ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠰᠤᠷᠭᠠᠨ ᠬᠦᠮᠦᠵᠢᠯ᠎ᠤᠨ ᠬᠠᠨᠲᠤᠯᠭ᠎ᠠ
ᠰᠣᠨᠤᠷ᠎ᠤᠨ ᠲᠠᠪᠴᠠᠩ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠰᠣᠨᠤᠷ᠎ᠤᠨ ᠲᠠᠪᠴᠠᠩ   -   ᠬᠡᠣᠬᠡᠳ᠎ᠤᠨ ᠬᠦᠮᠦᠵᠢᠯ
ᠭᠡᠷ ᠪᠦᠯᠢ ᠵᠢᠨ ᠰᠣᠷᠭ᠋ᠠᠨ ᠭᠦᠮᠣᠵᠢᠯ᠎ᠤᠨ ᠴᠢᠬᠤᠯᠠ ᠴᠢᠨᠠᠷ
ᠨᠡᠶ᠋ᠢᠲᠡᠯᠡᠭᠰᠡᠨ ᠴᠠᠭ᠄ 2021-07-21


                                        ᠢᠯᠠᠯᠳᠠ


      ᠭᠡᠷ ᠪᠦᠯᠢ ᠪᠣᠯ ᠨᠠᠶ᠋ᠢᠭᠡᠮ᠎ᠤᠨ ᠴᠢᠬᠤᠯᠠ ᠪᠦᠷᠢᠯᠳᠣᠭᠦᠨ ᠭᠡᠰᠡᠭ ᠮᠦᠨ ᠪᠦᠭᠡᠳ ᠭᠡᠣᠭᠡᠳ᠎ᠤᠨ ᠠ᠋ᠷᠡᠭᠦᠯ ᠴᠢᠭᠢᠷᠠᠭ ᠵᠶ᠋ᠠᠷ ᠦᠰᠣᠨ ᠪᠣᠶ᠋ᠢᠵᠢᠬᠤ᠎ᠳᠤ ᠭᠤᠣᠯ ᠦᠢ᠍ᠯᠡᠳᠣᠯ ᠭᠠᠷᠭ᠋ᠠᠵᠣ ᠪᠠᠶ᠋ᠢᠳᠠᠭ᠃ ᠨᠢᠭᠡ ᠭᠡᠣᠭᠡᠳ᠎ᠤᠨ ᠠ᠋ᠷᠡᠭᠦᠯ ᠴᠢᠭᠢᠷᠠᠭ ᠵᠶ᠋ᠠᠷ ᠦᠰᠣᠨ ᠪᠣᠶ᠋ᠢᠵᠢᠬᠤ᠎ᠨᠢ ᠭᠡᠷ ᠪᠦᠯᠢ ᠵᠢᠨ ᠰᠣᠷᠭ᠋ᠠᠨ ᠭᠦᠮᠣᠵᠢᠯ᠂ ᠰᠣᠷᠭ᠋ᠠᠭᠤᠯᠢ ᠵᠢᠨ ᠰᠣᠷᠭ᠋ᠠᠨ ᠭᠦᠮᠣᠵᠢᠯ ᠪᠣᠯᠣᠨ ᠨᠠᠶ᠋ᠢᠭᠡᠮ᠎ᠤᠨ ᠰᠣᠷᠭ᠋ᠠᠨ ᠭᠦᠮᠣᠵᠢᠯ᠎ᠠᠴᠠ ᠰᠠᠯᠵᠣ ᠪᠣᠯᠣᠰᠢ ᠦᠭᠡᠢ ᠶᠣᠮ᠃ ᠭᠡᠷ ᠪᠦᠯᠢ ᠵᠢᠨ ᠰᠣᠷᠭ᠋ᠠᠨ ᠭᠦᠮᠣᠵᠢᠯ᠎ᠳᠤ ᠡᠴᠢᠭᠡ ᠠ᠋ᠭᠡ ᠪᠣᠯᠣᠬᠰᠠᠳ ᠠᠳᠠᠯᠢᠬᠠᠨ ᠦᠢ᠍ᠯᠡᠳᠣᠯ ᠦᠵᠡᠭᠦᠯᠵᠣ᠂ ᠭᠡᠨ ᠠᠯᠢ᠎ᠨᠢ ᠴᠦ᠍ ᠲᠣᠳᠠᠭᠳᠡᠵᠣ ᠪᠣᠯᠣᠰᠢ ᠦᠭᠡᠢ ᠪᠠᠶ᠋ᠢᠳᠠᠭ᠃ ᠭᠡᠪᠡᠴᠣ ᠵᠠᠷᠢᠮ ᠭᠡᠷ᠎ᠤᠨ ᠠᠬᠠᠮᠠᠳ ᠠᠵᠣ ᠠᠮᠢᠳᠣᠷᠡᠯ᠎ᠳᠤ᠎ᠪᠠᠨ ᠶᠠᠭ᠋ᠠᠷᠠᠬᠤ᠎ᠠᠴᠠ ᠪᠣᠯᠵᠣ᠂ ᠭᠡᠣᠭᠡᠳ᠎ᠤᠨ ᠭᠡᠷ ᠪᠦᠯᠢ ᠵᠢᠨ ᠰᠣᠷᠭ᠋ᠠᠨ ᠭᠦᠮᠣᠵᠢᠯ᠎ᠢ ᠣᠮᠳᠤᠭ᠋ᠠᠶ᠋ᠢᠯᠠᠵᠣ ᠪᠠᠶ᠋ᠢᠳᠠᠭ ᠦᠵᠡᠭᠳᠡᠯ ᠪᠠᠰᠠ ᠣᠷᠣᠰᠢᠵᠣ ᠪᠣᠢ᠃
      ᠮᠣᠩᠭᠤᠯᠴᠣᠳ ᠠ᠋ᠷᠳᠠ ᠲᠡᠭᠡᠳᠣ᠎ᠠᠴᠠ᠎ᠪᠠᠨ ᠭᠡᠷ ᠪᠦᠯᠢ ᠵᠢᠨ ᠰᠣᠷᠭ᠋ᠠᠨ ᠭᠦᠮᠣᠵᠢᠯ᠎ᠢ ᠴᠢᠬᠤᠯᠠᠴᠢᠯᠠᠨ ᠦᠵᠡᠳᠡᠭ ᠰᠠᠶ᠋ᠢᠬᠠᠨ ᠣᠯᠠᠮᠵᠢᠯᠠᠯ᠎ᠲᠠᠢ ᠮᠦᠷᠳᠡᠭᠡᠨ ᠭᠡᠷ ᠪᠦᠯᠢ ᠵᠢᠨ ᠰᠣᠷᠭ᠋ᠠᠨ ᠭᠦᠮᠣᠵᠢᠯ᠎ᠢ ᠠ᠋ᠷᠭᠢᠮᠯᠡᠭᠰᠡᠭᠡᠷ ᠢᠷᠡᠭᠰᠡᠨ ᠶᠣᠮ᠃ ᠲᠣᠣᠷ᠎ᠡ ᠪᠢ ᠭᠡᠷ ᠪᠦᠯᠢ ᠵᠢᠨ ᠰᠣᠷᠭ᠋ᠠᠨ ᠭᠦᠮᠣᠵᠢᠯ᠎ᠤᠨ ᠲᠣᠬᠠᠢ ᠲᠦᠭᠦᠮ ᠦᠭᠦᠯᠡᠶ᠎ᠡ᠃
      ᠨᠢᠭᠡ᠂ ᠭᠡᠷ᠎ᠤᠨ ᠠᠬᠠᠮᠠᠳ ᠦᠷ᠎ᠠ ᠭᠡᠣᠭᠡᠳ᠎ᠲᠠᠢ᠎ᠪᠠᠨ ᠢᠯᠡᠭᠦᠭᠡᠨ ᠪᠤᠳᠤᠯ ᠰᠠᠨᠠᠯ ᠵᠶ᠋ᠠᠨ ᠰᠤᠯᠢᠯᠴᠠᠬᠤ ᠭᠡᠷᠡᠭᠳᠡᠢ᠃
      ᠶᠠᠷᠣ ᠵᠢᠨ ᠴᠠᠭ᠎ᠲᠤ ᠭᠡᠣᠭᠡᠳ᠎ᠤᠨ ᠠ᠋ᠭᠡ ᠡᠴᠢᠭᠡ ᠪᠣᠯᠣᠬᠰᠠᠳ ᠴᠠᠭ ᠭᠠᠷᠭ᠋ᠠᠵᠣ᠂ ᠭᠡᠣᠭᠡᠳ᠎ᠲᠠᠢ᠎ᠪᠠᠨ ᠦᠵᠡᠯ ᠰᠠᠨᠠᠭ᠋ᠠᠨ᠎ᠤ ᠰᠣᠯᠢᠯᠴᠠᠭ᠎ᠠ ᠭᠢᠵᠣ᠂ ᠨᠢᠭᠡ ᠦᠭᠡ᠎ᠪᠠᠨ ᠲᠠᠭᠢᠨ ᠲᠠᠪᠳᠡᠨ ᠨᠣᠷᠰᠢᠬᠤ᠎ᠠᠴᠠ ᠵᠠᠶ᠋ᠢᠯᠠᠰᠭᠢᠬᠤ ᠭᠡᠷᠡᠭᠳᠡᠢ᠃ ᠬᠠᠮᠤᠭ᠎ᠤᠨ ᠰᠠᠶ᠋ᠢᠨ ᠠᠷᠭ᠎ᠠ ᠪᠣᠯ ᠭᠡᠣᠭᠡᠳ᠎ᠲᠠᠢ᠎ᠪᠠᠨ ᠬᠠᠮᠳᠣ᠎ᠪᠠᠷ ᠠᠰᠠᠭᠤᠳᠠᠯ᠎ᠢ ᠵᠠᠳᠠᠯᠵᠣ ᠰᠢᠢ᠍ᠳᠪᠣᠷᠢᠯᠠᠪᠠᠯ ᠨᠠᠩ ᠰᠠᠶ᠋ᠢᠨ ᠪᠠᠶ᠋ᠢᠳᠠᠭ᠂ ᠢᠡᠭᠭᠢᠪᠡᠯ ᠭᠡᠣᠭᠡᠳ᠎ᠲᠤ ᠢᠳᠡᠭᠡᠯ ᠵᠣᠷᠢᠭ᠎ᠢ ᠤᠯᠭᠤᠵᠤ᠂ ᠭᠦᠴᠢᠷ ᠪᠡᠷᠭᠡᠰᠢᠶᠡᠯ᠎ᠢ ᠢᠯᠠᠨ ᠲᠠᠪᠠᠵᠣ ᠴᠢᠳᠡᠨ᠎ᠠ᠃
     (ᠨᠢᠭᠡ) ᠭᠡᠷ᠎ᠤᠨ ᠠᠬᠠᠮᠠᠳ ᠶᠡᠭᠡ ᠭᠡᠷᠡᠭ᠎ᠢ ᠠᠳᠬᠤᠵᠣ᠂ ᠪᠠᠭ᠎ᠠ ᠭᠡᠷᠡᠭ᠎ᠢ ᠲᠡᠯᠪᠢᠬᠤ ᠭᠡᠷᠡᠭᠳᠡᠢ᠃
