ᠪᠦᠷᠢᠨᠳᠤᠭᠳᠠᠬᠤ
《ᠵᠡᠭᠦᠨ ᠦᠵᠦᠮᠦᠴᠢᠨ᠎ᠤ ᠰᠤᠷᠭ᠋ᠠᠨ ᠬᠥᠮᠥᠵᠢᠯ》 ᠮᠠᠨᠢ ᠤᠳᠤᠷᠢᠳᠤᠯᠭ᠎ᠠ ᠵᠢᠨ ᠬᠠᠯᠠᠭᠤᠨ ᠲᠠᠮᠵᠢᠯᠭᠡ᠂ ᠢᠲᠡᠭᠡᠯ ᠨᠠᠶ᠋ᠢᠳᠠᠯᠭ᠎ᠠ᠂ ᠪᠠᠭᠰᠢ ᠰᠤᠷᠤᠭᠴᠢᠳ᠎ᠤᠨ ᠬᠠᠮᠲᠤ ᠵᠢᠨ ᠴᠢᠷᠮᠠᠢ᠍ᠢ᠍ᠯᠭ᠎ᠠ᠎ᠳᠤ ᠲᠦᠰᠢᠭᠯᠡᠨ᠂ ᠰᠢᠨ᠎ᠠ ᠬᠤᠭᠤᠴᠠᠭ᠋ᠠᠨ᠎ᠤ ᠠ᠋ᠬᠡ ᠪᠢᠴᠢᠭ ᠬᠢᠨᠠᠭ᠍ᠤ ᠱᠠᠲᠤᠨ᠎ᠳᠤ ᠤᠷᠤᠯ᠎ᠠ᠃ ᠰᠡᠳᠬᠦᠯ᠎ᠤᠨ 《ᠨᠠᠶ᠋ᠢᠷᠠᠭᠤᠯᠤᠭᠴᠢ》 ᠪᠣᠯᠣᠭᠰᠠᠨ᠎ᠤ ᠬᠤᠪᠢ᠎ᠳᠤ ᠠ᠋ᠬᠡ ᠪᠢᠴᠢᠭ᠎ᠢ ᠬᠢᠨᠠᠵᠤ ᠨᠠᠶ᠋ᠢᠷᠠᠭᠤᠯᠭ᠍ᠤ ᠶᠠᠪᠤᠴᠠ᠎ᠳᠤ ᠣᠯᠠᠨ ᠵᠦᠢ᠍ᠯ᠎ᠢ ᠪᠣᠳᠣᠯᠬᠢᠯᠠᠵᠤ ᠰᠡᠳᠬᠢᠭᠰᠡᠨ ᠵᠶ᠋ᠠᠨ ᠠ᠋ᠷᠬᠢᠮ ᠤᠯᠠᠨ᠎ᠲᠠᠢ ᠬᠤᠪᠢᠶᠠᠯᠴᠠᠬᠤ ᠵᠢ ᠵᠤᠷᠢᠵᠤ ᠪᠠᠢ᠍ᠢ᠍ᠭ᠎ᠠ᠎ᠨᠢ ᠡ᠊ᠨᠠ ᠪᠢᠯᠠ᠃
ᠢᠷᠡᠭᠦᠯᠵᠤ ᠪᠠᠢ᠍ᠢ᠍ᠭ᠎ᠠ ᠠ᠋ᠬᠡ ᠪᠢᠴᠢᠭ ᠲᠥᠷᠥᠯ ᠵᠦᠢ᠍ᠯ ᠴᠢᠨᠠᠷ ᠴᠢᠨᠰᠠᠭ᠎ᠠ ᠵᠢᠨ ᠬᠤᠪᠢ᠎ᠳᠤ ᠨᠠᠯᠢᠶᠠᠳ ᠲᠠᠭᠡᠭᠰᠢᠯᠠᠯᠳᠠ᠎ᠲᠠᠢ ᠪᠠᠢ᠍ᠢ᠍ᠵᠤ᠂ ᠪᠠᠭᠰᠢ ᠨᠠᠷ ᠤᠷᠮ᠎ᠠ ᠪᠠᠬᠠᠲᠠᠢ᠂ ᠲᠡᠰᠪᠦᠷᠢ ᠳᠠᠭ᠋ᠠᠭ᠋ᠠᠴᠠ᠎ᠲᠠᠢ ᠰᠡᠳᠬᠢᠨ ᠪᠤᠳᠤᠵᠤ᠂ ᠵᠠᠳᠠᠯᠤᠨ ᠰᠦᠪᠡᠭᠴᠢᠯᠠᠵᠤ ᠪᠠᠢ᠍ᠢ᠍ᠭ᠎ᠠ᠎ᠨᠢ ᠪᠢᠰᠢᠷᠠᠯᠳᠠᠢ ᠦᠢ᠍ᠯᠠ ᠪᠢᠯᠠ᠃ ᠭᠡᠪᠡᠴᠤ ᠪᠠᠰᠠ ᠠ᠋ᠬᠡ ᠪᠢᠴᠢᠭ᠎ᠤᠨ ᠲᠤᠭ᠎ᠠ ᠬᠦᠷᠦᠯᠴᠡᠬᠦ ᠦᠭᠡᠢ᠂ ᠣᠷᠴᠢᠭᠤᠯᠤᠭᠰᠠᠨ᠂ ᠡᠪᠯᠡᠭᠦᠯᠵᠦ ᠠᠷᠭ᠋ᠠᠯᠠᠭᠰᠠᠨ ᠤᠯᠠ ᠮᠥᠷ ᠠ᠋ᠳᠦᠢ ᠲᠡᠳᠦᠢ ᠬᠠᠷᠠᠭᠳᠠᠵᠤ ᠵᠠᠳᠠᠯᠵᠤ ᠰᠢᠨᠵᠢᠯᠡᠭᠰᠡᠨ ᠵᠦᠢ᠍ᠯ᠎ᠨᠢ ᠭᠦᠢ᠍ᠬᠡᠨ᠂ ᠣᠨᠣᠯᠵᠢᠭᠤᠯᠵᠤ ᠰᠢᠰᠲ᠋ᠧᠮᠵᠢᠭᠦᠯᠦᠭᠰᠡᠨ᠎ᠨᠢ ᠶᠠᠳᠠᠮᠠᠭ ᠵᠡᠷᠭᠡ ᠦᠵᠡᠭᠳᠡᠯ ᠲᠠᠨᠭ᠌ᠳᠠ ᠤᠷᠤᠰᠢᠵᠤ ᠪᠠᠢ᠍ᠢ᠍ᠭ᠎ᠠ᠎ᠨᠢ ᠪᠠᠭᠰᠢ ᠨᠠᠷ᠎ᠤᠨ 《ᠵᠢᠭ᠋ᠠᠨ ᠰᠤᠷᠭ᠋ᠠᠯᠳᠠ ᠵᠢᠨ ᠰᠤᠳᠤᠯᠭ᠋ᠠᠨ》 (ᠲᠤᠷᠤᠭᠰᠢ ᠵᠢᠭ᠋ᠠᠨ ᠰᠤᠳᠤᠯᠭ᠋ᠠᠨ ᠭᠡᠶ᠎ᠠ)᠎ᠤ ᠲᠤᠬᠠᠢ ᠭᠦᠨ ᠭᠦᠨᠵᠠᠭᠡᠢ ᠲᠠᠨᠢᠯᠳᠠ᠎ᠲᠠᠢ ᠪᠤᠯᠵᠤ ᠴᠢᠳᠠᠭ᠎ᠠ ᠦᠭᠡᠢ ᠵᠢ ᠬᠠᠷᠠᠭᠤᠯᠵᠤ ᠪᠤᠢ᠃
ᠦᠨᠳᠦᠰᠦᠨ ᠱᠠᠲᠤᠨ᠎ᠤ ᠳᠤᠮᠳᠠᠳᠤ ᠪᠠᠭ᠎ᠠ ᠰᠤᠷᠭ᠋ᠠᠭᠤᠯᠢ ᠵᠢᠨ ᠴᠥᠭᠡᠨ ᠪᠤᠰᠤ ᠪᠠᠭᠰᠢ ᠨᠠᠷ ᠶᠠᠭᠤ ᠵᠢ ᠵᠢᠭ᠋ᠠᠨ ᠰᠤᠳᠤᠯᠭ᠋ᠠᠨ ᠭᠡᠬᠦ᠂ ᠵᠢᠭ᠋ᠠᠨ ᠰᠤᠳᠤᠯᠭ᠋ᠠᠨ᠎ᠢ ᠬᠡᠷᠬᠢᠨ ᠬᠢᠬᠦ ᠲᠤᠬᠠᠢ ᠪᠠᠯᠠᠷᠬᠠᠢ ᠰᠠᠭᠤᠭᠳᠠᠯ᠎ᠲᠠᠢ ᠪᠠᠶ᠋ᠢᠵᠤ᠂ ᠵᠠᠷᠢᠮ᠎ᠨᠢ ᠵᠢᠭ᠋ᠠᠨ ᠰᠤᠳᠤᠯᠭ᠋ᠠᠨ ᠪᠣᠯ ᠵᠥᠪᠬᠡᠨ ᠲᠡᠳᠡᠭᠡᠷ ᠲᠤᠰᠬᠠᠢ ᠰᠤᠳᠤᠯᠭ᠋ᠠᠨ ᠬᠢᠳᠡᠭ ᠬᠥᠮᠥᠰ᠎ᠤᠨ ᠶᠠᠪᠤᠳᠠᠯ ᠭᠡᠵᠦ ᠦᠵᠠᠨ᠂ ᠵᠤᠷᠢᠭᠤᠳᠠ ᠵᠢᠭ᠋ᠠᠨ ᠰᠤᠳᠤᠯᠭ᠋ᠠᠨ᠎ᠠᠴᠠ ᠬᠤᠯᠠᠳᠠᠵᠤ᠂ ᠬᠡᠴᠢᠨᠡᠭᠡᠨ ᠵᠢᠯ ᠪᠠᠭᠰᠢᠯᠠᠭ᠋ᠠᠳ ᠴᠤ᠌ ᠰᠤᠳᠤᠯᠭ᠋ᠠᠨ ᠶᠡᠷᠦ ᠬᠢᠭᠰᠡᠨ ᠦᠭᠡᠢ ᠠ᠋ᠰᠡᠪᠡᠯ ᠪᠤᠰᠤᠳ᠎ᠤᠨ ᠰᠤᠳᠤᠯᠭ᠋ᠠᠨ᠎ᠤ ᠦᠷ᠎ᠡ ᠳ᠋ᠦᠩ᠎ᠢ ᠴᠤ᠌ ᠵᠢᠭ᠋ᠠᠨ ᠰᠤᠷᠭ᠋ᠠᠯᠲᠠ᠎ᠳᠤ᠎ᠪᠠᠨ ᠠᠰᠢᠭᠯᠠᠵᠤ ᠬᠡᠷᠡᠭᠯᠡᠭᠦ ᠦᠭᠡᠢ᠎ᠪᠠᠷ ᠵᠥᠪᠬᠡᠨ ᠵᠤᠷᠰᠢᠯ ᠶᠤᠰᠤᠭ᠋ᠠᠷ ᠬᠢᠴᠢᠶᠡᠯ ᠵᠢᠭ᠋ᠠᠵᠤ᠂ ᠳᠠᠰᠬᠠᠯ ᠬᠢᠨᠠᠵᠤ ᠪᠠᠢ᠍ᠢ᠍ᠨ᠎ᠠ᠃ ᠵᠠᠷᠢᠮ᠎ᠨᠢ ᠵᠢᠭ᠋ᠠᠨ ᠰᠤᠳᠤᠯᠭ᠋ᠠᠨ ᠬᠢᠶ᠎ᠡ ᠭᠡᠵᠦ ᠪᠣᠳᠣᠪᠠᠴᠤ ᠬᠠᠮᠢᠭ᠎ᠠ᠎ᠠᠴᠠ᠎ᠨᠢ ᠭᠠᠷ ᠣᠷᠣᠬᠤ᠎ᠪᠠᠨ ᠮᠠᠳᠠᠭᠦ ᠦᠭᠡᠢ ᠪᠠᠢ᠍ᠢ᠍ᠳᠠᠬ᠃ ᠠ᠋ᠢ᠍ᠢ᠍ᠮᠤᠷᠭᠦᠤ ᠪᠠᠢ᠍ᠢ᠍ᠳᠠᠯ᠎ᠨᠢ ᠰᠤᠷᠭ᠋ᠠᠭᠤᠯᠢ ᠵᠢᠨ ᠵᠢᠭ᠋ᠠᠨ ᠰᠤᠳᠤᠯᠭ᠋ᠠᠨ᠎ᠤ ᠠᠵᠢᠯ᠎ᠤᠨ ᠬᠥᠭᠵᠢᠯᠲᠡ ᠵᠢ ᠬᠠᠷᠰᠢᠯᠠᠬᠤ᠎ᠪᠠᠷ ᠪᠠᠷᠠᠬᠤ ᠦᠭᠡᠢ᠂ ᠪᠠᠭᠰᠢ ᠵᠢᠨ ᠬᠤᠪᠢ ᠵᠢᠨ ᠬᠥᠭᠵᠢᠯᠲᠡ ᠵᠢ ᠴᠤ᠌ ᠨᠥᠯᠥᠭᠡᠯᠡᠳᠡᠭ᠃ ᠤᠴᠢᠷ᠎ᠨᠢ ᠰᠤᠳᠤᠯᠭ᠋ᠠᠨ ᠪᠣᠯ ᠪᠠᠭᠰᠢ ᠵᠢᠨ ᠵᠢᠭ᠋ᠠᠨ ᠰᠤᠷᠭ᠋ᠠᠯᠲᠠ ᠵᠢᠨ ᠠᠵᠢᠯ᠎ᠤᠨ ᠴᠢᠬᠤᠯᠠ ᠨᠢᠭᠡ ᠬᠡᠰᠡᠭ ᠮᠥᠨ᠂ ᠵᠠᠷᠢᠮ ᠬᠥᠮᠥᠰ 《ᠵᠢᠭ᠋ᠠᠨ ᠰᠤᠳᠤᠯᠭ᠋ᠠᠨ ᠪᠣᠯ ᠪᠠᠭᠰᠢ ᠵᠢᠨ ᠬᠠᠭ᠋ᠠᠰ ᠠᠵᠢᠯ ᠮᠥᠨ》 ᠭᠡᠵᠦ ᠴᠤ᠌ ᠬᠡᠯᠡᠵᠦ ᠥᠩᠭᠡᠷᠡᠵᠡᠢ᠃
