ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠰᠤᠷᠭᠠᠨ ᠬᠦᠮᠦᠵᠢᠯ᠎ᠤᠨ ᠬᠠᠨᠲᠤᠯᠭ᠎ᠠ
ᠰᠣᠨᠤᠷ᠎ᠤᠨ ᠲᠠᠪᠴᠠᠩ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠰᠣᠨᠤᠷ᠎ᠤᠨ ᠲᠠᠪᠴᠠᠩ   -   ᠰᠣᠨᠣᠷ᠎ᠤᠨ ᠰᠠᠴᠣᠷᠠᠭ
ᠰᠦᠪᠸᠢ ᠰᠢᠶᠡᠨ᠎ᠤ 《ᠮᠤᠷᠢᠨ ᠨᠢᠷᠤᠭᠤᠨ ᠲᠡᠭᠡᠷᠡᠭᠢ ᠰᠤᠷᠭ᠋ᠠᠭᠤᠯᠢ》 ᠵᠢᠨ ᠰᠤᠷᠭ᠋ᠠᠨ ᠭᠦᠮᠦᠵᠢᠯ᠎ᠤᠨ ᠲᠤᠬᠠᠢ
ᠨᠡᠶ᠋ᠢᠲᠡᠯᠡᠭᠰᠡᠨ ᠴᠠᠭ᠄ 2020-05-20

                                        ᠲᠤᠩᠭ᠋ᠠᠯᠠᠭ


      ᠬᠠᠭᠤᠴᠢᠨ ᠲᠤᠷᠭ᠋ᠠᠨ ᠵᠠᠮ᠎ᠤᠨ ᠾᠸᠰᠢ ᠵᠢᠨ ᠬᠤᠩᠭᠢᠯ᠎ᠤᠨ ᠪᠠᠷᠠᠭᠤᠨ ᠲᠠᠯ᠎ᠠ᠎ᠳᠤ ᠰᠠᠭᠤᠷᠢᠰᠢᠵᠤ ᠪᠠᠢ᠍ᠢ᠍ᠭ᠎ᠠ ᠰᠦᠪᠸᠢ ᠵᠢᠨ ᠮᠤᠩᠭᠤᠯ ᠦᠨᠳᠦᠰᠦᠲᠡᠨ᠎ᠤ ᠦᠪᠡᠷᠳᠡᠭᠡᠨ ᠵᠠᠰᠠᠬᠤ ᠰᠢᠶᠡᠨ ᠪᠤᠯ ᠮᠤᠩᠭᠤᠯ ᠦᠨᠳᠦᠰᠦᠲᠡᠨ ᠵᠶ᠋ᠠᠷ ᠭᠤᠤᠯᠯᠠᠭᠰᠠᠨ ᠴᠦᠭᠡᠨ ᠲᠤᠭ᠋ᠠᠲᠤ ᠦᠨᠳᠦᠰᠦᠲᠡᠨ᠎ᠤ ᠭᠢᠯᠢ ᠵᠢᠨ ᠰᠢᠶᠡᠨ ᠮᠦᠨ᠃ ᠠ᠋ᠷᠲᠡ ᠠ᠋ᠳᠦᠭᠡ᠎ᠠᠴᠠ ᠮᠤᠩᠭᠤᠯ ᠠᠷᠠᠳ ᠲᠦᠮᠡᠨ ᠠ᠋ᠨᠡ ᠭᠦ᠌ ᠨᠤᠲᠤᠭ ᠲᠡᠪᠢᠰᠭᠡᠷ ᠲᠡᠭᠡᠷ᠎ᠡ ᠠᠵᠤ ᠲᠦᠷᠦᠨ ᠠᠮᠢᠳᠤᠷᠠᠵᠤ᠂ ᠭᠡᠷᠡᠯ ᠰᠠᠴᠤᠷᠠᠩᠭᠤᠢ ᠦᠨᠳᠦᠰᠦᠲᠡᠨ᠎ᠤ ᠰᠤᠶᠤᠯ ᠵᠶ᠋ᠠᠨ ᠪᠢᠴᠢᠭᠯᠡᠭᠰᠡᠭᠡᠷ ᠢᠷᠡᠵᠡᠢ᠃
     《ᠮᠤᠷᠢᠨ ᠨᠢᠷᠤᠭᠤᠨ ᠲᠡᠭᠡᠷᠡᠭᠢ ᠰᠤᠷᠭ᠋ᠠᠭᠤᠯᠢ》 ᠭᠡᠳᠡᠭ᠎ᠨᠢ ᠮᠠᠯᠵᠢᠬᠤ ᠤᠷᠤᠨ᠎ᠤ ᠪᠠᠭᠰᠢ ᠮᠤᠷᠢ᠎ᠪᠠᠨ ᠤᠨᠤᠵᠤ᠂ ᠡᠯ᠎ᠡ ᠮᠠᠯ ᠬᠠᠷᠢᠭᠤᠯᠬᠤ ᠲᠠᠯᠠᠪᠤᠷ ᠲᠡᠭᠡᠷ᠎ᠡ ᠭᠦᠷᠴᠤ ᠨᠡᠭᠦᠳᠡᠯ ᠮᠠᠶᠢᠬ᠎ᠤᠨ ᠵᠢᠭ᠋ᠠᠨ ᠰᠤᠷᠭ᠋ᠠᠯᠲᠠ ᠭᠢᠭᠦ ᠨᠢᠭᠡ ᠵᠦᠢ᠍ᠯ᠎ᠤᠨ ᠵᠢᠭ᠋ᠠᠨ ᠰᠤᠷᠭ᠋ᠠᠯᠲᠠ ᠵᠢᠨ ᠬᠡᠯᠪᠡᠷᠢ ᠪᠤᠯᠤᠨ᠎ᠠ᠃ ᠦᠩᠭᠡᠷᠡᠭᠰᠡᠨ᠎ᠳᠤ ᠮᠠᠯᠴᠢᠳ ᠤᠷᠲᠤ ᠬᠤᠭᠤᠴᠠᠭ᠎ᠠ᠎ᠪᠠᠷ ᠨᠡᠭᠦᠳᠡᠯᠯᠡᠨ ᠮᠠᠯᠵᠢᠬᠤ ᠠᠮᠢᠳᠤᠷᠠᠯ᠎ᠢ ᠦᠩᠭᠡᠷᠡᠭᠡᠳᠡᠭ ᠪᠤᠯᠬᠤᠷ ᠭᠡᠦᠭᠡᠳ ᠰᠤᠷᠭ᠋ᠠᠭᠤᠯᠢ᠎ᠳᠤ ᠤᠷᠤᠬᠤ᠎ᠳᠤ ᠲᠤᠩ ᠭᠦᠴᠢᠷ᠎ᠲᠠᠢ ᠪᠠᠢ᠍ᠢ᠍ᠳᠠᠭ᠃ ᠦᠷᠭᠡᠨ ᠤᠯᠠᠨ ᠮᠠᠯᠴᠢᠳ᠎ᠤᠨ ᠭᠡᠤᠭᠡᠳ᠎ᠢ ᠰᠤᠶᠤᠯ ᠰᠤᠷᠭ᠋ᠠᠨ ᠭᠦᠮᠦᠵᠢᠯ ᠭᠦᠷᠲᠡᠭᠡᠭᠦ ᠵᠢᠨ ᠲᠦᠯᠦᠭᠡ᠂ ᠵᠠᠰᠠᠭ᠎ᠤᠨ ᠤᠷᠳᠤᠨ᠎ᠠᠴᠠ ᠪᠠᠭᠰᠢ ᠲᠤᠮᠢᠯᠡᠨ ᠮᠤᠷᠢ ᠤᠨᠤᠨ ᠰᠠᠮᠪᠠᠷ᠎ᠠ ᠪᠤᠯᠤᠨ ᠨᠤᠮ ᠵᠶ᠋ᠠᠨ ᠠ᠋ᠭᠦᠷᠴᠤ᠂ ᠮᠤᠩᠭᠤᠯ ᠭᠡᠷ᠎ᠤᠳ ᠵᠶ᠋ᠠᠷ ᠲᠠᠮᠵᠢᠨ ᠭᠢᠴᠢᠶᠠᠯ ᠤᠷᠤᠵᠤ ᠪᠠᠢ᠍ᠢ᠍ᠭᠰᠠᠨ᠃ ᠠ᠋ᠢ᠍ᠢ᠍ᠮᠦᠷᠭᠦᠤ ᠨᠡᠭᠦᠳᠡᠯ ᠮᠠᠶᠢᠬ᠎ᠤᠨ ᠵᠢᠭ᠋ᠠᠨ ᠰᠤᠷᠭ᠋ᠠᠯᠲᠠ ᠵᠢᠨ ᠬᠡᠯᠪᠡᠷᠢ ᠵᠢ ᠮᠠᠯᠴᠢᠳ ᠬᠠᠯᠠᠭᠤᠮᠰᠤᠭ ᠵᠶ᠋ᠠᠷ 《ᠮᠤᠷᠢᠨ ᠨᠢᠷᠤᠭᠤᠨ ᠲᠡᠭᠡᠷᠡᠭᠢ ᠰᠤᠷᠭ᠋ᠠᠭᠤᠯᠢ》   ᠪᠤᠶᠤ 《ᠮᠣᠩᠭᠤᠯ ᠭᠡᠷ ᠰᠤᠷᠭ᠋ᠠᠭᠤᠯᠢ》 ᠭᠡᠵᠡᠭᠡᠳᠡᠭ᠃ 《ᠮᠤᠷᠢᠨ ᠨᠢᠷᠤᠭᠤᠨ ᠲᠡᠭᠡᠷᠡᠭᠢ ᠰᠤᠷᠭ᠋ᠠᠭᠤᠯᠢ》᠎ᠨᠢ ᠨᠢᠭᠡᠨ ᠦᠶ᠎ᠠ ᠮᠠᠯᠵᠢᠬᠤ ᠤᠷᠤᠨ᠎ᠤ ᠰᠤᠷᠭ᠋ᠠᠭᠤᠯᠢ ᠠ᠋ᠷᠭᠢᠯᠡᠭᠦ ᠬᠠᠨᠳᠤᠰᠢ ᠪᠤᠯᠤᠭᠰᠠᠨ ᠪᠠᠢ᠍ᠢ᠍ᠯ᠎ᠠ᠃ ᠲᠡᠷᠡ᠎ᠨᠢ ᠭᠡᠳᠤᠢ᠍ᠢ᠍ᠪᠡᠷ ᠵᠢᠭ᠋ᠠᠨ ᠰᠤᠷᠭ᠋ᠠᠬᠤ ᠨᠦᠭᠦᠴᠡᠯ ᠳᠦᠭᠦᠮᠭᠡᠨ ᠪᠤᠯᠪᠠᠴᠤ ᠮᠠᠯᠴᠢᠳ᠎ᠤᠨ ᠭᠡᠦᠭᠡᠳ᠎ᠲᠤ ᠭᠡᠷ᠎ᠠᠴᠠ᠎ᠪᠠᠨ ᠤᠢ᠍ᠢ᠍ᠷᠠᠬᠠᠨ ᠰᠤᠷᠭ᠋ᠠᠨ ᠭᠦᠮᠦᠵᠢᠯ ᠭᠦᠷᠲᠡᠭᠦ ᠨᠦᠭᠦᠴᠡᠯ ᠪᠦᠷᠢᠯᠳᠦᠭᠦᠯᠵᠤ ᠦᠭᠭᠦᠭᠰᠡᠨ ᠪᠦᠭᠡᠳ ᠮᠠᠯᠴᠢᠳ᠎ᠤᠨ ᠲᠠᠷᠤᠭ᠋ᠠᠰᠤ ᠵᠢ ᠶᠡᠭᠡᠪᠡᠷ ᠭᠦᠩᠭᠡᠯᠡᠵᠤ᠂ ᠮᠠᠯᠵᠢᠬᠤ ᠤᠷᠤᠨ᠎ᠤ ᠰᠤᠷᠭ᠋ᠠᠨ ᠭᠦᠮᠦᠵᠢᠯ᠎ᠤᠨ ᠭᠦᠭᠵᠢᠯᠲᠠ ᠪᠤᠯᠤᠨ ᠠ᠋ᠷᠲᠡ ᠦᠶ᠎ᠡ ᠵᠢᠨ ᠰᠤᠶᠤᠯ᠎ᠤᠨ ᠰᠤᠬᠤᠷ᠎ᠠᠴᠠ ᠠᠷᠢᠯᠭ᠋ᠠᠬᠤ ᠦᠢ᠍ᠯᠡᠰ᠎ᠲᠤ ᠢᠲᠡᠪᠭᠢ ᠦᠢ᠍ᠯᠡᠳᠦᠯ ᠦᠵᠡᠭᠦᠯᠦᠭᠰᠡᠨ ᠪᠠᠢ᠍ᠢ᠍ᠨ᠎ᠠ᠃
