ᠸᠠᠩ ᠮᠤ᠌ ᠯᠠᠨ
1996 ᠤᠨ᠎ᠳᠤ ᠠᠮᠧᠷᠢᠺᠠ ᠵᠢᠨ ᠺᠣᠷᠨᠧᠯ ᠶᠡᠭᠡ ᠰᠤᠷᠭ᠋ᠠᠭᠤᠯᠢ ᠵᠢᠨ 《ᠪᠠᠶ᠋ᠢᠭ᠋ᠠᠯᠢ》 ᠰᠡᠳᠭᠦᠯ᠎ᠳᠤ ᠨᠡᠶ᠋ᠢᠲᠡᠯᠡᠭᠰᠡᠨ ᠨᠢᠭᠡᠨ ᠦᠭᠦᠯᠡᠯ᠎ᠨᠢ 《ᠨᠠᠰᠤᠨ᠎ᠳᠤ ᠬᠦᠷᠦᠭᠰᠡᠳ ᠭᠠᠳᠠᠭ᠋ᠠᠳᠤ ᠬᠡᠯᠡ ᠰᠤᠷᠬᠤ ᠦᠶ᠎ᠡ᠎ᠳᠤ ᠬᠡᠷᠡᠭᠯᠡᠬᠦ ᠲᠠᠷᠢᠬᠢᠨ᠎ᠤ ᠬᠡᠰᠡᠭ᠎ᠨᠢ ᠬᠡᠦᠬᠡᠳ᠎ᠲᠠᠢ ᠢᠯᠡ ᠲᠤᠳᠤ ᠠᠳᠠᠯᠢ ᠪᠤᠰᠤ ᠪᠠᠶ᠋ᠢᠵᠤ᠂ ᠶᠠᠭ ᠡ᠊ᠨᠡ ᠭᠦ᠌ ᠰᠢᠯᠲᠠᠭ᠋ᠠᠨ᠎ᠨᠢ ᠲᠡᠳᠡᠨ᠎ᠤ ᠭᠠᠳᠠᠭ᠋ᠠᠳᠤ ᠬᠡᠯᠡ ᠡᠵᠡᠮᠰᠢᠬᠦ ᠬᠤᠷᠳᠤᠴᠠ ᠵᠢ ᠬᠡᠦᠬᠡᠳ᠎ᠠᠴᠠ ᠬᠤᠯᠠ ᠤᠳᠠᠭ᠋ᠠᠨ ᠪᠣᠯᠭ᠋ᠠᠭᠰᠠᠨ ᠪᠠᠶ᠋ᠢᠨ᠎ᠠ》 ᠭᠡᠵᠤ ᠳᠤᠷᠠᠳᠤᠭᠰᠠᠨ ᠶᠤᠮ᠃ ᠠ᠋ᠨᠡ ᠶᠠᠭᠤ ᠪᠤᠢ ᠭᠡᠪᠡᠯ᠂ ᠭᠠᠳᠠᠭ᠋ᠠᠳᠤ ᠭᠡᠯᠡ ᠵᠢ ᠪᠠᠭ᠎ᠠ᠎ᠠᠴᠠ᠎ᠪᠠᠨ ᠠ᠋ᠬᠢᠯᠠᠵᠦ ᠰᠤᠷᠬᠤ᠎ᠨᠢ ᠭᠡᠤᠭᠡᠳ᠎ᠤᠨ ᠭᠡᠯᠡ ᠰᠤᠷᠬᠤ᠎ᠳᠤ ᠠᠰᠢᠭᠳᠠᠢ ᠭᠡᠰᠡᠨ᠎ᠢ ᠬᠠᠷᠠᠭᠤᠯᠵᠤ ᠪᠠᠢ᠍ᠢ᠍ᠭ᠎ᠠ ᠶᠤᠮ᠃ ᠠ᠋ᠨᠡ ᠲᠤᠬᠠᠢ ᠣᠯᠠᠨ ᠠᠷᠪᠢᠨ ᠠ᠋ᠷᠳᠡᠮᠳᠡᠳ ᠴᠦ᠍ ᠰᠢᠨᠵᠢᠯᠡᠭᠡᠨ ᠨᠤᠳᠠᠯᠠᠭᠰᠠᠭ᠋ᠠᠷ ᠢᠷᠠᠵᠠᠢ᠃ ᠤᠳᠤᠬᠠᠨ᠎ᠳᠤ ᠮᠠᠨ᠎ᠤ ᠭᠡᠷ᠎ᠤᠨ ᠠᠬᠠᠮᠠᠳ᠎ᠤᠳ ᠴᠤ᠌ ᠭᠡᠤᠭᠡᠳ ᠵᠶ᠋ᠠᠨ ᠭᠠᠳᠠᠭ᠋ᠠᠳᠤ ᠬᠡᠯᠡ ᠰᠤᠷᠭ᠋ᠠᠵᠤ ᠪᠤᠢ᠃ ᠭᠡᠪᠡᠴᠤ ᠬᠡᠯᠡᠨ᠎ᠤ ᠰᠤᠷᠭ᠋ᠠᠨ ᠬᠦᠮᠦᠵᠢᠯ᠎ᠤᠨ ᠲᠠᠯ᠎ᠠ᠎ᠪᠠᠷ᠎ᠬᠢ ᠣᠶ᠋ᠢᠯᠠᠭ᠋ᠠᠯᠲᠠ ᠲᠠᠨᠢᠯᠲᠠ ᠬᠢᠵᠠᠭ᠋ᠠᠷᠳᠠᠢ᠎ᠠᠴᠠ ᠪᠣᠯᠵᠤ ᠦᠷ᠎ᠡ ᠪᠦᠲᠦᠮᠵᠢ᠎ᠨᠢ ᠲᠡᠶ᠋ᠢᠮᠤ ᠰᠠᠶ᠋ᠢᠨ ᠪᠢᠰᠢ ᠪᠠᠶ᠋ᠢᠭᠰᠠᠭ᠋ᠠᠷ ᠶᠤᠮ᠃ ᠲᠤᠤᠷ᠎ᠠ ᠠᠨᠭ᠌ᠭ᠍ᠯᠢ ᠭᠡᠯ᠎ᠠ ᠰᠤᠷᠬᠤ᠎ᠪᠠᠷ ᠵᠢᠱ᠌ᠢᠶᠡᠯᠡᠵᠦ᠂ ᠠ᠋ᠭᠦᠨ᠎ᠤ ᠲᠤᠬᠠᠢ ᠲᠤᠪᠴᠢᠬᠠᠨ ᠶᠠᠷᠢᠶ᠎ᠠ᠃
ᠨᠢᠭᠡ᠂ ᠺᠷᠠᠱ᠌ᠧᠨᠤ ᠬᠡᠯᠡ ᠡᠵᠡᠮᠰᠢᠭᠦ ᠣᠨᠤᠯ
ᠺᠷᠠᠱ᠌ᠧᠨᠤ ᠬᠡᠯᠡ ᠡᠵᠡᠮᠰᠢᠬᠦ ᠣᠨᠤᠯ᠎ᠤᠨ ᠴᠢᠮᠦᠭᠡ᠎ᠨᠢ ᠪᠣᠯ 《ᠬᠡᠯᠡᠨ᠎ᠤ ᠰᠤᠷᠤᠯᠴᠠᠯᠭ᠎ᠠ ᠪᠠ ᠬᠡᠯᠡᠨ᠎ᠤ ᠪᠤᠯᠪᠠᠰᠤᠷᠠᠯ》 ᠪᠤᠯᠤᠨ᠎ᠠ᠃ ᠬᠡᠯᠡᠨ᠎ᠤ ᠰᠤᠷᠤᠯᠴᠠᠯᠭ᠎ᠠ ᠭᠡᠳᠡᠭ᠎ᠨᠢ ᠲᠤᠰᠭ᠍ᠠᠢ ᠬᠡᠯᠡᠨ᠎ᠤ ᠪᠠᠭᠰᠢ᠎ᠠᠴᠠ ᠲᠥᠷᠦᠯᠬᠢ ᠬᠡᠯᠡ᠎ᠪᠠᠷ ᠵᠠᠭᠤᠴᠢ ᠪᠣᠯᠭ᠋ᠠᠨ ᠬᠤᠶᠠᠳᠤᠭ᠋ᠠᠷ ᠬᠡᠯᠡᠨ᠎ᠤ ᠦᠭᠡ᠂ ᠦᠭᠦᠯᠡᠪᠦᠷᠢ᠂ ᠬᠡᠯᠡ ᠵᠦᠢ ᠵᠢᠨ ᠳᠦᠷᠢᠮ᠎ᠢ ᠲᠠᠶ᠋ᠢᠯᠪᠤᠷᠢᠯᠠᠨ ᠵᠢᠭ᠋ᠠᠵᠤ᠂ ᠰᠤᠷᠤᠭᠴᠢᠳ᠎ᠲᠤ ᠲᠠᠭᠤᠷᠢᠶᠠᠮᠠᠯ ᠬᠡᠯᠡᠨ᠎ᠤ ᠣᠷᠴᠢᠨ᠎ᠢ ᠪᠦᠷᠢᠯᠳᠦᠭᠦᠯᠵᠦ᠂ ᠶᠠᠮᠠᠷ ᠨᠢᠭᠡᠨ ᠬᠡᠯᠡᠨ᠎ᠤ ᠠᠭᠤᠯᠭ᠎ᠠ ᠵᠢ ᠰᠤᠷᠬᠤ᠂ ᠵᠣᠷᠢᠯᠭ᠎ᠠ᠎ᠲᠠᠢ᠎ᠪᠠᠷ ᠴᠡᠭᠡᠵᠢᠯᠡᠬᠦ᠂ ᠪᠣᠯᠪᠠᠰᠤᠷᠠᠯ ᠬᠢᠵᠤ ᠬᠤᠶᠠᠳᠤᠭ᠋ᠠᠷ ᠬᠡᠯᠡ ᠵᠢ ᠰᠤᠷᠤᠯᠴᠠᠭ᠍ᠤ ᠠᠵᠢᠯᠯᠠᠭ᠎ᠠ ᠵᠢ ᠵᠢᠭ᠋ᠠᠵᠤ ᠪᠤᠢ᠃ ᠬᠡᠯᠡᠨ᠎ᠤ ᠪᠤᠯᠪᠠᠰᠤᠷᠠᠯ ᠭᠡᠳᠡᠭ᠎ᠨᠢ ᠬᠡᠦᠬᠡᠳ᠎ᠤᠨ ᠲᠥᠷᠦᠯᠬᠢ ᠬᠡᠯᠡᠡᠨᠤ ᠴᠢᠳᠠᠪᠤᠷᠢ ᠵᠢᠨ ᠶᠠᠪᠤᠴᠠ᠎ᠳᠤ᠂ ᠬᠤᠶᠠᠳᠤᠭ᠋ᠠᠷ ᠬᠡᠯᠡ ᠵᠢ ᠲᠥᠷᠦᠯᠬᠢ ᠬᠡᠯᠡ᠎ᠲᠠᠢ ᠠᠳᠠᠯᠢᠬᠠᠨ ᠪᠠᠢ᠍ᠢ᠍ᠭ᠋ᠠᠯᠢᠯᠢᠬ (ᠠ᠋ᠰᠡᠭᠦᠯᠠ ᠬᠡᠰᠡᠭ ᠪᠠᠶ᠋ᠢᠭ᠋ᠠᠯᠢᠯᠢᠬ) ᠬᠡᠯᠡᠨ᠎ᠤ ᠤᠷᠴᠢᠨ᠎ᠳᠤ ᠠᠶᠠᠨᠳᠠᠭ᠋ᠠᠨ ᠰᠤᠷᠤᠯᠴᠠᠭ᠍ᠤ ᠠᠵᠢᠯᠯᠠᠭ᠎ᠠ ᠵᠢ ᠵᠢᠭ᠋ᠠᠵᠤ ᠪᠠᠶ᠋ᠢᠨ᠎ᠠ᠃ ᠺᠷᠠᠱ᠌ᠧᠨᠤ ᠦᠵᠡᠬᠦ᠎ᠪᠠᠷ ᠬᠡᠯᠡᠨ᠎ᠤ ᠪᠤᠯᠪᠠᠰᠤᠷᠠᠯ᠎ᠤᠨ ᠠᠷᠭ᠎ᠠ᠎ᠨᠢ ᠰᠠᠶᠢ ᠬᠤᠶᠠᠳᠤᠭ᠋ᠠᠷ ᠬᠡᠯᠡᠨ᠎ᠤ ᠴᠢᠳᠠᠪᠤᠷᠢ ᠵᠢ ᠰᠢᠭᠤᠳ ᠠᠬᠢᠭᠤᠯᠵᠤ ᠴᠢᠳᠠᠨ᠎ᠠ᠃
