ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠰᠤᠷᠭᠠᠨ ᠬᠦᠮᠦᠵᠢᠯ᠎ᠤᠨ ᠬᠠᠨᠲᠤᠯᠭ᠎ᠠ
ᠰᠣᠨᠤᠷ᠎ᠤᠨ ᠲᠠᠪᠴᠠᠩ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠰᠣᠨᠤᠷ᠎ᠤᠨ ᠲᠠᠪᠴᠠᠩ   -   ᠬᠡᠣᠬᠡᠳ᠎ᠤᠨ ᠬᠦᠮᠦᠵᠢᠯ
ᠭᠡᠦᠭᠡᠳ᠎ᠢ ᠰᠠᠢ᠍ᠢ᠍ᠨ ᠰᠠᠶ᠋ᠢᠬᠠᠨ ᠳᠠᠳᠬᠠᠯ᠎ᠲᠠᠢ ᠪᠤᠯᠭ᠋ᠠᠨ ᠬᠦᠮᠤᠵᠢᠬᠦᠯᠬᠦ᠎ᠳᠤ
ᠨᠡᠶ᠋ᠢᠲᠡᠯᠡᠭᠰᠡᠨ ᠴᠠᠭ᠄ 2024-08-15

                     ᠲ᠊ · ᠱ᠌ᠢᠷᠤᠨᠴᠢᠮᠡᠭ


儿童教育2.png

  
      ᠰᠠᠢ᠍ᠢ᠍ᠨ ᠰᠠᠶ᠋ᠢᠬᠠᠨ ᠳᠠᠳᠬᠠᠯ᠎ᠨᠢ ᠨᠢᠭᠡ ᠬᠦᠮᠤᠨ᠎ᠤ ᠦᠰᠦᠯᠳᠠ ᠪᠤᠢ᠍ᠢ᠍ᠵᠢᠯᠳᠠ᠎ᠳᠤ ᠭᠦᠨ ᠭᠦᠨᠵᠡᠭᠡᠢ ᠨᠦᠯᠦᠭᠡ ᠦᠵᠠᠭᠦᠯᠳᠡᠭ᠃ ᠳᠠᠭᠡᠪᠠᠯ ᠰᠠᠢ᠍ᠢ᠍ᠨ ᠰᠠᠶ᠋ᠢᠬᠠᠨ ᠳᠠᠳᠬᠠᠯ ᠬᠠᠮᠢᠭ᠎ᠠ᠎ᠠᠴᠠ ᠢᠷᠡᠳᠡᠭ ᠪᠤᠢ?
      ᠨᠢᠭᠡ᠂ ᠭᠡᠦᠭᠡᠳ᠎ᠤᠨ ᠰᠠᠢ᠍ᠢ᠍ᠨ ᠳᠠᠳᠬᠠᠯ᠎ᠲᠠᠢ ᠪᠤᠯᠵᠦ ᠬᠦᠮᠦᠵᠢᠭᠳᠡᠬᠦ᠎ᠳᠤ ᠭᠡᠷ ᠪᠦᠯᠢ  ᠵᠢᠨ ᠦᠵᠠᠬᠦᠯᠬᠦ ᠨᠦᠯᠤᠭᠡ
      ᠭᠡᠷ ᠪᠦᠯᠢ ᠵᠢᠨ ᠬᠦᠮᠤᠵᠢᠯ᠎ᠨᠢ ᠭᠡᠦᠭᠡᠳ᠎ᠤᠨ ᠰᠠᠢ᠍ᠢ᠍ᠨ ᠳᠠᠳᠬᠠᠯ᠎ᠲᠠᠢ ᠪᠤᠯᠵᠦ ᠬᠦᠮᠦᠵᠢᠭᠳᠡᠬᠦ᠎ᠳᠤ ᠬᠠᠮᠤᠭ᠎ᠤᠨ ᠦᠨᠳᠤᠰᠤᠨ ᠮᠦᠷᠳᠠᠭᠡᠨ ᠰᠢᠢ᠍ᠳᠪᠤᠷᠢᠯᠠᠬᠦ ᠴᠢᠨᠠᠷ᠎ᠲᠠᠢ ᠨᠦᠯᠦᠭᠡ ᠦᠵᠠᠭᠦᠯᠳᠡᠭ᠃ 《ᠰᠤᠷᠤᠭᠰᠠᠠ ᠵᠠᠩ᠎ᠢ ᠰᠤᠷ ᠵᠶ᠋ᠠᠷ ᠪᠤᠭᠤᠭ᠋ᠠᠳ ᠳᠠᠶ᠋ᠢᠯᠬᠦ ᠦᠭᠡᠢ》 ᠭᠡᠳᠡᠭᠴᠢᠯᠠᠨ ᠭᠡᠤᠭᠡᠳ᠎ᠤᠨ 0-3 ᠨᠠᠰᠤᠨ᠎ᠤ ᠬᠤᠭᠤᠷᠤᠨᠳᠤ ᠪᠦᠷᠢᠯᠳᠦᠭᠰᠠᠠ ᠮᠠᠭᠤ ᠮᠠᠭᠤᠬᠠᠢ ᠳᠠᠳᠬᠠᠯ᠎ᠢ ᠬᠠᠯᠠᠨ ᠵᠠᠰᠠᠭ᠍ᠤ᠎ᠳᠤ ᠵᠤᠬᠢᠬᠤ ᠴᠠᠭ᠂ ᠵᠤᠬᠢᠬᠤ ᠬᠦᠴᠤ ᠵᠠᠷᠤᠴᠠᠭᠤᠯᠬᠤ ᠪᠤᠶᠤ ᠴᠢᠨᠠᠭᠰᠢᠯᠠᠪᠠᠯ ᠬᠠᠯᠠᠨ ᠵᠠᠰᠠᠵᠦ ᠴᠢᠳᠠᠭ᠍ᠤ ᠦᠭᠡᠢ ᠪᠠᠶ᠋ᠢᠳᠠᠭ᠃ ᠠ᠋ᠶ᠋ᠢᠮᠤ᠎ᠳᠤ᠎ᠪᠠᠨ ᠰᠠᠢ᠍ᠢ᠍ᠨ ᠰᠠᠶ᠋ᠢᠬᠠᠨ ᠳᠠᠳᠬᠠᠯ᠎ᠨᠢ ᠨᠢᠭᠡ ᠬᠦᠮᠤᠨ᠎ᠤ ᠨᠠᠰᠤᠨ ᠳᠤᠷᠰᠢᠳᠠ ᠵᠢᠨ ᠦᠪᠯᠠᠵᠦ ᠶᠠᠪᠤᠬᠤ ᠠ᠋ᠷᠬᠢᠮ ᠨᠠᠨᠳᠢᠨ ᠵᠦᠢ᠍ᠯ ᠪᠠᠶ᠋ᠢᠳᠠᠭ ᠭᠡᠵᠦ ᠦᠵᠠᠵᠦ ᠪᠠᠶ᠋ᠢᠭ᠎ᠠ ᠶᠤᠮ᠃
      1. ᠡᠴᠢᠭᠡ ᠠ᠋ᠭᠡ ᠪᠤᠯᠤᠭᠰᠠᠳ 《ᠴᠢᠬᠢ ᠵᠦᠭᠡᠯᠠᠨ》 ᠭᠡᠦᠭᠡᠳ ᠬᠦᠮᠤᠵᠢᠬᠦᠯᠬᠦ ᠵᠢ ᠶᠠᠭᠤᠨ ᠳᠠᠷᠢᠬᠦᠨ᠎ᠳᠤ ᠠᠩᠬᠠᠷᠬᠤ
      ᠮᠤᠩᠭᠤᠯᠴᠤᠳ ᠤᠤᠯ᠎ᠠᠴᠠ᠎ᠪᠠᠨ ᠠᠬᠠᠮᠠᠳ ᠪᠤᠭᠤᠷᠤᠯ᠎ᠨᠢ ᠭᠡᠯᠠᠵᠦ᠂ ᠠᠩᠭ᠎ᠠ ᠪᠠᠭ᠋ᠠᠴᠤᠤᠯ᠎ᠨᠢ ᠰᠤᠨᠤᠰᠤᠨ ᠵᠦᠪ ᠪᠤᠷᠤᠭᠤ ᠵᠢ ᠢᠯᠭ᠋ᠠᠨ ᠳᠠᠨᠢᠬᠤ᠂ ᠪᠤᠰᠤᠳ᠎ᠲᠠᠢ ᠬᠠᠷᠢᠯᠴᠠᠭ᠍ᠤ᠂ ᠠᠬᠠᠮᠠᠳ ᠵᠶ᠋ᠠᠨ ᠬᠦᠨᠳᠤᠯᠠᠬᠦ᠂ ᠡᠴᠢᠭᠡ ᠠ᠋ᠭᠡ ᠵᠢᠨ ᠵᠶ᠋ᠠᠨ ᠦᠭᠡ᠎ᠠᠴᠠ ᠵᠦᠷᠢᠬᠦ ᠦᠭᠡᠢ᠂ ᠤᠴᠢᠷ ᠶᠠᠪᠤᠳᠠᠯ᠎ᠢ ᠵᠦᠪ ᠰᠢᠢ᠍ᠳᠪᠤᠷᠢᠯᠠᠵᠦ ᠴᠢᠳᠠᠳᠠᠭ ᠭᠡᠦᠭᠡᠳ᠎ᠢ ᠬᠦᠮᠤᠵᠢᠬᠦᠯᠬᠦ ᠵᠢ ᠦᠶ᠎ᠠ ᠳᠠᠮᠵᠢᠨ ᠪᠠᠷᠢᠮᠳᠠᠯᠠᠭᠰᠠᠭ᠋ᠠᠷ ᠢᠷᠡᠭᠰᠠᠠ ᠶᠤᠮ᠃ ᠡᠴᠢᠭᠡ ᠠ᠋ᠭᠡ ᠵᠢᠨ ᠠ᠋ᠷᠭᠡ ᠰᠦᠷ᠂ ᠪᠠᠶ᠋ᠢᠷᠢ ᠰᠠᠭᠤᠷᠢ ᠨᠢᠭᠡ ᠭᠡᠷ ᠪᠦᠯᠢ᠎ᠳᠤ ᠶᠠᠮᠠᠷ ᠪᠠᠶ᠋ᠢᠳᠠᠭ᠎ᠢ ᠭᠡᠦᠭᠡᠳ ᠪᠠᠭ᠎ᠠ᠎ᠠᠴᠠ᠎ᠪᠠᠨ ᠦᠵᠠᠵᠦ ᠦᠰᠦᠭᠰᠠᠠ ᠵᠶ᠋ᠠᠷ ᠬᠦᠨᠳᠤᠯᠠᠬᠦ᠂ ᠳᠠᠭᠡᠳᠤᠯᠠᠬᠦ᠂ ᠬᠠᠶ᠋ᠢᠷᠠᠯᠠᠭ᠍ᠤ᠂ ᠬᠠᠯᠠᠮᠵᠢᠯᠠᠭ᠍ᠤ ᠦᠪᠠᠷᠮᠢᠴᠠ ᠰᠠᠳᠬᠢᠯᠭᠡ᠎ᠲᠠᠢ ᠬᠦᠮᠤᠨ ᠪᠤᠯᠵᠦ ᠬᠦᠮᠤᠵᠢᠳᠡᠭ           ᠪᠠᠶ᠋ᠢᠨ᠎ᠠ᠃ ᠭᠡᠳᠠᠯ᠎ᠠ ᠤᠳᠤ ᠵᠢᠨ ᠭᠡᠦᠭᠡᠳ ᠶᠠᠭ ᠠ᠋ᠬᠦᠨ᠎ᠤ ᠠ᠋ᠰᠠᠷᠬᠦ ᠡᠴᠢᠭᠡ ᠠ᠋ᠭᠡ ᠵᠢᠨ ᠵᠶ᠋ᠠᠨ ᠦᠭᠡ ᠵᠢ ᠤᠶ᠋ᠢᠰᠢᠶᠠᠭ᠍ᠤ ᠦᠭᠡᠢ᠂ ᠠᠬᠠᠮᠠᠳ ᠪᠤᠭᠤᠷᠤᠯ᠎ᠤᠨ ᠵᠶ᠋ᠠᠨ ᠦᠭᠡ ᠵᠢ ᠴᠤ᠌ ᠢᠨᠢᠶᠠᠳᠤᠮ ᠱᠤᠭ ᠪᠤᠯᠭ᠋ᠠᠨ ᠦᠩᠭᠡᠷᠠᠭᠡᠬᠦ ᠦᠵᠡᠭᠳᠠᠯ ᠵᠦᠩᠳᠠᠭᠡᠨ ᠪᠤᠯᠤᠭᠰᠠᠠ᠃ ᠬᠠᠮᠳᠤ ᠨᠦᠬᠦᠳ ᠬᠤᠭᠤᠷᠤᠨᠳᠤ᠎ᠪᠠᠨ ᠠ᠋ᠶ᠎ᠡ ᠡᠪᠳᠠᠢ ᠬᠠᠷᠢᠯᠴᠠᠵᠦ ᠴᠢᠳᠠᠭ᠍ᠤ ᠦᠭᠡᠢ ᠭᠡᠷᠠᠬᠦᠯ ᠮᠠᠷᠭᠤᠭ᠋ᠠᠨ ᠠ᠋ᠬᠦᠰᠭᠡᠨ᠂ ᠭᠡᠷ᠎ᠤᠨ ᠠᠬᠠᠮᠠᠳ᠎ᠲᠤ᠎ᠪᠠᠨ ᠭᠤᠮᠤᠳᠠᠯ ᠵᠶ᠋ᠠᠨ ᠳᠤᠭ᠋ᠠᠴᠢᠨ ᠡᠴᠢᠭᠡ ᠠ᠋ᠭᠡ᠎ᠪᠠᠷ ᠵᠶ᠋ᠠᠨ ᠳᠤᠰ ᠭᠡᠦᠭᠡᠳ᠎ᠠᠴᠠ 《ᠦᠰᠢᠶ᠎ᠠ》 ᠠᠪᠤᠭᠤᠯᠤᠨ ᠬᠤᠶᠠᠷ ᠭᠡᠷ ᠪᠦᠯᠢ ᠵᠢᠨ ᠬᠤᠭᠤᠷᠤᠨᠳᠤᠬᠢ ᠵᠦᠷᠢᠴᠠᠯ ᠮᠠᠷᠭᠤᠭ᠋ᠠᠨ᠎ᠢ ᠠ᠋ᠬᠦᠰᠭᠡᠨ ᠨᠠᠶ᠋ᠢᠭᠡᠮ ᠨᠠᠶ᠋ᠢᠳᠠ᠎ᠳᠤ ᠨᠠᠵᠠᠭ᠋ᠠᠢ ᠨᠦᠯᠤᠭᠡ ᠳᠤᠰᠬᠠᠯ᠎ᠲᠠᠢ ᠦᠵᠡᠭᠳᠠᠯ ᠪᠠᠶ᠋ᠢᠩᠭᠤ ᠬᠠᠷᠠᠭᠳᠠᠭ᠍ᠤ ᠪᠤᠯᠤᠭᠰᠠᠠ᠎ᠨᠢ ᠶᠠᠭ ᠯᠠ 《ᠪᠢ ᠯᠠ ᠭᠡᠯᠠᠪᠠᠯ ᠳᠡᠭᠷᠢ ᠳᠤᠤᠭ᠋ᠠᠷᠤᠭᠰᠠᠠ ᠠᠳᠠᠯᠢ》 ᠦᠵᠠᠯ ᠪᠤᠳᠤᠯ᠎ᠲᠠᠢ ᠪᠤᠯᠵᠦ ᠬᠦᠮᠦᠵᠢᠭᠳᠡᠵᠦ ᠪᠠᠶ᠋ᠢᠭ᠎ᠠ᠃ ᠠ᠋ᠬᠦᠨ᠎ᠤ ᠦᠷ᠎ᠠ ᠳ᠋ᠦᠩ᠎ᠳᠤ ᠭᠡᠦᠭᠡᠳ ᠡᠴᠢᠭᠡ ᠠ᠋ᠭᠡ᠂ ᠪᠠᠭᠰᠢ ᠠᠬᠠᠮᠠᠳ᠎ᠠᠴᠠ ᠪᠤᠷᠤᠭᠤ ᠵᠢ᠎ᠨᠢ ᠰᠠᠨᠠᠭᠤᠯᠵᠦ ᠭᠡᠯᠠᠬᠦ ᠦᠭᠡ ᠵᠢ ᠴᠤ᠌ ᠬᠦᠯᠢᠶᠠᠨ ᠵᠦᠪᠰᠢᠶᠠᠷᠠᠵᠦ ᠳᠠᠶ᠋ᠢᠯᠬᠦ ᠦᠭᠡᠢ ᠠ᠋ᠰᠠᠷᠬᠦᠴᠠᠬᠦ ᠴᠢᠨᠠᠭᠰᠢᠯᠠᠭ᠋ᠠᠳ ᠠᠮᠢ ᠪᠠᠶ᠎ᠠ᠎ᠪᠠᠨ ᠡᠴᠤᠰᠯᠠᠬᠦᠯᠬᠦ ᠬᠠᠷᠠᠰᠠᠯᠳᠤ ᠤᠴᠢᠷ᠎ᠢ ᠴᠤ᠌ ᠦᠢ᠍ᠯᠠᠳᠬᠦ ᠪᠤᠯᠤᠭᠰᠠᠠ᠃ ᠠ᠋ᠨᠠ᠎ᠨᠢ ᠭᠡᠷ᠎ᠤᠨ ᠠᠬᠠᠮᠠᠳ ᠭᠡᠦᠭᠡᠳ ᠵᠶ᠋ᠠᠨ ᠠᠬᠠᠮᠠᠳ ᠳᠤᠮᠤᠭ᠋ᠠᠳᠠᠨ᠂ ᠡᠴᠢᠭᠡ ᠠ᠋ᠭᠡ ᠵᠢᠨ ᠵᠶ᠋ᠠᠨ ᠦᠭᠡ ᠵᠢ ᠰᠤᠨᠤᠰᠬᠤ 《ᠴᠢᠬᠢ ᠵᠦᠭᠡᠯᠠᠨ》 ᠭᠡᠦᠭᠡᠳ ᠪᠤᠯᠭ᠋ᠠᠨ ᠬᠦᠮᠤᠵᠢᠬᠦᠯᠵᠦ ᠴᠢᠳᠠᠭᠰᠠᠠ ᠦᠭᠡᠢ ᠵᠢᠨ ᠢᠯᠠᠷᠠᠯ ᠪᠤᠯᠤᠨ᠎ᠠ᠃ ᠳᠠᠷᠤᠢ ᠭᠡᠦᠭᠡᠳ᠎ᠤᠨ ᠵᠶ᠋ᠠᠨ ᠠᠶ᠎ᠠ ᠵᠢ ᠭᠡᠳᠤ ᠳᠠᠭ᠋ᠠᠵᠦ᠂ ᠶᠠᠭ᠋ᠠᠬᠢᠨ᠎ᠠ ᠭᠡᠪᠠᠯ ᠳᠠᠭᠡᠵᠦ᠂ ᠶᠠᠭᠤ ᠠᠪᠤᠨ᠎ᠠ᠂ ᠶᠠᠭᠤ ᠬᠢᠨ᠎ᠠ ᠭᠡᠬᠦ ᠤᠴᠢᠷ ᠶᠠᠪᠤᠳᠠᠯ ᠪᠦᠬᠦᠨ᠎ᠳᠤ ᠭᠡᠦᠭᠡᠳ᠎ᠤᠨ ᠵᠶ᠋ᠠᠨ ᠦᠭᠡ ᠵᠢ ᠰᠤᠨᠤᠰᠤᠨ᠂ ᠳᠠᠭᠡᠵᠦ ᠪᠤᠯᠬᠤ ᠦᠭᠡᠢ᠂ ᠢᠩᠬᠢᠵᠦ ᠪᠤᠯᠬᠤ ᠦᠭᠡᠢ ᠭᠡᠬᠦ ᠵᠦᠪ ᠪᠤᠷᠤᠭᠤ ᠵᠢ ᠢᠯᠭ᠋ᠠᠵᠦ ᠳᠠᠨᠢᠭᠤᠯᠤᠨ ᠭᠡᠯᠠᠵᠦ ᠰᠤᠷᠭ᠋ᠠᠬᠤ ᠵᠢ ᠤᠮᠠᠷᠳᠠᠭᠰᠠᠠ᠎ᠠᠴᠠ ᠪᠤᠯᠵᠦ ᠭᠡᠦᠭᠡᠳ ᠤᠴᠢᠷ ᠶᠠᠪᠤᠳᠠᠯ ᠪᠦᠬᠦᠨ᠎ᠳᠤ ᠵᠦᠪ ᠴᠤ᠌ ᠪᠤᠷᠤᠭᠤ ᠴᠤ᠌ ᠦᠪᠠᠷ᠎ᠤᠨ ᠪᠤᠳᠤᠯ ᠵᠶ᠋ᠠᠷ ᠵᠶ᠋ᠠᠨ ᠶᠠᠪᠤᠬᠤ ᠳᠠᠳᠬᠠᠯ᠎ᠲᠠᠢ ᠪᠤᠯᠵᠦ ᠬᠦᠮᠦᠵᠢᠭᠳᠡᠵᠦ ᠪᠠᠶ᠋ᠢᠭ᠎ᠠ᠃ ᠠ᠋ᠶ᠋ᠢᠮᠤ᠎ᠠᠴᠠ ᠡᠴᠢᠭᠡ ᠠ᠋ᠭᠡ ᠪᠤᠯᠤᠭᠰᠠᠳ ᠤᠨᠴᠠᠭ᠋ᠠᠶ᠋ᠢᠯᠠᠨ ᠵᠠᠯᠠᠭᠤ ᠡᠴᠢᠭᠡ ᠠ᠋ᠭᠡ ᠪᠤᠯᠤᠭᠰᠠᠳ ᠭᠡᠦᠭᠡᠳ ᠵᠶ᠋ᠠᠨ ᠵᠦᠪ ᠪᠤᠷᠤᠭᠤ ᠵᠢ ᠢᠯᠭ᠋ᠠᠨ ᠳᠠᠨᠢᠵᠦ ᠴᠢᠳᠠᠭ᠍ᠤ᠂ ᠬᠦᠮᠤᠨ᠎ᠤ ᠭᠡᠯᠠᠬᠦ ᠵᠢ ᠰᠤᠨᠤᠰᠤᠨ ᠦᠪᠠᠷ᠎ᠤᠨ ᠪᠤᠷᠤᠭᠤ᠎ᠪᠠᠨ ᠮᠠᠳᠠᠷᠠᠵᠦ ᠬᠠᠯᠠᠵᠦ ᠵᠠᠰᠠᠵᠦ ᠴᠢᠳᠠᠭ᠍ᠤ᠂ ᠪᠤᠰᠤᠳ᠎ᠲᠠᠢ ᠠ᠋ᠶ᠎ᠡ ᠡᠪᠳᠠᠢ ᠬᠠᠷᠢᠯᠴᠠᠨ ᠪᠦᠯᠬᠦᠮᠳᠠᠵᠦ ᠴᠢᠳᠠᠭ᠍ᠤ ᠭᠡᠦᠭᠡᠳ ᠪᠤᠯᠭ᠋ᠠᠨ ᠬᠦᠮᠤᠵᠢᠬᠦᠯᠬᠦ ᠵᠢ ᠠᠩᠬᠠᠷᠤᠨ᠂ 《ᠬᠠᠶ᠋ᠢᠷᠠᠯᠠᠵᠦ ᠬᠦᠮᠤᠵᠢᠬᠦᠯᠤᠨ᠎ᠠ》 ᠭᠡᠬᠦ ᠬᠤᠶᠠᠷ ᠦᠭᠡ ᠵᠢᠨ ᠤᠳᠬ᠎ᠠ ᠠᠭᠤᠯᠭ᠎ᠠ ᠵᠢ ᠬᠦᠢ᠍ᠴᠠᠳ ᠤᠶ᠋ᠢᠯᠠᠭ᠋ᠠᠨ᠂ ᠭᠠᠭᠴᠠ ᠬᠠᠶ᠋ᠢᠷᠠᠯᠠᠭ᠋ᠠᠳ ᠬᠦᠮᠤᠵᠢᠬᠦᠯᠬᠦ ᠠ᠋ᠬᠦᠷᠭᠡ᠎ᠪᠠᠨ ᠳᠠᠶᠠᠭᠳᠠᠭ᠍ᠤ ᠦᠵᠡᠭᠳᠠᠯ᠎ᠢ ᠶᠠᠭ᠋ᠠᠬᠢᠭᠰᠠᠠ ᠴᠤ᠌ ᠤᠮᠳᠤᠭ᠋ᠠᠶ᠋ᠢᠯᠠᠵᠦ ᠪᠤᠯᠬᠤ ᠦᠭᠡᠢ ᠭᠡᠳᠡᠭ᠎ᠢ ᠵᠦᠪᠳᠠᠮᠠᠷ ᠪᠠᠶ᠋ᠢᠨ᠎ᠠ᠃
      2. ᠡᠴᠢᠭᠡ ᠠ᠋ᠭᠡ ᠪᠤᠯᠤᠭᠰᠠᠳ ᠭᠡᠦᠭᠡᠳ ᠵᠶ᠋ᠠᠨ ᠪᠠᠶ᠎ᠠ᠎ᠪᠠᠨ ᠳᠠᠭ᠋ᠠᠭ᠋ᠠᠬᠤ ᠴᠢᠳᠠᠪᠤᠷᠢ᠎ᠲᠠᠢ ᠪᠤᠯᠭ᠋ᠠᠵᠦ ᠬᠦᠮᠤᠵᠢᠬᠦᠯᠬᠦ ᠵᠢ ᠠᠩᠬᠠᠷᠬᠤ
      ᠪᠠᠶ᠎ᠠ᠎ᠪᠠᠨ ᠳᠠᠭ᠋ᠠᠭ᠋ᠠᠵᠦ ᠰᠤᠷᠬᠤ᠎ᠨᠢ ᠭᠡᠦᠭᠡᠳ᠎ᠤᠨ ᠬᠦᠮᠤᠨ ᠪᠤᠯᠵᠦ ᠬᠦᠮᠦᠵᠢᠭᠳᠡᠬᠦ᠎ᠳᠤ ᠰᠠᠭᠤᠷᠢᠯᠠᠭᠴᠢ ᠪᠦᠭᠡᠳ ᠭᠤᠤᠯᠯᠠᠭᠴᠢ ᠦᠢ᠍ᠯᠠᠳᠤᠯ ᠦᠵᠠᠬᠦᠯᠳᠡᠭ᠃ ᠮᠠᠨ᠎ᠤ᠎ᠬᠢᠨ ᠶᠠᠷᠤ᠎ᠨᠢ ᠭᠡᠦᠭᠡᠳ ᠵᠶ᠋ᠠᠨ ᠬᠤᠪᠴᠠᠰᠤ ᠬᠤᠨᠠᠷ ᠵᠶ᠋ᠠᠨ ᠦᠪᠠᠷ ᠵᠶ᠋ᠠᠨ ᠠ᠋ᠮᠤᠰᠴᠤ᠂ ᠬᠤᠭᠤᠯᠠ ᠤᠮᠳᠠ᠎ᠪᠠᠨ ᠦᠪᠠᠷ ᠵᠶ᠋ᠠᠨ ᠢᠳᠠᠬᠦ᠂ ᠨᠢᠭᠤᠷ ᠭᠠᠷ᠂ ᠭᠡᠵᠢᠭᠡ ᠦᠰᠤ᠎ᠪᠠᠨ ᠦᠪᠠᠷ ᠵᠶ᠋ᠠᠨ ᠤᠬᠢᠶᠠᠵᠦ ᠰᠠᠮᠨᠠᠵᠦ ᠤᠷᠤᠯᠳᠤᠬᠤ ᠪᠤᠯᠪᠠᠯ ᠮᠢᠨᠤ ᠬᠦᠤ (ᠭᠡᠦᠭᠡᠨ) ᠪᠠᠶ᠎ᠠ᠎ᠪᠠᠨ ᠵᠦᠪᠯᠠᠬᠦ᠎ᠲᠠᠢ ᠪᠤᠯᠤᠭᠰᠠᠠ ᠭᠡᠵᠦ ᠪᠦᠷ ᠪᠠᠶ᠎ᠠ ᠵᠢ᠎ᠨᠢ ᠳᠠᠭ᠋ᠠᠭ᠋ᠠᠯᠭ᠋ᠠᠨ ᠪᠦᠬᠦ ᠵᠦᠢ᠍ᠯ ᠵᠶ᠋ᠠᠨ ᠦᠪᠠᠷ ᠵᠶ᠋ᠠᠨ ᠬᠢᠬᠦ ᠵᠢ ᠮᠠᠭᠳᠠᠨ ᠵᠤᠷᠢᠬ᠍ᠵᠢᠭᠤᠯᠵᠦ᠂ ᠭᠡᠦᠭᠡᠳ᠎ᠢ ᠪᠠᠶ᠎ᠠ᠎ᠳᠤ᠎ᠪᠠᠨ ᠢᠳᠠᠭᠡᠯ᠎ᠲᠠᠢ᠂ ᠬᠦᠴᠢᠷ᠎ᠢ ᠳᠠᠭ᠋ᠠᠭ᠋ᠠᠬᠤ ᠳᠠᠰᠪᠤᠷᠢ ᠵᠤᠷᠢᠭ᠎ᠲᠠᠢ᠂ ᠦᠪᠠᠷ ᠵᠶ᠋ᠠᠨ ᠬᠢᠵᠦ ᠰᠤᠷᠬᠤ ᠶᠠᠪᠤᠴᠠ᠎ᠠᠴᠠ ᠪᠠᠶᠠᠷ ᠵᠢᠷᠭ᠋ᠠᠯ᠎ᠢ ᠠ᠋ᠳ᠋ᠯᠠᠨ ᠤᠯᠠᠮ ᠴᠢᠷᠮᠠᠶ᠋ᠢᠨ ᠳᠠᠪᠰᠢᠬᠤ ᠪᠤᠳᠤᠯ ᠰᠠᠳᠬᠢᠯ᠂ ᠬᠦᠰᠠᠯ ᠳᠠᠮᠠᠤᠯᠤᠯ᠎ᠤᠨ ᠰᠠᠳᠬᠢᠯᠭᠡ᠎ᠲᠠᠢ ᠪᠤᠯᠭ᠋ᠠᠵᠦ ᠬᠦᠮᠤᠵᠢᠬᠦᠯᠳᠡᠭ᠃ ᠢᠩᠬᠢᠭᠰᠡᠠ ᠵᠶ᠋ᠠᠷ ᠭᠡᠦᠭᠡᠳ ᠠ᠋ᠷᠳᠠ ᠳᠤᠮᠤᠭ᠋ᠠᠵᠢᠵᠦ᠂ ᠦᠪᠠᠷ᠎ᠤᠨ ᠬᠢᠬᠦ ᠵᠦᠢ᠍ᠯ ᠵᠶ᠋ᠠᠨ ᠦᠪᠠᠷ ᠵᠶ᠋ᠠᠨ ᠬᠢᠬᠦ ᠬᠠᠷᠢᠭᠤᠴᠠᠯᠭ᠋ᠠᠳᠤ ᠰᠠᠳᠬᠢᠯᠭᠡ᠂ ᠭᠡᠷᠡᠭ ᠪᠤᠳᠠᠰ᠎ᠲᠤ ᠵᠦᠪ ᠬᠠᠨᠳᠤᠬᠤ ᠤᠪᠤᠷ ᠰᠠᠳᠬᠢᠯᠭᠡ᠂ ᠤᠴᠢᠷ ᠶᠠᠪᠤᠳᠠᠯ᠎ᠢ ᠵᠦᠪ ᠰᠢᠢ᠍ᠳᠪᠤᠷᠢᠯᠠᠬᠦ ᠪᠦᠳᠤᠭᠡᠯᠴᠢ ᠰᠠᠳᠬᠢᠭᠦᠢ᠎ᠲᠠᠢ ᠪᠤᠯᠵᠦ ᠬᠦᠮᠦᠵᠢᠭᠳᠡᠵᠦ ᠴᠢᠳᠠᠳᠠᠭ ᠵᠶ᠋ᠠᠷ ᠬᠤᠵᠢᠮ ᠬᠤᠶ᠋ᠢᠰᠢᠳᠠ ᠵᠢᠨ ᠠᠵᠢᠯ ᠠᠮᠢᠳᠤᠷᠠᠯ᠎ᠳᠤ᠎ᠪᠠᠨ ᠵᠦᠪ᠂ ᠦᠨᠠᠨᠴᠢ᠂ ᠬᠠᠷᠢᠭᠤᠴᠠᠯᠭ᠎ᠠ᠎ᠲᠠᠢ ᠰᠠᠳᠬᠢᠯᠭᠡ᠎ᠪᠠᠷ ᠬᠠᠨᠳᠤᠨ ᠤᠴᠢᠷ ᠶᠠᠪᠤᠳᠠᠯ᠎ᠤᠨ ᠵᠦᠪ ᠪᠤᠷᠤᠭᠤ ᠬᠤᠶᠠᠷ ᠳᠠᠯ᠎ᠠ ᠵᠢ ᠢᠯᠭ᠋ᠠᠨ ᠰᠠᠯᠭ᠋ᠠᠵᠦ ᠰᠢᠢ᠍ᠳᠪᠤᠷᠢᠯᠠᠬᠦ ᠪᠦᠳᠤᠭᠡᠯᠴᠢ ᠴᠢᠳᠠᠪᠤᠷᠢ᠎ᠲᠠᠢ ᠪᠠᠶ᠋ᠢᠵᠦ᠂ ᠠᠵᠢᠯ ᠠᠮᠢᠳᠤᠷᠠᠯ ᠵᠶ᠋ᠠᠨ ᠦᠭᠡᠳᠠ ᠦᠩᠭᠡ᠎ᠲᠠᠢ ᠠᠪᠴᠤ ᠶᠠᠪᠤᠵᠦ ᠴᠢᠳᠠᠳᠠᠭ᠃ ᠭᠡᠳᠠᠯ᠎ᠠ ᠤᠳᠤ ᠵᠢᠨ ᠵᠠᠯᠠᠭᠤ ᠡᠴᠢᠭᠡ ᠠ᠋ᠭᠡᠴᠤᠤᠯ ᠭᠡᠦᠭᠡᠳ ᠵᠶ᠋ᠠᠨ 《ᠬᠠᠶ᠋ᠢᠷ᠎ᠠ ᠵᠢᠨ ᠳᠠᠯᠠᠢ᠎ᠳᠤ ᠤᠮᠪᠠᠭᠤᠯᠤᠨ᠂ ᠪᠦᠬᠦ ᠵᠦᠢ᠍ᠯ ᠎ᠢ ᠤᠷᠤᠯᠠᠨ ᠬᠢᠵᠦ》 ᠦᠰᠭᠡᠬᠦ ᠪᠤᠯᠤᠭᠰᠠᠠ ᠵᠶ᠋ᠠᠷ ᠭᠡᠦᠭᠡᠳ᠎ᠤᠨ ᠪᠠᠶ᠎ᠠ᠎ᠪᠠᠨ ᠳᠠᠭ᠋ᠠᠭ᠋ᠠᠬᠤ ᠴᠢᠳᠠᠪᠤᠷᠢ ᠳᠤᠩ ᠳᠤᠷᠤᠢ ᠪᠠᠶ᠋ᠢᠵᠦ᠂ ᠪᠠᠭ᠎ᠠ ᠰᠤᠷᠭ᠋ᠠᠭᠤᠯᠢ᠎ᠳᠤ ᠤᠷᠤᠴᠢᠬᠠᠭ᠋ᠠᠳ ᠬᠤᠪᠴᠠᠰᠤ ᠬᠤᠨᠠᠷ ᠵᠶ᠋ᠠᠨ ᠦᠪᠠᠷ ᠵᠶ᠋ᠠᠨ ᠠ᠋ᠮᠤᠰᠴᠤ ᠴᠢᠳᠠᠭ᠍ᠤ ᠦᠭᠡᠢ᠂ ᠬᠠᠷᠠᠨᠳᠠ᠎ᠪᠠᠨ ᠴᠤ᠌ ᠵᠤᠷᠭᠤᠵᠦ ᠴᠢᠳᠠᠭ᠍ᠤ ᠦᠭᠡᠢ᠂ ᠪᠢᠴᠢᠭ᠎ᠤᠨ ᠭᠡᠷᠡᠭᠰᠠᠯ᠎ᠤᠨ ᠵᠦᠢ᠍ᠯ ᠵᠶ᠋ᠠᠨ ᠦᠪᠠᠷ ᠵᠶ᠋ᠠᠨ ᠵᠦᠪᠯᠠᠵᠦ ᠪᠤᠭᠴᠤᠯᠠᠵᠦ ᠴᠢᠳᠠᠭ᠍ᠤ ᠦᠭᠡᠢ ᠭᠡᠦᠭᠡᠳ ᠵᠦᠩᠳᠠᠭᠡᠨ ᠬᠠᠷᠠᠭᠳᠠᠭ᠍ᠤ ᠪᠤᠯᠤᠭᠰᠠᠠ᠃ ᠠ᠋ᠨᠠ᠎ᠨᠢ ᠭᠡᠳᠠᠷᠬᠦ᠎ᠪᠠᠨ 《ᠬᠠᠶ᠋ᠢᠷ᠎ᠠ᠎ᠨᠢ           ᠬᠠᠯᠠ》 ᠪᠤᠯᠵᠦ ᠭᠡᠦᠭᠡᠳ᠎ᠢ ᠪᠤᠰᠤᠳ᠎ᠲᠤ ᠳᠦᠰᠢᠬᠦ ᠨᠠᠶ᠋ᠢᠳᠠᠮᠠᠳᠠᠭ᠋ᠠᠢ᠂ ᠦᠪᠠᠷ᠎ᠤᠨ ᠦᠵᠠᠯ ᠪᠤᠳᠤᠯ ᠦᠭᠡᠢ᠂ ᠤᠴᠢᠷ ᠶᠠᠪᠤᠳᠠᠯ᠎ᠢ ᠰᠢᠢ᠍ᠳᠪᠤᠷᠢᠯᠠᠬᠦ ᠴᠢᠳᠠᠪᠤᠷᠢ ᠳᠤᠷᠤᠢ᠂ ᠪᠠᠶ᠎ᠠ᠎ᠳᠤ᠎ᠪᠠᠨ ᠢᠳᠠᠭᠡᠯ ᠦᠭᠡᠢ᠂ ᠬᠠᠷᠢᠭᠤᠴᠠᠯᠭ᠋ᠠᠳᠤ ᠰᠠᠳᠬᠢᠯᠭᠡ ᠦᠭᠡᠢ᠂ ᠶᠠᠪᠤᠳᠠᠯ ᠪᠦᠬᠦᠨ᠎ᠳᠤ ᠬᠦᠮᠤᠨ᠎ᠤ ᠴᠢᠷᠠᠢ ᠬᠠᠷᠠᠭ᠍ᠤ ᠦᠵᠠᠯᠳᠠ ᠵᠤᠭᠰᠤᠯᠳᠠ ᠦᠭᠡᠢ ᠬᠦᠮᠤᠨ ᠪᠤᠯᠭ᠋ᠠᠨ ᠬᠦᠮᠤᠵᠢᠬᠦᠯᠵᠦ ᠪᠠᠶ᠋ᠢᠭ᠎ᠠ ᠵᠢᠨ ᠪᠤᠳᠠᠳᠤ ᠢᠯᠠᠷᠠᠯ ᠪᠤᠯᠤᠨ᠎ᠠ᠃ ᠤᠳᠤᠬᠠᠨ᠎ᠤ ᠨᠢᠳᠤᠨ ᠠ᠋ᠮᠤᠨ᠎ᠠ ᠦᠵᠡᠭᠳᠠᠨ ᠶᠠᠷᠢᠭᠳᠠᠵᠦ ᠨᠠᠶ᠋ᠢᠭᠡᠮ᠎ᠤᠨ ᠬᠦᠨᠳᠤ ᠴᠢᠬᠤᠯᠠ ᠠᠰᠠᠭᠤᠳᠠᠯ ᠪᠤᠯᠵᠦ ᠪᠠᠶ᠋ᠢᠭ᠎ᠠ 《ᠤᠳᠤ ᠵᠢᠨ ᠭᠡᠦᠭᠡᠳ᠎ᠤᠳ ᠭᠡᠴᠠᠬᠦᠤ ᠪᠤᠯᠵᠠᠢ᠂ ᠪᠦᠷ ᠪᠠᠯᠠᠨ᠎ᠢ ᠢᠳᠠᠵᠦ ᠵᠠᠯᠠᠨ᠎ᠢ ᠭᠡᠷᠡᠭᠯᠠᠨ ᠠᠮᠢᠳᠤᠷᠠᠭ᠍ᠤ ᠪᠤᠯᠤᠭᠰᠠᠠ᠂ ᠬᠤᠵᠢᠮ ᠶᠠᠭ᠋ᠠᠬᠢᠳᠠᠭ ᠶᠤᠮ ᠮᠠᠳᠠᠬᠦ ᠦᠭᠡᠢ》 ᠭᠡᠳᠡᠭ᠎ᠤᠨ ᠭᠤᠤᠯ ᠦᠨᠳᠤᠰᠤ᠎ᠨᠢ ᠡᠴᠢᠭᠡ ᠠ᠋ᠭᠡ ᠪᠤᠯᠤᠭᠰᠠᠳ ᠭᠡᠦᠭᠡᠳ ᠵᠶ᠋ᠠᠨ ᠭᠡᠳᠤ ᠬᠠᠶ᠋ᠢᠷᠠᠯᠠᠨ᠂ ᠤᠴᠢᠷ ᠶᠠᠪᠤᠳᠠᠯ ᠪᠦᠬᠦᠨ᠎ᠢ᠎ᠨᠢ ᠤᠷᠤᠯᠠᠨ ᠬᠦᠢ᠍ᠴᠠᠳᠭᠡᠬᠦ ᠪᠤᠯᠤᠭᠰᠠᠠ᠎ᠠᠴᠠ ᠪᠠᠶ᠎ᠠ᠎ᠪᠠᠨ ᠳᠠᠭ᠋ᠠᠭ᠋ᠠᠬᠤ ᠴᠢᠳᠠᠪᠤᠷᠢ ᠦᠭᠡᠢ᠂ ᠨᠠᠶ᠋ᠢᠭᠡᠮ ᠤᠷᠴᠢᠨ᠎ᠳᠤ ᠵᠤᠬᠢᠴᠠᠭ᠍ᠤ ᠴᠢᠳᠠᠪᠤᠷᠢ ᠳᠤᠷᠤᠢ᠂ ᠦᠪᠠᠷ᠎ᠤᠨ ᠭᠡᠰᠠᠠ ᠦᠵᠠᠯᠳᠠ ᠪᠤᠳᠤᠯ ᠦᠭᠡᠢ ᠬᠦᠮᠤᠨ ᠪᠤᠯᠭ᠋ᠠᠨ ᠬᠦᠮᠤᠵᠢᠬᠦᠯᠵᠦ ᠪᠠᠶ᠋ᠢᠬᠤ᠎ᠠᠴᠠ ᠪᠤᠯᠤᠭᠰᠠᠠ᠃ 《ᠬᠠᠯᠠ᠎ᠨᠢ ᠭᠠᠳᠠᠨ᠎ᠠ᠎ᠪᠠᠨ᠂ ᠬᠠᠶ᠋ᠢᠷ᠎ᠠ᠎ᠨᠢ ᠳᠤᠳᠤᠨ᠎ᠠ          ᠎ᠪᠠᠨ》 ᠭᠡᠬᠦ ᠮᠠᠷᠭᠡᠨ ᠦᠭᠡ ᠪᠠᠶ᠋ᠢᠳᠠᠭ ᠰᠢᠤ! ᠭᠡᠦᠭᠡᠳ ᠵᠶ᠋ᠠᠨ ᠵᠦᠪ ᠬᠦᠮᠤᠨ ᠪᠤᠯᠭ᠋ᠠᠨ ᠬᠦᠮᠤᠵᠢᠬᠦᠯᠬᠦ᠎ᠳᠤ ᠡᠴᠢᠭᠡ ᠠ᠋ᠭᠡ ᠪᠤᠯᠤᠭᠰᠠᠳ ᠦᠪᠠᠷ ᠵᠶ᠋ᠠᠨ ᠤᠯᠠᠮᠵᠢᠯᠠᠯᠳᠤ ᠭᠡᠷ᠎ᠤᠨ ᠰᠤᠷᠭ᠋ᠠᠯ ᠵᠶ᠋ᠠᠨ ᠮᠠᠷᠳᠠᠵᠦ ᠪᠤᠯᠬᠤ ᠦᠭᠡᠢ ᠭᠡᠳᠡᠭ᠎ᠢ ᠰᠠᠨᠠᠭᠤᠯᠤᠮᠠᠷ ᠪᠠᠶ᠋ᠢᠨ᠎ᠠ᠃
      3. ᠡᠴᠢᠭᠡ ᠠ᠋ᠭᠡ ᠪᠤᠯᠤᠭᠰᠠᠳ ᠭᠡᠦᠭᠡᠳ ᠵᠶ᠋ᠠᠨ ᠬᠠᠶ᠋ᠢᠷ᠎ᠠ ᠠ᠋ᠨᠠᠷᠢᠯ᠎ᠤᠨ ᠰᠠᠳᠬᠢᠯᠭᠡ᠎ᠲᠠᠢ ᠪᠤᠯᠭ᠋ᠠᠵᠦ ᠬᠦᠮᠤᠵᠢᠬᠦᠯᠬᠦ ᠵᠢ ᠤᠮᠳᠤᠭ᠋ᠠᠶ᠋ᠢᠯᠠᠵᠦ ᠪᠤᠯᠬᠤ ᠦᠭᠡᠢ
