ᠡ᠊ · ᠤᠷᠠᠨᠭ᠌ᠭᠤᠸᠠ
ᠨᠡᠶ᠋ᠢᠭᠡᠮ᠂ ᠰᠤᠷᠭ᠋ᠠᠭᠤᠯᠢ᠂ ᠭᠡᠷ ᠪᠦᠯᠢ ᠭᠤᠷᠪᠠ ᠤᠶᠠᠯᠳᠤᠭᠰᠠᠨ ᠰᠤᠷᠭ᠋ᠠᠨ ᠬᠦᠮᠦᠵᠢᠯ ᠪᠤᠯ ᠬᠠᠮᠤᠭ᠎ᠤᠨ ᠦᠨᠳᠦᠷ ᠪᠦᠲᠦᠮᠵᠢᠲᠡᠢ ᠰᠤᠷᠭ᠋ᠠᠨ ᠬᠦᠮᠦᠵᠢᠭᠦᠯᠬᠦ ᠠᠷᠭ᠎ᠠ ᠪᠤᠯᠤᠨ᠎ᠠ ᠭᠡᠳᠡᠭ᠎ᠨᠢ ᠨᠢᠭᠡᠨᠳᠠ ᠨᠤᠲᠠᠯᠠᠭᠰᠠᠨ ᠶᠤᠮ᠃ ᠭᠡᠬᠦ᠎ᠳᠤ᠎ᠪᠠᠨ 《ᠬᠡᠦᠬᠡᠳ ᠵᠶ᠋ᠠᠨ ᠬᠦᠮᠦᠨ᠎ᠠᠴᠠ ᠲᠡᠭᠡᠭᠦᠷ ᠶᠠᠪᠤᠭᠤᠯᠤᠨ᠎ᠠ》 ᠭᠡᠬᠦ ᠬᠦᠰᠡᠯᠡᠩ᠎ᠤᠨ ᠰᠠᠶ᠋ᠢᠬᠠᠨ᠎ᠳᠤ᠎ᠪᠠᠨ ᠯᠡ ᠰᠢᠢ᠍ᠳᠦᠭᠰᠡᠨ ᠵᠠᠷᠢᠮ ᠭᠡᠷ᠎ᠤᠨ ᠠᠬᠠᠮᠠᠳ᠂ 《ᠰᠤᠷᠤᠭᠴᠢᠳ᠎ᠲᠤ᠎ᠪᠠᠨ ᠯᠠᠪ ᠮᠡᠳᠡᠯᠭᠡ ᠡᠵᠡᠮᠰᠢᠭᠦᠯᠦᠨ᠎ᠠ》 ᠭᠡᠬᠦ ᠬᠦᠰᠡᠯ᠎ᠳᠤ᠎ᠪᠠᠨ ᠯᠠ ᠬᠦᠭᠰᠡᠭᠰᠡᠨ ᠵᠠᠷᠢᠮ ᠪᠠᠭᠰᠢ᠂ 《ᠬᠦᠮᠦᠨ᠎ᠤ ᠬᠡᠦᠬᠡᠳ ᠨᠠᠳᠡ᠎ᠳᠤ ᠶᠠᠮᠠᠷ ᠬᠠᠮᠢᠶ᠎ᠠ ᠪᠠᠶ᠋ᠢᠬᠤ ᠪᠤᠢ》 ᠭᠡᠬᠦ ᠨᠠᠵᠠᠭ᠋ᠠᠢ ᠰᠡᠳᠬᠢᠴᠡ᠎ᠳᠤ ᠠᠪᠲᠠᠭᠰᠠᠨ ᠨᠠᠶ᠋ᠢᠭᠡᠮ᠎ᠤᠨ ᠵᠠᠷᠢᠮ ᠭᠡᠰᠢᠬᠦᠨ᠎ᠨᠢ ᠰᠤᠷᠭ᠋ᠠᠭᠤᠯᠢ᠂ ᠭᠡᠷ ᠪᠦᠯᠢ᠂ ᠨᠡᠶ᠋ᠢᠭᠡᠮ ᠭᠤᠷᠪᠠ ᠤᠶᠠᠯᠳᠤᠭᠰᠠᠨ ᠰᠤᠷᠭ᠋ᠠᠨ ᠬᠦᠮᠦᠵᠢᠯ᠎ᠤᠨ ᠲᠣᠭᠲᠠᠴᠠ ᠵᠢ ᠣᠶ᠋ᠢᠯᠠᠭ᠋ᠠᠬᠤ ᠦᠭᠡᠢ᠂ ᠦᠨᠠᠮᠰᠢᠭᠦ ᠦᠭᠡᠢ᠂ ᠮᠠᠳᠠᠷᠠᠭᠦ ᠦᠭᠡᠢ᠂ ᠴᠠᠭ᠋ᠠᠰᠢᠯᠠᠨ ᠲᠡᠭᠦᠨ᠎ᠢ ᠣᠮᠳᠤᠭ᠋ᠠᠶ᠋ᠢᠯᠠᠭᠰᠠᠨᠠᠴᠠ ᠪᠤᠯᠵᠤ ᠵᠠᠷᠢᠮ ᠰᠤᠷᠤᠭᠴᠢ ᠵᠢᠨ ᠵᠠᠩ ᠠᠷᠠᠨᠰᠢᠨ᠂ ᠦᠵᠡᠯ ᠰᠡᠳᠬᠢᠯᠭᠡ᠂ ᠣᠶᠣᠨ ᠰᠠᠨᠠᠭ᠋ᠠᠨ᠎ᠤ ᠲᠠᠯ᠎ᠠ᠎ᠳᠤ ᠭᠠᠵᠢ ᠦᠵᠡᠭᠳᠡᠯ ᠢᠯᠠᠷᠠᠳᠡᠭ ᠪᠠᠶ᠋ᠢᠨ᠎ᠠ᠃
ᠠᠰᠠᠭᠤᠳᠠᠯ ᠨᠢᠭᠡ᠂ ᠭᠡᠷ ᠪᠦᠯᠢ ᠵᠢᠨ ᠰᠤᠷᠭ᠋ᠠᠨ ᠬᠦᠮᠦᠵᠢᠯ
ᠭᠡᠷ᠎ᠤᠨ ᠠᠬᠠᠮᠠᠳ ᠴᠦᠮ ᠦᠷ᠎ᠡ ᠬᠡᠦᠭᠡᠳ ᠵᠶ᠋ᠠᠨ ᠣᠯᠠᠨ᠎ᠤ ᠲᠣᠳᠤᠷ᠎ᠠ ᠣᠳᠤ ᠰᠣᠳᠤ ᠪᠣᠯᠵᠦ ᠭᠢᠯᠠᠯᠵᠠᠵᠦ ᠶᠠᠪᠤᠬᠤ ᠵᠢ ᠬᠦᠰᠡᠨ ᠠ᠋ᠷᠡᠮᠡᠯᠵᠡᠳᠡᠭᠨᠢ ᠯᠠᠪ᠃ ᠭᠡᠬᠦ᠎ᠳᠤ᠎ᠪᠠᠨ ᠵᠠᠷᠢᠮ ᠭᠡᠷ᠎ᠤᠨ ᠠᠬᠠᠮᠠᠳ ᠭᠡᠷ ᠪᠦᠯᠢ ᠵᠢᠨ ᠰᠤᠷᠭ᠋ᠠᠨ ᠬᠦᠮᠦᠵᠢᠯ᠎ᠤᠨ ᠴᠢᠬᠤᠯᠠ ᠴᠢᠨᠠᠷ᠎ᠢ ᠣᠶ᠋ᠢᠯᠠᠭ᠋ᠠᠬᠤ ᠦᠭᠡᠢ ᠬᠠᠷ᠎ᠠ ᠪᠠᠯᠠᠢ᠎ᠪᠠᠷ ᠰᠤᠷᠭ᠋ᠠᠭᠤᠯᠢ᠎ᠳᠤ ᠨᠠᠶ᠋ᠢᠳᠠᠵᠦ᠂ 《ᠬᠡᠦᠬᠡᠳ᠎ᠤᠨ ᠵᠶ᠋ᠠᠨ ᠳᠠᠰᠬᠠᠯ ᠪᠡᠶᠡᠯᠡᠭᠦᠯᠦᠭᠰᠠᠨ ᠪᠠᠶ᠋ᠢᠳᠠᠯ᠎ᠢ ᠪᠠᠶ᠋ᠢᠴᠠᠭ᠋ᠠᠵᠦ ᠦᠵᠡᠭᠡᠷᠡᠢ》 ᠭᠡᠬᠦ ᠪᠠᠭᠰᠢ ᠵᠢᠨ ᠨᠠᠶ᠋ᠢᠳᠠᠯᠭ᠎ᠠ ᠵᠢᠨ ᠬᠠᠷᠢᠭᠤ᠎ᠳᠤ 《ᠪᠢ ᠥᠪᠡᠰᠤᠪᠠᠨ ᠲᠠᠰᠬᠠᠯ᠎ᠢ᠎ᠨᠢ ᠵᠠᠰᠠᠴᠢᠬᠠᠬᠤ ᠶᠤᠮ ᠪᠣᠯ ᠪᠠᠭᠰᠢ᠎ᠪᠠᠷ ᠶᠠᠭᠤ ᠬᠢᠬᠦ ᠪᠤᠢ?》 ᠭᠡᠵᠤ ᠮᠣᠵᠢᠭᠤᠳᠠᠯᠠᠵᠤ ᠪᠠᠶ᠋ᠢᠳᠠᠭ᠃
ᠮᠣᠩᠭᠤᠯ ᠬᠠᠭᠤᠴᠢ ᠦᠭᠡᠨ᠎ᠳᠤ 《ᠬᠡᠯᠲᠡᠩ ᠭᠡᠬᠦᠦ᠎ᠠᠴᠠ ᠱᠤᠪᠳᠤᠩ ᠤᠨᠠᠭ᠎ᠠ》 ᠭᠡᠳᠡᠭ᠃ ᠵᠠᠷᠢᠮ ᠬᠡᠦᠭᠡᠳ ᠲᠦᠯᠭᠡᠭᠡᠨ ᠠᠪᠤᠷᠢ᠎ᠲᠠᠢ᠂ ᠠ᠋ᠨᠡᠷᠢᠨᠭᠭᠦᠢ ᠵᠠᠩ᠎ᠲᠠᠢ ᠪᠣᠯᠵᠤ ᠬᠦᠮᠦᠵᠢᠭᠳᠡᠬᠦ᠎ᠳᠤ᠂ ᠵᠠᠷᠢᠮ ᠭᠡᠤᠭᠡᠳ᠎ᠨᠢ ᠭᠦᠳᠦᠰ ᠵᠦᠷᠢᠭᠦᠳ᠂ ᠵᠣᠵᠢᠭ᠂ ᠠᠮᠢ ᠬᠤᠪᠢᠨᠴᠢᠷ ᠵᠠᠩ᠎ᠲᠠᠢ ᠪᠣᠯᠵᠦ ᠥᠰᠳᠡᠭ᠃ ᠠ᠋ᠳᠡᠭᠡᠷ ᠵᠠᠩ ᠠᠷᠠᠨᠰᠢᠨ ᠭᠡᠷᠬᠢᠨ ᠪᠦᠷᠢᠯᠳᠤᠳᠡᠭ ᠪᠤᠢ? ᠠ᠋ᠨᠡ᠎ᠨᠢ ᠲᠡᠭᠦᠨ᠎ᠤ ᠭᠡᠷ ᠪᠦᠯᠢ ᠵᠢᠨ ᠣᠷᠴᠢᠨ᠂ ᠭᠡᠷ ᠪᠦᠯᠢ ᠵᠢᠨ ᠰᠤᠷᠭ᠋ᠠᠯ᠎ᠲᠠᠢ ᠢᠯᠡᠳᠳᠡ ᠬᠤᠯᠪᠤᠭᠳᠠᠭ᠍ᠤ᠎ᠨᠢ ᠵᠠᠶ᠋ᠢᠯᠠᠰᠢ ᠦᠭᠡᠢ᠃ ᠠ᠋ᠳᠤᠷ᠎ᠵᠢᠨ ᠬᠠᠷᠢᠶᠠᠯ ᠤᠷᠤᠰᠬᠠᠳᠠᠭ ᠠᠪᠤ ᠡᠵᠢ᠎ᠠᠴᠠ ᠬᠠᠷᠢᠶᠠᠯ ᠮᠡᠳᠡᠬᠦ ᠦᠭᠡᠢ ᠬᠡᠦᠬᠡᠳ ᠯᠠᠪ ᠭᠠᠷᠬᠤ ᠦᠭᠡᠢ᠂ ᠥᠭᠭᠢᠶᠠᠮᠦᠷᠴᠢ ᠴᠠᠶ᠋ᠢᠯᠭ᠋ᠠᠨ ᠵᠠᠩ᠎ᠲᠠᠢ ᠡᠵᠢ᠂ ᠠᠵᠢᠯᠰᠠᠭ ᠲᠦᠯᠭᠡᠭᠡᠨ ᠵᠠᠩ᠎ᠲᠠᠢ ᠠᠪᠤ᠎ᠲᠠᠢ᠎ᠪᠠᠨ ᠦᠰᠦᠭᠰᠡᠨ ᠬᠡᠦᠭᠡᠳ ᠭᠠᠯ ᠮᠣᠭ᠋ᠠᠢ ᠵᠠᠯᠭᠢᠭᠰᠠᠨ ᠭᠠᠯᠵᠠᠭᠤ ᠠᠪᠤᠷᠢ᠎ᠲᠠᠢ ᠪᠣᠯᠵᠦ ᠬᠦᠮᠦᠵᠢᠭᠳᠡᠬᠦ ᠶᠤᠰᠤ ᠦᠭᠡᠢ᠃
ᠭᠡᠷ ᠪᠦᠯᠢ ᠵᠢᠨ ᠬᠦᠮᠦᠵᠢᠯ᠎ᠳᠤ ᠬᠤᠯᠪᠤᠭᠳᠠᠭ᠍ᠤ ᠵᠦᠢ᠍ᠯᠡᠰ᠎ᠢ ᠮᠥᠴᠢᠳ ᠲᠤᠷᠠᠳᠪᠠᠯ᠄
1. ᠬᠡᠷ᠎ᠤᠨ ᠠᠬᠠᠮᠠᠳ ᠪᠣᠯᠤᠭᠰᠠᠳ ᠬᠡᠦᠬᠡᠳ ᠵᠶ᠋ᠠᠨ ᠨᠢᠯᠬ᠎ᠠ ᠪᠠᠭ᠎ᠠ ᠪᠠᠶ᠋ᠢᠬᠤ᠎ᠳᠤ᠎ᠨᠢ ᠬᠠᠵᠠᠭᠤ᠎ᠳᠤᠨᠢ ᠨᠤᠮ ᠤᠩᠰᠢᠵᠦ ᠪᠠᠶ᠋ᠢᠭᠰᠠᠨ ᠤᠤ?
ᠢᠪᠷᠡᠢ᠍ᠢ᠍ᠴᠤᠳ ᠬᠡᠦᠬᠡᠳ ᠵᠶ᠋ᠠᠨ ᠨᠤᠮ ᠤᠩᠰᠢᠭᠤᠯᠵᠦ ᠰᠤᠷᠭ᠋ᠠᠬᠤ ᠵᠢᠨ ᠲᠦᠯᠦᠭᠡ ᠨᠢᠯᠬ᠎ᠠ ᠪᠠᠭ᠎ᠠ ᠪᠠᠶ᠋ᠢᠬᠤ᠎ᠳᠤ᠎ᠨᠢ ᠨᠤᠮ᠎ᠤᠨ ᠬᠠᠭᠤᠳᠠᠰᠤᠨ᠎ᠳᠤ ᠪᠠᠯ ᠲᠦᠷᠬᠢᠭᠡᠳ ᠲᠣᠯᠢᠶᠠᠯᠭ᠋ᠠᠨᠠ ᠭᠡᠳᠡᠭ᠃ ᠠ᠋ᠨᠡ ᠪᠤᠯ ᠨᠤᠮ ᠤᠩᠰᠢᠬᠤ ᠭᠡᠳᠡᠭ ᠠ᠋ᠶ᠋ᠢᠮᠦ ᠯᠡ ᠠᠮᠳᠠᠳᠠᠢ ᠪᠠᠶ᠋ᠢᠳᠠᠭ ᠭᠡᠳᠡᠭ᠎ᠢ ᠨᠢᠯᠬ᠎ᠠ ᠣᠶᠤᠨ᠎ᠳᠤᠨᠢ ᠰᠠᠭᠤᠭᠳᠠᠭᠤᠯᠵᠤ ᠪᠠᠶ᠋ᠢᠭ᠎ᠠ ᠬᠡᠷᠡᠭ᠃
2. ᠬᠡᠷ᠎ᠤᠨ ᠠᠬᠠᠮᠠᠳ ᠪᠣᠯᠤᠭᠰᠠᠳ ᠬᠡᠦᠬᠡᠳ᠎ᠤᠨ ᠵᠶ᠋ᠠᠨ ᠬᠠᠵᠠᠭᠤ᠎ᠳᠤ ᠭᠠᠷ ᠤᠳᠠᠰᠤ᠎ᠪᠠᠷ ᠣᠯᠠᠨ ᠨᠠᠭ᠋ᠠᠳᠳᠠᠭ ᠤᠤ?
