ᠬᠤ᠌ ᠰᠢᠤ ᠵᠦᠸᠸ
ᠲᠤᠮᠳᠠᠳᠤ ᠤᠯᠤᠰ᠎ᠤᠨ ᠭᠦᠮᠦᠨ ᠲᠤᠭ᠋ᠠᠨ᠎ᠤ ᠤᠬᠠᠭ᠋ᠠᠨ᠎ᠳᠤ᠎ᠪᠠᠨ ᠰᠠᠢ᠍ᠢ᠍ᠨ ᠭᠡᠳᠡᠭ᠎ᠢ ᠲᠠᠯᠠᠭᠡᠢ᠎ᠪᠠᠷ ᠵᠶ᠋ᠠᠨ ᠪᠦᠷ ᠵᠦᠪᠰᠢᠶᠠᠷᠠᠳᠡᠭ ᠶᠤᠮ᠃ ᠭᠡᠳᠡᠯ᠎ᠡ ᠲᠤᠮᠳᠠᠳᠤ ᠤᠯᠤᠰ᠎ᠤᠨ ᠭᠦᠮᠦᠨ᠎ᠤ ᠲᠤᠭ᠋ᠠᠨ᠎ᠤ ᠤᠬᠠᠭ᠋ᠠᠨ᠎ᠤ ᠰᠤᠳᠤᠯᠤᠯ᠎ᠤᠨ ᠲᠠᠪᠰᠢᠯᠳᠠ᠎ᠨᠢ ᠲᠡᠭᠦᠨ᠎ᠲᠠᠢ᠎ᠪᠠᠨ ᠲᠤᠬᠢᠷᠠᠯᠴᠠᠬᠤ ᠦᠭᠡᠢ ᠪᠠᠢ᠍ᠢ᠍ᠳᠠᠬ᠃ ᠶᠠᠮᠠᠷ ᠤᠴᠢᠷ᠎ᠠᠴᠠ ᠪᠤᠢ?
ᠲᠠᠯᠠᠭᠡᠢ ᠵᠢᠨ ᠭᠦᠮᠦᠰ ᠠᠮᠸᠷᠢᠺᠠ ᠵᠢᠨ ᠰᠤᠷᠤᠭᠴᠢᠳ᠎ᠤᠨ ᠲᠤᠭ᠋ᠠᠨ᠎ᠤ ᠤᠬᠠᠭ᠋ᠠᠨ᠎ᠤ ᠬᠢᠷᠢ ᠭᠡᠮᠵᠢᠶ᠎ᠠ ᠵᠢ ᠦᠯᠦ ᠲᠤᠭᠤᠮᠰᠠᠷᠯᠠᠬᠤ᠎ᠨᠢ ᠶᠠᠬ ᠯᠡ ᠲᠠᠳᠠᠨ᠎ᠤ ᠦᠵᠠᠵᠤ ᠲᠠᠳᠤᠭᠰᠠᠨ ᠲᠤᠮᠳᠠᠳᠤ ᠵᠢᠨ ᠰᠤᠷᠤᠭᠴᠢᠳ᠎ᠤᠨ 《ᠠᠪᠢᠶᠠᠰ ᠪᠢᠯᠢᠭ》᠎ᠢ ᠭᠠᠢ᠍ᠢ᠍ᠬᠠᠨ ᠪᠢᠰᠢᠷᠡᠭᠦ᠎ᠲᠠᠢ ᠠᠳᠠᠯᠢᠬᠠᠨ ᠪᠤᠯᠵᠠᠢ᠃ ᠠ᠋ᠯᠸᠺᠲᠷᠤᠨ ᠪᠤᠳᠤᠯᠭ᠎ᠠ ᠵᠢᠨ ᠮᠠᠰᠢᠨ᠎ᠠᠴᠠ ᠰᠠᠯᠪᠠᠯ ᠲᠦᠷᠪᠡᠨ ᠦᠢ᠍ᠯᠠᠳᠤᠯ᠎ᠤᠨ ᠪᠤᠳᠤᠯᠭ᠎ᠠ ᠵᠢ ᠪᠤᠳᠤᠵᠤ ᠴᠢᠳᠠᠬᠤ ᠦᠭᠡᠢ᠂ sinx/n᠎ᠢ 《SIX》 ᠪᠤᠯᠭ᠋ᠠᠨ ᠪᠤᠳᠤᠬᠤ ᠮᠡᠳᠤ ᠢᠨᠢᠶᠡᠳᠤᠮ ᠠᠮᠸᠷᠢᠺᠠ ᠵᠢᠨ ᠰᠤᠷᠤᠭᠴᠢᠳ᠎ᠤᠨ ᠲᠤᠳᠤᠷ᠎ᠠ ᠤᠯᠠᠨ ᠪᠤᠯᠬᠤᠷ 《ᠭᠡᠤᠭᠡᠳ᠎ᠢ ᠠᠪᠤᠷᠠᠰᠤᠭ᠋ᠠᠢ》 ᠭᠡᠰᠡᠨ ᠶᠠᠷᠢᠶ᠎ᠠ ᠭᠡᠯᠡᠯᠴᠡᠭᠡ ᠵᠦᠨᠭᠳᠡᠭᠡᠨ ᠦᠷᠨᠢᠵᠤ ᠯᠠ ᠪᠠᠢ᠍ᠢ᠍ᠳᠠᠬ᠃ ᠲᠠᠳᠠᠨ᠎ᠲᠠᠢ ᠠᠳᠠᠯᠢᠳᠬᠠᠪᠠᠯ ᠲᠤᠮᠳᠠᠳᠤ ᠵᠢᠨ ᠰᠤᠷᠤᠭᠴᠢᠳ᠎ᠤᠨ ᠲᠤᠭ᠋ᠠᠨ᠎ᠤ ᠤᠬᠠᠭ᠋ᠠᠨ᠎ᠤ ᠴᠢᠳᠠᠪᠤᠷᠢ ᠵᠢ ᠠᠮᠸᠷᠢᠺᠠ ᠵᠢᠨ ᠤᠯᠠᠨᠭ᠌ᠬᠢ ᠰᠤᠷᠤᠭᠴᠢ ᠭᠠᠢ᠍ᠢ᠍ᠬᠠᠨ ᠪᠢᠰᠢᠷᠡᠳᠡᠭ᠃
ᠨᠢᠭᠡ᠂ ᠲᠤᠮᠳᠠᠳᠤ ᠤᠯᠤᠰ᠎ᠤᠨ ᠭᠦᠮᠦᠨ᠎ᠤ ᠲᠤᠭ᠋ᠠᠨ᠎ᠤ ᠤᠬᠠᠭ᠋ᠠᠨ ᠶᠠᠭ᠋ᠠᠬᠢᠭ᠋ᠠᠳ ᠰᠠᠢ᠍ᠢ᠍ᠨ ᠪᠠᠢ᠍ᠢ᠍ᠳᠠᠬ ᠪᠤᠢ
ᠠᠵᠤ ᠠᠬᠤᠢ ᠵᠢᠨ ᠬᠤᠯᠪᠤᠭ᠋ᠠᠨ᠎ᠤ ᠵᠤᠬᠢᠶᠠᠨ ᠪᠠᠢ᠍ᠢ᠍ᠭᠤᠯᠤᠯᠳᠠ ᠵᠢᠨ ᠬᠢᠭᠰᠡᠨ ᠲᠠᠯᠠᠭᠡᠢ ᠵᠢᠨ ᠰᠤᠷᠤᠭᠴᠢᠳ᠎ᠤᠨ ᠦᠨᠠᠯᠠᠯᠳᠠ ᠵᠢᠨ ᠲᠦᠰᠦᠯ (PISA)᠎ᠳᠤ ᠱᠠᠨᠭ᠌ᠬᠠᠢ ᠵᠢᠨ ᠲᠤᠮᠳᠠᠳᠤ ᠰᠤᠷᠭ᠋ᠠᠭᠤᠯᠢ ᠵᠢᠨ ᠰᠤᠷᠤᠭᠴᠢᠳ ᠲᠤᠭ᠋ᠠᠨ᠎ᠤ ᠤᠬᠠᠭ᠋ᠠᠨ᠎ᠤ ᠬᠢᠷᠢ ᠭᠡᠮ᠎ᠤᠨ ᠰᠢᠯᠭ᠋ᠠᠯᠳᠠ᠎ᠳᠤ ᠪᠤᠰᠤᠳ 75 ᠬᠤᠳᠠ ᠵᠢ ᠲᠠᠪᠠᠭ᠋ᠠᠳ ᠲᠠᠷᠢᠭᠦᠯᠡᠵᠡᠢ᠃ ᠠᠨᠭ᠌ᠭ᠍ᠯᠢ ᠵᠢᠨ ᠭᠦᠮᠦᠰ ᠪᠠᠬᠠᠷᠬᠠᠬᠤᠳᠤᠪᠠᠨ ᠲᠠᠷᠠ ᠲᠤᠤᠷ᠎ᠠ᠎ᠪᠠᠨ ᠱᠠᠨᠭ᠌ᠬᠠᠢ ᠵᠢᠨ ᠲᠤᠮᠳᠠᠳᠤ ᠰᠤᠷᠭ᠋ᠠᠭᠤᠯᠢ ᠵᠢᠨ 60 ᠲᠤᠭ᠋ᠠᠨ᠎ᠤ ᠤᠬᠠᠭ᠋ᠠᠨ᠎ᠤ ᠪᠠᠭᠰᠢ ᠵᠢ ᠤᠷᠢᠵᠤ ᠠᠨᠭ᠌ᠭ᠍ᠯᠢ᠎ᠳᠤ ᠠᠪᠠᠴᠢᠨ ᠲᠤᠷᠰᠢᠯᠭ᠎ᠠ ᠲᠠᠨᠢᠯᠴᠠᠭᠤᠯᠤᠭᠤᠯᠵᠠᠢ᠃
ᠠ᠋ᠳᠦᠷ ᠲᠤᠳᠤᠮ᠎ᠤᠨ ᠵᠢᠭ᠋ᠠᠨ ᠰᠤᠷᠭ᠋ᠠᠯᠳᠠ᠎ᠠᠴᠠ ᠭᠠᠳᠠᠨ᠎ᠠ ᠤᠷᠤᠯᠳᠤᠭ᠋ᠠᠨ᠎ᠤ ᠬᠢᠷᠢ ᠪᠦᠳᠤᠮᠵᠢ᠎ᠨᠢ ᠴᠦ᠍ ᠠ᠋ᠨᠡ ᠭᠦ᠌ ᠵᠦᠷᠢᠶ᠎ᠡ᠎ᠨᠢ ᠢᠯᠠᠷᠠᠭᠦᠯᠵᠠᠢ᠃ ᠤᠯᠠᠨ ᠤᠯᠤᠰ᠎ᠤᠨ ᠲᠤᠭ᠋ᠠᠨ᠎ᠤ ᠤᠬᠠᠭ᠋ᠠᠨ᠎ᠤ ᠤᠯᠢᠮᠫᠢᠺ᠎ᠤᠨ ᠤᠷᠤᠯᠳᠤᠭ᠋ᠠᠨ ᠪᠤᠯ ᠲᠤᠮᠳᠠᠳᠤ ᠰᠤᠷᠭ᠋ᠠᠭᠤᠯᠢ ᠵᠢᠨ ᠰᠤᠷᠤᠭᠴᠢᠳ᠎ᠲᠤ ᠬᠠᠨᠳᠤᠭᠤᠯᠤᠭᠰᠠᠨ ᠬᠠᠮᠤᠭ᠎ᠤᠨ ᠨᠠᠷᠠᠳᠠᠢ ᠤᠷᠤᠯᠳᠤᠭ᠋ᠠᠨ᠎ᠤ ᠨᠢᠭᠡ ᠪᠤᠯᠤᠨ᠎ᠠ᠃ 1985 ᠤᠨ᠎ᠠᠴᠠ ᠠ᠋ᠬᠢᠯᠡᠵᠦ ᠲᠤᠮᠳᠠᠳᠤ ᠤᠯᠤᠰ ᠤᠷᠤᠯᠴᠠᠬᠤ᠎ᠳᠤ᠎ᠪᠠᠨ ᠶᠡᠷᠦᠨᠭᠭᠡᠢ ᠬᠤᠪᠢ᠎ᠪᠠᠷ 19 ᠤᠳᠠᠭ᠎ᠠ ᠲᠠᠷᠢᠭᠦᠯᠡᠵᠡᠢ᠃ ᠲᠤᠮᠳᠠᠳᠤ ᠤᠯᠤᠰ᠎ᠠᠴᠠ ᠭᠠᠳᠠᠨ᠎ᠠ ᠵᠦᠪᠭᠡᠨ ᠺᠤᠷᠢᠶᠠ᠂ ᠷᠤᠮᠠᠨᠢᠶ᠎ᠠ᠂ ᠪᠤᠯᠭ᠋ᠠᠷᠢᠶᠠ ᠬᠢᠭᠡᠳ ᠤᠷᠤᠰ᠂ ᠢᠷᠠᠨ᠂ ᠠᠮᠸᠷᠢᠺᠠ ᠶᠡᠷᠦᠨᠭᠭᠡᠢ ᠬᠤᠪᠢ᠎ᠪᠠᠷ ᠲᠠᠷᠢᠭᠦᠯᠠᠵᠤ ᠦᠨᠭᠭᠡᠷᠡᠵᠡᠢ᠃ ᠲᠠᠭᠦᠨ᠎ᠤ ᠲᠤᠳᠤᠷ᠎ᠠ ᠠᠮᠸᠷᠢᠺᠠ ᠨᠢᠭᠡ ᠯᠡ ᠤᠳᠠᠭ᠎ᠠ ᠲᠠᠷᠢᠭᠦᠯᠡᠵᠡᠢ᠃
2014 ᠤᠨ᠎ᠤ 9 ᠳ᠋ᠤᠭᠡᠷ ᠰᠠᠷ᠎ᠠ᠎ᠳᠤ 《ᠸᠠᠯᠯ ᠵᠠᠭᠡᠯᠢ ᠠ᠋ᠳᠦᠷ᠎ᠤᠨ ᠰᠤᠨᠢᠨ》 ᠹᠤᠰᠲ᠋ᠤᠨ ᠵᠡᠭᠦᠨ ᠬᠤᠢ᠍ᠢ᠍ᠳᠤ ᠵᠢᠨ ᠶᠠᠭᠡ ᠰᠤᠷᠭ᠋ᠠᠭᠤᠯᠢ ᠪᠠ ᠲᠸᠺᠠᠰᠠᠬ ᠲᠠᠷᠢᠶᠠᠯᠠᠩ ᠠᠵᠤ ᠦᠢ᠍ᠯᠠᠳᠪᠤᠷᠢ ᠵᠢᠨ ᠶᠡᠭᠡ ᠰᠤᠷᠭ᠋ᠠᠭᠤᠯᠢ ᠵᠢᠨ ᠬᠤᠶᠠᠷ ᠫᠷᠤᠹᠸᠰᠰᠤᠷ᠎ᠤᠨ ᠰᠤᠳᠤᠯᠭ᠋ᠠᠨ᠎ᠤ ᠦᠷ᠎ᠠ ᠪᠦᠳᠦᠭᠡᠯ ᠵᠶ᠋ᠠᠷ ᠠ᠋ᠰᠢᠯᠡᠨ ᠬᠤᠴᠤᠷᠴᠤ ᠪᠠᠢ᠍ᠢ᠍ᠭ᠎ᠠ ᠵᠢᠨ ᠰᠢᠯᠳᠠᠭ᠋ᠠᠨ᠎ᠢ ᠭᠡᠯᠡᠨ᠎ᠤ ᠠᠰᠠᠭᠤᠳᠠᠯ᠎ᠳᠤ ᠲᠠᠯᠪᠢᠵᠠᠢ᠃ ᠦᠭᠡᠷ᠎ᠠ᠎ᠪᠠᠷ ᠭᠡᠯᠡᠪᠡᠯ ᠲᠤᠮᠳᠠᠳᠤ ᠤᠯᠤᠰ᠂ ᠶᠠᠫᠤᠨ᠂ ᠺᠤᠷᠢᠶᠠ᠂ ᠲᠦᠷᠺ ᠵᠡᠷᠭᠡ ᠤᠯᠤᠰ᠎ᠤᠨ ᠭᠡᠯᠡᠨ᠎ᠳᠤ ᠲᠤᠭ᠋ᠠᠨ᠎ᠤ ᠤᠬᠠᠭ᠋ᠠᠨ᠎ᠤ ᠤᠤᠭ᠋ᠠᠯ ᠲᠠᠪᠠᠭᠤᠯᠢᠬ ᠲᠠᠯ᠎ᠠ᠎ᠲᠠᠢ ᠭᠡᠵᠡᠢ᠃ ᠵᠢᠱ᠌ᠢᠶᠡᠯᠡᠪᠡᠯ᠂ ᠭᠢᠳᠠᠳ ᠭᠡᠯᠡ᠎ᠪᠠᠷ ᠠᠪᠴᠤ ᠭᠡᠯᠡᠪᠡᠯ 10 ᠰᠠᠭᠤᠷᠢ ᠬᠢᠳᠠᠳ ᠦᠰᠦᠭ ᠵᠶ᠋ᠠᠷ ᠪᠤᠢ ᠪᠦᠭᠦᠢ ᠲᠤᠭ᠎ᠠ ᠵᠢ ᠢᠯᠠᠳᠭᠡᠵᠦ ᠴᠢᠳᠠᠨ᠎ᠠ᠂ ᠭᠡᠳᠡᠯ᠎ᠠ ᠠᠨᠭ᠌ᠭ᠍ᠯᠢ ᠭᠡᠯ᠎ᠠ 20 ᠠᠳᠠᠯᠢ ᠪᠤᠰᠤ ᠲᠡᠩ ᠦᠭᠡ ᠵᠢ ᠭᠡᠷᠡᠭᠯᠠᠳᠡᠭ ᠪᠤᠯᠬᠤᠷ ᠲᠡᠷᠢᠬᠢᠨᠤ ᠪᠤᠳᠤᠬᠤ ᠨᠤᠷᠮ᠎ᠠ ᠵᠢ ᠨᠦᠯᠦᠭᠡᠯᠡᠵᠦ ᠪᠠᠢ᠍ᠢ᠍ᠨ᠎ᠠ ᠭᠡᠵᠦ ᠦᠵᠠᠵᠠᠢ᠃