ᠮᠣᠩᠭᠤᠯ ᠬᠡᠦᠬᠡᠳ ᠵᠶ᠋ᠠᠷ ᠠᠪᠴᠤ ᠭᠡᠯᠡᠪᠡᠯ ᠣᠷᠴᠢᠨ ᠲᠤᠭᠤᠷᠢᠨ᠎ᠤ ᠬᠦᠮᠦᠰ᠎ᠤᠨ ᠨᠦᠯᠦᠭᠡ᠂ ᠲᠧᠯᠧᠢ᠍ᠰ᠂ ᠭᠠᠷ ᠤᠳᠠᠰᠤ ᠵᠡᠷᠭᠡ᠎ᠠᠴᠠ ᠦᠷᠭᠦᠯᠵᠢ ᠬᠢᠲᠠᠳ ᠵᠶ᠋ᠠᠷ ᠶᠠᠷᠢᠬᠤ ᠵᠢ ᠣᠯᠵᠤ ᠰᠣᠨᠤᠰᠳᠠᠬ ᠲᠤᠯᠠ ᠲᠡᠳᠡ 2~3 ᠨᠠᠰᠤᠨ᠎ᠠᠴᠠ᠎ᠪᠠᠨ ᠠ᠋ᠬᠢᠯᠡᠵᠦ ᠬᠢᠲᠠᠳ ᠦᠭᠡ ᠵᠢ ᠨᠠᠯᠢᠶᠠᠳ ᠣᠶ᠋ᠢᠯᠠᠭ᠋ᠠᠬᠤ ᠪᠣᠯᠵᠤ᠂ 4~5 ᠨᠠᠰᠤ ᠪᠤᠶᠤ 5~6 ᠨᠠᠰᠤ ᠭᠦᠷᠭᠦ ᠦᠶ᠎ᠡ᠎ᠳᠤ ᠬᠢᠲᠡᠳ ᠬᠡᠯᠡᠨ᠎ᠤ ᠬᠢᠷᠢ ᠲᠥᠪᠰᠢᠨ᠎ᠨᠢ ᠠ᠋ᠩ᠎ᠤᠨ ᠬᠢᠷᠢ ᠲᠦᠪᠰᠢᠨ᠎ᠳᠤ ᠭᠦᠷᠴᠤ ᠲᠠᠢ᠍ᠢ᠍ᠯᠳᠡᠭ᠃
ᠠ᠋ᠶ᠋ᠢᠮᠦ᠎ᠠᠴᠠ ᠬᠡᠦᠬᠡᠳ᠎ᠲᠤ ᠠᠩᠭ᠍ᠯᠢ ᠬᠡᠯᠡ ᠰᠤᠷᠭ᠋ᠠᠬᠤ᠎ᠳᠤ ᠬᠡᠦᠬᠡᠳ᠎ᠤᠨ ᠬᠡᠯᠡ ᠰᠤᠷᠬᠤ ᠵᠠᠩᠭᠢᠯᠠᠭ᠎ᠠ ᠵᠢᠨ ᠬᠤᠭᠤᠴᠠᠭ᠎ᠠ ᠵᠢ᠎ᠨᠢ ᠪᠠᠷᠢᠵᠤ᠂ ᠬᠡᠯᠡᠨ᠎ᠤ ᠪᠠᠢ᠍ᠢ᠍ᠭ᠋ᠠᠯᠢᠯᠢᠬ ᠣᠷᠴᠢᠨ᠎ᠢ ᠪᠦᠷᠢᠯᠳᠦᠭᠦᠯᠵᠦ᠂ ᠠᠩᠭ᠍ᠯᠢ ᠬᠡᠯᠡᠨ᠎ᠤ ᠣᠷᠤᠭᠤᠯᠤᠯᠲᠠ ᠵᠢ᠎ᠨᠢ ᠴᠢᠬᠤᠯᠠᠴᠢᠯᠠᠪᠠᠯ ᠬᠡᠦᠬᠡᠳ ᠰᠠᠶᠢ ᠲᠥᠷᠦᠯᠬᠢ ᠬᠡᠯᠡ᠎ᠲᠠᠢ᠎ᠪᠠᠨ ᠠᠳᠠᠯᠢᠬᠠᠨ ᠠᠩᠭ᠍ᠯᠢ ᠬᠡᠯᠡ ᠵᠢ ᠠᠶᠠᠨᠳᠠᠭ᠋ᠠᠨ ᠡᠵᠡᠮᠰᠢᠵᠤ ᠨᠡᠶ᠋ᠢᠬᠡᠮ᠎ᠤᠨ ᠬᠠᠷᠢᠯᠴᠠᠭ᠋ᠠᠨ᠎ᠳᠤ ᠠᠰᠢᠭᠯᠠᠵᠤ ᠴᠢᠳᠠᠭ᠍ᠤ ᠪᠣᠯᠤᠨ᠎ᠠ᠃
ᠬᠤᠶᠠᠷ᠂ ᠥᠪᠡᠷ᠎ᠤᠨ ᠬᠡᠦᠬᠡᠳ᠎ᠲᠤ᠎ᠪᠠᠨ ᠠᠩᠭ᠍ᠯᠢ ᠬᠡᠯᠡᠨ᠎ᠤ ᠭᠡᠷ᠎ᠤᠨ ᠬᠦᠮᠦᠵᠢᠯ ᠬᠢᠭᠰᠡᠨ ᠨᠢᠭᠡᠴᠢᠯᠡᠭᠰᠡᠨ ᠰᠤᠳᠤᠯᠭ᠎ᠠ
1. ᠰᠤᠳᠤᠯᠭ᠋ᠠᠨ᠎ᠤ ᠶᠠᠪᠤᠴᠠ
ᠪᠢ ᠬᠦᠦ᠎ᠪᠠᠷ ᠵᠶ᠋ᠠᠨ ᠰᠤᠳᠤᠯᠤᠭᠳᠠᠭ᠍ᠤᠨ ᠪᠣᠯᠭ᠋ᠠᠵᠤ᠂ ᠵᠢᠷᠮᠦᠰᠦᠨ ᠬᠤᠭᠤᠴᠠᠭ᠎ᠠ᠎ᠠᠴᠠ ᠠ᠋ᠬᠢᠯᠡᠵᠤ ᠰᠤᠳᠤᠯᠭ᠎ᠠ᠎ᠪᠠᠨ ᠬᠢᠭᠰᠡᠨ ᠪᠠᠶ᠋ᠢᠨ᠎ᠠ᠃ ᠵᠢᠷᠮᠦᠰᠦᠠ ᠬᠤᠭᠤᠴᠠᠭ᠎ᠠ᠎ᠳᠤ᠎ᠪᠠᠨ ᠬᠡᠦᠬᠡᠢ ᠵᠢᠨ ᠬᠦᠮᠦᠵᠢᠯ᠎ᠢ ᠴᠢᠬᠤᠯᠠᠴᠢᠯᠠᠨ ᠠ᠋ᠳᠤᠷ ᠪᠦᠷᠢ ᠠᠩᠭ᠍ᠯᠢ ᠳᠠᠭᠤᠤ ᠰᠤᠨᠤᠰᠴᠤ᠂ ᠥᠪᠡᠷ ᠵᠶ᠋ᠠᠨ ᠠᠩᠭ᠍ᠯᠢ᠎ᠪᠠᠷ ᠢᠯᠡᠭᠦᠦ ᠶᠠᠷᠢᠵᠤ᠂ ᠣᠷᠤᠢ ᠪᠦᠷᠢ ᠪᠠᠰᠠ ᠠᠩᠭ᠍ᠯᠢ᠎ᠪᠠᠷ ᠲᠠᠭᠤ᠎ᠲᠠᠢ ᠣᠩᠰᠢᠯᠭ᠎ᠠ ᠬᠢᠵᠡᠢ᠃ ᠲᠥᠷᠦᠭᠰᠡᠨᠤ ᠬᠢᠨᠢ ᠳᠠᠷᠠᠭ᠎ᠠ ᠬᠡᠯᠡᠨ᠎ᠤ ᠣᠷᠤᠭᠤᠯᠤᠯᠲᠠ ᠵᠢ ᠬᠠᠮᠤᠭ᠎ᠤᠨ ᠲᠡᠷᠢᠭᠦᠨ ᠪᠠᠶ᠋ᠢᠷᠢᠨ᠎ᠳᠤ ᠲᠠᠯᠪᠢᠵᠤ 0~6 ᠰᠠᠷ᠎ᠠ ᠵᠢᠨ ᠬᠤᠭᠤᠴᠠᠭ᠋ᠠᠨ᠎ᠳᠤ ᠠ᠋ᠳᠦᠷ ᠪᠦᠷᠢ ᠠᠩᠭ᠍ᠯᠢ ᠬᠡᠦᠬᠡᠳ᠎ᠤᠨ ᠲᠠᠭᠤᠤ ᠰᠢᠯᠦᠭ ᠰᠣᠨᠤᠰᠬᠠᠵᠤ᠂ ᠬᠡᠷᠡᠭ ᠪᠤᠳᠠᠰ ᠬᠦᠮᠦᠨ ᠠᠮᠢᠲᠠᠨ᠎ᠢ ᠲᠠᠨᠢᠭᠤᠯᠬᠤ᠎ᠪᠠᠷ ᠵᠢᠷᠤᠭᠲᠤ ᠲᠡᠪᠲᠡᠷ ᠦᠵᠡᠭᠦᠯᠦᠨ᠂ ᠥᠪᠡᠷ ᠵᠶ᠋ᠠᠨ ᠬᠡᠦᠬᠡᠳ᠎ᠲᠠᠢ᠎ᠪᠠᠨ ᠴᠤᠯ ᠠᠩᠭ᠍ᠯᠢ ᠵᠶ᠋ᠠᠷ ᠶᠠᠷᠢᠯᠴᠠᠪᠠ᠃ 6~12 ᠰᠠᠷ᠎ᠠ ᠵᠢᠨ ᠬᠤᠭᠤᠴᠠᠭ᠎ᠠ᠎ᠳᠤ ᠠᠩᠭ᠍ᠯᠢ ᠳᠠᠭᠤᠤ ᠰᠢᠯᠦᠭ ᠰᠤᠨᠤᠰᠬᠠᠬᠤ ᠪᠠ ᠠᠩᠭ᠍ᠯᠢ᠎ᠪᠠᠷ ᠶᠠᠷᠢᠯᠴᠠᠬᠤ᠎ᠪᠠᠨ ᠪᠠᠷᠢᠮᠲᠠᠯᠠᠵᠤ᠂ ᠣᠬᠤᠷ ᠦᠯᠢᠭᠡᠷ᠎ᠲᠠᠢ ᠠᠩᠭ᠍ᠯᠢ ᠵᠢᠷᠤᠭᠲᠤ ᠲᠡᠪᠲᠡᠷ ᠤᠩᠰᠢᠵᠤ ᠥᠭᠬᠦ ᠪᠣᠯᠵᠠᠢ᠃ 1~2 ᠨᠠᠰᠤᠨ᠎ᠤ ᠬᠤᠭᠤᠷᠤᠨᠳᠤ ᠳᠡᠭᠡᠷ᠎ᠡ ᠳᠤᠷᠠᠳᠤᠭᠰᠠᠨ᠎ᠠᠴᠠ ᠪᠤᠰᠤᠳ ᠠ᠋ᠳᠦᠷ ᠪᠦᠷᠢ ᠪᠠᠭ᠎ᠠ ᠵᠡᠷᠭᠡ ᠠᠩᠭ᠍ᠯᠢ ᠬᠡᠦᠬᠡᠳ᠎ᠤᠨ ᠵᠦᠴᠦᠭᠡ ᠵᠢ ᠲᠧᠯᠧᠢ᠍ᠰ ᠳᠡᠭᠡᠷ᠎ᠡ ᠦᠵᠡᠭᠦᠯᠵᠤ᠂ ᠵᠢᠷᠤᠭᠲᠤ ᠦᠯᠢᠭᠡᠷ᠎ᠢ ᠤᠩᠰᠢᠭᠰᠠᠨ᠎ᠤ᠎ᠪᠠᠨ ᠳᠠᠷᠠᠭ᠎ᠠ ᠪᠠᠰᠠ ᠳᠦᠭᠦᠮ ᠠᠰᠠᠭᠤᠯᠲᠠ ᠳᠤᠷᠠᠳᠴᠤ᠂ ᠶᠠᠷᠢᠵᠤ ᠢᠯᠡᠳᠭᠡᠬᠦ ᠴᠢᠳᠠᠪᠤᠷᠢ ᠵᠢ᠎ᠨᠢ ᠪᠤᠯᠪᠠᠰᠤᠷᠠᠭᠤᠯᠬᠤ ᠪᠣᠯᠵᠠᠢ᠃ 2~3 ᠨᠠᠰᠤᠨ᠎ᠤ ᠦᠶ᠎ᠠ᠎ᠳᠤ ᠠᠩᠭ᠍ᠯᠢ᠎ᠪᠠᠷ ᠶᠠᠷᠢᠵᠤ ᠢᠯᠡᠳᠭᠡᠬᠦ ᠵᠢ᠎ᠨᠢ ᠴᠢᠬᠤᠯᠠᠴᠢᠯᠠᠨ ᠦᠵᠡᠵᠤ᠂ ᠰᠣᠨᠤᠰᠴᠤ ᠪᠠᠶ᠋ᠢᠭ᠎ᠠ ᠮᠠᠲ᠋ᠧᠷᠢᠶᠠᠯ᠎ᠤᠨ ᠬᠢᠨᠢ ᠬᠦᠴᠢᠷ᠎ᠤᠨ ᠬᠡᠮᠵᠢᠶ᠎ᠡ ᠵᠢ᠎ᠨᠢ ᠦᠨᠳᠦᠷ ᠪᠣᠯᠭ᠋ᠠᠵᠠᠢ᠃ 3 ᠨᠠᠰᠤ᠎ᠠᠴᠠ ᠬᠤᠶ᠋ᠢᠰᠢ ᠭᠡᠤᠭᠡᠳ᠎ᠤᠨ ᠴᠡᠴᠡᠷᠯᠢᠭ᠎ᠲᠤ ᠬᠦᠷᠭᠡᠭᠰᠡᠨ ᠪᠣᠯᠪᠠᠴᠤ ᠬᠦᠦ᠎ᠲᠠᠢ᠎ᠪᠠᠨ ᠠᠮᠠ ᠨᠡᠭᠡᠭᠡᠵᠦ ᠶᠠᠷᠢᠯᠴᠠᠬᠤ᠎ᠳᠤ᠎ᠪᠠᠨ ᠠᠩᠭ᠍ᠯᠢ᠎ᠪᠠᠷ ᠶᠠᠷᠢᠵᠤ᠂ ᠤᠨᠲᠠᠭ᠍ᠤ᠎ᠠᠴᠠ ᠠ᠋ᠮᠦᠨᠡᠬᠢ ᠦᠯᠢᠭᠡᠷ ᠶᠠᠷᠢᠬᠤ ᠴᠠᠭ᠎ᠢ ᠠᠰᠢᠭᠯᠠᠨ ᠠᠩᠭ᠍ᠯᠢ ᠵᠢᠷᠤᠭᠲᠤ ᠦᠯᠢᠭᠡᠷ᠎ᠤᠨ ᠨᠣᠮ᠎ᠢ ᠮᠠᠰᠢ ᠤᠯᠠᠨ ᠤᠩᠰᠢᠵᠤ ᠦᠭᠪᠡ᠃
