ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠰᠤᠷᠭᠠᠨ ᠬᠦᠮᠦᠵᠢᠯ᠎ᠤᠨ ᠬᠠᠨᠲᠤᠯᠭ᠎ᠠ
ᠰᠣᠨᠤᠷ᠎ᠤᠨ ᠲᠠᠪᠴᠠᠩ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠰᠣᠨᠤᠷ᠎ᠤᠨ ᠲᠠᠪᠴᠠᠩ   -   ᠬᠡᠣᠬᠡᠳ᠎ᠤᠨ ᠬᠦᠮᠦᠵᠢᠯ
ᠣᠯᠠᠮᠵᠢᠯᠠᠯᠲᠦ ᠱᠠᠭ᠎ᠠ ᠲᠣᠭᠯᠠᠭ᠋ᠠᠮ ᠵᠶ᠋ᠠᠷ ᠬᠡᠣᠬᠡᠳ᠎ᠤᠨ ᠣᠢ ᠪᠢᠯᠢᠭ᠎ᠢ ᠨᠡᠭᠡᠭᠡᠬᠦ ᠲᠣᠬᠠᠢ
ᠨᠡᠶ᠋ᠢᠲᠡᠯᠡᠭᠰᠡᠨ ᠴᠠᠭ᠄ 2023-11-17

                        ᠣᠷᠠᠨ᠎ᠠ

幼儿教育3.png


      ᠰᠣᠷᠭ᠋ᠠᠨ ᠬᠦᠮᠦᠵᠢᠯ᠎ᠤᠨ ᠦᠭᠡᠷᠡᠴᠢᠯᠡᠯᠲᠠ ᠵᠢᠨ ᠭᠦᠨᠵᠡᠭᠡᠶ᠋ᠢᠷᠡᠬᠦ ᠵᠢ ᠳᠠᠭ᠋ᠠᠯᠳᠣᠨ ᠰᠠᠭᠤᠷᠢ ᠰᠣᠷᠭ᠋ᠠᠨ ᠬᠦᠮᠦᠵᠢᠯ᠎ᠤᠨ ᠬᠦᠭᠵᠢᠯᠲᠡ᠎ᠳᠤ ᠰᠢᠨ᠎ᠡ ᠤᠢ᠍ᠢ᠍ᠯᠠᠭ᠋ᠠᠭᠳᠠᠬᠤᠨ᠂ ᠰᠢᠨ᠎ᠡ ᠠᠷᠭ᠎ᠠ ᠪᠠᠷᠢᠯ᠂ ᠰᠢᠨ᠎ᠡ ᠬᠦᠭᠡᠭᠡᠴᠡᠯᠳᠥᠯ᠎ᠢ ᠠᠪᠴᠢᠷᠠᠭᠰᠠᠨ᠎ᠠᠴᠠ ᠪᠠᠭᠰᠢ ᠪᠣᠯᠣᠭᠰᠠᠳ ᠴᠤ᠌ ᠰᠡᠪᠡᠭᠦᠨ ᠰᠠᠢ᠍ᠢ᠍ᠬᠠᠨ ᠵᠢᠭ᠋ᠠᠨ ᠰᠣᠷᠭ᠋ᠠᠯᠲᠠ᠎ᠪᠠᠷ ᠳᠠᠮᠵᠢᠭᠤᠯᠣᠨ ᠰᠣᠷᠣᠭᠴᠢᠳ᠎ᠲᠤ᠎ᠪᠠᠨ ᠦᠷᠭᠡᠨ ᠳᠡᠯᠭᠡᠷ ᠰᠣᠶᠣᠯ ᠮᠡᠳᠡᠯᠭᠡ ᠣᠯᠠᠮᠵᠢᠯᠠᠭ᠍ᠣ ᠵᠢ ᠵᠣᠷᠢᠵᠦ ᠪᠠᠢ᠍ᠢ᠍ᠭ᠎ᠠ ᠶᠤᠮ᠃ ᠠ᠋ᠭᠦᠨ᠎ᠤ ᠳᠣᠮᠳᠠ ᠣᠯᠠᠮᠵᠢᠯᠠᠯᠲᠦ ᠨᠠᠭ᠋ᠠᠳᠣᠮ ᠲᠣᠭᠯᠠᠭ᠋ᠠᠮ ᠵᠶ᠋ᠠᠷ ᠳᠠᠮᠵᠢᠭᠤᠯᠵᠦ ᠰᠣᠷᠣᠭᠴᠢᠳ᠎ᠤᠨ ᠣᠢ ᠪᠢᠯᠢᠭ᠎ᠢ ᠨᠡᠭᠡᠭᠡᠬᠦ ᠵᠠᠮ ᠮᠦᠷ᠎ᠢ ᠬᠠᠶ᠋ᠢᠵᠦ ᠪᠠᠶ᠋ᠢᠭ᠎ᠠ᠎ᠨᠢ ᠤᠯᠠᠰᠢᠷᠠᠵᠤ ᠪᠠᠶ᠋ᠢᠨ᠎ᠠ᠃
      ᠱᠠᠭ᠎ᠠ ᠲᠣᠭᠯᠠᠭ᠋ᠠᠮ ᠪᠣᠯ ᠮᠠᠯᠵᠢᠬᠤ ᠰᠣᠶᠣᠯ᠎ᠤᠨ ᠴᠢᠬᠤᠯᠠ ᠪᠦᠷᠢᠯᠳᠦᠭᠦᠨ᠂ ᠵᠤᠭ᠎ᠠ ᠴᠡᠩᠭᠡᠯ᠎ᠤᠨ ᠪᠠᠶᠠᠰᠣᠯᠲᠦ ᠲᠣᠭᠯᠠᠭ᠋ᠠᠮ ᠵᠶ᠋ᠠᠷ ᠪᠠᠷᠠᠭ᠍ᠣ ᠦᠭᠡᠢ᠂ ᠪᠣᠳᠣᠯᠭ᠎ᠠ ᠵᠢᠨ ᠣᠬᠠᠭ᠋ᠠᠨ᠎ᠲᠠᠢ᠂ ᠪᠣᠯᠪᠠᠰᠣᠷᠠᠯ᠎ᠤᠨ ᠰᠣᠷᠢᠯᠲᠠ᠎ᠲᠠᠢ᠂ ᠣᠢ ᠳᠣᠭᠲᠠᠭ᠋ᠠᠮᠵᠢ᠂ ᠣᠶᠣᠨ ᠪᠢᠯᠢᠭ ᠵᠶ᠋ᠠᠨ ᠬᠤᠷᠴᠠᠯᠠᠭ᠍ᠣ ᠣᠷᠮᠠᠲᠠᠢ ᠨᠠᠭ᠋ᠠᠳᠣᠮ ᠪᠣᠯᠣᠨ᠎ᠠ᠃ ᠣᠯᠠᠮᠵᠢᠯᠠᠯᠲᠦ ᠱᠠᠭ᠎ᠠ ᠲᠣᠭᠯᠠᠭ᠋ᠠᠮ ᠵᠶ᠋ᠠᠷ ᠬᠡᠣᠬᠡᠳ᠎ᠤᠨ ᠣᠶᠣᠨ ᠪᠢᠯᠢᠭ᠎ᠢ ᠨᠡᠭᠡᠭᠡᠵᠦ ᠬᠦᠭᠵᠢᠭᠦᠯᠬᠦ᠎ᠨᠢ ᠭᠠᠭᠴᠠ ᠨᠠᠭ᠋ᠠᠳᠣᠮ ᠲᠣᠭᠯᠠᠭ᠋ᠠᠮ ᠵᠶ᠋ᠠᠷ ᠣᠷᠮᠠᠰᠢᠭᠤᠯᠵᠦ ᠪᠠᠶ᠋ᠢᠭ᠎ᠠ ᠪᠢᠰᠢ ᠬᠠᠷᠢᠨ ᠵᠠᠩ ᠦᠢ᠍ᠯᠡ ᠵᠢᠨ ᠭᠦᠮᠦᠵᠢᠯ᠂ ᠠᠵᠢᠯ ᠬᠦᠳᠡᠯᠮᠦᠷᠢ ᠵᠢᠨ ᠭᠦᠮᠦᠵᠢᠯ᠂ ᠶᠣᠰᠣ ᠮᠣᠷᠠᠯ᠎ᠤᠨ ᠭᠦᠮᠦᠵᠢᠯ ᠭᠦᠷᠳᠡᠭᠡᠨ ᠡᠯ᠎ᠡ ᠲᠠᠯ᠎ᠠ ᠵᠢᠨ ᠣᠢ ᠪᠢᠯᠢᠭ᠎ᠤᠨ ᠬᠦᠭᠵᠢᠯᠲᠡ ᠵᠢ᠎ᠨᠢ ᠠᠬᠢᠭᠤᠯᠵᠦ᠂ ᠶᠣᠰᠣ ᠮᠣᠷᠠᠯ᠂ ᠰᠣᠷᠣᠯᠭ᠎ᠠ ᠬᠦᠮᠦᠵᠢᠯ ᠬᠤᠣᠰᠯᠠᠭᠰᠠᠨ ᠰᠢᠨ᠎ᠡ ᠴᠠᠭ ᠦᠶ᠎ᠠ ᠵᠢᠨ ᠲᠡᠷᠢᠭᠦᠨ᠎ᠤ ᠬᠦᠮᠦᠰ᠎ᠢ ᠬᠦᠮᠦᠵᠢᠭᠦᠯᠬᠦ᠎ᠳᠤ ᠮᠠᠰᠢ ᠴᠢᠬᠤᠯᠠ ᠳᠦᠯᠬᠢᠴᠡ ᠦᠢ᠍ᠯᠡᠳᠥᠯ ᠦᠵᠡᠭᠦᠯᠬᠦ ᠶᠣᠮ᠃ 
      ᠲᠤᠤᠷ᠎ᠠ ᠪᠢ ᠣᠶ᠋ᠢᠯᠠᠭ᠋ᠠᠨ ᠮᠡᠳᠡᠭᠰᠡᠨ᠎ᠤ ᠴᠢᠨᠡᠭᠡ᠎ᠪᠠᠷ ᠱᠠᠭ᠎ᠠ ᠲᠣᠭᠯᠠᠭ᠋ᠠᠮ᠎ᠢ ᠰᠣᠷᠭ᠋ᠠᠨ ᠬᠦᠮᠦᠵᠢᠯ᠎ᠲᠠᠢ ᠣᠶᠠᠯᠳᠣᠭᠤᠯᠣᠨ ᠬᠡᠣᠬᠡᠳ᠎ᠲᠤ ᠭᠦᠮᠦᠵᠢᠯ ᠭᠦᠷᠳᠡᠭᠡᠭᠦ ᠲᠤᠬᠠᠢ ᠦᠴᠦᠭᠡᠨ ᠣᠯᠣᠯᠲᠠ ᠲᠦᠷᠦᠭᠳᠡᠯ ᠵᠶ᠋ᠠᠨ ᠣᠯᠠᠨ᠎ᠲᠠᠢ ᠬᠤᠪᠢᠶᠠᠯᠴᠠᠶ᠎ᠠ᠃
      ᠨᠢᠭᠡ᠂ ᠮᠠᠯ᠎ᠤᠨ ᠪᠣᠶᠠᠨ ᠱᠠᠭ᠎ᠠ᠎ᠪᠠᠨ ᠬᠠᠶ᠋ᠢᠷᠠᠯᠠᠵᠦ ᠬᠦᠨᠳᠦᠳᠬᠡᠬᠦ ᠵᠢᠨ ᠣᠴᠢᠷ᠎ᠲᠤ ᠱᠠᠭ᠎ᠠ᠎ᠳᠤ᠎ᠪᠠᠨ ᠭᠤᠶᠣ ᠰᠠᠢ᠍ᠢ᠍ᠬᠠᠨ ᠨᠡᠷ᠎ᠡ — ᠲᠠᠪᠣᠨ ᠬᠤᠰᠢᠭᠤ ᠮᠠᠯ᠎ᠤᠨ ᠨᠡᠷ᠎ᠡ ᠵᠢ ᠬᠠᠶ᠋ᠢᠷᠠᠯᠠᠭᠰᠠᠨ᠎ᠠᠴᠠ ᠬᠤᠲᠠᠴᠢᠯᠠᠯᠲᠠ ᠵᠢᠨ ᠣᠷᠴᠢᠨ᠎ᠳᠤ ᠦᠰᠴᠦ ᠪᠠᠶ᠋ᠢᠭ᠎ᠠ ᠬᠡᠣᠬᠡᠳ ᠪᠠᠭ᠋ᠠᠴᠣᠣᠯ᠎ᠳᠤ ᠠ᠋ᠷᠳᠡᠨᠢᠲᠦ ᠰᠦᠷᠦᠭ ᠵᠶ᠋ᠠᠨ ᠭᠦᠨᠵᠡᠭᠡᠢ ᠣᠶ᠋ᠢᠯᠠᠭ᠋ᠠᠬᠤ ᠬᠦᠮᠦᠵᠢᠯ ᠭᠦᠷᠳᠡᠭᠡᠭᠰᠡᠨ ᠪᠦᠭᠡᠳ ᠠ᠋ᠭᠦᠨ᠎ᠤ ᠣᠯᠠᠮ᠎ᠠᠴᠠ ᠴᠢᠨᠠᠭᠰᠢᠳᠠ ᠰᠣᠪᠢᠨ ᠪᠣᠳᠣᠬᠤ ᠬᠦᠰᠡᠯ ᠮᠦᠷᠦᠭᠡᠳᠥᠯ᠎ᠢ᠎ᠨᠢ ᠣᠷᠭᠢᠯᠤᠭᠤᠯᠵᠠᠢ᠃ ᠵᠢᠱ᠌ᠢᠶᠡᠯᠡᠪᠡᠯ᠂
      《ᠮᠠᠯ᠎ᠤᠨ ᠪᠡᠶ᠎ᠡ᠎ᠨᠢ ᠮᠢᠬᠠᠨ ᠠ᠋ᠷᠳᠡᠨᠢ
      ᠮᠢᠬᠠᠨ ᠳᠣᠲᠣᠷ᠎ᠠ᠎ᠪᠠᠨ ᠶᠠᠰᠣᠨ ᠠ᠋ᠷᠳᠡᠨᠢ
      ᠶᠠᠰᠣᠨ ᠳᠣᠲᠣᠷ᠎ᠠ᠎ᠪᠠᠨ ᠱᠠᠭ᠎ᠠ ᠠ᠋ᠷᠳᠡᠨᠢ
      ᠳᠡᠭᠰᠢ ᠲᠠᠯ᠎ᠠ᠎ᠨᠢ ᠮᠣᠷᠢᠨ ᠠ᠋ᠷᠳᠡᠨᠢ
      ᠳᠡᠭᠡᠷ᠎ᠡ ᠲᠠᠯ᠎ᠠ᠎ᠨᠢ ᠦᠬᠡᠷ ᠠ᠋ᠷᠳᠡᠨᠢ
      ᠬᠤᠲᠣᠭᠤᠷ ᠲᠠᠯ᠎ᠠ᠎ᠨᠢ ᠢᠮᠠᠭ᠋ᠠᠨ ᠠ᠋ᠷᠳᠡᠨᠢ
      ᠭᠦᠳᠦᠭᠦᠷ ᠲᠠᠯ᠎ᠠ᠎ᠨᠢ ᠬᠤᠨᠢᠨ ᠠ᠋ᠷᠳᠡᠨᠢ
      ᠳᠡᠭᠡᠭᠰᠢ᠎ᠪᠠᠨ ᠭᠡᠲᠡᠶ᠋ᠢᠭᠰᠡᠨ᠎ᠨᠢ ᠲᠡᠮᠡᠭᠡᠨ ᠠ᠋ᠷᠳᠡᠨᠢ
