ᠬᠠᠰᠪᠠᠭ᠋ᠠᠨᠠ
ᠳᠡᠯᠡᠬᠡᠢ ᠵᠢᠨ ᠠᠩᠬᠠᠷᠤᠯ᠎ᠢ ᠲᠠᠳᠠᠭᠰᠠᠨ 《ᠮᠤᠩᠭᠤᠯ᠎ᠤᠨ ᠨᠢᠭᠤᠴᠠ ᠲᠤᠪᠴᠢᠶᠠᠨ》᠎ᠳᠤ ᠤᠯᠠᠨ᠎ᠠᠴᠠ ᠴᠤᠯᠭᠤᠷᠠᠭᠰᠠᠨ ᠰᠤᠳᠤᠨ ᠠ᠋ᠮᠡᠭᠲᠡᠶ᠋ᠢᠴᠦᠳᠤᠨ ᠳᠦᠷᠢ ᠤᠯᠠᠨ ᠢᠯᠡᠷᠡᠭᠰᠡᠨ ᠪᠠᠢ᠍ᠢ᠍ᠨ᠎ᠠ᠃ ᠲᠡᠳᠡᠭᠡᠷ᠎ᠤᠨ ᠵᠠᠷᠢᠮ᠎ᠨᠢ ᠭᠡᠷ ᠪᠦᠯᠢ ᠵᠢᠨ ᠰᠤᠷᠭ᠋ᠠᠨ ᠬᠦᠮᠦᠵᠢᠯ ᠵᠶ᠋ᠠᠷ ᠬᠦᠮᠦᠰ᠎ᠲᠤ ᠶᠤᠰᠦ ᠤᠴᠢᠷ᠎ᠢ ᠳᠠᠮ ᠪᠤᠶᠤ ᠰᠢᠭᠤᠳ ᠵᠶ᠋ᠠᠷ ᠮᠡᠳᠡᠭᠦᠯᠵᠦ᠂ ᠵᠠᠷᠢᠮ᠎ᠨᠢ ᠠ᠋ᠶ᠎ᠡ ᠪᠦᠯᠬᠦᠮᠳᠡᠯ᠎ᠤᠨ ᠲᠦᠯᠦᠭᠡ᠂ ᠤᠭᠰᠠᠭ᠎ᠠ ᠶᠠᠰᠤᠲᠠᠨᠤ ᠲᠦᠯᠦᠭᠡ᠂ ᠲᠦᠷᠦ ᠭᠦᠷᠦᠨ᠎ᠤ ᠲᠦᠯᠦᠭᠡ ᠲᠡᠮᠡᠴᠡᠵᠠᠢ᠃ ᠲᠤᠰ ᠦᠭᠦᠯᠡᠯ᠎ᠳᠤ ᠠᠯᠤᠨ ᠭᠤᠸ᠎ᠠ᠂ ᠦᠭᠡᠯᠦᠨ ᠦᠵᠢᠨ᠂ ᠪᠦᠷᠲᠡ ᠦᠵᠢᠨᠤ ᠳᠦᠷᠢ ᠵᠢᠨ ᠳᠤᠬᠠᠢ ᠰᠢᠨᠵᠢᠯᠡᠬᠦ ᠪᠤᠯᠤᠨ᠎ᠠ᠃
ᠮᠤᠩᠭᠤᠯᠴᠤᠳ᠎ᠤᠨ ᠳᠡᠯᠡᠬᠡᠢ ᠶᠢᠷᠲᠢᠡᠴᠦ ᠵᠢᠨ ᠠᠩᠬᠠᠷᠤᠯ᠎ᠢ ᠲᠠᠲᠠᠵᠦ᠂ ᠤᠯᠠᠨ ᠨᠡᠶ᠋ᠢᠲᠡ᠎ᠳᠤ ᠭᠠᠶ᠋ᠢᠬᠠᠭᠳᠠᠨ ᠪᠢᠰᠢᠷᠡᠭᠲᠡᠵᠦ ᠶᠠᠪᠤᠭᠰᠠᠨ ᠠ᠋ᠨᠡ ᠬᠦ᠌ ᠬᠦᠭᠵᠢᠯ ᠬᠤᠪᠢᠷᠠᠯ᠎ᠤᠨ ᠶᠠᠪᠤᠴᠠ᠎ᠳᠤ ᠮᠠᠰᠢ ᠤᠯᠠᠨ ᠪᠠᠭ᠋ᠠᠳᠤᠷ ᠰᠤᠤᠳᠦ ᠠ᠋ᠮᠡᠭᠳᠠᠶ᠋ᠢᠴᠦᠳ ᠴᠤᠯᠭᠤᠷᠠᠨ ᠭᠠᠷᠴᠤ᠂ ᠦᠪᠡᠷ᠎ᠤᠨ ᠤᠶᠤᠨ ᠤᠬᠠᠭ᠋ᠠᠨ ᠵᠶ᠋ᠠᠨ ᠭᠠᠶ᠋ᠢᠬᠠᠭᠤᠯᠵᠤ᠂ ᠲᠡᠦᠬᠡᠨ ᠬᠠᠭᠤᠳᠠᠰᠤᠨ᠎ᠳᠤ ᠠᠯᠳᠠᠷ ᠨᠡᠷ᠎ᠠ᠎ᠪᠠᠨ ᠲᠠᠭᠤᠷᠢᠰᠤᠭᠤᠯᠵᠠᠢ᠃ ᠲᠡᠳᠡ ᠬᠠᠮᠤᠭ ᠤᠯᠤᠰ᠎ᠤᠨ ᠬᠠᠭ᠋ᠠᠳ ᠨᠤᠶᠠᠳ᠎ᠲᠤ ᠬᠠᠪᠰᠤᠷᠤᠭᠴᠢ ᠵᠦᠪᠯᠡᠭᠴᠢ ᠪᠤᠯᠵᠦ᠂ ᠲᠡᠳᠡᠨ᠎ᠤ ᠠᠵᠢᠯ ᠦᠢ᠍ᠯᠡᠰ᠎ᠲᠤ᠎ᠨᠢ ᠲᠤᠰᠠ ᠳᠡᠮᠵᠢᠯᠭᠡ᠎ᠪᠠᠨ ᠬᠦᠷᠭᠡᠵᠦ ᠶᠠᠪᠤᠭᠰᠠᠨ ᠶᠤᠮ᠃ ᠲᠡᠳᠡᠭᠡᠷ ᠤᠯᠠᠨ ᠪᠠᠭ᠋ᠠᠳᠤᠷ ᠰᠤᠤᠳᠤ ᠠ᠋ᠮᠡᠭᠳᠠᠶ᠋ᠢᠴᠦᠳᠠᠴᠠ ᠬᠠᠮᠤᠬ ᠲᠦᠯᠦᠭᠡᠯᠡᠬᠦ ᠴᠢᠨᠠᠷᠳᠠᠢ ᠭᠤᠷᠪᠠᠨ ᠬᠦᠮᠦᠨ᠎ᠢ ᠰᠤᠩᠭᠤᠵᠦ᠂ ᠲᠡᠳᠡᠨ᠎ᠤ ᠦᠢ᠍ᠯᠡ ᠠᠵᠢᠯᠯᠠᠭ᠎ᠠ ᠵᠢ ᠲᠠᠮᠳᠡᠭᠯᠡᠨ ᠠᠪᠴᠦ᠂ ᠠ᠋ᠨᠡ ᠬᠦ᠌ ᠦᠭᠦᠯᠡᠯᠢ ᠪᠢᠴᠢᠭᠰᠡᠨ ᠶᠤᠮ᠃
ᠨᠢᠭᠡ᠂ ᠠᠯᠤᠨ ᠭᠤᠸ᠎ᠠ
ᠠᠯᠤᠨ ᠭᠤᠸ᠎ᠠ ᠠ᠋ᠬᠡ ᠵᠢ ᠶᠠᠷᠢᠬᠤ᠎ᠲᠠᠢ ᠵᠡᠷᠭᠡ ᠳᠤᠪᠤ ᠮᠡᠷᠭᠡᠨ᠎ᠢ ᠵᠠᠪᠠᠯ ᠳᠤᠷᠠᠳᠬᠤ ᠴᠢᠬᠤᠯᠠ ᠲ᠋ᠠᠢ ᠪᠠᠶ᠋ᠢᠳᠠᠭ᠃ ᠳᠤᠪᠤ ᠮᠡᠷᠭᠡᠨ ᠪᠤᠯ ᠮᠤᠩᠭᠤᠯ᠎ᠤᠨ ᠳᠡᠭᠡᠳᠦ ᠪᠦᠷᠳᠡ ᠴᠢᠨ᠋ᠸ᠎ᠠ ᠬᠤᠸᠠ ᠮᠠᠷᠠᠯ᠎ᠤᠨ ᠠᠷᠪᠠᠨ ᠨᠢᠭᠡᠳᠦᠭᠡᠷ ᠦᠶ᠎ᠡ ᠵᠢᠨ ᠦᠷᠡᠰ᠂ ᠦᠭᠡᠷ᠎ᠡ᠎ᠪᠠᠷ ᠬᠡᠯᠡᠪᠡᠯ᠂ ᠴᠢᠩᠭᠢᠰ ᠬᠠᠭ᠋ᠠᠨ᠎ᠤ ᠠᠷᠪᠠᠨ ᠬᠤᠶᠠᠳᠤᠭ᠋ᠠᠷ ᠦᠶ᠎ᠡ ᠵᠢᠨ ᠡᠪᠦᠭᠡ ᠪᠤᠯᠤᠨ᠎ᠠ᠃ 《ᠮᠤᠩᠭᠤᠯ᠎ᠤᠨ ᠨᠢᠭᠤᠴᠠ ᠲᠤᠪᠴᠢᠶᠠᠨ》᠎ᠤ ᠲᠡᠮᠳᠡᠭᠡᠯᠡᠯᠢ ᠦᠨᠳᠦᠰᠦᠯᠡᠪᠡᠯ᠂ ᠲᠤᠪᠦ ᠮᠡᠷᠭᠡᠨᠤ ᠭᠡᠷ ᠪᠤᠯ 《ᠪᠤᠷᠤᠯᠳᠠᠢ ᠰᠤᠶᠤᠯᠪᠢ ᠭᠡᠮᠡᠬᠦ ᠵᠠᠯᠠᠭᠤ ᠵᠠᠷᠤᠴᠠ᠎ᠲᠠᠢ᠂ ᠳ᠋ᠠᠶ᠋ᠢᠷ ᠪᠤᠷᠤ ᠬᠤᠶᠠᠷ ᠬᠦᠯᠦᠭ᠎ᠲᠠᠢ》᠂ ᠵᠠᠷᠤᠬᠤ᠎ᠠᠴᠠ ᠵᠠᠷᠤᠴᠠ᠎ᠲᠠᠢ᠂ ᠤᠨᠤᠬᠤ᠎ᠠᠴᠠ ᠤᠨᠤᠭ᠎ᠠ᠎ᠲᠠᠢ ᠪᠠᠶᠠᠨ ᠲᠠᠷᠭᠤᠨ ᠠᠮᠢᠳᠤᠷᠠᠯ᠎ᠲᠠᠢ ᠠᠶ᠋ᠢᠯ ᠪᠠᠶ᠋ᠢᠪᠠ᠃
