ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠰᠤᠷᠭᠠᠨ ᠬᠦᠮᠦᠵᠢᠯ᠎ᠤᠨ ᠬᠠᠨᠲᠤᠯᠭ᠎ᠠ
ᠰᠣᠨᠤᠷ᠎ᠤᠨ ᠲᠠᠪᠴᠠᠩ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠰᠣᠨᠤᠷ᠎ᠤᠨ ᠲᠠᠪᠴᠠᠩ   -   ᠬᠡᠣᠬᠡᠳ᠎ᠤᠨ ᠬᠦᠮᠦᠵᠢᠯ
ᠰᠤᠷᠤᠭᠴᠢᠳ᠎ᠲᠤ ᠰᠡᠳᠭᠢᠴᠡ ᠵᠢᠨ ᠠ᠋ᠷᠡᠭᠦᠯ ᠮᠡᠨᠳᠦ ᠵᠢᠨ ᠬᠦᠮᠦᠵᠢᠯ᠎ᠢ ᠬᠡᠷᠬᠢᠨ ᠬᠢᠬᠦ ᠪᠤᠢ
ᠨᠡᠶ᠋ᠢᠲᠡᠯᠡᠭᠰᠡᠨ ᠴᠠᠭ᠄ 2023-10-17

                        ᠨᠠᠶᠠᠨᠲᠠᠢ

幼儿教育-2.png


      ᠰᠤᠷᠤᠭᠴᠢᠳ᠎ᠤᠨ ᠵᠶ᠋ᠠᠨ ᠰᠡᠳᠭᠢᠴᠡ ᠵᠢᠨ ᠠ᠋ᠷᠡᠭᠦᠯ ᠮᠡᠨᠳᠦ ᠵᠢᠨ ᠪᠠᠶ᠋ᠢᠳᠠᠯ᠎ᠳᠤ ᠠᠩᠬᠠᠷᠤᠯ ᠲᠠᠯᠪᠢᠨ᠂ ᠰᠡᠳᠭᠢᠴᠡ᠎ᠳᠤ᠎ᠨᠢ ᠬᠠᠷᠰᠢ᠎ᠲᠠᠢ ᠪᠤᠯᠵᠤ᠂ ᠬᠡᠪ᠎ᠤᠨ ᠠᠮᠢᠳᠤᠷᠠᠯ ᠰᠤᠷᠤᠯᠴᠠᠯᠭ᠎ᠠ ᠵᠢᠨ ᠪᠠᠶ᠋ᠢᠳᠠᠯ᠎ᠢ᠎ᠨᠢ ᠨᠥᠯᠥᠭᠡᠯᠡᠬᠦ᠎ᠠᠴᠠ ᠰᠡᠷᠭᠡᠶ᠋ᠢᠯᠡᠬᠦ ᠪᠤᠶᠤ ᠠ᠋ᠰᠡᠭᠦᠯ᠎ᠡ ᠰᠡᠳᠭᠢᠴᠡ᠎ᠳᠤ᠎ᠨᠢ ᠵᠤᠬᠢᠬᠤ ᠬᠠᠷᠰᠢ᠎ᠲᠠᠢ ᠪᠤᠯᠤᠭᠰᠠᠨ ᠪᠠᠶ᠋ᠢᠪᠠᠯ᠂ ᠰᠡᠳᠭᠢᠴᠡ ᠵᠢᠨ ᠬᠠᠷᠰᠢ ᠵᠢ᠎ᠨᠢ ᠠᠷᠢᠯᠭ᠋ᠠᠵᠤ᠂ ᠬᠡᠪ᠎ᠤᠨ ᠪᠤᠳᠤᠯ ᠰᠡᠳᠭᠢᠴᠡ᠎ᠲᠠᠢ ᠪᠤᠯᠭ᠋ᠠᠬᠤ ᠪᠤᠯ ᠣᠳᠣᠬᠠᠨ᠎ᠤ ᠪᠠᠭᠰᠢ ᠨᠠᠷ᠎ᠤᠨ ᠴᠢᠬᠤᠯᠠ ᠨᠢᠭᠡᠨ ᠠ᠋ᠭᠦᠷᠭᠡ ᠬᠠᠷᠢᠭᠤᠴᠠᠯᠭ᠎ᠠ ᠮᠥᠨ᠃ ᠠ᠋ᠶ᠋ᠢᠮᠦ᠎ᠠᠴᠠ ᠪᠠᠭᠰᠢ ᠨᠠᠷ ᠵᠠᠪᠠᠯ ᠰᠡᠳᠭᠢᠴᠡ ᠵᠢᠨ ᠠ᠋ᠷᠡᠭᠦᠯ ᠮᠡᠨᠳᠦ ᠵᠢᠨ ᠰᠤᠷᠤᠯᠴᠠᠯᠭ᠎ᠠ ᠵᠢ ᠪᠠᠷᠢᠮᠲᠠᠯᠠᠨ᠂ ᠰᠤᠷᠤᠭᠴᠢ ᠵᠢᠨ ᠰᠡᠳᠭᠢᠴᠡ ᠵᠢᠨ ᠠ᠋ᠷᠡᠭᠦᠯ ᠮᠡᠨᠳᠦ ᠵᠢᠨ ᠲᠤᠬᠠᠢ ᠬᠤᠯᠪᠤᠭᠳᠠᠯ ᠪᠦᠬᠦᠢ ᠮᠡᠳᠡᠯᠭᠡ ᠵᠢ ᠰᠤᠷᠴᠤ ᠡᠵᠡᠮᠰᠢᠨ᠂ ᠰᠤᠷᠤᠭᠴᠢ ᠵᠢᠨ ᠰᠡᠳᠭᠢᠴᠡ᠎ᠳᠤ ᠬᠠᠷᠰᠢ ᠠᠰᠠᠭᠤᠳᠠᠯ᠎ᠲᠠᠢ ᠪᠤᠯᠤᠭᠰᠠᠨ ᠢᠯᠡᠷᠡᠯ᠎ᠢ ᠦᠵᠡᠵᠦ ᠲᠠᠨᠢᠵᠤ ᠴᠢᠳᠠᠭ᠍ᠤ ᠮᠦᠷᠲᠡᠭᠡᠨ ᠰᠤᠷᠤᠭᠴᠢᠳ᠎ᠲᠤ᠎ᠪᠠᠨ ᠰᠡᠳᠭᠢᠴᠡ ᠵᠢᠨ ᠠ᠋ᠷᠡᠭᠦᠯ ᠮᠡᠨᠳᠦ ᠵᠢᠨ ᠬᠦᠮᠦᠵᠢᠯ᠎ᠢ ᠬᠢᠵᠦ ᠴᠢᠳᠠᠭ᠍ᠤ ᠴᠢᠬᠤᠯᠠᠲᠠᠢ᠃ ᠰᠡᠳᠭᠢᠴᠡ ᠵᠢᠨ ᠠ᠋ᠷᠡᠭᠦᠯ ᠮᠡᠨᠳᠦ ᠵᠢᠨ ᠲᠤᠬᠠᠢ ᠰᠤᠷᠤᠯᠴᠠᠯᠭ᠎ᠠ᠎ᠪᠠᠨ ᠴᠠᠭ ᠢᠮᠠᠭᠲᠠ ᠪᠠᠷᠢᠮᠲᠠᠯᠠᠨ᠂ ᠰᠡᠳᠭᠢᠴᠡ ᠵᠢᠨ ᠠ᠋ᠷᠡᠭᠦᠯ ᠮᠡᠨᠳᠦ ᠵᠢᠨ ᠬᠦᠮᠦᠵᠢᠯ ᠬᠢᠬᠦ ᠴᠢᠳᠠᠪᠤᠷᠢ᠎ᠪᠠᠨ ᠳᠡᠭᠡᠭᠰᠢᠯᠡᠭᠦᠯᠬᠦ᠎ᠨᠢ ᠤᠳᠤᠬᠠᠨ᠎ᠤ ᠰᠤᠷᠭ᠋ᠠᠨ ᠬᠦᠮᠦᠵᠢᠯ᠎ᠠᠴᠠ ᠪᠠᠭᠰᠢ ᠨᠠᠷ᠎ᠲᠤ ᠲᠠᠯᠪᠢᠵᠤ ᠪᠠᠶ᠋ᠢᠭ᠎ᠠ ᠱᠠᠭ᠋ᠠᠷᠳᠠᠯᠭ᠎ᠠ ᠮᠥᠨ᠃ ᠰᠤᠷᠤᠭᠴᠢᠳ᠎ᠲᠤ ᠰᠡᠳᠭᠢᠴᠡ ᠵᠢᠨ ᠠ᠋ᠷᠡᠭᠦᠯ ᠮᠡᠨᠳᠦ ᠵᠢᠨ ᠬᠦᠮᠦᠵᠢᠯ᠎ᠢ ᠬᠢᠬᠦ᠎ᠳᠤ ᠪᠠᠶ᠋ᠢᠳᠠᠯ ᠵᠶ᠋ᠠᠨ ᠦᠨᠳᠦᠰᠦᠯᠡᠨ᠂ ᠳᠠᠷᠠᠭ᠋ᠠᠬᠢ ᠮᠡᠲᠦ ᠬᠡᠳᠦᠨ ᠬᠡᠯᠪᠡᠷᠢ᠎ᠪᠠᠷ ᠬᠢᠵᠦ ᠪᠤᠯᠤᠨ᠎ᠠ᠃
