ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠰᠤᠷᠭᠠᠨ ᠬᠦᠮᠦᠵᠢᠯ᠎ᠤᠨ ᠬᠠᠨᠲᠤᠯᠭ᠎ᠠ
ᠰᠣᠨᠤᠷ᠎ᠤᠨ ᠲᠠᠪᠴᠠᠩ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠰᠣᠨᠤᠷ᠎ᠤᠨ ᠲᠠᠪᠴᠠᠩ   -   ᠬᠡᠣᠬᠡᠳ᠎ᠤᠨ ᠬᠦᠮᠦᠵᠢᠯ
ᠠᠴᠢ ᠬᠠᠷᠢᠭᠤᠯᠠᠯᠲᠠ ᠵᠢᠨ ᠬᠦᠮᠦᠵᠢᠯ᠎ᠢ ᠰᠠᠶ᠋ᠢᠲᠤᠷ ᠬᠢᠶ᠎ᠡ
ᠨᠡᠶ᠋ᠢᠲᠡᠯᠡᠭᠰᠡᠨ ᠴᠠᠭ᠄ 2023-10-17

                   ᠰᠤᠶᠤᠯᠳᠠᠯᠠᠢ

   

幼儿教育-1.png


       ᠠᠴᠢ ᠵᠢ ᠬᠠᠷᠢᠭᠤᠯᠠᠵᠤ ᠠ᠋ᠯᠪᠡᠷᠢᠯ᠎ᠢ ᠬᠦᠢ᠍ᠴᠡᠳᠬᠡᠬᠦ ᠪᠣᠯ ᠬᠦᠮᠦᠨ ᠪᠦᠬᠦᠨ᠎ᠳᠤ ᠪᠠᠶ᠋ᠢᠪᠠᠰᠤ ᠵᠤᠬᠢᠬᠤ ᠬᠠᠮᠤᠭ᠎ᠤᠨ ᠦᠨᠳᠦᠰᠦᠨ ᠶᠤᠰᠤ ᠰᠤᠷᠳᠠᠭ᠍ᠤᠨ᠎ᠤ ᠪᠠᠷᠢᠮᠵᠢᠶ᠎ᠡ ᠪᠤᠯᠬᠤ ᠮᠦᠷᠳᠡᠬᠡᠨ ᠬᠦᠮᠦᠨ ᠪᠤᠯᠬᠤ ᠵᠢᠨ ᠬᠠᠮᠤᠭ᠎ᠤᠨ ᠨᠠᠭ᠋ᠠᠳᠤ ᠵᠠᠬ᠎ᠠ ᠵᠢᠨ ᠦᠨᠳᠦᠰᠦᠨ ᠬᠡᠪ ᠪᠤᠯᠪᠠᠰᠤᠷᠠᠯ ᠮᠥᠨ᠃ ᠲᠠᠪᠤᠨ ᠮᠢᠩᠭ᠋ᠠᠨ ᠵᠢᠯ᠎ᠤᠨ ᠪᠤᠯᠪᠠᠰᠤᠨ ᠲᠡᠦᠬᠡ᠎ᠲᠠᠢ ᠳᠤᠮᠳᠠᠳᠤ ᠵᠢᠨ ᠦᠨᠳᠦᠰᠦᠳᠡᠨ᠎ᠳᠤ ᠠ᠋ᠷᠳᠡᠨ᠎ᠠᠴᠠ ᠠᠪᠤᠭ᠋ᠠᠳ ᠬᠦᠮᠦᠨ᠎ᠤ ᠠᠴᠢ ᠵᠢ ᠬᠦᠷᠳᠡᠪᠡᠯ ᠵᠠᠪᠠᠯ ᠲᠤᠰᠠ᠎ᠪᠠᠷ ᠬᠠᠷᠢᠭᠤᠯᠠᠬᠤ ᠪᠤᠳᠠᠳᠤ ᠦᠯᠢᠬᠡᠷ ᠪᠤᠷᠬᠠᠨ ᠰᠡᠴᠡᠯᠡᠯ ᠮᠤᠩ ᠦᠬᠡᠢ ᠪᠢᠯᠡ᠃
      《ᠤᠤᠭᠤᠭᠰᠠᠨ ᠤᠰᠤ ᠷᠠᠰᠢᠶᠠᠨ᠂ ᠤᠨᠠᠭᠰᠠᠨ ᠰᠢᠷᠤᠢ ᠠᠯᠳᠠ》᠂ 《ᠬᠦᠮᠦᠨ ᠬᠦᠮᠦᠨ᠎ᠤ ᠬᠦᠴᠦᠨ᠎ᠳᠤ᠂ ᠵᠢᠭ᠋ᠠᠰᠤ ᠤᠰᠤᠨ᠎ᠤ ᠬᠦᠴᠦᠨ᠎ᠳᠤ》᠂ 《ᠤᠰᠤ ᠵᠢ᠎ᠨᠢ ᠤᠤᠭᠤᠪᠠᠯ ᠠ᠋ᠬᠢ ᠵᠢ᠎ᠨᠢ ᠪᠤᠳᠤ》 ᠬᠡᠮᠡᠨ ᠮᠠᠨ᠎ᠤ ᠲᠡᠬᠡᠳᠦᠰ᠂ ᠦᠷ᠎ᠡ ᠬᠤᠶ᠋ᠢᠴᠢ᠎ᠳᠤ᠎ᠪᠠᠨ 《ᠠᠴᠢ ᠬᠡᠳᠡᠭ ᠢᠪᠡᠬᠡᠯ᠎ᠳᠤ ᠲᠤᠰᠠ ᠬᠠᠷᠠᠮᠨᠠᠵᠤ ᠪᠠᠴᠢᠭᠤᠷᠠᠭ᠎ᠠ ᠦᠬᠡᠢ》 ᠭᠡᠵᠦ ᠤᠶᠠᠨ ᠴᠢᠨᠠᠷ᠎ᠤᠨ ᠰᠡᠴᠡᠨ ᠰᠤᠷᠭ᠋ᠠᠯ ᠵᠶ᠋ᠠᠨ ᠲᠤᠩᠬᠠᠭᠯᠠᠭᠰᠠᠭ᠋ᠠᠷ ᠬᠦᠮᠦᠨ ᠮᠦᠰᠤ ᠵᠢᠨ ᠬᠠᠳᠠᠨ ᠴᠡᠬᠡᠯ ᠵᠶ᠋ᠠᠨ ᠵᠤᠵᠠᠭ᠋ᠠᠷᠠᠭᠤᠯᠵᠤ᠂ ᠬᠦᠯᠦᠭ ᠰᠦᠯᠳᠠ ᠵᠢᠨ ᠰᠤᠳᠤᠨ ᠪᠢᠯᠢᠭ ᠵᠶ᠋ᠠᠨ ᠰᠤᠶ᠋ᠢᠵᠤ ᠶᠠᠪᠤᠨ᠎ᠠ᠃
