ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠰᠤᠷᠭᠠᠨ ᠬᠦᠮᠦᠵᠢᠯ᠎ᠤᠨ ᠬᠠᠨᠲᠤᠯᠭ᠎ᠠ
ᠰᠣᠨᠤᠷ᠎ᠤᠨ ᠲᠠᠪᠴᠠᠩ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠰᠣᠨᠤᠷ᠎ᠤᠨ ᠲᠠᠪᠴᠠᠩ   -   ᠬᠡᠣᠬᠡᠳ᠎ᠤᠨ ᠬᠦᠮᠦᠵᠢᠯ
ᠰᠤᠷᠭ᠋ᠠᠭᠤᠯᠢ ᠵᠢᠨ ᠬᠦᠷᠢᠶᠠᠨ᠎ᠤ ᠳᠤᠷᠤᠮᠵᠢᠯᠠᠯ ᠬᠢᠬᠡᠳ ᠭᠡᠷ ᠪᠦᠯᠢ ᠵᠢᠨ ᠬᠦᠮᠦᠵᠢᠯ᠎ᠤᠨ ᠳᠤᠬᠠᠢ
ᠨᠡᠶ᠋ᠢᠲᠡᠯᠡᠭᠰᠡᠨ ᠴᠠᠭ᠄ 2021-01-20

                                            ᠫ᠊ · ᠰᠠᠶ᠋ᠢᠨᠪᠠᠶᠠᠷ


      ᠰᠤᠷᠭ᠋ᠠᠭᠤᠯᠢ ᠵᠢᠨ ᠬᠦᠷᠢᠶᠠᠨ᠎ᠤ ᠳᠤᠷᠤᠮᠵᠢᠯᠠᠯ ᠪᠤᠯ ᠰᠤᠷᠭ᠋ᠠᠭᠤᠯᠢ ᠵᠢᠨ ᠬᠦᠷᠢᠶᠠᠨ᠎ᠤ ᠳᠤᠳᠤᠨ᠎ᠠ ᠪᠤᠶᠤ ᠭᠠᠳᠠᠨ᠎ᠠ ᠶᠠᠪᠤᠭᠳᠠᠵᠦ ᠪᠠᠶ᠋ᠢᠭ᠎ᠠ ᠶᠡᠭᠡ᠎ᠨᠢ ᠪᠠᠭ᠎ᠠ᠎ᠪᠠᠨ᠂ ᠤᠯᠠᠨ᠎ᠨᠢ ᠴᠦᠬᠡᠨ ᠵᠶ᠋ᠠᠨ᠂ ᠴᠢᠳᠠᠯ᠎ᠲᠠᠢ᠎ᠨᠢ ᠴᠢᠳᠠᠯ ᠦᠭᠡᠢ᠎ᠪᠠᠨ ᠵᠤᠳᠤᠵᠦ ᠴᠤᠬᠢᠵᠦ ᠪᠠᠶ᠋ᠢᠭ᠎ᠠ᠂ ᠠᠶᠤᠯᠭ᠋ᠠᠵᠦ ᠰᠦᠷᠳᠡᠬᠦᠯᠵᠦ ᠪᠠᠶ᠋ᠢᠭ᠎ᠠ᠂ ᠬᠡᠯᠡ ᠶᠠᠷᠢᠶ᠎ᠠ᠎ᠪᠠᠷ ᠳᠤᠷᠤᠮᠵᠢᠯᠠᠵᠦ ᠪᠠᠶ᠋ᠢᠭ᠎ᠠ᠂ ᠳᠤᠤᠷ ᠰᠦᠯᠵᠢᠶ᠎ᠠ᠎ᠪᠠᠷ ᠬᠤᠬᠢᠷᠠᠭᠤᠯᠵᠦ ᠪᠠᠶ᠋ᠢᠭ᠎ᠠ᠂ ᠠ᠋ᠯᠳᠡᠪ ᠰᠤᠨᠢᠨ ᠵᠶ᠋ᠠᠷ ᠬᠤᠴᠢᠯᠠᠵᠦ ᠰᠤᠨᠵᠢᠵᠦ ᠪᠠᠶ᠋ᠢᠭ᠎ᠠ ᠳᠡᠪᠳᠡᠯᠳᠡ ᠵᠢᠨ ᠴᠢᠨᠠᠷᠳᠠᠢ ᠠᠵᠢᠯᠯᠠᠭ᠎ᠠ ᠵᠢ ᠵᠢᠭ᠋ᠠᠵᠦ ᠪᠤᠢ᠃ ᠳᠡᠬᠦᠨ᠎ᠳᠤ ᠪᠤᠰᠤᠳ᠎ᠢ ᠤᠷᠳᠦ ᠬᠤᠭᠤᠴᠠᠭ᠎ᠠ᠎ᠪᠠᠷ ᠴᠤᠬᠢᠵᠦ ᠳᠤᠷᠤᠮᠵᠢᠯᠠᠭ᠍ᠤ᠂ ᠳᠤᠷᠤᠰᠢᠶᠠᠨ ᠬᠤᠴᠢᠯᠠᠵᠦ ᠨᠠᠷ᠎ᠠ ᠳᠦᠷᠦ ᠵᠢ᠎ᠨᠢ ᠪᠠᠷᠠᠭ᠍ᠤ᠂ ᠠ᠋ᠳ᠋ ᠪᠤᠳᠠᠰ᠎ᠢ᠎ᠨᠢ ᠡᠪᠳᠠᠨ ᠬᠤᠪᠴᠠᠰᠦ ᠬᠤᠨᠠᠷ᠎ᠢ᠎ᠨᠢ ᠤᠷᠠᠵᠦ ᠳᠠᠰᠦᠳᠠᠭ᠍ᠤ᠎ᠪᠠᠷ ᠳᠠᠮᠵᠢᠭᠤᠯᠤᠨ ᠳᠤᠭᠤᠬᠢᠯᠠᠵᠦ ᠮᠠᠭᠤᠴᠢᠯᠠᠭ᠍ᠤ᠂ ᠪᠤᠰᠤᠳ᠎ᠤᠨ ᠳᠤᠬᠠᠢ ᠮᠠᠭᠤ ᠶᠠᠷᠢᠶ᠎ᠠ ᠴᠤᠤᠷᠬᠠᠯ ᠳᠡᠭᠳᠡᠭᠡᠬᠦ᠂ ᠪᠤᠰᠤᠳ᠎ᠢ ᠠᠯᠪᠠᠳᠠᠨ ᠰᠦᠷᠳᠡᠬᠦᠯᠵᠦ ᠪᠠᠶ᠋ᠢᠭ᠋ᠠᠳ ᠮᠠᠭᠤ ᠵᠦᠢ᠍ᠯ᠎ᠳᠤ ᠳᠠᠭ᠋ᠠᠭᠤᠯᠬᠤ᠂ ᠪᠤᠰᠤᠳ᠎ᠲᠤ ᠳᠦᠪᠡᠭᠰᠢᠶᠡᠯ ᠤᠴᠠᠷᠠᠭᠤᠯᠬᠤ᠂ ᠪᠤᠰᠤᠳ᠎ᠤᠨ ᠳᠦᠷᠢ ᠪᠠᠶ᠋ᠢᠳᠠᠯ᠂ ᠱᠠᠰᠢᠨ ᠰᠢᠳᠦᠯᠭᠡ᠂ ᠦᠨᠳᠦᠰᠦᠳᠡᠨ ᠶᠠᠰᠦᠳᠠᠨ᠎ᠢ ᠭᠤᠳᠤᠭ᠋ᠠᠨ ᠳᠤᠷᠤᠮᠵᠢᠯᠠᠭ᠍ᠤ᠂ ᠡᠪᠰᠡᠯ ᠪᠦᠯᠦᠭ ᠪᠠᠶ᠋ᠢᠭᠤᠯᠵᠦ ᠪᠤᠰᠤᠳ᠎ᠢ ᠮᠠᠭᠤ ᠦᠵᠡᠬᠦ᠂ ᠵᠤᠭᠤᠰ ᠮᠦᠡᠭᠭᠦ ᠠ᠋ᠳ᠋ ᠪᠤᠳᠠᠰ ᠬᠢᠬᠠᠵᠦ ᠳᠡᠬᠡᠷᠡᠮᠳᠡᠬᠦ᠂ ᠠ᠋ᠯᠳᠡᠪ ᠠ᠋ᠰᠡᠨ ᠵᠢᠷᠤᠭ ᠳᠦᠷᠰᠦ ᠦᠰᠦᠭ ᠦᠭᠡ ᠶᠠᠷᠢᠶ᠎ᠠ᠂ ᠠ᠋ᠰᠡᠬᠦᠯ᠎ᠠ ᠨᠢᠳᠦᠨ ᠬᠠᠷᠠᠴᠠ᠎ᠪᠠᠷ ᠳᠤᠷᠤᠮᠵᠢᠯᠠᠭ᠍ᠤ᠂ ᠰᠦᠯᠵᠢᠶ᠎ᠠ ᠵᠡᠷᠭᠡ᠎ᠪᠠᠷ ᠪᠤᠰᠤᠳ᠎ᠢ ᠬᠤᠱ᠌ᠤᠩᠨᠠᠨ ᠳᠠᠭ᠋ᠠᠷᠢᠬᠤ᠂ ᠪᠤᠰᠤᠳ᠎ᠢ ᠭᠠᠭᠴᠠᠭ᠋ᠠᠷᠳᠠᠭᠤᠯᠬᠤ ᠵᠡᠷᠭᠡ ᠤᠯᠠᠨ ᠢᠯᠡᠷᠡᠯ ᠪᠤᠢ᠃ ᠠ᠋ᠳᠡᠭᠡᠷ ᠳᠤᠷᠤᠮᠵᠢᠯᠠᠯ᠎ᠨᠢ ᠶᠡᠬᠡᠨᠭᠬᠢ᠎ᠳᠤ᠎ᠪᠠᠨ ᠦᠯᠦ ᠮᠡᠳᠡᠭ᠎ᠤᠨ ᠳᠤᠮᠳᠠ ᠪᠤᠶᠤ ᠨᠢᠳᠦᠨ ᠳᠠᠯᠳᠠ᠎ᠳᠤ ᠶᠠᠪᠤᠬᠳᠠᠳᠠᠭ ᠪᠤᠯᠬᠤᠷ ᠨᠢᠭᠤᠭᠳᠠᠮᠠᠯ ᠴᠢᠨᠠᠷ ᠵᠶ᠋ᠠᠷ ᠴᠢᠩᠭ᠎ᠠ ᠪᠠᠶ᠋ᠢᠵᠦ᠂ ᠳᠤᠷᠤᠮᠵᠢᠯᠠᠯ ᠠᠮᠰᠠᠭᠴᠢᠳ᠎ᠲᠤ 《ᠳᠡᠭᠷᠢ᠎ᠳᠤ ᠬᠡᠯᠡᠶ᠎ᠠ ᠬᠡᠬᠦᠯᠡᠷ ᠳᠡᠭᠷᠢ ᠬᠤᠯᠠ᠂ ᠭᠠᠵᠠᠷ᠎ᠲᠤ ᠬᠡᠯᠡᠶ᠎ᠠ ᠬᠡᠬᠦᠯᠡᠷ ᠭᠠᠵᠠᠷ ᠬᠠᠳᠠᠭᠤ》 ᠳᠤᠬᠢᠶᠠᠯᠳᠤᠯ ᠪᠤᠯᠳᠠᠭ᠃ ᠠ᠋ᠨᠡ᠎ᠨᠢ ᠠ᠋ᠳᠦᠷ᠎ᠤᠨ ᠤᠳᠠᠭ᠋ᠠᠨ᠎ᠳᠤ᠎ᠪᠠᠨ ᠳᠤᠷᠤᠮᠵᠢᠯᠠᠭᠳᠠᠭᠰᠠᠨ ᠬᠡᠤᠬᠡᠳ᠎ᠲᠤ ᠦᠵᠡᠯ ᠰᠠᠨᠠᠭ᠎ᠠ᠂ ᠪᠡᠶ᠎ᠡ ᠮᠠᠭ᠍ᠠᠪᠤᠳ᠂ ᠠ᠋ᠳ᠋ ᠪᠤᠳᠠᠰ᠎ᠤᠨ ᠳᠠᠯ᠎ᠠ᠎ᠪᠠᠷ ᠯᠤᠳᠦ ᠶᠡᠭᠡ ᠳᠠᠷᠤᠮᠳᠠ ᠠᠪᠴᠢᠷᠠᠵᠦ᠂ ᠳᠠᠳᠠᠨ᠎ᠢ ᠰᠤᠷᠤᠯᠭ᠎ᠠ᠎ᠳᠤ ᠤᠶ᠋ᠢᠳᠬᠤ᠂ ᠰᠡᠳᠬᠢᠯ᠎ᠤᠨ ᠭᠠᠨᠭ᠌ᠰᠠᠷᠠᠯ᠎ᠳᠤ ᠤᠨᠠᠭ᠍ᠤ ᠵᠡᠷᠭᠡ ᠪᠠᠶ᠋ᠢᠳᠠᠯ᠎ᠳᠤ ᠤᠷᠤᠭᠤᠯᠬᠤ ᠪᠦᠬᠡᠳ ᠬᠦᠨᠳᠦ᠎ᠳᠤ᠎ᠪᠠᠨ ᠳᠠᠳᠠᠨ᠎ᠢ ᠪᠡᠶ᠎ᠠ᠎ᠪᠠᠨ ᠶᠡᠬᠦᠳᠬᠡᠬᠦ ᠠᠵᠢᠯᠯᠠᠭ᠎ᠠ ᠠᠪᠤᠭᠤᠯᠳᠠᠭ ᠪᠠᠶ᠋ᠢᠨ᠎ᠠ᠃ ᠠ᠋ᠶ᠋ᠢᠮᠦ᠎ᠳᠤ᠎ᠪᠠᠨ ᠰᠤᠷᠭ᠋ᠠᠭᠤᠯᠢ ᠵᠢᠨ ᠬᠦᠷᠢᠶᠠᠨ᠎ᠤ ᠳᠤᠷᠤᠮᠵᠢᠯᠠᠯ ᠪᠤᠯ ᠠ᠋ᠷᠭᠡ ᠴᠢᠯᠦᠭᠡ᠂ ᠨᠡᠷ᠎ᠠ ᠬᠦᠨᠳᠦ᠂ ᠬᠠᠤᠯᠢ ᠴᠠᠭ᠋ᠠᠵᠠ᠎ᠲᠠᠢ ᠰᠦᠷᠬᠡᠤᠯᠳᠦᠭᠰᠡᠨ ᠨᠢᠭᠡ ᠵᠦᠢ᠍ᠯ᠎ᠤᠨ ᠳᠦᠷᠢᠮᠡᠬᠡᠢ ᠠᠵᠢᠯᠯᠠᠭ᠎ᠠ ᠪᠤᠯᠬᠤᠷ ᠳᠡᠬᠦᠨ᠎ᠢ ᠵᠠᠪᠠᠯ ᠠ᠋ᠷᠡᠰ ᠬᠤᠷᠢᠬᠯᠠᠨ ᠵᠤᠬᠰᠤᠭ᠋ᠠᠬᠤ ᠬᠡᠷᠡᠭᠳᠡᠢ᠃
      ᠰᠤᠷᠭ᠋ᠠᠭᠤᠯᠢ ᠵᠢᠨ ᠬᠦᠷᠢᠶᠠᠨ᠎ᠤ ᠳᠤᠷᠤᠮᠵᠢᠯᠠᠯ᠎ᠨᠢ ᠰᠤᠷᠤᠭᠴᠢᠳ᠎ᠤᠨ ᠳᠤᠮᠳᠠ ᠶᠠᠪᠤᠭᠳᠠᠵᠦ ᠪᠠᠶ᠋ᠢᠭ᠎ᠠ ᠪᠤᠯᠬᠤᠷ ᠰᠤᠷᠤᠭᠴᠢ ᠪᠤᠯᠭ᠋ᠠᠨ᠎ᠲᠠᠢ ᠪᠦᠷ ᠬᠤᠯᠪᠤᠬᠳᠠᠭᠰᠠᠨ ᠠᠵᠢᠯᠯᠠᠭ᠋ᠠᠨ ᠮᠦᠨ ᠪᠦᠭᠡᠳ ᠢᠯᠭ᠋ᠠᠭ᠎ᠠ᠎ᠨᠢ ᠵᠦᠪᠬᠡᠨ ᠰᠤᠷᠤᠭᠴᠢ ᠨᠢᠭᠡᠪᠦᠷᠢ ᠶᠠᠮᠠᠷ ᠳᠦᠷᠢ ᠠ᠋ᠰᠭᠡᠵᠦ ᠪᠠᠶ᠋ᠢᠭ᠎ᠠ᠎ᠳᠤ ᠪᠤᠢ᠃ ᠠ᠋ᠨᠡ ᠳᠤᠬᠠᠢ ᠰᠢᠨ᠎ᠠ ᠼᠸᠯᠠᠨᠳ᠋ ᠤᠯᠤᠰ᠎ᠤᠨ ᠰᠤᠷᠭ᠋ᠠᠭᠤᠯᠢ ᠵᠢᠨ ᠬᠦᠷᠢᠶᠠᠨ᠎ᠤ ᠳᠤᠷᠤᠮᠵᠢᠯᠠᠯ᠎ᠤᠨ ᠰᠤᠳᠤᠯᠭ᠋ᠠᠳᠠᠨ ᠸᠸᠺᠲ᠋ᠤᠷᠢᠶ᠎ᠠ ᠶᠡᠭᠡ ᠰᠤᠷᠭ᠋ᠠᠭᠤᠯᠢ ᠵᠢᠨ ᠫᠷᠤᠹᠸᠰᠰᠤᠷ ᠸᠠᠨᠢᠰ · ᠭ᠋ᠸᠯᠢᠨ᠎ᠠᠴᠠ ᠰᠤᠷᠤᠭᠴᠢᠳ᠎ᠢ ᠵᠢᠷᠭᠤᠭ᠋ᠠᠨ ᠪᠦᠯᠦᠭ᠎ᠲᠤ ᠬᠤᠪᠢᠶᠠᠭᠰᠠᠨ ᠪᠠᠶ᠋ᠢᠨ᠎ᠠ᠃ ᠳᠡᠬᠦᠨ᠎ᠤ ᠦᠵᠡᠬᠦ᠎ᠪᠠᠷ ᠡ᠊ᠨᠡ ᠭᠦ᠌ ᠠᠵᠢᠯᠯᠠᠭ᠋ᠠᠨ᠎ᠤ ᠳᠤᠮᠳᠠ ᠰᠤᠷᠤᠭᠴᠢᠳ ᠪᠤᠰᠤᠳ᠎ᠢ ᠳᠤᠷᠤᠮᠵᠢᠯᠠᠵᠦ ᠪᠠᠶ᠋ᠢᠭ᠎ᠠ᠂ ᠪᠤᠰᠤᠳ᠎ᠤᠨ ᠳᠤᠷᠤᠮᠵᠢᠯᠠᠯ᠎ᠢ ᠠᠮᠰᠠᠵᠦ ᠪᠠᠶ᠋ᠢᠭ᠎ᠠ᠂ ᠳᠤᠷᠤᠮᠵᠢᠯᠠᠯ ᠶᠠᠪᠤᠭᠤᠯᠵᠦ ᠪᠠᠶ᠋ᠢᠭ᠎ᠠ ᠬᠦᠮᠦᠨ᠎ᠤ ᠪᠦᠯᠦᠭᠳᠡᠨ ᠪᠠ ᠳᠠᠳᠠᠨ᠎ᠳᠤ ᠤᠤᠬᠠᠶ᠋ᠢᠯᠠᠯ ᠦᠭᠴᠦ ᠪᠠᠶ᠋ᠢᠭ᠎ᠠ ᠠ᠋ᠳᠡᠭᠡᠳ᠂ ᠳᠤᠷᠤᠮᠵᠢᠯᠠᠯ᠎ᠤᠨ ᠠᠵᠢᠯᠯᠠᠭ᠋ᠠᠨ᠎ᠢ ᠦᠭᠡ ᠳᠠᠭᠤᠨ ᠦᠭᠡᠢ᠎ᠪᠠᠷ ᠬᠠᠷᠠᠵᠦ ᠵᠤᠬᠰᠤᠭᠴᠢ ᠵᠢᠴᠢ ᠳᠤᠷᠤᠮᠵᠢᠯᠠᠭᠳᠠᠭᠰᠠᠳ᠎ᠢ ᠦᠮᠦᠭᠯᠡᠭᠴᠢ ᠵᠡᠷᠭᠡ ᠵᠢᠷᠭᠤᠭ᠋ᠠᠨ ᠳᠦᠷᠢ ᠵᠢ ᠠ᠋ᠰᠭᠡᠵᠦ ᠪᠠᠶ᠋ᠢᠨ᠎ᠠ ᠬᠡᠨ᠎ᠠ᠃ ᠠ᠋ᠬᠦᠨ᠎ᠠᠴᠠ ᠪᠢᠳᠠ ᠰᠤᠷᠭ᠋ᠠᠭᠤᠯᠢ ᠵᠢᠨ ᠬᠦᠷᠢᠶᠠᠨ᠎ᠤ ᠳᠤᠷᠤᠮᠵᠢᠯᠠᠯ᠎ᠢ ᠦᠨᠳᠦᠰᠦᠨ᠎ᠠᠴᠠ᠎ᠨᠢ ᠵᠠᠰᠠᠵᠦ ᠳᠤᠶ᠋ᠢᠯᠪᠦᠷᠢᠳᠠᠢ ᠵᠤᠬᠰᠤᠭ᠋ᠠᠬᠤ ᠬᠡᠪᠡᠯ ᠵᠦᠪᠬᠡᠨ ᠳᠤᠷᠤᠮᠵᠢᠯᠠᠭᠰᠠᠨ ᠪᠠ ᠳᠤᠷᠤᠮᠵᠢᠯᠠᠭᠤᠯᠤᠬᠰᠠᠨ ᠬᠤᠶᠠᠷ ᠠ᠋ᠳᠡᠭᠡᠳ᠎ᠢ ᠯᠠ ᠡᠪᠰᠡᠬᠦᠯᠪᠡᠯ ᠪᠤᠯᠴᠢᠬᠠᠬᠤ ᠤᠴᠢᠷ ᠪᠢᠰᠢ ᠬᠠᠷᠢᠨ ᠪᠦᠬᠦ ᠰᠤᠷᠤᠭᠴᠢ ᠵᠢ ᠤᠳᠤᠷᠢᠳᠤᠨ ᠳᠤᠷᠤᠮᠵᠢᠯᠠᠯ᠎ᠢ ᠠ᠋ᠰᠡᠷᠬᠦᠴᠡᠭᠰᠡᠳ ᠪᠤᠯᠭ᠋ᠠᠬᠤ ᠴᠢᠬᠤᠯᠠᠳᠠᠢ ᠪᠤᠯᠤᠭ᠋ᠠᠳ ᠪᠤᠢ᠃
      《ᠪᠡᠶ᠎ᠠ ᠳᠦᠷᠦᠮᠡᠯ᠂ ᠵᠠᠩ ᠳᠠᠷᠢᠮᠠᠯ》 ᠬᠡᠳᠡᠭ᠃ ᠪᠤᠰᠤᠳ᠎ᠢ ᠳᠤᠷᠤᠮᠵᠢᠯᠠᠵᠦ ᠪᠠᠶ᠋ᠢᠭ᠎ᠠ᠂ ᠪᠤᠰᠤᠳ᠎ᠲᠤ ᠳᠤᠷᠤᠮᠵᠢᠯᠠᠭᠳᠠᠵᠦ ᠪᠠᠶ᠋ᠢᠭ᠎ᠠ᠂ ᠠ᠋ᠰᠡᠬᠦᠯ᠎ᠠ ᠰᠢ ᠦᠵᠡᠵᠦ ᠵᠤᠬᠰᠤᠵᠦ ᠪᠠᠶ᠋ᠢᠭ᠎ᠠ ᠵᠡᠷᠭᠡ ᠠᠯᠢ ᠨᠢᠬᠡᠨ ᠳᠦᠷᠢ ᠵᠢ ᠠ᠋ᠰᠭᠡᠵᠦ ᠪᠠᠶ᠋ᠢᠯ᠎ᠠ ᠭᠡᠳ ᠤᠴᠢᠷ ᠰᠢᠯᠳᠠᠭ᠋ᠠᠨ᠎ᠤ ᠠ᠋ᠬᠦᠰᠦᠯ ᠪᠦᠷ ᠵᠠᠩ ᠴᠢᠨᠠᠷ᠎ᠠᠴᠠ ᠢᠷᠡᠯᠳᠡᠢ ᠪᠢᠯᠡ᠃ ᠠ᠋ᠶ᠋ᠢᠮᠦ᠎ᠳᠤ᠎ᠪᠠᠨ 《ᠰᠤᠷᠭ᠋ᠠᠭᠤᠯᠢ ᠵᠢᠨ ᠬᠦᠷᠢᠶᠠᠨ᠎ᠤ ᠳᠤᠷᠤᠮᠵᠢᠯᠠᠯ᠎ᠢ ᠦᠨᠳᠦᠰᠦᠨ᠎ᠠᠴᠠ᠎ᠨᠢ ᠬᠤᠷᠢᠬᠯᠠᠭ᠍ᠤ᠎ᠳᠤ ᠳᠡᠬᠢᠶ᠎ᠠ ᠠᠯᠠᠵᠦ ᠰᠠᠮᠵᠠᠨ᠎ᠳᠤ ᠦᠵᠡᠬᠦᠯᠬᠦ᠂ ᠨᠢᠬᠡᠨ ᠰᠢᠳᠠᠮ ᠵᠶ᠋ᠠᠷ ᠵᠠᠨᠴᠢᠨ ᠠᠯᠠᠭ᠍ᠤ᠂ ᠨᠢᠭᠡ ᠦᠬᠡᠷ᠎ᠤᠨ ᠡᠪᠡᠷ᠎ᠢ ᠴᠤᠬᠢᠨ ᠮᠢᠩᠭ᠋ᠠᠨ ᠦᠬᠡᠷ᠎ᠤᠨ ᠡᠪᠡᠷ᠎ᠢ ᠱᠠᠷᠬᠢᠷᠠᠭᠤᠯᠬᠤ》 ᠵᠡᠷᠭᠡ ᠠᠷᠭ᠎ᠠ ᠪᠦᠷ ᠵᠤᠬᠢᠴᠠᠭ᠍ᠤ ᠦᠭᠡᠢ᠂ ᠬᠠᠷᠢᠨ ᠵᠠᠩ ᠴᠢᠨᠠᠷ᠎ᠤᠨ ᠬᠦᠨ᠎ᠳᠤ ᠤᠴᠢᠵᠦ ᠬᠦᠮᠦᠵᠢᠯ ᠬᠢᠬᠦ ᠴᠢᠬᠤᠯᠠᠳᠠᠢ᠃