ᠵᠢᠭ᠋ᠠᠨ ᠰᠤᠷᠭ᠋ᠠᠯᠲᠠ ᠪᠣᠯ ᠦᠢ᠍ᠯᠡᠳᠦᠯᠭᠡ᠂ ᠵᠢᠭ᠋ᠠᠨ ᠰᠤᠳᠤᠯᠭ᠋ᠠᠨ ᠪᠣᠯ ᠣᠨᠣᠯ᠂ ᠵᠢᠭ᠋ᠠᠨ ᠰᠤᠳᠤᠯᠭ᠋ᠠᠨ ᠬᠢᠬᠦ ᠪᠣᠯ ᠦᠢ᠍ᠯᠡᠳᠦᠯᠭᠡ ᠵᠢ ᠣᠨᠣᠯᠵᠢᠭᠤᠯᠵᠤ ᠪᠠᠶ᠋ᠢᠬᠤ ᠶᠠᠪᠤᠳᠠᠯ ᠮᠥᠨ ᠭᠡᠵᠦ ᠪᠢ ᠣᠶ᠋ᠢᠯᠠᠭ᠋ᠠᠵᠤ ᠪᠠᠢ᠍ᠢ᠍ᠨ᠎ᠠ᠃ ᠵᠢᠭ᠋ᠠᠨ ᠰᠤᠷᠭ᠋ᠠᠯᠲᠠ ᠵᠢᠨ ᠳᠤᠮᠳᠠ ᠲᠣᠬᠢᠶᠠᠯᠳᠤᠭᠰᠠᠨ ᠴᠢᠬᠤᠯᠠ ᠠᠰᠠᠭᠤᠳᠠᠯ᠎ᠢ ᠰᠢᠨᠵᠢᠯᠡᠬᠦ ᠤᠬᠠᠭ᠋ᠠᠨᠴᠢ᠎ᠪᠠᠷ᠂ ᠬᠠᠷᠠᠯᠲᠠ᠎ᠲᠠᠢ᠂ ᠲᠥᠯᠥᠪᠯᠡᠭᠡ᠎ᠲᠠᠢ ᠰᠢᠨᠵᠢᠯᠡᠨ ᠰᠤᠳᠤᠯᠵᠤ᠂ ᠰᠤᠷᠭ᠋ᠠᠨ ᠬᠥᠮᠥᠵᠢᠯ᠎ᠤᠨ ᠵᠢᠮ᠎ᠡ ᠶᠣᠰᠣ᠎ᠪᠠᠷ ᠤᠴᠢᠵᠤ ᠪᠦᠲᠦᠭᠡᠯᠴᠢ᠎ᠪᠠᠷ ᠲᠠᠨᠢᠵᠤ ᠰᠢᠢ᠍ᠳᠪᠦᠷᠢᠯᠡᠬᠦ ᠶᠠᠪᠤᠴᠠ ᠮᠥᠨ᠃ ᠵᠢᠱ᠌ᠢᠶᠡᠯᠡᠪᠡᠯ᠄ ᠨᠢᠭᠡᠳᠦᠭᠡᠷ ᠣᠨ᠎ᠤ ᠰᠤᠷᠤᠭᠴᠢ ᠵᠢ ᠦᠰᠦᠭ ᠲᠠᠨᠢᠭᠤᠯᠬᠤ᠎ᠳᠤ ᠪᠠᠭᠰᠢ ᠨᠠᠷ ᠣᠯᠠᠨ ᠤᠳᠠᠭ᠎ᠠ ᠬᠠᠭᠤᠯᠤᠨ ᠪᠢᠴᠢᠭᠦᠯᠵᠤ ᠬᠡᠦᠬᠡᠳ᠎ᠲᠤ ᠳᠠᠷᠤᠭ᠋ᠠᠰᠤ ᠠᠪᠴᠢᠷᠠᠳᠠᠬ᠃ ᠲᠠᠭᠡᠪᠠᠯ ᠬᠡᠳᠦ ᠤᠳᠠᠭ᠎ᠠ ᠬᠠᠭᠤᠯᠤᠭᠤᠯᠵᠤ ᠪᠣᠯᠪᠠᠰᠤᠷᠠᠭᠤᠯᠪᠠᠯ ᠦᠷ᠎ᠡ ᠠᠰᠢᠭ᠎ᠨᠢ ᠬᠠᠮᠤᠭ᠎ᠤᠨ ᠰᠠᠶ᠋ᠢᠨ ᠪᠣᠢ? ᠡ᠊ᠨᠠ ᠭᠦ᠌ ᠠᠰᠠᠭᠤᠳᠠᠯ᠎ᠢ ᠪᠢ ᠲᠤᠰᠬᠠᠢ ᠬᠠᠷᠢᠴᠠᠭᠤᠯᠵᠤ᠂ ᠲᠤᠷᠰᠢᠯᠲᠠ ᠬᠢᠵᠦ ᠰᠤᠳᠤᠯᠤᠭᠰᠠᠨ᠎ᠤ ᠳ᠋ᠦᠩ᠎ᠳᠤ ᠳᠥᠷᠪᠡ ᠤᠳᠠᠭ᠎ᠠ ᠬᠠᠭᠤᠯᠵᠤ ᠪᠢᠴᠢᠪᠠᠯ ᠦᠷ᠎ᠠ ᠳ᠋ᠦ᠍ᠢ᠍ᠩ᠎ᠨᠢ ᠬᠠᠮᠤᠭ᠎ᠤᠨ ᠰᠠᠶ᠋ᠢᠨ ᠪᠠᠢ᠍ᠢ᠍ᠳᠠᠬ ᠭᠡᠰᠡᠨ᠎ᠢ 《ᠳᠠᠷᠤᠭ᠋ᠠᠰᠤ ᠵᠢ ᠬᠥᠩᠭᠡᠯᠡᠨ᠂ ᠶᠠᠰᠤ ᠴᠢᠨᠠᠷ᠎ᠢ ᠳᠡᠭᠡᠭᠰᠢᠯᠡᠭᠦᠯᠬᠦ ᠲᠤᠬᠠᠢ》 ᠭᠡᠭᠦ ᠦᠭᠦᠯᠠᠯᠳᠤᠪᠠᠨ ᠣᠨᠣᠯᠲᠠ ᠪᠠᠷᠢᠮᠲᠠ᠎ᠲᠠᠢ ᠥᠭᠦᠯᠡᠨ ᠲᠣᠭ᠋ᠠᠴᠢᠭᠰᠠᠨ ᠶᠤᠮ᠃ ᠠ᠋ᠨᠡ ᠪᠣᠯ ᠳᠠᠷᠤᠢ ᠨᠢᠭᠡ ᠤᠳᠠᠭ᠋ᠠᠨ᠎ᠤ ᠪᠦᠲᠦᠮᠵᠢᠲᠡᠢ ᠵᠢᠭ᠋ᠠᠨ ᠰᠤᠳᠤᠯᠭ᠋ᠠᠨ ᠮᠥᠨ᠃ ᠲᠠᠭᠡᠪᠠᠯ ᠵᠢᠭ᠋ᠠᠨ ᠰᠤᠳᠤᠯᠭ᠋ᠠᠨ᠎ᠢ ᠭᠡᠷᠬᠢᠨ ᠬᠢᠭᠦ ᠪᠤᠢ?
ᠨᠢᠭᠡ᠂ ᠰᠤᠳᠤᠯᠬᠤ ᠰᠡᠳᠦᠪ ᠵᠶ᠋ᠠᠨ ᠰᠣᠩᠭᠤᠬᠤ
ᠵᠢᠭ᠋ᠠᠨ ᠰᠤᠳᠤᠯᠭ᠋ᠠᠨ ᠬᠢᠬᠦ᠎ᠳᠤ ᠠ᠋ᠩ ᠲᠡᠷᠢᠭᠦᠨ᠎ᠳᠤ ᠰᠤᠳᠤᠯᠬᠤ ᠰᠡᠳᠦᠪ ᠵᠶ᠋ᠠᠨ ᠲᠣᠭᠲᠠᠭ᠋ᠠᠬᠤ ᠬᠡᠷᠡᠭᠲᠡᠢ᠂ ᠠ᠋ᠨᠡ ᠪᠣᠯ ᠤᠷᠢᠳᠠᠯ ᠮᠥᠨ᠃ ᠳᠤᠮᠳᠠᠳᠤ ᠪᠠᠭ᠎ᠠ ᠰᠤᠷᠭ᠋ᠠᠭᠤᠯᠢ ᠪᠣᠯ ᠵᠢᠭ᠋ᠠᠨ ᠰᠤᠷᠭ᠋ᠠᠬᠤ ᠦᠢ᠍ᠯᠡᠳᠦᠯᠭᠡ ᠬᠢᠬᠦ᠎ᠪᠠᠷ ᠭᠤᠣᠯᠯᠠᠵᠤ᠂ ᠶᠡᠭᠡ ᠰᠤᠷᠭ᠋ᠠᠭᠤᠯᠢ ᠪᠣᠯ ᠵᠢᠭ᠋ᠠᠨ ᠰᠤᠷᠭ᠋ᠠᠬᠤ ᠣᠨᠣᠯ ᠵᠶ᠋ᠠᠷ ᠭᠤᠤᠯᠳᠠᠭᠤᠯᠳᠠᠬ᠂ ᠦᠨᠠᠨ᠎ᠳᠤ᠎ᠪᠠᠨ ᠦᠢ᠍ᠯᠡᠳᠦᠯᠭᠡ᠎ᠪᠠᠷ ᠭᠤᠣᠯᠯᠠᠭᠰᠠᠨ ᠲᠤᠮᠳᠠᠳᠤ ᠪᠠᠭ᠎ᠠ ᠰᠤᠷᠭ᠋ᠠᠭᠤᠯᠢ ᠵᠢᠨ ᠵᠢᠭ᠋ᠠᠨ ᠰᠤᠷᠭ᠋ᠠᠯᠲᠠ᠎ᠳᠤ ᠰᠤᠳᠤᠯᠵᠤ ᠰᠢᠨᠵᠢᠯᠡᠮᠡᠷ ᠵᠦᠢ᠍ᠯ ᠲᠤᠩ ᠣᠯᠠᠨ ᠪᠠᠶ᠋ᠢᠳᠠᠭ᠃ ᠪᠢᠳᠡ ᠠ᠋ᠳᠦᠷᠵᠢᠨ ᠵᠢᠭ᠋ᠠᠨ ᠰᠤᠷᠭ᠋ᠠᠬᠤ ᠦᠢ᠍ᠯᠡᠳᠦᠯᠭᠡ ᠵᠢᠨ ᠳᠤᠮᠳᠠ ᠪᠡᠶᠡᠳᠡᠨ ᠣᠷᠣᠯᠴᠠᠵᠤ᠂ ᠨᠢᠳᠦ᠎ᠪᠠᠷ ᠦᠵᠡᠵᠦ᠂ ᠴᠢᠬᠢ᠎ᠪᠠᠷ ᠰᠣᠨᠣᠰᠤᠨ᠂ ᠭᠠᠷ ᠵᠶ᠋ᠠᠷ ᠳᠠᠮᠵᠢᠨ᠂ ᠰᠡᠳᠬᠢᠨ ᠪᠤᠳᠤᠵᠤ ᠪᠠᠶ᠋ᠢᠭ᠎ᠠ ᠲᠤᠯᠠ ᠵᠢᠭ᠋ᠠᠨ ᠰᠤᠷᠭ᠋ᠠᠯᠲᠠ ᠵᠢᠨ ᠨᠢᠭᠡᠳᠦᠭᠡᠷ ᠪᠣᠷᠣ ᠮᠠᠲ᠋ᠧᠷᠢᠶᠠᠯ ᠠᠯᠢ ᠣᠯᠠᠨ ᠪᠤᠢ᠃ ᠰᠤᠳᠤᠯᠭ᠋ᠠᠨ᠎ᠤ ᠰᠡᠳᠦᠪ ᠰᠣᠩᠭᠤᠬᠤ᠎ᠳᠤ ᠮᠠᠨ᠎ᠤ ᠠ᠋ᠳᠦᠷ ᠲᠣᠳᠣᠮ᠎ᠤᠨ ᠵᠢᠭ᠋ᠠᠨ ᠰᠤᠷᠭ᠋ᠠᠵᠤ ᠪᠠᠶ᠋ᠢᠬᠤ ᠬᠢᠴᠢᠶᠡᠯ ᠲᠥᠷᠥᠯ᠂ ᠵᠢᠭ᠋ᠠᠨ ᠰᠤᠷᠭ᠋ᠠᠵᠤ ᠪᠠᠶ᠋ᠢᠭ᠎ᠠ ᠣᠨ᠂ ᠰᠤᠷᠤᠭᠴᠢ᠂ ᠣᠷᠣᠨ ᠨᠤᠲᠤᠭ᠂ ᠪᠠᠭᠰᠢ ᠵᠢᠨ ᠰᠤᠳᠤᠯᠵᠤ ᠰᠢᠨᠵᠢᠯᠡᠬᠦ ᠤᠷᠮ᠎ᠠ ᠪᠠᠬ᠎ᠠ ᠵᠡᠷᠭᠡ ᠣᠯᠠᠨ ᠲᠠᠯ᠎ᠠ᠎ᠲᠠᠢ ᠬᠤᠯᠪᠣᠭᠳᠠᠵᠤ ᠪᠠᠶ᠋ᠢᠭ᠎ᠠ ᠪᠣᠯᠪᠠᠴᠤ ᠶᠡᠷᠦᠩᠬᠡᠢ᠎ᠳᠤ᠎ᠪᠠᠨ ᠰᠤᠳᠤᠯᠭ᠋ᠠᠨ᠎ᠤ ᠰᠡᠳᠦᠪ᠎ᠨᠢ ᠪᠦᠷᠢᠨ ᠪᠦᠲᠦᠨ᠂ ᠤᠳᠬ᠎ᠠ ᠠᠭᠤᠯᠭ᠎ᠠ᠎ᠲᠠᠢ᠂ ᠦᠨ᠎ᠡ ᠥᠷᠲᠡᠭ᠎ᠲᠠᠢ᠂ ᠰᠤᠳᠤᠯᠤᠭᠴᠢ᠂ ᠰᠤᠳᠤᠯᠬᠤ ᠠᠷᠭ᠎ᠠ᠂ ᠰᠤᠳᠤᠯᠬᠤ ᠬᠠᠷᠠᠯᠲᠠ ᠵᠡᠷᠭᠡ᠎ᠨᠢ ᠴᠦᠮ ᠲᠤᠳᠤᠷᠬᠠᠢ ᠪᠠᠶ᠋ᠢᠬᠤ ᠬᠡᠷᠡᠭᠲᠡᠢ᠃ ᠪᠠᠰᠠ ᠵᠠᠪᠠᠯ ᠰᠤᠳᠤᠯᠬᠤ ᠭᠤᠣᠯᠳᠠᠯᠭ᠎ᠠ ᠪᠠ ᠣᠨᠣᠯ᠎ᠤᠨ ᠵᠢᠯᠣᠭᠤᠳᠤᠯᠭ᠎ᠠ ᠪᠠᠶ᠋ᠢᠬᠤ ᠬᠡᠷᠡᠭᠲᠡᠢ᠂ ᠶᠠᠪᠤᠭᠳᠠᠭᠤᠯᠵᠤ ᠪᠣᠯᠬᠤᠶ᠋ᠢᠴᠠ ᠰᠤᠳᠤᠯᠭ᠋ᠠᠨ ᠪᠠᠶ᠋ᠢᠬᠤ ᠬᠡᠷᠡᠭᠲᠡᠢ᠃ ᠰᠤᠳᠤᠯᠭ᠋ᠠᠨ᠎ᠤ ᠰᠡᠳᠦᠪ᠎ᠨᠢ ᠪᠣᠳᠠᠲᠠᠢ᠎ᠠᠴᠠ ᠠ᠋ᠭᠦᠰᠴᠦ᠂ ᠪᠣᠳᠠᠲᠠᠢ᠎ᠲᠠᠢ ᠤᠶᠠᠯᠳᠤᠨ᠂ ᠦᠨᠡᠨ ᠪᠣᠳᠠᠲᠠᠢ ᠮᠥᠷᠲᠡᠭᠡᠨ ᠵᠢᠭ᠋ᠠᠨ ᠰᠤᠷᠭ᠋ᠠᠬᠤ ᠳᠤᠮᠳᠠ ᠲᠣᠬᠢᠶᠠᠯᠳᠤᠭᠰᠠᠨ ᠠᠰᠠᠭᠤᠳᠠᠯ᠎ᠤᠳ᠎ᠢ ᠰᠢᠢ᠍ᠳᠪᠦᠷᠢᠯᠡᠬᠦ᠎ᠪᠠᠷ ᠭᠤᠣᠯᠯᠠᠭᠰᠠᠨ ᠰᠤᠳᠤᠯᠬᠤ ᠰᠠᠳᠤᠪ ᠪᠣᠯ ᠰᠠᠶᠢ ᠵᠢᠩᠬᠢᠨᠢ ᠦᠨ᠎ᠡ ᠥᠷᠲᠡᠭ᠎ᠲᠠᠢ᠂ ᠠᠮᠢᠵᠢᠷᠠᠯ᠎ᠤᠨ ᠬᠦᠴᠦᠨ᠎ᠲᠠᠢ ᠰᠤᠳᠤᠯᠭ᠋ᠠᠨ ᠮᠥᠨ᠃ ᠠ᠋ᠶ᠋ᠢᠮᠦ ᠰᠤᠳᠤᠯᠭ᠋ᠠᠨ᠎ᠢ ᠪᠠᠭᠰᠢ ᠨᠠᠷ ᠬᠢᠬᠦ ᠳᠤᠷᠠᠲᠠᠢ ᠮᠥᠷᠲᠡᠭᠡᠨ ᠬᠢᠵᠦ ᠪᠠᠰᠠ ᠳᠡᠶ᠋ᠢᠯᠦᠨ᠎ᠡ᠃
ᠵᠢᠱ᠌ᠢᠶᠡᠯᠡᠪᠡᠯ᠄ 《ᠳᠤᠮᠳᠠᠳᠤ ᠰᠤᠷᠭ᠋ᠠᠭᠤᠯᠢ ᠵᠢᠨ ᠰᠤᠷᠤᠭᠴᠢᠳ᠎ᠲᠤ ᠰᠢᠯᠢᠳᠡᠭ ᠰᠠᠶ᠋ᠢᠨ ᠵᠠᠩ ᠳᠠᠳᠬᠠᠯ᠎ᠢ ᠬᠥᠮᠥᠵᠢᠭᠦᠯᠬᠦ ᠰᠤᠳᠤᠯᠤᠯ ᠪᠠ ᠲᠤᠷᠰᠢᠯᠲᠠ》 ᠭᠡᠬᠦ ᠰᠤᠳᠤᠯᠭ᠋ᠠᠨ ᠵᠶ᠋ᠠᠷ ᠦᠵᠡᠪᠡᠯ᠂ ᠰᠤᠳᠤᠯᠤᠭᠳᠠᠭ᠍ᠤᠨᠨᠢ ᠳᠤᠮᠳᠠᠳᠤ ᠰᠤᠷᠭ᠋ᠠᠭᠤᠯᠢ ᠵᠢᠨ ᠰᠤᠷᠤᠭᠴᠢ᠂ ᠠᠭᠤᠯᠭ᠎ᠠ᠎ᠨᠢ ᠰᠢᠯᠢᠳᠡᠭ ᠰᠠᠶ᠋ᠢᠨ ᠳᠠᠳᠬᠠᠯ᠎ᠢ ᠬᠥᠮᠥᠵᠢᠭᠦᠯᠬᠦ ᠶᠠᠪᠤᠳᠠᠯ᠂ ᠬᠠᠷᠠᠯᠲᠠ᠎ᠨᠢ ᠰᠤᠷᠤᠭᠴᠢᠳ᠎ᠤᠨ ᠰᠢᠯᠢᠳᠡᠭ ᠰᠠᠶ᠋ᠢᠨ ᠵᠠᠩ ᠳᠠᠳᠬᠠᠯ᠎ᠢ ᠬᠥᠮᠥᠵᠢᠭᠦᠯᠬᠦ ᠪᠣᠯᠣᠨ᠎ᠠ᠃
ᠨᠢᠭᠡ ᠯᠡ ᠰᠡᠳᠦᠪ᠎ᠢ ᠠᠳᠠᠯᠢ ᠪᠤᠰᠤ ᠵᠢᠨ ᠬᠥᠮᠥᠨ ᠠᠳᠠᠯᠢ ᠪᠤᠰᠤ ᠵᠢᠨ ᠬᠠᠷᠠᠭ᠋ᠠᠰᠤ᠂ ᠠᠳᠠᠯᠢ ᠪᠤᠰᠤ ᠵᠢᠨ ᠲᠠᠨᠢᠯᠲᠠ᠎ᠠᠴᠠ ᠰᠤᠳᠤᠯᠵᠤ ᠪᠣᠯᠣᠨ᠎ᠠ᠃ ᠮᠢᠨᠤ ᠰᠤᠳᠤᠯᠵᠤ ᠪᠦᠭᠦᠢ ᠨᠠᠯᠢᠶᠠᠳ ᠪᠦᠲᠦᠮᠵᠢᠲᠡᠢ ᠰᠢᠭ ᠰᠡᠳᠦᠪ᠎ᠤᠳ᠎ᠲᠤ᠄ 1. 《ᠬᠤᠯᠪᠣᠬᠤ ᠠ᠋ᠭᠡᠰᠢᠭ᠎ᠤᠨ ᠳᠦᠷᠢᠮ᠎ᠢ ᠬᠢᠯᠪᠠᠷᠴᠢᠯᠠᠵᠤ ᠵᠢᠭ᠋ᠠᠭᠰᠠᠨ ᠲᠤᠷᠰᠢᠯᠲᠠ》᠂ 2. 《ᠳᠤᠮᠳᠠᠳᠤ ᠰᠤᠷᠭ᠋ᠠᠭᠤᠯᠢ ᠵᠢᠨ ᠵᠣᠬᠢᠶᠠᠨ ᠪᠢᠴᠢᠯᠭᠡ ᠵᠢ ᠪᠦᠲᠦᠭᠡᠯᠴᠢ᠎ᠪᠠᠷ ᠵᠢᠭ᠋ᠠᠨ ᠰᠤᠷᠭ᠋ᠠᠭᠰᠠᠨ ᠲᠤᠷᠰᠢᠯᠲᠠ》᠂ 3. 《ᠳᠤᠮᠳᠠᠳᠤ ᠰᠤᠷᠭ᠋ᠠᠭᠤᠯᠢ ᠵᠢᠨ ᠭᠤᠷᠪᠠᠨ ᠬᠡᠯᠡᠨ᠎ᠤ ᠵᠢᠭ᠋ᠠᠨ ᠰᠤᠷᠭ᠋ᠠᠯᠲᠠ ᠵᠢᠨ ᠲᠤᠬᠠᠢ ᠰᠢᠨᠵᠢᠯᠡᠯ》 ᠭᠡᠭᠦ ᠮᠠᠳᠤ ᠪᠤᠢ᠃
ᠰᠤᠳᠤᠯᠭ᠋ᠠᠨ᠎ᠤ ᠰᠡᠳᠦᠪ ᠰᠣᠩᠭᠤᠬᠤ᠎ᠳᠤ ᠰᠤᠷᠤᠭᠴᠢ ᠵᠢᠨ ᠰᠤᠷᠤᠯᠴᠠᠭ᠍ᠤ ᠠᠰᠠᠭᠤᠳᠠᠯ᠂ ᠬᠢᠴᠢᠶᠡᠯ᠎ᠤᠨ ᠥᠭᠡᠷᠡᠴᠢᠯᠡᠯᠲᠡ᠂ ᠰᠤᠷᠤᠭᠴᠢ ᠵᠢᠨ ᠬᠠᠮᠢᠶᠠᠷᠤᠯᠲᠠ᠂ ᠭᠡᠷ᠎ᠤᠨ ᠬᠥᠮᠥᠵᠢᠯ᠂ ᠰᠤᠷᠤᠭᠴᠢ ᠵᠢᠨ ᠡᠯ᠎ᠡ ᠲᠠᠯ᠎ᠠ ᠵᠢᠨ ᠴᠢᠳᠠᠪᠤᠷᠢ ᠵᠢ ᠳᠡᠭᠡᠭᠰᠢᠯᠡᠭᠦᠯᠬᠦ᠂ ᠠᠵᠢᠯ ᠮᠡᠷᠭᠡᠵᠢᠯ᠎ᠤᠨ ᠰᠤᠷᠭ᠋ᠠᠨ ᠬᠥᠮᠥᠵᠢᠯ ᠪᠠ ᠠ᠋ᠩ᠎ᠤᠨ ᠰᠤᠷᠭ᠋ᠠᠨ ᠬᠥᠮᠥᠵᠢᠯ᠎ᠤᠨ ᠣᠳᠣᠬᠠᠨ᠎ᠤ ᠪᠠᠶ᠋ᠢᠳᠠᠯ ᠪᠠ ᠬᠠᠨᠳᠤᠰᠢ᠂ ᠵᠢᠭ᠋ᠠᠨ ᠰᠤᠷᠭ᠋ᠠᠭᠰᠠᠨ ᠠᠵᠢᠯ᠎ᠤᠨ ᠲᠤᠷᠰᠢᠯᠭ᠎ᠠ᠎ᠪᠠᠨ ᠦᠨᠳᠦᠰᠦᠯᠡᠵᠦ ᠭᠠᠷᠭ᠋ᠠᠭᠰᠠᠨ ᠣᠨᠣᠯ᠂ ᠠ᠋ᠳᠦᠷ ᠲᠣᠳᠣᠮ᠎ᠤᠨ ᠵᠢᠭ᠋ᠠᠨ ᠰᠤᠷᠭ᠋ᠠᠯᠲᠠ᠎ᠳᠤ ᠲᠣᠬᠢᠶᠠᠯᠳᠤᠭᠰᠠᠨ ᠠᠰᠠᠭᠤᠳᠠᠯ᠎ᠢ ᠰᠢᠢ᠍ᠳᠪᠦᠷᠢᠯᠡᠭᠰᠡᠨ ᠳ᠋ᠦᠩᠨᠡᠯᠲᠡ ᠁ ᠪᠦᠷ ᠪᠠᠶ᠋ᠢᠵᠤ ᠪᠣᠯᠣᠨ᠎ᠠ᠃ ᠠ᠋ᠭᠦᠨ᠎ᠠᠴᠠ ᠭᠠᠳᠠᠨ᠎ᠠ ᠲᠣᠣᠷ ᠰᠦᠯᠵᠢᠶ᠎ᠡ᠎ᠠᠴᠠ ᠠ᠋ᠷᠢᠬᠦ᠂ ᠪᠤᠰᠤᠳ᠎ᠠᠴᠠ ᠠᠰᠠᠭᠤᠵᠤ ᠯᠠᠪᠯᠠᠬᠤ᠎ᠨᠢ ᠵᠢᠭ᠋ᠠᠨ ᠰᠤᠳᠤᠯᠭ᠋ᠠᠨ᠎ᠤ ᠰᠡᠳᠦᠪ ᠣᠯᠬᠤ ᠵᠢᠨ ᠴᠢᠬᠤᠯᠠ ᠠᠷᠭ᠎ᠠ ᠵᠠᠮ ᠪᠣᠯᠣᠨ᠎ᠠ᠃
ᠠ᠋ᠩ᠎ᠤᠨ ᠦᠶ᠎ᠡ᠎ᠳᠤ᠎ᠪᠠᠨ ᠵᠤᠷᠢᠯᠭ᠎ᠠ᠎ᠲᠠᠢ᠎ᠪᠠᠷ 《ᠬᠤᠷᠠᠮᠳᠤᠭᠤᠯᠬᠤ》 ᠪᠣᠯ ᠵᠢᠭ᠋ᠠᠨ ᠰᠤᠳᠤᠯᠭ᠋ᠠᠨ᠎ᠤ ᠬᠠᠮᠤᠭ᠎ᠤᠨ ᠴᠢᠬᠤᠯᠠ ᠵᠦᠢ᠍ᠯ ᠶᠤᠮ᠃ ᠵᠢᠭ᠋ᠠᠨ ᠰᠤᠳᠤᠯᠭ᠋ᠠᠨ ᠪᠣᠯ ᠪᠠᠷᠢᠨ ᠲᠤᠤᠷ᠎ᠠ᠎ᠨᠢ 《ᠰᠤᠳᠤᠯᠵᠤ ᠭᠠᠷᠭ᠋ᠠᠴᠢᠬᠠᠬᠤ》 ᠶᠠᠭᠤᠮ᠎ᠠ ᠪᠢᠰᠢ᠂ ᠵᠢᠭ᠋ᠠᠨ ᠰᠤᠷᠭ᠋ᠠᠬᠤ ᠠᠵᠢᠯ᠎ᠤᠨ ᠳᠤᠮᠳᠠ ᠤᠳᠠᠭ᠋ᠠᠨ ᠠ᠋ᠳᠦᠷ ᠵᠤᠵᠠᠭ᠋ᠠᠨ ᠬᠤᠨᠤᠭ ᠦᠷᠭᠦᠯᠵᠢ ᠰᠡᠳᠬᠢᠨ ᠪᠣᠳᠣᠯᠬᠢᠯᠠᠵᠤ᠂ ᠠᠵᠢᠭᠯᠠᠨ ᠰᠢᠨᠵᠢᠵᠦ᠂ ᠬᠠᠷᠢᠴᠠᠭᠤᠯᠤᠨ ᠲᠤᠩᠭ᠋ᠠᠵᠤ᠂ ᠬᠤᠷᠠᠮᠳᠤᠭᠤᠯᠭ᠎ᠠ ᠬᠢᠵᠦ᠂ ᠶᠡᠷᠦᠩᠬᠡᠶ᠋ᠢᠯᠡᠨ ᠳ᠋ᠦᠩᠨᠡᠵᠦ ᠪᠠᠢ᠍ᠢ᠍ᠵᠤ ᠰᠠᠶᠢ ᠪᠦᠳᠤᠳᠡᠭ᠃ ᠠ᠋ᠰᠡ ᠲᠡᠶ᠋ᠢᠮᠦ ᠪᠣᠯ ᠬᠡᠳᠦᠢ ᠵᠢᠯ ᠪᠠᠭᠰᠢᠯᠠᠭᠰᠠᠨ ᠴᠦ᠍ ᠰᠤᠳᠤᠯᠭ᠋ᠠᠨ ᠬᠢᠵᠦ ᠳᠡᠶ᠋ᠢᠯᠬᠦ ᠦᠭᠡᠢ᠂ ᠤᠴᠢᠷ᠎ᠨᠢ ᠠ᠋ᠶ᠋ᠢᠮᠦ ᠬᠥᠮᠥᠨ᠎ᠤ ᠴᠡᠭᠡᠵᠢᠨ᠎ᠳᠤ ᠶᠠᠭᠤᠮ᠎ᠠ ᠦᠭᠡᠢ᠂ ᠨᠠᠭ᠋ᠠᠲᠤ ᠵᠠᠬ᠎ᠠ᠎ᠳᠤ᠎ᠪᠠᠨ ᠨᠡᠯᠢᠶᠡᠳ ᠰᠢᠰᠲᠸᠮ᠎ᠲᠠᠢ ᠵᠦᠢ᠍ᠯ ᠪᠠᠶ᠋ᠢᠬᠤ ᠦᠭᠡᠢ᠃