ᠭᠡᠷ᠎ᠤᠨ ᠠᠬᠠᠮᠠᠳ ᠪᠣᠯᠤᠭᠰᠠᠨ᠎ᠤ ᠬᠤᠪᠢ᠎ᠳᠤ ᠬᠡᠦᠭᠡᠳᠲᠤᠪᠠᠨ ᠵᠥᠪ ᠰᠠᠶ᠋ᠢᠬᠠᠨ ᠦᠵᠡᠯ ᠰᠠᠨᠠᠭ᠋ᠠᠨ᠎ᠤ ᠬᠦᠮᠦᠵᠢᠯ ᠬᠢᠭᠰᠡᠨ ᠤᠤ? ᠥᠪᠡᠰᠤᠪᠠᠨ ᠲᠠᠭᠤᠷᠢᠶᠠᠯ ᠪᠣᠯᠵᠤ ᠲᠠᠭ᠋ᠠᠭᠤᠯᠤᠭ᠋ᠠᠳ ᠨᠠᠭ᠋ᠠᠳᠤᠭᠰᠠᠨ ᠤᠤ?
ᠬᠡᠷ᠎ᠤᠨ ᠠᠬᠠᠮᠠᠳ᠎ᠤᠨ ᠲᠤᠮᠳᠠ 《ᠠ᠋ᠨᠡ ᠬᠡᠦᠬᠡᠳ ᠭᠠᠷ ᠤᠳᠠᠰᠤ᠎ᠪᠠᠷ ᠨᠠᠭ᠋ᠠᠳᠤᠭ᠋ᠠᠳ ᠶᠠᠭ ᠰᠠᠯᠬᠤ ᠦᠭᠡᠢ》 ᠭᠡᠬᠦ ᠶᠠᠷᠢᠶ᠎ᠠ ᠪᠠᠶ᠋ᠢᠩᠭᠤ ᠰᠤᠨᠤᠰᠳᠠᠳᠠᠬ᠃ ᠲᠡᠭᠡᠬᠦ᠎ᠳᠤ᠎ᠪᠠᠨ ᠰᠢᠨᠵᠢᠯᠡᠭᠡ ᠮᠡᠷᠭᠡᠵᠢᠯ ᠬᠦᠭᠵᠢᠭᠰᠡᠨ ᠥᠨᠦᠳᠦᠷ᠂ ᠭᠡᠷ᠎ᠤᠨ ᠠᠬᠠᠮᠠᠳ᠎ᠤᠨ ᠱᠠᠭ᠋ᠠᠷᠳᠠᠯᠭ᠎ᠠ᠎ᠳᠤ ᠨᠡᠶ᠋ᠢᠴᠡᠭᠦᠯᠦᠨ ᠬᠡᠦᠭᠡᠳ ᠰᠠᠭ᠋ᠠᠳᠠᠭᠤᠯᠬᠤ ᠭᠠᠷ ᠮᠠᠰᠢᠨ ᠴᠦ᠍ ᠪᠤᠢ ᠪᠤᠯᠤᠭᠰᠠᠨ ᠪᠠᠶ᠋ᠢᠨ᠎ᠠ᠃ ᠢᠩᠬᠢᠬᠦ᠎ᠳᠤ ᠵᠠᠯᠠᠭᠤ ᠡᠴᠢᠭᠡ ᠠ᠋ᠭᠡ᠎ᠨᠢ ᠪᠠᠶ᠎ᠠ ᠠᠮᠠᠷ ᠵᠶ᠋ᠠᠨ ᠪᠣᠳᠤᠵᠦ ᠬᠡᠦᠬᠡᠳ᠎ᠲᠤ᠎ᠪᠠᠨ ᠲᠡᠭᠦᠨ᠎ᠢ᠎ᠨᠢ ᠠᠪᠴᠦ ᠪᠠᠷᠢᠭᠤᠯᠤᠭᠰᠠᠨ ᠪᠠᠶ᠋ᠢᠳᠠᠭ᠃ ᠶᠡᠭᠡ᠎ᠪᠠᠷ ᠤᠬᠢᠯᠠᠵᠤ ᠪᠠᠶ᠋ᠢᠭᠰᠠᠨ ᠬᠡᠦᠬᠡᠳ᠎ᠨᠢ ᠴᠦ᠍ ᠨᠠᠭ᠋ᠠᠳᠤᠮ᠎ᠤᠨ ᠭᠠᠷ ᠤᠳᠠᠰᠤ᠎ᠪᠠᠨ ᠠᠳᠬᠤᠮᠠᠭᠴᠠ ᠤᠬᠢᠯᠠᠭ᠍ᠤᠪᠠᠨ ᠵᠤᠭᠰᠤᠴᠢᠬᠠᠳᠠᠭ᠃ ᠠ᠋ᠨᠡ᠎ᠨᠢ ᠪᠦᠳᠦᠮᠵᠢᠳᠡᠢ ᠠᠷᠭ᠎ᠠ ᠤᠤ? ᠪᠠᠭᠠᠳᠤᠨᠢ ᠭᠠᠷ ᠤᠲᠠᠰᠤ᠎ᠪᠠᠷ ᠰᠠᠭ᠋ᠠᠳᠠᠭᠤᠯᠵᠤ ᠰᠤᠷᠭ᠋ᠠᠭᠰᠠᠨ ᠬᠡᠦᠬᠡᠳ ᠴᠢᠨᠢ ᠰᠤᠷᠭ᠋ᠠᠭᠤᠯᠢ᠎ᠳᠤ ᠰᠠᠭᠤᠭᠰᠠᠨ ᠬᠤᠶ᠋ᠢᠨ᠎ᠠ᠎ᠪᠠᠨ ᠥᠨᠦᠬᠢ ᠭᠠᠷ ᠤᠳᠠᠰᠤᠠᠴᠠᠪᠠᠨ ᠰᠠᠯᠵᠦ ᠲᠡᠶ᠋ᠢᠯᠬᠦ᠎ᠪᠠᠨ ᠪᠤᠯᠢᠵᠦ᠂ ᠲᠠ ᠨᠠᠷ᠎ᠤᠨ ᠰᠡᠳᠬᠢᠯ᠎ᠢ ᠵᠦᠳᠡᠭᠡᠬᠦ ᠪᠤᠯᠤᠨ᠎ᠠ᠃
ᠠᠮᠢᠳᠤᠷᠠᠯ᠎ᠤᠨ ᠲᠤᠮᠳᠠᠬᠢ ᠪᠠᠭ᠋ᠠᠵᠢ ᠬᠡᠷᠡᠭᠰᠡᠯ᠎ᠨᠢ ᠬᠦᠮᠦᠰ᠎ᠲᠤ ᠠᠪᠴᠦ ᠬᠡᠯᠡᠪᠠᠯ᠂ ᠠᠮᠢᠳᠤᠷᠠᠯ᠎ᠤᠨ ᠪᠠᠶᠠᠨ ᠴᠢᠨᠡᠭᠡᠯᠢᠭ᠂ ᠥᠯᠵᠡᠢ ᠥᠭᠡᠳᠡ᠎ᠲᠠᠢ ᠪᠤᠯᠬᠤ᠎ᠳᠤ ᠲᠤᠰᠠᠯᠠᠭ᠍ᠤ ᠦᠢ᠍ᠯᠡᠳᠦᠯ ᠦᠵᠡᠭᠦᠯᠬᠦ ᠬᠠᠪᠰᠤᠷᠤᠮᠵᠢ ᠵᠦᠢ᠍ᠯ ᠮᠥᠨ᠃ ᠠ᠋ᠶ᠋ᠢᠮᠦ᠎ᠠᠴᠠ ᠬᠡᠨ ᠬᠦᠮᠦᠨ ᠴᠦ᠍ ᠲᠡᠳᠡᠭᠡᠷ ᠪᠠᠭ᠋ᠠᠵᠢ ᠭᠡᠷᠡᠭᠰᠡᠯ᠎ᠢ ᠥᠪᠡᠷ᠎ᠤᠨ ᠵᠶ᠋ᠠᠨ ᠪᠣᠭᠤᠯ ᠪᠣᠯᠭ᠋ᠠᠵᠦ ᠵᠠᠷᠤᠬᠤ᠎ᠠᠴᠠ ᠪᠢᠰᠢ᠂ ᠲᠡᠭᠦᠨ᠎ᠳᠤ᠎ᠪᠠᠨ ᠪᠣᠭᠤᠯ᠎ᠨᠢ ᠪᠣᠯᠵᠤ ᠵᠠᠷᠤᠭᠳᠠᠵᠦ ᠯᠡ ᠪᠣᠯᠬᠤ ᠦᠭᠡᠢ᠃ ᠭᠠᠷ ᠤᠳᠠᠰᠤ ᠵᠢ ᠴᠦ᠍ ᠠᠮᠢᠳᠤᠷᠠᠯ ᠰᠤᠷᠤᠯᠭ᠎ᠠ ᠵᠢᠨ ᠲᠤᠰᠠᠯᠠᠮᠵᠢ ᠪᠣᠯᠭ᠋ᠠᠨ ᠵᠠᠷᠤᠬᠤ᠎ᠠᠴᠠ ᠪᠢᠰᠢ᠂ ᠲᠡᠭᠦᠨ᠎ᠠᠴᠠ ᠪᠣᠯᠵᠦ ᠠᠮᠢᠳᠤᠷᠠᠯ᠎ᠤᠨ ᠴᠢᠨᠠᠷ ᠴᠢᠨᠰᠠᠭ᠎ᠠ ᠵᠢ ᠨᠥᠯᠦᠭᠡᠯᠡᠵᠦ ᠪᠤᠯᠬᠤ ᠦᠭᠡᠢ᠃
3. ᠬᠡᠷ᠎ᠤᠨ ᠠᠬᠠᠮᠠᠳ ᠪᠣᠯᠤᠭᠰᠠᠳ ᠵᠠᠮ ᠬᠠᠷᠢᠯᠴᠠᠭ᠋ᠠᠨ᠎ᠤ ᠲᠦᠷᠢᠮ᠎ᠢ ᠰᠠᠬᠢᠭᠰᠠᠨ ᠤᠤ? ᠬᠡᠦᠬᠡᠳ ᠵᠶ᠋ᠠᠨ ᠲᠠᠭ᠋ᠠᠭᠤᠯᠤᠨ ᠤᠯᠠᠭ᠋ᠠᠨ ᠳ᠋ᠸᠩ᠎ᠢ ᠲᠠᠭ᠋ᠠᠷᠢᠵᠦ ᠥᠩᠭᠡᠷᠡᠭᠰᠡᠨ ᠤᠳᠠᠭ᠎ᠠ ᠪᠤᠢ ᠤᠤ? ᠲᠡᠷᠭᠡᠨ ᠴᠤᠩᠬᠤ᠎ᠪᠠᠷ ᠵᠶ᠋ᠠᠨ ᠭᠠᠳᠠᠭᠰᠢ ᠶᠠᠭᠤᠮ᠎ᠠ ᠬᠠᠶᠠᠳᠠᠭ ᠤᠤ?
ᠪᠣᠯᠪᠠᠰᠤᠨ ᠰᠤᠷᠲᠠᠯ᠂ ᠰᠠᠬᠢᠯᠭ᠎ᠠ ᠪᠠᠳᠤᠴᠢ ᠴᠢᠨᠠᠷᠲᠠᠢ ᠪᠠᠶ᠋ᠢᠬᠤ ᠪᠣᠯ ᠬᠦᠮᠦᠨ ᠪᠣᠯᠬᠤ ᠵᠢᠨ ᠦᠨᠳᠦᠰᠦᠨ ᠱᠠᠭ᠋ᠠᠷᠳᠠᠯᠭ᠎ᠠ ᠮᠥᠨ᠃ ᠭᠡᠷ᠎ᠤᠨ ᠠᠬᠠᠮᠠᠳ᠎ᠤᠨ ᠰᠠᠨᠠᠮᠰᠠᠷ ᠦᠭᠡᠢ ᠪᠤᠶᠤ ᠤᠬᠠᠮᠰᠠᠷ ᠲᠤᠷᠤᠢ᠎ᠠᠴᠠ ᠪᠣᠯᠤᠭᠰᠠᠨ ᠦᠢ᠍ᠯᠡ ᠠᠵᠢᠯᠯᠠᠭ᠎ᠠ᠎ᠨᠢ ᠬᠡᠦᠬᠡᠳ᠎ᠤᠨ ᠴᠢᠨᠢ ᠬᠠᠤᠯᠢ ᠲᠦᠷᠢᠮ᠎ᠤᠨ ᠲᠤᠬᠠᠢ ᠲᠠᠨᠢᠯᠳᠠ ᠵᠢ ᠲᠤᠷᠤᠭᠰᠢᠯᠠᠭᠤᠯᠵᠦ᠂ ᠬᠤᠵᠢᠮ᠎ᠤᠨ ᠵᠠᠮ ᠬᠠᠷᠢᠯᠴᠠᠭ᠋ᠠᠨ᠎ᠤ ᠠᠶᠤᠯ ᠲᠦᠭᠰᠢᠭᠦᠷᠢ ᠵᠢ ᠠ᠋ᠭᠦᠰᠭᠡᠵᠦ ᠮᠡᠳᠡᠬᠦ ᠬᠠᠤᠯᠢ ᠵᠢ ᠰᠠᠬᠢᠬᠤ ᠤᠬᠠᠮᠰᠠᠷ ᠠᠨᠠᠢ᠂ ᠬᠡᠪ ᠪᠣᠯᠪᠠᠰᠤᠷᠠᠯ ᠵᠶ᠋ᠠᠷ ᠲᠣᠳᠠᠮᠠᠭ ᠠᠷᠠᠳ ᠢᠷᠭᠡᠨ ᠪᠣᠯᠵᠦ ᠮᠡᠳᠡᠨ᠎ᠡ᠃
4. ᠬᠡᠦᠬᠡᠳ᠎ᠤᠨ ᠵᠶ᠋ᠠᠨ ᠬᠠᠵᠠᠭᠤ᠎ᠳᠤ ᠪᠠᠭᠰᠢ ᠵᠢ᠎ᠨᠢ ᠪᠤᠷᠤᠭᠤᠰᠢᠶᠠᠵᠦ ᠮᠠᠭᠤᠯᠠᠵᠦ ᠥᠩᠭᠡᠷᠡᠭᠰᠡᠨ ᠤᠤ?
ᠲᠤᠮᠳᠠᠳᠤ ᠰᠤᠷᠭ᠋ᠠᠭᠤᠯᠢ ᠵᠢᠨ 《ᠬᠡᠯᠡ ᠪᠢᠴᠢᠭ》᠎ᠲᠤ 《ᠰᠡᠭᠦᠳᠡᠷ》 ᠭᠡᠬᠦ ᠬᠢᠴᠢᠶᠡᠯ ᠪᠠᠶ᠋ᠢᠳᠠᠭ᠃ ᠠ᠋ᠨᠡ ᠬᠦ᠌ ᠬᠢᠴᠢᠶᠡᠯ᠎ᠢ 《ᠬᠡᠦᠬᠡᠳ᠎ᠤᠨ ᠰᠡᠳᠬᠢᠯ᠎ᠳᠤ ᠰᠡᠭᠦᠳᠡᠷ ᠪᠢᠳᠡᠭᠡᠢ ᠲᠤᠰᠬᠠᠭ᠋ᠠᠷᠠᠢ᠂ ᠲᠡᠳᠡᠨ᠎ᠳᠤ ᠠ᠋ᠯᠢᠭᠡ ᠪᠦᠳᠦᠨ ᠬᠠᠶ᠋ᠢᠷ᠎ᠠ ᠵᠢ ᠠ᠋ᠳ᠋ᠯᠡᠭᠦᠯᠵᠦ ᠪᠠᠶ᠋ᠢᠭ᠋ᠠᠷᠠᠢ》 ᠭᠡᠬᠦ ᠤᠳᠬ᠎ᠠ ᠰᠠᠨᠠᠭ᠎ᠠ ᠵᠢ ᠢᠯᠡᠷᠡᠭᠦᠯᠦᠯᠠ ᠭᠡᠵᠦ ᠦᠵᠡᠳᠡᠭ᠃ ᠬᠡᠦᠬᠡᠳ᠎ᠤᠨ ᠰᠡᠳᠬᠢᠯ᠎ᠳᠤ ᠶᠠᠮᠠᠷ ᠨᠢᠭᠡᠨ ᠬᠡᠷᠡᠭ ᠤᠴᠢᠷ ᠪᠤᠶᠤ ᠴᠠᠭ᠋ᠠᠰᠢᠯᠠᠪᠠᠯ ᠨᠢᠭᠡ ᠦᠭᠡ ᠴᠦ᠍ 《ᠰᠡᠭᠦᠳᠡᠷ》 ᠦᠯᠡᠳᠡᠭᠡᠵᠦ ᠮᠡᠳᠡᠨ᠎ᠡ᠃ ᠭᠡᠷ᠎ᠤᠨ ᠠᠬᠠᠮᠠᠳ᠎ᠤᠨ ᠲᠤᠷ᠎ᠠ ᠦᠭᠡᠶ᠋ᠢᠴᠡᠬᠦᠳᠤᠪᠠᠨ ᠬᠡᠯᠡᠭᠰᠡᠨ ᠪᠠᠭᠰᠢ ᠵᠢᠨ ᠲᠤᠬᠠᠢ ᠨᠢᠭᠡᠨ ᠦᠨᠡᠯᠡᠯᠳᠡ ᠬᠡᠦᠬᠡᠳ᠎ᠤᠨ ᠴᠢᠨᠢ ᠪᠠᠭᠰᠢ ᠵᠢᠨ ᠵᠶ᠋ᠠᠨ ᠲᠤᠬᠠᠢ ᠰᠠᠭᠤᠭᠳᠠᠯ᠂ ᠣᠶ᠋ᠢᠯᠠᠭ᠋ᠠᠯᠳᠠ ᠵᠢ ᠨᠠᠵᠠᠭ᠋ᠠᠶ᠋ᠢᠷᠠᠭᠤᠯᠵᠤ᠂ ᠠ᠋ᠭᠦᠨ᠎ᠤ ᠤᠯᠠᠮ᠎ᠠᠴᠠ ᠪᠠᠭᠰᠢ᠎ᠳᠤ᠎ᠪᠠᠨ ᠲᠤᠷ᠎ᠠ ᠦᠭᠡᠶ᠋ᠢᠴᠡᠨ᠂ ᠪᠠᠭᠰᠢ ᠵᠢᠨ ᠵᠶ᠋ᠠᠨ ᠲᠠᠶ᠋ᠢᠯᠪᠤᠷᠢᠯᠠᠵᠦ ᠶᠠᠷᠢᠵᠦ ᠪᠠᠶ᠋ᠢᠭ᠎ᠠ ᠮᠡᠳᠡᠯᠭᠡ ᠮᠡᠳᠡᠴᠡ ᠵᠢ ᠠᠩᠬᠠᠷᠤᠨ ᠰᠣᠨᠤᠰᠬᠤ᠎ᠪᠠᠨ ᠪᠣᠯᠢᠵᠦ᠂ ᠬᠡᠦᠬᠡᠳ᠎ᠤᠨ ᠬᠢᠴᠢᠶᠡᠯ ᠰᠤᠷᠤᠯᠭ᠎ᠠ ᠵᠢ ᠨᠥᠯᠦᠭᠡᠯᠡᠵᠦ ᠮᠡᠳᠡᠨ᠎ᠠ᠃
5. 《ᠪᠠᠭᠰᠢ ᠡ᠂ ᠬᠦᠦ ᠮᠢᠨᠦ ᠦᠭᠡ᠎ᠪᠠᠷ ᠤᠷᠤᠬᠤ ᠦᠭᠡᠢ᠂ ᠲᠠ ᠨᠢᠭᠡ ᠰᠠᠶ᠋ᠢᠨ ᠬᠡᠯᠡᠭᠡᠳ ᠦᠭ!》 ᠭᠡᠵᠦ ᠬᠡᠦᠬᠡᠳ᠎ᠤᠨ ᠵᠶ᠋ᠠᠨ ᠲᠤᠬᠠᠢ ᠪᠠᠭᠰᠢ᠎ᠳᠤᠨᠢ ᠵᠠᠬᠢᠵᠦ ᠦᠩᠭᠡᠷᠡᠭᠰᠡᠨ ᠤᠤ?
ᠬᠡᠦᠬᠡᠳ᠎ᠲᠤ᠎ᠪᠠᠨ ᠠᠮᠢ ᠨᠠᠰᠤ ᠣᠯᠭᠤᠨ ᠦᠰᠭᠡᠵᠦ ᠭᠦᠮᠦᠵᠢᠭᠦᠯᠦᠭᠰᠡᠨ ᠠᠪᠤ ᠡᠵᠢ ᠵᠢᠨ ᠲᠠᠯᠠᠢ ᠠᠴᠢ ᠵᠢ ᠶᠠᠭᠤ᠎ᠪᠠᠷ ᠵᠦᠢ᠍ᠷᠯᠡᠯᠳᠡᠢ ᠪᠢᠯᠡ? ᠭᠡᠶ᠎ᠡ᠂ ᠠᠯᠳᠠᠨ ᠠᠮᠢ ᠵᠢ᠎ᠨᠢ ᠤᠯᠭᠤᠴᠢᠬᠠᠭ᠋ᠠᠳ᠂ ᠠᠷᠢᠭᠤᠨ ᠨᠠᠨᠳᠢᠨ ᠰᠤᠷᠭ᠋ᠠᠯ ᠵᠶ᠋ᠠᠨ ᠣᠮᠲᠤᠭ᠋ᠠᠶ᠋ᠢᠯᠠᠪᠠᠯ ᠠᠪᠤ ᠡᠵᠢ ᠪᠣᠯᠤᠭᠰᠠᠳ᠎ᠤᠨ ᠠᠯᠳᠠᠰᠢ ᠪᠣᠯᠬᠤ᠎ᠨᠢ ᠲᠡᠷᠡ ᠪᠢᠯᠡ ᠤᠤ! ᠠᠷᠪᠠᠭ᠋ᠠᠳ ᠨᠠᠰᠤᠲᠠᠢ ᠬᠡᠦᠬᠡᠳ ᠵᠶ᠋ᠠᠨ ᠰᠤᠷᠭ᠋ᠠᠵᠦ ᠬᠦᠮᠦᠵᠢᠭᠦᠯᠵᠦ ᠲᠡᠶ᠋ᠢᠯᠬᠦ ᠦᠭᠡᠢ ᠪᠣᠯᠴᠢᠬᠠᠪᠠᠯ ᠬᠡᠦᠬᠡᠳ ᠴᠢᠨᠢ ᠬᠤᠷᠢ ᠬᠦᠷᠬᠦ ᠦᠶᠡᠰ ᠬᠡᠷᠬᠢᠨ ᠰᠤᠷᠭ᠋ᠠᠯ᠎ᠲᠠᠢ ᠪᠢᠯᠡ?
《ᠨᠡᠶ᠋ᠢᠭᠡᠮ ᠠᠵᠢᠭᠯᠠᠯᠲᠠ》 ᠫᠷᠣᠭ᠌ᠷᠠᠮ᠎ᠳᠤ ᠨᠡᠪᠳᠡᠷᠡᠭᠦᠯᠦᠭᠳᠠᠵᠦ ᠪᠠᠶ᠋ᠢᠭᠰᠠᠨ ᠵᠢᠷᠭᠤᠭ᠋ᠠᠨ ᠬᠦᠦ ᠥᠰᠭᠡᠵᠦ ᠪᠣᠶ᠋ᠢᠵᠢᠭᠤᠯᠤᠭᠰᠠᠨ ᠶᠡᠷᠡ ᠭᠠᠷᠤᠭᠰᠠᠨ ᠨᠢᠭᠡᠨ ᠨᠠᠰᠤᠳᠠᠨ᠂ ᠬᠦᠦᠳᠤᠪᠠᠨ ᠱᠠᠯᠠ ᠵᠢᠨ ᠵᠦᠯᠭᠦᠭᠦᠷ᠎ᠤᠨ ᠠ᠋ᠰᠢ᠎ᠪᠠᠷ ᠴᠣᠬᠢᠭᠳᠠᠵᠦ ᠪᠠᠶ᠋ᠢᠭᠰᠠᠨ ᠦᠵᠡᠭᠳᠡᠯ᠎ᠨᠢ ᠬᠡᠦᠬᠡᠳ ᠵᠶ᠋ᠠᠨ ᠬᠦᠮᠦᠨ ᠪᠣᠯᠭ᠋ᠠᠨ ᠰᠤᠷᠭ᠋ᠠᠬᠤ ᠵᠢ ᠬᠢᠴᠢᠶᠡᠬᠦ ᠦᠭᠡᠢ ᠪᠠᠶ᠋ᠢᠭ᠎ᠠ ᠠᠪᠤ ᠡᠵᠢ᠎ᠳᠤ ᠰᠡᠷᠡᠮᠵᠢ ᠵᠢᠨ ᠲᠤᠬᠢᠶ᠎ᠠ ᠪᠣᠯᠬᠤ ᠪᠤᠰᠤ ᠤᠤ?
6. ᠬᠡᠦᠬᠡᠳ᠎ᠲᠤ᠎ᠪᠠᠨ ᠣᠯᠠᠨ ᠨᠡᠶ᠋ᠢᠳᠡ ᠵᠢᠨ ᠲᠠᠯᠠᠪᠤᠷ᠎ᠲᠤ ᠨᠠᠮ ᠵᠢᠮ ᠪᠠᠶ᠋ᠢᠬᠤ᠂ ᠬᠤᠭ ᠨᠤᠪᠰᠢ ᠵᠢ ᠠ᠋ᠷᠤᠢ ᠬᠤᠷᠤᠢ ᠦᠭᠡᠢ ᠬᠠᠶᠠᠭ᠍ᠤ ᠮᠠᠭᠤ ᠰᠤᠷᠲᠠᠯ᠎ᠢ ᠲᠡᠪᠴᠢᠬᠦ ᠲᠤᠬᠠᠢ ᠬᠦᠮᠦᠵᠢᠯ ᠬᠢᠵᠦ ᠥᠩᠭᠡᠷᠡᠭᠰᠡᠨ ᠤᠤ?
ᠬᠡᠦᠬᠡᠳ᠎ᠤᠨ ᠠ᠋ᠶ᠋ᠢᠮᠦᠷᠬᠦᠦ ᠤᠬᠠᠮᠰᠠᠷᠲᠤ ᠴᠢᠨᠡᠷ᠎ᠢ ᠬᠠᠷᠠᠭ᠍ᠠᠨ ᠪᠠᠭ᠎ᠠ᠎ᠠᠴᠠ᠎ᠨᠢ ᠬᠦᠮᠦᠵᠢᠭᠦᠯᠬᠦ᠎ᠨᠢ ᠬᠤᠵᠢᠮ᠎ᠤᠨ 《ᠪᠡᠴᠢᠨ ᠪᠠᠭᠰᠢ ᠡ᠊ᠨᠳᠡ ᠬᠦᠷᠳᠡᠯ᠎ᠠ ᠵᠣᠷᠴᠢᠪᠠᠢ》 ᠭᠡᠵᠦ ᠪᠢᠴᠢᠬᠦ ᠬᠦᠮᠦᠨ᠎ᠢ ᠬᠦᠮᠦᠵᠢᠭᠦᠯᠦᠨ ᠭᠠᠷᠭ᠋ᠠᠬᠤ᠎ᠠᠴᠠ ᠵᠠᠶ᠋ᠢᠯᠠᠰᠬᠢᠬᠦ ᠠᠩᠬᠠᠨ᠎ᠤ ᠠᠯᠬᠤᠮ ᠮᠥᠨ᠃
7. ᠬᠡᠦᠬᠡᠳ᠎ᠤᠨ ᠵᠶ᠋ᠠᠨ ᠬᠠᠵᠠᠭᠤ᠎ᠳᠤ ᠪᠤᠵᠠᠷ ᠪᠤᠯᠬᠢ ᠦᠭᠡ ᠶᠠᠷᠢᠳᠠᠭ ᠤᠤ?
ᠪᠢ ᠪᠠᠭ᠎ᠠ᠎ᠳᠤ᠎ᠪᠠᠨ ᠴᠤᠭᠤᠷ ᠨᠤᠭᠤᠭ᠎ᠠ ᠢᠳᠡᠬᠦ ᠲᠤᠷ᠎ᠠ ᠦᠭᠡᠢ ᠪᠠᠶ᠋ᠢᠭᠰᠠᠨ᠂ ᠬᠤᠵᠢᠮ᠎ᠨᠢ ᠠ᠋ᠨᠡ ᠨᠤᠭᠤᠭ᠎ᠠ ᠵᠢ ᠢᠳᠡᠬᠦ ᠲᠤᠷ᠎ᠠ ᠦᠭᠡᠢ ᠪᠤᠯᠤᠭᠰᠠᠨ ᠰᠢᠯᠳᠠᠭ᠋ᠠᠨ ᠵᠶ᠋ᠠᠨ ᠨᠢᠭᠳᠠᠯᠠᠭᠰᠠᠨ ᠴᠢᠨᠢ 《ᠡᠵᠢ ᠮᠢᠨᠢ ᠴᠤᠭᠤᠷ ᠨᠤᠭᠤᠭ᠎ᠠ ᠢᠳᠡᠳᠡᠭ ᠦᠭᠡᠢ》᠎ᠠᠴᠠ ᠪᠤᠯᠤᠭᠰᠠᠨ ᠪᠠᠶ᠋ᠢᠨ᠎ᠠ᠃ ᠠ᠋ᠨᠡ ᠪᠤᠯ ᠲᠠᠷᠤᠢ ᠲᠠᠭᠤᠷᠢᠶᠠᠯ᠎ᠤᠨ ᠬᠦᠴᠦᠨ ᠮᠥᠨ᠃ ᠣᠷᠴᠢᠮ᠎ᠤᠨ ᠠ᠋ᠳᠦᠷ ᠵᠢᠷᠭᠢᠬᠡᠳᠤ ᠭᠤᠷᠪᠠ ᠲᠦᠷᠪᠠᠨ ᠨᠠᠰᠤᠳᠡᠢ ᠪᠤᠯᠤᠯᠳᠠᠢ᠂ ᠨᠢᠭᠡᠨ ᠵᠢᠭ᠋ᠠᠯ ᠬᠦᠦ ᠵᠣᠳᠤᠭ ᠠ᠋ᠮᠦᠰᠴᠦ ᠠᠬ᠎ᠠ᠎ᠲᠠᠢ᠎ᠪᠠᠨ ᠪᠠᠷᠢᠯᠳᠤᠬᠤ᠎ᠪᠠᠷ ᠣᠪᠤᠷᠵᠢᠭᠤᠨ ᠲᠦᠷᠬᠦ ᠭᠠᠷᠭ᠋ᠠᠵᠦ ᠪᠠᠶ᠋ᠢᠭᠰᠠᠨ ᠲᠦᠷᠰᠦ ᠪᠢᠴᠢᠯᠭᠡ ᠲᠠᠮᠵᠢᠭᠳᠠᠵᠤ ᠪᠠᠶ᠋ᠢᠭᠰᠠᠨ᠂ ᠠ᠋ᠨᠡ ᠵᠢᠭ᠋ᠠᠯ ᠬᠦᠦ ᠵᠢᠨ ᠭᠡᠷ᠎ᠤᠨ ᠠᠬᠠᠮᠠᠳ᠎ᠨᠢ ᠪᠦᠬᠡ ᠵᠢᠨ ᠪᠠᠭ᠍ᠠᠳᠠᠨ ᠪᠤᠶᠤ ᠠ᠋ᠰᠡᠭᠦᠯᠠ ᠪᠦᠬᠡᠴᠢᠨ ᠪᠣᠯᠬᠤ᠎ᠨᠢ ᠭᠠᠷᠴᠠᠭ᠎ᠠ ᠦᠭᠡᠢ᠃ ᠬᠠᠷ᠎ᠠ ᠪᠠᠭ᠎ᠠ᠎ᠠᠴᠠ᠎ᠪᠠᠨ ᠦᠵᠡᠵᠦ ᠬᠠᠷᠠᠵᠦ ᠨᠥᠯᠦᠭᠡᠯᠡᠭᠳᠡᠭᠰᠡᠨ ᠦᠭᠡᠢ ᠪᠤᠯ ᠪᠦᠬᠡᠴᠢᠨ ᠬᠦᠮᠦᠨ᠎ᠤ ᠲᠡᠶ᠋ᠢᠮᠦ ᠤᠪᠣᠷᠢ ᠭᠠᠷᠭ᠋ᠠᠵᠦ ᠴᠦ᠍ ᠴᠢᠳᠠᠭ᠍ᠤ ᠦᠭᠡᠢ᠎ᠨᠢ ᠮᠡᠳᠡᠭᠡᠵᠢ᠃ ᠠ᠋ᠷᠳᠡᠨᠠᠴᠠ ᠠᠭᠰᠠᠨ 《ᠰᠤᠷᠪᠤᠯᠵᠢ᠎ᠳᠤ ᠪᠢᠴᠢᠭ᠎ᠤᠨ ᠭᠡᠷ》 ᠴᠢᠨᠢ ᠴᠦ᠍ ᠠ᠋ᠶ᠋ᠢᠮᠦᠷᠬᠦᠦ ᠨᠥᠯᠦᠭᠡ᠂ ᠰᠤᠷᠭ᠋ᠠᠯ ᠬᠦᠮᠦᠵᠢᠯ᠎ᠠᠴᠠ ᠯᠡ ᠤᠯᠠᠮᠵᠢᠯᠠᠭᠳᠠᠵᠤ ᠵᠠᠯᠭ᠋ᠠᠮᠵᠢᠯᠠᠭᠳᠠᠭᠰᠠᠨ ᠪᠠᠶ᠋ᠢᠬᠤ ᠡ!