      ᠮᠢᠨᠦ ᠡᠵᠢ ᠰᠦᠪᠸᠢ ᠰᠢᠶᠡᠨ᠎ᠤ ᠬᠠᠮᠤᠭ᠎ᠤᠨ ᠠᠩᠬᠠᠨ᠎ᠤ 《ᠮᠤᠷᠢᠨ ᠨᠢᠷᠤᠭᠤᠨ ᠲᠡᠭᠡᠷᠡᠭᠢ ᠰᠤᠷᠭ᠋ᠠᠭᠤᠯᠢ》ᠵᠢᠨ ᠪᠠᠭᠰᠢ ᠪᠠᠢ᠍ᠢ᠍ᠭᠰᠠᠨ ᠪᠢᠯᠡ᠃ ᠨᠠᠮ᠎ᠠ ᠵᠢ ᠬᠤᠶᠠᠷ ᠨᠠᠰᠤᠲᠠᠢ ᠪᠠᠢ᠍ᠢ᠍ᠬᠤ᠎ᠳᠤ᠂ ᠡᠵᠢ ᠮᠢᠨᠢ ᠮᠠᠨ᠎ᠤ ᠰᠢᠶᠠᠨ᠎ᠤ ᠶᠤᠷᠬᠠᠨ ᠰᠤᠮᠤ᠎ᠳᠤ ᠴᠣᠷᠢ ᠵᠢᠨ ᠭᠠᠭᠴᠠ ᠠᠩᠬ᠎ᠠ ᠳᠤᠮᠳᠠᠳᠤ ᠲᠡᠭᠦᠰᠦᠭᠰᠠᠨ ᠰᠣᠶᠤᠯ᠎ᠲᠠᠢ ᠬᠥᠮᠦᠨ ᠪᠠᠢ᠍ᠢ᠍ᠭᠰᠠᠨ᠎ᠠᠴᠠ ᠮᠣᠷᠢ᠎ᠪᠠᠨ ᠤᠨᠤᠨ ᠮᠠᠯᠴᠢᠳ᠎ᠤᠨ ᠭᠡᠷ ᠵᠶ᠋ᠠᠷ ᠲᠣᠭᠤᠷᠢᠵᠤ᠂ ᠠᠷᠪᠠᠭ᠋ᠠᠳ ᠬᠡᠤᠬᠡᠳ᠎ᠲᠤ ᠪᠠᠭᠰᠢᠯᠠᠳᠠᠭ ᠪᠠᠢ᠍ᠢ᠍ᠵᠡᠢ᠃ ᠰᠢᠨ᠎ᠡ ᠰᠤᠷᠤᠯᠭ᠎ᠠ ᠵᠢᠨ ᠬᠤᠭᠤᠴᠠᠭ᠎ᠠ ᠠ᠋ᠬᠢᠯᠡᠬᠦ ᠦᠶᠡᠰ᠂ ᠭᠠᠭᠴᠠᠭ᠋ᠠᠷ ᠵᠶ᠋ᠠᠨ ᠮᠣᠷᠢ᠎ᠪᠠᠷ ᠵᠶ᠋ᠠᠨ ᠬᠣᠰᠢᠭᠤᠨ ᠲᠥᠪ᠎ᠤᠨ 500km᠎ᠤᠨ ᠭᠠᠵᠠᠷ᠎ᠠᠴᠠ ᠬᠢᠴᠢᠶᠠᠯ᠎ᠤᠨ ᠨᠣᠮ ᠠᠴᠢᠵᠤ ᠵᠥᠭᠡᠭᠡᠳᠡᠭ ᠪᠠᠢ᠍ᠢ᠍ᠭᠰᠠᠨ ᠭᠡᠰᠡᠨ᠃ ᠡᠵᠢ ᠮᠢᠨᠢ ᠮᠠᠯᠴᠢᠳ᠎ᠤᠨ ᠬᠡᠤᠬᠡᠳ᠎ᠤᠨ ᠲᠥᠯᠦᠭᠡ ᠭᠡᠰᠡᠨ ᠭᠠᠭᠴᠠ ᠯᠠ ᠰᠡᠳᠭᠢᠯ ᠵᠶ᠋ᠠᠷ ᠬᠦᠴᠢᠷ᠎ᠢ ᠢᠯᠡᠨ ᠳᠠᠪᠠᠵᠤ ᠴᠢᠷᠮᠠᠢ᠍ᠢ᠍ᠵᠤ ᠪᠠᠢ᠍ᠢ᠍ᠭᠰᠠᠨ ᠠᠵᠢ᠃ ᠬᠡᠳᠦᠢ᠍ᠢ᠍ᠪᠠᠷ ᠦᠷᠭᠦᠯᠵᠢᠯᠡᠨ ᠪᠠᠭᠰᠢᠯᠠᠵᠤ ᠲᠡᠢ᠍ᠢ᠍ᠯᠦᠭᠰᠠᠨ ᠦᠭᠡᠢ ᠪᠣᠯᠪᠠᠴᠤ ᠬᠡᠤᠬᠡᠨ᠎ᠨᠢ ᠪᠣᠯᠤᠭᠰᠠᠨ ᠪᠢ ᠡᠵᠢ ᠵᠢᠨ ᠵᠶ᠋ᠠᠨ ᠠ᠋ᠨᠡ ᠰᠠᠢ᠍ᠢ᠍ᠬᠠᠨ ᠬᠠᠯᠠᠭᠤᠨ ᠰᠡᠳᠭᠢᠯ᠎ᠢ ᠵᠠᠯᠭ᠋ᠠᠮᠵᠢᠯᠠᠵᠤ᠂ ᠠᠷᠠᠳ᠎ᠤᠨ ᠪᠠᠭᠰᠢ ᠪᠣᠯᠤᠭᠰᠠᠨ᠎ᠨᠢ ᠡᠵᠢ᠎ᠳᠤ ᠮᠢᠨᠢ ᠪᠠᠰᠠ ᠨᠢᠭᠡ ᠵᠤᠢ᠍ᠢ᠍ᠯ᠎ᠤᠨ ᠲᠠᠢ᠍ᠢ᠍ᠳᠬᠤᠷᠠᠭᠤᠯᠤᠯ ᠪᠣᠯᠪᠠᠤ ᠭᠡᠵᠤ ᠪᠣᠳᠤᠳᠠᠭ᠃
     1913 ᠤᠨ᠎ᠠᠴᠠ ᠠ᠋ᠮᠦᠨ᠎ᠡ᠂ ᠭᠦᠭᠡᠨᠠᠭᠤᠷ᠎ᠤᠨ ᠭᠦᠷᠯᠦᠭ ᠬᠤᠰᠢᠭᠤᠨ᠎ᠤ ᠸᠠᠩ᠎ᠤᠨ ᠤᠷᠳᠤᠨ ᠪᠠᠢ᠍ᠢ᠍ᠬᠤ ᠭᠠᠵᠠᠷ᠎ᠲᠤ ᠨᠢᠭᠡ ᠰᠤᠷᠭ᠋ᠠᠭᠤᠯᠢ᠎ᠲᠠᠢ ᠪᠠᠢ᠍ᠢ᠍ᠵᠤ᠂ ᠬᠤᠰᠢᠭᠤᠨ᠎ᠤ ᠠᠷᠠᠳ᠎ᠤᠨ ᠦᠷ᠎ᠡ ᠭᠡᠤᠭᠡᠳ᠎ᠢ ᠦᠷᠭᠡᠨ ᠵᠶ᠋ᠠᠷ   ᠠ᠋ᠯᠰᠡᠨ᠂ ᠰᠦᠪᠸᠢ ᠵᠢᠨ ᠭᠢᠵᠠᠭ᠋ᠠᠷ᠎ᠳᠤ᠎ᠬᠢ ᠮᠤᠩᠭᠤᠯ ᠭᠡᠤᠭᠡᠳ᠎ᠤᠳ᠎ᠢ ᠪᠠᠰᠠ ᠠ᠋ᠯᠰᠠᠵᠤ ᠪᠠᠢ᠍ᠢ᠍ᠵᠡᠢ᠃ ᠴᠢᠯᠥᠭᠡᠯᠡᠭᠳᠡᠬᠦ᠎ᠠᠴᠠ ᠠ᠋ᠮᠦᠨ᠎ᠡ᠂ ᠪᠦᠭᠦ ᠰᠢᠶᠠᠨ᠎ᠤ ᠮᠤᠩᠭᠤᠯ ᠠᠷᠠᠳ᠎ᠤᠨ ᠲᠤᠮᠳᠠ ᠮᠤᠩᠭᠤᠯ ᠭᠢᠲᠠᠳ ᠵᠶ᠋ᠠᠷ ᠤᠨᠭ᠌ᠰᠢᠵᠤ ᠪᠢᠴᠢᠵᠤ ᠴᠢᠳᠠᠬᠤ ᠭᠦᠮᠦᠰ 16 ᠭᠦᠮᠦᠨ ᠪᠠᠢ᠍ᠢ᠍ᠭᠰᠠᠨ ᠭᠡᠳᠡᠭ᠃
     1951 ᠤᠨ᠎ᠤ 4 ᠰᠠᠷ᠎ᠠ᠎ᠳᠤ᠂ ᠰᠦᠪᠸᠢ ᠵᠢᠨ ᠮᠤᠩᠭᠤᠯ ᠦᠨᠳᠦᠰᠦᠲᠡᠨ᠎ᠤ ᠦᠪᠡᠷᠳᠡᠭᠡᠨ ᠵᠠᠰᠠᠬᠤ ᠤᠷᠤᠨ᠎ᠤ (ᠲᠡᠷᠡ ᠦᠶ᠎ᠡ ᠵᠢᠨ ᠨᠡᠷᠡᠢ᠍ᠢ᠍ᠲᠦᠯ) ᠲᠡᠳ᠋ ᠲᠡᠷᠢᠭᠦᠯᠡᠭᠴᠢ ᠲᠦᠭᠦᠷ ᠨᠦᠭᠦᠷ ᠦᠪᠡᠷ᠎ᠤᠨ ᠵᠶ᠋ᠠᠨ ᠮᠠᠢ᠍ᠢ᠍ᠬᠠᠨ᠎ᠢ ᠭᠠᠷᠭ᠋ᠠᠵᠤ᠂ ᠮᠤᠩᠭᠤᠯ ᠦᠰᠦᠭ ᠮᠡᠳᠡᠳᠡᠭ ᠵᠡᠭᠦᠨ ᠬᠤᠢ᠍ᠢ᠍ᠲᠦ ᠤᠷᠤᠨ᠎ᠤ ᠨᠢᠭᠡᠨ ᠮᠠᠯᠴᠢᠨ ᠵᠶ᠋ᠠᠷ ᠪᠠᠭᠰᠢ ᠪᠣᠯᠭ᠋ᠠᠵᠤ᠂ 11 ᠰᠤᠷᠤᠭᠴᠢ ᠠ᠋ᠯᠰᠡᠨ᠂ ᠴᠢᠯᠦᠭᠡᠯᠡᠭᠳᠡᠭᠰᠡᠨ᠎ᠠᠴᠠ ᠨᠠᠰᠢᠭᠢ ᠬᠠᠮᠤᠭ ᠠᠩᠬᠠᠨ᠎ᠤ ᠪᠠᠢ᠍ᠢ᠍ᠷᠢᠯᠠᠬᠤ ᠲᠦᠷᠢᠮᠳᠤ ᠪᠠᠭ᠎ᠠ ᠰᠤᠷᠭ᠋ᠠᠭᠤᠯᠢ ᠪᠠᠢ᠍ᠢ᠍ᠭᠤᠯᠤᠭᠳᠠᠵᠠᠢ᠃ ᠠ᠋ᠨᠡ᠎ᠨᠢ ᠰᠦᠪᠸᠢ ᠰᠢᠶᠡᠨ᠎ᠤ ᠬᠠᠮᠤᠭ᠎ᠤᠨ ᠠᠩᠬᠠᠨ᠎ᠤ 《ᠮᠤᠷᠢᠨ ᠨᠢᠷᠤᠭᠤᠨ ᠲᠡᠭᠡᠷᠡᠭᠢ ᠰᠤᠷᠭ᠋ᠠᠭᠤᠯᠢ》 ᠵᠢᠨ ᠠ᠋ᠬᠢᠯᠡᠯᠲᠡ ᠪᠠᠢ᠍ᠢ᠍ᠵᠡᠢ᠃ ᠲᠤᠬᠠᠢ ᠵᠢᠨ ᠦᠶ᠎ᠡ ᠵᠢᠨ ᠮᠠᠯᠵᠢᠬᠤ ᠤᠷᠤᠨ᠎ᠤ ᠠᠵᠤ ᠤᠢ᠍ᠢ᠍ᠯᠡᠳᠪᠤᠷᠢᠯᠠᠯ᠎ᠤᠨ ᠬᠡᠯᠪᠡᠷᠢ ᠪᠤᠯᠤᠨ ᠰᠠᠭᠤᠬᠤ ᠨᠦᠭᠦᠴᠡᠯ ᠠᠨᠠᠢ᠂ ᠰᠤᠷᠭ᠋ᠠᠭᠤᠯᠢ᠂ ᠮᠠᠯᠴᠢᠳ᠎ᠤᠨ ᠨᠡᠭᠦᠳᠡᠯᠯᠡᠭᠦ ᠵᠢ ᠲᠠᠭ᠋ᠠᠯᠳᠤᠨ ᠨᠡᠭᠦᠵᠤ᠂ ᠭᠡᠵᠢᠶᠡᠳᠡ ᠮᠠᠯᠴᠢᠳ᠎ᠤᠨ ᠲᠤᠮᠲᠠ ᠪᠠᠢ᠍ᠢ᠍ᠲᠠᠭ᠃ ᠰᠤᠷᠤᠭᠴᠢ ᠨᠠᠰᠢ ᠴᠠᠰᠢ ᠶᠠᠪᠤᠬᠤ᠂ ᠭᠡᠷ᠎ᠤᠨ ᠠᠬᠠᠮᠠᠳ ᠠ᠋ᠷᠭᠢᠵᠤ ᠦᠵᠡᠭᠦ᠎ᠳᠤ ᠲᠦᠭᠦᠮ ᠲᠤᠯᠠ ᠮᠠᠯᠵᠢᠯ ᠦᠢ᠍ᠯᠡᠳᠪᠦᠷᠢᠯᠡᠯ᠎ᠢ ᠨᠦᠯᠦᠭᠡᠯᠡᠭᠦ ᠦᠭᠡᠢ ᠮᠦᠷᠲᠡᠭᠡᠨ ᠭᠡᠤᠭᠡᠳ ᠵᠶ᠋ᠠᠨ ᠰᠤᠷᠭ᠋ᠠᠭᠤᠯᠢ᠎ᠳᠤ ᠰᠠᠭᠤᠯᠭ᠋ᠠᠬᠤ ᠵᠢ ᠴᠤ᠌ ᠨᠦᠯᠦᠭᠡᠯᠡᠭᠦ ᠦᠭᠡᠢ ᠪᠠᠢ᠍ᠢ᠍ᠵᠡᠢ᠃
     1955 ᠤᠨ᠎ᠳᠤ᠂ ᠦᠪᠡᠷᠲᠡᠭᠡᠨ ᠵᠠᠰᠠᠬᠤ ᠰᠢᠶᠠᠨ᠎ᠤ ᠵᠠᠰᠠᠭ᠎ᠤᠨ ᠤᠷᠳᠤᠨ᠎ᠠᠴᠠ ᠰᠤᠶᠤᠯ᠎ᠤᠨ ᠪᠠᠯᠠᠢ ᠵᠢ ᠠᠷᠢᠯᠭ᠋ᠠᠬᠤ ᠭᠦᠳᠠᠯᠭᠡᠭᠡᠨ᠎ᠢ ᠭᠤᠤᠯ ᠵᠦᠪᠯᠡᠯᠭᠡᠨ᠎ᠤ ᠤᠴᠢᠷ᠎ᠲᠤ ᠣᠷᠤᠭᠤᠯᠵᠤ᠂ ᠰᠢᠶᠠᠨ ᠬᠤᠲᠠ ᠵᠢᠨ ᠡᠯ᠎ᠡ ᠪᠠᠢ᠍ᠢ᠍ᠭᠤᠯᠭ᠎ᠠ ᠨᠢᠭᠡᠴᠢ ᠵᠢᠨ 80% ᠵᠢᠨ ᠮᠤᠩᠭᠤᠯ ᠭᠢᠲᠠᠳ ᠺᠠᠳ᠋ᠷ ᠠᠵᠢᠯᠲᠠᠨ ᠵᠢᠴᠢ ᠰᠠᠭᠤᠭ᠋ᠠᠯᠢ ᠠᠷᠠᠳ           ᠪᠦᠷ 《ᠺᠠᠳ᠋ᠷ᠎ᠤᠨ ᠠᠵᠢᠯ᠎ᠤᠨ ᠴᠢᠯᠦᠭᠡᠨ᠎ᠤ ᠰᠤᠷᠭ᠋ᠠᠭᠤᠯᠢ》᠎ᠳᠤ ᠰᠤᠷᠤᠯᠴᠠᠭᠰᠠᠨ ᠪᠠᠢ᠍ᠢ᠍ᠨ᠎ᠠ᠃ ᠢᠩᠭᠢᠭᠡᠳ ᠨᠠᠰᠤᠨ᠎ᠳᠤ ᠭᠦᠷᠦᠭᠰᠠᠨ ᠠ᠋ᠷᠡᠭᠲᠠᠢ ᠠ᠋ᠮᠡᠭᠲᠠᠢ ᠵᠠᠯᠠᠭᠤ ᠢᠳᠡᠷᠴᠤᠳ᠎ᠢ ᠪᠦᠭᠦᠨ ᠵᠶ᠋ᠠᠷ᠎ᠨᠢ ᠰᠤᠶᠤᠯ ᠰᠤᠷᠭ᠋ᠠᠨ ᠭᠦᠮᠦᠵᠢᠯ ᠭᠦᠷᠲᠡᠭᠡᠵᠤ ᠠ᠋ᠬᠢᠯᠡᠭᠰᠡᠨ ᠪᠠᠢ᠍ᠢ᠍ᠨ᠎ᠠ᠃
     1958 ᠤᠨ᠎ᠳᠤ᠂ 《ᠮᠤᠷᠢᠨ ᠨᠢᠷᠤᠭᠤᠨ ᠲᠡᠭᠡᠷᠡᠭᠢ ᠰᠤᠷᠭ᠋ᠠᠭᠤᠯᠢ》᠎ᠨᠢ ᠡᠯ᠎ᠠ ᠰᠢᠶᠠᠩ᠎ᠤᠨ ᠵᠠᠰᠠᠭ᠎ᠤᠨ ᠤᠷᠳᠤᠨ᠎ᠤ ᠰᠠᠭᠤᠷᠢᠰᠢᠬᠤ ᠵᠢ ᠲᠠᠭ᠋ᠠᠯᠳᠤᠨ ᠲᠤᠭᠲᠠᠮᠠᠯ ᠰᠤᠷᠭ᠋ᠠᠭᠤᠯᠢ ᠵᠢᠨ ᠪᠠᠢ᠍ᠢ᠍ᠷᠢ ᠪᠠᠢ᠍ᠢ᠍ᠰᠢᠩ ᠪᠠᠷᠢᠵᠤ᠂ ᠠ᠋ᠭᠢᠯᠡᠨ ᠰᠤᠷᠭ᠋ᠠᠭᠤᠯᠢ ᠠ᠋ᠷᠬᠢᠯᠡᠭᠰᠡᠨ ᠪᠣᠯᠪᠠᠴᠤ 1969 ᠤᠨ ᠪᠣᠯᠬᠤ᠎ᠳᠤ ᠰᠤᠶᠤᠯ᠎ᠤᠨ ᠬᠤᠪᠢᠰᠬᠠᠯ᠎ᠤᠨ ᠨᠦᠯᠦᠭᠡ᠎ᠠᠴᠠ ᠪᠤᠯᠵᠤ᠂ ᠡᠯ᠎ᠠ ᠭᠥᠩᠱ᠌ᠧ ᠵᠢᠨ ᠠᠯᠪᠠᠨ᠎ᠠᠴᠠ ᠠ᠋ᠷᠭᠢᠯᠡᠭᠰᠡᠨ ᠰᠤᠷᠭ᠋ᠠᠭᠤᠯᠢ ᠵᠢ ᠴᠦᠮ ᠪᠠᠷᠢᠭ᠋ᠠᠲᠠ ᠪᠤᠶᠤ ᠦᠢ᠍ᠯᠡᠳᠪᠤᠷᠢᠯᠠᠯ᠎ᠤᠨ ᠳᠤᠭᠤᠢ᠍ᠢ᠍ᠯᠠᠩ᠎ᠳᠤ ᠶᠠᠪᠤᠭᠤᠯᠵᠤ᠂ ᠲᠡᠭᠢᠨ 《ᠮᠤᠷᠢᠨ ᠨᠢᠷᠤᠭᠤᠨ ᠲᠡᠭᠡᠷᠡᠭᠢ ᠰᠤᠷᠭ᠋ᠠᠭᠤᠯᠢ》᠎ᠪᠠᠨ ᠠ᠋ᠷᠬᠢᠯᠡᠵᠤ ᠠ᠋ᠬᠢᠯᠡᠵᠡᠢ᠃ ᠠ᠋ᠨᠡ ᠮᠡᠲᠦ᠎ᠪᠠᠷ 1975 ᠤᠨ᠎ᠳᠤ 《ᠦᠪᠡᠷᠳᠡᠭᠡᠨ ᠵᠠᠰᠠᠬᠤ ᠰᠢᠶᠠᠨ᠎ᠤ ᠰᠤᠷᠭ᠋ᠠᠨ ᠭᠥᠮᠦᠵᠢᠯ᠎ᠤᠨ ᠭᠥᠭᠵᠢᠯᠲᠡ ᠵᠢᠨ ᠲᠦᠯᠦᠪᠵᠢᠭᠦᠯᠭᠡ》 ᠵᠢ ᠲᠤᠭᠲᠠᠭ᠋ᠠᠵᠤ ᠭᠡᠷᠡᠭᠵᠢᠭᠦᠯᠦᠭᠰᠠᠨ᠎ᠠᠴᠠ ᠵᠢᠭ᠋ᠠᠨ ᠰᠤᠷᠭ᠋ᠠᠯᠲᠠ ᠵᠢᠨ ᠴᠢᠨᠠᠷ ᠴᠢᠨᠰᠠᠭ᠎ᠠ ᠪᠠ ᠬᠠᠮᠢᠶᠠᠷᠤᠯᠲᠠ ᠵᠢ ᠲᠡᠭᠡᠭᠰᠢᠯᠡᠭᠦᠯᠭᠦ ᠵᠢᠨ ᠲᠦᠯᠦᠭᠡ ᠰᠤᠷᠭ᠋ᠠᠭᠤᠯᠢ ᠵᠢᠨ ᠪᠠᠢ᠍ᠢ᠍ᠷᠢᠯᠠᠭᠤᠯᠤᠯᠲᠠ ᠵᠢ ᠲᠡᠭᠢᠨ ᠲᠤᠭᠢᠷᠠᠭᠤᠯᠵᠤ᠂ ᠮᠠᠯᠵᠢᠬᠤ ᠤᠷᠤᠨ᠎ᠤ 《ᠮᠤᠷᠢᠨ ᠨᠢᠷᠤᠭᠤᠨ ᠲᠡᠭᠡᠷᠡᠭᠢ   ᠰᠤᠷᠭ᠋ᠠᠭᠤᠯᠢ》 ᠵᠢ ᠪᠥᠭᠦᠲᠠ ᠵᠢ ᠬᠠᠮᠲᠤᠷᠠᠭᠤᠯᠤᠨ ᠨᠢᠭᠡᠳᠭᠡᠭᠰᠠᠨ ᠪᠠᠢ᠍ᠢ᠍ᠵᠡᠢ᠃ ᠠ᠋ᠭᠦᠨ᠎ᠤ ᠬᠠᠮᠲᠤ ᠴᠦᠭᠡᠨ ᠲᠤᠭ᠋ᠠᠲᠤ ᠦᠨᠳᠦᠰᠦᠲᠡᠨ᠎ᠤ ᠰᠢᠯᠢᠳᠡᠭ ᠰᠤᠷᠤᠭᠴᠢᠳ᠎ᠠᠴᠠ ᠰᠤᠩᠭᠤᠨ ᠪᠠᠷᠠᠭᠤᠨ ᠬᠤᠢ᠍ᠢ᠍ᠲᠤ ᠵᠢᠨ ᠦᠨᠳᠦᠰᠦᠲᠡᠨ᠎ᠤ ᠲᠡᠭᠡᠳᠦ ᠰᠤᠷᠭ᠋ᠠᠭᠤᠯᠢ᠎ᠳᠤ ᠰᠤᠷᠤᠯᠴᠠᠭᠤᠯᠤᠨ ᠲᠤᠰ ᠤᠷᠤᠨ᠎ᠤ᠎ᠪᠠᠨ ᠪᠠᠭᠰᠢ ᠵᠢᠨ ᠭᠦᠴᠦᠨ᠎ᠢ ᠴᠢᠩᠭ᠋ᠠᠳᠬᠠᠭᠰᠠᠨ ᠪᠠᠢ᠍ᠢ᠍ᠨ᠎ᠠ᠃