      ᠬᠦᠮᠦᠨ᠎ᠤ ᠤᠷᠤᠩᠨᠠᠯ᠎ᠳᠤ ᠡᠴᠢᠬᠡ ᠲᠡᠭᠷᠢ᠂ ᠠ᠋ᠬᠡ ᠲᠡᠯᠡᠬᠡᠢ ᠵᠢᠨ ᠰᠢᠷᠬᠡᠭ ᠡᠪᠡᠰᠤ᠂ ᠮᠦᠬᠦᠯᠢᠭ ᠰᠢᠷᠤᠢ ᠬᠦᠷᠳᠡᠯ᠎ᠠ ᠬᠠᠶ᠋ᠢᠷ᠎ᠠ ᠵᠢᠨ ᠲᠤᠯᠤᠭ ᠢᠮᠠᠭ᠋ᠠᠷᠢ ᠪᠤᠯᠳᠠᠭ ᠪᠠᠶ᠋ᠢᠬᠤ᠎ᠳᠤ᠂ ᠲᠡᠬᠡᠬᠡᠵᠤ ᠲᠦᠷᠦᠬᠦᠯᠦᠭᠰᠡᠨ ᠲᠡᠭᠷᠢ ᠡᠵᠢ᠂ ᠲᠡᠳᠬᠦᠵᠤ ᠦᠰᠬᠡᠭᠰᠡᠨ ᠲᠦᠰᠢ ᠠᠪᠤ ᠵᠢ ᠦᠬᠦᠯᠡᠬᠦ ᠨᠡᠩ ᠶᠠᠭᠤᠨ ᠪᠢᠯᠡ! ᠦᠨᠡᠬᠡᠷ ᠴᠦ᠍ ᠲᠡᠶ᠋ᠢᠮᠦ᠃ ᠡᠴᠢᠬᠡ ᠬᠦᠤ ᠠ᠋ᠬᠡ ᠦᠷ᠎ᠡ ᠵᠢᠨ ᠰᠢᠳᠦᠯᠴᠡᠯ ᠬᠡᠵᠤ ᠶᠤᠰᠤᠳᠠᠢ 《ᠠ᠋ᠩᠬᠡᠷ ᠭᠠᠵᠠᠷ᠎ᠤᠨ ᠨᠤᠭᠤᠭ᠎ᠠ》 ᠬᠡᠮᠡᠷ ᠤᠶᠠᠩᠭ᠎ᠠ               ᠎ᠲᠠᠢ᠃ ᠲᠡᠬᠡᠬᠦ᠎ᠪᠠᠷ  ᠵᠶ᠋ᠠᠨ ᠦᠷ᠎ᠡ ᠬᠡᠦᠬᠡᠳ᠎ᠲᠤ᠎ᠪᠠᠨ ᠡᠴᠢᠬᠡ ᠠ᠋ᠬᠡ᠎ᠨᠢ ᠬᠠᠶ᠋ᠢᠷ᠎ᠠ ᠵᠢᠨ ᠲᠦᠰᠢᠭ ᠪᠠᠶ᠋ᠢᠵᠤ 《ᠠᠪᠤ ᠵᠢᠨ ᠪᠤᠢ᠎ᠳᠤ ᠬᠦᠮᠦᠨ ᠲᠠᠨᠢ᠂ ᠠᠭᠳᠠ ᠵᠢᠨ ᠪᠤᠢ᠎ᠳᠤ ᠭᠠᠵᠠᠷ ᠲᠠᠨᠢ》 ᠬᠡᠰᠡᠨ ᠰᠤᠷᠭ᠋ᠠᠯ ᠭᠠᠷᠴᠤ᠂ ᠡᠴᠢᠬᠡ ᠠ᠋ᠬᠡ᠎ᠳᠤ᠎ᠪᠠᠨ ᠦᠷ᠎ᠡ ᠬᠡᠦᠬᠡᠳ᠎ᠨᠢ ᠭᠤᠯᠤᠮᠳᠠ ᠵᠢᠨ᠎ᠬᠢᠨ ᠴᠤᠭ ᠪᠠᠶ᠋ᠢᠳᠠᠭ ᠵᠶ᠋ᠠᠷ 《ᠦᠳᠡᠯᠡᠬᠦ ᠵᠢᠨ ᠦᠵᠦᠬᠦᠷ ᠦᠷ᠎ᠡ᠎ᠲᠠᠢ           ᠰᠠᠶ᠋ᠢᠬᠠᠨ》 ᠬᠡᠰᠡᠨ ᠬᠦᠮᠦᠨ᠎ᠤ ᠶᠤᠰᠤᠨ᠎ᠤ ᠵᠦᠢ᠎ᠲᠠᠢ ᠪᠢᠯᠡ᠃
      ᠬᠡᠪᠡᠴᠤ ᠨᠡᠶ᠋ᠢᠬᠡᠮ ᠴᠠᠭ ᠠ᠋ᠷᠢᠨ᠎ᠤ ᠬᠦᠭᠵᠢᠯᠳᠠ ᠬᠤᠪᠢᠰᠦᠯᠳᠠ ᠵᠢ ᠲᠠᠭ᠋ᠠᠵᠤ ᠬᠦᠮᠦᠰ᠎ᠤᠨ ᠦᠵᠡᠯᠳᠡ ᠲᠠᠨᠢᠯᠳᠠ ᠦᠬᠡᠷᠡᠴᠢᠯᠡᠭᠳᠡᠨ ᠬᠤᠪᠢᠷᠠᠭ᠍ᠤ᠎ᠪᠠᠷ 《ᠲᠠᠵᠢᠬᠡᠭᠰᠡᠨ ᠪᠢᠷᠠᠭᠤ ᠲᠡᠷᠬᠡ ᠡᠪᠳᠡᠬᠦ》 ᠵᠦᠴᠦᠬᠡ ᠤᠯᠠᠰᠢᠷᠠᠵᠤ 《ᠰᠠᠶ᠋ᠢᠨ ᠦᠷ᠎ᠡ᠎ᠳᠤ ᠪᠤᠤ ᠨᠦᠬᠡᠬᠡ᠂ ᠮᠠᠭᠤ ᠦᠷ᠎ᠡ᠎ᠳᠤ ᠪᠤᠤ ᠵᠦᠬᠡᠬᠡ》 ᠬᠡᠬᠦ ᠰᠤᠷᠭ᠋ᠠᠯ᠎ᠢ ᠤᠯᠠᠨ ᠤᠯᠠᠨ ᠡᠴᠢᠬᠡ ᠠ᠋ᠬᠡ ᠠᠬᠢᠨ ᠲᠠᠬᠢᠨ ᠠ᠋ᠷᠬᠢᠴᠡᠬᠦᠯᠦᠨ ᠲᠤᠩᠭ᠋ᠠᠬᠤ ᠦᠬᠡᠢ ᠪᠤᠯᠬᠤ ᠦᠬᠡᠢ ᠪᠤᠯᠵᠠᠢ᠃
