ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠰᠤᠷᠭᠠᠨ ᠬᠦᠮᠦᠵᠢᠯ᠎ᠤᠨ ᠬᠠᠨᠲᠤᠯᠭ᠎ᠠ
ᠰᠣᠨᠤᠷ᠎ᠤᠨ ᠲᠠᠪᠴᠠᠩ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠰᠣᠨᠤᠷ᠎ᠤᠨ ᠲᠠᠪᠴᠠᠩ   -   ᠰᠣᠨᠣᠷ᠎ᠤᠨ ᠰᠠᠴᠣᠷᠠᠭ
ᠰᠦᠬᠤᠮᠯᠢᠨ᠋ᠰᠺᠢ ᠵᠢᠨ ᠰᠤᠷᠭ᠋ᠠᠨ ᠬᠦᠮᠦᠵᠢᠯ᠎ᠤᠨ ᠦᠵᠡᠯ ᠰᠠᠨᠠᠭ᠋ᠠᠨ᠎ᠤ ᠲᠤᠬᠠᠢ ᠲᠤᠪᠴᠢ ᠦᠬᠦᠯᠡᠬᠦ᠎ᠨᠢ
ᠨᠡᠶ᠋ᠢᠲᠡᠯᠡᠭᠰᠡᠨ ᠴᠠᠭ᠄ 2020-05-21


                                                          ᠦᠯᠵᠡᠶ᠋ᠢᠲᠤᠭᠲᠠᠭ᠍ᠤ


      ᠮᠠᠨ᠎ᠤ ᠰᠤᠷᠭ᠋ᠠᠭᠤᠯᠢ᠎ᠨᠢ ᠠ᠋ᠳᠦᠷ ᠲᠤᠲᠤᠮ᠎ᠤᠨ ᠵᠢᠭ᠋ᠠᠨ ᠰᠤᠷᠭ᠋ᠠᠯᠲᠠ᠎ᠳᠤ᠎ᠪᠠᠨ ᠬᠢᠴᠢᠶᠡᠯ᠎ᠤᠨ ᠦᠭᠡᠷᠡᠴᠢᠯᠡᠯᠲᠡ ᠵᠢᠨ ᠲᠤᠬᠠᠢ ᠠᠯᠢ ᠤᠯᠠᠨ ᠤᠨᠤᠯ ᠦᠢ᠍ᠯᠡᠳᠦᠯᠭᠡ ᠵᠢᠨ ᠨᠤᠮ ᠮᠠᠲᠸᠷᠢᠶᠠᠯ᠎ᠢ ᠪᠠᠭᠰᠢ ᠨᠠᠷ᠎ᠲᠤ᠎ᠪᠠᠨ ᠰᠤᠷᠤᠯᠴᠠᠭᠤᠯᠵᠤ᠂ ᠲᠡᠷᠢᠭᠦᠨ᠎ᠤ ᠲᠠᠪᠰᠢᠩᠭᠤᠢ ᠦᠵᠡᠯ ᠰᠠᠨᠠᠭ᠎ᠠ ᠪᠠ ᠠᠷᠭ᠎ᠠ᠎ᠪᠠᠷ ᠪᠠᠭᠰᠢ ᠨᠡᠷ᠎ᠤᠨ ᠵᠶ᠋ᠠᠨ ᠲᠤᠬᠠᠶ᠋ᠢᠯᠠᠭᠰᠠᠨ ᠠᠵᠢᠯ᠎ᠤᠨ ᠬᠢᠷᠢ ᠲᠦᠪᠰᠢᠨ᠎ᠢ ᠴᠢᠷᠮᠠᠶ᠋ᠢᠨ ᠲᠡᠭᠡᠭᠰᠢᠯᠡᠭᠦᠯᠬᠦ᠎ᠪᠠᠷ ᠤᠷᠤᠯᠳᠤᠵᠤ ᠢᠷᠡᠭᠰᠡᠨ ᠪᠦᠭᠡᠳ ᠲᠡᠳᠡᠭᠡᠷ ᠠᠰᠢᠭᠯᠠᠵᠤ ᠰᠤᠷᠤᠯᠴᠠᠭᠰᠠᠨ ᠨᠤᠮ ᠪᠢᠴᠢᠭ᠎ᠤᠳ᠎ᠤᠨ ᠲᠤᠲᠤᠷ᠎ᠠ᠎ᠠᠴᠠ ᠸ᠊ · ᠠ᠊ · ᠰᠦᠬᠤᠮᠯᠢᠨ᠋ᠰᠺᠢ ᠵᠢᠨ 《ᠪᠠᠭᠰᠢ ᠨᠠᠷ᠎ᠲᠤ ᠦᠭᠭᠦᠭᠰᠡᠨ ᠵᠠᠭᠤᠨ ᠰᠠᠨᠠᠭᠤᠯᠭ᠎ᠠ》 ᠭᠡᠬᠦ ᠨᠤᠮ᠎ᠨᠢ ᠪᠠᠭᠰᠢ ᠨᠠᠷ᠎ᠤᠨ ᠦᠵᠡᠯ ᠰᠠᠨᠠᠭ᠎ᠠ ᠵᠢ ᠭᠦᠨᠵᠡᠭᠡᠢ ᠨᠦᠯᠦᠭᠡᠯᠡᠵᠦ᠂ ᠨᠢᠭᠡ ᠲᠠᠯ᠎ᠠ᠎ᠪᠠᠷ ᠰᠤᠷᠤᠯᠴᠠᠵᠤ᠂ ᠨᠦᠭᠦᠭᠡ ᠲᠠᠯ᠎ᠠ᠎ᠪᠠᠷ ᠪᠤᠲᠠᠲᠠᠢ᠎ᠳᠤ ᠬᠡᠷᠡᠭᠵᠢᠭᠦᠯᠵᠦ ᠢᠷᠡᠭᠰᠡᠨ ᠪᠠᠶ᠋ᠢᠨ᠎ᠠ᠃ ᠠ᠋ᠭᠦᠨ᠎ᠤ ᠬᠠᠮᠲᠤ ᠬᠡᠳᠦᠨ ᠵᠢᠯ᠎ᠤᠨ ᠲᠤᠷᠰᠢ ᠪᠦᠬᠦ ᠪᠠᠭᠰᠢ ᠨᠠᠷ᠎ᠤᠨ ᠴᠢᠷᠮᠠᠶ᠋ᠢᠯᠭ᠎ᠠ᠎ᠪᠠᠷ ᠲᠤᠰ ᠨᠤᠮ᠎ᠢ ᠲᠠᠬᠢᠨᠲᠠ ᠨᠠᠶ᠋ᠢᠷᠠᠭᠤᠯᠤᠨ ᠤᠷᠴᠢᠭᠤᠯᠵᠤ᠂ 2018 ᠤᠨ᠎ᠤ 11 ᠰᠠᠷ᠎ᠠ᠎ᠳᠤ ᠯᠢᠶᠤᠤᠨᠢᠩ᠎ᠤᠨ ᠦᠨᠳᠦᠰᠦᠲᠡᠨ᠎ᠤ ᠬᠡᠪᠯᠡᠯ᠎ᠤᠨ ᠬᠤᠷᠢᠶ᠎ᠠ᠎ᠠᠴᠠ ᠬᠡᠪᠯᠡᠭᠦᠯᠦᠭᠰᠡᠨ ᠶᠤᠮ᠃ ᠡ᠊ᠨᠳᠡ ᠪᠢ ᠲᠤᠰ ᠨᠤᠮ᠎ᠢ ᠬᠡᠷᠡᠭᠯᠡᠵᠦ ᠠ᠋ᠬᠢᠯᠡᠭᠰᠡᠨ᠎ᠠᠴᠠ ᠬᠡᠪᠯᠡᠭᠦᠯᠬᠦ ᠬᠦᠷᠲᠡᠯᠡᠬᠢ ᠬᠡᠳᠦᠨ ᠵᠢᠯ᠎ᠤᠨ ᠬᠤᠭᠤᠴᠠᠭ᠋ᠠᠨ᠎ᠳᠤ ᠰᠤᠷᠴᠤ ᠮᠡᠳᠡᠭᠰᠡᠨ ᠵᠦᠢ᠍ᠯ᠎ᠠᠴᠠ᠎ᠪᠠᠨ ᠶᠠᠷᠢᠵᠤ᠂ ᠰᠦᠬᠤᠮᠯᠢᠨ᠋ᠰᠺᠢ ᠵᠢᠨ ᠰᠤᠷᠭ᠋ᠠᠨ ᠬᠦᠮᠦᠵᠢᠯ᠎ᠤᠨ ᠦᠵᠡᠯ ᠰᠠᠨᠠᠭ᠎ᠠ᠎ᠨᠢ ᠮᠠᠨ᠎ᠤ ᠤᠳᠤᠬᠠᠨ᠎ᠤ ᠰᠤᠷᠭ᠋ᠠᠨ ᠬᠦᠮᠦᠵᠢᠯ᠎ᠳᠤ ᠬᠡᠴᠢᠨᠡᠨ ᠶᠡᠭᠡ ᠨᠦᠯᠦᠭᠡ᠎ᠲᠠᠢ ᠪᠠᠶ᠋ᠢᠭ᠎ᠠ᠂ ᠰᠤᠳᠤᠯᠵᠤ ᠰᠤᠷᠤᠯᠴᠠᠭᠤᠰᠢᠲᠠᠢ ᠵᠦᠢ᠍ᠯᠡᠰ ᠬᠡᠴᠢᠨᠡᠨ ᠤᠯᠠᠨ ᠪᠠᠶ᠋ᠢᠭ᠎ᠠ ᠲᠤᠬᠠᠢ ᠦᠪᠡᠷ᠎ᠤᠨ ᠦᠵᠡᠯᠲᠡ ᠲᠦᠷᠦᠭᠳᠡᠯ ᠵᠶ᠋ᠠᠨ ᠲᠤᠪᠴᠢᠬᠠᠨ ᠶᠠᠷᠢᠰᠤᠭ᠋ᠠᠢ᠃
      ᠨᠢᠭᠡ᠂ ᠰᠦᠬᠤᠮᠯᠢᠨ᠋ᠰᠺᠢ ᠵᠢᠨ ᠵᠢᠳᠬᠦᠯ ᠵᠶ᠋ᠠᠷ ᠤᠮᠳᠠᠯᠠᠭᠰᠠᠨ ᠨᠢᠭᠡ ᠨᠠᠰᠤ
      ᠸ᠊ · ᠠ᠊ · ᠰᠦᠬᠤᠮᠯᠢᠨ᠋ᠰᠺᠢ (1918-1970)᠂ ᠪᠦᠲᠦᠨ ᠨᠠᠷ᠎ᠠ᠎ᠨᠢ ᠸᠠᠰᠢᠯᠢ · ᠠᠯᠸᠢᠰᠠᠨᠳ᠋ᠷᠸᠢᠴᠢ · ᠰᠦᠬᠤᠮᠯᠢᠨ᠋ᠰᠺᠢ᠂ ᠤᠤᠯ᠎ᠤᠨ ᠵᠦᠪᠯᠡᠯᠲᠦ ᠵᠢᠨ ᠰᠤᠷᠭ᠋ᠠᠨ ᠬᠦᠮᠦᠵᠢᠯ᠎ᠤᠨ ᠨᠡᠷᠡᠲᠦ ᠦᠢ᠍ᠯᠡᠲᠦᠯᠭᠡᠳᠡᠨ ᠪᠠ ᠤᠨᠤᠯᠴᠢ ᠪᠤᠯᠤᠨ᠎ᠠ᠃ ᠳᠡᠷᠡ ᠠᠷᠪᠠᠨ ᠳᠤᠯᠤᠭ᠋ᠠᠳᠠᠢ᠎ᠠᠴᠠ᠎ᠪᠠᠨ ᠠ᠋ᠬᠢᠯᠡᠨ ᠨᠠᠰᠣ ᠪᠠᠷᠠᠳᠠᠯ᠎ᠠ᠎ᠪᠠᠨ ᠰᠤᠷᠭ᠋ᠠᠨ ᠬᠦᠮᠦᠵᠢᠯ᠎ᠤᠨ ᠠᠵᠢᠯ᠎ᠳᠤ ᠮᠡᠷᠡᠶ᠋ᠢᠵᠦ ᠤᠯᠤᠰ᠎ᠤᠨ ᠳᠤᠳᠤᠭ᠋ᠠᠳᠤ ᠭᠠᠳᠠᠭ᠋ᠠᠳᠤ᠎ᠳᠤ ᠦᠯᠠᠮᠵᠢ ᠶᠡᠭᠡ ᠠᠯᠳᠠᠷ ᠨᠡᠷ᠎ᠡ ᠮᠠᠨᠳᠤᠭᠰᠠᠨ ᠪᠢᠯᠡ᠃ ᠰᠦᠬᠤᠮᠯᠢᠨ᠋ᠰᠺᠢ ᠦᠺᠷᠡᠶ᠋ᠢᠨ᠎ᠤ ᠳᠠᠷᠢᠶᠠᠴᠢᠨ᠎ᠤ ᠭᠡᠷ ᠪᠦᠯᠢ᠎ᠳᠤ ᠲᠦᠷᠦᠵᠦ᠂ 1936 ᠤᠨ᠎ᠠᠴᠠ 1939 ᠤᠨ ᠪᠤᠯᠳᠠᠯ᠎ᠠ ᠫᠤᠯᠲ᠋ᠠᠸᠠ ᠪᠠᠭᠰᠢ ᠵᠢᠨ ᠳᠡᠭᠡᠲᠦ ᠰᠤᠷᠭ᠋ᠠᠭᠤᠯᠢ ᠵᠢᠨ ᠵᠠᠬᠢᠳᠠᠯ ᠵᠶ᠋ᠠᠷ ᠰᠤᠷᠬᠤ ᠭᠡᠯᠳᠡᠰ᠎ᠲᠤ ᠰᠤᠷᠤᠯᠴᠠᠵᠤ᠂ ᠳᠡᠬᠦᠰᠦᠭᠰᠡᠨ᠎ᠤ ᠳᠠᠷᠠᠭ᠎ᠠ ᠳᠤᠮᠳᠠᠳᠤ ᠰᠤᠷᠭ᠋ᠠᠭᠤᠯᠢ ᠵᠢᠨ ᠪᠠᠭᠰᠢ ᠵᠢᠨ ᠦᠨᠡᠮᠯᠡᠯ ᠬᠦᠷᠳᠡᠵᠡᠢ᠃ 1948 ᠤᠨ᠎ᠠᠴᠠ ᠨᠤᠳᠤᠭ᠎ᠤᠨ ᠵᠶ᠋ᠠᠨ ᠨᠢᠬᠡᠨ ᠬᠦᠳᠡᠭᠡ ᠳᠤᠰᠬᠤᠨ᠎ᠤ ᠪᠦᠷᠢᠨ ᠳᠤᠮᠳᠠᠳᠤ ᠰᠤᠷᠭ᠋ᠠᠭᠤᠯᠢ - ᠫᠠᠹᠯᠸᠱ᠌ᠢ ᠳᠤᠮᠳᠠᠳᠤ ᠰᠤᠷᠭ᠋ᠠᠭᠤᠯᠢ᠎ᠳᠤ ᠵᠠᠬᠢᠷᠤᠯ ᠵᠶ᠋ᠠᠷ ᠠᠵᠢᠯᠯᠠᠵᠦ᠂ 1957 ᠤᠨ᠎ᠠᠴᠠ ᠠ᠋ᠬᠢᠯᠡᠭᠡᠳ ᠤᠷᠤᠰ᠎ᠤᠨ ᠬᠤᠯᠪᠤᠭ᠋ᠠᠨ᠎ᠤ ᠰᠤᠷᠭ᠋ᠠᠨ ᠬᠦᠮᠦᠵᠢᠯ᠎ᠤᠨ ᠰᠢᠨᠵᠢᠯᠡᠬᠦ ᠤᠬᠠᠭ᠋ᠠᠨ᠎ᠤ ᠠᠺᠠᠳ᠋ᠸᠮᠢ ᠵᠢᠨ ᠰᠤᠷᠪᠤᠯᠵᠢᠯᠠᠭᠴᠢ ᠬᠡᠰᠢᠬᠦᠨ ᠵᠶ᠋ᠠᠷ ᠨᠠᠰᠦ᠎ᠪᠠᠷ ᠵᠶ᠋ᠠᠨ ᠠᠵᠢᠯᠯᠠᠭᠰᠠᠨ ᠶᠤᠮ᠃ 1968 ᠤᠨ᠎ᠠᠴᠠ ᠵᠦᠪᠯᠡᠯᠲᠦ ᠵᠢᠨ ᠰᠤᠷᠭ᠋ᠠᠨ ᠬᠦᠮᠦᠵᠢᠯ᠎ᠤᠨ ᠰᠢᠨᠵᠢᠯᠡᠬᠦ ᠤᠬᠠᠭ᠋ᠠᠨ᠎ᠤ ᠠᠺᠠᠳ᠋ᠸᠮᠢ ᠵᠢᠨ ᠰᠤᠷᠪᠤᠯᠵᠢᠯᠠᠭᠴᠢ ᠬᠡᠰᠢᠬᠦᠨ ᠪᠤᠯᠵᠦ᠂ 1969 ᠤᠨ᠎ᠳᠤ ᠦᠺᠷᠡᠶ᠋ᠢᠨ᠎ᠤ ᠨᠡᠶ᠋ᠢᠬᠡᠮ ᠵᠢᠷᠦᠮ᠎ᠤᠨ ᠬᠤᠯᠪᠤᠭ᠋ᠠᠨ᠎ᠳᠤ ᠨᠢᠬᠡᠳᠦᠭᠰᠡᠨ ᠪᠦᠬᠦᠳᠡ ᠨᠡᠶ᠋ᠢᠷᠡᠮᠳᠠᠭ᠍ᠤ ᠤᠯᠤᠰ᠎ᠤᠨ ᠭᠠᠪᠢᠶᠠᠳᠤ ᠪᠠᠭᠰᠢ ᠵᠢᠨ ᠴᠤᠯᠠ ᠬᠦᠷᠳᠡᠭᠰᠡᠨ ᠪᠠ ᠬᠤᠶᠠᠷ ᠤᠳᠠᠭ᠎ᠠ ᠯᠸᠨᠢᠨ ᠤᠳᠤᠨ ᠵᠶ᠋ᠠᠷ᠂ ᠨᠢᠭᠡ ᠤᠳᠠᠭ᠎ᠠ ᠤᠯᠠᠭ᠋ᠠᠨ ᠤᠳᠤᠨ ᠮᠸᠲᠠᠯ ᠵᠶ᠋ᠠᠷ᠂ ᠤᠯᠠᠨ ᠤᠳᠠᠭ᠎ᠠ ᠦᠱᠸᠨ᠋ᠰᠺᠢ ᠮᠸᠳᠠᠯ ᠪᠠ ᠮᠠᠺᠠᠷᠸᠨ᠋ᠺᠤ ᠱᠠᠩᠨᠠᠯ ᠵᠶ᠋ᠠᠷ ᠱᠠᠩᠨᠠᠭᠳᠠᠭᠰᠠᠨ ᠶᠤᠮ᠃
      ᠸᠠᠰᠢᠯᠢ · ᠠᠯᠸᠢᠰᠠᠨᠳ᠋ᠷᠸᠢᠴᠢ · ᠰᠦᠬᠤᠮᠯᠢᠨ᠋ᠰᠺᠢ ᠪᠤᠯ ᠰᠢᠯᠭ᠋ᠠᠷᠠᠭᠰᠠᠨ ᠰᠤᠷᠭ᠋ᠠᠨ ᠬᠦᠮᠦᠵᠢᠯ᠎ᠤᠨ ᠤᠬᠠᠭ᠋ᠠᠨᠳᠠᠨ᠂ ᠪᠠᠭᠰᠢ᠂ ᠪᠤᠳᠤᠯᠭ᠋ᠠᠳᠠᠨ ᠪᠦᠭᠡᠳ ᠵᠤᠬᠢᠶᠠᠯᠴᠢ ᠪᠢᠯᠡ᠃ ᠳᠡᠷᠡ ᠫᠠᠹᠯᠸᠱ᠌ᠢ ᠳᠤᠮᠳᠠᠳᠤ ᠰᠤᠷᠭ᠋ᠠᠭᠤᠯᠢ᠎ᠳᠤ ᠪᠠᠭᠰᠢ᠂ ᠵᠠᠬᠢᠷᠤᠯ᠂ ᠬᠦᠮᠦᠵᠢᠬᠦᠯᠦᠭᠴᠢ᠎ᠪᠠᠷ ᠨᠡᠶ᠋ᠢᠳᠡ 32 ᠵᠢᠯ ᠠᠵᠢᠯᠯᠠᠵᠦ᠂ ᠨᠢᠭᠡ ᠨᠠᠰᠣ᠎ᠪᠠᠷ ᠵᠶ᠋ᠠᠨ ᠬᠠᠯᠠᠰᠢᠷᠠᠯ ᠦᠭᠡᠢ ᠰᠤᠳᠤᠯᠤᠨ ᠰᠦᠪᠡᠭᠴᠢᠯᠠᠵᠦ ᠴᠦᠬᠦᠷᠡᠯ ᠦᠭᠡᠢ ᠵᠤᠬᠢᠶᠠᠨ ᠪᠦᠲᠦᠬᠡᠭᠰᠡᠨ ᠪᠠ 40 ᠳᠤᠰᠬᠠᠢ ᠪᠦᠲᠦᠬᠡᠯ᠂ 600 ᠭᠠᠷᠤᠢ ᠦᠬᠦᠯᠡᠯ᠂ 1200 ᠭᠠᠷᠤᠢ ᠬᠡᠦᠬᠡᠳ᠎ᠤᠨ ᠵᠢᠵᠢᠭ ᠦᠯᠢᠬᠡᠷ ᠪᠢᠴᠢᠭᠰᠡᠨ ᠭᠠᠶ᠋ᠢᠬᠠᠮᠰᠢᠭᠳᠠᠢ ᠠᠮᠵᠢᠯᠳᠠ ᠵᠢ ᠴᠤᠭᠴᠠᠯᠠᠭᠰᠠᠨ ᠶᠤᠮ᠃ ᠳᠡᠬᠦᠨ᠎ᠤ ᠪᠦᠬᠦᠶ᠋ᠢᠯᠡ ᠰᠢᠯᠢᠳᠡᠭ ᠪᠦᠲᠦᠬᠡᠯ ᠴᠦᠮ ᠵᠶ᠋ᠠᠷ ᠵᠶ᠋ᠠᠨ ᠪᠠᠭᠰᠢ᠂ ᠰᠤᠷᠭ᠋ᠠᠨ ᠬᠦᠮᠦᠵᠢᠯ᠎ᠤᠨ ᠵᠢᠳᠬᠦᠯᠳᠡᠨ᠂ ᠬᠦᠮᠦᠵᠢᠬᠦᠯᠦᠭᠴᠢ᠂ ᠠᠪᠤ ᠡᠵᠢ ᠪᠤᠯᠤᠭᠰᠠᠳ ᠪᠠ ᠬᠡᠦᠬᠡᠳ ᠲᠤ ᠬᠠᠨᠳᠤᠭᠤᠯᠤᠭᠰᠠᠨ ᠪᠠᠶ᠋ᠢᠳᠠᠭ᠃ ᠳᠡᠷᠡ ᠦᠪᠡᠷ᠎ᠤᠨ ᠰᠡᠳᠬᠢᠮᠵᠢ᠂ ᠰᠦᠪᠡᠭᠴᠢᠯᠡᠯᠳᠡ᠂ ᠵᠦᠪᠯᠡᠯᠭᠡ ᠪᠠ ᠦᠵᠡᠯᠳᠡ᠎ᠪᠠᠨ ᠪᠦᠬᠦᠨ᠎ᠢ ᠨᠤᠮ᠎ᠳᠤ᠎ᠪᠠᠨ ᠰᠢᠩᠭᠡᠭᠡᠵᠦ᠂ ᠬᠡᠷᠬᠢᠨ 《ᠵᠢᠩᠭᠢᠨᠢ ᠬᠦᠮᠦᠨ》᠎ᠢ ᠬᠦᠮᠦᠵᠢᠬᠦᠯᠬᠦ ᠳᠤᠬᠠᠢ ᠨᠠᠷᠢᠨ ᠨᠢᠭᠳᠠ     ᠰᠤᠳᠤᠯᠤᠨ᠂ ᠪᠠᠭᠰᠢ ᠪᠤᠯᠤᠨ ᠠᠪᠤ ᠡᠵᠢ ᠪᠤᠯᠤᠭᠰᠠᠳ ᠬᠡᠦᠬᠡᠳ ᠵᠶ᠋ᠠᠨ ᠴᠤᠪᠤᠭᠤ ᠰᠡᠷᠬᠦᠯᠡᠩ᠂ ᠦᠬᠡᠳᠡᠷᠭᠡᠭ᠂ ᠳᠤᠰᠠᠴᠢ᠂ ᠠ᠋ᠷᠬᠢᠮ ᠳᠡᠭᠡᠲᠦ᠂ ᠰᠠᠶ᠋ᠢᠨ ᠢᠷᠭᠡᠨ ᠪᠤᠯᠭ᠋ᠠᠬᠤ᠎ᠳᠤ ᠶᠠᠮᠠᠷᠬᠠᠨ ᠪᠡᠷᠭᠡ᠎ᠲᠠᠢ ᠪᠠᠶ᠋ᠢᠳᠠᠭ᠎ᠢ ᠳᠤᠳᠤᠷᠬᠠᠶ᠋ᠢᠯᠠᠭᠰᠠᠨ ᠶᠤᠮ᠃ ᠰᠦᠬᠤᠮᠯᠢᠨ᠋ᠰᠺᠢ ᠵᠢᠨ ᠨᠤᠮ ᠦᠺᠷᠡᠶ᠋ᠢᠨᠴᠤᠳ᠎ᠲᠤ ᠮᠠᠰᠢᠳᠠ ᠳᠠᠭ᠋ᠠᠯᠠᠭᠳᠠᠳᠠᠭ ᠳᠡᠳᠤᠢ ᠦᠭᠡᠢ᠂ ᠪᠤᠰᠤᠳ ᠤᠯᠤᠰ ᠤᠷᠤᠨ᠎ᠳᠤ ᠴᠦ᠍ ᠦᠷᠭᠡᠨ ᠵᠶ᠋ᠠᠷ ᠳᠡᠯᠭᠡᠷᠡᠨ ᠳᠠᠷᠬᠠᠭᠰᠠᠨ ᠪᠠᠶ᠋ᠢᠳᠠᠭ᠂ ᠠ᠋ᠬᠦᠨ᠎ᠳᠤ 《ᠬᠡᠦᠬᠡᠳ᠎ᠤᠳ᠎ᠲᠤ ᠪᠢ ᠰᠡᠳᠬᠢᠯ ᠵᠶ᠋ᠠᠨ》᠂ 《ᠢᠷᠭᠡᠨ᠎ᠤ ᠮᠠᠨᠳᠤᠯᠠᠯ》᠂ 《ᠦᠬᠢᠨ᠎ᠳᠤ᠎ᠪᠠᠨ ᠪᠢᠴᠢᠭᠰᠡᠨ ᠵᠠᠬᠢᠶ᠎ᠠ》 ᠬᠢᠬᠡᠳ ᠵᠠᠷᠢᠮ ᠦᠬᠦᠯᠡᠯ᠂ ᠵᠢᠵᠢᠭ ᠦᠯᠢᠬᠡᠷ᠎ᠢ ᠳᠤᠷᠠᠳᠴᠦ ᠪᠤᠯᠤᠨ᠎ᠠ᠃ ᠳᠡᠬᠦᠨ᠎ᠤ ᠰᠢᠨ᠎ᠠ ᠨᠤᠮ ᠬᠡᠪᠯᠡᠭᠳᠡᠬᠦ ᠪᠦᠷᠢ ᠤᠩᠰᠢᠬ᠍ᠴᠢᠳ᠎ᠤᠨ ᠠᠩᠬᠠᠷᠤᠯ᠎ᠳᠤ ᠬᠦᠷᠴᠦ ᠰᠤᠨᠢᠷᠬᠠᠯ᠎ᠢ᠎ᠨᠢ ᠰᠤᠷᠢᠨᠵᠢᠳᠠᠳᠠᠭ᠂ ᠳᠡᠷᠡ ᠪᠠᠭᠰᠢᠯᠠᠭ᠍ᠤ ᠵᠢᠨ ᠳᠠᠭ᠋ᠠᠤ ᠰᠤᠷᠭ᠋ᠠᠨ ᠬᠦᠮᠦᠵᠢᠯ᠎ᠤᠨ ᠤᠨᠤᠯ᠎ᠤᠨ ᠠᠰᠠᠭᠤᠳᠠᠯ ᠵᠶ᠋ᠠᠷ ᠨᠢᠬᠡᠨ ᠰᠢᠰᠲᠸᠮᠲᠦ ᠰᠤᠳᠤᠯᠭ᠋ᠠᠨ ᠬᠢᠵᠦ 《ᠪᠠᠭᠰᠢ ᠨᠠᠷ᠎ᠲᠤ ᠦᠭᠭᠦᠭᠰᠡᠨ ᠵᠠᠭᠤᠨ ᠰᠠᠨᠠᠭᠤᠯᠭ᠎ᠠ》᠂ 《ᠪᠦᠬᠦ ᠰᠡᠳᠬᠢᠯ ᠵᠶ᠋ᠠᠨ ᠬᠡᠦᠬᠡᠳ᠎ᠲᠤ ᠵᠤᠷᠢᠭᠤᠯᠤᠶ᠎ᠠ》᠂ 《ᠫᠠᠹᠯᠸᠱ᠌ᠢ ᠳᠤᠮᠳᠠᠳᠤ ᠰᠤᠷᠭ᠋ᠠᠭᠤᠯᠢ》᠂ 《ᠢᠷᠭᠡᠨ᠎ᠤ ᠮᠡᠨᠳᠤᠯᠡᠯ》᠂ 《ᠠᠯᠳᠠᠭᠰᠠᠨ ᠨᠢᠭᠡ ᠠ᠋ᠲᠦᠷ》 ᠵᠡᠷᠭᠡ ᠰᠤᠷᠭ᠋ᠠᠨ ᠬᠦᠮᠦᠵᠢᠯ᠎ᠤᠨ ᠳᠤᠰᠬᠠᠢ ᠪᠦᠲᠦᠬᠡᠯ ᠳᠤᠭᠤᠷᠪᠢᠭᠰᠠᠨ ᠪᠠ 《ᠬᠡᠦᠬᠡᠳ᠎ᠤᠨ ᠤᠶᠤᠨ ᠰᠠᠨᠠᠭ᠋ᠠᠨ᠎ᠤ ᠶᠢᠷᠲᠢᠨᠴᠦ》᠂ 《ᠦᠬᠢᠨ᠎ᠳᠤ᠎ᠪᠠᠨ ᠪᠢᠴᠢᠭᠰᠡᠨ ᠵᠠᠬᠢᠶ᠎ᠠ》᠂ 《ᠡᠵᠢ ᠡ᠂ ᠪᠢ ᠬᠠᠮᠤᠭ᠎ᠤᠨ ᠠᠨᠠᠢ᠎ᠨᠢ ᠪᠢᠰᠢ ᠰᠢᠦ》 ᠵᠡᠷᠭᠡ ᠪᠦᠲᠦᠭᠡᠯ᠎ᠨᠢ 《ᠰᠦᠬᠤᠮᠯᠢᠨ᠋ᠰᠺᠢ ᠵᠢᠨ ᠰᠤᠩᠭᠤᠮᠠᠯ》 (ᠳᠠᠪᠤᠨ ᠪᠤᠳᠢ)᠎ᠳᠤ ᠳᠡᠬᠦᠪᠦᠷᠢᠯᠡᠭᠳᠡᠵᠦ᠂ 《ᠪᠠᠭᠰᠢ᠎ᠳᠤ ᠦᠭᠭᠦᠭᠰᠡᠨ ᠵᠠᠭᠤᠨ ᠵᠦᠪᠯᠡᠯᠭᠡ》 ᠪᠦᠲᠦᠭᠡᠯ᠎ᠨᠢ ᠪᠠᠭᠰᠢ ᠵᠢᠨ ᠰᠤᠷᠭ᠋ᠠᠭᠤᠯᠢ ᠵᠢᠨ ᠰᠤᠷᠤᠭᠴᠢᠳ᠎ᠤᠨ ᠵᠠᠪᠠᠯ ᠤᠩᠰᠢᠬᠤ ᠪᠢᠴᠢᠭ ᠪᠤᠯᠤᠭᠰᠠᠨ ᠪᠠᠶ᠋ᠢᠨ᠎ᠠ᠃
     1. ᠪᠠᠭᠰᠢ ᠪᠤᠯᠬᠤ᠎ᠪᠠᠷ ᠰᠢᠢ᠍ᠲᠦᠭᠰᠡᠨ᠎ᠨᠢ
      ᠰᠦᠬᠤᠮᠯᠢᠨ᠋ᠰᠺᠢ ᠪᠠᠭ᠎ᠠ ᠳᠤᠮᠳᠠᠳᠤ ᠰᠤᠷᠭ᠋ᠠᠭᠤᠯᠢ᠎ᠪᠠᠨ ᠳᠤᠰᠬᠤᠨ᠎ᠤ᠎ᠪᠠᠨ ᠰᠤᠷᠭ᠋ᠠᠭᠤᠯᠢ᠎ᠳᠤ ᠦᠵᠡᠭᠰᠡᠨ ᠶᠤᠮ᠂ ᠳᠤᠰᠬᠤᠨ᠎ᠤ ᠠ᠋ᠨᠡ ᠬᠦ᠌ ᠰᠤᠷᠭ᠋ᠠᠭᠤᠯᠢ᠎ᠨᠢ ᠳᠤᠯᠤᠭ᠋ᠠᠨ ᠵᠢᠯ᠎ᠤᠨ ᠲᠦᠷᠢᠮᠳᠦ ᠰᠤᠷᠭ᠋ᠠᠭᠤᠯᠢ᠂ ᠨᠦᠬᠦᠴᠡᠯ ᠲᠦᠬᠦᠭᠡᠷᠦᠮᠵᠢ᠎ᠨᠢ ᠠᠨᠠᠶ᠋ᠢᠬᠠᠨ ᠴᠦ᠍ ᠨᠢᠭᠡ ᠪᠦᠯᠦᠭ ᠨᠠᠯᠢᠶᠠᠳ ᠰᠠᠶ᠋ᠢᠨ ᠪᠠᠭᠰᠢ ᠨᠠᠷ᠎ᠲᠠᠢ ᠪᠠᠶ᠋ᠢᠭᠰᠠᠨ ᠠᠵᠢ᠃ ᠠ᠋ᠨᠡ᠎ᠨᠢ ᠪᠠᠭ᠎ᠠ᠎ᠠᠴᠠ ᠭᠡᠷ᠎ᠤᠨ ᠰᠠᠶ᠋ᠢᠨ ᠬᠦᠮᠦᠵᠢᠯ ᠬᠦᠷᠳᠡᠭᠰᠡᠨ ᠰᠦᠬᠤᠮᠯᠢᠨ᠋ᠰᠺᠢ᠎ᠳᠤ ᠲᠦᠷᠦᠯᠬᠢ ᠠᠪᠢᠶᠠᠰ ᠵᠶ᠋ᠠᠨ ᠬᠦᠢ᠍ᠴᠡᠳ ᠪᠠᠳᠠᠷᠠᠭᠤᠯᠬᠤ᠂ ᠮᠡᠳᠡᠯᠭᠡ ᠴᠢᠳᠠᠪᠤᠷᠢ᠎ᠪᠠᠨ ᠦᠳᠳᠡᠷ ᠨᠡᠮᠡᠭᠳᠡᠬᠦᠯᠬᠦ᠎ᠳᠤ ᠳᠤᠩ ᠳᠤᠰᠠ ᠪᠤᠯᠤᠭᠰᠠᠨ ᠶᠤᠮ᠃ ᠳᠡᠷᠡ ᠦᠷᠬᠦᠯᠵᠢ ᠠᠪᠤ ᠡᠵᠢ ᠠᠶ᠋ᠢᠯ ᠬᠦᠷᠰᠢ ᠵᠢᠨ ᠵᠶ᠋ᠠᠨ ᠠᠵᠢᠯ ᠮᠤᠳᠤ᠎ᠳᠤ ᠬᠠᠮᠵᠢᠵᠦ᠂ ᠰᠤᠷᠭ᠋ᠠᠭᠤᠯᠢ᠎ᠳᠤ᠎ᠪᠠᠨ ᠪᠤᠯ ᠰᠤᠷᠤᠯᠭ᠎ᠠ ᠮᠤᠷᠠᠯ ᠬᠤᠤᠰᠯᠠᠭᠰᠠᠨ ᠰᠢᠯᠢᠳᠡᠭ ᠬᠡᠦᠬᠡᠳ ᠪᠠᠶ᠋ᠢᠭᠰᠠᠨ ᠪᠠ ᠢᠸᠠᠨ · ᠰᠠᠸᠢᠴᠢ ᠵᠠᠬᠢᠷᠤᠯ᠂ ᠪᠸᠱᠺᠹᠰᠺᠢ ᠠ᠋ᠷᠬᠢᠯᠡᠭᠴᠢ ᠵᠢᠨ ᠬᠠᠶ᠋ᠢᠷ᠎ᠠ ᠬᠠᠯᠠᠮᠵᠢ ᠵᠢ ᠬᠦᠨ ᠬᠦᠷᠳᠡᠭᠰᠡᠨ ᠪᠢᠯᠡ᠃ ᠭᠡᠪᠡᠴᠦ ᠳᠡᠬᠦᠨ᠎ᠢ ᠬᠠᠮᠤᠭ᠎ᠠᠴᠠ ᠢᠯᠡᠬᠦᠦ ᠨᠦᠯᠦᠭᠡᠯᠡᠵᠦ ᠰᠡᠩᠭᠡᠷᠡᠯ᠎ᠳᠤ ᠬᠦᠲᠦᠯᠦᠭᠰᠡᠨ᠎ᠨᠢ ᠠᠨᠨᠠ · ᠽᠠᠮᠯᠦ᠋ᠸᠸᠨᠠ ᠭᠡᠳᠡᠭ ᠠ᠋ᠮᠡᠭᠳᠡᠢ ᠪᠠᠭᠰᠢ ᠪᠤᠯᠬᠤ ᠶᠤᠮ᠃