ᠪᠦᠬᠦᠶ ᠯᠡ ᠰᠤᠳᠤᠯᠭ᠋ᠠᠨ᠎ᠤ ᠶᠠᠪᠤᠴᠠ᠎ᠳᠤ ᠰᠤᠳᠤᠯᠤᠭᠳᠠᠭ᠍ᠤᠨᠤ ᠲᠥᠷᠦᠯᠬᠢ ᠬᠡᠯᠡ ᠪᠠ ᠬᠢᠲᠠᠳ ᠬᠡᠯᠡᠨ᠎ᠤ ᠪᠠᠢ᠍ᠢ᠍ᠭ᠋ᠠᠯᠢᠯᠢᠬ ᠣᠷᠴᠢᠨ᠎ᠢ ᠬᠢᠵᠠᠭ᠋ᠠᠷᠯᠠᠭᠰᠠᠨ ᠦᠭᠡᠢ᠃ ᠲᠤᠬᠠᠢ᠍ᠢ᠍ᠯᠠᠪᠠᠯ᠂ ᠭᠡᠷ᠎ᠤᠨ ᠬᠦᠮᠦᠰ᠎ᠤᠨ ᠵᠶ᠋ᠠᠨ ᠮᠣᠩᠭᠤᠯ ᠪᠤᠶᠤ ᠬᠢᠲᠠᠳ ᠵᠶ᠋ᠠᠷ ᠲᠠᠭᠦᠨ᠎ᠲᠠᠢ ᠶᠠᠷᠢᠯᠴᠠᠭ᠍ᠤ ᠵᠢ ᠬᠢᠵᠠᠭ᠋ᠠᠷᠯᠠᠭᠰᠠᠨ ᠦᠭᠡᠢ᠂ ᠦᠭᠡᠷ᠎ᠠ᠎ᠪᠠᠷ ᠭᠡᠯᠡᠪᠡᠯ᠂ ᠵᠥᠪᠬᠡᠨ ᠪᠢ ᠭᠠᠭᠴᠠᠭ᠋ᠠᠷ ᠵᠶ᠋ᠠᠨ ᠲᠡᠭᠦᠨ᠎ᠲᠠᠢ ᠠᠩᠭ᠍ᠯᠢ᠎ᠪᠠᠷ ᠬᠠᠷᠢᠯᠴᠠᠳᠠᠭ ᠪᠠᠶ᠋ᠢᠪᠠ᠃
2. ᠰᠤᠳᠤᠯᠭ᠋ᠠᠨ᠎ᠤ ᠦᠷ᠎ᠡ ᠳ᠋ᠦᠩ
(1) ᠭᠦᠤ ᠵᠢᠨ ᠮᠢᠨᠢ ᠠᠩᠭ᠍ᠯᠢ ᠬᠡᠯᠡᠨ᠎ᠤ ᠬᠢᠷᠢ ᠬᠡᠮᠵᠢᠶ᠎ᠡ
ᠠᠪᠢᠶᠠᠨ᠎ᠤ ᠲᠠᠯ᠎ᠠ᠎ᠪᠠᠷ᠂ ᠭᠦᠦ ᠵᠢᠨ ᠮᠢᠨᠢ ᠠᠩᠭ᠍ᠯᠢ ᠬᠡᠯᠡᠨ᠎ᠤ ᠠᠶᠠᠯᠭᠤ ᠪᠤᠯ ᠨᠠᠳᠠ᠎ᠲᠠᠢ ᠠᠳᠠᠯᠢᠬᠠᠨ ᠠᠮᠧᠷᠢᠺᠠ ᠠᠩᠭ᠍ᠯᠢ ᠠᠶᠠᠯᠭᠤ᠎ᠲᠠᠢ᠃ ᠠ᠋ᠭᠡᠰᠢᠭ ᠠᠪᠢᠶᠠᠯᠠᠪᠤᠷᠢ ᠵᠢ ᠴᠦᠮ ᠪᠠᠷᠢᠮᠵᠢᠶ᠎ᠠ ᠠᠪᠢᠶᠠᠯᠠᠨ᠎ᠠ᠃ ᠭᠡᠶ᠋ᠢᠭᠦᠯᠦᠭᠴᠢ ᠠᠪᠢᠶᠠᠯᠠᠪᠤᠷᠢ᠎ᠳᠤ ᠳᠤᠮᠳᠠᠳᠤ ᠤᠯᠤᠰ᠎ᠤᠨ ᠬᠡᠦᠬᠡᠳ᠎ᠤᠨ ᠠᠩᠭ᠍ᠯᠢ ᠬᠡᠯᠡ ᠰᠤᠷᠬᠤ᠎ᠳᠤ ᠬᠦᠴᠢᠷᠳᠡᠳᠡᠭ[]᠂[] ᠬᠤᠶᠠᠷ ᠠᠪᠢᠶ᠎ᠠ ᠵᠢ ᠠᠯᠳᠠᠯ ᠦᠭᠡᠢ ᠵᠦᠪ ᠭᠠᠷᠭ᠋ᠠᠨ᠎ᠠ᠃ ᠭᠡᠬᠦ᠎ᠳᠤ᠎ᠪᠠᠨ ᠦᠭᠡ ᠵᠢᠨ ᠠ᠋ᠭᠢᠨᠳᠤ ᠪᠠᠶ᠋ᠢᠬᠤ ᠭᠡᠶ᠋ᠢᠭᠦᠯᠦᠭᠴᠢ ᠵᠢᠨ ᠠ᠋ᠮᠦᠨ᠎ᠡ ᠣᠷᠤᠬᠤ[s] ᠠᠪᠢᠶ᠎ᠠ ᠵᠢ ᠣᠷᠬᠢᠬᠤ ᠪᠤᠶᠤ ᠳᠤᠳᠤᠷᠬᠠᠢ ᠦᠭᠡᠢ ᠠᠪᠢᠶᠠᠯᠠᠳᠠᠭ᠃ ᠵᠢᠱ᠌ᠢᠶᠡᠯᠡᠪᠡᠯ᠂ stop ᠵᠢ[st (d) p] ᠭᠡᠵᠤ ᠶᠡᠷᠢᠬᠤ ᠦᠭᠡᠢ ᠬᠠᠷᠢᠨ[s]᠎ᠢ᠎ᠨᠢ ᠣᠷᠬᠢᠵᠤ[t (d) p]᠂ sky ᠵᠢ[k (g) ai] ᠭᠡᠵᠤ ᠶᠡᠷᠢᠳᠠᠭ᠃ ᠦᠭᠡᠰ᠎ᠤᠨ ᠬᠤᠭᠤᠷᠤᠨᠳᠤᠬᠢ ᠠᠪᠢᠶᠠᠯᠠᠪᠤᠷᠢ ᠵᠢᠨ ᠬᠤᠯᠪᠤᠯᠲᠠ᠂ ᠨᠡᠶ᠋ᠢᠯᠡᠯᠲᠡ᠂ ᠣᠷᠬᠢᠯᠲᠠ᠂ ᠬᠤᠪᠢᠷᠠᠯ᠎ᠢ ᠴᠤ᠌ ᠶᠠᠷᠢᠶᠠᠨ᠎ᠤ ᠬᠡᠯᠡᠨ᠎ᠤ ᠬᠡᠯᠪᠡᠷᠢ᠎ᠪᠠᠷ ᠵᠦᠪ ᠶᠡᠷᠢᠳᠠᠭ᠃ ᠵᠢᠱ᠌ᠢᠶᠡᠯᠡᠪᠡᠯ᠂ “I don’t want to go” ᠭᠡᠬᠦ ᠦᠭᠦᠯᠡᠪᠦᠷᠢ ᠵᠢ “I don’t wanna go” ᠭᠡᠵᠤ ᠴᠤ᠌ ᠶᠠᠷᠢᠵᠤ ᠴᠢᠳᠠᠳᠠᠭ᠃ ᠦᠭᠦᠯᠡᠪᠦᠷᠢ ᠵᠢᠨ ᠠᠶᠠᠰ᠎ᠤᠨ ᠲᠦᠷᠢᠯᠲᠡ᠂ ᠦᠭᠰᠦᠯᠲᠡ᠂ ᠵᠤᠭᠰᠤᠯᠲᠠ ᠵᠡᠷᠭᠡ ᠵᠢ ᠵᠦᠪ ᠲᠤᠳᠤᠷᠬᠠᠢ ᠭᠠᠷᠭ᠋ᠠᠵᠤ ᠴᠢᠳᠠᠨ᠎ᠠ᠃
ᠲᠠᠩ ᠦᠭᠡ ᠵᠢᠨ ᠲᠠᠯ᠎ᠠ᠎ᠪᠠᠷ ᠦᠵᠡᠪᠡᠯ᠂ ᠮᠢᠨᠦ ᠭᠦᠦ ᠵᠢᠨ ᠬᠡᠷᠡᠭᠯᠡᠵᠦ ᠴᠢᠳᠠᠭ᠍ᠤ ᠠᠩᠭ᠍ᠯᠢ ᠬᠡᠯᠡᠨ᠎ᠤ ᠲᠠᠩ ᠦᠭᠡᠨ᠎ᠤ ᠪᠣᠳᠠᠳᠠᠢ ᠲᠤᠭ᠎ᠠ᠎ᠨᠢ ᠭᠡᠤᠭᠡᠳ᠎ᠤᠨ ᠴᠡᠴᠡᠷᠯᠢᠭ᠎ᠲᠤ ᠣᠷᠤᠬᠤ᠎ᠠᠴᠠ ᠠ᠋ᠮᠦᠨ᠎ᠡ ᠬᠠᠮᠤᠭ᠎ᠤᠨ ᠠᠷᠪᠢᠨ (ᠪᠡᠷᠤᠭ 2500 ᠦᠭᠡ) ᠪᠠᠶ᠋ᠢᠵᠤ᠂ ᠮᠤᠩᠭᠤᠯ ᠬᠢᠲᠡᠳ ᠬᠡᠯᠡᠨ᠎ᠤ ᠮᠡᠳᠡᠳᠡᠭ ᠲᠠᠩ ᠦᠭᠡ ᠵᠢᠨ ᠲᠤᠭ᠎ᠠ᠎ᠠᠴᠠ ᠬᠤᠯᠠ ᠠᠷᠪᠢᠨ ᠪᠥᠭᠡᠳ ᠠ᠋ᠭᠡᠴᠢ (ᠠᠩᠬ᠎ᠠ ᠵᠡᠷᠭᠡ ᠵᠢᠨ ᠳᠤᠮᠳᠠᠳᠤ ᠰᠤᠷᠭ᠋ᠠᠭᠤᠯᠢ ᠵᠢᠨ ᠨᠢᠭᠡᠳᠦᠭᠡᠷ ᠣᠨ᠎ᠤ ᠰᠤᠷᠤᠭᠴᠢ) ᠵᠢᠨ ᠬᠢᠨᠢ ᠮᠠᠳᠡᠳᠡᠭ ᠠᠩᠭ᠍ᠯᠢ ᠳᠠᠩ ᠦᠭᠡᠨ᠎ᠤ ᠲᠤᠭ᠎ᠠ᠎ᠠᠴᠠ ᠴᠤ᠌ ᠬᠤᠯᠠ ᠠᠷᠪᠢᠨ ᠪᠠᠢ᠍ᠢ᠍ᠵᠤ᠂ ᠭᠡᠤᠭᠡᠳ᠎ᠤᠨ ᠴᠡᠴᠡᠷᠯᠢᠭ᠎ᠲᠤ ᠣᠷᠤᠭᠰᠠᠨ᠎ᠤ ᠳᠠᠷᠠᠭ᠎ᠠ᠎ᠪᠠᠷ ᠰᠢᠨ᠎ᠡ᠎ᠪᠠᠷ ᠰᠤᠷᠤᠭᠰᠠᠨ ᠦᠭᠡ ᠪᠠᠰᠠ ᠵᠦᠩᠳᠡᠭᠡᠨ ᠪᠠᠶ᠋ᠢᠳᠠᠭ ᠪᠣᠯᠪᠠᠴᠤ ᠶᠡᠷᠦᠩᠬᠡᠢ ᠲᠤᠭ᠎ᠠ᠎ᠨᠢ ᠠᠭ᠋ᠠᠵᠢᠮ ᠵᠶ᠋ᠠᠷ ᠪᠠᠭᠤᠷᠠᠭ᠍ᠤ ᠬᠠᠨᠳᠤᠰᠢ᠎ᠲᠠᠢ ᠪᠠᠶ᠋ᠢᠭ᠎ᠠ ᠶᠤᠮ᠃ ᠭᠡᠪᠡᠴᠤ ᠠ᠋ᠳᠤᠷ ᠲᠤᠳᠤᠮ᠎ᠤᠨ ᠬᠠᠷᠢᠯᠴᠠᠭ᠋ᠠᠨ᠎ᠤ ᠦᠭᠡᠰ ᠵᠶ᠋ᠠᠨ ᠮᠠᠷᠲᠠᠭ᠎ᠠ ᠦᠭᠡᠢ᠃
ᠬᠡᠯᠡᠨ ᠵᠦᠢ ᠵᠢᠨ ᠲᠠᠯ᠎ᠠ᠎ᠪᠠᠷ᠂ ᠨᠡᠷ᠎ᠡ ᠦᠭᠡ ᠵᠢᠨ ᠭᠠᠭᠴᠠ ᠲᠤᠭ᠎ᠠ᠂ ᠣᠯᠠᠨ ᠲᠤᠭ᠋ᠠᠨ᠎ᠤ ᠬᠤᠪᠢᠷᠠᠯᠳᠠ ᠵᠢ ᠵᠦᠪ ᠬᠡᠷᠡᠭᠯᠡᠳᠡᠭ᠃ ᠦᠢ᠍ᠯᠡ ᠵᠢᠨ ᠣᠳᠤ᠂ ᠢᠷᠡᠭᠡᠳᠦᠢ᠂ ᠪᠠᠶ᠋ᠢᠩᠭᠤ᠂ ᠦᠩᠭᠡᠷᠡᠭᠰᠡᠨ ᠴᠠᠭ᠎ᠢ ᠣᠯᠠᠩᠬᠢ᠎ᠳᠤ᠎ᠪᠠᠨ ᠵᠦᠪ ᠬᠡᠷᠡᠭᠯᠡᠨ᠎ᠡ᠂ ᠦᠷᠭᠦᠯᠵᠢᠯᠡᠬᠦ ᠴᠠᠭ᠎ᠢ ᠪᠠᠷᠤᠭ ᠬᠡᠷᠡᠭᠯᠡᠳᠡᠭ ᠦᠭᠡᠢ᠃ ᠪᠠᠶ᠋ᠢᠩᠭᠤ ᠳᠡᠰ ᠲᠣᠭ᠋ᠠᠨ᠎ᠤ ᠦᠭᠡ ᠵᠢ ᠦᠨᠳᠤᠰᠦᠨ ᠲᠣᠭ᠋ᠠᠨ᠎ᠤ ᠦᠭᠡ᠎ᠲᠠᠢ ᠬᠤᠳᠬᠤᠳᠠᠭ᠃ ᠲᠦᠯᠦᠭᠡᠨ᠎ᠤ ᠦᠭᠡᠨ᠎ᠤ ᠭᠤᠷᠪᠠᠳᠤᠭ᠋ᠠᠷ ᠪᠠᠶ᠎ᠡ ᠵᠢᠨ ᠭᠠᠭᠴᠠ ᠲᠤᠭ᠎ᠠ ᠵᠢ ᠵᠦᠪᠬᠡᠨ “he” ᠭᠡᠵᠤ ᠬᠡᠷᠡᠭᠯᠡᠨ᠎ᠡ᠃ ᠣᠯᠠᠩᠬᠢ᠎ᠳᠤ᠎ᠪᠠᠨ ᠳᠥᠭᠦᠮ ᠦᠭᠦᠯᠡᠪᠦᠷᠢ᠂ ᠵᠡᠷᠭᠡᠴᠡᠭᠰᠡᠨ ᠦᠭᠦᠯᠡᠪᠦᠷᠢ᠂ ᠪᠠᠶ᠋ᠢᠨ ᠪᠠᠶ᠋ᠢᠨ ᠳᠥᠭᠦᠮᠭᠡᠨ ᠨᠡᠶ᠋ᠢᠯᠡᠮᠡᠯ ᠦᠭᠦᠯᠡᠪᠦᠷᠢ ᠶᠡᠷᠢᠳᠠᠭ᠃ ᠶᠡᠷᠦᠩᠬᠡᠢ᠎ᠳᠤ᠎ᠪᠠᠨ ᠠ᠋ᠳᠤᠷ ᠲᠤᠳᠤᠮ᠎ᠤᠨ ᠬᠠᠷᠢᠯᠴᠠᠭ᠋ᠠᠨ᠎ᠤ ᠲᠤᠮᠳᠠ ᠭᠠᠳᠠᠭ᠋ᠠᠳᠤ ᠵᠢᠨ ᠠᠨᠭ᠌ᠭ᠍ᠯᠢ ᠭᠡᠯᠠᠳᠠᠨᠲᠠᠢ ᠬᠠᠷᠢᠯᠴᠠᠵᠤ ᠳᠠᠢ᠍ᠢ᠍ᠯᠤᠨᠠ᠃
ᠭᠦᠦ ᠵᠢᠨ ᠵᠶ᠋ᠠᠨ ᠠᠨᠭ᠌ᠭ᠍ᠯᠢ ᠬᠡᠯᠡᠨ᠎ᠤ ᠲᠥᠪᠰᠢᠨ᠎ᠢ ᠰᠢᠯᠭ᠋ᠠᠬᠤ ᠵᠢᠨ ᠲᠤᠯᠠᠳᠠ᠂ ᠲᠡᠭᠦᠨ᠎ᠢ 2 ᠨᠠᠰᠤ 10 ᠰᠠᠷᠠ᠎ᠲᠠᠢ ᠪᠠᠶ᠋ᠢᠬᠤ᠎ᠳᠤ᠎ᠨᠢ ᠵᠣᠬᠢᠶᠠᠭᠴᠢ ᠠᠩᠭ᠍ᠯᠢ ᠵᠢᠨ ᠯᠤᠨᠳᠤᠨ ᠬᠤᠲᠠ᠎ᠠᠴᠠ ᠢᠷᠡᠭᠰᠡᠨ ᠨᠠᠶ᠋ᠢᠵᠠ Nicholas · Campagnaro (ᠣᠳᠣ ᠬᠦᠬᠡᠬᠤᠲᠠ ᠵᠢᠨ Arslan English School᠎ᠳᠤ ᠲᠤᠰᠬᠠᠢ ᠪᠠᠯᠴᠢᠷ ᠬᠡᠦᠬᠡᠳ᠎ᠤᠨ ᠠᠩᠭ᠍ᠯᠢ ᠬᠡᠯᠡ ᠵᠢᠭ᠋ᠠᠬᠤ ᠪᠠᠭᠰᠢ᠎ᠪᠠᠷ ᠠᠵᠢᠯᠯᠠᠵᠤ ᠪᠠᠶ᠋ᠢᠭ᠎ᠠ᠂ ᠬᠢᠲᠡᠳ ᠮᠣᠩᠭᠤᠯ ᠬᠡᠯᠡ ᠵᠢ ᠬᠡᠳᠦᠬᠡᠨ ᠳᠠᠩ ᠦᠭᠡ ᠮᠠᠳᠡᠳᠡᠭ) ᠵᠢ ᠭᠡᠷ᠎ᠲᠤ᠎ᠪᠠᠨ ᠣᠷᠢᠵᠣ ᠬᠦᠤ᠎ᠪᠠᠨ ᠨᠢᠭᠡ ᠠ᠋ᠳᠤᠷ ᠬᠠᠷᠠᠭ᠋ᠠᠯᠵᠠᠭᠤᠯᠤᠭᠰᠠᠨ ᠪᠠᠶ᠋ᠢᠨ᠎ᠠ᠃ Nicholas ᠲᠣᠰᠬᠠᠢ ᠪᠠᠯᠴᠢᠷ ᠬᠡᠥᠬᠡᠳ᠎ᠲᠤ ᠠᠩᠭ᠍ᠯᠢ ᠬᠡᠯᠡ ᠵᠢᠭ᠋ᠠᠵᠤ ᠪᠠᠢ᠍ᠢ᠍ᠬᠤ ᠪᠤᠯᠬᠤᠷ ᠪᠠᠯᠴᠢᠷ ᠬᠡᠦᠬᠡᠳ᠎ᠲᠠᠢ ᠶᠠᠭ᠋ᠠᠬᠢᠵᠤ ᠬᠠᠷᠢᠯᠴᠠᠭ᠍ᠤ ᠵᠢ ᠰᠠᠶ᠋ᠢᠨ ᠮᠠᠳᠠᠳᠡᠭ᠂ ᠲᠡᠭᠡᠭᠡᠳ ᠤᠳᠠᠯ ᠦᠭᠡᠢ ᠬᠦᠤ ᠵᠢᠨ ᠮᠢᠨᠢ ᠰᠠᠶ᠋ᠢᠨ ᠨᠠᠶ᠋ᠢᠵᠠ᠎ᠨᠢ ᠪᠤᠯᠵᠤ ᠰᠠᠯᠤᠯ ᠦᠭᠡᠢ ᠴᠤᠭ ᠲᠤᠭᠯᠠᠭ᠍ᠤ ᠪᠣᠯᠪᠠ᠃ ᠲᠡᠳᠡ ᠬᠤᠶᠠᠭᠤᠯᠠ ᠪᠦᠭᠦᠯᠢ ᠠ᠋ᠳᠦᠷ ᠵᠶ᠋ᠠᠷ ᠪᠦᠷᠢᠮᠤᠰᠦᠨ ᠠᠩᠭ᠍ᠯᠢ᠎ᠪᠠᠷ ᠬᠠᠷᠢᠯᠴᠠᠬᠤ᠎ᠳᠤ ᠶᠠᠮᠠᠷ ᠴᠤ᠌ ᠬᠠᠷᠰᠢ ᠪᠠᠶ᠋ᠢᠭᠰᠠᠨ ᠦᠭᠡᠢ ᠶᠤᠮ᠃
(2) ᠮᠣᠩᠭᠤᠯ ᠪᠠ ᠬᠢᠲᠠᠳ ᠬᠡᠯᠡᠨ᠎ᠤ ᠬᠢᠷᠢ ᠬᠡᠮᠵᠢᠶ᠎ᠠ