      ᠮᠤᠩᠭᠤᠯᠴᠤᠳ ᠤᠤᠯ᠎ᠠᠴᠠ᠎ᠪᠠᠨ ᠨᠢᠭᠡ᠎ᠨᠢ ᠵᠤᠪᠠᠪᠠᠯ ᠨᠠᠶ᠋ᠢᠳᠠ᠎ᠪᠠᠷ ᠵᠶ᠋ᠠᠨ ᠳᠠᠮᠵᠢᠵᠦ ᠶᠠᠪᠤᠳᠠᠭ ᠰᠠᠶ᠋ᠢᠬᠠᠨ ᠤᠯᠠᠮᠵᠢᠯᠠᠯ᠎ᠲᠠᠢ ᠦᠨᠳᠤᠰᠤᠳᠠᠨ ᠪᠢᠯᠠ᠃ ᠦᠨᠢᠷ ᠪᠠᠶᠠᠨ ᠦᠪ ᠰᠤᠶᠤᠯ ᠵᠶ᠋ᠠᠨ ᠳᠠᠭᠡᠳᠤᠯᠠᠨ 《ᠬᠠᠮᠳᠤ ᠵᠢᠨ ᠬᠦᠴᠤᠨ᠎ᠳᠤ ᠬᠠᠳᠠ ᠴᠢᠯᠠᠭᠤ ᠴᠤ᠌ ᠬᠠᠶ᠋ᠢᠯᠤᠨ᠎ᠠ》 ᠭᠡᠳᠡᠭ ᠪᠠᠳᠤ ᠵᠤᠷᠢᠭ ᠵᠶ᠋ᠠᠷ ᠬᠠᠷᠢᠯᠴᠠᠨ ᠳᠠᠮᠵᠢᠯᠴᠠᠬᠦ᠂ ᠬᠠᠷᠢᠯᠴᠠᠨ ᠳᠦᠰᠢᠯᠴᠠᠬᠦ ᠬᠠᠶ᠋ᠢᠷ᠎ᠠ ᠠ᠋ᠨᠠᠷᠢᠯ᠎ᠤᠨ ᠬᠦᠴᠤᠨ᠎ᠳᠤ ᠠᠮᠢᠳᠤᠷᠠᠯ᠎ᠤᠨ ᠠᠯᠢᠪᠠ ᠬᠦᠴᠢᠷ ᠵᠤᠪᠠᠯᠠᠩ᠎ᠢ ᠠᠵᠢᠭ ᠴᠤ᠌ ᠦᠭᠡᠢ ᠳᠤᠭᠤᠯᠤᠨ ᠦᠨᠤᠳᠤᠷ ᠬᠦᠷᠴᠤ ᠢᠷᠡᠭᠰᠠᠠ ᠳᠠᠦᠭᠡ᠎ᠲᠠᠢ᠃ ᠮᠤᠨᠭ᠌ᠭᠤᠯᠴᠤᠳ ᠠ᠋ᠷᠳᠠᠨ᠎ᠠᠴᠠ᠎ᠪᠠᠨ 《ᠤᠳᠠᠰᠤ ᠵᠠᠬᠦᠨ᠎ᠤ ᠠᠴᠢ ᠵᠢ ᠠᠭᠤᠯᠠ᠎ᠪᠠᠷ ᠬᠠᠷᠢᠭᠤᠯᠠᠭ᠍ᠤ》 ᠰᠠᠶ᠋ᠢᠬᠠᠨ ᠵᠠᠩᠰᠢᠯ᠎ᠲᠠᠢ᠎ᠠᠴᠠ ᠪᠤᠰᠤᠳ᠎ᠤᠨ ᠠᠴᠢ ᠠ᠋ᠨᠠᠷᠢᠯ ᠬᠠᠶ᠋ᠢᠷ᠎ᠠ ᠬᠠᠯᠠᠮᠵᠢ ᠵᠢ ᠨᠠᠰᠤᠨ ᠳᠤᠷᠰᠢᠳᠠ ᠮᠠᠷᠳᠠᠯ ᠦᠭᠡᠢ ᠦᠶ᠎ᠠ ᠵᠠᠯᠭ᠋ᠠᠨ ᠤᠯᠠᠮᠵᠢᠯᠠᠵᠦ ᠶᠠᠪᠤᠳᠠᠭ ᠠᠷᠢᠭᠤᠨ ᠵᠠᠩᠰᠢᠯ᠎ᠲᠠᠢ ᠦᠨᠳᠤᠰᠤᠳᠠᠨ ᠶᠤᠮ᠃ ᠭᠡᠳᠠᠯ᠎ᠠ ᠤᠳᠤ ᠪᠤᠯᠬᠤ᠎ᠳᠤ ᠭᠡᠦᠭᠡᠳ ᠪᠠᠭ᠋ᠠᠴᠤᠤᠯ ᠭᠡᠳᠤ ᠬᠤᠪᠢᠨᠴᠢᠷ᠂ ᠬᠠᠷᠠᠮᠴᠢ 《ᠪᠠᠶ᠎ᠠ ᠳᠦᠪᠳᠤ》 ᠬᠦᠮᠤᠨ ᠪᠤᠯᠵᠦ ᠪᠠᠶ᠋ᠢᠭ᠎ᠠ᠎ᠨᠢ ᠭᠡᠷ᠎ᠤᠨ ᠠᠬᠠᠮᠠᠳ᠎ᠤᠨ ᠬᠦᠮᠤᠵᠢᠯ ᠳᠤᠳᠤᠮᠳᠠᠯᠭ᠎ᠠ ᠳᠤᠳᠠᠭᠤ ᠪᠤᠯᠵᠦ ᠪᠠᠶ᠋ᠢᠭ᠎ᠠ ᠵᠢᠨ ᠪᠠᠰᠠ ᠨᠢᠭᠡ ᠠᠯᠳᠠᠭ᠎ᠠ ᠭᠡᠵᠦ ᠦᠵᠠᠵᠦ ᠪᠤᠢ᠃ ᠪᠠᠭ᠎ᠠ ᠭᠡᠦᠭᠡᠳ ᠤᠴᠢᠷ ᠶᠤᠰᠤ ᠤᠶ᠋ᠢᠯᠠᠭ᠋ᠠᠬᠤ ᠦᠭᠡᠢ ᠪᠠᠶ᠋ᠢᠬᠤ᠎ᠨᠢ ᠮᠠᠳᠠᠭᠡᠵᠢ᠂ ᠡᠴᠢᠭᠡ ᠠ᠋ᠭᠡ ᠪᠤᠯᠤᠭᠰᠠᠳ ᠠ᠋ᠩ᠎ᠤᠨ ᠠᠮᠢᠳᠤᠷᠠᠯ ᠳᠤᠮᠳᠠ᠎ᠪᠠᠨ ᠡᠴᠢᠭᠡ ᠠ᠋ᠭᠡ᠂ ᠠᠬᠠᠮᠠᠳ ᠳᠤᠮᠤᠭ᠋ᠠᠳᠠᠨ ᠵᠶ᠋ᠠᠨ ᠬᠦᠨᠳᠤᠯᠠᠨ ᠬᠠᠶ᠋ᠢᠷᠠᠯᠠᠭ᠍ᠤ᠂ ᠠᠴᠢᠯᠠᠵᠦ ᠠ᠋ᠨᠠᠷᠢᠬᠦ ᠪᠤᠳᠠᠳᠤ ᠦᠢ᠍ᠯᠠᠳᠤᠯᠭᠡ᠎ᠪᠠᠷ ᠵᠶ᠋ᠠᠨ ᠳᠠᠭᠤᠷᠢᠶᠠᠯ ᠪᠤᠯᠵᠦ ᠭᠡᠦᠭᠡᠳ ᠵᠶ᠋ᠠᠨ ᠪᠤᠰᠤᠳ᠎ᠢ ᠳᠠᠮᠵᠢᠬᠦ᠂ ᠪᠤᠰᠤᠳ᠎ᠢ ᠬᠦᠨᠳᠤᠳᠭᠡᠨ ᠬᠠᠯᠠᠮᠵᠢᠯᠠᠭ᠍ᠤ ᠬᠠᠶ᠋ᠢᠷ᠎ᠠ ᠠ᠋ᠨᠠᠷᠢᠯ᠎ᠤᠨ ᠰᠠᠳᠬᠢᠯᠭᠡ᠎ᠲᠠᠢ ᠪᠤᠯᠭ᠋ᠠᠵᠦ ᠬᠦᠮᠤᠵᠢᠬᠦᠯᠬᠦ ᠵᠢ ᠠᠩᠬᠠᠷᠬᠤ ᠭᠡᠷᠡᠭᠳᠠᠢ᠃ ᠢᠩᠬᠢᠮᠠᠨᠵᠢᠨ ᠬᠦᠴᠢᠷ ᠵᠤᠪᠠᠯᠠᠩ ᠵᠶ᠋ᠠᠨ ᠬᠠᠮᠳᠤᠳᠬᠠᠭᠰᠠᠠ ᠰᠠᠳᠬᠢᠯ᠎ᠤᠨ ᠰᠠᠶ᠋ᠢᠬᠠᠨ ᠨᠠᠶ᠋ᠢᠵᠠ᠎ᠲᠠᠢ᠂ ᠬᠠᠶ᠋ᠢᠷ᠎ᠠ ᠠ᠋ᠨᠠᠷᠢᠯ ᠵᠶ᠋ᠠᠷ ᠰᠠᠭᠤᠷᠢᠯᠠᠭᠰᠠᠠ ᠠᠮᠢᠳᠤᠷᠠᠯ᠎ᠤᠨ ᠰᠠᠶ᠋ᠢᠬᠠᠨ ᠳᠦᠰᠢᠭ᠎ᠲᠠᠢ ᠪᠤᠯᠵᠦ᠂ ᠠᠵᠢᠯ ᠰᠤᠷᠤᠯᠭ᠎ᠠ᠂ ᠠᠮᠢᠳᠤᠷᠠᠯ ᠦᠢ᠍ᠯᠠᠰ ᠵᠶ᠋ᠠᠨ ᠠᠮᠵᠢᠯᠳᠠ᠎ᠲᠠᠢ ᠴᠤᠭᠴᠠᠯᠠᠨ ᠪᠦᠳᠤᠭᠡᠵᠦ᠂ ᠨᠠᠶ᠋ᠢᠭᠡᠮ ᠨᠠᠶ᠋ᠢᠳᠠ᠎ᠳᠤ ᠭᠡᠷᠡᠭᠴᠡᠭᠡ᠎ᠲᠠᠢ ᠬᠦᠮᠤᠨ ᠪᠤᠯᠵᠦ ᠴᠢᠳᠠᠨ᠎ᠠ ᠭᠡᠵᠦ ᠦᠵᠠᠵᠦ ᠪᠤᠢ᠃
      ᠬᠤᠶᠠᠷ᠂ ᠭᠡᠦᠭᠡᠳ᠎ᠤᠨ ᠰᠠᠢ᠍ᠢ᠍ᠨ ᠳᠠᠳᠬᠠᠯ᠎ᠲᠠᠢ ᠪᠤᠯᠵᠦ ᠬᠦᠮᠦᠵᠢᠭᠳᠡᠬᠦ᠎ᠳᠤ ᠪᠠᠭᠰᠢ ᠵᠢᠨ ᠦᠵᠠᠬᠦᠯᠬᠦ ᠨᠦᠯᠤᠭᠡ