ᠠᠯᠤᠨ ᠭᠤᠸ᠎ᠠ ᠠ᠋ᠬᠡ ᠳᠤᠪᠤ ᠮᠡᠷᠭᠡᠨᠤ ᠠ᠋ᠬᠡᠨᠠᠷ ᠪᠤᠯᠵᠦ ᠰᠠᠭᠤᠭ᠋ᠠᠳ ᠪᠦᠬᠦᠨ᠎ᠦ᠎ᠲᠠᠢ᠂ ᠪᠡᠯᠭᠦᠨᠦᠳᠡᠢ ᠭᠡᠰᠡᠨ ᠨᠡᠷ᠎ᠡ᠎ᠲᠠᠢ ᠬᠤᠶᠠᠷ ᠬᠦᠦ ᠲᠦᠷᠦᠵᠠᠢ᠃ ᠬᠤᠵᠢᠮ᠎ᠨᠢ ᠳᠤᠪᠤ ᠮᠡᠷᠭᠡᠨ ᠨᠠᠰᠤ ᠪᠠᠷᠠᠭᠰᠠᠨ᠎ᠤ ᠳᠠᠷᠠᠭ᠎ᠠ᠂ ᠪᠡᠯᠪᠡᠰᠦᠨ ᠪᠠᠶ᠋ᠢᠬᠤ᠎ᠳᠤ᠎ᠪᠠᠨ ᠪᠤᠬ᠎ᠠ ᠬᠠᠲᠠᠬᠢ᠂ ᠪᠤᠭᠳᠤ ᠰᠠᠯᠵᠢ᠂ ᠪᠤᠳᠤᠨᠴᠠᠷ ᠮᠤᠩᠬᠠᠭ ᠨᠡᠷ᠎ᠡ᠎ᠲᠠᠢ ᠭᠤᠷᠪᠠᠨ ᠬᠦᠦ ᠲᠦᠷᠦᠵᠠᠢ᠃ ᠠ᠋ᠬᠡ ᠵᠢᠨ ᠵᠶ᠋ᠠᠨ ᠡᠷ᠎ᠡ ᠦᠭᠡᠢ᠎ᠪᠠᠷ ᠭᠤᠷᠪᠠᠨ ᠬᠦᠦ ᠲᠦᠷᠦᠭᠰᠡᠨ᠎ᠳᠤ ᠪᠦᠬᠦᠨ᠎ᠦ᠎ᠲᠠᠢ᠂ ᠪᠡᠯᠭᠦᠨᠦᠳᠡᠢ ᠠ᠋ᠯᠳᠡᠪ ᠵᠦᠢ᠍ᠯ ᠵᠶ᠋ᠠᠷ ᠰᠡᠵᠢᠭᠯᠡᠨ ᠶᠠᠷᠢᠯᠴᠠᠵᠦ ᠪᠠᠶ᠋ᠢᠭᠰᠠᠨ᠎ᠢ ᠬᠤᠷᠴᠠ ᠰᠡᠷᠭᠦᠯᠡᠩ ᠠᠯᠤᠨ ᠭᠤᠸ᠎ᠠ ᠠ᠋ᠬᠡ ᠤᠯᠵᠦ ᠮᠡᠳᠡᠭᠡᠳ᠂ ᠠ᠋ᠨᠡ ᠤᠴᠢᠷ᠎ᠢ ᠬᠤᠶᠠᠷ ᠬᠦᠦᠳᠤᠪᠠᠨ ᠲᠠᠶ᠋ᠢᠯᠪᠤᠷᠢᠯᠠᠵᠦ ᠦᠭᠬᠦ ᠦᠭᠡᠢ ᠪᠤᠯᠬᠤ ᠦᠭᠡᠢ ᠭᠡᠳᠡᠭ᠎ᠢ ᠲᠠᠨᠢᠵᠦ ᠤᠯᠵᠠᠢ᠃ ᠲᠡᠷᠡ ᠨᠢᠭᠡ ᠠ᠋ᠳᠦᠷ ᠲᠠᠪᠤᠨ ᠬᠡᠦᠬᠡᠳ ᠵᠶ᠋ᠠᠨ ᠳᠡᠷᠭᠡᠲᠡ᠎ᠪᠠᠨ ᠳᠠᠭᠤᠲᠠᠨ ᠠᠪᠴᠢᠷᠠᠵᠦ᠂ ᠭᠡᠷᠡᠯ ᠵᠶ᠋ᠠᠷ ᠵᠢᠷᠮᠦᠰᠦᠯᠩᠰᠡᠨ ᠭᠡᠳᠡᠭ ᠳᠤᠮᠤᠭ ᠵᠤᠬᠢᠶᠠᠨ ᠶᠠᠷᠢᠵᠦ ᠥᠭᠴᠡᠢ᠃ ᠲᠡᠷᠡ ᠲᠠᠪᠤᠨ ᠬᠦᠦᠳᠤᠪᠠᠨ᠄ 《ᠲᠠ ᠨᠠᠷ ᠨᠠᠷᠢᠨ ᠤᠴᠢᠷ᠎ᠢ ᠮᠡᠳᠡᠬᠦ ᠦᠭᠡᠢ ᠪᠠᠶ᠋ᠢᠭ᠋ᠠᠳ ᠶᠠᠭᠤᠨ᠎ᠳᠤ ᠳᠡᠮᠡᠢ ᠶᠠᠭᠤᠮ᠎ᠠ ᠶᠠᠷᠢᠬᠤ ᠪᠣᠢ? ᠰᠦᠨᠢ ᠪᠦᠷᠢ ᠨᠠᠮ᠎ᠠ ᠵᠢ ᠤᠨᠲᠠᠵᠦ ᠪᠠᠶ᠋ᠢᠲᠠᠯ᠎ᠠ ᠴᠠᠭ᠋ᠠᠨ ᠰᠢᠷ᠎ᠠ ᠬᠦᠮᠦᠨ ᠠ᠋ᠷᠦᠬᠡ ᠳᠤᠭᠤᠨᠤ᠎ᠪᠠᠷ ᠭᠡᠷᠡᠯ ᠰᠠᠴᠤᠷᠠᠭᠤᠯᠤᠭᠰᠠᠭ᠋ᠠᠷ ᠤᠷᠤᠵᠦ ᠢᠷᠡᠭᠡᠳ ᠮᠢᠨᠤ ᠬᠡᠪᠡᠯᠢ ᠵᠢ ᠢᠯᠢᠵᠦ᠂ ᠭᠡᠷᠡᠯ᠎ᠨᠢ ᠮᠢᠨᠤ ᠬᠡᠪᠡᠯᠢ᠎ᠳᠤ ᠰᠢᠩᠭᠡᠳᠡᠭ᠃ ᠲᠡᠷᠡ ᠬᠦᠮᠦᠨ ᠤᠷᠭᠤᠬᠤ ᠨᠠᠷᠠᠨ᠎ᠤ ᠦᠶ᠎ᠡ᠎ᠪᠠᠷ ᠰᠢᠷ᠎ᠠ ᠨᠤᠬᠠᠢ ᠮᠡᠳᠦ ᠰᠢᠷᠪᠠᠯᠵᠡᠭᠰᠡᠷ ᠭᠠᠷᠴᠦ ᠶᠠᠪᠤᠨ᠎ᠠ᠃ ᠠ᠋ᠭᠦᠨ᠎ᠠᠴᠠ ᠦᠵᠡᠬᠦ᠎ᠳᠤ ᠠ᠋ᠨᠡ ᠭᠤᠷᠪᠠᠨ ᠬᠡᠦᠬᠡᠳ ᠠ᠋ᠩ᠎ᠤᠨ ᠬᠠᠷᠠᠴᠤ ᠠᠷᠠᠳ᠎ᠲᠠᠢ ᠠᠳᠠᠯᠢ ᠦᠭᠡᠢ》 [1] ᠭᠡᠪᠡ᠃
ᠠ᠋ᠭᠦᠨ᠎ᠤ ᠳᠠᠷᠠᠭ᠎ᠠ᠂ ᠠᠯᠤᠨ ᠭᠤᠸ᠎ᠠ ᠠ᠋ᠬᠡ ᠲᠠᠪᠤᠨ ᠮᠦᠰᠦᠨ ᠠᠪᠴᠢᠷᠠᠵᠦ᠂ ᠲᠠᠪᠤᠨ ᠬᠦᠦ᠎ᠪᠠᠨ ᠰᠤᠷᠭ᠋ᠠᠭᠰᠠᠨ ᠪᠠᠶ᠋ᠢᠨ᠎ᠠ᠃ ᠬᠦᠮᠦᠨ ᠪᠦᠷᠢ᠎ᠳᠤ ᠨᠢᠵᠡᠭᠡᠳ ᠮᠦᠰᠦᠨ ᠪᠠᠷᠢᠭᠤᠯᠵᠦ 《ᠬᠤᠭᠤᠯ》 ᠭᠡᠰᠡᠨ᠎ᠳᠤ ᠲᠡᠳᠡ ᠬᠦᠴᠦ ᠤᠷᠤᠭᠤᠯᠤᠭᠰᠠᠨ ᠦᠭᠡᠢ ᠠᠪ ᠠᠮᠠᠷᠬᠠᠨ ᠬᠤᠭᠤᠯᠵᠦ ᠤᠷᠬᠢᠪᠠ᠃ ᠵᠠᠯᠭ᠋ᠠᠭ᠋ᠠᠳ ᠲᠠᠪᠤᠨ ᠮᠦᠰᠦ᠎ᠨᠢ ᠨᠡᠶ᠋ᠢᠯᠡᠭᠦᠯᠦᠨ ᠦᠭᠭᠦᠭᠡᠳ 《ᠬᠤᠭᠤᠯ》 ᠭᠡᠰᠡᠨ᠎ᠳᠤ ᠬᠡᠨ ᠠᠯᠢᠨ᠎ᠨᠢ ᠴᠦ᠍ ᠬᠤᠭᠤᠯᠵᠦ ᠴᠢᠳᠠᠭᠰᠠᠨ ᠦᠭᠡᠢ᠃ ᠠ᠋ᠭᠦᠨ᠎ᠳᠤ ᠠᠯᠤᠨ ᠭᠤᠸ᠎ᠠ ᠠ᠋ᠬᠡ᠎ᠠᠴᠠ᠄ 《ᠲᠠᠨ᠎ᠤ ᠲᠠᠪᠤᠭᠤᠯᠠ ᠪᠦᠷ ᠮᠢᠨᠤ ᠨᠢᠭᠡ ᠯᠠ ᠬᠡᠪᠡᠯᠢ᠎ᠠᠴᠠ ᠲᠦᠷᠦᠭᠰᠡᠨ ᠶᠤᠮ᠂ ᠲᠠ ᠨᠠᠷ ᠬᠡᠷᠪᠡ ᠭᠠᠭᠴᠠ ᠭᠠᠭᠴᠠᠭ᠋ᠠᠷ ᠵᠶ᠋ᠠᠨ ᠰᠠᠯ᠎ᠤᠨ ᠬᠠᠭ᠋ᠠᠴᠠᠵᠦ᠂ ᠬᠤᠪᠢ ᠬᠤᠪᠢ᠎ᠪᠠᠨ ᠬᠦᠭᠡᠭᠡᠪᠡᠯ᠂ ᠶᠠᠭ ᠨᠢᠭᠡ ᠮᠦᠰᠦᠨ ᠰᠢᠭ ᠠᠮᠠᠷᠬᠠᠨ ᠬᠤᠭᠤᠷᠠᠵᠦ ᠪᠤᠰᠤᠳ᠎ᠲᠤ ᠢᠯᠠᠭᠳᠠᠨ᠎ᠠ᠂ ᠭᠡᠪᠡᠴᠦ ᠪᠠᠭᠯᠠᠭᠰᠠᠨ ᠲᠠᠪᠤᠨ ᠮᠦᠰᠦᠨ ᠰᠢᠭ ᠪᠦᠯᠬᠦᠮᠳᠡᠨ ᠨᠢᠭᠡᠳᠴᠦ ᠶᠠᠪᠤᠪᠠᠯ ᠬᠡᠨ᠎ᠳᠤ ᠴᠦ᠍ ᠢᠯᠠᠭᠳᠠᠭ᠍ᠤ ᠦᠭᠡᠢ ᠪᠤᠯᠤᠨ᠎ᠠ》 [2] ᠭᠡᠵᠦ ᠰᠤᠷᠭ᠋ᠠᠵᠦ ᠬᠡᠯᠡᠭᠰᠡᠨ ᠪᠠᠶ᠋ᠢᠨ᠎ᠠ᠃
ᠠᠯᠤᠨ ᠭᠤᠸ᠎ᠠ ᠠ᠋ᠬᠡ ᠵᠢᠨ ᠠ᠋ᠨᠡ ᠰᠤᠷᠭ᠋ᠠᠯ ᠦᠭᠡᠨ᠎ᠳᠤ᠂ ᠪᠦᠯᠬᠦᠮᠳᠡᠨ ᠨᠢᠭᠲᠠᠷᠠᠭ᠍ᠤ ᠵᠢᠨ ᠴᠢᠬᠤᠯᠠ ᠴᠢᠨᠠᠷ ᠪᠠ ᠬᠠᠭ᠋ᠠᠴᠠᠵᠦ ᠪᠤᠲᠠᠷᠠᠭ᠍ᠤ ᠵᠢᠨ ᠠᠶᠤᠯ ᠬᠤᠤᠷ᠎ᠢ ᠲᠤᠩ ᠲᠦᠷᠰᠦᠯᠢᠭ ᠵᠶ᠋ᠠᠷ ᠴᠢᠬᠤᠯᠠᠴᠢᠯᠠᠵᠦ ᠵᠢᠭ᠋ᠠᠭᠰᠠᠨ ᠶᠤᠮ᠃ ᠪᠠᠯᠠᠷ ᠬᠤᠴᠤᠷᠤᠩᠭᠤᠢ ᠨᠡᠶ᠋ᠢᠭᠡᠮ᠎ᠳᠤ᠂ ᠡᠴᠢᠭᠡ ᠪᠤᠯᠤᠭᠰᠠᠳ᠎ᠨᠢ ᠠᠵᠤ ᠲᠦᠷᠦᠬᠦ ᠵᠢᠨ ᠭᠤᠤᠯ ᠲᠤᠯᠭ᠋ᠠᠭᠤᠷᠢ ᠬᠦᠴᠦᠨ ᠪᠤᠯᠤᠭᠰᠠᠨ᠎ᠤ ᠬᠤᠪᠢ᠎ᠳᠤ ᠭᠡᠷ ᠤᠷᠤᠨ᠎ᠳᠤ᠎ᠪᠠᠨ ᠬᠤᠷᠭᠤᠳᠠᠵᠦ ᠰᠠᠭᠤᠬᠤ᠎ᠨᠢ ᠲᠤᠩ ᠬᠤᠪᠤᠷ ᠪᠠᠶ᠋ᠢᠭᠰᠠᠨ ᠤᠴᠢᠷ᠎ᠠᠴᠠ᠂ ᠦᠷ᠎ᠡ ᠬᠡᠦᠬᠡᠳ ᠵᠶ᠋ᠠᠨ ᠰᠤᠷᠭ᠋ᠠᠵᠦ ᠬᠦᠮᠦᠵᠢᠭᠦᠯᠬᠦ ᠠ᠋ᠭᠦᠷᠭᠡ ᠬᠠᠷᠢᠭᠤᠴᠠᠯᠭ᠎ᠠ ᠵᠢ ᠭᠤᠤᠯᠳᠠᠭᠤ ᠠ᠋ᠬᠡᠴᠦᠳᠨᠢ ᠠ᠋ᠭᠦᠷᠭᠡᠯᠡᠵᠦ ᠪᠠᠶ᠋ᠢᠵᠠᠢ᠃
ᠪᠢᠳᠠᠭᠤ ᠮᠤᠩᠬᠠᠭ ᠭᠡᠵᠦ ᠭᠤᠯᠤᠭᠳᠠᠵᠤ ᠪᠠᠶ᠋ᠢᠭᠰᠠᠨ ᠪᠤᠳᠤᠨᠴᠠᠷ ᠮᠤᠩᠬᠠᠭ ᠬᠦᠷᠲᠡᠯ᠎ᠡ 《ᠪᠡᠶ᠎ᠡ ᠲᠦᠷᠦᠭᠦᠦ᠎ᠲᠠᠢ᠂ ᠲᠡᠪᠡᠯ ᠵᠠᠬ᠎ᠠ᠎ᠲᠠᠢ ᠰᠠᠶ᠋ᠢᠨ》 [3] ᠭᠡᠳᠡᠭ ᠭᠦᠨ ᠤᠬᠠᠭ᠋ᠠᠯᠢᠭ᠂ ᠤᠯᠤᠰ ᠲᠦᠷᠦ ᠵᠢᠨ ᠵᠤᠷᠢᠯᠳᠠ᠎ᠲᠠᠢ ᠦᠵᠡᠯᠲᠡ ᠵᠢ ᠲᠤᠷᠠᠳᠤᠨ ᠭᠠᠷᠭ᠋ᠠᠭᠰᠠᠨ ᠶᠤᠮ᠃ 《ᠮᠤᠩᠭᠤᠯ᠎ᠤᠨ ᠨᠢᠭᠤᠴᠠ ᠲᠤᠪᠴᠢᠶᠠᠨ》᠎ᠳᠤ᠎ᠬᠢ ᠠᠯᠤᠨ ᠭᠤᠸ᠎ᠠ ᠠ᠋ᠬᠡ ᠵᠢᠨ ᠲᠦᠷᠢ ᠪᠤᠯ ᠪᠢᠯᠢᠭ ᠰᠠᠶ᠋ᠢᠳᠠᠢ᠂ ᠤᠶᠤᠨ ᠤᠬᠠᠭ᠋ᠠᠨ᠎ᠲᠠᠢ ᠠᠭᠤᠤ ᠶᠡᠭᠡ ᠠ᠋ᠮᠡᠭᠲᠡᠢ ᠪᠤᠯᠤᠨ᠎ᠠ᠃
ᠬᠤᠶᠠᠷ᠂ ᠦᠭᠡᠯᠦᠨ ᠦᠵᠢᠨ
ᠠ᠋ᠷᠲᠡᠨ᠎ᠤ ᠮᠤᠩᠭᠤᠯ᠎ᠤᠨ ᠰᠤᠤᠳᠦ ᠠ᠋ᠮᠡᠭᠲᠡᠶ᠋ᠢᠴᠦᠳᠢ ᠲᠤᠷᠠᠳᠬᠤ᠎ᠳᠤ ᠦᠭᠡᠯᠦᠨ ᠠ᠋ᠬᠡ ᠵᠢᠨ ᠠᠴᠢ ᠭᠠᠪᠢᠶ᠎ᠠ ᠵᠢ ᠮᠠᠷᠲᠠᠵᠦ ᠪᠤᠯᠬᠤ ᠦᠭᠡᠢ᠃ ᠶᠢᠰᠦᠭᠡᠢ ᠪᠠᠭ᠋ᠠᠳᠤᠷᠢ ᠨᠠᠰᠤ ᠪᠠᠷᠠᠭ᠍ᠤ᠎ᠲᠠᠢ ᠵᠡᠷᠭᠡ᠂ ᠶᠢᠰᠦᠭᠡᠢ ᠪᠠᠭ᠋ᠠᠳᠤᠷ᠎ᠤᠨ ᠲᠦᠷᠦᠯ ᠰᠠᠳᠤᠨ᠂ ᠬᠠᠷᠢᠶᠠᠳᠦ ᠢᠷᠭᠡᠳ᠂ ᠠᠨᠳᠠ ᠨᠦᠬᠦᠷ᠂ ᠵᠠᠷᠤᠴᠠ ᠪᠤᠭᠤᠯ᠎ᠨᠢ ᠬᠦᠷᠲᠡᠯ᠎ᠡ ᠰᠠᠯᠵᠦ ᠶᠠᠪᠤᠭᠰᠠᠨ᠎ᠠᠴᠠ ᠲᠡᠳᠡᠨ᠎ᠤ ᠠᠵᠦ ᠠᠮᠢᠳᠤᠷᠠᠯ᠎ᠨᠢ ᠠ᠋ᠳᠦᠷ ᠢᠷᠡᠬᠦᠶ᠎ᠡ ᠪᠡᠷᠬᠡᠳᠡᠨ ᠲᠤᠶ᠋ᠢᠯᠳᠠᠵᠦ᠂ ᠦᠬᠦᠯ ᠤᠨᠠᠯ᠎ᠤᠨ ᠠᠶᠤᠯ ᠵᠤᠪᠠᠯᠠᠩ ᠴᠦ᠍ ᠲᠤᠯᠭ᠋ᠠᠷᠠᠵᠦ ᠪᠠᠶ᠋ᠢᠯ᠎ᠠ᠃ ᠭᠡᠶ᠎ᠡ᠂ ᠬᠦᠴᠢᠷ ᠪᠡᠷᠬᠡ ᠠᠶᠤᠯ ᠵᠤᠪᠠᠯᠠᠩ᠎ᠲᠠᠢ ᠭᠠᠰᠢᠭᠤᠨ ᠬᠠᠷᠠᠰᠠᠯᠳᠦ ᠪᠠᠶ᠋ᠢᠳᠠᠯ᠎ᠨᠢ ᠦᠭᠡᠯᠦᠨ ᠠ᠋ᠬᠡ ᠵᠢᠨ ᠰᠦᠰᠥ ᠵᠤᠷᠢᠭ᠎ᠢ ᠮᠤᠬᠤᠭ᠋ᠠᠵᠦ ᠴᠢᠳᠠᠭᠰᠠᠨ ᠦᠭᠡᠢ᠃ ᠰᠦᠰᠥ ᠵᠤᠷᠢᠭᠲᠠᠢ ᠦᠭᠡᠯᠦᠨ ᠠ᠋ᠬᠡ ᠲᠤᠯᠭ᠋ᠠᠷᠠᠵᠦ ᠢᠷᠡᠭᠰᠡᠨ ᠠᠵᠤ ᠠᠮᠢᠳᠤᠷᠠᠯ᠎ᠤᠨ ᠵᠶ᠋ᠠᠨ ᠭᠠᠴᠢᠭ ᠬᠦᠴᠢᠷᠳᠡᠯ᠎ᠲᠠᠢ ᠰᠢᠳᠦ ᠵᠠᠭᠤᠨ ᠲᠡᠮᠡᠴᠡᠵᠦ ᠶᠠᠪᠤᠪᠠ᠃ ᠲᠡᠷᠡ ᠠᠵᠢᠯᠴᠢ ᠰᠢᠷᠭ᠋ᠠᠭᠤ ᠬᠦᠳᠡᠯᠮᠦᠷᠢᠨ᠂ ᠭᠤᠭᠤᠳ ᠮᠠᠩᠭᠢᠷ ᠲᠡᠭᠦᠵᠦ᠂ ᠵᠢᠭ᠋ᠠᠰᠦ ᠵᠢᠷᠭ᠋ᠠᠬᠠᠢ ᠰᠢᠭᠦᠨ᠂ ᠲᠠᠷᠪᠠᠭ᠎ᠠ ᠵᠤᠷᠠᠮ᠎ᠠ ᠠᠩᠨᠠᠵᠦ᠂ ᠠᠮᠢ ᠭᠤᠤᠯ ᠵᠶ᠋ᠠᠨ ᠵᠠᠯᠭ᠋ᠠᠵᠦ ᠠᠷᠠᠢ ᠴᠢᠮᠠᠢ ᠠᠮᠢᠳᠤᠷᠠᠵᠦ ᠶᠠᠪᠤᠭᠰᠠᠨ ᠪᠢᠯᠡ᠃ ᠠ᠋ᠭᠦᠨ ᠵᠶ᠋ᠠᠷ ᠦᠯᠦ ᠪᠠᠷᠠᠮ᠂ ᠦᠨᠦᠴᠢᠨ ᠬᠤᠴᠤᠷᠤᠭᠰᠠᠨ ᠦᠷ᠎ᠡ ᠬᠡᠦᠬᠡᠳ ᠵᠶ᠋ᠠᠨ ᠰᠤᠷᠭ᠋ᠠᠨ ᠬᠦᠮᠦᠵᠢᠭᠦᠯᠵᠦ᠂ ᠬᠦᠮᠦᠨ᠎ᠤ ᠵᠡᠷᠭᠡ᠎ᠳᠤ ᠬᠦᠷᠭᠡᠬᠦ ᠭᠡᠵᠦ ᠬᠦᠴᠦᠯᠡᠨ ᠴᠢᠷᠮᠠᠶ᠋ᠢᠭᠰᠠᠨ ᠪᠢᠯᠡ᠃
ᠦᠭᠡᠯᠦᠨ ᠠ᠋ᠬᠡ ᠵᠢᠨ ᠠᠵᠦ ᠠᠮᠢᠳᠤᠷᠠᠯ᠎ᠤᠨ ᠵᠶ᠋ᠠᠨ ᠬᠦᠴᠢᠷ ᠭᠠᠴᠢᠭ᠎ᠲᠠᠢ ᠬᠡᠷᠬᠢᠨ ᠲᠡᠮᠡᠴᠡᠵᠦ᠂ ᠦᠨᠦᠴᠢᠨ ᠦᠷᠦᠭᠡᠰᠦᠨ ᠦᠷ᠎ᠡ ᠬᠡᠦᠬᠡᠳ ᠵᠶ᠋ᠠᠨ ᠬᠡᠷᠬᠢᠨ ᠭᠦᠮᠦᠵᠢᠭᠦᠯᠦᠨ ᠦᠰᠭᠡᠵᠦ ᠪᠠᠶ᠋ᠢᠭᠰᠠᠨ ᠪᠠ ᠲᠡᠭᠦᠨ᠎ᠤ ᠠ᠋ᠷᠡᠰ ᠬᠠᠲᠠᠭᠤ ᠰᠦᠰᠥ ᠵᠤᠷᠢᠭ᠂ ᠠᠵᠢᠯᠴᠢ ᠬᠦᠳᠡᠯᠮᠦᠷᠢᠴᠢ ᠵᠠᠩ ᠴᠢᠨᠠᠷ᠎ᠢ 《ᠮᠤᠩᠭᠤᠯ᠎ᠤᠨ ᠨᠢᠭᠤᠴᠠ ᠲᠤᠪᠴᠢᠶᠠᠨ》᠎ᠳᠤ ᠰᠢᠯᠦᠭ᠎ᠤᠨ ᠬᠡᠯᠪᠡᠷᠢ᠎ᠪᠠᠷ ᠪᠢᠴᠢᠭᠰᠡᠨ ᠪᠠᠶ᠋ᠢᠨ᠎ᠠ᠃ ᠲᠠᠷᠤᠢ᠄