ᠮᠢᠨᠦ ᠭᠦᠦ᠂ ᠤᠢ ᠲᠤᠯᠬᠤ᠎ᠠᠴᠠ᠎ᠪᠠᠨ ᠠ᠋ᠮᠦᠨ᠎ᠡ ᠲᠦᠷᠦᠭᠡᠳ 11 ᠰᠠᠷ᠎ᠠ ᠪᠤᠯᠤᠮᠠᠭᠴᠠ ᠭᠡᠯᠡ᠎ᠳᠤ ᠤᠷᠤᠭᠰᠠᠨ ᠶᠤᠮ᠃ ᠠ᠋ᠬᠢᠯᠡᠭᠡᠳ “mom᠂ dad᠂ yes᠂ no᠂ eat᠂ drink᠂ pee᠂ poo᠂ car᠂ dog᠂ go᠂ come᠂ here᠂ there” ᠭᠡᠵᠤ ᠠᠩᠭ᠍ᠯᠢ᠎ᠪᠠᠷ ᠶᠠᠷᠢᠵᠤ᠂ ᠮᠣᠩᠭᠤᠯ ᠪᠤᠶᠤ ᠬᠢᠲᠡᠳ ᠵᠶ᠋ᠠᠷ ᠶᠠᠷᠢᠵᠤ ᠴᠢᠳᠠᠭ᠍ᠤ ᠦᠭᠡᠢ᠂ ᠭᠡᠪᠡᠴᠦ ᠪᠤᠰᠤᠳ᠎ᠤᠨ ᠮᠤᠩᠭᠤᠯ ᠪᠤᠶᠤ ᠬᠢᠲᠡᠳ ᠵᠶ᠋ᠠᠷ ᠶᠡᠷᠢᠬᠤ ᠵᠢ ᠪᠦᠷ ᠵᠦᠪ ᠣᠶ᠋ᠢᠯᠠᠭ᠋ᠠᠵᠤ ᠴᠢᠳᠠᠨ᠎ᠠ᠃ 17 ᠰᠠᠷ᠎ᠠ᠎ᠠᠴᠠ ᠠ᠋ᠬᠢᠯᠡᠵᠤ ᠲᠥᠭᠦᠮᠬᠡᠨ ᠦᠭᠦᠯᠡᠪᠦᠷᠢ ᠵᠢ ᠠᠩᠭ᠍ᠯᠢ᠎ᠪᠠᠷ ᠶᠡᠷᠢᠨ᠂ 《ᠠᠪᠤᠨ᠎ᠠ᠂ ᠢᠳᠠᠨ᠎ᠡ᠂ ᠤᠤᠭᠤᠨ᠎ᠠ᠂ ᠶᠠᠪᠤᠨ᠎ᠠ᠂ ᠮᠡᠳᠡᠵᠡᠢ᠂ ᠪᠢ᠂ ᠲᠡᠨᠳᠡ᠂ ᠦᠭᠡᠢ᠂ ᠠᠮᠠ᠂ ᠬᠠᠮᠠᠷ》 ᠵᠡᠷᠭᠡ ᠦᠢ᠍ᠯᠡ ᠦᠭᠡ᠎ᠪᠠᠷ ᠭᠤᠤᠯᠯᠠᠭᠰᠠᠨ ᠴᠦᠭᠡᠨ ᠬᠡᠳᠦᠨ ᠮᠣᠩᠭᠤᠯ ᠦᠭᠡ ᠵᠢ ᠠᠪᠤ᠎ᠲᠠᠢ᠎ᠪᠠᠨ ᠠ᠋ᠮᠡᠭᠡ (ᠬᠤᠷᠴᠢᠨ ᠠᠶᠠᠯᠭᠤ᠎ᠲᠠᠢ)ᠲᠠᠢ᠎ᠪᠠᠨ ᠠᠳᠠᠯᠢᠪᠲᠤᠷᠬᠠᠨ ᠶᠠᠷᠢᠳᠠᠭ᠃ ᠪᠤᠰᠤᠳ ᠬᠡᠦᠬᠡᠳ᠎ᠲᠠᠢ ᠲᠣᠭᠯᠠᠭ᠍ᠤᠳᠤᠪᠠᠨ ᠪᠣᠰᠣᠳ ᠬᠡᠦᠬᠡᠳ᠎ᠤᠨ ᠬᠡᠯᠡ ᠵᠢ ᠰᠠᠶ᠋ᠢᠨ ᠣᠶ᠋ᠢᠯᠠᠭ᠋ᠠᠵᠤ ᠴᠢᠳᠠᠭ᠍ᠤ ᠦᠭᠡᠢ᠂ ᠥᠪᠡᠷ ᠵᠶ᠋ᠠᠨ ᠴᠤ᠌ ᠮᠣᠩᠭᠤᠯ ᠵᠶ᠋ᠠᠷ ᠰᠠᠶ᠋ᠢᠬᠠᠨ ᠢᠯᠡᠳᠭᠡᠵᠤ ᠴᠢᠳᠠᠭ᠍ᠤ ᠦᠭᠡᠢ ᠪᠠᠶ᠋ᠢᠭᠰᠠᠨ ᠪᠤᠯᠪᠠᠴᠤ ᠵᠢᠭ᠋ᠠᠵᠤ ᠳᠣᠬᠢᠨ ᠠ᠋ᠯᠳᠡᠪ ᠠᠷᠭ᠎ᠠ᠎ᠪᠠᠷ ᠪᠠᠶᠠᠷᠲᠠᠶ᠋ᠢᠬᠠᠨ ᠯᠠ ᠴᠤᠭ ᠲᠣᠭᠯᠠᠳᠠᠭ ᠪᠠᠶ᠋ᠢᠭᠰᠠᠨ᠃ ᠦᠭᠡᠯᠡᠢ ᠪᠣᠯᠬᠤ ᠲᠤᠳᠤᠮ ᠮᠤᠩᠭᠤᠯ ᠬᠡᠯᠡ᠎ᠨᠢ ᠰᠠᠶ᠋ᠢᠵᠢᠷᠠᠵᠤ ᠪᠠᠷᠤᠭ 2 ᠨᠠᠰᠤ 10 ᠰᠠᠷ᠎ᠠ ᠪᠣᠯᠬᠤ᠎ᠳᠤ ᠨᠢᠭᠡᠨᠲᠠ ᠠ᠋ᠮᠡᠭᠡ᠂ ᠠᠪᠤ᠂ ᠪᠤᠰᠤᠳ ᠮᠣᠩᠭᠤᠯ ᠬᠡᠦᠬᠡᠳ᠎ᠲᠠᠢ ᠵᠦᠪ᠂ ᠲᠣᠳᠤᠷᠬᠠᠢ᠎ᠪᠠᠷ ᠶᠠᠷᠢᠯᠴᠠᠵᠤ ᠴᠢᠳᠠᠭ᠍ᠤ ᠪᠣᠯᠤᠭᠰᠠᠨ ᠪᠦᠭᠡᠳ 《不᠂ 对᠂ 跑᠂ 玩᠂ 汽车᠂ 大卡车᠂ 小猫᠂ 小狗》 ᠭᠡᠬᠦ ᠵᠡᠷᠭᠡ ᠨᠡᠯᠢᠶᠡᠳ ᠬᠢᠳᠡᠳ ᠲᠠᠩ ᠦᠭᠡ ᠵᠢ ᠶᠠᠷᠢᠵᠤ᠂ 3 ᠨᠠᠰᠤ 2 ᠰᠠᠷ᠎ᠠ ᠪᠣᠯᠬᠤ᠎ᠳᠤ ᠠ᠋ᠳᠤᠷ ᠲᠤᠳᠤᠮ᠎ᠤᠨ ᠬᠡᠷᠡᠭᠯᠡᠭᠡᠨ᠎ᠤ ᠬᠢᠲᠡᠳ ᠦᠭᠦᠯᠡᠪᠦᠷᠢ ᠵᠢ ᠴᠤ᠌ ᠶᠠᠷᠢᠵᠤ ᠴᠢᠳᠠᠭ᠍ᠤ ᠪᠤᠯᠤᠭᠰᠠᠨ ᠪᠠᠶ᠋ᠢᠨ᠎ᠠ᠃ ᠭᠡᠤᠭᠡᠳ᠎ᠤᠨ ᠴᠡᠴᠡᠷᠯᠢᠭ᠎ᠲᠤ ᠬᠦᠷᠭᠡᠭᠰᠡᠨ᠎ᠤ ᠲᠠᠷᠠᠭ᠎ᠠ ᠬᠠᠭ᠋ᠠᠰ ᠵᠢᠯ ᠪᠣᠯᠬᠤ᠎ᠳᠤ ᠮᠣᠩᠭᠤᠯ᠂ ᠬᠢᠲᠠᠳ ᠬᠡᠯᠡ᠎ᠨᠢ ᠮᠠᠳᠡᠭᠳᠡᠮ᠎ᠡ ᠲᠡᠭᠡᠭᠰᠢᠯᠡᠵᠦ᠂ ᠠᠶᠠᠨᠳᠠᠭ᠋ᠠᠨ ᠮᠤᠩᠭᠤᠯ ᠪᠠ ᠬᠢᠲᠠᠳ ᠵᠶ᠋ᠠᠷ ᠠᠷᠪᠢᠨ ᠶᠠᠷᠢᠬᠤ ᠪᠣᠯᠪᠠ᠃ ᠤᠭᠲᠤ᠎ᠪᠠᠨ ᠨᠠᠳᠠ᠎ᠲᠠᠢ ᠶᠠᠷᠢᠬᠤ ᠪᠣᠯᠭ᠋ᠠᠨ ᠠᠶᠠᠨᠳᠠᠭ᠋ᠠᠨ ᠠᠩᠭ᠍ᠯᠢ᠎ᠪᠠᠷ ᠶᠠᠷᠢᠳᠠᠭ ᠪᠠᠶ᠋ᠢᠭᠰᠠᠨ ᠵᠶ᠋ᠠᠨ ᠵᠠᠷᠢᠮ᠎ᠳᠤ᠎ᠪᠠᠨ ᠮᠣᠩᠭᠤᠯ ᠪᠤᠶᠤ ᠬᠢᠲᠠᠳ ᠵᠶ᠋ᠠᠷ ᠶᠠᠷᠢᠬᠤ ᠪᠣᠯᠣᠭᠰᠠᠨ ᠪᠠᠶ᠋ᠢᠨ᠎ᠠ᠃ ᠭᠡᠪᠡᠴᠤ ᠪᠢ ᠠᠩᠭ᠍ᠯᠢ᠎ᠪᠠᠷ ᠶᠠᠷᠢᠭ᠋ᠠᠳ ᠯᠠ ᠪᠠᠶ᠋ᠢᠪᠠᠯ ᠲᠡᠷᠡ ᠪᠠᠰᠠ ᠲᠡᠬᠢᠨ ᠠᠩᠭ᠍ᠯᠢ᠎ᠪᠠᠷ ᠶᠠᠷᠢᠳᠠᠭ ᠪᠣᠯᠴᠢᠬᠠᠨ᠎ᠠ᠃ ᠮᠢᠨᠦ ᠭᠠᠳᠠᠭ᠋ᠠᠳᠤ ᠤᠯᠤᠰ᠎ᠤᠨ ᠨᠠᠶ᠋ᠢᠵᠠ ᠨᠠᠷ᠎ᠲᠠᠢ ᠠᠭᠤᠯᠵᠠᠪᠠᠯ ᠠᠶᠠᠨᠳᠠᠭ᠋ᠠᠨ ᠰᠢᠭᠤᠳ ᠠᠩᠭ᠍ᠯᠢ᠎ᠪᠠᠷ ᠶᠠᠷᠢᠳᠠᠭ᠃ ᠶᠡᠷᠦᠩᠬᠡᠢ᠎ᠳᠤ᠎ᠪᠠᠨ ᠠᠪᠴᠤ ᠬᠡᠯᠡᠪᠡᠯ ᠭᠤᠷᠪᠠᠨ ᠬᠡᠯᠡ ᠵᠢ ᠴᠢᠯᠦᠭᠡᠲᠡᠢ ᠰᠣᠯᠢᠵᠤ ᠬᠡᠷᠡᠭᠯᠡᠵᠦ ᠴᠢᠳᠠᠭ᠍ᠤ ᠪᠦᠭᠡᠳ ᠬᠡᠨ᠎ᠲᠠᠢ ᠮᠣᠩᠭᠤᠯ ᠵᠶ᠋ᠠᠷ᠂ ᠬᠡᠨ᠎ᠲᠠᠢ ᠬᠢᠲᠠᠳ ᠵᠶ᠋ᠠᠷ᠂ ᠬᠡᠨ᠎ᠲᠠᠢ ᠠᠩᠭ᠍ᠯᠢ᠎ᠪᠠᠷ ᠶᠠᠷᠢᠬᠤ ᠬᠡᠷᠡᠭᠲᠡᠢ ᠭᠡᠳᠡᠭ᠎ᠢ ᠥᠪᠡᠷ ᠵᠶ᠋ᠠᠨ ᠮᠡᠳᠡᠵᠤ ᠬᠠᠷᠢᠯᠴᠠᠵᠤ ᠴᠢᠳᠠᠨ᠎ᠠ᠃
ᠭᠤᠷᠪᠠ᠂ ᠪᠠᠯᠴᠢᠷ ᠬᠡᠦᠬᠡᠳ᠎ᠲᠤ ᠠᠩᠭ᠍ᠯᠢ ᠬᠡᠯᠡᠨ᠎ᠤ ᠭᠡᠷ᠎ᠤᠨ ᠬᠦᠮᠦᠵᠢᠯ᠎ᠢ ᠬᠡᠷᠬᠢᠨ ᠬᠢᠬᠦ ᠪᠤᠢ?