ᠠ᠋ᠶ᠋ᠢᠮᠦ᠎ᠠᠴᠠ ᠭᠡᠷ᠎ᠤᠨ ᠠᠬᠠᠮᠠᠳ᠎ᠤᠨ ᠪᠤᠵᠠᠷ ᠪᠤᠯᠬᠢ ᠦᠭᠡ ᠶᠠᠷᠢᠬᠤ᠎ᠨᠢ ᠬᠡᠦᠬᠡᠳ ᠵᠶ᠋ᠠᠨ ᠨᠥᠯᠦᠭᠡᠯᠡᠵᠦ᠂ ᠬᠡᠦᠬᠡᠳ᠎ᠨᠢ ᠪᠤᠵᠠᠷ ᠪᠤᠯᠬᠢ ᠦᠭᠡ ᠶᠠᠷᠢᠬᠤ ᠪᠤᠯᠤᠨ᠎ᠠ᠃ ᠬᠡᠦᠬᠡᠳ ᠴᠢᠨᠢ ᠪᠤᠵᠠᠷ ᠪᠤᠯᠬᠢ ᠦᠭᠡ ᠶᠠᠷᠢᠨ ᠨᠥᠬᠦᠳ᠎ᠤᠨ ᠵᠶ᠋ᠠᠨ ᠲᠤᠷ᠎ᠠ ᠦᠭᠡᠶ᠋ᠢᠴᠡᠯᠢ ᠲᠡᠭᠳᠡᠭᠡᠨᠡ᠃ ᠠ᠋ᠭᠦᠨ᠎ᠤ ᠤᠯᠠᠮ᠎ᠠᠴᠠ ᠵᠢᠭᠰᠢᠵᠦ ᠭᠠᠳᠠᠭᠤᠷᠰᠢᠶᠠᠬᠳᠠᠬᠤ ᠪᠤᠯᠵᠤ ᠁ ᠬᠡᠦᠬᠡᠳ᠎ᠲᠤ ᠴᠢᠨᠢ ᠨᠠᠵᠠᠭ᠋ᠠᠢ ᠠᠮᠢᠳᠤᠷᠠᠭ᠍ᠤᠢ ᠵᠢᠨ ᠦᠵᠡᠯᠳᠡ ᠵᠢ ᠪᠤᠢ ᠪᠤᠯᠭ᠋ᠠᠵᠦ ᠁ ᠠᠮᠢᠳᠤᠷᠠᠯ᠎ᠤᠨ ᠤᠷᠴᠢᠨ᠎ᠤ ᠠ᠋ᠷᠡᠭᠦᠯ ᠪᠤᠰᠤ ᠠᠭᠤᠷ ᠠᠮᠢᠰᠬᠤᠯ᠎ᠢ ᠪᠦᠷᠢᠯᠳᠤᠭᠦᠯᠦᠨ᠎ᠠ᠃
8. 《ᠠ᠋ᠨᠡ ᠬᠦᠦ ᠲᠠᠰᠬᠠᠯ ᠬᠢᠬᠦ᠎ᠠᠴᠠ᠎ᠪᠠᠨ ᠵᠠᠯᠬᠠᠭᠤᠷᠠᠭ᠋ᠠᠳ ᠡ ᠁》 ᠭᠡᠵᠦ ᠬᠡᠦᠬᠡᠳ᠎ᠤᠨ ᠵᠶ᠋ᠠᠨ ᠬᠠᠵᠠᠭᠤ᠎ᠳᠤ ᠶᠠᠷᠢᠵᠦ ᠥᠩᠭᠡᠷᠡᠪᠠ ᠤᠤ?
ᠣᠳᠤ ᠦᠶ᠎ᠠ ᠵᠢᠨ ᠰᠤᠷᠭ᠋ᠠᠨ ᠬᠦᠮᠦᠵᠢᠯ᠎ᠤᠨ ᠤᠬᠠᠭ᠋ᠠᠨᠳᠠᠳ᠎ᠠᠴᠠ 《ᠬᠡᠦᠬᠡᠳ ᠵᠶ᠋ᠠᠨ ᠢᠯᠡᠭᠦᠬᠡᠨ ᠮᠠᠭᠳᠠᠵᠦ ᠪᠠᠶ᠋ᠢᠭ᠋ᠠᠷᠠᠢ》 ᠬᠡᠮᠡᠨ ᠭᠡᠷ᠎ᠤᠨ ᠠᠬᠠᠮᠠᠳ᠂ ᠪᠠᠭᠰᠢ ᠨᠠᠷ᠎ᠲᠤ ᠰᠠᠨᠠᠭᠤᠯᠵᠦ ᠪᠠᠶ᠋ᠢᠳᠠᠭ᠃ ᠵᠠᠷᠢᠮ ᠬᠦᠮᠦᠨ ᠠ᠋ᠨᠡ ᠬᠦ᠌ ᠰᠠᠨᠠᠭᠤᠯᠭ᠎ᠠ ᠵᠢᠨ ᠲᠣᠳᠤᠭ᠋ᠠᠳᠤ ᠮᠥᠨ ᠴᠢᠨᠠᠷ᠎ᠢ ᠤᠬᠠᠯ ᠦᠭᠡᠢ᠎ᠪᠠᠷ ᠬᠡᠢ ᠬᠤᠭᠤᠰᠤᠨ ᠵᠶ᠋ᠠᠷ ᠬᠡᠦᠬᠡᠳ ᠵᠶ᠋ᠠᠨ ᠮᠠᠭᠳᠠᠨ ᠠ᠋ᠷᠭᠦᠭᠰᠡᠨ ᠵᠶ᠋ᠠᠷ ᠲᠡᠷᠡ ᠬᠡᠦᠬᠡᠳ᠎ᠨᠢ ᠬᠡᠳᠦ ᠬᠦᠪᠰᠦᠭᠡᠷ ᠬᠠᠭᠤᠳᠠᠮᠴᠢ ᠵᠠᠩ᠎ᠲᠠᠢ ᠪᠤᠯᠵᠤ ᠤᠷᠬᠢᠳᠠᠭ᠃ ᠦᠨᠡᠨ᠎ᠢ ᠬᠡᠯᠡᠬᠦ᠎ᠳᠤ ᠠ᠋ᠨᠡ ᠬᠦ᠌ 《ᠮᠠᠭᠳᠠᠭ᠋ᠠᠯ》 ᠬᠡᠬᠦ ᠦᠭᠡ᠎ᠨᠢ ᠬᠡᠦᠬᠡᠳ᠎ᠲᠤ᠎ᠪᠠᠨ ᠢᠳᠡᠪᠬᠢ ᠰᠤᠷᠠᠭ ᠲᠤᠬᠢᠶ᠎ᠠ ᠲᠠᠮᠵᠢᠭᠤᠯᠵᠦ᠂ ᠲᠡᠳᠡᠨ᠎ᠳᠤ ᠤᠷᠮ᠎ᠠ ᠬᠠᠶ᠋ᠢᠷᠠᠯᠠᠵᠦ᠂ ᠳᠡᠳᠡᠨ᠎ᠤ ᠢᠳᠡᠪᠬᠢᠵᠢᠯ᠎ᠢ ᠪᠠᠳᠠᠷᠠᠭᠤᠯᠵᠦ ᠪᠠᠶ᠋ᠢᠭ᠋ᠠᠴᠢ ᠭᠡᠰᠡᠨ ᠰᠠᠨᠠᠭ᠎ᠠ ᠪᠢᠯᠡ᠃
ᠲᠡᠭᠡᠬᠦ᠎ᠳᠤ ᠭᠡᠷ᠎ᠤᠨ ᠠᠬᠠᠮᠠᠳ᠎ᠤᠨ ᠶᠠᠷᠢᠭᠰᠠᠨ᠂ 《ᠠ᠋ᠨᠡ ᠬᠦᠦ ᠲᠠᠰᠬᠠᠯ ᠬᠢᠬᠦ᠎ᠠᠴᠠ᠎ᠪᠠᠨ ᠵᠠᠯᠬᠠᠭᠤᠷᠠᠭ᠋ᠠᠳ ᠡ ᠁》 ᠭᠡᠬᠦ ᠦᠭᠡ ᠴᠢᠨᠢ ᠬᠡᠦᠬᠡᠳ᠎ᠲᠤ 《ᠪᠢ ᠲᠠᠰᠬᠠᠯ ᠬᠢᠬᠦ᠎ᠠᠴᠠ ᠵᠠᠯᠬᠠᠭᠤᠷᠠᠨᠠ》 ᠬᠡᠬᠦ ᠲᠠᠯᠳᠠ ᠰᠤᠷᠠᠭ ᠲᠤᠬᠢᠶ᠎ᠠ ᠵᠢ ᠬᠠᠩᠭ᠋ᠠᠵᠦ᠂ ᠠ᠋ᠭᠦᠨ᠎ᠤ ᠤᠯᠠᠮ᠎ᠠᠴᠠ ᠲᠠᠰᠬᠠᠯ ᠵᠶ᠋ᠠᠨ ᠨᠠᠩ ᠬᠢᠬᠦ ᠲᠤᠷ᠎ᠠ ᠦᠭᠡᠢ ᠪᠤᠯᠤᠨ᠎ᠠ᠃ ᠬᠠᠷᠢᠨ ᠠ᠋ᠬᠦᠨ᠎ᠤ ᠠ᠋ᠰᠡᠷᠭᠦ᠎ᠪᠠᠷ 《ᠮᠢᠨᠦ ᠬᠦᠦ ᠲᠠᠰᠬᠠᠯ ᠵᠶ᠋ᠠᠨ ᠲᠤᠩ ᠢᠳᠡᠪᠬᠢᠳᠡᠢ ᠪᠡᠶᠡᠯᠡᠬᠦᠯᠬᠦ ᠪᠤᠯᠤᠭᠰᠠᠨ》 《ᠵᠠᠯᠬᠠᠭᠤᠷᠠᠭ᠍ᠤᠪᠠᠨ ᠪᠠᠶ᠋ᠢᠭᠰᠠᠨ》 ᠭᠡᠵᠦ ᠬᠡᠯᠡᠪᠠᠯ ᠬᠡᠦᠬᠡᠳ᠎ᠲᠤ ᠴᠢᠨᠢ ᠨᠢᠭᠡ ᠶᠤᠰᠤᠨ᠎ᠤ ᠢᠳᠡᠪᠬᠢ ᠰᠤᠷᠠᠭ ᠵᠠᠩᠬᠢ ᠪᠤᠯᠵᠦ᠂ ᠬᠡᠦᠬᠡᠳ ᠴᠦ᠍ ᠵᠠᠯᠬᠠᠭᠤᠷᠠᠵᠦ ᠬᠤᠶ᠋ᠢᠷᠭᠤᠰᠢᠬᠤᠪᠠᠨ ᠪᠤᠯᠢᠨ᠎ᠠ᠃
ᠠ᠋ᠶ᠋ᠢᠮᠦ᠎ᠠᠴᠠ ᠭᠡᠷ᠎ᠤᠨ ᠠᠬᠠᠮᠠᠳ ᠪᠣᠯᠤᠭᠰᠠᠳ ᠥᠪᠡᠷ᠎ᠤᠨ ᠦᠷ᠎ᠡ ᠬᠡᠦᠬᠡᠳ ᠵᠶ᠋ᠠᠨ ᠨᠡᠩ ᠥᠩᠭᠡ᠎ᠲᠠᠢ᠂ ᠥᠭᠡᠳᠡ᠎ᠲᠠᠢ ᠶᠠᠪᠤᠭᠤᠯᠤᠶ᠎ᠠ ᠬᠡᠪᠡᠯ ᠬᠡᠦᠬᠡᠳ᠎ᠲᠤ᠎ᠪᠠᠨ ᠨᠢᠯᠬ᠎ᠠ ᠪᠠᠭ᠎ᠠ᠎ᠠᠴᠠ᠎ᠨᠢ ᠵᠥᠪ ᠰᠠᠶ᠋ᠢᠬᠠᠨ ᠬᠦᠮᠦᠵᠢᠯ ᠬᠢᠵᠦ᠂ ᠥᠪᠡᠷ᠎ᠤᠨ ᠴᠢᠨᠢ ᠦᠭᠡ ᠶᠠᠷᠢᠶ᠎ᠠ᠂ ᠦᠢ᠍ᠯᠡ ᠠᠵᠢᠯᠯᠠᠭ᠎ᠠ᠂ ᠤᠪᠤᠷ ᠪᠠᠶ᠋ᠢᠳᠠᠯ ᠴᠢᠨᠢ ᠲᠡᠷᠭᠡᠳᠡ ᠴᠢᠨᠢ ᠪᠠᠶ᠋ᠢᠭ᠎ᠠ ᠦᠷ᠎ᠡ ᠬᠡᠦᠬᠡᠳ᠎ᠤᠨ ᠴᠢᠨᠢ ᠲᠠᠭᠤᠷᠢᠶᠠᠯ ᠪᠤᠯᠤᠨ᠎ᠠ ᠭᠡᠳᠡᠭ᠎ᠢ ᠴᠠᠭ ᠢᠮᠠᠭᠳᠠ ᠠᠩᠬᠠᠷᠬᠤ ᠴᠢᠬᠤᠯᠠᠲᠠᠢ᠃
ᠠᠰᠠᠭᠤᠳᠠᠯ ᠬᠤᠶᠠᠷ᠂ ᠨᠡᠶ᠋ᠢᠬᠡᠮ ᠤᠷᠴᠢᠨ᠎ᠤ ᠰᠤᠷᠭ᠋ᠠᠨ ᠬᠦᠮᠦᠵᠢᠯ
ᠨᠢᠭᠡ ᠬᠦᠮᠦᠨ᠎ᠤ ᠦᠰᠴᠦ ᠲᠦᠷᠦᠭᠰᠡᠨ ᠣᠷᠴᠢᠨ᠂ ᠨᠠᠶ᠋ᠢᠵᠠ ᠵᠢᠨ ᠲᠣᠭᠤᠷᠢᠭ᠂ ᠨᠡᠶ᠋ᠢᠭᠡᠮ᠎ᠤᠨ ᠬᠠᠷᠢᠯᠴᠠᠭ᠎ᠠ ᠶᠠᠪᠤᠯᠴᠠᠭ᠎ᠠ ᠵᠢᠴᠢ ᠠᠮᠢᠳᠤᠷᠠᠯ᠎ᠤᠨ ᠲᠤᠮᠳᠠᠬᠢ ᠤᠴᠠᠷᠠᠯ ᠲᠣᠬᠢᠶᠠᠯᠳᠤᠯ᠎ᠨᠢ ᠬᠦᠮᠦᠨ᠎ᠤ ᠵᠠᠩ ᠠᠷᠠᠨᠰᠢᠨ᠂ ᠠᠮᠢᠳᠤᠷᠠᠭ᠍ᠤᠢ ᠵᠢᠨ ᠦᠵᠡᠯᠳᠡ ᠵᠢᠨ ᠪᠦᠷᠢᠯᠳᠦᠯ ᠬᠢᠭᠡᠳ ᠲᠤᠷ᠎ᠠ ᠰᠣᠨᠢᠷᠬᠠᠯ ᠵᠡᠷᠭᠡ᠎ᠳᠤ ᠵᠤᠬᠢᠬᠤ ᠨᠥᠯᠦᠭᠡ ᠪᠤᠯᠳᠠᠭ᠃ ᠶᠠᠭ᠋ᠠᠬᠢᠭ᠋ᠠᠳ ᠬᠤᠷᠴᠢᠨ ᠨᠤᠳᠤᠭ᠎ᠤᠨ ᠬᠦᠮᠦᠰ ᠠᠷᠠᠳ᠎ᠤᠨ ᠲᠠᠭᠤᠤ᠂ ᠬᠤᠭᠤᠷ᠎ᠤᠨ ᠦᠯᠢᠭᠡᠷ᠎ᠲᠤ ᠣᠨᠴᠠᠭ᠋ᠠᠢ ᠠᠪᠢᠶᠠᠰᠯᠢᠭ ᠪᠠᠶ᠋ᠢᠳᠠᠭ ᠪᠤᠢ? ᠠ᠋ᠨᠡ᠎ᠨᠢ ᠲᠠᠷᠤᠢ ᠥᠰᠴᠦ ᠲᠦᠷᠦᠭᠰᠡᠨ ᠨᠡᠶ᠋ᠢᠭᠡᠮ ᠣᠷᠴᠢᠨ᠎ᠤ ᠨᠥᠯᠦᠭᠡ᠂ ᠰᠤᠶᠤᠯ᠎ᠤᠨ ᠠᠭᠤᠷ ᠠᠮᠢᠰᠬᠤᠯ᠎ᠠᠴᠠ ᠪᠤᠯᠤᠭᠰᠠᠨ᠎ᠨᠢ ᠭᠠᠷᠴᠠᠭ᠎ᠠ ᠦᠭᠡᠢ᠃
《ᠤᠲᠠᠢ ᠤᠶ᠋ᠢᠷᠠᠳᠪᠠᠯ ᠴᠠᠶ᠋ᠢᠷᠠᠨᠠ᠂ ᠬᠦ᠋ᠲᠠᠢ ᠤᠶ᠋ᠢᠷᠠᠳᠪᠠᠯ ᠬᠠᠷᠠᠯᠠᠨ᠎ᠠ》 ᠭᠡᠭᠴᠢ᠎ᠪᠠᠷ 《ᠮᠸᠩᠽᠢ ᠵᠢᠨ ᠠ᠋ᠬᠡ ᠵᠢᠨ ᠭᠤᠷᠪᠠᠨᠳᠠ ᠨᠡᠭᠦᠭᠰᠡᠨ ᠦᠯᠢᠭᠡᠷ》᠎ᠨᠢ ᠨᠡᠶ᠋ᠢᠭᠡᠮ ᠤᠷᠴᠢᠨ᠎ᠤ ᠬᠦᠮᠦᠨ᠎ᠳᠤ ᠦᠵᠡᠬᠦᠯᠬᠦ ᠨᠥᠯᠦᠭᠡ ᠵᠢᠨ ᠪᠣᠳᠠᠳᠤ ᠲᠤᠰᠬᠠᠯ ᠪᠤᠯᠬᠤ ᠪᠢᠰᠢ ᠤᠤ?
