ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠰᠤᠷᠭᠠᠨ ᠬᠦᠮᠦᠵᠢᠯ᠎ᠤᠨ ᠬᠠᠨᠲᠤᠯᠭ᠎ᠠ
ᠰᠣᠨᠤᠷ᠎ᠤᠨ ᠲᠠᠪᠴᠠᠩ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠰᠣᠨᠤᠷ᠎ᠤᠨ ᠲᠠᠪᠴᠠᠩ   -   ᠬᠡᠣᠬᠡᠳ᠎ᠤᠨ ᠬᠦᠮᠦᠵᠢᠯ
ᠬᠡᠥᠭᠡᠳ᠎ᠤᠨ ᠰᠤᠨᠤᠰᠴᠥ ᠶᠠᠷᠢᠬᠤ ᠴᠢᠳᠠᠪᠤᠷᠢ ᠵᠢ ᠬᠦᠮᠦᠵᠢᠬᠦᠯᠬᠦ ᠳᠤᠬᠠᠢ
ᠨᠡᠶ᠋ᠢᠲᠡᠯᠡᠭᠰᠡᠨ ᠴᠠᠭ᠄ 2021-10-27


                                  ᠳᠤᠭᠤᠷᠮ᠎ᠠ


      ᠪᠦᠬᠦ ᠤᠷᠤᠨ᠎ᠤ ᠮᠤᠩᠭᠤᠯ ᠵᠶ᠋ᠠᠷ ᠬᠢᠴᠢᠶᠠᠯᠯᠠᠵᠥ ᠪᠠᠶ᠋ᠢᠭ᠎ᠠ
      ᠭᠡᠤᠭᠡᠳ᠎ᠤᠨ ᠴᠡᠴᠡᠷᠯᠢᠭ᠂ ᠪᠠᠭ᠎ᠠ ᠰᠤᠷᠭ᠋ᠠᠭᠤᠯᠢ ᠵᠢᠨ ᠬᠡᠪᠴᠢᠶᠠᠨ᠎ᠳᠤ ᠶᠠᠪᠤᠭᠳᠠᠵᠥ ᠪᠠᠶ᠋ᠢᠭ᠎ᠠ ᠮᠤᠩᠭᠤᠯ ᠬᠡᠯᠡ ᠪᠢᠴᠢᠭ᠎ᠤᠨ ᠳᠦᠷᠪᠠᠨ ᠪᠤᠭᠤᠮᠳᠠ ᠵᠢ ᠳᠠᠪᠠᠭᠤᠯᠬᠤ ᠰᠤᠳᠤᠯᠭ᠋ᠠᠨ ᠪᠤᠯᠬᠤ — ᠰᠤᠨᠤᠰᠴᠥ ᠶᠠᠷᠢᠬᠤ ᠪᠤᠭᠤᠮᠳᠠ᠂ ᠦᠰᠦᠭᠴᠢᠯᠠᠯ᠎ᠤᠨ ᠪᠤᠭᠤᠮᠳᠠ᠂ ᠤᠩᠰᠢᠯᠭ᠎ᠠ ᠵᠢᠨ ᠪᠤᠭᠤᠮᠳᠠ᠂ ᠵᠤᠬᠢᠶᠠᠨ ᠪᠢᠴᠢᠯᠭᠡ ᠵᠢᠨ ᠪᠤᠭᠤᠮᠳᠠ ᠭᠡᠬᠦ ᠳᠦᠷᠪᠡᠨ ᠪᠤᠭᠤᠮᠳᠠ ᠵᠢᠨ ᠰᠤᠨᠤᠰᠴᠥ ᠶᠠᠷᠢᠬᠤ ᠪᠤᠭᠤᠮᠳᠠ᠎ᠨᠢ ᠭᠡᠤᠭᠡᠳ᠎ᠤᠨ ᠴᠡᠴᠡᠷᠯᠢᠭ᠎ᠲᠠᠢ ᠰᠢᠭᠤᠳ ᠬᠤᠯᠪᠤᠭᠳᠠᠵᠥ ᠪᠠᠶ᠋ᠢᠳᠠᠭ᠃ ᠲᠤᠰ ᠦᠭᠦᠯᠡᠯ᠎ᠳᠤ ᠰᠤᠷᠭ᠋ᠠᠭᠤᠯᠢ᠎ᠠᠴᠠ ᠠ᠋ᠮᠤᠨᠡᠬᠢ ᠬᠡᠥᠭᠡᠳ᠎ᠤᠨ ᠰᠤᠨᠤᠰᠴᠦ ᠶᠠᠷᠢᠬᠤ ᠴᠢᠳᠠᠪᠤᠷᠢ ᠵᠢ ᠬᠦᠮᠦᠵᠢᠬᠦᠯᠬᠦ ᠪᠤᠯᠪᠠᠰᠤᠷᠠᠯ᠎ᠢ ᠬᠢᠬᠦ᠎ᠳᠤ ᠠᠩᠬᠠᠷᠤᠭᠤᠰᠢᠳᠠᠢ ᠲᠠᠯ᠎ᠠ᠎ᠪᠠᠷ ᠮᠦᠴᠢᠳ ᠦᠬᠦᠯᠡᠶ᠎ᠠ᠃