ᠰᠤᠳᠤᠯᠭ᠋ᠠᠨ᠎ᠤ ᠳ᠋ᠦᠩ᠎ᠠᠴᠠ ᠦᠵᠡᠪᠡᠯ᠂ ᠮᠢᠨᠦ ᠭᠦᠦ ᠵᠢᠨ ᠠᠩᠭ᠍ᠯᠢ ᠬᠡᠯᠡᠨ᠎ᠤ ᠡᠵᠡᠮᠰᠢᠯᠲᠠ᠎ᠨᠢ ᠨᠠᠯᠢᠶᠡᠳ ᠦᠷ᠎ᠡ ᠪᠦᠲᠦᠮᠵᠢ᠎ᠲᠠᠢ ᠪᠠᠶ᠋ᠢᠭ᠎ᠠ ᠶᠤᠮ᠃ ᠲᠡᠭᠡᠪᠡᠯ ᠭᠡᠷ᠎ᠤᠨ ᠠᠬᠠᠮᠠᠳ ᠬᠡᠦᠬᠡᠳ᠎ᠲᠤ᠎ᠪᠠᠨ ᠬᠡᠷᠬᠢᠨ ᠠᠩᠭ᠍ᠯᠢ ᠬᠡᠯᠡᠨ᠎ᠤ ᠭᠡᠷ᠎ᠤᠨ ᠬᠦᠮᠦᠵᠢᠯ ᠬᠢᠵᠦ᠂ ᠮᠢᠨᠦ ᠭᠦᠦ᠎ᠲᠠᠢ ᠠᠳᠠᠯᠢ ᠲᠥᠷᠦᠯᠬᠢ ᠮᠣᠩᠭᠤᠯ ᠬᠡᠯᠡ᠎ᠲᠠᠢ᠎ᠨᠢ ᠬᠠᠮᠲᠤ ᠠᠩᠭ᠍ᠯᠢ ᠬᠡᠯᠡ ᠵᠢ ᠠᠶᠠᠨᠳᠠᠭ᠋ᠠᠨ ᠡᠵᠡᠮᠰᠢᠭᠦᠯᠵᠦ᠂ ᠬᠢᠲᠠᠳ ᠬᠡᠯᠡ ᠵᠢ᠎ᠨᠢ ᠴᠤ᠌ ᠬᠤᠴᠣᠷᠤᠭᠤᠯᠬᠤ ᠦᠭᠡᠢ ᠪᠠᠶ᠋ᠢᠵᠤ ᠴᠢᠳᠠᠭ᠍ᠤ ᠪᠤᠢ?
1. ᠬᠡᠦᠬᠡᠳ᠎ᠤᠨ ᠬᠡᠯᠡ ᠡᠵᠡᠮᠰᠢᠬᠦ ᠵᠠᠩᠭᠢᠯᠠᠭ᠎ᠠ ᠵᠢᠨ ᠬᠤᠭᠤᠴᠠᠭ᠎ᠠ ᠵᠢ ᠰᠠᠶ᠋ᠢᠳᠤᠷ ᠪᠠᠷᠢᠵᠤ ᠠ᠋ᠷᠲᠡᠬᠡᠨᠠᠴᠠ ᠪᠡᠯᠡᠳᠭᠡᠬᠦ᠎ᠨᠢ ᠴᠢᠬᠤᠯᠠ ᠶᠤᠮ᠃ ᠦᠨᠡᠨ᠎ᠳᠤ᠎ᠪᠠᠨ ᠠᠩᠭ᠍ᠯᠢ ᠲᠦᠷᠦᠯᠬᠢ ᠬᠡᠯᠡ᠎ᠲᠠᠢ 0-3 ᠨᠠᠰᠤᠨ᠎ᠤ ᠬᠡᠦᠬᠡᠳ᠎ᠤᠨ ᠦᠭᠡᠰ᠎ᠤᠨ ᠰᠠᠩ᠎ᠨᠢ ᠳᠤᠮᠳᠠᠴᠢ᠎ᠪᠠᠷ ᠰᠠᠶᠢ 250 ᠦᠭᠡ ᠪᠠᠶ᠋ᠢᠳᠠᠭ᠃ ᠮᠠᠨ᠎ᠤ ᠤᠯᠤᠰ᠎ᠤᠨ ᠠᠯᠪᠠᠨ ᠵᠢᠷᠤᠮ᠎ᠤᠨ ᠰᠤᠷᠭ᠋ᠠᠨ ᠭᠦᠮᠦᠵᠢᠯ᠎ᠤᠨ ᠱᠠᠭ᠋ᠠᠷᠳᠠᠯᠭ᠎ᠠ᠎ᠳᠤ ᠪᠠᠭ᠎ᠠ ᠰᠤᠷᠭ᠋ᠠᠭᠤᠯᠢ ᠲᠡᠭᠦᠰᠬᠦ᠎ᠳᠤ 685 ᠳᠠᠩ ᠦᠭᠡ᠂ ᠠᠩᠬ᠎ᠠ ᠵᠡᠷᠭᠡ ᠲᠤᠮᠳᠠᠳᠤ ᠰᠤᠷᠭ᠋ᠠᠭᠤᠯᠢ ᠲᠡᠭᠦᠰᠬᠦ᠎ᠳᠤ 1677 ᠳᠠᠩ ᠦᠭᠡ ᠵᠢ ᠡᠵᠡᠮᠰᠢᠵᠤ᠂ ᠲᠦᠷᠦᠯᠬᠢ ᠬᠡᠯᠡ᠎ᠲᠠᠢ 5 ᠨᠠᠰᠤᠳᠠᠢ ᠬᠡᠦᠬᠡᠳ᠎ᠲᠠᠢ ᠬᠠᠷᠢᠯᠴᠠᠵᠤ ᠴᠢᠳᠠᠭ᠍ᠤ ᠴᠢᠳᠠᠪᠤᠷᠢ᠎ᠲᠠᠢ ᠪᠣᠯᠬᠤ ᠵᠢ ᠱᠠᠭ᠋ᠠᠷᠳᠠᠭᠰᠠᠨ ᠪᠠᠶ᠋ᠢᠳᠠᠭ᠃ ᠠ᠋ᠶ᠋ᠢᠮᠦ᠎ᠠᠴᠠ ᠠᠯᠪᠠᠨ ᠵᠢᠷᠤᠮ᠎ᠤᠨ ᠰᠤᠷᠭ᠋ᠠᠨ ᠬᠦᠮᠦᠵᠢᠯ ᠭᠦᠷᠳᠡᠭᠰᠡᠳ (ᠴᠥᠭᠡᠨ ᠲᠣᠭ᠋ᠠᠨ᠎ᠤ ᠦᠨᠳᠤᠰᠤᠨ ᠱᠠᠳᠤᠨ᠎ᠤ ᠰᠤᠷᠭ᠋ᠠᠨ ᠬᠦᠮᠦᠵᠢᠯ᠎ᠤᠨ ᠨᠥᠬᠦᠴᠡᠯ᠎ᠤᠨ ᠬᠢᠵᠠᠭ᠋ᠠᠷ᠎ᠠᠴᠠ ᠪᠤᠯᠵᠣ ᠠᠩᠭ᠍ᠯᠢ ᠬᠡᠯᠡ ᠵᠢᠭ᠋ᠠᠳᠠᠭ ᠦᠭᠡᠢ ᠤᠴᠢᠷ᠎ᠠᠴᠠ ᠠᠳᠡ ᠠ᠋ᠶ᠋ᠢᠮᠦ ᠰᠤᠷᠭ᠋ᠠᠭᠤᠯᠢ᠎ᠠᠴᠠ ᠲᠡᠭᠦᠰᠦᠭᠰᠡᠳ᠎ᠢ ᠪᠠᠭᠲᠠᠭ᠋ᠠᠬᠤ ᠦᠭᠡᠢ)᠎ᠤᠨ ᠤᠯᠠᠩᠬᠢ᠎ᠨᠢ ᠪᠦᠷ ᠥᠪᠡᠷ᠎ᠤᠨ ᠬᠡᠦᠬᠡᠳ᠎ᠤᠨ ᠵᠶ᠋ᠠᠨ ᠪᠠᠯᠴᠢᠷ ᠦᠶ᠎ᠠ᠎ᠳᠤ ᠠᠩᠭ᠍ᠯᠢ ᠬᠡᠯᠡ ᠵᠢᠭ᠋ᠠᠬᠤ ᠵᠢ ᠠ᠋ᠭᠦᠷᠭᠡᠯᠡᠵᠦ ᠲᠠᠢ᠍ᠢ᠍ᠯᠤᠨ᠎ᠠ᠃ ᠠᠵᠢᠯ ᠠᠮᠢᠳᠤᠷᠠᠯ᠎ᠳᠤ᠎ᠪᠠᠨ ᠤᠳᠠᠭ᠋ᠠᠨ ᠵᠢᠯ ᠠᠩᠭ᠍ᠯᠢ ᠬᠡᠯᠡ ᠬᠡᠷᠡᠭᠯᠡᠭᠰᠡᠨ ᠦᠭᠡᠢ ᠪᠣᠯ ᠮᠠᠷᠲᠠᠭᠰᠠᠨ ᠮᠠᠭ᠋ᠠᠳ ᠦᠭᠡᠢ᠃ ᠠ᠋ᠶ᠋ᠢᠮᠦ᠎ᠠᠴᠠ ᠬᠡᠦᠬᠡᠳ ᠵᠶ᠋ᠠᠨ ᠪᠠᠯᠴᠢᠷᠠᠴᠠᠨᠢ ᠠᠨᠭ᠌ᠭ᠍ᠯᠢ ᠭᠡᠯᠡ ᠰᠤᠷᠭ᠋ᠠᠶᠠ ᠭᠡᠵᠦ ᠪᠣᠳᠣᠭᠰᠠᠨ ᠪᠣᠯ ᠠ᠋ᠷᠲᠡ᠎ᠠᠴᠠ ᠠ᠋ᠬᠢᠯᠡᠵᠤ ᠰᠤᠷᠤᠭᠰᠠᠨ ᠵᠶ᠋ᠠᠨ ᠳᠠᠪᠲᠠᠵᠤ ᠥᠪᠡᠷ᠎ᠢ᠎ᠪᠠᠨ ᠳᠡᠭᠡᠭᠰᠢᠯᠡᠭᠦᠯᠵᠦ ᠪᠡᠯᠡᠳᠭᠡᠬᠦ᠎ᠨᠢ ᠴᠢᠬᠤᠯᠠ ᠶᠤᠮ᠃
2. ᠬᠡᠯᠡᠨ᠎ᠤ ᠣᠷᠴᠢᠨ᠎ᠤ ᠴᠢᠬᠤᠯᠠ ᠴᠢᠨᠠᠷ᠎ᠢ ᠲᠠᠨᠢᠵᠤ᠂ ᠬᠡᠯᠡᠨ᠎ᠤ ᠣᠷᠤᠭᠤᠯᠤᠯᠲᠠ ᠵᠢ ᠴᠢᠬᠤᠯᠠᠴᠢᠯᠠᠭ᠍ᠤ ᠬᠡᠷᠡᠭᠲᠡᠢ᠃ ᠭᠠᠳᠠᠭ᠋ᠠᠳᠤ᠎ᠳᠤ ᠠᠮᠢᠳᠤᠷᠠᠵᠤ ᠪᠠᠢ᠍ᠢ᠍ᠬᠤ ᠦᠭᠡᠢ ᠪᠣᠯᠪᠠᠴᠤ ᠰᠦᠯᠵᠢᠶ᠎ᠡ ᠬᠤᠯᠪᠤᠭ᠎ᠠ᠂ ᠷᠠᠳᠢᠤ᠋᠂ ᠲᠧᠯᠧᠢ᠍ᠰ᠂ ᠳᠠᠭᠤ ᠰᠢᠩᠭᠡᠭᠡᠯᠲᠡ᠂ APP ᠵᠡᠷᠭᠡ ᠵᠢ ᠠᠰᠢᠭᠯᠠᠵᠤ ᠪᠠᠯᠴᠢᠷ ᠭᠡᠤᠭᠡᠳ᠎ᠲᠤ ᠭᠡᠷ ᠵᠠᠭᠤᠷ᠎ᠠ᠎ᠪᠠᠨ ᠴᠢᠳᠠᠭ᠍ᠤ ᠵᠢᠨ ᠳᠣᠲᠤᠷ᠎ᠠ ᠢᠯᠡᠭᠦᠦ ᠠᠩᠭ᠍ᠯᠢ ᠬᠡᠯᠡ ᠰᠤᠨᠤᠰᠬᠠᠬᠤ ᠬᠡᠷᠡᠭᠲᠡᠢ᠃ ᠣᠨᠴᠠᠭ᠋ᠠᠶ᠋ᠢᠯᠠᠨ ᠠᠩᠭ᠍ᠯᠢ ᠭᠡᠯᠡᠨ᠎ᠤ ᠬᠡᠦᠬᠡᠳ᠎ᠤᠨ ᠳᠠᠭᠤᠤ ᠰᠢᠯᠦᠭ᠎ᠢ ᠢᠯᠡᠭᠦᠦ ᠰᠣᠨᠤᠰᠬᠠᠬᠤ ᠬᠡᠷᠡᠭᠲᠡᠢ᠃ ᠬᠡᠦᠬᠡᠳ᠎ᠤᠨ ᠲᠠᠭᠤᠤ ᠰᠢᠯᠦᠭ᠎ᠨᠢ ᠠᠶ᠋ᠢᠵᠠᠮ ᠬᠥᠭ ᠵᠶ᠋ᠠᠷ ᠴᠢᠩᠭ᠎ᠠ᠂ ᠦᠭᠡ ᠦᠭᠦᠯᠡᠪᠦᠷᠢ᠎ᠨᠢ ᠣᠬᠤᠷ ᠠᠪᠰᠠᠷᠬᠠᠨ᠂ ᠵᠢᠭᠳᠡ ᠲᠤᠯᠤᠭ᠋ᠠᠢ ᠬᠤᠯᠪᠤᠵᠤ ᠰᠡᠭᠦᠯ ᠳᠠᠷᠤᠬᠤ᠎ᠨᠢ ᠰᠤᠨᠤᠰᠬᠤᠯᠠᠩ᠎ᠲᠠᠢ ᠰᠠᠶ᠋ᠢᠬᠠᠨ ᠪᠦᠭᠡᠳ ᠳᠠᠭ᠋ᠠᠭ᠋ᠠᠳ ᠤᠩᠰᠢᠵᠤ ᠲᠠᠭᠤᠯᠠᠭ᠍ᠤᠳᠤ ᠴᠤ᠌ ᠠᠮᠠᠷᠬᠠᠨ ᠤᠴᠢᠷ᠎ᠠᠴᠠ ᠬᠡᠦᠬᠡᠳ᠎ᠤᠨ ᠳᠤᠷ᠎ᠠ ᠰᠣᠨᠢᠷᠬᠠᠯ᠎ᠢ ᠶᠡᠭᠡ ᠲᠠᠲᠠᠵᠤ ᠴᠢᠳᠠᠳᠠᠭ ᠪᠠᠶ᠋ᠢᠨ᠎ᠠ᠃ ᠬᠡᠦᠬᠡᠳ 3 ᠨᠠᠰᠤ (ᠭᠡᠤᠭᠡᠳ᠎ᠤᠨ ᠴᠡᠴᠡᠷᠯᠢᠭ᠎ᠲᠤ ᠣᠷᠤᠬᠤ)᠎ᠠᠴᠠ᠎ᠪᠠᠨ ᠠ᠋ᠮᠦᠨ᠎ᠡ ᠨᠡᠶ᠋ᠢᠬᠡᠮ᠎ᠤᠨ ᠬᠠᠷᠢᠴᠠᠭ᠎ᠠ᠎ᠳᠤ ᠠᠷᠠᠢ ᠤᠷᠤᠭ᠎ᠠ ᠦᠭᠡᠢ ᠪᠤᠯᠬᠤᠷ ᠬᠡᠯᠡᠨ᠎ᠤ ᠣᠷᠴᠢᠨ᠎ᠨᠢ ᠭᠤᠤᠯᠳᠠᠭᠤ ᠭᠡᠷ ᠪᠦᠯᠢ ᠪᠣᠯᠬᠤ ᠶᠤᠮ᠃ ᠲᠡᠭᠡᠬᠦ᠎ᠳᠤ ᠭᠡᠷ ᠪᠦᠯᠢ ᠵᠢᠨ ᠬᠡᠯᠡᠨ᠎ᠤ ᠤᠷᠴᠢᠨ᠎ᠢ ᠭᠡᠷ᠎ᠤᠨ ᠠᠬᠠᠮᠠᠳ ᠥᠪᠡᠷ ᠵᠶ᠋ᠠᠨ ᠠ᠋ᠷᠬᠡᠰᠢᠶᠡᠵᠦ ᠴᠢᠳᠠᠭ᠍ᠤ ᠤᠴᠢᠷ᠎ᠠᠴᠠ 3 ᠨᠠᠰᠤ᠎ᠠᠴᠠ ᠠ᠋ᠮᠦᠨᠡᠬᠢ ᠬᠤᠭᠤᠴᠠᠭ᠎ᠠ᠎ᠳᠤ᠎ᠬᠢ ᠠᠩᠭ᠍ᠯᠢ ᠬᠡᠯᠡᠨ᠎ᠤ ᠪᠠᠢ᠍ᠢ᠍ᠭ᠋ᠠᠯᠢᠯᠢᠬ ᠣᠷᠴᠢᠨ᠎ᠢ ᠪᠦᠳᠦᠭᠡᠵᠦ ᠴᠢᠳᠠᠪᠠᠯ᠂ ᠠᠩᠭ᠍ᠯᠢ ᠬᠡᠯᠡᠨ᠎ᠤ ᠤᠷᠤᠭᠤᠯᠤᠯᠲᠠ ᠬᠢᠬᠦ᠎ᠳᠤ ᠨᠡᠩ ᠬᠢᠯᠪᠡᠷ ᠪᠠᠶ᠋ᠢᠳᠠᠭ ᠶᠤᠮ᠃
3. ᠠᠩᠭ᠍ᠯᠢ ᠵᠢᠷᠤᠭᠲᠤ ᠳᠡᠪᠲᠡᠷ᠎ᠢ ᠭᠦᠢ᠍ᠴᠡᠳ ᠠᠰᠢᠭᠯᠠᠵᠤ᠂ ᠬᠡᠦᠬᠡᠳ᠎ᠤᠨ ᠰᠤᠷᠤᠯᠴᠠᠭ᠍ᠤ ᠤᠷᠮ᠎ᠠ ᠵᠢ ᠬᠥᠭᠵᠢᠭᠡᠨ᠎ᠡ᠃ ᠶᠠᠮᠠᠷᠪᠠ ᠰᠤᠷᠭ᠋ᠠᠨ ᠬᠦᠮᠦᠵᠢᠯ ᠴᠤ᠌ ᠭᠡᠰᠡᠨ ᠬᠡᠦᠬᠡᠳ᠎ᠤᠨ ᠤᠷᠮ᠎ᠠ ᠪᠠᠬ᠎ᠠ ᠵᠢ ᠬᠦᠭᠵᠢᠭᠡᠬᠦ ᠵᠢ ᠴᠢᠬᠤᠯᠠᠴᠢᠯᠠᠳᠠᠭ᠃ ᠵᠢᠷᠤᠭᠲᠤ ᠲᠡᠪᠲᠡᠷᠢ ᠰᠤᠩᠭᠤᠬᠤ᠎ᠳᠤ᠎ᠪᠠᠨ ᠬᠡᠦᠬᠡᠳ᠎ᠤᠨ ᠨᠠᠰᠤᠨ᠎ᠤ ᠤᠨᠴᠠᠯᠢᠭ᠎ᠲᠤ᠎ᠨᠢ ᠲᠤᠬᠢᠷᠠᠭᠤᠯᠤᠭᠰᠠᠨ ᠪᠠᠶ᠋ᠢᠬᠤ ᠬᠡᠷᠡᠭᠲᠡᠢ᠃ ᠢᠨᠭ᠌ᠬᠢᠪᠠᠯ ᠰᠠᠶᠢ ᠭᠡᠤᠭᠡᠳ᠎ᠤᠨ ᠲᠤᠷ᠎ᠠ ᠪᠠᠬ᠎ᠠ᠎ᠳᠤ ᠲᠤᠬᠢᠷᠠᠨ᠎ᠠ᠃ 1 ᠨᠠᠰᠤ ᠬᠦᠷᠦᠭᠡᠳᠦᠢ ᠬᠡᠦᠬᠡᠳ᠎ᠲᠤ ᠶᠡᠷᠦ᠎ᠳᠤ᠎ᠪᠠᠨ ᠬᠦᠮᠦᠨ ᠠᠮᠢᠲᠠᠨ ᠬᠡᠷᠡᠭ ᠪᠤᠳᠠᠰ᠎ᠢ ᠲᠠᠨᠢᠭᠤᠯᠬᠤ᠎ᠪᠠᠷ ᠵᠣᠷᠢᠯᠭ᠎ᠠ ᠪᠤᠯᠭ᠋ᠠᠭᠰᠠᠨ ᠵᠢᠷᠤᠭᠲᠤ ᠲᠡᠪᠲᠡᠷ ᠦᠵᠡᠭᠦᠯᠬᠦ ᠪᠤᠶᠤ ᠤᠩᠰᠢᠨ ᠰᠤᠨᠤᠰᠬᠠᠵᠤ᠂ 1 ᠨᠠᠰᠤ᠎ᠠᠴᠠ ᠰᠡᠭᠦᠯᠡᠷ ᠦᠭᠡ ᠦᠭᠦᠯᠡᠪᠦᠷᠢ᠎ᠨᠢ ᠠᠭ᠋ᠠᠵᠢᠮ ᠵᠶ᠋ᠠᠷ ᠤᠷᠲᠤ ᠰᠢᠬ᠂ ᠦᠯᠢᠭᠡᠷ᠎ᠤᠨ ᠳᠠᠰ ᠳᠠᠷᠠᠭ᠎ᠠ᠂ ᠶᠠᠪᠤᠴᠠ᠎ᠲᠠᠢ ᠵᠢᠷᠤᠭᠲᠤ ᠲᠡᠪᠲᠡᠷᠢ ᠤᠩᠰᠢᠵᠤ ᠦᠭᠭᠦᠨ᠎ᠡ᠃ ᠬᠡᠦᠬᠡᠳ᠎ᠤᠨ ᠨᠠᠰᠤ ᠨᠡᠮᠡᠭᠳᠡᠵᠦ ᠬᠡᠯᠡᠨ᠎ᠤ ᠴᠢᠳᠠᠪᠤᠷᠢ ᠵᠢᠨ ᠬᠢᠨᠢ ᠳᠡᠭᠡᠭᠰᠢᠯᠡᠬᠦ ᠵᠢ ᠳᠠᠭ᠋ᠠᠯᠳᠤᠨ ᠵᠢᠷᠤᠭᠲᠤ ᠳᠡᠪᠲᠡᠷ᠎ᠢ ᠠᠰᠢᠭᠯᠠᠨ ᠢᠯᠡᠭᠦᠦ ᠶᠠᠷᠢᠭᠤᠯᠵᠤ ᠪᠣᠯᠪᠠᠰᠤᠷᠠᠭᠤᠯᠤᠨ ᠬᠡᠯᠡᠨ᠎ᠤ ᠭᠠᠷᠭ᠋ᠠᠯᠲᠠ᠎ᠲᠠᠢ ᠪᠣᠯᠭ᠋ᠠᠬᠤ ᠬᠡᠷᠡᠭᠲᠡᠢ᠃ ᠶᠡᠷᠦ᠎ᠳᠤ᠎ᠪᠠᠨ ᠳᠦᠭᠦᠮ ᠠᠰᠠᠭᠤᠯᠲᠠ ᠠᠰᠠᠭᠤᠬᠤ᠂ ᠬᠡᠦᠬᠡᠳ᠎ᠲᠠᠢ᠎ᠪᠠᠨ ᠴᠤᠭ ᠦᠯᠢᠭᠡᠷ᠎ᠢ ᠵᠥᠴᠦᠭᠡᠯᠡᠨ ᠲᠣᠭᠯᠠᠭ᠍ᠤ ᠵᠡᠷᠭᠡ ᠠᠷᠭ᠎ᠠ ᠵᠢ ᠬᠡᠷᠡᠭᠯᠡᠵᠦ ᠪᠤᠯᠤᠨ᠎ᠠ᠃
4. ᠠᠩᠭ᠍ᠯᠢ ᠬᠡᠯᠡᠨ᠎ᠤ ᠭᠡᠷ᠎ᠤᠨ ᠬᠦᠮᠦᠵᠢᠯ᠎ᠳᠤ ᠭᠡᠷ ᠵᠠᠭᠤᠷ᠎ᠠ᠎ᠪᠠᠨ ᠭᠡᠷ᠎ᠤᠨ ᠠᠬᠠᠮᠠᠳ ᠦᠪᠡᠷ ᠵᠶ᠋ᠠᠨ ᠠᠮᠢᠳᠤᠷᠠᠯ ᠳᠤᠮᠳᠠᠬᠢ ᠬᠦᠮᠦᠨ ᠠᠮᠢᠲᠠᠨ᠂ ᠬᠡᠷᠡᠭ ᠪᠣᠳᠠᠰ᠂ ᠤᠴᠢᠷ ᠶᠠᠪᠤᠳᠠᠯ᠎ᠢ ᠠᠩᠭ᠍ᠯᠢ᠎ᠪᠠᠷ ᠶᠠᠷᠢᠵᠤ᠂ ᠵᠢᠱ᠌ᠢᠶ᠎ᠡ ᠲᠠᠭᠤᠷᠢᠶᠠᠯ ᠪᠤᠯᠬᠤ ᠬᠡᠷᠡᠭᠲᠡᠢ᠃ ᠶᠠᠷᠦᠨᠢ ᠬᠡᠦᠬᠡᠳ ᠵᠢᠷᠤᠭᠲᠤ ᠲᠡᠪᠲᠡᠷ᠂ ᠲᠠᠭᠤᠤ ᠰᠢᠯᠦᠭ᠂ ᠷᠠᠳᠢᠤ᠋ ᠲᠧᠯᠧᠠᠰ ᠵᠡᠷᠭᠡ᠎ᠪᠠᠷ ᠳᠠᠮᠵᠢᠵᠤ ᠤᠯᠠᠨ ᠶᠠᠭᠤᠮ᠎ᠠ᠎ᠳᠤ ᠲᠠᠨᠢᠯᠲᠠ᠎ᠲᠠᠢ ᠪᠣᠯᠵᠤ ᠴᠢᠳᠠᠭ᠍ᠤ ᠪᠤᠯᠪᠠᠴᠤ ᠪᠤᠳᠠᠳᠠᠢ ᠬᠡᠷᠡᠭ ᠪᠤᠳᠠᠰ ᠵᠶ᠋ᠠᠷ ᠦᠯᠢᠭᠡᠷᠯᠡᠬᠦ ᠦᠭᠡᠢ ᠪᠣᠯ ᠠᠮᠠᠷᠬᠠᠨ ᠮᠠᠷᠲᠠᠴᠢᠬᠠᠳᠠᠭ ᠶᠤᠮ᠃ ᠠ᠋ᠶ᠋ᠢᠮᠤ᠎ᠠᠴᠠ ᠠᠮᠤᠷ ᠮᠡᠨᠳᠦ ᠠᠰᠠᠭᠤᠬᠤ᠎ᠳᠤ “Hello! ”᠂ “How are you? ”᠂ “Good morning! ” ᠭᠡᠵᠤ᠂ ᠨᠣᠬᠠᠢ ᠣᠯᠵᠤ ᠦᠵᠡᠬᠦ᠎ᠳᠤᠨᠢ “Look! That’s a dog.” ᠠᠯᠮᠤᠷᠠᠳ ᠦᠭᠴᠦ ᠢᠳᠡᠭᠦᠯᠬᠦ᠎ᠳᠤᠨᠢ “Eat an apple.” ᠭᠡᠬᠦ ᠮᠡᠲᠦ᠎ᠪᠠᠷ ᠶᠠᠷᠢᠭ᠋ᠠᠳ ᠪᠠᠶ᠋ᠢᠪᠠᠯ ᠬᠡᠦᠬᠡᠳ ᠠᠶᠠᠨᠳᠠᠭ᠋ᠠᠨ ᠬᠦᠮᠦᠨ᠎ᠲᠠᠢ ᠮᠡᠨᠳᠦᠯᠡᠯᠴᠡᠬᠦᠳᠤᠪᠠᠨ “Hello! ”᠂ “How are you? ”᠂ “Good morning! ” ᠭᠡᠵᠤ᠂ ᠨᠤᠬᠠᠢ ᠣᠯᠵᠤ ᠦᠵᠡᠪᠡᠯ “dog” ᠭᠡᠵᠦ᠂ ᠠᠯᠮᠤᠷᠠᠳ ᠢᠳᠡᠨ᠎ᠡ ᠭᠡᠪᠡᠯ “apple” ᠭᠡᠵᠤ ᠬᠡᠯᠡᠵᠤ ᠴᠢᠳᠠᠭ᠍ᠤ ᠪᠤᠯᠤᠨ᠎ᠠ᠃
5. ᠬᠡᠦᠬᠡᠳ᠎ᠤᠨ ᠪᠣᠶ᠋ᠢᠵᠢᠯᠲᠠ ᠵᠢ ᠳᠠᠭ᠋ᠠᠯᠳᠤᠭᠤᠯᠤᠨ ᠠᠰᠢᠭᠯᠠᠭ᠍ᠤ ᠮᠠᠲ᠋ᠧᠷᠢᠶᠠᠯ᠎ᠳᠤ᠎ᠪᠠᠨ ᠲᠤᠬᠢᠷᠠᠭᠤᠯᠤᠯᠲᠠ ᠬᠢᠬᠦ ᠬᠡᠷᠡᠭᠲᠡᠢ᠃ ᠬᠡᠦᠬᠡᠳ᠎ᠤᠨ ᠦᠰᠦᠨ ᠪᠤᠶ᠋ᠢᠵᠢᠬᠤ ᠶᠠᠪᠤᠴᠠ᠎ᠳᠤ᠎ᠬᠢ ᠡᠯ᠎ᠡ ᠱᠠᠲᠤᠨ᠎ᠤ ᠬᠠᠷᠠᠭ᠋ᠠᠨ ᠰᠡᠷᠡᠯ᠂ ᠰᠤᠨᠤᠷ᠎ᠤᠨ ᠰᠡᠷᠡᠯ᠂ ᠲᠠᠨᠢᠨ ᠮᠡᠳᠡᠷᠡᠬᠦᠢ᠂ ᠬᠡᠯᠡᠨ᠎ᠤ ᠴᠢᠳᠠᠪᠤᠷᠢ ᠪᠠ ᠡᠯ᠎ᠡ ᠲᠠᠯ᠎ᠠ ᠵᠢᠨ ᠮᠡᠳᠡᠷᠡᠮᠵᠢ᠎ᠨᠢ ᠴᠥᠮ ᠠᠳᠠᠯᠢ ᠦᠭᠡᠢ ᠪᠠᠶ᠋ᠢᠳᠠᠭ ᠶᠤᠮ᠃ ᠠ᠋ᠶ᠋ᠢᠮᠤ᠎ᠠᠴᠠ ᠵᠠᠪᠠᠯ ᠦᠪᠡᠷ᠎ᠤᠨ ᠬᠡᠦᠬᠡᠳ᠎ᠤᠨ ᠵᠶ᠋ᠠᠨ ᠪᠤᠶ᠋ᠢᠵᠢᠯᠲᠠ ᠵᠢᠨ ᠱᠠᠲᠤᠨ᠎ᠳᠤ ᠵᠤᠬᠢᠴᠠᠭᠰᠠᠨ᠂ ᠲᠤᠬᠠᠶ᠋ᠢᠯᠠᠪᠡᠯ᠂ ᠬᠡᠦᠬᠡᠳ᠎ᠤᠨ ᠤᠶ᠋ᠢᠯᠠᠭ᠋ᠠᠨ ᠲᠠᠨᠢᠵᠤ ᠴᠢᠳᠠᠭ᠍ᠤ ᠬᠡᠪᠴᠢᠶᠡᠨ᠎ᠳᠤ ᠮᠠᠲ᠋ᠧᠷᠢᠶᠠᠯ᠎ᠤᠨ ᠵᠥᠪ ᠰᠣᠩᠭᠤᠯᠲᠠ ᠬᠢᠵᠤ᠂ ᠤᠩᠰᠢᠬᠤ ᠴᠠᠭ᠂ ᠳᠠᠭᠤᠤ ᠰᠣᠨᠤᠰᠬᠤ ᠬᠤᠭᠤᠴᠠᠭ᠎ᠠ ᠪᠠ ᠲᠧᠯᠧᠢ᠍ᠰ ᠦᠵᠡᠬᠦ ᠬᠤᠭᠤᠴᠠᠭ᠎ᠠ᠎ᠳᠤᠨᠢ ᠲᠣᠬᠢᠷᠠᠭᠤᠯᠤᠯᠲᠠ ᠬᠢᠬᠦ ᠬᠡᠷᠡᠭᠲᠡᠢ᠃
ᠲᠤᠰ ᠰᠤᠳᠤᠯᠭ᠎ᠠ ᠪᠤᠯ ᠵᠥᠪᠬᠡᠨ ᠬᠡᠦᠬᠡᠳ᠎ᠲᠤ ᠠᠩᠭ᠍ᠯᠢ ᠬᠡᠯᠡᠨ᠎ᠤ ᠭᠡᠷ᠎ᠤᠨ ᠬᠦᠮᠦᠵᠢᠯ᠎ᠢ ᠬᠢᠬᠦ ᠨᠥᠬᠦᠴᠡᠯ᠎ᠢ ᠪᠦᠷᠢᠯᠳᠦᠭᠦᠯᠦᠭᠰᠡᠨ ᠭᠡᠷ ᠪᠦᠯᠢ᠎ᠳᠤ ᠵᠣᠷᠢᠭᠤᠯᠤᠭᠰᠠᠨ ᠪᠠᠶ᠋ᠢᠨ᠎ᠠ᠃ ᠭᠡᠪᠡᠴᠦ ᠠᠪᠦ ᠡᠵᠢ᠎ᠨᠢ ᠬᠡᠨ᠎ᠨᠢ ᠴᠤ᠌ ᠠᠩᠭ᠍ᠯᠢ ᠬᠡᠯᠡ ᠵᠢ ᠮᠠᠳᠡᠬᠦ ᠦᠭᠡᠢ ᠭᠡᠷ ᠪᠦᠯᠢ᠎ᠳᠤ ᠲᠣᠬᠢᠷᠠᠭ᠍ᠤ ᠦᠭᠡᠢ ᠭᠡᠵᠦ ᠬᠡᠯᠡᠵᠤ ᠪᠣᠯᠬᠤ ᠦᠭᠡᠢ᠃ ᠦᠨᠳᠦᠰᠦᠨ ᠣᠨᠤᠯ᠎ᠢ᠎ᠨᠢ ᠲᠠᠨᠢᠨ ᠮᠡᠳᠡᠭᠰᠡᠨ᠎ᠤ ᠰᠠᠭᠤᠷᠢᠨ ᠳᠡᠭᠡᠷ᠎ᠡ ᠵᠡᠷᠢᠮ ᠠᠷᠭ᠎ᠠ ᠪᠠᠷᠢᠯ᠎ᠢ ᠰᠤᠩᠭᠤᠨ ᠬᠡᠷᠡᠭᠯᠡᠵᠦ ᠲᠤᠷᠰᠢᠨ ᠦᠵᠡᠬᠦ᠎ᠳᠤᠨᠢ ᠯᠠᠪᠲᠠᠢ ᠪᠠᠰᠠ ᠨᠡᠯᠢᠶᠡᠳ ᠯᠠᠪᠯᠠᠬᠤ ᠦᠷ᠎ᠡ ᠠᠰᠢᠬ ᠭᠠᠷᠴᠤ ᠪᠤᠯᠬᠤ ᠶᠤᠮ᠃
ᠵᠡᠭᠦᠯᠲᠡ
[1]Krashen· Stephen.The Hypothesis᠄ Issues and Implications [M]. London᠄ Longman᠂ 1985.
[2]Steven· Pimker᠂ Language Instinct᠂[M]. New York᠄ HarperCollins Publishers᠂ 1994.
[3]汪培,幼儿英语教学生活化的探究[C].盛德仁.英语教与学新模式.北京᠄ 外语教育与研究出版社,2002᠄ 12-14
[4] 李宇明,儿童语言的发展[M].武汉᠄ 华中师大出版社,1995.
[5]孙瑞玲,Elley Schottman.英美儿童英语游戏歌谣精选[M].北京:外语与教学研究出版社,2013.
ᠠᠵᠢᠯᠯᠠᠵᠤ ᠪᠠᠢ᠍ᠢ᠍ᠭ᠎ᠠ ᠪᠠᠢ᠍ᠢ᠍ᠭᠤᠯᠭ᠎ᠠ᠄ ᠭᠦᠭᠡᠬᠤᠳᠠ ᠦᠨᠳᠤᠰᠤᠳᠠᠨ᠎ᠤ ᠲᠡᠭᠡᠳᠤ ᠰᠤᠷᠭ᠋ᠠᠭᠤᠯᠢ ᠵᠢᠨ
ᠭᠠᠳᠠᠭ᠋ᠠᠳᠤ ᠭᠡᠯᠡᠨ᠎ᠤ ᠲᠠᠭᠡᠳᠤ ᠰᠤᠷᠭ᠋ᠠᠭᠤᠯᠢ
(ᠠᠯᠳᠠᠨᠰᠦᠢ᠍ᠭᠡ ᠨᠠᠢ᠍ᠢ᠍ᠷᠠᠭᠤᠯᠪᠠ)
2021 ᠣᠨ᠎ᠤ 2 ᠳ᠋ᠤᠭ᠋ᠠᠷ ᠬᠤᠭᠤᠴᠠᠭ᠎ᠠ