      ᠠ᠋ᠨᠡ ᠠ᠋ᠮᠡᠭᠳᠡᠢ ᠪᠠᠭᠰᠢ ᠬᠢᠴᠢᠶᠠᠯ ᠤᠷᠤᠬᠤ᠎ᠳᠤ᠎ᠪᠠᠨ ᠬᠡᠦᠬᠡᠳ᠎ᠲᠤ ᠪᠠᠭᠰᠢ ᠯᠡ ᠪᠢᠰᠢ᠂ ᠬᠠᠷᠢᠨ ᠳᠤᠳᠤᠨᠤ ᠵᠢᠨ ᠨᠠᠶ᠋ᠢᠵᠠ ᠨᠦᠬᠦᠳ᠎ᠨᠢ ᠪᠤᠯᠵᠦ ᠴᠢᠳᠠᠳᠠᠭ᠂ ᠰᠦᠬᠤᠮᠯᠢᠨ᠋ᠰᠺᠢ ᠳᠡᠬᠦᠨ᠎ᠢ ᠠ᠋ᠮᠡᠭᠳᠡᠢ ᠰᠢᠳᠢᠳᠡᠨ᠂ ᠰᠠᠶ᠋ᠢᠨ ᠰᠠᠶ᠋ᠢᠬᠠᠨ ᠪᠦᠬᠦᠨ᠎ᠤ ᠨᠢᠭᠤᠴᠠ ᠵᠢ ᠮᠡᠳᠡᠳᠡᠭ ᠭᠡᠵᠤ ᠪᠤᠳᠤᠳᠠᠭ ᠪᠠᠶ᠋ᠢᠵᠠᠢ᠃ ᠠᠨᠨᠠ ᠪᠠᠭᠰᠢ ᠵᠢᠨ ᠬᠢᠴᠢᠶᠠᠯ᠎ᠢ ᠬᠡᠦᠬᠡᠳ ᠮᠠᠰᠢ ᠤᠷᠮ᠎ᠠ᠎ᠲᠠᠢ ᠰᠤᠨᠤᠰᠴᠦ ᠵᠢᠭ᠋ᠠᠭᠰᠠᠨ ᠵᠦᠢ᠍ᠯ᠎ᠢ᠎ᠨᠢ ᠳᠤᠤᠷ᠎ᠡ᠎ᠪᠠᠨ ᠴᠡᠭᠡᠵᠢᠯᠡᠴᠢᠬᠡᠳᠡᠭ ᠪᠠᠶ᠋ᠢᠭᠰᠠᠨ ᠶᠤᠮ᠂ ᠳᠡᠷᠡ ᠬᠡᠦᠬᠡᠳ᠎ᠢ ᠳᠠᠭ᠋ᠠᠭᠤᠯᠤᠨ ᠬᠦᠳᠡᠭᠡ ᠭᠡᠭᠡᠷ᠎ᠡ᠎ᠪᠠᠷ ᠠᠶᠠᠯᠠᠨ ᠠ᠋ᠯᠳᠡᠪ ᠠᠰᠠᠭᠤᠳᠠᠯ᠎ᠢ ᠰᠡᠳᠬᠢᠨ ᠰᠢᠢ᠍ᠳᠪᠤᠷᠢᠯᠡᠬᠦᠯᠵᠦ ᠤᠯᠠᠨ ᠮᠡᠳᠡᠯᠭᠡ ᠵᠢ ᠰᠤᠷᠭ᠋ᠠᠨ ᠤᠨᠴᠠᠭ᠋ᠠᠢ ᠶᠤᠰᠤ᠎ᠨᠤᠭᠤᠳ᠎ᠢ ᠤᠬᠠᠭ᠋ᠠᠷᠠᠭᠤᠯᠤᠭᠰᠠᠨ ᠪᠠᠶ᠋ᠢᠳᠠᠭ᠃ ᠵᠠᠷᠢᠮ ᠬᠦᠮᠦᠰ ᠠ᠋ᠶ᠋ᠢᠮᠦᠷᠬᠦᠦ ᠦᠵᠡᠭᠳᠡᠯ᠎ᠢ ᠳᠡᠮᠳᠡᠭᠯᠡᠨ ᠦᠯᠡᠳᠡᠭᠡᠭᠰᠡᠨ ᠪᠢᠯᠡ ᠁
      ᠴᠡᠴᠡᠭ ᠨᠠᠪᠴᠢ ᠳᠡᠯᠬᠡᠷᠡᠵᠦ ᠲᠦᠮᠡᠨ ᠪᠤᠳᠠᠰ ᠠᠮᠢᠯᠠᠨ ᠰᠡᠷᠬᠦᠭᠰᠡᠨ ᠬᠠᠪᠤᠷ᠎ᠤᠨ ᠨᠢᠬᠡᠨ ᠦᠳᠡ ᠵᠢᠨ ᠬᠤᠶ᠋ᠢᠨ᠎ᠠ ᠠᠨᠨᠠ ᠪᠠᠭᠰᠢ ᠬᠡᠦᠬᠡᠳ᠎ᠤᠳ᠎ᠢ ᠳᠠᠭ᠋ᠠᠭᠤᠯᠵᠦ ᠤᠢ ᠳᠠᠶ᠋ᠢᠭ᠎ᠠ᠎ᠳᠤ ᠢᠷᠡᠭᠰᠡᠨ ᠶᠤᠮ᠂ ᠰᠦᠬᠤᠮᠯᠢᠨ᠋ᠰᠺᠢ᠎ᠳᠤ ᠠᠪᠴᠦ ᠭᠡᠯᠡᠪᠡᠯ ᠤᠢ ᠳᠠᠶ᠋ᠢᠭ᠎ᠠ ᠳᠤᠩ ᠳᠠᠰᠤᠯ ᠭᠠᠵᠠᠷ ᠪᠤᠯᠬᠤ᠎ᠨᠢ ᠮᠡᠳᠡᠭᠡᠵᠢ᠂ ᠤᠴᠢᠷ᠎ᠨᠢ ᠳᠡᠷᠡ ᠦᠷᠬᠦᠯᠵᠢ ᠯᠡ ᠠ᠋ᠶ᠋ᠢᠰᠢ᠎ᠪᠠᠨ ᠢᠷᠡᠵᠦ ᠳᠤᠭᠯᠠᠳᠠᠭ᠃ ᠭᠡᠳᠡᠯ᠎ᠡ ᠠᠨᠨᠠ ᠪᠠᠭᠰᠢ ᠳᠡᠬᠦᠨ᠎ᠤ ᠦᠩᠭᠡᠷᠡᠭᠰᠡᠨ᠎ᠳᠤ ᠤᠭᠳᠤᠬᠠᠨ ᠴᠦ᠍ ᠠᠩᠵᠠᠭ᠋ᠠᠷᠠᠭ᠎ᠠ ᠦᠭᠡᠢ ᠵᠤᠶ᠋ᠢᠯᠠᠰ᠂ ᠴᠡᠴᠡᠭ ᠳᠡᠯᠬᠡᠷᠡᠭᠰᠡᠨ ᠳᠤᠮᠤ ᠮᠤᠳᠤ ᠪᠠᠯᠳᠤ ᠵᠦᠭᠡᠢ ᠵᠢᠨ ᠪᠠᠯ ᠴᠤᠭᠯᠠᠭᠤᠯᠬᠤ᠎ᠳᠤ ᠶᠠᠮᠠᠷ ᠳᠤᠰᠠ ᠪᠤᠯᠳᠠᠭ᠂ ᠰᠢᠷᠭᠤᠯᠵᠢ ᠵᠢᠨ ᠠ᠋ᠯᠦ ᠳᠤᠳᠤᠷ᠎ᠡ᠎ᠪᠠᠨ ᠠᠮᠤ ᠵᠢᠨ ᠬᠦᠮᠦᠷᠭᠡ᠂ ᠭᠡᠦᠬᠡᠳ᠎ᠤᠨ ᠦᠷᠬᠦᠬᠡ᠂ ᠦᠷᠬᠡᠨ ᠳᠠᠯᠠᠪᠠᠢ᠂ ᠵᠡᠭᠡᠯᠢ ᠭᠤᠳᠤᠮ ᠪᠠᠶ᠋ᠢᠳᠠᠭ ᠳᠤᠬᠠᠢ ᠶᠠᠷᠢᠭᠰᠠᠨ ᠶᠤᠮ᠃ ᠤᠤᠯ᠎ᠨᠢ ᠳᠡᠷᠡ ᠰᠢᠷᠭᠤᠯᠵᠢ ᠵᠢᠨ ᠠ᠋ᠯᠦ ᠵᠢ ᠮᠤᠳᠤᠨ᠎ᠤ ᠮᠦᠴᠢᠷ ᠵᠶ᠋ᠠᠷ ᠯᠡ ᠤᠷᠤᠯᠳᠤᠨ ᠳᠤᠭᠯᠠᠳᠠᠭ ᠪᠠᠶ᠋ᠢᠭᠰᠠᠨ᠎ᠠᠴᠠ ᠪᠢᠰᠢ᠂ ᠠ᠋ᠶ᠋ᠢᠮᠦᠷᠬᠦᠦ ᠦᠯᠢᠬᠡᠷ ᠳᠤᠮᠤᠭ᠎ᠤᠨ᠎ᠬᠢ ᠰᠢᠭ ᠬᠤᠳᠠ ᠪᠠᠯᠭ᠋ᠠᠰᠣ᠎ᠲᠠᠢ ᠪᠠᠶ᠋ᠢᠳᠠᠭ ᠭᠡᠵᠤ ᠪᠤᠳᠤᠭᠰᠠᠨ ᠴᠦ᠍ ᠦᠭᠡᠢ ᠰᠠᠨᠵᠠᠢ᠃ ᠬᠡᠷᠪᠡ ᠠᠨᠨᠠ ᠪᠠᠭᠰᠢ ᠢᠷᠡᠭᠡ ᠦᠭᠡᠢ ᠪᠤᠯ ᠠ᠋ᠶ᠋ᠢᠮᠦ ᠰᠤᠨᠢᠨ ᠭᠠᠶ᠋ᠢᠬᠠᠯᠳᠠᠢ ᠵᠤᠶ᠋ᠢᠯ ᠳᠡᠳᠡᠨ᠎ᠤ ᠬᠠᠷᠠᠭ᠋ᠠᠨ᠎ᠳᠤ ᠨᠡᠬᠡᠬᠡᠭᠳᠡᠬᠦ ᠦᠭᠡᠢ ᠪᠠᠶ᠋ᠢᠭᠰᠠᠨ ᠪᠢᠯᠡ᠃ ᠶᠡᠭᠡ ᠪᠠᠶ᠋ᠢᠭ᠋ᠠᠯᠢ ᠵᠢᠨ ᠬᠠᠴᠢᠨ ᠭᠠᠶ᠋ᠢᠬᠠᠮᠰᠢᠭ᠎ᠲᠤ ᠠᠪᠳᠠᠭᠰᠠᠨ ᠬᠡᠦᠬᠡᠳ᠎ᠤᠳ᠎ᠲᠤ ᠬᠠᠨᠳᠤᠵᠦ ᠠᠨᠨᠠ ᠪᠠᠭᠰᠢ᠄ 《ᠡᠪᠦᠭᠡ ᠠ᠋ᠮᠡᠭᠡ᠂ ᠠᠪᠤ ᠡᠵᠢ᠎ᠳᠤ᠎ᠪᠠᠨ ᠴᠡᠴᠡᠭ ᠠᠪᠠᠴᠢᠵᠦ ᠪᠡᠯᠡᠭᠯᠡᠭᠡᠷᠡᠢ᠂ ᠴᠡᠴᠡᠭ ᠪᠤᠯ ᠬᠠᠶ᠋ᠢᠷ᠎ᠠ ᠬᠦᠨᠳᠤᠳᠭᠡᠯ᠎ᠤᠨ ᠢᠯᠡᠷᠭᠡᠶ᠋ᠢᠯᠡᠯ ᠶᠤᠮ ᠰᠢᠦ》 ᠭᠡᠵᠤ ᠵᠠᠬᠢᠭᠰᠠᠨ ᠠᠵᠢ᠂ ᠰᠦᠬᠤᠮᠯᠢᠨ᠋ᠰᠺᠢ ᠶᠠᠭ ᠠ᠋ᠶ᠋ᠢᠮᠦ ᠬᠦᠮᠦᠵᠢᠯ ᠵᠶ᠋ᠠᠷ ᠬᠦᠮᠦᠵᠢᠭᠰᠡᠨ ᠶᠤᠮ᠃
      ᠠ᠋ᠬᠦᠨ᠎ᠠᠴᠠ ᠠ᠋ᠬᠢᠯᠡᠭᠡᠳ ᠰᠦᠬᠤᠮᠯᠢᠨ᠋ᠰᠺᠢ ᠨᠤᠮ ᠪᠢᠴᠢᠭ᠎ᠲᠤ ᠰᠢᠮᠳᠡᠨ᠂ ᠨᠠᠶ᠋ᠢᠵᠠ ᠨᠦᠬᠦᠳ ᠵᠶ᠋ᠠᠨ ᠬᠠᠯᠠᠮᠵᠢᠯᠠᠵᠦ᠂ ᠶᠡᠭᠡ ᠪᠠᠶ᠋ᠢᠭ᠋ᠠᠯᠢ ᠵᠢ ᠬᠠᠶ᠋ᠢᠷᠠᠯᠠᠳᠠᠭ ᠪᠤᠯᠤᠭᠰᠠᠨ ᠳᠡᠳᠤᠢ ᠦᠭᠡᠢ᠂ ᠠᠨᠨᠠ ᠪᠠᠭᠰᠢ᠎ᠪᠠᠨ ᠴᠦ᠍ ᠮᠠᠰᠢᠳᠠ ᠬᠦᠨᠳᠦᠳᠭᠡᠳᠡᠭ ᠪᠤᠯᠤᠭᠰᠠᠨ ᠶᠤᠮ᠃ ᠳᠡᠷᠡ ᠪᠠᠭᠰᠢ᠎ᠲᠠᠢ᠎ᠪᠠᠨ ᠠᠳᠠᠯᠢᠬᠠᠨ ᠠ᠋ᠷᠳᠡᠮ ᠨᠤᠮ᠎ᠲᠠᠢ ᠬᠦᠮᠦᠨ ᠪᠤᠯᠬᠤ ᠰᠠᠨ ᠭᠡᠵᠤ ᠮᠦᠷᠦᠭᠡᠳᠴᠦ᠂ ᠪᠠᠭᠰᠢ ᠭᠡᠬᠦ ᠠᠷᠢᠭᠤᠨ ᠳᠠᠷᠬᠠᠨ ᠠᠵᠢᠯ ᠦᠢ᠍ᠯᠡᠰ᠎ᠢ ᠰᠡᠳᠬᠢᠯ᠎ᠤᠨ ᠤᠭ᠎ᠠᠴᠠ᠎ᠪᠠᠨ ᠪᠠᠭ᠍ᠠᠳᠤᠨ ᠬᠦᠬᠡᠬᠡᠴᠡᠯᠳᠤᠬᠦ ᠪᠤᠯᠪᠠ᠃ ᠳᠡᠶ᠋ᠢᠨ ᠬᠦ᠌ ᠳᠤᠯᠤᠭ᠋ᠠᠨ ᠵᠢᠯ᠎ᠤᠨ ᠲᠦᠷᠢᠮᠳᠤ ᠰᠤᠷᠭ᠋ᠠᠭᠤᠯᠢ᠎ᠪᠠᠨ ᠳᠡᠬᠦᠰᠦᠮᠡᠭᠴᠡ ᠤᠭᠳᠤᠬᠠᠨ ᠴᠦ᠍ ᠲᠦᠳᠡᠭᠡᠯᠵᠡᠯ ᠦᠭᠡᠢ ᠪᠠᠭᠰᠢ ᠵᠢᠨ ᠰᠤᠷᠭ᠋ᠠᠭᠤᠯᠢ᠎ᠳᠤ ᠨᠡᠷ᠎ᠡ ᠮᠡᠳᠡᠬᠦᠯᠦᠭᠰᠡᠨ ᠪᠠ ᠬᠤᠵᠢᠮ᠎ᠨᠢ ᠠᠯᠬᠤᠮ ᠠᠯᠬᠤᠮ ᠵᠶ᠋ᠠᠷ ᠠ᠋ᠭᠡᠯ ᠵᠢᠷ᠎ᠤᠨ ᠪᠠᠭᠰᠢ ᠪᠠᠶ᠋ᠢᠭᠰᠠᠨ᠎ᠠᠴᠠ᠎ᠪᠠᠨ ᠠ᠋ᠭᠡᠨᠡᠭᠲᠡ ᠠᠯᠳᠠᠷᠳᠠᠢ ᠰᠤᠷᠭ᠋ᠠᠨ ᠬᠦᠮᠦᠵᠢᠯ᠎ᠤᠨ ᠤᠬᠠᠭ᠋ᠠᠨᠳᠠᠨ ᠪᠤᠯᠤᠭᠰᠠᠨ ᠪᠢᠯᠡ᠃
     2. ᠠᠯᠳᠠᠭ᠎ᠠ᠎ᠪᠠᠨ ᠳᠤᠩᠭ᠋ᠠᠭ᠋ᠠᠭᠰᠠᠨ᠎ᠨᠢ
      ᠰᠦᠬᠤᠮᠯᠢᠨ᠋ᠰᠺᠢ ᠪᠠᠭᠰᠢᠯᠠᠭ᠋ᠠᠳ ᠤᠳᠠᠯ ᠦᠭᠡᠢ ᠠ᠋ᠶ᠋ᠢᠮᠦ ᠨᠢᠬᠡ ᠤᠴᠢᠷ᠎ᠲᠠᠢ ᠳᠤᠬᠢᠶᠠᠯᠳᠤᠭᠰᠠᠨ ᠶᠤᠮ᠃ ᠠᠩᠭᠢ ᠵᠢᠨ ᠬᠢᠨᠢ ᠨᠢᠭᠡ ᠬᠦᠦ ᠠᠯᠢᠶᠠᠷᠬᠠᠵᠦ ᠪᠠᠶ᠋ᠢᠭ᠋ᠠᠳ ᠴᠤᠩᠬᠤᠨ ᠳᠡᠭᠡᠷ᠎ᠡ ᠳᠠᠯᠪᠢᠭᠰᠠᠨ ᠫᠸᠩᠰᠡ᠎ᠲᠠᠢ ᠰᠠᠷᠭ᠋ᠠᠢ ᠴᠡᠴᠡᠭ᠎ᠢ ᠰᠤᠶ᠋ᠢᠳᠬᠡᠴᠢᠬᠡᠭᠰᠡᠨ ᠠᠵᠢ᠃ ᠳᠡᠷᠡ ᠬᠦ᠌ ᠰᠠᠷᠭ᠋ᠠᠢ ᠴᠡᠴᠡᠭ᠎ᠢ ᠠᠩᠭᠢ ᠵᠢᠨ᠎ᠬᠢᠨ ᠪᠦᠬᠦᠳᠡᠭᠡᠷ ᠵᠶ᠋ᠠᠨ ᠶᠡᠭᠡ ᠨᠠᠨᠳᠢᠩᠨᠠᠳᠠᠭ ᠪᠠᠶ᠋ᠢᠭᠰᠠᠨ ᠪᠤᠯᠬᠤᠷ ᠰᠦᠬᠤᠮᠯᠢᠨ᠋ᠰᠺᠢ ᠳᠤᠩ ᠠᠭᠤᠷᠯᠠᠵᠦ ᠬᠦᠦ ᠵᠢ ᠳᠠᠭᠤᠳᠠᠵᠦ ᠠᠪᠴᠢᠷᠠᠭ᠋ᠠᠳ ᠵᠡᠬᠡᠬᠡᠭᠰᠡᠨ ᠵᠠᠩᠨᠠᠪᠠ᠂ ᠵᠠᠩᠨᠠᠵᠦ ᠪᠠᠷᠠᠴᠢᠬᠠᠭ᠋ᠠᠳ ᠳᠠᠬᠢᠨ ᠭᠤᠷᠪᠠᠨ ᠫᠸᠩᠰᠡ᠎ᠲᠠᠢ ᠰᠠᠷᠭ᠋ᠠᠢ ᠠᠪᠴᠢᠷᠠᠵᠦ ᠬᠡᠦᠬᠡᠳ᠎ᠤᠳ᠎ᠲᠤ ᠠ᠋ᠭᠡᠯᠵᠢᠯᠡᠨ ᠠᠷᠠᠴᠢᠯᠠᠭ᠍ᠤ ᠠ᠋ᠬᠦᠷᠭᠡ ᠳᠤᠰᠢᠶᠠᠭᠰᠠᠨ ᠴᠦ᠍ ᠳᠡᠷᠡ ᠬᠦᠦ ᠵᠢ ᠤᠷᠤᠯᠴᠠᠭᠤᠯᠤᠭᠰᠠᠨ ᠦᠭᠡᠢ᠃ ᠲᠡᠭᠦᠨ᠎ᠠᠴᠠ ᠬᠤᠶ᠋ᠢᠰᠢ ᠳᠡᠷᠡ ᠬᠦᠦ ᠦᠬᠡ ᠳᠠᠭᠤ ᠴᠦᠬᠡᠷᠡᠵᠦ ᠠᠯᠢᠶᠠᠷᠬᠠᠬᠤ᠎ᠪᠠᠨ ᠴᠦ᠍ ᠪᠤᠯᠢᠴᠢᠬᠠᠭᠰᠠᠨ ᠰᠠᠨᠵᠠᠢ᠂ ᠵᠠᠯᠠᠭᠤ ᠰᠦᠬᠤᠮᠯᠢᠨ᠋ᠰᠺᠢ ᠬᠦᠦ ᠵᠢᠨ ᠬᠤᠪᠢᠷᠠᠯᠳᠠ ᠵᠢ ᠠᠵᠢᠭᠯᠠᠭ᠋ᠠᠳ ᠵᠠᠩᠨᠠᠭᠰᠠᠨ ᠮᠠᠨᠢ ᠳᠤᠰᠠ ᠪᠤᠯᠤᠭᠰᠠᠨ ᠠᠵᠢ ᠭᠡᠵᠤ ᠪᠤᠳᠤᠭᠰᠠᠨ ᠪᠠᠶ᠋ᠢᠪᠠ᠃
      ᠭᠡᠳᠡᠯ᠎ᠡ ᠳᠤᠩ ᠡᠪ ᠦᠭᠡᠢ ᠤᠴᠢᠷ ᠬᠡᠳᠤᠨ ᠭᠠᠷᠠᠭ᠎ᠤᠨ ᠳᠠᠷᠠᠭ᠎ᠠ᠎ᠨᠢ ᠠ᠋ᠬᠦᠰᠦᠭᠰᠡᠨ ᠪᠢᠯᠡ᠃ ᠬᠢᠴᠢᠶᠠᠯ ᠪᠠᠭᠤᠭ᠋ᠠᠳ ᠬᠡᠦᠬᠡᠳ᠎ᠤᠳ ᠪᠠᠷᠤᠭ ᠯᠡ ᠴᠦᠮ ᠬᠠᠷᠢᠵᠠᠭ᠋ᠠᠭᠰᠠᠨ ᠪᠤᠯᠪᠠᠴᠦ ᠰᠦᠬᠤᠮᠯᠢᠨ᠋ᠰᠺᠢ᠎ᠳᠤ ᠵᠠᠩᠨᠠᠭᠳᠠᠭᠰᠠᠨ ᠳᠡᠷᠡ ᠬᠦᠦ ᠠᠩᠭᠢ᠎ᠳᠤ᠎ᠪᠠᠨ ᠦᠯᠡᠳᠡᠴᠢᠬᠡᠬᠡᠳ ᠳᠠᠰᠬᠠᠯ ᠵᠶ᠋ᠠᠨ ᠬᠢᠵᠦ ᠪᠠᠶ᠋ᠢᠭᠰᠠᠨ ᠶᠤᠮ᠂ ᠬᠦᠦ ᠭᠡᠨᠡᠳᠳᠡ ᠳᠤᠯᠤᠭ᠋ᠠᠢ ᠠ᠋ᠷᠬᠦᠨ ᠰᠦᠬᠤᠮᠯᠢᠨ᠋ᠰᠺᠢ᠎ᠲᠠᠢ ᠬᠤᠶᠠᠭᠤᠯᠠᠭ᠍ᠠᠨ ᠦᠯᠡᠳᠡᠭᠰᠡᠨ ᠵᠶ᠋ᠠᠨ ᠮᠡᠳᠡᠭᠡᠳ ᠳᠤᠩ ᠰᠠᠮᠠᠭ᠋ᠠᠷᠳᠠᠵᠦ ᠳᠡᠷᠤᠶ᠋ᠢᠬᠠᠨ ᠬᠠᠷᠢᠬᠤ᠎ᠪᠠᠷ ᠪᠤᠰᠪᠠ᠃ ᠠ᠋ᠨᠡ ᠪᠠᠶ᠋ᠢᠳᠠᠯ᠎ᠢ ᠦᠯᠦ ᠠᠩᠵᠠᠭ᠋ᠠᠷᠠᠭᠰᠠᠨ ᠰᠦᠬᠤᠮᠯᠢᠨ᠋ᠰᠺᠢ ᠬᠦᠦ ᠵᠢ ᠳᠠᠭᠤᠳᠠᠵᠦ ᠴᠤᠭ᠎ᠲᠤ᠎ᠪᠠᠨ ᠨᠤᠭᠤᠭ᠎ᠠ ᠳᠡᠬᠦᠬᠦ᠎ᠪᠠᠷ ᠶᠠᠪᠤᠶ᠎ᠠ ᠭᠡᠰᠡᠨ ᠠᠵᠢ᠃ ᠠ᠋ᠬᠦᠨ᠎ᠢ ᠰᠤᠨᠤᠰᠤᠭᠰᠠᠨ ᠬᠦᠦ ᠠ᠋ᠬᠢᠯᠡᠭᠡᠳ ᠭᠠᠰᠢᠭᠤᠬᠠᠨ ᠢᠨᠢᠶᠡᠮᠰᠦᠭᠯᠡᠵᠦ ᠠ᠋ᠷᠬᠢᠬᠡᠳ ᠨᠢᠳᠤᠨ᠎ᠳᠤ᠎ᠨᠢ ᠨᠢᠯᠪᠤᠰᠣ ᠠ᠋ᠷᠬᠢᠯᠳᠦᠭᠰᠡᠨ ᠵᠶ᠋ᠠᠨ ᠶᠠᠭᠤ ᠴᠦ᠍ ᠬᠡᠯᠡᠯ ᠦᠭᠡᠢ ᠭᠡᠷ ᠦᠬᠡᠳᠡ᠎ᠪᠠᠨ ᠬᠦᠶᠦᠬᠡᠳ ᠬᠠᠷᠢᠴᠢᠬᠠᠭᠰᠠᠨ ᠪᠠᠶ᠋ᠢᠵᠠᠢ᠃
      ᠠ᠋ᠨᠡ ᠤᠴᠢᠷ ᠰᠦᠬᠤᠮᠯᠢᠨ᠋ᠰᠺᠢ ᠵᠢ ᠮᠠᠰᠢᠳᠠ ᠵᠤᠪᠠᠭ᠋ᠠᠭᠰᠠᠨ ᠶᠤᠮ᠂ ᠳᠡᠷᠡ ᠬᠦᠦ ᠳᠡᠬᠦᠨ᠎ᠳᠤ ᠵᠠᠩᠨᠠᠭᠳᠠᠭ᠋ᠠᠳ ᠰᠡᠳᠬᠢᠯ᠎ᠨᠢ ᠬᠡᠴᠢᠨᠡᠬᠡᠨ ᠰᠢᠨᠠᠯᠤᠭᠰᠠᠨ᠎ᠢ ᠦᠪᠡᠷ ᠵᠶ᠋ᠠᠨ ᠤᠭᠳᠤᠬᠠᠨ ᠴᠦ᠍ ᠮᠡᠳᠡᠭᠡ ᠦᠭᠡᠢ ᠪᠠᠶ᠋ᠢᠭᠰᠠᠨ᠎ᠨᠢ ᠶᠠᠭᠤᠳᠠᠢ ᠭᠡᠨᠡᠨ ᠡ᠂ ᠪᠤᠯᠭᠤᠮᠵᠢ ᠦᠭᠡᠢ ᠵᠠᠩᠨᠠᠭᠰᠠᠨ᠎ᠠᠴᠠ ᠪᠤᠯᠵᠦ ᠬᠡᠦᠬᠡᠳ᠎ᠢ ᠬᠡᠴᠢᠨᠡᠬᠡᠨ ᠠ᠋ᠮᠵᠡᠭᠯᠡᠬᠦᠯᠵᠦ ᠰᠢᠷᠬᠠᠯᠠᠭᠤᠯᠤᠭᠰᠠᠨ ᠭᠡᠵᠤ ᠰᠠᠨᠠᠨ᠎ᠠ᠃ ᠫᠸᠩᠰᠡ᠎ᠲᠠᠢ ᠴᠡᠴᠡᠭ᠎ᠢ ᠰᠠᠨᠠᠭ᠋ᠠᠨ᠎ᠳᠤ ᠦᠭᠡᠢ ᠰᠤᠶ᠋ᠢᠳᠬᠡᠴᠢᠬᠡᠬᠡᠳ ᠳᠤᠰᠠ᠎ᠲᠠᠢ ᠠᠵᠢᠯ ᠬᠢᠵᠦ ᠪᠤᠷᠤᠭᠤ᠎ᠪᠠᠨ ᠴᠠᠶ᠋ᠢᠷᠠᠭᠤᠯᠬᠤ ᠬᠡᠰᠡᠨ ᠬᠦᠦ ᠵᠢᠨ ᠰᠡᠳᠬᠢᠯ᠎ᠢ ᠬᠦᠢ᠍ᠳᠡᠮᠰᠦᠭ ᠵᠶ᠋ᠠᠷ ᠳᠡᠪᠴᠢᠭᠰᠡᠨ᠎ᠨᠢ ᠪᠠᠭᠰᠢ ᠪᠤᠯᠤᠭᠰᠠᠳ᠎ᠲᠤ ᠠᠪᠴᠦ ᠬᠡᠯᠡᠪᠡᠯ ᠨᠤᠴᠢᠳᠠᠢ ᠠᠯᠳᠠᠭ᠎ᠠ ᠪᠤᠯᠬᠤ ᠶᠤᠮ᠃ ᠠ᠋ᠨᠡ ᠬᠦ᠌ ᠤᠴᠢᠷ᠎ᠠᠴᠠ ᠬᠤᠶ᠋ᠢᠰᠢ ᠰᠦᠬᠤᠮᠯᠢᠨ᠋ᠰᠺᠢ ᠬᠡᠦᠬᠡᠳ᠎ᠢ ᠪᠠᠷᠤᠭ ᠯᠡ ᠵᠠᠩᠨᠠᠭ᠍ᠤ᠎ᠪᠠᠨ ᠪᠤᠯᠢᠭᠰᠠᠨ ᠪᠦᠬᠡᠳ ᠠᠯᠳᠠᠵᠦ ᠪᠤᠳᠤᠯᠢᠭᠰᠠᠨ ᠬᠡᠦᠬᠡᠳ᠎ᠢ ᠠᠭᠤᠴᠢᠯᠠᠨ ᠪᠤᠯᠭᠤᠭ᠋ᠠᠬᠤ ᠪᠤᠯᠤᠭᠰᠠᠨ ᠪᠢᠯᠡ᠃ ᠠᠭᠤᠴᠢᠯᠠᠯ ᠪᠤᠯ ᠬᠡᠦᠬᠡᠳ᠎ᠤᠨ ᠢᠳᠡᠭᠡᠯ᠎ᠢ ᠴᠤᠭᠴᠠᠯᠠᠭ᠍ᠤ ᠬᠠᠮᠤᠭ᠎ᠤᠨ ᠤᠶᠠᠨ ᠨᠠᠷᠢᠨ ᠠ᠋ᠯᠸᠮᠸᠨ᠋ᠲ ᠶᠤᠮ᠃
     3. ᠦᠬᠦᠮᠡᠯ ᠵᠶ᠋ᠠᠷ ᠴᠡᠭᠡᠵᠢᠯᠡᠬᠦᠯᠬᠦ ᠵᠢ ᠳᠡᠪᠴᠢᠭᠰᠡᠨ᠎ᠨᠢ
      ᠰᠦᠬᠤᠮᠯᠢᠨ᠋ᠰᠺᠢ ᠵᠠᠬᠢᠷᠤᠯ ᠪᠤᠯᠤᠭ᠋ᠠᠳ 《ᠦᠬᠦᠮᠡᠯ ᠵᠶ᠋ᠠᠷ ᠴᠡᠭᠡᠵᠢᠯᠡᠬᠦᠯᠵᠦ ᠪᠤᠯᠬᠤ ᠦᠭᠡᠢ᠂ ᠬᠠᠷᠢᠨ ᠰᠡᠳᠬᠢᠨ ᠪᠤᠳᠤᠯᠬᠢᠯᠠᠭᠤᠯᠬᠤ ᠬᠡᠷᠡᠭᠳᠡᠢ》 ᠭᠡᠵᠤ ᠤᠯᠠᠨᠳᠠ ᠳᠤᠷᠠᠳᠤᠭᠰᠠᠨ ᠶᠤᠮ᠂ ᠠ᠋ᠨᠡ ᠬᠦ᠌ ᠳᠤᠷᠠᠳᠤᠯᠭ᠎ᠠ ᠵᠢᠨ ᠠᠨᠢᠰᠦ ᠵᠢ ᠰᠦᠬᠤᠮᠯᠢᠨ᠋ᠰᠺᠢ ᠪᠠᠭ᠎ᠠ ᠰᠤᠷᠭ᠋ᠠᠭᠤᠯᠢ ᠵᠢᠨ ᠬᠡᠯᠡ ᠪᠢᠴᠢᠭ᠎ᠤᠨ ᠬᠢᠴᠢᠶᠠᠯ᠎ᠢ ᠰᠤᠨᠤᠰᠴᠦ ᠪᠠᠶ᠋ᠢᠬᠤ᠎ᠳᠤ᠎ᠪᠠᠨ ᠤᠯᠤᠭᠰᠠᠨ ᠠᠵᠢ᠃
      ᠬᠢᠴᠢᠶᠠᠯ ᠠ᠋ᠬᠢᠯᠡᠩᠭᠦᠳᠡ ᠬᠡᠦᠬᠡᠳ᠎ᠤᠳ ᠪᠠᠭᠰᠢ ᠵᠢᠨ ᠵᠶ᠋ᠠᠨ ᠳᠠᠯᠪᠢᠭᠰᠠᠨ ᠠᠰᠠᠭᠤᠯᠳᠠ ᠵᠢ ᠬᠠᠷᠢᠭᠤᠯᠵᠦ ᠠ᠋ᠬᠢᠯᠡᠯ᠎ᠡ᠂ ᠰᠦᠬᠤᠮᠯᠢᠨ᠋ᠰᠺᠢ ᠬᠡᠦᠬᠡᠳ᠎ᠤᠨ ᠬᠠᠷᠢᠭᠤᠯᠳᠠ ᠵᠢ ᠨᠢᠭᠡᠳ ᠨᠢᠭᠡ᠎ᠪᠠᠷ ᠳᠡᠮᠳᠡᠭᠯᠡᠪᠠ᠂ ᠭᠡᠳᠡᠯ᠎ᠡ ᠬᠡᠦᠬᠡᠳ᠎ᠤᠨ ᠬᠠᠷᠢᠭᠤᠯᠳᠠ ᠳᠡᠬᠦᠨ᠎ᠳᠤ ᠶᠠᠭ᠋ᠠᠬᠢᠭ᠋ᠠᠳ ᠴᠦ᠍ ᠬᠠᠨᠤᠮᠵᠢᠳᠠᠢ ᠰᠠᠨᠠᠭᠳᠠᠭᠰᠠᠨ ᠦᠭᠡᠢ᠃ ᠳᠡᠳᠡᠨᠤᠰ ᠦᠪᠡᠷ᠎ᠤᠨ ᠬᠡᠯᠡᠭᠰᠡᠨ ᠦᠬᠡ᠎ᠪᠠᠨ ᠰᠠᠶ᠋ᠢᠨ ᠤᠶ᠋ᠢᠯᠠᠭ᠋ᠠᠬᠤ ᠦᠭᠡᠢ ᠮᠦᠷᠳᠡᠭᠡᠨ ᠤᠷᠴᠢᠨ ᠳᠤᠭᠤᠷᠢᠨ᠎ᠤ ᠦᠵᠡᠭᠳᠡᠯ᠂ ᠬᠡᠷᠡᠭ ᠪᠤᠳᠠᠰ᠎ᠲᠠᠢ ᠴᠦ᠍ ᠬᠤᠯᠪᠤᠵᠦ ᠦᠯᠦ ᠴᠢᠳᠠᠭ᠍ᠤ ᠠᠵᠢ᠂ ᠳᠡᠭᠡᠭᠡᠳ ᠴᠦ᠍ ᠬᠠᠷᠢᠭᠤᠯᠳᠠ ᠪᠤᠯᠭ᠋ᠠᠨ᠎ᠨᠢ ᠪᠤᠰᠤᠳ᠎ᠤᠨ᠎ᠬᠢ ᠵᠢ ᠳᠠᠪᠳᠠᠭᠰᠠᠨ᠂ ᠠᠯᠪᠠ᠎ᠪᠠᠷ ᠵᠤᠬᠢᠶᠠᠮᠵᠢᠯᠠᠭᠰᠠᠨ᠂ ᠪᠤᠯᠬᠢ ᠬᠦᠰᠢᠬᠦᠨ᠂ ᠦᠬᠦᠮᠡᠯ ᠵᠶ᠋ᠠᠷ ᠴᠡᠭᠡᠵᠢᠯᠡᠭᠰᠡᠨ ᠵᠦᠢ᠍ᠯ᠎ᠤᠳ ᠪᠠᠶ᠋ᠢᠭᠰᠠᠨ       ᠶᠤᠮ᠃ 《ᠬᠡᠦᠬᠡᠳ ᠶᠠᠭ᠋ᠠᠬᠢᠭ᠋ᠠᠳ ᠬᠡᠯᠡᠭᠰᠡᠨ ᠦᠬᠡᠨ᠎ᠤ᠎ᠪᠠᠨ ᠤᠳᠬ᠎ᠠ ᠵᠢ ᠤᠶ᠋ᠢᠯᠠᠭ᠋ᠠᠳᠠᠭ ᠦᠭᠡᠢ ᠪᠤᠢ? ᠳᠡᠷᠡ ᠮᠦᠷᠳᠡᠭᠡᠨ ᠦᠬᠡᠰ᠎ᠤᠨ ᠰᠠᠩ᠎ᠨᠢ ᠬᠤᠮᠰᠠ ᠶᠠᠳᠠᠭᠤ᠂ ᠢᠯᠡᠳᠭᠡᠬᠦ ᠴᠢᠳᠠᠪᠤᠷᠢ᠎ᠨᠢ ᠦᠯᠪᠡᠭᠡᠷ ᠰᠤᠯᠠ ᠪᠠᠶ᠋ᠢᠳᠠᠭ᠎ᠨᠢ ᠶᠠᠭᠤᠨ᠎ᠤ᠎ᠬᠢ ᠪᠤᠢ᠂ ᠢᠯᠡ ᠳᠤᠳᠤᠷᠬᠠᠢ ᠦᠪᠡᠷ᠎ᠤᠨ ᠦᠵᠡᠯ ᠪᠤᠳᠤᠯ ᠠᠯᠠᠭ᠎ᠠ ᠪᠠᠶ᠋ᠢᠳᠠᠭ᠎ᠨᠢ ᠴᠤᠬᠤᠮ ᠶᠠᠭᠤᠨ᠎ᠠᠴᠠ ᠪᠤᠯᠤᠭᠰᠠᠨ ᠪᠤᠢ?》 ᠭᠡᠵᠤ ᠰᠦᠬᠤᠮᠯᠢᠨ᠋ᠰᠺᠢ ᠭᠠᠶ᠋ᠢᠬᠠᠰᠢᠷᠠᠯ᠎ᠠ᠃ ᠠ᠋ᠨᠡ ᠦᠶᠠᠰ ᠬᠡᠯᠡ ᠪᠢᠴᠢᠭ᠎ᠤᠨ ᠪᠠᠭᠰᠢ᠎ᠠᠴᠠ ᠬᠡᠦᠬᠡᠳ᠎ᠲᠤ᠄ 《ᠦᠬᠡ ᠦᠰᠦᠭ᠎ᠤᠨ ᠤᠳᠬ᠎ᠠ ᠪᠤᠯᠤᠨ ᠦᠬᠦᠯᠡᠪᠤᠷᠢ ᠵᠢᠨ ᠬᠡᠪ ᠮᠠᠶᠢᠭ᠎ᠢ ᠰᠠᠶ᠋ᠢᠳᠤᠷ ᠳᠤᠭᠳᠠᠭ᠋ᠠᠬᠤ ᠬᠡᠷᠡᠭᠳᠡᠢ᠂ ᠳᠠᠷᠠᠭ᠎ᠠ ᠬᠢᠴᠢᠶᠠᠯ ᠳᠡᠭᠡᠷ᠎ᠡ ᠰᠢᠯᠭ᠋ᠠᠨ᠎ᠠ ᠰᠢᠦ》 ᠭᠡᠵᠤ ᠵᠠᠬᠢᠴᠢᠬᠠᠭ᠋ᠠᠳ ᠬᠢᠴᠢᠶᠠᠯ ᠵᠶ᠋ᠠᠨ ᠵᠠᠪᠰᠠᠷᠯᠠᠭᠰᠠᠨ ᠠᠵᠢ᠃
      ᠰᠦᠬᠤᠮᠯᠢᠨ᠋ᠰᠺᠢ 《ᠪᠢᠳᠠᠨ᠎ᠤ ᠵᠢᠭ᠋ᠠᠨ ᠰᠤᠷᠭ᠋ᠠᠯᠳᠠ ᠬᠡᠦᠬᠡᠳ᠎ᠲᠤ ᠮᠡᠳᠡᠯᠭᠡ ᠴᠡᠭᠡᠵᠢᠯᠡᠬᠦᠯᠬᠦ᠂ ᠬᠠᠳᠠᠭ᠋ᠠᠯᠠᠭᠤᠯᠬᠤ᠂ ᠳᠡᠬᠢᠨ ᠢᠯᠡᠷᠡᠬᠦᠯᠬᠦ ᠵᠢ ᠯᠡ ᠱᠠᠭ᠋ᠠᠷᠳᠠᠳᠠᠭ ᠪᠤᠯᠴᠢᠬᠠᠭᠰᠠᠨ ᠶᠤᠮ ᠦᠦ᠂ ᠬᠡᠷᠪᠡ ᠢᠩᠭᠢᠳᠡᠭ᠎ᠲᠤ ᠬᠦᠷᠪᠡᠯ ᠮᠠᠨ᠎ᠤ ᠠᠵᠢᠯ ᠮᠠᠰᠢ ᠶᠡᠭᠡ ᠳᠤᠳᠠᠭᠳᠠᠯ᠎ᠲᠠᠢ ᠪᠤᠯᠬᠤ᠎ᠨᠢ ᠮᠡᠳᠡᠭᠡᠵᠢ᠂ ᠦᠢ᠍ᠯᠡᠳᠦᠯᠭᠡ ᠳᠤᠮᠳᠠ ᠨᠢᠬᠡᠨᠳᠡ ᠰᠢᠢ᠍ᠳᠪᠤᠷᠢᠯᠡᠴᠢᠬᠡᠭᠰᠡᠨ ᠵᠤᠶ᠋ᠢᠯ᠎ᠢ ᠪᠠᠭᠰᠢ ᠨᠠᠷ᠎ᠤᠨ ᠳᠤᠮᠳᠠ ᠤᠳᠤ ᠪᠤᠯᠳᠠᠯ᠎ᠠ ᠲᠦᠭᠡᠮᠡᠯᠵᠢᠭᠦᠯᠦᠭᠡ ᠦᠭᠡᠢ ᠭᠡᠵᠢ       ᠦᠦ?》 ᠭᠡᠵᠤ ᠪᠤᠳᠤᠳᠠᠯ᠎ᠠ ᠨᠢᠭᠡᠳᠤᠭᠡᠷ ᠠᠩᠭᠢ ᠵᠢᠨ ᠬᠡᠦᠬᠡᠳ ᠨᠠᠲ᠋ᠠᠱ᠌ᠠ ᠵᠢᠨ ᠪᠢᠴᠢᠭᠰᠡᠨ ᠨᠢᠭᠡ ᠵᠤᠬᠢᠶᠠᠯ ᠰᠠᠨᠠᠭ᠋ᠠᠨ᠎ᠳᠤ᠎ᠨᠢ ᠤᠷᠤᠭᠰᠠᠨ ᠶᠤᠮ᠃


     ᠵᠢᠬᠦᠷ᠎ᠲᠠᠢ ᠴᠡᠴᠡᠭ
     (ᠨᠢᠬᠡᠳᠤᠭᠡᠷ ᠠᠩᠭᠢ ᠵᠢᠨ ᠨᠠᠲ᠋ᠠᠱ᠌ᠠ ᠵᠢᠨ ᠪᠦᠲᠦᠬᠡᠯ)
      ᠵᠤᠨ᠎ᠤ ᠤᠴᠢᠷ ᠰᠠᠨ᠂ ᠦᠷᠪᠡᠯᠬᠡᠨ ᠵᠢᠬᠦᠷ᠎ᠲᠠᠢ ᠵᠢᠭ᠋ᠠᠬᠠᠨ ᠦᠷ᠎ᠡ ᠵᠢ ᠰᠡᠯᠬᠢ ᠦᠯᠢᠶᠠᠵᠦ ᠭᠡᠭᠡᠷ᠎ᠡ ᠳᠡᠯ᠎ᠠ᠎ᠳᠤ ᠠᠪᠠᠴᠢᠭ᠋ᠠᠳ ᠡᠪᠡᠰᠣᠨ ᠳᠤᠮᠳᠠ ᠤᠨᠠᠭ᠋ᠠᠭᠰᠠᠨ ᠪᠠᠶ᠋ᠢᠵᠠᠢ᠃
      ᠭᠠᠶ᠋ᠢᠬᠠᠰᠢᠷᠠᠭᠰᠠᠨ ᠡᠪᠡᠰᠦ᠄ 《ᠳᠠᠨ᠎ᠢ ᠭᠡᠨ ᠭᠡᠳᠡᠭ ᠪᠤᠢ?》 ᠭᠡᠵᠤ ᠠᠰᠠᠭᠤᠬᠤ᠎ᠳᠤ ᠵᠢᠭ᠋ᠠᠬᠠᠨ       ᠦᠷ᠎ᠡ᠄ 《ᠨᠠᠮ᠎ᠠ ᠵᠢ ᠵᠢᠬᠦᠷ᠎ᠲᠠᠢ ᠴᠡᠴᠡᠭ ᠭᠡᠳᠡᠭ》 ᠭᠡᠵᠤ ᠬᠠᠷᠢᠭᠤᠯᠤᠭ᠋ᠠᠳ᠄ 《ᠪᠢ ᠡ᠊ᠨᠳᠡ᠂ ᠳᠠᠨ᠎ᠲᠠᠢ ᠴᠤᠭ ᠤᠷᠭᠤᠬᠤ᠎ᠪᠠᠷ ᠢᠷᠡᠭᠰᠡᠨ ᠶᠤᠮ》 ᠭᠡᠵᠤ ᠬᠡᠯᠡᠭᠰᠡᠨ ᠠᠵᠢ᠃ ᠡᠪᠡᠰᠦ᠎ᠨᠦᠭᠦᠳ ᠳᠡᠬᠦᠨ᠎ᠢ ᠪᠠᠶᠠᠷ᠎ᠲᠠᠢ ᠤᠭᠳᠤᠨ ᠠᠪᠤᠪᠠ᠃
      ᠡᠪᠤᠯ ᠦᠩᠭᠡᠷᠡᠵᠦ ᠬᠠᠪᠤᠷ ᠢᠷᠡᠬᠦ᠎ᠪᠠᠷ ᠡᠪᠡᠰᠣ ᠰᠤᠶᠤᠭ᠋ᠠᠯᠠᠵᠦ ᠠ᠋ᠬᠢᠯᠡᠭᠡᠳ ᠬᠠᠵᠠᠭᠤ᠎ᠳᠤ᠎ᠨᠢ ᠵᠢᠭ᠋ᠠᠬᠠᠨ ᠦᠷ᠎ᠡ ᠦᠨᠳᠤᠰᠦ ᠬᠠᠳᠬᠤᠵᠦ ᠤᠷᠤᠢ᠎ᠳᠤ᠎ᠨᠢ ᠰᠤᠷᠭᠤᠭ ᠰᠢᠷ᠎ᠡ ᠦᠩᠭᠡ᠎ᠲᠠᠢ ᠵᠢᠵᠢᠭᠬᠡᠨ ᠨᠠᠷᠠ ᠰᠢᠭ ᠴᠡᠴᠡᠭ ᠳᠡᠯᠭᠡᠷᠡᠭᠰᠡᠨ ᠪᠢᠯᠠ᠃
     《ᠦ᠂ ᠤᠤᠯ᠎ᠨᠢ ᠪᠠᠭᠪᠠᠭ᠋ᠠᠢ ᠴᠡᠴᠡᠭ ᠪᠠᠶ᠋ᠢᠭᠰᠠᠨ ᠶᠤᠮ ᠦᠦ》 ᠭᠡᠵᠤ ᠡᠪᠡᠰᠦ ᠳᠠᠭᠤ ᠠᠯᠳᠠᠨ ᠬᠡᠯᠡᠭᠰᠡᠨ ᠰᠠᠨᠵᠠᠢ᠃
      ᠠ᠋ᠨᠡ ᠪᠤᠯ ᠬᠡᠦᠬᠡᠳ᠎ᠢ ᠳᠠᠶ᠋ᠢᠴᠢᠯᠠᠨ ᠴᠡᠴᠡᠭ᠎ᠤᠨ ᠦᠩᠭᠡ ᠦᠨᠦᠷ᠂ ᠬᠡᠯᠪᠡᠷᠢ ᠲᠦᠷᠰᠦ ᠪᠠ ᠳᠡᠳᠡᠨ᠎ᠤ ᠬᠤᠭᠤᠷᠤᠨᠳᠤᠬᠢ ᠢᠯᠭ᠋ᠠᠭ᠎ᠠ ᠵᠢ ᠠᠵᠢᠭᠯᠠᠭᠤᠯᠵᠦ ᠨᠠᠷᠠᠨ᠎ᠤ ᠬᠡᠷᠡᠯ᠂ ᠴᠡᠴᠡᠭ᠎ᠤᠨ ᠳᠠᠯᠪᠢ᠂ ᠪᠠᠯᠲᠦ ᠵᠦᠭᠡᠢ᠂ ᠮᠤᠳᠤᠨ᠎ᠤ ᠮᠦᠴᠢᠷ᠂ ᠠ᠋ᠷᠪᠡᠬᠡᠢ ᠵᠡᠷᠭᠡ ᠦᠵᠡᠭᠳᠡᠯ ᠬᠡᠷᠡᠭ ᠪᠤᠳᠠᠰ᠎ᠤᠨ ᠬᠤᠯᠪᠤᠭ᠎ᠠ ᠵᠢ ᠤᠶ᠋ᠢᠯᠠᠭ᠋ᠠᠭᠤᠯᠴᠢᠬᠠᠭ᠋ᠠᠳ ᠠᠭᠤᠵᠢᠭᠤ ᠴᠢᠯᠦᠬᠡᠳᠡᠢ ᠲᠦᠷᠰᠦᠯᠡᠨ ᠪᠤᠳᠤᠭᠤᠯᠤᠭᠰᠠᠨ᠎ᠤ ᠳᠠᠷᠠᠭ᠎ᠠ ᠪᠢᠴᠢᠬᠦᠯᠦᠭᠰᠡᠨ ᠵᠤᠬᠢᠶᠠᠯ ᠪᠤᠯᠬᠤ ᠶᠤᠮ᠃
      ᠬᠡᠦᠬᠡᠳ ᠠ᠋ᠶ᠋ᠢᠨ ᠬᠦ᠌ ᠪᠢᠴᠢᠵᠦ ᠴᠢᠳᠠᠵᠦ ᠪᠠᠶ᠋ᠢᠭ᠎ᠠ᠎ᠨᠢ ᠦᠬᠡ ᠬᠡᠯᠡ ᠨᠢᠬᠡᠨᠳᠡ ᠳᠡᠳᠡᠨ᠎ᠤ ᠤᠶᠤᠨ ᠰᠠᠨᠠᠭ᠋ᠠᠨ᠎ᠳᠤ ᠦᠨᠳᠦᠰᠦᠯᠡᠴᠢᠬᠡᠭᠰᠡᠨ᠎ᠢ ᠳᠤᠳᠤᠷᠬᠠᠶ᠋ᠢᠯᠠᠵᠦ ᠪᠤᠢ ᠪᠢᠯᠡ᠂ ᠢᠯᠡᠳᠭᠡᠭᠰᠡᠨ ᠠᠷᠭ᠎ᠠ ᠮᠠᠶᠢᠭ᠎ᠲᠤᠨᠢ ᠬᠡᠦᠬᠡᠳ᠎ᠤᠨ ᠳᠤᠮᠤᠭ᠎ᠤᠨ ᠨᠦᠯᠦᠭᠡ ᠢᠯᠡᠷᠡᠵᠦ ᠪᠠᠶ᠋ᠢᠭ᠎ᠠ ᠪᠤᠯᠪᠠᠴᠦ ᠦᠬᠡ ᠬᠡᠯᠡ ᠵᠢ ᠦᠪᠡᠷ᠎ᠤᠨ ᠵᠶ᠋ᠠᠨ ᠪᠤᠯᠭ᠋ᠠᠭ᠋ᠠᠳ ᠴᠢᠳᠠᠴᠢᠬᠠᠭᠰᠠᠨ᠎ᠨᠢ ᠢᠯᠡᠳᠳᠡ ᠮᠡᠳᠡᠭᠳᠡᠳᠡᠭ᠂ ᠳᠡᠭᠡᠭᠡᠳ ᠴᠦ᠍ ᠰᠡᠳᠬᠢᠨ ᠪᠤᠳᠤᠯᠬᠢᠯᠠᠵᠦ ᠴᠢᠳᠠᠵᠦ ᠪᠠᠶ᠋ᠢᠭ᠎ᠠ᠎ᠨᠢ ᠦᠬᠡ ᠦᠰᠦᠭ ᠪᠦᠷᠢ᠎ᠠᠴᠠ᠎ᠨᠢ ᠢᠯᠡᠷᠭᠡᠢ ᠳᠤᠪᠤᠶ᠋ᠢᠮ᠎ᠠ ᠬᠠᠷᠠᠭᠳᠠᠵᠦ ᠪᠤᠢ᠃ ᠰᠤᠷᠤᠯᠭ᠎ᠠ ᠠᠨᠠᠢ ᠬᠡᠦᠬᠡᠳ᠎ᠤᠨ ᠳᠤᠬᠠᠢ ᠪᠠᠭᠰᠢ ᠨᠠᠷ 《ᠳᠡᠨᠡᠭ》᠂ ᠴᠢᠷᠮᠠᠶ᠋ᠢᠬᠤ ᠵᠢ ᠮᠡᠳᠡᠳᠡᠭ ᠦᠭᠡᠢ ᠭᠡᠬᠦ ᠮᠡᠲᠦ᠎ᠪᠠᠷ ᠶᠠᠷᠢᠯᠴᠠᠵᠠᠭ᠋ᠠᠳᠠᠭ᠂ ᠳᠡᠭᠡᠷᠡᠬᠢ ᠵᠢᠱ᠌ᠢᠶᠠᠨ᠎ᠠᠴᠠ ᠦᠵᠡᠪᠡᠯ ᠬᠡᠦᠬᠡᠳ᠎ᠤᠨ ᠤᠶᠤᠨ᠎ᠤ ᠴᠢᠳᠠᠮᠵᠢ ᠵᠢ ᠬᠢᠵᠠᠭ᠋ᠠᠷᠯᠠᠵᠦ᠂ ᠤᠯᠠᠮ ᠵᠶ᠋ᠠᠷ ᠠᠵᠢᠭᠯᠠᠯᠳᠠ᠂ ᠰᠡᠳᠬᠢᠮᠵᠢ᠂ ᠵᠤᠶ᠋ᠢᠴᠢᠯᠠᠯ᠎ᠢ᠎ᠨᠢ ᠦᠬᠡᠶ᠋ᠢᠬᠢᠴᠢᠬᠡᠬᠡᠳ᠂ ᠠᠷᠭ᠎ᠠ ᠦᠭᠡᠢ ᠦᠬᠦᠮᠡᠯ ᠵᠶ᠋ᠠᠷ ᠴᠡᠭᠡᠵᠢᠯᠡᠬᠦ ᠬᠡᠮᠵᠢᠶᠡᠨ᠎ᠳᠤ ᠬᠦᠷᠭᠡᠳᠡᠭ᠎ᠨᠢ ᠪᠢᠳᠡᠨ᠎ᠤ ᠨᠢᠬᠡᠨᠳᠡ ᠬᠡᠪᠰᠢᠴᠢᠬᠡᠭᠰᠡᠨ ᠵᠢᠭ᠋ᠠᠨ ᠰᠤᠷᠭ᠋ᠠᠯᠳᠠ ᠵᠢᠨ ᠰᠡᠳᠬᠢᠴᠠ ᠪᠠᠶ᠋ᠢᠭ᠎ᠠ ᠶᠤᠮ᠃ ᠤᠳᠤᠬᠠᠨ᠎ᠤ ᠰᠤᠷᠭ᠋ᠠᠭᠤᠯᠢ ᠵᠢᠨ ᠪᠦᠬᠦᠶ᠋ᠢᠯᠡ ᠵᠢᠭ᠋ᠠᠨ ᠰᠤᠷᠭ᠋ᠠᠯᠳᠠ ᠵᠢᠨ ᠰᠢᠰᠲᠸᠮ᠎ᠳᠤ ᠰᠢᠨᠵᠢᠯᠡᠬᠦ ᠤᠬᠠᠭ᠋ᠠᠨᠴᠢ ᠦᠬᠡᠷᠡᠴᠢᠯᠡᠯᠳᠡ ᠬᠢᠬᠦ ᠬᠡᠷᠡᠭᠳᠡᠢ ᠪᠤᠯᠤᠭ᠋ᠠᠳ ᠪᠤᠢ᠂ ᠠ᠋ᠬᠦᠨ᠎ᠳᠤ ᠬᠤᠷᠴᠠ ᠳᠤᠳᠤᠷᠬᠠᠢ ᠦᠵᠡᠯ ᠰᠠᠨᠠᠭ᠎ᠠ᠂ ᠠᠮᠢᠳᠤ ᠬᠡᠯᠡ ᠶᠠᠷᠢᠶ᠎ᠠ ᠬᠢᠬᠡᠳ ᠬᠡᠦᠬᠡᠳ᠎ᠤᠨ ᠠ᠋ᠬᠦᠲᠦᠨ ᠪᠦᠲᠦᠭᠡᠯᠳᠡ ᠬᠡᠬᠦ ᠭᠤᠷᠪᠠᠨ ᠰᠠᠭᠤᠷᠢ ᠳᠡᠭᠡᠷ᠎ᠡ ᠰᠠᠭᠤᠷᠢᠯᠠᠭ᠍ᠤ ᠬᠡᠷᠡᠭᠳᠡᠢ᠃ ᠠ᠋ᠶ᠋ᠢᠮᠦ᠎ᠠᠴᠠ ᠪᠠᠭᠰᠢ ᠪᠤᠯᠤᠭᠰᠠᠳ ᠬᠢᠴᠢᠶᠡᠯ᠎ᠤᠨ ᠳᠠᠩᠭᠢᠮ᠎ᠳᠤ ᠬᠡᠦᠬᠡᠳ᠎ᠲᠤ ᠵᠤᠬᠢᠬᠤ ᠬᠡᠮᠵᠢᠶᠡᠨ᠎ᠤ ᠮᠡᠳᠡᠯᠬᠡ ᠵᠢ ᠰᠤᠷᠭ᠋ᠠᠬᠤ ᠵᠢᠨ ᠳᠠᠭ᠋ᠠᠤ ᠰᠡᠳᠬᠢᠴᠠ ᠵᠢᠨ ᠪᠤᠯᠪᠠᠰᠤᠷᠠᠯ᠎ᠢ᠎ᠨᠢ ᠴᠢᠩᠭ᠋ᠠᠳᠬᠠᠬᠤ ᠬᠡᠷᠡᠭᠳᠡᠢ ᠪᠢᠯᠡ᠃
      ᠰᠦᠬᠤᠮᠯᠢᠨ᠋ᠰᠺᠢ ᠠ᠋ᠨᠡ ᠬᠦ᠌ ᠬᠢᠴᠢᠶᠠᠯ᠎ᠢ ᠰᠤᠨᠤᠰᠤᠭ᠋ᠠᠳ ᠳᠠᠷᠠᠭ᠋ᠠᠴᠢ ᠵᠢᠨ ᠰᠤᠷᠭ᠋ᠠᠭᠤᠯᠢ ᠵᠢᠨ ᠠᠵᠢᠯ᠎ᠤᠨ ᠬᠤᠷᠠᠯ ᠳᠡᠭᠡᠷ᠎ᠡ ᠶᠠᠭᠤ ᠶᠠᠷᠢᠬᠤ ᠬᠡᠷᠡᠭᠳᠡᠢ᠎ᠪᠠᠨ ᠨᠢᠬᠡᠨᠳᠡ ᠳᠤᠭᠳᠠᠭ᠋ᠠᠴᠢᠬᠠᠭᠰᠠᠨ ᠶᠤᠮ᠂ ᠳᠠᠷᠤᠢ 《ᠬᠡᠦᠬᠡᠳ᠎ᠢ ᠬᠡᠷᠬᠢᠨ ᠰᠡᠳᠬᠢᠨ ᠪᠤᠳᠤᠯᠬᠢᠯᠠᠭᠤᠯᠬᠤ ᠪᠤᠢ?》 ᠭᠡᠬᠦ ᠠᠰᠠᠭᠤᠳᠠᠯ᠂ ᠮᠥᠨ ᠠ᠋ᠬᠦᠨ ᠵᠶ᠋ᠠᠷ ᠳᠠᠮᠵᠢᠭᠤᠯᠤᠭ᠋ᠠᠳ ᠰᠤᠷᠭ᠋ᠠᠭᠤᠯᠢ ᠵᠢᠨ ᠪᠦᠬᠦᠶ᠋ᠢᠯᠡ ᠪᠠᠭᠰᠢ᠎ᠳᠤ 《ᠦᠬᠦᠮᠡᠯ ᠵᠶ᠋ᠠᠷ ᠴᠡᠭᠡᠵᠢᠯᠡᠬᠦᠯᠵᠦ ᠪᠤᠯᠬᠤ ᠦᠭᠡᠢ᠂ ᠬᠠᠷᠢᠨ ᠰᠡᠳᠬᠢᠨ ᠪᠤᠳᠤᠯᠬᠢᠯᠠᠭᠤᠯᠬᠤ ᠬᠡᠷᠡᠭᠳᠡᠢ》 ᠭᠡᠵᠤ ᠰᠠᠨᠠᠭ᠋ᠠᠴᠢᠯᠠᠭ᠍ᠤ᠎ᠪᠠᠷ ᠰᠢᠢ᠍ᠳᠦᠭᠰᠡᠨ ᠰᠠᠨᠵᠠᠢ᠃
     4. ᠤᠷᠠᠨ ᠵᠶ᠋ᠠᠷ ᠤᠳᠤᠷᠢᠳᠤᠭᠰᠠᠨ᠎ᠨᠢ
      ᠰᠦᠬᠤᠮᠯᠢᠨ᠋ᠰᠺᠢ ᠪᠠᠭ᠎ᠠ ᠰᠤᠷᠭ᠋ᠠᠭᠤᠯᠢ ᠵᠢᠨ ᠬᠡᠦᠬᠡᠳ᠎ᠢ ᠤᠯᠠᠨ ᠶᠠᠩᠵᠦ᠎ᠪᠠᠷ ᠤᠶᠠᠨ ᠠᠮᠢᠳᠤᠯᠢᠭ ᠬᠦᠮᠦᠵᠢᠬᠦᠯᠳᠡᠭ᠂ ᠠ᠋ᠬᠦᠨ᠎ᠳᠤ ᠦᠯᠢᠬᠡᠷ ᠳᠤᠮᠤᠭ ᠵᠶ᠋ᠠᠷ ᠵᠢᠱ᠌ᠢᠶ᠎ᠠ ᠳᠠᠳᠠᠭ᠍ᠤ᠎ᠨᠢ ᠶᠡᠭᠡ ᠦᠢ᠍ᠯᠡᠳᠤᠯ᠎ᠲᠠᠢ ᠪᠠᠶ᠋ᠢᠭᠰᠠᠨ     ᠠᠵᠢ᠃ ᠳᠤᠤᠷ᠎ᠡ ᠳᠡᠬᠦᠨ᠎ᠤ ᠨᠢᠭᠡ ᠠᠷᠭ᠎ᠠ᠎ᠠᠴᠠ ᠳᠠᠨᠢᠯᠴᠠᠭᠤᠯᠤᠶ᠎ᠠ᠄
      ᠵᠤᠨ᠎ᠤ ᠠᠮᠠᠷᠠᠯᠳᠠ ᠪᠤᠯᠵᠦ ᠰᠦᠬᠤᠮᠯᠢᠨ᠋ᠰᠺᠢ ᠠᠩᠭᠢ ᠵᠢᠨ ᠬᠡᠦᠬᠡᠳ ᠵᠶ᠋ᠠᠨ ᠳᠠᠭ᠋ᠠᠭᠤᠯᠤᠭ᠋ᠠᠳ ᠭᠡᠭᠡᠷ᠎ᠡ ᠵᠢᠨ ᠵᠢᠭᠤᠯᠴᠢᠯᠠᠯ᠎ᠳᠤ ᠭᠠᠷᠪᠠ᠂ ᠶᠠᠭᠤᠮ᠎ᠠ ᠬᠡᠦᠮ᠎ᠡ ᠤᠯᠠᠨ ᠪᠤᠯᠬᠤᠷ ᠬᠤᠶᠠᠷ ᠬᠦᠮᠦᠨ ᠨᠢᠭᠡ ᠳᠤᠭᠤᠶ᠋ᠢᠯᠠᠩ ᠪᠤᠯᠴᠢᠬᠠᠪᠠᠯ ᠠ᠋ᠬᠦᠷᠬᠡ ᠳᠡᠬᠦᠷᠬᠡ᠎ᠪᠠᠨ ᠬᠦᠩᠭᠡᠯᠡᠴᠢᠬᠡᠵᠦ ᠪᠤᠯᠤᠨ᠎ᠠ ᠭᠡᠵᠤ ᠦᠵᠡᠭᠡᠳ ᠬᠡᠦᠬᠡᠳ᠎ᠤᠳ᠎ᠢ ᠦᠪᠡᠷ ᠵᠶ᠋ᠠᠨ ᠴᠢᠯᠦᠬᠡᠳᠡᠢ ᠳᠤᠭᠤᠶ᠋ᠢᠯᠠᠩ ᠬᠤᠪᠢᠶᠠᠵᠦ ᠪᠤᠯᠤᠨ᠎ᠠ ᠭᠡᠵᠤ ᠵᠠᠬᠢᠯ᠎ᠠ᠃ ᠬᠡᠦᠬᠡᠳ ᠪᠠᠷᠤᠭ ᠯᠡ ᠴᠦᠮ ᠬᠠᠮᠵᠢᠬ᠍ᠴᠢ᠎ᠪᠠᠨ ᠤᠯᠤᠭ᠋ᠠᠳ ᠠᠪᠴᠢᠬᠠᠭᠰᠠᠨ ᠪᠠᠶ᠋ᠢᠬᠤ᠎ᠳᠤ ᠠᠨᠳ᠋ᠸᠷᠸᠢᠺ ᠯᠡ ᠭᠠᠭᠴᠠᠭ᠋ᠠᠷ ᠵᠶ᠋ᠠᠨ ᠤᠬᠢᠯᠠᠵᠦ ᠦᠯᠡᠳᠡᠭᠰᠡᠨ ᠰᠠᠨᠵᠠᠢ᠃
      ᠰᠦᠬᠤᠮᠯᠢᠨ᠋ᠰᠺᠢ ᠠᠨᠳ᠋ᠸᠷᠸᠢᠺ᠎ᠢ ᠠᠷᠭ᠋ᠠᠳᠠᠭ᠍ᠤ ᠵᠢᠨ ᠳᠠᠭ᠋ᠠᠤ ᠤᠴᠢᠷ᠎ᠢ᠎ᠨᠢ ᠯᠠᠪᠯᠠᠪᠠᠯ ᠳᠡᠬᠦᠨ᠎ᠲᠠᠢ ᠨᠢᠭᠡ ᠳᠤᠭᠤᠶ᠋ᠢᠯᠠᠩ ᠪᠤᠯᠬᠤ ᠳᠤᠷᠠᠳᠠᠢ ᠬᠡᠦᠬᠡᠳ ᠨᠢᠭᠡ ᠴᠦ᠍ ᠠᠯᠠᠭ᠎ᠠ ᠭᠡᠪᠡ᠂ ᠠᠨᠳ᠋ᠸᠷᠸᠢᠺ ᠤᠷᠤᠭᠤᠯ ᠵᠶ᠋ᠠᠨ ᠴᠤᠷᠪᠤᠶ᠋ᠢᠯᠭ᠋ᠠᠭ᠋ᠠᠳ 《ᠳᠡᠳᠡ ᠪᠦᠬᠦᠳᠡᠭᠡᠷ ᠨᠠᠳᠠ᠎ᠲᠠᠢ ᠠᠳᠠᠭ᠋ᠠᠷᠬᠠᠵᠦ ᠪᠠᠶ᠋ᠢᠨ᠎ᠠ》 ᠭᠡᠵᠤ ᠬᠡᠯᠡᠯ᠎ᠡ᠃ ᠰᠦᠬᠤᠮᠯᠢᠨ᠋ᠰᠺᠢ ᠠᠨᠳ᠋ᠸᠷᠸᠢᠺ᠎ᠤᠨ ᠠᠭ᠋ᠠᠰᠢ ᠵᠠᠩ᠎ᠢ ᠰᠠᠶ᠋ᠢᠨ ᠮᠡᠳᠡᠳᠡᠭ ᠪᠤᠯᠬᠤᠷ ᠠ᠋ᠨᠡ ᠬᠦ᠌ ᠳᠤᠬᠢᠶᠠᠯ ᠵᠶ᠋ᠠᠷ ᠰᠠᠶ᠋ᠢᠳᠤᠷ ᠰᠤᠷᠭ᠋ᠠᠬᠤ ᠵᠢ ᠪᠤᠳᠤᠪᠠ᠂ ᠳᠡᠭᠡᠭᠡᠳ ᠰᠢᠯᠤᠭᠤᠬᠠᠨ ᠵᠶ᠋ᠠᠷ᠄ 《ᠠᠨᠳ᠋ᠸᠷᠸᠢᠺ ᠡ᠂ ᠶᠢᠷᠲᠢᠨᠴᠦ ᠳᠡᠭᠡᠷᠡᠬᠢ ᠬᠠᠮᠤᠭ᠎ᠤᠨ ᠪᠡᠷᠭᠡ ᠵᠤᠶ᠋ᠢᠯ ᠪᠤᠯ ᠬᠦᠮᠦᠨ᠎ᠢ ᠤᠶ᠋ᠢᠯᠠᠭ᠋ᠠᠵᠦ ᠰᠤᠷᠬᠤ ᠶᠠᠪᠤᠳᠠᠯ ᠪᠢᠯᠡ᠂ ᠴᠢ ᠦᠪᠡᠷ᠎ᠢ᠎ᠪᠠᠨ ᠱᠠᠭ᠋ᠠᠷᠳᠠᠵᠦ ᠪᠠᠶ᠋ᠢᠭ᠋ᠠᠳ ᠪᠤᠰᠤᠳ᠎ᠢ ᠤᠶ᠋ᠢᠯᠠᠭ᠋ᠠᠬᠤ ᠵᠢ ᠰᠤᠷᠴᠢᠬᠠᠪᠠᠯ ᠨᠠᠶ᠋ᠢᠵᠠ ᠨᠦᠬᠦᠳ ᠵᠶ᠋ᠠᠨ ᠠᠶᠠᠨᠳᠠᠭ᠋ᠠᠨ ᠤᠨᠳᠤᠤ ᠬᠠᠷᠠᠴᠠ᠎ᠪᠠᠷ ᠬᠠᠷᠠᠵᠦ ᠴᠢᠳᠠᠭ᠍ᠤ ᠪᠤᠯᠤᠨ᠎ᠠ᠃ ᠭᠡᠪᠡᠴᠦ ᠦᠷᠬᠦᠯᠵᠢ ᠯᠡ ᠦᠪᠡᠷ᠎ᠢ᠎ᠪᠠᠨ ᠬᠠᠮᠤᠭ᠎ᠤᠨ ᠰᠡᠴᠡᠨ ᠰᠡᠷᠬᠦᠯᠡᠩ᠂ ᠠᠪᠢᠶᠠᠰ ᠴᠢᠳᠠᠪᠤᠷᠢ᠎ᠲᠠᠢ ᠭᠡᠵᠤ ᠦᠵᠡᠭᠡᠳ ᠪᠠᠶ᠋ᠢᠪᠠᠯ ᠡᠴᠦᠰ᠎ᠲᠤ᠎ᠪᠠᠨ ᠬᠠᠮᠤᠭ᠎ᠤᠨ ᠭᠠᠭᠴᠠᠭ᠋ᠠᠷᠳᠠᠩᠭᠤᠢ ᠬᠦᠮᠦᠨ ᠪᠤᠯᠬᠤ᠎ᠨᠢ ᠳᠠᠮᠵᠢᠭ ᠦᠭᠡᠢ》 ᠭᠡᠵᠤ ᠳᠠᠶ᠋ᠢᠯᠪᠤᠷᠢᠯᠠᠯ᠎ᠠ᠃ 《ᠭᠡᠳᠡᠯ᠎ᠡ ᠰᠠᠳᠤᠪ ᠵᠠᠳᠠᠯᠬᠤ᠂ ᠰᠢᠯᠦᠭ ᠴᠡᠭᠡᠵᠢᠯᠡᠬᠦ᠎ᠳᠤ ᠪᠢ ᠬᠡᠨ᠎ᠠᠴᠠ ᠴᠤ᠌ ᠤᠨᠤᠪᠴᠢᠳᠠᠢ ᠮᠦᠷᠳᠡᠭᠡᠨ ᠬᠤᠷᠳᠤᠨ ᠪᠠᠶ᠋ᠢᠳᠠᠭ᠂ ᠲᠠ ᠴᠦ᠍ ᠨᠠᠮ᠎ᠠ ᠵᠢ ᠮᠠᠭᠳᠠᠳᠠᠭ ᠰᠢᠦ ᠳ᠋ᠠ᠂ ᠠ᠋ᠨᠡ ᠮᠢᠨᠦ ᠪᠤᠷᠤᠭᠤ ᠭᠡᠵᠢ ᠦᠦ?》 ᠭᠡᠳ ᠠᠨᠳ᠋ᠸᠷᠸᠢᠺ ᠤᠯᠠᠮ ᠯᠡ ᠮᠡᠭᠰᠢᠴᠢᠬᠡᠪᠡ᠃