      ᠠᠢ! ᠬᠦᠬᠡᠷᠦᠬᠦᠢ᠃ ᠡᠴᠢᠬᠡ ᠦᠷ᠎ᠡ ᠵᠢᠨ ᠬᠡᠯᠬᠢᠶ᠎ᠡ ᠬᠡᠭᠴᠢ ᠠ᠋ᠯᠢᠬᠡ ᠵᠢᠷᠦᠬᠡ ᠦᠬᠡᠷ᠎ᠡ ᠤᠤ? ᠶᠠᠷᠤ᠎ᠨᠢ 《ᠠ᠋ᠬᠡ ᠵᠢᠨ ᠰᠠᠨᠠᠭ᠎ᠠ ᠦᠷ᠎ᠡ᠎ᠳᠤ》 ᠪᠠᠶ᠋ᠢᠬᠤ᠎ᠳᠤ ᠶᠠᠭ᠋ᠠᠬᠢᠬᠤ᠎ᠳᠤ᠎ᠪᠠᠨ ᠤᠳᠤᠬᠠᠨ 《ᠦᠷ᠎ᠡ ᠵᠢᠨ ᠰᠠᠨᠠᠭ᠎ᠠ ᠠᠭᠤᠯᠠᠨ          ᠎ᠳᠤ》 ᠲᠡᠷᠪᠡᠬᠦ ᠪᠤᠯᠤᠭᠰᠠᠨ ᠬᠡᠮ᠃ 《ᠠᠯᠠᠪᠠᠯ ᠠᠬᠠᠳᠠᠨ᠎ᠠ᠂ ᠠᠯᠠᠭ᠋ᠠᠳᠠᠪᠠᠯ ᠪᠠᠭ᠋ᠠᠳᠠᠨ᠎ᠠ》 ᠴᠤᠬᠤᠮ ᠶᠠᠭ᠋ᠠᠬᠢᠳᠠᠭ ᠴᠦ᠍ ᠪᠢᠯᠡ ᠬᠡᠦᠬᠡᠳ᠎ᠢ᠃ 《ᠬᠠᠮᠠᠷ ᠵᠶ᠋ᠠᠨ ᠨᠢᠰᠤ᠎ᠲᠠᠢ ᠬᠡᠳ ᠬᠠᠮᠢᠭ᠎ᠠ ᠬᠠᠶᠠᠭ᠍ᠤ ᠪᠤᠢ》 ᠭᠡᠳᠡᠭ ᠵᠶ᠋ᠠᠷ ᠴᠤᠬᠤᠮ ᠬᠡᠷᠬᠢᠬᠦ ᠪᠢᠯᠡ ᠡᠴᠢᠬᠡ ᠠ᠋ᠬᠡ᠎ᠪᠠᠨ᠃
      ᠬᠠᠶ᠋ᠢᠷ᠎ᠠ ᠵᠢᠨ ᠪᠤᠷᠬᠠᠨ ᠡᠴᠢᠬᠡ ᠠ᠋ᠬᠡ᠎ᠳᠤ᠎ᠪᠠᠨ ᠠ᠋ᠯᠪᠡᠷᠢᠵᠤ ᠶᠠᠪᠤᠭ᠋ᠠᠷᠠᠢ!
      ᠬᠠᠶ᠋ᠢᠷ᠎ᠠ ᠵᠢ᠎ᠨᠢ ᠲᠠᠷᠬᠠᠯᠠᠵᠤ᠂ ᠬᠠᠶ᠋ᠢᠷ᠎ᠠ ᠵᠢ᠎ᠨᠢ ᠢᠨᠢᠶᠡᠯᠬᠡᠵᠤ ᠬᠠᠶ᠋ᠢᠷᠠᠯᠠᠵᠤ ᠶᠠᠪᠤᠭ᠋ᠠᠷᠠᠢ!
      ᠡ᠊ᠨᠳᠠ 《ᠬᠦᠤ᠎ᠳᠤ᠎ᠪᠠᠨ ᠢᠯᠡᠬᠡᠭᠰᠡᠨ ᠵᠠᠬᠢᠳᠠᠯ》 ᠬᠡᠳᠡᠭ ᠵᠤᠬᠢᠶᠠᠯ᠎ᠢ ᠤᠩᠰᠢᠬ᠍ᠴᠢ ᠲᠠ ᠨᠠᠷ᠎ᠲᠤ᠎ᠪᠠᠨ ᠲᠤᠯᠢᠯᠠᠭᠤᠯᠬᠤ ᠵᠢᠨ ᠬᠠᠮᠳᠤ ᠠ᠋ᠯᠪᠡᠷᠢᠯ᠎ᠢ ᠲᠡᠬᠡᠳᠦᠯᠡᠵᠤ ᠶᠠᠪᠤᠬᠤ᠎ᠳᠤ ᠴᠢᠨᠢ ᠴᠠᠷᠢᠠᠭᠤᠨ ᠢᠳᠡᠬᠡᠯ᠎ᠲᠠᠢ ᠴᠠᠳᠬᠤᠯᠠᠩ ᠬᠦᠰᠡᠯ ᠬᠠᠶ᠋ᠢᠷᠠᠯᠠᠶ᠎ᠠ᠃
     ᠬᠦᠤ᠎ᠳᠤ᠎ᠪᠠᠨ ᠢᠯᠡᠬᠡᠭᠰᠡᠨ ᠵᠠᠬᠢᠳᠠᠯ
ᠬᠠᠶ᠋ᠢᠷᠠᠳᠤ ᠬᠦᠤ ᠮᠢᠨᠢ᠄