     1977 ᠤᠨ᠎ᠳᠤ᠂ ᠤᠯᠤᠰ᠎ᠤᠨ ᠰᠢᠯᠭ᠋ᠠᠯᠲᠠ ᠵᠢᠨ ᠳᠦᠷᠢᠮ ᠰᠠᠷᠭᠦᠭᠡᠭᠳᠡᠵᠦ᠂ ᠲᠡᠭᠡᠳᠦ ᠲᠤᠮᠲᠠᠳᠤ ᠵᠢ ᠲᠡᠭᠦᠰᠦᠭᠰᠡᠨ ᠰᠤᠷᠤᠭᠴᠢᠳ ᠪᠦᠷ ᠤᠯᠤᠰ᠎ᠤᠨ ᠨᠢᠭᠡᠳᠦᠯᠲᠡᠢ ᠰᠢᠯᠭ᠋ᠠᠯᠲᠠ᠎ᠳᠤ ᠣᠷᠤᠯᠴᠠᠵᠤ ᠴᠢᠳᠠᠭᠰᠠᠨ ᠶᠤᠮ᠃ 1980 ᠤᠨ ᠪᠣᠯᠬᠤ᠎ᠳᠤ᠂ ᠮᠠᠨ᠎ᠤ ᠮᠤᠵᠢ ᠵᠢᠨ ᠮᠤᠩᠭᠤᠯ ᠲᠤᠮᠲᠠᠳᠤ ᠪᠠᠭ᠎ᠠ ᠰᠤᠷᠭ᠋ᠠᠭᠤᠯᠢ ᠵᠢᠨ ᠪᠠᠭᠰᠢ ᠵᠢ ᠭᠦᠮᠦᠵᠢᠭᠦᠯᠭᠦ ᠲᠡᠭᠡᠳᠦ ᠰᠤᠷᠭ᠋ᠠᠭᠤᠯᠢ ᠦᠭᠡᠢ ᠪᠠᠢ᠍ᠢ᠍ᠬᠤ ᠪᠠᠢ᠍ᠢ᠍ᠲᠠᠯ ᠲᠤᠤᠷ᠎ᠠ᠂ ᠦᠪᠦᠷ ᠮᠤᠩᠭᠤᠯ᠎ᠤᠨ ᠦᠪᠡᠷᠳᠡᠭᠡᠨ ᠵᠠᠰᠠᠬᠤ ᠤᠷᠤᠨ᠎ᠤ ᠰᠤᠷᠭ᠋ᠠᠨ ᠭᠦᠮᠦᠵᠢᠯ᠎ᠤᠨ ᠲᠢᠩᠭᠢᠮ᠎ᠲᠠᠢ ᠵᠦᠪᠳᠠᠯᠴᠠᠵᠤ᠂ ᠭᠦᠭᠡᠬᠤᠲᠠ ᠵᠢᠨ ᠦᠨᠳᠦᠰᠦᠲᠠᠨ᠎ᠤ ᠪᠠᠭᠰᠢ ᠵᠢᠨ ᠰᠤᠷᠭ᠋ᠠᠭᠤᠯᠢ᠎ᠳᠤ ᠰᠤᠷᠤᠭᠴᠢ ᠬᠥᠮᠦᠵᠢᠭᠦᠯᠵᠦ ᠠ᠋ᠬᠢᠯᠡᠵᠡᠢ᠃
     2004 ᠤᠨ᠎ᠳᠤ᠂ ᠰᠤᠷᠭ᠋ᠠᠭᠤᠯᠢ ᠵᠢᠨ ᠪᠠᠢ᠍ᠢ᠍ᠷᠢᠯᠠᠭᠤᠯᠤᠯᠲᠠ ᠵᠢ ᠲᠠᠭᠢᠨ ᠲᠣᠬᠢᠷᠠᠭᠤᠯᠵᠤ᠂ ᠰᠢᠶᠠᠨ᠎ᠤ ᠮᠤᠩᠭᠤᠯ ᠲᠤᠮᠲᠠᠲᠤ ᠰᠤᠷᠭ᠋ᠠᠭᠤᠯᠢ ᠪᠠ ᠰᠢᠶᠠᠨ᠎ᠤ ᠮᠤᠩᠭᠤᠯ ᠪᠠᠭ᠎ᠠ ᠰᠤᠷᠭ᠋ᠠᠭᠤᠯᠢ ᠵᠢ ᠦᠪᠡᠷᠳᠡᠭᠡᠨ ᠵᠠᠰᠠᠬᠤ ᠰᠢᠶᠠᠨ᠎ᠤ ᠠᠷᠪᠠᠨ ᠬᠤᠶᠠᠷ ᠵᠢᠯ᠎ᠤᠨ ᠲᠦᠷᠢᠮᠲᠤ ᠮᠤᠩᠭᠤᠯ ᠦᠨᠳᠦᠰᠦᠲᠡᠨ᠎ᠤ ᠰᠤᠷᠭ᠋ᠠᠭᠤᠯᠢ ᠪᠣᠯᠭ᠋ᠠᠨ ᠪᠠᠢ᠍ᠢ᠍ᠭᠤᠯᠤᠭᠰᠠᠨ ᠪᠠᠢ᠍ᠢ᠍ᠨ᠎ᠠ᠃ ᠰᠦᠪᠸᠢ ᠰᠢᠶᠠᠨ᠎ᠤ ᠰᠤᠷᠭ᠋ᠠᠨ ᠬᠥᠮᠦᠵᠢᠯ᠎ᠤᠨ ᠦᠢ᠍ᠯᠡᠰ ᠠ᠋ᠨᠡ ᠮᠡᠲᠤ᠎ᠪᠠᠷ ᠪᠠᠭ᠎ᠠ᠎ᠠᠴᠠ᠎ᠪᠠᠨ ᠶᠡᠬᠡ᠂ ᠪᠠᠭᠤᠷᠠᠢ᠎ᠠᠴᠠ ᠬᠦᠴᠦᠷᠬᠡᠭ ᠪᠣᠯᠵᠤ᠂ ᠬᠡᠳᠤᠨ ᠠᠷᠪᠠᠨ ᠵᠢᠯ᠎ᠤᠨ ᠬᠥᠭᠵᠢᠯᠲᠡ ᠵᠢᠨ ᠲᠡᠤᠬᠡ᠎ᠪᠠᠨ ᠪᠢᠴᠢᠭᠯᠡᠨ᠂ ᠦᠨᠳᠦᠰᠦᠲᠡᠨ᠎ᠤ ᠰᠤᠷᠭ᠋ᠠᠨ ᠬᠥᠮᠦᠵᠢᠯ᠎ᠤᠨ ᠹᠷᠣᠨᠲ᠎ᠲᠤ ᠣᠮᠳᠤᠭ᠋ᠠᠢ᠍ᠢ᠍ᠯᠠᠵᠤ ᠪᠣᠯᠤᠰᠢ ᠦᠭᠡᠢ ᠣᠷᠤᠨ ᠵᠠᠢ ᠵᠢ ᠡᠵᠡᠯᠡᠵᠦ᠂ ᠭᠠᠨᠰᠤ ᠮᠤᠵᠢ ᠵᠢᠨ ᠴᠤᠷ᠎ᠤᠨ ᠭᠠᠭᠴᠠ ᠮᠣᠩᠭᠤᠯ ᠵᠶ᠋ᠠᠷ ᠬᠢᠴᠢᠶᠠᠯᠯᠠᠵᠤ ᠪᠠᠢ᠍ᠢ᠍ᠭ᠎ᠠ ᠰᠤᠷᠭ᠋ᠠᠭᠤᠯᠢ ᠪᠣᠯᠬᠤ ᠮᠥᠷᠲᠡᠭᠡᠨ ᠪᠦᠬᠦ ᠤᠯᠤᠰ᠎ᠤᠨ ᠨᠠᠢ᠍ᠮᠠᠨ ᠮᠤᠵᠢ ᠣᠷᠤᠨ᠎ᠤ ᠮᠣᠩᠭᠤᠯ ᠬᠡᠯᠡ ᠪᠢᠴᠢᠭ᠎ᠤᠨ ᠠᠵᠢᠯ᠎ᠤᠨ ᠬᠠᠮᠵᠢᠯᠴᠠᠭ᠋ᠠᠨ᠎ᠤ ᠭᠣᠣᠯᠳᠠᠯᠭ᠎ᠠ᠎ᠲᠠᠢ ᠰᠤᠷᠭ᠋ᠠᠭᠤᠯᠢ ᠵᠢᠨ ᠨᠢᠭᠡ ᠪᠤᠯᠤᠭᠰᠠᠨ ᠶᠤᠮ᠃


                      ᠬᠠᠶᠢᠬ᠄ ᠭᠠᠨᠰᠤ ᠮᠤᠵᠢ ᠵᠢᠨ ᠰᠦᠪᠸᠢ ᠰᠢᠶᠠᠨ᠎ᠤ ᠮᠤᠩᠭᠤᠯ

                              ᠦᠨᠳᠦᠰᠦᠲᠡᠨ᠎ᠤ ᠰᠤᠷᠭ᠋ᠠᠭᠤᠯᠢ
                              (ᠰᠦᠶ᠎ᠠ ᠨᠠᠢ᠍ᠢ᠍ᠷᠠᠭᠤᠯᠪᠠ)
                              2020 ᠤᠨ᠎ᠤ 1 ᠳ᠋ᠦ᠍ᠭᠡᠷ ᠬᠤᠭᠤᠴᠠᠭ᠎ᠠ

ᠢᠷᠡᠯᠲᠡ᠄ ᠦᠪᠦᠷ ᠮᠣᠩᠭᠣᠯ᠎ᠤᠨ ᠦᠪᠡᠷᠲᠡᠭᠡᠨ ᠵᠠᠰᠠᠬᠤ ᠣᠷᠣᠨ᠎ᠤ ᠰᠤᠷᠭ᠋ᠠᠨ ᠬᠦᠮᠦᠵᠢᠯ᠎ᠤᠨ ᠲᠢᠩᠬᠢᠮ
          
ᠬᠠᠮᠢᠶ᠎ᠡ ᠪᠦᠬᠦᠢ ᠰᠣᠨᠢᠨ
ᠰᠦᠬᠤᠮᠯᠢᠨ᠋ᠰᠺᠢ ᠵᠢᠨ ᠰᠤᠷᠭ᠋ᠠᠨ ᠬᠦᠮᠦᠵᠢᠯ᠎ᠤᠨ ᠦᠵᠡᠯ ᠰᠠᠨᠠᠭ᠋ᠠᠨ᠎ᠤ ᠲᠤᠬᠠᠢ ᠲᠤᠪᠴᠢ ᠦᠬᠦᠯᠡᠬᠦ᠎ᠨᠢ
ᠣᠷᠣᠰ᠎ᠤᠨ ᠲᠡᠭᠡᠳᠦ ᠵᠡᠷᠭᠡ ᠵᠢᠨ ᠰᠣᠷᠭ᠋ᠠᠨ ᠬᠦᠮᠦᠵᠢᠯ᠎ᠤᠨ ᠴᠢᠨᠠᠷ ᠴᠢᠨᠰᠠᠭ᠎ᠠ ᠵᠢᠨ ᠪᠠᠳᠣᠯᠠᠭ᠎ᠠ ᠵᠢᠨ ᠰᠢᠰᠲᠸᠮ᠎ᠢ ᠬᠠᠶ᠋ᠢᠨ ᠰᠦᠪᠡᠭᠴᠢᠯᠡᠬᠦ᠎ᠨᠢ
ᠰᠤᠷᠭ᠋ᠠᠨ ᠬᠦᠮᠦᠵᠢᠯ᠎ᠤᠨ ᠲᠤᠮᠳᠠ ᠰᠢᠢ᠍ᠳᠪᠦᠷᠢᠯᠡᠬᠦ ᠴᠢᠬᠤᠯᠠᠲᠠᠢ ᠬᠡᠳᠦᠨ ᠠᠰᠠᠭᠤᠳᠠᠯ
ᠰᠤᠷᠭ᠋ᠠᠨ ᠭᠦᠮᠦᠵᠢᠯ ᠪᠤᠯ ᠨᠢᠭᠡᠨ ᠵᠤᠷᠪᠤᠰ ᠭᠤᠤᠯ ᠮᠦᠨ
ᠠᠵᠢᠯ ᠮᠠᠷᠭᠡᠵᠢᠯ᠎ᠤᠨ ᠰᠤᠷᠭ᠋ᠠᠨ ᠭᠦᠮᠦᠵᠢᠯ᠎ᠤᠨ ᠤᠷᠢᠬᠠᠨ ᠬᠠᠪᠤᠷ ᠢᠷᠡᠴᠢᠭᠡᠭᠰᠡᠨ ᠭᠡᠵᠢ ᠤᠤ
 
             蒙ICP备05000248号