      ᠰᠦᠬᠤᠮᠯᠢᠨ᠋ᠰᠺᠢ ᠠ᠋ᠬᠦᠨ᠎ᠢ ᠰᠤᠨᠤᠰᠤᠭ᠋ᠠᠳ ᠶᠠᠭᠤ ᠬᠡᠯᠡᠬᠦ᠎ᠪᠠᠨ ᠤᠯᠵᠦ ᠶᠠᠳᠠᠯ᠎ᠠ᠂ 《ᠴᠤᠬᠤᠮ ᠶᠠᠭ᠋ᠠᠬᠢᠵᠦ ᠳᠠᠶ᠋ᠢᠯᠪᠤᠷᠢᠯᠠᠪᠠᠯ ᠰᠠᠶᠢ ᠳᠡᠬᠦᠨ᠎ᠢ ᠤᠬᠠᠭ᠋ᠠᠷᠠᠭᠤᠯᠵᠦ ᠴᠢᠳᠠᠳᠠᠭ ᠪᠢᠯᠡ?》 ᠭᠡᠵᠤ ᠪᠤᠳᠤᠭᠰᠠᠨ ᠵᠶ᠋ᠠᠨ᠄ 《ᠠᠨᠳ᠋ᠸᠷᠸᠢᠺ ᠡ᠂ ᠪᠢ ᠴᠢᠮ᠎ᠠ᠎ᠳᠤ ᠦᠯᠢᠬᠡᠷ ᠬᠡᠯᠡᠵᠦ ᠦᠭᠭᠦᠶ᠎ᠡ᠂ ᠠ᠋ᠨᠡ ᠦᠯᠢᠬᠡᠷ ᠦᠨᠦ ᠵᠢᠨ ᠪᠢᠳᠡᠨ᠎ᠤ ᠪᠠᠶ᠋ᠢᠳᠠᠯ᠎ᠲᠠᠢ ᠶᠡᠭᠡ ᠠᠳᠠᠯᠢᠬᠠᠨ᠂ ᠴᠢ ᠰᠤᠨᠤᠰᠬᠤ ᠦᠦ?》 ᠭᠡᠪᠡᠯ ᠬᠦᠦ ᠨᠢᠯᠪᠤᠰᠤ᠎ᠪᠠᠨ ᠠᠷᠴᠢᠵᠦ ᠳᠤᠯᠤᠭ᠋ᠠᠢ ᠳᠤᠬᠢᠪᠠ᠃ ᠠ᠋ᠶ᠋ᠢᠨ ᠬᠦ᠌ ᠮᠤᠳᠤᠨ᠎ᠤ ᠰᠡᠬᠦᠳᠡᠷ᠎ᠲᠤ ᠳᠤᠬᠠᠯᠠᠭ᠋ᠠᠳ ᠰᠦᠬᠤᠮᠯᠢᠨ᠋ᠰᠺᠢ 《ᠤᠳᠪᠠᠯ᠎ᠠ ᠰᠤᠩᠭᠢᠨ᠎ᠠ ᠬᠤᠶᠠᠷ》 ᠭᠡᠬᠦ ᠦᠯᠢᠬᠡᠷ᠎ᠢ ᠶᠠᠷᠢᠭᠰᠠᠨ ᠰᠠᠨᠵᠠᠢ᠄
      ᠳᠠᠷᠢᠶᠠᠴᠢᠨ ᠠᠶ᠋ᠢᠯ᠎ᠤᠨ ᠠ᠋ᠬᠦᠳᠡᠨ᠎ᠳᠤ ᠨᠢᠬᠡᠨ ᠤᠳᠪᠠᠯ᠎ᠠ ᠤᠷᠭᠤᠭᠰᠠᠨ ᠪᠠᠶ᠋ᠢᠵᠠᠢ᠂ ᠤᠳᠪᠠᠯ᠎ᠠ ᠪᠡᠶ᠎ᠡ᠎ᠪᠠᠨ ᠶᠡᠭᠡ ᠳᠤᠭᠤᠵᠦ᠄ 《ᠬᠠᠷᠠᠭ᠋ᠠᠴᠢ᠂ ᠪᠢ ᠶᠠᠮᠠᠷ ᠭᠤᠶᠤ ᠪᠤᠢ᠂ ᠡ᠊ᠨᠳᠡ ᠨᠠᠳᠠ᠎ᠠᠴᠠ ᠢᠯᠡᠬᠦᠦ ᠰᠠᠶ᠋ᠢᠬᠠᠨ ᠤᠷᠭᠤᠮᠠᠯ ᠠᠯᠠᠭ᠎ᠠ》 ᠭᠡᠵᠤ ᠬᠦᠭᠡᠷᠳᠡᠭ᠃ ᠤᠳᠪᠠᠯ᠎ᠠ ᠵᠢᠨ ᠬᠠᠵᠠᠭᠤ᠎ᠳᠤ ᠨᠢᠬᠡᠨ ᠰᠤᠩᠭᠢᠨ᠎ᠠ ᠤᠷᠭᠤᠭᠰᠠᠨ ᠠᠵᠢ᠂ ᠵᠤᠨ᠎ᠤ ᠰᠡᠬᠦᠯᠴᠢ ᠪᠤᠯᠬᠤ᠎ᠪᠠᠷ ᠰᠤᠩᠭᠢᠨ᠎ᠠ ᠬᠦᠬᠡᠷᠡᠨ ᠴᠡᠯᠡᠭᠡᠷᠡᠭᠡᠳ ᠬᠠᠮᠠᠷ ᠴᠤᠷᠬᠢᠭᠰᠠᠨ ᠠᠭ᠋ᠠᠭ᠎ᠲᠠᠢ ᠬᠤᠷᠴᠠ ᠦᠨᠦᠷ ᠰᠡᠩᠭᠢᠨᠡᠬᠦᠯᠪᠡ᠂ ᠤᠳᠪᠠᠯ᠎ᠠ ᠬᠦᠮᠦᠰᠭᠡ ᠠᠳᠤᠷᠢᠵᠦ᠄ 《ᠴᠢ ᠶᠠᠮᠠᠷ ᠮᠠᠭᠤᠬᠠᠢ ᠦᠨᠦᠷ᠎ᠲᠠᠢ ᠶᠤᠮ ᠪᠤᠢ?》 ᠬᠡᠴᠢᠬᠡᠬᠡᠳ 《ᠬᠦᠮᠦᠰ ᠰᠤᠨᠢᠨ ᠶᠤᠮ ᠡ᠂ ᠠ᠋ᠶ᠋ᠢᠮᠦ ᠶᠠᠭᠤᠮ᠎ᠠ ᠵᠢ ᠪᠠᠰᠠ ᠳᠠᠷᠢᠬᠤ ᠭᠡᠭᠴᠢ》 ᠭᠡᠵᠤ ᠤᠨᠳᠤᠭᠤᠴᠠᠯ᠎ᠠ᠃ ᠰᠤᠩᠭᠢᠨ᠎ᠠ ᠤᠳᠪᠠᠯ᠎ᠠ ᠵᠢᠨ ᠤᠨᠳᠤᠭᠤᠴᠠᠭ᠍ᠤ ᠵᠢ ᠰᠤᠨᠤᠰᠤᠭ᠋ᠠᠳ ᠶᠠᠭᠤ ᠴᠦ᠍ ᠳᠤᠤᠭ᠋ᠠᠷᠤᠭᠰᠠᠨ ᠦᠭᠡᠢ᠂ ᠠ᠋ᠨᠡ ᠦᠶᠠᠰ ᠳᠠᠷᠢᠶᠠᠴᠢᠨ ᠬᠦᠭᠰᠢᠨ ᠭᠠᠷᠴᠦ ᠢᠷᠡᠭᠡᠳ ᠤᠳᠪᠠᠯ᠎ᠠ ᠦᠬᠡᠳᠡ ᠠᠯᠬᠤᠪᠠ᠂ ᠤᠳᠪᠠᠯ᠎ᠠ ᠠᠮᠢᠰᠬᠤᠭ᠎ᠠ᠎ᠪᠠᠨ ᠳᠠᠷᠤᠵᠦ ᠳᠤᠯᠤᠭ᠋ᠠᠢ᠎ᠪᠠᠨ ᠭᠠᠩᠬᠤᠭᠤᠯᠤᠰᠬᠢᠨ ᠬᠦᠯᠢᠶᠡᠯ᠎ᠠ᠂ ᠳᠡᠭᠡᠳᠡᠯ᠎ᠡ ᠳᠠᠷᠢᠶᠠᠴᠢᠨ ᠬᠦᠭᠰᠢᠨ ᠤᠳᠪᠠᠯ᠎ᠠ ᠵᠢᠨ ᠬᠠᠵᠠᠭᠤ᠎ᠳᠤ ᠤᠷᠭᠤᠭᠰᠠᠨ ᠰᠤᠩᠭᠢᠨ᠎ᠠ ᠵᠢ ᠪᠦᠬᠦᠶ᠋ᠢᠨ ᠢᠯᠪᠢᠬᠡᠳ᠄ 《ᠶᠠᠮᠠᠷ ᠰᠠᠶ᠋ᠢᠬᠠᠨ ᠤᠷᠭᠤᠭᠰᠠᠨ ᠪᠤᠢ?》 ᠭᠡᠵᠤ ᠢᠨᠢᠶᠡᠮᠰᠦᠭᠯᠡᠨ ᠰᠢᠷᠳᠡᠪᠡ᠂ ᠠ᠋ᠬᠦᠨ᠎ᠢ ᠬᠠᠷᠠᠭ᠋ᠠᠳ ᠤᠳᠪᠠᠯ᠎ᠠ ᠭᠠᠶ᠋ᠢᠬᠠᠰᠢᠷᠠᠭᠰᠠᠨ ᠭᠡᠭᠴᠢ ᠳᠤᠶ᠋ᠢᠮᠦ ᠦᠭᠡᠢ ᠠᠵᠢ᠃
      ᠠᠨᠳ᠋ᠸᠷᠸᠢᠺ ᠠ᠋ᠬᠦᠨ᠎ᠢ ᠰᠤᠨᠤᠰᠤᠭ᠋ᠠᠳ ᠤᠬᠢᠯᠠᠭ᠍ᠤ᠎ᠪᠠᠨ ᠵᠤᠭᠰᠤᠴᠢᠬᠠᠭᠰᠠᠨ ᠳᠡᠳᠤᠢ ᠦᠭᠡᠢ 《ᠬᠦᠮᠦᠨ ᠬᠦᠮᠦᠨ᠎ᠳᠤ ᠦᠪᠡᠷ᠎ᠤᠨ ᠬᠢᠨᠢ ᠰᠢᠯᠢᠳᠡᠭ ᠳᠠᠯ᠎ᠠ ᠪᠠᠶ᠋ᠢᠳᠠᠭ᠂ ᠤᠮᠤᠷᠬᠠᠭᠯᠠᠨ ᠪᠠᠷᠳᠠᠮᠨᠠᠵᠦ ᠦᠪᠡᠷ᠎ᠢ᠎ᠪᠠᠨ ᠳᠤᠭᠤᠭ᠋ᠠᠳ ᠪᠠᠶ᠋ᠢᠪᠠᠯ ᠡᠴᠦᠰ᠎ᠲᠤ᠎ᠪᠠᠨ ᠪᠤᠰᠤᠳ᠎ᠲᠤ ᠭᠤᠯᠤᠭᠳᠠᠨ᠎ᠠ》 ᠭᠡᠬᠦ ᠶᠤᠰᠤ ᠵᠢ ᠰᠡᠳᠬᠢᠬᠦ ᠰᠢᠭ ᠳᠤᠯᠤᠭ᠋ᠠᠢ ᠪᠦᠬᠦᠶ᠋ᠢᠭᠰᠡᠨ ᠪᠢᠯᠡ᠃
      ᠰᠦᠬᠤᠮᠯᠢᠨ᠋ᠰᠺᠢ ᠵᠢᠨ ᠠ᠋ᠨᠡ ᠬᠦ᠌ ᠦᠯᠢᠬᠡᠷ ᠳᠤᠮᠤᠭ᠎ᠤᠨ ᠵᠢᠱ᠌ᠢᠶ᠎ᠠ ᠬᠡᠦᠬᠡᠳ᠎ᠲᠤ ᠳᠤᠩ ᠤᠶ᠋ᠢᠯᠠᠭ᠋ᠠᠮᠵᠢᠳᠠᠢ ᠪᠦᠬᠡᠳ ᠠᠴᠢ ᠳᠤᠰᠠ᠎ᠨᠢ ᠴᠦ᠍ ᠢᠯᠡᠳᠳᠡ ᠪᠠᠶ᠋ᠢᠳᠠᠭ᠂ ᠠ᠋ᠬᠦᠨ᠎ᠢ ᠨᠢᠬᠡ ᠴᠢᠬᠤᠯᠠ ᠠ᠋ᠬᠦᠲᠦᠯᠳᠡ ᠭᠡᠵᠤ ᠬᠡᠯᠡᠵᠦ ᠪᠤᠯᠬᠤ ᠶᠤᠮ᠃
     5. ᠬᠦᠯᠢᠴᠡᠩᠭᠦᠢ᠎ᠪᠠᠷ ᠬᠦᠲᠦᠯᠦᠨ ᠵᠢᠯᠤᠭᠤᠳᠤᠭᠰᠠᠨ᠎ᠨᠢ
      ᠰᠦᠬᠤᠮᠯᠢᠨ᠋ᠰᠺᠢ ᠵᠢᠨ ᠠᠵᠢᠯᠯᠠᠵᠦ ᠪᠠᠶ᠋ᠢᠭᠰᠠᠨ ᠫᠠᠹᠯᠸᠱ᠌ᠢ ᠳᠤᠮᠳᠠᠳᠤ ᠰᠤᠷᠭ᠋ᠠᠭᠤᠯᠢ ᠵᠢᠨ᠎ᠬᠢᠨ ᠬᠡᠦᠬᠡᠳ ᠪᠤᠯᠭ᠋ᠠᠨ᠎ᠢ ᠰᠠᠶ᠋ᠢᠨ ᠬᠦᠮᠦᠵᠢᠬᠦᠯᠵᠦ ᠪᠤᠯᠳᠠᠭ ᠭᠡᠵᠤ ᠦᠵᠡᠳᠡᠭ᠃ ᠡ᠊ᠨᠳᠡ 《ᠠᠨᠠᠢ ᠬᠡᠦᠬᠡᠳ》 ᠭᠡᠳᠡᠭ ᠤᠬᠠᠭᠳᠠᠭ᠍ᠤᠨ ᠪᠠᠶ᠋ᠢᠳᠠᠭ ᠦᠭᠡᠢ᠂ ᠬᠠᠷᠢᠨ 《ᠬᠦᠴᠢᠷᠳᠡᠯ᠎ᠲᠠᠢ ᠬᠡᠦᠬᠡᠳ》 ᠪᠤᠶᠤ 《ᠬᠦᠮᠦᠵᠢᠬᠦᠯᠬᠦ᠎ᠳᠤ ᠬᠦᠴᠢᠷ᠎ᠲᠠᠢ ᠬᠡᠦᠬᠡᠳ》 ᠭᠡᠬᠦ ᠤᠬᠠᠭᠳᠠᠭ᠍ᠤᠨ ᠯᠡ ᠪᠠᠶ᠋ᠢᠳᠠᠭ᠃ ᠠ᠋ᠶ᠋ᠢᠮᠦᠷᠬᠦᠦ ᠬᠡᠦᠬᠡᠳ᠎ᠢ ᠲᠠᠩ ᠭᠠᠭᠴᠠ ᠪᠠᠭᠰᠢ ᠵᠢᠭ᠋ᠠᠵᠦ ᠰᠤᠷᠭ᠋ᠠᠳᠠᠭ ᠪᠢᠰᠢ᠂ ᠬᠠᠷᠢᠨ ᠪᠦᠬᠦᠶ᠋ᠢᠯᠡ ᠬᠠᠮᠳᠤ ᠨᠠᠶ᠋ᠢᠳᠠ᠎ᠪᠠᠷ ᠵᠶ᠋ᠠᠨ ᠵᠢᠭ᠋ᠠᠵᠦ ᠰᠤᠷᠭ᠋ᠠᠳᠠᠭ᠃ ᠰᠦᠬᠤᠮᠯᠢᠨ᠋ᠰᠺᠢ ᠨᠢᠭᠡ ᠨᠠᠰᠣᠨ᠎ᠳᠤ᠎ᠪᠠᠨ 178 《ᠬᠦᠮᠦᠵᠢᠬᠦᠯᠬᠦ᠎ᠳᠤ ᠬᠦᠴᠢᠷ᠎ᠲᠠᠢ ᠬᠡᠦᠬᠡᠳ》᠎ᠢ ᠰᠤᠷᠭ᠋ᠠᠵᠦ ᠦᠩᠭᠡᠷᠡᠭᠰᠡᠨ ᠪᠦᠬᠡᠳ ᠨᠢᠬᠡᠳ ᠨᠢᠬᠡ᠎ᠪᠠᠷ ᠵᠶ᠋ᠠᠨ ᠪᠡᠷᠬᠡ ᠬᠠᠳᠠᠭᠤ ᠶᠠᠪᠤᠴᠠ ᠵᠢ ᠦᠩᠭᠡᠷᠡᠬᠦᠯᠦᠭᠰᠡᠨ ᠪᠢᠯᠡ᠃ ᠰᠦᠬᠤᠮᠯᠢᠨ᠋ᠰᠺᠢ ᠭᠠᠷᠠᠭ ᠪᠦᠷᠢ 《ᠬᠦᠮᠦᠵᠢᠬᠦᠯᠬᠦ᠎ᠳᠤ ᠬᠦᠴᠢᠷ᠎ᠲᠠᠢ ᠬᠡᠦᠬᠡᠳ》᠎ᠤᠨ ᠭᠡᠷ ᠪᠦᠯᠢ᠎ᠪᠠᠷ ᠳᠤᠭᠤᠷᠢᠨ ᠰᠤᠷᠪᠤᠯᠵᠢᠯᠠᠵᠦ ᠳᠡᠳᠡᠨ᠎ᠤ ᠦᠰᠴᠦ ᠪᠤᠶ᠋ᠢᠵᠢᠭᠰᠠᠨ ᠤᠷᠴᠢᠨ ᠳᠤᠭᠤᠷᠢᠨ᠂ ᠠᠪᠤ ᠡᠵᠢ᠂ ᠬᠦᠷᠰᠢ ᠵᠡᠷᠭᠡᠯᠡᠳᠡᠭᠡ ᠵᠢᠨ᠎ᠬᠢᠨ ᠪᠠ ᠬᠢᠴᠢᠶᠠᠯᠯᠠᠵᠦ ᠦᠩᠭᠡᠷᠡᠭᠰᠡᠨ ᠪᠠᠭᠰᠢ ᠨᠠᠷ᠎ᠲᠠᠢ᠎ᠨᠢ ᠶᠠᠷᠢᠯᠴᠠᠨ ᠵᠤᠭᠤᠭᠳᠠᠳᠠᠭ ᠪᠠᠶ᠋ᠢᠵᠠᠢ᠃
      ᠨᠢᠬᠡ ᠠ᠋ᠲᠦᠷ ᠰᠦᠬᠤᠮᠯᠢᠨ᠋ᠰᠺᠢ ᠭᠤᠯᠢᠶᠠ ᠵᠢᠨ᠎ᠬᠢᠨ᠎ᠢ ᠰᠤᠷᠪᠤᠯᠵᠢᠯᠠᠭᠰᠠᠨ ᠶᠤᠮ᠃ ᠭᠤᠯᠢᠶᠠ ᠪᠤᠯ ᠳᠤᠩ ᠠᠵᠠ ᠪᠤᠰᠣ ᠬᠡᠦᠬᠡᠳ᠂ ᠪᠠᠭ᠎ᠠ᠎ᠳᠤ᠎ᠨᠢ ᠠᠪᠤ᠎ᠨᠢ ᠨᠠᠰᠣ ᠪᠠᠷᠠᠵᠦ ᠤᠢ ᠲᠦᠬᠦᠷᠬᠦ ᠦᠶ᠎ᠡ᠎ᠪᠠᠷ ᠡᠵᠢ᠎ᠨᠢ ᠨᠤᠴᠢᠳᠠᠢ ᠭᠡᠮᠲᠦ ᠬᠡᠷᠡᠭ᠎ᠲᠤ ᠬᠤᠯᠪᠤᠭᠳᠠᠵᠦ ᠠᠷᠪᠠᠨ ᠵᠢᠯ ᠬᠤᠷᠢᠬᠤ ᠶᠠᠯ᠎ᠠ᠎ᠪᠠᠷ ᠰᠢᠢ᠍ᠳᠭᠡᠭᠳᠡᠭᠰᠡᠨ ᠠᠵᠢ᠃ ᠢᠩᠭᠢᠭᠡᠳ ᠨᠠᠭ᠋ᠠᠴᠦ ᠠ᠋ᠭᠡᠴᠢ ᠵᠢᠨ ᠵᠶ᠋ᠠᠨ ᠭᠠᠷ ᠳᠡᠭᠡᠷ᠎ᠡ ᠦᠯᠡᠳᠡᠭᠰᠡᠨ ᠴᠦ᠍ ᠨᠠᠭ᠋ᠠᠴᠦ ᠠ᠋ᠭᠡᠴᠢ᠎ᠨᠢ ᠳᠡᠬᠦᠨ᠎ᠢ ᠳᠠᠷᠤᠭ᠋ᠠᠰᠣ ᠭᠡᠵᠤ ᠯᠡ ᠦᠵᠡᠳᠡᠭ᠎ᠠᠴᠠ ᠠᠶᠠᠨᠳᠠᠭ᠋ᠠᠨ 《ᠬᠦᠮᠦᠵᠢᠬᠦᠯᠬᠦ᠎ᠳᠤ ᠬᠦᠴᠢᠷ᠎ᠲᠠᠢ ᠬᠡᠦᠬᠡᠳ》 ᠪᠤᠯᠴᠢᠬᠠᠭᠰᠠᠨ ᠶᠤᠮ᠃
      ᠭᠤᠯᠢᠶᠠ ᠰᠤᠷᠭ᠋ᠠᠭᠤᠯᠢ᠎ᠳᠤ ᠢᠷᠡᠭᠡᠳ ᠨᠢᠬᠡ ᠰᠠᠷ᠎ᠠ ᠪᠤᠯᠤᠮᠠᠭᠴᠠ ᠯᠡ ᠤᠯᠠᠨ ᠵᠶ᠋ᠠᠷ ᠵᠶ᠋ᠠᠨ ᠵᠠᠯᠬᠠᠭᠤ     ᠬᠤᠶ᠋ᠢᠷᠭᠤ᠂ ᠦᠷᠬᠦᠯᠵᠢ ᠬᠤᠳᠠᠯ ᠬᠡᠯᠡᠳᠡᠭ ᠭᠡᠭᠴᠢ ᠵᠢ᠎ᠨᠢ ᠮᠡᠳᠡᠴᠢᠬᠡᠭᠰᠡᠨ ᠪᠦᠬᠡᠳ ᠳᠤᠩ ᠤᠳᠠᠯ ᠦᠭᠡᠢ 《ᠬᠦᠮᠦᠵᠢᠬᠦᠯᠬᠦ᠎ᠳᠤ ᠬᠦᠴᠢᠷ᠎ᠲᠠᠢ ᠬᠡᠦᠬᠡᠳ》 ᠪᠤᠯᠬᠤ᠎ᠨᠢ ᠠᠩᠵᠠᠭ᠋ᠠᠷᠠᠭᠳᠠᠭᠰᠠᠨ ᠪᠢᠯᠡ᠃ ᠰᠤᠷᠭ᠋ᠠᠭᠤᠯᠢ ᠵᠢᠨ ᠮᠤᠳᠤ ᠳᠠᠷᠢᠬᠤ ᠬᠦᠳᠡᠯᠭᠡᠬᠡᠨ ᠳᠡᠭᠡᠷ᠎ᠡ ᠳᠡᠷᠡ ᠵᠤᠷᠢᠭᠤᠳᠠ ᠬᠡᠳᠤᠨ ᠮᠤᠳᠤ ᠵᠢ ᠰᠦᠢ᠍ᠳᠬᠡᠴᠢᠬᠡᠬᠡᠳ 《ᠪᠠᠭ᠋ᠠᠳᠤᠷᠯᠢᠭ ᠠᠵᠢᠯᠯᠠᠭ᠎ᠠ》᠎ᠪᠠᠨ ᠤᠯᠠᠨ᠎ᠳᠤ ᠮᠠᠵᠤᠤᠯᠠᠵᠦ ᠵᠤᠭᠰᠤᠭᠰᠠᠨ᠂ ᠬᠢᠴᠢᠶᠡᠯ᠎ᠤᠨ ᠵᠠᠪᠰᠠᠷᠯᠠᠭ᠎ᠠ ᠳᠡᠭᠡᠷ᠎ᠡ ᠰᠢᠷᠡᠭᠡ ᠨᠢᠬᠡᠳᠡᠨ᠎ᠤ᠎ᠪᠠᠨ ᠨᠤᠮ᠎ᠢ ᠪᠤᠳᠤᠭ ᠵᠶ᠋ᠠᠷ ᠪᠢᠯᠳᠡᠵᠦ ᠤᠷᠬᠢᠴᠢᠬᠠᠭ᠋ᠠᠳ ᠪᠠᠭᠰᠢ ᠵᠢᠮᠡᠯᠡᠬᠦ᠎ᠳᠤ ᠬᠡᠨᠡᠭ ᠴᠦ᠍ ᠦᠭᠡᠢ ᠲᠦᠷᠢᠯᠡᠭᠰᠡᠨ᠂ ᠪᠠᠰᠠ ᠬᠦᠳᠡᠭᠡ ᠬᠡᠬᠡᠷ᠎ᠡ ᠵᠢᠨ ᠠᠶᠠᠯᠠᠯ᠎ᠢ ᠳᠤᠶ᠋ᠢᠳᠤᠨ ᠲᠦᠷᠰᠦᠬᠦᠶ᠋ᠢᠳᠡᠵᠦ ᠪᠠᠭᠰᠢ᠎ᠠᠴᠠ ᠠᠭᠤᠯᠠ ᠳᠤᠯᠤᠭ᠋ᠠᠳ᠂ ᠭᠤᠤ ᠰᠤᠵᠠᠭ᠎ᠤᠨ ᠳᠤᠬᠠᠢ ᠳᠠᠶ᠋ᠢᠯᠪᠤᠷᠢᠯᠠᠭ᠍ᠤ᠎ᠳᠤ 《ᠠ᠋ᠨᠡ ᠶᠠᠭᠤᠬᠠᠨ ᠭᠡᠵᠢ ᠡ᠂ ᠪᠢ ᠠ᠋ᠬᠦᠨ᠎ᠠᠴᠠ ᠬᠦᠨ ᠰᠤᠵᠠᠭ᠎ᠲᠤ ᠴᠦ᠍ ᠦᠰᠦᠷᠴᠦ ᠪᠠᠶ᠋ᠢᠭᠰᠠᠨ》 ᠭᠡᠳ ᠠᠯᠠᠭ᠎ᠠ ᠪᠤᠯᠴᠢᠬᠠᠭᠰᠠᠨ ᠭᠡᠬᠦ ᠮᠡᠲᠦ ᠵᠢᠨ ᠳᠤᠭ᠋ᠠᠯᠠᠰᠢ ᠦᠭᠡᠢ ᠤᠯᠠᠨ 《ᠬᠡᠷᠡᠭ ᠬᠢᠭᠰᠡᠨ》 ᠶᠤᠮ᠃
      ᠰᠦᠬᠤᠮᠯᠢᠨ᠋ᠰᠺᠢ ᠭᠤᠯᠢᠶᠠ ᠵᠢᠨ ᠭᠡᠷ᠎ᠢ ᠰᠤᠷᠪᠤᠯᠵᠢᠯᠠᠵᠦ ᠢᠷᠡᠭᠡᠳ ᠠᠩᠭᠢ ᠠ᠋ᠷᠬᠢᠯᠡᠭᠴᠢ ᠪᠤᠯᠤᠨ ᠬᠠᠮᠢᠶ᠎ᠠ ᠪᠦᠬᠦᠢ ᠪᠠᠭᠰᠢ ᠨᠠᠷ᠎ᠲᠠᠢ ᠴᠤᠬᠤᠮ ᠰᠢᠯᠳᠠᠭ᠋ᠠᠨ᠎ᠢ᠎ᠨᠢ ᠰᠤᠳᠤᠯᠤᠭᠰᠠᠨ ᠪᠢᠯᠡ᠃ ᠰᠦᠬᠤᠮᠯᠢᠨ᠋ᠰᠺᠢ ᠵᠢᠨ     ᠳᠤᠷᠠᠳᠤᠭᠰᠠᠨ 《ᠳᠡᠭᠡᠷ᠎ᠡ ᠶᠠᠷᠢᠭᠰᠠᠨ ᠭᠤᠯᠢᠶᠠ ᠵᠢᠨ ᠠᠵᠢᠯᠯᠠᠭ᠎ᠠ ᠪᠤᠯ ᠠᠶᠠᠨᠳᠠᠭ᠋ᠠᠨ᠎ᠤ᠎ᠬᠢ ᠪᠢᠰᠢ᠂ ᠬᠠᠷᠢᠨ ᠭᠡᠷ ᠪᠦᠯᠢ ᠵᠢᠨ ᠨᠦᠯᠦᠬᠡ ᠳᠡᠬᠦᠨ᠎ᠢ ᠢᠳᠡᠭᠡᠯ ᠠᠯᠳᠠᠭᠤᠯᠤᠭᠰᠠᠨ᠎ᠳᠤ ᠪᠤᠢ᠃ ᠳᠡᠬᠦᠨ᠎ᠤ ᠠᠮᠢᠳᠤᠷᠠᠯ᠎ᠳᠤ ᠠᠷᠢᠭᠤᠨ ᠰᠠᠶ᠋ᠢᠬᠠᠨ᠂ ᠠ᠋ᠭᠡᠯᠢ ᠳᠤᠳᠤᠨᠤ ᠵᠤᠶ᠋ᠢᠯ ᠦᠯᠦ ᠤᠷᠤᠰᠢᠳᠠᠭ᠎ᠠᠴᠠ ᠠ᠋ᠶ᠋ᠢᠮᠦᠷᠬᠦᠦ ᠠ᠋ᠳᠡᠬᠡᠳ ᠠᠷᠠᠨᠰᠢᠨ᠎ᠲᠠᠢ ᠪᠤᠯᠤᠭᠰᠠᠨ ᠪᠠᠶ᠋ᠢᠵᠦ ᠮᠡᠳᠡᠨ᠎ᠡ》 ᠭᠡᠬᠦ ᠳᠤᠷᠠᠳᠤᠯᠭ᠎ᠠ ᠪᠠᠭᠰᠢ ᠨᠠᠷ᠎ᠤᠨ ᠠᠩᠬᠠᠷᠤᠯ᠎ᠢ ᠳᠡᠳᠡᠪᠡ᠃ ᠳᠡᠶ᠋ᠢᠨ ᠬᠦ᠌ ᠤᠯᠠᠨ ᠵᠶ᠋ᠠᠷ ᠵᠶ᠋ᠠᠨ 《ᠭᠤᠯᠢᠶᠠ ᠵᠢᠨ ᠠᠵᠢᠯᠯᠠᠭ᠎ᠠ ᠪᠤᠯ ᠳᠡᠬᠦᠨ᠎ᠢ ᠬᠦᠳᠡᠯᠦᠩᠭᠦᠢ᠎ᠪᠠᠷ ᠬᠠᠯᠠᠮᠵᠢᠯᠠᠵᠦ᠂ ᠰᠠᠶ᠋ᠢᠨ᠎ᠲᠠᠢ ᠳᠠᠯ᠎ᠠ ᠵᠢ᠎ᠨᠢ ᠶᠠᠷᠦ᠎ᠠᠴᠠ ᠢᠯᠡᠷᠡᠬᠦᠯᠦᠬᠡ ᠦᠭᠡᠢ ᠵᠢᠨ ᠦᠷ᠎ᠡ ᠳ᠋ᠦᠩ ᠶᠤᠮ᠃ ᠳᠡᠭᠡᠭᠡᠳ ᠴᠦ᠍ ᠳᠡᠬᠦᠨ᠎ᠤ ᠠᠯᠳᠠᠭ᠎ᠠ ᠳᠤᠳᠠᠭᠳᠠᠯ᠂ ᠠᠭ᠋ᠠᠯᠢ ᠠᠷᠠᠨᠰᠢᠨ ᠪᠤᠯ ᠪᠤᠰᠤᠳ᠎ᠤᠨ ᠬᠦᠢ᠍ᠳᠡᠮᠰᠦᠭ ᠬᠠᠨᠳᠤᠯᠭ᠎ᠠ᠎ᠳᠤ ᠳᠠᠯᠪᠢᠭᠰᠠᠨ ᠠ᠋ᠰᠡᠷᠬᠦᠴᠡᠯ ᠪᠤᠯᠤᠨ᠎ᠠ》 ᠭᠡᠵᠤ ᠰᠠᠨᠠᠯ ᠨᠢᠬᠡᠳᠡᠢ ᠦᠵᠡᠵᠡᠭᠡᠭᠰᠡᠨ ᠶᠤᠮ᠃
      ᠳᠡᠶ᠋ᠢᠨ ᠬᠦ᠌ ᠨᠢᠭᠡ ᠤᠳᠠᠭ᠎ᠠ ᠰᠦᠬᠤᠮᠯᠢᠨ᠋ᠰᠺᠢ ᠳᠡᠬᠦᠨ᠎ᠢ ᠭᠠᠭᠴᠠᠭ᠋ᠠᠷ ᠵᠶ᠋ᠠᠨ ᠳᠤᠭᠯᠠᠵᠦ ᠪᠠᠶ᠋ᠢᠬᠤ᠎ᠳᠤ ᠳᠤᠷᠰᠢᠯᠳᠠ ᠵᠢᠨ ᠦᠷᠦᠭᠡᠨ᠎ᠳᠤ᠎ᠪᠠᠨ ᠳᠠᠭᠤᠳᠠᠵᠦ ᠠᠯᠮᠤᠷᠠᠳ᠎ᠤᠨ ᠮᠤᠳᠤ ᠪᠤᠯᠤᠨ ᠠᠯᠢᠮ᠎ᠠ ᠵᠢᠨ ᠮᠤᠳᠤᠨ᠎ᠤ ᠴᠢᠬᠢ ᠰᠤᠩᠭᠤᠭᠤᠯᠤᠭᠰᠠᠨ ᠰᠠᠨᠵᠠᠢ᠃ ᠭᠤᠯᠢᠶᠨ ᠬᠠᠶ᠋ᠢᠬᠤᠷᠤᠮᠵᠢ ᠦᠭᠡᠢ ᠲᠦᠷᠢᠯᠡᠵᠦ ᠪᠠᠶ᠋ᠢᠭᠰᠠᠨ ᠴᠦ᠍ ᠰᠤᠨᠢᠭᠤᠴᠢ ᠰᠡᠳᠬᠢᠯ᠎ᠳᠤ᠎ᠪᠠᠨ ᠳᠡᠶ᠋ᠢᠯᠦᠭᠳᠡᠭᠡᠳ ᠰᠦᠬᠤᠮᠯᠢᠨ᠋ᠰᠺᠢ᠎ᠲᠠᠢ ᠬᠤᠶᠠᠷ ᠴᠠᠭ ᠭᠠᠷᠤᠢ ᠠᠵᠢᠯᠯᠠᠪᠠ᠂ ᠠ᠋ᠨᠡ ᠤᠴᠢᠷ ᠭᠤᠯᠢᠶᠠ ᠵᠢ ᠶᠡᠭᠡᠳᠡ ᠤᠷᠮᠠᠰᠢᠭᠤᠯᠵᠦ ᠭᠡᠷ᠎ᠲᠤ᠎ᠪᠠᠨ ᠬᠠᠷᠢᠭᠰᠠᠨ ᠳᠠᠷᠤᠢ᠎ᠳᠤ᠎ᠪᠠᠨ ᠮᠤᠳᠤ ᠳᠠᠷᠢᠵᠦ ᠪᠤᠷᠳᠤᠭᠤᠷ ᠤᠷᠤᠭᠤᠯᠵᠦ ᠳᠤᠷᠰᠢᠨ ᠠᠵᠢᠯᠯᠠᠵᠦ ᠠ᠋ᠬᠢᠯᠡᠭᠰᠡᠨ ᠠᠵᠢ᠃ ᠠᠩᠭᠢ ᠠ᠋ᠷᠬᠢᠯᠡᠭᠴᠢ᠎ᠨᠢ ᠳᠡᠬᠦᠨ᠎ᠢ ᠤᠯᠠᠮ ᠬᠦᠬᠢᠬᠡᠨ ᠰᠤᠷᠭ᠋ᠠᠭᠤᠯᠢ ᠵᠢᠨ ᠮᠤᠳᠤ ᠳᠠᠷᠢᠬᠤ ᠬᠦᠳᠡᠯᠭᠡᠭᠡᠨ ᠳᠡᠭᠡᠷ᠎ᠡ ᠵᠢᠯᠤᠭᠤᠳᠤᠭᠴᠢ᠎ᠪᠠᠷ ᠳᠤᠮᠢᠯᠠᠭᠰᠠᠨ ᠶᠤᠮ᠃ ᠭᠤᠯᠢᠶᠠ ᠬᠤᠵᠢᠮ᠎ᠨᠢ ᠮᠥᠨ ᠴᠦ᠍ ᠪᠠᠭ᠎ᠠ ᠪᠤᠰᠣ 《ᠬᠡᠷᠡᠭ》 ᠳᠠᠳᠠᠭᠰᠠᠨ ᠪᠤᠯᠪᠠᠴᠦ ᠪᠠᠭᠰᠢ ᠨᠠᠷ ᠴᠠᠭ ᠢᠮᠠᠭᠳᠠ ᠠᠩᠬᠠᠷᠤᠨ ᠬᠠᠯᠠᠮᠵᠢᠯᠠᠵᠦ ᠬᠦᠲᠦᠯᠦᠨ ᠵᠢᠯᠤᠭᠤᠳᠤᠭᠰᠠᠭ᠋ᠠᠷ ᠪᠠᠶ᠋ᠢᠭᠰᠠᠨ ᠪᠢᠯᠡ᠃
     《ᠴᠢᠷᠮᠠᠶ᠋ᠢᠯᠭ᠎ᠠ ᠬᠦᠮᠦᠨ᠎ᠢ ᠭᠤᠮᠤᠳᠠᠭ᠋ᠠᠳᠠᠭ ᠦᠭᠡᠢ》᠂ ᠪᠠᠭᠰᠢ ᠨᠠᠶ᠋ᠢᠳᠠ ᠵᠢᠨ ᠬᠠᠮᠳᠤ ᠵᠢᠨ ᠳᠤᠰᠠᠯᠠᠮᠵᠢ᠎ᠪᠠᠷ ᠭᠤᠯᠢᠶᠠ ᠭᠤᠷᠪᠠᠳᠤᠭ᠋ᠠᠷ ᠠᠩᠭᠢ ᠪᠤᠯᠬᠤ᠎ᠳᠤ ᠪᠠᠭ᠋ᠠᠴᠤᠳ᠎ᠤᠨ ᠬᠤᠰᠢᠭᠤᠴᠢ ᠠᠩᠭᠢ᠎ᠳᠤ ᠠᠮᠵᠢᠯᠳᠠᠳᠠᠢ ᠠ᠋ᠯᠰᠡᠭᠳᠡᠵᠦ᠂ ᠰᠤᠷᠭ᠋ᠠᠭᠤᠯᠢ᠎ᠪᠠᠨ ᠳᠡᠬᠦᠰᠭᠡᠭᠡᠳ ᠨᠠᠶ᠋ᠢᠵᠠ ᠨᠦᠬᠦᠳ ᠵᠶ᠋ᠠᠨ ᠢᠳᠡᠪᠬᠢᠳᠡᠢ ᠬᠠᠯᠠᠮᠵᠢᠯᠠᠵᠦ ᠬᠠᠮᠳᠤ ᠨᠠᠶ᠋ᠢᠳᠠ ᠵᠢᠨ ᠲᠦᠯᠦᠬᠡ ᠬᠠᠷᠠᠮ ᠦᠭᠡᠢ ᠵᠢᠳᠬᠦᠳᠡᠭ ᠨᠢᠭᠡ᠎ᠨᠢ ᠪᠤᠯᠤᠭᠰᠠᠨ ᠶᠤᠮ᠃ ᠠ᠋ᠬᠦᠨ᠎ᠠᠴᠠ ᠰᠦᠬᠤᠮᠯᠢᠨ᠋ᠰᠺᠢ ᠵᠢᠨ 《ᠬᠡᠦᠬᠡᠳ᠎ᠢ ᠬᠠᠶ᠋ᠢᠷᠠᠯᠠᠨ ᠬᠠᠯᠠᠮᠵᠢᠯᠠᠵᠦ ᠬᠦᠨᠳᠦᠳᠭᠡᠬᠦ ᠬᠡᠷᠡᠭᠳᠡᠢ᠂ ᠬᠡᠦᠬᠡᠳ ᠪᠦᠬᠦᠨ᠎ᠢ ᠰᠠᠶ᠋ᠢᠨ ᠬᠦᠮᠦᠨ ᠪᠤᠯᠭ᠋ᠠᠨ ᠬᠦᠮᠦᠵᠢᠬᠦᠯᠵᠦ ᠪᠤᠯᠳᠠᠭ》 ᠭᠡᠬᠦ ᠰᠤᠷᠭ᠋ᠠᠨ ᠬᠦᠮᠦᠵᠢᠯ᠎ᠤᠨ ᠪᠠᠷᠢᠮᠳᠠᠯᠠᠯ᠎ᠢ ᠳᠤᠳᠤ ᠤᠯᠵᠦ ᠬᠠᠷᠠᠳᠠᠭ᠃
     6. ᠤᠨᠴᠠᠭ᠋ᠠᠶ᠋ᠢᠯᠠᠨ ᠬᠦᠬᠢᠬᠦᠯᠦᠭᠰᠡᠨ᠎ᠨᠢ
      ᠰᠦᠬᠤᠮᠯᠢᠨ᠋ᠰᠺᠢ ᠬᠡᠦᠬᠡᠳ᠎ᠢ ᠬᠦᠮᠦᠵᠢᠬᠦᠯᠬᠦ᠎ᠳᠤ᠎ᠪᠠᠨ ᠬᠦᠳᠦᠯᠦᠨ ᠵᠢᠯᠤᠭᠤᠳᠬᠤ᠂ ᠬᠦᠬᠢᠬᠡᠨ ᠵᠤᠷᠢᠬ᠍ᠵᠢᠭᠤᠯᠬᠤ᠂ ᠬᠦᠭᠵᠢᠬᠡᠨ ᠤᠷᠮᠠᠰᠢᠭᠤᠯᠬᠤ ᠵᠢ ᠴᠢᠳᠠᠮᠠᠭ᠋ᠠᠢ ᠠᠰᠢᠭᠯᠠᠳᠠᠭ᠂ ᠬᠦᠮᠦᠰ ᠳᠡᠷᠡ ᠬᠦ᠌ ᠠᠷᠭ᠎ᠠ ᠵᠢ᠎ᠨᠢ 《ᠤᠨᠴᠠᠭ᠋ᠠᠢ ᠬᠦᠬᠢᠬᠦᠯᠦᠯ》 ᠭᠡᠳᠡᠭ᠃
      ᠰᠦᠬᠤᠮᠯᠢᠨ᠋ᠰᠺᠢ ᠨᠢᠬᠡ ᠤᠳᠠᠭ᠎ᠠ ᠠᠷᠪᠠᠨ ᠬᠤᠶᠠᠷᠳᠠᠢ ᠬᠦᠦ᠎ᠪᠠᠨ ᠳᠠᠭᠤᠳᠠᠵᠦ ᠬᠦᠷᠵᠡ ᠦᠭᠭᠦᠭᠡᠳ᠄ 《ᠳᠠᠷᠢᠶᠠᠨ᠎ᠳᠤ ᠤᠴᠢᠵᠦ ᠤᠷᠲᠦ ᠦᠷᠭᠡᠨ᠎ᠨᠢ ᠠᠳᠠᠯᠢᠬᠠᠨ ᠵᠠᠭᠤᠨ ᠠᠯᠠᠭ᠎ᠠ ᠳᠠᠷᠤᠮ᠎ᠠ ᠭᠠᠵᠠᠷ ᠤᠯᠠᠯᠠᠵᠦ ᠳᠠᠯᠪᠢᠭ᠋ᠠᠴᠢ》 ᠭᠡᠵᠤ ᠵᠠᠬᠢᠪᠠ᠃ ᠬᠦᠦ᠎ᠨᠢ ᠪᠠᠶᠠᠷᠯᠠᠨ ᠬᠦᠷᠵᠠ ᠵᠢ ᠠᠪᠤᠭ᠋ᠠᠳ ᠳᠠᠷᠢᠶᠠᠨ ᠭᠠᠵᠠᠷ ᠦᠬᠡᠳᠡ ᠳᠠᠪᠬᠢᠯ᠎ᠠ᠃ ᠬᠦᠦ ᠠ᠋ᠬᠢᠯᠡᠭᠡᠳ ᠬᠦᠷᠵᠠ ᠵᠠᠷᠤᠵᠦ ᠴᠢᠳᠠᠭ᠍ᠤ ᠦᠭᠡᠢ ᠪᠠᠶ᠋ᠢᠭᠰᠠᠨ ᠴᠦ᠍ ᠤᠯᠠᠮ ᠵᠶ᠋ᠠᠷ ᠡᠪ᠎ᠢ᠎ᠨᠢ ᠤᠯᠵᠦ ᠤᠯᠠᠯᠠᠭ᠍ᠤ ᠳᠤᠳᠤᠮ ᠬᠦᠩᠭᠡᠷᠡᠭᠰᠡᠨ ᠠᠵᠢ᠂ ᠭᠡᠳᠡᠯ᠎ᠡ ᠬᠠᠮᠤᠭ ᠰᠡᠬᠦᠯᠴᠢ ᠵᠢᠨ ᠳᠠᠪᠠᠭ᠋ᠠᠨ ᠳᠡᠭᠡᠷ᠎ᠡ ᠬᠦᠷᠵᠡ᠎ᠪᠠᠨ ᠬᠤᠭᠤᠯᠴᠢᠬᠠᠭᠰᠠᠨ ᠶᠤᠮ᠃ ᠬᠦᠦ ᠠᠶᠤᠵᠦ ᠪᠤᠯᠭᠤᠮᠵᠢᠯᠠᠭᠰᠠᠭ᠋ᠠᠷ ᠭᠡᠷ᠎ᠲᠤ᠎ᠪᠠᠨ ᠬᠠᠷᠢᠪᠡᠯ ᠰᠦᠬᠤᠮᠯᠢᠨ᠋ᠰᠺᠢ ᠤᠭᠳᠤᠬᠠᠨ ᠴᠦ᠍ ᠵᠠᠩᠨᠠᠭᠰᠠᠨ ᠦᠭᠡᠢ᠂ ᠬᠠᠷᠢᠨ᠄
     《ᠴᠢ ᠭᠠᠵᠠᠷ ᠤᠯᠠᠯᠠᠭ᠋ᠠᠳ ᠴᠢᠳᠠᠴᠢᠬᠠᠪᠠ ᠦᠦ? ᠶᠠᠳᠠᠷᠠᠭᠰᠠᠨ ᠦᠦ᠂ ᠠ᠋ᠰᠡᠪᠡᠯ ᠠᠵᠢᠯᠯᠠᠭ᠍ᠤ ᠳᠤᠳᠤᠮ ᠬᠦᠩᠭᠡᠷᠡᠭᠰᠡᠨ ᠦᠦ?》 ᠭᠡᠵᠤ ᠠᠰᠠᠭᠤᠪᠠ᠂ ᠠ᠋ᠬᠦᠨ᠎ᠢ ᠰᠤᠨᠤᠰᠤᠭᠰᠠᠨ ᠬᠦᠦ ᠵᠢᠨ ᠨᠢᠲᠦ ᠳᠤᠤᠷ᠎ᠡ᠎ᠪᠠᠨ ᠬᠢᠯᠠᠯᠵᠠᠵᠦ᠄ 《ᠳᠡᠶ᠋ᠢᠮᠦ᠂ ᠠᠵᠢᠯᠯᠠᠭ᠍ᠤ ᠳᠤᠳᠤᠮ ᠬᠦᠩᠭᠡᠷᠡᠭᠰᠡᠨ ᠡ》 ᠭᠡᠵᠤ ᠬᠠᠷᠢᠭᠤᠯᠤᠯ᠎ᠠ᠃ ᠰᠦᠬᠤᠮᠯᠢᠨ᠋ᠰᠺᠢ ᠢᠨᠢᠶᠡᠮᠰᠦᠭᠯᠡᠭᠡᠳ᠄ 《ᠳᠡᠭᠡᠪᠡᠯ ᠴᠢ ᠠᠯᠳᠠᠭ᠎ᠠ ᠦᠭᠡᠢ᠂ ᠤᠯᠤᠭᠰᠠᠨ ᠪᠠᠶ᠋ᠢᠨ᠎ᠠ ᠰᠢᠦ》 ᠭᠡᠳ 《ᠴᠢ ᠬᠦᠳᠡᠯᠮᠤᠷᠢ ᠵᠢᠨ ᠠᠮᠳᠠ ᠵᠢ ᠮᠡᠳᠡᠭᠰᠡᠨ ᠪᠠᠶ᠋ᠢᠨ᠎ᠠ᠂ ᠠ᠋ᠨᠡ ᠪᠤᠯ ᠬᠠᠮᠤᠭ᠎ᠤᠨ ᠦᠨᠡᠳᠡᠢ ᠤᠯᠤᠯᠳᠠ》 ᠭᠡᠵᠤ ᠦᠨᠡᠯᠡᠪᠡ᠃ ᠢᠩᠭᠢᠭᠡᠳ ᠰᠠᠶᠢ ᠬᠦᠦ ᠵᠢᠨ ᠠᠶᠤᠵᠦ ᠪᠤᠯᠭᠤᠮᠵᠢᠯᠠᠭᠰᠠᠨ ᠰᠡᠳᠬᠢᠯ ᠳᠠᠶ᠋ᠢᠪᠤᠰᠢᠷᠠᠵᠦ ᠪᠠᠶᠠᠷ ᠬᠦᠷ᠎ᠲᠠᠢ ᠪᠤᠯᠤᠭᠰᠠᠨ ᠠᠵᠢ᠂ ᠮᠥᠨ ᠴᠦ᠍ ᠭᠠᠵᠠᠷ ᠤᠯᠠᠯᠠᠭ᠍ᠤ ᠳᠤᠮᠳᠠ᠎ᠠᠴᠠ ᠬᠦᠳᠡᠯᠮᠤᠷᠢ ᠵᠢᠨ ᠪᠠᠭ᠍ᠠᠳᠤᠯ᠎ᠢ ᠤᠯᠵᠦ ᠬᠦᠳᠡᠯᠮᠤᠷᠢ ᠵᠢᠨ ᠳᠤᠬᠠᠢ ᠵᠦᠪ ᠦᠵᠡᠯᠳᠡ᠎ᠲᠠᠢ ᠪᠤᠯᠤᠭᠰᠠᠨ ᠶᠤᠮ᠃
      ᠨᠢᠬᠡᠳᠤᠭᠡᠷ ᠠᠩᠭᠢ ᠵᠢᠨ ᠵᠢᠨᠠ ᠵᠢᠨ ᠠ᠋ᠮᠡᠭᠡ᠎ᠨᠢ ᠳᠤᠩ ᠬᠦᠨᠳᠤ ᠡᠪᠡᠳᠴᠢᠯᠡᠪᠡ᠂ ᠵᠢᠨᠠ ᠠ᠋ᠮᠡᠭᠡ᠎ᠳᠤ᠎ᠪᠠᠨ ᠨᠢᠬᠡ ᠬᠦᠢ᠍ᠰ ᠴᠡᠴᠡᠭ ᠪᠡᠯᠡᠭᠯᠡᠵᠦ ᠪᠤᠯᠭᠤᠭ᠋ᠠᠬᠤ ᠰᠡᠨ ᠭᠡᠵᠤ ᠪᠤᠳᠤᠯ᠎ᠠ᠃ ᠭᠡᠪᠡᠴᠦ ᠬᠠᠬᠢᠷ ᠡᠪᠤᠯ᠎ᠤᠨ ᠴᠠᠭ ᠪᠤᠯᠬᠤᠷ ᠬᠠᠮᠢᠭ᠎ᠠ᠎ᠠᠴᠠ ᠴᠡᠴᠡᠭ ᠤᠯᠳᠠᠭ᠍ᠤ ᠪᠢᠯᠡ? ᠵᠢᠨᠠ ᠳᠠᠷᠢᠬᠢ᠎ᠪᠠᠨ ᠰᠢᠪᠬᠠᠭᠰᠠᠭ᠋ᠠᠷ ᠰᠤᠷᠭ᠋ᠠᠭᠤᠯᠢ ᠵᠢᠨ ᠬᠦᠯᠡᠮᠵᠢ᠎ᠳᠤ ᠳᠠᠷᠢᠭᠰᠠᠨ ᠤᠳᠪᠠᠯ᠎ᠠ ᠴᠡᠴᠡᠭ᠎ᠢ ᠪᠤᠳᠤᠵᠦ ᠤᠯᠪᠠ᠂ ᠳᠡᠷᠡ ᠬᠦ᠌ ᠤᠳᠪᠠᠯ᠎ᠠ᠎ᠨᠤᠭᠤᠳ ᠦᠩᠭᠡ ᠪᠤᠯᠢᠶᠠᠯᠳᠤᠨ ᠳᠡᠯᠭᠡᠷᠡᠭᠡᠳ ᠪᠠᠭᠰᠢ ᠰᠤᠷᠤᠭᠴᠢ ᠪᠦᠬᠦᠳᠡ᠎ᠳᠤ ᠪᠠᠶᠠᠷ ᠪᠠᠶᠠᠰᠬᠤᠯᠠᠩ᠎ᠢ ᠬᠦᠷᠳᠡᠭᠡᠳᠡᠭ ᠰᠠᠨᠵᠠᠢ᠃ ᠵᠢᠨᠠ ᠳᠡᠶ᠋ᠢᠨ ᠬᠦ᠌ ᠰᠤᠷᠭ᠋ᠠᠭᠤᠯᠢ ᠵᠢᠨ ᠳᠤᠭᠳᠠᠭ᠋ᠠᠯ᠎ᠢ ᠵᠦᠷᠢᠴᠡᠵᠦ ᠨᠢᠬᠡ ᠦᠷᠯᠦᠬᠡ ᠰᠡᠮᠡᠭᠡᠷᠬᠡᠨ ᠬᠦᠯᠡᠮᠵᠢ᠎ᠳᠤ ᠤᠷᠤᠵᠦ ᠤᠴᠢᠭᠰᠠᠨ ᠶᠤᠮ᠃
      ᠳᠡᠭᠡᠳᠡᠯ᠎ᠡ ᠶᠠᠭ ᠳᠡᠷᠡ ᠦᠷᠯᠦᠬᠡ ᠰᠦᠬᠤᠮᠯᠢᠨ᠋ᠰᠺᠢ ᠬᠦᠯᠡᠮᠵᠢ᠎ᠳᠤ ᠤᠷᠤᠭᠰᠠᠨ ᠳᠠᠭ᠋ᠠᠷᠠᠭ᠋ᠠᠳ ᠵᠢᠨᠠ ᠵᠢᠨ ᠴᠡᠴᠡᠭ ᠳᠠᠰᠤᠯᠵᠦ ᠪᠠᠶ᠋ᠢᠭᠰᠠᠨ᠎ᠢ ᠬᠠᠷᠠᠴᠢᠬᠠᠭᠰᠠᠨ ᠪᠢᠯᠡ᠃ ᠭᠡᠪᠡᠴᠦ ᠵᠢᠭ᠋ᠠᠯ ᠦᠬᠢᠨ᠎ᠤ ᠬᠡᠨᠡᠨ ᠴᠠᠭ᠋ᠠᠨ᠂ ᠠᠭᠤᠴᠢᠯᠠᠯ ᠬᠦᠰᠡᠭᠰᠡᠨ ᠬᠠᠷᠠᠴᠠ ᠵᠢ ᠦᠵᠡᠭᠡᠳ ᠤᠴᠢᠷ ᠰᠢᠯᠳᠠᠭ᠋ᠠᠨ᠎ᠢ᠎ᠨᠢ ᠠᠭᠤᠵᠢᠭᠤᠬᠠᠨ ᠯᠡᠪᠯᠡᠪᠠ᠃ ᠵᠢᠨᠠ ᠳᠤᠯᠤᠭ᠋ᠠᠢ᠎ᠪᠠᠨ ᠤᠨᠵᠢᠭᠤᠯᠵᠦ ᠡᠪᠡᠳᠴᠢᠯᠡᠭᠰᠡᠨ ᠠ᠋ᠮᠡᠭᠡ᠎ᠳᠤ᠎ᠪᠠᠨ ᠴᠡᠴᠡᠭ ᠬᠦᠷᠭᠡᠬᠦ ᠭᠡᠰᠡᠨ ᠪᠤᠳᠤᠯ ᠵᠶ᠋ᠠᠨ ᠴᠠᠭ᠋ᠠᠪᠤᠷᠯᠠᠯ᠎ᠠ᠂ ᠰᠦᠬᠤᠮᠯᠢᠨ᠋ᠰᠺᠢ ᠰᠤᠨᠤᠰᠤᠭ᠋ᠠᠳ ᠮᠠᠰᠢᠳᠠ ᠰᠡᠳᠬᠢᠯ ᠬᠦᠳᠡᠯᠵᠦ᠄ 《ᠵᠢᠨᠠ ᠡ᠂ ᠴᠢᠮ᠎ᠡ᠎ᠳᠤ ᠪᠢ ᠭᠤᠷᠪᠠᠨ ᠬᠦᠢ᠍ᠰ ᠴᠡᠴᠡᠭ ᠦᠭᠭᠦᠶ᠎ᠡ᠂ ᠨᠢᠬᠡ ᠬᠦᠢ᠍ᠰ᠎ᠢ᠎ᠨᠢ ᠦᠷᠦᠪᠴᠢ ᠰᠠᠶ᠋ᠢᠬᠠᠨ ᠰᠡᠳᠬᠢᠯ᠎ᠲᠠᠢ ᠴᠢᠮ᠎ᠠ᠎ᠳᠤ ᠪᠡᠯᠡᠭᠯᠡᠶ᠎ᠡ᠂ ᠨᠦᠬᠦᠬᠡ ᠬᠤᠶᠠᠷ ᠬᠦᠢ᠍ᠰ᠎ᠢ᠎ᠨᠢ ᠠ᠋ᠶ᠋ᠢᠮᠦ ᠦᠷᠦᠪᠴᠢ ᠰᠠᠶ᠋ᠢᠬᠠᠨ ᠰᠡᠳᠬᠢᠯ᠎ᠲᠠᠢ ᠬᠡᠦᠬᠡᠳ᠎ᠢ ᠬᠦᠮᠦᠵᠢᠬᠦᠯᠦᠭᠰᠡᠨ ᠠᠪᠤ ᠡᠵᠢ᠎ᠳᠤ ᠳᠠᠨᠢ ᠪᠡᠯᠡᠭᠯᠡᠶ᠎ᠡ》 ᠭᠡᠰᠡᠨ ᠠᠵᠢ᠃
      ᠬᠤᠶᠠᠷ᠂ ᠰᠦᠬᠤᠮᠯᠢᠨ᠋ᠰᠺᠢ ᠵᠢᠨ ᠰᠤᠷᠭ᠋ᠠᠨ ᠬᠦᠮᠦᠵᠢᠯ᠎ᠤᠨ ᠦᠵᠡᠯ ᠰᠠᠨᠠᠭ᠎ᠠ
     1. ᠤᠯᠠᠨ ᠲᠠᠯ᠎ᠠ ᠵᠢᠨ ᠬᠦᠮᠦᠵᠢᠯ᠎ᠤᠨ ᠳᠤᠬᠠᠢ ᠦᠬᠦᠯᠡᠭᠰᠡᠨ᠎ᠨᠢ
      ᠰᠦᠬᠤᠮᠯᠢᠨ᠋ᠰᠺᠢ ᠰᠤᠷᠭ᠋ᠠᠨ ᠬᠦᠮᠦᠵᠢᠯ᠎ᠤᠨ ᠬᠠᠷᠠᠯᠳᠠ ᠵᠢᠨ ᠳᠤᠬᠠᠢ ᠤᠯᠠᠨ ᠳᠠᠯ᠎ᠠ᠎ᠠᠴᠠ ᠳᠠᠶ᠋ᠢᠯᠪᠤᠷᠢᠯᠠᠵᠦ 《ᠡᠪ ᠬᠠᠮᠳᠤ ᠵᠢᠨ ᠦᠵᠡᠯ᠎ᠢ ᠴᠤᠭᠴᠠᠯᠠᠭᠴᠢ》᠂ 《ᠪᠦᠬᠦ ᠳᠠᠯ᠎ᠠ᠎ᠪᠠᠷ ᠬᠦᠭᠵᠢᠭᠰᠡᠨ ᠬᠦᠮᠦᠨ᠎ᠢ       ᠬᠦᠮᠦᠵᠢᠬᠦᠯᠦᠶ᠎ᠡ》᠂ 《ᠰᠡᠴᠡᠨ ᠰᠡᠷᠬᠦᠯᠡᠩ ᠬᠡᠦᠬᠡᠳ》᠂ 《ᠵᠤᠯ ᠵᠢᠷᠭ᠋ᠠᠯᠳᠠᠢ ᠬᠦᠮᠦᠨ》᠂ 《ᠬᠢᠷᠢ ᠳᠡᠩᠴᠡᠭᠰᠡᠨ ᠢᠷᠭᠡᠨ》 ᠵᠡᠷᠭᠡ ᠳᠤᠷᠠᠳᠤᠯᠭ᠎ᠠ ᠳᠤᠷᠠᠳᠤᠭᠰᠠᠨ ᠪᠢᠯᠡ᠂ ᠠ᠋ᠬᠦᠨ᠎ᠤ ᠳᠤᠳᠤᠷᠠᠬᠢ ᠬᠠᠮᠤᠭ᠎ᠤᠨ ᠲᠦᠪᠯᠡᠷᠡᠩᠭᠦᠢ ᠮᠦᠷᠳᠡᠭᠡᠨ ᠬᠦᠨᠵᠡᠭᠡᠢ ᠨᠢᠬᠡ ᠦᠵᠡᠯᠳᠡ ᠪᠤᠯ ᠵᠠᠯᠠᠭᠤ ᠪᠠᠭ᠋ᠠᠴᠤᠳ᠎ᠢ 《ᠪᠦᠬᠦ ᠳᠠᠯ᠎ᠠ᠎ᠪᠠᠷ ᠡᠪ ᠵᠤᠶ᠋ᠢᠳᠠᠢ ᠬᠦᠭᠵᠢᠭᠰᠡᠨ᠂ ᠨᠠᠶ᠋ᠢᠬᠡᠮ᠎ᠤᠨ ᠳᠠᠪᠰᠢᠯᠳᠠ᠎ᠳᠤ ᠢᠳᠡᠪᠬᠢᠳᠡᠢ ᠤᠷᠤᠯᠴᠠᠭᠴᠢ》 ᠪᠤᠯᠭ᠋ᠠᠨ ᠬᠦᠮᠦᠵᠢᠬᠦᠯᠬᠦ ᠳᠤᠬᠠᠢ ᠪᠤᠯᠬᠤ ᠶᠤᠮ᠃ ᠬᠡᠳᠡᠯ᠎ᠡ ᠢᠩᠭᠢᠵᠦ ᠬᠦᠮᠦᠵᠢᠬᠦᠯᠬᠦ᠎ᠳᠤ ᠪᠦᠬᠦ ᠳᠠᠯ᠎ᠠ᠎ᠪᠠᠷ ᠬᠦᠭᠵᠢᠭᠰᠡᠨ ᠰᠤᠷᠭ᠋ᠠᠨ ᠬᠦᠮᠦᠵᠢᠯ᠎ᠤᠨ ᠠ᠋ᠬᠦᠷᠬᠡ ᠵᠢ ᠪᠡᠶᠡᠯᠡᠬᠦᠯᠬᠦ ᠴᠢᠬᠤᠯᠠ᠎ᠲᠠᠢ᠂ ᠳᠠᠷᠤᠢ 《ᠤᠶᠤᠨ ᠤᠬᠠᠭ᠋ᠠᠨ᠎ᠤ ᠬᠦᠮᠦᠵᠢᠯ᠂ ᠪᠡᠶ᠎ᠡ ᠳᠠᠮᠢᠷ᠎ᠤᠨ ᠬᠦᠮᠦᠵᠢᠯ᠂ ᠶᠤᠰᠤ ᠮᠤᠷᠠᠯ᠎ᠤᠨ ᠬᠦᠮᠦᠵᠢᠯ᠂ ᠬᠦᠳᠡᠯᠮᠤᠷᠢ ᠵᠢᠨ ᠬᠦᠮᠦᠵᠢᠯ ᠬᠢᠬᠡᠳ ᠭᠤᠸ᠎ᠠ ᠰᠠᠶ᠋ᠢᠬᠠᠨ᠎ᠤ ᠬᠦᠮᠦᠵᠢᠯ᠎ᠢ ᠬᠦᠨᠵᠡᠬᠡᠢ ᠤᠶᠠᠯᠳᠤᠭᠤᠯᠵᠦ ᠬᠠᠷᠢᠯᠴᠠᠨ ᠨᠦᠯᠦᠭᠡᠯᠴᠡᠬᠦᠯᠤᠨ᠎ᠠ᠂ ᠳᠠᠬᠢᠭ᠋ᠠᠳ ᠠ᠋ᠨᠡ ᠬᠡᠳᠤᠨ ᠳᠠᠯ᠎ᠠ ᠵᠢᠨ ᠬᠦᠮᠦᠵᠢᠯ᠎ᠢ ᠨᠢᠭᠡᠳᠤᠯᠳᠡᠢ ᠨᠢᠬᠡᠨ ᠲᠦᠬᠦᠷ ᠶᠠᠪᠤᠴᠠ ᠳᠡᠭᠡᠷ᠎ᠡ ᠢᠯᠡᠷᠡᠬᠦᠯᠬᠦ ᠬᠡᠷᠡᠭᠳᠡᠢ》 ᠶᠤᠮ᠃
      ᠶᠤᠰᠤ ᠮᠤᠷᠠᠯ᠎ᠤᠨ ᠬᠦᠮᠦᠵᠢᠯ᠎ᠤᠨ ᠳᠠᠯ᠎ᠠ᠎ᠪᠠᠷ ᠰᠦᠬᠤᠮᠯᠢᠨ᠋ᠰᠺᠢ 《ᠪᠦᠬᠦ ᠳᠠᠯ᠎ᠠ᠎ᠪᠠᠷ ᠬᠦᠭᠵᠢᠬᠦᠯᠬᠦ᠎ᠳᠤ ᠠ᠋ᠷᠬᠢᠮ ᠳᠡᠭᠡᠲᠦ ᠶᠤᠰᠤ ᠮᠤᠷᠠᠯ ᠦᠨᠳᠤᠰᠣ ᠪᠤᠯᠳᠠᠭ》 ᠭᠡᠵᠤ ᠳᠤᠳᠤᠷᠬᠠᠶ᠋ᠢᠯᠠᠭᠰᠠᠨ ᠶᠤᠮ᠃ ᠳᠡᠷᠡ᠎ᠪᠠᠷ ᠬᠡᠦᠬᠡᠳ ᠠ᠋ᠯᠪᠡᠭ ᠪᠠᠶᠠᠯᠢᠭ ᠤᠶᠤᠨ ᠰᠠᠨᠠᠭ᠋ᠠᠨ᠎ᠤ ᠠᠮᠢᠳᠤᠷᠠᠯ ᠪᠠ ᠴᠢᠬᠤᠯᠠᠴᠢᠯᠠᠭ᠎ᠠ᠎ᠲᠠᠢ ᠪᠠᠶ᠋ᠢᠬᠤ ᠬᠡᠷᠡᠭᠳᠡᠢ ᠭᠡᠵᠤ ᠤᠨᠴᠠᠯᠠᠨ ᠳᠤᠷᠠᠳᠤᠭ᠋ᠠᠳ 《ᠤᠶᠤᠨ ᠰᠠᠨᠠᠭ᠋ᠠᠨ᠎ᠤ ᠬᠤᠭᠤᠰᠤᠷᠠᠯ ᠪᠤᠯ ᠬᠠᠮᠤᠭ᠎ᠤᠨ ᠶᠡᠭᠡ ᠠᠶᠤᠯ ᠶᠡᠭᠡ ᠭᠠᠮᠰᠢᠭ ᠶᠤᠮ》 ᠭᠡᠵᠤ ᠵᠢᠭ᠋ᠠᠵᠦ ᠭᠠᠷᠭ᠋ᠠᠭᠰᠠᠨ ᠪᠠᠶ᠋ᠢᠳᠠᠭ᠃ ᠪᠠᠰᠠ ᠪᠠᠭᠰᠢ᠂ ᠭᠡᠷ᠎ᠤᠨ ᠠᠬᠠᠮᠠᠳ᠎ᠲᠤ ᠬᠡᠦᠬᠡᠳ᠎ᠤᠨ ᠨᠡᠷ᠎ᠡ ᠲᠦᠷᠦ᠂ ᠬᠦᠮᠦᠨ ᠴᠢᠨᠠᠷ᠎ᠢ ᠬᠦᠨᠳᠤᠳᠭᠡᠵᠦ ᠪᠦᠬᠦ ᠳᠠᠯ᠎ᠠ᠎ᠪᠠᠷ ᠬᠠᠯᠠᠮᠵᠢᠯᠠᠭ᠍ᠤ ᠬᠡᠷᠡᠭᠳᠡᠢ ᠭᠡᠵᠤ ᠱᠠᠭ᠋ᠠᠷᠳᠠᠭᠰᠠᠨ ᠶᠤᠮ᠃ 《ᠠᠮᠢᠳᠤᠷᠠᠯ ᠳᠤᠮᠳᠠ ᠬᠡᠦᠬᠡᠳ᠎ᠢ ᠬᠠᠶ᠋ᠢᠷᠠᠯᠠᠭ᠍ᠤ ᠪᠤᠯ ᠬᠠᠮᠤᠭ᠎ᠠᠴᠠ ᠴᠢᠬᠤᠯᠠ》 ᠭᠡᠵᠤ ᠰᠦᠬᠤᠮᠯᠢᠨ᠋ᠰᠺᠢ ᠬᠡᠯᠡᠭᠰᠡᠨ ᠪᠦᠬᠡᠳ 《ᠬᠡᠦᠬᠡᠳ ᠪᠤᠯᠭ᠋ᠠᠨ ᠴᠡᠭᠡᠵᠢ ᠳᠡᠨᠢᠬᠦᠨ ᠠᠯᠬᠤᠬᠤ ᠶᠤᠰᠤᠳᠠᠢ》 ᠭᠡᠵᠤ ᠳᠤᠷᠠᠳᠤᠨ ᠰᠤᠷᠭ᠋ᠠᠨ ᠬᠦᠮᠦᠵᠢᠯ᠎ᠤᠨ ᠰᠢᠯᠢᠳᠡᠭ ᠰᠠᠶ᠋ᠢᠨ ᠤᠷᠴᠢᠨ᠎ᠢ ᠴᠢᠷᠮᠠᠶ᠋ᠢᠨ ᠴᠤᠭᠴᠠᠯᠠᠵᠦ 《ᠰᠤᠷᠭ᠋ᠠᠭᠤᠯᠢ ᠵᠢᠨ ᠬᠡᠷᠡᠮ ᠬᠠᠨ᠎ᠠ ᠪᠠᠰᠠ ᠦᠬᠡ ᠶᠠᠷᠢᠬᠤ ᠬᠡᠷᠡᠭᠳᠡᠢ》 ᠭᠡᠵᠤ ᠴᠢᠬᠤᠯᠠᠴᠢᠯᠠᠭᠰᠠᠨ ᠪᠢᠯᠡ᠃ ᠠ᠋ᠬᠦᠨ᠎ᠤ ᠵᠡᠷᠭᠡᠴᠡᠭᠡ᠎ᠪᠠᠷ ᠳᠡᠷᠡ ᠪᠠᠰᠠ 《ᠬᠠᠶ᠋ᠢᠷ᠎ᠠ ᠪᠤᠯ ᠵᠠᠷᠴᠢᠮ ᠦᠭᠡᠢ᠎ᠪᠠᠷ ᠠ᠋ᠷᠭᠡᠯᠡᠬᠦᠯᠬᠦ ᠶᠠᠪᠤᠳᠠᠯ ᠪᠢᠰᠢ᠂ ᠬᠠᠷᠢᠨ ᠰᠠᠬᠢᠯᠭ᠎ᠠ ᠵᠢᠷᠤᠮ᠂ ᠶᠤᠰᠤ ᠮᠤᠷᠠᠯ᠎ᠤᠨ ᠪᠠᠷᠢᠮᠵᠢᠶ᠎ᠠ᠎ᠪᠠᠷ ᠬᠡᠦᠬᠡᠳ᠎ᠢ ᠱᠠᠭ᠋ᠠᠷᠳᠠᠵᠦ᠂ ᠬᠠᠮᠳᠤ ᠨᠠᠶ᠋ᠢᠳᠠ ᠵᠢᠨ ᠬᠦᠮᠦᠵᠢᠯ ᠵᠶ᠋ᠠᠷ ᠤᠴᠢᠵᠦ ᠬᠡᠦᠬᠡᠳ᠎ᠤᠨ ᠶᠤᠰᠤ ᠮᠤᠷᠠᠯ᠎ᠢ ᠬᠦᠮᠦᠵᠢᠬᠦᠯᠬᠦ᠎ᠨᠢ ᠴᠢᠬᠤᠯᠠ》 ᠭᠡᠵᠤ ᠰᠠᠨᠠᠭᠤᠯᠤᠭᠰᠠᠨ ᠶᠤᠮ᠃