      ᠴᠢ ᠬᠡᠳᠦᠶ᠋ᠢᠪᠡᠷ ᠪᠢᠳᠠ ᠬᠤᠶᠠᠷ᠎ᠤᠨ ᠰᠡᠳᠬᠢᠯ᠎ᠢ ᠬᠦᠷᠦᠬᠡᠭᠰᠡᠨ ᠪᠤᠯᠪᠠᠴᠤ ᠶᠠᠰᠤ ᠮᠢᠬᠠᠨ᠎ᠤ ᠲᠠᠰᠤᠷᠬᠠᠢ ᠶᠤᠮ ᠴᠢᠨᠢ ᠴᠢᠮ᠎ᠠ᠎ᠳᠤ ᠶᠠᠭᠤ ᠬᠡᠯᠡᠯᠳᠡᠢ ᠪᠢᠯᠡ᠃ ᠠᠨᠭ᠌ᠬ᠎ᠠ ᠴᠢ ᠠ᠋ᠬᠦᠷ ᠵᠶ᠋ᠠᠨ ᠤᠷᠬᠢᠨ ᠨᠢᠰᠬᠦ ᠲᠡᠭᠳᠡᠬᠡᠬᠡᠢ ᠰᠢᠭ ᠠᠷᠤ ᠬᠡᠷ᠎ᠠᠴᠠ᠎ᠪᠠᠨ ᠠᠶᠠᠷᠯᠠᠨ ᠠᠶ᠋ᠢᠮᠠᠭ᠎ᠤᠨ ᠲᠦᠪ᠎ᠲᠠᠬᠢ ᠲᠤᠮᠳᠠᠳᠤ ᠰᠤᠷᠭ᠋ᠠᠭᠤᠯᠢ᠎ᠳᠤ ᠤᠴᠢᠵᠤ ᠰᠤᠷᠤᠯᠴᠠᠭ᠍ᠤ᠎ᠪᠠᠷ ᠲᠤᠬᠢᠷᠠᠭᠰᠠᠨ᠎ᠳᠤ ᠠᠪᠤ ᠡᠵᠢ ᠴᠢᠨᠢ ᠪᠢᠳᠡ ᠬᠤᠶᠠᠷ ᠦᠨᠡᠨ ᠰᠡᠳᠬᠢᠯ᠎ᠠᠴᠠ᠎ᠪᠠᠨ ᠪᠠᠶᠠᠷᠯᠠᠨ ᠬᠦᠭᠰᠡᠵᠤ           ᠪᠢᠯᠡ᠃ ᠴᠢᠮ᠎ᠠ ᠵᠢ ᠰᠤᠷᠭ᠋ᠠᠭᠤᠯᠢ᠎ᠳᠤ ᠴᠢᠨᠢ ᠬᠦᠷᠬᠡᠵᠤ ᠦᠭᠬᠦᠬᠡᠳ ᠠᠩᠬᠢ ᠵᠢᠨ ᠠ᠋ᠷᠬᠢᠯᠡᠭᠴᠢ᠎ᠳᠤ ᠴᠢᠨᠢ᠄ 《ᠮᠢᠨᠤ ᠬᠦᠤ ᠪᠠᠭ᠎ᠠ ᠪᠠᠶ᠋ᠢᠭᠰᠠᠭ᠋ᠠᠷ》 ᠬᠡᠵᠤ ᠬᠡᠳᠦᠨᠳᠡ ᠲᠠᠪᠳᠠᠭ᠍ᠤ᠎ᠳᠤ 《ᠡᠴᠢᠬᠡ ᠬᠦᠮᠦᠨ᠎ᠤ ᠰᠡᠳᠬᠢᠯ ᠬᠡᠵᠤ ᠳ᠋ᠠ》 ᠬᠡᠭᠰᠡᠬᠡᠷ ᠪᠠᠭᠰᠢ ᠴᠢᠨᠢ ᠨᠠᠮ᠎ᠠ ᠵᠢ ᠲᠤᠭᠤᠬᠢᠯᠠᠭ᠍ᠤ᠎ᠲᠠᠢ᠂ ᠲᠠᠶ᠋ᠢᠳᠬᠤᠷᠠᠭᠤᠯᠬᠤ᠎ᠲᠠᠢ ᠬᠡᠯᠡᠵᠤ ᠪᠠᠶ᠋ᠢᠭᠰᠠᠨ ᠪᠢᠰᠢ ᠤᠤ? ᠪᠤᠴᠠᠭ᠍ᠤ ᠦᠶ᠎ᠡ᠎ᠳᠤ ᠴᠢᠨᠤ ᠨᠢᠳᠤᠨ᠎ᠳᠤ ᠨᠢᠯᠪᠤᠰᠤ ᠪᠦᠷᠬᠦᠬᠦᠯᠡᠷ ᠨᠠᠳᠠ᠎ᠳᠤ ᠪᠤᠯᠳᠠᠭ ᠰᠠᠨ ᠪᠣᠯ ᠴᠢᠮ᠎ᠠ ᠵᠢ ᠪᠤᠴᠠᠭ᠋ᠠᠭ᠋ᠠᠳ ᠠᠪᠠᠴᠢᠴᠢᠬᠠᠮᠠᠷ ᠰᠠᠨᠠᠭᠳᠠᠭᠰᠠᠨ᠃ ᠬᠡᠳᠡᠯ᠎ᠠ ᠲᠠᠷᠠᠭ᠎ᠠ ᠬᠠᠪᠤᠷ᠎ᠨᠢ ᠲᠠᠯᠢᠮ ᠲᠠᠭ᠋ᠠᠷᠠᠭᠤᠯᠵᠤ ᠴᠢᠮ᠎ᠠ ᠵᠢ ᠦᠵᠡᠬᠦ᠎ᠪᠠᠷ ᠤᠴᠢᠬᠤ᠎ᠳᠤ ᠴᠢ 《ᠰᠠᠶ᠋ᠢᠨ ᠤᠤ? ᠮᠡᠨᠳᠤ ᠤᠤ?》 ᠴᠤ᠌ ᠦᠬᠡᠢ ᠬᠠᠯᠵᠠ ᠤᠴᠠᠷᠠᠵᠤ ᠠᠪᠳᠠᠭ ᠵᠶ᠋ᠠᠨ ᠠᠪᠤᠮᠠᠭᠴᠠ ᠬᠢᠴᠢᠶᠡᠯ ᠶᠠᠭ᠋ᠠᠷᠠᠤ ᠵᠢᠨ ᠰᠢᠯᠳᠠᠭ ᠵᠶ᠋ᠠᠷ ᠴᠤᠭ ᠨᠢᠬᠡ ᠤᠳᠠᠭ᠎ᠠ ᠬᠤᠭᠤᠯᠠ ᠴᠦ᠍ ᠢᠳᠡᠭᠰᠡᠨ ᠦᠬᠡᠢ᠎ᠪᠠᠷ ᠨᠠᠮ᠎ᠠ ᠵᠢ ᠰᠤᠷᠭ᠋ᠠᠭᠤᠯᠢ ᠵᠢᠨ ᠠ᠋ᠬᠦᠳᠡᠨ᠎ᠠᠴᠠ ᠎ᠪᠠᠨ ᠪᠤᠴᠠᠭ᠋ᠠᠯ᠎ᠠ᠃ ᠶᠠᠭ᠋ᠠᠬᠢᠶ᠎ᠠ ᠬᠡᠬᠦ ᠪᠢᠯᠡ! ᠠᠪᠤ ᠡᠵᠢ ᠴᠢᠨᠢ ᠮᠠᠯᠴᠢᠨ ᠬᠦᠮᠦᠨ᠂ ᠴᠢᠨᠤ ᠬᠢᠷᠢ ᠮᠡᠳᠡᠯᠬᠡ ᠦᠬᠡᠢ᠃ ᠬᠡᠪᠡᠴᠤ ᠪᠢᠳᠡ ᠰᠤᠷᠬᠤ ᠲᠤᠷ᠎ᠠ ᠦᠬᠡᠢ᠎ᠳᠤ᠎ᠪᠠᠨ ᠠ᠋ᠶ᠋ᠢᠮᠦ ᠪᠤᠯᠤᠭᠰᠠᠨ ᠪᠢᠰᠢ ᠰᠢᠤ᠂ ᠬᠠᠷᠢᠨ ᠴᠦᠪ᠎ᠤᠨ ᠴᠠᠭ ᠲᠤᠬᠢᠶᠠᠯᠳᠤᠵᠤ ᠪᠡᠶ᠎ᠡ ᠵᠢᠨ ᠭᠠᠷᠤᠯ᠂ ᠤᠯᠤᠰ ᠲᠦᠷᠦ ᠵᠢᠨ ᠢᠯᠡᠷᠡᠯ ᠬᠡᠬᠦᠴᠢᠯᠡᠨ ᠠ᠋ᠳᠡᠬᠡᠳ ᠨᠦᠬᠦᠴᠡᠯ᠎ᠳᠤ ᠬᠠᠷᠰᠢᠯᠠᠭᠳᠠᠭᠰᠠᠨ᠎ᠢ ᠴᠢ ᠶᠠᠭᠤᠨ ᠮᠡᠳᠡᠬᠦ ᠪᠤᠢ? ᠮᠠᠨ ᠎ᠤ᠎ᠬᠢᠨ ᠬᠡᠵᠤ ᠮᠠᠯ ᠵᠶ᠋ᠠᠨ ᠲᠦᠰᠢᠵᠤ᠂ ᠨᠠᠷᠠ᠎ᠪᠠᠨ ᠬᠠᠷᠠᠵᠤ ᠠᠮᠢᠳᠤᠷᠠᠳᠠᠭ ᠤᠯᠤᠰ᠂ ᠢᠯᠡᠬᠦᠴᠢᠯᠡᠵᠤ ᠬᠤᠷᠢᠶᠠᠭᠰᠠᠨ ᠬᠦᠷᠦᠩᠬᠡ ᠵᠤᠵᠠᠭ᠋ᠠᠨ ᠦᠬᠡᠢ ᠪᠤᠯᠪᠠᠴᠤ ᠠᠮᠢᠳᠦᠷᠠᠯ᠎ᠳᠤ᠎ᠪᠠᠨ ᠬᠦᠷᠴᠢᠬᠡᠬᠦ᠎ᠪᠠᠷ ᠬᠤᠭᠰᠢᠯ᠎ᠲᠠᠢ ᠠᠶ᠋ᠢᠯ ᠶᠤᠮ᠃ ᠨᠢᠬᠡ ᠠ᠋ᠳᠦᠷ ᠴᠢᠨᠤ ᠢᠯᠡᠬᠡᠭᠰᠡᠨ ᠵᠠᠬᠢᠳᠠᠯ᠎ᠢ ᠰᠠᠨᠠᠮᠰᠠᠷ ᠦᠬᠡᠢ ᠭᠠᠷᠳᠠᠭ᠍ᠤ ᠭ᠋ᠱ᠌ᠠᠨ᠎ᠳᠤ ᠪᠢᠳᠡ ᠬᠤᠶᠠᠷ ᠰᠤᠷᠭ᠋ᠠᠭᠤᠯᠢ ᠲᠠᠪᠰᠢᠭ᠌ᠰᠡᠨ᠎ᠠᠴᠠ ᠴᠢᠨᠢ ᠦᠬᠡᠷ᠎ᠡ ᠦᠬᠡᠢ ᠪᠠᠶᠠᠷᠯᠠᠪᠠ᠃ ᠬᠡᠳᠡᠯ᠎ᠠ ᠴᠢ ᠵᠠᠬᠢᠳᠠᠯ᠎ᠳᠤ᠎ᠪᠠᠨ 《ᠨᠡᠶ᠋ᠢᠬᠡᠮ ᠬᠦᠭᠵᠢᠵᠤ ᠪᠠᠶ᠋ᠢᠨ᠎ᠠ᠂ ᠮᠠᠨ᠎ᠤ᠎ᠬᠢᠨ ᠬᠤᠴᠤᠷᠴᠤ           ᠪᠠᠶ᠋ᠢᠨ᠎ᠠ》 ᠬᠡᠬᠦᠴᠢᠯᠡᠨ ᠰᠡᠴᠡᠷᠬᠡᠭᠰᠡᠨ ᠦᠬᠡ᠎ᠪᠠᠨ ᠲᠤᠪᠴᠢᠬᠠᠨ ᠪᠢᠴᠢᠬᠡᠳ ᠬᠡᠷ᠎ᠲᠤ ᠤᠳᠠᠰᠤ ᠤᠷᠤᠭᠤᠯᠬᠤ ᠵᠢ ᠬᠡᠴᠡᠬᠦᠦ ᠱᠠᠭ᠋ᠠᠷᠳᠠᠵᠤ ᠪᠢᠯᠡ᠃ ᠪᠢᠳᠡ ᠬᠤᠶᠠᠷ ᠵᠤᠵᠠᠭ᠋ᠠᠨ ᠵᠶ᠋ᠠᠨ ᠨᠢᠮᠬᠡᠯᠡᠵᠤ ᠪᠠᠶ᠋ᠢᠭ᠋ᠠᠳ ᠴᠢᠨᠤ ᠰᠠᠨᠠᠭ᠎ᠠ ᠵᠢ ᠬᠦᠢ᠍ᠴᠡᠳᠬᠡᠭᠰᠡᠨ᠃ ᠠ᠋ᠬᠦᠨ ᠎ᠠᠴᠠ ᠬᠤᠶ᠋ᠢᠰᠢ ᠴᠢᠨᠤ ᠤᠳᠠᠰᠤ ᠵᠢ ᠲᠤᠰᠬᠤ ᠪᠤᠯᠭ᠋ᠠᠨ ᠪᠠᠶᠠᠷᠯᠠᠳᠠᠭ ᠪᠤᠯᠪᠠᠴᠤ ᠰᠡᠬᠦᠯ᠎ᠳᠤ᠎ᠪᠠᠨ ᠪᠦᠷ ᠰᠢᠷᠬᠢᠳᠡᠭ ᠪᠤᠯᠤᠯ᠎ᠠ᠃ ᠵᠤᠭᠤᠰᠤᠨ᠎ᠤ ᠵᠠᠬᠢᠶᠠᠯᠯᠠᠭ᠎ᠠ ᠦᠬᠡᠢ ᠪᠣᠯ ᠬᠡᠷ ᠴᠢᠨᠢ ᠴᠢᠮ᠎ᠠ᠎ᠳᠤ ᠬᠡᠷᠡᠭ ᠦᠬᠡᠢ ᠪᠤᠯᠤᠭᠰᠠᠨ ᠮᠡᠳᠤ ᠰᠠᠨᠠᠭᠳᠠᠨ᠎ᠠ᠃ ᠤᠳᠠᠰᠤ᠎ᠪᠠᠷ ᠴᠦ᠍ ᠪᠤᠯᠤᠭ ᠴᠢᠮ᠎ᠠ ᠎ᠲᠠᠢ ᠢᠯᠡᠬᠦᠦ ᠬᠡᠳᠦᠨ ᠦᠬᠡ ᠰᠤᠯᠢᠯᠴᠠᠪᠠᠯ ᠪᠢᠳᠠᠨ᠎ᠤ ᠰᠡᠳᠬᠢᠯ ᠲᠡᠨᠢᠢ᠍ᠴᠢᠬᠡᠨ᠎ᠡ ᠬᠡᠵᠤ ᠰᠠᠨᠠᠳᠠᠭ᠃ ᠰᠤᠷᠤᠯᠭ᠎ᠠ ᠠ᠋ᠨᠡ ᠲᠡᠷᠡ ᠬᠡᠵᠤ ᠠ᠋ᠬᠢᠯᠡᠭᠰᠡᠬᠡᠷ ᠴᠢ ᠲᠤᠤᠷᠠᠭ᠍ᠠᠨ ᠵᠶ᠋ᠠᠨ ᠪᠢᠳᠡᠨ᠎ᠤ ᠠᠮᠠ  ᠵᠢ ᠬᠠᠭ᠋ᠠᠴᠢᠬᠠᠨ᠎ᠠ᠃ ᠠᠷᠭ᠎ᠠ ᠦᠬᠡᠢ ᠪᠢᠳᠡ ᠰᠤᠶᠤᠯ ᠦᠬᠡᠢ᠃ ᠶᠠᠭᠤ           ᠬᠡᠨ᠎ᠡ᠄ 《ᠦᠢ ᠲᠦᠮᠡᠨ ᠴᠡᠷᠢᠭ ᠮᠤᠷᠢ ᠭᠠᠭᠴᠠ ᠶᠠᠪᠠᠭ᠋ᠠᠨ ᠬᠦᠬᠦᠷᠬᠡ᠎ᠪᠠᠷ ᠦᠩᠬᠡᠷᠡᠬᠦ ᠴᠠᠭ ᠪᠤᠴᠠᠯᠳᠠ ᠦᠬᠡᠢ ᠪᠤᠯᠤᠭᠰᠠᠨ᠂ ᠬᠡᠪ ᠴᠢᠨᠠᠷ ᠵᠶ᠋ᠠᠨ ᠲᠡᠬᠡᠭᠰᠢᠯᠡᠬᠦᠯᠵᠤ᠂ ᠬᠤᠵᠢᠮ ᠦᠪᠡᠷ᠎ᠤᠨ ᠦᠷᠳᠡᠭ ᠵᠶ᠋ᠠᠨ ᠨᠡᠶ᠋ᠢᠬᠡᠮ᠎ᠳᠤ ᠬᠡᠷᠡᠴᠢᠯᠡᠬᠦᠯᠬᠦ ᠶᠤᠮ》 ᠬᠡᠨ᠎ᠡ᠃ ᠰᠢᠨ᠎ᠡ ᠮᠡᠷᠬᠡᠵᠢᠯ᠎ᠤᠨ ᠲᠤᠰᠬᠠᠢ ᠪᠤᠯᠪᠠᠰᠤᠷᠠᠯ᠎ᠤᠨ ᠠᠩᠬᠢ᠎ᠳᠤ ᠤᠷᠤᠨ᠎ᠠ ᠬᠡᠳ ᠭᠠᠭᠴᠠ ᠯᠠ ᠵᠤᠭᠤᠰ ᠲᠤᠳᠠᠵᠤ ᠪᠠᠶ᠋ᠢᠭ᠎ᠠ ᠬᠡᠵᠤ ᠱᠠᠯᠠᠭ᠍ᠤ᠎ᠳᠤ ᠬᠤᠭᠤᠯᠠᠢ ᠵᠠᠩᠬᠢᠷᠠᠵᠤ ᠪᠢᠯᠡ᠃ ᠰᠡᠬᠦᠯᠡᠷ ᠴᠢᠨᠤ ᠵᠠᠷᠤᠳᠠᠯ ᠲᠠᠬᠢᠨ ᠵᠶ᠋ᠠᠷ ᠶᠡᠬᠡᠰᠦᠬᠡᠳ ᠪᠠᠶ᠋ᠢᠬᠤ᠎ᠳᠤ 《ᠶᠠᠭᠤ ᠴᠦ᠍ ᠪᠤᠯᠪᠠ》 ᠬᠡᠵᠤ ᠠ᠋ᠷᠡᠬᠡᠯᠵᠡᠯ ᠲᠦᠷᠦᠳᠡᠭ ᠪᠤᠯᠪᠠᠴᠤ ᠬᠦᠤ᠎ᠪᠠᠨ ᠬᠢᠯᠢᠰᠳᠡᠬᠦᠯᠬᠦ᠎ᠨᠢ ᠬᠡᠵᠤ ᠪᠡᠶ᠎ᠡ᠎ᠪᠠᠨ ᠪᠤᠷᠤᠭᠤᠳᠬᠠᠵᠤ ᠪᠤᠳᠤᠯ ᠵᠶ᠋ᠠᠨ ᠬᠤᠷᠢᠶᠠᠳᠠᠭ ᠪᠤᠯᠤᠭᠰᠠᠨ᠃ ᠬᠡᠵᠢᠶ᠎ᠡ ᠬᠤᠶ᠋ᠢᠨ᠎ᠠ᠎ᠨᠢ ᠠᠩᠬᠢ ᠵᠢᠨ ᠠ᠋ᠷᠬᠢᠯᠡᠭᠴᠢ ᠵᠢᠨ ᠴᠢᠨᠢ ᠤᠳᠠᠰᠤ᠎ᠠᠴᠠ ᠴᠢᠨᠤ ᠪᠠᠶ᠋ᠢᠳᠠᠯ᠎ᠢ ᠤᠶ᠋ᠢᠯᠠᠭ᠋ᠠᠯ᠎ᠠ᠃ ᠬᠦᠤ ᠮᠢᠨᠢ᠂ ᠠᠮᠠᠨ᠎ᠤ ᠰᠦ ᠴᠢᠨᠢ ᠠᠷᠢᠯᠤᠭ᠋ᠠᠳᠤᠢ᠂ ᠠᠯᠠᠭ ᠵᠤᠩᠭ᠋ᠠᠭ ᠴᠢᠨᠢ ᠬᠠᠳᠠᠭ᠋ᠠᠳᠤᠢ᠎ᠪᠠᠷ ᠶᠠᠭᠤᠨ᠎ᠤ᠎ᠬᠢᠨ ᠬᠤᠩᠭᠤᠷ ᠨᠠᠶ᠋ᠢᠵᠠ ᠪᠤᠯᠵᠤᠵᠤ᠂ ᠬᠤᠭᠤᠯᠠᠨ ᠬᠡᠷ᠂ ᠬᠤᠷᠰᠢᠶ᠎ᠠ ᠲᠡᠯᠬᠡᠬᠦᠷ᠂ ᠬᠤᠷᠢᠭ᠋ᠠᠳᠤ ᠲᠤᠭᠯᠠᠭ᠋ᠠᠮ ᠵᠶ᠋ᠠᠷ ᠠ᠋ᠷᠬᠢᠯᠳᠦᠬᠦᠯᠬᠦ᠎ᠨᠢ           ᠭᠠᠷᠴᠢᠬᠠᠪᠠ? ᠪᠤᠯᠪᠠᠰᠤᠷᠠᠯ ᠬᠡᠳᠡᠯ᠎ᠠ ᠮᠡᠷᠬᠡᠵᠢᠯ᠎ᠤᠨ ᠠᠩᠬᠢ ᠵᠢᠨ ᠴᠢᠨᠢ 《ᠰᠤᠶ᠋ᠢᠳᠬᠡᠯ》᠎ᠨᠢ ᠠ᠋ᠨᠡ ᠬᠡᠵᠢ ᠤᠤ? ᠠ᠋ᠳᠡᠬᠡᠷ ᠵᠤᠭᠤᠰ᠎ᠢ ᠠᠪᠤ ᠡᠵᠢ ᠴᠢᠨᠢ ᠪᠢᠳᠡ ᠬᠤᠶᠠᠷ᠂ ᠰᠦ᠎ᠲᠠᠢ ᠴᠠᠢ᠎ᠪᠠᠨ ᠬᠠᠷ᠎ᠠ᠎ᠪᠠᠷ ᠤᠤᠭᠤᠵᠤ᠂ ᠠᠶᠠᠭ᠎ᠠ᠎ᠲᠠᠢ ᠬᠤᠭᠤᠯᠠ᠎ᠪᠠᠨ ᠰᠢᠩᠬᠡᠨ ᠵᠶ᠋ᠠᠷ ᠢᠳᠡᠵᠤ᠂ ᠲᠡᠯᠡᠢ᠎ᠪᠠᠨ ᠴᠢᠩᠭ᠋ᠠᠯᠠᠨ ᠠᠷᠪᠢᠯᠠᠵᠤ ᠪᠠᠶ᠋ᠢᠭ᠋ᠠᠳ ᠤᠯᠵᠤ ᠶᠠᠪᠤᠭᠤᠯᠤᠭᠰᠠᠨ ᠰᠢᠤ! ᠨᠡᠩ ᠴᠦ᠍ ᠬᠠᠷᠠᠮᠰᠠᠯᠳᠠᠢ᠎ᠨᠢ ᠠ᠋ᠨᠡ ᠦᠶ᠎ᠡ᠎ᠪᠠᠷ ᠡᠵᠢ ᠴᠢᠨᠢ ᠠ᠋ᠯᠢᠬᠡᠨ ᠲᠠᠭᠰᠢᠭᠤᠷ᠎ᠲᠤ ᠨᠡᠷᠪᠡᠭᠳᠡᠵᠤ ᠬᠤᠶᠠᠷ ᠰᠠᠷ᠎ᠠ ᠰᠢᠬᠠᠮ ᠠ᠋ᠮᠨᠡᠯᠬᠡ᠎ᠳᠤ ᠬᠡᠪᠳᠡᠬᠦ᠎ᠳᠤ ᠬᠦᠯ ᠮᠠᠭᠤᠳᠠᠢ ᠪᠢ ᠭᠠᠭᠴᠠᠭ᠋ᠠᠷ ᠠᠯᠢ ᠠᠯᠢᠨ᠎ᠳᠤ᠎ᠪᠠᠨ ᠴᠦ᠍ ᠵᠠᠪᠳᠤᠯ ᠦᠬᠡᠢ ᠪᠤᠯᠵᠤ ᠠᠷᠭ᠎ᠠ ᠪᠤᠰᠤ ᠬᠦᠴᠦᠨ᠎ᠤ ᠬᠦᠮᠦᠨ ᠵᠠᠷᠤᠭᠰᠠᠨ᠃ ᠲᠠᠬᠦᠨ᠎ᠤ ᠬᠦᠯᠦᠰᠤ ᠮᠦᠩᠬᠦ ᠵᠢ ᠤᠳᠤ ᠪᠤᠯᠳᠠᠯ᠎ᠠ ᠦᠭᠴᠤ ᠪᠠᠷᠠᠭ᠋ᠠᠳᠤᠢ᠂ ᠠ᠋ᠳᠦᠷ᠎ᠤᠨ ᠮᠠᠷᠭ᠋ᠠᠰᠢ ᠨᠡᠬᠡᠯ᠎ᠳᠤ ᠪᠤᠷᠪᠢᠳᠠᠭᠤᠯᠵᠤ ᠪᠠᠶ᠋ᠢᠨ᠎ᠠ᠃ ᠠ᠋ᠳᠡᠬᠡᠷ᠎ᠢ ᠴᠢ ᠬᠡᠷᠬᠢᠨ ᠮᠡᠳᠡᠬᠦ ᠪᠢᠯᠡ? ᠠᠢ ᠳ᠋ᠠ᠂ ᠬᠦᠬᠡᠷᠦᠬᠦᠢ ᠮᠢᠨᠢ! 《ᠨᠤᠮ᠎ᠢ᠎ᠨᠢ ᠰᠤᠷᠬᠤ ᠦᠬᠡᠢ ᠴᠦ᠍ ᠨᠤᠮᠤᠬᠠᠨ᠎ᠢ᠎ᠨᠢ ᠰᠤᠷ》 ᠬᠡᠵᠤ ᠪᠠᠶ᠋ᠢᠳᠠᠭ ᠰᠢᠤ᠂ ᠴᠢ ᠬᠡᠷᠪᠡ ᠬᠦᠮᠦᠨ᠎ᠤ ᠬᠡᠦᠬᠡᠳ᠎ᠤᠨ ᠵᠡᠷᠬᠡ ᠦᠩᠬᠡ᠎ᠲᠠᠢ᠂ ᠦᠬᠡᠳᠡ᠎ᠲᠠᠢ ᠶᠠᠪᠤᠬᠤ᠎ᠳᠤ ᠬᠦᠷᠪᠡᠯ ᠠ᠋ᠷᠡᠦ᠎ᠪᠠᠷ ᠵᠶ᠋ᠠᠨ ᠮᠦᠯᠬᠦᠭᠰᠡᠨ ᠴᠦ᠍ ᠠᠪᠤ ᠡᠵᠢ ᠴᠢᠨᠢ ᠭᠤᠮᠤᠳᠠᠯ ᠦᠬᠡᠢ ᠶᠤᠮ ᠰᠢᠤ!
      ᠤᠬᠠᠭ᠋ᠠᠨ ᠤᠷᠤᠬᠤ ᠵᠢ ᠴᠢᠨᠢ ᠬᠦᠰᠡᠶ᠎ᠡ!