ᠪᠤᠳᠤᠬᠤ ᠶᠠᠪᠤᠴᠠ᠎ᠳᠤ 《ᠠᠷᠪᠠ ᠪᠤᠯᠭ᠋ᠠᠬᠤ ᠠᠷᠭ᠎ᠠ》 ᠵᠢᠨ ᠭᠡᠷᠡᠭᠯᠠᠯᠳᠠ᠎ᠨᠢ ᠴᠦ᠍ ᠵᠤᠬᠢᠬᠤ ᠨᠦᠯᠦᠭᠡ᠎ᠲᠠᠢ ᠪᠠᠢ᠍ᠢ᠍ᠵᠤ ᠮᠠᠳᠠᠨ᠎ᠠ᠃ ᠦᠭᠡᠷ᠎ᠠ᠎ᠪᠠᠷ ᠭᠡᠯᠡᠪᠡᠯ ᠭᠡᠷᠪᠡ ᠲᠤᠭ᠎ᠠ ᠵᠢ ᠤᠷᠢᠳ ᠵᠶ᠋ᠠᠷ ᠠᠷᠪᠠ ᠪᠤᠯᠭ᠋ᠠᠵᠤ ᠪᠤᠳᠤᠬᠤ᠎ᠨᠢ ᠨᠡᠩ ᠲᠤᠳᠤᠷᠬᠠᠢ ᠪᠦᠭᠡᠳ ᠲᠦᠷᠭᠡᠨ ᠪᠠᠢ᠍ᠢ᠍ᠵᠤ ᠮᠠᠳᠠᠨ᠎ᠠ᠃ ᠵᠢᠱ᠌ᠢᠶᠡᠯᠡᠪᠡᠯ᠂ 《9+5》 ᠵᠢ 《ᠠᠷᠪᠠ ᠪᠤᠯᠭ᠋ᠠᠬᠤ ᠠᠷᠭ᠎ᠠ》 ᠵᠢ ᠭᠡᠷᠡᠭᠯᠡᠪᠡᠯ ᠳᠠᠷᠤᠢ 《9+1》 ᠪᠤᠯᠭ᠋ᠠᠭᠰᠠᠨ᠎ᠤ ᠳᠠᠷᠠᠭ᠎ᠠ 《10+4》 ᠪᠤᠯᠤᠨ᠎ᠠ᠃ ᠭᠡᠳᠡᠯ᠎ᠡ ᠠᠨᠭ᠌ᠭ᠍ᠯᠢ ᠭᠡᠯᠡ ᠭᠡᠷᠡᠭᠯᠡᠭᠴᠢᠳ ᠬᠠᠷᠢᠨ ᠢᠯᠭᠤᠮ ᠵᠠᠳᠠᠯᠵᠤ ᠴᠢᠳᠠᠬᠤ ᠦᠭᠡᠢ ᠪᠠᠢ᠍ᠢ᠍ᠳᠠᠬ᠃ ᠠᠳᠠᠯᠢ᠎ᠪᠠᠷ 《11+17》 ᠵᠢ ᠬᠢᠳᠠᠳ ᠭᠡᠯᠡ᠎ᠪᠠᠷ 《10+1+10+7》 ᠭᠡᠵᠦ ᠤᠷᠤᠯᠠᠵᠤ ᠪᠤᠯᠬᠤ ᠪᠠᠢ᠍ᠢ᠍ᠳᠠᠯ᠎ᠠ ᠠᠨᠭ᠌ᠭ᠍ᠯᠢ ᠭᠡᠯᠡ᠎ᠪᠠᠷ 《eleven+sev-enteen》 ᠭᠡᠵᠦ ᠪᠤᠯᠬᠤ ᠦᠭᠡᠢ ᠪᠠᠢ᠍ᠢ᠍ᠳᠠᠬ᠃
ᠵᠠᠷᠢᠮ ᠠ᠋ᠷᠳᠠᠮᠳᠠᠨ ᠠ᠋ᠨᠡ ᠠᠰᠠᠭᠤᠳᠠᠯ᠎ᠢ ᠲᠠᠬᠢᠨ ᠲᠠᠪᠳᠠᠨ ᠪᠤᠳᠤᠯᠬᠢᠯᠠᠵᠤ ᠦᠨᠭᠭᠡᠷᠡᠵᠡᠢ᠃ ᠲᠠᠳᠠᠨ᠎ᠤ ᠲᠤᠳᠤᠷᠠᠬᠢ ᠬᠠᠮᠤᠭ᠎ᠤᠨ ᠨᠠᠢ᠍ᠢ᠍ᠳᠡᠯᠢᠭ ᠵᠢᠱ᠌ᠢᠶ᠎ᠠ ᠪᠤᠯᠬᠤ ᠭᠦᠮᠦᠨ ᠪᠤᠯ ᠰᠤᠨᠢᠨ ᠬᠠᠴᠢᠨ ᠠᠪᠢᠶᠠᠰᠳᠠᠨ ᠭᠡᠵᠦ ᠨᠡᠷᠡᠯᠡᠭᠳᠡᠭᠰᠡᠨ ᠮᠠᠯᠺᠸᠮ· ᠭᠯᠡᠳᠠᠸᠸᠢᠯ ᠪᠤᠯᠤᠨ᠎ᠠ᠃ ᠲᠠᠷᠠ 《ᠤᠨᠳᠤᠤ ᠲᠦᠷᠦᠯ᠄ ᠢᠵᠢᠯᠢ ᠪᠤᠰᠤ ᠠᠮᠵᠢᠯᠳᠠ ᠵᠢᠨ ᠰᠠᠨᠭ᠌ᠭᠡᠷᠡᠭᠦᠯᠤᠯᠳᠠ》 ᠭᠡᠳᠡᠭ ᠨᠤᠮ᠎ᠳᠤ᠎ᠪᠠᠨ 《ᠲᠤᠳᠤᠷᠭ᠋ᠠᠨ ᠲᠠᠷᠢᠶ᠎ᠠ ᠬᠢᠭᠡᠳ ᠲᠤᠭ᠋ᠠᠨ᠎ᠤ ᠤᠬᠠᠭ᠋ᠠᠨ》 ᠭᠡᠰᠡᠨ ᠰᠡᠳᠤᠪ ᠵᠶ᠋ᠠᠷ ᠲᠤᠮᠳᠠᠳᠤ ᠤᠯᠤᠰ᠎ᠤᠨ ᠭᠦᠮᠦᠨ᠎ᠤ ᠲᠤᠭ᠋ᠠᠨ᠎ᠤ ᠤᠬᠠᠭ᠋ᠠᠨ᠎ᠨᠢ ᠤᠨᠴᠠᠭ᠋ᠠᠢ ᠰᠠᠢ᠍ᠢ᠍ᠨ ᠪᠠᠢ᠍ᠢ᠍ᠳᠠᠬ ᠦᠵᠡᠭᠳᠡᠯ᠎ᠢ ᠲᠤᠰᠬᠠᠢ᠍ᠢ᠍ᠯᠠᠨ ᠵᠠᠳᠠᠯᠤᠨ ᠰᠤᠳᠤᠯᠵᠠᠢ᠃ ᠭᠯᠡᠳᠠᠸᠸᠢᠯᠤᠨ ᠲᠠᠢ᠍ᠢ᠍ᠯᠪᠤᠷᠢᠯᠠᠯᠳᠠᠨᠢ ᠦᠵᠠᠭᠦ᠎ᠳᠤ ᠲᠤᠩ ᠶᠤᠰᠤᠳᠠᠢ ᠪᠠᠢ᠍ᠢ᠍ᠪᠠ᠃ ᠠ᠋ᠮᠦᠨ᠎ᠠ ᠲᠤᠷᠠᠳᠤᠭᠰᠠᠨ 10 ᠦᠨᠳᠤᠰᠤᠨ ᠬᠢᠳᠠᠳ ᠦᠰᠦᠭ᠎ᠨᠢ ᠪᠤᠢ ᠪᠦᠭᠦᠢ ᠲᠤᠭ᠎ᠠ ᠵᠢ ᠢᠯᠡᠷᠭᠡᠢ᠍ᠢ᠍ᠯᠡᠭᠦᠠᠴᠠ ᠭᠠᠳᠠᠨ᠎ᠠ ᠲᠠᠷᠠ ᠪᠠᠰᠠ ᠬᠢᠳᠠᠳ ᠭᠡᠯᠡᠨ᠎ᠤ ᠲᠠᠩ ᠠᠪᠢᠶ᠎ᠠ᠎ᠨᠢ ᠲᠤᠮᠳᠠᠳᠤ ᠤᠯᠤᠰ᠎ᠤᠨ ᠭᠦᠮᠦᠨ᠎ᠤ ᠲᠤᠭ᠎ᠠ ᠵᠢ ᠰᠢᠢ᠍ᠳᠪᠤᠷᠢᠯᠡᠭᠦ ᠦᠶ᠎ᠠ ᠵᠢᠨ ᠴᠡᠭᠡᠵᠢ ᠪᠤᠳᠤᠯᠭ᠎ᠠ ᠵᠢᠨ ᠬᠤᠷᠳᠤᠴᠠ ᠵᠢ ᠨᠠᠩ ᠲᠦᠷᠭᠡᠳᠭᠡᠭᠰᠡᠨ ᠪᠠᠢ᠍ᠢ᠍ᠨ᠎ᠠ᠃ ᠲᠤᠮᠳᠠᠳᠤ ᠤᠯᠤᠰ᠎ᠤᠨ ᠭᠦᠮᠦᠨ᠎ᠤ ᠦᠭᠡ ᠭᠡᠯᠡᠨ ᠳᠡᠭᠡᠷᠡᠬᠢ ᠦᠭᠡᠷ᠎ᠠ ᠨᠢᠭᠡ ᠲᠠᠪᠠᠭᠤᠯᠢᠬ ᠲᠠᠯ᠎ᠠ ᠪᠤᠯ ᠬᠢᠳᠠᠳ ᠭᠡᠯᠡᠠᠳᠤᠬᠢ ᠲᠤᠭ᠎ᠠ ᠵᠢ ᠢᠯᠠᠳᠭᠡᠭᠦ ᠭᠡᠯᠪᠠᠷᠢ᠎ᠨᠢ ᠶᠡᠷᠦ᠎ᠠᠴᠠ ᠪᠤᠰᠤᠳ ᠦᠭᠡ ᠭᠡᠯᠡ᠎ᠠᠴᠠ ᠲᠦᠭᠦᠮ ᠲᠤᠳᠤᠷᠬᠠᠢ ᠪᠠᠢ᠍ᠢ᠍ᠳᠠᠬ ᠭᠡᠵᠦ ᠦᠵᠠᠵᠠᠢ᠃ ᠭᠡᠪᠡᠴᠤ ᠭᠯᠡᠳᠠᠸᠸᠢᠯ ᠪᠠᠰᠠ ᠲᠤᠮᠳᠠᠳᠤ ᠤᠯᠤᠰ᠎ᠤᠨ ᠭᠦᠮᠦᠨ᠎ᠤ ᠲᠤᠭ᠋ᠠᠨ᠎ᠤ ᠤᠬᠠᠭ᠋ᠠᠨ ᠰᠠᠢ᠍ᠢ᠍ᠨ ᠪᠠᠢ᠍ᠢ᠍ᠳᠠᠬ᠎ᠨᠢ ᠵᠦᠪᠭᠡᠨ ᠠ᠋ᠮᠦᠨ᠎ᠠ ᠲᠤᠷᠠᠳᠤᠭᠰᠠᠨ ᠦᠭᠡ ᠭᠡᠯᠡᠨ᠎ᠤ ᠲᠠᠪᠠᠭᠤᠯᠢᠬᠲᠤᠨᠢ ᠪᠠᠢ᠍ᠢ᠍ᠳᠠᠬ ᠲᠠᠳᠤᠢ ᠪᠢᠰᠢ ᠲᠤᠮᠳᠠᠳᠤ ᠤᠯᠤᠰ᠎ᠤᠨ ᠲᠤᠳᠤᠷᠭ᠎ᠠ᠎ᠪᠠᠷ ᠭᠤᠤᠯ ᠪᠤᠯᠭ᠋ᠠᠭᠰᠠᠨ ᠲᠠᠷᠢᠶᠠᠯᠠᠬᠤ ᠰᠤᠶᠤᠯ᠎ᠨᠢ ᠠᠳᠠᠯᠢᠬᠠᠨ ᠰᠢᠢ᠍ᠳᠪᠤᠷᠢᠯᠡᠭᠦ ᠴᠢᠨᠠᠷᠳᠠᠢ ᠦᠢ᠍ᠯᠠᠳᠤᠯ ᠦᠵᠠᠭᠦᠯᠳᠡᠭ ᠭᠡᠰᠡᠨ ᠦᠵᠠᠯᠳᠠ ᠵᠢ ᠲᠤᠷᠠᠳᠴᠠᠢ᠃ ᠭᠯᠡᠳᠡᠸᠸᠢᠯ ᠲᠤᠳᠤᠷᠭ᠎ᠠ ᠲᠠᠷᠢᠬᠤ᠎ᠪᠠᠷ ᠭᠤᠤᠯ ᠪᠤᠯᠭ᠋ᠠᠭᠰᠠᠨ ᠶᠠᠫᠤᠨ᠂ ᠺᠤᠷᠢᠶᠠ ᠵᠢᠨ ᠭᠦᠮᠦᠰ᠎ᠤᠨ ᠲᠤᠭ᠋ᠠᠨ᠎ᠤ ᠤᠬᠠᠭ᠋ᠠᠨ᠎ᠤ ᠴᠢᠳᠠᠪᠤᠷᠢ ᠠᠳᠠᠯᠢᠬᠠᠨ ᠰᠠᠢ᠍ᠢ᠍ᠨ ᠪᠠᠢ᠍ᠢ᠍ᠳᠠᠬᠢ ᠠᠨᠭ᠌ᠬᠠᠷᠤᠯᠳᠤᠪᠠᠨ ᠠᠪᠴᠠᠢ᠃ ᠲᠤᠳᠤᠷᠭ᠎ᠠ ᠲᠠᠷᠢᠬᠤ᠎ᠳᠤ ᠲᠤᠬᠢᠷᠠᠮᠵᠢᠳᠠᠢ ᠭᠠᠵᠠᠷ ᠤᠷᠤᠨ᠎ᠤ ᠲᠠᠷᠢᠶᠠᠴᠢᠳ ᠵᠢᠯ᠎ᠤᠨ ᠲᠦᠷᠪᠡᠨ ᠤᠯᠠᠷᠢᠯ᠎ᠳᠤ ᠶᠠᠭ᠋ᠠᠷᠠᠬᠤ ᠲᠤᠮᠳᠠ᠎ᠪᠠᠨ ᠭᠠᠵᠠᠷ ᠰᠢᠷᠤᠢ ᠪᠠ ᠴᠠᠭ ᠵᠶ᠋ᠠᠨ ᠭᠦᠢ᠍ᠴᠡᠳ ᠠᠰᠢᠭᠯᠠᠬᠤ ᠵᠢᠨ ᠲᠦᠯᠦᠭᠡ ᠪᠤᠭᠤᠳᠠᠢ ᠲᠠᠷᠢᠬᠤ ᠲᠠᠷᠢᠶᠠᠴᠢᠳ᠎ᠠᠴᠠ ᠬᠤᠯᠠ ᠢᠯᠠᠭᠦᠦ ᠨᠠᠷᠢᠨ ᠪᠤᠳᠤᠵᠤ ᠨᠢᠮᠪᠠᠢ ᠲᠦᠯᠦᠪᠯᠠᠳᠡᠭ᠃ ᠠ᠋ᠭᠦᠨ᠎ᠠᠴᠠ ᠭᠠᠳᠠᠨ᠎ᠠ ᠲᠤᠮᠳᠠᠳᠤ ᠤᠯᠤᠰ᠎ᠤᠨ ᠲᠠᠷᠢᠶᠠᠴᠢᠳ ᠠ᠋ᠷᠳᠠ ᠦᠶ᠎ᠠ᠎ᠳᠤ ᠪᠦᠷ ᠲᠠᠷᠠᠬᠠᠢ ᠪᠤᠳᠠᠷᠬᠠᠢ ᠵᠢᠵᠢᠭ ᠠ᠋ᠷᠦᠭᠡ᠎ᠪᠠᠷ ᠰᠠᠭᠤᠷᠢᠰᠢᠵᠤ᠂ ᠠᠵᠤ ᠠᠬᠤᠢ ᠵᠢᠨ ᠲᠤᠰᠠᠭ᠋ᠠᠷ ᠴᠢᠨᠠᠷ᠎ᠨᠢ ᠲᠠᠷᠢᠶᠠᠴᠢᠨ ᠨᠢᠭᠡ ᠪᠦᠷᠢ ᠵᠢ ᠠᠵᠤ ᠠᠬᠤᠢ᠍ᠢ᠍ᠯᠠᠯᠳᠠᠨ ᠠᠳᠠᠯᠢ ᠪᠤᠳᠤᠵᠤ ᠲᠤᠭ᠋ᠠᠴᠠᠬᠤ ᠵᠢ ᠰᠤᠷᠬᠤ ᠭᠡᠷᠡᠭᠳᠠᠢ ᠪᠤᠯᠭ᠋ᠠᠵᠠᠢ᠃ ᠤᠷᠳᠤ ᠤᠳᠠᠭ᠋ᠠᠨ ᠲᠠᠦᠭᠡ ᠵᠢᠨ ᠶᠠᠪᠤᠴᠠ᠎ᠳᠤ᠎ᠬᠢ ᠦᠷᠢᠰᠦᠯᠳᠤᠭᠡᠨ ᠰᠤᠨᠭ᠌ᠭᠤᠯᠳᠠ᠎ᠨᠢ ᠲᠤᠳᠤᠷᠭ᠎ᠠ ᠲᠠᠷᠢᠬᠤ᠎ᠪᠠᠷ ᠭᠤᠤᠯᠯᠠᠭᠰᠠᠨ ᠨᠠᠢ᠍ᠢ᠍ᠭᠡᠮ᠎ᠤᠨ ᠲᠤᠭ᠋ᠠᠨ᠎ᠤ ᠤᠬᠠᠭ᠋ᠠᠨ᠎ᠤ ᠴᠢᠳᠠᠪᠤᠷᠢ ᠵᠢ ᠨᠡᠩ ᠰᠠᠢ᠍ᠢ᠍ᠨ ᠪᠤᠯᠭ᠋ᠠᠭᠰᠠᠨ ᠪᠠᠢ᠍ᠢ᠍ᠨ᠎ᠠ᠃
ᠭᠯᠡᠳᠠᠸᠸᠢᠯᠤᠨ ᠵᠠᠳᠠᠯᠤᠯᠳᠠ᠎ᠨᠢ ᠲᠤᠩ ᠶᠡᠭᠡ ᠶᠤᠰᠤᠳᠠᠢ ᠪᠤᠯᠪᠠᠴᠤ ᠲᠡᠭᠦᠨ᠎ᠤ ᠦᠵᠡᠭᠳᠡᠯ᠎ᠳᠠᠬᠢ ᠠᠵᠢᠭᠯᠠᠯᠳᠠ ᠴᠦ᠍ ᠲᠠᠷᠠ᠂ ᠲᠠᠢ᠍ᠢ᠍ᠯᠪᠤᠷᠢᠯᠠᠯᠳᠠ ᠴᠦ᠍ ᠲᠠᠷᠠ ᠪᠦᠷ ᠲᠦᠢ᠍ᠯ᠎ᠤᠨ ᠭᠦᠨᠳᠤ ᠨᠤᠴᠢᠳᠠᠢ ᠠ᠋ᠮᠵᠡᠭ ᠤᠷᠤᠰᠢᠵᠤ ᠪᠠᠢ᠍ᠢ᠍ᠨ᠎ᠠ᠃ ᠴᠠᠭ᠋ᠠᠰᠢᠯᠠᠪᠠᠯ ᠲᠡᠭᠦᠨ᠎ᠤ ᠰᠤᠳᠤᠯᠤᠯᠳᠠ᠎ᠨᠢ ᠶᠠᠮᠠᠷ ᠴᠦ᠍ ᠦᠨ᠎ᠠ ᠦᠷᠳᠡᠭ ᠦᠭᠡᠢ ᠪᠠᠢ᠍ᠢ᠍ᠵᠤ ᠮᠠᠳᠠᠨ᠎ᠠ᠃
ᠬᠤᠶᠠᠷ᠂ ᠲᠤᠮᠳᠠᠳᠤ ᠤᠯᠤᠰ᠎ᠤᠨ ᠭᠦᠮᠦᠨ᠎ᠤ ᠲᠤᠭ᠋ᠠᠨ᠎ᠤ ᠤᠬᠠᠭ᠋ᠠᠨ ᠰᠠᠢ᠍ᠢ᠍ᠨ ᠭᠡᠵᠢ ᠤᠤ
ᠨᠢᠭᠡᠳᠤᠭᠡᠷ ᠠᠰᠠᠭᠤᠳᠠᠯ ᠪᠤᠯ ᠲᠤᠭ᠋ᠠᠨ᠎ᠤ ᠤᠬᠠᠭ᠋ᠠᠨ ᠰᠠᠢ᠍ᠢ᠍ᠨ ᠭᠡᠳᠡᠭ᠎ᠤᠨ ᠪᠠᠷᠢᠮᠵᠢᠶ᠎ᠠ᠎ᠨᠢ ᠶᠠᠭᠤ ᠪᠤᠢ?
ᠭᠡᠷᠪᠡ ᠪᠢᠳᠠ ᠲᠤᠭ᠋ᠠᠨ᠎ᠤ ᠤᠬᠠᠭ᠋ᠠᠨ ᠰᠠᠢ᠍ᠢ᠍ᠨ ᠭᠡᠳᠡᠭ᠎ᠨᠢ ᠲᠤᠭ᠋ᠠᠨ᠎ᠤ ᠤᠬᠠᠭ᠋ᠠᠨ᠎ᠤ ᠰᠤᠳᠤᠯᠭ᠋ᠠᠨ᠎ᠤ ᠬᠢᠷᠢ ᠲᠦᠪᠰᠢᠨ᠎ᠢ ᠵᠢᠭ᠋ᠠᠵᠤ ᠪᠠᠢ᠍ᠢ᠍ᠨ᠎ᠠ ᠭᠡᠵᠦ ᠦᠵᠠᠭᠦ᠎ᠳᠤ ᠭᠦᠷᠪᠡᠯ ᠠᠰᠠᠭᠤᠳᠠᠯ ᠳᠠᠷᠤᠢ ᠭᠠᠷᠤᠭ᠋ᠠᠳ ᠢᠷᠠᠨ᠎ᠠ᠃ ᠲᠤᠭ᠋ᠠᠨ᠎ᠤ ᠤᠬᠠᠭ᠋ᠠᠨ᠎ᠢ ᠶᠡᠭᠡ ᠲᠠᠭᠡᠳᠤ ᠰᠤᠷᠭ᠋ᠠᠭᠤᠯᠢ ᠪᠤᠶᠤ ᠰᠤᠳᠤᠯᠭ᠋ᠠᠨ᠎ᠤ ᠭᠦᠷᠢᠶᠡᠨ᠎ᠳᠤ ᠠᠪᠤᠭ᠋ᠠᠳ ᠭᠡᠯᠡᠭᠦ᠎ᠳᠤ ᠪᠢᠳᠠᠭᠤ ᠲᠤᠷᠤᠢ ᠠᠮᠸᠷᠢᠺᠠ ᠭᠦᠮᠦᠨ ᠲᠤᠤᠷ᠎ᠠ᠎ᠪᠠᠨ ᠲᠤᠪᠤᠢ᠍ᠢ᠍ᠨ ᠪᠤᠰᠴᠤ ᠢᠷᠡᠭᠡᠳ᠂ ᠬᠠᠷᠢᠨ ᠲᠤᠮᠳᠠᠳᠤ ᠵᠢᠨ ᠭᠦᠮᠦᠨ᠎ᠤ ᠲᠤᠭ᠋ᠠᠨ᠎ᠤ ᠤᠬᠠᠭ᠋ᠠᠨ᠎ᠤ ᠲᠠᠪᠠᠭᠤᠯᠢᠬ ᠲᠠᠯ᠎ᠠ᠎ᠨᠢ ᠦᠯᠦ ᠮᠠᠳᠡᠭᠳᠡᠮ᠎ᠡ ᠪᠤᠯᠴᠢᠬᠠᠨ᠎ᠠ᠃ ᠲᠠᠯᠠᠭᠡᠢ ᠵᠢᠨ ᠲᠤᠭ᠋ᠠᠨ᠎ᠤ ᠤᠬᠠᠭ᠋ᠠᠨ᠎ᠤ ᠰᠤᠳᠤᠯᠭ᠋ᠠᠨ᠎ᠳᠤ ᠠᠮᠸᠷᠢᠺᠠ᠂ ᠹᠷᠠᠨᠼᠢ᠂ ᠤᠷᠤᠰ ᠵᠠᠢ᠍ᠢ᠍ᠯᠠᠰᠢ ᠦᠭᠡᠢ ᠲᠠᠷᠢᠭᠦᠨ ᠪᠠᠢ᠍ᠢ᠍ᠷᠢᠨ᠎ᠳᠤ ᠤᠷᠤᠨ᠎ᠠ᠃ ᠢᠰᠷᠸᠯ᠂ ᠶᠠᠫᠤᠨ ᠵᠡᠷᠭᠡ ᠤᠯᠤᠰ ᠴᠦ᠍ ᠲᠤᠮᠳᠠᠳᠤ ᠤᠯᠤᠰ᠎ᠤᠨ ᠠ᠋ᠮᠦᠨ᠎ᠡ ᠵᠢᠭᠰᠠᠭ᠋ᠠᠭᠳᠠᠨᠠ᠃ ᠲᠤᠮᠳᠠᠳᠤ ᠰᠤᠷᠭ᠋ᠠᠭᠤᠯᠢ ᠵᠢᠨ ᠲᠤᠭ᠋ᠠᠨ᠎ᠤ ᠤᠬᠠᠭ᠋ᠠᠨ᠎ᠤ ᠵᠢᠭ᠋ᠠᠨ ᠰᠤᠷᠭ᠋ᠠᠯᠳᠠ᠎ᠳᠤ ᠲᠤᠮᠳᠠᠳᠤ ᠤᠯᠤᠰ᠎ᠠᠴᠠ ᠲᠤᠷᠰᠢᠯᠭ᠎ᠠ ᠰᠤᠷᠴᠤ ᠪᠠᠢ᠍ᠢ᠍ᠭᠰᠠᠨ ᠠᠨᠭ᠌ᠭ᠍ᠯᠢ ᠴᠦ᠍ ᠲᠤᠭ᠋ᠠᠨ᠎ᠤ ᠤᠬᠠᠭ᠋ᠠᠨ᠎ᠤ ᠰᠤᠳᠤᠯᠭ᠋ᠠᠨ᠎ᠤ ᠲᠠᠯ᠎ᠠ᠎ᠪᠠᠷ ᠲᠤᠮᠳᠠᠳᠤ ᠤᠯᠤᠰ᠎ᠠᠴᠠ ᠬᠤᠯᠠ ᠠ᠋ᠮᠦᠨ᠎ᠡ ᠶᠠᠪᠤᠵᠤ ᠪᠠᠢ᠍ᠢ᠍ᠳᠠᠬ᠃ ᠭᠡᠷᠪᠡ ᠶᠠᠷᠢᠯᠴᠠᠭ᠋ᠠᠨ᠎ᠤ ᠰᠠᠳᠤᠪ᠎ᠢ ᠰᠤᠳᠤᠯᠭ᠋ᠠᠨ ᠬᠢᠭᠡᠳ ᠭᠡᠷᠡᠭᠯᠡᠭᠡᠨ᠎ᠤ ᠭᠦᠷᠢᠶ᠎ᠠ ᠭᠡᠪᠴᠢᠶᠡᠨ᠎ᠳᠤ ᠦᠷᠭᠡᠳᠭᠡᠨ ᠶᠠᠷᠢᠯᠴᠠᠬᠤ᠎ᠳᠤ ᠭᠦᠷᠪᠡᠯ ᠬᠠᠷᠢᠨ ᠲᠤᠮᠳᠠᠳᠤ ᠤᠯᠤᠰ᠎ᠤᠨ ᠭᠦᠮᠦᠨ᠎ᠤ ᠲᠤᠭ᠋ᠠᠨ᠎ᠤ ᠤᠬᠠᠭ᠋ᠠᠨ᠎ᠤ ᠰᠤᠳᠤᠯᠭ᠋ᠠᠨ ᠶᠠᠭ᠋ᠠᠬᠢᠭ᠋ᠠᠳ ᠲᠠᠳᠡᠭᠡᠷ ᠤᠯᠤᠰ᠎ᠲᠤ ᠭᠦᠷᠭᠦ ᠦᠭᠡᠢ ᠪᠤᠢ ᠭᠡᠰᠡᠨ ᠰᠢᠨ᠎ᠠ ᠠᠰᠠᠭᠤᠳᠠᠯ ᠭᠠᠷᠴᠤ ᠢᠷᠠᠨ᠎ᠠ᠃
ᠤᠯᠠᠨ ᠤᠯᠤᠰ᠎ᠤᠨ ᠲᠤᠭ᠋ᠠᠨ᠎ᠤ ᠤᠬᠠᠭ᠋ᠠᠨ᠎ᠤ ᠤᠯᠢᠮᠫᠢᠺ᠎ᠤᠨ ᠤᠷᠤᠯᠳᠤᠭ᠋ᠠᠨ ᠵᠶ᠋ᠠᠷ ᠵᠢᠱ᠌ᠢᠶᠡᠯᠡᠭᠦᠳᠤ ᠲᠤᠮᠳᠠᠳᠤ ᠤᠯᠤᠰ᠎ᠠᠴᠠ ᠭᠠᠳᠠᠨ᠎ᠠ 1985 ᠤᠨ᠎ᠠᠴᠠ ᠬᠤᠢ᠍ᠢ᠍ᠰᠢ ᠮᠠᠰᠢ ᠤᠯᠠᠨ ᠠᠯᠳᠠᠨ ᠮᠸᠳᠡᠯ ᠤᠯᠤᠭᠴᠢᠳ ᠨᠢᠭᠡᠨᠳᠠ ᠲᠠᠯᠠᠭᠡᠢ ᠵᠢᠨ ᠲᠤᠭ᠋ᠠᠨ᠎ᠤ ᠤᠬᠠᠭ᠋ᠠᠨ᠎ᠤ ᠠ᠋ᠳᠡᠭᠡᠳ᠎ᠲᠤ ᠢᠯᠠᠷᠠᠨ ᠭᠠᠷᠤᠭᠰᠠᠨ ᠪᠠᠢ᠍ᠢ᠍ᠨ᠎ᠠ᠃ ᠹᠷᠠᠨᠼᠢ᠂ ᠤᠷᠤᠰ᠂ ᠠᠮᠸᠷᠢᠺᠠ᠂ ᠬᠠᠨᠭ᠌ᠭ᠋ᠠᠷᠢ᠂ ᠪᠠᠷᠠᠽᠢᠯ ᠵᠡᠷᠭᠡ ᠤᠯᠤᠰ᠎ᠤᠨ ᠤᠷᠤᠯᠴᠠᠭᠰᠠᠳ ᠪᠦᠷ ᠹᠢᠯᠽ ᠱᠠᠨᠭ᠌ᠨᠠᠯ᠂ ᠺᠷᠢᠢ ᠱᠠᠨᠭ᠌ᠨᠠᠯ ᠵᠡᠷᠭᠡ ᠵᠢ ᠤᠯᠵᠤ ᠦᠨᠭᠭᠡᠷᠡᠵᠡᠢ᠃ ᠭᠡᠳᠡᠯ᠎ᠠ ᠲᠤᠮᠳᠠᠳᠤ ᠤᠯᠤᠰ᠎ᠤᠨ ᠤᠷᠤᠯᠴᠠᠭᠰᠠᠳ ᠬᠠᠷᠢᠨ ᠰᠤᠳᠤᠯᠭ᠋ᠠᠨ᠎ᠤ ᠬᠢᠷᠢ ᠲᠦᠪᠰᠢᠨ ᠲᠡᠭᠡᠷ᠎ᠠ᠎ᠪᠠᠨ ᠶᠠᠷᠦᠨᠭᠭᠡᠢᠳᠤᠪᠠᠨ ᠢᠯᠠᠭᠳᠠᠭᠴᠢᠠᠴᠠᠪᠠᠨ ᠬᠤᠴᠤᠷᠴᠤ ᠪᠠᠢ᠍ᠢ᠍ᠳᠠᠬ᠃ ᠠᠮᠸᠷᠢᠺᠠ ᠵᠢᠨ ᠲᠤᠭ᠋ᠠᠨ᠎ᠤ ᠤᠬᠠᠭ᠋ᠠᠨ᠎ᠤ ᠰᠤᠳᠤᠯᠭ᠋ᠠᠨ ᠤᠨᠴᠠᠭ᠋ᠠᠢ ᠰᠠᠢ᠍ᠢ᠍ᠨ ᠪᠠᠢ᠍ᠢ᠍ᠳᠠᠬ᠃ ᠲᠠᠩ ᠭᠠᠭᠴᠠ ᠲᠤᠭ᠋ᠠᠨ᠎ᠤ ᠤᠬᠠᠭ᠋ᠠᠨ᠎ᠤ ᠭᠦᠷᠢᠶᠠᠨ᠎ᠳᠤ ᠪᠢᠰᠢ᠂ ᠲᠤᠭ᠋ᠠᠨ᠎ᠤ ᠤᠬᠠᠭ᠋ᠠᠨ᠎ᠤ ᠮᠠᠳᠠᠯᠭᠡ ᠵᠢ ᠶᠡᠭᠡ᠎ᠪᠠᠷ ᠭᠡᠷᠡᠭᠯᠡᠳᠡᠭ ᠹᠢᠽᠢᠺ᠂ ᠬᠢᠮᠢ᠂ ᠮᠦᠨᠭᠭᠦᠨ ᠭᠦᠢ᠍ᠯᠭᠡᠭᠡ᠂ ᠰᠠᠭᠤᠷᠢ ᠠ᠋ᠯᠸᠺᠲᠷᠤᠨᠤ ᠰᠢᠨᠵᠢᠯᠡᠭᠦ ᠤᠬᠠᠭ᠋ᠠᠨ ᠵᠡᠷᠭᠡ ᠲᠠᠯ᠎ᠠ᠎ᠪᠠᠷ ᠴᠦ᠍ ᠲᠠᠷᠢᠭᠦᠨ ᠪᠠᠢ᠍ᠢ᠍ᠷᠢᠨ᠎ᠳᠤ ᠶᠠᠪᠤᠵᠤ ᠪᠠᠢ᠍ᠢ᠍ᠨ᠎ᠠ᠃ ᠠᠮᠸᠷᠢᠺᠠ ᠠ᠋ᠳᠡᠭᠡᠷ ᠲᠤᠭ᠋ᠠᠨ᠎ᠤ ᠤᠬᠠᠭ᠋ᠠᠨ᠎ᠳᠤ ᠲᠦᠰᠢᠭᠯᠡᠳᠡᠭ ᠭᠦᠷᠢᠶ᠎ᠠ ᠭᠡᠪᠴᠢᠶᠡᠨ᠎ᠳᠤ ᠶᠡᠭᠡ ᠭᠡᠮᠵᠢᠶᠡᠨ᠎ᠤ ᠴᠢᠳᠠᠪᠤᠷᠢᠳᠠᠨ ᠴᠤᠭᠯᠠᠭᠤᠯᠵᠠᠢ᠃ ᠲᠡᠳᠡᠭᠡᠷ ᠪᠠᠢ᠍ᠢ᠍ᠭ᠋ᠠᠯᠢ ᠵᠢᠨ ᠰᠢᠨᠵᠢᠯᠠᠭᠦ ᠤᠬᠠᠭ᠋ᠠᠨᠳᠠᠨ ᠪᠠ ᠢᠨᠵᠸᠨ᠋ᠸᠷ᠎ᠤᠨ ᠲᠤᠭ᠋ᠠᠨ᠎ᠤ ᠤᠬᠠᠭ᠋ᠠᠨ᠎ᠤ ᠶᠡᠷᠦᠨᠭᠭᠡᠢ ᠬᠢᠷᠢ ᠲᠦᠪᠰᠢᠨ᠎ᠨᠢ ᠴᠦ᠍ ᠲᠤᠮᠳᠠᠳᠤ ᠤᠯᠤᠰ᠎ᠤᠨ ᠠ᠋ᠷᠳᠠᠮᠳᠠᠳᠠᠴᠠ ᠲᠤᠤᠷ᠎ᠠ ᠤᠷᠤᠬᠤ ᠦᠭᠡᠢ ᠶᠤᠮ᠃
ᠲᠤᠮᠳᠠᠳᠤ ᠤᠯᠤᠰ᠂ ᠲᠤᠮᠳᠠᠳᠤ ᠰᠤᠷᠭ᠋ᠠᠭᠤᠯᠢ ᠵᠢᠨ ᠲᠤᠭ᠋ᠠᠨ᠎ᠤ ᠤᠬᠠᠭ᠋ᠠᠨ᠎ᠤ ᠤᠷᠤᠯᠳᠤᠭ᠋ᠠᠨ᠎ᠳᠤ ᠲᠠᠢ᠍ᠢ᠍ᠮᠦ ᠰᠠᠢ᠍ᠢ᠍ᠨ ᠪᠠᠢ᠍ᠢ᠍ᠳᠠᠯ᠎ᠠ ᠶᠠᠭ᠋ᠠᠬᠢᠭ᠋ᠠᠳ ᠲᠡᠭᠡᠳᠤ ᠲᠠᠰ᠎ᠤᠨ ᠭᠦᠭᠵᠢᠯᠳᠠ ᠲᠤᠮᠳᠠ ᠲᠦᠷᠢᠯᠳᠠ ᠭᠦᠴᠦ᠎ᠪᠠᠷ ᠲᠤᠳᠠᠮᠠᠬ ᠪᠠᠢ᠍ᠢ᠍ᠳᠠᠬ ᠪᠤᠢ? ᠨᠦᠭᠦᠭᠡ ᠨᠢᠭᠡ ᠠᠰᠠᠭᠤᠳᠠᠯ ᠪᠤᠯ ᠭᠡᠷᠪᠠ 《ᠲᠤᠭ᠋ᠠᠨ᠎ᠤ ᠤᠬᠠᠭ᠋ᠠᠨ ᠰᠠᠢ᠍ᠢ᠍ᠨ》᠎ᠤ ᠪᠠᠷᠢᠮᠵᠢᠶ᠎ᠠ᠎ᠨᠢ ᠲᠤᠮᠳᠠᠳᠤ ᠰᠤᠷᠭ᠋ᠠᠭᠤᠯᠢ ᠵᠢᠨ ᠲᠤᠭ᠋ᠠᠨ᠎ᠤ ᠤᠬᠠᠭ᠋ᠠᠨ᠎ᠤ ᠤᠷᠤᠯᠳᠤᠭ᠋ᠠᠨ᠎ᠤ ᠬᠢᠷᠢ ᠲᠦᠪᠰᠢᠨ ᠪᠤᠯᠬᠤ᠎ᠳᠤ ᠭᠦᠷᠪᠡᠯ ᠭᠯᠡᠳᠡᠸᠸᠢᠯ ᠵᠡᠷᠭᠡ ᠭᠦᠮᠦᠨ ᠶᠠᠷᠢᠶᠠᠨ ᠦᠭᠡᠢ ᠨᠢᠭᠡ ᠭᠡᠰᠡᠭ ᠲᠠᠦᠭᠡ ᠵᠢ ᠮᠠᠷᠳᠠᠴᠢᠬᠠᠭᠰᠠᠨ ᠶᠤᠮ᠃ 20 ᠳ᠋ᠤᠭ᠋ᠠᠷ ᠵᠠᠭᠤᠨ᠎ᠤ ᠶᠠᠷᠡᠭᠡᠳ ᠤᠨ᠎ᠠᠴᠠ ᠠ᠋ᠮᠦᠨ᠎ᠡ ᠤᠯᠠᠨ ᠤᠯᠤᠰ᠎ᠤᠨ ᠲᠤᠭ᠋ᠠᠨ᠎ᠤ ᠤᠬᠠᠭ᠋ᠠᠨ᠎ᠤ ᠤᠯᠢᠮᠫᠢᠺ᠎ᠤᠨ ᠤᠷᠤᠯᠳᠤᠭ᠋ᠠᠨ᠎ᠤ ᠠᠯᠳᠠᠨ ᠮᠸᠳᠠᠯ᠎ᠤᠨ ᠡᠵᠡᠨ ᠪᠤᠯ ᠵᠦᠪᠯᠠᠯᠳᠤ ᠬᠤᠯᠪᠤᠭ᠋ᠠᠳᠤ (ᠤᠷᠤᠰ) ᠤᠯᠤᠰ ᠪᠠ ᠵᠡᠭᠦᠨ ᠠ᠋ᠸᠤᠢ᠍ᠷᠤᠫᠠ ᠵᠢᠨ ᠤᠯᠤᠰ᠎ᠤᠳ ᠪᠠᠢ᠍ᠢ᠍ᠭᠰᠠᠨ ᠶᠤᠮ᠃ ᠤᠯᠠᠨ ᠤᠯᠤᠰ᠎ᠤᠨ ᠤᠯᠢᠮᠫᠢᠺ᠎ᠤᠨ ᠤᠷᠤᠯᠳᠤᠭ᠋ᠠᠨ᠎ᠢ ᠶᠡᠷᠦ᠎ᠨᠢ ᠵᠠᠭᠦᠨ ᠠ᠋ᠸᠤᠢ᠍ᠷᠤᠫᠠ ᠵᠢᠨ ᠤᠯᠤᠰ᠎ᠤᠳ ᠠ᠋ᠭᠦᠰᠭᠡᠵᠦ᠂ ᠵᠦᠪᠯᠠᠯᠳᠤ ᠬᠤᠯᠪᠤᠭ᠋ᠠᠳᠤ ᠤᠯᠤᠰ (ᠤᠷᠤᠰ) 18 ᠤᠳᠠᠭ᠎ᠠ ᠤᠯᠠᠨ ᠤᠯᠤᠰ᠎ᠤᠨ ᠲᠤᠭ᠋ᠠᠨ᠎ᠤ ᠤᠬᠠᠭ᠋ᠠᠨ᠎ᠤ ᠤᠷᠤᠯᠳᠤᠭ᠋ᠠᠨ᠎ᠤ ᠪᠦᠯᠭᠦᠮ ᠨᠠᠢ᠍ᠢ᠍ᠳᠠ ᠵᠢᠨ ᠶᠡᠷᠦᠨᠭᠭᠡᠢ ᠬᠤᠪᠢ᠎ᠪᠠᠷ ᠨᠢᠭᠡᠳᠤᠭᠡᠷ᠎ᠲᠤ ᠤᠷᠤᠭᠰᠠᠨ ᠪᠠᠢ᠍ᠢ᠍ᠳᠠᠬ᠃ ᠵᠦᠪᠯᠠᠯᠳᠤ ᠵᠢᠨ ᠭᠦᠮᠦᠰ ᠲᠤᠭ᠋ᠠᠨ᠎ᠤ ᠤᠬᠠᠭ᠋ᠠᠨ᠎ᠤ ᠲᠠᠯ᠎ᠠ᠎ᠪᠠᠷ ᠶᠡᠨᠭᠵᠤ ᠪᠦᠷᠢ ᠵᠢᠨ ᠲᠦᠷᠦᠯᠬᠢ ᠭᠡᠯᠡ ᠶᠠᠷᠢᠶᠠᠨ᠎ᠤ ᠲᠠᠪᠠᠭᠤᠯᠢᠬ ᠪᠠᠢ᠍ᠢ᠍ᠬᠤ ᠦᠭᠡᠢ ᠮᠦᠷᠳᠡᠭᠡᠨ ᠶᠡᠷᠦ᠎ᠠᠴᠠ᠎ᠪᠠᠨ ᠲᠤᠳᠤᠷᠭ᠎ᠠ ᠲᠠᠷᠢᠭᠰᠠᠨ ᠲᠡᠦᠭᠡ ᠪᠠᠢ᠍ᠢ᠍ᠬᠤ ᠦᠭᠡᠢ᠃ ᠵᠦᠪᠯᠠᠯᠳᠤ ᠬᠢᠭᠡᠳ ᠵᠡᠭᠦᠨ ᠠ᠋ᠸᠤᠢ᠍ᠷᠤᠫᠠ ᠵᠢᠨ ᠲᠠᠷᠢᠶᠠᠴᠢᠳ᠎ᠨᠢ ᠦᠷᠦᠨᠠᠳᠡᠬᠢᠨᠤ ᠭᠦᠮᠦᠰ᠎ᠲᠤ ᠪᠠᠷᠤᠭ ᠯᠠ ᠲᠠᠯᠠᠭᠡᠢ ᠳᠡᠭᠡᠷᠡᠬᠢ ᠬᠠᠮᠤᠭ᠎ᠤᠨ ᠰᠤᠯᠠ ᠵᠠᠳᠠᠭ᠋ᠠᠢ᠂ ᠪᠦᠳᠦᠭᠦᠯᠢᠭ ᠲᠠᠷᠢᠶᠠᠴᠢᠳ ᠪᠠᠢ᠍ᠢ᠍ᠵᠤ ᠲᠠᠳᠠ 《ᠨᠠᠷᠢᠨ ᠬᠢᠨᠠᠮᠠᠭ᠋ᠠᠢ ᠪᠤᠳᠤᠵᠤ ᠭᠠᠮᠨᠠᠬᠤ》᠎ᠠᠴᠠ ᠬᠤᠯᠠ ᠵᠠᠢ᠍ᠢ᠍ᠳᠠᠭᠤ ᠭᠦᠮᠦᠰ ᠭᠡᠵᠦ ᠦᠵᠡᠭᠳᠡᠳᠡᠭ᠃
ᠦᠨᠭᠭᠡᠷᠡᠭᠰᠡᠨ᠎ᠤ ᠵᠦᠪᠯᠠᠯᠳᠤ ᠵᠠᠭᠦᠨ ᠠ᠋ᠸᠤᠢ᠍ᠷᠤᠫᠠ ᠴᠦ᠍ ᠲᠠᠷᠠ᠂ ᠦᠨᠦᠳᠤᠷ᠎ᠤᠨ ᠲᠤᠮᠳᠠᠳᠤ ᠤᠯᠤᠰ᠂ ᠶᠠᠫᠤᠨ᠂ ᠺᠤᠷᠢᠶᠠ ᠵᠡᠷᠭᠡ ᠵᠡᠭᠦᠨ ᠠᠽᠢᠶ᠎ᠠ ᠵᠢᠨ ᠤᠯᠤᠰ᠎ᠤᠳ ᠴᠤ᠌ ᠲᠠᠷᠠ ᠠ᠋ᠳᠡᠭᠡᠷ ᠤᠯᠤᠰ᠎ᠤᠨ ᠲᠤᠮᠳᠠᠳᠤ ᠰᠤᠷᠭ᠋ᠠᠭᠤᠯᠢ ᠵᠢᠨ ᠰᠤᠷᠤᠭᠴᠢᠳ᠎ᠤᠨ ᠲᠤᠭ᠋ᠠᠨ᠎ᠤ ᠤᠬᠠᠭ᠋ᠠᠨ᠎ᠤ ᠪᠤᠳᠤᠬᠤ ᠴᠢᠳᠠᠪᠤᠷᠢ ᠰᠠᠢ᠍ᠢ᠍ᠨ ᠪᠠᠢ᠍ᠢ᠍ᠳᠠᠬ ᠪᠦᠭᠡᠳ ᠲᠤᠭ᠋ᠠᠨ᠎ᠤ ᠤᠬᠠᠭ᠋ᠠᠨ᠎ᠤ ᠤᠷᠤᠯᠳᠤᠭ᠋ᠠᠨ᠎ᠤ ᠬᠢᠷᠢ ᠲᠦᠪᠰᠢᠨ ᠦᠨᠳᠤᠷ ᠪᠠᠢ᠍ᠢ᠍ᠳᠠᠬ᠎ᠤᠨ ᠴᠤᠷ᠎ᠤᠨ ᠭᠠᠭᠴᠠ ᠨᠠᠢ᠍ᠢ᠍ᠳᠡᠯᠢᠭ ᠴᠢᠨᠠᠷ ᠪᠤᠯ ᠲᠠᠳᠠᠨ᠎ᠳᠤ ᠤᠯᠤᠰ᠎ᠤᠨ ᠨᠢᠭᠡᠳᠤᠯᠳᠠᠢ ᠰᠢᠯᠭ᠋ᠠᠯᠳᠠ ᠵᠢ ᠠᠷᠭ᠋ᠠᠴᠠᠭ᠋ᠠᠬᠤ ᠭᠦᠴᠦᠷᠭᠡᠭ ᠶᠡᠭᠡ ᠰᠤᠷᠭ᠋ᠠᠨ ᠭᠦᠮᠦᠵᠢᠯ᠎ᠤᠨ ᠲᠤᠭᠳᠠᠯᠴᠠᠭ᠎ᠠ ᠪᠠᠢ᠍ᠢ᠍ᠬᠤ᠎ᠳᠤ ᠤᠷᠤᠰᠢᠨ᠎ᠠ᠃ ᠦᠨᠠᠨ᠎ᠳᠤ᠎ᠪᠠᠨ ᠲᠤᠭ᠋ᠠᠨ᠎ᠤ ᠤᠬᠠᠭ᠋ᠠᠨ᠎ᠤ ᠤᠷᠤᠯᠳᠤᠭ᠋ᠠᠨ ᠪᠠ ᠲᠤᠭ᠋ᠠᠨ᠎ᠤ ᠤᠬᠠᠭ᠋ᠠᠨ᠎ᠤ ᠰᠤᠳᠤᠯᠤᠯ᠎ᠳᠤ ᠮᠦᠨ ᠴᠢᠨᠠᠷ᠎ᠤᠨ ᠢᠯᠭ᠋ᠠᠭ᠎ᠠ᠎ᠲᠠᠢ ᠪᠠᠢ᠍ᠢ᠍ᠳᠠᠬ᠃ ᠤᠯᠠᠨ ᠤᠯᠤᠰ᠎ᠤᠨ ᠲᠤᠭ᠋ᠠᠨ᠎ᠤ ᠤᠬᠠᠭ᠋ᠠᠨ᠎ᠤ ᠤᠯᠢᠮᠫᠢᠺ᠎ᠤᠨ ᠤᠷᠤᠯᠳᠤᠭ᠋ᠠᠨ᠎ᠤ ᠠᠯᠳᠠᠨ ᠮᠸᠳᠡᠯ ᠪᠠ ᠹᠢᠯᠽ ᠱᠠᠨᠭ᠌ᠨᠠᠯᠢ ᠬᠠᠮᠳᠤ ᠤᠯᠤᠭᠰᠠᠨ ᠠᠤᠢ᠍ᠰᠲᠷᠠᠯᠢᠶᠠ ᠤᠯᠤᠰ᠎ᠤᠨ ᠲᠤᠭ᠋ᠠᠨ᠎ᠤ ᠤᠬᠠᠭ᠋ᠠᠨᠳᠠᠨ ᠲᠤᠤ ᠵᠸ ᠰᠢᠤᠸᠠᠨ ᠨᠢᠭᠡ ᠵᠤᠬᠢᠶᠠᠯ᠎ᠳᠤ᠎ᠪᠠᠨ ᠲᠤᠭ᠋ᠠᠨ᠎ᠤ ᠤᠬᠠᠭ᠋ᠠᠨ᠎ᠤ ᠤᠷᠤᠯᠳᠤᠭ᠋ᠠᠨ ᠬᠢᠭᠡᠳ ᠲᠤᠭ᠋ᠠᠨ᠎ᠤ ᠤᠬᠠᠭ᠋ᠠᠨ᠎ᠤ ᠰᠤᠷᠤᠯᠴᠠᠯᠭ᠎ᠠ ᠲᠦᠢ᠍ᠯ᠎ᠤᠨ ᠶᠡᠭᠡ ᠵᠦᠷᠢᠶᠡᠨᠳᠠᠢ ᠭᠡᠵᠦ ᠭᠡᠯᠡᠭᠰᠡᠨ ᠶᠤᠮ᠃ ᠢᠯᠠᠨᠭ᠌ᠭᠤᠶ᠎ᠠ ᠰᠤᠳᠤᠯᠬᠤ ᠰᠤᠷᠤᠭᠴᠢ ᠵᠢᠨ ᠠᠮᠢᠳᠤᠷᠠᠯ ᠲᠤᠮᠳᠠ ᠰᠤᠷᠤᠭᠴᠢᠳ ᠲᠤᠭ᠋ᠠᠨ᠎ᠤ ᠤᠬᠠᠭ᠋ᠠᠨ᠎ᠤ ᠤᠷᠤᠯᠳᠤᠭ᠋ᠠᠨ᠎ᠤ ᠰᠠᠳᠤᠪ ᠠᠳᠠᠯᠢ ᠵᠢᠷᠤᠭᠯᠠᠯ᠎ᠨᠢ ᠲᠤᠳᠤᠷᠬᠠᠢ᠂ ᠠᠯᠬᠤᠮ᠎ᠨᠢ ᠲᠤᠭᠳᠠᠭᠰᠠᠨ ᠰᠠᠳᠤᠪ᠎ᠲᠠᠢ ᠲᠤᠬᠢᠶᠠᠯᠳᠤᠬᠤ ᠦᠭᠡᠢ ᠶᠤᠮ᠃ ᠤᠷᠤᠯᠳᠤᠭ᠋ᠠᠨ᠎ᠤ ᠰᠡᠳᠬᠢᠭᠦᠢ᠎ᠨᠢ ᠭᠡᠳᠤᠢ᠍ᠢ᠍ᠪᠠᠷ ᠰᠤᠳᠤᠯᠭ᠋ᠠᠨ᠎ᠤ ᠴᠢᠨᠠᠷᠳᠠᠢ ᠠᠰᠠᠭᠤᠳᠠᠯ᠎ᠢ ᠰᠢᠢ᠍ᠳᠪᠤᠷᠢᠯᠡᠭᠦ ᠵᠠᠷᠢᠮ ᠠᠯᠬᠤᠮ᠎ᠳᠤ ᠬᠤᠷᠳᠤᠴᠠ᠎ᠨᠢ ᠮᠠᠰᠢ ᠲᠦᠷᠭᠡᠨ ᠪᠠᠢ᠍ᠢ᠍ᠳᠠᠬ ᠪᠤᠯᠪᠠᠴᠤ ᠨᠡᠩ ᠦᠷᠭᠡᠨ ᠲᠤᠭ᠋ᠠᠨ᠎ᠤ ᠤᠬᠠᠭ᠋ᠠᠨ᠎ᠤ ᠭᠦᠷᠢᠶᠡᠨ᠎ᠳᠤ ᠦᠷᠭᠡᠵᠢᠭᠦ ᠵᠢᠨ ᠠᠷᠭ᠎ᠠ ᠦᠭᠡᠢ ᠪᠠᠢ᠍ᠢ᠍ᠳᠠᠬ᠃ ᠨᠡᠩ ᠤᠯᠠᠨ ᠠᠰᠠᠭᠤᠳᠠᠯ᠎ᠢ ᠮᠦᠨ ᠯᠡ ᠲᠠᠰᠪᠤᠷᠢ ᠲᠡᠪᠵᠢᠶᠡᠷᠢ ᠬᠢᠭᠡᠳ ᠤᠳᠠᠭ᠋ᠠᠨ ᠲᠠᠭ᠋ᠠᠭ᠋ᠠᠮᠠᠭ᠋ᠠᠢ ᠠᠵᠢᠯ ᠪᠤᠯᠬᠤ ᠰᠤᠷᠪᠤᠯᠵᠢ ᠪᠢᠴᠢᠭ᠎ᠢ ᠤᠨᠭ᠌ᠰᠢᠬᠤ᠂ ᠮᠠᠷᠭᠡᠰᠢᠯ ᠴᠢᠳᠠᠪᠤᠷᠢ ᠵᠢ ᠭᠡᠷᠡᠭᠯᠡᠭᠦ᠂ ᠠᠰᠠᠭᠤᠳᠠᠯ᠎ᠳᠤ ᠵᠠᠭᠪᠤᠷ ᠭᠠᠷᠭ᠋ᠠᠬᠤ᠂ ᠠ᠋ᠰᠡᠷᠭᠦ ᠵᠢᠱ᠌ᠢᠶ᠎ᠠ ᠠ᠋ᠷᠢᠭᠦ ᠵᠡᠷᠭᠡ᠎ᠳᠤ ᠲᠦᠰᠢᠭᠯᠡᠳᠡᠭ᠃ ᠠ᠋ᠭᠦᠨ᠎ᠠᠴᠠ ᠭᠠᠳᠠᠨ᠎ᠠ ᠤᠯᠢᠮᠫᠢᠺ᠎ᠤᠨ ᠤᠷᠤᠯᠳᠤᠭ᠋ᠠᠨ᠎ᠳᠤ ᠰᠠᠳᠤᠪ᠎ᠤᠨ ᠭᠦᠨᠳᠤᠴᠠ᠎ᠨᠢ ᠶᠡᠭᠡ ᠪᠠᠢ᠍ᠢ᠍ᠳᠠᠬ ᠪᠤᠯᠪᠠᠴᠤ ᠰᠢᠯᠭ᠋ᠠᠨ ᠪᠠᠢ᠍ᠢ᠍ᠴᠠᠭ᠋ᠠᠳᠠᠬᠨᠢ ᠮᠠᠷᠭᠡᠰᠢᠯ ᠪᠤᠯᠬᠤ᠎ᠠᠴᠠ ᠪᠢᠰᠢ ᠬᠠᠷᠢᠨ ᠪᠦᠳᠦᠭᠡᠯᠴᠢ ᠴᠢᠨᠠᠷᠳᠠᠢ ᠭᠤᠤᠯ ᠴᠤᠭᠴᠠ ᠵᠢᠨ ᠰᠤᠳᠤᠯᠬᠤ ᠴᠢᠳᠠᠪᠤᠷᠢ ᠪᠢᠰᠢ ᠶᠤᠮ᠃
ᠶᠡᠷᠦᠨᠭᠭᠡᠢ᠎ᠳᠤᠨᠢ ᠠᠪᠴᠤ ᠭᠡᠯᠡᠪᠡᠯ ᠲᠤᠭ᠋ᠠᠨ᠎ᠤ ᠤᠬᠠᠭ᠋ᠠᠨ᠎ᠤ ᠤᠷᠤᠯᠳᠤᠭ᠋ᠠᠨ᠎ᠳᠤ ᠱᠠᠭ᠋ᠠᠷᠳᠠᠭᠳᠠᠬᠤ᠎ᠨᠢ ᠪᠤᠯᠪᠠᠰᠤᠷᠠᠨᠭ᠌ᠭᠤᠢ ᠬᠢᠭᠡᠳ ᠮᠠᠷᠭᠡᠰᠢᠯ ᠪᠠᠢ᠍ᠢ᠍ᠵᠤ ᠠᠪᠢᠶᠠᠰ ᠪᠢᠯᠢᠭ᠎ᠲᠤ ᠲᠦᠰᠢᠭᠯᠡᠭᠦ ᠦᠭᠡᠢ ᠬᠠᠷᠢᠨ ᠶᠡᠭᠡ ᠭᠡᠮᠵᠢᠶᠡᠨ᠎ᠤ ᠲᠦᠪᠯᠠᠷᠠᠭᠦᠯᠦᠭᠰᠡᠨ ᠪᠤᠯᠪᠠᠰᠤᠷᠠᠯ᠎ᠳᠤ ᠲᠦᠰᠢᠭᠯᠡᠪᠡᠯ ᠲᠠᠷᠤᠢ ᠠᠮᠵᠢᠯᠳᠠ ᠤᠯᠵᠤ ᠴᠢᠳᠠᠳᠠᠬ᠃ ᠭᠡᠳᠡᠯ᠎ᠠ ᠲᠡᠭᠡᠳᠤ ᠵᠡᠷᠭᠡ ᠵᠢᠨ ᠲᠤᠭ᠋ᠠᠨ᠎ᠤ ᠤᠬᠠᠭ᠋ᠠᠨ᠎ᠤ ᠰᠤᠳᠤᠯᠭ᠋ᠠᠨ ᠪᠠ ᠰᠤᠷᠤᠯᠴᠠᠯᠭ᠎ᠠ ᠪᠤᠯ ᠤᠳᠠᠭ᠋ᠠᠨ ᠲᠠᠭ᠋ᠠᠭ᠋ᠠᠮᠠᠭ᠋ᠠᠢ ᠠᠵᠢᠯ ᠪᠠ ᠭᠦᠨᠵᠡᠭᠡᠢ ᠤᠬᠠᠨ ᠤᠢ᠍ᠢ᠍ᠯᠠᠭ᠋ᠠᠬᠤ᠎ᠳᠤ ᠲᠦᠰᠢᠭᠯᠡᠳᠡᠭ ᠶᠤᠮ᠃ ᠮᠠᠷᠭᠡᠰᠢᠯ᠎ᠤᠨ ᠴᠢᠨᠠᠷᠳᠠᠢ ᠪᠤᠳᠤᠯᠭ᠎ᠠ᠎ᠲᠠᠢ ᠠᠳᠠᠯᠢ ᠦᠭᠡᠢ ᠲᠠᠯ᠎ᠠ᠎ᠨᠢ ᠭᠡᠪᠡᠯ ᠲᠤᠭ᠋ᠠᠨ᠎ᠤ ᠤᠬᠠᠭ᠋ᠠᠨ᠎ᠤ ᠰᠤᠳᠤᠯᠭ᠋ᠠᠨ ᠪᠤᠯ ᠭᠡᠢ᠍ᠢ᠍ᠰᠪᠤᠷᠢᠴᠢᠯᠡᠭᠦ ᠪᠠ ᠯᠤᠬᠢᠬ ᠮᠦᠷᠳᠠᠯᠳᠠ ᠵᠢ ᠭᠡᠷᠡᠭᠯᠡᠳᠡᠭ᠃ ᠪᠤᠳᠤᠯᠢᠶᠠᠨᠳᠠᠢ ᠤᠯᠠᠨ ᠶᠠᠨᠭ᠌ᠵᠤ ᠵᠢᠨ ᠲᠤᠭ᠋ᠠᠨ᠎ᠤ ᠤᠬᠠᠭ᠋ᠠᠨ᠎ᠤ ᠠᠰᠠᠭᠤᠳᠠᠯ᠎ᠳᠤ᠎ᠬᠢ ᠭᠦᠨ ᠭᠦᠨᠵᠡᠭᠡᠢ ᠤᠢ᠍ᠢ᠍ᠯᠠᠭ᠋ᠠᠬᠤ ᠴᠢᠳᠠᠪᠤᠷᠢ᠎ᠨᠢ ᠤᠨᠴᠠᠭ᠋ᠠᠢ ᠲᠤᠭᠳᠠᠭ᠋ᠠᠭᠰᠠᠨ ᠭᠡᠯᠪᠠᠷᠢ ᠵᠢᠨ ᠠᠰᠠᠭᠤᠳᠠᠯ᠎ᠢ ᠵᠠᠳᠠᠯᠬᠤ᠎ᠠᠴᠠ ᠬᠤᠯᠠ ᠴᠢᠬᠤᠯᠠ ᠪᠠᠢ᠍ᠢ᠍ᠳᠠᠬ᠃ ᠠᠯᠳᠠᠷᠳᠤ ᠲᠤᠭ᠋ᠠᠨ᠎ᠤ ᠤᠬᠠᠭ᠋ᠠᠨ᠎ᠤ ᠠ᠋ᠷᠳᠠᠮᠳᠠᠨ ᠸᠢᠯᠢᠶᠠᠨ · ᠽᠸᠷᠰᠲᠸᠨ ᠲᠤᠭ᠋ᠠᠨ᠎ᠤ ᠤᠬᠠᠭ᠋ᠠᠨ᠎ᠤ ᠤᠷᠤᠯᠳᠤᠭ᠋ᠠᠨ᠎ᠢ 《ᠲᠠᠩ ᠦᠭᠡᠰ᠎ᠢ ᠬᠤᠯᠪᠤᠨ ᠪᠢᠴᠢᠭᠦ ᠤᠷᠤᠯᠳᠤᠭ᠋ᠠᠨ》 ᠭᠡᠵᠦ ᠭᠡᠯᠡᠵᠦ ᠦᠨᠭᠭᠡᠷᠡᠭᠰᠡᠨ ᠶᠤᠮ᠃ ᠲᠠᠭᠦᠨ᠎ᠤ ᠦᠵᠠᠭᠦ᠎ᠪᠠᠷ 《ᠲᠠᠩ ᠦᠭᠡᠰ᠎ᠢ ᠬᠤᠯᠪᠤᠨ ᠪᠢᠴᠢᠭᠦ ᠤᠷᠤᠯᠳᠤᠭ᠋ᠠᠨ᠎ᠳᠤ ᠳ᠋ᠤᠭ᠋ᠠᠷᠯᠠᠬᠤ᠎ᠨᠢ ᠰᠢᠯᠢᠳᠡᠭ ᠵᠤᠬᠢᠶᠠᠯᠴᠢ ᠪᠤᠯᠤᠭᠰᠠᠨ᠎ᠢ ᠲᠦᠯᠦᠭᠡᠯᠠᠵᠦ ᠴᠢᠳᠠᠬᠤ ᠦᠭᠡᠢ᠃ ᠲᠤᠭ᠋ᠠᠨ᠎ᠤ ᠤᠬᠠᠭ᠋ᠠᠨ᠎ᠤ ᠤᠷᠤᠯᠳᠤᠭ᠋ᠠᠨ ᠴᠦ᠍ ᠠᠳᠠᠯᠢᠬᠠᠨ ᠪᠠᠢ᠍ᠢ᠍ᠵᠤ᠂ ᠰᠠᠢ᠍ᠢ᠍ᠨ ᠬᠢᠷᠢ ᠪᠦᠳᠤᠮᠵᠢ᠎ᠨᠢ ᠲᠤᠭ᠋ᠠᠨ᠎ᠤ ᠤᠬᠠᠭ᠋ᠠᠨ᠎ᠢ ᠦᠨᠠᠨ ᠭᠦ᠌ ᠤᠢ᠍ᠢ᠍ᠯᠠᠭ᠋ᠠᠭᠰᠠᠨ ᠶᠠᠪᠤᠳᠠᠯ ᠪᠢᠰᠢ ᠶᠤᠮ》 ᠭᠡᠵᠡᠢ᠃
ᠲᠤᠭ᠋ᠠᠨ᠎ᠤ ᠤᠬᠠᠭ᠋ᠠᠨ᠎ᠤ ᠰᠤᠷᠤᠯᠴᠠᠯᠭ᠎ᠠ ᠵᠢ ᠰᠢᠯᠭ᠋ᠠᠨ ᠪᠠᠢ᠍ᠢ᠍ᠴᠠᠭ᠋ᠠᠬᠤ᠎ᠨᠢ ᠰᠤᠷᠤᠯᠴᠠᠯᠭ᠎ᠠ ᠬᠢᠭᠡᠳ ᠰᠡᠳᠬᠢᠮᠵᠢᠯᠡᠯ᠎ᠤᠨ ᠭᠦᠨ ᠭᠦᠨᠵᠡᠭᠡᠢ ᠭᠡᠮᠵᠢᠶ᠎ᠠ ᠪᠠ ᠶᠠᠰᠤ ᠴᠢᠨᠠᠷ ᠪᠤᠯᠤᠨ᠎ᠠ᠂ ᠭᠡᠳᠡᠯ᠎ᠠ ᠲᠤᠭ᠋ᠠᠨ᠎ᠤ ᠤᠬᠠᠭ᠋ᠠᠨ᠎ᠤ ᠤᠷᠤᠯᠳᠤᠭ᠋ᠠᠨ᠎ᠤ ᠱᠠᠭ᠋ᠠᠷᠳᠠᠬᠤ᠎ᠨᠢ 《ᠠ᠋ᠷᠳᠠ ᠪᠤᠯᠪᠠᠰᠤᠷᠠᠬᠤ ᠭᠡᠮᠵᠢᠶ᠎ᠡ》 ᠪᠤᠯᠤᠨ᠎ᠠ᠃ ᠦᠭᠡᠷ᠎ᠠ᠎ᠪᠠᠷ ᠭᠡᠯᠡᠪᠡᠯ ᠴᠠᠬ ᠬᠤᠭᠤᠴᠠᠭ᠎ᠠ᠎ᠲᠠᠢ ᠤᠷᠤᠯᠳᠤᠵᠤ᠂ ᠦᠶ᠎ᠠ ᠬᠤᠷᠠᠭ᠎ᠤᠨ ᠭᠦᠮᠦᠰᠠᠴᠠᠪᠠᠨ ᠲᠦᠷᠭᠡᠨ ᠰᠤᠷᠤᠭᠰᠠᠨᠢ ᠤᠷᠤᠯᠳᠤᠬᠤ ᠪᠤᠯᠤᠨ᠎ᠠ᠃ ᠰᠠᠷᠭᠦᠯᠡᠩ ᠭᠡᠤᠭᠡᠳ᠎ᠲᠤ ᠠᠪᠴᠤ ᠭᠡᠯᠡᠪᠡᠯ ᠲᠤᠭ᠋ᠠᠨ᠎ᠤ ᠤᠬᠠᠭ᠋ᠠᠨ᠎ᠤ ᠤᠷᠤᠯᠳᠤᠭ᠋ᠠᠨ᠎ᠨᠢ ᠨᠡᠩ ᠲᠦᠭᠦᠮ ᠬᠢᠯᠪᠠᠷ ᠪᠠᠢ᠍ᠢ᠍ᠳᠠᠬ ᠮᠦᠷᠳᠡᠭᠡᠨ ᠠᠪᠢᠶᠠᠰ ᠪᠢᠯᠢᠭ ᠵᠶ᠋ᠠᠷ ᠬᠢᠵᠠᠭ᠋ᠠᠷ᠎ᠲᠠᠢ ᠪᠠᠢ᠍ᠢ᠍ᠭᠰᠠᠨ ᠴᠦ᠍ ᠭᠦᠴᠦᠯᠠᠴᠡ ᠶᠡᠭᠡᠳᠠᠢ ᠪᠤᠯᠪᠠᠰᠤᠷᠠᠯ ᠵᠶ᠋ᠠᠷ ᠲᠠᠮᠵᠢᠪᠠᠯ ᠠᠮᠵᠢᠯᠳᠠ ᠤᠯᠵᠤ ᠴᠢᠳᠠᠳᠠᠬ᠎ᠨᠢ ᠲᠤᠷᠤᠨᠠᠳᠤ ᠠᠽᠢᠶ᠎ᠠ ᠵᠢᠨ ᠰᠢᠯᠭ᠋ᠠᠯᠳᠠ ᠵᠢ ᠠᠷᠭ᠋ᠠᠴᠠᠭ᠋ᠠᠬᠤ ᠰᠤᠷᠭ᠋ᠠᠨ ᠭᠦᠮᠦᠵᠢᠯ᠎ᠨᠢ ᠬᠠᠮᠤᠭ᠎ᠤᠨ ᠠ᠋ᠯᠪᠡᠭ ᠪᠠᠶᠠᠯᠢᠬ ᠪᠤᠯᠪᠠᠰᠤᠷᠠᠯ᠎ᠢ ᠬᠠᠨᠭ᠌ᠭ᠋ᠠᠵᠤ ᠴᠢᠳᠠᠳᠠᠬ ᠭᠡᠳᠡᠭ᠎ᠢ ᠬᠠᠷᠠᠭᠤᠯᠵᠤ ᠪᠠᠢ᠍ᠢ᠍ᠨ᠎ᠠ᠃ ᠠᠵᠢᠯᠯᠠᠭ᠋ᠠᠨ᠎ᠤ ᠠᠵᠤ ᠠᠬᠤᠢ ᠵᠢᠨ ᠠ᠋ᠷᠳᠠᠮᠳᠠᠨ ᠶᠦᠷᠢ · ᠭ᠋ᠨᠢᠽ ᠬᠢᠭᠡᠳ ᠠᠷᠳᠤᠸᠸ · ᠯᠠᠴᠸᠴᠢᠨᠢ ᠲᠤᠷᠰᠢᠯᠳᠠ᠎ᠪᠠᠷ ᠲᠠᠮᠵᠢᠨ ᠤᠷᠤᠯᠳᠤᠭ᠋ᠠᠨ᠎ᠳᠤ ᠤᠷᠤᠯᠴᠠᠭᠰᠠᠳ᠎ᠤᠨ ᠬᠢᠷᠢ ᠲᠦᠪᠰᠢᠨ ᠠᠳᠠᠯᠢᠪᠳᠤᠷ ᠪᠠᠢ᠍ᠢ᠍ᠳᠠᠯ ᠲᠤᠤᠷ᠎ᠠ ᠴᠦ᠍ ᠭᠡᠳ ᠲᠠᠩ ᠰᠠᠳᠤᠪ᠎ᠤᠨ ᠱᠠᠨᠭ᠌ᠨᠠᠯ᠎ᠨᠢ ᠨᠡᠩ ᠦᠨᠳᠤᠷ ᠪᠠᠢ᠍ᠢ᠍ᠳᠠᠬ ᠤᠷᠤᠯᠳᠤᠭ᠋ᠠᠨ᠎ᠨᠢ ᠤᠷᠤᠯᠳᠤᠭ᠋ᠠᠨ᠎ᠳᠤ ᠤᠷᠤᠯᠴᠠᠭᠰᠠᠳ᠎ᠲᠤ ᠰᠠᠢ᠍ᠢ᠍ᠨ ᠳ᠋ᠦᠩ ᠤᠯᠭᠤᠵᠤ ᠴᠢᠳᠠᠳᠠᠬ᠃ ᠠ᠋ᠨᠡ᠎ᠨᠢ ᠶᠠᠬ ᠰᠠᠢ᠍ᠢ᠍ᠬᠠᠨ ᠲᠤᠷᠤᠨᠠᠳᠤ ᠠᠽᠢᠶ᠎ᠠ ᠵᠢᠨ ᠡᠯ᠎ᠠ ᠤᠯᠤᠰ᠎ᠤᠨ ᠲᠠᠪᠠᠭᠤᠯᠢᠬ ᠲᠠᠯ᠎ᠠ ᠪᠤᠯᠬᠤ — ᠨᠡᠩ ᠶᠠᠭᠡ ᠤᠷᠤᠯᠳᠤᠭ᠋ᠠᠨ᠎ᠤ ᠲᠠᠷᠤᠯᠳᠠ᠂ ᠨᠠᠩ ᠤᠯᠠᠨ ᠤᠷᠤᠯᠳᠤᠭ᠋ᠠᠨ᠎ᠤ ᠱᠠᠨᠭ᠌ᠨᠠᠯ᠎ᠨᠢ ᠪᠦᠭᠦᠢ᠍ᠢ᠍ᠯᠡ ᠲᠤᠮᠳᠠᠳᠤ ᠰᠤᠷᠭ᠋ᠠᠭᠤᠯᠢ ᠵᠢᠨ ᠰᠤᠷᠭ᠋ᠠᠨ ᠭᠦᠮᠦᠵᠢᠯ᠎ᠢ ᠲᠤᠭ᠎ᠠ ᠪᠤᠳᠤᠯᠭ᠎ᠠ ᠵᠢᠨ ᠴᠢᠳᠠᠪᠤᠷᠢ ᠵᠢ ᠪᠤᠯᠪᠠᠰᠤᠷᠠᠭᠤᠯᠬᠤ ᠭᠤᠤᠯ ᠴᠡᠭ ᠪᠤᠯᠭ᠋ᠠᠵᠠᠢ ᠭᠡᠳᠡᠭ᠎ᠢ ᠢᠯᠠᠷᠠᠭᠦᠯᠦᠭᠰᠡᠨ ᠪᠠᠢ᠍ᠢ᠍ᠨ᠎ᠠ᠃ ᠠ᠋ᠰᠡᠷᠭᠦ᠎ᠪᠠᠷ ᠠ᠋ᠨᠡ᠎ᠨᠢ ᠠᠮᠸᠷᠢᠺᠠ ᠬᠢᠭᠡᠳ ᠪᠠᠷᠠᠭᠤᠨ ᠠ᠋ᠸᠤᠢ᠍ᠷᠤᠫᠠ ᠵᠢᠨ ᠤᠯᠤᠰ᠎ᠤᠳ᠎ᠤᠨ ᠱᠠᠭ᠋ᠠᠷᠳᠠᠳᠠᠬ ᠵᠦᠢ᠍ᠯ ᠪᠢᠰᠢ ᠶᠤᠮ᠃ ᠠ᠋ᠳᠡᠭᠡᠷ ᠤᠯᠤᠰ ᠤᠷᠤᠨ᠎ᠳᠤ ᠠ᠋ᠩ᠎ᠤᠨ ᠰᠤᠷᠤᠭᠴᠢᠳ᠎ᠤᠨ ᠲᠤᠭ᠋ᠠᠨ᠎ᠤ ᠤᠬᠠᠭ᠋ᠠᠨ᠎ᠤ ᠬᠢᠷᠢ ᠪᠦᠳᠦᠮᠵᠢ᠎ᠨᠢ ᠦᠨᠳᠤᠰᠤᠨ ᠪᠠᠷᠢᠮᠵᠢᠶᠠᠨ᠎ᠳᠤ ᠭᠦᠷᠪᠡᠯ ᠪᠤᠯᠴᠢᠬᠠᠨ᠎ᠠ᠃ ᠵᠢᠱ᠌ᠢᠶᠡᠯᠡᠪᠡᠯ᠂ ᠠᠮᠸᠷᠢᠺᠠ ᠵᠢᠨ ᠮᠠᠰᠠᠴᠦᠢ᠍ᠰᠸᠼ ᠵᠸᠤ ᠵᠢᠨ ᠨᠢᠭᠡᠳᠤᠯᠳᠠᠢ ᠰᠢᠯᠭ᠋ᠠᠯᠳᠠ ᠵᠢᠨ ᠭᠦᠨᠳᠤᠴᠠ᠎ᠨᠢ ᠦᠨᠳᠤᠰᠤᠨ ᠭᠤᠷᠪᠠᠯᠵᠢᠨᠤ ᠹᠦᠨᠭᠺᠼᠤᠨ ᠪᠤᠳᠤᠯᠭ᠎ᠠ ᠵᠢ ᠡᠵᠡᠮᠰᠢᠪᠡᠯ ᠪᠤᠯᠴᠢᠬᠠᠨ᠎ᠠ᠃ ᠠ᠋ᠭᠦᠨ᠎ᠠᠴᠠ ᠦᠵᠡᠪᠡᠯ ᠰᠤᠷᠭ᠋ᠠᠨ ᠭᠦᠮᠦᠵᠢᠯ᠎ᠳᠤ ᠪᠤᠯᠪᠠᠰᠤᠷᠠᠯ᠎ᠤᠨ ᠭᠦᠴᠤᠯᠠᠴᠠ ᠵᠢᠨ ᠵᠦᠷᠢᠶ᠎ᠠ᠎ᠨᠢ ᠠ᠋ᠩ᠎ᠤᠨ ᠲᠤᠮᠳᠠᠳᠤ ᠰᠤᠷᠭ᠋ᠠᠭᠤᠯᠢ ᠵᠢᠨ ᠰᠤᠷᠤᠭᠴᠢᠳ᠎ᠤᠨ ᠲᠤᠭ᠋ᠠᠨ᠎ᠤ ᠤᠬᠠᠭ᠋ᠠᠨ᠎ᠤ ᠬᠢᠷᠢ ᠲᠦᠪᠰᠢᠨ᠎ᠤ ᠵᠦᠷᠢᠶ᠎ᠠ ᠵᠢ ᠠ᠋ᠭᠦᠰᠭᠡᠭᠰᠡᠨ ᠪᠠᠢ᠍ᠢ᠍ᠨ᠎ᠠ᠃ ᠲᠦᠪᠯᠠᠷᠠᠭᠦᠯᠦᠨ ᠪᠤᠯᠪᠠᠰᠤᠷᠠᠭᠤᠯᠬᠤ ᠭᠦᠴᠦᠯᠠᠴᠠ᠎ᠨᠢ ᠴᠦ᠍ ᠨᠠᠯᠢᠶᠠᠳ ᠶᠡᠭᠡ ᠭᠡᠮᠵᠢᠶᠡᠨ᠎ᠳᠤ ᠤᠷᠤᠯᠳᠤᠭ᠋ᠠᠨ᠎ᠤ ᠬᠢᠷᠢ ᠪᠦᠳᠤᠮᠵᠢ ᠵᠢ ᠨᠦᠯᠦᠭᠡᠯᠡᠳᠡᠭ ᠪᠠᠢ᠍ᠢ᠍ᠨ᠎ᠠ᠃
ᠲᠠᠭᠡᠪᠡᠯ᠂ ᠶᠡᠭᠡ ᠰᠤᠷᠭ᠋ᠠᠭᠤᠯᠢ᠎ᠳᠤ ᠤᠷᠤᠭᠰᠠᠨ᠎ᠤ ᠳᠠᠷᠠᠭ᠎ᠠ ᠲᠤᠮᠳᠠᠳᠤ ᠠᠮᠸᠷᠢᠺᠠ ᠵᠢᠨ ᠰᠤᠷᠤᠭᠴᠢᠳ᠎ᠤᠨ ᠲᠤᠭ᠋ᠠᠨ᠎ᠤ ᠤᠬᠠᠭ᠋ᠠᠨ᠎ᠤ ᠬᠢᠷᠢ ᠪᠦᠳᠤᠮᠵᠢ ᠵᠢᠨ ᠵᠦᠷᠢᠶᠠᠳᠤ ᠰᠦᠷᠭᠡᠤ ᠬᠤᠪᠢᠷᠠᠯᠳᠠ ᠭᠠᠷᠳᠠᠬ᠎ᠨᠢ ᠶᠠᠭᠤᠨ᠎ᠤ ᠤᠴᠢᠷ ᠪᠤᠯᠴᠢᠬᠠᠪᠠ?