      ᠤᠶᠤᠨ ᠤᠬᠠᠭ᠋ᠠᠨ᠎ᠤ ᠬᠦᠮᠦᠵᠢᠯ᠎ᠤᠨ ᠳᠠᠯ᠎ᠠ᠎ᠪᠠᠷ ᠰᠦᠬᠤᠮᠯᠢᠨ᠋ᠰᠺᠢ 《ᠠ᠋ᠨᠡ ᠳᠠᠯ᠎ᠠ ᠵᠢᠨ ᠬᠦᠮᠦᠵᠢᠯ᠎ᠤᠨ ᠮᠥᠨ ᠴᠢᠨᠠᠷ ᠪᠠ ᠠ᠋ᠬᠦᠷᠭᠡ᠎ᠠᠴᠠ ᠠᠪᠴᠦ ᠶᠠᠷᠢᠪᠠᠯ᠂ ᠬᠡᠦᠬᠡᠳ᠎ᠲᠤ ᠰᠢᠰᠲᠸᠮ᠎ᠲᠠᠢ ᠰᠢᠨᠵᠢᠯᠡᠬᠦ ᠤᠬᠠᠭ᠋ᠠᠨ᠎ᠤ ᠮᠡᠳᠡᠯᠭᠡ ᠤᠯᠭᠤᠬᠤ᠂ ᠰᠢᠨᠵᠢᠯᠡᠬᠦ ᠤᠬᠠᠭ᠋ᠠᠨᠴᠢ ᠶᠢᠷᠲᠢᠨᠴᠦ ᠵᠢᠨ ᠦᠵᠡᠯᠳᠡ ᠵᠢ ᠪᠦᠷᠢᠯᠳᠦᠬᠦᠯᠬᠦ᠂ ᠤᠶᠤᠨ ᠤᠬᠠᠭ᠋ᠠᠨ᠎ᠢ᠎ᠨᠢ ᠬᠦᠮᠦᠵᠢᠬᠦᠯᠬᠦ ᠵᠡᠷᠭᠡ ᠳᠠᠯ᠎ᠠ ᠵᠢ ᠪᠠᠭᠳᠠᠭ᠋ᠠᠳᠠᠭ᠃ ᠤᠶᠤᠨ ᠤᠬᠠᠭ᠋ᠠᠨ᠎ᠤ ᠬᠦᠮᠦᠵᠢᠯ ᠪᠤᠯ ᠮᠡᠳᠡᠯᠭᠡ ᠵᠢ ᠬᠦᠷᠳᠡᠭᠡᠬᠦ ᠶᠠᠪᠤᠴᠠ᠎ᠳᠤ ᠪᠡᠶᠡᠯᠡᠭᠳᠡᠳᠡᠭ᠂ ᠮᠡᠳᠡᠯᠭᠡ ᠤᠯᠠᠮᠵᠢᠯᠠᠭ᠍ᠤ᠎ᠪᠠᠷ ᠳᠠᠮᠵᠢᠭᠤᠯᠵᠦ ᠬᠡᠦᠬᠡᠳ᠎ᠤᠨ ᠰᠢᠨᠵᠢᠯᠡᠬᠦ ᠤᠬᠠᠭ᠋ᠠᠨᠴᠢ ᠶᠢᠷᠲᠢᠨᠴᠦ ᠵᠢᠨ ᠦᠵᠡᠯᠳᠡ ᠵᠢ ᠪᠦᠷᠢᠯᠳᠦᠬᠦᠯᠵᠦ ᠤᠶᠤᠨ ᠤᠬᠠᠭ᠋ᠠᠨ᠎ᠢ᠎ᠨᠢ ᠬᠦᠭᠵᠢᠬᠦᠯᠬᠦ ᠬᠡᠷᠡᠭᠳᠡᠢ》 ᠭᠡᠵᠤ ᠦᠵᠡᠳᠡᠭ᠃ ᠰᠦᠬᠤᠮᠯᠢᠨ᠋ᠰᠺᠢ ᠮᠡᠳᠡᠯᠭᠡ ᠪᠤᠯᠤᠨ ᠤᠶᠤᠨ ᠤᠬᠠᠭ᠋ᠠᠨ᠎ᠤ ᠬᠦᠮᠦᠵᠢᠯ᠎ᠢ ᠨᠢᠭᠡᠳᠭᠡᠬᠦ ᠵᠢ ᠴᠢᠬᠤᠯᠠᠴᠢᠯᠠᠳᠠᠭ ᠪᠦᠬᠡᠳ ᠬᠡᠦᠬᠡᠳ᠎ᠤᠨ ᠮᠡᠳᠡᠯᠭᠡ ᠦᠷᠭᠡᠨ ᠳᠡᠯᠬᠡᠷ ᠤᠶᠤᠨ ᠤᠬᠠᠭ᠋ᠠᠨ᠎ᠤ ᠰᠠᠭᠤᠷᠢ ᠳᠡᠭᠡᠷ᠎ᠡ ᠰᠠᠭᠤᠷᠢᠯᠠᠭ᠍ᠤ ᠬᠡᠷᠡᠭᠳᠡᠢ ᠭᠡᠵᠤ ᠳᠤᠷᠠᠳᠤᠨ᠂ ᠮᠠᠰᠢ ᠤᠯᠠᠨ ᠰᠢᠨ᠎ᠡ ᠳᠤᠷᠰᠢᠯᠭ᠎ᠠ ᠵᠢ ᠠ᠋ᠬᠦᠲᠦᠭᠰᠡᠨ ᠶᠤᠮ᠂ ᠠ᠋ᠬᠦᠨ᠎ᠳᠤ ᠬᠡᠦᠬᠡᠳ᠎ᠲᠤ ᠰᠡᠳᠬᠢᠴᠠ ᠵᠢᠨ ᠬᠢᠴᠢᠶᠡᠯ ᠳᠤᠬᠢᠷᠠᠭᠤᠯᠬᠤ᠂ ᠬᠢᠴᠢᠶᠠᠯ᠎ᠠᠴᠠ ᠭᠠᠳᠠᠭᠤᠷᠬᠢ ᠨᠤᠮ ᠤᠩᠰᠢᠯᠭ᠎ᠠ᠂ ᠬᠢᠴᠢᠶᠠᠯ᠎ᠠᠴᠠ ᠭᠠᠳᠠᠭᠤᠷᠬᠢ ᠬᠦᠳᠡᠯᠭᠡᠭᠡᠨ᠎ᠳᠤ ᠦᠪᠡᠷ᠎ᠤᠨ ᠳᠤᠷ᠎ᠠ ᠰᠤᠨᠢᠷᠬᠠᠯ᠂ ᠤᠷᠮ᠎ᠠ ᠪᠠᠬ᠎ᠠ᠎ᠠᠴᠠ᠎ᠪᠠᠨ ᠤᠷᠤᠯᠴᠠᠭ᠍ᠤ ᠵᠡᠷᠭᠡ   ᠪᠤᠢ᠃ ᠫᠠᠹᠯᠸᠱ᠌ᠢ ᠳᠤᠮᠳᠠᠳᠤ ᠰᠤᠷᠭ᠋ᠠᠭᠤᠯᠢ ᠵᠢᠨ ᠬᠡᠦᠬᠡᠳ ᠪᠤᠯᠭ᠋ᠠᠨ ᠦᠳᠡ ᠵᠢᠨ ᠬᠤᠶ᠋ᠢᠨ᠎ᠠ ᠵᠢᠨ ᠪᠦᠬᠦᠶ᠋ᠢᠯᠡ ᠴᠠᠭ ᠵᠶ᠋ᠠᠷ ᠬᠢᠴᠢᠶᠠᠯ᠎ᠠᠴᠠ ᠭᠠᠳᠠᠭᠤᠷᠬᠢ ᠡᠯ᠎ᠡ ᠵᠦᠢ᠍ᠯ᠎ᠤᠨ ᠬᠦᠳᠡᠯᠭᠡᠭᠡᠨ᠎ᠳᠤ ᠳᠤᠭᠤᠶ᠋ᠢᠯᠠᠩ ᠬᠤᠪᠢᠶᠠᠨ ᠤᠷᠤᠯᠴᠠᠳᠠᠭ ᠪᠦᠬᠡᠳ ᠵᠠᠭᠤ ᠭᠠᠷᠤᠢ ᠵᠢᠵᠢᠭ ᠳᠤᠭᠤᠶ᠋ᠢᠯᠠᠩ᠎ᠲᠠᠢ ᠪᠠᠶ᠋ᠢᠳᠠᠭ ᠪᠢᠯᠡ᠃
      ᠪᠡᠶ᠎ᠡ ᠳᠠᠮᠢᠷ᠎ᠤᠨ ᠬᠦᠮᠦᠵᠢᠯ᠎ᠤᠨ ᠳᠠᠯ᠎ᠠ᠎ᠪᠠᠷ ᠰᠦᠬᠤᠮᠯᠢᠨ᠋ᠰᠺᠢ 《ᠰᠤᠷᠭ᠋ᠠᠨ ᠬᠦᠮᠦᠵᠢᠯ᠎ᠤᠨ ᠠᠵᠢᠯᠳᠠᠳ᠎ᠤᠨ ᠳᠡᠷᠢᠬᠦᠨ ᠴᠢᠬᠤᠯᠠ ᠠᠵᠢᠯ ᠪᠤᠯ ᠬᠡᠦᠬᠡᠳ᠎ᠤᠨ ᠠ᠋ᠷᠡᠬᠦᠯ ᠮᠡᠨᠳᠤ ᠵᠢ ᠠᠩᠬᠠᠷᠬᠤ ᠶᠠᠪᠤᠳᠠᠯ ᠶᠤᠮ᠂ ᠬᠡᠦᠬᠡᠳ᠎ᠤᠨ ᠤᠶᠤᠨ ᠰᠠᠨᠠᠭ᠋ᠠᠨ᠎ᠤ ᠠᠮᠢᠳᠤᠷᠠᠯ᠂ ᠶᠢᠷᠲᠢᠨᠴᠦ ᠵᠢᠨ ᠦᠵᠡᠯᠳᠡ᠂ ᠤᠶᠤᠨ ᠤᠬᠠᠭ᠋ᠠᠨ᠎ᠤ ᠬᠦᠭᠵᠢᠯᠳᠡ᠂ ᠮᠡᠳᠡᠯᠭᠡ ᠵᠢᠨ ᠪᠠᠳᠤᠳᠬᠠᠯᠳᠠ ᠬᠢᠬᠡᠳ ᠦᠪᠡᠷ᠎ᠤᠨ ᠢᠳᠡᠭᠡᠯ ᠴᠦᠮ ᠳᠡᠳᠡᠨ᠎ᠤ ᠪᠠᠶᠠᠷ ᠬᠦᠷ᠂ ᠴᠤᠭ ᠵᠤᠯᠪᠤᠭ᠎ᠠ᠎ᠲᠠᠢ ᠠ᠋ᠰᠡᠬᠦ᠎ᠠᠴᠠ ᠰᠢᠢ᠍ᠳᠦᠭᠳᠡᠳᠡᠭ》 ᠭᠡᠰᠡᠨ ᠪᠠ 《ᠠ᠋ᠷᠡᠬᠦᠯ ᠮᠡᠨᠳᠦ᠂ ᠠ᠋ᠷᠡᠬᠦᠯ ᠮᠡᠨᠲᠦ᠂ ᠠ᠋ᠷᠡᠬᠦᠯ ᠮᠡᠨᠲᠦ ᠠᠯᠢᠪᠠ᠎ᠠᠴᠠ ᠴᠢᠬᠤᠯᠠ》 ᠭᠡᠵᠤ ᠤᠷᠢᠶᠠᠯᠠᠭᠰᠠᠨ ᠪᠢᠯᠡ᠃ ᠳᠡᠷᠡ ᠳᠤᠤᠷ᠎ᠡ ᠠᠩᠭᠢ ᠵᠢᠨ ᠬᠡᠦᠬᠡᠳ᠎ᠢ ᠭᠤᠷᠪᠠᠨ ᠴᠠᠭ᠎ᠠᠴᠠ ᠳᠡᠭᠡᠭᠰᠢ ᠬᠢᠴᠢᠶᠡᠯᠯᠡᠬᠦ ᠵᠢ ᠵᠦᠪᠰᠢᠶᠡᠷᠡᠳᠡᠭ ᠦᠭᠡᠢ ᠮᠦᠷᠳᠡᠭᠡᠨ 12~15 ᠨᠠᠰᠣᠨ᠎ᠤ ᠬᠡᠦᠬᠡᠳ ᠠ᠋ᠲᠦᠷ᠎ᠲᠤ ᠲᠦᠷᠪᠡ᠎ᠠᠴᠠ ᠳᠠᠪᠤᠨ ᠴᠠᠭ ᠭᠡᠷ᠎ᠤᠨ ᠳᠠᠭ᠋ᠠᠭ᠋ᠠᠯᠭ᠋ᠠᠪᠤᠷᠢ ᠬᠢᠬᠦ ᠵᠢ ᠴᠦ᠍ ᠠ᠋ᠰᠡᠷᠬᠦᠴᠡᠳᠡᠭ᠃ ᠳᠡᠭᠡᠭᠡᠳ ᠴᠦ᠍ ᠪᠠᠭᠰᠢ ᠪᠤᠯᠤᠨ ᠬᠡᠦᠬᠡᠳ᠎ᠢ ᠳᠠᠶ᠋ᠢᠴᠢᠯᠠᠨ ᠰᠤᠷᠭ᠋ᠠᠭᠤᠯᠢ ᠵᠢᠨ ᠬᠦᠷᠢᠶᠡᠨ᠎ᠳᠤ ᠮᠤᠳᠤ ᠴᠡᠴᠡᠭ ᠳᠠᠷᠢᠵᠦ ᠪᠠᠶ᠋ᠢᠭ᠋ᠠᠯᠢᠯᠢᠬ ᠴᠡᠴᠡᠷᠯᠢᠭ ᠪᠠᠶ᠋ᠢᠭᠤᠯᠬᠤ ᠵᠢ ᠬᠦᠬᠡᠬᠡᠴᠡᠯᠲᠦᠳᠡᠭ᠂ ᠠᠩᠭᠢ ᠵᠢᠨ ᠭᠡᠷ᠎ᠲᠤ ᠵᠤᠬᠢᠰᠳᠠᠢ ᠭᠡᠷᠡᠯ ᠳᠤᠬᠢᠷᠠᠭᠤᠯᠬᠤ ᠵᠢ ᠠᠩᠬᠠᠷᠤᠨ ᠰᠢᠷᠡᠭᠡ ᠰᠠᠨᠳᠠᠯᠢ᠎ᠪᠠᠨ ᠳᠤᠭᠳᠠᠮᠠᠯ ᠬᠤᠭᠤᠴᠠᠭ᠎ᠠ᠎ᠲᠠᠢ ᠪᠠᠶ᠋ᠢᠴᠠᠭ᠋ᠠᠵᠦ᠂ ᠬᠡᠦᠬᠡᠳ᠎ᠤᠨ ᠦᠰᠦᠯᠳᠡ ᠪᠤᠶ᠋ᠢᠵᠢᠯᠳᠠ᠎ᠳᠤ ᠵᠤᠬᠢᠴᠠᠵᠦ ᠪᠤᠢ ᠠ᠋ᠰᠡᠬᠦ ᠵᠢ ᠰᠢᠯᠭ᠋ᠠᠳᠠᠭ᠂ ᠮᠥᠨ ᠪᠠᠰᠠ ᠬᠡᠦᠬᠡᠳ᠎ᠤᠨ ᠬᠤᠭᠤᠯᠠ ᠤᠮᠳᠠ ᠰᠢᠮ᠎ᠡ ᠳᠡᠵᠢᠭᠡᠯ᠎ᠤᠨ ᠠᠰᠠᠭᠤᠳᠠᠯ᠎ᠢ ᠴᠠᠭ ᠳᠤᠬᠠᠢ᠎ᠳᠤ᠎ᠨᠢ ᠰᠢᠢ᠍ᠳᠪᠤᠷᠢᠯᠡᠳᠡᠭ᠃ ᠳᠡᠷᠡ ᠠᠷᠪᠠᠨ ᠳᠠᠪᠤᠨ ᠵᠢᠯ ᠰᠤᠳᠤᠯᠵᠦ ᠫᠠᠹᠯᠸᠱ᠌ᠢ ᠳᠤᠮᠳᠠᠳᠤ ᠰᠤᠷᠭ᠋ᠠᠭᠤᠯᠢ ᠵᠢᠨ ᠠᠵᠢᠯᠯᠠᠵᠦ ᠠᠮᠠᠷᠠᠭ᠍ᠤ ᠴᠠᠭ᠎ᠢ ᠰᠢᠨ᠎ᠡ᠎ᠪᠠᠷ ᠳᠤᠬᠢᠷᠠᠭᠤᠯᠤᠭ᠋ᠠᠳ᠂ ᠬᠡᠦᠬᠡᠳ᠎ᠤᠨ ᠠᠵᠢᠯᠯᠠᠵᠦ ᠬᠦᠳᠡᠯᠮᠤᠷᠢᠯᠡᠬᠦ ᠠᠮᠠᠷᠠᠵᠦ ᠰᠡᠷᠬᠦᠬᠦ ᠵᠢ ᠨᠡᠩ ᠵᠤᠬᠢᠰᠳᠠᠢ ᠪᠤᠯᠭ᠋ᠠᠭᠰᠠᠨ ᠶᠤᠮ᠃
      ᠭᠤᠸ᠎ᠠ ᠰᠠᠶ᠋ᠢᠬᠠᠨ᠎ᠤ ᠬᠦᠮᠦᠵᠢᠯ᠎ᠤᠨ ᠳᠠᠯ᠎ᠠ᠎ᠪᠠᠷ ᠰᠦᠬᠤᠮᠯᠢᠨ᠋ᠰᠺᠢ 《ᠭᠤᠸ᠎ᠠ ᠰᠠᠶ᠋ᠢᠬᠠᠨ ᠪᠤᠯ ᠰᠠᠶ᠋ᠢᠬᠠᠨ   ᠮᠤᠷᠠᠯ᠂ ᠠ᠋ᠯᠪᠡᠭ ᠤᠬᠠᠭ᠋ᠠᠨ ᠪᠠ ᠠ᠋ᠷᠡᠬᠦᠯ ᠴᠢᠬᠢᠷᠠᠭ᠎ᠤᠨ ᠬᠦᠴᠦᠳᠡᠢ ᠤᠨᠳᠤᠷᠤᠭ᠎ᠠ ᠪᠤᠯᠬᠤ ᠶᠤᠮ᠃ ᠬᠡᠦᠬᠡᠳ᠎ᠢ ᠬᠦᠮᠦᠵᠢᠬᠦᠯᠬᠦ ᠪᠦᠬᠦᠶ᠋ᠢᠯᠡ ᠶᠠᠪᠤᠴᠠ᠎ᠳᠤ ᠭᠤᠸ᠎ᠠ ᠰᠠᠶ᠋ᠢᠬᠠᠨ᠎ᠤ ᠬᠦᠮᠦᠵᠢᠯ᠎ᠢ ᠵᠠᠪᠠᠯ ᠴᠢᠩᠭ᠎ᠠ ᠠᠳᠬᠤᠬᠤ ᠬᠡᠷᠡᠭᠳᠡᠢ》 ᠭᠡᠵᠤ ᠵᠢᠭ᠋ᠠᠭᠰᠠᠨ ᠪᠠᠶ᠋ᠢᠳᠠᠭ᠃ ᠳᠡᠷᠡ ᠬᠡᠦᠬᠡᠳ᠎ᠤᠨ ᠭᠤᠸ᠎ᠠ ᠰᠠᠶ᠋ᠢᠬᠠᠨ᠎ᠤ ᠰᠡᠳᠬᠢᠯᠬᠡ ᠪᠠ ᠭᠤᠸ᠎ᠠ ᠰᠠᠶ᠋ᠢᠬᠠᠨ᠎ᠢ ᠴᠤᠭᠴᠠᠯᠠᠭ᠍ᠤ ᠰᠡᠳᠬᠢᠯ᠎ᠢ ᠬᠦᠮᠦᠵᠢᠬᠦᠯᠬᠦ ᠳᠤᠬᠠᠢ ᠤᠨᠴᠠᠭ᠋ᠠᠶ᠋ᠢᠯᠠᠨ ᠴᠢᠬᠤᠯᠠᠴᠢᠯᠠᠵᠦ᠂ ᠭᠤᠸ᠎ᠠ ᠰᠠᠶ᠋ᠢᠬᠠᠨ᠎ᠤ ᠬᠦᠮᠦᠵᠢᠯ᠎ᠢ ᠤᠯᠠᠨ ᠠᠷᠭ᠎ᠠ ᠵᠠᠮ ᠵᠶ᠋ᠠᠷ ᠪᠤᠢ ᠪᠤᠯᠭ᠋ᠠᠵᠦ ᠪᠤᠯᠳᠠᠭ ᠳᠤᠬᠠᠢ ᠳᠤᠷᠠᠳᠤᠭᠰᠠᠨ ᠶᠤᠮ᠃ ᠵᠢᠱ᠌ᠢᠶᠠᠯᠠᠪᠠᠯ᠂ ᠶᠡᠭᠡ ᠪᠠᠶ᠋ᠢᠭ᠋ᠠᠯᠢ ᠵᠢᠨ ᠭᠤᠸ᠎ᠠ ᠰᠠᠶ᠋ᠢᠬᠠᠨ᠎ᠢ ᠮᠡᠳᠡᠷᠡᠬᠦ᠂ ᠤᠳᠬ᠎ᠠ ᠤᠷᠠᠯᠢᠭ᠎ᠤᠨ ᠭᠤᠸ᠎ᠠ ᠰᠠᠶ᠋ᠢᠬᠠᠨ᠎ᠢ ᠰᠤᠨᠢᠷᠬᠠᠬᠤ᠂ ᠬᠦᠳᠡᠯᠮᠤᠷᠢ᠎ᠪᠠᠷ ᠳᠠᠮᠵᠢᠵᠦ ᠭᠤᠸ᠎ᠠ ᠰᠠᠶ᠋ᠢᠬᠠᠨ᠎ᠢ ᠴᠤᠭᠴᠠᠯᠠᠭ᠍ᠤ ᠪᠠ ᠴᠢᠨᠠᠭᠰᠢᠯᠠᠪᠠᠯ ᠬᠡᠦᠬᠡᠳ᠎ᠤᠨ ᠠ᠋ᠮᠦᠰᠭᠡᠯ ᠭᠤᠶᠤᠯᠠᠯ ᠪᠠ ᠬᠡᠪ ᠵᠠᠭᠪᠤᠷ᠎ᠤᠨ ᠭᠤᠸ᠎ᠠ ᠰᠠᠶ᠋ᠢᠬᠠᠨ ᠵᠡᠷᠭᠡ᠃ ᠶᠡᠷᠤᠩᠭᠡᠶ᠋ᠢᠯᠡᠪᠡᠯ ᠭᠤᠸ᠎ᠠ ᠰᠠᠶ᠋ᠢᠬᠠᠨ᠎ᠤ ᠬᠦᠮᠦᠵᠢᠯ᠎ᠢ ᠬᠡᠵᠢᠶ᠎ᠡ ᠬᠠᠮᠢᠭ᠎ᠠ ᠴᠦ᠍ ᠬᠢᠵᠦ ᠪᠤᠯᠳᠠᠭ ᠠᠵᠢ᠃
      ᠬᠦᠳᠡᠯᠮᠤᠷᠢ ᠵᠢᠨ ᠬᠦᠮᠦᠵᠢᠯ᠎ᠤᠨ ᠳᠤᠬᠠᠢ ᠰᠦᠬᠤᠮᠯᠢᠨ᠋ᠰᠺᠢ 《ᠬᠦᠳᠡᠯᠮᠤᠷᠢ᠎ᠠᠴᠠ ᠠᠩᠭᠢᠳᠠ ᠰᠤᠷᠭ᠋ᠠᠨ ᠬᠦᠮᠦᠵᠢᠯ ᠪᠤᠶᠤ ᠬᠦᠳᠡᠯᠮᠤᠷᠢ ᠤᠷᠤᠯᠴᠠᠭ᠍ᠤ ᠦᠭᠡᠢ᠎ᠪᠠᠷ ᠤᠷᠤᠰᠢᠬᠤ ᠰᠤᠷᠭ᠋ᠠᠨ ᠬᠦᠮᠦᠵᠢᠯ ᠭᠡᠵᠤ ᠪᠠᠶ᠋ᠢᠳᠠᠭ ᠦᠭᠡᠢ》 ᠭᠡᠵᠤ ᠳᠤᠳᠤᠷᠬᠠᠶ᠋ᠢᠯᠠᠭ᠋ᠠᠳ 《ᠨᠢᠬᠡ ᠬᠡᠦᠬᠡᠳ᠎ᠢ ᠭᠡᠷᠪᠡ ᠠᠷᠪᠠᠨ ᠵᠢᠯ᠎ᠤᠨ ᠲᠦᠷᠢᠮᠳᠤ ᠰᠤᠷᠭ᠋ᠠᠭᠤᠯᠢ᠎ᠳᠤ ᠵᠦᠪᠬᠡᠨ ᠰᠢᠨᠵᠢᠯᠡᠬᠦ ᠤᠬᠠᠭ᠋ᠠᠨ᠎ᠤ ᠮᠡᠳᠡᠯᠬᠡ ᠯᠡ ᠰᠤᠷᠭ᠋ᠠᠵᠦ᠂ ᠤᠭᠳᠤᠬᠠᠨ ᠴᠦ᠍ ᠬᠦᠳᠡᠯᠮᠤᠷᠢ᠎ᠳᠤ ᠤᠷᠤᠯᠴᠠᠭᠤᠯᠬᠤ ᠦᠭᠡᠢ᠎ᠪᠠᠷ ᠳᠡᠬᠦᠰᠭᠡᠴᠢᠬᠡᠬᠡᠳ ᠳᠠᠬᠢᠨ ᠬᠦᠷᠵᠠ ᠠᠳᠬᠤᠭᠤᠯᠵᠦ ᠬᠦᠳᠡᠯᠮᠤᠷᠢᠯᠡᠬᠦᠯᠬᠦ ᠬᠡᠪᠡᠯ ᠪᠦᠲᠦᠰᠢ ᠦᠭᠡᠢ ᠬᠡᠷᠡᠭ ᠪᠤᠯᠬᠤ᠎ᠨᠢ ᠮᠡᠳᠡᠭᠡᠵᠢ᠂ ᠶᠠᠭ᠋ᠠᠬᠢᠭ᠋ᠠᠳ ᠭᠡᠪᠡᠯ ᠠ᠋ᠨᠡ ᠠᠷᠪᠠᠨ ᠵᠢᠯ᠎ᠤᠨ ᠬᠤᠭᠤᠴᠠᠭ᠋ᠠᠨ᠎ᠳᠤ ᠬᠡᠦᠬᠡᠳ ᠨᠢᠬᠡᠨᠳᠡ ᠬᠦᠳᠡᠯᠮᠤᠷᠢ ᠪᠠ ᠠᠮᠢᠳᠤᠷᠠᠯ᠎ᠠᠴᠠ ᠳᠠᠰᠤᠷᠠᠭ᠋ᠠᠳ ᠤᠶᠤᠨ ᠤᠬᠠᠭ᠋ᠠᠨ᠎ᠨᠢ ᠬᠤᠭᠤᠰᠤᠷᠠᠴᠢᠬᠠᠭᠰᠠᠨ ᠳᠡᠳᠤᠢ ᠦᠭᠡᠢ᠂ ᠬᠦᠳᠡᠯᠮᠤᠷᠢ ᠵᠢᠨ ᠴᠢᠳᠠᠮᠵᠢ᠂ ᠠᠮᠢᠳᠤᠷᠠᠭ᠍ᠤᠢ ᠵᠢᠨ ᠪᠡᠯᠡᠳᠭᠡᠯ᠂ ᠨᠡᠩ ᠴᠢᠬᠤᠯᠠ᠎ᠨᠢ ᠬᠦᠳᠡᠯᠮᠤᠷᠢ ᠵᠢᠨ ᠰᠡᠳᠬᠢᠯᠬᠡ ᠬᠡᠳᠡᠭ ᠵᠤᠶ᠋ᠢᠯ ᠵᠶ᠋ᠠᠨ ᠠᠯᠳᠠᠴᠢᠬᠠᠭᠰᠠᠨ ᠪᠠᠶ᠋ᠢᠳᠠᠭ᠃ ᠠ᠋ᠨᠡ᠎ᠨᠢ ᠵᠠᠯᠠᠭᠤ ᠨᠢᠬᠡ ᠦᠶ᠎ᠡ ᠵᠢᠨ᠎ᠬᠢᠨ᠎ᠳᠤ ᠳᠠᠯᠪᠢᠭᠰᠠᠨ ᠨᠠᠶ᠋ᠢᠬᠡᠮ᠎ᠤᠨ ᠨᠠᠶ᠋ᠢᠳᠠᠯᠭ᠎ᠠ᠂ ᠵᠠᠯᠠᠭᠤ ᠪᠠᠭ᠋ᠠᠴᠤᠳ᠎ᠤᠨ ᠦᠪᠡᠷᠮᠢᠴᠠ ᠴᠢᠨᠠᠷ᠎ᠤᠨ ᠬᠦᠭᠵᠢᠯᠳᠡ ᠵᠡᠷᠭᠡ ᠳᠠᠯ᠎ᠠ᠎ᠪᠠᠷ ᠴᠦᠮ ᠢᠯᠠᠭᠳᠠᠭᠰᠠᠨ ᠤᠴᠢᠷ ᠪᠤᠯᠬᠤ ᠶᠤᠮ》 ᠭᠡᠵᠤ ᠬᠡᠯᠡᠭᠰᠡᠨ ᠪᠢᠯᠡ᠃ ᠰᠦᠬᠤᠮᠯᠢᠨ᠋ᠰᠺᠢ ᠢᠩᠬᠢᠵᠦ ᠰᠤᠷᠭ᠋ᠠᠨ ᠬᠦᠮᠦᠵᠢᠯ᠎ᠤᠨ ᠦᠢ᠍ᠯᠡᠳᠦᠯᠭᠡ᠎ᠳᠤ᠎ᠬᠢ ᠬᠦᠳᠡᠯᠮᠤᠷᠢ ᠵᠢᠨ ᠦᠢ᠍ᠯᠡᠳᠤᠯ᠎ᠢ ᠤᠨᠴᠠᠭ᠋ᠠᠶ᠋ᠢᠯᠠᠨ ᠴᠢᠬᠤᠯᠠᠴᠢᠯᠠᠳᠠᠭ ᠪᠠᠶ᠋ᠢᠭᠰᠠᠨ ᠠᠵᠢ᠃
     2. ᠵᠢᠭ᠋ᠠᠨ ᠰᠤᠷᠭ᠋ᠠᠯᠳᠠ ᠵᠢᠨ ᠳᠤᠬᠠᠢ ᠦᠬᠦᠯᠡᠭᠰᠡᠨ᠎ᠨᠢ
      ᠰᠦᠬᠤᠮᠯᠢᠨ᠋ᠰᠺᠢ ᠵᠢᠨ ᠪᠦᠲᠦᠬᠡᠯ᠎ᠳᠤ ᠵᠢᠭ᠋ᠠᠨ ᠰᠤᠷᠭ᠋ᠠᠯᠳᠠ ᠵᠢᠨ ᠦᠨᠳᠤᠰᠣᠨ ᠤᠨᠤᠯ᠎ᠤᠨ ᠳᠤᠬᠠᠢ     ᠦᠬᠦᠯᠡᠮᠵᠢ᠂ ᠵᠢᠭ᠋ᠠᠨ ᠰᠤᠷᠭ᠋ᠠᠯᠳᠠ ᠵᠢᠨ ᠡᠯ᠎ᠡ ᠳᠠᠯ᠎ᠠ᠎ᠳᠤ᠎ᠬᠢ ᠳᠤᠷᠰᠢᠯᠭ᠎ᠠ ᠪᠠ ᠵᠦᠪᠯᠡᠯᠭᠡ ᠪᠠᠶ᠋ᠢᠳᠠᠭ ᠪᠦᠬᠡᠳ ᠶᠡᠷᠤᠩᠭᠡᠢ᠎ᠳᠤ᠎ᠪᠠᠨ ᠨᠢᠬᠡ ᠲᠦᠬᠦᠷ ᠨᠠᠯᠢᠶᠠᠳ ᠳᠡᠬᠦᠯᠳᠡᠷ ᠵᠢᠭ᠋ᠠᠨ ᠰᠤᠷᠭ᠋ᠠᠯᠳᠠ ᠵᠢᠨ ᠤᠨᠤᠯ᠎ᠢ ᠴᠤᠭᠴᠠᠯᠠᠭᠰᠠᠨ ᠪᠠᠶ᠋ᠢᠳᠠᠭ᠃ ᠳᠡᠷᠡ ᠤᠶᠤᠨ ᠤᠬᠠᠭ᠋ᠠᠨ᠎ᠤ ᠬᠦᠮᠦᠵᠢᠯ᠎ᠤᠨ ᠦᠨᠳᠤᠰᠣᠨ ᠠ᠋ᠬᠦᠷᠭᠡ᠎ᠠᠴᠠ ᠭᠠᠷᠳᠠᠵᠦ ᠵᠢᠭ᠋ᠠᠨ ᠰᠤᠷᠭ᠋ᠠᠯᠳᠠ ᠵᠢᠨ ᠶᠠᠪᠤᠴᠠ᠎ᠳᠤ᠎ᠬᠢ ᠬᠤᠶᠠᠷ ᠵᠦᠷᠢᠴᠠᠯ᠂ ᠳᠠᠷᠤᠢ ᠵᠢᠭ᠋ᠠᠨ ᠰᠤᠷᠭ᠋ᠠᠯᠳᠠ — ᠰᠤᠷᠭ᠋ᠠᠨ ᠬᠦᠮᠦᠵᠢᠯ᠂ ᠵᠢᠭ᠋ᠠᠨ ᠰᠤᠷᠭ᠋ᠠᠯᠳᠠ — ᠬᠦᠭᠵᠢᠯᠳᠡ ᠵᠢ ᠵᠦᠪ ᠰᠢᠢ᠍ᠳᠪᠤᠷᠢᠯᠡᠬᠦ ᠬᠡᠷᠡᠭᠳᠡᠢ᠂ ᠵᠦᠷᠢᠴᠠᠯ᠎ᠤᠨ ᠬᠤᠪᠢᠰᠤᠩᠭᠤᠢ ᠨᠢᠬᠡᠳᠤᠮᠡᠯ ᠶᠠᠪᠤᠴᠠ ᠳᠤᠮᠳᠠ ᠬᠠᠷᠠᠯᠳᠠ᠎ᠪᠠᠨ ᠪᠡᠶᠡᠯᠡᠬᠦᠯᠵᠦ᠂ ᠡᠪ ᠵᠦᠢ᠍ᠳᠠᠢ ᠬᠦᠭᠵᠢᠯᠳᠡ ᠵᠢᠨ ᠶᠡᠷᠤᠩᠭᠡᠢ ᠠ᠋ᠬᠦᠷᠭᠡ᠎ᠪᠠᠨ ᠬᠦᠢ᠍ᠴᠡᠳᠬᠡᠬᠦ ᠬᠡᠷᠡᠭᠳᠡᠢ ᠭᠡᠵᠤ ᠱᠠᠭ᠋ᠠᠷᠳᠠᠭᠰᠠᠨ ᠪᠢᠯᠡ᠃ ᠵᠢᠭ᠋ᠠᠨ ᠰᠤᠷᠭ᠋ᠠᠯᠳᠠ - ᠰᠤᠷᠭ᠋ᠠᠨ ᠬᠦᠮᠦᠵᠢᠯ᠎ᠤᠨ ᠨᠢᠬᠡᠳᠤᠯ᠎ᠤᠨ ᠳᠤᠬᠠᠢ ᠰᠦᠬᠤᠮᠯᠢᠨ᠋ᠰᠺᠢ ᠰᠤᠷᠭ᠋ᠠᠨ ᠬᠦᠮᠦᠵᠢᠯ᠎ᠤᠨ ᠰᠢᠨᠵᠢ᠎ᠲᠠᠢ ᠵᠢᠭ᠋ᠠᠨ ᠰᠤᠷᠭ᠋ᠠᠯᠳᠠ ᠵᠢᠨ ᠵᠠᠷᠴᠢᠮ᠎ᠢ ᠳᠤᠷᠠᠳᠤᠨ᠂ ᠠ᠋ᠨᠡ ᠬᠦ᠌ ᠵᠠᠷᠴᠢᠮ᠎ᠨᠢ ᠶᠢᠷᠲᠢᠨᠴᠦ ᠵᠢᠨ ᠦᠵᠡᠯᠳᠡ ᠵᠢᠨ ᠬᠦᠮᠦᠵᠢᠯ᠂ ᠶᠤᠰᠤ ᠮᠤᠷᠠᠯ᠎ᠤᠨ ᠬᠦᠮᠦᠵᠢᠯ᠎ᠢ ᠴᠦ᠍ ᠰᠢᠨᠵᠢᠯᠡᠬᠦ ᠤᠬᠠᠭ᠋ᠠᠨ᠎ᠤ ᠮᠡᠳᠡᠯᠭᠡ ᠵᠢᠨ ᠵᠢᠭ᠋ᠠᠨ ᠰᠤᠷᠭ᠋ᠠᠯᠳᠠ ᠵᠢᠨ ᠶᠠᠪᠤᠴᠠ᠎ᠳᠤ ᠲᠤᠭᠤᠰᠢᠯᠠᠭᠤᠯᠬᠤ ᠵᠢ ᠱᠠᠭ᠋ᠠᠷᠳᠠᠳᠠᠭ ᠬᠡᠵᠦ ᠵᠢᠭ᠋ᠠᠵᠦ ᠭᠠᠷᠭ᠋ᠠᠭᠰᠠᠨ ᠶᠤᠮ᠃ ᠳᠡᠷᠡ ᠰᠤᠷᠭ᠋ᠠᠨ ᠬᠦᠮᠦᠵᠢᠯ᠎ᠢ ᠰᠤᠷᠤᠯᠴᠠᠯᠭ᠎ᠠ ᠪᠤᠯᠤᠨ ᠪᠤᠯᠪᠠᠰᠣᠷᠠᠯ᠎ᠠᠴᠠ ᠰᠠᠯᠭ᠋ᠠᠬᠤ ᠵᠢ ᠠ᠋ᠷᠡᠰ ᠠ᠋ᠰᠡᠷᠬᠦᠴᠡᠳᠡᠭ᠂ ᠶᠠᠭ ᠠ᠋ᠬᠦᠨ ᠳᠡᠭᠡᠷ᠎ᠡ᠎ᠠᠴᠠ ᠳᠡᠬᠦᠨ᠎ᠢ ᠵᠢᠭ᠋ᠠᠨ ᠰᠤᠷᠭ᠋ᠠᠯᠳᠠ᠂ ᠰᠤᠷᠭ᠋ᠠᠨ ᠬᠦᠮᠦᠵᠢᠯ ᠪᠠ ᠪᠤᠯᠪᠠᠰᠣᠷᠠᠯ᠎ᠢ ᠨᠢᠬᠡᠳᠭᠡᠬᠦ ᠵᠢ ᠳᠡᠮᠵᠢᠳᠡᠭ ᠬᠡᠭᠴᠢ ᠵᠢ ᠦᠵᠡᠵᠦ ᠭᠠᠷᠴᠦ ᠪᠤᠯᠳᠠᠭ᠃
      ᠵᠢᠭ᠋ᠠᠨ ᠰᠤᠷᠭ᠋ᠠᠯᠳᠠ — ᠬᠦᠭᠵᠢᠯᠳᠡ ᠵᠢ ᠨᠢᠬᠡᠳᠭᠡᠬᠦ ᠳᠤᠬᠠᠢ᠃ ᠳᠡᠷᠡ ᠠ᠋ᠩ ᠳᠡᠷᠢᠬᠦᠨ᠎ᠳᠤ ᠪᠠᠭᠰᠢ ᠪᠤᠯᠤᠨ ᠬᠡᠦᠬᠡᠳ ᠵᠢᠭ᠋ᠠᠨ ᠰᠤᠷᠭ᠋ᠠᠯᠳᠠ᠎ᠪᠠᠷ ᠳᠠᠮᠵᠢᠵᠦ ᠮᠡᠳᠡᠯᠭᠡ ᠵᠢ ᠪᠦᠲᠦᠮᠵᠢᠳᠡᠢ ᠤᠯᠠᠮᠵᠢᠯᠠᠭ᠍ᠤ ᠪᠠ ᠬᠦᠷᠳᠡᠬᠦ ᠵᠢ ᠴᠢᠬᠤᠯᠠᠴᠢᠯᠠᠵᠦ᠂ ᠮᠡᠳᠡᠯᠬᠡ᠎ᠲᠠᠢ ᠬᠦᠮᠦᠨ ᠪᠤᠯ ᠰᠠᠶᠢ ᠵᠢᠩᠭᠢᠨᠢ ᠵᠤᠯ ᠵᠢᠷᠭ᠋ᠠᠯ᠎ᠲᠠᠢ ᠬᠦᠮᠦᠨ ᠪᠤᠯᠵᠦ ᠴᠢᠳᠠᠳᠠᠭ ᠭᠡᠵᠤ ᠦᠵᠡᠳᠡᠭ᠂ ᠳᠠᠬᠢᠪᠠᠯ ᠮᠡᠳᠡᠯᠬᠡ ᠵᠢ ᠯᠡ ᠤᠯᠠᠮᠵᠢᠯᠠᠭ᠋ᠠᠳ ᠤᠶᠤᠨ ᠤᠬᠠᠭ᠋ᠠᠨ᠎ᠤ ᠬᠦᠮᠦᠵᠢᠯ᠎ᠢ ᠤᠮᠳᠤᠭ᠋ᠠᠶ᠋ᠢᠯᠠᠳᠠᠭ ᠵᠢᠭ᠋ᠠᠨ ᠰᠤᠷᠭ᠋ᠠᠯᠳᠠ ᠵᠢ ᠠ᠋ᠷᠡᠰ ᠠ᠋ᠰᠡᠷᠬᠦᠴᠡᠳᠡᠭ᠃ ᠳᠡᠷᠡ᠎ᠪᠠᠷ 《ᠪᠠᠭᠰᠢ ᠪᠤᠯᠤᠭᠰᠠᠳ ᠶᠡᠷᠦ᠎ᠨᠢ ᠠ᠋ᠯᠳᠡᠪ ᠵᠦᠢ᠍ᠯ᠎ᠤᠨ ᠤᠭ ᠶᠤᠰᠣ᠂ ᠳ᠋ᠦᠩᠨᠡᠯᠳᠡ ᠪᠠ ᠵᠦᠢ᠍ᠴᠢᠯᠠᠯ ᠵᠶ᠋ᠠᠷ ᠬᠡᠦᠬᠡᠳ᠎ᠤᠨ ᠳᠠᠷᠢᠬᠢ ᠵᠢ ᠲᠦᠬᠦᠷᠭᠡᠴᠢᠬᠡᠬᠡᠳ ᠰᠡᠳᠬᠢᠬᠦᠢ ᠪᠠ ᠠᠮᠢᠳᠤ ᠬᠡᠯᠡᠨ᠎ᠤ ᠠ᠋ᠬᠢ ᠪᠤᠯᠠᠭ᠎ᠢ᠎ᠨᠢ ᠬᠢᠵᠠᠭ᠋ᠠᠷᠯᠠᠴᠢᠬᠠᠳᠠᠭ᠂ ᠠ᠋ᠨᠡ᠎ᠨᠢ ᠬᠡᠦᠬᠡᠳ᠎ᠤᠨ ᠲᠦᠷᠰᠦᠯᠡᠨ ᠪᠤᠳᠤᠯᠳᠠ ᠪᠠ ᠠ᠋ᠬᠦᠲᠦᠨ ᠪᠦᠲᠦᠭᠡᠯᠳᠡ ᠵᠢᠨ ᠳᠠᠯᠠᠪᠴᠢ ᠵᠢ ᠬᠦᠯᠢᠴᠢᠬᠡᠭᠰᠡᠨ᠎ᠲᠠᠢ ᠠᠳᠠᠯᠢᠬᠠᠨ ᠶᠤᠮ᠂ ᠢᠩᠭᠢᠭᠡᠳ ᠯᠡ ᠴᠤᠭ ᠵᠤᠯᠪᠤᠭ᠎ᠠ᠎ᠲᠠᠢ᠂ ᠢᠳᠡᠪᠬᠢᠳᠡᠢ ᠦᠷᠨᠢᠬᠦᠨ ᠪᠠᠶ᠋ᠢᠭᠰᠠᠨ ᠬᠡᠦᠬᠡᠳ ᠠᠷᠭ᠎ᠠ ᠦᠭᠡᠢ ᠴᠡᠭᠡᠵᠢᠯᠡᠬᠦ ᠮᠠᠰᠢᠨ ᠰᠢᠬ ᠪᠤᠯᠴᠢᠬᠠᠳᠠᠭ ᠪᠢᠯᠡ》 ᠭᠡᠵᠤ ᠬᠡᠯᠡᠭᠰᠡᠨ ᠶᠤᠮ᠃ ᠳᠡᠶ᠋ᠢᠨ ᠬᠦ᠌ ᠪᠠᠰᠠ ᠪᠠᠭᠰᠢ ᠪᠤᠯᠤᠭᠰᠠᠳ᠎ᠲᠤ ᠬᠡᠦᠬᠡᠳ᠎ᠤᠨ ᠰᠤᠷᠴᠦ ᠮᠡᠳᠡᠬᠦ ᠬᠦᠰᠡᠯ᠎ᠢ ᠬᠦᠭᠵᠢᠬᠡᠬᠦ᠂ ᠬᠢᠴᠢᠶᠠᠯ ᠵᠶ᠋ᠠᠨ ᠰᠤᠨᠢᠷᠬᠠᠯᠳᠠᠢ᠂ ᠲᠦᠷᠰᠦᠯᠢᠭ᠂ ᠠᠮᠢᠳᠤᠯᠢᠭ ᠵᠢᠭ᠋ᠠᠬᠤ ᠵᠢ ᠱᠠᠭ᠋ᠠᠷᠳᠠᠨ᠂ 《ᠮᠡᠳᠡᠯᠬᠡ ᠴᠢᠳᠬᠤᠬᠤ》 ᠵᠢ ᠳᠡᠪᠴᠢᠨ ᠬᠦᠳᠡᠯᠦᠩᠭᠦᠢ ᠰᠡᠳᠬᠢᠬᠦᠯᠬᠦ ᠵᠢ ᠬᠦᠬᠢᠬᠡᠵᠦ᠂ ᠵᠢᠩᠭᠢᠨᠢ ᠰᠤᠷᠭ᠋ᠠᠭᠤᠯᠢ ᠪᠤᠯ ᠢᠳᠡᠪᠬᠢᠳᠡᠢ ᠰᠡᠳᠬᠢᠬᠦ ᠴᠢᠯᠦᠬᠡᠲᠦ ᠬᠦᠷᠦᠨ ᠮᠥᠨ ᠭᠡᠬᠦ ᠦᠨᠳᠦᠷᠴᠡ᠎ᠳᠤ ᠬᠦᠷᠬᠦ ᠬᠡᠷᠡᠭᠳᠡᠢ ᠭᠡᠵᠤ ᠢᠯᠡᠷᠭᠡᠶ᠋ᠢᠯᠡᠭᠰᠡᠨ ᠪᠢᠯᠡ᠃
     《ᠵᠢᠭ᠋ᠠᠨ ᠰᠤᠷᠭ᠋ᠠᠯᠳᠠ ᠵᠢᠨ ᠬᠤᠶᠠᠷ ᠲᠦᠬᠦᠷ ᠬᠦᠲᠦᠯᠪᠤᠷᠢ》 ᠵᠢᠨ ᠳᠤᠬᠠᠢ᠄ ᠰᠦᠬᠤᠮᠯᠢᠨ᠋ᠰᠺᠢ᠂ ᠪᠠᠭᠰᠢ ᠪᠤᠯᠤᠭᠰᠠᠳ ᠤᠯᠤᠰ᠎ᠠᠴᠠ ᠳᠤᠭᠳᠠᠭ᠋ᠠᠭᠰᠠᠨ ᠵᠢᠭ᠋ᠠᠨ ᠰᠤᠷᠭ᠋ᠠᠯᠳᠠ ᠵᠢᠨ ᠬᠦᠲᠤᠯᠪᠤᠷᠢ ᠵᠢ ᠪᠠᠷᠢᠮᠳᠠᠯᠠᠭ᠍ᠤ ᠵᠢᠨ ᠳᠠᠭ᠋ᠠᠤ ᠳᠤᠳᠤᠷ᠎ᠡ᠎ᠪᠠᠨ ᠪᠠᠰᠠ ᠨᠢᠬᠡ ᠲᠦᠬᠦᠷ 《ᠬᠤᠶᠠᠳᠡᠬᠢ ᠬᠦᠳᠤᠯᠪᠤᠷᠢ》 ᠪᠡᠯᠡᠳᠭᠡᠵᠦ᠂ ᠳᠡᠬᠦᠨ ᠵᠶ᠋ᠠᠷ ᠬᠡᠦᠬᠡᠳ᠎ᠤᠨ ᠬᠢᠴᠢᠶᠠᠯ᠎ᠠᠴᠠ ᠭᠠᠳᠠᠭᠤᠷᠬᠢ ᠤᠩᠰᠢᠯᠭ᠎ᠠ ᠵᠢ ᠵᠢᠯᠤᠭᠤᠳᠤᠨ ᠬᠠᠷᠠᠭ᠎ᠠ ᠵᠢ᠎ᠨᠢ ᠨᠡᠭᠡᠬᠡᠵᠦ ᠦᠪᠡᠷ ᠵᠶ᠋ᠠᠨ ᠰᠤᠷᠬᠤ ᠴᠢᠳᠠᠪᠤᠷᠢ ᠵᠢ᠎ᠨᠢ ᠬᠦᠮᠦᠵᠢᠬᠦᠯᠬᠦ ᠬᠡᠷᠡᠭᠳᠡᠢ ᠭᠡᠵᠤ ᠳᠤᠷᠠᠳᠤᠭᠰᠠᠨ ᠶᠤᠮ᠃ ᠮᠥᠨ ᠪᠠᠰᠠ ᠪᠠᠭᠰᠢ ᠪᠤᠯᠤᠭᠰᠠᠳ ᠦᠪᠡᠷ᠎ᠤᠨ ᠵᠢᠭ᠋ᠠᠵᠦ ᠪᠤᠢ ᠬᠢᠴᠢᠶᠠᠯ ᠲᠦᠷᠦᠯ᠎ᠳᠤ᠎ᠪᠠᠨ ᠨᠡᠪᠳᠡᠷᠡᠭᠰᠡᠨ ᠪᠠᠶ᠋ᠢᠬᠤ ᠵᠢ ᠱᠠᠭ᠋ᠠᠷᠳᠠᠵᠦ᠂ ᠨᠢᠬᠡᠨ ᠰᠢᠯᠢᠳᠡᠭ ᠪᠠᠭᠰᠢ ᠵᠢᠨ ᠮᠡᠳᠡᠳᠡᠭ ᠵᠤᠶ᠋ᠢᠯᠠᠰ ᠬᠦᠲᠦᠯᠪᠤᠷᠢ᠎ᠳᠤ ᠳᠤᠭᠳᠠᠭ᠋ᠠᠭᠰᠠᠨ ᠠᠭᠤᠯᠭ᠎ᠠ᠎ᠠᠴᠠ ᠬᠡᠴᠢᠨᠡᠬᠡᠨ ᠳᠠᠬᠢᠨ ᠢᠯᠡᠬᠦᠦ ᠪᠠᠶ᠋ᠢᠬᠤ ᠬᠡᠷᠡᠭᠳᠡᠢ᠂ ᠬᠢᠴᠢᠶᠠᠯ ᠲᠦᠷᠦᠯ᠎ᠨᠢ ᠳᠡᠬᠦᠨ᠎ᠳᠤ ᠠᠪᠴᠦ ᠬᠡᠯᠡᠪᠡᠯ ᠠ᠋ᠨᠡ ᠬᠦ᠌ ᠰᠢᠨᠵᠢᠯᠡᠬᠡᠨ᠎ᠤ ᠰᠠᠯᠠᠭ᠋ᠠᠨ᠎ᠤ ᠦᠨᠳᠤᠰᠣᠨ ᠮᠡᠳᠡᠯᠬᠡ ᠯᠡ ᠪᠠᠶ᠋ᠢᠬᠤ ᠶᠤᠰᠤᠳᠠᠢ᠂ ᠬᠦᠨ ᠶᠡᠭᠡ ᠠ᠋ᠷᠳᠡᠮ ᠮᠡᠳᠡᠯᠭᠡ ᠪᠤᠯ ᠬᠡᠦᠬᠡᠳ᠎ᠤᠨ ᠤᠷᠮ᠎ᠠ ᠵᠢ ᠬᠦᠭᠵᠢᠬᠡᠵᠦ ᠰᠤᠷᠴᠦ ᠮᠡᠳᠡᠬᠦ ᠵᠢᠨ ᠬᠦᠰᠡᠯ᠎ᠢ ᠠᠰᠠᠭ᠋ᠠᠬᠤ ᠠᠨᠢᠰᠤ ᠪᠤᠯᠬᠤ ᠶᠤᠮ ᠭᠡᠵᠤ ᠵᠢᠭ᠋ᠠᠭᠰᠠᠨ ᠪᠢᠯᠡ᠃
      ᠠ᠋ᠭᠦᠨ᠎ᠠᠴᠠ ᠭᠠᠳᠠᠨ᠎ᠠ᠂ ᠳᠡᠷᠡ ᠪᠠᠰᠠ ᠵᠢᠭ᠋ᠠᠨ ᠰᠤᠷᠭ᠋ᠠᠯᠳᠠ ᠵᠢᠨ ᠠ᠋ᠬᠦᠷᠭᠡ᠂ ᠵᠢᠭ᠋ᠠᠨ ᠰᠤᠷᠭ᠋ᠠᠯᠳᠠ ᠵᠢᠨ ᠵᠠᠷᠴᠢᠮ ᠪᠠ ᠠᠷᠭ᠎ᠠ ᠵᠡᠷᠭᠡ ᠳᠠᠯ᠎ᠠ᠎ᠪᠠᠷ ᠤᠯᠠᠨ ᠵᠦᠢ᠍ᠯ᠎ᠢ ᠦᠬᠦᠯᠡᠭᠰᠡᠨ ᠪᠠᠶ᠋ᠢᠳᠠᠭ᠃
     3. ᠰᠤᠷᠭ᠋ᠠᠭᠤᠯᠢ ᠵᠢᠨ ᠬᠠᠮᠢᠶᠠᠷᠤᠯᠳᠠ ᠵᠢᠨ ᠳᠤᠬᠠᠢ ᠦᠬᠦᠯᠡᠭᠰᠡᠨ᠎ᠨᠢ
      ᠰᠦᠬᠤᠮᠯᠢᠨ᠋ᠰᠺᠢ 1948 ᠤᠨ᠎ᠠᠴᠠ 1970 ᠤᠨ ᠪᠤᠯᠳᠠᠯ᠎ᠠ ᠫᠠᠹᠯᠸᠱ᠌ᠢ ᠳᠤᠮᠳᠠᠳᠤ ᠰᠤᠷᠭ᠋ᠠᠭᠤᠯᠢ ᠵᠢᠨ ᠵᠠᠬᠢᠷᠤᠯ ᠵᠶ᠋ᠠᠷ ᠠᠵᠢᠯᠯᠠᠭ᠍ᠤ᠎ᠳᠤ᠎ᠪᠠᠨ ᠰᠤᠷᠭ᠋ᠠᠭᠤᠯᠢ ᠵᠢᠨ ᠬᠠᠮᠢᠶᠠᠷᠤᠯᠳᠠ ᠵᠢᠨ ᠳᠠᠯ᠎ᠠ᠎ᠪᠠᠷ ᠠ᠋ᠯᠪᠡᠭ ᠳᠤᠷᠰᠢᠯᠭ᠎ᠠ ᠬᠤᠷᠠᠮᠳᠤᠭᠤᠯᠤᠭᠰᠠᠨ ᠶᠤᠮ᠂ ᠳᠡᠬᠦᠨ᠎ᠤ ᠳᠤᠳᠤᠷ᠎ᠡ ᠳᠤᠯᠢ ᠪᠤᠯᠬᠤ ᠵᠤᠶ᠋ᠢᠯ ᠤᠯᠠᠨ ᠪᠠᠶ᠋ᠢᠳᠠᠭ᠃
      ᠳᠡᠷᠡ᠂ ᠵᠠᠬᠢᠷᠤᠯ ᠦᠪᠡᠷ ᠵᠶ᠋ᠠᠨ ᠢᠪᠴᠤᠤ ᠠᠯᠪᠠᠨ᠎ᠳᠤ ᠪᠠᠷᠢᠭᠳᠠᠵᠦ ᠨᠤᠶᠠᠨᠴᠢ ᠵᠠᠩ ᠭᠠᠷᠭ᠋ᠠᠨ ᠵᠠᠷᠯᠢᠭᠳᠠᠭ᠍ᠤ ᠵᠢ ᠴᠡᠭᠡᠷᠯᠡᠬᠦ ᠬᠡᠷᠡᠭᠳᠡᠢ ᠭᠡᠵᠤ ᠦᠵᠡᠳᠡᠭ ᠪᠦᠬᠡᠳ 《ᠰᠤᠷᠭ᠋ᠠᠭᠤᠯᠢ ᠵᠢ ᠤᠳᠤᠷᠢᠳᠬᠤ᠎ᠳᠤ ᠠ᠋ᠩ ᠳᠡᠷᠢᠬᠦᠨ᠎ᠳᠤ ᠰᠤᠷᠭ᠋ᠠᠨ ᠬᠦᠮᠦᠵᠢᠯ᠎ᠤᠨ ᠦᠵᠡᠯ ᠰᠠᠨᠠᠭ᠎ᠠ ᠵᠢ ᠤᠳᠤᠷᠢᠳᠬᠤ ᠬᠡᠷᠡᠭᠳᠡᠢ᠂ ᠳᠠᠷᠠᠭ᠋ᠠᠯᠠᠪᠠᠯ ᠰᠠᠶᠢ ᠵᠠᠰᠠᠭ ᠵᠠᠬᠢᠷᠭ᠋ᠠᠨ᠎ᠤ ᠤᠳᠤᠷᠢᠳᠤᠯᠭ᠎ᠠ ᠪᠤᠯᠤᠨ᠎ᠠ》 ᠭᠡᠵᠤ ᠬᠡᠯᠡᠭᠰᠡᠨ ᠶᠤᠮ᠃ ᠳᠡᠷᠡ 《ᠰᠠᠶ᠋ᠢᠨ ᠵᠠᠬᠢᠷᠤᠯ ᠪᠤᠯᠤᠶ᠎ᠠ ᠭᠡᠪᠡᠯ ᠵᠠᠪᠠᠯ ᠤᠷᠢᠳᠠᠪᠠᠷ ᠰᠠᠶ᠋ᠢᠨ ᠪᠠᠭᠰᠢ ᠪᠠᠶ᠋ᠢᠬᠤ ᠬᠡᠷᠡᠭᠳᠡᠢ》 ᠭᠡᠵᠤ ᠵᠢᠭ᠋ᠠᠵᠦ ᠭᠠᠷᠭ᠋ᠠᠭ᠋ᠠᠳ᠂ ᠦᠪᠡᠷ ᠵᠶ᠋ᠠᠨ ᠬᠡᠯᠡ ᠪᠢᠴᠢᠭ ᠵᠢᠭ᠋ᠠᠨ ᠠᠩᠭᠢ ᠵᠢᠨ ᠠ᠋ᠷᠬᠢᠯᠡᠭᠴᠢ᠎ᠪᠠᠷ ᠠᠵᠢᠯᠯᠠᠵᠦ ᠠ᠋ᠲᠦᠷ ᠪᠦᠷᠢ ᠬᠢᠴᠢᠶᠠᠯ ᠰᠤᠨᠤᠰᠬᠤ ᠵᠢ ᠪᠠᠷᠢᠮᠳᠠᠯᠠᠳᠠᠭ᠃ 《ᠠ᠋ᠲᠦᠷ ᠪᠦᠷᠢ ᠬᠤᠶᠠᠷ ᠬᠢᠴᠢᠶᠠᠯ ᠰᠤᠨᠤᠰᠬᠤ ᠦᠭᠡᠢ ᠪᠤᠯ ᠠ᠋ᠲᠦᠷ᠎ᠢ ᠳᠠᠯᠠᠭ᠋ᠠᠷ ᠦᠩᠭᠡᠷᠡᠬᠦᠯᠦᠭᠰᠡᠨ᠎ᠲᠠᠢ ᠠᠳᠠᠯᠢᠬᠠᠨ》᠂ 《ᠬᠡᠷᠪᠡ ᠬᠤᠷᠠᠯ᠎ᠳᠤ ᠤᠷᠤᠯᠴᠠᠵᠦ ᠰᠠᠭ᠋ᠠᠳᠠᠭᠰᠠᠨ ᠪᠤᠯ ᠮᠠᠷᠭ᠋ᠠᠰᠢ᠎ᠨᠢ ᠲᠦᠷᠪᠡᠨ ᠬᠢᠴᠢᠶᠠᠯ ᠰᠤᠨᠤᠰᠴᠦ ᠨᠦᠬᠦᠬᠦ           ᠬᠡᠷᠡᠭᠳᠡᠢ》᠂ 《ᠨᠢᠬᠡ ᠵᠢᠯ ᠨᠢᠬᠡ ᠪᠠᠭᠰᠢ ᠵᠢᠨ 15~20 ᠬᠢᠴᠢᠶᠡᠯ᠎ᠢ ᠰᠤᠨᠤᠰᠬᠤ ᠦᠭᠡᠢ ᠪᠤᠯ᠂ ᠳᠡᠷᠡ ᠬᠦ᠌ ᠪᠠᠭᠰᠢ ᠵᠢᠨ ᠳᠤᠬᠠᠢ ᠶᠠᠮᠠᠷ ᠴᠦ᠍ ᠤᠶ᠋ᠢᠯᠠᠭ᠋ᠠᠯᠳᠠ ᠦᠭᠡᠢ᠎ᠲᠠᠢ ᠢᠵᠢᠯᠢᠭᠡᠨ》 ᠭᠡᠵᠤ ᠢᠯᠡᠷᠭᠡᠶ᠋ᠢᠯᠡᠭᠰᠡᠨ ᠪᠦᠬᠡᠳ ᠬᠢᠴᠢᠶᠠᠯ ᠰᠤᠨᠤᠰᠬᠤ᠂ ᠬᠢᠴᠢᠶᠠᠯ ᠵᠠᠳᠠᠯᠬᠤ ᠪᠤᠯ ᠵᠠᠬᠢᠷᠤᠯ᠎ᠤᠨ ᠴᠢᠬᠤᠯᠠ ᠠᠵᠢᠯ᠂ ᠦᠵᠡᠯ ᠰᠠᠨᠠᠭ᠎ᠠ᠎ᠪᠠᠨ ᠪᠠᠶᠠᠯᠢᠬ᠍ᠵᠢᠭᠤᠯᠬᠤ ᠠ᠋ᠬᠢ ᠪᠠᠶᠠᠯᠢᠭ ᠪᠤᠯᠬᠤ ᠶᠤᠮ ᠭᠡᠵᠤ ᠳᠤᠳᠤᠷᠬᠠᠶ᠋ᠢᠯᠠᠭᠰᠠᠨ ᠪᠢᠯᠡ᠃ ᠳᠡᠷᠡ ᠰᠤᠷᠭ᠋ᠠᠭᠤᠯᠢ ᠵᠢᠨ ᠦᠵᠡᠯ ᠰᠠᠨᠠᠭ᠋ᠠᠨ᠎ᠤ ᠬᠦᠮᠦᠵᠢᠯ᠎ᠢ ᠳᠤᠩ ᠬᠦᠨᠳᠤᠳᠭᠡᠨ ᠦᠵᠡᠵᠦ᠂ ᠠ᠋ᠨᠡ ᠬᠦ᠌ ᠠᠵᠢᠯ᠎ᠢ ᠰᠠᠶ᠋ᠢᠳᠤᠷ ᠪᠡᠶᠡᠯᠡᠬᠦᠯᠬᠦ ᠵᠢᠨ ᠳᠤᠯᠠᠳᠠ ᠪᠠᠭᠰᠢ ᠨᠠᠷ ᠵᠶ᠋ᠠᠨ ᠳᠠᠶ᠋ᠢᠴᠢᠯᠠᠵᠦ ᠬᠡᠦᠬᠡᠳ᠎ᠢ ᠪᠦᠬᠦ ᠳᠠᠯ᠎ᠠ᠎ᠪᠠᠷ ᠤᠶ᠋ᠢᠯᠠᠭ᠋ᠠᠨ ᠰᠤᠳᠤᠯᠬᠤ᠂ ᠳᠤᠭᠳᠠᠮᠠᠯ ᠬᠤᠭᠤᠴᠠᠭ᠎ᠠ᠎ᠲᠠᠢ ᠰᠤᠳᠤᠯᠭ᠋ᠠᠨ᠎ᠤ ᠬᠤᠷᠠᠯ ᠬᠢᠬᠦ᠂ ᠳᠠᠷᠤᠢ ᠬᠡᠦᠬᠡᠳ᠎ᠤᠨ ᠪᠤᠳᠠᠳᠠᠢ ᠪᠠᠶ᠋ᠢᠳᠠᠯ᠎ᠢ ᠦᠨᠳᠤᠰᠤᠯᠠᠵᠦ ᠬᠦᠮᠦᠵᠢᠬᠦᠯᠬᠦ ᠵᠡᠷᠭᠡ᠎ᠪᠠᠷ ᠮᠡᠷᠡᠶ᠋ᠢᠭᠰᠡᠨ ᠪᠢᠯᠡ᠃ ᠮᠥᠨ ᠦᠪᠡᠷ ᠵᠶ᠋ᠠᠨ ᠪᠠᠶ᠋ᠢᠴᠠᠭ᠋ᠠᠯᠳᠠ ᠬᠢᠵᠦ ᠳᠡᠮᠳᠡᠭᠯᠡᠯ ᠪᠢᠴᠢᠨ᠂ 178 《ᠬᠦᠮᠦᠵᠢᠬᠦᠯᠬᠦ᠎ᠳᠤ ᠬᠦᠴᠢᠷ᠎ᠲᠠᠢ ᠬᠡᠦᠬᠡᠳ》᠎ᠤᠨ ᠨᠤᠭᠤᠷᠠᠯ ᠪᠦᠲᠦᠷᠢᠯ᠎ᠲᠠᠢ ᠶᠠᠪᠤᠴᠠ ᠵᠢ ᠬᠦᠨᠵᠡᠭᠡᠢ ᠰᠤᠳᠤᠯᠤᠭ᠋ᠠᠳ᠂ ᠳᠤᠰᠬᠠᠶ᠋ᠢᠯᠠᠨ ᠵᠢᠷᠭᠤᠭ᠋ᠠᠨ ᠨᠠᠰᠤᠳᠠᠢ ᠬᠡᠦᠬᠡᠳ᠎ᠢ ᠠ᠋ᠯᠰᠡᠳᠡᠭ ᠪᠡᠯᠡᠳᠭᠡᠯ ᠠᠩᠭᠢ — 《ᠪᠠᠶᠠᠷ ᠪᠠᠶᠠᠰᠤᠯᠳᠤ ᠰᠤᠷᠭ᠋ᠠᠭᠤᠯᠢ》 ᠵᠢ ᠳᠠᠭ᠋ᠠᠭ᠋ᠠᠴᠢᠯᠠᠨ ᠠ᠋ᠷᠬᠢᠯᠡᠭᠰᠡᠨ ᠶᠤᠮ᠃ ᠳᠡᠶ᠋ᠢᠨ ᠬᠦ᠌ 《ᠪᠠᠶᠠᠷ ᠪᠠᠶᠠᠰᠤᠯᠳᠤ ᠰᠤᠷᠭ᠋ᠠᠭᠤᠯᠢ》᠎ᠳᠤ᠎ᠪᠠᠨ ᠪᠡᠯᠡᠳᠭᠡᠯ ᠠᠩᠭᠢ᠎ᠠᠴᠠ ᠨᠢᠭᠡᠳᠤᠭᠡᠷ ᠠᠩᠭᠢ ᠪᠤᠯᠳᠠᠯ᠎ᠠ᠂ ᠨᠢᠬᠡᠳᠤᠭᠡᠷ ᠠᠩᠭᠢ᠎ᠠᠴᠠ ᠠᠷᠪᠠᠳᠤᠭ᠋ᠠᠷ ᠠᠩᠭᠢ ᠪᠤᠯᠳᠠᠯ᠎ᠠ ᠠᠩᠭᠢ ᠠ᠋ᠷᠬᠢᠯᠡᠭᠴᠢ᠎ᠪᠠᠷ ᠠᠵᠢᠯᠯᠠᠨ ᠬᠡᠦᠬᠡᠳ᠎ᠤᠨ ᠠᠳᠠᠯᠢ ᠪᠤᠰᠣ ᠦᠶ᠎ᠡ ᠵᠢᠨ ᠬᠡᠪ ᠪᠠᠶ᠋ᠢᠳᠠᠯ᠎ᠢ ᠮᠦᠷᠳᠡᠨ ᠰᠤᠳᠤᠯᠵᠦ᠂ ᠤᠯᠠᠨ ᠤᠯᠠᠨ ᠳᠤᠬᠢᠷᠠᠮᠵᠢᠳᠠᠢ ᠠᠷᠭ᠎ᠠ ᠬᠡᠮᠵᠢᠶ᠎ᠡ ᠵᠢ ᠳᠤᠷᠠᠳᠤᠭᠰᠠᠨ ᠪᠢᠯᠡ᠃
      ᠬᠡᠦᠬᠡᠳ᠎ᠤᠨ ᠬᠠᠮᠢᠶᠠᠷᠤᠯᠳᠠ ᠵᠢᠨ ᠳᠠᠯ᠎ᠠ᠎ᠪᠠᠷ ᠭᠤᠤᠯᠳᠠᠭᠤ ᠤᠶᠤᠨ᠎ᠢ ᠨᠡᠭᠡᠭᠡᠭᠳᠡᠬᠦᠯᠬᠦ᠂ ᠴᠢᠳᠠᠪᠤᠷᠢ ᠵᠢ᠎ᠨᠢ ᠪᠤᠯᠪᠠᠰᠤᠷᠠᠭᠤᠯᠬᠤ ᠴᠦᠮ᠎ᠠ ᠵᠢ ᠪᠠᠷᠢᠵᠦ᠂ ᠠ᠋ᠨᠡ ᠪᠤᠯ ᠤᠨᠴᠠᠭ᠋ᠠᠢ ᠪᠤᠳᠠᠳᠠᠢ ᠮᠦᠷᠳᠡᠭᠡᠨ ᠪᠠᠴᠢᠮ ᠰᠢᠢ᠍ᠳᠪᠤᠷᠢᠯᠡᠬᠦ ᠴᠢᠬᠤᠯᠠᠳᠠᠢ ᠠᠰᠠᠭᠤᠳᠠᠯ ᠭᠡᠵᠤ ᠦᠵᠡᠭᠰᠡᠨ ᠶᠤᠮ᠃ ᠠ᠋ᠬᠦᠨ᠎ᠤ ᠤᠯᠠᠮ᠎ᠠᠴᠠ ᠬᠠᠮᠳᠤ ᠠᠵᠢᠯᠯᠠᠭᠰᠠᠳ᠎ᠲᠠᠢ᠎ᠪᠠᠨ ᠠᠷᠪᠠᠨ ᠬᠡᠳᠤᠨ ᠵᠢᠯ ᠮᠡᠷᠡᠶ᠋ᠢᠵᠦ᠂ ᠬᠡᠯᠡ ᠪᠢᠴᠢᠭ᠎ᠤᠨ ᠵᠢᠭ᠋ᠠᠨ ᠰᠤᠷᠭ᠋ᠠᠯᠳᠠ᠎ᠲᠠᠢ ᠤᠶᠠᠯᠳᠤᠭᠤᠯᠤᠭᠰᠠᠨ ᠨᠢᠬᠡᠨ ᠲᠦᠬᠦᠷ ᠵᠢᠭ᠋ᠠᠨ ᠰᠤᠷᠭ᠋ᠠᠯᠳᠠ ᠵᠢᠨ ᠯᠤᠬᠢᠭ᠎ᠲᠤ ᠨᠡᠶ᠋ᠢᠴᠡᠬᠦ᠂ ᠬᠡᠦᠬᠡᠳ᠎ᠤᠨ ᠴᠢᠳᠠᠪᠤᠷᠢ ᠵᠢ ᠬᠦᠮᠦᠵᠢᠬᠦᠯᠵᠦ ᠳᠡᠭᠡᠭᠰᠢᠯᠡᠬᠦᠯᠬᠦ ᠵᠤᠷᠢᠯᠳᠠ ᠪᠦᠬᠦᠢ ᠰᠤᠨᠤᠰᠬᠤ᠂ ᠶᠠᠷᠢᠬᠤ᠂ ᠤᠩᠰᠢᠬᠤ᠂ ᠪᠢᠴᠢᠬᠦ ᠵᠡᠷᠭᠡ 12 ᠦᠨᠳᠤᠰᠣᠨ ᠴᠢᠳᠠᠮᠵᠢ ᠵᠢ ᠪᠠᠭᠳᠠᠭ᠋ᠠᠭᠰᠠᠨ 《ᠦᠨᠳᠤᠰᠣᠨ ᠴᠢᠳᠠᠪᠤᠷᠢ ᠵᠢᠨ ᠰᠢᠰᠲᠸᠮ》᠎ᠢ ᠰᠦᠪᠡᠭᠴᠢᠯᠡᠨ ᠪᠦᠲᠦᠬᠡᠭᠰᠡᠨ ᠶᠤᠮ᠃
      ᠪᠠᠭᠰᠢ ᠵᠢᠨ ᠬᠠᠮᠢᠶᠠᠷᠤᠯᠳᠠ ᠵᠢᠨ ᠳᠤᠬᠠᠢ᠂ ᠰᠦᠬᠤᠮᠯᠢᠨ᠋ᠰᠺᠢ 《ᠰᠠᠶ᠋ᠢᠨ ᠰᠤᠷᠭ᠋ᠠᠭᠤᠯᠢ ᠪᠠᠶ᠋ᠢᠭᠤᠯᠬᠤ᠎ᠳᠤ ᠰᠢᠯᠢᠳᠡᠭ ᠪᠠᠭᠰᠢ ᠵᠢᠨ ᠠ᠋ᠩᠨᠡᠭᠡ ᠪᠠᠶ᠋ᠢᠬᠤ ᠦᠭᠡᠢ ᠪᠤᠯ ᠪᠦᠲᠦᠳᠡᠭ ᠦᠭᠡᠢ᠂ ᠰᠤᠷᠭ᠋ᠠᠭᠤᠯᠢ ᠵᠢᠨ ᠤᠳᠤᠷᠢᠳᠤᠯᠭ᠎ᠠ ᠪᠤᠯᠤᠭᠰᠠᠳ ᠪᠠᠭᠰᠢ ᠨᠠᠷ᠎ᠢ ᠬᠠᠶ᠋ᠢᠷᠠᠯᠠᠨ ᠬᠠᠯᠠᠮᠵᠢᠯᠠᠵᠦ ᠠ᠋ᠬᠦᠷᠭᠡ ᠳᠠᠷᠤᠭ᠋ᠠᠰᠦ ᠵᠢ᠎ᠨᠢ ᠴᠢᠳᠠᠭ᠍ᠤ ᠵᠢᠨ ᠳᠤᠳᠤᠷ᠎ᠡ ᠬᠦᠩᠭᠡᠯᠡᠬᠦ ᠬᠡᠷᠡᠭᠳᠡᠢ》 ᠭᠡᠵᠤ ᠦᠵᠡᠳᠡᠭ᠃ ᠳᠡᠷᠡ 《ᠪᠠᠭᠰᠢ ᠪᠤᠯᠤᠭᠰᠠᠳ ᠠ᠋ᠷᠴᠢ ᠬᠦᠴᠦ ᠳᠡᠬᠦᠯᠳᠡᠷ ᠠᠵᠢᠯᠯᠠᠶ᠎ᠠ ᠭᠡᠪᠡᠯ ᠰᠠᠶ᠋ᠢᠳᠤᠷ ᠠᠮᠠᠷᠠᠭ᠍ᠤ ᠬᠡᠷᠡᠭᠳᠡᠢ᠂ ᠵᠢᠭ᠋ᠠᠨ ᠰᠤᠷᠭ᠋ᠠᠯᠳᠠ ᠵᠢᠨ ᠴᠢᠨᠠᠷ ᠴᠢᠨᠰᠠᠭ᠎ᠠ᠎ᠪᠠᠨ ᠳᠡᠭᠡᠭᠰᠢᠯᠡᠬᠦᠯᠦᠶ᠎ᠡ ᠭᠡᠪᠡᠯ ᠨᠤᠮ ᠤᠩᠰᠢᠬᠤ᠂ ᠰᠤᠳᠤᠯᠭ᠋ᠠᠨ ᠬᠢᠬᠦ ᠴᠠᠭ ᠪᠠ ᠴᠢᠯᠦᠭᠡᠲᠦ ᠴᠠᠭ᠎ᠲᠠᠢ ᠪᠠᠶ᠋ᠢᠬᠤ ᠬᠡᠷᠡᠭᠳᠡᠢ᠂ ᠴᠠᠭ ᠵᠶ᠋ᠠᠨ ᠴᠢᠯᠦᠬᠡᠳᠡᠢ ᠳᠤᠬᠢᠷᠠᠭᠤᠯᠬᠤ ᠪᠤᠯ ᠪᠦᠬᠦᠨ᠎ᠤ ᠦᠨᠳᠤᠰᠣ᠂ ᠳᠡᠷᠡ᠎ᠨᠢ ᠰᠤᠷᠭ᠋ᠠᠨ ᠬᠦᠮᠦᠵᠢᠯ᠎ᠤᠨ ᠤᠷᠠᠯᠢᠭ᠎ᠤᠨ ᠮᠦᠴᠢᠷ ᠨᠠᠪᠴᠢ ᠵᠢ ᠦᠷᠨᠢᠬᠦᠯᠦᠨ ᠳᠡᠳᠬᠦᠳᠡᠭ》 ᠭᠡᠵᠤ ᠬᠡᠯᠡᠭᠰᠡᠨ ᠶᠤᠮ᠃ ᠰᠦᠬᠤᠮᠯᠢᠨ᠋ᠰᠺᠢ ᠪᠠᠭᠰᠢ ᠪᠤᠯᠭ᠋ᠠᠨ᠎ᠢ ᠰᠠᠶ᠋ᠢᠨ ᠤᠶ᠋ᠢᠯᠠᠭ᠋ᠠᠵᠦ ᠳᠠᠪᠠᠭᠤᠯᠢᠭ᠎ᠢ᠎ᠨᠢ ᠪᠠᠳᠠᠷᠠᠭᠤᠯᠵᠦ ᠴᠢᠳᠠᠳᠠᠭ ᠪᠦᠬᠡᠳ ᠰᠤᠷᠭ᠋ᠠᠨ ᠬᠦᠮᠦᠵᠢᠯ᠎ᠤᠨ ᠭᠡᠪ ᠪᠤᠯᠪᠠᠰᠣᠷᠠᠯ ᠵᠶ᠋ᠠᠨ ᠳᠡᠭᠡᠭᠰᠢᠯᠡᠬᠦᠯᠬᠦ ᠬᠡᠷᠡᠭᠳᠡᠢ ᠭᠡᠵᠤ ᠦᠷᠬᠦᠯᠵᠢ ᠱᠠᠭ᠋ᠠᠷᠳᠠᠳᠠᠭ᠂ ᠬᠤᠷᠢᠶᠠᠩᠭᠤᠶ᠋ᠢᠯᠠᠪᠠᠯ ᠦᠪᠡᠷ᠎ᠤᠨ ᠵᠢᠭ᠋ᠠᠵᠦ ᠪᠠᠶ᠋ᠢᠭ᠎ᠠ ᠬᠢᠴᠢᠶᠠᠯ ᠲᠦᠷᠦᠯ᠎ᠳᠤ᠎ᠪᠠᠨ ᠨᠡᠪᠳᠡᠷᠬᠡᠢ ᠪᠠᠶ᠋ᠢᠬᠤ᠂ ᠰᠡᠳᠬᠢᠴᠠ ᠵᠢᠨ ᠵᠦᠢ᠂ ᠰᠤᠷᠭ᠋ᠠᠨ ᠬᠦᠮᠦᠵᠢᠯ᠎ᠤᠨ ᠤᠬᠠᠭ᠋ᠠᠨ ᠪᠠ ᠵᠢᠭ᠋ᠠᠨ ᠰᠤᠷᠭ᠋ᠠᠯᠳᠠ ᠵᠢᠨ ᠠᠷᠭ᠎ᠠ ᠵᠢ ᠤᠶ᠋ᠢᠯᠠᠭ᠋ᠠᠬᠤ᠂ ᠨᠡᠯᠢᠶᠡᠳ ᠦᠨᠳᠤᠷ ᠪᠤᠯᠪᠠᠰᠣᠷᠠᠯ ᠪᠠ ᠠᠵᠢᠯ᠎ᠤᠨ ᠤᠷᠮ᠎ᠠ ᠰᠡᠳᠬᠢᠯᠬᠡ᠎ᠲᠠᠢ ᠪᠠᠶ᠋ᠢᠬᠤ ᠵᠡᠷᠭᠡ ᠪᠤᠯᠤᠨ᠎ᠠ᠃
      ᠰᠤᠷᠤᠯᠭ᠎ᠠ ᠵᠢᠨ ᠬᠤᠭᠤᠴᠠᠭ᠋ᠠᠨ᠎ᠤ ᠳ᠋ᠦᠩᠨᠡᠯᠳᠡ᠄ ᠰᠦᠬᠤᠮᠯᠢᠨ᠋ᠰᠺᠢ ᠬᠦᠮᠦᠨ ᠪᠦᠬᠦᠨ᠎ᠤ ᠰᠠᠶ᠋ᠢᠨ ᠮᠡᠳᠡᠳᠡᠭ ᠠᠵᠢᠯ᠎ᠤᠨ ᠳ᠋ᠦᠩᠨᠡᠯᠳᠡ ᠵᠢ ᠰᠤᠷᠭ᠋ᠠᠨ ᠬᠦᠮᠦᠵᠢᠯ᠎ᠤᠨ ᠶᠤᠰᠣ ᠵᠢᠷᠤᠮ᠎ᠤᠨ ᠴᠢᠬᠤᠯᠠ ᠨᠢᠬᠡᠨ ᠭᠤᠭᠴᠤᠭ᠎ᠠ ᠪᠤᠯᠭ᠋ᠠᠨ ᠠᠳᠬᠤᠭᠰᠠᠨ ᠶᠤᠮ᠃ ᠳᠡᠷᠡ᠎ᠪᠠᠷ ᠵᠠᠬᠢᠷᠤᠯ ᠦᠪᠡᠷ ᠵᠶ᠋ᠠᠨ ᠬᠦᠳᠡᠯᠬᠦ ᠦᠭᠡᠢ᠂ ᠬᠠᠷᠢᠨ ᠪᠤᠰᠤᠳ᠎ᠢ ᠳᠤᠮᠢᠯᠠᠨ ᠠᠷᠭ᠋ᠠᠴᠠᠭ᠋ᠠᠬᠤ᠂ 《ᠵᠠᠰᠠᠨ ᠴᠢᠮᠡᠭᠯᠡᠬᠦ》 ᠠᠷᠭ᠎ᠠ ᠵᠢ ᠠ᠋ᠰᠡᠷᠬᠦᠴᠡᠳᠡᠭ ᠪᠦᠬᠡᠳ ᠠ᠋ᠩ᠎ᠤᠨ ᠦᠶ᠎ᠡ᠎ᠳᠤ ᠪᠠᠷᠢᠮᠳᠠ ᠴᠤᠭᠯᠠᠭᠤᠯᠬᠤ ᠦᠭᠡᠢ᠂ ᠬᠤᠭᠤᠴᠠᠭ᠋ᠠᠨ ᠡᠴᠦᠰ ᠪᠤᠯᠤᠮᠠᠭᠴᠠ ᠲᠦᠷ ᠴᠠᠭ᠎ᠤᠨ ᠰᠢᠪᠳᠤᠯᠤᠯᠳᠠ ᠬᠢᠬᠦ᠎ᠳᠤ ᠳᠤᠷ᠎ᠠ ᠦᠬᠡᠶ᠋ᠢᠴᠡᠳᠡᠭ᠃ ᠵᠠᠬᠢᠷᠤᠯ ᠦᠪᠡᠷ ᠵᠶ᠋ᠠᠨ ᠠ᠋ᠲᠦᠷ ᠪᠦᠷᠢ ᠭᠠᠷᠠᠭ ᠪᠦᠷᠢ ᠳᠡᠮᠳᠡᠭᠯᠡᠯ ᠬᠢᠬᠦ᠂ ᠴᠠᠭ ᠳᠤᠬᠠᠢ᠎ᠳᠤ᠎ᠨᠢ ᠠ᠋ᠮᠬᠢᠯᠡᠬᠦ᠂ ᠦᠷᠬᠦᠯᠵᠢ ᠨᠠᠷᠢᠪᠴᠢᠯᠠᠨ ᠰᠤᠳᠤᠯᠬᠤ ᠵᠢ ᠰᠤᠷᠳᠠᠯᠴᠢᠯᠠᠵᠦ᠂ ᠬᠤᠷᠢᠶᠠᠩᠭᠤᠶ᠋ᠢᠯᠠᠭᠰᠠᠨ ᠰᠢᠨᠵᠢᠳᠡᠢ ᠳ᠋ᠦᠩᠨᠡᠯᠳᠡ ᠭᠠᠷᠭ᠋ᠠᠭᠰᠠᠨ᠎ᠤ ᠳᠠᠷᠠᠭ᠎ᠠ ᠤᠯᠠᠨ᠎ᠤ ᠰᠠᠨᠠᠯ ᠵᠦᠪᠯᠡᠯᠭᠡ ᠵᠢ ᠰᠤᠨᠤᠰᠬᠤ ᠬᠡᠷᠡᠭᠳᠡᠢ ᠭᠡᠵᠤ ᠦᠵᠡᠳᠡᠭ᠃ ᠳ᠋ᠦᠩᠨᠡᠯᠳᠡ ᠬᠢᠬᠦ᠎ᠳᠤ᠎ᠪᠠᠨ ᠦᠬᠦᠮᠡᠯ ᠵᠶ᠋ᠠᠷ ᠠᠵᠢᠯᠯᠠᠭ᠍ᠤ ᠪᠤᠶᠤ ᠵᠢᠯ ᠪᠤᠯᠭ᠋ᠠᠨ ᠳᠠᠪᠳᠠᠭ᠋ᠠᠳ ᠪᠠᠶ᠋ᠢᠵᠦ ᠪᠤᠯᠬᠤ ᠦᠭᠡᠢ᠂ ᠰᠠᠶ᠋ᠢᠨ ᠳ᠋ᠦᠩᠨᠡᠯᠳᠡ ᠪᠤᠯ ᠪᠦᠬᠦᠶ᠋ᠢᠯᠡ ᠪᠠᠭᠰᠢ ᠵᠢᠨ ᠨᠢᠬᠡ ᠵᠢᠯ᠎ᠤᠨ ᠬᠤᠭᠤᠴᠠᠭ᠋ᠠᠨ᠎ᠳᠤ᠎ᠬᠢ ᠪᠦᠲᠦᠭᠡᠯᠴᠢ ᠴᠢᠨᠠᠷᠳᠠᠢ ᠬᠦᠳᠡᠯᠮᠤᠷᠢ ᠵᠢᠨ ᠬᠤᠷᠢᠶᠠᠩᠭᠤᠶ᠋ᠢᠯᠠᠯ᠂ ᠮᠥᠨ ᠳᠠᠷᠠᠭ᠎ᠠ ᠵᠢᠯ᠎ᠤᠨ ᠠᠵᠢᠯ᠎ᠤᠨ ᠬᠢᠨᠢ ᠴᠢᠭᠯᠡᠯᠳᠡ ᠪᠠ ᠳᠤᠯᠢ ᠪᠠᠶ᠋ᠢᠬᠤ ᠶᠤᠰᠤᠳᠠᠢ ᠭᠡᠵᠤ ᠦᠵᠡᠳᠡᠭ᠃
      ᠭᠤᠷᠪᠠ᠂ ᠳᠤᠪᠴᠢ ᠦᠨᠡᠯᠡᠯᠳᠡ
      ᠰᠦᠬᠤᠮᠯᠢᠨ᠋ᠰᠺᠢ ᠬᠦᠮᠦᠰ᠎ᠲᠤ 《ᠰᠤᠷᠭ᠋ᠠᠨ ᠬᠦᠮᠦᠵᠢᠯ᠎ᠤᠨ ᠦᠵᠡᠯ ᠰᠠᠨᠠᠭ᠋ᠠᠨ᠎ᠤ ᠮᠠᠰᠲᠸᠷ》 ᠭᠡᠵᠤ ᠠ᠋ᠷᠬᠦᠮᠵᠢᠯᠡᠭᠳᠡᠳᠡᠭ᠂ ᠨᠤᠮ ᠪᠦᠲᠦᠬᠡᠯ᠎ᠨᠦᠭᠦᠳ᠎ᠨᠢ 《ᠰᠤᠷᠭ᠋ᠠᠨ ᠬᠦᠮᠦᠵᠢᠯ᠎ᠤᠨ ᠠᠮᠢᠳᠤ ᠤᠬᠠᠭ᠋ᠠᠨ》᠂ 《ᠰᠤᠷᠭ᠋ᠠᠭᠤᠯᠢ ᠵᠢᠨ ᠠᠮᠢᠳᠤᠷᠠᠯ᠎ᠤᠨ ᠨᠡᠪᠳᠡᠷᠭᠡᠢ ᠳᠤᠯᠢ》 ᠭᠡᠵᠤ ᠦᠨᠡᠯᠡᠭᠳᠡᠳᠡᠭ᠂ ᠵᠠᠬᠢᠷᠤᠯ ᠵᠶ᠋ᠠᠷ ᠠᠵᠢᠯᠯᠠᠵᠦ ᠪᠠᠶ᠋ᠢᠭᠰᠠᠨ ᠫᠠᠹᠯᠸᠱ᠌ᠢ ᠳᠤᠮᠳᠠᠳᠤ ᠰᠤᠷᠭ᠋ᠠᠭᠤᠯᠢ᠎ᠨᠢ ᠳᠡᠯᠡᠬᠡᠢ ᠵᠢᠨ ᠬᠠᠮᠤᠭ᠎ᠤᠨ ᠨᠡᠷᠡᠳᠡᠢ ᠳᠤᠷᠰᠢᠯᠳᠠ ᠵᠢᠨ ᠰᠤᠷᠭ᠋ᠠᠭᠤᠯᠢ᠎ᠳᠤ ᠵᠢᠭᠰᠠᠭ᠋ᠠᠭᠳᠠᠭᠰᠠᠨ ᠪᠠᠶ᠋ᠢᠳᠠᠭ᠃
      ᠰᠦᠬᠤᠮᠯᠢᠨ᠋ᠰᠺᠢ ᠵᠢᠨ ᠰᠤᠷᠭ᠋ᠠᠨ ᠬᠦᠮᠦᠵᠢᠯ᠎ᠤᠨ ᠳᠤᠷᠰᠢᠯᠭ᠎ᠠ ᠬᠢᠬᠡᠳ ᠤᠨᠤᠯ᠎ᠤᠨ ᠪᠦᠲᠦᠬᠡᠯ ᠪᠤᠯ ᠨᠢᠬᠡᠨ ᠠᠤᠭ᠎ᠠ ᠶᠡᠭᠡ ᠰᠢᠰᠲᠸᠮ ᠶᠤᠮ᠂ ᠳᠡᠷᠡ ᠨᠠᠰᠣᠨ ᠳᠤᠷᠰᠢ ᠵᠢᠨ ᠰᠤᠷᠭ᠋ᠠᠨ ᠬᠦᠮᠦᠵᠢᠯ᠎ᠤᠨ ᠦᠢ᠍ᠯᠡᠳᠤᠯᠭᠡ ᠳᠤᠮᠳᠠ᠎ᠪᠠᠨ ᠵᠠᠬᠢᠷᠤᠯ᠂ ᠠ᠋ᠩ᠎ᠤᠨ ᠪᠠᠭᠰᠢ᠂ ᠬᠢᠴᠢᠶᠡᠯᠯᠡᠭᠴᠢ᠂ ᠠᠩᠭᠢ ᠠ᠋ᠷᠬᠢᠯᠡᠭᠴᠢ᠂ ᠪᠤᠳᠠᠳᠠᠢ ᠠᠵᠢᠯ ᠠ᠋ᠷᠬᠢᠯᠡᠭᠴᠢ᠂ ᠰᠢᠨᠵᠢᠯᠡᠬᠦ ᠤᠬᠠᠭ᠋ᠠᠨ᠎ᠤ ᠰᠤᠳᠤᠯᠭ᠋ᠠᠳᠠᠨ ᠵᠡᠷᠭᠡ᠎ᠪᠠᠷ ᠠᠵᠢᠯᠯᠠᠪᠠ᠃ ᠳᠡᠷᠡ ᠪᠤᠯ ᠠᠵᠢᠯᠴᠢ ᠬᠦᠳᠡᠯᠮᠤᠷᠢᠴᠢ᠂ ᠤᠶ᠋ᠢᠭ᠎ᠠ ᠦᠭᠡᠢ ᠵᠤᠬᠢᠶᠠᠨ ᠪᠦᠲᠦᠬᠡᠭᠰᠡᠨ ᠭᠠᠷᠮᠠᠭ᠋ᠠᠢ ᠬᠦᠮᠦᠨ ᠶᠤᠮ᠃ ᠮᠥᠨ ᠰᠤᠷᠭ᠋ᠠᠭᠤᠯᠢ ᠵᠢᠨ ᠠᠵᠢᠯ᠎ᠤᠨ ᠠᠳᠠᠯᠢ ᠪᠤᠰᠣ ᠦᠨᠴᠦᠭ᠂ ᠠᠳᠠᠯᠢ ᠪᠤᠰᠣ ᠳᠠᠯ᠎ᠠ᠎ᠠᠴᠠ ᠲᠤᠭᠤᠰᠢᠳᠠᠢ ᠠᠵᠢᠭᠯᠠᠨ᠂ ᠰᠤᠷᠭ᠋ᠠᠭᠤᠯᠢ ᠵᠢᠨ ᠰᠤᠷᠭ᠋ᠠᠨ ᠬᠦᠮᠦᠵᠢᠯ᠎ᠳᠤ ᠬᠤᠯᠪᠤᠭᠳᠠᠭ᠍ᠤ ᠵᠢᠭ᠋ᠠᠨ ᠰᠤᠷᠭ᠋ᠠᠯᠳᠠ ᠪᠠ ᠬᠠᠮᠢᠶᠠᠷᠤᠯᠳᠠ ᠵᠢᠨ ᠡᠯ᠎ᠡ ᠦᠵᠡᠭᠳᠡᠯ᠂ ᠠᠰᠠᠭᠤᠳᠠᠯ᠎ᠢ ᠬᠦᠨᠵᠡᠬᠡᠢ ᠰᠤᠳᠤᠯᠵᠦ᠂ ᠤᠨᠤᠯ ᠦᠢ᠍ᠯᠡᠳᠤᠯᠭᠡ ᠬᠤᠶᠠᠷ᠎ᠤᠨ ᠦᠷᠦᠭᠡᠰᠣᠯ ᠳᠠᠯ᠎ᠠ᠎ᠠᠴᠠ ᠵᠠᠶ᠋ᠢᠯᠠᠰᠬᠢᠨ᠂ ᠳᠤᠷᠰᠢᠯᠭ᠎ᠠ ᠰᠤᠷᠭ᠋ᠠᠮᠵᠢ᠎ᠪᠠᠨ ᠴᠠᠭ ᠳᠤᠬᠠᠢ᠎ᠳᠤ᠎ᠨᠢ ᠳ᠋ᠦᠩᠨᠡᠨ ᠤᠶᠤᠨᠴᠢ ᠦᠨᠳᠤᠷᠴᠠ᠎ᠳᠤ ᠬᠦᠷᠭᠡᠵᠦ᠂ ᠨᠡᠯᠢᠶᠡᠳ ᠲᠦᠬᠦᠷ ᠰᠤᠷᠭ᠋ᠠᠨ ᠬᠦᠮᠦᠵᠢᠯ᠎ᠤᠨ ᠦᠵᠡᠯ ᠰᠠᠨᠠᠭ᠋ᠠᠨ᠎ᠤ ᠰᠢᠰᠲᠸᠮ᠎ᠢ ᠠᠯᠬᠤᠮ ᠠᠯᠬᠤᠮ ᠵᠶ᠋ᠠᠷ ᠪᠦᠷᠢᠯᠳᠦᠬᠦᠯᠦᠭᠰᠡᠨ ᠶᠤᠮ᠃ ᠳᠡᠬᠦᠨ᠎ᠤ ᠪᠦᠲᠦᠬᠡᠯ ᠪᠤᠯ ᠤᠶ᠋ᠢᠷ᠎ᠠ ᠵᠢᠨ ᠬᠡᠲᠦᠨ ᠠᠷᠪᠠᠨ ᠵᠢᠯ᠎ᠳᠤ ᠴᠦᠬᠡᠨ ᠬᠠᠷᠠᠭᠳᠠᠭ᠍ᠤ ᠳᠡᠷᠢᠬᠦᠨ᠎ᠤ ᠰᠤᠷᠭ᠋ᠠᠨ ᠬᠦᠮᠦᠵᠢᠯ᠎ᠤᠨ ᠳᠤᠷᠰᠢᠯᠭ᠎ᠠ ᠵᠢᠨ ᠬᠦᠮᠦᠷᠬᠡ ᠪᠢᠯᠡ᠃
      ᠰᠦᠬᠤᠮᠯᠢᠨ᠋ᠰᠺᠢ ᠪᠤᠯ ᠰᠤᠷᠭ᠋ᠠᠨ ᠬᠦᠮᠦᠵᠢᠯ᠎ᠤᠨ ᠢᠳᠡᠭᠡᠯ ᠪᠢᠰᠢᠷᠠᠯ ᠵᠶ᠋ᠠᠨ ᠴᠢᠩᠭ᠎ᠠ ᠪᠠᠷᠢᠮᠳᠠᠯᠠᠵᠦ ᠬᠠᠳᠠᠭᠤᠵᠢᠯᠳᠠᠢ ᠰᠢᠷᠭ᠋ᠠᠭᠤ ᠠᠵᠢᠯᠯᠠᠵᠦ ᠴᠢᠳᠠᠳᠠᠭ ᠨᠢᠬᠡᠨ᠂ 1948 ᠤᠨ᠎ᠠᠴᠠ ᠫᠠᠹᠯᠸᠱ᠌ᠢ ᠳᠤᠮᠳᠠᠳᠤ ᠰᠤᠷᠭ᠋ᠠᠭᠤᠯᠢ᠎ᠳᠤ ᠵᠠᠬᠢᠷᠤᠯ ᠵᠶ᠋ᠠᠷ ᠠᠵᠢᠯᠯᠠᠵᠦ ᠰᠤᠷᠭ᠋ᠠᠨ ᠬᠦᠮᠦᠵᠢᠯ᠎ᠤᠨ ᠠᠪᠢᠶᠠᠰ ᠴᠢᠳᠠᠪᠤᠷᠢ᠎ᠪᠠᠨ ᠬᠦᠢ᠍ᠴᠡᠳ ᠪᠠᠳᠠᠷᠠᠭᠤᠯᠤᠭᠰᠠᠨ ᠪᠢᠯᠡ᠃ 20 ᠳ᠋ᠤᠭ᠋ᠠᠷ ᠵᠠᠭᠤᠨ᠎ᠤ ᠳᠠᠪᠢᠭ᠋ᠠᠳ ᠤᠨ᠎ᠤ ᠳᠤᠮᠳᠠᠴᠢ᠎ᠠᠴᠠ ᠳᠡᠷᠡ ᠨᠢᠬᠡᠨᠳᠡ ᠰᠤᠷᠭ᠋ᠠᠨ ᠬᠦᠮᠦᠵᠢᠯ᠎ᠤᠨ ᠤᠬᠠᠭ᠋ᠠᠨᠳᠠᠨ ᠪᠤᠯᠤᠨ ᠪᠤᠯᠪᠠᠰᠣᠷᠠᠵᠦ᠂ ᠤᠤᠯ᠎ᠤᠨ ᠵᠦᠪᠯᠡᠯᠲᠦ ᠵᠢᠨ ᠰᠤᠷᠭ᠋ᠠᠨ ᠬᠦᠮᠦᠵᠢᠯ᠎ᠤᠨ ᠬᠦᠷᠢᠶᠡᠨ᠎ᠳᠤ ᠠᠯᠳᠠᠷ ᠨᠡᠷ᠎ᠡ᠎ᠨᠢ ᠮᠠᠨᠳᠤᠭᠰᠠᠨ ᠶᠤᠮ᠃ ᠳᠡᠬᠦᠨ᠎ᠤ ᠬᠢᠵᠦ ᠪᠦᠲᠦᠬᠡᠭᠰᠡᠨ ᠵᠦᠢ᠍ᠯ ᠢᠯᠡ ᠳᠤᠳᠤᠷᠬᠠᠢ ᠪᠦᠲᠦᠬᠡᠯᠴᠢ ᠰᠢᠨᠵᠢᠳᠡᠢ᠂ ᠰᠢᠨᠡᠴᠢᠯᠠᠯ᠎ᠤᠨ ᠵᠤᠷᠢᠭ ᠰᠠᠨᠠᠭ᠎ᠠ ᠪᠢᠯᠬᠠᠮ᠎ᠠ ᠪᠠᠶ᠋ᠢᠳᠠᠭ ᠪᠦᠬᠡᠳ ᠶᠡᠷᠦ᠎ᠠᠴᠠ ᠤᠯᠠᠮᠵᠢᠯᠠᠯ᠎ᠤᠨ ᠪᠠᠯᠴᠢᠭ᠎ᠲᠤ ᠰᠢᠪᠠᠷᠳᠠᠳᠠᠭ ᠦᠭᠡᠢ᠂ ᠬᠠᠷᠢᠨ ᠠ᠋ᠷᠢᠨ ᠴᠠᠭ᠎ᠤᠨ ᠬᠦᠭᠵᠢᠯᠳᠡ ᠵᠢᠨ ᠬᠠᠨᠳᠤᠰᠢ ᠵᠢ ᠴᠢᠩᠭ᠎ᠠ ᠡᠵᠡᠮᠳᠡᠵᠦ ᠴᠢᠳᠠᠳᠠᠭ᠃ ᠵᠢᠱ᠌ᠢᠶᠠᠯᠠᠪᠠᠯ᠂ 1955 ᠤᠨ᠎ᠠᠴᠠ ᠠ᠋ᠮᠦᠨᠡᠬᠢ ᠨᠢᠬᠡ ᠬᠡᠰᠡᠭ ᠬᠤᠭᠤᠴᠠᠭ᠋ᠠᠨ᠎ᠳᠤ ᠤᠤᠯ᠎ᠤᠨ ᠵᠦᠪᠯᠡᠯᠲᠦ ᠵᠢᠨ ᠠ᠋ᠩ᠎ᠤᠨ ᠰᠤᠷᠭ᠋ᠠᠭᠤᠯᠢ ᠬᠦᠳᠡᠯᠮᠤᠷᠢ ᠵᠢᠨ ᠬᠢᠴᠢᠶᠡᠯ᠎ᠢ ᠪᠠᠷᠤᠭ ᠯᠡ ᠴᠦᠮ ᠦᠬᠡᠶ᠋ᠢᠰᠭᠡᠭᠰᠡᠨ ᠶᠤᠮ᠂ ᠭᠡᠳᠡᠯ᠎ᠡ ᠰᠦᠬᠤᠮᠯᠢᠨ᠋ᠰᠺᠢ ᠵᠢᠨ ᠠᠵᠢᠯᠯᠠᠵᠦ ᠪᠠᠶ᠋ᠢᠭᠰᠠᠨ ᠫᠠᠹᠯᠸᠱ᠌ᠢ ᠳᠤᠮᠳᠠᠳᠤ ᠰᠤᠷᠭ᠋ᠠᠭᠤᠯᠢ ᠬᠦᠳᠡᠯᠮᠤᠷᠢ ᠵᠢᠨ ᠬᠢᠴᠢᠶᠠᠯ᠎ᠢ ᠶᠡᠷᠦ᠎ᠠᠴᠠ ᠳᠠᠰᠤᠯᠳᠠᠭᠤᠯᠤᠭᠰᠠᠨ ᠦᠭᠡᠢ ᠪᠦᠬᠡᠳ ᠳᠡᠬᠦᠰᠦᠭᠰᠡᠨ ᠬᠡᠦᠬᠡᠳ᠎ᠲᠤ ᠰᠤᠷᠤᠯᠭ᠎ᠠ ᠳᠡᠬᠦᠰᠦᠭᠰᠡᠨ ᠦᠨᠡᠮᠯᠡᠯ ᠪᠠ ᠳᠤᠬᠠᠶ᠋ᠢᠯᠠᠭᠰᠠᠨ ᠠᠵᠢᠯ᠎ᠤᠨ ᠦᠨᠡᠮᠯᠡᠯ ᠤᠯᠭᠤᠵᠦ ᠪᠠᠶ᠋ᠢᠭᠰᠠᠨ ᠪᠢᠯᠡ᠃
      ᠰᠦᠬᠤᠮᠯᠢᠨ᠋ᠰᠺᠢ ᠵᠢᠨ ᠠᠭᠤᠤ ᠶᠡᠭᠡ᠂ ᠬᠡᠷᠡᠯ ᠰᠠᠴᠤᠷᠠᠩᠭᠤᠢ ᠨᠢᠬᠡ ᠨᠠᠰᠣ ᠪᠢᠳᠡᠨ᠎ᠳᠤ ᠰᠤᠷᠭ᠋ᠠᠨ ᠬᠦᠮᠦᠵᠢᠯ᠎ᠤᠨ ᠠᠵᠢᠯᠳᠠᠨ ᠰᠤᠷᠭ᠋ᠠᠨ ᠬᠦᠮᠦᠵᠢᠯ᠎ᠤᠨ ᠵᠢᠭ᠋ᠠᠨ ᠰᠤᠷᠭ᠋ᠠᠯᠳᠠ ᠵᠢᠨ ᠠ᠋ᠮᠤᠨ᠎ᠠ ᠹᠷᠤᠨᠲ᠎ᠲᠤ ᠬᠦᠨᠵᠡᠬᠡᠶ᠋ᠢᠷᠡᠨ ᠨᠠᠷᠢᠨ ᠨᠢᠭᠳᠠ ᠰᠤᠳᠤᠯᠭ᠋ᠠᠨ ᠬᠢᠵᠦ᠂ ᠠ᠋ᠲᠦᠷ ᠳᠤᠳᠤᠮ᠎ᠤᠨ ᠠᠵᠢᠯ ᠵᠶ᠋ᠠᠨ ᠰᠠᠶ᠋ᠢᠳᠤᠷ ᠪᠡᠶᠡᠯᠡᠬᠦᠯᠬᠦ᠎ᠠᠴᠠ ᠭᠠᠳᠠᠨ᠎ᠠ ᠤᠨᠤᠯ᠎ᠤᠨ ᠰᠤᠳᠤᠯᠭ᠋ᠠᠨ᠎ᠤ ᠠ᠋ᠬᠦᠷᠬᠡ ᠠ᠋ᠬᠦᠷᠭᠡᠯᠡᠭᠰᠡᠨ ᠬᠡᠳᠡᠭ ᠵᠶ᠋ᠠᠨ ᠴᠠᠭ ᠢᠮᠠᠭᠳᠠ ᠪᠤᠳᠤᠬᠤ ᠬᠡᠷᠡᠭᠳᠡᠢ ᠭᠡᠵᠤ ᠰᠠᠨᠠᠭᠤᠯᠵᠦ ᠪᠠᠶ᠋ᠢᠳᠠᠭ᠃ ᠵᠢᠪ ᠵᠢᠩᠭᠢᠨᠢ ᠰᠤᠷᠭ᠋ᠠᠨ ᠬᠦᠮᠦᠵᠢᠯ᠎ᠤᠨ ᠤᠬᠠᠭ᠋ᠠᠨᠳᠠᠨ ᠪᠤᠯ ᠰᠤᠷᠭ᠋ᠠᠨ ᠬᠦᠮᠦᠵᠢᠯ᠎ᠤᠨ ᠤᠨᠤᠯ ᠪᠠ ᠦᠢ᠍ᠯᠡᠳᠤᠯᠭᠡ ᠵᠢ ᠳᠡᠬᠦᠯᠳᠡᠷ ᠰᠠᠶ᠋ᠢᠬᠠᠨ ᠨᠢᠬᠡᠳᠬᠡᠵᠦ ᠴᠢᠳᠠᠭᠰᠠᠨ ᠪᠠᠶ᠋ᠢᠬᠤ ᠬᠡᠷᠡᠭᠳᠡᠢ ᠶᠤᠮ᠃


                                      ᠬᠠᠶᠢᠬ᠄   ᠠᠷᠤ ᠬᠤᠷᠴᠢᠨ ᠬᠤᠰᠢᠭᠤᠨ᠎ᠤ ᠴᠢᠪᠠᠭ᠎ᠠ

                                                ᠲᠠᠪᠤᠳᠤᠭ᠋ᠠᠷ ᠲᠤᠮᠲᠠᠲᠤ ᠰᠤᠷᠭ᠋ᠠᠭᠤᠯᠢ
                                               (ᠠ᠋ᠾᠤᠢ᠍ᠩ ᠮᠸᠢ ᠨᠠᠢ᠍ᠢ᠍ᠷᠠᠭᠤᠯᠪᠠ)
                                               2020 ᠤᠨ᠎ᠤ 2 ᠳ᠋ᠤᠭ᠋ᠠᠷ ᠬᠤᠭᠤᠴᠠᠭ᠎ᠠ


ᠢᠷᠡᠯᠲᠡ᠄ ᠥᠪᠥᠷ ᠮᠣᠩᠭᠤᠯ᠎ᠤᠨ ᠦᠪᠡᠷᠲᠡᠭᠡᠨ ᠵᠠᠰᠠᠬᠤ ᠣᠷᠣᠨ᠎ᠤ ᠰᠤᠷᠭ᠋ᠠᠨ ᠬᠦᠮᠦᠵᠢᠯ᠎ᠤᠨ ᠲᠢᠩᠬᠢᠮ
          
ᠬᠠᠮᠢᠶ᠎ᠡ ᠪᠦᠬᠦᠢ ᠰᠣᠨᠢᠨ
ᠣᠷᠣᠰ᠎ᠤᠨ ᠲᠡᠭᠡᠳᠦ ᠵᠡᠷᠭᠡ ᠵᠢᠨ ᠰᠣᠷᠭ᠋ᠠᠨ ᠬᠦᠮᠦᠵᠢᠯ᠎ᠤᠨ ᠴᠢᠨᠠᠷ ᠴᠢᠨᠰᠠᠭ᠎ᠠ ᠵᠢᠨ ᠪᠠᠳᠣᠯᠠᠭ᠎ᠠ ᠵᠢᠨ ᠰᠢᠰᠲᠸᠮ᠎ᠢ ᠬᠠᠶ᠋ᠢᠨ ᠰᠦᠪᠡᠭᠴᠢᠯᠡᠬᠦ᠎ᠨᠢ
ᠰᠤᠷᠭ᠋ᠠᠨ ᠬᠦᠮᠦᠵᠢᠯ᠎ᠤᠨ ᠲᠤᠮᠳᠠ ᠰᠢᠢ᠍ᠳᠪᠦᠷᠢᠯᠡᠬᠦ ᠴᠢᠬᠤᠯᠠᠲᠠᠢ ᠬᠡᠳᠦᠨ ᠠᠰᠠᠭᠤᠳᠠᠯ
ᠰᠤᠷᠭ᠋ᠠᠨ ᠭᠦᠮᠦᠵᠢᠯ ᠪᠤᠯ ᠨᠢᠭᠡᠨ ᠵᠤᠷᠪᠤᠰ ᠭᠤᠤᠯ ᠮᠦᠨ
ᠠᠵᠢᠯ ᠮᠠᠷᠭᠡᠵᠢᠯ᠎ᠤᠨ ᠰᠤᠷᠭ᠋ᠠᠨ ᠭᠦᠮᠦᠵᠢᠯ᠎ᠤᠨ ᠤᠷᠢᠬᠠᠨ ᠬᠠᠪᠤᠷ ᠢᠷᠡᠴᠢᠭᠡᠭᠰᠡᠨ ᠭᠡᠵᠢ ᠤᠤ
ᠲᠤᠮᠳᠠᠳᠤ ᠤᠯᠤᠰ᠎ᠤᠨ ᠭᠦᠮᠦᠨ ᠲᠤᠭ᠋ᠠᠨ᠎ᠤ ᠤᠬᠠᠭ᠋ᠠᠨ᠎ᠳᠤ᠎ᠪᠠᠨ ᠦᠨᠡᠭᠡᠷ ᠰᠠᠢ᠍ᠢ᠍ᠨ ᠤᠤ
 
             蒙ICP备05000248号