      ᠰᠤᠷᠬᠤ ᠵᠢᠨ ᠰᠠᠶ᠋ᠢᠬᠠᠨ ᠬᠦᠰᠠᠯ ᠵᠶ᠋ᠠᠷ ᠰᠤᠷᠭ᠋ᠠᠭᠤᠯᠢ ᠵᠢᠨ ᠪᠤᠱ᠌ᠤᠭ᠎ᠠ ᠠᠯᠬᠤᠭᠰᠠᠠ ᠴᠠᠭ᠎ᠠᠴᠠ ᠪᠠᠭᠰᠢ ᠭᠡᠳᠡᠭ ᠠ᠋ᠷᠬᠢᠮ ᠠᠯᠳᠠᠷ᠎ᠢ ᠠ᠋ᠷᠬᠦᠨ᠂ ᠪᠠᠭᠰᠢ ᠵᠢᠨ ᠭᠡᠯᠡᠭᠰᠠᠠ 《ᠵᠠᠷᠯᠢᠭ》᠎ᠢ ᠡᠴᠢᠭᠡ ᠠ᠋ᠭᠡ ᠵᠢᠨ ᠦᠭᠡ᠎ᠠᠴᠠ ᠴᠤ᠌ ᠦᠨᠠᠴᠢᠯᠠᠨ᠂ ᠵᠦᠷᠢᠴᠠᠯ ᠦᠭᠡᠢ ᠪᠠᠶᠠᠯᠠᠬᠦᠯᠵᠦ ᠶᠠᠪᠤᠬᠤ ᠭ᠋ᠭᠢᠷ ᠦᠭᠡᠢ ᠰᠠᠶ᠋ᠢᠬᠠᠨ ᠰᠠᠳᠬᠢᠯ᠎ᠲᠠᠢ ᠭᠡᠦᠭᠡᠳ᠎ᠲᠤ ᠪᠠᠭᠰᠢ ᠵᠢᠨ ᠦᠵᠠᠬᠦᠯᠬᠦ ᠨᠦᠯᠤᠭᠡ ᠪᠠᠰᠠ ᠴᠢᠬᠤᠯᠠ ᠦᠢ᠍ᠯᠠᠳᠤᠯ ᠦᠵᠠᠬᠦᠯᠳᠡᠭ᠃
      1. ᠪᠠᠭᠰᠢ ᠵᠢᠨ ᠦᠭᠡ ᠶᠠᠷᠢᠶ᠎ᠠ᠂ ᠦᠢ᠍ᠯᠠ ᠠᠵᠢᠯᠯᠠᠭ᠎ᠠ ᠭᠡᠦᠭᠡᠳ᠎ᠤᠨ ᠬᠦᠮᠤᠵᠢᠯ᠎ᠳᠤ ᠵᠤᠬᠢᠬᠤ ᠨᠦᠯᠤᠭᠡ ᠦᠵᠠᠬᠦᠯᠳᠡᠭ᠃
      ᠭᠡᠦᠭᠡᠳ᠎ᠤᠨ ᠰᠠᠳᠬᠢᠯ᠎ᠳᠤ ᠪᠠᠭᠰᠢ ᠪᠤᠯ ᠬᠠᠮᠤᠭ᠎ᠤᠨ ᠠ᠋ᠷᠬᠢᠮ ᠬᠦᠮᠤᠨ ᠪᠠᠶ᠋ᠢᠵᠦ ᠦᠨᠳᠤᠷ ᠪᠠᠶ᠋ᠢᠷᠢ ᠰᠠᠭᠤᠷᠢ ᠡᠵᠠᠯᠠᠵᠦ ᠪᠠᠶ᠋ᠢᠳᠠᠭ᠃ ᠪᠠᠭᠰᠢ ᠵᠢᠨ ᠭᠡᠯᠡᠭᠰᠠᠠ ᠦᠭᠡ᠂ ᠬᠢᠳᠠᠯ ᠪᠠᠷᠢᠯ᠎ᠨᠢ ᠪᠦᠷ ᠰᠤᠷᠤᠭᠴᠢᠳ᠎ᠤᠨ ᠳᠠᠭ᠋ᠠᠵᠦ ᠰᠤᠷᠤᠯᠴᠠᠭ᠍ᠤ ᠪᠠᠷᠢᠮᠵᠢᠶ᠎ᠠ ᠵᠦᠭᠯᠠᠬᠦᠷ ᠪᠤᠯᠳᠠᠭ ᠤᠴᠢᠷ᠎ᠠᠴᠠ ᠪᠠᠭᠰᠢ ᠪᠤᠯᠤᠭᠰᠠᠳ ᠦᠪᠠᠷ᠎ᠤᠨ ᠭᠡᠯᠡᠭᠰᠠᠠ ᠦᠭᠡᠨ᠎ᠳᠤ᠎ᠪᠠᠨ ᠬᠦᠷᠴᠤ᠂ ᠬᠢᠭᠰᠡᠠ ᠠᠵᠢᠯᠯᠠᠭ᠎ᠠ᠎ᠳᠤ᠎ᠪᠠᠨ ᠡᠵᠠᠨ ᠰᠠᠭᠤᠬᠤ ᠬᠠᠷᠢᠭᠤᠴᠠᠯᠭ᠋ᠠᠳᠤ ᠰᠠᠳᠬᠢᠯᠭᠡ᠎ᠲᠠᠢ ᠪᠠᠶ᠋ᠢᠬᠤ ᠭᠡᠷᠡᠭᠳᠠᠢ᠃ ᠠ᠋ᠰᠠ ᠳᠠᠶ᠋ᠢᠮᠤ ᠪᠤᠯ ᠭᠡᠦᠭᠡᠳ᠎ᠤᠨ ᠪᠠᠶ᠎ᠠ᠎ᠳᠤ ᠬᠤᠳᠠᠯ ᠭᠡᠯᠠᠬᠦ᠂ ᠴᠠᠭ᠎ᠤᠨ ᠠᠵᠢᠯ ᠵᠶ᠋ᠠᠨ ᠴᠠᠭ᠎ᠲᠤ᠎ᠪᠠᠨ ᠪᠠᠶᠠᠯᠠᠬᠦᠯᠬᠦ ᠦᠭᠡᠢ ᠠᠯᠠᠩ ᠰᠠᠯᠠᠩ ᠵᠠᠩ ᠠᠶᠠᠨᠳᠠᠭ᠋ᠠᠨ ᠢᠯᠠᠷᠠᠵᠦ᠂ 《ᠰᠢᠳᠤᠨ ᠪᠢᠰᠢᠷᠡᠭᠴᠢ》᠎ᠪᠠᠨ ᠳᠠᠭ᠋ᠠᠵᠦ ᠪᠠᠶ᠋ᠢᠬᠤ ᠶᠤᠮ ᠴᠢᠨᠢ ᠪᠤᠷᠤᠭᠤᠳᠠᠭ᠍ᠤ ᠶᠤᠰᠤ ᠦᠭᠡᠢ ᠭᠡᠮᠠᠨ ᠰᠢᠯᠤᠭᠤᠬᠠᠨ ᠤᠷᠤᠭᠰᠢᠯᠠᠵᠦ ᠡᠴᠤᠰ᠎ᠲᠤ᠎ᠪᠠᠨ ᠭᠡᠯᠡᠭᠰᠠᠠ ᠦᠭᠡᠨ᠎ᠳᠤ᠎ᠪᠠᠨ ᠡᠵᠠᠨ ᠰᠠᠭᠤᠬᠤ ᠦᠨᠠᠨᠴᠢ ᠢᠳᠠᠭᠡᠮᠵᠢ ᠦᠭᠡᠢ᠂ ᠬᠢᠭᠰᠡᠠ ᠦᠢ᠍ᠯᠠ᠎ᠳᠤ᠎ᠪᠠᠨ ᠬᠠᠷᠢᠭᠤᠴᠠᠯᠭ᠎ᠠ ᠠ᠋ᠬᠦᠷᠭᠡᠯᠠᠬᠦ ᠵᠤᠷᠢᠭ ᠰᠦᠰᠤ ᠦᠭᠡᠢ ᠶᠠᠳᠠᠩᠬᠢ ᠳᠤᠷᠤᠢ ᠬᠦᠮᠤᠨ ᠪᠤᠯᠵᠦ ᠬᠦᠮᠦᠵᠢᠭᠳᠡᠬᠦ ᠪᠤᠯᠤᠮᠵᠢ᠎ᠲᠠᠢ ᠪᠠᠶ᠋ᠢᠳᠠᠭ᠃ ᠠ᠋ᠶ᠋ᠢᠮᠤ᠎ᠠᠴᠠ ᠪᠠᠭᠰᠢ ᠪᠤᠯᠤᠭᠰᠠᠳ ᠨᠢᠭᠡ ᠵᠤᠷᠢᠭ ᠦᠨᠠᠨᠴᠢ ᠰᠠᠳᠬᠢᠯᠭᠡ᠎ᠪᠠᠷ ᠪᠠᠶ᠎ᠠ᠎ᠪᠠᠨ ᠴᠢᠩᠭ᠎ᠠ ᠱᠠᠭ᠋ᠠᠷᠳᠠᠨ᠂ ᠵᠦᠪ ᠪᠤᠯᠪᠠᠰᠤᠨ ᠳᠠᠭᠤᠷᠢᠶᠠᠯ᠎ᠤᠨ ᠦᠢ᠍ᠯᠠᠳᠤᠯ ᠦᠵᠠᠬᠦᠯᠤᠨ ᠦᠨᠳᠤᠰᠤᠳᠠᠨ᠎ᠤ᠎ᠪᠠᠨ ᠬᠤᠶ᠋ᠢᠴᠢ ᠦᠶ᠎ᠠ ᠵᠢᠨ ᠮᠠᠨᠳᠤᠯ ᠬᠦᠭᠵᠢᠯ᠎ᠳᠤ ᠦᠪᠠᠷ᠎ᠤᠨ ᠠᠯᠢᠪᠠ᠎ᠪᠠᠨ ᠦᠷᠡᠭᠳᠠᠬᠦᠯᠬᠦ ᠠᠷᠢᠭᠤᠨ ᠴᠢᠭᠡᠴᠢ 《ᠯᠠ》 ᠪᠤᠯᠵᠦ ᠭᠡᠷᠠᠯᠳᠤᠬᠦ ᠵᠢ ᠪᠠᠶᠠᠯᠠᠬᠦᠯᠬᠦ ᠭᠡᠷᠡᠭᠳᠠᠢ᠃
      2. ᠪᠠᠭᠰᠢ ᠵᠢᠨ ᠠ᠋ᠨᠠᠷᠢᠩᠬᠦᠢ ᠵᠦᠭᠡᠯᠠᠨ ᠰᠠᠳᠬᠢᠯ᠂ ᠨᠠᠶ᠋ᠢᠳᠠᠴᠢ ᠦᠵᠠᠯ ᠪᠤᠳᠤᠯ᠎ᠨᠢ ᠭᠡᠦᠭᠡᠳ᠎ᠤᠨ ᠬᠦᠮᠤᠵᠢᠯ᠎ᠳᠤ ᠳᠠᠭᠤᠷᠢᠶᠠᠯ ᠦᠢ᠍ᠯᠠᠳᠤᠯ ᠦᠵᠠᠬᠦᠯᠳᠡᠭ᠃