ᠪᠠᠰᠠ ᠨᠢᠭᠡ ᠠᠨᠭ᠌ᠬᠠᠷᠬᠤ ᠴᠢᠬᠤᠯᠠᠳᠠᠢ ᠵᠦᠢ᠍ᠯ ᠭᠡᠪᠠᠯ᠄ ᠰᠡᠳᠦᠪ ᠰᠣᠩᠭᠤᠬᠤ᠎ᠳᠤ᠎ᠪᠠᠨ ᠳᠡᠩᠳᠡᠭᠦᠦ ᠶᠡᠭᠡ ᠰᠡᠳᠦᠪ ᠪᠠᠶ᠋ᠢᠵᠤ ᠪᠣᠯᠬᠤ ᠦᠭᠡᠢ ᠮᠥᠷᠲᠡᠭᠡᠨ ᠳᠡᠩᠳᠡᠭᠦᠦ ᠪᠠᠭ᠎ᠠ ᠪᠠᠰᠠ ᠪᠠᠶ᠋ᠢᠵᠤ ᠪᠣᠯᠬᠤ ᠦᠭᠡᠢ᠂ ᠪᠤᠰᠤᠳ᠎ᠤᠨ᠎ᠬᠢ ᠵᠢ ᠲᠡᠷᠡ ᠬᠡᠪ ᠵᠶ᠋ᠠᠷ᠎ᠨᠢ ᠬᠠᠭᠤᠯᠵᠤ ᠪᠣᠯᠬᠤ ᠦᠭᠡᠢ᠂ ᠵᠡᠪᠠᠯ ᠰᠢᠨᠵᠢᠯᠡᠬᠦ ᠤᠬᠠᠭ᠋ᠠᠨᠴᠢ ᠴᠢᠨᠠᠷ᠎ᠢ ᠬᠦᠨᠳᠦᠳᠬᠡᠨ᠂ ᠴᠠᠭ᠎ᠤᠨ ᠤᠷᠤᠰᠬᠠᠯ᠂ ᠤᠷᠢᠶ᠎ᠠ ᠰᠢᠬ ᠶᠠᠭᠤᠮ᠎ᠠ ᠵᠢ ᠳᠡᠩᠳᠡᠭᠦᠦ ᠳᠠᠭ᠋ᠠᠬᠤ ᠦᠭᠡᠢ ᠪᠠᠢ᠍ᠢ᠍ᠪᠠᠯ ᠵᠤᠬᠢᠨ᠎ᠠ᠃
ᠬᠤᠶᠠᠷ᠂ ᠰᠤᠳᠤᠯᠭ᠋ᠠᠨ᠎ᠤ ᠠᠷᠭ᠎ᠠ᠎ᠪᠠᠨ ᠲᠣᠭᠲᠠᠭ᠋ᠠᠬᠤ
ᠰᠤᠳᠤᠯᠬᠤ ᠰᠡᠳᠦᠪ ᠵᠶ᠋ᠠᠨ ᠲᠣᠭᠲᠠᠭ᠋ᠠᠭᠰᠠᠨ᠎ᠤ ᠳᠠᠷᠠᠭ᠎ᠠ᠂ ᠰᠤᠳᠤᠯᠭ᠋ᠠᠨ᠎ᠤ ᠰᠡᠳᠦᠪ᠎ᠤᠨ ᠵᠶ᠋ᠠᠨ ᠣᠨᠴᠠᠯᠢᠭᠲᠤ ᠲᠣᠬᠢᠷᠠᠭᠤᠯᠵᠤ ᠰᠤᠳᠤᠯᠬᠤ ᠠᠷᠭ᠎ᠠ᠎ᠪᠠᠨ ᠲᠣᠭᠲᠠᠭ᠋ᠠᠬᠤ ᠬᠡᠷᠡᠭᠲᠡᠢ᠂ ᠠ᠋ᠭᠦᠨ᠎ᠳᠤ ᠪᠠᠶ᠋ᠢᠴᠠᠭ᠋ᠠᠨ ᠰᠤᠳᠤᠯᠬᠤ᠂ ᠶᠠᠷᠢᠯᠴᠠᠭ᠍ᠤ᠂ ᠲᠤᠷᠰᠢᠯᠲᠠ ᠬᠢᠬᠦ᠂ ᠬᠠᠷᠢᠴᠠᠭᠤᠯᠤᠨ ᠬᠠᠷᠭᠤᠭᠤᠯᠬᠤ᠂ ᠦᠢ᠍ᠯᠡᠳᠦᠯᠭᠡ ᠵᠢᠨ ᠠᠷᠭ᠎ᠠ ᠠᠯᠢ ᠣᠯᠠᠨ ᠠᠷᠭ᠎ᠠ ᠪᠠᠶ᠋ᠢᠵᠤ ᠪᠣᠯᠣᠨ᠎ᠠ᠂ ᠠ᠋ᠰᠡᠪᠡᠯ ᠬᠡᠳᠦᠨ ᠠᠷᠭ᠎ᠠ ᠵᠢ ᠰᠣᠯᠪᠢᠴᠠᠭᠤᠯᠤᠨ ᠬᠡᠷᠡᠭᠯᠡᠵᠦ ᠴᠤ᠌ ᠪᠣᠯᠣᠨ᠎ᠠ᠃ ᠵᠢᠱ᠌ᠢᠶᠡᠯᠡᠪᠡᠯ᠄
《ᠬᠤᠯᠪᠣᠬᠤ ᠠ᠋ᠭᠡᠰᠢᠭ᠎ᠤᠨ ᠳᠦᠷᠢᠮ᠎ᠢ ᠳᠥᠭᠦᠮᠴᠢᠯᠡᠵᠦ ᠵᠢᠭ᠋ᠠᠬᠤ ᠲᠤᠬᠠᠢ ᠲᠤᠷᠰᠢᠯᠲᠠ》᠎ᠳᠤ ᠬᠤᠶᠠᠷ ᠠᠩᠭᠢ᠎ᠳᠤ ᠬᠠᠷᠢᠴᠠᠭᠤᠯᠵᠤ ᠵᠢᠭ᠋ᠠᠭ᠋ᠠᠳ᠂ ᠰᠢᠯᠭ᠋ᠠᠭᠰᠠᠨ ᠬᠤᠪᠢ ᠵᠢ᠎ᠨᠢ ᠲᠤᠷᠰᠢᠯᠲᠠ ᠵᠢᠨ ᠦᠷ᠎ᠡ ᠳ᠋ᠦᠩ ᠪᠤᠶᠤ ᠰᠤᠳᠤᠯᠭ᠋ᠠᠨ᠎ᠤ ᠮᠡᠳᠡᠭᠦᠯᠦᠯᠲᠡ ᠵᠢᠨ ᠭᠤᠣᠯ ᠠᠭᠤᠯᠭ᠎ᠠ ᠪᠣᠯᠭ᠋ᠠᠵᠠᠢ᠃
《ᠭᠤᠷᠪᠠᠨ ᠬᠡᠯᠡᠨ᠎ᠤ ᠵᠢᠭ᠋ᠠᠨ ᠰᠤᠷᠭ᠋ᠠᠯᠲᠠ ᠵᠢᠨ ᠲᠤᠬᠠᠢ ᠰᠤᠳᠤᠯᠭ᠋ᠠᠨ》᠎ᠳᠤ ᠮᠣᠩᠭᠤᠯ ᠬᠡᠯᠡ᠂ ᠬᠢᠲᠠᠳ ᠬᠡᠯᠡ᠂ ᠠᠩᠭ᠍ᠯᠢ ᠬᠡᠯᠡ ᠵᠢᠨ ᠵᠢᠭ᠋ᠠᠨ ᠰᠤᠷᠭ᠋ᠠᠯᠲᠠ ᠵᠢᠨ ᠬᠡᠷᠡᠭᠴᠡᠭᠡ᠂ ᠲᠠᠯᠪᠢᠬᠤ ᠪᠠᠶ᠋ᠢᠷᠢ ᠰᠠᠭᠤᠷᠢ᠂ ᠶᠠᠮᠠᠷ ᠪᠠᠶ᠋ᠢᠷᠢ᠎ᠳᠤ ᠲᠠᠯᠪᠢᠨ ᠵᠢᠭ᠋ᠠᠨ ᠰᠤᠷᠭ᠋ᠠᠬᠤ ᠲᠤᠬᠠᠢ ᠠᠰᠠᠭᠤᠯᠳᠠ᠎ᠳᠤ ᠰᠤᠷᠤᠭᠴᠢᠳ ᠵᠶ᠋ᠠᠷ ᠬᠠᠷᠢᠭᠤᠯᠲᠠ ᠬᠢᠯᠭᠡᠵᠦ᠂ ᠪᠠᠶ᠋ᠢᠴᠠᠭ᠋ᠠᠨ ᠰᠤᠳᠤᠯᠬᠤ ᠠᠷᠭ᠎ᠠ ᠵᠢ ᠢᠯᠡᠭᠦᠦ ᠬᠡᠷᠡᠭᠯᠡᠵᠡᠢ᠃
《ᠵᠣᠬᠢᠶᠠᠨ ᠪᠢᠴᠢᠯᠭᠡ ᠵᠢ ᠪᠦᠲᠦᠭᠡᠯᠴᠢ ᠴᠢᠨᠠᠷᠲᠠᠢ ᠵᠢᠭ᠋ᠠᠨ ᠰᠤᠷᠭ᠋ᠠᠬᠤ ᠲᠤᠬᠠᠢ ᠰᠤᠳᠤᠯᠭ᠋ᠠᠨ》᠎ᠳᠤ ᠭᠤᠣᠯᠳᠠᠭ᠍ᠤ ᠤᠷᠢᠳ ᠵᠶ᠋ᠠᠷ ᠪᠢᠴᠢᠬᠦ ᠮᠠᠲ᠋ᠧᠷᠢᠶᠠᠯ᠎ᠢ᠎ᠨᠢ ᠣᠯᠭᠤᠨ ᠰᠤᠷᠤᠭᠴᠢᠳ᠎ᠤᠨ ᠰᠡᠳᠬᠢᠬᠦᠢ ᠵᠢ ᠲᠡᠯᠡᠵᠦ ᠲᠠᠷᠠᠭ᠎ᠠ᠎ᠨᠢ ᠵᠣᠬᠢᠶᠠᠨ ᠪᠢᠴᠢᠭᠦᠯᠵᠤ᠂ ᠵᠣᠬᠢᠶᠠᠭᠰᠠᠨ ᠵᠣᠬᠢᠶᠠᠯ᠎ᠤᠨ ᠬᠢᠷᠢ ᠬᠡᠮᠵᠢᠶ᠎ᠡ᠎ᠪᠠᠷ ᠰᠤᠳᠤᠯᠭ᠋ᠠᠨ ᠵᠶ᠋ᠠᠨ ᠦᠨᠡᠯᠡᠬᠦ ᠠᠷᠭ᠎ᠠ ᠪᠣᠯᠭ᠋ᠠᠵᠠᠢ᠂ ᠠ᠋ᠨᠡ ᠪᠣᠯ ᠦᠢ᠍ᠯᠡᠳᠦᠯᠭᠡ ᠵᠢᠨ ᠠᠷᠭ᠎ᠠ ᠮᠥᠨ᠃ ᠰᠤᠳᠤᠯᠭ᠋ᠠᠨ ᠬᠢᠬᠦ᠎ᠳᠤ ᠬᠡᠯᠪᠡᠷᠢ ᠵᠢ ᠬᠥᠭᠡᠭᠡᠴᠡᠯᠳᠦᠨ᠂ ᠶᠠᠪᠤᠴᠠ ᠵᠢ ᠣᠮᠲᠣᠭ᠋ᠠᠶ᠋ᠢᠯᠠᠵᠤ ᠪᠣᠯᠬᠤ ᠦᠭᠡᠢ᠂ ᠶᠠᠪᠤᠴᠠ ᠬᠠᠮᠤᠭ᠎ᠤᠨ ᠴᠢᠬᠤᠯᠠ᠂ ᠵᠢᠩᠬᠢᠨᠢ ᠦᠷ᠎ᠡ ᠠᠰᠢᠭ᠎ᠨᠢ ᠶᠠᠪᠤᠴᠠ ᠵᠢᠨ ᠳᠤᠮᠳᠠ ᠰᠠᠶᠢ ᠭᠠᠷᠤᠨ᠎ᠠ᠃ ᠣᠶ᠋ᠢᠷ᠎ᠠ ᠵᠢᠨ ᠵᠢᠯ᠎ᠳᠤ᠄ 《ᠬᠤᠶᠠᠷ ᠦᠵᠦᠭᠦᠷ᠎ᠨᠢ ᠬᠠᠯᠠᠭᠤᠨ᠂ ᠳᠤᠮᠳᠠ᠎ᠨᠢ ᠬᠦᠢ᠍ᠲᠡᠨ》 ᠪᠠᠶ᠋ᠢᠵᠤ ᠪᠣᠯᠬᠤ ᠦᠭᠡᠢ ᠭᠡᠵᠦ ᠱᠠᠭ᠋ᠠᠷᠳᠠᠵᠤ ᠪᠠᠶ᠋ᠢᠭ᠎ᠠ᠎ᠨᠢ ᠳᠠᠷᠤᠢ ᠠᠵᠢᠯ ᠶᠠᠪᠤᠳᠠᠯ᠎ᠤᠨ ᠠ᠋ᠬᠢᠯᠡᠯᠲᠡ ᠲᠡᠭᠦᠰᠬᠡᠯ᠎ᠢ ᠬᠦᠨᠳᠦᠳᠬᠡᠵᠦ᠂ ᠥᠩᠭᠡᠷᠡᠯᠲᠡ ᠶᠠᠪᠤᠴᠠ ᠵᠢ ᠬᠥᠩᠭᠡᠪᠴᠢᠯᠡᠵᠦ ᠪᠣᠯᠬᠤ ᠦᠭᠡᠢ ᠭᠡᠰᠡᠨ ᠦᠭᠡ ᠶᠤᠮ᠃ ᠪᠢᠳᠡ ᠰᠤᠳᠤᠯᠭ᠋ᠠᠨ᠎ᠤ ᠰᠡᠳᠦᠪ ᠵᠶ᠋ᠠᠨ ᠠ᠋ᠬᠢᠯᠡᠭᠦᠯᠦᠮᠡᠭᠴᠡ ᠲᠡᠭᠦᠰᠬᠡᠬᠦ ᠭᠡᠵᠦ ᠶᠠᠭ᠋ᠠᠷᠠᠵᠤ ᠪᠣᠯᠬᠤ ᠦᠭᠡᠢ᠂ ᠵᠠᠷᠢᠮ ᠰᠤᠳᠤᠯᠭ᠋ᠠᠨ᠎ᠨᠢ ᠨᠢᠭᠡ ᠬᠤᠶᠠᠷ ᠵᠢᠯ᠂ ᠴᠢᠨᠠᠭᠰᠢᠳᠠ ᠬᠡᠳᠦᠨ ᠵᠢᠯ ᠭᠡᠷᠡᠭᠰᠡᠨ᠎ᠠ᠃