ᠭᠤᠷᠪᠠ᠂ ᠲᠤᠮᠳᠠᠳᠤ ᠤᠯᠤᠰ᠎ᠤᠨ ᠲᠤᠭ᠋ᠠᠨ᠎ᠤ ᠤᠬᠠᠭ᠋ᠠᠨ᠎ᠤ ᠰᠤᠳᠤᠯᠭ᠋ᠠᠨ᠎ᠨᠢ ᠶᠠᠭ᠋ᠠᠬᠢᠭ᠋ᠠᠳ ᠲᠤᠭ᠋ᠠᠨ᠎ᠤ ᠤᠬᠠᠭ᠋ᠠᠨ᠎ᠤ ᠤᠷᠤᠯᠳᠤᠭ᠋ᠠᠨ ᠠᠳᠠᠯᠢ ᠰᠠᠢ᠍ᠢ᠍ᠨ ᠪᠢᠰᠢ ᠪᠠᠢ᠍ᠢ᠍ᠳᠠᠬ ᠪᠤᠢ
ᠵᠠᠨᠭ᠌ᠬᠢᠯᠠᠭ᠎ᠠ ᠵᠢᠨ ᠰᠢᠯᠳᠠᠭ᠋ᠠᠨ᠎ᠨᠢ ᠠᠮᠸᠷᠢᠺᠠ ᠵᠢᠨ ᠲᠦᠷᠦᠯ ᠬᠤᠪᠢᠶᠠᠭᠰᠠᠨ ᠰᠤᠷᠭ᠋ᠠᠨ ᠭᠦᠮᠦᠵᠢᠯ᠎ᠳᠤ ᠪᠠᠢ᠍ᠢ᠍ᠵᠤ ᠮᠠᠳᠠᠨ᠎ᠠ᠃ ᠠᠮᠸᠷᠢᠺᠠ ᠠ᠋ᠩ᠎ᠤᠨ ᠲᠤᠮᠳᠠᠳᠤ ᠰᠤᠷᠭ᠋ᠠᠭᠤᠯᠢ ᠵᠢᠨ ᠰᠤᠷᠤᠭᠴᠢᠳ᠎ᠤᠨ ᠲᠤᠭ᠋ᠠᠨ᠎ᠤ ᠤᠬᠠᠭ᠋ᠠᠨ᠎ᠤ ᠪᠤᠳᠤᠯᠭ᠎ᠠ ᠵᠢᠨ ᠴᠢᠳᠠᠪᠤᠷᠢ ᠵᠢᠨ ᠦᠨᠳᠤᠰᠤᠨ ᠱᠠᠭ᠋ᠠᠷᠳᠠᠯᠭ᠎ᠠ ᠦᠨᠳᠤᠷ ᠪᠢᠰᠢ ᠪᠠᠢ᠍ᠢ᠍ᠳᠠᠬ᠃ ᠠᠪᠢᠶᠠᠰ᠎ᠲᠠᠢ᠂ ᠲᠤᠷ᠎ᠠ ᠰᠤᠨᠢᠷᠬᠠᠯ᠎ᠲᠠᠢ ᠰᠤᠷᠤᠭᠴᠢ ᠲᠤᠮᠳᠠᠳᠤ ᠰᠤᠷᠭ᠋ᠠᠭᠤᠯᠢ᠎ᠳᠤ᠎ᠪᠠᠨ ᠶᠡᠭᠡ ᠰᠤᠷᠭ᠋ᠠᠭᠤᠯᠢ ᠵᠢᠨ ᠰᠤᠷᠬᠤ ᠬᠢᠴᠢᠶᠡᠯ (Advanced Plcement ᠲᠦᠭᠦᠮᠴᠢᠯᠡᠭᠡᠳ AP ᠭᠡᠳᠡᠭ)᠎ᠢ ᠰᠤᠷᠴᠤ ᠪᠤᠯᠤᠨ᠎ᠠ᠃ AP ᠵᠢ ᠰᠤᠷᠴᠤ ᠪᠠᠷᠠᠭᠰᠠᠨ᠎ᠤ ᠲᠠᠷᠠᠭ᠎ᠠ ᠤᠷᠢᠳ ᠵᠶ᠋ᠠᠷ ᠰᠤᠷᠬᠤ ᠬᠢᠴᠢᠶᠡᠯ᠎ᠤᠨ ᠰᠢᠯᠭ᠋ᠠᠯᠳᠠ᠎ᠳᠤ ᠤᠷᠤᠯᠴᠠᠨ᠎ᠠ᠃ ᠤᠷᠢᠳ ᠵᠶ᠋ᠠᠷ ᠰᠤᠷᠬᠤ ᠬᠢᠴᠢᠶᠡᠯ᠎ᠤᠨ ᠭᠦᠨᠳᠤᠴᠠ᠎ᠨᠢ ᠠᠮᠸᠷᠢᠺᠠ ᠵᠢᠨ ᠠ᠋ᠩ᠎ᠤᠨ ᠲᠡᠭᠡᠳᠤ ᠵᠡᠷᠭᠡ ᠵᠢᠨ ᠲᠤᠮᠳᠠᠳᠤ ᠰᠤᠷᠭ᠋ᠠᠭᠤᠯᠢ ᠵᠢᠨ ᠲᠤᠭ᠋ᠠᠨ᠎ᠤ ᠤᠬᠠᠭ᠋ᠠᠨ᠎ᠠᠴᠠ ᠬᠤᠯᠠ ᠭᠦᠨᠳᠤ ᠪᠠᠢ᠍ᠢ᠍ᠵᠤ ᠪᠠᠷᠤᠭ ᠲᠤᠭ᠋ᠠᠨ᠎ᠤ ᠤᠬᠠᠭ᠋ᠠᠨ᠎ᠤ ᠤᠷᠤᠯᠳᠤᠭ᠋ᠠᠨ᠎ᠲᠠᠢ ᠠᠳᠠᠯᠢᠪᠳᠤᠷ ᠪᠠᠢ᠍ᠢ᠍ᠳᠠᠬ᠃ ᠲᠡᠭᠦᠨ᠎ᠤ ᠪᠠᠢ᠍ᠢ᠍ᠷᠢᠯᠠᠭᠤᠯᠤᠯᠳᠠ᠎ᠨᠢ ᠰᠤᠷᠤᠭᠴᠢ ᠵᠢᠨ ᠲᠤᠭ᠋ᠠᠨ᠎ᠤ ᠤᠬᠠᠭ᠋ᠠᠨ᠎ᠤ ᠠᠰᠠᠭᠤᠳᠠᠯ᠎ᠤᠨ ᠲᠤᠬᠠᠢ ᠤᠢ᠍ᠢ᠍ᠯᠠᠭ᠋ᠠᠯᠳᠠ ᠵᠢᠨ ᠪᠦᠷᠢᠯᠳᠤᠯ᠎ᠳᠤ ᠨᠡᠩ ᠠᠰᠢᠭᠳᠠᠢ᠃ ᠵᠢᠱ᠌ᠢᠶᠡᠯᠡᠪᠡᠯ᠂ ᠠᠮᠸᠷᠢᠺᠠ ᠬᠢᠭᠡᠳ ᠺᠠᠨᠠᠳᠠ ᠵᠢᠨ ᠶᠠᠭᠡ ᠰᠤᠷᠭ᠋ᠠᠭᠤᠯᠢ ᠵᠢᠨ ᠤᠷᠢᠳ ᠵᠶ᠋ᠠᠷ ᠰᠤᠷᠬᠤ ᠬᠢᠴᠢᠶᠡᠯ᠎ᠳᠤ ᠢᠯᠭ᠋ᠠᠷᠠᠯ ᠴᠤᠮᠬᠠᠳᠬᠠᠯ᠎ᠤᠨ ᠭᠡᠰᠡᠭ᠎ᠤᠨ ᠬᠤᠶᠠᠷ ᠲᠦᠷᠦᠯ᠎ᠤᠨ ᠬᠢᠴᠢᠶᠡᠯ᠎ᠨᠢ ᠨᠢᠭᠡ ᠦᠯᠦ ᠮᠠᠳᠡᠭᠳᠡᠭᠴᠢᠳᠤ ᠢᠯᠭ᠋ᠠᠷᠠᠯ ᠴᠤᠮᠬᠠᠳᠬᠠᠯ᠎ᠤᠨ ᠪᠤᠢ ᠪᠦᠭᠦᠢ ᠮᠠᠳᠡᠯᠭᠡ ᠵᠢ ᠬᠠᠮᠤᠷᠴᠤ ᠠᠮᠸᠷᠢᠺᠠ ᠵᠢᠨ ᠶᠡᠭᠡ ᠰᠤᠷᠭ᠋ᠠᠭᠤᠯᠢ ᠵᠢᠨ ᠬᠤᠶᠠᠷ ᠬᠤᠭᠤᠴᠠᠭ᠋ᠠᠨ᠎ᠤ ᠲᠤᠭ᠋ᠠᠨ᠎ᠤ ᠤᠬᠠᠭ᠋ᠠᠨ᠎ᠤ ᠬᠢᠴᠢᠶᠡᠯ᠎ᠤᠨ ᠠᠭᠤᠯᠭ᠎ᠠ᠎ᠲᠠᠢ ᠲᠠᠨᠭ᠌ᠴᠡᠵᠦ ᠪᠠᠢ᠍ᠢ᠍ᠳᠠᠬ᠃ ᠠ᠋ᠳᠡᠭᠡᠷ ᠪᠤᠯᠪᠠᠰᠤᠷᠠᠯ ᠵᠶ᠋ᠠᠷ ᠲᠠᠮᠵᠢᠨ ᠢᠯᠭ᠋ᠠᠷᠠᠯ ᠴᠤᠮᠬᠠᠳᠬᠠᠯ᠎ᠤᠨ ᠲᠤᠬᠠᠢ ᠤᠢ᠍ᠢ᠍ᠯᠠᠭ᠋ᠠᠯᠳᠠ ᠵᠢ᠎ᠨᠢ ᠨᠠᠩ ᠲᠤᠬᠢᠷᠠᠮᠵᠢᠳᠠᠢ᠎ᠪᠠᠷ ᠠᠬᠢᠭᠤᠯᠳᠠᠬ᠃ ᠭᠡᠳᠡᠯ᠎ᠠ ᠤᠷᠤᠯᠳᠤᠭ᠋ᠠᠨ᠎ᠢ ᠭᠦᠨᠳᠤᠳᠭᠡᠳᠡᠭ ᠲᠤᠮᠳᠠᠳᠤ ᠤᠯᠤᠰ᠎ᠤᠨ ᠲᠡᠭᠡᠳᠤ ᠲᠤᠮᠳᠠᠳᠤ᠎ᠳᠤ ᠠ᠋ᠨᠡ ᠲᠦᠷᠦᠯ᠎ᠤᠨ ᠮᠠᠳᠠᠯᠭᠡ ᠵᠢ ᠲᠠᠮᠠᠢ ᠶᠡᠭᠡ ᠠᠨᠭ᠌ᠬᠠᠷᠳᠠᠬ ᠦᠭᠡᠢ ᠶᠤᠮ᠃
ᠬᠤᠪᠢ ᠭᠦᠮᠦᠨ᠎ᠤ ᠢᠷᠡᠭᠡᠳᠤᠢ ᠵᠢᠨ ᠭᠦᠭᠵᠢᠯᠳᠠ ᠵᠢᠨ ᠲᠠᠯ᠎ᠠ᠎ᠠᠴᠠ ᠦᠵᠠᠪᠠᠯ ᠶᠡᠭᠡ ᠰᠤᠷᠭ᠋ᠠᠭᠤᠯᠢ ᠵᠢᠨ ᠤᠷᠢᠳ ᠵᠶ᠋ᠠᠷ ᠰᠤᠷᠬᠤ ᠬᠢᠴᠢᠶᠡᠯ᠎ᠢ ᠰᠤᠷᠬᠤ᠎ᠨᠢ ᠴᠠᠭ ᠵᠶ᠋ᠠᠨ ᠤᠷᠤᠯᠳᠤᠭ᠋ᠠᠨ᠎ᠤ ᠲᠡᠭᠡᠷ᠎ᠠ ᠲᠠᠯᠪᠢᠬᠤ᠎ᠠᠴᠠ ᠢᠯᠡᠭᠦᠦ ᠲᠤᠬᠢᠷᠠᠮᠵᠢᠳᠠᠢ᠃ ᠠ᠋ᠮᠦᠨᠡᠬᠢ᠎ᠨᠢ ᠵᠢᠨᠭᠬᠢᠨᠢ ᠤᠳᠬ᠎ᠠ ᠠᠭᠤᠯᠭ᠎ᠠ ᠲᠡᠭᠡᠷᠡᠬᠢ ᠲᠤᠭ᠋ᠠᠨ᠎ᠤ ᠤᠬᠠᠭ᠋ᠠᠨ᠎ᠤ ᠰᠤᠳᠤᠯᠤᠯ᠎ᠲᠠᠢ ᠤᠢ᠍ᠢ᠍ᠷᠠᠳᠤᠨᠠ᠃ ᠰᠤᠳᠤᠯᠭ᠋ᠠᠨ᠎ᠤ ᠭᠦᠷᠢᠶ᠎ᠠ ᠭᠡᠪᠴᠢᠶᠡᠨ᠎ᠳᠤ ᠠᠪᠴᠤ ᠭᠡᠯᠡᠪᠡᠯ ᠦᠨᠳᠤᠷ ᠭᠦᠴᠦᠯᠡᠴᠡ᠎ᠲᠠᠢ ᠲᠤᠭ᠋ᠠᠨ᠎ᠤ ᠤᠬᠠᠭ᠋ᠠᠨ᠎ᠤ ᠪᠤᠳᠤᠯᠭ᠎ᠠ ᠵᠢᠨ ᠪᠤᠯᠪᠠᠰᠤᠷᠠᠯ᠎ᠤᠨ ᠦᠷ᠎ᠠ ᠪᠦᠳᠤᠮᠵᠢ᠎ᠨᠢ ᠲᠤᠩ ᠲᠤᠤᠷ᠎ᠠ ᠪᠠᠢ᠍ᠢ᠍ᠳᠠᠬ᠃ ᠤᠳᠤ ᠦᠶ᠎ᠠ ᠵᠢᠨ ᠲᠤᠭ᠋ᠠᠨ᠎ᠤ ᠤᠬᠠᠭ᠋ᠠᠨ᠎ᠨᠢ ᠮᠠᠰᠢ ᠤᠯᠠᠨ ᠰᠠᠭᠤᠷᠢ ᠬᠢᠴᠢᠶᠡᠯ ᠲᠦᠷᠦᠯ᠎ᠲᠠᠢ ᠠᠳᠠᠯᠢ ᠦᠷᠭᠦᠯᠵᠢᠯᠡᠭᠰᠡᠨ ᠰᠤᠳᠤᠯᠭ᠋ᠠᠨ᠎ᠤ ᠤᠯᠠᠮᠵᠢᠯᠠᠯ ᠪᠠ ᠠ᠋ᠷᠳᠠᠮ ᠰᠢᠨᠵᠢᠯᠡᠭᠡᠨ᠎ᠤ ᠠᠭᠤᠷ ᠠᠮᠢᠰᠬᠤᠯ᠎ᠨᠢ ᠲᠡᠭᠦᠨ᠎ᠤ ᠠᠮᠵᠢᠯᠳᠠ ᠪᠦᠳᠦᠭᠡᠯ᠎ᠤᠨ ᠦᠨᠳᠤᠷ ᠪᠤᠭᠤᠨᠢ ᠵᠢ ᠭᠡᠵᠢᠶᠠᠳᠠ ᠰᠢᠢ᠍ᠳᠪᠤᠷᠢᠯᠡᠵᠦ ᠪᠠᠢ᠍ᠢ᠍ᠳᠠᠬ᠃ ᠠ᠋ᠨᠡ ᠲᠠᠯ᠎ᠠ᠎ᠪᠠᠷ ᠲᠤᠮᠳᠠᠳᠤ ᠤᠯᠤᠰ᠎ᠤᠨ ᠶᠡᠭᠡ ᠰᠤᠷᠭ᠋ᠠᠭᠤᠯᠢ ᠬᠢᠭᠡᠳ ᠠ᠋ᠸᠤᠢ᠍ᠷᠤᠫᠠ ᠠᠮᠸᠷᠢᠺᠠ ᠵᠢᠨ ᠶᠡᠭᠡ ᠰᠤᠷᠭ᠋ᠠᠭᠤᠯᠢ᠎ᠳᠤ ᠲᠤᠩ ᠶᠡᠭᠡ ᠵᠦᠷᠢᠶ᠎ᠠ ᠤᠷᠤᠰᠢᠵᠤ ᠪᠠᠢ᠍ᠢ᠍ᠳᠠᠬ᠃