ᠲᠤᠮᠳᠠᠳᠤ ᠪᠠᠭ᠎ᠠ ᠰᠤᠷᠭ᠋ᠠᠭᠤᠯᠢ ᠵᠢᠨ ᠰᠤᠷᠤᠭᠴᠢᠳ ᠪᠤᠯ ᠨᠠᠰᠤ ᠪᠠᠭ᠎ᠠ ᠴᠢᠰᠦ ᠰᠢᠩᠬᠡᠨ᠂ ᠵᠥᠪ ᠪᠤᠷᠤᠭᠤ ᠵᠢᠨ ᠲᠤᠬᠠᠢ ᠮᠠᠭ᠋ᠠᠳᠯᠠᠭ᠍ᠤ ᠴᠢᠳᠠᠪᠤᠷᠢ ᠳᠤᠯᠢᠮᠠᠭ ᠪᠠᠶ᠋ᠢᠳᠠᠭ᠎ᠠᠴᠠ ᠥᠩᠭᠡᠪᠴᠢ ᠵᠦᠢ᠍ᠯ᠎ᠳᠤ ᠠᠮᠠᠷᠬᠠᠨ ᠬᠠᠭᠤᠷᠳᠠᠵᠤ᠂ ᠰᠤᠬᠤᠷ ᠪᠠᠯᠠᠢ᠎ᠪᠠᠷ ᠪᠢᠰᠢᠷᠡᠨ᠂ ᠳᠡᠳᠡᠨ ᠵᠶ᠋ᠠᠷ ᠲᠠᠭᠤᠷᠢᠶᠠᠯ ᠪᠤᠯᠭ᠋ᠠᠳᠠᠬ ᠪᠠᠶ᠋ᠢᠨ᠎ᠠ᠃ ᠠ᠋ᠨᠡ ᠪᠤᠯ ᠲᠠᠷᠤᠢ ᠨᠡᠶ᠋ᠢᠭᠡᠮ᠎ᠤᠨ ᠰᠤᠷᠭ᠋ᠠᠨ ᠬᠦᠮᠦᠵᠢᠯ᠎ᠠᠴᠠ ᠬᠡᠦᠭᠡᠳ ᠪᠠᠭ᠋ᠠᠴᠤᠳ᠎ᠲᠤ ᠦᠵᠡᠭᠦᠯᠦᠭᠰᠡᠨ ᠨᠠᠵᠠᠭ᠋ᠠᠢ ᠨᠥᠯᠦᠭᠡ ᠪᠤᠯᠤᠨ᠎ᠠ᠃
ᠲᠡᠭᠡᠪᠡᠯ ᠨᠡᠶ᠋ᠢᠭᠡᠮ᠎ᠤᠨ ᠰᠤᠷᠭ᠋ᠠᠨ ᠬᠦᠮᠦᠵᠢᠯ ᠴᠣᠬᠤᠮ ᠶᠠᠮᠠᠷ ᠪᠠᠶ᠋ᠢᠪᠠᠯ ᠵᠤᠬᠢᠬᠤ ᠪᠤᠢ? ᠺᠤᠷᠢᠶᠠ ᠵᠢᠨ ᠲᠧᠯᠸᠢᠰ ᠵᠦᠴᠦᠭᠡ ᠵᠢ ᠣᠯᠠᠨᠳᠠ ᠰᠣᠨᠢᠷᠬᠠᠳᠠᠭ ᠬᠦᠮᠦᠨ ᠲᠡᠳᠡᠭᠡᠷ ᠵᠦᠴᠦᠭᠡ ᠵᠢᠨ ᠤᠬᠠᠭᠤᠯᠬᠤ ᠴᠢᠨᠠᠷ ᠬᠢᠭᠡᠳ ᠰᠤᠷᠭ᠋ᠠᠨ ᠬᠦᠮᠦᠵᠢᠭᠦᠯᠬᠦ ᠴᠢᠨᠠᠷ᠎ᠢ ᠭᠠᠶ᠋ᠢᠬᠠᠬᠤ ᠤᠴᠢᠷᠳᠠᠢ᠃ ᠠᠳᠡ ᠵᠦᠴᠦᠭᠡ ᠵᠢᠨ ᠬᠡᠰᠡᠭ ᠦᠵᠡᠭᠳᠡᠯ᠎ᠢ ᠴᠤᠬᠤᠰ ᠲᠤᠷᠠᠳᠪᠠᠯ᠄ ᠠᠮᠢᠳᠤᠷᠠᠯ᠎ᠤᠨ ᠶᠠᠳᠠᠭᠤ ᠬᠦᠴᠢᠷᠳᠡᠯ᠎ᠳᠤ ᠲᠤᠯᠭ᠋ᠠᠮᠳᠠᠭᠰᠠᠨ ᠨᠢᠭᠡ ᠡᠵᠢ᠂ ᠪᠠᠭ᠎ᠠ ᠰᠤᠷᠭ᠋ᠠᠭᠤᠯᠢ ᠵᠢᠨ ᠲᠠᠮᠢᠷ᠎ᠤᠨ ᠬᠦᠳᠡᠯᠭᠡᠭᠡᠨ᠎ᠳᠤ ᠤᠷᠤᠯᠴᠠᠭ᠍ᠤ ᠭᠡᠵᠦ ᠪᠠᠶ᠋ᠢᠭ᠎ᠠ ᠬᠦᠦᠳᠤᠪᠠᠨ ᠱᠠᠭ᠍ᠠᠢ ᠠᠪᠴᠦ ᠥᠭᠬᠦ ᠵᠤᠭᠤᠰ ᠦᠭᠡᠢ ᠭᠠᠴᠢᠭᠳᠠᠭ᠍ᠤᠳᠤᠪᠠᠨ ᠴᠢᠯᠦᠭᠡᠳᠦ ᠲᠡᠯᠭᠡᠭᠦᠷ᠎ᠠᠴᠠ ᠱᠠᠭ᠍ᠠᠢ ᠬᠤᠯᠠᠭ᠋ᠠᠶ᠋ᠢᠯᠠᠭ᠋ᠠᠳ ᠪᠠᠷᠢᠭᠳᠠᠭᠰᠠᠨ ᠪᠠᠶ᠋ᠢᠨ᠎ᠠ᠃ ᠲᠡᠭᠡᠬᠦ᠎ᠳᠤ ᠲᠡᠯᠭᠡᠭᠦᠷ᠎ᠤᠨ ᠦᠢ᠍ᠯᠡᠴᠢᠯᠡᠭᠴᠢ ᠶᠡᠬᠡᠳᠡ ᠠᠭᠤᠷᠯᠠᠵᠦ᠂ ᠲᠡᠷᠡ ᠬᠦᠭᠡᠷᠦᠬᠦᠢ ᠠ᠋ᠮᠡᠭᠳᠡᠢ ᠵᠢ ᠬᠤᠷᠤᠭᠤ᠎ᠪᠠᠷ ᠵᠢᠭ᠋ᠠᠨ ᠬᠠᠷᠢᠶᠠᠭ᠍ᠤ ᠵᠢ ᠵᠠᠪᠳᠤᠳᠠᠯ᠎ᠠ ᠤᠴᠢᠷ᠎ᠢ ᠣᠶ᠋ᠢᠯᠠᠭ᠋ᠠᠭᠰᠠᠨ ᠲᠡᠯᠭᠡᠭᠦᠷ᠎ᠤᠨ ᠲᠠᠭ᠋ᠠᠭ᠋ᠠᠮᠠᠯ ᠠ᠋ᠶᠡᠯᠳᠡᠭ ᠵᠶ᠋ᠠᠷ ᠢᠨᠢᠶᠡᠮᠰᠦᠭᠯᠡᠨ᠄ 《ᠮᠠᠨ᠎ᠤ ᠳᠡᠯᠭᠡᠭᠦᠷ᠎ᠨᠢ ᠥᠨᠦᠳᠦᠷ ᠶᠠᠭ ᠰᠠᠶᠢᠬᠠᠨ 〈ᠠᠵᠠᠳᠡᠢ ᠬᠤᠳᠠᠯᠳᠤᠨ ᠠᠪᠤᠭᠴᠢ〉 ᠰᠤᠩᠭᠤᠬᠤ ᠬᠦᠳᠡᠯᠭᠡᠭᠡᠨ ᠦᠷᠨᠢᠭᠦᠯᠵᠦ ᠪᠠᠶ᠋ᠢᠨ᠎ᠠ᠃ ᠲᠠ ᠪᠤᠯ ᠥᠨᠦᠳᠦᠷ᠎ᠤᠨ ᠳᠠᠪᠢ᠎ᠳᠠᠬᠢ 〈ᠠᠵᠠ᠎ᠲᠠᠢ ᠬᠤᠳᠠᠯᠳᠤᠨ ᠠᠪᠤᠭᠴᠢ〉 ᠮᠥᠨ》 ᠭᠡᠳ ᠪᠢᠴᠢᠬᠠᠨ ᠬᠦᠦ᠎ᠳᠤᠨᠢ ᠨᠢᠭᠡ ᠬᠤᠤᠰ ᠲᠠᠮᠢᠷ᠎ᠤᠨ ᠱᠠᠭ᠍ᠠᠢ ᠪᠡᠯᠡᠭᠯᠡᠭᠰᠡᠨ ᠪᠠᠶ᠋ᠢᠨ᠎ᠠ᠃ ᠠ᠋ᠨᠡ ᠪᠤᠯ ᠰᠠᠶᠢ ᠵᠢᠩᠬᠢᠨᠢ ᠨᠡᠶ᠋ᠢᠭᠡᠮ ᠣᠷᠴᠢᠨ᠎ᠤ ᠰᠤᠷᠭ᠋ᠠᠨ ᠬᠦᠮᠦᠵᠢᠯ ᠮᠥᠨ᠃ ᠳᠡᠯᠭᠡᠭᠦᠷ᠎ᠤᠨ ᠲᠠᠭ᠋ᠠᠭ᠋ᠠᠮᠠᠯ᠎ᠤᠨ ᠠ᠋ᠨᠡ ᠬᠦ᠌ ᠦᠢ᠍ᠯᠡ ᠠᠵᠢᠯᠯᠠᠭ᠎ᠠ᠎ᠨᠢ ᠦᠷ᠎ᠡ ᠬᠤᠶ᠋ᠢᠴᠢ᠎ᠪᠠᠨ ᠠ᠋ᠷᠡᠭᠦᠯ ᠰᠠᠷᠠᠭᠤᠯ ᠤᠬᠠᠭ᠋ᠠᠨ᠎ᠲᠠᠢ᠂ ᠨᠡᠶ᠋ᠢᠬᠡᠮ᠎ᠤᠨ ᠬᠠᠯᠠᠭᠤᠨ ᠲᠤᠯᠠᠭ᠋ᠠᠨ᠎ᠢ ᠵᠢᠷᠦᠬᠡ᠎ᠪᠠᠷ ᠵᠶ᠋ᠠᠨ ᠮᠡᠳᠡᠷᠡᠵᠦ ᠲᠡᠶ᠋ᠢᠯᠦᠭᠰᠡᠨ᠂ ᠰᠡᠳᠬᠢᠯ᠎ᠳᠤ᠎ᠪᠠᠨ ᠰᠡᠪ ᠦᠭᠡᠢ᠂ ᠵᠥᠪ ᠰᠡᠳᠬᠢᠴᠡ᠎ᠲᠠᠢ ᠬᠦᠮᠦᠨ ᠪᠤᠯᠭ᠋ᠠᠨ ᠬᠦᠮᠦᠵᠢᠭᠦᠯᠬᠦ ᠬᠠᠮᠤᠭ᠎ᠤᠨ ᠨᠠᠨᠳᠢᠨ ᠬᠢᠴᠢᠶᠡᠯ ᠪᠤᠯᠬᠤ ᠶᠤᠰᠤᠳᠠᠢ᠃ ᠠ᠋ᠰᠡ ᠲᠡᠶ᠋ᠢᠮᠦ ᠪᠤᠯ 《ᠬᠤᠯᠠᠭ᠋ᠠᠶ᠋ᠢᠴᠢ》 ᠭᠡᠳ ᠬᠠᠷᠢᠶᠠᠭᠳᠠᠴᠢᠬᠠᠭᠰᠠᠨ ᠡᠵᠢ᠎ᠨᠢ ᠬᠦᠦ ᠵᠢᠨ ᠰᠡᠳᠬᠢᠯ᠎ᠳᠤ ᠶᠠᠮᠠᠷ ᠪᠠᠶ᠋ᠢᠷᠢ ᠰᠠᠭᠤᠷᠢ᠎ᠲᠠᠢ ᠪᠠᠶ᠋ᠢᠵᠦ᠂ ᠬᠦᠦ᠎ᠪᠠᠨ ᠬᠡᠷᠬᠢᠨ ᠵᠥᠪ ᠰᠠᠶ᠋ᠢᠬᠠᠨ ᠬᠦᠮᠦᠵᠢᠭᠦᠯᠵᠦ ᠳᠡᠶ᠋ᠢᠯᠬᠦ ᠪᠢᠯᠡ?