ᠭᠤᠷᠪᠠ᠂ ᠮᠠᠲ᠋ᠧᠷᠢᠶᠠᠯ ᠴᠤᠭᠯᠠᠭᠤᠯᠵᠤ ᠠᠰᠢᠭᠯᠠᠭ᠍ᠤ
ᠶᠠᠮᠠᠷ ᠴᠦ᠍ ᠮᠠᠲ᠋ᠧᠷᠢᠶᠠᠯ ᠬᠡᠷᠡᠭᠯᠡᠬᠦ ᠦᠭᠡᠢ᠂ ᠮᠠᠲ᠋ᠧᠷᠢᠶᠠᠯ ᠠ᠋ᠮᠬᠢᠯᠡᠵᠦ ᠳᠢᠭᠯᠡᠬᠦ ᠦᠭᠡᠢ ᠰᠤᠳᠤᠯᠭ᠋ᠠᠨ ᠭᠡᠵᠦ ᠪᠠᠷᠤᠭ ᠪᠠᠶ᠋ᠢᠬᠤ ᠦᠭᠡᠢ᠂ ᠵᠢᠭ᠋ᠠᠨ ᠰᠤᠳᠤᠯᠭ᠋ᠠᠨ᠎ᠢ ᠪᠠᠭᠲᠠᠭ᠋ᠠᠭᠰᠠᠨ ᠪᠦᠬᠦ ᠰᠤᠳᠤᠯᠭ᠋ᠠᠨ᠎ᠨᠢ ᠵᠠᠷᠢᠮ ᠲᠠᠯ᠎ᠠ᠎ᠪᠠᠷ ᠪᠦᠷ ᠪᠤᠰᠤᠳ᠎ᠤᠨ ᠰᠤᠳᠤᠯᠤᠭᠰᠠᠨ ᠵᠦᠢ᠍ᠯ᠎ᠠᠴᠠ ᠰᠢᠭᠤᠳ ᠪᠤᠶᠤ ᠳᠠᠮ ᠵᠶ᠋ᠠᠷ ᠰᠤᠷᠤᠯᠴᠠᠵᠤ᠂ ᠵᠠᠯᠭ᠋ᠠᠮᠵᠢᠯᠠᠵᠤ᠂ ᠬᠥᠭᠵᠢᠭᠦᠯᠵᠦ᠂ ᠪᠤᠰᠤᠳ᠎ᠤᠨ ᠰᠤᠳᠤᠯᠵᠤ ᠣᠯᠣᠭᠰᠠᠨ ᠦᠷ᠎ᠡ ᠳ᠋ᠦᠩ᠎ᠢ ᠠᠮᠢᠳᠤᠯᠢᠭ ᠬᠡᠷᠡᠭᠯᠡᠨ᠂ ᠥᠪᠡᠷ᠎ᠤᠨ ᠶᠠᠭᠤᠮ᠎ᠠ᠂ ᠰᠢᠨ᠎ᠡ ᠶᠠᠭᠤᠮ᠎ᠠ ᠪᠣᠯᠭ᠋ᠠᠵᠤ ᠭᠦᠭᠵᠢᠭᠦᠯᠭᠦ ᠶᠠᠪᠤᠳᠠᠯ ᠮᠥᠨ ᠭᠡᠵᠦ ᠦᠵᠡᠵᠦ ᠪᠣᠯᠣᠨ᠎ᠠ᠃ ᠮᠡᠷᠭᠡᠳ᠄ 《ᠨᠣᠮ ᠪᠢᠴᠢᠭ ᠤᠩᠰᠢᠬᠤ᠎ᠨᠢ ᠪᠤᠰᠤᠳ᠎ᠤᠨ ᠦᠵᠡᠯ ᠰᠠᠨᠠᠭ᠋ᠠᠨ᠎ᠤ ᠬᠠᠪᠰᠤᠷᠤᠯᠭ᠎ᠠ᠎ᠪᠠᠷ ᠥᠪᠡᠷ᠎ᠤᠨ ᠦᠵᠡᠯ ᠰᠠᠨᠠᠭ᠎ᠠ᠎ᠪᠠᠨ ᠪᠠᠶ᠋ᠢᠭᠤᠯᠵᠤ ᠪᠠᠶ᠋ᠢᠬᠤ ᠶᠠᠪᠤᠳᠠᠯ ᠶᠤᠮ》 ᠬᠡᠰᠡᠨ᠎ᠨᠢ ᠶᠠᠬ ᠠ᠋ᠭᠦᠨ᠎ᠢ ᠬᠡᠯᠡᠭᠰᠡᠨ ᠶᠤᠮ᠃ ᠮᠠᠲ᠋ᠧᠷᠢᠶᠠᠯ ᠴᠤᠭᠯᠠᠭᠤᠯᠵᠤ ᠠ᠋ᠮᠬᠢᠯᠡᠨ᠂ ᠠᠰᠢᠭᠯᠠᠵᠤ᠂ ᠰᠤᠳᠤᠯᠭ᠋ᠠᠨ᠎ᠤ᠎ᠪᠠᠨ ᠣᠨᠣᠯᠲᠠ᠎ᠳᠤ ᠦᠨᠳᠦᠰᠦ ᠪᠠᠷᠢᠮᠲᠠ ᠬᠠᠩᠭ᠋ᠠᠨ᠂ ᠰᠡᠩᠬᠡᠷᠡᠭᠦᠯᠦᠯ ᠣᠯᠵᠤ᠂ ᠰᠡᠳᠬᠢᠴᠡ᠎ᠪᠠᠨ ᠥᠷᠭᠡᠳᠬᠡᠵᠦ᠂ ᠰᠤᠳᠤᠯᠭ᠋ᠠᠨ᠎ᠳᠤ᠎ᠪᠠᠨ ᠪᠠᠳᠤ ᠰᠠᠭᠤᠷᠢ ᠲᠠᠯᠪᠢᠬᠤ᠎ᠨᠢ ᠮᠠᠰᠢ ᠴᠢᠬᠤᠯᠠ ᠶᠤᠮ᠃
ᠨᠣᠮ ᠪᠢᠴᠢᠭ᠂ ᠰᠣᠨᠢᠨ ᠰᠡᠳᠬᠦᠯ᠂ ᠷᠠᠳᠢᠣ᠋ ᠲᠸᠯᠸᠢᠰ᠂ ᠲᠣᠣᠷ ᠰᠦᠯᠵᠢᠶ᠎ᠡ᠎ᠠᠴᠠ ᠪᠦᠷ ᠮᠠᠲᠸᠷᠢᠶᠠᠯ ᠴᠤᠭᠯᠠᠭᠤᠯᠵᠤ ᠪᠣᠯᠣᠨ᠎ᠠ᠃ ᠠᠵᠢᠯ ᠨᠢᠭᠡᠲᠡᠨᠲᠠᠢᠪᠠᠨ ᠶᠠᠷᠢᠯᠴᠠᠨ᠂ ᠠᠰᠢᠭᠲᠠᠢ ᠵᠦᠢ᠍ᠯ᠎ᠢ ᠴᠡᠭᠡᠵᠢᠯᠡᠨ ᠲᠣᠭᠲᠠᠭ᠋ᠠᠵᠤ᠂ ᠲᠡᠮᠳᠡᠭᠯᠡᠨ ᠠᠪᠴᠤ᠂ ᠰᠢᠩᠭᠡᠭᠡᠨ ᠦᠯᠡᠳᠡᠭᠡᠬᠦ᠎ᠨᠢ ᠪᠦᠷ ᠮᠠᠲ᠋ᠧᠷᠢᠶᠠᠯ ᠴᠤᠭᠯᠠᠭᠤᠯᠬᠤ ᠰᠠᠶ᠋ᠢᠨ ᠠᠷᠭ᠎ᠠ ᠵᠠᠮ ᠮᠥᠨ᠃ ᠢᠯᠠᠩᠭᠤᠶ᠎ᠠ ᠲᠣᠣᠷ ᠰᠦᠯᠵᠢᠶ᠎ᠡ ᠭᠡᠵᠦ ᠳᠠᠯᠠᠢ ᠰᠢᠬ ᠪᠠᠶᠠᠯᠢᠭ ᠠ᠋ᠬᠢ ᠰᠤᠷᠪᠤᠯᠵᠢ ᠪᠠᠶ᠋ᠢᠭ᠎ᠠ᠎ᠨᠢ ᠮᠠᠨᠳᠤ ᠠ᠋ᠯᠪᠡᠭ ᠪᠠᠶᠠᠯᠢᠭ ᠪᠣᠷᠣ ᠮᠠᠲ᠋ᠧᠷᠢᠶᠠᠯ ᠬᠠᠩᠭ᠋ᠠᠵᠠᠢ᠃ ᠶᠠᠮᠠᠷ ᠮᠠᠲ᠋ᠧᠷᠢᠶᠠᠯ᠎ᠢ ᠴᠤ᠌ ᠠᠰᠢᠭᠯᠠᠵᠤ ᠬᠡᠷᠡᠭᠯᠡᠬᠦ᠎ᠳᠤ᠎ᠪᠠᠨ ᠠᠮᠢᠳᠤᠯᠢᠭ ᠵᠶ᠋ᠠᠷ ᠦᠢ᠍ᠯᠡᠴᠢᠯᠡᠭᠦᠯᠬᠦ ᠬᠡᠷᠡᠭᠲᠡᠢ᠃ ᠦᠬᠦᠮᠡᠯ ᠵᠶ᠋ᠠᠷ ᠬᠠᠭᠤᠯᠪᠤᠷᠢᠯᠠᠨ ᠨᠠᠭ᠋ᠠᠵᠤ ᠨᠡᠷ᠎ᠡ ᠤᠰᠤ᠂ ᠭᠠᠵᠠᠷ ᠣᠷᠣᠨ᠂ ᠴᠠᠭ ᠬᠤᠭᠤᠴᠠᠭ᠎ᠠ ᠵᠢ᠎ᠨᠢ ᠰᠣᠯᠢᠵᠤ ᠡᠪᠯᠡᠭᠦᠯᠬᠦ᠎ᠨᠢ ᠱᠠᠯ ᠲᠠᠮᠠᠢ ᠶᠠᠪᠤᠳᠠᠯ ᠶᠤᠮ᠃
ᠳᠥᠷᠪᠡ᠂ ᠰᠤᠳᠤᠯᠭ᠋ᠠᠨ ᠬᠢᠭᠦ
ᠰᠤᠳᠤᠯᠭ᠋ᠠᠨ ᠬᠢᠭᠦ ᠶᠠᠪᠤᠴᠠ ᠪᠣᠯ ᠰᠠᠶᠢ ᠵᠢᠩᠬᠢᠨᠢ ᠰᠤᠳᠤᠯᠭ᠋ᠠᠨ ᠬᠢᠵᠦ ᠪᠠᠶ᠋ᠢᠬᠤ ᠶᠠᠪᠤᠳᠠᠯ ᠮᠥᠨ᠃ ᠠ᠋ᠷᠬᠡᠪᠰᠢ ᠨᠠᠷᠢᠨ ᠬᠢᠨᠠᠮᠠᠭ᠋ᠠᠢ ᠬᠠᠨᠳᠤᠨ᠂ ᠲᠡᠰᠪᠦᠷᠢ ᠳᠠᠭ᠋ᠠᠭ᠋ᠠᠴᠠ᠎ᠲᠠᠢ ᠰᠤᠳᠤᠯᠬᠤ ᠬᠡᠷᠡᠭᠲᠡᠢ᠃ ᠣᠯᠠᠭᠤᠯᠠ ᠬᠤᠷᠰᠢᠵᠤ ᠬᠢᠭᠰᠡᠨ ᠰᠤᠳᠤᠯᠭ᠋ᠠᠨ᠎ᠤ ᠰᠡᠳᠦᠪ ᠪᠣᠯ ᠠ᠋ᠩ ᠲᠡᠷᠢᠭᠦᠨ᠎ᠳᠤ ᠣᠷᠣᠯᠴᠠᠭ᠍ᠤ ᠬᠥᠮᠥᠨ ᠵᠶ᠋ᠠᠨ ᠵᠣᠬᠢᠶᠠᠨ ᠪᠠᠶ᠋ᠢᠭᠤᠯᠵᠤ᠂ ᠰᠤᠳᠤᠯᠭ᠋ᠠᠨ᠎ᠤ ᠰᠠᠳᠤᠪ ᠵᠶ᠋ᠠᠨ ᠰᠠᠶ᠋ᠢᠲᠤᠷ ᠰᠤᠷᠤᠯᠴᠠᠵᠤ᠂ ᠰᠤᠳᠤᠯᠭ᠋ᠠᠨ᠎ᠤ ᠣᠨᠣᠯ᠂ ᠠᠷᠭ᠎ᠠ᠂ ᠮᠠᠲ᠋ᠧᠷᠢᠶᠠᠯ ᠵᠶ᠋ᠠᠨ ᠲᠠᠨᠢᠯᠴᠠᠭᠤᠯᠵᠤ᠂ ᠦᠵᠡᠯ ᠲᠠᠨᠢᠯᠲᠠ᠎ᠪᠠᠨ ᠨᠢᠭᠡᠳᠬᠡᠨ᠂ ᠲᠥᠯᠥᠪᠯᠡᠭᠡ᠎ᠪᠠᠨ ᠦᠨᠳᠦᠰᠦᠯᠡᠵᠦ ᠯᠠᠪᠳᠠᠭᠤᠨ ᠲᠣᠭᠲᠠᠭᠤᠨ᠂ ᠠᠯᠬᠤᠮ ᠳᠠᠷᠠᠭ᠎ᠠ᠎ᠲᠠᠢ ᠶᠠᠪᠤᠭᠳᠠᠭᠤᠯᠤᠨ᠎ᠠ᠃ ᠲᠤᠷᠰᠢᠯᠲᠠ᠎ᠳᠤ ᠣᠷᠣᠯᠴᠠᠭ᠍ᠤ ᠰᠤᠷᠤᠭᠴᠢ᠎ᠳᠤ ᠲᠤᠷᠰᠢᠯᠲᠠ ᠵᠢᠨ ᠵᠶ᠋ᠠᠨ ᠤᠳᠬ᠎ᠠ ᠠᠭᠤᠯᠭ᠎ᠠ ᠵᠢ ᠰᠠᠶ᠋ᠢᠲᠤᠷ ᠶᠠᠷᠢᠵᠤ ᠥᠭᠭᠦᠨ᠂ ᠢᠳᠡᠪᠬᠢᠵᠢᠯ᠎ᠢ᠎ᠨᠢ ᠳᠠᠶ᠋ᠢᠴᠢᠯᠠᠵᠤ ᠣᠷᠣᠯᠴᠠᠭᠤᠯᠬᠤ ᠬᠡᠷᠡᠭᠲᠡᠢ ᠪᠦᠭᠡᠳ ᠰᠤᠷᠤᠭᠴᠢᠳ᠎ᠤᠨ ᠵᠶ᠋ᠠᠨ ᠦᠨᠳᠦᠰᠦᠨ ᠪᠠᠶ᠋ᠢᠳᠠᠯ᠎ᠢ ᠰᠠᠶ᠋ᠢᠲᠤᠷ ᠣᠶ᠋ᠢᠯᠠᠭ᠋ᠠᠵᠤ᠂ ᠲᠤᠷᠰᠢᠯᠲᠠ᠎ᠳᠤ ᠦᠨᠳᠦᠰᠦᠯᠡᠯ ᠪᠣᠯᠭ᠋ᠠᠪᠠᠯ ᠵᠣᠬᠢᠨ᠎ᠠ᠃ ᠵᠢᠭ᠋ᠠᠨ ᠰᠤᠳᠤᠯᠭ᠋ᠠᠨ᠎ᠤ ᠬᠤᠭᠤᠴᠠᠭ᠋ᠠᠨ᠎ᠳᠤ ᠦᠷᠭᠦᠯᠵᠢ ᠬᠤᠷᠠᠯ ᠴᠤᠭᠯᠠᠭ᠋ᠠᠨ ᠪᠣᠯᠵᠤ᠂ ᠣᠷᠣᠰᠢᠵᠤ ᠪᠠᠶ᠋ᠢᠬᠤ ᠠᠰᠠᠭᠤᠳᠠᠯ ᠵᠶ᠋ᠠᠨ ᠶᠠᠷᠢᠯᠴᠠᠵᠤ᠂ ᠲᠤᠷᠰᠢᠯᠭ᠎ᠠ ᠰᠤᠷᠭ᠋ᠠᠮᠵᠢ᠎ᠪᠠᠨ ᠳ᠋ᠦᠩᠨᠡᠨ᠂ ᠲᠠᠷᠠᠭ᠋ᠠᠴᠢ ᠵᠢᠨ ᠠᠯᠬᠤᠮ᠎ᠤᠨ ᠠᠵᠢᠯ ᠵᠶ᠋ᠠᠨ ᠪᠠᠢ᠍ᠢ᠍ᠷᠢᠰᠢᠭᠤᠯᠬᠤ ᠬᠡᠷᠡᠭᠲᠡᠢ᠃ ᠰᠤᠳᠤᠯᠭ᠋ᠠᠨ᠎ᠤ ᠠᠵᠢᠯ᠎ᠤᠨ ᠳᠤᠮᠳᠠᠬᠢ ᠤᠯᠵᠤ ᠠᠯᠳᠠᠭᠰᠠᠨ ᠵᠶ᠋ᠠᠨ ᠳ᠋ᠦᠩᠨᠡᠵᠦ᠂ ᠤᠤᠷ ᠮᠠᠲ᠋ᠧᠷᠢᠶᠠᠯ ᠵᠶ᠋ᠠᠨ ᠨᠠᠷᠢᠨ ᠨᠢᠮᠪᠠᠢ ᠬᠠᠳᠠᠭ᠋ᠠᠯᠠᠵᠤ ᠲᠠᠯᠪᠢᠬᠤ ᠬᠡᠷᠡᠭᠲᠡᠢ᠂ ᠬᠡᠷᠪᠡ ᠬᠠᠮᠲᠤ᠎ᠪᠠᠷ ᠬᠢᠭᠰᠡᠨ ᠰᠤᠳᠤᠯᠭ᠋ᠠᠨ ᠪᠣᠯ ᠥᠪᠡᠷ ᠥᠪᠡᠷ᠎ᠤᠨ ᠮᠠᠲ᠋ᠧᠷᠢᠶᠠᠯ᠎ᠤᠳ ᠵᠶ᠋ᠠᠨ ᠠ᠋ᠮᠬᠢᠯᠡᠬᠦ ᠪᠠ ᠬᠠᠮᠲᠤ ᠵᠢᠨ ᠪᠣᠯᠭ᠋ᠠᠵᠤ ᠰᠢᠰᠲᠸᠮ᠎ᠲᠠᠢ ᠠ᠋ᠮᠬᠢᠯᠡᠬᠦ ᠵᠢ ᠤᠶᠠᠯᠳᠤᠭᠤᠯᠵᠤ ᠬᠢᠬᠦ ᠬᠡᠷᠡᠭᠲᠡᠢ᠃ 2004 ᠣᠨ᠎ᠤ ᠬᠠᠪᠤᠷ ᠵᠡᠭᠦᠨ ᠦᠵᠦᠮᠦᠴᠢᠨ ᠬᠤᠰᠢᠭᠤᠨ᠎ᠤ ᠮᠣᠩᠭᠤᠯ ᠳᠤᠮᠳᠠᠳᠤ ᠰᠤᠷᠭ᠋ᠠᠭᠤᠯᠢ ᠵᠢᠨ 《ᠰᠢᠨ᠎ᠡ ᠬᠢᠴᠢᠶᠡᠯ᠎ᠤᠨ ᠥᠭᠡᠷᠡᠴᠢᠯᠡᠯᠲᠡ ᠵᠢ ᠲᠦᠭᠡᠮᠡᠯᠵᠢᠭᠦᠯᠦᠭᠰᠡᠨ ᠰᠤᠳᠤᠯᠭ᠋ᠠᠨ》 ᠪᠣᠯ ᠲᠡᠷᠡ ᠴᠡᠭ ᠵᠶ᠋ᠠᠷ ᠵᠶ᠋ᠠᠨ ᠣᠯᠠᠭᠤᠯᠠ ᠬᠠᠮᠲᠤᠷᠠᠵᠤ ᠬᠢᠭᠰᠡᠨ ᠰᠤᠷᠭ᠋ᠠᠭᠤᠯᠢ ᠵᠢᠨ ᠱᠠᠲᠤᠨ᠎ᠤ ᠠᠮᠵᠢᠯᠲᠠ᠎ᠲᠠᠢ ᠵᠢᠭ᠋ᠠᠨ ᠰᠤᠳᠤᠯᠭ᠋ᠠᠨ᠎ᠤ ᠰᠡᠳᠦᠪ ᠮᠥᠨ᠃
ᠲᠠᠪᠤ᠂ ᠮᠡᠳᠡᠭᠦᠯᠦᠯᠲᠡ ᠪᠢᠴᠢᠬᠦ
ᠵᠢᠭ᠋ᠠᠨ ᠰᠤᠳᠤᠯᠭ᠋ᠠᠨ ᠬᠢᠬᠦ᠎ᠳᠤ ᠬᠡᠰᠡᠭ ᠬᠤᠭᠤᠴᠠᠭ᠎ᠠ ᠪᠤᠶᠤ ᠰᠤᠳᠤᠯᠭ᠋ᠠᠨ ᠲᠡᠭᠦᠰᠬᠦ ᠦᠶ᠎ᠡ᠎ᠳᠤ ᠵᠠᠪᠠᠯ ᠳ᠋ᠦᠩᠨᠡᠯᠲᠡ ᠮᠡᠳᠡᠭᠦᠯᠦᠯᠲᠡ ᠪᠢᠴᠢᠬᠦ ᠬᠡᠷᠡᠭᠲᠡᠢ᠃
ᠮᠠᠳᠠᠭᠦᠯᠤᠯᠳᠠ ᠵᠢᠨ ᠦᠨᠳᠤᠰᠤᠨ ᠪᠦᠳᠤᠴᠠ᠄
1. ᠠ᠋ᠮᠦᠨᠡᠬᠢ ᠦᠭᠡ᠃ ᠠ᠋ᠨᠡ ᠬᠡᠰᠡᠭ ᠪᠣᠯ ᠰᠤᠳᠤᠯᠭ᠋ᠠᠨ᠎ᠤ ᠰᠡᠳᠦᠪ᠎ᠤᠨ ᠠ᠋ᠬᠢᠯᠡᠯᠲᠡ ᠵᠢᠨ ᠬᠡᠰᠡᠭ ᠮᠥᠨ᠂ ᠠ᠋ᠩ ᠲᠡᠷᠢᠭᠦᠨ᠎ᠳᠤ ᠰᠡᠳᠦᠪ ᠰᠣᠩᠭᠤᠭᠰᠠᠨ ᠵᠣᠷᠢᠯᠲᠠ᠂ ᠰᠢᠯᠲᠠᠭ᠋ᠠᠨ᠂ ᠠᠴᠢ ᠬᠤᠯᠪᠣᠭᠳᠠᠯ ᠵᠡᠷᠭᠡ᠎ᠪᠠᠨ ᠪᠢᠴᠢᠨ᠎ᠡ᠃ ᠬᠤᠶᠠᠳᠤᠭ᠋ᠠᠷ᠎ᠲᠤ ᠠᠰᠠᠭᠤᠳᠠᠯ ᠵᠶ᠋ᠠᠨ ᠳᠤᠷᠠᠳᠤᠨ᠎ᠠ᠂ ᠰᠡᠳᠦᠪ᠎ᠤᠨ ᠭᠤᠣᠯ ᠦᠵᠡᠯᠲᠡ᠎ᠪᠠᠨ ᠪᠢᠴᠢᠨ᠎ᠡ᠂ ᠭᠤᠣᠯᠳᠠᠭᠤ ᠠ᠋ᠨᠡ ᠰᠡᠳᠦᠪ ᠬᠠᠮᠢᠭ᠎ᠠ᠎ᠠᠴᠠ ᠢᠷᠡᠭᠰᠡᠨ᠂ ᠶᠠᠮᠠᠷ ᠰᠢᠨ᠎ᠡ ᠳᠤᠷᠠᠳᠤᠯᠭ᠎ᠠ ᠪᠠᠶ᠋ᠢᠬᠤ᠂ ᠬᠡᠷᠡᠭᠯᠡᠭᠰᠡᠨ ᠠᠷᠭ᠎ᠠ ᠠᠪᠴᠠᠯ ᠵᠶ᠋ᠠᠨ ᠳᠥᠭᠦᠮ ᠵᠶ᠋ᠠᠷ ᠳᠤᠷᠠᠳᠤᠨ᠎ᠠ᠃
2. ᠭᠤᠣᠯ ᠥᠭᠦᠯᠡᠬᠦ ᠬᠡᠰᠡᠭ᠃ ᠠ᠋ᠨᠡ ᠪᠣᠯ ᠰᠤᠳᠤᠯᠭ᠋ᠠᠨ᠎ᠤ ᠰᠡᠳᠦᠪ᠎ᠤᠨ ᠮᠡᠳᠡᠭᠦᠯᠦᠯᠲᠡ ᠵᠢᠨ ᠭᠤᠣᠯ ᠬᠡᠰᠡᠭ ᠮᠥᠨ᠂ ᠠ᠋ᠭᠦᠨ᠎ᠳᠤ ᠠ᠋ᠷᠬᠡᠪᠰᠢ ᠰᠡᠳᠦᠪ᠎ᠤᠨ ᠰᠢᠨᠵᠢ ᠴᠢᠨᠠᠷ᠂ ᠭᠤᠣᠯ ᠦᠵᠡᠯᠲᠡ ᠲᠠᠨᠢᠯᠲᠠ (ᠠ᠋ᠰᠡᠷᠭᠦᠴᠡᠬᠦ ᠪᠠ ᠳᠡᠮᠵᠢᠬᠦ)᠂ ᠠ᠋ᠰᠡᠪᠡᠯ ᠰᠡᠵᠢᠭ ᠲᠠᠭ᠋ᠠᠪᠤᠷᠢ᠎ᠲᠠᠢ ᠠᠰᠠᠭᠤᠳᠠᠯ᠎ᠢ ᠰᠢᠢ᠍ᠳᠪᠦᠷᠢᠯᠡᠭᠰᠡᠨ ᠦᠵᠡᠯ ᠰᠠᠨᠠᠭ᠎ᠠ ᠰᠢᠨ᠎ᠡ ᠳᠤᠷᠠᠳᠤᠯᠭ᠎ᠠ ᠵᠡᠷᠭᠡ ᠪᠠᠭᠲᠠᠨ᠎ᠠ᠃ ᠠ᠋ᠨᠡ ᠬᠡᠰᠡᠭ᠎ᠤᠨ ᠪᠢᠴᠢᠬᠦ ᠵᠦᠢ᠍ᠯ ᠣᠯᠠᠨ᠂ ᠪᠦᠬᠦ ᠮᠡᠳᠡᠭᠦᠯᠦᠯᠲᠡ ᠵᠢᠨ ᠭᠤᠷᠪᠠᠨ᠎ᠤ ᠬᠤᠶᠠᠷ᠎ᠤᠨ ᠬᠡᠰᠡᠭ᠎ᠢ ᠡᠵᠡᠯᠡᠵᠦ ᠪᠣᠯᠣᠨ᠎ᠠ᠃ ᠠ᠋ᠭᠦᠨ᠎ᠳᠤ ᠵᠠᠪᠠᠯ ᠣᠨᠣᠯᠲᠠ ᠪᠠᠷᠢᠮᠲᠠ᠎ᠨᠢ ᠤᠷᠭ᠋ᠠᠨᠢᠭ ᠵᠶ᠋ᠠᠷ ᠠᠪᠴᠠᠯᠳᠤᠵᠤ᠂ ᠠ᠋ᠬᠢ ᠰᠡᠭᠦᠯ᠎ᠢ᠎ᠨᠢ ᠵᠤᠬᠢᠴᠠᠭᠤᠯᠵᠤ᠂ ᠠ᠋ᠮᠬᠢ ᠴᠡᠭᠴᠡ᠎ᠲᠠᠢ᠂ ᠰᠢᠰᠲ᠋ᠧᠮᠲᠦ ᠴᠢᠨᠠᠷᠲᠠᠢ᠂ ᠯᠣᠭᠢᠬ᠍ᠴᠢ ᠴᠢᠨᠠᠷ ᠴᠢᠩᠭ᠎ᠠ᠂ ᠢᠲᠡᠭᠡᠭᠦᠯᠬᠦ ᠬᠦᠴᠦᠨ᠎ᠲᠠᠢ ᠪᠠᠶ᠋ᠢᠬᠤ ᠬᠡᠷᠡᠭᠲᠡᠢ᠃
3. ᠲᠡᠭᠦᠰᠬᠡᠯ᠎ᠤᠨ ᠬᠡᠰᠡᠭ᠃ ᠠ᠋ᠨᠡ ᠪᠣᠯ ᠮᠡᠳᠡᠭᠦᠯᠦᠯᠲᠡ ᠵᠢᠨ ᠳ᠋ᠦᠩᠨᠡᠯᠲᠡ ᠵᠢᠨ ᠬᠡᠰᠡᠭ ᠮᠥᠨ᠃ ᠪᠦᠬᠦ ᠮᠡᠳᠡᠭᠦᠯᠦᠯᠲᠡ᠎ᠪᠠᠨ ᠳᠥᠭᠦᠮ ᠵᠶ᠋ᠠᠷ ᠲᠣᠪᠴᠢᠯᠠᠨ ᠲᠣᠳᠣᠷᠬᠠᠶ᠋ᠢᠯᠠᠵᠤ ᠲᠡᠭᠦᠰᠬᠡᠵᠦ ᠪᠣᠯᠣᠨ᠎ᠠ; ᠪᠦᠬᠦ ᠮᠡᠳᠡᠭᠦᠯᠦᠯᠲᠡ᠎ᠪᠠᠨ ᠶᠡᠷᠦᠩᠬᠡᠶ᠋ᠢᠯᠡᠨ ᠭᠤᠣᠯ ᠰᠡᠳᠦᠪ ᠵᠶ᠋ᠠᠨ ᠬᠤᠷᠢᠶᠠᠩᠭᠤᠶ᠋ᠢᠯᠠᠵᠤ᠂ ᠭᠤᠣᠯ ᠰᠠᠨᠠᠭ᠎ᠠ᠎ᠪᠠᠨ ᠲᠣᠪᠣᠶ᠋ᠢᠯᠭ᠋ᠠᠵᠤ ᠪᠣᠯᠣᠨ᠎ᠠ; ᠰᠡᠳᠦᠪ᠎ᠤᠨ ᠬᠠᠨᠳᠤᠰᠢ ᠴᠢᠭᠯᠡᠯ᠂ ᠰᠠᠨᠠᠯ ᠳᠤᠷᠠᠳᠤᠯᠭ᠎ᠠ᠎ᠪᠠᠨ ᠢᠯᠡᠳᠬᠡᠵᠦ ᠪᠣᠯᠣᠨ᠎ᠠ᠃ ᠲᠤᠰ ᠰᠡᠳᠦᠪ᠎ᠤᠨ ᠬᠦᠰᠡᠯ ᠱᠠᠭ᠋ᠠᠷᠳᠠᠯᠭ᠎ᠠ᠂ ᠤᠷᠢᠶᠠᠯᠠᠭ᠎ᠠ ᠵᠣᠷᠢᠬ᠍ᠵᠢᠭᠤᠯᠤᠯ᠂ ᠦᠯᠡᠳᠡᠭᠳᠡᠯ ᠠᠰᠠᠭᠤᠳᠠᠯ ᠵᠢᠴᠢ ᠰᠤᠳᠤᠯᠭ᠋ᠠᠨ᠎ᠤ ᠶᠠᠪᠤᠴᠠ᠎ᠳᠤ ᠬᠠᠷᠠᠭ᠋ᠠᠯᠵᠠᠵᠤ ᠬᠠᠪᠰᠤᠷᠤᠭᠰᠠᠳᠲᠤ ᠲᠠᠯᠠᠷᠬᠠᠯ ᠵᠶ᠋ᠠᠨ ᠢᠯᠡᠳᠬᠡᠵᠦ ᠪᠣᠯᠣᠨ᠎ᠠ᠃
《ᠳᠤᠮᠳᠠᠳᠤ ᠰᠤᠷᠭ᠋ᠠᠭᠤᠯᠢ᠎ᠳᠤ ᠪᠦᠲᠦᠭᠡᠯᠴᠢ ᠴᠢᠨᠠᠷᠲᠠᠢ ᠵᠣᠬᠢᠶᠠᠨ ᠪᠢᠴᠢᠯᠭᠡ ᠵᠢᠭ᠋ᠠᠬᠤ ᠲᠤᠬᠠᠢ ᠰᠤᠳᠤᠯᠭ᠋ᠠᠨ》 ᠵᠶ᠋ᠠᠷ ᠵᠢᠱ᠌ᠢᠶᠠᠯᠠᠵᠤ ᠦᠵᠡᠪᠡᠯ᠄
1. ᠰᠡᠳᠦᠪ᠎ᠤᠨ ᠨᠡᠷ᠎ᠡ —
2. ᠬᠠᠷᠢᠭᠤᠴᠠᠯᠭ᠋ᠠᠲᠠᠨ — ᠤᠲᠠᠰᠤ᠂ ᠢᠮᠸᠯ᠂ ᠰᠤᠷᠭ᠋ᠠᠭᠤᠯᠢ ᠵᠢᠨ ᠨᠡᠷ᠎ᠡ
3. ᠬᠠᠷᠢᠭᠤᠴᠠᠯᠭ᠋ᠠᠲᠠᠨ ᠪᠠ ᠰᠡᠳᠦᠪ ᠰᠤᠳᠤᠯᠤᠭᠴᠢ ᠵᠢᠨ ᠪᠦᠷᠢᠯᠳᠦᠬᠦᠨ᠎ᠤ ᠦᠨᠳᠦᠰᠦᠨ ᠪᠠᠶ᠋ᠢᠳᠠᠯ — ᠵᠢᠭ᠋ᠠᠨ ᠰᠤᠳᠤᠯᠭ᠋ᠠᠨ᠎ᠤ ᠲᠠᠯ᠎ᠠ᠎ᠪᠠᠷ ᠲᠡᠦᠬᠡᠨ᠎ᠳᠤ ᠣᠯᠣᠭᠰᠠᠨ ᠠᠮᠵᠢᠯᠲᠠ ᠪᠦᠲᠦᠭᠡᠯ᠎ᠤᠳ
4. ᠰᠤᠳᠤᠯᠭ᠋ᠠᠨ᠎ᠤ ᠰᠡᠳᠦᠪ᠎ᠤᠨ ᠦᠨᠡᠯᠡᠭᠡ᠄
① ᠰᠤᠳᠤᠯᠭ᠋ᠠᠨ᠎ᠤ ᠠᠬᠤᠢ ᠪᠠᠶ᠋ᠢᠳᠠᠯ ᠪᠠ ᠠᠴᠢ ᠬᠤᠯᠪᠣᠭᠳᠠᠯ — ᠣᠳᠣᠬᠠᠨ᠎ᠤ ᠳᠤᠮᠳᠠᠳᠤ ᠰᠤᠷᠭ᠋ᠠᠭᠤᠯᠢ ᠵᠢᠨ ᠵᠣᠬᠢᠶᠠᠨ ᠪᠢᠴᠢᠯᠭᠡ᠎ᠳᠤ ᠣᠷᠣᠰᠢᠵᠤ ᠪᠠᠶ᠋ᠢᠬᠤ ᠠᠰᠠᠭᠤᠳᠠᠯ᠂ ᠪᠢᠴᠢᠬᠦ ᠮᠠᠲ᠋ᠧᠷᠢᠶᠠᠯ ᠣᠯᠬᠤ ᠦᠭᠡᠢ᠂ ᠪᠢᠴᠢᠭᠰᠡᠨ᠎ᠨᠢ ᠬᠡᠪᠰᠢᠮᠡᠯ᠂ ᠵᠣᠬᠢᠶᠠᠯ ᠴᠡᠭᠡᠵᠢᠯᠡᠭᠦᠯᠦᠨ ᠰᠢᠯᠭ᠋ᠠᠯᠲᠠ ᠵᠢ ᠠᠷᠭ᠋ᠠᠴᠠᠭ᠋ᠠᠵᠤ᠂ 《ᠬᠡᠯᠡ ᠪᠢᠴᠢᠭ ᠵᠢᠭ᠋ᠠᠬᠤ ᠬᠢᠴᠢᠶᠡᠯ᠎ᠤᠨ ᠪᠠᠷᠢᠮᠵᠢᠶ᠎ᠠ》᠎ᠳᠤ ᠲᠣᠭᠲᠠᠭ᠋ᠠᠭᠰᠠᠨ ᠵᠣᠬᠢᠶᠠᠨ ᠪᠢᠴᠢᠯᠭᠡ ᠵᠢᠨ ᠱᠠᠭ᠋ᠠᠷᠳᠠᠯᠭ᠎ᠠ᠎ᠳᠤ ᠬᠦᠷᠬᠦ ᠦᠭᠡᠢ᠂ ᠠ᠋ᠶ᠋ᠢᠮᠦ ᠪᠠᠶ᠋ᠢᠳᠠᠯ ᠳᠣᠣᠷ᠎ᠠ ᠠ᠋ᠨᠡ ᠰᠤᠳᠤᠯᠭ᠋ᠠᠨ᠎ᠢ ᠬᠢᠬᠦ᠎ᠨᠢ ᠶᠠᠮᠠᠷ ᠰᠠᠶ᠋ᠢᠨ ᠲᠠᠯ᠎ᠠ᠎ᠲᠠᠢ ᠪᠠᠶ᠋ᠢᠬᠤ
② ᠰᠤᠳᠤᠯᠭ᠋ᠠᠨ᠎ᠤ ᠬᠦᠷᠬᠦ ᠬᠠᠷᠠᠯᠲᠠ — ᠠᠮᠢᠳᠤᠷᠠᠯ᠎ᠢ ᠠᠵᠢᠭᠯᠠᠨ᠂ ᠠᠮᠢᠳᠤᠷᠠᠯ᠎ᠠᠴᠠ ᠵᠣᠬᠢᠶᠠᠨ ᠪᠢᠴᠢᠬᠦ ᠵᠦᠢ᠍ᠯ᠎ᠢ ᠠᠶᠠᠨᠳᠠᠭ᠋ᠠᠨ ᠣᠯᠬᠤ᠂ ᠠᠮᠢᠳᠤᠯᠢᠭ ᠨᠠᠶ᠋ᠢᠷᠠᠭᠤᠯᠤᠨ ᠵᠣᠬᠢᠶᠠᠨ ᠪᠢᠴᠢᠬᠦ᠂ ᠪᠢᠴᠢᠭᠰᠡᠨ ᠵᠣᠬᠢᠶᠠᠯ ᠵᠶ᠋ᠠᠨ ᠥᠪᠡᠷ ᠵᠶ᠋ᠠᠨ ᠵᠠᠰᠠᠭ᠍ᠤ᠂ ᠪᠤᠰᠤᠳ᠎ᠤᠨ᠎ᠬᠢ ᠵᠢ ᠵᠠᠰᠠᠵᠤ ᠥᠭᠬᠦ
③ ᠰᠤᠳᠤᠯᠬᠤ ᠠᠷᠭ᠎ᠠ ᠶᠠᠪᠤᠴᠠ — ᠪᠢᠴᠢᠬᠦ ᠮᠠᠲ᠋ᠧᠷᠢᠶᠠᠯ᠎ᠲᠠᠢ ᠪᠣᠯᠭ᠋ᠠᠬᠤ᠂ ᠰᠡᠳᠬᠢᠴᠡ ᠵᠢ᠎ᠨᠢ ᠲᠡᠯᠡᠭᠰᠡᠨ ᠵᠣᠬᠢᠶᠠᠨ ᠪᠢᠴᠢᠬᠦ ᠰᠡᠳᠦᠪ ᠬᠠᠩᠭ᠋ᠠᠬᠤ
④ ᠣᠯᠣᠭᠰᠠᠨ ᠪᠦᠲᠦᠭᠡᠯ ᠵᠶ᠋ᠠᠨ ᠢᠯᠡᠷᠡᠭᠦᠯᠬᠦ ᠬᠡᠯᠪᠡᠷᠢ — ᠠᠩᠭᠢ ᠵᠢᠨ ᠰᠤᠷᠤᠭᠴᠢ ᠵᠢᠨ ᠵᠣᠬᠢᠶᠠᠯ᠎ᠤᠨ ᠲᠡᠭᠦᠪᠦᠷᠢ ᠭᠠᠷᠭ᠋ᠠᠬᠤ᠂ ᠰᠤᠷᠭ᠋ᠠᠭᠤᠯᠢ ᠵᠢᠨ ᠰᠡᠳᠬᠦᠯ ᠠ᠋ᠷᠬᠢᠯᠡᠨ᠂ ᠰᠣᠳᠣᠨ ᠰᠠᠶ᠋ᠢᠬᠠᠨ ᠵᠣᠬᠢᠶᠠᠯᠤᠳᠢ ᠨᠡᠶ᠋ᠢᠲᠡᠯᠡᠬᠦ
⑤ ᠨᠥᠬᠦᠴᠡᠯ᠎ᠤᠨ ᠪᠠᠲᠤᠯᠠᠭ᠎ᠠ — ᠰᠡᠳᠬᠦᠯ ᠨᠠᠶ᠋ᠢᠷᠠᠭᠤᠯᠵᠤ ᠨᠡᠶ᠋ᠢᠲᠡᠯᠡᠬᠦ᠎ᠳᠤ ᠮᠥᠩᠭᠦ ᠬᠠᠩᠭ᠋ᠠᠬᠤ ᠵᠡᠷᠭᠡ ᠠᠭᠤᠯᠭ᠎ᠠ ᠪᠠᠶ᠋ᠢᠵᠤ ᠪᠣᠯᠣᠨ᠎ᠠ
5. ᠰᠤᠳᠤᠯᠭ᠋ᠠᠨ᠎ᠤ ᠰᠡᠳᠦᠪ᠎ᠤᠨ ᠶᠠᠪᠤᠭᠳᠠᠭ᠍ᠤ ᠴᠠᠭ ᠬᠤᠭᠤᠴᠠᠭ᠋ᠠᠨ᠎ᠤ ᠬᠤᠪᠢᠶᠠᠷᠢ᠂ ᠬᠤᠪᠢᠶᠠᠷᠢᠯᠠᠭᠰᠠᠨ ᠬᠤᠭᠤᠴᠠᠭ᠋ᠠᠨ᠎ᠳᠤ ᠬᠢᠬᠦ ᠰᠤᠳᠤᠯᠭ᠋ᠠᠨ᠎ᠤ ᠠᠭᠤᠯᠭ᠎ᠠ᠂ ᠣᠯᠬᠤ ᠦᠷ᠎ᠡ ᠳ᠋ᠦᠩ᠃
ᠵᠢᠷᠭᠤᠭ᠎ᠠ᠂ ᠰᠤᠳᠤᠯᠭ᠋ᠠᠨ᠎ᠤ ᠰᠡᠳᠦᠪ ᠮᠡᠳᠡᠭᠦᠯᠬᠦ