ᠤᠶᠤᠨ᠎ᠲᠠᠢ ᠲᠦᠷᠦᠭᠰᠡᠨ ᠦᠭᠡᠯᠦᠨ ᠦᠵᠢᠨ
ᠤᠶᠤᠳᠠᠯ᠎ᠳᠦ ᠳᠡᠪᠡᠯᠢ ᠤᠭᠰᠢᠭᠤᠯᠤᠨ ᠠ᠋ᠮᠦᠰᠴᠦ
ᠤᠭᠤᠳᠤᠷ ᠬᠤᠷᠮᠤᠢ ᠵᠢ ᠰᠢᠭᠤᠨ ᠪᠦᠰᠡᠯᠡᠵᠦ
ᠤᠨᠤᠨ ᠮᠦᠷᠡᠨ᠎ᠢ ᠦᠭᠰᠦᠵᠦ ᠤᠷᠤᠭᠤᠳᠠᠵᠦ
ᠤᠯᠢᠷᠰᠤ ᠮᠤᠶ᠋ᠢᠯᠢ ᠲᠡᠭᠦᠵᠦ ᠶᠠᠪᠤᠵᠦ
ᠦᠴᠦᠬᠡᠨ ᠬᠦᠪᠡᠭᠦᠳ ᠵᠶ᠋ᠠᠨ ᠬᠠᠶ᠋ᠢᠷᠠᠯᠠᠨ ᠲᠡᠵᠢᠭᠡᠵᠦ
ᠠ᠋ᠳᠦᠷ ᠰᠦᠨᠢ ᠵᠢ ᠠᠷᠭ᠋ᠠᠴᠠᠭ᠋ᠠᠨ ᠦᠩᠭᠡᠷᠡᠭᠦᠯᠪᠡ᠃
ᠴᠢᠳᠠᠯ᠎ᠲᠠᠢ ᠲᠦᠷᠦᠭᠰᠡᠨ ᠦᠭᠡᠯᠦᠨ ᠠ᠋ᠬᠡ
ᠴᠠᠷᠠᠰᠤᠨ ᠱᠤᠷᠤ ᠵᠢ ᠪᠠᠷᠢᠨ ᠶᠠᠪᠤᠵᠦ
ᠴᠠᠪᠴᠢᠮ᠎ᠠ ᠭᠠᠵᠠᠷ᠎ᠢ ᠦᠭᠰᠦᠵᠦ ᠤᠷᠤᠭᠤᠳᠠᠵᠦ
ᠬᠠᠪᠢ ᠵᠢᠨ ᠮᠠᠩᠭᠢᠷᠢ ᠮᠠᠯᠲᠠᠨ ᠲᠡᠭᠦᠵᠦ
ᠬᠠᠳ ᠬᠦᠪᠡᠭᠦᠳ ᠵᠶ᠋ᠠᠨ ᠬᠠᠶ᠋ᠢᠷᠠᠯᠠᠨ ᠲᠡᠵᠢᠭᠡᠵᠦ
ᠬᠠᠨᠲᠠᠯ᠎ᠠ ᠴᠠᠳᠲᠠᠯ᠎ᠠ ᠢᠳᠡᠭᠦᠯᠵᠦ ᠦᠰᠭᠡᠪᠡ᠃
ᠭᠤᠸ᠎ᠠ ᠲᠦᠷᠦᠭᠰᠡᠨ ᠦᠭᠡᠯᠦᠨ ᠠ᠋ᠬᠡ
ᠭᠤᠬ᠎ᠠ ᠳᠡᠭᠡᠭᠡ ᠪᠠᠷᠢᠨ ᠶᠠᠪᠤᠵᠦ
ᠭᠤᠤᠯ ᠵᠡᠪᠡ ᠵᠢ ᠦᠭᠰᠦᠵᠦ ᠤᠷᠤᠭᠤᠳᠠᠵᠦ
ᠭᠤᠭᠤᠳ ᠮᠠᠩᠭᠢᠷᠢ ᠲᠡᠭᠦᠨ ᠶᠠᠪᠤᠵᠦ
ᠬᠤᠳᠤᠭᠲᠠᠨ ᠬᠦᠪᠡᠭᠦᠳ ᠵᠶ᠋ᠠᠨ ᠲᠡᠵᠢᠭᠡᠨ ᠦᠰᠭᠡᠪᠡ [4] ᠭᠡᠬᠦ ᠮᠡᠳᠦ᠃
ᠦᠭᠡᠯᠦᠨ ᠠ᠋ᠬᠡ ᠬᠦᠴᠢᠷ ᠵᠤᠪᠠᠯᠠᠩ᠎ᠢ ᠲᠤᠭᠤᠯᠤᠨ᠂ ᠦᠷ᠎ᠡ ᠬᠡᠦᠬᠡᠳ ᠵᠶ᠋ᠠᠨ ᠭᠡᠳᠡᠰᠦ ᠴᠠᠳᠬᠤᠯᠠᠩ᠂ ᠮᠦᠷᠦ ᠪᠦᠳᠦᠨ ᠶᠠᠪᠤᠭᠤᠯᠵᠦ ᠪᠠᠶ᠋ᠢᠭᠰᠠᠨ ᠵᠶ᠋ᠠᠷ ᠦᠯᠦ ᠪᠠᠷᠠᠮ ᠦᠷ᠎ᠡ ᠬᠡᠦᠬᠡᠳ᠎ᠲᠤ᠎ᠪᠠᠨ ᠠ᠋ᠶ᠎ᠡ ᠪᠦᠯᠬᠦᠮᠳᠡᠯ᠎ᠢ ᠴᠢᠬᠤᠯᠠᠴᠢᠯᠠᠨ ᠰᠤᠷᠭ᠋ᠠᠵᠦ ᠪᠠᠶ᠋ᠢᠭᠰᠠᠨ ᠶᠤᠮ᠃ ᠲᠠᠷᠤᠢ 1173 ᠤᠨ᠎ᠳᠤ ᠵᠢᠭ᠋ᠠᠰᠤ ᠪᠤᠯᠵᠤᠮᠤᠷ ᠪᠤᠯᠢᠶᠠᠯᠳᠤᠭᠰᠠᠨ ᠬᠡᠷᠡᠭ ᠵᠶ᠋ᠠᠷ ᠲᠡᠮᠦᠵᠢᠨ ᠬᠠᠰᠠᠷ ᠬᠤᠶᠠᠭᠤᠯᠠ ᠪᠡᠭᠲᠡᠷᠢ ᠬᠠᠷᠪᠤᠵᠦ ᠠᠯᠠᠭᠰᠠᠨ᠎ᠨᠢ ᠦᠭᠡᠯᠦᠨ ᠠ᠋ᠬᠡ ᠵᠢ ᠲᠤᠶ᠋ᠢᠯ ᠵᠶ᠋ᠠᠷ ᠬᠢᠯᠢᠩᠨᠡᠭᠦᠯᠵᠦ ᠪᠢᠯᠡ᠃ ᠦᠭᠡᠯᠦᠨ ᠠ᠋ᠬᠡ᠄
《ᠬᠠᠨᠢ᠎ᠪᠠᠨ ᠪᠠᠷᠠᠭᠰᠠᠳ
ᠬᠠᠯᠠᠭᠤᠨ ᠬᠡᠪᠡᠯᠢ᠎ᠠᠴᠠ ᠬᠠᠭ᠋ᠠᠷᠠᠨ ᠭᠠᠷᠬᠤ᠎ᠳᠤ᠎ᠪᠠᠨ
ᠬᠠᠷ᠎ᠠ ᠨᠦᠵᠢ ᠠᠳᠬᠤᠨ ᠲᠦᠷᠦᠭᠰᠡᠨ ᠪᠢᠯᠡ᠃
ᠬᠠᠪᠢᠷᠭ᠎ᠠ᠎ᠪᠠᠨ ᠬᠠᠵᠠᠭ᠍ᠤ
ᠬᠠᠰᠠᠷ ᠨᠤᠬᠠᠢ ᠮᠡᠳᠦ
ᠬᠠᠳᠠᠨ᠎ᠳᠤ ᠲᠤᠪᠳᠤᠯᠬᠤ
ᠬᠠᠪᠠᠯᠠᠨ ᠢᠷᠪᠢᠰ ᠮᠡᠳᠦ
ᠠᠭᠤᠷ ᠵᠶ᠋ᠠᠨ ᠳᠠᠷᠤᠨ ᠶᠠᠳᠠᠭ᠍ᠤ
ᠤᠮᠤᠭᠳᠤ ᠠᠷᠰᠯᠠᠨ ᠮᠡᠳᠦ
ᠠᠮᠢᠳᠦ ᠵᠢ ᠵᠠᠯᠭᠢᠬᠤ
ᠠᠶᠤᠯ᠎ᠳᠦ ᠮᠠᠩᠭᠤᠰ ᠮᠡᠳᠦ
ᠰᠡᠭᠦᠳᠡᠷ ᠵᠶ᠋ᠠᠨ ᠲᠤᠪᠳᠤᠯᠬᠤ
ᠱᠤᠩᠬᠤᠷ ᠰᠢᠪᠠᠭᠤ ᠮᠡᠳᠦ
ᠰᠠᠮᠢ ᠵᠠᠯᠭᠢᠬᠤ
ᠴᠤᠷᠠᠭᠠ ᠵᠢᠭ᠋ᠠᠰᠤ ᠮᠡᠳᠦ
ᠪᠤᠳᠤᠭᠤ ᠵᠢᠨ ᠵᠶ᠋ᠠᠨ
ᠪᠣᠷᠪᠢ ᠵᠢ ᠬᠠᠵᠠᠭ᠍ᠤ
ᠦᠯ ᠪᠤᠤᠷ᠎ᠠ ᠮᠡᠳᠦ
ᠪᠤᠷᠤᠭ᠋ᠠᠨ᠎ᠳᠤ ᠰᠢᠭ᠋ᠠᠬᠤ
ᠬᠦᠬᠡ ᠴᠢᠨ᠋ᠸ᠎ᠠ ᠮᠡᠳᠦ
ᠦᠷ᠎ᠡ᠎ᠪᠠᠨ ᠦᠯᠳᠡᠵᠦ
ᠠ᠋ᠭᠦᠷᠲᠤᠨᠢ ᠢᠳᠡᠬᠦ
ᠠᠩᠭᠢᠷ ᠰᠢᠪᠠᠭᠤ ᠮᠡᠳᠦ
ᠬᠡᠪᠲᠡᠰᠢ ᠵᠢ᠎ᠨᠢ ᠬᠦᠨᠳᠡᠵᠦ ᠪᠤᠯᠬᠤ ᠦᠭᠡᠢ
ᠭᠡᠳᠡᠷᠭᠦ ᠲᠤᠪᠳᠤᠯᠬᠤ
ᠬᠡᠷᠴᠡᠭᠡᠢ ᠴᠦᠭᠡᠪᠦᠷᠢ ᠮᠡᠳᠦ
ᠪᠠᠷᠢᠵᠦ ᠢᠳᠡᠬᠦ᠎ᠳᠤ ᠬᠤᠶ᠋ᠢᠰᠢ ᠦᠭᠡᠢ
ᠪᠠᠷᠰ ᠠᠷᠢᠶᠠᠲᠠᠨ ᠮᠡᠳᠦ
ᠪᠠᠯᠠᠮᠠᠳ ᠳᠤᠪᠳᠤᠯᠬᠤ
ᠪᠠᠷᠤᠭ ᠨᠤᠬᠠᠢ ᠮᠡᠳᠦ
ᠰᠦᠢ᠍ᠳ ᠪᠤᠯᠠᠢ!