      ᠨᠢᠭᠡ᠎ᠳᠤ᠂ ᠬᠢᠴᠢᠶᠡᠯᠯᠡᠭᠴᠢ ᠪᠠᠭᠰᠢ᠎ᠠᠴᠠ ᠠ᠋ᠩ᠎ᠤᠨ ᠴᠠᠭ᠎ᠤᠨ ᠬᠢᠴᠢᠶᠡᠯ᠎ᠤᠨ ᠲᠠᠩᠬᠢᠮ᠎ᠤᠨ ᠵᠢᠭ᠋ᠠᠨ ᠰᠤᠷᠭ᠋ᠠᠯᠲᠠ᠎ᠳᠤ᠎ᠪᠠᠨ ᠰᠡᠳᠭᠢᠴᠡ ᠵᠢᠨ ᠠ᠋ᠷᠡᠭᠦᠯ ᠮᠡᠨᠳᠦ ᠵᠢᠨ ᠬᠦᠮᠦᠵᠢᠯ᠎ᠢ ᠰᠢᠮᠡᠳᠭᠡᠨ᠂ ᠰᠤᠷᠤᠭᠴᠢᠳ᠎ᠲᠤ᠎ᠪᠠᠨ ᠰᠡᠳᠭᠢᠴᠡ ᠵᠢᠨ ᠠ᠋ᠷᠡᠭᠦᠯ ᠮᠡᠨᠳᠦ ᠵᠢᠨ ᠬᠦᠮᠦᠵᠢᠯ ᠬᠢᠨ᠎ᠡ᠃ ᠬᠢᠴᠢᠶᠡᠯᠯᠡᠭᠴᠢ ᠪᠠᠭᠰᠢ᠎ᠠᠴᠠ ᠵᠢᠭ᠋ᠠᠵᠤ ᠪᠠᠶ᠋ᠢᠭ᠎ᠠ ᠬᠢᠴᠢᠶᠡᠯ ᠲᠥᠷᠥᠯ᠎ᠤᠨ ᠤᠨᠴᠠᠯᠢᠭ ᠪᠠ ᠨᠢᠭᠡ ᠨᠢᠭᠡᠴᠢ ᠪᠤᠶᠤ ᠵᠤᠬᠢᠬᠤ ᠴᠠᠭ᠎ᠤᠨ ᠬᠢᠴᠢᠶᠡᠯ᠎ᠤᠨ ᠵᠢᠭ᠋ᠠᠬᠤ ᠠᠭᠤᠯᠭ᠎ᠠ᠎ᠪᠠᠨ ᠦᠨᠳᠦᠰᠦᠯᠡᠨ ᠠᠭᠤᠰᠠᠭᠨ ᠰᠢᠮᠡᠳᠭᠡᠵᠦ ᠪᠤᠯᠬᠤ ᠰᠡᠳᠬᠢᠴᠡ ᠵᠢᠨ ᠠ᠋ᠷᠡᠭᠦᠯ ᠮᠡᠨᠳᠦ ᠵᠢᠨ ᠠᠭᠤᠯᠭ᠎ᠠ ᠵᠢ ᠵᠢᠭ᠋ᠠᠬᠤ ᠶᠠᠪᠤᠴᠠ᠎ᠳᠤ᠎ᠪᠠᠨ ᠠᠭᠤᠰᠬᠠᠨ᠂ ᠰᠤᠷᠤᠭᠴᠢᠳ᠎ᠲᠤ᠎ᠪᠠᠨ ᠵᠤᠬᠢᠬᠤ ᠰᠡᠳᠭᠢᠴᠡ ᠵᠢᠨ ᠠ᠋ᠷᠡᠭᠦᠯ ᠮᠡᠨᠳᠦ ᠵᠢᠨ ᠬᠦᠮᠦᠵᠢᠯ ᠬᠢᠨ᠎ᠡ᠃ ᠮᠤᠩᠭᠤᠯ ᠬᠡᠯᠡ ᠪᠢᠴᠢᠭ᠎ᠤᠨ ᠬᠢᠴᠢᠶᠡᠯ ᠵᠶ᠋ᠠᠷ ᠠᠪᠴᠤ ᠬᠡᠯᠡᠪᠡᠯ᠂ ᠨᠤᠲᠤᠭ ᠤᠰᠤ᠎ᠪᠠᠨ ᠬᠠᠶ᠋ᠢᠷᠠᠯᠠᠭ᠍ᠤ᠂ ᠠᠰᠢᠭᠲᠠᠢ ᠠᠮᠢᠲᠠᠨ᠎ᠢ ᠬᠠᠮᠠᠭ᠋ᠠᠯᠠᠭ᠍ᠤ᠂ ᠠᠴᠢᠯᠠᠯ ᠠ᠋ᠨᠡᠷᠢᠯ᠎ᠢ ᠮᠡᠳᠡᠬᠦ ᠬᠢᠭᠡᠳ ᠠᠴᠢᠯᠠᠯ ᠠ᠋ᠨᠡᠷᠢᠯ᠎ᠢ ᠬᠠᠷᠢᠭᠤᠯᠠᠭ᠍ᠤ᠂ ᠰᠢᠨᠵᠢᠯᠡᠬᠦ ᠣᠬᠠᠭ᠋ᠠᠨ᠎ᠢ ᠢᠲᠡᠭᠡᠨ ᠪᠢᠰᠢᠷᠡᠬᠦ᠂ ᠠᠬᠠᠮᠠᠳ ᠲᠤᠮᠤᠭ᠋ᠠᠲᠠᠳ᠎ᠠᠴᠠ ᠰᠤᠷᠴᠤ ᠵᠠᠯᠭ᠋ᠠᠮᠵᠢᠯᠠᠭ᠍ᠤ᠂ ᠰᠢᠯᠢᠳᠡᠭ ᠥᠪ ᠰᠤᠶᠤᠯ ᠵᠶ᠋ᠠᠨ ᠤᠯᠠᠮᠵᠢᠯᠠᠨ ᠵᠠᠯᠭ᠋ᠠᠮᠵᠢᠯᠠᠭ᠍ᠤ᠂ ᠳᠦᠷᠢᠮ ᠲᠤᠭᠲᠠᠭ᠋ᠠᠯ ᠶᠤᠰᠤ ᠵᠢᠷᠤᠮ᠎ᠢ ᠵᠢᠷᠤᠮᠯᠠᠭ᠍ᠤ ᠵᠡᠷᠭᠡ ᠤᠯᠠᠨ ᠬᠦᠮᠦᠵᠢᠯ ᠪᠠᠶ᠋ᠢᠳᠠᠭ᠃ ᠠ᠋ᠳᠡᠭᠡᠷ᠎ᠨᠢ ᠰᠡᠳᠭᠢᠴᠡ ᠵᠢᠨ ᠠ᠋ᠷᠡᠭᠦᠯ ᠮᠡᠨᠳᠦ᠎ᠲᠠᠢ ᠰᠢᠭᠤᠳ ᠬᠤᠯᠪᠤᠭ᠎ᠠ᠎ᠲᠠᠢ ᠬᠦᠮᠦᠵᠢᠯ ᠪᠤᠯᠬᠤ ᠪᠦᠭᠡᠳ ᠰᠤᠷᠤᠭᠴᠢᠳ᠎ᠤᠨ ᠰᠡᠳᠭᠢᠴᠡ ᠵᠢᠨ ᠬᠡᠪ ᠪᠤᠯᠪᠠᠰᠤᠷᠠᠯ᠎ᠢ ᠠᠬᠢᠭᠤᠯᠤᠨ ᠳᠡᠭᠡᠭᠰᠢᠯᠡᠭᠦᠯᠬᠦ ᠬᠦᠮᠦᠵᠢᠯ ᠪᠤᠯᠤᠨ᠎ᠠ᠃ ᠠ᠋ᠨᠡ ᠮᠡᠲᠦ᠎ᠪᠠᠷ ᠡᠯ᠎ᠡ ᠬᠢᠴᠢᠶᠡᠯ ᠲᠥᠷᠦᠯ᠎ᠳᠤ ᠴᠦᠮ ᠠ᠋ᠶ᠋ᠢᠮᠦᠷᠬᠦᠤ ᠮᠠᠶᠢᠭ᠎ᠤᠨ ᠰᠡᠳᠭᠢᠴᠡ ᠵᠢᠨ ᠠ᠋ᠷᠡᠭᠦᠯ ᠮᠡᠨᠳᠦ ᠵᠢ ᠠᠬᠢᠭᠤᠯᠬᠤ ᠬᠦᠮᠦᠵᠢᠯ᠎ᠤᠳ ᠪᠠᠶ᠋ᠢᠳᠠᠭ᠃ ᠠ᠋ᠳᠡᠭᠡᠷ ᠬᠦᠮᠦᠵᠢᠯ᠎ᠢ ᠰᠡᠳᠭᠢᠴᠡ ᠵᠢᠨ ᠠ᠋ᠷᠡᠭᠦᠯ ᠮᠡᠨᠳᠦ ᠵᠢᠨ ᠬᠦᠮᠦᠵᠢᠯ᠎ᠯᠦᠭᠡ ᠣᠶᠠᠯᠳᠤᠭᠤᠯᠪᠠᠯ ᠲᠡᠷᠡ ᠬᠡᠪ ᠵᠶ᠋ᠠᠷ ᠵᠶ᠋ᠠᠨ ᠰᠡᠳᠭᠢᠴᠡ ᠵᠢᠨ ᠠ᠋ᠷᠡᠭᠦᠯ ᠮᠡᠨᠳᠦ ᠵᠢᠨ ᠬᠦᠮᠦᠵᠢᠯ ᠪᠤᠯᠵᠤ ᠬᠤᠪᠢᠷᠠᠨ᠎ᠠ᠃
      ᠬᠤᠶᠠᠷ᠎ᠲᠤ᠂ ᠠᠩᠬᠢ ᠵᠢᠨ ᠠ᠋ᠷᠬᠢᠯᠡᠭᠴᠢ ᠪᠠᠭᠰᠢ ᠠᠩᠬᠢ ᠵᠢᠨ ᠬᠤᠷᠠᠯ ᠪᠤᠶᠤ ᠠ᠋ᠷᠲᠡ ᠵᠢᠨ ᠬᠤᠷᠠᠯ᠎ᠤᠨ ᠴᠠᠭ ᠵᠶ᠋ᠠᠷ ᠰᠤᠷᠤᠭᠴᠢᠳ᠎ᠲᠤ᠎ᠪᠠᠨ ᠰᠡᠳᠭᠢᠴᠡ ᠵᠢᠨ ᠠ᠋ᠷᠡᠭᠦᠯ ᠮᠡᠨᠳᠦ ᠵᠢᠨ ᠬᠦᠮᠦᠵᠢᠯ ᠬᠢᠨ᠎ᠡ᠃ ᠴᠠᠭ᠂ ᠬᠡᠷᠡᠭᠴᠡᠭᠡ ᠪᠠ ᠱᠠᠭ᠋ᠠᠷᠳᠠᠯᠭ᠎ᠠ᠎ᠪᠠᠨ ᠦᠨᠳᠦᠰᠦᠯᠡᠨ᠂ ᠠᠩᠬᠢ ᠵᠢᠨ ᠠ᠋ᠷᠬᠢᠯᠡᠭᠴᠢ ᠪᠠᠭᠰᠢ ᠥᠪᠡᠷ᠎ᠤᠨ ᠠ᠋ᠷᠬᠢᠯᠡᠵᠦ ᠪᠠᠶ᠋ᠢᠭ᠎ᠠ ᠠᠩᠬᠢ᠎ᠳᠤ᠎ᠪᠠᠨ ᠠ᠋ᠷᠲᠡ ᠵᠢᠨ ᠬᠤᠷᠠᠯ᠂ ᠠᠩᠬᠢ ᠵᠢᠨ ᠬᠤᠷᠠᠯ ᠪᠠ ᠭᠤᠤᠯ ᠰᠡᠳᠦᠪᠲᠦ ᠠᠩᠬᠢ ᠵᠢᠨ ᠬᠤᠷᠠᠯ ᠬᠢᠬᠦ᠎ᠳᠤ᠎ᠪᠠᠨ ᠰᠡᠳᠭᠢᠴᠡ ᠵᠢᠨ ᠠ᠋ᠷᠡᠭᠦᠯ ᠮᠡᠨᠳᠦ ᠵᠢᠨ ᠠᠭᠤᠯᠭ᠎ᠠ ᠵᠢ ᠠᠭᠤᠰᠬᠠᠨ᠂ ᠰᠤᠷᠤᠭᠴᠢᠳ᠎ᠲᠤ᠎ᠪᠠᠨ ᠰᠡᠳᠭᠢᠴᠡ ᠵᠢᠨ ᠠ᠋ᠷᠡᠭᠦᠯ ᠮᠡᠨᠳᠦ ᠵᠢᠨ ᠬᠦᠮᠦᠵᠢᠯ ᠬᠢᠨ᠎ᠡ᠃ ᠵᠢᠱ᠌ᠢᠶᠡᠯᠡᠪᠡᠯ᠂ ᠠᠮᠠᠷᠠᠯᠲᠠ ᠳᠠᠭᠤᠰᠴᠤ ᠰᠤᠷᠤᠬ᠍ᠴᠢ ᠴᠤᠭᠯᠠᠭᠰᠠᠨ᠎ᠤ ᠳᠠᠷᠠᠭ᠎ᠠ ᠰᠤᠷᠭ᠋ᠠᠭᠤᠯᠢ ᠵᠢᠨ ᠠᠮᠢᠳᠤᠷᠠᠯ᠎ᠳᠤ᠎ᠪᠠᠨ ᠬᠤᠷᠳᠤᠨ ᠳᠠᠰᠬᠤ᠂ ᠴᠠᠭ ᠣᠯᠠᠷᠢᠯ ᠠᠭᠤᠷ ᠠᠮᠢᠰᠬᠤᠯ᠎ᠤᠨ ᠬᠤᠪᠢᠷᠠᠯᠲᠠ᠎ᠳᠤ ᠶᠠᠪᠤᠵᠤ ᠰᠠᠭᠤᠬᠤ ᠠ᠋ᠮᠦᠰᠴᠦ ᠵᠡᠭᠦᠬᠦ᠎ᠪᠠᠨ ᠲᠤᠬᠢᠷᠠᠭᠤᠯᠬᠤ᠂ ᠬᠠᠯᠳᠠᠪᠤᠷᠢᠲᠤ ᠬᠢᠵᠢᠭ᠎ᠤᠨ ᠴᠠᠭ᠎ᠲᠤ ᠠᠶᠣᠵᠤ ᠰᠠᠨᠳᠤᠷᠬᠤ ᠦᠭᠡᠢ᠎ᠪᠠᠷ ᠪᠦᠲᠦᠮᠵᠢᠲᠡᠢ᠎ᠪᠠᠷ ᠰᠡᠷᠭᠡᠶ᠋ᠢᠯᠡᠬᠦ᠂ ᠣᠯᠠᠨ ᠨᠡᠶ᠋ᠢᠲᠡ ᠵᠢᠨ ᠬᠦᠳᠡᠯᠭᠡᠭᠡᠨ ᠠᠵᠢᠯᠯᠠᠭ᠋ᠠᠨ᠎ᠳᠤ ᠰᠠᠬᠢᠯᠭ᠎ᠠ ᠳᠦᠷᠢᠮ᠎ᠢ ᠵᠢᠷᠤᠮᠯᠠᠨ ᠠ᠋ᠮᠬᠢ ᠵᠢᠷᠤᠮ᠎ᠢ ᠳᠠᠭ᠋ᠠᠬᠤ᠂ ᠰᠢᠯᠭ᠋ᠠᠯᠲᠠ ᠪᠠᠶ᠋ᠢᠴᠠᠭ᠋ᠠᠯᠲᠠ᠎ᠠᠴᠠ ᠠ᠋ᠮᠦᠨ᠎ᠡ ᠳᠠᠪᠲᠠᠯᠭ᠎ᠠ ᠪᠤᠯᠪᠠᠰᠤᠷᠠᠯ ᠵᠶ᠋ᠠᠨ ᠰᠠᠶ᠋ᠢᠲᠤᠷ ᠬᠢᠬᠦ᠂ ᠰᠢᠯᠭ᠋ᠠᠯᠲᠠ ᠪᠠᠶ᠋ᠢᠴᠠᠭ᠋ᠠᠯᠲᠠ᠎ᠳᠤ ᠠᠶᠤᠵᠤ ᠰᠠᠨᠳᠤᠷᠬᠤ ᠦᠭᠡᠢ ᠠᠭᠤᠵᠢᠭᠤ ᠲᠠᠯᠪᠢᠭᠤ ᠨᠠᠷᠢᠨ ᠬᠢᠨᠠᠮᠠᠭ᠋ᠠᠢ ᠤᠷᠤᠯᠴᠠᠭ᠍ᠤ᠂ ᠪᠡᠶ᠎ᠡ ᠵᠢᠨ ᠪᠠᠶ᠋ᠢᠳᠠᠯ ᠪᠠ ᠠᠭᠤᠷ ᠠᠮᠢᠰᠬᠤᠯ᠎ᠤᠨ ᠬᠤᠪᠢᠷᠠᠯᠲᠠ᠂ ᠤᠯᠠᠷᠢᠯ᠎ᠤᠨ ᠪᠠᠶ᠋ᠢᠳᠠᠯ᠎ᠳᠤ ᠲᠤᠬᠢᠷᠠᠭᠤᠯᠤᠨ ᠢᠳᠡᠵᠦ ᠤᠤᠭᠤᠬᠤ᠎ᠪᠠᠨ ᠠᠩᠬᠠᠷᠬᠤ ᠵᠡᠷᠭᠡ᠎ᠳᠤ ᠴᠢᠭᠯᠡᠭᠦᠯᠦᠨ ᠰᠡᠳᠭᠢᠴᠡ ᠵᠢᠨ ᠠ᠋ᠷᠡᠭᠦᠯ ᠮᠡᠨᠳᠦ ᠵᠢᠨ ᠬᠦᠮᠦᠵᠢᠯ ᠬᠢᠵᠦ ᠪᠤᠯᠤᠨ᠎ᠡ᠃
      ᠭᠤᠷᠪᠠ᠎ᠳᠤ᠂ ᠰᠡᠳᠭᠢᠴᠡ ᠵᠢᠨ ᠠ᠋ᠷᠡᠭᠦᠯ ᠮᠡᠨᠳᠦ ᠵᠢᠨ ᠲᠤᠰᠬᠠᠢ ᠬᠢᠴᠢᠶᠡᠯ ᠤᠷᠤᠵᠤ ᠰᠤᠷᠤᠭᠴᠢᠳ᠎ᠲᠤ᠎ᠪᠠᠨ ᠰᠡᠳᠭᠢᠴᠡ ᠵᠢᠨ ᠠ᠋ᠷᠡᠭᠦᠯ ᠮᠡᠨᠳᠦ ᠵᠢᠨ ᠬᠦᠮᠦᠵᠢᠯ ᠬᠢᠨ᠎ᠡ᠃ ᠴᠢᠬᠤᠯᠠᠴᠢᠯᠠᠭ᠎ᠠ᠎ᠲᠠᠢ ᠦᠶᠡᠰ᠂ ᠰᠤᠷᠤᠭᠴᠢᠳ᠎ᠲᠤ ᠰᠡᠳᠭᠢᠴᠡ ᠵᠢᠨ ᠠ᠋ᠷᠡᠭᠦᠯ ᠮᠡᠨᠳᠦ ᠵᠢᠨ ᠲᠤᠰᠬᠠᠢ ᠬᠢᠴᠢᠶᠡᠯ ᠤᠷᠤᠵᠤ᠂ ᠰᠡᠳᠭᠢᠴᠡ ᠵᠢᠨ ᠠ᠋ᠷᠡᠭᠦᠯ ᠮᠡᠨᠳᠦ ᠵᠢᠨ ᠬᠦᠮᠦᠵᠢᠯ ᠬᠢᠨ᠎ᠡ᠃ ᠰᠤᠷᠤᠭᠴᠢᠳ᠎ᠤᠨ ᠰᠡᠳᠭᠢᠴᠡ ᠵᠢᠨ ᠪᠠᠶ᠋ᠢᠳᠠᠯ᠎ᠢ ᠦᠨᠳᠦᠰᠦᠯᠡᠨ᠂ ᠰᠤᠷᠭ᠋ᠠᠭᠤᠯᠢ ᠵᠢᠨ ᠰᠡᠳᠭᠢᠴᠡ ᠵᠢᠨ ᠠ᠋ᠷᠡᠭᠦᠯ ᠮᠡᠨᠳᠦ ᠵᠢᠨ ᠲᠤᠰᠬᠠᠢ ᠪᠠᠭᠰᠢ ᠪᠤᠶᠤ ᠰᠡᠳᠭᠢᠴᠡ ᠵᠢᠨ ᠠ᠋ᠷᠡᠭᠦᠯ ᠮᠡᠨᠳᠦ ᠵᠢᠨ ᠮᠡᠳᠡᠯᠭᠡ ᠴᠢᠳᠠᠪᠤᠷᠢ ᠵᠢ ᠡᠵᠡᠮᠰᠢᠭᠰᠡᠨ ᠪᠤᠰᠤᠳ ᠬᠢᠴᠢᠶᠡᠯ ᠲᠥᠷᠥᠯ᠎ᠤᠨ ᠪᠠᠭᠰᠢ᠎ᠠᠴᠠ ᠰᠤᠷᠤᠭᠴᠢᠳ᠎ᠲᠤ ᠰᠡᠳᠭᠢᠴᠡ ᠵᠢᠨ ᠠ᠋ᠷᠡᠭᠦᠯ ᠮᠡᠨᠳᠦ ᠵᠢᠨ ᠬᠢᠴᠢᠶᠡᠯ ᠤᠷᠤᠵᠤ᠂ ᠰᠤᠷᠤᠭᠴᠢᠳ᠎ᠤᠨ ᠰᠡᠳᠭᠢᠴᠡ ᠵᠢᠨ ᠵᠠᠩᠭᠢᠷᠠᠭ᠎ᠠ ᠵᠢ ᠲᠠᠶ᠋ᠢᠯᠵᠤ᠂ ᠰᠡᠳᠭᠢᠴᠡ ᠵᠢᠨ ᠬᠠᠷᠰᠢ ᠰᠠᠭ᠋ᠠᠳ᠎ᠢ ᠠᠷᠢᠯᠭ᠋ᠠᠵᠤ ᠪᠤᠯᠤᠨ᠎ᠠ᠃ ᠠᠵᠢᠯ ᠰᠤᠷᠤᠯᠭ᠎ᠠ ᠤᠠᠴᠠ ᠶᠠᠭ᠋ᠠᠷᠠᠤ᠂ ᠪᠡᠶ᠎ᠡ ᠮᠠᠭ᠍ᠠᠪᠤᠳ ᠤᠶᠤᠨ ᠰᠠᠨᠠᠭ᠋ᠠᠨ᠎ᠤ ᠶᠠᠳᠠᠷᠠᠯ ᠵᠦᠳᠡᠷᠡᠯ ᠶᠡᠭᠡ᠂ ᠶᠠᠮᠠᠷ ᠨᠢᠭᠡ ᠤᠨᠴᠠᠭ᠋ᠠᠢ ᠰᠢᠯᠲᠠᠭ᠋ᠠᠨ᠎ᠠᠴᠠ ᠪᠤᠯᠵᠤ ᠰᠤᠷᠤᠭᠴᠢᠳ᠎ᠤᠨ ᠰᠡᠳᠭᠢᠴᠡ ᠳᠠᠷᠤᠭ᠋ᠠᠰᠤ ᠶᠡᠭᠡ᠎ᠲᠠᠢ ᠪᠠᠶ᠋ᠢᠬᠤ ᠵᠡᠷᠭᠡ ᠪᠠᠶ᠋ᠢᠳᠠᠯ᠎ᠳᠤ ᠵᠤᠷᠢᠭᠤᠯᠤᠨ ᠰᠡᠳᠭᠢᠴᠡ ᠵᠢᠨ ᠠ᠋ᠷᠡᠭᠦᠯ ᠮᠡᠨᠳᠦ ᠵᠢᠨ ᠲᠤᠰᠬᠠᠢ ᠬᠢᠴᠢᠶᠡᠯ ᠤᠷᠤᠵᠤ᠂ ᠰᠤᠷᠤᠭᠴᠢᠳ᠎ᠤᠨ ᠰᠡᠳᠭᠢᠯ᠎ᠢ ᠲᠠᠶ᠋ᠢᠪᠤᠰᠢᠷᠠᠭᠤᠯᠤᠨ᠂ ᠰᠡᠳᠭᠢᠴᠡ ᠵᠢᠨ ᠵᠠᠩᠭᠢᠷᠠᠭ᠎ᠠ ᠵᠢ ᠲᠠᠶ᠋ᠢᠯᠵᠤ ᠪᠤᠯᠤᠨ᠎ᠠ᠃
      ᠳᠦᠷᠪᠡ᠎ᠳᠤ᠂ ᠮᠤᠷᠠᠯ᠎ᠤᠨ ᠬᠦᠮᠦᠵᠢᠯ᠎ᠤᠨ ᠠᠵᠢᠯᠯᠠᠭ᠎ᠠ᠎ᠳᠤ ᠰᠡᠳᠭᠢᠴᠡ ᠵᠢᠨ ᠬᠦᠮᠦᠵᠢᠯ᠎ᠢ ᠠᠭᠤᠰᠬᠠᠵᠤ᠂ ᠰᠤᠷᠤᠭᠴᠢᠳ᠎ᠲᠤ᠎ᠪᠠᠨ ᠰᠡᠳᠭᠢᠴᠡ ᠵᠢᠨ ᠠ᠋ᠷᠡᠭᠦᠯ ᠮᠡᠨᠳᠦ ᠵᠢᠨ ᠬᠦᠮᠦᠵᠢᠯ ᠬᠢᠨ᠎ᠡ᠃ ᠮᠤᠷᠠᠯ᠎ᠤᠨ ᠬᠦᠮᠦᠵᠢᠯ ᠪᠠ ᠰᠡᠳᠭᠢᠴᠡ ᠵᠢᠨ ᠠ᠋ᠷᠡᠭᠦᠯ ᠮᠡᠨᠳᠦ ᠵᠢᠨ ᠬᠦᠮᠦᠵᠢᠯ᠎ᠨᠢ ᠬᠡᠳᠦᠶ᠋ᠢᠪᠡᠷ ᠠᠰ ᠠᠰ᠎ᠲᠤ᠎ᠪᠠᠨ ᠨᠡᠷᠡᠶ᠋ᠢᠳᠦᠯ᠎ᠲᠠᠢ ᠪᠤᠯᠪᠠᠴᠤ ᠬᠠᠷᠢᠯᠴᠠᠨ ᠤᠶᠠᠯᠳᠤᠭᠰᠠᠨ᠂ ᠬᠠᠷᠢᠯᠴᠠᠨ ᠠᠭᠤᠰᠤᠯᠴᠠᠭᠰᠠᠨ ᠨᠢᠭᠡᠲᠦᠮᠡᠯ ᠠᠵᠢᠯᠯᠠᠭ᠎ᠠ ᠪᠤᠯᠬᠤ ᠶᠤᠮ᠃ ᠮᠤᠷᠠᠯ᠎ᠤᠨ ᠬᠦᠮᠦᠵᠢᠯ᠎ᠳᠤ ᠰᠡᠳᠭᠢᠴᠡ ᠵᠢᠨ ᠠ᠋ᠷᠡᠭᠦᠯ ᠮᠡᠨᠳᠦ ᠵᠢᠨ ᠬᠦᠮᠦᠵᠢᠯ ᠠᠭᠤᠯᠤᠭᠳᠠᠵᠤ ᠪᠠᠶ᠋ᠢᠬᠤ ᠪᠦᠭᠡᠳ ᠮᠤᠷᠠᠯ᠎ᠤᠨ ᠬᠦᠮᠦᠵᠢᠯ᠎ᠤᠨ ᠳᠡᠭᠡᠭᠰᠢᠯᠡᠯᠲᠡ ᠪᠤᠯᠪᠠᠰᠤᠷᠠᠯᠲᠠ᠎ᠳᠤ ᠠᠬᠢᠭᠤᠯᠬᠤ ᠦᠢ᠍ᠯᠡᠳᠦᠯ ᠦᠵᠡᠭᠦᠯᠥᠨ᠎ᠡ᠃ ᠠᠳᠠᠯᠢᠬᠠᠨ ᠵᠶ᠋ᠠᠷ ᠰᠡᠳᠭᠢᠴᠡ ᠵᠢᠨ ᠠ᠋ᠷᠡᠭᠦᠯ ᠮᠡᠨᠳᠦ ᠵᠢᠨ ᠬᠦᠮᠦᠵᠢᠯ᠎ᠳᠤ ᠮᠤᠷᠠᠯ᠎ᠤᠨ ᠬᠦᠮᠦᠵᠢᠯ ᠠᠭᠤᠯᠤᠭᠳᠠᠭ᠍ᠤ ᠪᠦᠭᠡᠳ ᠮᠥᠨ ᠴᠦ᠍ ᠰᠡᠳᠭᠢᠴᠡ ᠵᠢᠨ ᠠ᠋ᠷᠡᠭᠦᠯ ᠮᠡᠨᠳᠦ ᠵᠢᠨ ᠬᠦᠮᠦᠵᠢᠯ᠎ᠳᠤ ᠠᠬᠢᠭᠤᠯᠬᠤ ᠦᠢ᠍ᠯᠡᠳᠦᠯ ᠦᠵᠡᠭᠦᠯᠦᠨ᠎ᠡ᠃ ᠮᠤᠷᠠᠯ᠎ᠤᠨ ᠬᠦᠮᠦᠵᠢᠯ᠎ᠤᠨ ᠤᠬᠠᠭᠤᠯᠭ᠎ᠠ ᠰᠤᠷᠲᠠᠯᠴᠢᠯᠠᠭ᠎ᠠ ᠵᠢᠨ ᠬᠦᠳᠡᠯᠭᠡᠭᠡᠨ᠂ ᠶᠠᠮᠠᠷ ᠨᠢᠭᠡ ᠪᠤᠳᠠᠲᠠᠢ ᠠᠵᠢᠯᠯᠠᠭ᠋ᠠᠨ᠎ᠢ ᠵᠤᠬᠢᠶᠠᠨ ᠪᠠᠶ᠋ᠢᠭᠤᠯᠬᠤ᠂ ᠮᠤᠷᠠᠯ᠎ᠤᠨ ᠬᠦᠮᠦᠵᠢᠯ᠎ᠤᠨ ᠳᠠᠶ᠋ᠢᠴᠢᠯᠠᠯᠲᠠ ᠵᠢᠨ ᠶᠠᠷᠢᠶ᠎ᠠ ᠲᠠᠶ᠋ᠢᠯᠤᠮᠵᠢ ᠬᠢᠬᠦ᠂ ᠠ᠋ᠳᠦᠷ ᠲᠤᠲᠤᠮ᠎ᠤᠨ ᠬᠠᠮᠢᠶᠠᠷᠤᠯᠲᠠ᠂ ᠰᠠᠶ᠋ᠢᠰᠢᠶᠠᠨ ᠬᠦᠬᠢᠭᠦᠯᠬᠦ ᠵᠡᠷᠭᠡ ᠠᠵᠢᠯᠯᠠᠭ᠋ᠠᠨ᠎ᠳᠤ ᠰᠡᠳᠭᠢᠴᠡ ᠵᠢᠨ ᠠ᠋ᠷᠡᠭᠦᠯ ᠮᠡᠨᠳᠦ ᠵᠢᠨ ᠬᠦᠮᠦᠵᠢᠯ᠎ᠤᠨ ᠠᠵᠢᠯᠯᠠᠭ᠋ᠠᠨ᠎ᠢ ᠠᠭᠤᠰᠬᠠᠨ᠂ ᠰᠤᠷᠤᠭᠴᠢᠳ᠎ᠲᠤ ᠰᠡᠳᠭᠢᠴᠡ ᠵᠢᠨ ᠠ᠋ᠷᠡᠭᠦᠯ ᠮᠡᠨᠳᠦ ᠵᠢᠨ ᠬᠦᠮᠦᠵᠢᠯ ᠬᠢᠵᠦ ᠪᠤᠯᠤᠨ᠎ᠠ᠃