      ᠭᠡᠣᠭᠡᠳ᠎ᠤᠨ ᠦᠰᠣᠨ ᠪᠣᠶ᠋ᠢᠵᠢᠬᠤ᠎ᠨᠢ ᠭᠡᠷ᠎ᠤᠨ ᠠᠬᠠᠮᠠᠳ᠎ᠤᠨ ᠬᠠᠷᠠᠭ᠋ᠠᠯᠵᠠᠯ ᠲᠡᠮᠵᠢᠯᠭᠡ᠎ᠠᠴᠠ ᠰᠠᠯᠵᠣ ᠪᠣᠯᠣᠰᠢ ᠦᠭᠡᠢ ᠪᠠᠶ᠋ᠢᠳᠠᠭ᠃ ᠠ᠋ᠭᠡ ᠡᠴᠢᠭᠡ ᠪᠣᠯᠣᠬᠰᠠᠳ ᠠ᠋ᠷᠭᠡᠪᠰᠢ ᠦᠪᠡᠷ᠎ᠤᠨ ᠴᠤᠭ ᠵᠢᠪᠬᠤᠭ᠎ᠠ᠎ᠪᠠᠨ ᠲᠡᠳᠡᠭᠡᠷ ᠴᠢᠬᠤᠯᠠ ᠭᠡᠷᠡᠭ ᠶᠠᠪᠣᠳᠡᠯ ᠲᠡᠭᠡᠷ᠎ᠡ ᠲᠡᠯᠪᠢᠵᠣ᠂ ᠭᠡᠣᠭᠡᠳ᠎ᠤᠨ ᠬᠠᠮᠤᠭ᠎ᠤᠨ ᠭᠤᠣᠯᠯᠠᠭᠴᠢ ᠱᠠᠭ᠋ᠠᠷᠳᠠᠯᠭ᠎ᠠ᠎ᠳᠤ ᠠᠩᠬᠠᠷᠣᠯ ᠵᠶ᠋ᠠᠨ ᠲᠡᠯᠪᠢᠬᠤ ᠭᠡᠷᠡᠭᠳᠡᠢ᠃ ᠵᠢᠱ᠌ᠢᠶᠠᠯᠠᠪᠠᠯ᠂ ᠭᠡᠣᠭᠡᠳ᠎ᠤᠨ ᠭᠦᠮᠣᠨ᠎ᠤ ᠠᠮᠢᠳᠣᠷᠡᠯ᠎ᠤᠨ ᠣᠪᠣᠷ᠂ ᠦᠷᠳᠡᠭ᠎ᠤᠨ ᠦᠢ᠍ᠯᠠᠭ᠋ᠠᠬᠳᠠᠭ᠍ᠣᠨ᠂ ᠢᠷᠡᠭᠡᠳᠣᠢ ᠭᠦᠰᠠᠯᠠᠩ᠂ ᠠᠮᠢᠳᠣᠷᠡᠯ᠎ᠤᠨ ᠵᠠᠩ ᠲᠠᠳᠬᠠᠯ᠂ ᠰᠣᠷᠣᠯᠴᠠᠭ᠍ᠣ ᠠᠷᠭ᠎ᠠ ᠮᠠᠶᠢᠬ ᠵᠡᠷᠭᠡ᠃
      ᠪᠣᠳᠡᠳᠣ ᠠᠮᠢᠳᠣᠷᠡᠯ ᠲᠣᠮᠳᠠ ᠠ᠋ᠭᠡ ᠡᠴᠢᠭᠡ ᠪᠣᠯᠣᠬᠰᠠᠳ ᠭᠡᠣᠭᠡᠳ᠎ᠤᠨ ᠪᠠᠭ᠎ᠠ ᠰᠠᠭ᠎ᠠ ᠭᠡᠷᠡᠭ ᠶᠠᠪᠣᠳᠡᠯ᠎ᠢ ᠶᠡᠷᠢᠵᠤ ᠶᠠᠨᠭ᠌ᠰᠢᠨ᠂ ᠲᠠᠭᠢᠨ ᠲᠠᠪᠳᠡᠨ ᠨᠣᠷᠰᠢᠵᠣ ᠭᠡᠯᠡᠵᠣ ᠪᠣᠯᠬᠤ ᠦᠭᠡᠢ᠃ ᠶᠠᠭ᠋ᠠᠭᠢᠯ᠎ᠠ ᠴᠦ᠍ ᠭᠡᠰᠡᠨ ᠭᠡᠣᠭᠡᠳ᠎ᠤᠳ ᠠ᠋ᠳᠣᠷ ᠪᠦᠷᠢ ᠦᠰᠣᠨ ᠪᠣᠶ᠋ᠢᠵᠢᠵᠣ ᠪᠠᠶ᠋ᠢᠭ᠎ᠠ ᠪᠣᠯᠬᠤᠷ᠂ ᠭᠡᠣᠭᠡᠳ᠎ᠤᠨ ᠠᠯᠳᠠᠭ᠎ᠠ ᠪᠣᠷᠣᠭᠤ ᠵᠢ ᠵᠠᠯᠠᠷᠡᠭᠤᠯᠬᠤ᠎ᠳᠤ᠂ ᠠ᠋ᠭᠡ ᠡᠴᠢᠭᠡ ᠪᠣᠯᠣᠬᠰᠠᠳ ᠵᠠᠪᠠᠯ ᠶᠠᠮᠠᠷ ᠭᠡᠷᠡᠭ ᠪᠠᠶ᠋ᠢᠪᠠᠯ ᠲᠠᠷᠠ ᠭᠡᠷᠡᠭ᠎ᠢ ᠶᠠᠷᠢᠵᠣ᠂ ᠬᠠᠭᠤᠴᠢᠨ ᠲᠠᠩᠰᠠ ᠵᠢ ᠣᠷᠪᠠᠭᠤᠯᠵᠣ ᠪᠣᠯᠬᠤ ᠦᠭᠡᠢ᠃ ᠶᠠᠠᠮᠷ ᠭᠡᠷᠡᠭ᠎ᠢ ᠵᠦᠪᠭᠡᠨ ᠨᠢᠭᠡ ᠣᠳᠠᠭ᠎ᠠ ᠶᠠᠷᠢᠵᠣ ᠲᠣᠳᠣᠷᠬᠠᠶ᠋ᠢᠯᠠᠪᠠᠯ ᠪᠣᠯᠴᠢᠬᠠᠨ᠎ᠠ᠂ ᠲᠠᠭᠢᠨ ᠲᠠᠪᠳᠡᠨ ᠰᠠᠨᠠᠭᠤᠯᠬᠤ ᠭᠡᠷᠡᠭ ᠦᠭᠡᠢ᠂ ᠦᠭᠡᠢ ᠪᠣᠯ ᠭᠡᠣᠭᠡᠳ ᠬᠠᠰᠢᠷᠠᠭ᠍ᠣ ᠪᠣᠯᠣᠨ᠎ᠠ᠃
     (ᠬᠤᠶᠠᠷ) ᠭᠡᠷ᠎ᠤᠨ ᠠᠬᠠᠮᠠᠳ ᠭᠦᠯᠢᠴᠡᠩᠭᠦᠢ ᠤᠪᠤᠷ᠎ᠲᠠᠢ ᠪᠠᠶ᠋ᠢᠬᠤ ᠭᠡᠷᠡᠭᠳᠡᠢ᠃
      ᠭᠡᠷ᠎ᠤᠨ ᠠᠬᠠᠮᠠᠳ ᠭᠡᠣᠭᠡᠳ᠎ᠲᠤ᠎ᠪᠠᠨ ᠶᠠᠮᠠᠷ ᠨᠢᠭᠡᠨ ᠬᠠᠷᠠᠯᠳᠠ ᠲᠣᠷᠡᠳᠣᠬᠰᠡᠨ᠎ᠤ ᠲᠠᠷᠠᠭ᠎ᠠ᠂ ᠭᠡᠣᠭᠡᠳ᠎ᠲᠤ ᠵᠡᠪᠡᠯ ᠭᠦᠢ᠍ᠴᠡᠳ ᠴᠠᠭ ᠭᠠᠷᠭ᠋ᠠᠵᠣ ᠦᠭᠭᠦ ᠴᠢᠬᠤᠯᠠᠳᠠᠢ ᠮᠦᠷᠳᠡᠭᠡᠨ ᠵᠡᠪᠡᠯ ᠭᠡᠣᠭᠡᠳ ᠵᠶ᠋ᠠᠷ ᠲᠡᠭᠦᠨ᠎ᠢ ᠣᠶ᠋ᠢᠯᠠᠭ᠋ᠠᠭᠤᠯᠵᠣ ᠭᠢᠭᠦ ᠭᠡᠷᠡᠭᠳᠡᠢ᠂ ᠬᠠᠷᠢᠨ ᠭᠡᠳᠣᠷᠭᠡᠢ ᠶᠠᠭ᠋ᠠᠷᠡᠵᠣ ᠲᠣᠯᠭ᠋ᠠᠵᠣ ᠪᠣᠯᠬᠤ ᠦᠭᠡᠢ᠃ ᠵᠢᠱ᠌ᠢᠶᠠᠯᠠᠪᠠᠯ᠂ ᠭᠡᠣᠭᠡᠳ᠎ᠤᠨ ᠠᠮᠢᠳᠣᠷᠡᠯ ᠵᠶ᠋ᠠᠨ ᠦᠪᠡᠷ ᠵᠶ᠋ᠠᠨ ᠬᠠᠷᠢᠭᠤᠴᠠᠭ᠍ᠣ ᠴᠢᠳᠡᠪᠣᠷᠢ ᠵᠢ ᠲᠡᠭᠡᠭᠰᠢᠯᠡᠭᠦᠯᠭᠦ᠂ ᠰᠠᠶ᠋ᠢᠨ ᠰᠠᠶ᠋ᠢᠬᠠᠨ ᠵᠠᠩ ᠲᠠᠳᠬᠠᠯ᠎ᠢ ᠭᠦᠮᠣᠵᠢᠭᠦᠯᠭᠦ᠂ ᠰᠣᠶᠣᠯ ᠮᠡᠳᠡᠯᠭᠡ ᠵᠢ ᠬᠤᠷᠡᠮᠳᠣᠭᠤᠯᠬᠤ ᠵᠡᠷᠭᠡ᠃ ᠠ᠋ᠳᠡᠭᠡᠷ᠎ᠨᠢ ᠪᠦᠷ ᠣᠷᠳᠣ ᠣᠳᠠᠭ᠋ᠠᠨ ᠬᠤᠭᠤᠴᠠᠭ᠋ᠠᠨ᠎ᠤ ᠦᠡᠭᠭᠡᠷᠡᠯᠳᠠ ᠪᠣᠯᠪᠠᠰᠣᠷᠡᠯᠳᠠ᠎ᠪᠠᠷ ᠲᠠᠮᠵᠢᠨ᠂ ᠰᠠᠶᠢ ᠵᠢᠱ᠌ᠢᠭᠰᠡᠨ ᠬᠠᠷᠠᠯᠳᠠ᠎ᠳᠤ᠎ᠪᠠᠨ ᠭᠦᠷᠴᠣ ᠴᠢᠳᠠᠳᠠᠭ ᠪᠠᠶ᠋ᠢᠨ᠎ᠠ᠃ ᠣᠴᠢᠷ᠎ᠨᠢ ᠭᠡᠣᠭᠡᠳ᠎ᠤᠨ ᠣᠶᠣᠨ ᠪᠢᠯᠢᠭ ᠪᠣᠯᠣᠨ ᠣᠬᠠᠭ᠋ᠠᠨ ᠴᠢᠳᠠᠪᠣᠷᠢ᠎ᠨᠢ ᠪᠣᠯᠪᠠᠰᠣᠷᠠᠩᠭᠤᠢ ᠭᠡᠮᠵᠢᠶᠡᠨ᠎ᠳᠤ ᠭᠦᠭᠵᠢᠨ ᠭᠦᠷᠣᠭᠡᠳᠣᠢ ᠪᠣᠯᠬᠤᠷ᠂ ᠵᠠᠷᠢᠮ ᠭᠡᠷᠡᠭ ᠶᠠᠪᠣᠳᠡᠯ᠎ᠢ ᠭᠡᠣᠭᠡᠳ ᠪᠠᠷᠤᠭ ᠲᠠᠶ᠋ᠢᠮᠣ ᠰᠠᠶ᠋ᠢᠨ ᠮᠡᠳᠡᠵᠣ ᠦᠢ᠍ᠯᠠᠭ᠋ᠠᠳᠣᠢ ᠪᠠᠶ᠋ᠢᠬᠰᠠᠭ᠋ᠠᠷ᠂ ᠵᠠᠷᠢᠮ ᠭᠡᠷᠡᠭ ᠶᠠᠪᠣᠳᠡᠯ᠎ᠢ ᠶᠠᠭ᠋ᠠᠭᠢᠵᠣ ᠭᠢᠭᠦ᠎ᠪᠠᠨ ᠰᠠᠶ᠋ᠢᠨ ᠮᠠᠳᠡᠭᠡᠳᠣᠢ᠂ ᠵᠠᠷᠢᠮ ᠭᠡᠷᠡᠭ ᠶᠠᠪᠣᠳᠡᠯ᠎ᠢ ᠭᠢᠭᠦ ᠶᠠᠪᠣᠴᠠ᠎ᠳᠤ ᠪᠠᠰᠠ ᠲᠠᠭᠢᠨ ᠠᠯᠳᠠᠭ᠎ᠠ ᠪᠣᠷᠣᠭᠤ ᠭᠠᠷᠭ᠋ᠠᠬᠤ ᠮᠠᠭ᠋ᠠᠳ ᠦᠭᠡᠢ ᠭᠡᠭᠦ ᠮᠡᠳᠣ᠃ ᠠ᠋ᠶ᠋ᠢᠮᠣ᠎ᠠᠴᠠ ᠠ᠋ᠭᠡ ᠡᠴᠢᠭᠡ ᠪᠣᠯᠣᠬᠰᠠᠳ ᠵᠡᠪᠡᠯ ᠭᠦᠯᠢᠴᠡᠩᠭᠦᠢ ᠤᠪᠤᠷ᠎ᠲᠠᠢ ᠪᠠᠶ᠋ᠢᠵᠣ᠂ ᠦᠪᠡᠷ᠎ᠤᠨ ᠶᠠᠭ᠋ᠠᠷᠠᠮᠳᠠᠭ᠋ᠠᠢ ᠵᠠᠩ ᠵᠶ᠋ᠠᠨ ᠭᠦᠯᠢᠴᠠᠨ ᠲᠠᠰᠪᠣᠷᠢᠯᠠᠵᠣ᠂ ᠭᠡᠣᠭᠡᠳ᠎ᠲᠤ ᠭᠦᠷᠣᠯᠴᠠᠭᠦᠶ᠋ᠢᠴᠠ ᠴᠠᠭ ᠦᠯᠠᠳᠡᠭᠡᠨ ᠦᠭᠴᠣ᠂ ᠭᠡᠷᠡᠭ ᠶᠠᠪᠣᠳᠡᠯ᠎ᠢ ᠦᠭᠡᠷᠡᠴᠢᠯᠠᠨ ᠬᠤᠪᠢᠷᠡᠭᠤᠯᠣᠨ ᠭᠢᠭᠦ ᠪᠠ ᠲᠠᠭᠢᠨ ᠲᠠᠪᠳᠡᠨ ᠭᠢᠭᠦ ᠵᠢ ᠵᠦᠪᠰᠢᠶᠡᠷᠡᠭᠦ ᠭᠡᠷᠡᠭᠳᠡᠢ᠃
      ᠬᠤᠶᠠᠷ᠂ ᠭᠡᠷ᠎ᠤᠨ ᠠᠬᠠᠮᠠᠳ ᠠ᠋ᠩ᠎ᠤᠨ ᠦᠶ᠎ᠡ᠎ᠳᠤ ᠭᠡᠣᠭᠡᠳ᠎ᠲᠠᠢ᠎ᠪᠠᠨ ᠨᠠᠶ᠋ᠢᠵᠠᠯᠠᠭ᠍ᠣ ᠭᠡᠷᠡᠭᠳᠡᠢ᠃
      ᠣᠳᠣ ᠵᠢᠨ ᠭᠡᠣᠭᠡᠳ᠎ᠤᠨ ᠣᠯᠠᠩᠭᠢ᠎ᠨᠢ ᠡᠴᠢᠭᠡ ᠠ᠋ᠭᠡ᠎ᠲᠠᠢ᠎ᠪᠠᠨ ᠰᠡᠳᠭᠢᠯ᠎ᠤᠨ ᠦᠭᠡ᠎ᠪᠠᠨ ᠭᠡᠯᠡᠭᠦ ᠲᠣᠷ᠎ᠡ ᠦᠭᠡᠢ᠂ ᠭᠡᠣᠭᠡᠳ᠎ᠤᠨ ᠰᠡᠳᠭᠢᠭᠦᠢ ᠪᠠ ᠪᠣᠳᠣᠬᠰᠠᠨ ᠰᠠᠨᠠᠭᠰᠠᠨ᠎ᠢ᠎ᠨᠢ ᠮᠡᠳᠡᠶ᠎ᠡ ᠭᠡᠪᠡᠯ ᠠ᠋ᠭᠡ ᠡᠴᠢᠭᠡ ᠪᠣᠯᠣᠬᠰᠠᠳ ᠵᠡᠪᠡᠯ ᠭᠡᠣᠭᠡᠳ ᠵᠶ᠋ᠠᠨ ᠦᠪᠡᠷ᠎ᠤᠨ ᠦᠨᠡᠨ ᠮᠦᠨ ᠵᠶ᠋ᠠᠨ ᠢᠯᠡᠷᠡᠭᠦᠯᠵᠣ ᠦᠪᠡᠷ᠎ᠤᠨ ᠪᠠᠶᠠᠷᠯᠠᠭ᠍ᠣ᠂ ᠭᠢᠯᠢᠩᠨᠠᠭᠦ᠂ ᠭᠠᠰᠢᠭᠤᠳᠠᠭ᠍ᠣ᠂ ᠴᠠᠩᠭᠡᠭᠦ᠎ᠪᠠᠨ ᠭᠡᠣᠭᠡᠳ᠎ᠲᠠᠢ᠎ᠪᠠᠨ ᠬᠠᠮᠳᠣ᠎ᠪᠠᠷ ᠠ᠋ᠳ᠋ᠯᠡᠵᠣ᠂ ᠰᠠᠨᠠᠵᠣ ᠪᠣᠳᠣᠬᠰᠠᠨ ᠵᠶ᠋ᠠᠨ ᠢᠯᠠ ᠶᠠᠷᠢᠵᠣ᠂ ᠴᠢᠩ ᠦᠨᠠᠨᠴᠢ᠎ᠪᠠᠷ ᠰᠡᠳᠭᠢᠯ ᠰᠠᠨᠠᠭ᠎ᠠ᠎ᠪᠠᠨ ᠰᠣᠯᠢᠯᠴᠠᠭ᠍ᠣ ᠭᠡᠷᠡᠭᠳᠡᠢ᠃ ᠢᠡᠭᠭᠢᠪᠠᠯ ᠠ᠋ᠭᠡ ᠡᠴᠢᠭᠡ ᠪᠣᠯᠣᠬᠰᠠᠳ ᠰᠠᠶᠢ ᠭᠡᠣᠭᠡᠳ᠎ᠤᠨ ᠢᠳᠡᠭᠡᠯ᠎ᠢ ᠣᠯᠵᠣ᠂ ᠭᠡᠣᠭᠡᠳ ᠰᠠᠶᠢ ᠡᠴᠢᠭᠡ ᠠ᠋ᠭᠡ᠎ᠳᠤ᠎ᠪᠠᠨ ᠦᠪᠡᠷ᠎ᠤᠨ ᠪᠣᠳᠣᠯ ᠰᠠᠨᠠᠯ ᠵᠶ᠋ᠠᠨ ᠦᠴᠣᠭᠡᠨ ᠴᠦ᠍ ᠬᠠᠳᠠᠭ᠋ᠠᠯᠠᠭ᠍ᠣ ᠦᠭᠡᠢ᠎ᠪᠠᠷ ᠭᠡᠯᠡᠵᠣ ᠦᠭᠭᠦ ᠶᠣᠮ᠃
     (ᠨᠢᠭᠡ) ᠭᠡᠷ᠎ᠤᠨ ᠠᠬᠠᠮᠠᠳ 《ᠬᠠᠳᠠᠭᠤ ᠲᠦᠷᠢ》᠎ᠪᠠᠨ ᠬᠤᠪᠢᠷᠠᠭᠤᠯᠵᠣ᠂ ᠡᠴᠢᠭᠡ ᠠ᠋ᠭᠡ ᠵᠢᠨ ᠶᠠᠨᠭ᠌ᠪᠠ ᠵᠢ ᠬᠠᠶᠠᠭ᠍ᠣ ᠭᠡᠷᠡᠭᠳᠡᠢ᠃
      ᠠ᠋ᠳᠣᠷ ᠲᠣᠳᠣᠮ᠎ᠤᠨ ᠠᠮᠢᠳᠣᠷᠡᠯ ᠰᠣᠷᠣᠯᠭ᠎ᠠ ᠲᠣᠮᠳᠠ᠂ ᠡᠴᠢᠭᠡ ᠠ᠋ᠭᠡ ᠪᠣᠯᠣᠬᠰᠠᠳ ᠵᠠᠪᠠᠯ ᠭᠡᠣᠭᠡᠳ᠎ᠲᠠᠢ᠎ᠪᠠᠨ ᠠ᠋ᠷᠭᠡ ᠲᠡᠭᠰᠢ᠂ ᠠ᠋ᠶ᠎ᠡ ᠨᠠᠶ᠋ᠢᠷᠠᠮᠳᠠᠭᠤ ᠶᠠᠪᠣᠯᠴᠠᠵᠣ᠂ ᠪᠠᠶᠠᠷᠯᠠᠭ᠍ᠣ ᠭᠤᠮᠤᠳᠠᠬᠤ ᠵᠢ ᠬᠠᠮᠳᠣ᠎ᠪᠠᠷ ᠠ᠋ᠳ᠋ᠯᠠᠵᠣ᠂ ᠠᠰᠠᠭᠤᠳᠡᠯ ᠲᠣᠭᠢᠶᠠᠯᠳᠣᠪᠡᠯ ᠴᠠᠭ ᠲᠠᠷᠣᠢ᠎ᠳᠤ᠎ᠨᠢ ᠴᠢᠯᠣᠭᠡᠳᠡᠢ ᠰᠣᠯᠢᠯᠴᠠᠭ᠎ᠠ ᠭᠢᠵᠣ ᠶᠠᠷᠢᠯᠴᠠᠨ᠂ ᠭᠡᠷ ᠪᠦᠯᠢ ᠵᠢᠨ ᠨᠢᠭ᠍ᠳᠡᠷᠡᠭᠤᠯᠬᠤ ᠭᠦᠴᠣ ᠵᠢ ᠨᠡᠮᠡᠭᠳᠡᠭᠦᠯᠭᠦ ᠭᠡᠷᠡᠭᠳᠡᠢ᠃ ᠦᠨᠡᠨ᠎ᠳᠤ᠎ᠪᠠᠨ ᠭᠡᠣᠭᠡᠳ ᠨᠢᠭᠡᠪᠣᠷᠢ ᠰᠡᠳᠭᠢᠯ᠎ᠤᠨ ᠨᠠᠶ᠋ᠢᠵᠠ᠎ᠲᠠᠢ ᠪᠠᠶ᠋ᠢᠬᠤ ᠵᠢ ᠭᠦᠰᠡᠨ ᠰᠠᠨᠠᠳᠠᠭ᠂ ᠠ᠋ᠶ᠋ᠢᠮᠣ᠎ᠠᠴᠠ ᠠ᠋ᠭᠡ ᠡᠴᠢᠭᠡ ᠪᠣᠯᠣᠬᠰᠠᠳ ᠵᠡᠪᠡᠯ ᠦᠵᠡᠯ ᠰᠠᠨᠠᠭ᠋ᠠᠨ ᠲᠡᠭᠡᠷ᠎ᠡ᠎ᠪᠠᠨ ᠭᠡᠣᠭᠡᠳ᠎ᠲᠠᠢ᠎ᠪᠠᠨ ᠢᠯᠡᠭᠦᠭᠡᠨ ᠰᠣᠯᠢᠯᠴᠠᠭ᠎ᠠ᠂ ᠶᠠᠷᠢᠯᠴᠠᠭ᠎ᠠ᠂ ᠶᠠᠪᠣᠯᠴᠠᠭ᠎ᠠ ᠭᠢᠭᠦ ᠭᠡᠷᠡᠭᠳᠡᠢ᠃ ᠴᠢᠯᠣᠭᠡᠳᠡᠢ ᠶᠠᠷᠢᠯᠴᠠᠭ᠎ᠠ᠂ ᠶᠠᠪᠣᠯᠴᠠᠭ᠎ᠠ ᠭᠢᠭᠦ᠎ᠳᠤ᠎ᠪᠠᠨ ᠭᠡᠣᠭᠡᠳ᠎ᠲᠤ᠎ᠪᠠᠨ ᠭᠡᠯᠡᠭᠦ ᠠᠷᠭ᠎ᠠ ᠮᠠᠶᠢᠬ ᠠᠮᠢᠳᠣᠯᠢᠭ ᠮᠦᠷᠳᠡᠭᠡᠨ ᠦᠪᠡᠷ᠎ᠤᠨ ᠨᠠᠶ᠋ᠢᠵᠠ ᠨᠦᠭᠦᠳ᠎ᠲᠠᠢ᠎ᠪᠠᠨ ᠶᠠᠷᠢᠯᠴᠠᠭ᠎ᠠ ᠭᠢᠵᠣ ᠪᠠᠶ᠋ᠢᠬᠤ᠎ᠲᠠᠢ ᠠᠳᠠᠯᠢ ᠪᠠᠶ᠋ᠢᠬᠤ ᠭᠡᠷᠡᠭᠳᠡᠢ᠂ ᠦᠭᠡᠢ ᠪᠣᠯ ᠭᠡᠣᠭᠡᠳ ᠦᠪᠡᠷ᠎ᠤᠨ ᠰᠡᠳᠭᠢᠯ᠎ᠤᠨ ᠦᠭᠡ᠎ᠪᠠᠨ ᠭᠡᠯᠡᠵᠣ ᠭᠠᠷᠭ᠋ᠠᠬᠤ ᠦᠭᠡᠢ ᠶᠣᠮ᠃