      ᠭᠡᠷ ᠪᠦᠯᠢ ᠪᠤᠯ ᠨᠢᠭᠡ ᠬᠦᠮᠦᠨ᠎ᠤ ᠬᠠᠮᠤᠭ᠎ᠤᠨ ᠠᠩᠬᠠᠨ᠎ᠤ ᠰᠤᠷᠭ᠋ᠠᠭᠤᠯᠢ᠂ ᠠᠪᠤ ᠡᠵᠢ ᠪᠤᠯ ᠨᠢᠭᠡ ᠬᠦᠮᠦᠨ᠎ᠤ ᠬᠠᠮᠤᠭ᠎ᠤᠨ ᠠᠩᠬᠠᠨ᠎ᠤ ᠪᠠᠭᠰᠢ᠃ ᠬᠡᠤᠬᠡᠳ ᠬᠡᠯᠡᠵᠦ ᠰᠤᠷᠭ᠋ᠠᠭᠰᠠᠨ ᠵᠶ᠋ᠠᠷ ᠦᠰᠬᠦ ᠪᠢᠰᠢ᠂ ᠬᠠᠷᠢᠨ ᠬᠢᠵᠦ ᠰᠤᠷᠭ᠋ᠠᠭᠰᠠᠨ ᠵᠶ᠋ᠠᠷ ᠦᠰᠳᠡᠭ᠃ ᠠᠪᠤ ᠡᠵᠢ ᠵᠢᠨ ᠬᠢᠨᠢ ᠵᠠᠩ ᠠᠭ᠋ᠠᠰᠢ᠂ ᠭᠡᠷ ᠪᠦᠯᠢ ᠵᠢᠨ ᠰᠤᠷᠳᠠᠯ᠂ ᠰᠤᠷᠭ᠋ᠠᠯ ᠬᠡᠤᠬᠡᠳ᠎ᠤᠨ ᠦᠰᠦᠨ ᠪᠤᠶ᠋ᠢᠵᠢᠯᠳᠠ᠎ᠳᠤ ᠳᠤᠩ ᠶᠡᠭᠡ ᠨᠦᠯᠦᠭᠡ᠎ᠲᠠᠢ᠃ 《ᠬᠡᠬᠡᠷ᠎ᠠ ᠠᠯᠠᠭ᠎ᠠᠴᠠ ᠰᠢᠬᠢᠷ᠎ᠠ ᠠᠯᠠᠭ᠂ ᠬᠡᠯᠳᠡᠩ ᠬᠡᠬᠦᠦ᠎ᠠᠴᠠ ᠱᠤᠪᠳᠤᠩ ᠤᠨᠠᠭ᠎ᠠ》 ᠬᠡᠳᠡᠭ ᠪᠤᠯ ᠠ᠋ᠨᠡ ᠳᠤᠬᠠᠢ ᠶᠤᠰᠦᠳᠠᠢ ᠤᠨᠤᠭ᠋ᠠᠵᠦ ᠬᠡᠯᠡᠭᠰᠡᠨ ᠦᠬᠡ ᠮᠦᠨ᠃ ᠠ᠋ᠶ᠋ᠢᠮᠦ᠎ᠳᠤ᠎ᠪᠠᠨ ᠳᠤᠷᠤᠮᠵᠢᠯᠠᠯ ᠬᠦᠴᠦᠷᠬᠡᠭᠯᠡᠯ ᠶᠠᠪᠤᠭᠤᠯᠵᠦ ᠪᠠᠶ᠋ᠢᠭ᠎ᠠ ᠬᠡᠤᠬᠡᠳ᠎ᠤᠨ ᠤᠯᠠᠩᠭᠢ᠎ᠨᠢ ᠳᠤᠷᠤᠮᠵᠢᠯᠠᠯ ᠬᠦᠴᠦᠷᠬᠡᠭᠯᠡᠯ ᠶᠠᠪᠤᠭᠳᠠᠭᠤᠯᠵᠦ ᠪᠦᠬᠦᠢ ᠬᠡᠷ ᠪᠦᠯᠢ᠎ᠳᠤ ᠳᠦᠷᠦᠵᠦ ᠦᠰᠦᠭᠰᠡᠨ ᠪᠠᠶ᠋ᠢᠳᠠᠭ᠃ ᠳᠤᠷᠤᠮᠵᠢᠯᠠᠯ ᠠᠮᠰᠠᠵᠦ ᠪᠠᠶ᠋ᠢᠭ᠎ᠠ ᠬᠡᠤᠬᠡᠳ᠎ᠤᠨ ᠶᠡᠬᠡᠨᠭᠭᠡᠢ᠎ᠨᠢ ᠡᠯ᠎ᠠ ᠳᠠᠯ᠎ᠠ ᠵᠢᠨ ᠪᠤᠭᠤᠯᠳᠠ᠎ᠲᠠᠢ ᠭᠡᠷ ᠪᠦᠯᠢ᠎ᠳᠤ ᠦᠰᠦᠭᠰᠡᠨ ᠪᠠᠶ᠋ᠢᠳᠠᠭ ᠪᠤᠯ ᠰᠢ ᠦᠵᠡᠭᠴᠢ ᠬᠡᠤᠬᠡᠳ᠎ᠤᠨ ᠳᠡᠶ᠋ᠢᠯᠦᠩᠬᠢ᠎ᠨᠢ ᠬᠠᠷᠢᠨ 《ᠬᠤᠪᠢ᠎ᠪᠠᠨ ᠰᠠᠬᠢᠵᠦ ᠳᠤᠪᠤ᠎ᠪᠠᠨ ᠰᠢᠷᠠᠯᠠᠭᠤᠯᠳᠠᠭ》 ᠬᠡᠷ ᠪᠦᠯᠢ᠎ᠳᠤ ᠬᠦᠮᠦᠵᠢᠭᠳᠡᠭᠰᠡᠨ ᠶᠤᠮ᠃ ᠠ᠋ᠳᠡᠭᠡᠷ ᠭᠡᠷ ᠪᠦᠯᠢ ᠵᠢᠨ ᠬᠦᠮᠦᠵᠢᠯ ᠠᠯᠢ᠎ᠨᠢ ᠴᠦ᠍ ᠭᠡᠳ ᠪᠦᠷ ᠦᠪᠡᠷ ᠦᠪᠡᠷ᠎ᠤᠨ ᠰᠤᠯᠠ ᠳᠠᠯ᠎ᠠ᠎ᠲᠠᠢ᠃ ᠠᠶᠤᠩᠭ᠎ᠠ ᠴᠠᠬᠢᠯᠭ᠋ᠠᠨ᠎ᠠᠴᠠ ᠴᠡᠴᠡᠭ ᠳᠡᠯᠭᠡᠷᠡᠳᠡᠭ ᠦᠭᠡᠢ ᠶᠤᠮ᠃ ᠠᠳᠠᠯᠢᠬᠠᠨ ᠵᠶ᠋ᠠᠷ ᠠᠭᠤᠷᠯᠠᠵᠦ ᠴᠤᠬᠢᠭ᠋ᠠᠳ ᠰᠠᠶ᠋ᠢᠨ ᠬᠡᠤᠬᠡᠳ᠎ᠢ ᠬᠦᠮᠦᠵᠢᠬᠦᠯᠵᠦ ᠳᠡᠶ᠋ᠢᠯᠳᠡᠭ ᠦᠭᠡᠢ᠃ ᠭᠡᠳᠡᠷᠬᠦ᠎ᠳᠤ᠎ᠪᠠᠨ ᠬᠡᠷᠡᠬᠦᠯᠴᠢ᠂ ᠵᠤᠳᠤᠭ᠋ᠠᠴᠢ᠂ ᠯᠤᠶ᠋ᠢᠪᠠᠷᠴᠢ ᠬᠡᠤᠬᠡᠳ᠎ᠢ ᠬᠦᠮᠦᠵᠢᠬᠦᠯᠬᠦ ᠠᠶᠤᠯ᠎ᠲᠠᠢ᠂ ᠠ᠋ᠬᠦᠨ᠎ᠤ ᠨᠢᠭᠡ ᠵᠢᠱ᠌ᠢᠶ᠎ᠠ ᠪᠤᠯ ᠰᠤᠷᠭ᠋ᠠᠭᠤᠯᠢ ᠵᠢᠨ ᠬᠦᠷᠢᠶᠠᠨ᠎ᠳᠤ ᠬᠦᠴᠦᠷᠬᠡᠭᠯᠡᠯ ᠳᠤᠷᠤᠮᠵᠢᠯᠠᠯ ᠶᠠᠪᠤᠭᠤᠯᠵᠦ ᠪᠠᠶ᠋ᠢᠭ᠎ᠠ ᠳᠡᠳᠡᠭᠡᠷ ᠪᠠᠭ᠋ᠠᠴᠤᠤᠯ ᠵᠠᠯᠠᠭᠤᠴᠤᠳ ᠶᠤᠮ᠃ ᠳᠤᠮᠤᠴᠤᠤᠯ ᠬᠤᠪᠢᠷᠠᠪᠠᠯ ᠬᠡᠤᠬᠡᠳ ᠬᠤᠪᠢᠷᠠᠨ᠎ᠠ᠂ ᠬᠡᠤᠬᠡᠳ ᠬᠤᠪᠢᠷᠠᠪᠠᠯ ᠢᠷᠡᠭᠡᠳᠦᠢ ᠬᠤᠪᠢᠷᠠᠨ᠎ᠠ ᠬᠡᠳᠡᠭ᠃ ᠠ᠋ᠶ᠋ᠢᠮᠦ᠎ᠳᠤ᠎ᠪᠠᠨ ᠬᠦᠴᠦᠷᠬᠡᠭᠯᠡᠯ ᠳᠤᠷᠤᠮᠵᠢᠯᠠᠯ ᠶᠠᠪᠤᠭᠤᠯᠳᠠᠭ ᠬᠡᠤᠬᠡᠳ᠎ᠢ ᠵᠠᠰᠠᠭ᠍ᠤ ᠬᠠᠮᠤᠭ ᠰᠠᠶ᠋ᠢᠨ ᠠᠷᠭ᠎ᠠ ᠪᠤᠯ ᠭᠡᠷ ᠪᠦᠯᠢ ᠵᠢᠨ ᠬᠦᠮᠦᠵᠢᠯ ᠪᠤᠯᠬᠤ ᠶᠤᠮ᠃ ᠠ᠋ᠬᠦᠨ᠎ᠳᠤ ᠰᠤᠷᠭ᠋ᠠᠭᠤᠯᠢ᠎ᠠᠴᠠ ᠭᠡᠷ᠎ᠤᠨ ᠠᠬᠠᠮᠠᠳ᠎ᠲᠤ ᠳᠤᠰᠬᠠᠢ ᠵᠢᠯᠤᠭᠤᠳᠤᠯᠭ᠎ᠠ ᠬᠢᠴᠢᠶᠡᠯ ᠦᠭᠴᠦ᠂ ᠳᠠᠳᠠᠨ᠎ᠳᠤ ᠬᠡᠷ ᠪᠦᠯᠢ ᠵᠢᠨ ᠬᠦᠮᠦᠵᠢᠯ᠎ᠤᠨ ᠦᠨ᠎ᠠ ᠴᠠᠨ᠎ᠠ᠂ ᠨᠦᠯᠦᠭᠡ ᠳᠤᠰᠬᠠᠯ᠎ᠢ ᠦᠨᠡᠨ ᠬᠦ᠌ ᠳᠠᠨᠢᠭᠤᠯᠬᠤ ᠬᠡᠷᠡᠭᠳᠡᠢ᠃ ᠳᠠᠳᠠ ᠬᠤᠪᠢᠷᠠᠪᠠᠯ ᠰᠠᠶᠢ ᠬᠡᠤᠬᠡᠳ᠎ᠨᠢ ᠬᠤᠪᠢᠷᠠᠵᠦ ᠴᠢᠳᠠᠨ᠎ᠠ ᠭᠡᠳᠡᠭ᠎ᠢ ᠵᠠᠪᠠᠯ ᠮᠡᠳᠡᠬᠦᠯᠬᠦ ᠴᠢᠬᠤᠯᠠᠳᠠᠢ᠃