      ᠲᠠᠪᠤ᠎ᠳᠤ᠂ ᠠ᠋ᠳᠦᠷ ᠲᠣᠲᠤᠮ᠎ᠤᠨ ᠠᠵᠢᠯᠯᠠᠭ᠎ᠠ᠎ᠳᠤ ᠰᠡᠳᠭᠢᠴᠡ ᠵᠢᠨ ᠬᠦᠮᠦᠵᠢᠯ᠎ᠢ ᠠᠭᠤᠰᠬᠠᠵᠤ᠂ ᠰᠤᠷᠤᠭᠴᠢᠳ᠎ᠲᠤ᠎ᠪᠠᠨ ᠰᠡᠳᠭᠢᠴᠡ ᠵᠢᠨ ᠠ᠋ᠷᠡᠭᠦᠯ ᠮᠡᠨᠳᠦ ᠵᠢᠨ ᠬᠦᠮᠦᠵᠢᠯ ᠬᠢᠨ᠎ᠡ᠃ ᠬᠦᠮᠦᠰ᠎ᠤᠨ ᠠ᠋ᠳᠦᠷ ᠲᠤᠲᠤᠮ᠎ᠤᠨ ᠠᠵᠢᠯᠯᠠᠭ᠎ᠠ᠎ᠨᠢ ᠰᠡᠳᠭᠢᠴᠡ ᠵᠢᠨ ᠠᠵᠢᠯᠯᠠᠭ᠎ᠠ᠎ᠠᠴᠠ ᠰᠠᠯᠵᠤ ᠴᠢᠳᠠᠭ᠍ᠤ ᠦᠭᠡᠢ᠂ ᠶᠠᠮᠠᠷ ᠠᠵᠢᠯᠯᠠᠭ᠎ᠠ᠎ᠳᠤ ᠴᠦ᠍ ᠰᠡᠳᠭᠢᠴᠡ ᠳᠠᠭ᠋ᠠᠯᠳᠤᠨ ᠶᠠᠪᠤᠭᠳᠠᠨ᠎ᠠ᠃ ᠠ᠋ᠭᠦᠨ᠎ᠢ ᠠᠰᠢᠭᠯᠠᠨ ᠰᠤᠷᠤᠭᠴᠢᠳ᠎ᠲᠤ᠎ᠪᠠᠨ ᠰᠡᠳᠭᠢᠴᠡ ᠵᠢᠨ ᠠ᠋ᠷᠡᠭᠦᠯ ᠮᠡᠨᠳᠦ ᠵᠢᠨ ᠬᠦᠮᠦᠵᠢᠯ ᠬᠢᠪᠡᠯ ᠰᠠᠶ᠋ᠢᠨ ᠦᠷ᠎ᠡ ᠠᠰᠢᠭ ᠯᠠᠪ ᠤᠯᠤᠨ᠎ᠠ᠃ ᠪᠤᠳᠠᠲᠠᠢ ᠬᠡᠯᠡᠪᠡᠯ᠂ ᠠ᠋ᠷᠡᠭᠦᠯ ᠬᠠᠮᠠᠭ᠋ᠠᠯᠠᠯ ᠬᠢᠬᠦ᠂ ᠠᠵᠢᠯ ᠬᠦᠳᠡᠯᠮᠦᠷᠢ ᠬᠢᠬᠦ᠂ ᠮᠦᠷᠯᠡᠵᠦ ᠵᠢᠭᠰᠠᠭ᠍ᠤ᠂ ᠵᠢᠰᠢᠶ᠎ᠡ ᠵᠢᠵᠢᠭᠦᠷ ᠭᠦᠢ᠍ᠴᠡᠳᠭᠡᠬᠦ᠂ ᠬᠤᠭᠤᠯᠠ ᠪᠤᠳᠠᠭ᠎ᠠ ᠢᠳᠡᠬᠦ᠂ ᠳᠠᠰᠬᠠᠯ ᠳᠠᠭ᠋ᠠᠭ᠋ᠠᠯᠭ᠋ᠠᠪᠤᠷᠢ ᠪᠡᠶᠡᠯᠡᠭᠦᠯᠬᠦ᠂ ᠰᠢᠯᠭ᠋ᠠᠯᠲᠠ ᠪᠠᠶ᠋ᠢᠴᠠᠭ᠋ᠠᠯᠲᠠ᠎ᠳᠤ ᠤᠷᠤᠯᠴᠠᠭ᠍ᠤ᠂ ᠣᠯᠠᠨ ᠨᠡᠶ᠋ᠢᠲᠡ ᠵᠢᠨ ᠲᠠᠯᠠᠪᠤᠷ᠎ᠲᠤ ᠠ᠋ᠮᠬᠢ ᠵᠢᠷᠤᠮ᠎ᠢ ᠳᠠᠭ᠋ᠠᠬᠤ᠂ ᠶᠠᠪᠤᠵᠤ ᠰᠠᠭᠤᠬᠤ᠎ᠳᠤ ᠠᠮᠤᠷ ᠲᠥᠪᠰᠢᠨ᠎ᠢ ᠠᠩᠬᠠᠷᠬᠤ ᠵᠡᠷᠭᠡ ᠠᠵᠢᠯᠯᠠᠭ᠎ᠠ᠎ᠳᠤ ᠰᠡᠳᠭᠢᠴᠡ ᠵᠢᠨ ᠠ᠋ᠷᠡᠭᠦᠯ ᠮᠡᠨᠳᠦ ᠵᠢᠨ ᠬᠦᠮᠦᠵᠢᠯ᠎ᠢ ᠳᠠᠭ᠋ᠠᠯᠳᠤᠭᠤᠯᠤᠨ ᠬᠢᠵᠦ ᠪᠤᠯᠤᠨ᠎ᠠ᠃
      ᠵᠢᠷᠭᠤᠭ᠎ᠠ᠎ᠳᠤ᠂ ᠭᠠᠷᠠᠭ᠎ᠤᠨ ᠳ᠋ᠦᠩᠨᠡᠯᠲᠡ᠂ ᠤᠯᠤᠰ᠎ᠤᠨ ᠲᠤᠭ᠎ᠤᠨ ᠳᠤᠤᠷᠠᠬᠢ ᠶᠠᠷᠢᠶ᠎ᠠ᠎ᠪᠠᠷ ᠰᠤᠷᠤᠭᠴᠢᠳ᠎ᠲᠤ᠎ᠪᠠᠨ ᠰᠡᠳᠭᠢᠴᠡ ᠵᠢᠨ ᠠ᠋ᠷᠡᠭᠦᠯ ᠮᠡᠨᠳᠦ ᠵᠢᠨ ᠬᠦᠮᠦᠵᠢᠯ ᠬᠢᠨ᠎ᠡ᠃ ᠪᠠᠭᠰᠢ ᠨᠠᠷ ᠥᠪᠡᠷ᠎ᠤᠨ ᠵᠢᠰᠢᠶ᠎ᠡ ᠵᠢᠵᠢᠭᠦᠷ᠎ᠤᠨ ᠦᠶ᠎ᠡ᠎ᠳᠤ᠎ᠪᠠᠨ ᠭᠠᠷᠠᠭ᠎ᠤᠨ ᠳ᠋ᠦᠩᠨᠡᠯᠲᠡ᠂ ᠤᠯᠤᠰ᠎ᠤᠨ ᠲᠤᠭ᠎ᠤᠨ ᠳᠤᠤᠷᠠᠬᠢ ᠶᠠᠷᠢᠶ᠎ᠠ ᠬᠢᠬᠦ ᠶᠠᠪᠤᠳᠠᠯ ᠲᠤᠬᠢᠶᠠᠯᠳᠤᠳᠠᠭ᠃ ᠠ᠋ᠨᠡ ᠲᠤᠬᠢᠶᠠᠯ ᠵᠶ᠋ᠠᠨ ᠠᠰᠢᠭᠯᠠᠨ᠂ ᠰᠤᠷᠭ᠋ᠠᠭᠤᠯᠢ ᠵᠢᠨ ᠪᠦᠬᠦ ᠰᠤᠷᠤᠭᠴᠢ᠎ᠳᠤ ᠵᠤᠷᠢᠭᠤᠯᠤᠨ ᠰᠡᠳᠭᠢᠴᠡ ᠵᠢᠨ ᠠ᠋ᠷᠡᠭᠦᠯ ᠮᠡᠨᠳᠦ ᠵᠢᠨ ᠬᠦᠮᠦᠵᠢᠯ ᠬᠢᠨ᠎ᠡ᠃ ᠶᠠᠷᠢᠶ᠎ᠠ ᠬᠢᠬᠦ᠂ ᠳ᠋ᠦᠩᠨᠡᠯᠲᠡ ᠬᠢᠬᠦ᠎ᠳᠤ ᠲᠤᠬᠠᠢ ᠵᠢᠨ ᠴᠠᠭ ᠪᠠ ᠤᠷᠴᠢᠨ᠎ᠳᠤ ᠱᠠᠭ᠋ᠠᠷᠳᠠᠭᠳᠠᠭ᠍ᠤ ᠰᠡᠷᠭᠡᠶ᠋ᠢᠯᠡᠬᠦ ᠴᠢᠬᠤᠯᠠᠲᠠᠢ ᠰᠡᠳᠭᠢᠴᠡ ᠵᠢᠨ ᠬᠦᠮᠦᠵᠢᠯ᠂ ᠠ᠋ᠮᠦᠨ᠎ᠡ ᠭᠠᠷᠤᠭᠰᠠᠨ ᠶᠠᠪᠤᠳᠠᠯ᠎ᠠᠴᠠ ᠰᠡᠷᠡᠮᠵᠢ ᠠᠪᠬᠤ ᠰᠡᠳᠬᠢᠴᠡ ᠵᠢᠨ ᠬᠦᠮᠦᠵᠢᠯ ᠵᠡᠷᠭᠡ ᠵᠢ ᠬᠢᠵᠦ ᠪᠤᠯᠤᠨ᠎ᠠ᠃