     (ᠬᠤᠶᠠᠷ) ᠭᠡᠷ᠎ᠤᠨ ᠠᠬᠠᠮᠠᠳ ᠠᠳᠠᠯᠢ ᠪᠣᠰᠣ ᠨᠠᠰᠣ ᠱᠠᠳᠣᠨ᠎ᠤ ᠭᠡᠣᠭᠡᠳ᠎ᠲᠤ ᠠᠳᠠᠯᠢ ᠪᠣᠰᠣ ᠠᠷᠭ᠎ᠠ ᠮᠠᠶᠢᠭ ᠠᠪᠬᠤ ᠭᠡᠷᠡᠭᠳᠡᠢ᠃
      ᠭᠡᠷ᠎ᠤᠨ ᠠᠬᠠᠮᠠᠳ ᠠ᠋ᠷᠭᠡᠪᠰᠢ ᠭᠡᠣᠭᠡᠳ᠎ᠤᠨ ᠨᠠᠰᠣ᠂ ᠵᠠᠩ ᠠᠭ᠋ᠠᠰᠢ᠂ ᠭᠦᠢ᠍ᠰᠣ ᠵᠢᠨ ᠢᠯᠭ᠋ᠠᠯ ᠵᠡᠷᠭᠡ ᠠᠳᠠᠯᠢ ᠪᠣᠰᠣ ᠣᠨᠴᠠᠯᠢᠭ᠎ᠢ ᠦᠨᠳᠣᠰᠣᠯᠡᠨ ᠭᠡᠣᠭᠡᠳ᠎ᠲᠠᠢ ᠨᠦᠭᠦᠷᠰᠡᠭ ᠬᠠᠷᠢᠴᠠᠭ᠎ᠠ ᠪᠠᠶ᠋ᠢᠭᠤᠯᠬᠤ᠎ᠳᠤ᠂ ᠠᠳᠠᠯᠢ ᠪᠣᠰᠣ ᠠᠷᠭ᠎ᠠ ᠮᠠᠶᠢᠬ ᠠᠪᠬᠤ ᠭᠡᠷᠡᠭᠳᠡᠢ᠃ ᠵᠢᠱ᠌ᠢᠶᠠᠯᠠᠪᠠᠯ᠂ ᠪᠠᠯᠴᠢᠷ ᠪᠠᠭ᠎ᠠ ᠭᠡᠣᠭᠡᠳ᠎ᠲᠤ ᠠᠪᠴᠣ ᠭᠡᠯᠡᠪᠡᠯ᠂ ᠦᠵᠡᠯ ᠰᠠᠨᠠᠭ᠎ᠠ ᠨᠠᠯᠢᠶᠠᠳ ᠴᠡᠪᠡᠷ ᠴᠣᠯᠭᠤᠢ ᠪᠣᠯᠬᠤᠷ ᠡᠴᠢᠭᠡ ᠠ᠋ᠭᠡ ᠪᠣᠯᠣᠬᠰᠠᠳ ᠵᠠᠪᠠᠯ ᠠᠮᠢᠳᠣᠯᠢᠭ ᠲᠦᠷᠰᠦᠯᠢᠭ ᠦᠭᠡ ᠭᠡᠯᠡᠯᠭᠡ ᠪᠠ ᠵᠣᠶ᠋ᠢᠷᠯᠠᠭᠦ᠂ ᠦᠯᠢᠭᠡᠷ ᠶᠠᠷᠢᠬᠤ ᠵᠡᠷᠭᠡ ᠠᠷᠭ᠎ᠠ ᠭᠡᠮᠵᠢᠶ᠎ᠡ ᠠᠪᠴᠣ ᠭᠡᠣᠭᠡᠳ᠎ᠲᠠᠢ ᠶᠠᠷᠢᠯᠴᠠᠭ᠎ᠠ ᠰᠣᠯᠢᠯᠴᠠᠭ᠎ᠠ ᠭᠢᠭᠦ ᠭᠡᠷᠡᠭᠳᠡᠢ᠂ ᠢᠡᠭᠭᠢᠪᠡᠯ ᠭᠡᠣᠭᠡᠳ ᠠᠮᠠᠷᠬᠠᠨ ᠭᠦᠯᠢᠶᠡᠨ ᠠᠪᠴᠣ ᠴᠢᠳᠡᠨ᠎ᠠ᠃ ᠵᠠᠯᠠᠭᠤ ᠨᠠᠰᠣᠨ᠎ᠤ ᠦᠶ᠎ᠡ ᠵᠢᠨ ᠭᠡᠣᠭᠡᠳ᠎ᠲᠤ ᠠᠪᠴᠣ ᠭᠡᠯᠡᠪᠡᠯ᠂ ᠠ᠋ᠳᠡᠭᠡᠷ ᠭᠡᠣᠭᠡᠳ ᠦᠪᠡᠷ᠎ᠤᠨ ᠦᠵᠡᠯᠳᠠ ᠵᠣᠬᠰᠣᠯᠳᠠ᠎ᠲᠠᠢ ᠪᠣᠯᠣᠬᠰᠠᠨ ᠪᠣᠯᠬᠤᠷ᠂ ᠭᠡᠷᠡᠭ ᠪᠣᠯᠭ᠋ᠠᠨ᠎ᠳᠤ ᠡᠴᠢᠭᠡ ᠠ᠋ᠭᠡ᠎ᠪᠠᠨ ᠲᠦᠰᠢᠭᠦ ᠦᠭᠡᠢ᠂ ᠦᠪᠡᠷ᠎ᠤᠨ ᠲᠣᠰᠠᠭ᠋ᠠᠷ ᠭᠦᠰᠡᠯ ᠠ᠋ᠷᠡᠮᠡᠯᠵᠠᠯ᠎ᠲᠠᠢ ᠪᠠᠶ᠋ᠢᠳᠠᠭ᠃ ᠴᠢᠮᠠᠭ᠋ᠠᠳ ᠵᠠᠩ᠎ᠲᠠᠢ ᠭᠡᠣᠭᠡᠳ ᠦᠭᠡ ᠭᠡᠯᠠ ᠴᠦᠭᠡᠨ᠂ ᠦᠭᠡᠷ᠎ᠡ ᠭᠦᠮᠣᠰ᠎ᠲᠠᠢ ᠶᠠᠪᠣᠯᠴᠠᠭ᠍ᠣ ᠲᠣᠷ᠎ᠡ ᠦᠭᠡᠢ᠂ ᠠ᠋ᠳᠡᠭᠡᠷ ᠭᠡᠣᠭᠡᠳ᠎ᠤᠨ ᠰᠠᠨᠠᠭ᠎ᠠ ᠰᠡᠳᠭᠢᠯᠭᠡ᠎ᠨᠢ ᠨᠠᠯᠢᠶᠡᠳ ᠬᠤᠷᠴᠠ ᠰᠡᠷᠭᠡᠭ ᠮᠦᠷᠳᠡᠭᠡᠨ ᠠᠮᠠᠷᠬᠠᠨ ᠭᠡᠮᠳᠣᠳᠡᠭ ᠣᠴᠢᠷ᠎ᠠᠴᠠ ᠡᠴᠢᠭᠡ ᠠ᠋ᠭᠡ ᠪᠣᠯᠣᠬᠰᠠᠳ ᠠ᠋ᠳᠡᠭᠡᠷ ᠭᠡᠣᠭᠡᠳ᠎ᠲᠠᠢ ᠰᠡᠳᠭᠢᠯ ᠰᠠᠨᠠᠭ᠎ᠠ᠎ᠪᠠᠨ ᠰᠣᠯᠢᠯᠴᠠᠭ᠍ᠣ᠎ᠳᠤ᠎ᠪᠠᠨ ᠠ᠋ᠷᠭᠡᠪᠰᠢ ᠰᠡᠳᠭᠢᠯᠭᠡ ᠪᠠᠶᠠᠰᠣᠩᠭᠤᠢ᠂ ᠣᠷᠮ᠎ᠠ ᠵᠣᠷᠢᠭ ᠦᠨᠳᠣᠷ ᠪᠠᠶ᠋ᠢᠬᠤ᠎ᠳᠤ᠎ᠨᠢ ᠭᠡᠯᠡᠭᠦ ᠮᠦᠷᠳᠡᠭᠡᠨ ᠢᠯᠡᠭᠦᠭᠡᠨ ᠵᠣᠷᠢᠬ᠍ᠵᠢᠭᠤᠯᠵᠣ᠂ ᠴᠦᠭᠡᠨ ᠰᠢᠭᠦᠮᠵᠢᠯᠡᠭᠦ ᠵᠢ ᠠᠩᠬᠠᠷᠬᠤ ᠭᠡᠷᠡᠭᠳᠡᠢ᠃ ᠶᠠᠷᠣ ᠵᠢᠨ ᠴᠠᠭ᠎ᠲᠤ ᠠ᠋ᠶ᠋ᠢᠮᠣᠷᠭᠦᠤ ᠵᠠᠩ ᠠᠭ᠋ᠠᠰᠢ᠎ᠲᠠᠢ ᠭᠡᠣᠭᠡᠳ᠎ᠤᠨ ᠰᠡᠳᠭᠢᠯᠭᠡ ᠵᠢᠨ ᠬᠤᠪᠢᠷᠠᠯᠳᠠ ᠵᠢ ᠢᠯᠡᠭᠦᠭᠡᠨ ᠨᠠᠷᠢᠨ ᠭᠢᠨᠠᠮᠠᠭ᠋ᠠᠢ ᠠᠵᠢᠬᠯᠠᠵᠣ᠂ ᠴᠠᠭ ᠲᠣᠬᠠᠢ᠎ᠳᠤ᠎ᠨᠢ ᠶᠠᠷᠢᠯᠴᠠᠭ᠎ᠠ ᠰᠣᠯᠢᠯᠴᠠᠭ᠎ᠠ ᠭᠢᠵᠣ᠂ ᠰᠠᠶ᠋ᠢᠨ ᠭᠢᠷᠢ ᠪᠦᠳᠣᠮᠵᠢ ᠣᠯᠣᠬᠰᠠᠨ ᠪᠣᠯ ᠴᠠᠭ ᠲᠣᠬᠠᠢ᠎ᠳᠤ᠎ᠨᠢ ᠮᠠᠭᠳᠠᠨ ᠰᠠᠶ᠋ᠢᠰᠢᠶᠠᠵᠣ᠂ ᠨᠣᠭᠤᠷᠡᠯ ᠪᠦᠳᠣᠷᠢᠯ ᠢᠯᠠᠭᠳᠡᠯ ᠲᠣᠭᠢᠶᠠᠯᠳᠣᠪᠠᠯ ᠴᠠᠭ ᠲᠣᠬᠠᠢ᠎ᠳᠤᠨᠢ ᠬᠠᠪᠰᠣᠷᠤᠨ ᠲᠡᠮᠵᠢᠭᠦ ᠭᠡᠷᠡᠭᠳᠡᠢ᠃ ᠠᠰᠪᠣᠷᠢ ᠵᠠᠩ ᠠᠭ᠋ᠠᠯᠢ᠎ᠲᠠᠢ ᠭᠡᠣᠭᠡᠳ᠎ᠲᠤ ᠠᠪᠴᠣ ᠭᠡᠯᠡᠪᠡᠯ᠂ ᠰᠢᠭᠤᠳ ᠰᠢᠭᠦᠮᠵᠢᠯᠡᠭᠦ ᠪᠠ ᠱᠠᠭ᠋ᠠᠷᠳᠠᠯᠭ᠎ᠠ ᠲᠣᠷᠡᠳᠴᠣ᠂ ᠠ᠋ᠶ᠋ᠢᠮᠣ ᠭᠡᠣᠭᠡᠳ᠎ᠲᠠᠢ ᠰᠡᠳᠭᠢᠯ ᠰᠠᠨᠠᠭ᠎ᠠ ᠰᠣᠯᠢᠯᠴᠠᠭ᠍ᠣ᠎ᠳᠤ᠎ᠪᠠᠨ ᠣᠪᠣᠷ ᠲᠣᠳᠣᠷᠬᠠᠢ᠂ ᠦᠭᠡ ᠭᠡᠯᠡᠯᠭᠡ ᠲᠦᠭᠦᠮ ᠠᠪᠰᠠᠷᠬᠠᠨ ᠪᠠᠶ᠋ᠢᠵᠣ᠂ ᠭᠡᠣᠭᠡᠳ ᠵᠶ᠋ᠠᠷ ᠦᠪᠡᠷ᠎ᠤᠨ ᠠᠳᠠᠯᠢ ᠪᠣᠰᠣ ᠦᠵᠡᠯ ᠲᠠᠨᠢᠯᠳᠠ ᠵᠢ ᠲᠣᠷᠡᠳᠣᠭᠤᠯᠬᠤ ᠭᠡᠷᠡᠭᠳᠡᠢ᠃
      ᠭᠤᠷᠪᠠ᠂ ᠭᠡᠷ᠎ᠤᠨ ᠠᠬᠠᠮᠠᠳ ᠭᠡᠣᠭᠡᠳ ᠵᠶ᠋ᠠᠨ ᠣᠶ᠋ᠢᠯᠠᠭ᠋ᠠᠬᠤ ᠵᠢ ᠰᠣᠷᠬᠤ ᠭᠡᠷᠡᠭᠳᠡᠢ
      ᠪᠣᠳᠡᠳᠣ ᠠᠮᠢᠳᠣᠷᠡᠯ ᠲᠣᠮᠳᠠ᠂ ᠡᠴᠢᠭᠡ ᠠ᠋ᠭᠡ ᠪᠣᠯᠣᠬᠰᠡᠳ ᠪᠦᠷ ᠦᠪᠡᠷ᠎ᠤᠨ ᠦᠵᠡᠯᠳᠠ ᠵᠣᠬᠰᠣᠯᠳᠠ ᠵᠢᠨ ᠲᠠᠯ᠎ᠠ᠎ᠠᠴᠠ ᠣᠴᠢᠵᠣ ᠠᠰᠡᠭᠤᠳᠡᠯ᠎ᠢ ᠪᠣᠳᠣᠯᠭᠢᠯᠡᠳᠠᠭ ᠪᠣᠯᠬᠤᠷ᠂ ᠦᠪᠡᠷ᠎ᠤᠨ ᠠᠮᠢᠳᠣᠷᠠᠭ᠍ᠣᠢ ᠵᠢᠨ ᠦᠵᠡᠯᠳᠠ ᠪᠣᠯᠣᠨ ᠦᠷᠳᠡᠭ᠎ᠤᠨ ᠦᠵᠡᠯᠳᠠ᠎ᠪᠠᠷ ᠭᠡᠣᠭᠡᠳ᠎ᠤᠨ ᠭᠡᠷᠡᠭ ᠶᠠᠪᠣᠳᠡᠯ᠎ᠳᠤ᠎ᠬᠢ ᠠᠷᠭ᠎ᠠ ᠪᠠᠷᠢᠯ ᠪᠠ ᠰᠢᠢ᠍ᠳᠪᠣᠷᠢᠯᠡᠭᠦ ᠠᠷᠭ᠎ᠠ᠎ᠳᠤ ᠬᠠᠨᠳᠣᠵᠣ᠂ ᠭᠡᠣᠭᠡᠳ᠎ᠤᠨ ᠰᠡᠳᠭᠢᠴᠠ ᠵᠢᠨ ᠱᠠᠭ᠋ᠠᠷᠳᠠᠯᠭ᠎ᠠ ᠪᠣᠯᠣᠨ ᠰᠡᠷᠡᠵᠣ ᠮᠡᠳᠡᠭᠦ ᠵᠢ ᠣᠮᠳᠤᠭ᠋ᠠᠶ᠋ᠢᠯᠠᠵᠣ᠂ ᠭᠡᠣᠭᠡᠳ᠎ᠲᠤ᠎ᠪᠠᠨ ᠰᠦᠷᠭᠦ ᠨᠦᠯᠣᠭᠡ ᠦᠵᠡᠭᠦᠯᠳᠡᠭ ᠪᠠᠶ᠋ᠢᠨ᠎ᠠ᠃ ᠦᠨᠡᠨ᠎ᠳᠤ᠎ᠪᠠᠨ ᠭᠡᠣᠭᠡᠳ ᠨᠢᠭᠡᠪᠣᠷᠢ ᠴᠦᠮ ᠡᠴᠢᠭᠡ ᠠ᠋ᠭᠡ ᠵᠢᠨ ᠠ᠋ᠩᠭᠦᠷᠡᠶ᠋ᠢᠯᠡᠨ ᠬᠠᠶ᠋ᠢᠷᠡᠯᠠᠭ᠍ᠣ ᠪᠠ ᠣᠶ᠋ᠢᠯᠠᠭ᠋ᠠᠬᠤ ᠵᠢ ᠭᠦᠰᠡᠨ ᠠ᠋ᠷᠡᠮᠡᠯᠵᠡᠳᠡᠭ ᠪᠠᠶ᠋ᠢᠨ᠎ᠠ᠃
     1. ᠭᠡᠷ᠎ᠤᠨ ᠠᠬᠠᠮᠠᠳ ᠪᠠᠶ᠋ᠢᠷᠢ ᠰᠣᠯᠢᠨ ᠪᠣᠳᠣᠯᠭᠢᠯᠠᠵᠣ᠂ ᠭᠡᠣᠭᠡᠳ᠎ᠤᠨ ᠦᠵᠡᠯᠳᠠ ᠵᠣᠬᠰᠣᠯᠳᠠ ᠵᠢᠨ ᠲᠠᠯ᠎ᠠ᠎ᠠᠴᠠ ᠠᠰᠠᠭᠤᠳᠡᠯ᠎ᠢ ᠪᠣᠳᠣᠯᠭᠢᠯᠠᠭ᠍ᠣ ᠭᠡᠷᠡᠭᠳᠡᠢ᠃ ᠡᠴᠢᠭᠡ ᠠ᠋ᠭᠡ ᠪᠣᠯᠣᠬᠰᠠᠳ ᠵᠡᠪᠡᠯ ᠪᠠᠶ᠋ᠢᠷᠢ ᠰᠣᠯᠢᠨ ᠪᠣᠳᠣᠯᠭᠢᠯᠠᠭ᠍ᠣ ᠠᠷᠭ᠎ᠠ ᠵᠢ ᠰᠣᠷᠴᠣ ᠡᠵᠡᠮᠰᠢᠨ᠂ ᠭᠡᠣᠭᠡᠳ᠎ᠲᠠᠢ᠎ᠪᠠᠨ ᠴᠢᠯᠣᠭᠡᠳᠡᠢ ᠰᠣᠯᠢᠯᠴᠠᠭ᠎ᠠ ᠭᠢᠭᠦ᠎ᠳᠤ ᠬᠠᠷᠰᠢ ᠰᠠᠭ᠋ᠠᠳ᠂ ᠵᠠᠢ ᠵᠠᠪᠰᠡᠷ ᠪᠣᠯᠣᠨ ᠵᠦᠷᠢᠴᠡᠯ ᠠ᠋ᠭᠦᠰᠭᠦ᠎ᠠᠴᠠ ᠵᠠᠶ᠋ᠢᠯᠠᠰᠭᠢᠭᠦ ᠭᠡᠷᠡᠭᠳᠡᠢ᠃ ᠭᠡᠣᠭᠡᠳ᠎ᠢ ᠰᠣᠷᠭ᠋ᠠᠨ ᠭᠦᠮᠣᠵᠢᠭᠦᠯᠭᠦ ᠠᠰᠠᠭᠤᠳᠡᠯ ᠲᠡᠭᠡᠷ᠎ᠡ᠂ ᠡᠴᠢᠭᠡ ᠠ᠋ᠭᠡ ᠪᠣᠯᠣᠬᠰᠠᠳ ᠭᠡᠷᠪᠡ ᠭᠡᠣᠭᠡᠳ᠎ᠤᠨ ᠦᠵᠠᠯᠳᠠ ᠵᠣᠬᠰᠣᠯᠳᠠ ᠵᠢᠨ ᠲᠠᠯ᠎ᠠ ᠲᠡᠭᠡᠷ᠎ᠡ ᠵᠣᠬᠰᠣᠵᠣ᠂ ᠪᠠᠶ᠋ᠢᠷᠢ ᠰᠣᠯᠢᠨ ᠰᠡᠳᠭᠢᠨ᠂ ᠠᠰᠠᠭᠤᠳᠡᠯ᠎ᠢ ᠪᠣᠳᠣᠯᠭᠢᠯᠠᠭ᠍ᠣ᠎ᠳᠤ ᠭᠦᠷᠪᠡᠯ᠂ ᠭᠡᠣᠭᠡᠳ᠎ᠲᠤ ᠣᠶᠣᠨ ᠰᠠᠨᠠᠭ᠋ᠠᠨ ᠲᠡᠭᠡᠷ᠎ᠡ᠎ᠪᠠᠨ ᠬᠠᠮᠳᠣ ᠵᠢᠨ ᠴᠣᠣᠷᠢᠶ᠎ᠡ ᠠ᠋ᠭᠦᠰᠴᠣ᠂ ᠭᠡᠣᠭᠡᠳ᠎ᠤᠨ ᠰᠡᠳᠭᠢᠴᠠ ᠵᠢᠨ ᠱᠠᠭ᠋ᠠᠷᠳᠠᠯᠭ᠎ᠠ ᠪᠣᠯᠣᠨ ᠰᠠᠨᠠᠭ᠎ᠠ ᠪᠣᠳᠣᠯ᠎ᠢ ᠰᠠᠶᠢ ᠭᠦᠨᠵᠡᠭᠡᠢ ᠣᠶ᠋ᠢᠯᠠᠭ᠋ᠠᠵᠣ᠂ ᠡᠴᠢᠭᠡ ᠠ᠋ᠭᠡ ᠪᠣᠯᠣᠨ ᠭᠡᠣᠭᠡᠳ᠎ᠤᠨ ᠬᠤᠭᠤᠷᠣᠨᠳᠣᠭᠢ ᠵᠠᠢ ᠵᠠᠪᠰᠡᠷ ᠪᠠ ᠵᠦᠷᠢᠴᠡᠯ᠎ᠢ ᠪᠦᠳᠣᠮᠵᠢᠳᠡᠢ᠎ᠪᠠᠷ ᠠᠷᠢᠯᠭ᠋ᠠᠵᠣ᠂ ᠠᠯᠢᠪᠠ ᠭᠡᠷᠡᠭ ᠶᠠᠪᠣᠳᠡᠯ ᠠᠶᠠᠨᠳᠠᠭ᠋ᠠᠨ ᠰᠢᠢ᠍ᠳᠪᠣᠷᠢᠯᠡᠭᠳᠡᠵᠣ ᠪᠣᠯᠬᠤ ᠶᠣᠮ᠃