      ᠨᠢᠭᠡ᠂ ᠬᠡᠥᠭᠡᠳ᠎ᠲᠤ ᠵᠠᠪᠠᠯ ᠰᠤᠨᠤᠰᠬᠠᠵᠤ ᠤᠶ᠋ᠢᠯᠠᠭ᠋ᠠᠭᠤᠯᠤᠭᠰᠠᠨ ᠪᠠᠶ᠋ᠢᠬᠤ ᠬᠡᠷᠡᠭᠳᠡᠢ᠃ ᠴᠡᠴᠡᠷᠯᠢᠭ᠎ᠤᠨ ᠬᠡᠥᠭᠡᠳ ᠦᠭᠡ ᠬᠡᠯᠡ ᠵᠢ ᠰᠠᠶ᠋ᠢᠨ ᠤᠶ᠋ᠢᠯᠠᠭ᠋ᠠᠵᠤ ᠶᠠᠷᠢᠵᠤ ᠴᠢᠳᠠᠭ᠍ᠤ ᠦᠭᠡᠢ ᠪᠠᠶ᠋ᠢᠳᠠᠯ᠎ᠳᠤ ᠪᠠᠭᠰᠢ ᠨᠠᠷ ᠢᠮᠠᠭᠳᠠ ᠳᠠᠭ᠋ᠠᠭᠤᠯᠵᠥ ᠶᠠᠷᠢᠬᠤ᠂ ᠳᠦᠷᠢᠮᠯᠠᠵᠤ ᠶᠠᠷᠢᠬᠤ᠂ ᠳᠡᠪᠳᠡᠵᠤ ᠶᠠᠷᠢᠬᠤ ᠵᠢᠴᠢ ᠬᠡᠥᠭᠡᠳ ᠵᠶ᠋ᠠᠷ ᠳᠦᠷᠢᠮᠵᠢᠭᠦᠨ ᠶᠠᠷᠢᠭᠤᠯᠬᠤ ᠵᠡᠷᠭᠡ ᠠᠷᠭ᠎ᠠ ᠠᠪᠴᠠᠯ᠎ᠢ ᠵᠤᠬᠢᠰᠲᠠᠢ ᠬᠡᠷᠡᠭᠯᠡᠵᠦ᠂ ᠰᠤᠨᠤᠰᠴᠦ ᠶᠠᠷᠢᠬᠤ ᠴᠢᠳᠠᠪᠤᠷᠢ ᠵᠢ ᠭᠦᠮᠦᠵᠢᠭᠦᠯᠭᠦ ᠵᠢ ᠠᠩᠬᠠᠷᠬᠤ ᠬᠡᠷᠡᠭᠳᠡᠢ᠃
      ᠬᠤᠶᠠᠷ᠂ ᠬᠡᠥᠭᠡᠳ᠎ᠢ ᠵᠠᠪᠠᠯ ᠪᠦᠷᠢᠨ ᠪᠦᠳᠦᠨ ᠦᠭᠦᠯᠠᠪᠤᠷᠢ ᠪᠤᠶᠤ ᠨᠠᠢ᠍ᠢ᠍ᠯᠠᠮᠠᠯ ᠦᠭᠦᠯᠡᠪᠤᠷᠢ ᠶᠠᠷᠢᠭᠤᠯᠬᠤ ᠵᠢ ᠪᠠᠷᠢᠮᠳᠠᠯᠠᠭ᠍ᠤ ᠬᠡᠷᠡᠭᠳᠡᠢ᠃ ᠴᠡᠴᠡᠷᠯᠢᠭ᠎ᠤᠨ ᠭᠡᠤᠭᠡᠳ᠎ᠤᠳ᠎ᠲᠤ ᠵᠦᠪᠭᠡᠨ ᠠᠮᠢᠳᠤᠷᠠᠯ᠎ᠤᠨ ᠭᠡᠷᠡᠭᠰᠡᠯ᠎ᠤᠨ ᠨᠠᠷ᠎ᠠ ᠵᠢ ᠮᠠᠳᠠᠭᠦᠯᠦᠭᠡᠳ ᠪᠤᠯᠴᠢᠬᠠᠬᠤ ᠪᠢᠰᠢ᠃ ᠭᠡᠭᠦ᠎ᠳᠤ᠎ᠪᠠᠨ ᠬᠡᠥᠭᠡᠳ᠎ᠤᠨ ᠶᠠᠷᠢᠬᠤ ᠦᠭᠡ ᠦᠬᠦᠯᠠᠪᠤᠷᠢ᠎ᠨᠢ ᠬᠡᠥᠭᠡᠳ᠎ᠤᠨ ᠠᠮᠢᠳᠤᠷᠠᠯ᠎ᠲᠠᠢ ᠨᠢᠭᠲᠠ ᠤᠶ᠋ᠢᠷᠠᠳᠤᠭᠰᠠᠨ ᠪᠠᠶ᠋ᠢᠬᠤ ᠵᠢ ᠠᠩᠬᠠᠷᠬᠤ ᠬᠡᠷᠡᠭᠳᠡᠢ᠃ ᠵᠢᠱ᠌ᠢᠶᠠᠯᠠᠪᠠᠯ᠂ ᠬᠡᠥᠭᠡᠳ ᠨᠠᠭ᠋ᠠᠳᠴᠤ ᠳᠤᠭᠯᠠᠵᠤ ᠪᠠᠶ᠋ᠢᠭ᠎ᠠ ᠦᠶ᠎ᠡ᠎ᠳᠤ ᠵᠢᠷᠤᠭ ᠰᠡᠬᠦᠳᠡᠷ ᠠᠪᠤᠨ᠂ ᠬᠢᠴᠢᠶᠡᠯ ᠲᠡᠭᠡᠷ᠎ᠡ ᠲᠤᠰ ᠬᠡᠥᠭᠡᠳ᠎ᠢ ᠨᠡᠷ᠎ᠡ ᠳᠤᠷᠠᠳᠤᠨ 《ᠬᠡᠨ᠎ᠲᠠᠢ᠂ ᠶᠠᠮᠠᠷ ᠳᠤᠭᠯᠠᠭ᠋ᠠᠮ ᠵᠶ᠋ᠠᠷ ᠨᠠᠭ᠋ᠠᠳᠤᠭᠰᠠᠨ ᠪᠤᠢ?》 ᠭᠡᠬᠦ ᠮᠡᠳᠤ᠎ᠪᠠᠷ ᠰᠡᠩᠭᠡᠷᠡᠬᠦᠯᠦᠯ ᠦᠭᠬᠦ ᠠᠷᠭ᠎ᠠ ᠠᠪᠴᠠᠯ᠎ᠢ ᠠᠪᠴᠦ᠂ ᠬᠡᠥᠭᠡᠳ᠎ᠤᠨ ᠪᠦᠷᠢᠨ ᠪᠦᠳᠦᠨ ᠦᠭᠡ ᠦᠬᠦᠯᠠᠪᠤᠷᠢ ᠶᠠᠷᠢᠬᠤ ᠵᠢ ᠪᠠᠷᠢᠮᠳᠠᠯᠠᠨ᠎ᠠ᠃
      ᠭᠤᠷᠪᠠ᠂ ᠵᠠᠪᠠᠯ ᠬᠡᠥᠭᠡᠳ᠎ᠤᠨ ᠠᠩᠬᠠᠷᠤᠯ᠎ᠲᠠᠢ ᠰᠤᠨᠤᠰᠬᠤ ᠳᠠᠳᠬᠠᠯ᠎ᠢ ᠬᠦᠮᠦᠵᠢᠬᠦᠯᠬᠦ ᠬᠡᠷᠡᠭᠳᠡᠢ᠃ ᠪᠠᠯᠴᠢᠷ ᠬᠡᠥᠭᠡᠳ ᠠᠩᠬᠠᠷᠤᠯ ᠵᠶ᠋ᠠᠨ ᠳᠦᠪᠯᠡᠷᠡᠬᠦᠯᠬᠦ ᠲᠠᠯ᠎ᠠ᠎ᠪᠠᠷ ᠲᠤᠩ ᠪᠠᠷᠤᠭᠳᠠᠢ ᠪᠤᠯᠬᠤᠷ ᠪᠠᠭᠰᠢ᠎ᠠᠴᠠ ᠨᠠᠭ᠋ᠠᠳᠤᠮ ᠳᠤᠭᠯᠠᠭ᠋ᠠᠮ ᠵᠶ᠋ᠠᠷ ᠰᠤᠨᠢᠷᠠᠭᠯ᠎ᠢ᠎ᠨᠢ ᠲᠠᠲᠠᠭ᠍ᠤ᠎ᠪᠠᠷ ᠪᠠᠷᠠᠭ᠍ᠤ ᠦᠭᠡᠢ ᠦᠭᠡ ᠶᠠᠷᠢᠶ᠎ᠠ᠂ ᠨᠢᠳᠤᠨ ᠬᠠᠷᠠᠴᠠ᠂ ᠦᠢ᠍ᠯᠠ ᠬᠦᠳᠡᠯᠦᠯ᠂ ᠤᠪᠤᠷ ᠰᠡᠳᠬᠢᠯᠭᠡ ᠪᠦᠬᠦᠨ ᠵᠶ᠋ᠠᠷ ᠵᠶ᠋ᠠᠨ ᠬᠡᠥᠭᠡᠳ᠎ᠤᠨ ᠠᠩᠬᠠᠷᠤᠯ᠎ᠢ ᠳᠠᠳᠠᠭᠰᠠᠨ ᠪᠠᠶ᠋ᠢᠬᠤ ᠵᠢ ᠠᠩᠬᠠᠷᠬᠤ ᠭᠡᠷᠡᠭᠳᠡᠢ᠃
      ᠳᠦᠷᠪᠡ᠂ ᠬᠡᠥᠭᠡᠳ᠎ᠲᠠᠢ ᠬᠠᠷᠢᠯᠴᠠᠭ᠍ᠤ᠎ᠳᠤ᠎ᠪᠠᠨ ᠨᠢᠭᠡ ᠱᠤᠭᠤᠮ᠎ᠳᠤ ᠪᠠᠶ᠋ᠢᠬᠤ ᠵᠢ ᠪᠠᠷᠢᠮᠳᠠᠯᠠᠬᠤ ᠬᠡᠷᠡᠭᠳᠡᠢ᠃ ᠭᠡᠤᠭᠡᠳ᠎ᠤᠨ ᠴᠡᠴᠡᠷᠯᠢᠭ᠎ᠤᠨ ᠪᠠᠭᠰᠢ ᠵᠠᠪᠠᠯ ᠬᠡᠥᠭᠡᠳ᠎ᠲᠠᠢ ᠬᠠᠷᠢᠯᠴᠠᠭ᠍ᠤ᠎ᠳᠤ᠎ᠪᠠᠨ ᠵᠠᠪᠠᠯ ᠰᠦᠬᠦᠳᠴᠦ ᠰᠠᠭᠤᠨ᠂ ᠨᠢᠳᠤᠨ ᠬᠠᠷᠡᠴᠡ ᠨᠢᠭᠡ ᠱᠤᠭᠤᠮ᠎ᠳᠤ ᠪᠠᠶ᠋ᠢᠬᠤ ᠵᠢ ᠪᠠᠳᠤᠯᠠᠵᠤ᠂ ᠶᠠᠷᠢᠵᠤ ᠬᠠᠷᠢᠯᠴᠠᠬᠤ ᠵᠢ ᠠᠨᠭ᠌ᠬᠠᠷᠬᠤ᠎ᠳᠤ ᠰᠠᠨᠳᠠᠯᠢ ᠳᠡᠭᠡᠷ᠎ᠡ ᠰᠠᠭᠤᠵᠤ ᠨᠢᠳᠤᠨ ᠬᠠᠷᠡᠴᠡ ᠠᠳᠠᠯᠢ ᠨᠢᠭᠡ ᠱᠤᠭᠤᠮ ᠳᠡᠭᠡᠷ᠎ᠡ ᠪᠠᠶ᠋ᠢᠬᠤ ᠵᠢ ᠪᠠᠳᠤᠯᠠᠵᠤ᠂ ᠬᠡᠥᠭᠡᠳ᠎ᠤᠨ ᠨᠠᠰᠤᠨ᠎ᠤ ᠤᠨᠴᠠᠯᠢᠭ᠎ᠲᠤ᠎ᠨᠢ ᠳᠤᠬᠢᠷᠠᠭᠤᠯᠵᠥ ᠬᠢᠴᠢᠶᠠᠯ ᠪᠤᠶᠤ ᠦᠭᠡ ᠶᠠᠷᠢᠶ᠎ᠠ ᠦᠢ᠍ᠯᠠ ᠬᠦᠳᠡᠯᠦᠯ ᠵᠶ᠋ᠠᠨ ᠠᠩᠬᠠᠷᠴᠥ ᠠᠵᠢᠯᠯᠠᠭ᠍ᠤ ᠭᠡᠷᠡᠭᠳᠡᠢ᠃
      ᠳᠠᠪᠤ᠂ ᠤᠷᠴᠢᠨ ᠳᠤᠭᠤᠷᠢᠨ᠎ᠤ ᠠ᠋ᠳ᠋ ᠪᠤᠳᠠᠰ᠎ᠢ ᠨᠡᠷᠡᠯᠡᠵᠥ ᠳᠠᠨᠢᠭᠤᠯᠤᠨ᠎ᠠ᠃ ᠲᠤᠬᠠᠢ᠍ᠢ᠍ᠯᠠᠪᠠᠯ ᠬᠤᠪᠴᠠᠰᠥ ᠬᠤᠨᠠᠷ᠂ ᠠ᠋ᠳ᠋ᠯᠡᠯ ᠬᠡᠷᠡᠭᠰᠡᠯ᠂ ᠪᠠᠶ᠋ᠢᠭ᠋ᠠᠯᠢ ᠤᠷᠴᠢᠨ᠂ ᠴᠠᠭ ᠠᠭᠤᠷ᠂ ᠪᠠᠶ᠎ᠠ ᠴᠤᠭᠴᠠ ᠬᠡᠬᠦ ᠮᠡᠳᠤ ᠵᠢᠨ ᠨᠠᠷ᠎ᠠ ᠵᠢ ᠭᠡᠤᠭᠡᠳ᠎ᠤᠳ᠎ᠲᠤ ᠵᠢᠭ᠋ᠠᠵᠤ ᠰᠤᠷᠭ᠋ᠠᠨ᠎ᠠ᠃
      ᠵᠢᠷᠭᠤᠭ᠎ᠠ᠂ ᠬᠡᠥᠭᠡᠳ ᠦᠪᠡᠷ᠎ᠤᠨ ᠪᠠᠶ᠎ᠠ ᠪᠤᠯᠤᠨ ᠭᠡᠷ ᠪᠦᠯᠢ᠎ᠪᠠᠨ ᠳᠠᠨᠢᠯᠴᠠᠭᠤᠯᠵᠤ ᠴᠢᠳᠠᠭᠰᠠᠨ ᠪᠠᠶ᠋ᠢᠬᠤ ᠬᠡᠷᠡᠭᠳᠡᠢ᠃ ᠪᠠᠭᠰᠢ᠎ᠠᠴᠠ ᠬᠡᠥᠭᠡᠳ᠎ᠤᠨ ᠦᠪᠡᠷ᠎ᠤᠨ ᠪᠠᠶ᠎ᠠ ᠵᠢᠨ ᠳᠠᠨᠢᠯᠴᠠᠭᠤᠯᠭ᠎ᠠ ᠬᠢᠬᠦ ᠵᠢ ᠬᠢᠴᠢᠶᠡᠯᠯᠡᠭᠡ᠎ᠪᠠᠷ ᠳᠠᠮᠵᠢᠨ ᠵᠦᠪ ᠵᠢᠭ᠋ᠠᠨ ᠵᠢᠯᠤᠭᠤᠳᠤᠭᠰᠠᠨ ᠪᠠᠶ᠋ᠢᠬᠤ ᠬᠡᠷᠡᠭᠳᠡᠢ᠃ ᠤᠯᠠᠩᠬᠢ ᠬᠡᠥᠭᠡᠳ 《ᠪᠢ ᠪᠤᠯ ᠬᠡᠨ ᠬᠡᠨ ᠭᠡᠳᠡᠭ》 ᠬᠡᠵᠤ ᠳᠠᠨᠢᠯᠴᠠᠭᠤᠯᠵᠤ ᠪᠠᠶ᠋ᠢᠳᠠᠭ᠃ ᠦᠨᠡᠨ᠎ᠳᠤ᠎ᠪᠠᠨ 《ᠨᠠᠮ᠎ᠠ ᠵᠢ ᠬᠡᠨ ᠬᠡᠨ ᠭᠡᠳᠡᠭ》 ᠭᠡᠵᠤ ᠶᠠᠷᠢᠬᠤ᠎ᠨᠢ ᠢᠯᠡᠬᠦᠦ ᠵᠦᠪ ᠤᠨᠤᠪᠴᠢᠳᠠᠢ ᠪᠤᠯᠬᠤᠷ ᠠ᠋ᠨᠡ ᠲᠤᠬᠠᠢ᠎ᠳᠤ ᠭᠡᠤᠭᠡᠳ᠎ᠤᠨ ᠴᠡᠴᠡᠷᠯᠢᠭ᠎ᠤᠨ ᠬᠡᠯᠡᠨ᠎ᠤ ᠪᠠᠭᠰᠢ ᠨᠠᠷ ᠤᠨᠴᠠ ᠠᠩᠬᠠᠷᠬᠤ᠎ᠨᠢ ᠵᠤᠶ᠋ᠢᠳᠠᠢ᠃
      ᠲᠤᠯᠤᠭ᠎ᠠ᠂ ᠡᠯ᠎ᠠ ᠪᠦᠬᠦ ᠪᠠᠭᠰᠢ ᠨᠠᠷ ᠵᠠᠪᠠᠯ ᠤᠷᠤᠰᠤᠮ᠎ᠠ ᠳᠤᠳᠤ᠂ ᠳᠦᠬᠦᠮ ᠤᠶ᠋ᠢᠯᠠᠭ᠋ᠠᠮᠵᠢᠳᠠᠢ ᠶᠠᠷᠢᠬᠤ᠂ ᠭᠡᠤᠭᠡᠳ᠎ᠤᠨ ᠨᠠᠰᠤᠨ᠎ᠤ ᠤᠨᠴᠠᠯᠢᠭ᠂ ᠪᠤᠳᠡᠳᠤ ᠪᠠᠶ᠋ᠢᠳᠠᠯ᠎ᠳᠤ ᠨᠠᠢ᠍ᠢ᠍ᠴᠠᠭᠦᠯᠵᠦ᠂ ᠰᠡᠳᠬᠢᠯᠭᠡ᠎ᠲᠠᠢ ᠶᠠᠷᠢᠵᠥ ᠢᠯᠡᠳᠭᠡᠬᠦ᠂ ᠦᠢ᠍ᠯᠠ ᠬᠦᠳᠡᠯᠦᠯ ᠠᠮᠢᠳᠤ ᠴᠤᠪᠤᠭᠤᠯᠢᠭ ᠪᠠᠶ᠋ᠢᠬᠤ ᠳᠠᠯ᠎ᠠ᠎ᠪᠠᠷ ᠠᠨᠭ᠌ᠬᠠᠷᠬᠤ ᠭᠡᠷᠡᠭᠳᠡᠢ᠃
      ᠨᠠᠢ᠍ᠮᠠ᠂ ᠵᠢᠭ᠋ᠠᠬᠤ ᠪᠠᠭ᠋ᠠᠵᠢ ᠠᠮᠢᠳᠤᠯᠢᠭ ᠪᠠᠶ᠋ᠢᠬᠤ ᠭᠡᠷᠡᠭᠳᠡᠢ᠃ ᠲᠤᠬᠠᠢ᠍ᠢ᠍ᠯᠠᠪᠠᠯ᠂ ᠠ᠋ᠩ᠎ᠤᠨ ᠬᠡᠷᠡᠭᠯᠡᠭᠡᠨ᠎ᠤ ᠪᠤᠳᠠᠰ᠂ ᠦᠪᠡᠷ᠎ᠤᠨ ᠬᠡᠷᠡᠭᠯᠡᠵᠥ ᠪᠠᠶ᠋ᠢᠭ᠎ᠠ ᠵᠤᠶ᠋ᠢᠯ᠂ ᠪᠠᠶ᠋ᠢᠭ᠎ᠠ ᠤᠷᠴᠢᠨ ᠳᠤᠭᠤᠷᠢᠨ᠎ᠤ ᠪᠤᠳᠠᠰ ᠶᠠᠭᠤᠮ᠎ᠠ᠂ ᠬᠡᠷᠡᠭ ᠤᠴᠢᠷ᠎ᠢ ᠠᠰᠢᠭᠯᠠᠭ᠍ᠤ ᠪᠤᠶᠤ ᠴᠢᠬᠤᠯᠠ᠎ᠲᠠᠢ ᠦᠶᠠᠰ ᠪᠠᠭᠰᠢ ᠬᠠᠮᠵᠢᠯᠴᠠᠵᠥ᠂ ᠠᠮᠢᠳᠤᠯᠢᠭ ᠵᠶ᠋ᠠᠷ ᠳᠠᠨᠢᠭᠤᠯᠬᠤ᠂ ᠳᠤᠭᠯᠠᠨ ᠤᠶ᠋ᠢᠯᠠᠭ᠋ᠠᠭᠤᠯᠬᠤ ᠵᠢ ᠠᠩᠬᠠᠷᠪᠠᠯ ᠵᠤᠬᠢᠨ᠎ᠠ᠃
      ᠶᠢᠰᠦ᠂ ᠬᠡᠥᠭᠡᠳ᠎ᠲᠤ ᠳᠦᠷᠰᠤ ᠰᠢᠩᠭᠡᠭᠡᠯᠳᠠ (ᠦᠯᠢᠭᠡᠷ᠂ ᠳᠠᠭᠤᠤ᠂ ᠰᠢᠯᠦᠭ)᠎ᠢ ᠦᠷᠬᠦᠯᠵᠢ ᠰᠤᠨᠤᠰᠬᠠᠬᠤ᠎ᠨᠢ ᠭᠡᠤᠭᠡᠳ᠎ᠤᠨ ᠬᠡᠯᠡᠨ᠎ᠤ ᠮᠡᠳᠡᠷᠡᠮᠵᠢ ᠵᠢ ᠳᠡᠭᠡᠭᠰᠢᠯᠡᠬᠦᠯᠬᠦ᠎ᠪᠠᠷ ᠪᠠᠷᠠᠭ᠍ᠤ ᠦᠭᠡᠢ ᠬᠡᠥᠭᠡᠳ᠎ᠤᠨ ᠰᠤᠨᠤᠰᠴᠦ ᠶᠠᠷᠢᠬᠤ ᠴᠢᠳᠠᠪᠤᠷᠢ ᠵᠢ ᠬᠦᠮᠦᠵᠢᠬᠦᠯᠬᠦ ᠲᠤᠩ ᠰᠠᠶ᠋ᠢᠨ ᠠᠷᠭ᠎ᠠ ᠵᠢᠨ ᠨᠢᠭᠡ ᠪᠠᠶ᠋ᠢᠭ᠎ᠠ ᠶᠤᠮ᠃ ᠪᠢ ᠦᠪᠡᠷ᠎ᠤᠨ ᠬᠤᠶᠠᠷ ᠬᠡᠥᠭᠡᠳ᠎ᠲᠤ᠎ᠪᠠᠨ ᠠ᠋ᠳᠤᠷ ᠪᠤᠯᠭ᠋ᠠᠨ 5 ᠮᠢᠨᠦ᠋ᠲ ᠠᠳᠠᠯᠢ ᠨᠢᠭᠡ ᠦᠯᠢᠭᠡᠷ᠎ᠢ ᠦᠵᠡᠬᠦᠯᠦᠭᠡᠳ ᠪᠠᠶ᠋ᠢᠭᠰᠠᠨ ᠴᠢᠨᠢ ᠭᠡᠤᠭᠡᠳ ᠮᠢᠨᠢ ᠬᠠᠭ᠋ᠠᠰ ᠰᠠᠷ᠎ᠠ ᠪᠤᠯᠤᠯ ᠦᠭᠡᠢ ᠠ᠋ᠨᠡ ᠦᠯᠢᠭᠡᠷ᠎ᠢ ᠦᠪᠡᠷ᠎ᠤᠨ ᠦᠭᠡ᠎ᠪᠠᠷ ᠵᠶ᠋ᠠᠨ ᠮᠠᠰᠢ ᠳᠦᠷᠰᠦᠯᠢᠭ᠂ ᠪᠦᠷᠢᠨ ᠪᠦᠳᠦᠨ ᠶᠠᠷᠢᠵᠤ ᠴᠢᠳᠠᠭ᠍ᠤ ᠪᠤᠯᠤᠭᠰᠠᠨ ᠪᠠᠶ᠋ᠢᠨ᠎ᠠ᠃
      ᠠᠷᠪᠠ᠂ ᠬᠡᠥᠭᠡᠳ᠎ᠢ ᠤᠷᠮᠠᠰᠢᠭᠤᠯᠤᠨ ᠵᠤᠷᠢᠬ᠍ᠵᠢᠭᠤᠯᠬᠤ ᠵᠢ ᠵᠤᠷᠰᠢᠯ ᠪᠤᠯᠭ᠋ᠠᠵᠥ᠂ ᠦᠭᠡ ᠶᠠᠷᠢᠶ᠎ᠠ᠂ ᠦᠢ᠍ᠯᠠ ᠬᠦᠳᠡᠯᠦᠯ᠂ ᠨᠢᠳᠤᠨ ᠬᠠᠷᠠᠴᠠ᠂ ᠪᠤᠳᠡᠰ (ᠤᠯᠠᠭ᠋ᠠᠨ ᠳᠤᠭ᠂ ᠬᠤᠸᠠᠷ) ᠵᠶ᠋ᠠᠷ ᠦᠷᠬᠦᠯᠵᠢ ᠤᠷᠮᠠᠰᠢᠭᠤᠯᠤᠨ ᠵᠤᠷᠢᠬ᠍ᠵᠢᠭᠤᠯᠵᠥ ᠪᠠᠶ᠋ᠢᠬᠤ ᠵᠢ ᠠᠩᠬᠠᠷᠬᠤ ᠬᠡᠷᠡᠭᠳᠡᠢ᠃ 《ᠪᠤᠷᠮ᠎ᠠ᠎ᠪᠠᠷ ᠳᠡᠳᠬᠦᠬᠦ᠎ᠪᠠᠷ ᠤᠷᠮ᠎ᠠ᠎ᠪᠠᠷ ᠲᠡᠳᠬᠦ》 ᠭᠡᠰᠡᠨ ᠮᠤᠩᠭᠤᠯ ᠠᠷᠠᠳ᠎ᠤᠨ ᠰᠠᠴᠠᠨ ᠦᠭᠡ ᠵᠢ ᠪᠠᠶ᠋ᠢᠩᠭᠤ ᠰᠠᠨᠠᠵᠤ᠂ ᠬᠡᠥᠭᠡᠳ᠎ᠤᠨ ᠦᠭᠡ ᠶᠠᠷᠢᠶ᠎ᠠ᠂ ᠦᠢ᠍ᠯᠠ ᠬᠦᠳᠡᠯᠦᠯ ᠪᠦᠷᠢ᠎ᠳᠤ ᠤᠷᠮᠠᠰᠢᠭᠤᠯᠤᠯ ᠵᠤᠷᠢᠬ᠍ᠵᠢᠭᠤᠯᠤᠯ ᠦᠭᠬᠦ ᠵᠢ ᠠᠩᠬᠠᠷᠴᠦ ᠠᠵᠢᠯᠯᠠᠪᠠᠯ ᠬᠡᠥᠭᠡᠳ᠎ᠤᠨ ᠪᠠᠶ᠎ᠠ᠎ᠪᠠᠨ ᠢᠳᠡᠭᠡᠬᠦ ᠢᠳᠡᠭᠡᠯ᠎ᠢ ᠨᠡᠮᠡᠭᠳᠡᠬᠦᠯᠵᠦ᠂ ᠶᠠᠷᠢᠵᠤ ᠢᠯᠡᠳᠭᠡᠬᠦ ᠳᠤᠷᠠᠳᠠᠢ ᠨᠢᠭᠡᠨ ᠪᠤᠯᠤᠨ᠎ᠠ᠃