      ᠨᠠᠰᠤᠨ᠎ᠤ ᠤᠨᠴᠠᠯᠢᠭ᠎ᠠᠴᠠ᠎ᠪᠠᠨ ᠪᠤᠯᠵᠦ ᠪᠠᠭ᠎ᠠ ᠭᠡᠦᠭᠡᠳ᠎ᠤᠨ ᠳᠠᠭᠤᠷᠢᠶᠠᠭ᠍ᠤ ᠰᠤᠷᠬᠤ ᠴᠢᠳᠠᠪᠤᠷᠢ ᠮᠠᠰᠢ ᠴᠢᠩᠭ᠎ᠠ ᠪᠠᠶ᠋ᠢᠳᠠᠭ᠃ ᠪᠠᠭ᠎ᠠ ᠰᠤᠷᠭ᠋ᠠᠭᠤᠯᠢ ᠵᠢᠨ ᠰᠤᠷᠤᠭᠴᠢ ᠪᠠᠭᠰᠢ ᠵᠢᠨ ᠵᠶ᠋ᠠᠨ ᠦᠭᠡ ᠶᠠᠷᠢᠶ᠎ᠠ᠂ ᠬᠦᠳᠠᠯᠤᠯ ᠪᠠᠷᠢᠯ᠂ ᠠ᠋ᠮᠤᠰᠴᠤ ᠵᠠᠬᠦᠬᠦ᠂ ᠵᠠᠰᠠᠵᠦ ᠭᠤᠶᠤᠬᠤ ᠵᠢ ᠬᠦᠷᠳᠠᠯ᠎ᠠ ᠳᠠᠭᠤᠷᠢᠶᠠᠨ ᠵᠢᠩᠬᠢᠨᠢ ᠰᠢᠳᠤᠨ ᠪᠢᠰᠢᠷᠡᠭᠴᠢ᠎ᠪᠠᠨ ᠪᠤᠯᠭ᠋ᠠᠵᠦ ᠬᠦᠨᠳᠤᠳᠭᠡᠨ ᠳᠤᠳᠤᠨᠤ ᠬᠦᠮᠤᠨ ᠵᠶ᠋ᠠᠷ ᠰᠠᠳᠬᠢᠯ᠎ᠳᠤ᠎ᠪᠠᠨ ᠦᠨᠳᠤᠷ ᠪᠠᠶ᠋ᠢᠷᠢ᠎ᠳᠤ ᠳᠠᠯᠪᠢᠳᠠᠭ᠃ ᠠ᠋ᠶ᠋ᠢᠮᠤ᠎ᠠᠴᠠ ᠤᠨᠴᠠᠭ᠋ᠠᠶ᠋ᠢᠯᠠᠨ ᠪᠠᠭ᠎ᠠ ᠰᠤᠷᠭ᠋ᠠᠭᠤᠯᠢ ᠵᠢᠨ ᠪᠠᠭᠰᠢ ᠪᠤᠯᠤᠭᠰᠠᠳ ᠰᠤᠷᠤᠭᠴᠢ ᠵᠢᠨ ᠳᠠᠷᠭᠡᠳᠠᠬᠢ ᠦᠭᠡ ᠶᠠᠷᠢᠶ᠎ᠠ᠂ ᠦᠢ᠍ᠯᠠ ᠬᠦᠳᠠᠯᠤᠯ᠂ ᠠᠭ᠋ᠠᠰᠢ ᠵᠠᠩ ᠵᠶ᠋ᠠᠨ ᠬᠦᠷᠳᠠᠯ᠎ᠠ ᠳᠦᠪ ᠠ᠋ᠷᠬᠢᠮᠰᠦᠭ ᠪᠠᠶ᠋ᠢᠯᠭ᠋ᠠᠬᠤ ᠵᠢ ᠠᠩᠬᠠᠷᠬᠤ ᠭᠡᠷᠡᠭᠳᠠᠢ᠃ ᠨᠢᠭᠡ ᠰᠢᠯᠢᠳᠡᠭ ᠰᠠᠶ᠋ᠢᠨ ᠪᠠᠭᠰᠢ᠎ᠨᠢ ᠰᠤᠷᠤᠭᠴᠢ᠎ᠳᠤ᠎ᠪᠠᠨ ᠠ᠋ᠷᠭᠡ ᠳᠡᠭᠰᠢ ᠬᠠᠨᠳᠤᠨ ᠰᠤᠷᠤᠯᠭ᠎ᠠ ᠰᠠᠶ᠋ᠢᠨ᠂ ᠰᠤᠷᠤᠯᠭ᠎ᠠ ᠠᠨᠠᠢ ᠭᠡᠦᠭᠡᠳ᠎ᠢ ᠢᠯᠭ᠋ᠠᠨ ᠰᠠᠯᠭ᠋ᠠᠵᠦ ᠦᠵᠠᠬᠦ ᠦᠭᠡᠢ᠂ ᠬᠠᠷᠢᠨ ᠰᠤᠷᠤᠯᠭ᠎ᠠ ᠠᠮᠢᠳᠤᠷᠠᠯ᠎ᠳᠤ᠎ᠪᠠᠨ ᠬᠦᠴᠢᠷᠳᠠᠯᠳᠠᠢ ᠭᠡᠦᠭᠡᠳ᠎ᠢ ᠤᠯᠠᠮ ᠢᠯᠠᠬᠦᠤ ᠬᠠᠯᠠᠮᠵᠢᠯᠠᠨ᠂ ᠠ᠋ᠨᠠᠷᠢᠩᠬᠦᠢ ᠵᠦᠭᠡᠯᠠᠨ ᠬᠠᠨᠳᠤᠵᠦ᠂ ᠦᠪᠠᠷ᠎ᠤᠨ ᠦᠷᠤ ᠵᠦᠭᠡᠯᠠᠨ᠂ ᠭᠤᠶᠠᠴᠢ ᠦᠭᠡᠢ ᠰᠠᠳᠬᠢᠯᠭᠡ᠎ᠪᠠᠷ ᠵᠶ᠋ᠠᠨ ᠳᠠᠳᠠᠨ᠎ᠳᠤ ᠰᠠᠳᠬᠢᠯ᠎ᠤᠨ ᠳᠦᠰᠢᠭ ᠪᠤᠯᠵᠦ᠂ ᠬᠤᠵᠢᠮ᠎ᠤᠨ ᠠᠵᠢᠯ ᠠᠮᠢᠳᠤᠷᠠᠯ᠎ᠳᠤ ᠳᠠᠭᠤᠷᠢᠶᠠᠯ ᠪᠤᠯᠬᠤ ᠵᠢᠱ᠌ᠢᠶᠠᠴᠢ ᠦᠢ᠍ᠯᠠᠳᠤᠯ ᠵᠶ᠋ᠠᠨ ᠪᠠᠳᠠᠷᠠᠭᠤᠯᠵᠦ ᠴᠢᠳᠠᠳᠠᠭ ᠪᠠᠶ᠋ᠢᠨ᠎ᠠ᠃ ᠠ᠋ᠶ᠋ᠢᠮᠤ᠎ᠠᠴᠠ ᠪᠠᠭᠰᠢ ᠪᠤᠯᠤᠭᠰᠠᠳ ᠶᠠᠭᠤᠨ᠎ᠤ ᠳᠠᠷᠢᠬᠦᠨ᠎ᠳᠤ ᠡᠯ᠎ᠠ ᠳᠠᠯ᠎ᠠ ᠵᠢᠨ ᠭᠡᠪ ᠪᠤᠯᠪᠠᠰᠤᠷᠠᠯ ᠦᠨᠳᠤᠷ ᠪᠠᠶ᠋ᠢᠵᠦ᠂ ᠬᠠᠶ᠋ᠢᠷ᠎ᠠ ᠬᠠᠷᠢᠭᠤᠴᠠᠯᠭ᠎ᠠ ᠵᠢᠨ ᠰᠠᠳᠬᠢᠯᠭᠡ᠎ᠲᠠᠢ᠂ ᠠ᠋ᠨᠠᠷᠢᠩᠬᠦᠢ ᠵᠦᠭᠡᠯᠠᠨ᠂ ᠦᠪᠠᠷ᠎ᠢ᠎ᠪᠠᠨ ᠦᠷᠡᠭᠳᠠᠬᠦᠯᠬᠦ ᠭᠤᠶᠠᠴᠢ ᠦᠭᠡᠢ ᠰᠠᠳᠬᠢᠯᠭᠡ᠎ᠲᠠᠢ᠂ ᠤᠴᠢᠷ ᠶᠠᠪᠤᠳᠠᠯ ᠪᠦᠬᠦᠨ᠎ᠳᠤ ᠤᠯᠠᠨ ᠨᠠᠶ᠋ᠢᠳᠠ ᠵᠢᠨ ᠠ᠋ᠮᠤᠨ᠎ᠠ᠎ᠠᠴᠠ ᠪᠤᠳᠤᠵᠦ᠂ ᠦᠵᠠᠯᠳᠠ ᠳᠤᠳᠤᠷᠬᠠᠢ᠂ ᠵᠤᠭᠰᠤᠯᠳᠠ ᠪᠠᠳᠤ᠂ ᠴᠢᠩ ᠦᠨᠠᠨᠴᠢ ᠎ᠪᠠᠷ ᠨᠠᠢ᠍ᠢ᠍ᠭᠡᠮ᠎ᠤᠨ ᠮᠠᠨᠳᠤᠯ ᠬᠦᠭᠵᠢᠯ᠎ᠤᠨ ᠳᠦᠯᠤᠭᠡᠨ᠎ᠠ ᠦᠪᠠᠷ᠎ᠤᠨ ᠬᠤᠪᠢ ᠨᠠᠮᠠᠷᠢ᠎ᠪᠠᠨ ᠦᠵᠠᠬᠦᠯᠬᠦ ᠠ᠋ᠷᠬᠢᠮ ᠨᠠᠨᠳᠢᠨ ᠬᠠᠶ᠋ᠢᠷ᠎ᠠ᠂ ᠬᠠᠷᠢᠭᠤᠴᠠᠯᠭ᠋ᠠᠳᠤ ᠰᠠᠳᠬᠢᠯᠭᠡ᠎ᠲᠠᠢ ᠪᠠᠶ᠋ᠢᠬᠤ ᠵᠢ ᠪᠠᠶᠠᠯᠠᠬᠦᠯᠬᠦ ᠭᠡᠷᠡᠭᠳᠠᠢ᠃ ᠢᠩᠬᠢᠮᠠᠨᠵᠢᠨ ᠭᠡᠦᠭᠡᠳ᠎ᠢ ᠵᠦᠪ ᠠᠮᠢᠳᠤᠷᠠᠯ᠎ᠤᠨ ᠦᠵᠠᠯᠳᠠ᠂ ᠶᠢᠷᠳᠢᠨᠴᠤ ᠵᠢᠨ ᠦᠵᠠᠯᠳᠠ᠂ ᠦᠷᠳᠡᠭ᠎ᠤᠨ ᠦᠵᠠᠯᠳᠠ᠎ᠲᠠᠢ ᠬᠦᠮᠤᠨ ᠪᠤᠯᠭ᠋ᠠᠨ ᠬᠦᠮᠤᠵᠢᠬᠦᠯᠬᠦ ᠠᠩᠬᠠᠨ᠎ᠤ ᠰᠠᠭᠤᠷᠢ ᠵᠢ ᠪᠠᠳᠤ ᠳᠠᠯᠪᠢᠵᠦ᠂ ᠤᠯᠤᠰ ᠦᠨᠳᠤᠰᠤᠳᠠᠨ᠎ᠤ᠎ᠪᠠᠨ ᠬᠦᠭᠵᠢᠯ ᠪᠠᠳᠠᠷᠠᠯ᠎ᠳᠤ ᠬᠦᠴᠤᠨ ᠴᠢᠳᠠᠯ ᠵᠶ᠋ᠠᠨ ᠠ᠋ᠷᠬᠦᠵᠦ ᠴᠢᠳᠠᠭ᠍ᠤ ᠵᠦᠪ ᠬᠦᠮᠤᠨ᠎ᠢ ᠬᠦᠮᠤᠵᠢᠬᠦᠯᠵᠦ ᠴᠢᠳᠠᠨ᠎ᠠ ᠭᠡᠵᠦ ᠦᠵᠠᠵᠦ ᠪᠠᠶ᠋ᠢᠨ᠎ᠠ᠃
      ᠭᠤᠷᠪᠠ᠂ ᠨᠠᠶ᠋ᠢᠭᠡᠮ᠎ᠤᠨ ᠭᠡᠪ᠎ᠤᠨ ᠪᠤᠰᠤ ᠦᠵᠡᠭᠳᠠᠯ᠎ᠨᠢ ᠭᠡᠦᠭᠡᠳ᠎ᠤᠨ ᠬᠦᠮᠤᠵᠢᠯ᠎ᠳᠤ ᠵᠤᠬᠢᠬᠤ ᠨᠦᠯᠤᠭᠡ ᠦᠵᠠᠬᠦᠯᠵᠦ ᠪᠤᠢ᠃