      ᠳᠣᠷᠣᠭᠰᠢ ᠲᠣᠩᠭᠤᠶ᠋ᠢᠰᠠᠨ᠎ᠨᠢ ᠲᠣᠩᠭᠤ ᠠ᠋ᠷᠳᠡᠨᠢ》 ᠭᠡᠬᠦ ᠱᠠᠭ᠎ᠠ ᠵᠢᠨ ᠬᠡᠳᠥᠨ ᠲᠠᠯ᠎ᠠ  ᠵᠢ᠎ᠨᠢ ᠬᠤᠯᠪᠣᠨ ᠢᠯᠡᠳᠬᠡᠭᠰᠡᠨ ᠨᠡᠷ᠎ᠡ᠎ᠠᠴᠠ ᠰᠣᠷᠣᠭᠴᠢᠳ ᠲᠠᠪᠣᠨ ᠬᠤᠰᠢᠭᠤ ᠮᠠᠯ᠎ᠤᠨ ᠨᠠᠷ᠎ᠡ ᠵᠦᠢ ᠵᠢ ᠮᠡᠳᠡᠵᠦ ᠠᠪᠬᠤ ᠪᠦᠭᠡᠳ ᠳᠡᠭᠰᠢ ᠲᠠᠯ᠎ᠠ᠂ ᠳᠡᠭᠡᠷ᠎ᠡ ᠲᠠᠯ᠎ᠠ᠂ ᠬᠤᠲᠣᠭᠤᠷ ᠲᠠᠯ᠎ᠠ᠂ ᠬᠦᠳᠦᠭᠦᠷ ᠲᠠᠯ᠎ᠠ ᠵᠡᠷᠭᠡ ᠵᠢ᠎ᠨᠢ ᠰᠠᠶ᠋ᠢᠲᠣᠷ ᠠᠵᠢᠭᠯᠠᠵᠦ᠂ ᠰᠣᠷᠣᠭᠴᠢ ᠪᠠᠭ᠋ᠠᠴᠣᠳ᠎ᠤᠨ ᠨᠠᠷᠢᠨ ᠬᠢᠨᠠᠮᠠᠭ᠋ᠠᠢ ᠠᠵᠢᠭᠯᠠᠭ᠍ᠣ ᠴᠢᠳᠠᠪᠣᠷᠢ ᠵᠢ᠎ᠨᠢ ᠬᠦᠭᠵᠢᠭᠦᠯᠳᠡᠭ ᠪᠦᠭᠡᠳ 《ᠠ᠋ᠭᠦᠨ᠎ᠢ᠎ᠨᠢ ᠶᠠᠭ᠋ᠠᠬᠢᠭ᠋ᠠᠳ ᠬᠤᠨᠢ? ᠦᠬᠡᠷ? ᠢᠮᠠᠭ᠎ᠠ? ᠮᠣᠷᠢ? ᠲᠡᠮᠡᠭᠡ? ᠪᠠᠰᠠ ᠣᠩᠭᠤ? ᠲᠣᠩᠭᠤ ᠭᠡᠳᠡᠭ           ᠪᠤᠢ?》 ᠭᠡᠬᠦ ᠰᠣᠨᠢᠭᠤᠴᠢ ᠰᠡᠳᠬᠢᠯ᠎ᠢ᠎ᠨᠢ ᠬᠦᠨᠳᠠᠵᠤ᠂ ᠠ᠋ᠭᠦᠨ᠎ᠤ ᠣᠯᠠᠮ᠎ᠠᠴᠠ ᠲᠠᠪᠣᠨ ᠠ᠋ᠷᠳᠡᠨᠢ ᠭᠡᠳᠡᠭ ᠪᠣᠯ ᠶᠠᠭᠤ ᠭᠡᠳᠡᠭ᠎ᠢ ᠮᠡᠳᠡᠬᠦ ᠪᠦᠭᠡᠳ ᠵᠥᠪᠬᠡᠨ ᠱᠠᠭ᠎ᠠ ᠲᠣᠭᠯᠠᠭ᠋ᠠᠮ ᠵᠶ᠋ᠠᠷ ᠯᠡ ᠬᠡᠯᠡᠵᠦ ᠪᠠᠶ᠋ᠢᠳᠠᠭ ᠪᠠᠰᠠ 《ᠣᠩᠭᠤ᠂           ᠲᠣᠩᠭᠤ》 ᠭᠡᠬᠦ ᠨᠡᠷ᠎ᠡ ᠦᠭᠡ ᠵᠢ ᠴᠡᠭᠡᠵᠢᠯᠡᠵᠦ ᠠᠪᠳᠠᠭ᠃
      ᠦᠨᠡᠨ᠎ᠳᠤ᠎ᠪᠠᠨ ᠱᠠᠭ᠎ᠠ ᠵᠢ ᠠᠵᠢᠭᠯᠠᠭ᠍ᠣ ᠦᠭᠡᠢ᠂ ᠨᠠᠭ᠋ᠠᠳᠬᠤ ᠦᠭᠡᠢ ᠦᠶ᠎ᠡ᠎ᠳᠤ ᠠ᠋ᠩ᠎ᠤᠨ ᠨᠢᠭᠡᠨ ᠮᠠᠯ᠎ᠤᠨ ᠶᠠᠰᠣ ᠪᠣᠯᠣᠨ᠎ᠠ᠃ ᠬᠠᠷᠢᠨ ᠱᠠᠭ᠎ᠠ ᠵᠢ ᠨᠠᠭ᠋ᠠᠳᠴᠣ ᠰᠣᠷᠪᠠᠯ ᠰᠣᠨᠢᠷᠬᠠᠵᠦ᠂ ᠰᠣᠨᠢᠷᠬᠠᠵᠦ ᠪᠠᠶ᠋ᠢᠪᠠᠯ ᠨᠡᠷ᠎ᠡ ᠵᠢ᠎ᠨᠢ ᠴᠡᠭᠡᠵᠢᠯᠡᠵᠦ᠂ ᠠ᠋ᠭᠦᠨ᠎ᠤ ᠣᠯᠠᠮ᠎ᠠᠴᠠ ᠶᠠᠮᠠᠷ ᠨᠢᠭᠡᠨ ᠶᠠᠭᠤᠮ᠎ᠠ ᠵᠢ ᠨᠠᠷᠢᠨ ᠬᠢᠨᠠᠮᠠᠭ᠋ᠠᠢ ᠠᠵᠢᠭᠯᠠᠭ᠍ᠣ ᠴᠢᠳᠠᠪᠣᠷᠢ ᠵᠢ ᠬᠦᠭᠵᠢᠭᠦᠯᠵᠦ᠂ ᠮᠠᠰᠢ ᠵᠢᠵᠢᠭᠬᠡᠨ ᠨᠢᠭᠡᠨ ᠶᠠᠰᠣᠨ᠎ᠳᠤ ᠢᠢ᠍ᠮᠦ ᠣᠯᠠᠨ ᠰᠣᠨᠢᠨ ᠬᠠᠴᠢᠨ ᠬᠡᠯᠪᠡᠷᠢ ᠳᠦᠷᠰᠦ᠂ ᠨᠠᠷ᠎ᠠ᠂ ᠤᠬᠠᠭ᠋ᠠᠨ᠎ᠤ ᠶᠤᠰᠤ ᠠᠭᠤᠯᠤᠭᠳᠠᠵᠦ ᠪᠠᠶ᠋ᠢᠳᠠᠭ᠎ᠢ ᠰᠣᠨᠢᠷᠬᠠᠨ ᠭᠠᠶ᠋ᠢᠬᠠᠳᠠᠭ ᠪᠠᠶ᠋ᠢᠨ᠎ᠠ᠃
      ᠬᠤᠶᠠᠷ᠂ ᠱᠠᠭ᠎ᠠ᠎ᠳᠤ᠎ᠪᠠᠨ ᠣᠷᠣᠰᠣᠮ᠎ᠠ ᠢᠷᠠᠭᠤ ᠭᠤᠶᠣ ᠰᠢᠬ ᠣᠨᠢᠰᠤᠭ᠎ᠠ᠂ ᠰᠢᠯᠥᠭ ᠬᠤᠯᠪᠣᠭ᠎ᠠ ᠵᠣᠬᠢᠶᠠᠵᠦ᠂ ᠨᠠᠭ᠋ᠠᠳᠬᠤ ᠵᠢᠨ ᠳᠠᠭ᠋ᠠᠣ ᠴᠡᠭᠡᠵᠢᠯᠡᠵᠦ ᠣᠩᠰᠢᠳᠠᠭ᠎ᠠᠴᠠ ᠰᠠᠢ᠍ᠢ᠍ᠨ ᠲᠤᠷ᠎ᠠ᠎ᠠᠴᠠ᠎ᠪᠠᠨ ᠰᠢᠯᠥᠭ ᠬᠤᠯᠪᠣᠭ᠎ᠠ ᠴᠡᠭᠡᠵᠢᠯᠡᠵᠦ᠂ ᠨᠠᠷᠢᠨ ᠮᠡᠳᠡᠭᠰᠡᠨ ᠵᠣᠶ᠋ᠢᠯ ᠵᠶ᠋ᠠᠨ ᠣᠨᠢᠰᠤᠭ᠎ᠠ ᠪᠣᠯᠭ᠋ᠠᠨ ᠣᠶ᠋ᠢᠯᠠᠭ᠋ᠠᠳᠠᠭ᠎ᠠᠴᠠ ᠬᠡᠣᠬᠡᠳ᠎ᠤᠳ ᠪᠣᠳᠠᠰ ᠪᠣᠯᠣᠨ ᠣᠨᠢᠰᠤᠭ᠎ᠠ ᠵᠢᠨ ᠬᠤᠭᠤᠷᠣᠨᠳᠣᠬᠢ ᠵᠦᠢ᠍ᠷᠯᠡᠭᠦᠢ ᠬᠠᠷᠢᠴᠠᠭ᠎ᠠ ᠵᠢ ᠭᠦᠨᠵᠡᠭᠡᠢ ᠮᠡᠳᠡᠵᠦ᠂ ᠣᠢ ᠪᠢᠯᠢᠭ᠎ᠤᠨ ᠬᠢᠨᠢ ᠠᠶᠠᠨᠳᠠᠭ᠋ᠠᠨ᠎ᠤ ᠬᠦᠭᠵᠢᠯᠲᠡ᠎ᠳᠤ ᠯᠣᠲᠦ ᠶᠡᠭᠡ ᠨᠥᠯᠦᠭᠡ ᠦᠵᠡᠭᠦᠯᠵᠦ᠂ ᠠᠯᠪᠠᠳᠠᠯᠭ᠎ᠠ ᠵᠢᠨ ᠪᠣᠰᠣ᠂ ᠠᠶᠠᠨᠳᠠᠭ᠋ᠠᠨ᠎ᠤ ᠣᠷ᠎ᠠ ᠣᠬᠠᠭ᠋ᠠᠨ᠎ᠢ ᠡᠵᠡᠮᠰᠢᠭᠦᠯᠥᠨ᠂ ᠪᠣᠰᠣᠳ ᠲᠥᠷᠦᠯ᠎ᠤᠨ ᠬᠢᠴᠢᠶᠡᠯ᠎ᠢ ᠰᠣᠷᠴᠦ ᠰᠣᠳᠣᠯᠬᠤ᠎ᠳᠤ ᠡᠪ ᠳ᠋ᠦᠢ᠂ ᠠᠷᠭ᠎ᠠ ᠪᠠᠷᠢᠯ᠎ᠢ᠎ᠨᠢ ᠨᠡᠭᠡᠭᠡᠵᠦ ᠦᠭᠳᠡᠭ ᠪᠡᠶ᠋ᠢᠨ᠎ᠠ᠃ ᠵᠢᠱ᠌ᠢᠶᠡᠯᠡᠪᠡᠯ᠂
      《ᠲᠠᠷᠭ᠋ᠠᠢ ᠴᠠᠭ᠋ᠠᠨ ᠢᠮᠠᠭ᠎ᠠ
      ᠲᠠᠷᠭᠤᠨ ᠴᠠᠭ᠋ᠠᠨ ᠬᠤᠨᠢ
      ᠵᠢᠷᠤᠭ᠎ᠠ ᠴᠠᠭ᠋ᠠᠨ ᠠᠵᠢᠷᠭ᠎ᠠ
      ᠣᠩᠭᠤᠨ ᠴᠠᠭ᠋ᠠᠨ ᠪᠣᠣᠷ᠎ᠠ》 ᠵᠡᠷᠭᠡ᠎ᠪᠠᠷ ᠰᠢᠯᠥᠭ ᠬᠤᠯᠪᠣᠭ᠎ᠠ ᠵᠣᠬᠢᠶᠠᠭᠰᠠᠨ᠎ᠨᠢ 《ᠮᠠᠯ᠎ᠤᠨ           ᠵᠢᠰᠣᠮ》᠂ 《ᠠᠵᠢᠷᠭ᠎ᠠ ᠪᠣᠣᠷ᠎ᠠ》 ᠵᠡᠷᠭᠡ ᠨᠠᠷ᠎ᠠ ᠲᠣᠮᠢᠶ᠎ᠠ ᠵᠢ ᠰᠣᠪᠢᠨ ᠣᠶ᠋ᠢᠯᠠᠭ᠋ᠠᠬᠤ᠎ᠳᠤ ᠣᠷᠮ᠎ᠠ ᠵᠢ᠎ᠨᠢ ᠳᠠᠲᠠᠳᠠᠭ ᠪᠦᠭᠡᠳ ᠬᠡᠯᠡᠨ᠎ᠤ ᠬᠥᠭᠵᠢᠯᠲᠡ ᠵᠢ᠎ᠨᠢ ᠠᠬᠢᠭᠤᠯᠳᠠᠭ ᠪᠠᠶ᠋ᠢᠨ᠎ᠠ᠃ ᠱᠠᠭ᠎ᠠ᠎ᠳᠤ ᠬᠤᠯᠪᠤᠭᠳᠠᠭᠰᠠᠨ ᠤᠨᠢᠰᠤᠭ᠎ᠠ ᠲᠠᠭ᠋ᠠᠪᠤᠷᠢ ᠴᠤ᠌ ᠠᠯᠢ ᠤᠯᠠᠨ ᠪᠠᠢ᠍ᠢ᠍ᠳᠠᠬ᠃ ᠵᠢᠱ᠌ᠢᠶᠡᠯᠡᠪᠡᠯ᠂
      《ᠠ᠋ᠷᠡᠬᠡᠢ ᠵᠢᠨ ᠴᠢᠨᠡᠭᠡ ᠪᠠᠶ᠎ᠡ᠎ᠲᠠᠢ
      ᠠ᠋ᠷᠬᠢᠮ ᠵᠢᠷᠭᠤᠭ᠋ᠠᠨ ᠨᠡᠷ᠎ᠡ᠎ᠲᠠᠢ》
      《ᠬᠠᠷᠠᠭ᠍ᠣ᠎ᠳᠤ ᠨᠢᠭᠡ
      ᠬᠠᠷᠢᠭᠤᠯᠬᠤ᠎ᠳᠤ ᠳᠦᠷᠪᠡ》
      《ᠲᠠᠨ᠎ᠠ ᠴᠠᠭ᠋ᠠᠨ ᠦᠷᠦᠭᠡᠨ᠎ᠳᠤ
      ᠲᠠᠪᠣᠨ ᠠ᠋ᠷᠳᠡᠨᠢ ᠦᠷᠦᠯ᠎ᠡ》
      《ᠪᠣᠰᠪᠠᠯ ᠪᠣᠷᠣᠬᠠᠨ ᠪᠣᠲᠣᠭᠤ
      ᠠ᠋ᠷᠭᠢᠭᠦᠯᠪᠡᠯ ᠠ᠋ᠮᠨᠢᠭ᠌ ᠳᠠᠭ᠎ᠠ
      ᠬᠡᠪᠲᠡᠭᠦᠯᠪᠡᠯ ᠬᠦᠭᠡᠷᠦᠬᠦᠨ ᠬᠤᠷᠠᠭ᠎ᠠ
      ᠬᠦᠮᠦᠷᠢᠪᠡᠯ ᠬᠦᠬᠡ ᠢᠰᠢᠭᠡ》
      《ᠣᠨᠣᠵᠦ ᠪᠣᠯᠳᠠᠭ ᠦᠭᠡᠢ ᠮᠣᠷᠢ
      ᠣᠭᠤᠲᠠ ᠲᠡᠩᠨᠡᠳᠡᠭ ᠦᠭᠡᠢ ᠲᠡᠮᠡᠭᠡ
      ᠲᠠᠷᠭ᠋ᠠᠢ ᠴᠠᠭ᠋ᠠᠨ ᠢᠮᠠᠭ᠎ᠠ
      ᠲᠠᠷᠭᠤᠨ ᠴᠠᠭ᠋ᠠᠨ ᠬᠤᠨᠢ》
      《ᠲᠣᠯᠪᠣᠭ ᠲᠡᠭᠡᠷ᠎ᠡ
      ᠲᠦᠮᠡᠨ ᠠᠳᠣᠭᠤ ᠪᠡᠯᠴᠢᠨ᠎ᠡ》
      ᠲᠡᠭᠡᠷᠡᠬᠢ ᠱᠠᠭ᠎ᠠ ᠵᠢᠨ ᠲᠣᠬᠠᠢ ᠵᠢᠷᠭᠤᠭ᠋ᠠᠨ ᠣᠨᠢᠰᠤᠭ᠎ᠠ᠎ᠨᠢ ᠭᠠᠭᠴᠠ 《ᠱᠠᠭ᠎ᠠ》 ᠭᠡᠬᠦ ᠭᠠᠭᠴᠠ ᠬᠠᠷᠢᠭᠤᠯᠲᠠ᠎ᠲᠠᠢ ᠴᠦ᠍ ᠦᠭᠬᠦᠭᠲᠡᠭᠰᠡᠨ ᠰᠠᠨᠠᠭ᠎ᠠ ᠠᠭᠤᠯᠭ᠎ᠠ᠂ ᠬᠤᠯᠪᠣᠨ ᠪᠣᠳᠣᠯᠲᠠ᠂ ᠰᠡᠳᠬᠢᠴᠡ ᠮᠡᠳᠡᠷᠡᠮᠵᠢ᠎ᠨᠢ ᠪᠦᠷ ᠴᠦ᠍ ᠣᠨᠳᠣᠣ ᠪᠠᠶ᠋ᠢᠳᠠᠭ᠃ ᠨᠡᠩ ᠴᠦ᠍ 《ᠪᠣᠲᠣᠭᠤ᠂ ᠳᠠᠭ᠎ᠠ᠂ ᠬᠤᠷᠠᠭ᠎ᠠ᠂ ᠢᠰᠢᠭᠡ》 ᠵᠡᠷᠭᠡ ᠲᠥᠯ ᠮᠠᠯ᠎ᠤᠨ ᠨᠡᠷᠡᠶ᠋ᠢᠳᠥᠯ᠎ᠢ ᠣᠷᠣᠭᠤᠯᠣᠭᠰᠠᠨ ᠎ᠠᠴᠠ ᠬᠡᠣᠬᠡᠳ᠎ᠤᠨ ᠮᠡᠳᠡᠯᠭᠡ ᠵᠢᠨ ᠬᠦᠷᠢᠶ᠎ᠡ ᠴᠠᠷᠠᠭ᠎ᠠ ᠵᠢ ᠲᠡᠯᠡᠭᠰᠡᠨ ᠪᠦᠭᠡᠳ ᠬᠤᠯᠪᠣᠨ ᠰᠢᠯᠥᠭᠯᠡᠬᠦ᠂ ᠦᠭᠡ ᠵᠢᠨ ᠣᠳᠬ᠎ᠠ᠂ ᠦᠭᠦᠯᠡᠪᠦᠷᠢ ᠵᠢᠨ ᠭᠡᠮᠨᠡᠯ ᠵᠡᠷᠭᠡ ᠵᠢ ᠨᠡᠶ᠋ᠢᠴᠡᠭᠦᠯᠥᠭᠰᠡᠨ᠎ᠠᠴᠠ ᠣᠶᠠᠩᠭ᠋ᠠᠯᠢᠭ ᠰᠡᠳᠬᠢᠬᠦᠢ᠂ ᠣᠷᠠᠨ ᠰᠠᠨᠠᠭ᠎ᠠ᠂ ᠬᠡᠣᠬᠡᠳᠯᠢᠭ ᠣᠶᠣᠨ᠎ᠢ ᠪᠠᠲᠦ ᠨᠢᠭᠲᠠ ᠣᠶᠠᠯᠳᠣᠭᠤᠯᠣᠨ᠂ ᠦᠰᠪᠦᠷᠢ ᠵᠢᠨ ᠬᠡᠣᠬᠡᠳ᠎ᠤᠨ ᠣᠢ ᠣᠬᠠᠭ᠋ᠠᠨ᠎ᠤ ᠪᠣᠯᠪᠠᠰᠣᠷᠠᠯ᠂ ᠬᠡᠯᠡᠨ᠎ᠤ ᠪᠣᠯᠪᠠᠰᠣᠷᠠᠯ᠂ ᠬᠤᠯᠪᠣᠨ ᠪᠣᠳᠣᠬᠤ ᠪᠣᠯᠪᠠᠰᠣᠷᠠᠯ᠂ ᠣᠷᠠᠨ ᠰᠡᠳᠬᠢᠮᠵᠢ ᠵᠢᠨ ᠪᠣᠯᠪᠠᠰᠣᠷᠠᠯ᠎ᠢ ᠬᠦᠭᠵᠢᠭᠦᠯᠵᠦ ᠪᠠᠶ᠋ᠢᠳᠠᠭ᠃
      ᠬᠡᠯᠡ᠎ᠨᠢ ᠰᠢᠯᠦᠭᠯᠢᠭ ᠣᠶᠠᠩᠭ᠋ᠠᠯᠢᠭ ᠪᠠᠶ᠋ᠢᠬᠤ᠎ᠠᠴᠠ ᠬᠡᠣᠬᠡᠳ᠎ᠤᠨ ᠣᠢ ᠪᠢᠯᠢᠭ᠎ᠤᠨ ᠢᠷᠠᠭᠤ ᠣᠷᠠᠨ ᠪᠠᠶ᠋ᠢᠬᠤ ᠵᠢ ᠨᠥᠯᠦᠭᠡᠯᠡᠵᠦ᠂ ᠬᠡᠣᠬᠡᠳ᠎ᠤᠨ ᠣᠢ ᠪᠢᠯᠢᠭ ᠢᠷᠠᠭᠤ ᠣᠷᠠᠨ ᠪᠠᠶ᠋ᠢᠬᠤ᠎ᠠᠴᠠ ᠰᠡᠳᠬᠢᠨ ᠪᠣᠳᠣᠬᠤ᠂ ᠣᠷᠭᠤᠭᠤᠯᠣᠨ ᠪᠣᠳᠣᠬᠤ ᠴᠢᠳᠠᠪᠣᠷᠢ ᠵᠢ᠎ᠨᠢ ᠮᠠᠰᠢᠳᠠ ᠪᠢᠯᠢᠭᠦᠳᠡᠨ ᠭᠢᠯᠠᠯᠵᠠᠭᠤᠯᠳᠠᠭ ᠪᠠᠶ᠋ᠢᠨ᠎ᠠ᠃
      ᠭᠤᠷᠪᠠ᠎ᠳᠤ᠂ ᠱᠠᠭ᠎ᠠ ᠲᠤᠭᠯᠠᠭ᠋ᠠᠮ᠎ᠨᠢ ᠵᠠᠩ ᠦᠢ᠍ᠯᠡ ᠵᠢᠨ ᠮᠡᠳᠡᠯᠭᠡ᠂ ᠠᠷᠪᠢᠯᠠᠨ ᠭᠠᠮᠨᠠᠭ᠍ᠣ ᠬᠦᠮᠦᠵᠢᠯ᠂ ᠪᠦᠯᠬᠦᠮᠳᠡᠨ ᠨᠢᠬᠲᠠᠷᠠᠭ᠍ᠣ ᠵᠣᠷᠢᠭ ᠰᠠᠨᠠᠭ᠎ᠠ᠂ ᠬᠠᠮᠳᠤ ᠵᠢᠨ ᠬᠦᠴᠦᠨ᠎ᠢ ᠬᠦᠨᠳᠦᠳᠬᠡᠬᠦ ᠵᠡᠷᠭᠡ ᠣᠬᠠᠭᠤᠯᠣᠯ᠎ᠢ ᠬᠢᠴᠢᠶᠡᠯ ᠰᠣᠷᠣᠯᠴᠠᠯᠭ᠎ᠠ ᠵᠢᠨ ᠪᠠᠶ᠋ᠢᠳᠠᠯ ᠵᠶ᠋ᠠᠷ ᠪᠣᠰᠣ᠂ ᠪᠣᠳᠠᠲᠠᠢ ᠣᠷᠴᠢᠨ᠎ᠳᠤ᠂ ᠣᠷᠮ᠎ᠠ ᠰᠡᠳᠬᠢᠯᠭᠡ ᠵᠢᠨ ᠭᠤᠶᠣ ᠰᠢᠬ ᠦᠶ᠎ᠡ᠎ᠳᠤ ᠬᠦᠷᠲᠡᠭᠡᠵᠦ ᠪᠠᠶ᠋ᠢᠳᠠᠭ᠎ᠠᠴᠠ ᠪᠠᠯᠴᠢᠷ ᠣᠢ ᠣᠬᠠᠭ᠋ᠠᠨ᠎ᠳᠤ ᠬᠡᠵᠢᠶᠡᠳᠡ ᠪᠠᠯᠠᠷᠠᠰᠢ ᠦᠭᠡᠢ ᠭᠦᠨ ᠭᠦᠨᠵᠡᠭᠡᠢ ᠰᠠᠭᠤᠭᠳᠠᠯ᠎ᠢ ᠰᠡᠶ᠋ᠢᠯᠵᠦ᠂ ᠨᠠᠰᠣᠨ ᠳᠣᠷᠰᠢ᠎ᠳᠤ᠎ᠨᠢ ᠰᠠᠶ᠋ᠢᠨ ᠰᠠᠶ᠋ᠢᠬᠠᠨ ᠳᠣᠷᠰᠢᠯᠭ᠎ᠠ ᠰᠠᠨᠠᠭᠤᠯᠣᠮᠵᠢ ᠪᠣᠯᠵᠦ ᠳᠠᠭ᠋ᠠᠯᠳᠣᠵᠦ ᠪᠠᠶ᠋ᠢᠳᠠᠭ᠃ ᠵᠢᠱ᠌ᠢᠶᠡᠯᠡᠪᠡᠯ᠂
      《ᠲᠣᠶ᠋ᠢᠭ ᠰᠠᠶ᠋ᠢᠬᠠᠨ ᠮᠦᠯᠵᠢᠪᠡᠯ
      ᠮᠣᠷᠢ ᠰᠠᠶ᠋ᠢᠬᠠᠨ ᠪᠣᠯᠣᠨ᠎ᠠ
      ᠲᠣᠶ᠋ᠢᠭ ᠰᠠᠶ᠋ᠢᠬᠠᠨ ᠮᠦᠯᠵᠢᠪᠡᠯ
      ᠬᠡᠣᠬᠡᠳ ᠰᠠᠶ᠋ᠢᠬᠠᠨ ᠪᠣᠯᠣᠨ᠎ᠠ
      ᠨᠡᠭᠦᠭᠦ᠎ᠳᠤ᠎ᠪᠠᠨ
      ᠪᠠᠭᠤᠴᠠ ᠳᠡᠭᠡᠷ᠎ᠡ᠎ᠪᠠᠨ ᠱᠠᠭ᠎ᠠ ᠬᠠᠶᠠᠳᠠᠭ ᠦᠭᠡᠢ
      ᠬᠠᠪᠣᠷ᠎ᠤᠨ ᠴᠠᠭ᠎ᠲᠤ
      ᠱᠠᠭ᠎ᠠ ᠲᠣᠭᠯᠠᠳᠠᠭ ᠦᠭᠡᠢ ᠁》 ᠵᠡᠷᠭᠡ ᠵᠠᠩ ᠦᠢ᠍ᠯᠡ ᠵᠢᠨ ᠬᠡᠯᠡᠴᠡ᠎ᠨᠢ ᠪᠦᠷ ᠴᠦ᠍ ᠢᠳᠡᠭᠡᠨ᠎ᠢ ᠠᠷᠪᠢᠯᠠᠨ ᠭᠠᠮᠨᠠᠭ᠍ᠣ ᠵᠠᠩ ᠦᠢ᠍ᠯᠡ᠂ ᠬᠦᠮᠦᠵᠢᠯ ᠪᠠᠭᠲᠠᠵᠦ ᠪᠠᠶ᠋ᠢᠳᠠᠭ ᠪᠦᠭᠡᠳ ᠠᠷᠢᠭᠤᠨ ᠴᠡᠪᠡᠷ ᠪᠠᠶ᠋ᠢᠬᠤ᠂ ᠬᠠᠮᠢᠶ᠎ᠠ ᠨᠠᠮᠢᠶ᠎ᠠ ᠦᠭᠡᠢ ᠬᠠᠶᠠᠭ᠍ᠣ ᠦᠭᠡᠢ ᠪᠠᠶ᠋ᠢᠬᠤ ᠴᠡᠭᠡᠷ ᠶᠣᠰᠣᠨ ᠪᠠᠶ᠋ᠢᠵᠦ᠂ ᠬᠠᠪᠣᠷ᠎ᠤᠨ ᠴᠠᠭ᠎ᠲᠤ ᠱᠠᠭ᠎ᠠ ᠲᠣᠭᠯᠠᠳᠠᠭ ᠦᠭᠡᠢ ᠭᠡᠳᠡᠭ ᠦᠭᠡ᠎ᠳᠤ ᠠᠵᠢᠯ᠎ᠤᠨ ᠶᠠᠭ᠋ᠠᠷᠠᠣ ᠣᠯᠠᠷᠢᠯ᠎ᠳᠤ ᠨᠠᠭ᠋ᠠᠳᠣᠮ ᠲᠣᠭᠯᠠᠭ᠋ᠠᠮ᠎ᠢ ᠬᠤᠷᠢᠭᠯᠠᠭ᠍ᠣ ᠦᠵᠡᠯ ᠰᠠᠨᠠᠭ᠎ᠠ ᠴᠦ᠍ ᠪᠠᠭᠲᠠᠵᠦ ᠪᠠᠶ᠋ᠢᠳᠠᠭ᠃ ᠭᠡᠭᠦ᠎ᠳᠤ᠎ᠪᠠᠨ ᠠ᠋ᠨᠡ ᠬᠦ᠌ ᠣᠳᠬ᠎ᠠ ᠰᠠᠨᠠᠭ᠎ᠠ᠎ᠪᠠᠨ ᠦᠨᠳᠦᠰᠦᠲᠡᠨ ᠎ᠤ ᠵᠠᠩ ᠦᠢ᠍ᠯᠡ ᠵᠢᠨ ᠴᠡᠭᠡᠷ ᠶᠣᠰᠣᠨ ᠪᠣᠯᠭ᠋ᠠᠵᠦ ᠣᠯᠠᠮᠵᠢᠯᠠᠭᠰᠠᠨ᠎ᠠᠴᠠ ᠬᠡᠣᠬᠡᠳ ᠪᠠᠭ᠋ᠠᠴᠣᠳ᠎ᠤᠨ ᠰᠠᠬᠢᠯᠭ᠎ᠠ ᠳᠦᠷᠢᠮ ᠪᠣᠯᠣᠨ ᠲᠣᠭᠲᠠᠪᠣᠷᠢᠵᠢᠵᠦ᠂ ᠠᠵᠢᠯ᠎ᠤᠨ ᠶᠠᠭ᠋ᠠᠷᠠᠣ ᠴᠠᠭ᠎ᠲᠤ ᠬᠠᠷᠢᠨ ᠨᠠᠭ᠋ᠠᠳᠣᠮ ᠲᠣᠭᠯᠠᠭ᠋ᠠᠮ᠎ᠠᠴᠠ ᠬᠤᠯᠠᠳᠴᠦ ᠴᠢᠳᠠᠳᠠᠭ ᠪᠠᠶ᠋ᠢᠨ᠎ᠠ᠃