ᠠ᠋ᠶ᠋ᠢᠮᠦ᠎ᠠᠴᠠ ᠨᠡᠶ᠋ᠢᠭᠡᠮ᠎ᠤᠨ ᠭᠡᠰᠢᠬᠦᠨ ᠨᠢᠭᠡ ᠪᠦᠷᠢ ᠵᠠᠪᠠᠯ ᠤᠯᠤᠰ ᠦᠨᠳᠦᠰᠦᠲᠡᠨ᠎ᠳᠤ᠎ᠪᠠᠨ ᠬᠠᠷᠢᠭᠤᠴᠠᠭ᠍ᠤ ᠤᠪᠤᠷ ᠵᠶ᠋ᠠᠷ ᠦᠨᠳᠦᠰᠦᠲᠡᠨ᠎ᠤ ᠦᠷ᠎ᠡ ᠬᠤᠶ᠋ᠢᠴᠢᠰ᠎ᠲᠤ᠎ᠪᠠᠨ ᠵᠥᠪ ᠶᠣᠰᠤᠨ᠎ᠤ ᠲᠠᠭ᠋ᠠᠭᠤᠯᠤᠭᠴᠢ ᠪᠤᠯᠬᠤ᠎ᠪᠠᠷ ᠪᠡᠶ᠎ᠡ᠎ᠪᠠᠨ ᠱᠠᠭ᠋ᠠᠷᠳᠠᠭ᠍ᠤ ᠶᠤᠰᠤᠲᠡᠢ᠃
ᠠᠰᠠᠭᠤᠳᠠᠯ ᠭᠤᠷᠪᠠ᠂ ᠰᠤᠷᠭ᠋ᠠᠭᠤᠯᠢ ᠵᠢᠨ ᠰᠤᠷᠭ᠋ᠠᠨ ᠬᠦᠮᠦᠵᠢᠯ
ᠰᠤᠷᠭ᠋ᠠᠭᠤᠯᠢ ᠵᠢᠨ ᠰᠤᠷᠭ᠋ᠠᠨ ᠬᠦᠮᠦᠵᠢᠯ ᠪᠤᠯ 《ᠭᠤᠷᠪᠠ ᠤᠶᠠᠯᠳᠤᠭᠰᠠᠨ》 ᠰᠤᠷᠭ᠋ᠠᠨ ᠬᠦᠮᠦᠵᠢᠯ᠎ᠤᠨ ᠲᠤᠮᠳᠠᠬᠢ ᠴᠢᠬᠤᠯᠠ ᠨᠢᠭᠡᠨ ᠭᠤᠭᠴᠤᠭ᠎ᠠ ᠪᠤᠯᠤᠨ᠎ᠠ᠃ ᠬᠦᠮᠦᠨ ᠪᠦᠬᠦᠨ ᠰᠤᠷᠭ᠋ᠠᠨ ᠬᠦᠮᠦᠵᠢᠯᠳᠡᠨ ᠪᠤᠰᠤ ᠤᠴᠢᠷ᠎ᠠᠴᠠ ᠭᠡᠷ ᠪᠦᠯᠢ ᠵᠢᠨ ᠰᠤᠷᠭ᠋ᠠᠨ ᠬᠦᠮᠦᠵᠢᠯ᠎ᠤᠨ ᠶᠠᠪᠤᠴᠠ᠎ᠳᠤ ᠠ᠋ᠳᠦᠢ ᠲᠡᠳᠦᠢ ᠠᠰᠠᠭᠤᠳᠠᠯ ᠤᠷᠤᠰᠢᠬᠤ᠎ᠨᠢ ᠲᠠᠮᠵᠢᠭ ᠦᠭᠡᠢ᠃ ᠠ᠋ᠨᠡ ᠬᠦ᠌ ᠲᠤᠳᠠᠭᠤ ᠮᠥᠴᠢᠳ ᠵᠦᠢ᠍ᠯ᠎ᠢ ᠨᠥᠬᠦᠪᠦᠷᠢᠯᠡᠨ᠂ ᠰᠤᠷᠭ᠋ᠠᠭᠤᠯᠢ᠂ ᠭᠡᠷ ᠪᠦᠯᠢ ᠵᠢᠨ ᠰᠤᠷᠭ᠋ᠠᠨ ᠬᠦᠮᠦᠵᠢᠯ᠎ᠤᠨ ᠬᠤᠭᠤᠷᠤᠨᠳᠤᠬᠢ ᠬᠤᠯᠪᠤᠭ᠋ᠠᠰᠤ ᠵᠢ ᠠ᠋ᠷᠴᠢᠮᠵᠢᠭᠦᠯᠦᠨ ᠨᠡᠶ᠋ᠢᠳᠭᠡᠬᠦ ᠠ᠋ᠭᠦᠷᠭᠡ ᠪᠠᠭᠰᠢ ᠪᠤᠯᠤᠭᠰᠠᠳ᠎ᠤᠨ ᠮᠥᠷ᠎ᠦᠨ᠎ᠳᠤ ᠲᠠᠯᠪᠢᠭᠳᠠᠭ᠍ᠤ ᠣᠴᠢᠷᠳᠡᠢ᠃ ᠨᠥᠬᠦᠷ ᠰᠢ ᠵᠢᠨ ᠫᠢᠩ᠎ᠠᠴᠠ 《ᠬᠦᠮᠦᠨ᠎ᠳᠤ ᠨᠢᠭᠡ ᠰᠠᠶ᠋ᠢᠨ ᠪᠠᠭᠰᠢ ᠲᠤᠬᠢᠶᠠᠯᠳᠤᠬᠤ᠎ᠨᠢ ᠨᠢᠭᠡ ᠨᠠᠰᠤᠨ᠎ᠤ ᠠᠵᠠ ᠵᠠᠪᠰᠢᠶᠠᠨ ᠮᠥᠨ》 ᠭᠡᠵᠦ ᠬᠡᠯᠡᠭᠰᠡᠨᠴᠢᠯᠠᠨ ᠨᠢᠭᠡ ᠬᠦᠮᠦᠨ᠎ᠤ ᠰᠤᠷᠤᠯᠭ᠎ᠠ ᠵᠢᠨ ᠱᠠᠳᠤ ᠪᠦᠷᠢ᠎ᠳᠤ ᠰᠠᠶ᠋ᠢᠨ ᠪᠠᠭᠰᠢ ᠲᠤᠬᠢᠶᠠᠯᠳᠤᠨ᠎ᠠ ᠭᠡᠭᠴᠢ ᠬᠡᠴᠢᠨᠡᠭᠡᠨ ᠶᠡᠭᠡ ᠠᠵᠠ ᠵᠠᠪᠰᠢᠶᠠᠨ ᠪᠢᠯᠡ᠃
ᠨᠢᠭᠡᠨ ᠰᠤᠷᠭ᠋ᠠᠭᠤᠯᠢ ᠵᠢᠨ ᠰᠤᠷᠭ᠋ᠠᠭᠤᠯᠢ ᠠ᠋ᠷᠬᠢᠯᠡᠵᠦ ᠪᠠᠶ᠋ᠢᠭ᠎ᠠ ᠠᠷᠭ᠎ᠠ ᠠᠪᠴᠠᠯ᠂ ᠵᠢᠭ᠋ᠠᠨ ᠰᠤᠷᠭ᠋ᠠᠯᠳᠠ᠎ᠳᠤ ᠬᠠᠨᠳᠤᠬᠤ ᠤᠪᠤᠷ ᠵᠡᠷᠭᠡ᠎ᠨᠢ ᠰᠤᠷᠤᠭᠴᠢ ᠵᠢ ᠨᠥᠯᠦᠭᠡᠯᠡᠳᠡᠭ ᠮᠦᠷᠳᠡᠭᠡᠨ ᠨᠡᠩ ᠢᠯᠡᠩᠭᠤᠶ᠎ᠡ ᠪᠠᠭᠰᠢ ᠨᠠᠷ᠎ᠤᠨ ᠠᠰᠠᠭᠤᠳᠠᠯ᠎ᠢ ᠰᠢᠢ᠍ᠳᠪᠦᠷᠢᠯᠡᠬᠦ ᠠᠷᠭ᠎ᠠ ᠠᠪᠴᠠᠯ᠂ ᠤᠴᠢᠷ ᠶᠠᠪᠤᠳᠠᠯ᠎ᠳᠤ ᠬᠠᠨᠳᠤᠬᠤ ᠣᠪᠤᠷ ᠦᠵᠡᠯᠳᠡ᠂ ᠮᠡᠳᠡᠯᠭᠡ ᠤᠯᠠᠮᠵᠢᠯᠠᠭ᠍ᠤ ᠠᠷᠭ᠎ᠠ ᠪᠠᠷᠢᠯ᠂ ᠬᠦᠮᠦᠨ ᠮᠦᠰᠦᠨ᠎ᠤ ᠢᠯᠡᠷᠡᠭᠦᠯᠦᠯ᠂ ᠭᠤᠸ᠎ᠠ ᠲᠠᠭ᠋ᠠᠰᠢᠶᠠᠯ᠎ᠤᠨ ᠴᠢᠳᠠᠪᠤᠷᠢ ᠵᠡᠷᠭᠡ᠎ᠨᠢ ᠰᠤᠷᠤᠭᠴᠢᠳ᠎ᠢ ᠰᠢᠭᠤᠳ ᠨᠥᠯᠦᠭᠡᠯᠡᠳᠡᠭ᠃ ᠵᠢᠱ᠌ᠢᠶᠡᠯᠡᠪᠠᠯ᠄ ᠠᠩᠬ᠎ᠠ ᠵᠡᠷᠭᠡ ᠵᠢᠨ ᠲᠤᠮᠳᠠᠳᠤ ᠰᠤᠷᠭ᠋ᠠᠭᠤᠯᠢ᠎ᠳᠤ ᠠ᠋ᠯᠰᠡᠭᠳᠡᠭᠰᠡᠨ ᠲᠦᠴᠢᠨ ᠬᠤᠶᠠᠷ ᠰᠤᠷᠤᠭᠴᠢ ᠨᠢᠭᠡᠨ ᠰᠢᠨ᠎ᠠ ᠠᠩᠬᠢ ᠵᠢᠨ ᠠ᠋ᠷᠬᠢᠯᠡᠭᠴᠢ ᠵᠢᠨ ᠠᠩᠬᠢ᠎ᠳᠤ ᠬᠤᠪᠢᠶᠠᠭᠳᠠᠵᠡᠢ᠃ ᠨᠢᠭᠡᠳᠦᠭᠡᠷ ᠵᠢᠯ᠎ᠳᠤ ᠪᠠᠭᠰᠢ ᠨᠠᠷ᠎ᠨᠢ ᠴᠦᠮ ᠠ᠋ᠨᠡ ᠠᠨᠭ᠌ᠬᠢ ᠵᠢᠨ ᠰᠤᠷᠤᠭᠴᠢᠳ᠎ᠢ ᠰᠡᠷᠭᠦᠯᠡᠩ ᠴᠤᠪᠤᠭᠤ᠂ ᠬᠤᠷᠴᠠᠯᠢᠭ ᠬᠡᠦᠭᠡᠳ ᠭᠡᠵᠦ ᠦᠨᠡᠯᠡᠵᠦ ᠪᠠᠶ᠋ᠢᠵᠠᠢ᠃ ᠬᠤᠶᠠᠳᠤᠭ᠋ᠠᠷ ᠵᠢᠯ᠎ᠤᠨ ᠲᠤᠤᠷᠠᠳᠤ ᠰᠤᠷᠤᠯᠭ᠎ᠠ ᠵᠢᠨ ᠬᠤᠭᠤᠴᠠᠭ᠎ᠠ ᠪᠤᠯᠬᠤ᠎ᠳᠤ ᠲᠤᠰ ᠠᠩᠬᠢ ᠵᠢᠨ ᠰᠤᠷᠤᠭᠴᠢᠳ᠎ᠤᠨ ᠰᠤᠷᠤᠯᠭ᠎ᠠ ᠵᠢᠨ ᠬᠢᠷᠢ ᠬᠡᠮᠵᠢᠶ᠎ᠡ ᠨᠡᠶ᠋ᠢᠳᠡᠮ ᠲᠤᠷᠤᠭᠰᠢᠯᠠᠨ᠂ ᠪᠠᠭᠰᠢ᠎ᠲᠠᠢ᠎ᠪᠠᠨ ᠦᠰᠢᠯᠳᠦᠬᠦ᠂ ᠬᠢᠴᠢᠶᠡᠯ ᠲᠡᠭᠡᠷ᠎ᠡ ᠤᠨᠳᠠᠭ᠍ᠤ᠂ ᠪᠠᠭᠰᠢ᠎ᠪᠠᠨ ᠬᠠᠷᠢᠶᠠᠭ᠍ᠤ᠂ ᠬᠢᠴᠢᠶᠡᠯ ᠲᠠᠪᠳᠠᠯᠭ᠎ᠠ ᠵᠢᠨ ᠰᠠᠬᠢᠯᠭ᠎ᠠ ᠵᠢ ᠰᠠᠬᠢᠬᠤ ᠦᠭᠡᠢ ᠦᠵᠡᠭᠳᠡᠯ ᠪᠠᠶ᠋ᠢᠩᠭᠤ ᠢᠯᠡᠷᠡᠭᠦ ᠪᠤᠯᠵᠦ᠂ ᠠᠩᠬᠢ ᠵᠢᠨ ᠪᠠᠭᠰᠢ᠎ᠨᠢ ᠪᠠᠶ᠋ᠢᠳᠤᠭ᠋ᠠᠢ᠂ ᠰᠤᠷᠭ᠋ᠠᠭᠤᠯᠢ ᠵᠢᠨ ᠤᠳᠤᠷᠢᠳᠬᠤ ᠪᠠᠭ ᠵᠶ᠋ᠠᠷ ᠵᠶ᠋ᠠᠨ ᠬᠦᠳᠡᠯᠦᠯᠴᠡᠨ ᠲᠤᠰᠬᠠᠢ ᠬᠤᠷᠠᠯ ᠬᠢᠬᠦ ᠬᠡᠮᠵᠢᠶᠡᠨ᠎ᠳᠤ ᠬᠦᠷᠴᠠᠢ᠃ ᠬᠤᠶᠠᠷᠬᠠᠨ ᠵᠢᠯ᠎ᠤᠨ ᠬᠤᠭᠤᠴᠠᠭ᠋ᠠᠨ᠎ᠳᠤ ᠠ᠋ᠳᠡᠭᠡᠷ ᠬᠡᠦᠬᠡᠳ᠎ᠢ ᠬᠤᠪᠢᠷᠠᠭᠤᠯᠤᠭᠰᠠᠨ ᠦᠨᠳᠦᠰᠦ ᠰᠢᠯᠳᠠᠭ᠋ᠠᠨ᠎ᠨᠢ ᠬᠠᠮᠢᠭ᠎ᠠ ᠪᠠᠶ᠋ᠢᠳᠠᠭ ᠪᠤᠢ? ᠭᠤᠤᠯᠳᠠᠭᠤ ᠪᠠᠭᠰᠢ᠎ᠳᠤ ᠪᠤᠢ᠃ ᠣᠨᠴᠠᠭ᠋ᠠᠶ᠋ᠢᠯᠠᠨ ᠠᠩᠬᠢ ᠵᠢᠨ ᠪᠠᠭᠰᠢ ᠨᠢᠭᠡ ᠠᠩᠬᠢ ᠬᠡᠦᠬᠡᠳ᠎ᠤᠨ ᠬᠤᠪᠢᠷᠠᠯᠳᠠ᠎ᠳᠤ ᠬᠠᠷᠢᠭᠤᠴᠠᠯᠭ᠎ᠠ ᠠ᠋ᠭᠦᠷᠭᠡᠯᠡᠬᠦ ᠶᠤᠰᠤᠳᠡᠢ᠃ ᠬᠡᠦᠬᠡᠳ᠎ᠲᠤ ᠵᠥᠪ ᠵᠢᠯᠤᠭᠤᠳᠤᠯᠭ᠎ᠠ ᠲᠤᠳᠠᠭᠳᠠᠵᠦ᠂ ᠪᠠᠭᠰᠢ ᠰᠤᠷᠤᠭᠴᠢᠳ᠎ᠤᠨ ᠬᠤᠭᠤᠷᠤᠨᠳᠤᠬᠢ ᠣᠶ᠋ᠢᠯᠠᠭ᠋ᠠᠯᠴᠠᠭ᠎ᠠ᠂ ᠠᠩᠬᠢ ᠵᠢᠨ ᠠᠵᠢᠯ᠎ᠳᠤ ᠠᠰᠠᠭᠤᠳᠠᠯ ᠭᠠᠷᠤᠭᠰᠠᠨ ᠦᠭᠡᠢ ᠶᠤᠮ ᠪᠤᠯ ᠨᠢᠭᠡ ᠠᠩᠬᠢ ᠬᠡᠦᠬᠡᠳ ᠪᠦᠬᠦᠨ ᠵᠶ᠋ᠠᠷ ᠵᠶ᠋ᠠᠨ ᠵᠤᠵᠢᠭ ᠵᠦᠷᠢᠭᠦᠳ ᠪᠤᠯᠵᠤ ᠬᠤᠪᠢᠷᠠᠨ᠎ᠠ ᠭᠡᠳᠡᠭ᠎ᠨᠢ ᠬᠡᠨ᠎ᠳᠤ ᠴᠦ᠍ ᠢᠳᠡᠭᠡᠭᠳᠡᠰᠢ ᠦᠭᠡᠢ ᠶᠠᠪᠤᠳᠠᠯ ᠪᠤᠯᠤᠨ᠎ᠠ᠃
ᠠᠩᠬᠢ ᠠ᠋ᠷᠬᠢᠯᠡᠬᠦ ᠠᠵᠢᠯ ᠭᠡᠳᠡᠭ ᠪᠤᠯ ᠲᠤᠩ ᠠ᠋ᠷᠳᠡᠮ ᠤᠬᠠᠭ᠋ᠠᠨ ᠱᠠᠭ᠋ᠠᠷᠳᠠᠭᠳᠠᠭ᠍ᠤ ᠠᠵᠢᠯ ᠪᠢᠯᠡ᠃ ᠦᠷᠭᠡᠨ ᠲᠡᠯᠭᠡᠷ ᠮᠡᠳᠡᠯᠭᠡ ᠴᠢᠳᠠᠪᠤᠷᠢ᠂ ᠠᠷᠢᠭᠤᠨ ᠨᠠᠨᠳᠢᠨ ᠬᠦᠮᠦᠨ ᠮᠦᠰᠦ᠂ ᠲᠦᠪ ᠭᠤᠤᠯᠴᠢ ᠤᠪᠤᠷ ᠰᠤᠷᠳᠠᠯ᠂ ᠭᠤᠶ᠋ᠢᠪᠢᠰᠢ ᠦᠭᠡᠢ ᠬᠠᠷᠢᠭᠤᠴᠠᠯᠭ᠋ᠠᠳᠤ ᠰᠡᠳᠬᠢᠯ᠂ ᠨᠦᠮᠵᠦᠭ ᠤᠶᠠᠭ᠍ᠠᠨ ᠬᠠᠶ᠋ᠢᠷ᠎ᠠ᠂ ᠬᠠᠳᠠᠭᠤ ᠴᠢᠩᠭ᠎ᠠ ᠰᠤᠷᠭ᠋ᠠᠯ᠎ᠤᠨ ᠠᠯᠢ ᠨᠢᠭᠡ᠎ᠨᠢ ᠲᠤᠳᠠᠭᠳᠠᠭ᠍ᠤᠪᠠᠷ ᠬᠢᠷᠢ ᠲᠡᠩᠴᠡᠭᠰᠡᠨ ᠠᠩᠬᠢ ᠵᠢᠨ ᠠ᠋ᠷᠬᠢᠯᠡᠭᠴᠢ ᠪᠤᠯᠵᠦ ᠲᠡᠶ᠋ᠢᠯᠳᠡᠭ ᠦᠭᠡᠢ᠃ ᠠ᠋ᠶ᠋ᠢᠮᠦ᠎ᠠᠴᠠ ᠠᠩᠬᠢ ᠵᠢᠨ ᠠ᠋ᠷᠬᠢᠯᠡᠭᠴᠢ ᠵᠢ ᠰᠠᠶ᠋ᠢᠳᠤᠷ ᠰᠢᠯᠢᠨ ᠰᠤᠩᠭᠤᠵᠤ ᠲᠤᠬᠢᠷᠠᠭᠤᠯᠬᠤ᠎ᠨᠢ ᠰᠤᠷᠭ᠋ᠠᠭᠤᠯᠢ ᠵᠢᠨ ᠤᠳᠤᠷᠢᠳᠤᠯᠭ᠎ᠠ ᠵᠢᠨ ᠵᠠᠪᠠᠯ ᠬᠢᠨᠠᠭᠤᠷ ᠬᠠᠨᠳᠤᠬᠤ ᠴᠢᠬᠤᠯᠠᠲᠠᠢ᠂ ᠦᠨᠳᠦᠰᠦᠲᠡᠨ᠎ᠤ᠎ᠪᠠᠨ ᠦᠷ᠎ᠠ ᠬᠡᠦᠬᠡᠳ᠎ᠢ ᠶᠠᠭ᠋ᠠᠬᠢᠵᠦ ᠬᠦᠮᠦᠵᠢᠭᠦᠯᠬᠦ᠎ᠳᠤ ᠬᠤᠯᠪᠤᠭᠳᠠᠭ᠍ᠤ ᠲᠥᠪ ᠴᠢᠩᠭ᠎ᠠ ᠠᠰᠠᠭᠤᠳᠠᠯ ᠮᠥᠨ᠃ ᠬᠠᠷᠢᠨ ᠠᠯᠢ ᠨᠢᠭᠡ ᠬᠦᠮᠦᠨ᠎ᠤ 《ᠪᠢ ᠠᠩᠬᠢ ᠵᠢᠨ ᠠ᠋ᠷᠬᠢᠯᠡᠭᠴᠢ ᠵᠢᠨ ᠠᠵᠢᠯ᠎ᠢ ᠬᠢᠵᠦ ᠲᠡᠶ᠋ᠢᠯᠦᠨᠠ》 ᠭᠡᠳᠡᠭ ᠬᠠᠷ᠎ᠠ ᠤᠬᠠᠭ᠋ᠠᠨ᠂ ᠬᠠᠳᠠᠭᠤ ᠵᠤᠷᠢᠭ ᠵᠶ᠋ᠠᠷ ᠪᠣᠯᠴᠢᠬᠠᠳᠠᠭ ᠪᠢᠰᠢ᠂ ᠨᠢᠭᠡ ᠠᠩᠬᠢ ᠵᠢ ᠦᠭᠡᠶ᠋ᠢᠬᠢᠪᠡᠯ ᠲᠦᠴᠢᠨ ᠬᠡᠦᠬᠡᠳ ᠦᠷᠡᠭᠳᠡᠯ ᠪᠤᠯᠤᠨ᠎ᠠ ᠭᠡᠳᠡᠭ᠎ᠢ ᠰᠠᠶ᠋ᠢᠳᠤᠷ ᠤᠬᠠᠭ᠋ᠠᠷᠠᠭ᠍ᠤ ᠬᠡᠷᠡᠭᠳᠡᠢ᠃
ᠳᠡᠭᠡᠪᠡᠯ ᠤᠯᠤᠰ ᠦᠨᠳᠦᠰᠦᠲᠡᠨ᠎ᠤ ᠢᠷᠡᠭᠡᠳᠦᠢ ᠵᠢᠨ ᠨᠢᠷᠤᠭᠤ ᠲᠤᠯᠭ᠋ᠠᠭᠤᠷᠢ ᠵᠢ ᠠᠷᠠᠴᠢᠯᠠᠨ ᠲᠤᠳᠤᠮᠳᠠᠭ᠍ᠤ ᠬᠦᠨᠳᠦ ᠠ᠋ᠭᠦᠷᠭᠡ ᠵᠢ ᠬᠦᠯᠢᠶᠡᠭᠰᠡᠨ ᠪᠠᠭᠰᠢ ᠬᠦᠮᠦᠨ ᠴᠤᠬᠤᠮ ᠶᠠᠮᠠᠷ ᠨᠦᠭᠦᠴᠡᠯ᠎ᠢ ᠪᠦᠷᠢᠯᠳᠦᠭᠦᠯᠦᠭᠰᠡᠨ ᠪᠠᠶ᠋ᠢᠪᠠᠯ ᠵᠤᠬᠢᠬᠤ ᠪᠤᠢ? ᠨᠡᠶ᠋ᠢᠭᠡᠮ᠂ ᠤᠯᠤᠰ ᠤᠷᠤᠨ᠎ᠠᠴᠠ ᠪᠠᠭᠰᠢ ᠨᠠᠷ᠎ᠲᠤ ᠲᠠᠯᠪᠢᠭᠰᠠᠨ ᠦᠨᠳᠦᠰᠦᠨ ᠱᠠᠭ᠋ᠠᠷᠳᠠᠯᠭ᠎ᠠ ᠶᠠᠭᠤ ᠪᠤᠢ? ᠨᠢᠭᠡ ᠬᠢᠷᠢ ᠲᠡᠩᠴᠡᠭᠰᠡᠨ ᠪᠠᠭᠰᠢ ᠪᠤᠯᠤᠭᠰᠠᠨ᠎ᠤ ᠬᠤᠪᠢ᠎ᠳᠤ ᠴᠢ ᠳᠠᠷᠠᠭ᠋ᠠᠬᠢ ᠠᠰᠠᠭᠤᠳᠠᠯ᠎ᠢ ᠬᠡᠳᠦ ᠵᠢ᠎ᠨᠢ ᠪᠡᠶᠡᠯᠡᠭᠦᠯᠵᠦ ᠲᠠᠶ᠋ᠢᠯᠪᠠ?