      ᠠᠷᠪᠠᠨ ᠨᠢᠭᠡ᠂ ᠬᠡᠯᠡᠨ᠎ᠤ ᠪᠠᠭᠰᠢ ᠠ᠋ᠷᠭᠡᠪᠰᠢ ᠬᠢᠴᠢᠶᠠᠯ ᠪᠦᠷᠢ᠎ᠳᠤ ᠬᠡᠯᠡᠨ᠎ᠤ ᠬᠦᠳᠦᠯᠪᠤᠷᠢ ᠪᠡᠯᠡᠳᠭᠡᠨ ᠰᠠᠷ᠎ᠠ ᠪᠦᠷᠢ ᠬᠡᠥᠭᠡᠳ᠎ᠤᠨ ᠰᠤᠨᠤᠰᠴᠥ ᠶᠠᠷᠢᠬᠤ ᠴᠢᠳᠠᠪᠤᠷᠢ ᠵᠢᠨ ᠳᠡᠭᠡᠭᠰᠢᠯᠡᠯᠳᠠ ᠵᠢ ᠪᠠᠶ᠋ᠢᠴᠠᠭ᠋ᠠᠨ ᠦᠵᠡᠵᠥ ᠬᠦᠰᠦᠨᠦᠭᠴᠢᠯᠠᠵᠥ᠂ ᠰᠠᠷ᠎ᠠ ᠪᠤᠯᠭ᠋ᠠᠨ ᠰᠤᠨᠤᠰᠴᠥ ᠶᠠᠷᠢᠬᠤ ᠴᠢᠳᠠᠪᠤᠷᠢ ᠵᠢᠨ ᠳᠡᠭᠡᠭᠰᠢᠯᠡᠯᠳᠠ ᠵᠢ ᠦᠵᠡᠬᠦᠯᠦᠭᠰᠡᠨ ᠨᠢᠭᠡ ᠤᠳᠠᠭ᠋ᠠᠨ᠎ᠤ ᠬᠦᠳᠡᠯᠭᠡᠭᠡᠨ ᠬᠢᠪᠡᠯ ᠭᠡᠤᠭᠡᠳ᠎ᠤᠨ ᠰᠤᠨᠤᠰᠴᠦ ᠶᠠᠷᠢᠬᠤ ᠴᠢᠳᠠᠪᠤᠷᠢ ᠵᠢ ᠬᠦᠮᠦᠵᠢᠬᠦᠯᠬᠦ ᠰᠤᠳᠤᠯᠭ᠋ᠠᠨ ᠤᠯᠠᠮ ᠠ᠋ᠷᠴᠢᠮᠳᠠᠢ ᠰᠠᠶ᠋ᠢᠨ ᠶᠠᠪᠤᠭᠳᠠᠭ᠍ᠤ ᠪᠤᠯᠤᠨ᠎ᠠ᠃
      ᠳᠡᠶ᠋ᠢᠮᠤ᠎ᠠᠴᠠ ᠭᠡᠤᠭᠡᠳ᠎ᠤᠨ ᠴᠡᠴᠡᠷᠯᠢᠭ᠎ᠤᠨ ᠬᠡᠥᠭᠡᠳ᠎ᠤᠨ ᠨᠠᠰᠤᠨ᠎ᠤ ᠤᠨᠴᠠᠯᠢᠭ᠎ᠲᠤ᠎ᠨᠢ ᠳᠤᠬᠢᠷᠠᠭᠰᠠᠨ ᠠ᠋ᠯᠳᠡᠪ ᠵᠤᠶ᠋ᠢᠯ᠎ᠤᠨ ᠬᠦᠳᠡᠯᠭᠡᠭᠡᠨ ᠦᠷᠨᠢᠬᠦᠯᠵᠤ᠂ ᠪᠠᠭᠰᠢ᠎ᠠᠴᠠ ᠵᠦᠪ ᠤᠨᠤᠪᠴᠢᠳᠠᠢ ᠵᠢᠯᠤᠭᠤᠳᠤᠯᠭ᠎ᠠ ᠦᠭᠴᠦ᠂ ᠰᠤᠨᠤᠰᠴᠦ ᠶᠠᠷᠢᠬᠤ ᠴᠢᠳᠠᠪᠤᠷᠢ ᠵᠢ ᠬᠦᠮᠦᠵᠢᠬᠦᠯᠬᠦ ᠪᠤᠯ ᠬᠡᠥᠭᠡᠳ᠎ᠢ ᠰᠤᠷᠭ᠋ᠠᠭᠤᠯᠢ᠎ᠳᠤ ᠤᠷᠤᠭᠰᠠᠨ᠎ᠤ ᠳᠠᠷᠠᠭ᠎ᠠ ᠵᠦᠪ ᠰᠠᠶ᠋ᠢᠬᠠᠨ ᠶᠠᠷᠢᠵᠤ ᠢᠯᠡᠳᠭᠡᠬᠦ᠎ᠳᠤ ᠰᠠᠭᠤᠷᠢ ᠵᠢ ᠳᠠᠯᠪᠢᠵᠤ ᠪᠠᠶ᠋ᠢᠭ᠎ᠠ ᠶᠠᠪᠤᠳᠠᠯ ᠪᠤᠯᠤᠨ᠎ᠠ᠃

     