     2. ᠭᠡᠷ᠎ᠤᠨ ᠠᠬᠠᠮᠠᠳ ᠭᠡᠣᠭᠡᠳ᠎ᠤᠨ ᠰᠡᠳᠭᠢᠴᠠ ᠵᠢᠨ ᠰᠡᠷᠡᠵᠣ ᠮᠡᠳᠡᠭᠦ ᠵᠢ ᠣᠶ᠋ᠢᠯᠠᠭ᠋ᠠᠵᠣ᠂ ᠰᠡᠳᠭᠢᠯ᠎ᠤᠨ ᠦᠭᠡ ᠵᠢ ᠠᠩᠬᠠᠷᠣᠯ ᠲᠡᠯᠪᠢᠨ ᠰᠣᠨᠣᠰᠬᠤ ᠭᠡᠷᠡᠭᠳᠡᠢ᠃ ᠡᠴᠢᠭᠡ ᠠ᠋ᠭᠡ ᠪᠣᠯᠣᠬᠰᠠᠳ ᠭᠡᠣᠭᠡᠳ᠎ᠤᠨ ᠦᠵᠠᠯᠳᠠ ᠵᠣᠬᠰᠣᠯᠳᠠ ᠵᠢᠨ ᠠ᠋ᠭᠦᠳᠡᠨ᠎ᠠᠴᠠ ᠠᠰᠠᠭᠤᠳᠡᠯ᠎ᠢ ᠪᠣᠳᠣᠯᠭᠢᠯᠠᠵᠣ᠂ ᠭᠡᠣᠭᠡᠳ᠎ᠤᠨ ᠰᠡᠳᠭᠢᠴᠠ ᠵᠢᠨ ᠰᠡᠷᠡᠵᠣ ᠮᠡᠳᠡᠭᠦ ᠵᠢ ᠣᠶ᠋ᠢᠯᠠᠭ᠋ᠠᠵᠣ᠂ ᠠᠰᠠᠭᠤᠳᠡᠯ᠎ᠤᠨ ᠰᠢᠯᠳᠠᠭ᠋ᠠᠨ᠎ᠢ ᠯᠠᠪᠯᠠᠨ ᠠᠰᠠᠭᠤᠵᠣ᠂ ᠭᠡᠣᠭᠡᠳ᠎ᠲᠤ᠎ᠪᠠᠨ ᠬᠠᠶ᠋ᠢᠷ᠎ᠡ ᠬᠠᠯᠠᠮᠵᠢ ᠪᠠ ᠬᠠᠪᠰᠣᠷᠣᠯᠭ᠎ᠠ ᠲᠡᠮᠵᠢᠯᠭᠡ ᠦᠵᠡᠭᠦᠯᠭᠦ ᠭᠡᠷᠡᠭᠳᠡᠢ᠃ ᠭᠡᠣᠭᠡᠳ᠎ᠤᠨ ᠰᠡᠳᠭᠢᠯ᠎ᠤᠨ ᠦᠭᠡ ᠵᠢ ᠠᠩᠬᠠᠷᠣᠯ ᠲᠡᠯᠪᠢᠨ ᠰᠣᠨᠣᠰᠴᠣ᠂ ᠭᠡᠣᠭᠡᠳ᠎ᠤᠨ ᠦᠨᠡᠨ ᠪᠣᠳᠡᠳᠡᠢ ᠪᠣᠳᠣᠯ ᠰᠠᠨᠠᠭ᠎ᠠ ᠵᠢ ᠦᠢ᠍ᠯᠠᠭ᠋ᠠᠵᠣ᠂ ᠭᠡᠣᠭᠡᠳ᠎ᠤᠨ ᠠ᠋ᠭᠦᠳᠡᠨ᠎ᠠᠴᠠ ᠭᠠᠷᠳᠡᠨ᠂ ᠵᠦᠪ ᠣᠨᠣᠪᠴᠢᠳᠡᠢ ᠵᠢᠯᠣᠭᠤᠳᠬᠤ ᠪᠠ ᠰᠣᠷᠭ᠋ᠠᠨ ᠭᠦᠮᠣᠵᠢᠯ ᠭᠢᠭᠦ ᠭᠡᠷᠡᠭᠳᠡᠢ᠃ ᠢᠡᠭᠭᠢᠪᠡᠯ ᠭᠡᠷ᠎ᠤᠨ ᠠᠬᠠᠮᠠᠳ ᠪᠣᠯᠣᠨ ᠭᠡᠣᠭᠡᠳ᠎ᠤᠨ ᠬᠤᠭᠤᠷᠣᠨᠳᠤᠭᠢ ᠬᠠᠷᠢᠯᠴᠠᠭ᠎ᠠ ᠰᠠᠶᠢ ᠨᠠᠩ ᠢᠳᠡᠭᠡᠯ᠎ᠲᠠᠢ ᠪᠣᠯᠣᠨ᠎ᠠ᠃
      ᠲᠦᠷᠪᠡ᠂ ᠭᠡᠷ᠎ᠤᠨ ᠠᠬᠠᠮᠠᠳ ᠭᠡᠣᠭᠡᠳ᠎ᠲᠤ᠎ᠪᠠᠨ ᠭᠦᠮᠣᠨ ᠪᠣᠯᠬᠤ ᠶᠣᠰᠣ ᠵᠢ ᠵᠢᠭ᠋ᠠᠵᠣ ᠰᠣᠷᠭ᠋ᠠᠬᠤ     ᠭᠡᠷᠡᠭᠳᠡᠢ᠃
      ᠭᠡᠷ᠎ᠤᠨ ᠠᠬᠠᠮᠠᠳ ᠭᠡᠣᠭᠡᠳ᠎ᠢ ᠰᠣᠷᠭ᠋ᠠᠨ ᠭᠦᠮᠣᠵᠢᠭᠦᠯᠭᠦ ᠦᠨᠳᠣᠰᠣᠨ ᠵᠣᠷᠢᠯᠭ᠎ᠠ᠎ᠳᠤ ᠬᠤᠶᠠᠷ ᠵᠣᠶ᠋ᠢᠯ ᠪᠣᠢ᠃ ᠨᠢᠭᠡ᠎ᠳᠤ᠂ ᠭᠡᠣᠭᠡᠳ᠎ᠤᠨ ᠰᠣᠷᠣᠯᠭ᠎ᠠ ᠪᠣᠯᠣᠨ ᠠᠵᠢᠯ ᠲᠡᠭᠡᠷ᠎ᠡ᠎ᠪᠠᠨ ᠠᠮᠵᠢᠯᠳᠠ ᠪᠦᠳᠣᠭᠡᠯ ᠣᠯᠬᠤ ᠵᠢᠨ ᠲᠦᠯᠣᠭᠡ᠂ ᠣᠷᠣᠰᠢᠨ ᠲᠣᠬᠳᠡᠨᠢᠬᠤ ᠵᠢᠨ ᠴᠢᠳᠠᠪᠣᠷᠢ ᠵᠢ ᠯᠠᠪᠳᠡᠢ ᠡᠵᠡᠮᠰᠢᠭᠦ ᠭᠡᠷᠡᠭᠳᠡᠢ᠃ ᠬᠤᠶᠠᠷ᠎ᠲᠤ᠂ ᠭᠡᠣᠭᠡᠳ᠎ᠲᠤ ᠠᠮᠢᠳᠣᠷᠡᠯ᠎ᠤᠨ ᠦᠵᠡᠯᠳᠠ ᠪᠠ ᠠᠮᠢᠳᠣᠷᠠᠭ᠍ᠣᠢ ᠵᠢᠨ ᠦᠵᠡᠯᠳᠠ ᠵᠢ ᠭᠦᠮᠣᠵᠢᠭᠦᠯᠭᠦ᠂ ᠭᠦᠮᠣᠨ ᠪᠣᠯᠬᠤ ᠶᠣᠰᠣ ᠵᠢ ᠵᠢᠭ᠋ᠠᠵᠣ ᠰᠣᠷᠭ᠋ᠠᠬᠤ ᠭᠡᠷᠡᠭᠳᠡᠢ᠃
     1. ᠭᠡᠷ᠎ᠤᠨ ᠠᠬᠠᠮᠠᠳ ᠦᠪᠡᠷ᠎ᠤᠨ ᠪᠡᠶ᠎ᠡ᠎ᠪᠠᠷ ᠵᠶ᠋ᠠᠨ ᠦᠯᠢᠭᠡᠷ ᠲᠠᠭᠤᠷᠢᠶᠡᠯ ᠦᠵᠡᠭᠦᠯᠵᠣ᠂ ᠦᠭᠡ ᠶᠠᠷᠢᠶ᠎ᠡ ᠦᠢ᠍ᠯᠠ ᠠᠵᠢᠯᠯᠠᠭ᠎ᠠ᠎ᠪᠠᠷ ᠵᠶ᠋ᠠᠨ ᠭᠡᠣᠭᠡᠳ᠎ᠲᠤ ᠵᠢᠭ᠋ᠠᠵᠣ ᠰᠣᠷᠭ᠋ᠠᠬᠤ ᠭᠡᠷᠡᠭᠳᠡᠢ᠃ ᠭᠡᠷ᠎ᠤᠨ ᠠᠬᠠᠮᠠᠳ ᠦᠪᠡᠷ᠎ᠤᠨ ᠪᠡᠶ᠎ᠡ᠎ᠪᠠᠷ ᠵᠶ᠋ᠠᠨ ᠭᠡᠪ ᠲᠦᠷᠢᠮ ᠦᠵᠡᠭᠦᠯᠭᠦ ᠪᠣᠯ ᠭᠡᠷ ᠪᠦᠯᠢ ᠵᠢᠨ ᠰᠣᠷᠭ᠋ᠠᠨ ᠭᠦᠮᠣᠵᠢᠯ᠎ᠤᠨ ᠪᠠᠶᠠᠯᠡᠭᠳᠡᠭᠦ ᠴᠢᠬᠤᠯᠠ ᠪᠡᠳᠣᠯᠡᠪᠣᠷᠢ ᠮᠦᠨ᠃ ᠡᠴᠢᠭᠡ ᠠ᠋ᠭᠡ ᠵᠢᠨ ᠦᠭᠡ ᠶᠠᠷᠢᠶ᠎ᠡ᠂ ᠦᠢ᠍ᠯᠠ ᠠᠵᠢᠯᠯᠠᠭ᠎ᠠ᠂ ᠲᠦᠷᠭᠦ ᠪᠠᠶ᠋ᠢᠳᠡᠯ᠂ ᠭᠦᠳᠡᠯᠵᠣ ᠪᠠᠷᠢᠬᠤ᠎ᠨᠢ ᠭᠡᠣᠭᠡᠳ᠎ᠢ ᠠᠶᠠᠨᠳᠠᠭ᠋ᠠᠨ ᠨᠦᠯᠣᠭᠡᠯᠡᠭᠦ ᠪᠠ ᠭᠦᠮᠣᠵᠢᠭᠦᠯᠵᠣ ᠪᠠᠶ᠋ᠢᠭ᠎ᠠ ᠶᠣᠮ᠃ ᠠ᠋ᠳᠣᠷ ᠲᠣᠳᠣᠮ᠎ᠤᠨ ᠠᠮᠢᠳᠣᠷᠡᠯ ᠲᠣᠮᠳᠠ᠂ ᠡᠴᠢᠭᠡ ᠠ᠋ᠭᠡ ᠪᠣᠯᠣᠬᠰᠠᠳ ᠵᠡᠪᠡᠯ ᠦᠪᠡᠷ᠎ᠤᠨ ᠪᠡᠶ᠎ᠡ᠎ᠪᠠᠨ ᠴᠢᠩᠭ᠎ᠠ ᠱᠠᠭ᠋ᠠᠷᠳᠡᠵᠣ᠂ ᠦᠷ᠎ᠡ ᠭᠡᠣᠭᠡᠳ᠎ᠤᠨ ᠠ᠋ᠮᠣᠨ᠎ᠠ ᠦᠭᠡ ᠶᠠᠷᠢᠶ᠎ᠡ᠂ ᠦᠢ᠍ᠯᠠ ᠠᠵᠢᠯᠯᠠᠭ᠎ᠠ ᠨᠢᠭᠡᠳᠣᠯ᠎ᠲᠠᠢ᠂ ᠭᠡᠯᠡᠵᠣ ᠭᠢᠭᠦ᠎ᠨᠢ ᠠᠳᠡᠯᠢ ᠪᠡᠶ᠋ᠢᠬᠤ ᠭᠡᠷᠡᠭᠳᠡᠢ᠃ ᠵᠢᠱ᠌ᠢᠶᠡᠯᠡᠪᠡᠯ᠂ ᠦᠷ᠎ᠡ ᠭᠡᠣᠭᠡᠳ ᠵᠶ᠋ᠠᠨ ᠱᠠᠭ᠋ᠠᠷᠳᠡᠨ ᠭᠢᠭᠦ ᠭᠡᠷᠡᠭ ᠶᠠᠪᠣᠳᠡᠯ᠎ᠢ ᠡᠴᠢᠭᠡ ᠠ᠋ᠭᠡ ᠪᠣᠯᠣᠬᠰᠡᠳ ᠣᠷᠢᠳᠡᠪᠡᠷ ᠰᠠᠶ᠋ᠢᠨ ᠭᠢᠭᠰᠡᠨ ᠪᠠᠶ᠋ᠢᠬᠤ ᠭᠡᠷᠡᠭᠳᠡᠢ᠃ ᠦᠷ᠎ᠡ ᠭᠡᠣᠭᠡᠳ ᠵᠶ᠋ᠠᠨ ᠱᠠᠭ᠋ᠠᠷᠳᠡᠨ ᠭᠦᠮᠣᠨ᠎ᠢ ᠭᠦᠨᠳᠣᠯᠡᠭᠦ ᠭᠡᠪᠡᠯ ᠡᠴᠢᠭᠡ ᠠ᠋ᠭᠡ ᠪᠣᠯᠣᠬᠰᠡᠳ ᠣᠷᠢᠳᠡᠪᠡᠷ ᠵᠠᠪᠠᠯ ᠨᠠᠰᠣᠳᠡᠳ ᠵᠶ᠋ᠠᠨ ᠭᠦᠨᠳᠣᠯᠡᠭᠦ ᠭᠡᠷᠡᠭᠳᠡᠢ᠃ ᠦᠷ᠎ᠡ ᠭᠡᠣᠭᠡᠳ ᠵᠶ᠋ᠠᠨ ᠱᠠᠭ᠋ᠠᠷᠳᠡᠨ ᠰᠠᠶ᠋ᠢᠨ ᠰᠠᠶ᠋ᠢᠬᠠᠨ ᠰᠣᠷᠣᠯᠴᠠᠭᠤᠯᠭ᠍ᠣ ᠭᠡᠪᠡᠯ ᠡᠴᠢᠭᠡ ᠠ᠋ᠭᠡ ᠪᠣᠯᠣᠬᠰᠡᠳ ᠦᠪᠡᠷ ᠵᠶ᠋ᠠᠨ ᠪᠠᠰᠠ ᠢᠳᠡᠪᠭᠢᠳᠡᠢ ᠰᠣᠷᠣᠯᠴᠠᠭ᠍ᠣ ᠰᠠᠶ᠋ᠢᠨ ᠲᠠᠳᠬᠠᠯ᠎ᠲᠠᠢ ᠪᠠᠶ᠋ᠢᠬᠤ ᠭᠡᠷᠡᠭᠳᠡᠢ᠃ ᠠ᠋ᠶ᠋ᠢᠮᠣ᠎ᠠᠴᠠ᠂ ᠡᠴᠢᠭᠡ ᠠ᠋ᠭᠡ ᠪᠣᠯᠣᠬᠰᠡᠳ ᠶᠡᠷᠣ ᠵᠢᠨ ᠠᠮᠢᠳᠣᠷᠡᠯ ᠲᠣᠮᠳᠠ ᠵᠡᠪᠡᠯ ᠦᠪᠡᠷ᠎ᠤᠨ ᠦᠭᠡ ᠶᠠᠷᠢᠶ᠎ᠡ᠂ ᠦᠢ᠍ᠯᠠ ᠠᠵᠢᠯᠯᠠᠭ᠎ᠠ᠎ᠪᠠᠨ ᠣᠨᠴᠠᠭ᠋ᠠᠢ ᠠᠩᠬᠠᠷᠴᠣ᠂ ᠦᠪᠡᠷ᠎ᠤᠨ ᠰᠠᠶ᠋ᠢᠨ ᠰᠠᠶ᠋ᠢᠬᠠᠨ ᠦᠭᠡ ᠶᠠᠷᠢᠶ᠎ᠡ᠂ ᠦᠢ᠍ᠯᠠ ᠠᠵᠢᠯᠯᠠᠭ᠎ᠠ᠎ᠪᠠᠷ ᠭᠡᠣᠭᠡᠳ ᠵᠶ᠋ᠠᠨ ᠵᠢᠯᠣᠭᠤᠳᠴᠣ ᠭᠦᠮᠣᠵᠢᠭᠦᠯᠪᠡᠯ᠂ ᠪᠣᠳᠣᠬᠰᠠᠨ ᠰᠠᠨᠠᠭᠰᠠᠨ᠎ᠠᠴᠠ ᠣᠨᠳᠣᠣ ᠨᠠᠩ ᠰᠠᠶ᠋ᠢᠨ ᠦᠷ᠎ᠡ ᠪᠦᠳᠣᠮᠵᠢ ᠵᠢ ᠣᠯᠵᠣ ᠴᠢᠳᠠᠭ᠍ᠣ ᠶᠣᠮ᠃
     2. ᠭᠡᠷ᠎ᠤᠨ ᠠᠬᠠᠮᠠᠳ ᠭᠡᠣᠭᠡᠳ ᠵᠶ᠋ᠠᠨ ᠰᠠᠶ᠋ᠢᠨ ᠰᠠᠶ᠋ᠢᠬᠠᠨ ᠦᠭᠡ ᠶᠠᠷᠢᠶ᠎ᠡ᠂ ᠦᠢ᠍ᠯᠠ ᠠᠵᠢᠯᠯᠠᠭ᠎ᠠ ᠵᠢᠨ ᠲᠠᠳᠬᠠᠯ᠎ᠲᠠᠢ ᠪᠣᠯᠭ᠋ᠠᠨ ᠭᠦᠮᠣᠵᠢᠭᠦᠯᠭᠦ ᠭᠡᠷᠡᠭᠳᠡᠢ᠃
      ᠡᠴᠢᠭᠡ ᠠ᠋ᠭᠡ ᠪᠣᠯᠣᠬᠰᠡᠳ ᠭᠡᠣᠭᠡᠳ᠎ᠤᠨ ᠠᠮᠢᠳᠣᠷᠡᠯ᠎ᠤᠨ ᠵᠠᠩ ᠲᠠᠳᠬᠠᠯ᠎ᠢ ᠠ᠋ᠳᠣᠷ ᠲᠣᠳᠣᠮ᠎ᠤᠨ ᠠᠮᠢᠳᠣᠷᠡᠯ᠎ᠯᠤᠭ᠎ᠠ ᠬᠤᠯᠪᠣᠬᠳᠡᠭᠤᠯᠣᠨ ᠭᠦᠮᠣᠵᠢᠭᠦᠯᠭᠦ ᠭᠡᠷᠡᠭᠳᠠᠢ᠃ ᠵᠢᠱ᠌ᠢᠶᠡᠯᠡᠪᠡᠯ᠂ ᠭᠡᠣᠭᠡᠳ᠎ᠤᠨ ᠠᠮᠢᠳᠣᠷᠡᠯ ᠵᠶ᠋ᠠᠨ ᠦᠪᠡᠷ ᠵᠶ᠋ᠠᠨ ᠬᠠᠷᠢᠭᠤᠴᠠᠭ᠍ᠣ ᠴᠢᠳᠡᠪᠣᠷᠢ᠎ᠠᠴᠠ ᠭᠠᠷᠳᠡᠨ᠂ ᠴᠠᠭ᠎ᠲᠠᠭᠠᠨ ᠣᠨᠳᠡᠵᠣ᠂ ᠴᠠᠭ᠎ᠲᠠᠭᠠᠨ ᠪᠣᠰᠬᠤ᠎ᠠᠴᠠ ᠠ᠋ᠭᠢᠯᠠᠨ ᠴᠢᠩᠭ᠎ᠠ ᠠᠳᠬᠤᠵᠣ ᠪᠠᠷᠢᠬᠤ ᠭᠡᠷᠡᠭᠳᠡᠢ᠃ ᠪᠣᠯᠪᠠᠰᠣᠨ ᠶᠣᠰᠣᠷᠬᠠᠭ ᠵᠠᠩ ᠲᠠᠳᠬᠠᠯ᠎ᠢ ᠭᠦᠮᠣᠵᠢᠭᠦᠯᠭᠦ᠎ᠳᠤ᠎ᠪᠠᠨ ᠭᠡᠣᠭᠡᠳ᠎ᠤᠨ ᠦᠭᠡ ᠭᠡᠯᠡᠯᠭᠡ᠎ᠠᠴᠠ ᠭᠠᠷᠳᠡᠨ ᠪᠠᠷᠢᠵᠣ᠂ ᠦᠭᠡ ᠭᠡᠯᠠ ᠠ᠋ᠶ᠎ᠡ ᠨᠠᠶ᠋ᠢᠷᠰᠠᠭ᠂ ᠭᠦᠳᠡᠯᠵᠣ ᠪᠠᠷᠢᠬᠤ ᠪᠣᠯᠪᠠᠰᠣᠨ ᠢᠷᠡᠭᠤ᠂ ᠴᠣᠪᠣᠭᠤ ᠰᠡᠷᠭᠦᠯᠠᠩ᠂ ᠬᠠᠷᠠᠮ ᠦᠭᠡᠢ ᠪᠠᠶ᠋ᠢᠬᠤ ᠵᠢ ᠭᠡᠣᠭᠡᠳ᠎ᠲᠤ ᠰᠤᠷᠭ᠋ᠠᠬᠤ ᠭᠡᠷᠡᠭᠳᠡᠢ᠃ ᠠᠵᠢᠯ ᠭᠦᠳᠡᠯᠮᠣᠷᠢ ᠵᠢᠨ ᠵᠠᠩ ᠲᠠᠳᠬᠠᠯ᠎ᠢ ᠭᠦᠮᠣᠵᠢᠭᠦᠯᠭᠦ᠎ᠳᠤ᠎ᠪᠠᠨ ᠭᠡᠣᠭᠡᠳ ᠦᠪᠡᠷ᠎ᠤᠨ ᠬᠤᠪᠴᠠᠰᠣ ᠬᠤᠨᠠᠷ ᠵᠶ᠋ᠠᠨ ᠠ᠋ᠮᠣᠰᠭᠦ᠎ᠠᠴᠠ ᠭᠠᠷᠳᠡᠨ᠂ ᠭᠡᠣᠭᠡᠳ᠎ᠲᠤ ᠦᠪᠡᠷ ᠵᠶ᠋ᠠᠨ ᠭᠠᠷ ᠭᠦᠳᠡᠯᠣᠨ ᠭᠢᠭᠦ ᠵᠠᠪᠰᠢᠶᠡᠨ᠎ᠢ ᠣᠯᠭᠤᠬᠤ ᠭᠡᠷᠡᠭᠳᠡᠢ᠃ ᠭᠡᠣᠭᠡᠳ᠎ᠤᠨ ᠠ᠋ᠷᠡᠭᠦᠯ ᠬᠠᠮᠠᠭ᠋ᠠᠯᠠᠯ᠎ᠤᠨ ᠵᠠᠩ ᠲᠠᠳᠬᠠᠯ᠎ᠢ ᠭᠦᠮᠣᠵᠢᠭᠦᠯᠭᠦ᠎ᠳᠤ᠎ᠪᠠᠨ ᠠ᠋ᠷᠡᠭᠦᠯ ᠮᠡᠨᠳᠣ ᠢᠳᠡᠵᠣ ᠣᠣᠭᠤᠬᠤ ᠪᠠ ᠰᠠᠶ᠋ᠢᠨ ᠰᠠᠶ᠋ᠢᠬᠠᠨ ᠠᠵᠢᠯᠯᠠᠭ᠍ᠣ ᠠᠮᠠᠷᠠᠭ᠍ᠣ᠎ᠠᠴᠠ ᠭᠠᠷᠳᠡᠨ ᠪᠠᠷᠢᠵᠣ᠂ ᠭᠡᠣᠭᠡᠳ᠎ᠲᠤ᠎ᠪᠠᠨ ᠪᠠᠭ᠎ᠠ᠎ᠠᠴᠠ᠎ᠨᠢ ᠠ᠋ᠷᠡᠭᠦᠯ ᠴᠢᠭᠢᠷᠠᠭ ᠢᠳᠡᠵᠣ ᠣᠣᠭᠤᠬᠤ ᠦᠵᠡᠯᠳᠠ ᠵᠢ ᠭᠦᠮᠣᠵᠢᠭᠦᠯᠵᠣ᠂ ᠭᠡᠣᠭᠡᠳ ᠵᠶ᠋ᠠᠨ ᠪᠠᠭ᠎ᠠ᠎ᠠᠴᠠ᠎ᠪᠠᠨ ᠢᠳᠡᠵᠣ ᠣᠣᠭᠤᠬᠤ᠎ᠳᠤ᠎ᠪᠠᠨ ᠭᠡᠮᠵᠢᠶ᠎ᠡ᠎ᠲᠠᠢ᠂ ᠰᠢᠮ᠎ᠠ ᠲᠠᠵᠢᠭᠡᠯ ᠲᠠᠩᠴᠡᠭᠦᠷᠢᠳᠡᠢ ᠪᠠᠶ᠋ᠢᠬᠤ ᠰᠠᠶ᠋ᠢᠨ ᠲᠠᠳᠬᠠᠯ᠎ᠢ ᠪᠦᠷᠢᠯᠳᠣᠭᠦᠯᠭᠦ ᠭᠡᠷᠡᠭᠳᠡᠢ᠃ ᠰᠣᠷᠣᠯᠴᠠᠭ᠍ᠣ ᠰᠠᠶ᠋ᠢᠨ ᠰᠠᠢ᠍ᠢ᠍ᠬᠠᠨ ᠵᠠᠩ ᠲᠠᠳᠬᠠᠯ᠎ᠢ ᠪᠠᠯᠴᠢᠷ ᠪᠠᠭ᠎ᠠ ᠨᠠᠰᠣᠨ᠎ᠠᠴᠠ᠎ᠨᠢ ᠭᠠᠷᠳᠡᠨ ᠭᠢᠭᠦ ᠭᠡᠷᠡᠭᠳᠡᠢ᠃ ᠭᠡᠣᠭᠡᠳ᠎ᠤᠨ ᠰᠣᠷᠣᠯᠴᠠᠭ᠍ᠣ ᠲᠣᠷ᠎ᠡ ᠪᠠᠬ᠎ᠠ᠂ ᠨᠣᠮ ᠦᠵᠡᠭᠦ ᠲᠣᠷ᠎ᠡ ᠰᠣᠨᠢᠷᠬᠠᠯ᠎ᠢ ᠭᠦᠭᠵᠢᠭᠡᠵᠣ᠂ ᠭᠡᠣᠭᠡᠳ᠎ᠢ ᠣᠷᠮᠠᠰᠢᠭᠤᠯᠣᠨ ᠰᠣᠷᠣᠯᠴᠠᠭ᠍ᠣ ᠰᠠᠶ᠋ᠢᠨ ᠵᠠᠩ ᠲᠠᠳᠬᠠᠯ᠎ᠢ ᠪᠦᠷᠢᠯᠳᠣᠭᠦᠯᠭᠦ ᠭᠡᠷᠡᠭᠳᠡᠢ᠃ ᠰᠠᠶ᠋ᠢᠨ ᠰᠠᠶ᠋ᠢᠬᠠᠨ ᠵᠠᠩ ᠲᠠᠳᠬᠠᠯ᠎ᠢ ᠭᠦᠮᠣᠵᠢᠭᠦᠯᠭᠦ᠎ᠨᠢ ᠦᠨᠣ ᠮᠠᠷᠭ᠋ᠠᠰᠢ ᠵᠢᠨ ᠭᠡᠷᠡᠭ ᠶᠠᠪᠣᠳᠡᠯ ᠪᠢᠰᠢ᠂ ᠬᠠᠷᠢᠨ ᠡᠴᠢᠭᠡ ᠠ᠋ᠭᠡ ᠪᠣᠯᠣᠨ ᠭᠡᠣᠭᠡᠳ᠎ᠤᠨ ᠣᠷᠳᠣ ᠣᠳᠠᠭ᠋ᠠᠨ ᠬᠤᠭᠤᠴᠠᠭ᠋ᠠᠨ᠎ᠤ ᠬᠠᠮᠳᠣ ᠵᠢᠨ ᠴᠢᠷᠮᠠᠶ᠋ᠢᠯᠭ᠎ᠠ᠎ᠠᠴᠠ ᠰᠠᠯᠵᠣ ᠪᠣᠯᠣᠰᠢ ᠦᠭᠡᠢ ᠶᠣᠮ᠃ ᠡᠴᠢᠭᠡ ᠠ᠋ᠭᠡ ᠪᠣᠯᠣᠬᠰᠡᠳ ᠵᠡᠪᠡᠯ ᠠᠭᠤᠴᠢᠯᠠᠬᠤ ᠰᠡᠳᠭᠢᠯ᠎ᠢ ᠡᠪᠣᠷᠯᠠᠵᠣ᠂ ᠪᠣᠭᠢᠨᠢᠳᠣᠨ ᠪᠠᠴᠢᠮᠳᠡᠬᠤ᠎ᠠᠴᠠ ᠵᠠᠢ᠍ᠢ᠍ᠯᠠᠰᠬᠢᠵᠤ᠂ ᠬᠠᠯᠠᠰᠢᠷᠡᠯ ᠦᠭᠡᠢ ᠰᠣᠷᠭ᠋ᠠᠬᠤ ᠭᠡᠷᠡᠭᠳᠡᠢ᠃ ᠭᠡᠣᠭᠡᠳ᠎ᠢ ᠱᠠᠭ᠋ᠠᠷᠳᠠᠭ᠍ᠣ᠎ᠳᠤ ᠭᠡᠵᠢᠶᠠᠳᠠ ᠨᠢᠭᠡ ᠠᠳᠡᠯᠢ ᠪᠠᠶ᠋ᠢᠵᠣ᠂ ᠣᠷᠳᠣ ᠣᠳᠠᠭ᠋ᠠᠨ ᠬᠤᠭᠤᠴᠠᠭ᠎ᠠ᠎ᠪᠠᠷ ᠪᠠᠷᠢᠮᠳᠡᠯᠠᠭ᠍ᠣ ᠭᠡᠷᠡᠭᠳᠡᠢ᠃
      ᠶᠠᠷᠣᠩᠭᠡᠶ᠋ᠢᠯᠡᠪᠡᠯ᠂ ᠡᠴᠢᠭᠡ ᠠ᠋ᠭᠡ ᠪᠣᠯᠣᠬᠰᠡᠳ ᠵᠡᠪᠡᠯ ᠭᠡᠷ ᠪᠦᠯᠢ ᠵᠢᠨ ᠰᠣᠷᠭ᠋ᠠᠨ ᠭᠦᠮᠣᠵᠢᠯ᠎ᠤᠨ ᠴᠢᠬᠤᠯᠠ ᠴᠢᠨᠡᠷ᠎ᠢ ᠪᠦᠷᠢᠨ ᠭᠦᠢ᠍ᠴᠡᠳ ᠲᠠᠨᠢᠵᠣ ᠮᠡᠳᠡᠷᠡᠵᠣ᠂ ᠣᠬᠠᠮᠰᠠᠷ᠎ᠠᠴᠠ᠎ᠪᠠᠨ ᠭᠡᠣᠭᠡᠳ᠎ᠤᠨ ᠰᠣᠷᠭ᠋ᠠᠨ ᠭᠦᠮᠣᠵᠢᠯ᠎ᠤᠨ ᠠᠵᠢᠯ᠎ᠢ ᠰᠠᠶ᠋ᠢᠳᠣᠷ ᠭᠢᠵᠣ᠂ ᠭᠡᠣᠭᠡᠳ ᠵᠶ᠋ᠠᠨ ᠪᠡᠶ᠎ᠡ ᠰᠡᠳᠭᠢᠴᠠ ᠠ᠋ᠷᠡᠭᠦᠯ ᠴᠢᠭᠢᠷᠠᠭ᠂ ᠪᠠᠶᠠᠰᠣᠩᠭᠤᠢ᠎ᠪᠠᠷ ᠦᠰᠭᠡᠨ ᠪᠣᠶ᠋ᠢᠵᠢᠭᠤᠯᠵᠣ᠂ ᠰᠣᠷᠭ᠋ᠠᠨ ᠭᠦᠮᠣᠵᠢᠭᠦᠯᠭᠦ ᠭᠡᠷᠡᠭᠳᠡᠢ᠃


          ᠬᠠᠶᠢᠬ᠄ ᠰᠦᠪᠸᠢ ᠰᠢᠶᠡᠨ᠎ᠤ ᠵᠢᠭ᠋ᠠᠨ ᠰᠣᠷᠭ᠋ᠠᠯᠳᠠ ᠵᠢ ᠰᠣᠳᠣᠯᠬᠤ ᠭᠠᠵᠠᠷ
                           (ᠮᠦᠨᠭᠭᠦᠨᠴᠢᠮᠡᠭ ᠨᠠᠢ᠍ᠢ᠍ᠷᠠᠭᠤᠯᠪᠠ)
                           2020 ᠣᠨ᠎ᠤ 10 ᠳ᠋ᠤᠭ᠋ᠠᠷ ᠬᠤᠭᠤᠴᠠᠭ᠎ᠠ


ᠢᠷᠡᠯᠲᠡ᠄ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠤᠨ᠎ᠤ ᠰᠤᠷᠭ᠋ᠠᠨ ᠬᠥᠮᠦᠵᠢᠯ᠎ᠤᠨ ᠲᠢᠩᠬᠢᠮ
          
ᠬᠠᠮᠢᠶ᠎ᠡ ᠪᠦᠬᠦᠢ ᠰᠣᠨᠢᠨ
ᠪᠠᠯᠴᠢᠷ ᠬᠡᠦᠬᠡᠳ᠎ᠲᠤ ᠠᠩᠭ᠍ᠯᠢ ᠬᠡᠯᠡᠨ᠎ᠤ ᠭᠡᠷ᠎ᠤᠨ ᠬᠦᠮᠦᠵᠢᠯ᠎ᠢ ᠬᠡᠷᠬᠢᠨ ᠬᠢᠬᠦ ᠪᠤᠢ
ᠬᠡᠦᠬᠡᠳ ᠪᠠᠭ᠋ᠠᠴᠣᠳ᠎ᠤᠨ ᠬᠦᠮᠦᠵᠢᠯ᠎ᠢ ᠨᠥᠯᠣᠭᠡᠯᠡᠬᠦ ᠬᠦᠴᠦᠨ᠎ᠢ ᠵᠠᠳᠠᠯᠬᠤ᠎ᠨᠢ
ᠬᠡᠥᠬᠡᠳ ᠵᠶ᠋ᠠᠨ ᠦᠪᠡᠷ᠎ᠤᠨ ᠭᠢᠨᠢ ᠠᠶ᠎ᠠ᠎ᠪᠠᠷ ᠦᠰᠭᠡᠶ᠎ᠡ
ᠴᠡᠴᠡᠷᠯᠢᠭ ᠪᠤᠯᠤᠨ ᠬᠡᠷ ᠪᠦᠯᠢ ᠵᠢᠨ ᠬᠠᠮᠳᠤᠷᠠᠯᠴᠠᠭ᠎ᠠ᠎ᠳᠤ ᠵᠢᠷᠭᠢᠶᠡᠨ᠎ᠤ ᠨᠡᠶ᠋ᠢᠳᠡ ᠵᠢᠨ ᠲᠠᠪᠴᠠᠩ᠎ᠢ ᠬᠡᠷᠬᠢᠨ ᠠᠰᠢᠭᠯᠠᠭ᠍ᠤ ᠲᠤᠬᠠᠢ ᠲᠦᠭᠦᠮ ᠦᠬᠦᠯᠡᠬᠦ᠎ᠨᠢ
ᠬᠡᠥᠭᠡᠳ᠎ᠤᠨ ᠰᠤᠨᠤᠰᠴᠥ ᠶᠠᠷᠢᠬᠤ ᠴᠢᠳᠠᠪᠤᠷᠢ ᠵᠢ ᠬᠦᠮᠦᠵᠢᠬᠦᠯᠬᠦ ᠳᠤᠬᠠᠢ
 
             蒙ICP备05000248号