      ᠳᠤᠯᠤᠭ᠎ᠠ᠎ᠳᠤ᠂ ᠠ᠋ᠷᠡᠭᠲᠡᠢ ᠰᠤᠷᠤᠭᠴᠢ ᠪᠠ ᠠ᠋ᠮᠡᠭᠲᠡᠢ ᠰᠤᠷᠤᠭᠴᠢ ᠵᠢ ᠢᠯᠭ᠋ᠠᠨ ᠰᠠᠯᠭ᠋ᠠᠵᠤ᠂ ᠰᠡᠳᠭᠢᠴᠡ ᠵᠢᠨ ᠠ᠋ᠷᠡᠭᠦᠯ ᠮᠡᠨᠳᠦ ᠵᠢᠨ ᠬᠦᠮᠦᠵᠢᠯ ᠬᠢᠨ᠎ᠡ᠃ ᠰᠤᠷᠤᠭᠴᠢ ᠵᠢᠨ ᠨᠠᠰᠤ ᠵᠢᠯ᠎ᠤᠨ ᠨᠡᠮᠡᠭᠳᠡᠬᠦ ᠵᠢ ᠳᠠᠭ᠋ᠠᠯᠳᠤᠨ᠂ ᠪᠡᠶ᠎ᠡ ᠮᠠᠭ᠍ᠠᠪᠤᠳ᠎ᠨᠢ ᠥᠰᠥᠨ ᠪᠤᠶ᠋ᠢᠵᠢᠵᠤ᠂ ᠪᠠᠭ᠎ᠠ ᠰᠤᠷᠭ᠋ᠠᠭᠤᠯᠢ ᠵᠢᠨ ᠳᠡᠭᠡᠳᠦ ᠤᠨ ᠪᠤᠶᠤ ᠳᠤᠮᠳᠠᠳᠤ ᠰᠤᠷᠭ᠋ᠠᠭᠤᠯᠢ ᠵᠢᠨ ᠠ᠋ᠬᠢᠨ᠎ᠤ ᠦᠶ᠎ᠡ᠎ᠳᠤ ᠠ᠋ᠷᠡᠭᠲᠡᠢ ᠠ᠋ᠮᠡᠭᠲᠡᠢ ᠰᠤᠷᠤᠭᠴᠢ᠎ᠳᠤ ᠠᠳᠠᠯᠢ ᠪᠤᠰᠤ ᠢᠯᠡᠷᠡᠯ ᠭᠠᠷᠴᠤ᠂ ᠲᠡᠳᠡᠨ᠎ᠳᠤ ᠲᠥᠪᠡᠭᠰᠢᠶᠡᠯ ᠤᠴᠠᠷᠠᠭᠤᠯᠳᠠᠭ᠂ ᠠ᠋ᠨᠡ᠎ᠨᠢ ᠬᠡᠳᠦᠶ᠋ᠢᠪᠡᠷ ᠦᠰᠦᠯᠲᠡ ᠵᠢᠨ ᠵᠠᠪᠠᠯ ᠲᠤᠬᠢᠶᠠᠯᠳᠤᠳᠠᠭ ᠬᠡᠪ᠎ᠤᠨ ᠶᠠᠪᠤᠳᠠᠯ ᠪᠤᠯᠪᠠᠴᠤ᠂ ᠰᠠᠶᠢ ᠲᠤᠬᠢᠶᠠᠯᠳᠤᠵᠤ ᠪᠠᠶ᠋ᠢᠭ᠎ᠠ ᠰᠤᠷᠤᠭᠴᠢᠳ ᠤᠶ᠋ᠢᠯᠠᠭ᠋ᠠᠬᠤ ᠲᠠᠯ᠎ᠠ᠎ᠪᠠᠷ ᠭᠦᠢ᠍ᠴᠡᠳ ᠦᠭᠡᠢ ᠪᠠᠶ᠋ᠢᠵᠤ᠂ ᠰᠡᠳᠭᠢᠯ᠎ᠤᠨ ᠳᠠᠷᠤᠭ᠋ᠠᠰᠤ ᠠᠪᠬᠤ ᠦᠵᠡᠭᠳᠡᠯ ᠭᠠᠷᠴᠤ ᠮᠡᠳᠡᠨ᠎ᠡ᠃ ᠠ᠋ᠨᠡ ᠦᠶᠡᠰ ᠠ᠋ᠷᠡᠭᠲᠡᠢ ᠠ᠋ᠮᠡᠭᠲᠡᠢ ᠰᠤᠷᠤᠭᠴᠢ ᠵᠢ ᠢᠯᠭ᠋ᠠᠵᠤ᠂ ᠰᠡᠳᠭᠢᠴᠡ ᠵᠢᠨ ᠬᠦᠮᠦᠵᠢᠯ ᠬᠢᠵᠦ ᠲᠡᠳᠡᠨ᠎ᠤ ᠦᠰᠦᠯᠲᠡ ᠪᠤᠶ᠋ᠢᠵᠢᠯᠲᠠ ᠵᠢᠨ ᠲᠤᠬᠠᠢ ᠤᠶ᠋ᠢᠯᠠᠭ᠋ᠠᠯᠲᠠ ᠵᠢ᠎ᠨᠢ ᠭᠦᠨᠵᠡᠭᠡᠶ᠋ᠢᠷᠡᠭᠦᠯᠵᠦ᠂ ᠰᠡᠳᠭᠢᠴᠡ ᠳᠡᠭᠡᠷ᠎ᠡ᠎ᠪᠠᠨ ᠳᠠᠷᠤᠭ᠋ᠠᠰᠤ ᠠᠪᠬᠤ ᠦᠭᠡᠢ ᠪᠤᠯᠭ᠋ᠠᠬᠤ᠎ᠨᠢ ᠲᠤᠶ᠋ᠢᠯ᠎ᠤᠨ ᠴᠢᠬᠤᠯᠠ ᠶᠤᠮ᠃ ᠪᠠᠶ᠋ᠢᠷᠢ ᠵᠢᠨ ᠪᠠᠭᠰᠢ᠂ ᠠᠩᠬᠢ ᠵᠢᠨ ᠠ᠋ᠷᠬᠢᠯᠡᠭᠴᠢ ᠪᠠᠭᠰᠢ᠂ ᠠ᠋ᠷᠡᠭᠦᠯ ᠮᠡᠨᠳᠦ ᠵᠢᠨ ᠪᠠᠭᠰᠢ ᠴᠢᠬᠤᠯᠠᠲᠠᠢ ᠦᠶᠡᠰ ᠢᠩᠬᠢᠵᠦ ᠰᠡᠳᠬᠢᠴᠡ ᠵᠢᠨ ᠬᠦᠮᠦᠵᠢᠯ ᠬᠢᠵᠦ ᠪᠤᠯᠤᠨ᠎ᠠ᠃
      ᠨᠠᠢ᠍ᠮᠠ᠎ᠳᠤ᠂ ᠲᠤᠰᠠᠭ᠋ᠠᠷ ᠶᠠᠷᠢᠯᠴᠠᠨ ᠰᠡᠳᠭᠢᠴᠡ ᠵᠢᠨ ᠠ᠋ᠷᠡᠭᠦᠯ ᠮᠡᠨᠳᠦ ᠵᠢᠨ ᠬᠦᠮᠦᠵᠢᠯ ᠬᠢᠨ᠎ᠡ᠃ ᠰᠤᠷᠤᠭᠴᠢ ᠵᠢᠨ ᠬᠤᠪᠢ ᠬᠦᠮᠦᠨ᠎ᠤ ᠰᠡᠳᠬᠢᠴᠡ ᠵᠢᠨ ᠪᠠᠶ᠋ᠢᠳᠠᠯ᠎ᠳᠤ ᠴᠢᠭᠯᠡᠭᠦᠯᠦᠨ᠂ ᠵᠠᠷᠢᠮ ᠰᠤᠷᠤᠭᠴᠢ᠎ᠲᠠᠢ ᠲᠣᠰᠠᠭ᠋ᠠᠷ ᠶᠠᠷᠢᠯᠴᠠᠨ ᠰᠡᠳᠭᠢᠴᠡ ᠵᠢᠨ ᠠ᠋ᠷᠡᠭᠦᠯ ᠮᠡᠨᠳᠦ ᠵᠢᠨ ᠬᠦᠮᠦᠵᠢᠯ ᠬᠢᠵᠦ᠂ ᠰᠡᠳᠭᠢᠴᠡ ᠵᠢᠨ ᠬᠠᠷᠰᠢ ᠵᠢ᠎ᠨᠢ ᠠᠷᠢᠯᠭ᠋ᠠᠨ᠎ᠠ᠃ ᠵᠠᠷᠢᠮ ᠤᠨᠴᠠᠭ᠋ᠠᠢ ᠰᠤᠷᠤᠭᠴᠢ ᠵᠢᠨ ᠪᠤᠰᠤᠳ᠎ᠲᠠᠢ ᠬᠡᠲᠦ ᠠᠲᠠᠭ᠋ᠠᠷᠬᠠᠬᠤ᠂ ᠶᠠᠮᠠᠷ ᠪᠠᠶ᠋ᠢᠭᠰᠠᠨ ᠴᠦ᠍ ᠦᠪᠡᠷ᠎ᠢ᠎ᠪᠠᠨ ᠯᠡ ᠵᠦᠪ ᠭᠡᠬᠦ᠂ ᠰᠢᠯᠲᠠᠭ ᠠ᠋ᠷᠢᠵᠦ ᠥᠪᠡᠷ᠎ᠤᠨ ᠬᠠᠷᠢᠭᠤᠴᠠᠯᠭ᠎ᠠ᠎ᠠᠴᠠ ᠵᠠᠶ᠋ᠢᠯᠠᠰᠬᠢᠬᠤ᠂ ᠶᠠᠮᠠᠷ ᠨᠢᠭᠡᠨ ᠶᠠᠪᠤᠳᠠᠯ᠎ᠠᠴᠠ ᠪᠤᠯᠵᠤ ᠪᠤᠳᠤᠯ ᠰᠡᠳᠬᠢᠯ᠎ᠤᠨ ᠵᠤᠪᠠᠭᠤᠷᠢᠲᠠᠢ ᠶᠠᠪᠤᠬᠤ᠂ ᠵᠠᠩ ᠠᠭ᠋ᠠᠰᠢ᠎ᠨᠢ ᠠ᠋ᠲᠡᠭᠡᠳ ᠵᠦᠷᠢᠭᠦᠳ ᠪᠤᠰᠤᠳ᠎ᠲᠠᠢ ᠲᠠᠭ᠋ᠠᠷᠠᠯᠴᠠᠭ᠍ᠤ ᠦᠭᠡᠢ᠂ ᠵᠠᠷᠢᠮ ᠨᠠᠶ᠋ᠢᠵᠠ᠎ᠪᠠᠨ ᠭᠠᠳᠠᠭᠤᠷᠴᠢᠯᠠᠳᠠᠭ᠂ ᠶᠠᠮᠠᠷ ᠨᠢᠭᠡ ᠰᠢᠯᠲᠠᠭ᠋ᠠᠨ᠎ᠠᠴᠠ ᠪᠤᠯᠵᠤ ᠪᠤᠰᠤᠳ᠎ᠲᠤ ᠭᠠᠳᠠᠭᠤᠷᠴᠢᠯᠠᠭᠳᠠᠳᠠᠭ᠂ ᠬᠢᠮᠤᠷᠠᠭ᠎ᠠ ᠲᠠᠭᠰᠢᠭᠤᠷ᠎ᠲᠤ ᠨᠡᠷᠪᠡᠭᠳᠡᠭᠡᠳ ᠰᠤᠷᠭ᠋ᠠᠭᠤᠯᠢ᠎ᠳᠤ᠎ᠪᠠᠨ ᠢᠷᠡᠬᠦ ᠳᠤᠷ᠎ᠠ ᠦᠭᠡᠢ ᠪᠤᠯᠬᠤ᠂ ᠵᠠᠷᠢᠮ ᠬᠢᠴᠢᠶᠡᠯ ᠲᠥᠷᠥᠯ᠎ᠢ ᠰᠤᠷᠬᠤ᠎ᠠᠴᠠ ᠬᠠᠯᠠᠰᠢᠷᠠᠭ᠍ᠤ᠂ ᠰᠤᠷᠭ᠋ᠠᠭᠤᠯᠢ᠎ᠳᠤ ᠢᠷᠡᠬᠦ ᠳᠤᠷ᠎ᠠ ᠦᠭᠡᠢ ᠪᠤᠯᠬᠤ ᠭᠡᠬᠦ ᠮᠡᠲᠦ ᠵᠢᠨ ᠢᠯᠡᠷᠡᠯ᠎ᠳᠤ ᠴᠢᠭᠯᠡᠭᠦᠯᠦᠨ ᠲᠡᠳᠡᠭᠡᠷ ᠰᠤᠷᠤᠭᠴᠢ᠎ᠲᠠᠢ ᠲᠤᠰᠠᠭ᠋ᠠᠷ ᠶᠠᠷᠢᠯᠴᠠᠨ ᠰᠡᠳᠭᠢᠴᠡ ᠵᠢᠨ ᠭᠠᠵᠢᠭ᠎ᠢ᠎ᠨᠢ ᠵᠠᠰᠠᠭ᠍ᠤ ᠪᠤᠶᠤ ᠰᠡᠳᠭᠢᠴᠡ ᠵᠢᠨ ᠬᠠᠷᠰᠢ ᠰᠠᠭ᠋ᠠᠳ᠎ᠢ᠎ᠨᠢ ᠠᠷᠢᠯᠭ᠋ᠠᠨ᠎ᠠ᠃ ᠠ᠋ᠭᠦᠨ᠎ᠳᠤ ᠠᠩᠬᠢ ᠵᠢᠨ ᠪᠠᠭᠰᠢ ᠪᠤᠶᠤ ᠰᠡᠳᠭᠢᠴᠡ ᠵᠢᠨ ᠠ᠋ᠷᠡᠭᠦᠯ ᠮᠡᠨᠳᠦ ᠵᠢᠨ ᠲᠤᠰᠬᠠᠢ ᠪᠠᠭᠰᠢ ᠪᠦᠷ ᠪᠠᠶ᠋ᠢᠵᠤ ᠪᠤᠯᠬᠤ ᠪᠦᠭᠡᠳ ᠰᠡᠳᠭᠢᠴᠡ ᠵᠢᠨ ᠠ᠋ᠷᠡᠭᠦᠯ ᠮᠡᠨᠳᠦ ᠵᠢᠨ ᠲᠤᠰᠬᠠᠢ ᠪᠠᠭᠰᠢ ᠨᠡᠩ ᠲᠤᠬᠢᠷᠠᠨ᠎ᠠ᠃
      ᠰᠤᠷᠤᠭᠴᠢᠳ᠎ᠲᠤ ᠰᠡᠳᠭᠢᠴᠡ ᠵᠢᠨ ᠠ᠋ᠷᠡᠭᠦᠯ ᠮᠡᠨᠳᠦ ᠵᠢᠨ ᠬᠦᠮᠦᠵᠢᠯ ᠬᠢᠬᠦ᠎ᠳᠤ᠂ ᠨᠡᠶ᠋ᠢᠲᠡ᠎ᠳᠤ᠎ᠨᠢ ᠰᠡᠳᠭᠢᠴᠡ ᠵᠢᠨ ᠠ᠋ᠷᠡᠭᠦᠯ ᠮᠡᠨᠳᠦ ᠵᠢᠨ ᠬᠦᠮᠦᠵᠢᠯ ᠬᠢᠬᠦ ᠦᠶ᠎ᠡ ᠪᠤᠢ᠃ ᠠ᠋ᠨᠡ᠎ᠨᠢ ᠶᠡᠷᠦ᠎ᠳᠤ᠎ᠪᠠᠨ ᠰᠤᠷᠤᠭᠴᠢᠳ᠎ᠤᠨ ᠰᠡᠳᠭᠢᠴᠡ᠎ᠳᠤ ᠬᠠᠷᠰᠢ ᠠ᠋ᠭᠦᠰᠬᠦ ᠵᠢ ᠰᠡᠷᠭᠡᠶ᠋ᠢᠯᠡᠬᠦ ᠪᠠ ᠨᠢᠭᠡᠨᠲᠡ ᠠ᠋ᠭᠦᠰᠦᠭᠰᠡᠨ ᠨᠡᠶ᠋ᠢᠳᠡᠮ᠎ᠤᠨ ᠴᠢᠨᠠᠷᠲᠠᠢ ᠰᠡᠳᠭᠢᠴᠡ ᠵᠢᠨ ᠠᠰᠠᠭᠤᠳᠠᠯ᠎ᠳᠤ ᠵᠤᠷᠢᠭᠤᠯᠤᠨ ᠬᠢᠬᠦ ᠬᠦᠮᠦᠵᠢᠯ᠎ᠤᠨ ᠠᠵᠢᠯᠯᠠᠭ᠎ᠠ ᠮᠥᠨ᠃ ᠲᠤᠰᠠᠭ᠋ᠠᠷ ᠰᠡᠳᠭᠢᠴᠡ ᠵᠢᠨ ᠠ᠋ᠷᠡᠭᠦᠯ ᠮᠡᠨᠳᠦ ᠵᠢᠨ ᠬᠦᠮᠦᠵᠢᠯ ᠬᠢᠬᠦ ᠦᠶ᠎ᠡ ᠪᠤᠢ᠃ ᠠ᠋ᠨᠡ᠎ᠨᠢ ᠵᠠᠷᠢᠮ ᠰᠤᠷᠤᠭᠴᠢ ᠵᠢᠨ ᠪᠡᠶ᠎ᠡ᠎ᠳᠤ ᠢᠯᠡᠷᠡᠭᠰᠡᠨ ᠰᠡᠳᠭᠢᠴᠡ ᠵᠢᠨ ᠬᠠᠷᠰᠢ ᠠᠰᠠᠭᠤᠳᠠᠯ᠎ᠳᠤ ᠴᠢᠭᠯᠡᠭᠦᠯᠦᠨ ᠬᠢᠬᠦ ᠰᠡᠳᠭᠢᠴᠡ ᠵᠢᠨ ᠠ᠋ᠷᠡᠭᠦᠯ ᠮᠡᠨᠳᠦ  ᠵᠢᠨ ᠬᠦᠮᠦᠵᠢᠯ᠎ᠤᠨ ᠠᠵᠢᠯᠯᠠᠭ᠎ᠠ ᠪᠤᠯᠤᠨ᠎ᠠ᠃ ᠠ᠋ᠷᠡᠭᠲᠡᠢ ᠰᠤᠷᠤᠭᠴᠢ ᠬᠢᠭᠡᠳ ᠠ᠋ᠮᠡᠭᠲᠡᠢ ᠰᠤᠷᠤᠭᠴᠢ ᠵᠢ ᠢᠯᠭ᠋ᠠᠨ ᠰᠠᠯᠭ᠋ᠠᠵᠤ ᠲᠤᠰ ᠲᠤᠰ᠎ᠲᠤ᠎ᠨᠢ ᠲᠤᠬᠢᠷᠠᠭᠰᠠᠨ ᠰᠡᠳᠭᠢᠴᠡ ᠵᠢᠨ ᠠ᠋ᠷᠡᠭᠦᠯ ᠮᠡᠨᠳᠦ ᠵᠢᠨ ᠬᠦᠮᠦᠵᠢᠯ ᠬᠢᠬᠦ ᠦᠶ᠎ᠡ ᠴᠦ᠍ ᠪᠤᠢ᠃ ᠠ᠋ᠨᠡ᠎ᠨᠢ ᠠᠳᠠᠯᠢ ᠪᠤᠰᠤ ᠭᠦᠢ᠍ᠰᠤ ᠢᠯᠭ᠋ᠠᠯ᠎ᠲᠠᠢ ᠰᠤᠷᠤᠭᠴᠢ ᠵᠢᠨ ᠦᠰᠦᠯᠲᠡ ᠪᠤᠶ᠋ᠢᠵᠢᠯᠲᠠ ᠵᠢᠨ ᠠᠳᠠᠯᠢ ᠪᠤᠰᠤ ᠪᠠᠶ᠋ᠢᠳᠠᠯ᠎ᠳᠤ ᠵᠤᠷᠢᠭᠤᠯᠤᠨ ᠬᠢᠬᠦ ᠰᠡᠳᠭᠢᠴᠡ ᠵᠢᠨ ᠠ᠋ᠷᠡᠭᠦᠯ ᠮᠡᠨᠳᠦ ᠵᠢᠨ ᠬᠦᠮᠦᠵᠢᠯ᠎ᠤᠨ ᠠᠵᠢᠯᠯᠠᠭ᠎ᠠ ᠪᠤᠯᠤᠨ᠎ᠠ᠃ ᠰᠤᠷᠤᠭᠴᠢᠳ᠎ᠲᠤ ᠰᠡᠳᠭᠢᠴᠡ ᠵᠢᠨ ᠠ᠋ᠷᠡᠭᠦᠯ ᠮᠡᠨᠳᠦ ᠵᠢᠨ ᠬᠦᠮᠦᠵᠢᠯ ᠬᠢᠬᠦ᠎ᠨᠢ ᠪᠠᠭᠰᠢ ᠪᠤᠯᠭ᠋ᠠᠨ᠎ᠤ ᠠ᠋ᠭᠦᠷᠭᠡ ᠮᠥᠨ᠃ ᠰᠤᠷᠭ᠋ᠠᠭᠤᠯᠢ ᠵᠢᠨ ᠬᠦᠷᠢᠶᠡᠨ᠎ᠳᠤ ᠠᠵᠢᠯᠯᠠᠵᠤ ᠪᠠᠶ᠋ᠢᠭ᠎ᠠ ᠪᠠᠭᠰᠢ ᠪᠤᠯᠭ᠋ᠠᠨ᠂ ᠰᠤᠷᠤᠭᠴᠢᠳ᠎ᠤᠨ ᠰᠡᠳᠭᠢᠴᠡ ᠵᠢᠨ ᠠ᠋ᠷᠡᠭᠦᠯ ᠮᠡᠨᠳᠦ᠎ᠳᠤ ᠬᠠᠷᠢᠭᠤᠴᠠᠭ᠍ᠤ ᠣᠪᠤᠷ ᠰᠡᠳᠬᠢᠯᠭᠡ᠎ᠪᠠᠷ᠂ ᠥᠪᠡᠷ᠎ᠤᠨ ᠠᠵᠢᠯ᠎ᠤᠨ ᠵᠶ᠋ᠠᠨ ᠪᠤᠳᠠᠲᠠᠢ ᠪᠠᠶ᠋ᠢᠳᠠᠯ ᠪᠠ ᠪᠤᠰᠤᠳᠴᠢ ᠱᠠᠭ᠋ᠠᠷᠳᠠᠯᠭ᠎ᠠ᠎ᠳᠤ ᠲᠤᠬᠢᠷᠠᠭᠤᠯᠤᠨ᠂ ᠰᠤᠷᠤᠭᠴᠢᠳ᠎ᠲᠤ᠎ᠪᠠᠨ ᠰᠡᠳᠭᠢᠴᠡ ᠵᠢᠨ ᠠ᠋ᠷᠡᠭᠦᠯ ᠮᠡᠨᠳᠦ ᠵᠢᠨ ᠬᠦᠮᠦᠵᠢᠯ ᠬᠢᠵᠦ ᠴᠢᠳᠠᠭ᠍ᠤ ᠴᠢᠬᠤᠯᠠᠲᠠᠢ᠃ ᠠ᠋ᠶ᠋ᠢᠮᠦ᠎ᠠᠴᠠ ᠰᠤᠷᠤᠭᠴᠢᠳ᠎ᠤᠨ ᠰᠡᠳᠭᠢᠴᠡ ᠵᠢᠨ ᠲᠤᠬᠠᠢ ᠵᠢᠨ ᠦᠶ᠎ᠡ ᠵᠢᠨ ᠠᠬᠤᠢ ᠪᠠᠶ᠋ᠢᠳᠠᠯ ᠪᠠ ᠴᠢᠬᠤᠯᠠᠴᠢᠯᠠᠭ᠎ᠠ ᠵᠢ ᠦᠨᠳᠦᠰᠦᠯᠡᠨ᠂ ᠪᠠᠶ᠋ᠢᠳᠠᠯ᠎ᠳᠤ᠎ᠨᠢ ᠶᠠᠭ ᠲᠤᠬᠢᠷᠠᠭ᠍ᠤ ᠰᠡᠳᠭᠢᠴᠡ ᠵᠢᠨ ᠠ᠋ᠷᠡᠭᠦᠯ ᠮᠡᠨᠳᠦ ᠵᠢᠨ ᠬᠦᠮᠦᠵᠢᠯ᠎ᠤᠨ ᠠᠷᠭ᠎ᠠ ᠬᠡᠯᠪᠡᠷᠢ ᠵᠢ ᠰᠤᠩᠭᠤᠨ᠂ ᠰᠤᠷᠤᠭᠴᠢᠳ᠎ᠲᠤ᠎ᠪᠠᠨ ᠰᠡᠳᠭᠢᠴᠡ ᠵᠢᠨ ᠠ᠋ᠷᠡᠭᠦᠯ ᠮᠡᠨᠳᠦ ᠵᠢᠨ ᠬᠦᠮᠦᠵᠢᠯ ᠬᠢᠵᠦ᠂ ᠰᠤᠷᠤᠭᠴᠢᠳ᠎ᠤᠨ ᠵᠶ᠋ᠠᠨ ᠰᠡᠳᠭᠢᠴᠡ ᠵᠢᠨ ᠬᠠᠷᠰᠢ ᠵᠢ ᠠᠷᠢᠯᠭ᠋ᠠᠬᠤ ᠪᠤᠶᠤ ᠰᠡᠷᠭᠡᠶ᠋ᠢᠯᠡᠬᠦ ᠪᠠ ᠰᠤᠷᠤᠭᠴᠢᠳ ᠵᠶ᠋ᠠᠨ ᠬᠡᠪ᠎ᠤᠨ ᠠ᠋ᠷᠡᠭᠦᠯ ᠰᠡᠳᠭᠢᠴᠡ᠎ᠲᠠᠢ ᠬᠦᠮᠦᠨ ᠪᠤᠯᠭ᠋ᠠᠨ ᠬᠦᠮᠦᠵᠢᠭᠦᠯᠬᠦ᠎ᠨᠢ ᠪᠠᠭᠰᠢ ᠨᠠᠷ᠎ᠤᠨ ᠴᠢᠬᠤᠯᠠ ᠨᠢᠭᠡᠨ ᠬᠠᠷᠢᠭᠤᠴᠠᠯᠭ᠎ᠠ ᠪᠤᠯᠤᠨ᠎ᠠ᠃
      ᠠᠵᠢᠯᠯᠠᠵᠤ ᠪᠠᠢ᠍ᠢ᠍ᠭ᠎ᠠ ᠪᠠᠢ᠍ᠢ᠍ᠭᠤᠯᠭ᠎ᠠ᠄ ᠤᠩᠨᠢᠭᠤᠳ ᠬᠤᠰᠢᠭᠤᠨ᠎ᠤ ᠭᠡᠷᠰᠡᠩ 
                                  ᠰᠤᠮᠤᠨ᠎ᠤ ᠭᠤᠤᠯ ᠪᠠᠭ᠎ᠠ ᠰᠤᠷᠭ᠋ᠠᠭᠤᠯᠢ
                                  (ᠠᠯᠳᠠᠨᠰᠦᠢ᠍ᠭᠡ ᠨᠠᠢ᠍ᠢ᠍ᠷᠠᠭᠤᠯᠪᠠ) 
                                  2023.1 ᠳ᠋ᠦ᠍ᠭᠡᠷ ᠬᠤᠭᠤᠴᠠᠭ᠎ᠠ


 

ᠢᠷᠡᠯᠲᠡ᠄ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠤᠨ᠎ᠤ ᠰᠤᠷᠭ᠋ᠠᠨ ᠬᠥᠮᠦᠵᠢᠯ᠎ᠤᠨ ᠲᠢᠩᠬᠢᠮ
          
ᠬᠠᠮᠢᠶ᠎ᠡ ᠪᠦᠬᠦᠢ ᠰᠣᠨᠢᠨ
ᠰᠤᠷᠤᠯᠭ᠎ᠠ ᠬᠤᠴᠤᠷᠤᠩᠭᠤᠢ ᠰᠤᠷᠤᠭᠴᠢ ᠵᠢ ᠬᠦᠮᠦᠵᠢᠭᠦᠯᠬᠦ ᠠᠵᠢᠯ᠎ᠤᠨ ᠲᠤᠬᠠᠢ
ᠬᠡᠥᠬᠡᠳ᠎ᠤᠨ ᠭᠦᠮᠦᠵᠢᠯ᠎ᠳᠠᠬᠢ ᠭᠡᠷ᠎ᠤᠨ ᠠᠬᠠᠮᠠᠳ᠎ᠤᠨ ᠬᠠᠷᠢᠭᠤᠴᠠᠯᠭ᠎ᠠ
ᠣᠯᠠᠮᠵᠢᠯᠠᠯᠲᠦ ᠱᠠᠭ᠎ᠠ ᠲᠣᠭᠯᠠᠭ᠋ᠠᠮ ᠵᠶ᠋ᠠᠷ ᠬᠡᠣᠬᠡᠳ᠎ᠤᠨ ᠣᠢ ᠪᠢᠯᠢᠭ᠎ᠢ ᠨᠡᠭᠡᠭᠡᠬᠦ ᠲᠣᠬᠠᠢ
ᠬᠡᠷ ᠪᠦᠯᠢ ᠵᠢᠨ ᠬᠦᠮᠦᠵᠢᠯ᠎ᠳᠠᠬᠢ ᠤᠮᠳᠤᠭ᠋ᠠᠶ᠋ᠢᠯᠠᠵᠤ ᠪᠤᠯᠤᠰᠢ ᠦᠬᠡᠢ ᠬᠡᠳᠦᠨ ᠠᠰᠠᠭᠤᠳᠠᠯ
ᠬᠡᠣᠬᠡᠳ᠎ᠲᠤ ᠬᠦᠰᠡᠯᠡᠩ᠎ᠤᠨ ᠬᠦᠮᠦᠵᠢᠯ ᠬᠢᠬᠦ ᠴᠢᠬᠤᠯᠠ ᠴᠢᠨᠠᠷ᠎ᠤᠨ ᠲᠤᠬᠠᠢ
 
             蒙ICP备05000248号