      ᠳᠦᠷᠪᠡ᠂ ᠱᠠᠭ᠎ᠠ ᠲᠣᠭᠯᠠᠭ᠋ᠠᠮ᠎ᠨᠢ ᠭᠠᠭᠴᠠ ᠬᠦᠮᠦᠨ᠎ᠠᠴᠠ ᠲᠤᠭ᠎ᠠ ᠦᠭᠡᠢ ᠣᠯᠠᠨ ᠬᠦᠮᠦᠨ ᠣᠷᠣᠯᠴᠠᠨ ᠲᠣᠭᠯᠠᠵᠦ ᠪᠣᠯᠳᠠᠭ ᠣᠯᠠᠨ ᠲᠦᠮᠡᠨᠴᠢ ᠲᠣᠭᠯᠠᠭ᠋ᠠᠮ ᠪᠦᠭᠡᠳ ᠦᠨᠳᠦᠷ ᠳᠡᠰ᠎ᠤᠨ ᠣᠷᠣᠨ ᠪᠠᠶ᠋ᠢᠷᠢ᠂ ᠲᠠᠯᠠᠪᠠᠢ᠂ ᠪᠡᠯᠡ ᠮᠦᠩᠭᠦᠨ᠎ᠤ ᠱᠠᠭ᠋ᠠᠷᠳᠠᠯᠭ᠎ᠠ ᠦᠭᠡᠢ᠎ᠠᠴᠠ ᠠᠷᠠᠳ᠎ᠤᠨ ᠠᠮᠢᠳᠣᠷᠠᠯ᠎ᠳᠤ ᠲᠣᠬᠢᠷᠠᠭᠰᠠᠨ ᠲᠣᠭᠯᠠᠭ᠋ᠠᠮ ᠪᠣᠯᠣᠨ᠎ᠠ᠃ ᠨᠡᠩ ᠴᠦ᠍ ᠭᠠᠷ᠎ᠤᠨ ᠰᠠᠯᠠᠭ᠎ᠠ᠂ ᠠᠷᠪᠠᠨ ᠬᠤᠷᠣᠭᠤᠨ᠎ᠤ ᠪᠣᠯᠪᠠᠰᠣᠷᠠᠯ᠂ ᠡᠯ᠎ᠡ ᠬᠤᠷᠣᠭᠤᠨ᠎ᠤ ᠪᠠᠯᠴᠢᠷ᠎ᠤᠨ ᠮᠡᠳᠡᠷᠡᠮᠵᠢ᠎ᠳᠤ ᠰᠡᠲᠡᠯᠲᠡ ᠦᠭᠳᠡᠭ᠎ᠠᠴᠠ ᠪᠡᠶ᠎ᠡ ᠰᠣᠪᠢᠯᠠᠯᠲᠠ ᠵᠢᠨ ᠵᠠᠰᠠᠯ ᠪᠣᠯᠳᠠᠭ ᠪᠦᠭᠡᠳ ᠱᠠᠭ᠎ᠠ ᠵᠢ ᠨᠠᠷᠢᠨ ᠨᠢᠮᠪᠠᠢ ᠮᠦᠯᠵᠢᠬᠦ᠎ᠨᠢ ᠬᠡᠣᠬᠡᠳ᠎ᠤᠨ ᠲᠡᠰᠪᠦᠷᠢ᠂ ᠨᠠᠷᠢᠨ ᠬᠢᠨᠠᠮᠠᠭ᠋ᠠᠢ ᠵᠠᠩ᠂ ᠬᠠᠷᠠᠭ᠋ᠠᠨ᠎ᠤ ᠣᠷ᠎ᠠ ᠵᠢ ᠪᠣᠶ᠋ᠢᠵᠢᠭᠤᠯᠵᠦ᠂ ᠦᠶ᠎ᠡ ᠭᠡᠰᠢᠭᠦᠦ ᠵᠡᠷᠭᠡ ᠡᠯ᠎ᠡ ᠠ᠋ᠷᠬᠡᠲᠡᠨ᠎ᠤ ᠪᠣᠶ᠋ᠢᠵᠢᠯᠲᠡ᠎ᠳᠤ ᠮᠠᠰᠢ ᠠᠰᠢᠭᠲᠠᠢ ᠪᠠᠶ᠋ᠢᠳᠠᠭ᠎ᠢ ᠴᠣᠬᠤᠰ ᠳᠣᠷᠠᠳᠣᠶ᠎ᠠ᠃
      ᠨᠠᠭ᠋ᠠᠳᠣᠮ ᠲᠣᠭᠯᠠᠭ᠋ᠠᠮ᠎ᠨᠢ ᠵᠤᠭ᠎ᠠ ᠴᠡᠩᠭᠡᠯ᠎ᠤᠨ ᠭᠦᠨ ᠭᠦᠨᠵᠡᠭᠡᠢ ᠶᠣᠰᠣ ᠳᠦᠷᠢᠮ᠂ ᠠᠭᠤᠯᠭ᠎ᠠ ᠶᠣᠰᠣᠨ᠎ᠲᠠᠢ ᠪᠠᠶ᠋ᠢᠳᠠᠭ᠎ᠠᠴᠠ ᠵᠥᠪ ᠪᠣᠳᠣᠯ᠂ ᠵᠥᠪ ᠰᠠᠨᠠᠭ᠋ᠠᠨ᠎ᠠᠴᠠ ᠳᠣᠲᠣᠭ᠋ᠠᠳᠦ ᠨᠢᠭᠤᠴᠠ ᠣᠷ᠎ᠠ ᠣᠬᠠᠭ᠋ᠠᠨ᠎ᠢ᠎ᠨᠢ ᠠ᠋ᠷᠢᠨ ᠬᠠᠶ᠋ᠢᠵᠦ᠂ ᠬᠡᠣᠬᠡᠳ ᠪᠠᠭ᠋ᠠᠴᠣᠳ᠂ ᠰᠣᠷᠣᠭᠴᠢᠳ᠎ᠲᠠᠢ᠎ᠪᠠᠨ ᠬᠠᠮᠳᠦ᠎ᠪᠠᠷ ᠣᠷᠮ᠎ᠠ ᠪᠠᠬ᠎ᠠ᠎ᠲᠠᠢ ᠬᠦᠳᠡᠯᠭᠡᠭᠡᠨ᠎ᠢ ᠵᠣᠬᠢᠶᠠᠨ ᠪᠠᠶ᠋ᠢᠭᠤᠯᠬᠤ᠎ᠪᠠᠷ ᠳᠠᠮᠵᠢᠭᠤᠯᠵᠦ᠂ ᠬᠠᠮᠲᠦ ᠵᠢᠨ ᠠ᠋ᠶ᠎ᠡ ᠨᠠᠶ᠋ᠢᠷ ᠪᠦᠯᠬᠦᠮᠳᠡᠯ᠎ᠢ ᠠᠬᠢᠭᠤᠯᠵᠦ᠂ ᠬᠡᠯᠡᠨ᠎ᠤ ᠣᠷ᠎ᠠ᠂ ᠬᠠᠷᠠᠭ᠋ᠠᠨ᠎ᠤ ᠰᠡᠷᠡᠯ᠂ ᠣᠢ ᠣᠬᠠᠭ᠋ᠠᠨ᠎ᠤ ᠬᠦᠭᠵᠢᠯᠲᠡ ᠵᠢ ᠰᠣᠯᠠ ᠴᠢᠯᠦᠭᠡᠲᠠᠢ ᠬᠦᠳᠡᠯᠭᠡᠭᠡᠨ ᠵᠶ᠋ᠠᠷ ᠣᠷᠣᠯᠠᠨ ᠭᠦᠢ᠍ᠴᠡᠳᠬᠡᠪᠡᠯ ᠬᠡᠣᠬᠡᠳ᠎ᠤᠨ ᠪᠡᠶ᠎ᠡ ᠮᠠᠭ᠍ᠠᠪᠣᠳ᠎ᠤᠨ ᠬᠦᠭᠵᠢᠯᠲᠡ᠂ ᠣᠶᠣᠨ ᠎ᠤ ᠬᠦᠭᠵᠢᠯᠲᠡ᠎ᠳᠤ ᠮᠠᠰᠢ ᠲᠣᠰᠠ ᠪᠣᠯᠬᠤ᠎ᠨᠢ ᠯᠠᠪᠲᠠᠢ᠃
      ᠰᠣᠷᠭ᠋ᠠᠨ ᠬᠦᠮᠦᠵᠢᠯ ᠪᠣᠯ ᠣᠯᠠᠨ ᠲᠠᠯᠠᠴᠢ ᠴᠢᠨᠠᠷ᠎ᠲᠠᠢ ᠵᠢᠭ᠋ᠠᠨ ᠰᠣᠷᠭ᠋ᠠᠯᠲᠠ ᠣᠴᠢᠷ᠎ᠠᠴᠠ ᠵᠥᠪ ᠰᠠᠶ᠋ᠢᠬᠠᠨ ᠠᠷᠭ᠎ᠠ ᠪᠠᠷᠢᠯ ᠵᠶ᠋ᠠᠷ ᠬᠡᠣᠬᠡᠳ ᠪᠠᠭ᠋ᠠᠴᠣᠳ᠎ᠲᠤ ᠶᠣᠰᠣ ᠮᠣᠷᠠᠯ᠂ ᠭᠦᠨ ᠣᠬᠠᠭ᠋ᠠᠨ᠂ ᠣᠢ ᠪᠢᠯᠢᠭ᠎ᠤᠨ ᠢᠳᠡᠪᠬᠢ ᠣᠶ᠋ᠢᠯᠡᠳᠣᠯ ᠦᠵᠡᠭᠦᠯᠬᠦ᠎ᠨᠢ ᠪᠠᠭᠰᠢ᠂ ᠭᠡᠷ᠎ᠤᠨ ᠠᠬᠠᠮᠠᠳ᠂ ᠨᠡᠶ᠋ᠢᠭᠡᠮ᠎ᠤᠨ ᠠ᠋ᠭᠦᠷᠭᠡ ᠬᠠᠷᠢᠭᠤᠴᠠᠯᠭ᠎ᠠ ᠪᠣᠯᠣᠨ᠎ᠠ᠃