1. ᠲᠠ ᠦᠷᠭᠦᠯᠵᠢ ᠨᠣᠮ ᠤᠩᠰᠢᠳᠠᠭ ᠤᠤ?
ᠨᠤᠮ ᠤᠩᠰᠢᠬᠤ᠎ᠨᠢ ᠬᠦᠮᠦᠨ᠎ᠤ ᠮᠡᠳᠡᠯᠭᠡ ᠮᠡᠳᠡᠴᠡ ᠵᠢᠨ ᠬᠦᠷᠢᠶ᠎ᠡ ᠬᠡᠪᠴᠢᠶ᠎ᠡ ᠵᠢ ᠲᠠᠯᠠᠨ᠂ ᠬᠦᠮᠦᠨ᠎ᠤ ᠠᠮᠢᠳᠤᠷᠠᠯ᠎ᠤᠨ ᠬᠠᠷᠠᠭ᠋ᠠᠰᠤ ᠵᠢ ᠦᠷᠭᠡᠳᠭᠡᠨ᠂ ᠬᠡᠷᠡᠭ ᠤᠴᠢᠷ᠎ᠤᠨ ᠲᠤᠬᠠᠢ ᠤᠶ᠋ᠢᠯᠠᠭ᠋ᠠᠯᠳᠠ᠂ ᠲᠦᠷᠦᠭᠳᠡᠯ ᠬᠢᠭᠡᠳ ᠰᠢᠢ᠍ᠳᠬᠦ ᠠᠷᠭ᠎ᠠ ᠤᠬᠠᠭ᠋ᠠᠨ᠎ᠢ ᠨᠡᠩ ᠬᠦᠨᠵᠡᠭᠡᠢ ᠪᠤᠯᠭ᠋ᠠᠵᠦ ᠴᠢᠳᠠᠨ᠎ᠠ᠃
2. ᠲᠠ ᠲᠤᠬᠠᠶ᠋ᠢᠯᠠᠭᠰᠠᠨ ᠠᠵᠢᠯ ᠵᠶ᠋ᠠᠨ ᠨᠠᠷᠢᠯᠢᠬ ᠰᠤᠳᠤᠯᠳᠠᠭ ᠤᠤ? ᠰᠤᠷᠤᠭᠴᠢ ᠵᠢᠨ ᠵᠶ᠋ᠠᠨ ᠤᠶᠦᠨ ᠤᠬᠠᠭ᠋ᠠᠨ᠎ᠤ ᠠ᠋ᠭᠡᠳᠡᠷᠡᠭᠡᠨ ᠪᠤᠳᠤᠯᠢᠶᠠᠨ᠎ᠢ ᠴᠠᠭ ᠲᠤᠬᠠᠢᠳᠤᠨᠢ ᠲᠠᠶ᠋ᠢᠯᠪᠤᠷᠢᠯᠡᠵᠦ ᠥᠭᠴᠦ ᠲᠡᠶ᠋ᠢᠯᠦᠨᠠ ᠤᠤ?
ᠰᠤᠷᠤᠭᠴᠢ ᠵᠢᠨ ᠰᠡᠵᠢᠭ ᠠ᠋ᠭᠡᠳᠡᠷᠡᠭᠡᠨᠢ ᠪᠠᠭᠰᠢ ᠪᠣᠯᠤᠭᠰᠠᠳ ᠵᠠᠪᠠᠯ ᠠᠯᠳᠠᠷᠠᠭ᠋ᠠᠵᠤ ᠲᠡᠶ᠋ᠢᠯᠦᠭᠰᠡᠨ ᠪᠠᠶ᠋ᠢᠬᠤ ᠬᠡᠷᠡᠭᠳᠡᠢ᠃ ᠠᠰᠠᠭᠤᠬᠤ ᠪᠤᠯᠭ᠋ᠠᠨ᠎ᠳᠤ ᠲᠤᠯᠤᠭ᠋ᠠᠢ ᠰᠠᠵᠢᠳᠠᠭ ᠪᠠᠭᠰᠢ ᠵᠢ ᠰᠤᠷᠤᠭᠴᠢ ᠬᠡᠷᠬᠢᠨ ᠬᠦᠨᠳᠦᠳᠬᠡᠨ ᠪᠢᠰᠢᠷᠡᠵᠦ ᠴᠢᠳᠠᠭ᠍ᠤ ᠪᠢᠯᠡ? ᠳᠡᠯᠭᠡᠷ ᠮᠡᠳᠡᠯᠭᠡ᠎ᠲᠠᠢ ᠰᠠᠶ᠋ᠢᠨ ᠪᠠᠭᠰᠢ᠎ᠲᠠᠢ ᠰᠤᠷᠤᠭᠴᠢ ᠰᠡᠳᠬᠢᠯ ᠲᠡᠨᠢᠭᠦᠨ ᠶᠠᠪᠤᠬᠤ᠎ᠨᠢ ᠮᠡᠳᠡᠭᠡᠵᠢ᠃ 《ᠪᠠᠷᠳᠠᠭ᠎ᠠ ᠶᠠᠬᠡᠳᠡᠢ ᠦᠨᠡᠭᠡ ᠪᠠᠷᠳᠠᠮ᠂ ᠪᠠᠭᠰᠢ ᠰᠠᠶ᠋ᠢᠳᠠᠢ ᠱᠠᠪᠢ ᠪᠠᠷᠳᠠᠮ》 ᠭᠡᠳᠡᠭ ᠵᠦᠢ᠍ᠷ ᠦᠭᠡ ᠪᠠᠶ᠋ᠢᠳᠠᠭ ᠪᠢᠰᠢ ᠤᠤ?
3. ᠲᠠ ᠰᠤᠷᠤᠭᠴᠢᠳ᠎ᠲᠤ᠎ᠪᠠᠨ ᠠᠳᠠᠯᠢ ᠲᠡᠭᠰᠢ ᠬᠠᠨᠳᠤᠭᠰᠠᠨ ᠤᠤ? ᠠᠯᠢᠶ᠎ᠡ ᠠᠷᠳᠠᠭ᠂ ᠠᠳᠠᠭ ᠬᠤᠴᠤᠷᠤᠩᠭᠤᠢ ᠭᠡᠵᠦ ᠢᠯᠭ᠋ᠠᠳᠠᠭ ᠤᠤ?
ᠵᠠᠷᠢᠮ ᠪᠠᠭᠰᠢ ᠰᠠᠶ᠋ᠢᠨ ᠮᠠᠭᠤ ᠰᠤᠷᠤᠭᠴᠢ ᠵᠢ ᠶᠡᠭᠡ ᠯᠡ ᠲᠤᠳᠤᠷᠬᠠᠢ ᠢᠯᠭ᠋ᠠᠨ᠂ ᠰᠢᠯᠢᠳᠡᠭ ᠰᠠᠶ᠋ᠢᠨ ᠰᠤᠷᠤᠭᠴᠢ ᠵᠢ ᠦᠵᠡᠪᠡᠯ ᠦᠨᠦᠰᠦᠭᠡᠳ ᠠᠪᠤᠮᠠᠷ ᠠᠭ᠋ᠠᠰᠢᠯᠠᠵᠦ᠂ ᠲᠡᠷᠡ᠎ᠨᠢ ᠭᠡᠷ᠎ᠤᠨ ᠠᠳᠠᠷ ᠠ᠋ᠷᠭᠦᠵᠦ ᠠᠪᠤᠮᠠ ᠠᠭ᠋ᠠᠰᠢᠯᠠᠴᠢᠬᠠᠪᠠᠴᠦ ᠨᠠᠶ᠋ᠢᠷᠰᠠᠭ ᠠ᠋ᠶᠡᠯᠳᠡᠭ ᠵᠶ᠋ᠠᠷ ᠰᠢᠢ᠍ᠳᠪᠦᠷᠢᠯᠡᠨ᠂ ᠠᠨᠠᠢ ᠰᠤᠷᠤᠭᠴᠢ᠎ᠨᠢ ᠤᠳᠠᠰᠤᠨ ᠲᠡᠳᠦᠢ ᠤᠰᠤᠯ ᠭᠠᠷᠭ᠋ᠠᠪᠠᠴᠦ ᠭᠠᠯ ᠲᠠᠯᠪᠢᠭᠰᠠᠨ ᠶᠠᠯ᠎ᠠ ᠬᠢᠭᠰᠡᠨ ᠮᠡᠳᠦ ᠠᠭᠤᠷᠯᠠᠵᠦ ᠤᠴᠠᠭ᠋ᠠᠷᠯᠠᠨ ᠰᠦᠢ᠍ᠳ ᠪᠤᠯᠤᠨ᠎ᠠ᠃ ᠠ᠋ᠶ᠋ᠢᠮᠦᠷᠬᠦᠦ ᠭᠤᠤᠯᠴᠢ ᠪᠤᠰᠤ ᠤᠪᠤᠷ᠎ᠨᠢ ᠰᠤᠷᠤᠭᠴᠢ ᠵᠢᠨ ᠰᠡᠳᠬᠢᠯ᠎ᠳᠤ᠎ᠬᠢ ᠪᠠᠭᠰᠢ ᠵᠢᠨ ᠪᠠᠶ᠋ᠢᠷᠢ ᠰᠠᠭᠤᠷᠢ ᠵᠢ ᠠᠯᠳᠠᠭᠳᠠᠭᠤᠯᠵᠦ᠂ ᠪᠠᠭᠰᠢ᠎ᠪᠠᠨ ᠭᠤᠯᠤᠬᠤ᠎ᠳᠤ ᠬᠦᠷᠭᠡᠨ᠎ᠡ᠃
4. ᠲᠠ ᠰᠤᠷᠤᠭᠴᠢ ᠵᠢᠨ ᠬᠦᠮᠦᠨ ᠮᠦᠰᠦ᠂ ᠨᠡᠷ᠎ᠡ ᠬᠦᠨᠳᠦ ᠵᠢ ᠬᠦᠨᠳᠦᠳᠭᠡᠵᠦ ᠦᠵᠡᠭᠰᠡᠨ ᠤᠤ?
ᠰᠤᠷᠭ᠋ᠠᠯ ᠰᠠᠶ᠋ᠢᠳᠡᠢ ᠠᠶ᠋ᠢᠯ᠎ᠤᠨ᠎ᠬᠢᠨ ᠬᠡᠶ᠋ᠢᠴᠢᠨ ᠵᠤᠴᠢᠨ᠎ᠤ᠎ᠪᠠᠨ ᠠ᠋ᠮᠦᠨ᠎ᠡ ᠬᠡᠦᠬᠡᠳ ᠵᠶ᠋ᠠᠨ ᠵᠠᠩᠳᠤᠷᠴᠦ ᠲᠤᠭᠳᠤᠷᠤᠨ ᠰᠤᠷᠭ᠋ᠠᠵᠦ ᠠᠭᠤᠷᠯᠠᠳᠠᠭ ᠦᠭᠡᠢ᠂ ᠠ᠋ᠨᠡ᠎ᠨᠢ ᠪᠤᠰᠤᠳ᠎ᠤᠨ ᠠ᠋ᠮᠦᠨ᠎ᠡ ᠶᠣᠰᠤ ᠠᠯᠳᠠᠭ᠍ᠤ᠎ᠠᠴᠠ ᠬᠢᠴᠢᠶᠡᠭᠰᠡᠨ ᠪᠤᠶᠤ ᠬᠡᠦᠭᠡᠳ ᠵᠶ᠋ᠠᠨ ᠬᠡᠳᠦ ᠨᠢᠭᠤᠷ ᠬᠠᠭ᠋ᠠᠷᠠᠭ᠍ᠤᠠᠴᠠ ᠪᠣᠯᠭᠤᠮᠵᠢᠯᠠᠭᠰᠠᠨ ᠤᠴᠢᠷ ᠪᠢᠯᠡ᠃ ᠰᠤᠷᠤᠭᠴᠢ᠎ᠳᠤ᠎ᠪᠠᠨ ᠪᠠᠭᠰᠢ ᠬᠦᠮᠦᠨ ᠴᠦ᠍ ᠢᠩᠬᠢᠵᠦ ᠨᠢᠭᠤᠷ ᠥᠭᠴᠦ᠂ ᠬᠦᠮᠦᠨ᠎ᠤ ᠠ᠋ᠮᠦᠨ᠎ᠡ ᠨᠢᠭᠤᠷ ᠨᠢᠳᠦ ᠦᠭᠡᠢ ᠵᠠᠯᠬᠠᠭ᠋ᠠᠬᠤ᠎ᠠᠴᠠ ᠵᠠᠶ᠋ᠢᠯᠠᠰᠬᠢᠭᠦ ᠬᠡᠷᠡᠭᠳᠡᠢ᠃ ᠬᠠᠱ᠌ᠠᠩ ᠤᠨᠤᠭ᠎ᠠ ᠭᠡᠳᠡᠭ ᠠ᠋ᠯᠳᠡᠭᠳᠡᠵᠦ ᠴᠤᠬᠢᠭᠳᠠᠭᠰᠠᠭ᠋ᠠᠷ ᠪᠤᠢ ᠪᠤᠯᠳᠠᠭ ᠰᠢᠬ ᠨᠢᠭᠤᠷ ᠦᠭᠡᠢ ᠬᠡᠦᠬᠡᠳ ᠭᠡᠳᠡᠭ ᠴᠢᠨᠢ ᠴᠦ᠍ ᠠᠭᠤᠷᠯᠠᠭᠳᠠᠭᠰᠠᠭ᠋ᠠᠷ ᠬᠡᠯᠡᠭᠳᠡᠭᠰᠡᠭᠡᠷ ᠨᠢᠭᠤᠷ ᠬᠠᠭ᠋ᠠᠷᠠᠳᠠᠭ᠃ ᠠ᠋ᠶ᠋ᠢᠨ ᠬᠦ᠌ ᠪᠠᠭᠰᠢ ᠪᠤᠯᠤᠭᠰᠠᠳ ᠬᠡᠦᠬᠡᠳ᠎ᠢ ᠶᠤᠰᠤ᠎ᠪᠠᠷ ᠬᠦᠳᠦᠯᠬᠦ᠎ᠨᠢ ᠲᠦᠮᠡᠨ ᠵᠥᠪ᠃
5. ᠲᠠ ᠬᠢᠷᠢ ᠲᠡᠩᠴᠡᠭᠰᠡᠨ ᠢᠷᠭᠡᠨ ᠤᠤ? ᠲᠠ ᠰᠤᠷᠤᠭᠴᠢᠳ᠎ᠲᠤ᠎ᠪᠠᠨ ᠬᠦᠮᠦᠨ ᠪᠣᠯᠬᠤ ᠶᠤᠰᠤ ᠤᠴᠢᠷ᠎ᠢ ᠵᠢᠭ᠋ᠠᠭᠰᠠᠨ ᠤᠤ? ᠲᠠ ᠥᠪᠡᠷ᠎ᠤᠨ ᠦᠭᠡ ᠶᠠᠷᠢᠶ᠎ᠠ᠂ ᠦᠢ᠍ᠯᠡ ᠠᠵᠢᠯᠯᠠᠭ᠎ᠠ᠎ᠪᠠᠨ ᠰᠤᠷᠤᠭᠴᠢ ᠵᠢᠨ ᠲᠠᠭᠤᠷᠢᠶᠠᠯ ᠪᠤᠯᠬᠤᠶ᠋ᠢᠴᠠ ᠪᠣᠯᠪᠠᠰᠤᠨ ᠶᠤᠰᠤᠷᠬᠠᠭ᠎ᠤᠨ ᠬᠡᠮᠵᠢᠶᠡᠨ᠎ᠳᠤ ᠬᠦᠷᠭᠡᠵᠦ ᠲᠡᠶ᠋ᠢᠯᠦᠭᠰᠡᠨ ᠤᠤ?