          ᠠᠵᠢᠯᠯᠠᠵᠤ ᠪᠠᠢ᠍ᠢ᠍ᠭ᠎ᠠ ᠪᠠᠢ᠍ᠢ᠍ᠭᠤᠯᠭ᠎ᠠ᠄ ᠠ᠋ᠸᠡᠩᠬᠢ ᠦᠨᠳᠤᠰᠤᠳᠠᠨ᠎ᠤ ᠦᠪᠡᠷᠳᠡᠭᠡᠨ ᠵᠠᠰᠠᠭ᠍ᠤ
                                    ᠬᠤᠰᠢᠭᠤᠨ᠎ᠤ ᠬᠤᠢ ᠲᠦᠪ ᠰᠤᠷᠭ᠋ᠠᠭᠤᠯᠢ
                                          (ᠠᠯᠳᠠᠨᠰᠦᠢ᠍ᠭᠡ ᠨᠠᠢ᠍ᠢ᠍ᠷᠠᠭᠤᠯᠪᠠ)
                                          2021 ᠣᠨ᠎ᠤ 4 ᠳ᠋ᠦ᠍ᠭᠡᠷ ᠬᠤᠭᠤᠴᠠᠭ᠎ᠠ


ᠢᠷᠡᠯᠲᠡ᠄ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠤᠨ᠎ᠤ ᠰᠤᠷᠭ᠋ᠠᠨ ᠬᠥᠮᠦᠵᠢᠯ᠎ᠤᠨ ᠲᠢᠩᠬᠢᠮ
          
ᠬᠠᠮᠢᠶ᠎ᠡ ᠪᠦᠬᠦᠢ ᠰᠣᠨᠢᠨ
ᠠᠴᠢ ᠬᠠᠷᠢᠭᠤᠯᠠᠯᠲᠠ ᠵᠢᠨ ᠬᠦᠮᠦᠵᠢᠯ᠎ᠢ ᠰᠠᠶ᠋ᠢᠲᠤᠷ ᠬᠢᠶ᠎ᠡ
ᠰᠤᠷᠤᠭᠴᠢᠳ᠎ᠲᠤ ᠰᠡᠳᠭᠢᠴᠡ ᠵᠢᠨ ᠠ᠋ᠷᠡᠭᠦᠯ ᠮᠡᠨᠳᠦ ᠵᠢᠨ ᠬᠦᠮᠦᠵᠢᠯ᠎ᠢ ᠬᠡᠷᠬᠢᠨ ᠬᠢᠬᠦ ᠪᠤᠢ
ᠰᠤᠷᠤᠯᠭ᠎ᠠ ᠬᠤᠴᠤᠷᠤᠩᠭᠤᠢ ᠰᠤᠷᠤᠭᠴᠢ ᠵᠢ ᠬᠦᠮᠦᠵᠢᠭᠦᠯᠬᠦ ᠠᠵᠢᠯ᠎ᠤᠨ ᠲᠤᠬᠠᠢ
ᠬᠡᠥᠬᠡᠳ᠎ᠤᠨ ᠭᠦᠮᠦᠵᠢᠯ᠎ᠳᠠᠬᠢ ᠭᠡᠷ᠎ᠤᠨ ᠠᠬᠠᠮᠠᠳ᠎ᠤᠨ ᠬᠠᠷᠢᠭᠤᠴᠠᠯᠭ᠎ᠠ
ᠣᠯᠠᠮᠵᠢᠯᠠᠯᠲᠦ ᠱᠠᠭ᠎ᠠ ᠲᠣᠭᠯᠠᠭ᠋ᠠᠮ ᠵᠶ᠋ᠠᠷ ᠬᠡᠣᠬᠡᠳ᠎ᠤᠨ ᠣᠢ ᠪᠢᠯᠢᠭ᠎ᠢ ᠨᠡᠭᠡᠭᠡᠬᠦ ᠲᠣᠬᠠᠢ
 
             蒙ICP备05000248号