ᠰᠡᠭᠦᠳᠡᠷ᠎ᠠᠴᠠ ᠦᠭᠡᠷ᠎ᠡ ᠲᠠᠰᠢᠭᠤᠷ ᠦᠭᠡᠢ ᠪᠠᠶ᠋ᠢᠬᠤ᠎ᠳᠤ ᠲᠠᠶ᠋ᠢᠴᠢᠭᠤᠳ ᠨᠠᠷ᠎ᠤᠨ ᠬᠦᠨᠦᠭᠡᠯ᠎ᠢ ᠬᠦᠯᠢᠶᠡᠵᠦ ᠦᠰᠢᠶ᠎ᠡ᠎ᠪᠠᠨ ᠶᠠᠭ᠋ᠠᠬᠢᠨ ᠠᠪᠬᠤ ᠭᠡᠵᠦ ᠪᠠᠶ᠋ᠢᠲᠠᠯ᠎ᠠ᠂ ᠲᠠ ᠨᠠᠷ ᠶᠠᠭᠤᠨ᠎ᠳᠤ ᠠ᠋ᠶ᠋ᠢᠮᠦ ᠬᠡᠷᠡᠭ ᠬᠢᠪᠡ?》 ᠭᠡᠵᠦ ᠠ᠋ᠷᠲᠡᠨ᠎ᠤ ᠦᠭᠡ᠎ᠠᠴᠠ ᠠ᠋ᠰᠢ ᠳᠠᠲᠠᠨ᠂ ᠡᠪᠦᠭᠡᠳ᠎ᠤᠨ ᠦᠭᠡ ᠵᠢ ᠦᠨᠳᠦᠰᠦ ᠪᠤᠯᠭ᠋ᠠᠨ᠂ ᠬᠤᠶᠠᠷ ᠬᠡᠦᠬᠡᠳ ᠵᠶ᠋ᠠᠨ ᠶᠡᠬᠡᠳᠡ ᠠᠭᠤᠷᠯᠠᠨ ᠪᠤᠷᠤᠭᠤᠰᠢᠶᠠᠨ ᠵᠢᠮᠡᠯᠡᠪᠡ [5]᠃ ᠠ᠋ᠭᠦᠨ᠎ᠠᠴᠠ ᠲᠡᠮᠦᠵᠢᠨ ᠬᠠᠨᠢ ᠨᠦᠬᠦᠷ ᠦᠭᠡᠢ ᠪᠤᠯ ᠲᠠᠶ᠋ᠢᠰᠤᠨ ᠵᠶ᠋ᠠᠨ ᠳᠠᠷᠤᠵᠦ ᠴᠢᠳᠠᠭ᠍ᠤ ᠦᠭᠡᠢ ᠭᠡᠳᠡᠭ᠎ᠢ ᠤᠶ᠋ᠢᠯᠠᠭ᠋ᠠᠵᠦ᠂ ᠠ᠋ᠶ᠎ᠡ ᠪᠦᠯᠬᠦᠮᠳᠡᠯ᠎ᠢ ᠨᠠᠨᠳᠢᠩᠨᠠᠨ ᠬᠠᠶ᠋ᠢᠷᠠᠯᠠᠵᠦ᠂ ᠦᠨᠡᠨᠴᠢ ᠰᠢᠳᠤᠷᠭᠤ ᠵᠠᠩ ᠴᠢᠨᠠᠷ᠎ᠢ ᠠ᠋ᠷᠬᠢᠮᠯᠡᠬᠦ ᠪᠤᠯᠵᠠᠢ᠃ ᠠ᠋ᠳᠡᠭᠡᠷ ᠪᠦᠬᠦᠨ᠎ᠨᠢ ᠲᠡᠮᠦᠵᠢᠨᠤ ᠪᠦᠬᠦ ᠮᠤᠩᠭᠤᠯ᠎ᠢ ᠬᠤᠷᠢᠶᠠᠨ ᠨᠢᠭᠡᠳᠭᠡᠬᠦ ᠶᠡᠭᠡ ᠦᠢ᠍ᠯᠡᠰ᠎ᠲᠤ᠎ᠨᠢ ᠳᠤᠶ᠋ᠢᠯᠤᠨ ᠶᠡᠭᠡ ᠳᠤᠰᠠ ᠳᠡᠮᠵᠢᠭᠡ ᠪᠤᠯᠤᠭᠰᠠᠨ ᠪᠠᠶ᠋ᠢᠨ᠎ᠠ᠃
ᠦᠭᠡᠯᠦᠨ ᠦᠵᠢᠨ ᠳᠤᠶ᠋ᠢᠯᠤᠨ ᠦᠷᠦᠰᠢᠶᠠᠯ᠎ᠳᠦ ᠠ᠋ᠨᠡᠷᠢᠩᠭᠦᠢ ᠬᠦᠮᠦᠨ ᠪᠠᠶ᠋ᠢᠯ᠎ᠠ᠃ ᠦᠨᠦᠴᠢᠨ ᠦᠷᠦᠭᠡᠰᠦᠨ ᠬᠡᠦᠬᠡᠳ᠎ᠢ ᠲᠤᠰᠠᠯᠠᠨ ᠳᠡᠮᠵᠢᠵᠦ᠂ ᠲᠡᠵᠢᠭᠡᠨ ᠬᠦᠮᠦᠵᠢᠭᠦᠯᠵᠦ ᠦᠪᠡᠷ᠎ᠤᠨ ᠬᠡᠦᠬᠡᠳ᠎ᠠᠴᠠ᠎ᠪᠠᠨ ᠳᠤᠤᠷ᠎ᠠ ᠦᠭᠡᠢ ᠠᠪᠴᠦ ᠶᠠᠪᠤᠭᠰᠠᠨ ᠶᠤᠮ᠃ ᠲᠡᠮᠦᠵᠢᠨ ᠮᠡᠷᠭᠢᠳᠢ ᠮᠦᠬᠦᠭᠡᠬᠦᠳᠤᠪᠠᠨ ᠬᠦᠴᠦ ᠵᠢ ᠤᠯᠵᠦ ᠠᠪᠤᠭᠰᠠᠨ᠎ᠳᠤ᠂ ᠦᠭᠡᠯᠦᠨ ᠦᠵᠢᠨ ᠠ᠋ᠷᠭᠦᠮᠡᠯ ᠬᠦᠦ᠎ᠪᠠᠨ ᠪᠤᠯᠭ᠋ᠠᠨ ᠲᠡᠵᠢᠭᠡᠪᠡ᠃ ᠲᠠᠶ᠋ᠢᠴᠢᠭᠤᠳ᠎ᠤᠨ ᠬᠠᠷᠢᠶᠠᠨ᠎ᠤ ᠪᠠᠰᠤᠳ᠎ᠤᠨ ᠨᠤᠳᠤᠭ᠎ᠠᠴᠠ ᠬᠦᠬᠡᠴᠦ ᠵᠢ ᠤᠯᠵᠦ ᠠᠪᠤᠭ᠋ᠠᠳ ᠦᠭᠡᠯᠦᠨ ᠦᠵᠢᠨ ᠠ᠋ᠷᠭᠦᠮᠡᠯ ᠬᠦᠦ᠎ᠪᠠᠨ ᠪᠤᠯᠭ᠋ᠠᠨ ᠲᠡᠵᠢᠭᠡᠭᠰᠡᠨ᠃ 1196 ᠤᠨ᠎ᠳᠤ ᠲᠡᠮᠦᠵᠢᠨ ᠲᠠᠲ᠋ᠠᠷ᠎ᠤᠨ ᠮᠡᠭᠦᠵᠢᠨ ᠰᠡᠭᠦᠯ᠎ᠳᠦ ᠵᠢ ᠲᠠᠶ᠋ᠢᠯᠠᠵᠦ᠂ ᠰᠢᠬᠢᠬᠤᠳᠤᠭᠢ ᠤᠯᠵᠦ ᠠᠪᠤᠭᠰᠠᠨ᠎ᠳᠤ᠂ ᠦᠭᠡᠯᠦᠨ ᠦᠵᠢᠨ ᠠ᠋ᠷᠭᠦᠮᠡᠯ ᠬᠦᠦ᠎ᠪᠠᠨ ᠪᠤᠯᠭ᠋ᠠᠨ ᠲᠡᠵᠢᠭᠡᠭᠰᠡᠨ᠃ ᠵᠦᠷᠬᠢᠨ ᠠᠶ᠋ᠢᠮᠠᠭ᠎ᠲᠠᠢ ᠬᠦᠳᠡᠭᠡ ᠠᠷᠠᠯ᠎ᠤᠨ ᠳᠤᠯᠤᠭ᠋ᠠᠨ ᠪᠤᠯᠳᠠᠬᠠ ᠭᠡᠳᠡᠭ ᠭᠠᠵᠠᠷ ᠪᠠᠶ᠋ᠢᠯᠳᠤᠬᠤ᠎ᠳᠤ᠂ ᠪᠤᠷᠤᠬᠤᠯ ᠨᠡᠷ᠎ᠡ᠎ᠲᠠᠢ ᠬᠦᠪᠡᠭᠦᠨᠢ ᠤᠯᠵᠦ ᠠᠪᠤᠭ᠋ᠠᠳ ᠦᠭᠡᠯᠦᠨ ᠦᠵᠢᠨ ᠠ᠋ᠷᠭᠦᠮᠡᠯ ᠬᠦᠦ᠎ᠪᠠᠨ ᠪᠤᠯᠭ᠋ᠠᠨ ᠲᠡᠵᠢᠭᠡᠭᠰᠡᠨ ᠪᠠᠶ᠋ᠢᠨ᠎ᠠ᠃ ᠠ᠋ᠳᠡᠭᠡᠷ ᠲᠡᠵᠢᠭᠡᠭᠰᠡᠨ ᠬᠦᠪᠡᠭᠦᠨ ᠵᠶ᠋ᠠᠨ ᠦᠪᠡᠷ᠎ᠤᠨ ᠦᠷ᠎ᠡ᠎ᠲᠠᠢ᠎ᠪᠠᠨ ᠠᠳᠠᠯᠢ ᠦᠵᠡᠵᠦ
《ᠬᠦᠳᠡᠭᠡᠨ᠎ᠠᠴᠠ ᠤᠯᠵᠦ
ᠬᠦᠯᠳᠤ᠎ᠪᠠᠨ ᠪᠦᠪᠡᠶ᠋ᠢᠯᠡᠵᠦ
ᠬᠦᠮᠦᠵᠢᠭᠦᠯᠦᠨ ᠲᠡᠵᠢᠭᠡᠵᠦ
ᠬᠦᠵᠦᠭᠦᠨᠠᠴᠠᠨᠢ ᠲᠠᠲᠠᠵᠦ
ᠬᠦᠮᠦᠨ᠎ᠤ ᠵᠡᠷᠭᠡ ᠪᠤᠯᠭ᠋ᠠᠵᠦ
ᠠ᠋ᠭᠡᠮᠠᠴᠠᠨᠢ ᠲᠠᠲᠠᠵᠦ
ᠡᠷ᠎ᠡ ᠵᠢᠨ ᠵᠡᠷᠭᠡ᠎ᠳᠤ ᠤᠷᠤᠭᠤᠯᠵᠦ》 [6]