     ᠠᠪᠤ᠎ᠠᠴᠠ ᠴᠢᠨᠢ
       × × ᠤᠨ᠎ᠤ × × ᠰᠠᠷ᠎ᠠ ᠵᠢᠨ × × ᠠ᠋ᠳᠦᠷ
      ᠵᠤᠬᠢᠶᠠᠯ᠎ᠢ ᠤᠩᠰᠢᠭ᠋ᠠᠳ ᠪᠠᠷᠠᠮᠠᠭᠴᠠ ᠵᠤᠩᠬᠢ ᠤᠯᠠᠨ ᠡᠴᠢᠬᠡ ᠠ᠋ᠬᠡ᠎ᠳᠤ ᠶᠠᠭᠤ ᠨᠢᠬᠡ ᠵᠢ ᠪᠤᠳᠤᠭᠤᠯᠬᠤ ᠬᠡᠬᠦ᠎ᠳᠤ ᠵᠢᠭ᠋ᠠᠯ ᠤᠯᠠᠨ ᠦᠷ᠎ᠡ ᠬᠡᠦᠬᠡᠳ᠎ᠨᠢ ᠴᠦ᠍ ᠶᠠᠮᠠᠷ ᠨᠢᠬᠡ ᠵᠢ ᠰᠡᠳᠬᠢᠬᠦ᠎ᠨᠢ ᠰᠤᠨᠢᠨ᠎ᠲᠠᠢ ᠳ᠋ᠠ᠃
      ᠠ᠋ᠨᠡᠷᠢᠯ ᠶᠡᠬᠡᠳᠡᠢ ᠡᠴᠢᠬᠡ ᠠ᠋ᠬᠡ ᠡ! ᠠ᠋ᠶ᠎ᠡ ᠵᠤᠬᠢᠴᠠᠯᠳᠤ ᠠ᠋ᠨᠡ ᠨᠡᠶ᠋ᠢᠬᠡᠮ ᠡ! ᠠ᠋ᠩᠬᠦᠷᠡᠢ ᠬᠡᠦᠬᠡᠳ᠎ᠲᠤ᠎ᠪᠠᠨ ᠠ᠋ᠯᠪᠡᠷᠢᠯ᠎ᠤᠨ ᠬᠦᠮᠦᠵᠢᠯ᠎ᠢ ᠶᠡᠬᠡᠬᠡᠨ ᠬᠢᠶ᠎ᠡ! ᠠ᠋ᠨᠡᠷᠢᠯ᠎ᠢ᠎ᠨᠢ ᠬᠦᠷᠳᠡᠭᠰᠡᠨ ᠰᠤᠷᠤᠭᠴᠢ ᠨᠦᠬᠦᠳ ᠡ᠂ ᠠ᠋ᠯᠪᠡᠷᠢᠯ ᠬᠦᠢ᠍ᠴᠡᠳᠬᠡᠬᠦ ᠵᠢ ᠪᠤᠤ ᠯᠠ ᠮᠠᠷᠳᠠᠶ᠎ᠠ!
      ᠠᠵᠢᠯᠯᠠᠵᠤ ᠪᠠᠢ᠍ᠢ᠍ᠭ᠎ᠠ ᠪᠠᠢ᠍ᠢ᠍ᠭᠤᠯᠭ᠎ᠠ᠄ ᠪᠠᠭ᠋ᠠᠷᠢᠨ ᠪᠠᠷᠠᠭᠤᠨ ᠬᠤᠰᠢᠭᠤᠨ᠎ᠤ 
                                  ᠮᠤᠩᠭᠤᠯ ᠦᠨᠳᠦᠰᠦᠳᠡᠨ᠎ᠤ ᠰᠤᠷᠭ᠋ᠠᠭᠤᠯᠢ 
                                 (ᠠᠯᠳᠠᠨᠰᠦᠢ᠍ᠭᠡ ᠨᠠᠢ᠍ᠢ᠍ᠷᠠᠭᠤᠯᠪᠠ)
                                 2023.1 ᠳ᠋ᠦ᠍ᠭᠡᠷ ᠬᠤᠭᠤᠴᠠᠭ᠎ᠠ


 

ᠢᠷᠡᠯᠲᠡ᠄ ᠥᠪᠥᠷ ᠮᠣᠩᠭᠤᠯ᠎ᠤᠨ ᠥᠪᠡᠷᠲᠡᠭᠡᠨ ᠵᠠᠰᠠᠬᠤ ᠣᠷᠣᠨ᠎ᠤ ᠰᠤᠷᠭ᠋ᠠᠨ ᠬᠥᠮᠥᠵᠢᠯ᠎ᠤᠨ ᠲᠢᠩᠬᠢᠮ
          
ᠬᠠᠮᠢᠶ᠎ᠡ ᠪᠦᠬᠦᠢ ᠰᠣᠨᠢᠨ
ᠰᠤᠷᠤᠭᠴᠢᠳ᠎ᠲᠤ ᠰᠡᠳᠭᠢᠴᠡ ᠵᠢᠨ ᠠ᠋ᠷᠡᠭᠦᠯ ᠮᠡᠨᠳᠦ ᠵᠢᠨ ᠬᠦᠮᠦᠵᠢᠯ᠎ᠢ ᠬᠡᠷᠬᠢᠨ ᠬᠢᠬᠦ ᠪᠤᠢ
ᠰᠤᠷᠤᠯᠭ᠎ᠠ ᠬᠤᠴᠤᠷᠤᠩᠭᠤᠢ ᠰᠤᠷᠤᠭᠴᠢ ᠵᠢ ᠬᠦᠮᠦᠵᠢᠭᠦᠯᠬᠦ ᠠᠵᠢᠯ᠎ᠤᠨ ᠲᠤᠬᠠᠢ
ᠬᠡᠥᠬᠡᠳ᠎ᠤᠨ ᠭᠦᠮᠦᠵᠢᠯ᠎ᠳᠠᠬᠢ ᠭᠡᠷ᠎ᠤᠨ ᠠᠬᠠᠮᠠᠳ᠎ᠤᠨ ᠬᠠᠷᠢᠭᠤᠴᠠᠯᠭ᠎ᠠ
ᠣᠯᠠᠮᠵᠢᠯᠠᠯᠲᠦ ᠱᠠᠭ᠎ᠠ ᠲᠣᠭᠯᠠᠭ᠋ᠠᠮ ᠵᠶ᠋ᠠᠷ ᠬᠡᠣᠬᠡᠳ᠎ᠤᠨ ᠣᠢ ᠪᠢᠯᠢᠭ᠎ᠢ ᠨᠡᠭᠡᠭᠡᠬᠦ ᠲᠣᠬᠠᠢ
ᠬᠡᠷ ᠪᠦᠯᠢ ᠵᠢᠨ ᠬᠦᠮᠦᠵᠢᠯ᠎ᠳᠠᠬᠢ ᠤᠮᠳᠤᠭ᠋ᠠᠶ᠋ᠢᠯᠠᠵᠤ ᠪᠤᠯᠤᠰᠢ ᠦᠬᠡᠢ ᠬᠡᠳᠦᠨ ᠠᠰᠠᠭᠤᠳᠠᠯ
 
             蒙ICP备05000248号