      ᠣᠯᠠᠮᠵᠢᠯᠠᠯᠲᠦ ᠰᠣᠶᠣᠯ᠎ᠤᠨ ᠰᠣᠳᠣᠨ ᠰᠢᠯᠢᠳᠡᠭ᠎ᠢ ᠦᠪᠯᠡᠭᠰᠡᠨ ᠰᠢᠨ᠎ᠡ ᠦᠶ᠎ᠡ ᠵᠢᠨ ᠰᠣᠳᠣᠨ ᠵᠠᠯᠠᠭᠤᠴᠣᠳ᠎ᠢ ᠬᠦᠮᠦᠵᠢᠭᠦᠯᠬᠦ᠎ᠳᠤ ᠰᠠᠭᠤᠷᠢ ᠰᠣᠷᠭ᠋ᠠᠨ ᠬᠦᠮᠦᠵᠢᠯ ᠮᠠᠰᠢ ᠵᠠᠩᠭᠢᠯᠠᠭ᠎ᠠ ᠵᠢᠨ ᠦᠢ᠍ᠯᠡᠳᠥᠯ ᠦᠵᠡᠭᠦᠯᠬᠦ ᠣᠴᠢᠷ᠎ᠠᠴᠠ ᠬᠦᠮᠦᠨ ᠪᠦᠷᠢ ᠰᠢᠯᠢᠳᠡᠭ ᠰᠣᠳᠣᠨ ᠰᠣᠶᠣᠯ ᠵᠶ᠋ᠠᠷ ᠬᠡᠣᠬᠡᠳ ᠪᠠᠭ᠋ᠠᠴᠣᠣᠯ ᠵᠶ᠋ᠠᠨ ᠬᠦᠮᠦᠵᠢᠭᠦᠯᠬᠦ᠎ᠳᠤ ᠳᠣᠰᠠ ᠳᠡᠮᠵᠢᠯᠭᠡ ᠭᠠᠷᠭ᠋ᠠᠬᠤ ᠵᠢᠨ ᠣᠴᠢᠷ᠎ᠠᠴᠠ ᠳᠦᠭᠦᠮᠬᠡᠨ ᠦᠭᠦᠯᠡᠯ ᠳᠡᠪᠰᠢᠭᠦᠯᠵᠦ ᠯᠠᠪᠯᠠᠯᠲᠠ ᠪᠣᠯᠭ᠋ᠠᠬᠤ ᠵᠢ ᠵᠣᠷᠢᠪᠠ᠃
      ᠠᠵᠢᠯᠯᠠᠵᠤ ᠪᠠᠢ᠍ᠢ᠍ᠭ᠎ᠠ ᠪᠠᠢ᠍ᠢ᠍ᠭᠤᠯᠭ᠎ᠠ᠄ ᠰᠦᠪᠸᠢ ᠵᠢᠨ ᠮᠣᠩᠭᠤᠯ ᠦᠨᠳᠦᠰᠦᠲᠡᠨ᠎ᠤ

                              ᠦᠪᠡᠷᠲᠡᠭᠡᠨ  ᠵᠠᠰᠠᠭ᠍ᠣ ᠰᠢᠶᠠᠨ᠎ᠤ ᠮᠣᠩᠭᠤᠯ

                               ᠦᠨᠳᠦᠰᠦᠲᠡᠨ᠎ᠤ ᠰᠣᠷᠭ᠋ᠠᠭᠤᠯᠢ
                              (ᠠᠯᠳᠠᠨᠰᠦᠢ᠍ᠭᠡ ᠨᠠᠢ᠍ᠢ᠍ᠷᠠᠭᠤᠯᠪᠠ)
                              2023.3 ᠳ᠋ᠤᠭ᠋ᠠᠷ ᠬᠤᠭᠤᠴᠠᠭ᠎ᠠ


 

ᠢᠷᠡᠯᠲᠡ᠄ ᠦᠪᠦᠷ ᠮᠣᠩᠭᠣᠯ᠎ᠤᠨ ᠦᠪᠡᠷᠲᠡᠭᠡᠨ ᠵᠠᠰᠠᠬᠤ ᠣᠷᠣᠨ᠎ᠤ ᠰᠤᠷᠭ᠋ᠠᠨ ᠬᠦᠮᠦᠵᠢᠯ᠎ᠤᠨ ᠲᠢᠩᠬᠢᠮ
          
ᠬᠠᠮᠢᠶ᠎ᠡ ᠪᠦᠬᠦᠢ ᠰᠣᠨᠢᠨ
ᠬᠡᠷ ᠪᠦᠯᠢ ᠵᠢᠨ ᠬᠦᠮᠦᠵᠢᠯ᠎ᠳᠠᠬᠢ ᠤᠮᠳᠤᠭ᠋ᠠᠶ᠋ᠢᠯᠠᠵᠤ ᠪᠤᠯᠤᠰᠢ ᠦᠬᠡᠢ ᠬᠡᠳᠦᠨ ᠠᠰᠠᠭᠤᠳᠠᠯ
ᠬᠡᠣᠬᠡᠳ᠎ᠲᠤ ᠬᠦᠰᠡᠯᠡᠩ᠎ᠤᠨ ᠬᠦᠮᠦᠵᠢᠯ ᠬᠢᠬᠦ ᠴᠢᠬᠤᠯᠠ ᠴᠢᠨᠠᠷ᠎ᠤᠨ ᠲᠤᠬᠠᠢ
ᠭᠡᠤᠭᠡᠳ᠎ᠢ ᠵᠦᠪ ᠬᠠᠢ᠍ᠢ᠍ᠷᠠᠯᠠᠬᠤ ᠵᠢᠨ ᠤᠴᠢᠷ᠎ᠲᠤ
ᠵᠦᠪ ᠦᠭᠡᠳᠡᠷᠬᠡᠭ ᠭᠡᠷ᠎ᠤᠨ ᠬᠦᠮᠦᠵᠢᠯ ᠪᠣᠯ ᠬᠡᠣᠬᠡᠳ᠎ᠤᠨ ᠠ᠋ᠷᠡᠬᠦᠯ ᠦᠰᠦᠨ ᠪᠣᠶ᠋ᠢᠵᠢᠯᠲᠠ ᠵᠢᠨ ᠦᠨᠳᠦᠰᠦ
ᠬᠡᠣᠬᠡᠣᠨ᠎ᠤᠨ ᠴᠡᠴᠡᠷᠯᠢᠭ᠎ᠤᠨ ᠰᠤᠷᠭ᠋ᠠᠨ ᠭᠦᠮᠣᠵᠢᠯ᠎ᠤᠨ ᠶᠠᠪᠤᠴᠠ᠎ᠳᠠᠬᠢ ᠠᠵᠢᠭᠯᠠᠯᠲᠠ ᠵᠢᠨ ᠲᠤᠬᠠᠢ
 
             蒙ICP备05000248号