ᠦᠪᠡᠷ᠎ᠤᠨ ᠬᠦᠪᠡᠭᠦᠳ᠎ᠤᠨ ᠵᠶ᠋ᠠᠨ ᠨᠦᠬᠦᠷ ᠰᠡᠭᠦᠳᠡᠷ ᠪᠤᠯᠭ᠋ᠠᠵᠦ᠂ 《ᠠ᠋ᠳᠦᠷ ᠦᠵᠡᠬᠦ ᠨᠢᠳᠦ᠂ ᠰᠦᠨᠢ ᠰᠤᠨᠤᠰᠬᠤ ᠴᠢᠬᠢ》 ᠪᠤᠯᠭ᠋ᠠᠶ᠎ᠠ ᠭᠡᠵᠦ ᠪᠠᠭᠳᠠᠭ᠋ᠠᠨ ᠲᠡᠵᠢᠭᠡᠭᠰᠡᠨ ᠪᠠᠶ᠋ᠢᠨ᠎ᠠ᠃
ᠦᠭᠡᠯᠦᠨ ᠠ᠋ᠬᠡ ᠪᠤᠯ ᠠᠴᠢ᠎ᠳᠦ ᠠ᠋ᠬᠡ᠂ ᠬᠦᠨᠳᠦᠳᠦ ᠠ᠋ᠬᠡ ᠮᠦᠨ ᠴᠦ᠍ ᠬᠠᠲᠠᠭᠤ ᠠ᠋ᠬᠡ ᠮᠦᠨ᠃ ᠲᠡᠷᠡ ᠦᠷ᠎ᠡ ᠬᠡᠦᠬᠡᠳ ᠵᠶ᠋ᠠᠨ ᠦᠰᠭᠡᠵᠦ ᠬᠦᠮᠦᠵᠢᠭᠦᠯᠦᠭᠡᠳ᠂ ᠡᠷ᠎ᠡ ᠵᠢᠨ ᠵᠡᠷᠭᠡ᠎ᠳᠤ ᠬᠦᠷᠭᠡᠵᠦ ᠲᠡᠮᠦᠵᠢᠨᠤ ᠬᠠᠮᠤᠭ ᠮᠤᠩᠭᠤᠯ᠎ᠢ ᠭᠠᠭᠴᠠ ᠵᠢᠯᠤᠭᠤᠳᠤ᠎ᠪᠠᠨ ᠬᠤᠷᠢᠶᠠᠨ ᠨᠢᠭᠡᠳᠭᠡᠬᠦ ᠶᠡᠭᠡ ᠦᠢ᠍ᠯᠡᠰ ᠲᠤ ᠬᠦᠴᠦᠯᠡᠨ ᠵᠢᠳᠭᠦᠵᠦ ᠶᠠᠪᠤᠭᠰᠠᠨ ᠪᠦᠭᠡᠳ ᠲᠡᠮᠦᠵᠢᠨ᠎ᠢ ᠮᠤᠩᠭᠤᠯ᠎ᠤᠨ ᠬᠠᠭ᠋ᠠᠨ ᠰᠠᠭᠤᠷᠢᠨ᠎ᠳᠤ ᠰᠠᠭᠤᠭᠰᠠᠨ᠎ᠤ ᠳᠠᠷᠠᠭ᠎ᠠ ᠴᠦ᠍ ᠭᠡᠳ ᠤᠰᠤᠯ ᠠᠯᠳᠠᠭ᠎ᠠ ᠵᠢ᠎ᠨᠢ ᠤᠭᠳᠤ ᠨᠠᠶ᠋ᠢᠷ ᠬᠠᠶᠠᠯ ᠦᠭᠡᠢ ᠲᠤᠩᠭᠤᠳᠤᠨ ᠰᠢᠭᠦᠮᠵᠢᠯᠡᠵᠦ᠂ ᠰᠤᠷᠭ᠋ᠠᠵᠦ ᠰᠡᠷᠡᠮᠵᠢᠯᠡᠭᠦᠯᠳᠡᠭ ᠪᠠᠶ᠋ᠢᠯ᠎ᠠ᠃ ᠴᠢᠩᠭᠢᠰ ᠬᠠᠭ᠋ᠠᠨ ᠲᠡᠪ ᠲᠡᠭᠷᠢ ᠬᠦᠬᠡᠴᠦ ᠵᠢᠨ ᠦᠳᠦᠭᠡᠯᠭᠡ᠎ᠳᠤ ᠤᠷᠤᠵᠦ ᠬᠠᠰᠠᠷᠢ ᠵᠤᠳᠤᠵᠦ ᠪᠠᠶ᠋ᠢᠳᠠᠯ᠎ᠠ ᠦᠭᠡᠯᠦᠨ ᠠ᠋ᠬᠡ ᠠᠭᠤᠷᠯᠠᠨ ᠬᠦᠷᠴᠦ ᠲᠡᠷᠭᠡᠨ᠎ᠠᠴᠠ ᠪᠠᠭᠤᠭ᠋ᠠᠳ ᠬᠠᠰᠠᠷ᠎ᠤᠨ ᠬᠠᠨᠴᠤᠢ ᠵᠢᠨ ᠬᠦᠯᠢᠶᠡᠰᠦ ᠵᠢ ᠦᠪᠡᠷ ᠵᠶ᠋ᠠᠨ ᠲᠠᠶ᠋ᠢᠯᠵᠦ ᠲᠠᠯᠪᠢᠭ᠋ᠠᠳ᠂ ᠮᠠᠯᠠᠭ᠋ᠠᠢ ᠪᠦᠰᠡ ᠵᠢ᠎ᠨᠢ ᠬᠠᠰᠠᠷ᠎ᠲᠤ ᠦᠭᠴᠦ᠂ ᠠᠭᠤᠷ ᠬᠢᠯᠢᠩ ᠵᠶ᠋ᠠᠨ ᠳᠠᠷᠤᠵᠦ ᠶᠠᠳᠠᠵᠤ ᠵᠠᠪᠢᠯᠤᠨ ᠰᠠᠭᠤᠭ᠋ᠠᠳ ᠬᠤᠶᠠᠷ ᠬᠦᠬᠦ᠎ᠪᠠᠨ ᠭᠠᠷᠭ᠋ᠠᠵᠦ ᠬᠤᠶᠠᠷ ᠡᠪᠦᠳᠦᠭ ᠲᠡᠭᠡᠷ᠎ᠡ᠎ᠪᠠᠨ ᠪᠢᠰᠢᠷᠠᠭᠤᠯᠤᠨ ᠪᠠᠷᠢᠵᠦ ᠦᠭᠦᠯᠡᠷᠦᠨ᠄ 《ᠲᠠ ᠨᠠᠷ ᠬᠠᠷᠠᠪᠠᠤ! ᠬᠦᠬᠦᠭᠰᠡᠨ ᠴᠢᠨᠢ ᠠ᠋ᠨᠡ ᠪᠠᠶ᠋ᠢᠨ᠎ᠠ᠃ ᠬᠠᠳᠤᠷᠤᠨ ᠬᠡᠷᠡᠯᠳᠦᠵᠦ᠂ ᠬᠠᠷᠪᠢᠰᠤ᠎ᠪᠠᠨ ᠬᠠᠵᠠᠭᠴᠢᠳ᠂ ᠬᠦᠢ᠍ᠰᠦ᠎ᠪᠠᠨ ᠲᠠᠰᠤᠯᠤᠭᠴᠢᠳ! ᠬᠠᠰᠠᠷ ᠶᠠᠭ᠋ᠠᠬᠢᠪᠠ? ᠲᠡᠮᠦᠵᠢᠨ ᠠ᠋ᠨᠡ ᠬᠦᠬᠦ ᠵᠢ ᠬᠦᠬᠦᠵᠦ ᠪᠠᠷᠠᠳᠠᠭ᠂ ᠬᠠᠴᠢᠭᠤᠨ ᠤᠳᠴᠢᠭᠢᠨ ᠬᠤᠶᠠᠭᠤᠯᠠ᠎ᠪᠠᠨ ᠨᠢᠭᠡ ᠬᠦᠬᠦ ᠵᠢ ᠬᠦᠬᠦᠵᠦ ᠪᠠᠷᠠᠳᠠᠭ ᠦᠭᠡᠢ ᠪᠠᠶ᠋ᠢᠳᠠᠭ᠃ ᠬᠠᠰᠠᠷ ᠭᠠᠭᠴᠠᠭ᠋ᠠᠷ ᠬᠤᠶᠠᠷ ᠬᠦᠬᠦ ᠵᠢᠨ ᠮᠢᠨᠢ ᠰᠦ ᠵᠢ ᠳᠠᠭᠤᠰᠲᠠᠯ᠎ᠠ ᠬᠦᠬᠦᠵᠦ ᠴᠡᠭᠡᠵᠢ ᠵᠢ ᠮᠢᠨᠢ ᠠᠭᠤᠵᠢᠷᠠᠲᠠᠯ᠎ᠠ ᠠᠮᠤᠷᠠᠭᠤᠯᠵᠦ᠂ ᠡᠪᠴᠢᠭᠦᠦ ᠵᠢ ᠰᠠᠷᠠᠭᠤᠯ ᠪᠤᠯᠭ᠋ᠠᠳᠠᠭ ᠰᠠᠨ᠃ ᠲᠡᠶ᠋ᠢᠮᠦ᠎ᠠᠴᠠ ᠲᠡᠮᠦᠵᠢᠨ ᠴᠡᠭᠡᠵᠢᠨ᠎ᠳᠤ᠎ᠪᠠᠨ ᠠ᠋ᠷᠳᠡᠮ᠎ᠲᠠᠢ᠂ ᠬᠠᠰᠠᠷ ᠬᠠᠷᠪᠤᠬᠤ ᠬᠦᠴᠦᠲᠠᠢ᠃
ᠬᠠᠷᠰᠢᠯᠳᠤᠨ ᠭᠠᠷᠤᠭᠰᠠᠨ ᠠ᠋ᠲᠡᠭᠡᠳ᠎ᠢ
ᠬᠠᠷᠪᠤᠵᠤ ᠤᠷᠤᠭᠤᠯᠬᠤ ᠴᠢᠳᠠᠯ᠎ᠲᠠᠢ
ᠠᠲᠠᠭ᠋ᠠᠷᠬᠠᠨ ᠭᠠᠷᠤᠭᠰᠠᠨ ᠲᠠᠶ᠋ᠢᠰᠤᠨᠢ
ᠠᠯᠤᠰ᠎ᠠᠴᠠ ᠪᠤᠴᠠᠭ᠋ᠠᠬᠤ ᠬᠦᠴᠦᠲᠠᠢ᠃
ᠠ᠋ᠳᠦᠭᠡ ᠲᠠᠶ᠋ᠢᠰᠦᠨᠢ ᠳᠠᠷᠤᠵᠦ ᠳᠠᠭᠤᠰᠪᠠ ᠭᠡᠵᠦ ᠬᠠᠰᠠᠷᠢ ᠦᠵᠡᠨ ᠶᠠᠳᠠᠵᠤ ᠪᠠᠶ᠋ᠢᠨ᠎ᠠ ᠤᠤ?》 [7] ᠭᠡᠵᠦ ᠠᠭᠤᠷᠯᠠᠨ ᠰᠢᠭᠦᠮᠵᠢᠯᠡᠵᠠᠢ᠃
