᠎ᠨᠢ 〈ᠠ᠋ᠩᠬᠡ ᠲᠤᠩᠬ᠎ᠠ ᠥᠰᠴᠥ ᠯᠡ ᠪᠠᠶ᠋ᠢᠪᠠᠯ ᠨᠠᠭ᠋ᠠᠳᠪᠠᠯ ᠨᠠᠭ᠋ᠠᠳᠴᠤ ᠯᠡ ᠪᠠᠶ᠋ᠢᠭ ᠴᠠᠭ᠋ᠠᠰᠢ᠎ᠪᠠᠨ〉 ᠭᠡᠳ ᠥᠮᠥᠭᠯᠡᠴᠢᠬᠡᠨᠡ》 ᠭᠡᠳ 《ᠵᠤᠪᠠᠯᠠᠩ》 ᠵᠶ᠋ᠠᠨ ᠲᠣᠭ᠋ᠠᠴᠢᠭ᠍ᠣ ᠭᠡᠷ᠎ᠤᠨ ᠠᠬᠠᠮᠠᠳ ᠤᠯᠠᠰᠢᠷᠠᠵᠠᠢ᠃ ᠬᠡᠥᠬᠡᠳ ᠰᠤᠷᠭ᠋ᠠᠨ᠎ᠠ ᠭᠡᠳᠡᠭ ᠲᠡᠶ᠋ᠢᠮᠥ ᠬᠢᠯᠪᠠᠷ ᠠᠰᠠᠭᠤᠳᠠᠯ ᠪᠢᠰᠢ ᠰᠢᠥ᠂ ᠭᠡᠬᠦ᠎ᠳᠤ ᠲᠠ ᠲᠡᠶ᠋ᠢᠯᠬᠦ ᠦᠭᠡᠢ ᠭᠡᠳ ᠬᠠᠢ᠍ᠢ᠍ᠨ᠎ᠳᠤ ᠨᠢ ᠬᠠᠶᠠᠭ᠍ᠤ᠎ᠳᠤ ᠬᠥᠷᠪᠡᠯ ᠬᠤᠵᠢᠮ ᠨᠡᠶ᠋ᠢᠭᠡᠮ ᠰᠤᠷᠭ᠋ᠠᠬᠤ ᠦᠶ᠎ᠡ᠎ᠳᠤ ᠯᠡ ᠬᠠᠶ᠋ᠢᠷ᠎ᠠ᠎ᠪᠠᠷ ᠥᠰᠥᠭᠰᠡᠨ ᠲᠠᠨ᠎ᠤ ᠬᠡᠥᠬᠡᠳ ᠬᠠᠪᠰᠠᠷᠭ᠎ᠠ ᠳᠠᠭ᠋ᠠᠭ᠋ᠠᠬᠤ ᠦᠭᠡᠢ ᠣᠶ᠋ᠢᠴᠢᠭ᠋ᠠᠳ ᠯᠡ ᠥᠭᠭᠦᠨ᠎ᠡ᠂ ᠲᠡᠷᠡ ᠦᠶᠡᠰ ᠪᠢᠳᠡ ᠠᠮᠠ᠎ᠪᠠᠨ ᠪᠠᠷᠢᠨ ᠭᠠᠰᠢᠭᠤᠳᠠᠭᠰᠠᠨ ᠴᠤ᠌ ᠬᠡᠷᠡᠭ ᠶᠠᠭᠤ ᠪᠠᠶ᠋ᠢᠨ᠋? ᠲᠡᠭᠡᠬᠦ᠎ᠪᠠᠷ ᠵᠶ᠋ᠠᠨ ᠲᠡᠳᠡᠨ᠎ᠢ ᠭᠠᠷ ᠤᠳᠠᠰᠤ ᠲᠣᠭᠯᠠᠭᠤᠯᠬᠤ ᠦᠭᠡᠢ ᠭᠡᠵᠥ ᠪᠣᠳᠣᠪᠠᠯ ᠲᠠ ᠥᠪᠡᠷ ᠵᠶ᠋ᠠᠨ ᠪᠢᠲᠡᠭᠡᠢ ᠭᠠᠷ ᠤᠳᠠᠰᠤ ᠠ᠋ᠷᠬᠢᠯᠳᠤᠭᠦᠯᠦᠭᠡᠳ ᠪᠠᠢ᠂ ᠲᠠ ᠲᠡᠭᠡᠵᠥ ᠬᠠᠯᠠᠮᠰᠢᠯ ᠲᠠᠢ ᠲᠣᠭᠯᠠᠵᠤ ᠪᠠᠶ᠋ᠢᠬᠤ᠎ᠳᠤ ᠬᠡᠥᠬᠡᠳ ᠴᠢᠨᠢ ᠶᠠᠭᠤᠨ᠎ᠳᠤ ᠲᠣᠭᠯᠠᠵᠤ ᠪᠣᠯᠳᠠᠭ ᠦᠭᠡᠢ ᠪᠤᠢ? ᠲᠠ ᠬᠠᠷᠢᠨ ᠵᠦᠭᠡᠷ ᠯᠡ ᠨᠣᠮ ᠠᠳᠬᠤᠭ᠋ᠠᠳ ᠤᠩᠰᠢᠭ᠋ᠠᠳ ᠪᠠᠢ᠃ ᠲᠡᠬᠢᠪᠠᠯ ᠬᠡᠥᠭᠡᠳ ᠵᠶ᠋ᠠᠨ ᠰᠤᠷᠭ᠋ᠠᠬᠤ᠎ᠳᠤ ᠠᠪᠤ ᠡᠵᠢ ᠪᠣᠯᠣᠭᠰᠠᠳ ᠥᠵᠡᠯᠳᠡ ᠨᠢᠭᠡᠳᠡᠢ ᠵᠣᠭᠰᠤᠯᠳᠠ ᠪᠠᠲᠤᠳᠠᠢ ᠪᠠᠶ᠋ᠢᠬᠤ ᠬᠡᠷᠡᠭᠳᠡᠢ᠂ ᠪᠢᠳᠡᠭᠡᠢ ᠨᠢᠭᠡ᠎ᠨᠢ ᠰᠤᠷᠭ᠋ᠠᠨ᠎ᠠ ᠭᠡᠭᠦ᠎ᠳᠤ᠂ ᠨᠥᠭᠦᠭᠡ᠎ᠨᠢ ᠥᠮᠥᠭᠯᠡᠭᠡᠳ ᠪᠠᠢ᠂ ᠢᠩᠬᠢᠭᠰᠡᠭᠡᠷ ᠲᠠᠨ᠎ᠤ ᠬᠡᠥᠬᠡᠳ ᠤᠳᠠᠭ᠋ᠠᠨ᠎ᠳᠤ᠎ᠪᠠᠨ ᠬᠤᠳᠠᠯᠴᠢ ᠬᠤᠯᠴᠠᠭ᠋ᠠᠷ ᠠᠮᠢᠳᠠᠨ ᠪᠣᠯᠵᠤ ᠬᠥᠮᠥᠵᠢᠭᠳᠡᠨ᠎ᠡ᠃ ᠵᠥᠪ ᠵᠠᠮ ᠵᠶ᠋ᠠᠷ᠂ ᠵᠥᠪ ᠰᠡᠳᠭᠢᠯ ᠵᠶ᠋ᠠᠷ ᠲᠠᠭ᠋ᠠᠭᠤᠯᠤᠭ᠋ᠠᠳ ᠯᠡ ᠪᠠᠶ᠋ᠢᠭ᠋ᠠᠷᠠᠢ᠂ ᠠ᠋ᠨᠡ ᠵᠠᠷᠴᠢᠮ᠎ᠢ ᠪᠠᠷᠢᠮᠳᠠᠯᠠᠵᠤ ᠴᠢᠳᠠᠭᠰᠠᠨ᠎ᠤ ᠲᠠᠷᠠᠭ᠎ᠠ ᠲᠠ ᠲᠠᠬᠢᠨ ᠬᠡᠥᠬᠡᠳ ᠵᠶ᠋ᠠᠨ ᠱᠠᠭ᠋ᠠᠷᠳᠠᠵᠤ ᠦᠵᠡᠯ ᠳ᠋ᠨ! ᠤᠳᠠᠭ᠋ᠠᠨ ᠠ᠋ᠳᠥᠷ᠎ᠤᠨ ᠴᠢᠨᠢ ᠪᠠᠷᠢᠮᠲᠠᠯᠠᠯ ᠲᠣᠣᠷ᠎ᠠ ᠲᠠᠨ᠎ᠤ ᠬᠡᠥᠬᠡᠳ ᠠᠰ ᠣᠨᠳᠣᠣ ᠬᠥᠮᠥᠨ ᠪᠣᠯᠵᠤ ᠭᠦᠮᠦᠵᠢᠭᠳᠡᠨᠠ ᠰᠢᠥ ᠳ᠋ᠠ᠃ 《ᠲᠠᠨ᠎ᠤ ᠲᠥᠯᠥᠭᠡ ᠲᠠᠨ᠎ᠠᠴᠠ ᠲᠠᠪᠠᠨ᠎ᠠ》 ᠭᠡᠳᠡᠭ ᠰᠠᠶ᠋ᠢᠬᠠᠨ ᠦᠭᠡ ᠪᠠᠶ᠋ᠢᠳᠠᠭ᠂ ᠪᠢᠳᠡᠨ᠎ᠤ ᠥᠪᠡᠷ ᠢᠪᠠᠨ ᠥᠭᠡᠷᠡᠴᠢᠯᠡᠬᠦ ᠶᠠᠪᠤᠴᠠ᠎ᠠᠴᠠ ᠬᠡᠥᠬᠡᠳ᠎ᠤᠳ ᠮᠠᠨᠢ ᠮᠠᠰᠢ ᠥᠭᠡᠳᠡᠷᠬᠡᠭ ᠵᠶ᠋ᠠᠷ ᠭᠡᠭᠡ ᠰᠠᠴᠤᠷᠠᠭᠰᠠᠨ ᠢᠷᠡᠭᠡᠳᠥᠢ ᠵᠢ ᠢᠲᠡᠭᠡᠯ ᠲᠡᠭᠦᠯᠳᠡᠷ ᠴᠢᠭᠯᠡᠬᠦ ᠪᠣᠯᠣᠨ᠎ᠠ᠃ ᠰᠤᠷᠤᠯᠭ᠎ᠠ ᠵᠢᠨ ᠰᠠᠶ᠋ᠢᠨ ᠮᠠᠭᠤ ᠵᠢ ᠲᠠ ᠪᠢᠳᠠ ᠥᠭᠡᠷᠡᠴᠢᠯᠡᠵᠦ ᠴᠢᠳᠠᠭ᠍ᠤ ᠦᠭᠡᠢ᠂ ᠰᠤᠷᠤᠯᠭ᠎ᠠ ᠵᠢᠨ ᠰᠠᠶ᠋ᠢᠨ ᠮᠠᠭᠤ᠎ᠨᠢ ᠲᠥᠷᠥᠯᠬᠢ ᠠᠪᠢᠶᠠᠰ᠎ᠲᠠᠢ ᠬᠤᠯᠪᠤᠭᠳᠠᠯ᠎ᠲᠠᠢ ᠪᠠᠶ᠋ᠢᠵᠤ ᠪᠣᠯᠣᠨ᠎ᠠ᠂ ᠨᠢᠭᠡ ᠭᠡᠥᠬᠡᠳ᠎ᠤᠨ ᠰᠤᠷᠤᠯᠭ᠎ᠠ ᠵᠢᠨ ᠰᠠᠶ᠋ᠢᠨ ᠮᠠᠭᠤ᠎ᠨᠢ ᠠ᠋ᠨᠡ ᠭᠡᠥᠭᠡᠳ᠎ᠤᠨ ᠤᠳᠤᠮ ᠤᠭᠰᠠᠭ᠎ᠠ᠂ ᠠᠪᠤ ᠡᠵᠢ ᠵᠢᠨ᠎ᠬᠢᠨ᠎ᠢ ᠤᠳᠤᠮᠯᠠᠯ᠎ᠲᠠᠢ ᠵᠠᠭᠤᠨ᠎ᠤ ᠳᠠᠯ᠎ᠠ ᠨᠠᠶᠠ᠎ᠪᠠᠷ ᠬᠤᠯᠪᠤᠭᠳᠠᠨ᠎ᠠ ᠭᠡᠵᠥ ᠬᠡᠯᠡᠳᠡᠭ᠂ ᠭᠡᠪᠡᠴᠥ ᠰᠤᠷᠤᠯᠭ᠎ᠠ ᠪᠣᠯ ᠬᠠᠲᠠᠭᠤ ᠪᠡᠷᠬᠡ᠎ᠲᠠᠢ ᠮᠥᠷᠳᠡᠭᠡᠨ ᠤᠷᠳᠤ ᠤᠳᠠᠭ᠋ᠠᠨ ᠠᠶᠠᠯᠠᠯ ᠮᠥᠨ ᠭᠡᠳᠡᠭ᠎ᠢ ᠭᠡᠷ᠎ᠤᠨ ᠠᠬᠠᠮᠠᠳ ᠪᠣᠯᠣᠭᠰᠠᠨ ᠪᠢᠳᠡ ᠠ᠋ᠷᠭᠡᠪᠰᠢ ᠲᠡᠳᠡᠨ᠎ᠳᠤ ᠮᠡᠳᠡᠭᠦᠯᠬᠦ ᠬᠡᠷᠡᠭᠳᠡᠢ᠃ ᠪᠢᠳᠡ ᠬᠡᠥᠬᠡᠳ᠎ᠢ ᠨᠥᠯᠥᠭᠡᠯᠡᠵᠦ ᠴᠢᠳᠠᠭ᠍ᠤ ᠵᠦᠢ᠍ᠯ ᠣᠯᠠᠨ ᠪᠠᠶ᠋ᠢᠨ᠎ᠠ᠃ ᠪᠤᠳᠠᠳᠠᠢ᠎ᠪᠠᠷ ᠬᠡᠯᠡᠪᠡᠯ᠂ ᠲᠡᠳᠡᠨ᠎ᠤ ᠥᠪᠡᠷ᠎ᠢ᠎ᠪᠠᠨ ᠬᠥᠨᠳᠦᠳᠭᠡᠬᠦ ᠰᠡᠳᠭᠢᠯᠭᠡ ᠵᠢ᠎ᠨᠢ ᠢᠳᠡᠭ ᠢᠳᠡᠭ ᠵᠶ᠋ᠠᠷ ᠭᠦᠮᠦᠵᠢᠭᠦᠯᠵᠤ ᠲᠡᠳᠡᠨ᠎ᠢ ᠥᠪᠡᠷ᠎ᠲᠤ᠎ᠪᠠᠨ ᠢᠲᠡᠭᠡᠯ᠎ᠲᠠᠢ ᠬᠥᠮᠥᠨ ᠪᠤᠯᠭ᠋ᠠᠨ ᠬᠥᠮᠦᠵᠢᠭᠦᠯᠵᠥ ᠪᠣᠯᠣᠨ᠎ᠠ᠃ ᠣᠯᠠᠩᠬᠢ ᠰᠤᠷᠤᠯᠭ᠎ᠠ ᠮᠠᠭᠤ ᠬᠡᠥᠬᠡᠳ ᠥᠪᠡᠷ᠎ᠤᠨ ᠪᠡᠶ᠎ᠡ᠎ᠳᠤ᠎ᠪᠠᠨ ᠢᠲᠡᠭᠡᠯ ᠦᠭᠡᠢ᠂ ᠨᠥᠬᠦᠳ᠎ᠤᠨ ᠵᠶ᠋ᠠᠨ ᠳᠣᠮᠳᠠ ᠥᠪᠡᠷ᠎ᠢ᠎ᠪᠠᠨ ᠪᠣᠰᠤᠳ᠎ᠠᠴᠠ ᠨᠢᠭᠡ ᠲᠡᠰ ᠲᠤᠤᠷ᠎ᠠ᠂ ᠪᠠᠭ᠋ᠠᠬᠠᠨ ᠮᠠᠭᠤ ᠥᠵᠡᠭᠳᠡᠭᠰᠡᠨ ᠴᠤ᠌ ᠪᠢ ᠲᠠᠭᠦᠨ᠎ᠠᠴᠠ ᠲᠤᠤᠷ᠎ᠠ ᠶᠤᠮ ᠴᠢᠨᠢ᠂ ᠰᠤᠷᠤᠯᠭ᠎ᠠ ᠮᠠᠭᠤ ᠶᠤᠮ ᠴᠢᠨᠢ ᠮᠠᠭᠤ ᠦᠵᠡᠭᠳᠡᠬᠦ᠎ᠨᠢ ᠵᠥᠪ ᠭᠡᠵᠥ ᠪᠣᠳᠤᠨ ᠨᠢᠭᠡ ᠠᠯᠬᠤᠮ ᠠᠭᠤᠴᠢᠯᠠᠨ ᠤᠬᠤᠷᠢᠵᠤ ᠠᠯᠬᠤᠮ ᠠᠯᠬᠤᠮ ᠵᠶ᠋ᠠᠷ ᠤᠬᠤᠷᠢᠭᠰᠠᠭ᠋ᠠᠷ ᠪᠠᠶ᠋ᠢᠭ᠋ᠠᠳ ᠰᠤᠷᠭ᠋ᠠᠭᠤᠯᠢ᠎ᠳᠤ ᠢᠷᠡᠬᠦ ᠳᠤᠷ᠎ᠠ ᠦᠭᠡᠢ᠂ ᠰᠤᠷᠤᠯᠴᠠᠭ᠍ᠤ ᠳᠤᠷ᠎ᠠ ᠦᠭᠡᠢ ᠪᠣᠯᠵᠤ᠂ ᠨᠡᠩ ᠴᠢᠨᠠᠭᠰᠢᠯᠠᠪᠠᠯ ᠰᠤᠷᠭ᠋ᠠᠭᠤᠯᠢ ᠵᠢᠨ ᠬᠦᠷᠢᠶᠡᠨ᠎ᠤ ᠬᠥᠴᠥᠷᠬᠡᠭᠯᠡᠯᠢ ᠪᠤᠢ ᠪᠤᠯᠭ᠋ᠠᠵᠤ ᠥᠪᠡᠷ᠎ᠢ᠎ᠪᠠᠨ ᠬᠤᠬᠢᠷᠠᠭᠤᠯᠬᠤ ᠬᠡᠮᠵᠢᠶᠡᠨ᠎ᠳᠤ ᠬᠦᠷᠬᠡᠳᠡᠭ ᠪᠠᠶ᠋ᠢᠨ᠎ᠠ᠃ ᠡᠵᠢ ᠬᠥᠮᠥᠨ ᠬᠡᠥᠬᠡᠳ ᠵᠶ᠋ᠠᠨ ᠦᠭᠡ᠎ᠪᠠᠷ ᠵᠶ᠋ᠠᠨ ᠠ᠋ᠮᠴᠢᠯᠡᠳᠡᠭ ᠰᠢᠳᠢ᠎ᠲᠠᠢ ᠭᠡᠳᠡᠭ᠂ ᠠ᠋ᠨᠡ ᠦᠭᠡ ᠵᠢ ᠪᠢ ᠮᠡᠳᠡᠷᠡᠬᠦ ᠲᠤᠷᠠᠳᠠᠢ ᠮᠥᠷᠲᠡᠭᠡᠨ ᠮᠠᠰᠢ ᠲᠤᠭᠤᠨᠠ᠃ ᠬᠡᠥᠬᠡᠳ᠎ᠤᠳ ᠮᠢᠨᠢ ᠪᠠᠭ᠎ᠠ ᠪᠠᠯᠴᠢᠷ ᠪᠠᠶ᠋ᠢᠬᠤ᠎ᠳᠤ ᠣᠶ᠋ᠢᠴᠢᠵᠤ ᠤᠨᠠᠭ᠋ᠠᠳ ᠤᠬᠢᠯᠠᠭ᠍ᠤᠳᠤ ᠪᠢᠳᠡ 《ᠬᠠᠮᠢᠶ᠎ᠠ ᠦᠭᠡᠢ》 ᠭᠡᠬᠦᠯᠡᠷ ᠲᠡᠳᠡ ᠴᠢᠨᠢ ᠦᠨᠡᠬᠡᠷ ᠲᠠᠨᠲᠤᠷ ᠪᠥᠨᠲᠥᠷ ᠪᠣᠰᠤᠭ᠋ᠠᠳ ᠢᠷᠡᠴᠢᠬᠡᠳᠡᠭ ᠪᠢᠰᠢ ᠤᠤ᠃ ᠠ᠋ᠷᠭᠢᠴᠡᠭᠦᠯᠥᠭᠡᠳ ᠪᠣᠳᠤᠬᠤ᠎ᠳᠤ ᠪᠢᠳᠡ ᠬᠡᠥᠬᠡᠳ᠎ᠤᠨ ᠵᠶ᠋ᠠᠨ ᠬᠡᠴᠢᠨᠡᠬᠡᠨ ᠠ᠋ᠮᠵᠡᠭᠢ 《ᠬᠠᠮᠢᠶ᠎ᠠ ᠦᠭᠡᠢ》᠂ 《ᠮᠢᠨᠥ ᠬᠥᠥ ᠠᠯᠵᠠᠭ᠍ᠤ ᠦᠭᠡᠢ᠂ ᠮᠢᠨᠥ ᠬᠥᠥ ᠠᠶᠤᠬᠤ ᠦᠭᠡᠢ》 ᠭᠡᠳᠡᠭ ᠦᠭᠡ᠎ᠪᠠᠷ ᠵᠶ᠋ᠠᠨ ᠵᠠᠰᠠᠵᠤ ᠵᠠᠯᠠᠵᠤ ᠵᠣᠷᠢᠬ᠍ᠵᠢᠭᠤᠯᠵᠤ ᠢᠷᠡᠪᠡ? ᠲᠡᠭᠡᠬᠦ᠎ᠪᠠᠷ ᠵᠶ᠋ᠠᠨ ᠪᠢᠳᠡ ᠦᠷᠭᠦᠯᠵᠢᠯᠡᠨ ᠬᠡᠥᠬᠡᠳ ᠵᠶ᠋ᠠᠨ ᠵᠤᠷᠢᠬ᠍ᠵᠢᠭᠤᠯᠤᠭ᠋ᠠᠳ ᠪᠠᠶ᠋ᠢᠶ᠎ᠠ᠂ ᠤᠷᠮ᠎ᠠ ᠬᠠᠶ᠋ᠢᠷᠠᠯᠠᠵᠤ ᠤᠷᠤᠭᠰᠢ᠎ᠪᠠᠨ ᠲᠠᠲᠠᠭ᠋ᠠᠳ ᠪᠠᠶ᠋ᠢᠶ᠎ᠠ! 《ᠪᠢᠳᠠᠭᠤ ᠶᠠᠭᠤᠮ᠎ᠠ᠂ ᠲᠡᠨᠡᠭ ᠶᠠᠭᠤᠮ᠎ᠠ᠂ ᠶᠠᠭᠤ ᠴᠤ᠌ ᠴᠢᠳᠠᠭ᠍ᠤ ᠦᠭᠡᠢ ᠬᠡᠷᠡᠭ ᠦᠭᠡᠢ ᠶᠠᠭᠤᠮ᠎ᠠ》 ᠭᠡᠵᠥ ᠰᠡᠳᠭᠢᠯ ᠰᠢᠷᠬᠠᠯᠠᠭᠤᠯᠬᠤ ᠦᠭᠡ ᠵᠢ ᠪᠢᠳᠡᠭᠡᠢ ᠶᠠᠷᠢᠶ᠎ᠠ! ᠲᠡᠳᠡ ᠴᠢᠨᠢ ᠢᠲᠡᠭᠡᠴᠢᠬᠡᠨᠡ᠃ ᠲᠡᠭᠡᠭᠦ ᠵᠢᠨ ᠤᠷᠤᠨ᠎ᠳᠤ ᠠᠮᠢᠳᠤᠷᠠᠯ ᠰᠤᠷᠤᠯᠭ᠎ᠠ᠎ᠳᠤ ᠰᠡᠳᠭᠢᠯ᠎ᠤᠨ ᠭᠠᠯ᠎ᠢ᠎ᠨᠢ ᠲᠦᠷᠡᠯᠵᠡᠭᠦᠯᠬᠦ ᠵᠢ ᠠᠩᠬᠠᠷᠤᠶ᠎ᠠ᠃