ᠵᠦᠪᠯᠠᠯᠳᠤ ᠬᠢᠭᠡᠳ ᠵᠠᠭᠦᠨ ᠠ᠋ᠸᠤᠢ᠍ᠷᠤᠫᠠ ᠵᠢᠨ ᠤᠯᠤᠰ᠎ᠤᠳ᠎ᠤᠨ ᠤᠷᠤᠯᠳᠤᠭ᠋ᠠᠨ᠎ᠤ ᠬᠢᠷᠢ ᠪᠦᠳᠤᠮᠵᠢ ᠴᠦ᠍ ᠮᠠᠰᠢ ᠰᠠᠢ᠍ᠢ᠍ᠨ ᠪᠠᠢ᠍ᠢ᠍ᠭᠰᠠᠨ ᠪᠦᠭᠡᠳ ᠪᠠᠰᠠ ᠲᠤᠭ᠋ᠠᠨ᠎ᠤ ᠤᠬᠠᠭ᠋ᠠᠨ᠎ᠤ ᠰᠤᠳᠤᠯᠭ᠋ᠠᠨ᠎ᠤ ᠬᠠᠮᠤᠭ᠎ᠤᠨ ᠤᠬᠢ ᠰᠢᠯᠢᠳᠡᠭ ᠤᠯᠤᠰ᠎ᠤᠳ ᠪᠤᠯᠤᠨ᠎ᠠ᠃ ᠦᠨᠭᠭᠡᠷᠡᠭᠰᠡᠨ ᠵᠠᠭᠤᠨ ᠵᠢᠯ᠎ᠤᠨ ᠲᠤᠳᠤᠷ᠎ᠠ ᠵᠦᠪᠯᠠᠯᠳᠤ (ᠤᠷᠤᠰ) ᠲᠤᠭ᠋ᠠᠨ᠎ᠤ ᠤᠬᠠᠭ᠋ᠠᠨ᠎ᠤ ᠰᠤᠳᠤᠯᠭ᠋ᠠᠨ᠎ᠤ ᠲᠠᠯ᠎ᠠ᠎ᠪᠠᠷ ᠨᠠᠢ᠍ᠢ᠍ᠳᠠᠮ ᠲᠠᠷᠢᠭᠦᠯᠠᠵᠤ᠂ ᠲᠠᠯᠠᠭᠡᠢ ᠲᠠᠶᠠᠭ᠋ᠠᠷ ᠮᠠᠳᠠᠷᠠᠵᠤ ᠪᠠᠢ᠍ᠢ᠍ᠭᠰᠠᠨ ᠠᠮᠸᠷᠢᠺᠠ᠂ ᠹᠷᠠᠨᠼᠢ᠎ᠲᠠᠢ ᠨᠡᠷ᠎ᠠ ᠵᠡᠷᠭᠡᠴᠡᠭᠰᠡᠨ ᠲᠤᠮᠤ ᠤᠯᠤᠰ ᠪᠠᠢ᠍ᠢ᠍ᠭᠰᠠᠨ ᠶᠤᠮ᠃ ᠲᠡᠭᠦᠨ᠎ᠤ ᠲᠤᠮᠳᠠᠳᠤ ᠤᠯᠤᠰ᠎ᠲᠠᠢ ᠢᠯᠠ ᠲᠤᠳᠤ ᠢᠯᠭ᠋ᠠᠷᠠᠵᠤ ᠪᠠᠢ᠍ᠢ᠍ᠭ᠎ᠠ᠎ᠨᠢ ᠴᠦ᠍ ᠠ᠋ᠨᠡ ᠰᠢᠯᠳᠠᠭ᠋ᠠᠨ ᠪᠢᠯᠡ᠃
ᠵᠦᠪᠯᠠᠯᠳᠤ (ᠤᠷᠤᠰ) ᠵᠢᠨ ᠲᠤᠭ᠋ᠠᠨ᠎ᠤ ᠤᠬᠠᠭ᠋ᠠᠨ᠎ᠤ ᠤᠬᠢ ᠰᠢᠯᠢᠳᠡᠭ ᠮᠦᠷᠳᠡᠭᠡᠨ ᠤᠷᠳᠤ ᠤᠳᠠᠭ᠋ᠠᠨ ᠤᠯᠠᠮᠵᠢᠯᠠᠯ᠎ᠨᠢ ᠶᠡᠷᠦ᠎ᠠᠴᠠ ᠲᠠᠰᠤᠯᠤᠭᠳᠠᠭᠠ ᠦᠭᠡᠢ᠃ ᠠᠯᠢ ᠠ᠋ᠷᠳᠠ 18 ᠳ᠋ᠤᠭ᠋ᠠᠷ ᠵᠠᠭᠤᠨ᠎ᠤ ᠤᠢ᠍ᠢ᠍ᠷ᠎ᠠ ᠦᠶ᠎ᠠ ᠵᠢᠨ ᠲᠤᠭ᠋ᠠᠨ᠎ᠤ ᠤᠬᠠᠭ᠋ᠠᠨ᠎ᠤ ᠵᠠᠮᠴᠢ ᠯᠸᠶᠤᠨ᠋ᠾᠠᠷᠲ · ᠠ᠋ᠸᠤᠷᠠ ᠰᠠᠨᠲ ᠫᠸᠲᠷᠪᠦ᠍ᠢ᠍ᠷᠡᠭᠲᠤ ᠭᠤᠴᠢ ᠭᠠᠷᠤᠢ ᠵᠢᠯ ᠠᠵᠢᠯᠯᠠᠬᠤ᠎ᠳᠤ᠎ᠪᠠᠨ ᠤᠷᠤᠰ᠎ᠤᠨ ᠠᠯᠳᠠᠷᠳᠤ ᠫᠸᠲᠷᠪᠦ᠍ᠢ᠍ᠷᠡᠭ ᠲᠤᠭ᠋ᠠᠨ᠎ᠤ ᠤᠬᠠᠭ᠋ᠠᠨ᠎ᠤ ᠠ᠋ᠷᠳᠠᠮ ᠰᠢᠨᠵᠢᠯᠡᠭᠡᠨ᠎ᠤ ᠪᠦᠯᠦᠭ᠎ᠢ ᠲᠠᠢ᠍ᠢ᠍ᠴᠢᠯᠡᠨ ᠭᠦᠭᠵᠢᠭᠦᠯᠦᠭᠰᠡᠨ ᠶᠤᠮ᠃ ᠲᠡᠭᠦᠨ᠎ᠤ ᠳᠠᠷᠠᠭ᠎ᠠ ᠤᠷᠤᠰ ᠬᠢᠭᠡᠳ ᠵᠦᠪᠯᠠᠯᠳᠤ᠎ᠳᠤ ᠪᠠᠰᠠ ᠷᠤᠪᠠᠴᠢᠹᠦᠰᠺᠢ ᠴᠸᠪᠢᠱ᠌ᠦᠢ᠍ᠹ · ᠷᠢᠶᠠᠫᠤᠨᠤᠹ ᠬᠢᠭᠡᠳ ᠮᠠᠷᠺᠸᠹ ᠵᠡᠷᠭᠡ ᠲᠤᠭ᠋ᠠᠨ᠎ᠤ ᠤᠬᠠᠭ᠋ᠠᠨᠳᠠᠨ ᠴᠤᠯᠭᠤᠷᠠᠨ ᠭᠠᠷᠤᠭᠰᠠᠨ ᠪᠠᠢ᠍ᠢ᠍ᠨ᠎ᠠ᠃
ᠤᠯᠤᠰ ᠲᠦᠷᠦ ᠵᠢᠨ ᠤᠷᠪᠠᠭ᠋ᠠᠨ ᠭᠦᠷᠪᠡᠭᠡᠨ᠎ᠲᠠᠢ ᠤᠨ ᠵᠢᠯ᠎ᠤᠳ᠎ᠲᠤ ᠵᠦᠪᠯᠠᠯᠳᠤ ᠵᠢᠨ ᠲᠤᠭ᠋ᠠᠨ᠎ᠤ ᠤᠬᠠᠭ᠋ᠠᠨ᠎ᠤ ᠰᠤᠳᠤᠯᠤᠯ᠎ᠤᠨ ᠤᠯᠠᠮᠵᠢᠯᠠᠯ ᠴᠦ᠍ ᠤᠭᠳᠤ ᠲᠠᠰᠤᠷᠠᠭ᠎ᠠ ᠦᠭᠡᠢ᠂ ᠬᠠᠷᠢᠨ ᠠ᠋ᠰᠡᠷᠭᠦ᠎ᠪᠠᠷ ᠲᠠᠢ᠍ᠢ᠍ᠨ ᠬᠢᠭᠡᠳ ᠲᠦᠯᠦᠪᠯᠠᠭᠡᠨᠤ ᠠᠵᠤ ᠠᠬᠤᠢ ᠵᠢᠨ ᠱᠠᠭ᠋ᠠᠷᠳᠠᠯᠭ᠎ᠠ᠎ᠪᠠᠷ ᠲᠤᠭ᠋ᠠᠨ᠎ᠤ ᠤᠬᠠᠭ᠋ᠠᠨᠳᠠᠳ ᠤᠯᠤᠰ ᠲᠦᠷᠦ ᠵᠢᠨ ᠭᠦᠳᠠᠯᠭᠡᠭᠡᠨᠤ ᠲᠠᠭ᠋ᠠᠷᠢᠯᠳᠠ᠎ᠠᠴᠠ ᠵᠠᠢ᠍ᠢ᠍ᠯᠠᠵᠤ ᠴᠢᠳᠠᠭᠰᠠᠨ ᠮᠦᠷᠳᠡᠭᠡᠨ ᠠᠮᠢᠳᠤᠷᠠᠯ ᠳᠡᠭᠡᠷ᠎ᠡ᠎ᠪᠠᠨ ᠪᠠᠳᠤᠯᠠᠭ᠎ᠠ᠎ᠲᠠᠢ᠂ ᠰᠤᠳᠤᠯᠭ᠋ᠠᠨ ᠲᠠᠭᠡᠷ᠎ᠠ᠎ᠪᠠᠨ ᠠ᠋ᠷᠭᠡ ᠴᠢᠯᠦᠭᠡᠳᠠᠢ ᠪᠠᠢ᠍ᠢ᠍ᠵᠠᠢ᠃
ᠠ᠋ᠭᠦᠨ᠎ᠤ ᠬᠠᠮᠳᠤ ᠲᠠᠳᠠ ᠪᠠᠰᠠ ᠢᠯᠠ ᠲᠤᠳᠤ ᠦᠪᠠᠷᠮᠢᠴᠠ ᠤᠨᠴᠠᠯᠢᠬ᠎ᠲᠠᠢ ᠶᠠᠷᠢᠯᠴᠠᠭ᠋ᠠᠨ᠎ᠤ ᠠᠨᠭ᠌ᠬᠢ ᠵᠢᠨ ᠰᠢᠰᠲᠸᠮ᠎ᠢ ᠪᠠᠢ᠍ᠢ᠍ᠭᠤᠯᠵᠤ ᠨᠠᠷᠠᠳᠠᠢ ᠲᠤᠭ᠋ᠠᠨ᠎ᠤ ᠤᠬᠠᠭ᠋ᠠᠨᠳᠠᠨ ᠲᠠᠭ᠋ᠠᠭ᠋ᠠᠮᠠᠯ ᠪᠤᠯᠵᠤ ᠲᠤᠷ᠎ᠠ ᠰᠤᠨᠢᠷᠬᠠᠯ᠎ᠲᠠᠢ ᠭᠦᠮᠦᠰ᠎ᠢ ᠨᠠᠰᠤ ᠵᠢᠯ᠂ ᠬᠢᠷᠢ ᠭᠡᠮ᠎ᠢ᠎ᠨᠢ ᠬᠢᠵᠠᠭ᠋ᠠᠷᠯᠠᠬᠤ ᠦᠭᠡᠢ᠎ᠪᠠᠷ ᠤᠷᠤᠯᠴᠠᠭᠤᠯᠵᠠᠢ᠃ ᠠ᠋ᠨᠡ᠎ᠨᠢ ᠤᠯᠠᠮᠵᠢᠯᠠᠯ᠎ᠤᠨ ᠦᠷᠭᠦᠯᠵᠢᠯᠠᠯ᠎ᠳᠤ ᠲᠦᠢ᠍ᠯ᠎ᠤᠨ ᠠᠰᠢᠬᠳᠠᠢ ᠪᠤᠯᠤᠭᠰᠠᠨ᠎ᠠᠴᠠ ᠵᠦᠪᠯᠠᠯᠳᠤ ᠵᠢᠨ ᠶᠠᠷᠢᠯᠴᠠᠭ᠋ᠠᠨ᠎ᠤ ᠠᠨᠭ᠌ᠬᠢ᠎ᠠᠴᠠ ᠲᠤᠩ ᠤᠯᠠᠨ ᠵᠠᠯᠠᠭᠤ ᠲᠤᠭ᠋ᠠᠨ᠎ᠤ ᠤᠬᠠᠭ᠋ᠠᠨᠳᠠᠨ ᠭᠦᠮᠦᠵᠢᠭᠳᠡᠨ ᠭᠠᠷᠴᠤ ᠨᠠᠷᠠ ᠠᠯᠳᠠᠷᠳᠠᠢ ᠮᠤᠰᠺᠸᠨ ᠵᠢᠨ ᠠ᠋ᠷᠳᠠᠮ ᠰᠢᠨᠵᠢᠯᠡᠭᠡᠨ᠎ᠤ ᠪᠦᠯᠦᠭ ᠪᠦᠷᠢᠯᠳᠤᠵᠠᠢ᠃
ᠲᠤᠭ᠋ᠠᠨ᠎ᠤ ᠤᠬᠠᠭ᠋ᠠᠨ᠎ᠤ ᠨᠡᠩ ᠵᠠᠯᠠᠭᠤ ᠴᠢᠳᠠᠪᠤᠷᠢᠳᠠᠨ᠎ᠢ ᠭᠦᠮᠦᠵᠢᠭᠦᠯᠭᠦ ᠲᠠᠯ᠎ᠠ᠎ᠪᠠᠷ ᠵᠦᠪᠯᠠᠯᠳᠤ ᠪᠠᠰᠠ ᠲᠤᠮᠳᠠᠳᠤ ᠤᠯᠤᠰ᠎ᠲᠠᠢ ᠠᠳᠠᠯᠢ ᠦᠭᠡᠢ ᠪᠠᠢ᠍ᠢ᠍ᠳᠠᠬ᠃ ᠵᠦᠪᠯᠠᠯᠳᠤ ᠬᠢᠭᠡᠳ ᠲᠤᠮᠳᠠᠳᠤ ᠤᠯᠤᠰ ᠮᠦᠨ ᠠᠳᠠᠯᠢᠬᠠᠨ ᠤᠯᠠᠨ ᠲᠤᠭ᠋ᠠᠨ᠎ᠤ ᠵᠤᠰᠠᠯᠠᠩ ᠠ᠋ᠷᠬᠢᠯᠡᠳᠡᠭ᠃ ᠭᠡᠪᠡᠴᠤ ᠵᠦᠪᠯᠠᠯᠳᠤ ᠵᠢᠨ ᠨᠠᠷᠠ ᠮᠠᠳᠡᠭᠦᠯᠦᠭᠴᠢᠳᠨᠢ ᠤᠯᠠᠨᠭ᠌ᠬᠢᠳᠤᠪᠠᠨ ᠲᠤᠷ᠎ᠠ ᠰᠤᠨᠢᠷᠬᠠᠯᠠᠴᠠᠪᠠᠨ ᠪᠤᠯᠳᠠᠬ᠂ ᠵᠤᠰᠠᠯᠠᠩ᠎ᠨᠢ ᠴᠦ᠍ ᠰᠢᠯᠭ᠋ᠠᠯᠳᠠ ᠪᠠ ᠬᠤᠪᠢ ᠵᠢ ᠱᠠᠭ᠋ᠠᠷᠳᠠᠳᠠᠬ ᠦᠭᠡᠢ᠃ ᠬᠢᠴᠢᠶᠡᠯᠯᠡᠭᠴᠢ᠎ᠨᠢ ᠭᠡᠵᠢᠶᠠᠳᠡ ᠶᠠᠮᠠᠷ ᠨᠢᠭᠡᠨ ᠲᠠᠯ᠎ᠠ ᠵᠢᠨ ᠨᠠᠷᠠᠳᠤ ᠪᠠᠭᠰᠢ ᠪᠠᠢ᠍ᠢ᠍ᠳᠠᠬ᠎ᠠᠴᠠ ᠪᠢᠰᠢ ᠬᠠᠷᠢᠨ ᠲᠤᠰᠬᠠᠢ᠍ᠢ᠍ᠯᠠᠨ ᠰᠤᠷᠤᠭᠴᠢ ᠵᠢᠨ ᠰᠢᠯᠭ᠋ᠠᠯᠳᠠ ᠵᠢ ᠪᠤᠯᠪᠠᠰᠤᠷᠠᠭᠤᠯᠳᠠᠬ ᠲᠤᠮᠳᠠᠳᠤ ᠰᠤᠷᠭ᠋ᠠᠭᠤᠯᠢ ᠵᠢᠨ ᠪᠠᠭᠰᠢ ᠪᠢᠰᠢ᠃ ᠢᠨᠭᠬᠢᠭᠦᠨᠢ ᠰᠤᠷᠤᠭᠴᠢ ᠵᠢᠨ ᠲᠤᠭ᠋ᠠᠨ᠎ᠤ ᠤᠬᠠᠭ᠋ᠠᠨ᠎ᠳᠤ᠎ᠬᠢ ᠲᠤᠷ᠎ᠠ ᠰᠤᠨᠢᠷᠬᠠᠯ᠎ᠢ ᠲᠠᠳᠠᠬᠤ ᠮᠦᠷᠳᠡᠭᠡᠨ ᠠᠪᠢᠶᠠᠰᠯᠢᠬ ᠰᠤᠷᠤᠭᠴᠢ᠎ᠳᠤ ᠨᠠᠷᠠᠳᠤ ᠪᠠᠭᠰᠢ᠎ᠲᠠᠢ ᠠᠭᠤᠯᠵᠠᠬᠤ ᠲᠤᠬᠢᠶᠠᠯ᠎ᠢ ᠤᠯᠭᠤᠵᠤ ᠠ᠋ᠷᠳᠠ ᠨᠢᠭᠡᠨ ᠠ᠋ᠳᠦᠷ ᠵᠢᠨᠭᠬᠢᠨᠢ ᠤᠳᠬ᠎ᠠ ᠠᠭᠤᠯᠭ᠎ᠠ ᠲᠠᠭᠡᠷᠡᠬᠢ ᠲᠤᠭ᠋ᠠᠨ᠎ᠤ ᠤᠬᠠᠭ᠋ᠠᠨ᠎ᠢ ᠤᠢ᠍ᠢ᠍ᠯᠠᠭ᠋ᠠᠭᠤᠯᠵᠤ ᠴᠢᠳᠠᠭᠰᠠᠨ ᠪᠠᠢ᠍ᠢ᠍ᠨ᠎ᠠ᠃
(《ᠪᠠᠭᠰᠢ ᠵᠢᠨ ᠬᠤᠷᠸ᠎ᠠ》 ᠰᠡᠳᠭᠦᠯ᠎ᠤᠨ 2019 ᠤᠨ᠎ᠤ
12 ᠳ᠋ᠤᠭ᠋ᠠᠷ ᠬᠤᠭᠤᠴᠠᠭ᠎ᠠ᠎ᠠᠴᠠ ᠰᠠᠢ᠍ᠢ᠍ᠨᠪᠤᠶᠠᠨ ᠤᠷᠴᠢᠭᠤᠯᠤᠨ ᠪᠠᠭᠤᠯᠭ᠋ᠠᠪᠠ)
2020 ᠣᠨ᠎ᠤ 8 ᠳ᠋ᠤᠭ᠋ᠠᠷ ᠬᠤᠭᠤᠴᠠᠭ᠎ᠠ