ᠮᠢᠨᠦ ᠪᠣᠳᠤᠬᠤ᠎ᠪᠠᠷ ᠪᠠᠭᠰᠢ ᠬᠦᠮᠦᠨ ᠪᠤᠯ ᠬᠡᠪ ᠪᠤᠯᠪᠠᠰᠤᠷᠠᠯ ᠥᠨᠳᠤᠷ᠂ ᠬᠡᠦᠬᠡᠳ ᠪᠠᠭ᠋ᠠᠴᠤᠳ ᠵᠶ᠋ᠠᠨ ᠮᠡᠳᠡᠯᠭᠡ᠎ᠪᠠᠷ ᠯᠡ ᠤᠮᠳᠠᠯᠠᠭ᠍ᠤ ᠪᠢᠰᠢ᠂ ᠬᠦᠮᠦᠨ ᠪᠤᠯᠬᠤ ᠵᠢ ᠰᠤᠷᠭ᠋ᠠᠬᠤ ᠨᠦᠰᠡᠷ ᠠ᠋ᠭᠦᠷᠭᠡ ᠵᠢ ᠠ᠋ᠭᠦᠷᠭᠡᠯᠡᠵᠦ ᠶᠠᠪᠤᠳᠠᠭ ᠤᠴᠢᠷ ᠪᠠᠷᠤᠭᠳᠠᠢ ᠬᠦᠮᠦᠨ ᠪᠠᠭᠰᠢ ᠪᠤᠯᠬᠤ ᠬᠢᠷᠢ ᠭᠡᠮ ᠪᠠᠶ᠋ᠢᠬᠤ ᠦᠭᠡᠢ ᠮᠥᠷᠳᠡᠭᠡᠨ ᠪᠠᠭᠰᠢ ᠴᠦ᠍ ᠪᠤᠯᠵᠦ ᠪᠤᠯᠬᠤ ᠦᠭᠡᠢ᠃ ᠺᠦᠩᠽᠢ ᠵᠢᠨ ᠬᠡᠯᠡᠭᠰᠡᠨ 《ᠭᠤᠷᠪᠠᠨ ᠬᠦᠮᠦᠨ ᠶᠠᠪᠤᠪᠠᠰᠤ ᠮᠢᠨᠦ ᠪᠠᠭᠰᠢ ᠪᠤᠢ》 ᠭᠡᠬᠦ ᠦᠭᠡ᠎ᠨᠢ ᠬᠦᠮᠦᠨ᠎ᠤ ᠠᠯᠢ ᠨᠢᠭᠡᠨ ᠲᠠᠯ᠎ᠠ᠎ᠪᠠᠷ᠎ᠬᠢ ᠲᠠᠪᠠᠭᠤᠯᠢᠭ ᠪᠠᠶ᠋ᠢᠳᠠᠯ᠎ᠢ ᠢᠯᠡᠳᠭᠡᠨ᠂ ᠪᠤᠰᠤᠳ᠎ᠠᠴᠠ ᠲᠠᠷᠤᠤ ᠬᠢᠴᠢᠶᠡᠩᠬᠦᠢ ᠰᠤᠷᠤᠯᠴᠠᠭ᠍ᠤ ᠰᠢᠯᠳᠠᠭ᠋ᠠᠨ᠎ᠢ ᠲᠤᠰᠬᠠᠭᠰᠠᠨ᠎ᠠᠴᠠ ᠪᠢᠰᠢ᠂ ᠶᠠᠭᠤ ᠪᠦᠬᠦᠨ᠎ᠢ ᠲᠡᠷᠡ ᠬᠦᠮᠦᠨ᠎ᠠᠴᠠ ᠰᠤᠷᠴᠦ ᠲᠡᠭᠦᠨ᠎ᠲᠠᠢ ᠠᠳᠠᠯᠢᠬᠠᠨ ᠪᠤᠯᠤᠨ᠎ᠠ ᠭᠡᠰᠡᠨ ᠰᠠᠨᠠᠭ᠎ᠠ ᠪᠢᠰᠢ᠎ᠨᠢ ᠲᠤᠳᠤᠷᠬᠠᠢ᠃ ᠭᠡᠳᠡᠯ᠎ᠡ ᠰᠢᠨ᠎ᠠ ᠴᠠᠭ ᠦᠶ᠎ᠡ ᠵᠢᠨ ᠪᠠᠭᠰᠢ ᠪᠤᠯᠤᠭᠰᠠᠳ ᠡᠯ᠎ᠠ ᠲᠠᠯ᠎ᠠ᠎ᠪᠠᠷ ᠰᠤᠷᠤᠭᠴᠢᠳ᠎ᠲᠤ᠎ᠪᠠᠨ ᠲᠠᠭᠤᠷᠢᠶᠠᠯ ᠪᠤᠯᠬᠤ᠎ᠪᠠᠷ ᠴᠢᠷᠮᠠᠶ᠋ᠢᠬᠤ ᠤᠴᠢᠷᠳᠡᠢ᠃ ᠪᠠᠭᠰᠢ ᠪᠣᠯᠤᠭᠰᠠᠳ ᠥᠪᠡᠷᠰᠡᠳ ᠵᠶ᠋ᠠᠨ ᠪᠣᠯᠬᠢ ᠪᠦᠳᠦᠭᠦᠯᠢᠭ ᠦᠭᠡ ᠶᠠᠷᠢᠴᠢᠬᠠᠭ᠋ᠠᠳ᠂ ᠪᠣᠰᠤᠳᠢ ᠬᠠᠷᠢᠶᠠᠴᠢᠬᠠᠭ᠋ᠠᠳ᠂ ᠮᠤᠲ᠋ᠤᠷ ᠤᠨᠤᠨ ᠲᠠᠪᠬᠢᠭᠤᠯᠵᠦ ᠵᠠᠮ ᠬᠠᠷᠢᠯᠴᠠᠭ᠋ᠠᠨ᠎ᠤ ᠰᠠᠬᠢᠯᠭ᠎ᠠ ᠵᠢ ᠵᠦᠷᠢᠴᠡᠴᠢᠭᠡᠭᠡᠳ᠂ ᠬᠦᠮᠦᠨ᠎ᠲᠠᠢ ᠬᠡᠷᠡᠯᠳᠤᠨ ᠨᠢᠭᠤᠷ ᠬᠠᠴᠠᠷ ᠵᠶ᠋ᠠᠨ ᠬᠦᠬᠡᠷᠡᠭᠦᠯᠴᠢᠬᠡᠭᠡᠳ᠂ ᠭᠠᠷ ᠲᠠᠯ᠎ᠠ᠎ᠶ᠋ᠢᠨ ᠰᠤᠷᠤᠭᠴᠢ ᠵᠢ᠎ᠪᠠᠨ ᠵᠣᠳᠤᠴᠢᠬᠠᠭ᠋ᠠᠳ᠂ ᠰᠤᠷᠤᠭᠴᠢᠳ᠎ᠲᠤ᠎ᠪᠠᠨ ᠬᠡᠷᠬᠢᠨ ᠬᠦᠮᠦᠨ ᠪᠤᠯᠬᠤ ᠬᠦᠮᠦᠵᠢᠯ ᠬᠢᠬᠦ ᠪᠢᠯᠡ! ᠰᠤᠷᠭ᠋ᠠᠨ ᠬᠦᠮᠦᠵᠢᠯ᠎ᠤᠨ ᠮᠥᠨ ᠴᠢᠨᠠᠷ᠎ᠨᠢ 《ᠪᠢᠴᠢᠭ ᠵᠢᠭ᠋ᠠᠵᠦ ᠬᠦᠮᠦᠨ᠎ᠢ ᠬᠦᠮᠦᠵᠢᠭᠦᠯᠬᠦ》 ᠶᠠᠪᠤᠳᠠᠯ ᠪᠤᠯᠤᠨ᠎ᠠ᠃ ᠠ᠋ᠭᠦᠨ᠎ᠳᠤ 《ᠬᠦᠮᠦᠨ᠎ᠢ ᠬᠦᠮᠦᠵᠢᠭᠦᠯᠬᠦ》᠎ᠨᠢ 《ᠪᠢᠴᠢᠭ ᠵᠢᠭ᠋ᠠᠬᠤ》᠎ᠠᠴᠠ ᠨᠡᠩ ᠴᠢᠬᠤᠯᠠ ᠪᠠᠶ᠋ᠢᠳᠠᠭ᠃ ᠶᠡᠭᠡ ᠰᠤᠷᠭ᠋ᠠᠭᠤᠯᠢ ᠵᠢᠨ ᠬᠦᠷᠢᠶᠡᠨ᠎ᠳᠤ ᠠ᠋ᠭᠦᠰᠦᠭᠰᠡᠨ ᠬᠠᠮᠳᠤ ᠰᠤᠷᠤᠯᠭ᠋ᠠᠳᠠᠨ ᠵᠶ᠋ᠠᠨ ᠬᠤᠤᠷᠯᠠᠭᠰᠠᠨ ᠶᠠᠪᠤᠳᠠᠯ᠂ ᠲᠦᠷᠦ ᠵᠠᠰᠠᠭ᠎ᠤᠨ ᠦᠨᠳᠤᠷ ᠲᠤᠰᠢᠶᠠᠯᠳᠠᠳ᠎ᠤᠨ ᠬᠠᠤᠯᠢ ᠪᠤᠰᠤ ᠠᠵᠢᠯᠯᠠᠭ᠎ᠠ ᠁ ᠵᠡᠷᠭᠡ ᠤᠯᠠᠨ ᠤᠴᠢᠷ ᠮᠠᠨᠳᠤ ᠪᠤᠳᠠᠳᠤ ᠵᠢᠱ᠌ᠢᠶ᠎ᠡ ᠪᠤᠯᠤᠨ ᠬᠠᠷᠠᠭᠳᠠᠵᠦ ᠪᠠᠶ᠋ᠢᠭ᠎ᠠ᠃
ᠠ᠋ᠶ᠋ᠢᠮᠦ᠎ᠠᠴᠠ ᠪᠠᠭᠰᠢ ᠪᠣᠯᠤᠭᠰᠠᠳ ᠵᠠᠪᠠᠯ ᠥᠪᠡᠷ᠎ᠤᠨ ᠪᠡᠶ᠎ᠡ᠎ᠪᠠᠷ ᠵᠶ᠋ᠠᠨ ᠳᠠᠭᠤᠷᠢᠶᠠᠯ ᠪᠤᠯᠬᠤᠶ᠋ᠢᠴᠡ ᠤᠬᠠᠮᠰᠠᠷᠳᠤ ᠴᠢᠨᠠᠷᠲᠠᠢ ᠪᠠᠶ᠋ᠢᠵᠤ᠂ ᠰᠤᠷᠤᠭᠴᠢᠳ᠎ᠤᠨ ᠵᠶ᠋ᠠᠨ ᠪᠡᠶ᠎ᠡ ᠰᠡᠳᠬᠢᠴᠡ ᠵᠢᠨ ᠠ᠋ᠷᠡᠭᠦᠯ ᠵᠶ᠋ᠠᠷ ᠬᠦᠭᠵᠢᠬᠦ᠎ᠳᠤ ᠵᠤᠬᠢᠬᠤ ᠬᠤᠪᠢ ᠨᠡᠮᠡᠷᠢ᠎ᠪᠠᠨ ᠦᠵᠡᠭᠦᠯᠬᠦ᠎ᠪᠠᠷ ᠴᠢᠷᠮᠠᠶ᠋ᠢᠬᠤ ᠬᠡᠷᠡᠭᠳᠡᠢ᠃
ᠢᠩᠬᠢᠵᠦ 《ᠭᠡᠷ ᠪᠦᠯᠢ᠂ ᠨᠡᠶ᠋ᠢᠭᠡᠮ᠂ ᠰᠤᠷᠭ᠋ᠠᠭᠤᠯᠢ ᠭᠤᠷᠪᠠ ᠤᠶᠠᠯᠳᠤᠭᠰᠠᠨ》 ᠰᠤᠷᠭ᠋ᠠᠨ ᠬᠦᠮᠦᠵᠢᠯ᠎ᠢ ᠪᠦᠷᠢᠨ ᠲᠡᠭᠦᠯᠳᠡᠷᠵᠢᠭᠦᠯᠵᠦ ᠲᠡᠶ᠋ᠢᠯᠦᠮᠠᠨᠵᠢᠨ ᠰᠠᠶᠢ ᠦᠨᠳᠤᠰᠤᠲᠠᠨ᠎ᠤ ᠢᠷᠡᠭᠡᠳᠦᠢ ᠵᠢᠨ ᠡᠵᠡᠳ ᠵᠶ᠋ᠠᠨ ᠬᠦᠮᠦᠨ ᠰᠢᠭ ᠬᠦᠮᠦᠨ ᠪᠤᠯᠭ᠋ᠠᠵᠤ ᠬᠦᠮᠦᠵᠢᠭᠦᠯᠵᠦ ᠲᠡᠶ᠋ᠢᠯᠦᠨᠠ᠂ ᠰᠠᠶᠢ ᠦᠨᠳᠦᠰᠦᠲᠡᠨ᠎ᠤ ᠮᠡᠷᠭ᠋ᠠᠰᠢ ᠵᠢᠨ ᠨᠠᠷᠠ ᠵᠢ ᠭᠡᠷᠡᠯᠳᠡᠢ ᠴᠤᠭᠳᠡᠢ ᠪᠠᠶ᠋ᠢᠯᠭ᠋ᠠᠵᠦ ᠲᠡᠶ᠋ᠢᠯᠦᠨᠠ᠂ ᠰᠠᠶᠢ ᠦᠷᠦᠭᠡᠯ ᠪᠤᠰᠤᠳ᠎ᠲᠠᠢ ᠮᠥᠷᠦ ᠵᠡᠷᠭᠡᠴᠡᠨ ᠵᠤᠭᠰᠤᠵᠦ ᠴᠢᠳᠠᠭ᠍ᠤ ᠪᠡᠶ᠎ᠡ ᠪᠠᠭ᠋ᠠᠳᠤᠷ ᠮᠥᠷᠳᠡᠭᠡᠨ ᠪᠢᠯᠢᠭ ᠪᠠᠭ᠋ᠠᠳᠤᠷ ᠰᠢᠨ᠎ᠠ ᠨᠢᠭᠡᠨ ᠦᠶ᠎ᠡ ᠵᠢᠨ᠎ᠬᠢᠨ᠎ᠢ ᠪᠤᠢ ᠭᠦᠮᠦᠵᠢᠭᠦᠯᠵᠤ ᠴᠢᠳᠠᠨ᠎ᠠ᠃
ᠬᠠᠶᠢᠬ᠄ ᠠᠷᠤ ᠬᠤᠷᠴᠢᠨ ᠬᠤᠰᠢᠭᠤᠨ᠎ᠤ ᠴᠢᠪᠠᠭ᠎ᠠ ᠲᠠᠪᠤᠳᠤᠭ᠋ᠠᠷ ᠲᠤᠮᠳᠠᠳᠤ ᠰᠤᠷᠭ᠋ᠠᠭᠤᠯᠢ
(ᠠᠯᠳᠠᠨᠰᠦᠢ᠍ᠭᠡ ᠨᠠᠢ᠍ᠢ᠍ᠷᠠᠭᠤᠯᠪᠠ)
2020 ᠣᠨ᠎ᠤ 6 ᠳ᠋ᠤᠭ᠋ᠠᠷ ᠬᠤᠭᠤᠴᠠᠭ᠎ᠠ