ᠣᠳᠣᠬᠠᠨ᠎ᠤ ᠰᠤᠳᠤᠯᠭ᠋ᠠᠨ᠎ᠤ ᠰᠡᠳᠦᠪ ᠮᠡᠳᠡᠭᠦᠯᠬᠦ ᠠᠯᠬᠤᠮ ᠳᠠᠷᠠᠭ᠎ᠠ᠎ᠨᠢ ᠪᠦᠷ ᠲᠣᠭᠲᠠᠴᠢᠬᠠᠭᠰᠠᠨ ᠶᠤᠮ᠃ ᠪᠢᠳᠡ ᠳᠡᠭᠡᠳᠦ ᠱᠠᠲᠤᠨ᠎ᠤ ᠲᠣᠬᠢᠷᠠᠭᠤᠯᠤᠯᠲᠠ ᠶᠣᠰᠣᠭ᠋ᠠᠷ ᠬᠠᠷᠢᠭᠤᠴᠠᠯᠭ᠎ᠠ᠎ᠲᠠᠢ ᠬᠥᠮᠥᠨ ᠲᠣᠬᠢᠷᠠᠭᠤᠯᠵᠤ᠂ ᠲᠣᠭᠲᠠᠭᠰᠠᠨ ᠳᠡᠰ ᠳᠠᠷᠠᠭ᠋ᠠᠯᠠᠯ ᠵᠶ᠋ᠠᠷ ᠨᠠᠷᠢᠯᠢᠬ ᠪᠡᠯᠡᠳᠬᠡᠵᠦ᠂ ᠤᠤᠷ ᠮᠠᠲ᠋ᠧᠷᠢᠶᠠᠯ ᠵᠶ᠋ᠠᠨ ᠰᠢᠰᠲᠸᠮ᠎ᠲᠠᠢ ᠠ᠋ᠮᠬᠢᠯᠡᠵᠦ ᠳᠢᠭᠯᠡᠨ᠂ ᠲᠤᠰᠬᠠᠢ ᠬᠠᠮᠢᠶᠠᠷᠬᠤ ᠬᠡᠷᠡᠭᠲᠡᠢ᠃ ᠵᠢᠱ᠌ᠢᠶᠡᠯᠡᠪᠡᠯ᠄ 《ᠳᠤᠮᠳᠠᠳᠤ ᠰᠤᠷᠭ᠋ᠠᠭᠤᠯᠢ᠎ᠳᠤ ᠪᠦᠲᠦᠭᠡᠯᠴᠢ ᠴᠢᠨᠠᠷᠲᠠᠢ ᠵᠣᠬᠢᠶᠠᠨ ᠪᠢᠴᠢᠯᠭᠡ ᠵᠢᠭ᠋ᠠᠬᠤ ᠲᠤᠬᠠᠢ ᠰᠤᠳᠤᠯᠭ᠋ᠠᠨ》 ᠵᠶ᠋ᠠᠷ ᠦᠵᠡᠪᠡᠯ ᠠ᠋ᠨᠡ ᠰᠡᠳᠦᠪ᠎ᠤᠨ ᠲᠣᠭᠤᠷᠢᠨ᠎ᠳᠤ ᠬᠢᠭᠰᠡᠨ ᠠᠵᠢᠯᠯᠠᠭ᠎ᠠ᠂ ᠦᠯᠡᠳᠡᠭᠡᠵᠦ ᠬᠢᠨᠠᠭᠰᠠᠨ ᠵᠣᠬᠢᠶᠠᠯ᠎ᠤᠨ ᠳᠠᠰᠬᠠᠯ᠂ ᠤᠷᠤᠯᠳᠤᠭ᠋ᠠᠨ ᠮᠥᠷᠥᠶ᠋ᠢᠴᠡᠭᠡᠨ᠂ ᠵᠣᠬᠢᠶᠠᠨ ᠪᠢᠴᠢᠯᠭᠡ ᠵᠢᠨ ᠰᠠᠶ᠋ᠢᠵᠢᠷᠠᠵᠤ ᠳᠡᠭᠡᠭᠰᠢᠯᠡᠭᠰᠡᠨ ᠤᠤᠷ ᠮᠠᠲ᠋ᠧᠷᠢᠶᠠᠯ᠂ ᠠ᠋ᠮᠬᠢᠯᠡᠵᠦ ᠳ᠋ᠦᠩᠨᠡᠨ ᠬᠡᠪᠯᠡᠵᠦ ᠨᠡᠶ᠋ᠢᠲᠡᠯᠡᠭᠰᠡᠨ ᠰᠤᠷᠤᠭᠴᠢ ᠵᠢᠨ ᠵᠣᠬᠢᠶᠠᠯ᠎ᠤᠨ ᠲᠡᠭᠦᠪᠦᠷᠢ (ᠰᠡᠳᠬᠦᠯ) · · · · ᠵᠡᠷᠭᠡ ᠵᠢ ᠪᠠᠭᠲᠠᠭ᠋ᠠᠵᠤ ᠪᠣᠯᠣᠨ᠎ᠠ᠃
ᠲᠤᠯᠤᠭ᠎ᠠ᠂ ᠵᠢᠭ᠋ᠠᠨ ᠰᠤᠳᠤᠯᠭ᠋ᠠᠨ ᠬᠢᠬᠦ ᠲᠤᠬᠠᠢ
1. ᠵᠢᠭ᠋ᠠᠨ ᠰᠤᠳᠤᠯᠭ᠋ᠠᠨ ᠬᠢᠬᠦ᠎ᠨᠢ ᠬᠦᠴᠢᠷ ᠶᠠᠭᠤᠮ᠎ᠠ ᠪᠢᠰᠢ᠂ ᠪᠠᠭᠰᠢ ᠪᠣᠯᠭ᠋ᠠᠨ ᠬᠢᠵᠦ ᠳᠡᠶ᠋ᠢᠯᠦᠨ᠎ᠡ᠂ ᠵᠥᠪᠬᠡᠨ ᠬᠢᠬᠦ ᠠ᠋ᠰᠡᠬᠦ ᠵᠢᠨ ᠠᠰᠠᠭᠤᠳᠠᠯ ᠮᠥᠨ᠃ ᠠ᠋ᠩ᠎ᠤᠨ ᠴᠠᠬ᠎ᠤᠨ ᠵᠢᠭ᠋ᠠᠨ ᠰᠤᠷᠭ᠋ᠠᠯᠲᠠ᠎ᠳᠤ ᠠᠰᠠᠭᠤᠳᠠᠯ ᠵᠶ᠋ᠠᠨ ᠢᠯᠡᠷᠡᠭᠦᠯᠵᠦ᠂ ᠰᠢᠢ᠍ᠳᠪᠦᠷᠢᠯᠡᠬᠦ ᠠᠷᠭ᠎ᠠ ᠲᠣᠭᠲᠠᠭ᠋ᠠᠵᠤ᠂ ᠠ᠋ᠨᠡ ᠠᠷᠭ᠎ᠠ ᠵᠢᠨ ᠵᠶ᠋ᠠᠨ ᠲᠣᠭᠤᠷᠢᠨ᠎ᠳᠤ ᠠᠯᠬᠤᠮ ᠠᠯᠬᠤᠮ ᠵᠶ᠋ᠠᠷ ᠠᠰᠠᠭᠤᠳᠠᠯ ᠵᠶ᠋ᠠᠨ ᠰᠢᠢ᠍ᠳᠪᠦᠷᠢᠯᠡᠭᠰᠡᠨ ᠶᠠᠪᠤᠴᠠ ᠪᠣᠯ ᠳᠠᠷᠤᠢ ᠵᠢᠭ᠋ᠠᠨ ᠰᠤᠳᠤᠯᠭ᠋ᠠᠨ ᠬᠢᠭᠰᠡᠨ ᠶᠠᠪᠤᠴᠠ ᠮᠥᠨ᠃ ᠪᠢᠳᠡ ᠠ᠋ᠩ᠎ᠤᠨ ᠦᠶ᠎ᠡ᠎ᠳᠤ᠎ᠪᠠᠨ ᠠ᠋ᠶ᠋ᠢᠮᠦᠷᠬᠦᠤ ᠠᠵᠢᠯ᠎ᠢ ᠣᠯᠠᠨ ᠬᠢᠵᠦ ᠢᠷᠡᠭᠰᠡᠨ ᠪᠣᠯᠪᠠᠴᠤ ᠠ᠋ᠭᠦᠨ ᠵᠶ᠋ᠠᠨ ᠬᠦᠨᠳᠦᠳᠬᠡᠵᠦ ᠦᠵᠡᠭᠰᠡᠨ ᠦᠭᠡᠢ᠂ ᠰᠢᠨᠵᠢᠯᠡᠬᠦ ᠤᠬᠠᠭ᠋ᠠᠨᠴᠢ ᠠᠷᠭ᠎ᠠ᠎ᠪᠠᠷ ᠣᠨᠣᠯᠵᠢᠭᠤᠯᠤᠨ ᠳ᠋ᠦᠩᠨᠡᠭᠰᠡᠨ ᠦᠭᠡᠢ᠂ ᠰᠢᠰᠲ᠋ᠧᠮᠵᠢᠭᠦᠯᠵᠦ ᠠ᠋ᠮᠬᠢᠯᠡᠭᠰᠡᠨ ᠦᠭᠡᠢ᠂ ᠨᠡᠩ ᠪᠤᠰᠤᠳ᠎ᠲᠤ ᠲᠦᠭᠡᠮᠡᠯᠵᠢᠭᠦᠯᠵᠦ ᠳᠡᠯᠭᠡᠷᠡᠭᠦᠯᠦᠭᠰᠡᠨ ᠦᠭᠡᠢ᠃
2. ᠶᠠᠮᠠᠷ ᠪᠠᠭᠰᠢ ᠰᠤᠳᠤᠯᠭ᠋ᠠᠨ ᠬᠢᠵᠦ ᠴᠢᠳᠠᠭ᠍ᠤ ᠦᠭᠡᠢ ᠪᠣᠢ?
① ᠠᠵᠢᠯ᠎ᠤᠨ ᠬᠠᠷᠢᠭᠤᠴᠠᠯᠭ᠎ᠠ ᠳᠤᠲᠠᠮᠠᠭ᠂ ᠰᠤᠳᠤᠯᠭ᠋ᠠᠨ ᠬᠢᠬᠦ ᠤᠷᠮ᠎ᠠ ᠪᠠᠬ᠎ᠠ ᠦᠭᠡᠢ᠂ ᠰᠤᠳᠤᠯᠭ᠋ᠠᠨ ᠬᠢᠶ᠎ᠡ ᠭᠡᠵᠦ ᠪᠣᠳᠣᠳᠠᠭ ᠦᠭᠡᠢ ᠠᠯᠵᠠᠭᠤ ᠵᠠᠯᠬᠠᠭᠤ ᠬᠥᠮᠥᠰ
② ᠰᠤᠳᠤᠯᠭ᠋ᠠᠨ ᠬᠢᠶ᠎ᠡ ᠭᠡᠵᠦ ᠪᠣᠳᠣᠪᠠᠴᠤ ᠵᠢᠭ᠋ᠠᠨ ᠰᠤᠷᠭ᠋ᠠᠬᠤ ᠲᠠᠯ᠎ᠠ᠎ᠪᠠᠷ ᠰᠢᠰᠲᠸᠮ᠎ᠲᠠᠢ ᠮᠡᠳᠡᠯᠭᠡ ᠪᠠᠶ᠋ᠢᠬᠤ ᠦᠭᠡᠢ᠂ ᠰᠤᠷᠤᠭᠰᠠᠨ᠎ᠨᠢ ᠬᠠᠭ᠋ᠠᠰ ᠳᠤᠲᠠᠭᠤ᠂ ᠮᠥᠴᠢᠳ ᠳᠤᠯᠢᠮᠠᠭ ᠮᠥᠷᠲᠡᠭᠡᠨ ᠦᠷᠭᠦᠯᠵᠢᠯᠡᠨ ᠰᠤᠷᠤᠯᠴᠠᠭ᠍ᠤ ᠦᠭᠡᠢ᠂ ᠥᠪᠡᠷ᠎ᠢ᠎ᠪᠠᠨ ᠳᠡᠭᠡᠭᠰᠢᠯᠡᠭᠦᠯᠬᠦ ᠵᠢ ᠭᠦᠰᠠᠭᠦ ᠦᠭᠡᠢ᠂ ᠰᠡᠳᠬᠢᠯ ᠬᠠᠨᠤᠵᠤ ᠰᠠᠨᠠᠭ᠎ᠠ ᠠᠮᠤᠷ ᠶᠠᠪᠤᠳᠠᠭ ᠬᠥᠮᠥᠰ ᠪᠣᠯᠣᠨ᠎ᠠ᠃
ᠠ᠋ᠳᠡᠭᠡᠷ ᠠᠰᠠᠭᠤᠳᠠᠯ᠎ᠢ ᠰᠢᠢ᠍ᠳᠪᠦᠷᠢᠯᠡᠴᠢᠭᠡᠪᠡᠯ ᠮᠠᠨ᠎ᠤ ᠪᠠᠭᠰᠢ ᠵᠢᠨ ᠠ᠋ᠩᠨᠡᠭᠡᠨ᠎ᠤ ᠵᠢᠭ᠋ᠠᠨ ᠰᠤᠳᠤᠯᠭ᠋ᠠᠨ᠎ᠤ ᠬᠢᠷᠢ ᠪᠦᠲᠦᠮᠵᠢ ᠯᠠᠪᠲᠠᠢ ᠰᠢᠨ᠎ᠡ ᠨᠢᠭᠡ ᠱᠠᠲᠤᠨ᠎ᠳᠤ ᠳᠠᠪᠰᠢᠵᠤ᠂ ᠰᠤᠷᠭ᠋ᠠᠭᠤᠯᠢ ᠵᠢᠨ ᠵᠢᠭ᠋ᠠᠨ ᠰᠤᠳᠤᠯᠭ᠋ᠠᠨ᠎ᠤ ᠠᠭᠤᠷ ᠠᠮᠢᠰᠬᠤᠯ ᠥᠳᠬᠡᠨ ᠪᠣᠯᠵᠤ ᠴᠢᠳᠠᠨ᠎ᠠ᠃
ᠬᠠᠶᠢᠬ᠄ ᠵᠠᠭᠦᠨ ᠦᠵᠤᠮᠴᠢᠨ ᠬᠤᠰᠢᠭᠤᠨ᠎ᠤ ᠵᠢᠭ᠋ᠠᠬᠤ ᠵᠢ ᠰᠤᠳᠤᠯᠬᠤ ᠲᠠᠰᠤᠬ
(ᠦᠭᠡᠯᠠᠳ ᠪᠠᠭ᠋ᠠᠳᠤᠷ ᠨᠠᠢ᠍ᠢ᠍ᠷᠠᠭᠤᠯᠪᠠ)
2018 ᠣᠨ᠎ᠤ 3 ᠳ᠋ᠤᠭ᠋ᠠᠷ ᠬᠤᠭᠤᠴᠠᠭ᠎ᠠ