ᠲᠠᠷᠠᠭ᠋ᠠᠯᠠᠪᠠᠯ᠂ ᠬᠡᠥᠬᠡᠳ᠎ᠢ ᠵᠥᠪ ᠰᠠᠶ᠋ᠢᠬᠠᠨ ᠲᠠᠳᠬᠠᠯ᠎ᠲᠠᠢ ᠪᠣᠯᠭ᠋ᠠᠨ ᠬᠥᠮᠥᠵᠢᠭᠦᠯᠬᠦ ᠴᠢᠬᠤᠯᠠᠳᠠᠢ᠃ 《ᠰᠤᠷᠭ᠋ᠠᠨ ᠬᠥᠮᠥᠵᠢᠯ ᠪᠣᠯ ᠦᠨᠡᠨ᠎ᠳᠤ᠎ᠪᠠᠨ ᠵᠥᠪ ᠰᠠᠶ᠋ᠢᠬᠠᠨ ᠲᠠᠳᠬᠠᠯ᠎ᠢ ᠬᠥᠮᠦᠵᠢᠭᠦᠯᠬᠦ ᠣᠴᠢᠷ ᠮᠥᠨ》 ᠭᠡᠵᠥ ᠠ᠋ᠷᠳᠡᠮᠳᠡᠳ ᠣᠨᠤᠴᠠᠳᠠᠢ ᠲᠤᠷᠠᠳᠤᠨ ᠭᠠᠷᠭ᠋ᠠᠭᠰᠠᠨ ᠶᠤᠮ᠃ ᠠ᠋ᠶ᠋ᠢᠮᠥ ᠵᠢᠨ ᠲᠤᠯᠠ ᠪᠠᠭ᠎ᠠ ᠣᠴᠢᠷ᠎ᠠᠴᠠ ᠭᠠᠷᠳᠠᠵᠤ ᠲᠥᠪ ᠰᠠᠶ᠋ᠢᠬᠠᠨ ᠠᠮᠢᠳᠤᠷᠠᠯ᠎ᠤᠨ ᠦᠵᠡᠯᠳᠡ ᠵᠢ᠎ᠨᠢ ᠱᠣᠭᠤᠵᠤ ᠪᠠᠶ᠋ᠢᠭ᠋ᠠᠷᠠᠢ᠂ ᠮᠣᠷᠤᠢ ᠬᠠᠵᠠᠭ᠋ᠠᠢ ᠰᠠᠭᠤᠵᠤ᠂ ᠲᠤᠩᠬᠤᠯᠵᠠᠨ ᠭᠤᠩᠬᠤᠯᠵᠠᠨ ᠠᠯᠬᠤᠬᠤ᠂ ᠵᠥᠷᠢᠭᠦᠥ ᠪᠤᠷᠤᠭᠤ ᠶᠠᠷᠢᠵᠤ᠂ ᠵᠦᠯᠴᠡᠶ᠋ᠢᠵᠥ ᠶᠠᠷᠳᠠᠭᠯᠠᠵᠤ ᠪᠠᠶ᠋ᠢᠬᠤ᠎ᠳᠤ᠎ᠨᠢ ᠶᠠᠯᠳᠠᠷ ᠬᠠᠶᠠᠯ ᠦᠭᠡᠢ ᠳᠣᠩᠭᠤᠳᠴᠤ ᠪᠠᠶ᠋ᠢᠭ᠋ᠠᠷᠠᠢ᠃ ᠠᠪᠤ ᠡᠵᠢ ᠵᠢᠨ ᠠᠯᠳᠠᠨ ᠰᠤᠷᠭ᠋ᠠᠯ ᠭᠡᠳᠡᠭ ᠴᠢᠨᠢ ᠲᠡᠷᠡ ᠰᠢᠥ ᠳ᠋ᠠ᠃ ᠲᠠᠳᠬᠠᠯ ᠬᠤᠪᠢ ᠵᠠᠶᠠᠭ᠎ᠠ ᠵᠢ ᠲᠤᠭᠳᠠᠭ᠋ᠠᠵᠤ᠂ ᠰᠠᠶ᠋ᠢᠬᠠᠨ ᠲᠠᠳᠬᠠᠯ ᠰᠠᠶ᠋ᠢᠨ ᠬᠤᠪᠢ ᠵᠠᠶᠠᠭ᠎ᠠ ᠵᠢ ᠠᠪᠴᠢᠷᠠᠨ᠎ᠠ ᠭᠡᠵᠥ ᠤᠴᠢᠷᠯᠠᠳᠠᠭ᠎ᠨᠢ ᠣᠷᠣ᠎ᠲᠠᠢ ᠦᠭᠡ᠃ ᠰᠢᠰᠲᠸᠮ᠎ᠲᠠᠢ ᠰᠠᠶ᠋ᠢᠬᠠᠨ ᠠᠮᠢᠳᠤᠷᠠᠨ ᠰᠤᠷᠤᠯᠴᠠᠭ᠍ᠤ ᠲᠠᠳᠬᠠᠯ᠎ᠨᠢ ᠬᠥᠮᠥᠨ ᠮᠦᠰᠤᠳᠠᠢ ᠪᠣᠯᠵᠤ ᠲᠥᠯᠥᠪᠰᠢᠬᠦ ᠴᠢᠬᠤᠯᠠ ᠨᠥᠭᠦᠴᠡᠯ ᠪᠣᠯᠳᠠᠭ᠃ ᠮᠣᠩᠭᠤᠯ ᠠᠷᠠᠳ᠎ᠤᠨ ᠰᠠᠶ᠋ᠢᠬᠠᠨ ᠰᠠᠶ᠋ᠢᠬᠠᠨ ᠴᠡᠭᠡᠷ ᠶᠣᠰᠣᠨᠢ ᠪᠢᠳᠡᠨ᠎ᠤ ᠬᠡᠥᠬᠡᠳ᠎ᠤᠨ ᠵᠥᠪ ᠰᠠᠶ᠋ᠢᠬᠠᠨ ᠲᠠᠳᠬᠠᠯ᠎ᠲᠠᠢ ᠪᠣᠯᠣᠨ ᠬᠥᠮᠦᠵᠢᠭᠳᠡᠬᠦ᠎ᠳᠤ ᠮᠠᠰᠢ ᠶᠡᠭᠡ ᠨᠥᠯᠦᠭᠡ ᠠᠪᠴᠢᠷᠠᠳᠠᠭ᠂ ᠵᠢᠱ᠌ᠢᠶᠡᠯᠡᠪᠡᠯ᠂ 《ᠬᠥᠮᠥᠨ᠎ᠤ ᠠ᠋ᠰᠡᠷᠭᠦ ᠨᠣᠯᠮᠤᠪᠠᠯ ᠠᠮᠠᠨ ᠬᠦᠨᠡᠰᠦ ᠵᠠᠶ᠋ᠢᠯᠠᠨᠠ᠃》 《ᠴᠡᠴᠡᠭ ᠬᠤᠸᠠᠷᠢ ᠲᠠᠰᠤᠳᠠᠪᠠᠯ ᠲᠠᠷᠠᠭ᠎ᠠ ᠢᠷᠡᠭᠦ ᠲᠥᠷᠥᠯ᠎ᠳᠤ᠎ᠪᠠᠨ ᠠᠳᠠᠭ᠎ᠤᠨ ᠵᠢᠰᠥ᠎ᠲᠠᠢ ᠪᠣᠯᠣᠨ᠎ᠠ᠃》 《ᠠᠬᠠᠮᠠᠳ ᠨᠠᠰᠤᠳᠠᠢ ᠬᠥᠮᠥᠨ᠎ᠳᠤ ᠬᠠᠷᠢᠭᠤ ᠭᠡᠳᠡᠷᠭᠦ ᠬᠡᠯᠡᠪᠡᠯ ᠪᠤᠶᠠᠨ ᠵᠠᠶᠠᠭ᠎ᠠ ᠨᠢᠮᠭᠡᠷᠡᠨ᠎ᠡ》 ᠭᠡᠵᠦ ᠬᠡᠯᠡᠵᠥ ᠰᠤᠷᠭ᠋ᠠᠬᠤ᠎ᠨᠢ ᠮᠤᠬᠤᠷ ᠪᠢᠰᠢᠷᠡᠯ ᠪᠢᠰᠢ ᠬᠠᠷᠢᠨ ᠠᠮᠢᠳᠤᠷᠠᠯ᠎ᠲᠠᠢ ᠨᠡᠩ ᠣᠶ᠋ᠢᠷᠠᠳᠤᠭᠰᠠᠨ ᠣᠨᠳᠤᠷᠬᠤ ᠤᠬᠠᠭ᠋ᠠᠨ ᠪᠠᠶ᠋ᠢᠵᠤ 《ᠢᠩᠭᠢᠵᠥ ᠪᠣᠯᠬᠤ ᠦᠭᠡᠢ᠂ ᠲᠡᠭᠡᠵᠥ ᠪᠣᠯᠬᠤ ᠦᠭᠡᠢ》 ᠭᠡᠵᠥ ᠶᠠᠷᠢᠵᠤ ᠶᠠᠩᠰᠢᠬᠤ᠎ᠠᠴᠠ ᠨᠡᠩ ᠠᠮᠢᠳᠤᠯᠢᠭ ᠦᠷ᠎ᠡ ᠠᠰᠢᠭ᠎ᠢ ᠠᠪᠴᠢᠷᠠᠭ᠍ᠤ ᠪᠣᠯᠣᠨ᠎ᠠ᠃ ᠮᠣᠩᠭᠤᠯᠴᠣᠳ ᠭᠡᠵᠥ ᠬᠡᠥᠭᠡᠳ ᠵᠶ᠋ᠠᠨ ᠮᠢᠩᠭ᠋ᠠᠨ ᠤᠬᠠᠭ᠋ᠠᠨ ᠵᠶ᠋ᠠᠷ ᠰᠤᠷᠭ᠋ᠠᠳᠠᠭ ᠠᠭᠤᠤ ᠦᠨᠳᠥᠰᠥᠳᠡᠨ ᠭᠡᠳᠡᠭ ᠵᠶ᠋ᠠᠷ ᠥᠪᠡᠷ᠎ᠢ᠎ᠪᠠᠨ ᠬᠢᠨᠠᠭᠤᠰᠢᠳᠠᠢ ᠪᠠᠶ᠋ᠢᠨ᠎ᠠ ᠪᠢᠳᠡ ᠨᠠᠷ᠃
ᠲᠠᠬᠢᠪᠠᠯ᠂ ᠬᠠᠷᠠᠭ᠍ᠠᠨ ᠪᠠᠭ᠎ᠠ᠎ᠠᠴᠠ᠎ᠨᠢ ᠬᠡᠥᠬᠡᠳ᠎ᠲᠤ ᠬᠠᠷᠢᠭᠤᠴᠠᠯᠭ᠋ᠠᠳᠤ ᠰᠡᠳᠭᠢᠯᠭᠡ ᠵᠢ ᠪᠣᠢ ᠪᠤᠯᠭ᠋ᠠᠵᠤ ᠡᠵᠡᠨ ᠪᠡᠶ᠎ᠡ ᠵᠢᠨ ᠦᠢ᠍ᠯᠡᠳᠦᠯ᠎ᠢ᠎ᠨᠢ ᠭᠦᠢ᠍ᠴᠡᠳ ᠪᠠᠳᠠᠷᠠᠭᠤᠯᠬᠤ ᠬᠡᠷᠡᠭᠳᠡᠢ᠃ ᠶᠠᠭᠤ ᠪᠥᠬᠦᠨ᠎ᠢ ᠲᠡᠳᠡᠨ᠎ᠤ ᠠ᠋ᠮᠦᠨ᠎ᠡ᠎ᠠᠴᠠ ᠪᠣᠳᠤᠯᠬᠢᠯᠠᠵᠤ ᠲᠡᠳᠡᠨ᠎ᠤ ᠠ᠋ᠮᠦᠨ᠎ᠡ᠎ᠠᠴᠠ ᠬᠢᠭᠡᠳ ᠯᠡ ᠪᠠᠶ᠋ᠢᠪᠠᠯ ᠲᠡᠷᠡ ᠪᠥᠬᠦᠨ᠎ᠨᠢ ᠲᠡᠳᠡᠨ᠎ᠤ ᠰᠡᠳᠭᠢᠯ᠎ᠳᠤ ᠠᠶᠠᠨᠳᠠᠭ᠋ᠠᠨ᠎ᠤ ᠣᠴᠢᠷ ᠵᠶ᠋ᠠᠷ ᠰᠠᠨᠠᠭᠳᠠᠵᠤ᠂ ᠠᠯᠢ ᠨᠢᠭᠡᠨ ᠠ᠋ᠳᠥᠷ ᠲᠠ ᠡᠪᠡᠳᠴᠢᠯᠡᠭᠡᠳ ᠬᠡᠪᠲᠡᠷᠢ᠎ᠳᠤ ᠣᠷᠣᠭᠰᠠᠨ ᠴᠤ᠌ ᠠ᠋ᠷᠬᠡᠪᠰᠢ ᠪᠣᠰᠴᠤ ᠪᠤᠳᠠᠭ᠎ᠠ ᠬᠢᠵᠥ ᠥᠭᠬᠦ ᠬᠡᠷᠡᠭᠳᠡᠢ᠎ᠪᠠᠷ ᠪᠣᠳᠣᠭᠳᠠᠵᠣ ᠪᠣᠰᠣᠳ᠎ᠢ ᠥᠷᠥ ᠡᠪᠡᠳᠤᠨ ᠬᠠᠶ᠋ᠢᠷᠠᠯᠠᠵᠤ᠂ ᠪᠣᠰᠣᠳ᠎ᠤᠨ ᠵᠣᠭᠰᠣᠴᠠ᠎ᠠᠴᠠ ᠠᠰᠠᠭᠤᠳᠠᠯ᠎ᠢ ᠪᠣᠳᠣᠯᠬᠢᠯᠠᠭ᠍ᠤ ᠤᠬᠠᠭ᠋ᠠᠨ ᠦᠭᠡᠢ ᠪᠤᠯᠵᠤ ᠬᠥᠮᠥᠵᠢᠭᠳᠡᠨ᠎ᠡ᠃ ᠠ᠋ᠶ᠋ᠢᠮᠥ᠎ᠠᠴᠠ ᠥᠪᠡᠷᠤᠨᠬᠢᠨᠢ ᠬᠢᠵᠥ ᠴᠢᠳᠠᠭ᠍ᠤ ᠠᠵᠢᠯ ᠢ ᠠ᠋ᠷᠬᠡᠪᠰᠢ ᠥᠪᠡᠷ ᠵᠶ᠋ᠠᠷ᠎ᠨᠢ ᠬᠢᠯᠭᠡᠵᠥ᠂ ᠠᠮᠢᠳᠤᠷᠠᠨ᠎ᠠ ᠭᠡᠳᠡᠭ ᠠᠮᠠ᠎ᠪᠠᠨ ᠠᠩᠭ᠋ᠠᠶ᠋ᠢᠭ᠋ᠠᠳ ᠯᠠ ᠰᠠᠭᠤᠪᠠᠯ ᠪᠣᠯᠴᠢᠬᠠᠬᠤ ᠤᠴᠢᠷ ᠪᠢᠰᠢ ᠭᠡᠳᠡᠭ᠎ᠢ ᠲᠠᠨᠢᠭᠤᠯᠬᠤ ᠬᠡᠷᠡᠭᠳᠡᠢ᠃ ᠰᠤᠷᠭ᠋ᠠᠭᠤᠯᠢ ᠳᠤ᠎ᠪᠠᠨ ᠣᠴᠢᠪᠠᠯ ᠰᠤᠷᠭ᠋ᠠᠭᠤᠯᠢ ᠪᠣᠯ ᠲᠠᠷᠤᠢ ᠮᠢᠨᠥ ᠭᠡᠷ᠂ ᠠᠩᠭᠢ ᠪᠣᠯ ᠲᠠᠷᠤᠢ ᠮᠢᠨᠥ ᠭᠡᠷ᠂ ᠪᠢ ᠪᠣᠯ ᠠ᠋ᠨᠡ ᠬᠦ᠌ ᠬᠠᠮᠳᠤ ᠨᠢᠭᠡᠴᠢ ᠵᠢᠨ ᠵᠶ᠋ᠠᠨ ᠡᠵᠡᠨ ᠭᠡᠳᠡᠭ᠎ᠢ ᠮᠡᠳᠡᠭᠦᠯᠵᠥ ᠵᠢᠵᠢᠭᠬᠡᠨ ᠠᠵᠢᠯ᠎ᠠᠴᠠ ᠭᠠᠷᠳᠠᠵᠤ ᠬᠢᠬᠦ ᠣᠪᠣᠷ᠎ᠢ ᠬᠥᠮᠥᠵᠢᠭᠦᠯᠬᠦ ᠭᠡᠷᠡᠭᠳᠡᠢ᠃ ᠵᠠᠷᠢᠮ ᠭᠡᠷ᠎ᠤᠨ ᠠᠬᠠᠮᠠᠳ ᠬᠡᠥᠬᠡᠳ᠎ᠲᠠᠢ᠎ᠪᠠᠨ ᠠᠭᠤᠯᠵᠠᠮᠠᠭᠴᠠ᠄ 《ᠥᠨᠥᠳᠥᠷ ᠲᠠᠨ᠎ᠳᠤ ᠶᠠᠮᠠᠷ ᠪᠠᠶᠠᠷᠳᠠᠢ ᠣᠴᠢᠷ ᠬᠠᠷᠭᠤᠭᠰᠠᠨ᠂ ᠴᠢ ᠬᠡᠨ᠎ᠢ ᠲᠤᠰᠠᠯᠠᠭᠰᠠᠨ》 ᠵᠡᠷᠭᠡ᠎ᠪᠠᠷ ᠶᠠᠷᠢᠯᠴᠠᠵᠤ ᠲᠡᠳᠡᠨ᠎ᠤ ᠨᠢᠭᠡ ᠠ᠋ᠳᠥᠷ᠎ᠤᠨ ᠠᠮᠢᠳᠤᠷᠠᠯ᠎ᠤᠨ ᠰᠠᠶ᠋ᠢᠨ ᠰᠠᠶ᠋ᠢᠬᠠᠨ ᠭᠡᠭᠡ᠎ᠲᠠᠢ ᠵᠥᠢ᠍ᠯ᠎ᠢ᠎ᠨᠢ ᠠ᠋ᠷᠭᠢᠴᠡᠭᠦᠯᠥᠭᠦᠯᠵᠥ ᠵᠥᠪ ᠠ᠋ᠷᠴᠢᠮ ᠵᠶ᠋ᠠᠷ ᠨᠥᠯᠥᠭᠡᠯᠡᠨ᠎ᠡ᠂ ᠠ᠋ᠳᠥᠷ᠎ᠤᠨ ᠤᠳᠠᠭ᠋ᠠᠨ᠎ᠳᠤ ᠲᠡᠳᠡ ᠵᠥᠪᠭᠡᠨ ᠰᠠᠶ᠋ᠢᠨ ᠰᠠᠶ᠋ᠢᠬᠠᠨ ᠵᠥᠢ᠍ᠯ᠎ᠢ ᠬᠦᠰᠡᠵᠥ ᠮᠥᠷᠥᠭᠡᠳᠳᠡᠭ ᠬᠥᠮᠥᠨ ᠪᠤᠯᠵᠤ ᠥᠰᠦᠨ᠎ᠡ᠃ ᠬᠠᠷᠢᠨ ᠵᠠᠷᠢᠮ ᠭᠡᠷ᠎ᠤᠨ ᠠᠬᠠᠮᠠᠳ ᠬᠡᠥᠭᠡᠳᠲᠠᠢᠪᠠᠨ ᠠᠭᠤᠯᠵᠠᠮᠠᠭᠴᠠ᠄ 《ᠥᠨᠥᠳᠥᠷ ᠪᠠᠭᠰᠢ᠎ᠳᠤ᠎ᠪᠠᠨ ᠠᠭᠤᠷᠯᠠᠭᠳᠠᠭᠰᠠᠨ ᠠ᠋ᠰᠡᠬᠦ᠂ ᠨᠥᠬᠦᠳ ᠴᠢᠨᠢ ᠬᠡᠨ ᠴᠢᠮ᠎ᠠ ᠵᠢ ᠮᠠᠭᠤᠳᠤ ᠦᠵᠡᠭᠰᠡᠨ》 ᠵᠡᠷᠭᠡ᠎ᠪᠠᠷ ᠶᠠᠷᠢᠯᠴᠠᠵᠤ ᠪᠥᠳᠦᠨ ᠨᠢᠭᠡ ᠠ᠋ᠳᠥᠷ ᠰᠤᠷᠤᠯᠴᠠᠭ᠋ᠠᠳ ᠶᠠᠳᠠᠷᠠᠭᠰᠠᠨ ᠪᠢᠴᠢᠬᠠᠨ ᠲᠠᠷᠢᠬᠢ ᠵᠢ᠎ᠨᠢ ᠪᠤᠴᠠᠭ᠋ᠠᠭ᠋ᠠᠳ ᠠᠮᠢᠳᠤᠷᠠᠯ᠎ᠤᠨ ᠰᠡᠭᠦᠳᠡᠷ ᠲᠠᠯ᠎ᠠ ᠵᠦᠭ ᠬᠥᠳᠥᠯᠵᠥ ᠶᠠᠳᠠᠷᠠᠭ᠎ᠠ ᠵᠢ᠎ᠨᠢ ᠨᠡᠮᠡᠭᠳᠡᠭᠦᠯᠥᠨ᠎ᠡ᠃ ᠢᠩᠬᠢᠭᠡᠳ ᠭᠡᠷ᠎ᠤᠨ ᠠᠬᠠᠮᠠᠳ᠎ᠤᠨ ᠪᠤᠷᠤᠭᠤ ᠬᠥᠳᠦᠯᠥᠯᠳᠡᠨᠢ ᠲᠡᠳᠡᠨ᠎ᠢ ᠥᠨᠡᠨᠴᠢ ᠦᠭᠡᠢ᠂ ᠶᠠᠭᠤ ᠪᠥᠭᠦᠨ᠎ᠳᠤ ᠬᠤᠳᠠᠯ ᠬᠡᠯᠡᠵᠦ ᠪᠠᠶ᠋ᠢᠭ᠋ᠠᠳ ᠴᠤ᠌ ᠭᠡᠰᠡᠨ ᠡᠵᠢ ᠠᠪᠤ ᠵᠢᠨ ᠵᠶ᠋ᠠᠨ 《ᠥᠷᠥ ᠡᠪᠠᠳᠤᠯ》᠎ᠢ ᠣᠯᠵᠤ ᠥᠪᠡᠷ᠎ᠢ᠎ᠪᠠᠨ ᠠᠷᠭ᠋ᠠᠳᠠᠳᠠᠭ ᠠᠶᠤᠮᠰᠢᠭᠳᠤ ᠥᠷ᠎ᠡ ᠪᠥᠳᠦᠮᠵᠢ ᠵᠢ ᠠᠪᠴᠢᠷᠠᠳᠠᠭ᠂ ᠠ᠋ᠳᠥᠷ ᠤᠳᠠᠭ᠋ᠠᠨ᠎ᠳᠤ᠎ᠪᠠᠨ ᠠ᠋ᠳᠡᠭᠡᠷ ᠬᠡᠥᠬᠡᠳ ᠥᠪᠡᠷ᠎ᠢ᠎ᠪᠠᠨ ᠥᠨᠳᠡᠭᠡ ᠰᠢᠭ ᠥ ᠦᠭᠡᠢ ᠬᠥᠮᠥᠨ ᠵᠶ᠋ᠠᠷ ᠦᠵᠡᠵᠥ᠂ ᠲᠠᠰᠤᠷᠠᠯᠳᠠ ᠦᠭᠡᠢ ᠪᠤᠰᠤᠳ᠎ᠤᠨ ᠪᠡᠶ᠎ᠡ᠎ᠠᠴᠠ ᠪᠤᠷᠤᠭᠤ ᠠ᠋ᠷᠢᠵᠥ ᠰᠠᠭᠤᠳᠠᠭ ᠬᠤᠪᠢᠨᠴᠢᠷ ᠠᠳᠬᠠᠭ ᠬᠥᠮᠥᠨ ᠪᠣᠯᠵᠤ ᠥᠰᠥᠨ᠎ᠡ᠃ ᠵᠢᠵᠢᠭᠬᠡᠨ ᠭᠡᠮ ᠠ᠋ᠳᠥᠷ᠎ᠤᠨ ᠤᠳᠠᠭ᠋ᠠᠨ᠎ᠳᠤ᠎ᠪᠠᠨ ᠠᠮᠢᠨ᠎ᠳᠤ ᠣᠷᠣᠬᠤ ᠠᠷᠬᠠᠭ ᠪᠣᠯᠵᠤ ᠪᠥᠷᠢᠯᠳᠥᠨ᠎ᠡ ᠭᠡᠳᠡᠭ᠎ᠢ ᠪᠣᠳᠣᠭᠤᠰᠢᠳᠠᠢ ᠳ᠋ᠠ ᠮᠢᠨᠥ ᠭᠡᠷ᠎ᠤᠨ ᠠᠬᠠᠮᠠᠳ ᠨᠠᠷ᠃ ᠰᠤᠷᠭ᠋ᠠᠯ ᠰᠠᠶ᠋ᠢᠲᠠᠢ ᠭᠡᠷ᠎ᠤᠨ ᠠᠬᠠᠮᠠᠳ ᠬᠠᠭ᠋ᠠᠨ ᠬᠥᠮᠥᠵᠢᠭᠦᠯᠬᠦ ᠪᠤᠯᠤᠯᠴᠠᠭ᠎ᠠ᠎ᠲᠠᠢ᠂ ᠰᠤᠷᠭ᠋ᠠᠯ ᠮᠠᠭᠤᠳᠠᠢ ᠭᠡᠷ᠎ᠤᠨ ᠠᠬᠠᠮᠠᠳ ᠯᠣᠶ᠋ᠢᠪᠠᠷᠴᠢᠨ ᠬᠥᠮᠥᠵᠢᠭᠦᠯᠬᠦ ᠪᠣᠯᠣᠯᠴᠠᠭ᠎ᠠ᠎ᠲᠠᠢ᠃
ᠬᠠᠮᠤᠭ᠎ᠤᠨ ᠰᠡᠭᠦᠯ᠎ᠳᠤ᠎ᠨᠢ ᠬᠡᠥᠬᠡᠳ᠎ᠤᠨ ᠵᠶ᠋ᠠᠨ ᠣᠣᠷ ᠴᠢᠨᠠᠷ᠎ᠢ ᠬᠠᠳᠠᠭ᠋ᠠᠯᠠᠵᠤ ᠰᠤᠷᠤᠯᠴᠠᠭ᠍ᠤ ᠵᠢᠨ ᠵᠣᠷᠢᠯᠭ᠎ᠠ ᠵᠢ ᠵᠥᠪ ᠲᠠᠨᠢᠭᠤᠯᠵᠤ ᠴᠢᠳᠠᠭ᠍ᠤ ᠰᠠᠶ᠋ᠢᠨ ᠭᠡᠷ᠎ᠤᠨ ᠠᠬᠠᠮᠠᠳ ᠪᠤᠯᠵᠠᠭ᠋ᠠᠶ᠎ᠠ! ᠬᠥᠮᠥᠰ ᠬᠡᠥᠬᠡᠳ ᠪᠣᠯ ᠭ᠋ᠭᠢᠷ ᠦᠭᠡᠢ ᠴᠠᠭ᠋ᠠᠨ ᠴᠠᠭ᠋ᠠᠰᠤ ᠭᠡᠵᠦ ᠭᠡᠯᠡᠯᠴᠡᠳᠡᠭ᠂ ᠬᠡᠳᠥ ᠠ᠋ᠷᠲᠡ᠎ᠠᠴᠠ ᠲᠡᠳᠡᠨ᠎ᠢ ᠶᠡᠭᠡ ᠬᠥᠮᠥᠨ᠎ᠤ ᠠᠮᠢᠳᠤᠷᠠᠯ᠎ᠲᠠᠢ ᠣᠶ᠋ᠢᠷᠠᠲᠤᠭᠤᠯᠵᠤ ᠶᠡᠭᠡ ᠬᠥᠮᠥᠨ᠎ᠤ ᠵᠤᠭᠰᠤᠯᠳᠠ᠎ᠠᠴᠠ ᠰᠤᠷᠭ᠋ᠠᠬᠤ᠎ᠨᠢ ᠲᠡᠳᠡᠨ᠎ᠢ ᠠᠶᠤᠮᠠᠳᠠᠭ᠋ᠠᠢ᠂ ᠲᠥᠳᠡᠭᠡᠯᠵᠡᠭᠰᠡᠨ᠂ ᠪᠡᠶ᠎ᠡ᠎ᠳᠤ ᠪᠠᠨ ᠢᠲᠡᠭᠡᠯ ᠦᠭᠡᠢ ᠬᠥᠮᠥᠨ ᠪᠤᠯᠭ᠋ᠠᠨ ᠬᠥᠮᠦᠵᠢᠭᠦᠯᠥᠨᠡ᠃ ᠪᠢᠳᠡᠭᠡᠢ 《ᠰᠠᠶ᠋ᠢᠨ ᠰᠤᠷᠴᠤ ᠲᠣᠮᠣ ᠨᠣᠶᠠᠨ ᠪᠣᠯ! ᠰᠠᠶ᠋ᠢᠨ ᠰᠤᠷᠴᠤ ᠶᠡᠭᠡ ᠬᠤᠲᠠᠨ᠎ᠳᠤ ᠠᠮᠢᠳᠤᠷᠠ!》 《ᠬᠡᠨ ᠬᠡᠨ᠎ᠢ ᠦᠵᠡ᠂ ᠶᠠᠮᠠᠷ ᠰᠠᠶ᠋ᠢᠨ ᠰᠤᠷᠴᠤ ᠪᠠᠶ᠋ᠢᠨ᠎ᠠ ᠤᠤ?》 