      ᠨᠠᠶ᠋ᠢᠭᠡᠮ᠎ᠤᠨ ᠨᠢᠰᠬᠦ ᠮᠠᠳᠤ ᠳᠦᠷᠭᠡᠨ ᠬᠦᠭᠵᠢᠯᠳᠠ ᠵᠢ ᠳᠠᠭ᠋ᠠᠯᠳᠤᠨ᠂ ᠬᠦᠮᠤᠰ᠎ᠤᠨ ᠠᠮᠢᠳᠤᠷᠠᠯ ᠰᠢᠨ᠎ᠠ ᠵᠠᠭᠤᠴᠢᠯᠠᠭᠤᠷ ᠮᠠᠷᠭᠡᠵᠢᠯ ᠳᠦᠭᠡᠮᠠᠯᠵᠢᠵᠦ᠂ ᠭᠡᠦᠭᠡᠳ ᠪᠠᠭ᠎ᠠ᠎ᠠᠴᠠ᠎ᠪᠠᠨ ᠭᠠᠷ ᠤᠳᠠᠰᠤ᠂ ᠲᠸᠯᠸᠢᠰ ᠦᠵᠠᠬᠦ᠎ᠪᠠᠷ ᠬᠠᠨᠢ ᠪᠤᠯᠭ᠋ᠠᠨ ᠠᠮᠢᠳᠤᠷᠠᠭ᠍ᠤ ᠳᠠᠳᠬᠠᠯ᠎ᠲᠠᠢ ᠪᠤᠯᠤᠭᠰᠠᠠ ᠵᠶ᠋ᠠᠷ ᠳᠠᠳᠠᠭᠡᠷ ᠨᠠᠶ᠋ᠢᠭᠡᠮ᠎ᠤᠨ ᠭᠡᠪ᠎ᠤᠨ ᠪᠤᠰᠤ ᠦᠵᠡᠭᠳᠠᠯ ᠨᠢᠯᠬ᠎ᠠ ᠤᠶᠤᠨ᠎ᠳᠤ᠎ᠨᠢ ᠬᠠᠷ᠎ᠠ ᠳᠤᠯᠪᠤ ᠪᠤᠯᠵᠦ ᠦᠯᠠᠳᠠᠨ᠂ ᠳᠦᠪ ᠪᠤᠰᠤ ᠭᠡᠦᠭᠡᠳ ᠪᠤᠯᠵᠦ ᠬᠦᠮᠦᠵᠢᠭᠳᠡᠬᠦ᠎ᠳᠤ ᠵᠤᠬᠢᠬᠤ ᠨᠦᠯᠤᠭᠡ ᠦᠵᠠᠬᠦᠯᠵᠦ᠂ ᠵᠠᠯᠠᠭᠤ ᠪᠠᠭ᠎ᠠ ᠭᠡᠦᠭᠡᠳ᠎ᠤᠳ ᠵᠤᠷᠢᠯᠭ᠎ᠠ᠎ᠲᠠᠢ ᠡᠪᠳᠠᠯᠭᠡ ᠬᠢᠬᠦ ᠵᠢᠴᠢ ᠴᠢᠨᠠᠭᠰᠢᠯᠠᠭ᠋ᠠᠳ ᠬᠠᠤᠯᠢ᠎ᠠᠴᠠ ᠵᠦᠷᠢᠴᠠᠬᠦ ᠦᠵᠡᠭᠳᠠᠯ ᠵᠦᠩᠳᠠᠭᠡᠨ ᠭᠠᠷᠬᠤ ᠪᠤᠯᠤᠭᠰᠠᠠ᠃
      ᠭᠡᠦᠭᠡᠳ᠎ᠤᠨ ᠬᠦᠮᠤᠨ ᠪᠤᠯᠵᠦ ᠬᠦᠮᠦᠵᠢᠭᠳᠡᠬᠦ᠎ᠳᠤ ᠭᠡᠷ ᠪᠦᠯᠢ᠂ ᠰᠤᠷᠭ᠋ᠠᠭᠤᠯᠢ᠂ ᠨᠠᠶ᠋ᠢᠭᠡᠮ 《ᠭᠤᠷᠪᠠ ᠤᠶᠠᠯᠳᠤᠭᠰᠠᠠ》 ᠰᠤᠷᠭ᠋ᠠᠨ ᠬᠦᠮᠤᠵᠢᠯ ᠴᠢᠬᠤᠯᠠ ᠦᠢ᠍ᠯᠠᠳᠤᠯ ᠦᠵᠠᠬᠦᠯᠵᠦ ᠪᠠᠶ᠋ᠢᠳᠠᠭ᠎ᠢ ᠪᠢᠳᠠ ᠪᠦᠬᠦᠨ           ᠮᠠᠳᠠᠳᠡᠭ᠃ ᠭᠡᠬᠦ᠎ᠳᠤ᠎ᠪᠠᠨ ᠭᠡᠷ᠎ᠤᠨ ᠬᠦᠮᠤᠵᠢᠯ᠎ᠤᠨ ᠰᠠᠭᠤᠷᠢᠯᠠᠭᠴᠢ᠂ ᠭᠤᠤᠯᠯᠠᠭᠴᠢ ᠦᠢ᠍ᠯᠠᠳᠤᠯ᠎ᠢ ᠡᠴᠢᠭᠡ ᠠ᠋ᠭᠡ ᠪᠤᠯᠤᠭᠰᠠᠳ ᠶᠠᠭ᠋ᠠᠬᠢᠭᠰᠠᠠ ᠴᠤ᠌ ᠤᠮᠳᠤᠭ᠋ᠠᠶ᠋ᠢᠯᠠᠵᠦ ᠪᠤᠯᠬᠤ ᠦᠭᠡᠢ ᠪᠦᠭᠡᠳ ᠭᠡᠷ᠎ᠤᠨ ᠬᠦᠮᠤᠵᠢᠯ ᠭᠡᠦᠭᠡᠳ᠎ᠤᠨ ᠰᠠᠢ᠍ᠢ᠍ᠨ ᠰᠠᠶ᠋ᠢᠬᠠᠨ ᠳᠠᠳᠬᠠᠯ᠎ᠤᠨ ᠬᠦᠮᠤᠵᠢᠯ᠎ᠳᠤ ᠦᠵᠠᠬᠦᠯᠬᠦ ᠬᠠᠮᠤᠭ᠎ᠤᠨ ᠠᠩᠬᠠᠨ᠎ᠤ ᠮᠦᠷᠳᠠᠭᠡᠨ ᠰᠢᠢ᠍ᠳᠪᠤᠷᠢᠯᠡᠭᠴᠢ ᠦᠢ᠍ᠯᠠᠳᠤᠯ᠎ᠲᠠᠢ ᠪᠠᠶ᠋ᠢᠳᠠᠭ᠎ᠢ ᠬᠦᠨᠵᠠᠭᠡᠢ ᠤᠶ᠋ᠢᠯᠠᠭ᠋ᠠᠵᠦ᠂ ᠬᠤᠶ᠋ᠢᠴᠢ ᠨᠢᠭᠡ ᠦᠶ᠎ᠠ ᠵᠢᠨ᠎ᠬᠢᠨ ᠵᠶ᠋ᠠᠨ ᠮᠤᠷᠠᠯ ᠰᠤᠷᠳᠠᠯ᠂ ᠮᠠᠳᠠᠯᠭᠡ ᠪᠤᠯᠪᠠᠰᠤᠷᠠᠯ ᠡᠯ᠎ᠠ ᠳᠠᠯ᠎ᠠ᠎ᠪᠠᠷ ᠬᠦᠭᠵᠢᠭᠰᠡᠠ᠂ ᠦᠵᠠᠯᠳᠠ ᠳᠠᠨᠢᠯᠳᠠ ᠳᠠᠪᠰᠢᠩᠭᠤᠢ ᠵᠦᠪ ᠬᠦᠮᠤᠨ ᠪᠤᠯᠭ᠋ᠠᠨ ᠬᠦᠮᠤᠵᠢᠬᠦᠯᠬᠦ ᠵᠢ ᠠ᠋ᠭᠦᠷᠢᠳᠠ ᠪᠠᠷᠢᠮᠳᠠᠯᠠᠬᠤ ᠭᠡᠷᠡᠭᠳᠠᠢ᠃
      ᠠᠵᠢᠯᠯᠠᠵᠤ ᠪᠠᠢ᠍ᠢ᠍ᠭ᠎ᠠ ᠪᠠᠢ᠍ᠢ᠍ᠭᠤᠯᠭ᠎ᠠ᠄ ᠬᠦᠪᠡᠭᠡᠳᠤ ᠰᠢᠷ᠎ᠠ ᠬᠤᠰᠢᠭᠤᠨ᠎ᠤ 
                               ᠨᠢᠭᠡᠳᠤᠭᠡᠷ ᠪᠠᠭ᠎ᠠ ᠰᠤᠷᠭ᠋ᠠᠭᠤᠯᠢ 
                               (ᠠᠯᠳᠠᠨᠰᠦᠢ᠍ᠭᠡ ᠨᠠᠢ᠍ᠢ᠍ᠷᠠᠭᠤᠯᠪᠠ)


 

ᠢᠷᠡᠯᠲᠡ᠄ ᠥᠪᠥᠷ ᠮᠣᠩᠭᠤᠯ᠎ᠤᠨ ᠥᠪᠡᠷᠲᠡᠭᠡᠨ ᠵᠠᠰᠠᠬᠤ ᠣᠷᠣᠨ᠎ᠤ ᠰᠤᠷᠭ᠋ᠠᠨ ᠬᠥᠮᠥᠵᠢᠯ᠎ᠤᠨ ᠲᠢᠩᠬᠢᠮ
          
ᠬᠠᠮᠢᠶ᠎ᠡ ᠪᠦᠬᠦᠢ ᠰᠣᠨᠢᠨ
ᠬᠡᠤᠬᠡᠳ᠎ᠤᠨ ᠬᠠᠷᠢᠭᠤᠴᠠᠯᠭ᠋ᠠᠳᠤ ᠰᠡᠳᠬᠢᠯ᠎ᠢ ᠭᠡᠷᠬᠢᠨ ᠬᠦᠮᠦᠵᠢᠭᠦᠯᠬᠦ ᠪᠤᠢ
ᠰᠢᠨ᠎ᠠ ᠴᠠᠭ ᠠ᠋ᠷᠢᠨ᠎ᠤ ᠬᠡᠤᠭᠡᠳ᠎ᠢ ᠵᠦᠪ ᠬᠦᠮᠦᠵᠢᠬᠦᠯᠬᠦ ᠲᠤᠬᠠᠢ
ᠭᠡᠷ ᠪᠦᠯᠢ ᠵᠢᠨ ᠰᠤᠷᠭ᠋ᠠᠨ ᠬᠥᠮᠥᠵᠢᠯ᠎ᠤᠨ ᠴᠢᠬᠤᠯᠠ ᠴᠢᠨᠠᠷ
ᠪᠠᠭ᠋ᠠᠴᠤᠳ ᠬᠡᠣᠬᠡᠳ᠎ᠤᠨ ᠪᠡᠶ᠎ᠡ᠎ᠳᠤ᠎ᠪᠠᠨ ᠢᠳᠡᠭᠡᠭᠦ ᠰᠡᠳᠬᠢᠯ᠎ᠢ ᠭᠦᠮᠦᠵᠢᠭᠦᠯᠭᠦ ᠲᠣᠬᠠᠢ ᠳᠦᠭᠦᠮ ᠦᠭᠦᠯᠡᠬᠦ᠎ᠨᠢ
ᠭᠡᠷ ᠪᠦᠯᠢ ᠵᠢᠨ ᠬᠦᠮᠤᠵᠢᠯ᠎ᠢ ᠰᠤᠷᠭ᠋ᠠᠨ ᠬᠦᠮᠤᠵᠢᠯ᠎ᠲᠠᠢ ᠤᠶᠠᠯᠳᠤᠭᠤᠯᠬᠤ ᠲᠤᠬᠠᠢ ᠮᠦᠴᠢᠳ ᠦᠭᠦᠯᠡᠬᠦ᠎ᠨᠢ
 
             蒙ICP备05000248号