ᠴᠢᠩᠭᠢᠰ ᠬᠠᠭ᠋ᠠᠨ᠎ᠠᠴᠠ᠄ 《ᠤᠯᠤᠰ᠎ᠢ ᠬᠤᠷᠢᠶᠠᠭ᠍ᠤ᠎ᠳᠤ ᠵᠤᠪᠠᠵᠦ ᠵᠢᠳᠭᠦᠭᠰᠡᠨ ᠠ᠋ᠬᠡ ᠮᠢᠨᠢ ᠪᠣᠢ ᠊ᠶ᠎ᠠ》 [8] ᠭᠡᠵᠦ ᠦᠭᠡᠯᠦᠨ ᠦᠵᠢ᠎ᠨᠢ ᠦᠨᠡᠯᠡᠨ ᠮᠠᠭᠲᠠᠭᠰᠠᠨ ᠶᠤᠮ᠃ ᠨᠢᠭᠡ ᠯᠠ ᠦᠭᠡ᠎ᠪᠠᠷ ᠬᠡᠯᠡᠪᠡᠯ ᠲᠡᠮᠦᠵᠢᠨᠤ ᠶᠡᠭᠡ ᠦᠢ᠍ᠯᠡᠰ᠎ᠲᠤ ᠦᠭᠡᠯᠦᠨ ᠠ᠋ᠬᠡ ᠪᠠᠶ᠋ᠢᠭᠰᠠᠨ ᠦᠭᠡᠢ ᠪᠤᠯ ᠮᠤᠩᠭᠤᠯ᠎ᠤᠨ ᠨᠢᠭᠡᠳᠦᠯ᠂ ᠬᠠᠭ᠋ᠠᠨ᠎ᠳᠤ ᠤᠯᠤᠰ᠎ᠤᠨ ᠲᠤᠭᠳᠠᠨᠢᠯ᠎ᠨᠢ ᠨᠡᠩ ᠶᠡᠭᠡ ᠲᠤᠭᠤᠷᠢᠭᠤ ᠵᠠᠮ᠎ᠢ ᠦᠩᠭᠡᠷᠡᠭᠡᠬᠦ ᠪᠤᠯᠤᠨ᠎ᠠ ᠭᠡᠳᠡᠭ᠎ᠢ ᠠ᠋ᠶᠡᠳᠡᠯ ᠪᠦᠯᠬᠦᠮᠳᠡᠯ᠎ᠢ ᠶᠠᠭᠤᠨ᠎ᠠᠴᠠ ᠴᠦ᠍ ᠬᠦᠨᠳᠦ ᠠ᠋ᠷᠬᠢᠮᠯᠡᠵᠦ ᠶᠠᠪᠤᠭᠰᠠᠨ ᠦᠭᠡᠯᠦᠨ ᠠ᠋ᠬᠡ ᠵᠢᠨ ᠨᠢᠭᠡ ᠨᠠᠰᠤᠨ᠎ᠤ ᠬᠢᠨᠢ ᠠᠮᠢᠳᠤᠷᠠᠯ ᠲᠡᠮᠡᠴᠡᠯ ᠭᠦᠢ᠍ᠴᠡᠳ ᠭᠡᠷᠡᠴᠢᠯᠡᠵᠦ ᠪᠠᠶ᠋ᠢᠨ᠎ᠠ᠃ ᠠ᠋ᠶᠡᠳᠡᠯ ᠪᠦᠯᠬᠦᠮᠳᠡᠯ ᠦᠭᠡᠢ ᠪᠤᠯ ᠴᠢᠩᠭᠢᠰ ᠬᠠᠭ᠋ᠠᠨ᠎ᠤ ᠨᠦᠬᠦᠳ᠎ᠤᠨ ᠬᠤᠯᠪᠤᠭ᠎ᠠ ᠪᠦᠷᠢᠯᠳᠦᠵᠦ ᠴᠢᠳᠠᠭ᠍ᠤ ᠦᠭᠡᠢ᠂ ᠨᠦᠬᠦᠳ᠎ᠤᠨ ᠬᠤᠯᠪᠤᠭ᠎ᠠ ᠪᠠᠶ᠋ᠢᠭᠰᠠᠨ ᠦᠭᠡᠢ ᠪᠤᠯ ᠮᠤᠩᠭᠤᠯ᠎ᠤᠨ ᠨᠢᠭᠡᠳᠦᠯ ᠴᠦ᠍ ᠪᠡᠶᠡᠯᠡᠭᠳᠡᠬᠦ᠎ᠳᠤ ᠪᠡᠷᠬᠡ᠎ᠲᠠᠢ᠃ 《ᠮᠤᠩᠭᠤᠯ᠎ᠤᠨ ᠨᠢᠭᠤᠴᠠ ᠲᠤᠪᠴᠢᠶᠠᠨ》᠎ᠳᠤ᠎ᠬᠢ ᠦᠭᠡᠯᠦᠨ ᠦᠵᠢᠨᠤ ᠲᠦᠷᠢ ᠪᠤᠯ ᠳᠡᠰᠪᠦᠷᠢ ᠬᠠᠳᠠᠭᠤᠵᠢᠯᠲᠠᠢ᠂ ᠠ᠋ᠷᠡᠰ ᠰᠢᠭᠤᠷᠬᠠᠢ᠂ ᠤᠬᠠᠭ᠋ᠠᠨ ᠴᠢᠳᠠᠪᠤᠷᠢ ᠬᠤᠤᠰᠯᠠᠭᠰᠠᠨ ᠠ᠋ᠮᠡᠭᠲᠡᠢ ᠪᠤᠯᠬᠤ ᠪᠦᠭᠡᠳ ᠦᠷ᠎ᠡ ᠬᠡᠦᠬᠡᠳ ᠵᠶ᠋ᠠᠨ ᠠᠰᠠᠷᠠᠨ ᠬᠦᠮᠦᠵᠢᠭᠦᠯᠵᠦ ᠴᠢᠳᠠᠳᠠᠭ ᠰᠠᠶ᠋ᠢᠬᠠᠨ ᠠ᠋ᠬᠡ ᠵᠢᠨ ᠲᠦᠷᠢ ᠮᠦᠨ᠃
ᠭᠤᠷᠪᠠ᠂ ᠪᠦᠷᠳᠡ ᠦᠵᠢᠨ
ᠪᠦᠷᠳᠡ ᠦᠵᠢᠨ ᠪᠤᠯ ᠲᠡᠮᠦᠵᠢᠨᠤ ᠭᠤᠤᠯ ᠬᠠᠳᠤᠨ᠂ ᠬᠤᠩᠬᠢᠷᠠᠳ ᠠᠶ᠋ᠢᠮᠠᠭ᠎ᠤᠨ ᠬᠦᠮᠦᠨ ᠪᠤᠯᠤᠨ᠎ᠠ᠃ 1170 ᠤᠨ᠎ᠳᠤ ᠬᠦᠪᠡᠭᠦᠨᠳᠤᠪᠠᠨ ᠪᠡᠷᠢ ᠭᠤᠶᠤᠬᠤ᠎ᠪᠠᠷ ᠶᠠᠪᠤᠵᠦ ᠪᠠᠶ᠋ᠢᠭᠰᠠᠨ ᠶᠢᠰᠦᠭᠡᠢ ᠪᠠᠭ᠋ᠠᠳᠤᠷ ᠠᠷᠪᠠᠨ ᠨᠠᠰᠤᠲᠠᠢ ᠪᠦᠷᠳᠡ ᠵᠢ ᠦᠵᠡᠵᠦ ᠲᠤᠭᠤᠭ᠋ᠠᠳ ᠲᠡᠮᠦᠵᠢᠨ᠎ᠳᠤ ᠭᠤᠶᠤᠪᠠ᠂ ᠢᠩᠬᠢᠭᠡᠳ ᠲᠡᠮᠦᠵᠢᠨ᠎ᠢ ᠳ᠋ᠠᠢ ᠰᠡᠴᠡᠨᠤ ᠭᠡᠷ᠎ᠲᠤ ᠦᠯᠡᠳᠡᠭᠡᠪᠡ᠃ ᠶᠢᠰᠦᠭᠡᠢ ᠪᠠᠭ᠋ᠠᠳᠤᠷ ᠲᠠᠲ᠋ᠠᠷ ᠠᠶ᠋ᠢᠮᠠᠭ᠎ᠲᠤ ᠬᠤᠤᠷᠯᠠᠭᠳᠠᠨ ᠨᠠᠰᠦ ᠪᠠᠷᠠᠭᠰᠠᠨ᠎ᠤ ᠳᠠᠷᠠᠭ᠎ᠠ᠂ ᠦᠭᠡᠯᠦᠨ ᠠ᠋ᠬᠡ ᠲᠡᠷᠢᠭᠦᠲᠠᠢ ᠦᠨᠦᠴᠢᠨ ᠪᠡᠯᠪᠡᠰᠦᠨ ᠲᠡᠳᠡ ᠨᠠᠷ ᠬᠦᠴᠢᠷ ᠪᠡᠷᠬᠡᠰᠢᠶᠡᠯ ᠠᠶᠤᠯ ᠵᠤᠪᠠᠯᠠᠩᠳᠤ ᠳᠠᠭ᠋ᠠᠷᠢᠭᠳᠠᠨ ᠶᠠᠪᠤᠭᠰᠠᠭ᠋ᠠᠷ᠂ ᠪᠦᠷᠳᠡ ᠵᠢ ᠪᠠᠭᠤᠯᠭ᠋ᠠᠨ ᠠᠪᠴᠢᠷᠠᠭ᠍ᠤ ᠵᠠᠪ ᠲᠡᠩᠬᠡᠭᠡ ᠦᠭᠡᠢ ᠬᠡᠳᠦᠨ ᠵᠢᠯ ᠪᠤᠯᠵᠠᠢ᠃ 1178 ᠤᠨ᠎ᠳᠤ ᠠᠷᠪᠠᠨ ᠲᠤᠯᠤᠭ᠋ᠠᠨ ᠨᠠᠰᠤᠲᠠᠢ ᠲᠡᠮᠦᠵᠢᠨ ᠪᠦᠷᠲᠡ ᠦᠵᠢᠨ᠎ᠲᠠᠢ ᠤᠷᠤᠭ ᠬᠤᠷᠢᠮ᠎ᠤᠨ ᠶᠤᠰᠤᠨᠢ ᠭᠦᠢ᠍ᠴᠡᠳᠭᠡᠵᠠᠢ᠃