ᠭᠡᠵᠥ ᠥᠷᠥᠭᠡᠰᠥᠭᠡᠯ ᠵᠶ᠋ᠠᠷ ᠰᠤᠷᠭ᠎ᠠ᠃ ᠰᠠᠶ᠋ᠢᠨ ᠰᠤᠷᠬᠤ᠎ᠨᠢ ᠲᠡᠭᠦᠨ᠎ᠤ ᠠᠪᠢᠶᠠᠰ ᠪᠠᠶ᠋ᠢᠨ᠎ᠠ ᠭᠡᠬᠦ᠎ᠳᠤ ᠴᠢᠷᠮᠠᠶ᠋ᠢᠯᠭ᠎ᠠ ᠪᠠᠰᠠ ᠪᠠᠶ᠋ᠢᠳᠠᠭ ᠡ᠂ ᠠ᠋ᠶ᠋ᠢᠮᠥ᠎ᠠᠴᠠ ᠬᠡᠥᠬᠡᠳ᠎ᠲᠤ ᠰᠤᠷᠤᠯᠴᠠᠵᠤ ᠪᠠᠶ᠋ᠢᠭ᠎ᠠ᠎ᠨᠢ ᠵᠥᠪᠬᠡᠨ ᠥᠪᠡᠷ᠎ᠤᠨ ᠪᠡᠶ᠎ᠡ᠎ᠳᠤ᠎ᠪᠠᠨ ᠵᠣᠷᠢᠭᠤᠯᠤᠯᠳᠠᠲᠠᠢ᠂ ᠠ᠋ᠶ᠋ᠢᠮᠥ᠎ᠠᠴᠠ ᠲᠠᠰᠤᠷᠠᠯᠳᠠ ᠦᠭᠡᠢ ᠥᠪᠡᠷ᠎ᠢ᠎ᠪᠠᠨ ᠲᠠᠪᠠᠭ᠍ᠤ ᠶᠠᠪᠤᠴᠠ ᠮᠥᠨ᠂ ᠬᠠᠷᠢᠨ ᠶᠠᠮᠠᠷ ᠨᠢᠭᠡᠨ ᠬᠥᠮᠥᠨ᠎ᠤ ᠲᠥᠯᠦᠭᠡ᠂ ᠶᠠᠮᠠᠷ ᠨᠢᠭᠡᠨ ᠬᠥᠮᠥᠨ᠎ᠢ ᠲᠠᠪᠠᠭ᠍ᠤ ᠵᠢᠨ ᠲᠥᠯᠥᠭᠡ ᠰᠤᠷᠤᠯᠴᠠᠵᠤ ᠪᠠᠶ᠋ᠢᠨ᠎ᠠ ᠭᠡᠭᠰᠡᠭᠡᠷ ᠪᠤᠷᠤᠭᠤᠳᠠᠨ᠎ᠠ ᠭᠡᠳᠡᠭ᠎ᠢ ᠲᠣᠳᠣ ᠲᠠᠨᠢᠭᠤᠯᠬᠤ ᠬᠡᠷᠡᠭᠳᠡᠢ᠃ ᠭᠠᠭᠴᠠ ᠬᠦ᠌ ᠰᠠᠶ᠋ᠢᠨ ᠰᠤᠷᠬᠤ᠎ᠨᠢ ᠠᠮᠢᠳᠤᠷᠠᠯ᠎ᠤᠨ ᠭᠠᠷᠬᠤ ᠵᠠᠮ ᠪᠢᠰᠢ ᠬᠠᠷᠢᠨ ᠲᠡᠳᠡᠨ᠎ᠤ ᠠ᠋ᠬᠡ᠎ᠠᠴᠠ ᠠᠪᠴᠤ ᠲᠥᠷᠦᠭᠰᠡᠨ ᠠᠪᠢᠶᠠᠰ᠎ᠢ᠎ᠨᠢ ᠢᠯᠡᠷᠡᠭᠦᠯᠵᠥ ᠬᠥᠭᠵᠢᠭᠦᠯᠬᠦ᠎ᠨᠢ ᠮᠠᠰᠢ ᠴᠢᠬᠤᠯᠠ᠃ ᠯᠢᠥ ᠰᠢᠶᠤᠤ ᠯᠢᠩ ᠲᠥᠩ᠎ᠠᠴᠠ 《ᠬᠥᠮᠥᠨ ᠨᠢᠭᠡ ᠨᠠᠰᠤᠨ᠎ᠳᠤ᠎ᠪᠠᠨ ᠨᠢᠭᠡᠭᠡᠨ ᠠᠵᠢᠯ᠎ᠢ ᠰᠠᠶ᠋ᠢᠨ ᠬᠢᠭᠡᠳ ᠴᠢᠳᠠᠴᠢᠬᠠᠪᠠᠯ ᠪᠣᠯᠴᠢᠬᠠᠨ᠎ᠠ》 ᠭᠡᠵᠥ ᠬᠡᠯᠡᠭᠰᠡᠨ᠎ᠨᠢ ᠮᠠᠰᠢ ᠠ᠋ᠩ᠎ᠤᠨ ᠪᠣᠯᠪᠠᠴᠤ ᠲᠤᠶ᠋ᠢᠯ᠎ᠤᠨ ᠦᠨᠡᠨ ᠦᠭᠡ ᠪᠣᠯᠣᠭᠰᠠᠨ᠂ ᠲᠡᠷᠡ᠎ᠪᠠᠷ ᠨᠢᠭᠡ ᠨᠠᠰᠤᠨ᠎ᠳᠤ᠎ᠪᠠᠨ ᠭᠠᠭᠴᠠ ᠬᠦ᠌ ᠪᠡᠴᠢᠨ ᠪᠠᠭᠰᠢ ᠵᠢᠨ ᠲᠥᠷᠢ ᠵᠢ ᠠᠮᠵᠢᠯᠳᠠ᠎ᠲᠠᠢ ᠪᠥᠳᠥᠭᠡᠵᠥ ᠠᠮᠵᠢᠯᠳᠠ ᠵᠢᠨ ᠠᠯᠳᠠᠨ ᠲᠢᠲᠠᠮᠢ ᠵᠡᠭᠦᠵᠥ ᠴᠢᠳᠠᠭᠰᠠᠨ᠃
ᠶᠠᠷᠦᠩᠬᠡᠶ᠋ᠢᠯᠡᠪᠡᠯ᠂ ᠪᠢᠳᠠ ᠥᠪᠡᠷ ᠵᠶ᠋ᠠᠨ ᠭᠦᠮᠦᠨ ᠮᠦᠰᠦᠳᠠᠢ ᠬᠥᠮᠥᠨ ᠪᠣᠯᠵᠤ ᠭᠦᠮᠦᠨ ᠮᠦᠰᠦᠳᠠᠢ ᠬᠡᠥᠬᠡᠳ᠎ᠢ ᠬᠥᠮᠥᠵᠢᠭᠦᠯᠭᠦ ᠭᠡᠷ᠎ᠤᠨ ᠠᠬᠠᠮᠠᠳ ᠪᠤᠯᠤᠶ᠎ᠠ! ᠪᠢᠳᠡ ᠮᠠᠨ᠎ᠤ ᠬᠡᠥᠬᠡᠳ ᠮᠠᠰᠢ ᠰᠢᠯᠢᠳᠡᠭ ᠭᠡᠳᠡᠭ᠎ᠢ ᠠ᠋ᠷᠡᠭᠡᠯᠵᠡᠯ ᠦᠭᠡᠢ ᠢᠲᠡᠭᠡᠵᠦ ᠤᠷᠤᠭᠰᠢ ᠭᠦᠳᠤᠯᠵᠤ ᠭᠦᠮᠦᠵᠢᠭᠦᠯᠦᠶᠠ᠃
ᠠᠵᠢᠯᠯᠠᠵᠤ ᠪᠠᠢ᠍ᠢ᠍ᠭ᠎ᠠ ᠪᠠᠢ᠍ᠢ᠍ᠭᠤᠯᠭ᠎ᠠ᠄ ᠣᠩᠨᠢᠭᠤᠳ ᠬᠤᠰᠢᠭᠤᠨ᠎ᠤ ᠪᠤᠷᠤᠬᠤᠳᠠ ᠮᠣᠩᠭᠤᠯ
ᠦᠨᠳᠥᠰᠥᠳᠡᠨᠤ ᠪᠠᠭ᠎ᠠ ᠰᠤᠷᠭ᠋ᠠᠭᠤᠯᠢ
(ᠠᠯᠳᠠᠨᠰᠦᠢ᠍ᠭᠡ ᠨᠠᠢ᠍ᠢ᠍ᠷᠠᠭᠤᠯᠪᠠ)
2023.3 ᠳ᠋ᠤᠭ᠋ᠠᠷ ᠬᠤᠭᠤᠴᠠᠭ᠎ᠠ