      ᠳᠤᠷᠤᠮᠵᠢᠯᠠᠭᠳᠠᠵᠦ ᠪᠠᠶ᠋ᠢᠭ᠎ᠠ ᠬᠡᠤᠬᠡᠳ᠎ᠤᠨ ᠬᠤᠪᠢ᠎ᠳᠤ ᠠᠪᠴᠦ ᠬᠡᠯᠡᠭᠰᠡᠨ ᠴᠦ᠍ ᠤᠴᠢᠷ ᠭᠠᠷᠤᠭᠰᠠᠨ ᠭᠤᠤᠯ ᠬᠡᠰᠡᠭ᠎ᠨᠢ ᠮᠦᠨ ᠯᠡ ᠭᠡᠷ ᠪᠦᠯᠢ ᠵᠢᠨ ᠬᠦᠮᠦᠵᠢᠯ᠎ᠳᠤ ᠪᠤᠢ᠃ ᠬᠡᠤᠬᠡᠳ ᠪᠤᠯ ᠬᠡᠷ ᠪᠦᠯᠢ ᠵᠢᠨ ᠠ᠋ᠷᠳᠡᠨᠢ᠃ ᠤᠯᠠᠨᠭ᠌ᠬᠢ ᠡᠴᠢᠭᠡ ᠠ᠋ᠬᠡᠴᠦᠦᠯ ᠠᠯᠢᠪᠠ᠎ᠪᠠᠨ ᠪᠦᠷ ᠬᠡᠤᠬᠡᠳ᠎ᠲᠤ᠎ᠪᠠᠨ ᠵᠤᠷᠢᠭᠤᠯᠵᠦ᠂ ᠦᠪᠡᠷ᠎ᠤᠨ ᠪᠦᠳᠦᠬᠡᠬᠡ ᠦᠭᠡᠢ ᠵᠦᠢ᠍ᠯ ᠵᠶ᠋ᠠᠨ ᠬᠡᠤᠬᠡᠳ᠎ᠤᠨ ᠵᠶ᠋ᠠᠨ ᠪᠡᠶ᠎ᠠ ᠳᠡᠭᠡᠷ᠎ᠠ ᠪᠡᠶᠡᠯᠡᠬᠦᠯᠬᠦ ᠬᠦᠰᠡᠯ ᠠ᠋ᠷᠡᠮᠡᠯᠵᠡᠯ᠎ᠲᠠᠢ ᠶᠤᠮ᠃ ᠳᠡᠳᠡ ᠪᠢᠴᠢᠭ ᠵᠶ᠋ᠠᠨ ᠰᠠᠶ᠋ᠢᠨ ᠰᠤᠷᠬᠤ᠎ᠠᠴᠠ ᠪᠤᠰᠤᠳ ᠵᠦᠢ᠍ᠯ᠎ᠢ ᠪᠦᠷ ᠬᠠᠷᠰᠢ᠎ᠪᠠᠷ ᠦᠵᠡᠵᠦ᠂ ᠬᠡᠤᠬᠡᠳ᠎ᠤᠨ ᠠᠯᠢᠪᠠ ᠵᠦᠢ᠍ᠯ᠎ᠢ ᠪᠦᠷ ᠦᠪᠡᠷ᠎ᠤᠨ ᠰᠠᠨᠠᠭ᠎ᠠ᠎ᠪᠠᠷ ᠵᠶ᠋ᠠᠨ ᠳᠤᠬᠢᠷᠠᠭᠤᠯᠳᠠᠭ ᠪᠠᠶ᠋ᠢᠨ᠎ᠠ᠃ ᠠ᠋ᠨᠡ᠎ᠨᠢ ᠬᠡᠤᠬᠡᠳ᠎ᠢ ᠦᠪᠡᠷ᠎ᠤᠨ ᠦᠵᠡᠯᠳᠠ ᠦᠭᠡᠢ᠂ ᠨᠢᠤᠯᠳᠦ ᠨᠤᠮᠤᠢ᠂ ᠵᠤᠵᠢᠭ ᠠ᠋ᠳᠡᠭᠡᠳ᠂ ᠳᠤᠷ᠎ᠠ ᠰᠤᠨᠢᠷᠬᠠᠯ ᠦᠭᠡᠢ ᠵᠡᠷᠭᠡ ᠠᠶᠤᠯ᠎ᠳᠤ ᠤᠨᠠᠭ᠋ᠠᠳᠠᠭ ᠶᠤᠮ᠃ ᠶᠠᠭ ᠠ᠋ᠶ᠋ᠢᠮᠦ ᠵᠠᠩ᠎ᠨᠢ ᠠ᠋ᠳᠡᠭᠡᠷ ᠬᠡᠤᠬᠡᠳ᠎ᠢ ᠪᠤᠰᠤᠳ᠎ᠲᠠᠢ ᠳᠠᠭ᠋ᠠᠷᠠᠯᠴᠠᠭ᠍ᠤ ᠦᠭᠡᠢ ᠪᠤᠯᠭ᠋ᠠᠵᠦ᠂ ᠪᠤᠰᠤᠳ᠎ᠤᠨ ᠠᠭᠤᠷ ᠵᠶ᠋ᠠᠨ ᠭᠠᠷᠭ᠋ᠠᠬᠤ ᠰᠡᠪᠡ ᠳᠠᠭ᠋ᠠᠵᠢᠩ ᠬᠢᠬᠦ ᠠ᠋ᠳᠡᠭᠡᠳ ᠪᠤᠯᠭ᠋ᠠᠬᠤ ᠪᠤᠯᠵᠤᠯ ᠬᠠᠨᠭ᠌ᠭ᠋ᠠᠳᠠᠭ ᠶᠤᠮ᠃ ᠠ᠋ᠷᠭᠡ ᠵᠢ ᠰᠤᠷᠭ᠋ᠠᠬᠤ᠎ᠪᠠᠷ ᠪᠡᠷᠭᠡ ᠵᠢ ᠰᠤᠷᠭ᠎ᠠ ᠭᠡᠳᠡᠭ ᠦᠭᠡ ᠪᠤᠢ᠃ ᠤᠳᠦ ᠵᠢᠨ ᠭᠡᠷ᠎ᠤᠨ ᠠᠬᠠᠮᠠᠳ ᠬᠠᠷᠢᠨ ᠪᠡᠷᠭᠡ ᠵᠢ ᠪᠢᠰᠢ ᠠ᠋ᠷᠭᠡ ᠵᠢ ᠰᠤᠷᠭ᠋ᠠᠵᠦ ᠪᠤᠢ᠃ ᠬᠡᠳᠦ ᠬᠠᠶ᠋ᠢᠷᠠᠯᠠᠭ᠍ᠤ᠎ᠨᠢ ᠬᠡᠤᠬᠡᠳ᠎ᠢ ᠮᠠᠭᠤ ᠵᠦᠭ᠎ᠲᠤ ᠳᠠᠭ᠋ᠠᠭᠤᠯᠬᠤ᠎ᠠᠴᠠ ᠪᠢᠰᠢ ᠰᠠᠶ᠋ᠢᠨ ᠵᠦᠭ᠎ᠲᠤ ᠬᠦᠳᠦᠯᠳᠡᠭ ᠦᠭᠡᠢ ᠶᠤᠮ᠃ ᠤᠨᠴᠠᠭ᠋ᠠᠢ ᠠ᠋ᠷᠭᠡ ᠳᠠᠩᠭᠢ ᠦᠰᠦᠭᠰᠡᠨ ᠬᠡᠤᠬᠡᠳ ᠶᠡᠬᠡᠷᠬᠡᠭ ᠵᠠᠩ᠂ ᠳᠡᠬᠡᠬᠦᠷ ᠬᠠᠷᠠᠴᠠ᠎ᠲᠠᠢ ᠪᠤᠯᠵᠦ᠂ ᠪᠤᠰᠤᠳ᠎ᠤᠨ ᠠᠳᠠᠭ᠋ᠠᠷᠬᠠᠯ ᠵᠢᠳᠦᠬᠡᠷᠬᠡᠯ᠂ ᠠ᠋ᠰᠡᠬᠦᠯ᠎ᠠ ᠠ᠋ᠭ᠌ᠳᠡᠬᠦᠴᠠᠯ ᠬᠤᠷᠤᠰᠤᠯ᠎ᠢ ᠬᠦᠷᠬᠡᠬᠦ ᠠᠶᠤᠯ᠎ᠲᠠᠢ᠃ ᠠ᠋ᠬᠦᠨ᠎ᠤ ᠤᠯᠠᠮ᠎ᠠᠴᠠ ᠪᠦᠯᠦᠭᠳᠦ ᠴᠤᠬ᠍ᠴᠠ ᠵᠢᠨ ᠳᠡᠶ᠋ᠢᠰᠦᠨ ᠪᠤᠶᠤ ᠰᠤᠮᠤᠨ᠎ᠤ ᠫᠠᠢ ᠪᠤᠯᠵᠦ ᠳᠤᠷᠤᠮᠵᠢᠯᠠᠯ ᠭᠠᠭᠴᠠᠭ᠋ᠠᠷᠳᠠᠯ᠎ᠳᠤ ᠦᠷᠳᠤᠵᠦ᠂ ᠪᠡᠶ᠎ᠠ ᠰᠡᠳᠬᠢᠯ᠎ᠤᠨ ᠭᠠᠴᠢᠯᠠᠩ ᠠᠮᠰᠠᠭ᠍ᠤ᠎ᠳᠤ ᠬᠦᠷᠦᠨ᠎ᠠ᠃ ᠠ᠋ᠶ᠋ᠢᠮᠦ ᠭᠡᠷ ᠪᠦᠯᠢ ᠵᠢᠨ᠎ᠬᠢᠨ ᠪᠤᠭᠤᠯᠳᠠ᠎ᠪᠠᠨ ᠠᠯᠳᠠᠷᠠᠭ᠋ᠠᠵᠦ ᠬᠡᠤᠬᠡᠳ᠎ᠤᠨ ᠪᠤᠰᠤᠳ᠎ᠲᠠᠢ ᠬᠠᠷᠢᠴᠠᠭ᠍ᠤ ᠴᠢᠳᠠᠪᠦᠷᠢ᠂ ᠪᠡᠶ᠎ᠠ᠎ᠪᠠᠨ ᠳᠠᠭ᠋ᠠᠭ᠋ᠠᠬᠤ ᠴᠢᠳᠠᠪᠦᠷᠢ᠂ ᠬᠦᠴᠢᠷ᠎ᠢ ᠢᠯᠠᠭ᠍ᠤ ᠴᠢᠳᠠᠪᠦᠷᠢ ᠵᠡᠷᠭᠡ ᠵᠢ᠎ᠨᠢ ᠬᠦᠮᠦᠵᠢᠬᠦᠯᠬᠦ᠎ᠳᠤ ᠠ᠋ᠷᠳᠡ ᠰᠢᠭᠤᠷᠬᠠᠶ᠋ᠢᠯᠠᠪᠠᠯ ᠵᠤᠬᠢᠨ᠎ᠠ᠃ 《ᠨᠢᠭᠡ ᠴᠠᠭ᠎ᠤᠨ ᠬᠡᠷᠰᠡᠤ᠎ᠪᠠᠷ ᠮᠢᠩᠭ᠋ᠠᠨ ᠬᠤᠨᠤᠭ᠎ᠤᠨ ᠭᠤᠨᠢᠭ᠎ᠠᠴᠠ ᠵᠠᠶ᠋ᠢᠯᠠᠵᠦ ᠴᠢᠳᠠᠨ᠎ᠠ》 ᠬᠡᠳᠡᠭ ᠮᠡᠷᠭᠡᠨ ᠦᠭᠡ ᠪᠤᠢ᠃
      ᠬᠤᠪᠢ᠎ᠪᠠᠨ ᠰᠠᠬᠢᠵᠦ ᠳᠤᠪᠤ᠎ᠪᠠᠨ ᠰᠢᠷᠠᠯᠠᠭᠤᠯᠬᠤ ᠪᠤᠯ ᠳᠡᠷᠰᠯᠡᠬᠦᠦ ᠬᠦᠴᠦᠨ ᠰᠦᠷᠵᠢᠨ ᠬᠡᠷᠡᠭ᠎ᠤᠨ ᠠ᠋ᠮᠦᠨ᠎ᠠ ᠪᠤᠯ ᠰᠠᠶ᠋ᠢᠨ ᠵᠦᠢ᠍ᠯ ᠪᠢᠰᠢ ᠶᠤᠮ᠃ ᠮᠠᠭᠤ ᠬᠡᠷᠡᠭ᠎ᠢ ᠦᠵᠡᠵᠦ ᠪᠠᠶ᠋ᠢᠭ᠋ᠠᠳ ᠭᠠᠷ ᠵᠶ᠋ᠠᠨ ᠬᠤᠮᠬᠢᠵᠦ ᠳᠤᠭᠤᠢ ᠵᠤᠬᠰᠤᠬᠤ ᠪᠤᠯ ᠳᠡᠷᠰᠯᠡᠬᠦᠦ ᠠ᠋ᠳᠡᠭᠡᠳ᠎ᠤᠨ ᠬᠠᠮᠰᠠᠭ᠋ᠠᠳᠠᠨ ᠬᠡᠵᠦ ᠬᠡᠯᠡᠬᠦ᠎ᠳᠤ ᠢᠯᠡᠬᠦᠳᠡᠬᠦ ᠭᠠᠵᠠᠷ ᠦᠭᠡᠢ ᠶᠤᠮ᠃ ᠯᠤ᠌ ᠰᠢᠶᠦ᠋ᠨ ᠠᠪᠤᠭ᠋ᠠᠢ ᠵᠢᠨ ᠠᠨᠠᠭ᠋ᠠᠬᠤ ᠤᠬᠠᠭ᠋ᠠᠨ᠎ᠢ ᠳᠠᠶᠠᠭᠳᠠᠨ ᠤᠷᠠᠨ ᠵᠤᠬᠢᠶᠠᠯ᠎ᠤᠨ ᠵᠠᠮ ᠵᠶ᠋ᠠᠷ ᠵᠠᠮᠨᠠᠭᠰᠠᠨ᠎ᠤ ᠭᠤᠤᠯ ᠰᠢᠯᠳᠠᠭ᠋ᠠᠨ ᠴᠦ᠍ ᠭᠠᠷ ᠵᠶ᠋ᠠᠨ ᠬᠤᠮᠬᠢᠵᠦ ᠵᠤᠬᠰᠤᠬᠰᠠᠳ᠎ᠤᠨ ᠮᠢᠨᠴᠦᠬᠦᠷᠠᠮᠠᠯ ᠰᠢᠨᠵᠢ ᠪᠤᠶᠤ ᠢᠴᠢᠬᠦᠷᠢ ᠰᠤᠨᠵᠢᠭᠤᠷᠢ ᠦᠭᠡᠢ ᠪᠠᠶ᠋ᠢᠳᠠᠯ᠎ᠠᠴᠠ ᠰᠢᠯᠳᠠᠭ᠋ᠠᠯᠠᠭᠳᠠᠭᠰᠠᠨ ᠪᠢᠯᠡ᠃ ᠳᠤᠷᠤᠮᠵᠢᠯᠠᠯ᠎ᠢ ᠬᠠᠷᠠᠨ ᠵᠤᠬᠰᠤᠭᠴᠢ ᠪᠤᠯ ᠦᠨᠡᠨ᠎ᠳᠤ᠎ᠪᠠᠨ ᠦᠨᠡᠨ ᠶᠤᠰᠦ ᠵᠢ ᠰᠦᠷᠦᠭᠴᠢᠳ ᠪᠤᠶᠤ ᠪᠤᠯᠠᠰᠢᠯᠠᠭᠰᠠᠳ ᠶᠤᠮ᠃ ᠳᠡᠳᠡᠨ᠎ᠤ ᠮᠠᠭᠤ ᠬᠡᠷᠡᠭ᠎ᠢ ᠬᠤᠷᠢᠬᠯᠠᠭ᠍ᠤ ᠦᠭᠡᠢ᠂ ᠬᠠᠶ᠋ᠢᠬᠤᠷᠬᠤ ᠦᠭᠡᠢ ᠠᠮᠢᠨᠴᠢᠷ ᠠᠶᠤᠮᠠᠳᠠᠭ᠋ᠠᠢ ᠬᠢᠳᠠᠯ᠎ᠠᠴᠠ ᠪᠤᠯᠵᠦ ᠰᠦᠷᠵᠢᠨ ᠠ᠋ᠳᠡᠭᠡᠳ ᠠ᠋ᠶ᠋ᠢᠨ ᠬᠦ᠌ ᠢᠯᠡᠨ ᠳᠠᠯᠠᠨ ᠦᠭᠡᠢ ᠰᠠᠮᠠᠭᠤᠷᠠᠭᠰᠠᠨ ᠶᠤᠮ᠃ ᠳᠤᠷᠤᠮᠵᠢᠯᠠᠯ᠎ᠢ ᠦᠵᠡᠵᠦ ᠵᠤᠬᠰᠤᠵᠦ ᠪᠠᠶ᠋ᠢᠭ᠋ᠠᠳ ᠬᠤᠷᠢᠬᠯᠠᠭ᠍ᠤ ᠦᠬᠡᠢ ᠰᠤᠷᠤᠭᠴᠢᠳ ᠪᠤᠯ ᠳᠠᠷᠤᠢ ᠬᠡᠪ ᠵᠶ᠋ᠠᠨ ᠰᠠᠬᠢᠵᠦ ᠬᠡᠷᠡᠭ ᠤᠴᠢᠷ᠎ᠲᠤ ᠳᠤᠳᠠᠭᠤ ᠭᠠᠷ ᠬᠦᠷᠳᠡᠭ ᠭᠡᠷ ᠪᠦᠯᠢ ᠵᠢᠨ ᠬᠦᠮᠦᠵᠢᠯ ᠬᠦᠷᠳᠡᠭᠰᠡᠳ ᠪᠤᠯᠬᠤ ᠶᠤᠮ᠃ ᠮᠤᠳᠤᠨ᠎ᠤ ᠬᠤᠷᠤᠬᠠᠢ ᠮᠤᠳᠤᠨ᠎ᠠᠴᠠ᠎ᠪᠠᠨ ᠬᠡᠳᠡᠭ᠃ ᠳᠤᠷᠤᠮᠵᠢᠯᠠᠯ ᠬᠦᠴᠦᠷᠬᠡᠭᠯᠡᠯ ᠶᠠᠪᠤᠭᠤᠯᠤᠬᠰᠠᠨ᠎ᠢ ᠦᠨᠡᠨ᠎ᠳᠤ᠎ᠪᠠᠨ ᠡ᠊ᠨᠡ ᠭᠦ᠌ ᠳᠤᠮᠤ ᠠ᠋ᠩᠨᠡᠭᠡ ᠪᠤᠢ ᠪᠤᠯᠭ᠋ᠠᠭᠰᠠᠨ ᠶᠤᠮ᠃ ᠬᠤᠪᠢ᠎ᠪᠠᠨ ᠰᠠᠬᠢᠬᠤ᠎ᠨᠢ ᠦᠪᠡᠷ᠎ᠢ᠎ᠪᠠᠨ ᠳᠦᠷ ᠴᠠᠭ ᠠᠶᠤᠯ᠎ᠠᠴᠠ ᠵᠠᠶ᠋ᠢᠯᠠᠭᠤᠯᠬᠤ ᠪᠤᠯᠤᠮᠵᠢ᠎ᠲᠠᠢ ᠪᠤᠯᠪᠠᠴᠦ ᠤᠳᠠᠭ᠋ᠠᠭᠢ ᠴᠠᠭ ᠵᠶ᠋ᠠᠷ ᠳᠠᠷᠤᠯᠠᠭᠳᠠᠭᠴᠢ ᠪᠤᠯᠬᠤ ᠬᠠᠨᠭ᠌ᠭ᠋ᠠᠯᠳᠠ ᠪᠦᠷᠢᠨ ᠪᠤᠢ᠃ ᠦᠨᠡᠨ ᠶᠤᠰᠤᠨ᠎ᠤ ᠳᠦᠯᠦᠭᠡ ᠦᠯᠦ ᠳᠡᠮᠡᠴᠡᠭᠰᠡᠳ ᠪᠤᠯ ᠪᠦᠷ ᠦᠬᠡᠨᠴᠠ ᠳᠤᠷᠤᠢ ᠬᠦᠮᠦᠰ ᠶᠤᠮ᠃ ᠦᠨᠡᠨ ᠶᠤᠰᠦ ᠴᠦ᠍ ᠠ᠋ᠶ᠋ᠢᠮᠦ ᠬᠦᠮᠦᠰ᠎ᠤᠨ ᠭᠠᠷ᠎ᠲᠤ ᠦᠭᠡᠢ ᠬᠢᠭᠳᠡᠳᠡᠭ ᠪᠢᠯᠡ᠃ ᠠ᠋ᠶ᠋ᠢᠮᠦ᠎ᠠᠴᠠ ᠰᠤᠷᠭ᠋ᠠᠭᠤᠯᠢ᠎ᠨᠢ ᠰᠤᠷᠤᠭᠴᠢᠳ᠎ᠲᠤ᠎ᠪᠠᠨ ᠦᠨᠡᠨ ᠶᠤᠰᠤᠨ᠎ᠤ ᠳᠦᠯᠦᠭᠡ ᠠ᠋ᠷᠡᠯᠬᠡᠭᠯᠡᠨ ᠪᠤᠰᠬᠤ ᠵᠤᠷᠢᠭ ᠰᠠᠨᠠᠭ᠎ᠠ ᠬᠦᠴᠦ ᠳᠡᠮᠢᠷ ᠦᠭᠪᠡᠯ ᠳᠠᠭ᠋ᠠᠷᠠᠨ᠎ᠠ᠃ ᠭᠡᠷ᠎ᠤᠨ ᠠᠬᠠᠮᠠᠳ᠎ᠲᠠᠢ ᠬᠤᠯᠪᠤᠭ᠋ᠠᠯᠠᠨ ᠬᠡᠤᠬᠡᠳ᠎ᠲᠤ ᠠᠮᠢᠨᠴᠢᠷ ᠬᠤᠪᠢᠨᠴᠢᠷ ᠪᠤᠶᠤ ᠬᠤᠪᠢ᠎ᠪᠠᠨ ᠰᠠᠬᠢᠵᠦ ᠳᠤᠪᠤ᠎ᠪᠠᠨ ᠰᠢᠷᠠᠯᠠᠭᠤᠯᠤᠬᠰᠠᠳ᠎ᠤᠨ ᠬᠡᠮ ᠰᠤᠭᠤᠭ᠎ᠢ ᠳᠤᠳᠤᠷᠬᠠᠢ ᠵᠢᠭ᠋ᠠᠵᠦ ᠦᠭᠪᠡᠯ ᠵᠤᠬᠢᠨ᠎ᠠ᠃ 《ᠤᠯᠠᠨ᠎ᠤ ᠬᠦᠴᠦᠨ᠎ᠳᠤ ᠤᠪᠤᠭ᠎ᠠ ᠬᠦᠳᠡᠯᠦᠨ᠎ᠠ》 ᠬᠡᠳᠡᠭ᠃ ᠨᠠᠶ᠋ᠢᠳᠠ ᠳᠦᠮᠡᠨ᠎ᠤ ᠨᠢᠬᠡᠳᠦᠭᠰᠡᠨ ᠬᠦᠴᠦ᠎ᠪᠠᠷ ᠮᠠᠭᠤ ᠵᠦᠢ᠍ᠯ᠎ᠢ ᠠ᠋ᠰᠡᠷᠬᠦᠴᠠᠪᠠᠯ ᠯᠠᠪᠳᠠᠢ ᠵᠦᠪ ᠶᠤᠰᠤᠨ᠎ᠤ ᠠ᠋ᠷᠬᠡ ᠰᠦᠷ᠎ᠢ ᠪᠠᠳᠠᠷᠠᠭᠤᠯᠤᠨ ᠢᠯᠠᠯᠳᠠ ᠤᠯᠬᠤ ᠪᠢᠯᠡ᠃
      ᠬᠦᠮᠦᠨ᠎ᠤ ᠬᠦᠮᠦᠵᠢᠯ ᠪᠤᠯᠪᠠᠰᠦᠷᠠᠯ ᠦᠰᠴᠦ ᠳᠦᠷᠦᠭᠰᠡᠨ ᠭᠡᠷ ᠪᠦᠯᠢ᠎ᠠᠴᠠ᠎ᠪᠠᠨ ᠠ᠋ᠬᠢᠯᠡᠳᠡᠭ ᠪᠢᠯᠡ᠃ ᠠ᠋ᠨᠡ ᠳᠠᠯ᠎ᠠ᠎ᠪᠠᠷ ᠶᠠᠫᠤᠨᠴᠤᠳ᠎ᠠᠴᠠ ᠰᠤᠷᠬᠤ ᠵᠦᠢ᠍ᠯ ᠶᠡᠭᠡ ᠪᠤᠢ᠃ ᠶᠠᠫᠤᠨ ᠬᠡᠤᠬᠡᠳ ᠬᠠᠷ᠎ᠠ ᠪᠠᠭ᠎ᠠ᠎ᠠᠴᠠ᠎ᠪᠠᠨ ᠠ᠋ᠬᠢᠯᠡᠬᠡᠳ ᠪᠡᠶ᠎ᠠ᠎ᠪᠠᠨ ᠳᠠᠭ᠋ᠠᠭ᠋ᠠᠨ ᠠᠵᠢᠯᠯᠠᠳᠠᠭ᠃ ᠵᠢᠱ᠌ᠢᠶ᠎ᠠ᠎ᠨᠢ ᠨᠠᠶ᠋ᠢᠳᠠ ᠵᠢᠨ ᠮᠠᠰᠢᠨ᠎ᠳᠤ ᠰᠠᠭᠤᠭ᠋ᠠᠳ ᠰᠤᠷᠭ᠋ᠠᠭᠤᠯᠢ᠎ᠳᠤ᠎ᠪᠠᠨ ᠶᠠᠪᠤᠬᠤ᠂ ᠬᠠᠮᠢᠭ᠎ᠠ ᠶᠠᠪᠤᠭᠰᠠᠨ ᠴᠦ᠍ ᠦᠪᠡᠷ᠎ᠤᠨ ᠪᠤᠬ᠍ᠴᠦ᠎ᠪᠠᠨ ᠦᠪᠡᠰᠦᠪᠡᠨ ᠠᠪᠴᠦ ᠶᠠᠪᠤᠬᠤ᠂ ᠤᠤᠭᠤᠭᠰᠠᠨ ᠰᠦ ᠵᠢᠨ ᠵᠶ᠋ᠠᠨ ᠴᠠᠭ᠋ᠠᠰᠦᠨ ᠴᠤᠮᠤ ᠵᠢ ᠵᠠᠳᠠᠯᠵᠦ ᠬᠠᠳᠠᠭ᠋ᠠᠭ᠋ᠠᠳ ᠰᠤᠷᠭ᠋ᠠᠭᠤᠯᠢ ᠵᠢᠨ ᠬᠤᠷᠢᠶᠠᠨ ᠠᠪᠬᠤ ᠭᠠᠵᠠᠷ ᠬᠦᠷᠬᠡᠬᠦ᠂ ᠢᠨᠢᠶᠡᠮᠰᠦᠭᠯᠡᠬᠦ ᠪᠠ ᠳᠠᠯᠠᠷᠬᠠᠬᠤ ᠵᠢ ᠳᠤᠰᠬᠠᠢ ᠠ᠋ᠬᠦᠷᠭᠡ᠎ᠪᠠᠷ ᠬᠦᠢ᠍ᠴᠠᠳᠬᠡᠬᠦ᠂ ᠳᠠᠮᠢᠷ᠎ᠤᠨ ᠤᠷᠤᠯᠳᠤᠭ᠋ᠠᠨ᠎ᠳᠤ ᠬᠠᠮᠳᠦ ᠵᠢᠨ ᠱᠡᠩᠨᠠᠯ ᠪᠠᠶ᠋ᠢᠬᠤ᠎ᠠᠴᠠ ᠪᠢᠰᠢ ᠬᠤᠪᠢ ᠵᠢᠨ ᠱᠠᠩᠨᠠᠯ ᠳᠤᠬᠢᠶᠠᠭ᠍ᠤ ᠦᠭᠡᠢ ᠵᠡᠷᠭᠡ ᠬᠡᠤᠬᠡᠳ᠎ᠤᠨ ᠵᠠᠩᠰᠢᠯ᠎ᠤᠨ ᠪᠦᠷᠢᠯᠳᠦᠯ᠎ᠢ ᠠᠩᠬᠠᠷᠤᠭᠰᠠᠨ ᠤᠯᠠᠨ ᠵᠦᠢ᠍ᠯ᠎ᠤᠨ ᠬᠦᠮᠦᠵᠢᠯ ᠪᠤᠢ᠃ ᠰᠤᠷᠭ᠋ᠠᠭᠤᠯᠢ ᠵᠢᠨ ᠬᠦᠷᠢᠶᠠᠨ᠎ᠤ ᠳᠤᠷᠤᠮᠵᠢᠯᠠᠯ ᠤᠳᠦ ᠬᠡᠴᠠᠬᠦᠳᠡᠵᠦ ᠰᠤᠷᠭ᠋ᠠᠭᠤᠯᠢ ᠨᠠᠶ᠋ᠢᠭᠡᠮ᠎ᠤᠨ ᠬᠠᠮᠢᠶᠠᠷᠦᠯᠳᠠ᠎ᠳᠤ ᠪᠦᠷ ᠬᠦᠨᠳᠦᠷᠡᠯ ᠠᠪᠴᠢᠷᠠᠵᠦ ᠪᠤᠢ᠃ 2016 ᠤᠨ᠎ᠤ ᠪᠦᠷᠢᠳᠬᠡᠯ᠎ᠳᠤ ᠰᠤᠷᠭ᠋ᠠᠭᠤᠯᠢ ᠵᠢᠨ ᠬᠦᠷᠢᠶᠠᠨ᠎ᠤ ᠳᠤᠷᠤᠮᠵᠢᠯᠠᠯ᠎ᠠᠴᠠ ᠪᠤᠯᠤᠬᠰᠠᠨ 1988 ᠬᠡᠷᠡᠭ᠎ᠢ ᠰᠢᠬᠦᠬᠦ᠎ᠳᠤ ᠰᠢᠯᠵᠢᠬᠦᠯᠵᠦ᠂ 1188 ᠬᠦᠮᠦᠨ᠎ᠢ ᠪᠠᠷᠢᠪᠴᠢᠯᠠᠭᠰᠠᠨ ᠪᠠᠶ᠋ᠢᠨ᠎ᠠ᠃ ᠮᠡᠳᠡᠭᠡᠵᠢ ᠠ᠋ᠨᠡ ᠪᠤᠯ ᠨᠢᠬᠡᠨ ᠠᠶᠤᠮᠰᠢᠬᠳᠠᠢ ᠳᠤᠬᠢᠶ᠎ᠠ ᠪᠢᠯᠡ᠃ ᠰᠤᠷᠭ᠋ᠠᠭᠤᠯᠢ ᠵᠢᠨ ᠬᠦᠷᠢᠶᠠᠨ᠎ᠤ ᠳᠤᠷᠤᠮᠵᠢᠯᠠᠯ᠎ᠢ ᠰᠢᠬᠦᠬᠦ᠎ᠳᠤ ᠳᠤᠰᠢᠶᠠᠭ᠍ᠤ᠎ᠪᠠᠷ ᠰᠢᠢ᠍ᠳᠪᠦᠷᠢᠯᠡᠬᠦ᠎ᠨᠢ ᠬᠡᠤᠬᠡᠳ᠎ᠤᠨ ᠦᠰᠦᠨ ᠪᠤᠶ᠋ᠢᠵᠢᠯᠳᠠ᠎ᠳᠤ ᠰᠦᠬᠡᠷᠬᠦ ᠨᠦᠯᠦᠭᠡ᠎ᠲᠠᠢ᠃ ᠬᠠᠷᠢᠨ ᠭᠡᠷ ᠪᠦᠯᠢ ᠵᠢᠨ ᠬᠦᠮᠦᠵᠢᠯ᠎ᠳᠤ ᠰᠠᠭᠤᠷᠢᠯᠠᠵᠦ ᠵᠠᠰᠠᠭ᠍ᠤ᠎ᠨᠢ ᠳᠡᠭᠡᠳᠦ ᠠᠷᠭ᠎ᠠ ᠪᠤᠯᠠᠢ᠃ 《ᠬᠦᠮᠦᠨ ᠪᠤᠯᠬᠤ ᠪᠠᠭ᠎ᠠ᠎ᠠᠴᠠ᠎ᠪᠠᠨ ᠬᠦᠯᠦᠭ ᠪᠤᠯᠬᠤ ᠤᠨᠠᠭ᠋ᠠᠨ᠎ᠠᠴᠠ᠎ᠪᠠᠨ》 ᠬᠡᠳᠡᠭ᠃ ᠵᠦᠪ ᠬᠦᠮᠦᠵᠢᠯ ᠯᠠ ᠵᠦᠪ ᠬᠦᠮᠦᠨ᠎ᠢ ᠬᠦᠮᠦᠵᠢᠬᠦᠯᠳᠡᠭ ᠤᠴᠢᠷᠳᠠᠢ᠃


        ᠬᠠᠶᠢᠬ᠄ ᠤᠯᠠᠭ᠋ᠠᠠᠭ᠍ᠠᠳᠠ᠎ᠳᠤ᠎ᠬᠢ ᠮᠤᠩᠭᠤᠯ ᠦᠨᠳᠦᠰᠦᠳᠡᠨ᠎ᠤ ᠳᠤᠮᠳᠠᠳᠦ ᠰᠤᠷᠭ᠋ᠠᠭᠤᠯᠢ
                           (ᠠ᠋ᠾᠤᠢ᠍ᠩ ᠮᠸᠢ ᠨᠠᠢ᠍ᠢ᠍ᠷᠠᠭᠤᠯᠪᠠ)
                           2020.4 ᠳ᠋ᠦ᠍ᠭᠡᠷ ᠬᠤᠭᠤᠴᠠᠭ᠎ᠠ


ᠢᠷᠡᠯᠲᠡ᠄ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠤᠨ᠎ᠤ ᠰᠤᠷᠭ᠋ᠠᠨ ᠬᠥᠮᠦᠵᠢᠯ᠎ᠤᠨ ᠲᠢᠩᠬᠢᠮ
          
ᠬᠠᠮᠢᠶ᠎ᠡ ᠪᠦᠬᠦᠢ ᠰᠣᠨᠢᠨ
ᠬᠦᠪᠰᠦᠬᠦᠷ ᠰᠢᠪᠠᠷ᠎ᠤᠨ ᠷᠢᠳᠢ ᠰᠢᠳᠢ
ᠦᠢ᠍ᠯᠡᠳᠤᠯᠭᠡ᠎ᠳᠤ ᠤᠷᠤᠯᠴᠠᠭ᠍ᠤ ᠰᠤᠷᠭ᠋ᠠᠠ ᠬᠥᠮᠤᠵᠢᠯ᠎ᠤᠨ ᠳᠤᠬᠠᠢ
ᠭᠡᠤᠭᠡᠳ᠎ᠢ ᠬᠦᠳᠡᠯᠮᠤᠷᠢ᠎ᠳᠤ ᠰᠤᠷᠭ᠋ᠠᠬᠤ ᠵᠢᠨ ᠴᠢᠬᠤᠯᠠ ᠴᠢᠨᠠᠷ
ᠴᠡᠴᠡᠷᠯᠢᠭ᠎ᠤᠨ ᠪᠠᠭᠰᠢ ᠪᠤᠯᠤᠭᠰᠠᠳ ᠭᠡᠷ᠎ᠤᠨ ᠠᠬᠠᠮᠠᠳ᠎ᠲᠠᠢ ᠭᠡᠷᠭᠢᠨ ᠬᠠᠷᠢᠯᠴᠠᠪᠠᠯ ᠵᠤᠬᠢᠬᠤ ᠪᠤᠢ
ᠪᠠᠯᠴᠢᠷ ᠬᠡᠦᠬᠡᠳ᠎ᠢ ᠭᠦᠮᠦᠵᠢᠭᠦᠯᠭᠦ᠎ᠳᠤ ᠲᠤᠭᠯᠠᠭ᠋ᠠᠮ᠎ᠢ ᠠᠰᠢᠭᠯᠠᠬᠤ᠎ᠨᠢ
 
             蒙ICP备05000248号