ᠪᠦᠷᠳᠡ ᠦᠵᠢᠨ ᠲᠡᠮᠦᠵᠢᠨᠤ ᠤᠯᠤᠰ ᠲᠦᠷᠦ᠂ ᠠᠵᠦ ᠠᠮᠢᠳᠤᠷᠠᠯ᠎ᠤᠨ ᠲᠠᠯ᠎ᠠ᠎ᠪᠠᠷ ᠬᠠᠮᠤᠭ᠎ᠤᠨ ᠬᠦᠴᠢᠷ ᠪᠡᠷᠬᠡᠰᠢᠶᠡᠯ᠎ᠲᠠᠢ ᠪᠠᠶ᠋ᠢᠭᠰᠠᠨ ᠦᠶ᠎ᠡ᠎ᠳᠤ ᠢᠷᠡᠵᠦ ᠵᠢᠷᠭ᠋ᠠᠯ ᠵᠤᠪᠠᠯᠠᠩ ᠵᠶ᠋ᠠᠨ ᠬᠠᠮᠳᠤᠳᠬᠠᠭᠰᠠᠨ ᠪᠦᠭᠡᠳ ᠲᠡᠮᠦᠵᠢᠨᠤ ᠬᠦᠴᠦᠨ ᠴᠤᠭᠯᠠᠭᠤᠯᠵᠤ᠂ ᠠᠨᠳᠠ ᠨᠦᠬᠦᠷ ᠠ᠋ᠯᠰᠠᠵᠦ᠂ ᠮᠤᠩᠭᠤᠯ᠎ᠤᠨ ᠤᠯᠠᠨ ᠠᠶ᠋ᠢᠮᠠᠭᠤᠳᠢ ᠬᠤᠷᠢᠶᠠᠨ ᠨᠢᠭᠡᠳᠭᠡᠬᠦ ᠦᠢ᠍ᠯᠡᠰ᠎ᠲᠤ ᠴᠦ᠍ ᠪᠠᠯᠠᠷᠠᠰᠢ ᠦᠭᠡᠢ ᠠᠴᠢ ᠭᠠᠪᠢᠶ᠎ᠠ ᠦᠵᠡᠭᠦᠯᠦᠭᠰᠡᠨ ᠶᠤᠮ᠃ ᠠ᠋ᠭᠦᠨ᠎ᠤ ᠨᠢᠭᠡ ᠵᠢᠱ᠌ᠢᠶ᠎ᠡ ᠭᠡᠪᠡᠯ᠂ ᠪᠦᠷᠳᠡ ᠦᠵᠢᠨᠤ ᠲᠦᠷᠬᠦᠮ᠎ᠤᠨ ᠭᠠᠵᠠᠷ᠎ᠠᠴᠠ᠎ᠪᠠᠨ ᠪᠡᠯᠡᠭ ᠪᠤᠯᠭ᠋ᠠᠨ ᠠᠪᠴᠢᠷᠠᠭᠰᠠᠨ ᠬᠠᠷ᠎ᠠ ᠪᠤᠯᠠᠭ᠋ᠠᠨ ᠲᠠᠭ᠍ᠤᠨᠢ ᠴᠢᠬᠤᠯᠠ ᠦᠢ᠍ᠯᠡᠳᠦᠯ ᠭᠠᠷᠭ᠋ᠠᠵᠠᠢ᠃ ᠲᠡᠮᠦᠵᠢᠨ ᠠ᠋ᠨᠡ ᠬᠠᠷ᠎ᠠ ᠪᠤᠯᠠᠭ᠋ᠠᠨ ᠳᠠᠭ᠍ᠤ ᠵᠢ ᠡᠴᠢᠭᠡ ᠵᠢᠨ ᠵᠶ᠋ᠠᠨ ᠠᠨᠳᠠ ᠪᠠᠶ᠋ᠢᠭᠰᠠᠨ ᠭᠡᠷᠡᠶ᠋ᠢᠳᠤᠨ ᠳᠤᠭᠤᠷᠢᠯ ᠬᠠᠨᠳᠤ ᠪᠡᠯᠡᠭ ᠪᠤᠯᠭ᠋ᠠᠨ ᠬᠦᠷᠭᠡᠵᠦ ᠡᠴᠢᠭᠡ ᠬᠦᠪᠡᠭᠦᠨ ᠪᠤᠯᠤᠯᠴᠠᠨ ᠨᠦᠬᠦᠷᠯᠡᠵᠠᠢ᠃ ᠠ᠋ᠨᠡ ᠬᠦᠨᠳᠦ ᠪᠡᠯᠡᠭ᠎ᠢ ᠬᠦᠯᠢᠶᠡᠨ ᠠᠪᠤᠭᠰᠠᠨ ᠳᠤᠭᠤᠷᠢᠯ ᠬᠠᠨ ᠮᠠᠰᠢ ᠪᠠᠶᠠᠷᠯᠠᠵᠦ᠄
ᠬᠠᠷ᠎ᠠ ᠪᠤᠯᠭ᠋ᠠᠨ ᠳᠠᠭ᠍ᠤ ᠵᠢᠨ ᠴᠢᠨᠢ ᠬᠠᠷᠢᠭᠤ᠎ᠳᠤ
ᠬᠠᠭ᠋ᠠᠴᠠᠭᠰᠠᠨ ᠤᠯᠤᠰ᠎ᠢ ᠴᠢᠨᠢ ᠬᠠᠮᠳᠤᠳᠬᠠᠵᠦ ᠦᠭᠭᠦᠶ᠎ᠡ᠃
ᠪᠤᠯᠭ᠋ᠠᠨ ᠲᠠᠭ᠍ᠤ ᠵᠢᠨ ᠴᠢᠨᠢ ᠬᠠᠷᠢᠭᠤ᠎ᠳᠤ
ᠪᠤᠳᠠᠷᠠᠭᠰᠠᠨ ᠤᠯᠤᠰ᠎ᠢ ᠴᠢᠨᠢ ᠪᠦᠷᠢᠳᠭᠡᠵᠦ ᠦᠭᠭᠦᠶ᠎ᠡ᠃
ᠪᠦᠭᠡᠷ᠎ᠡ ᠢᠨᠤ ᠪᠦᠭᠰᠡᠨ᠎ᠳᠤ ᠪᠠᠶ᠋ᠢᠭ
ᠴᠡᠭᠡᠷ᠎ᠡ ᠢᠨᠤ ᠴᠡᠭᠡᠵᠢᠨ᠎ᠳᠤ ᠪᠠᠶ᠋ᠢᠭ [9]
ᠭᠡᠵᠦ ᠠᠮᠠᠯᠳᠤᠭᠰᠠᠨ ᠪᠠᠶ᠋ᠢᠨ᠎ᠠ᠃ ᠶᠠᠭ ᠠ᠋ᠨᠡ ᠬᠦ᠌ ᠳᠤᠭᠤᠷᠢᠯ ᠬᠠᠨ᠎ᠤ ᠬᠠᠪᠰᠤᠷᠤᠯᠭ᠎ᠠ ᠲᠡᠮᠵᠢᠯᠭᠡ᠎ᠪᠠᠷ ᠮᠡᠷᠭᠢᠳ ᠠᠶ᠋ᠢᠮᠠᠭ᠎ᠢ ᠮᠦᠬᠦᠭᠡᠵᠦ ᠴᠢᠳᠠᠵᠠᠢ᠃ ᠪᠦᠷᠳᠡ ᠦᠵᠢᠨᠤ ᠲᠦᠷᠬᠦᠮ᠎ᠤᠨ ᠭᠠᠵᠠᠷ᠎ᠠᠴᠠ᠎ᠪᠠᠨ ᠪᠡᠯᠡᠭ ᠪᠤᠯᠭ᠋ᠠᠨ ᠠᠪᠴᠢᠷᠠᠭᠰᠠᠨ ᠬᠠᠷ᠎ᠠ ᠪᠤᠯᠠᠭ᠋ᠠᠨ ᠲᠠᠭ᠍ᠤᠨᠢ ᠡᠷ᠎ᠡ ᠨᠦᠬᠦᠷ᠎ᠤᠨ ᠵᠶ᠋ᠠᠨ ᠠᠵᠦ ᠦᠢ᠍ᠯᠡᠰ᠎ᠲᠤ ᠰᠠᠭᠤᠷᠢ ᠲᠠᠯᠪᠢᠵᠦ ᠦᠭᠭᠦᠭᠰᠡᠨ ᠪᠠᠶ᠋ᠢᠨ᠎ᠠ᠃
ᠪᠦᠷᠳᠡ ᠦᠵᠢᠨ ᠪᠠᠰᠠ ᠠ᠋ᠷᠡᠰ ᠰᠢᠭᠤᠷᠬᠠᠢ᠂ ᠠᠷᠭ᠎ᠠ ᠰᠠᠮᠪᠠᠭ᠎ᠠ᠎ᠲᠠᠢ ᠪᠦᠰᠡᠭᠦᠢ ᠪᠠᠶ᠋ᠢᠯ᠎ᠠ᠃ ᠲᠡᠮᠦᠵᠢᠨ ᠵᠠᠳᠠᠷᠠᠨ ᠠᠶ᠋ᠢᠮᠠᠭ᠎ᠤᠨ ᠵᠠᠮᠤᠬ᠎ᠠ᠎ᠲᠠᠢ ᠰᠠᠶ᠋ᠢᠨ ᠠᠨᠳᠠ ᠪᠤᠯᠵᠦ ᠨᠦᠬᠦᠷᠯᠡᠵᠦ ᠶᠠᠪᠤᠭᠰᠠᠨ ᠶᠤᠮ᠃ ᠭᠡᠪᠡᠴᠦ ᠵᠠᠮᠤᠬ᠎ᠠ ᠵᠢᠨ ᠬᠠᠮᠤᠭ ᠮᠤᠩᠭᠤᠯ᠎ᠤᠨ ᠬᠠᠨ ᠪᠤᠯᠬᠤ ᠭᠡᠰᠡᠨ ᠰᠢᠨᠤᠬᠠᠢ ᠰᠠᠨᠠᠭ᠎ᠠ᠎ᠠᠴᠠ ᠪᠤᠯᠵᠦ᠂ ᠲᠡᠳᠡ ᠬᠤᠶᠠᠷ᠎ᠤᠨ ᠨᠦᠬᠦᠷᠯᠡᠯ᠎ᠨᠢ ᠤᠳᠠᠭ᠋ᠠᠨ ᠦᠷᠭᠦᠯᠵᠢᠯᠡᠵᠦ ᠴᠢᠳᠠᠭᠰᠠᠨ ᠦᠭᠡᠢ᠂ ᠵᠠᠮᠤᠬ᠎ᠠ ᠰᠠᠯᠵᠦ ᠲᠤᠰᠠᠭ᠋ᠠᠷᠯᠠᠭ᠍ᠤᠪᠠᠷ ᠤᠷᠤᠯᠳᠤᠵᠠᠢ᠃ ᠠ᠋ᠨᠡ ᠬᠦ᠌ ᠰᠠᠨᠠᠭ᠎ᠠ᠎ᠪᠠᠨ ᠲᠡᠷᠡ ᠳᠠᠯᠳᠠ ᠪᠢᠳᠡᠭᠦᠦ ᠤᠳᠬ᠎ᠠ ᠪᠦᠬᠦᠢ ᠰᠢᠯᠦᠭ ᠵᠶ᠋ᠠᠷ ᠢᠯᠡᠳᠭᠡᠭᠰᠡᠨ ᠪᠠᠶ᠋ᠢᠨ᠎ᠠ᠄
《ᠲᠡᠮᠦᠵᠢᠨ ᠠᠨᠳᠠ ᠡ!
ᠠᠭᠤᠯᠠᠨ᠎ᠳᠤ ᠰᠢᠬᠠᠨ ᠪᠠᠭᠤᠶ᠎ᠠ
ᠠᠳᠤᠭᠤᠴᠢᠨ᠎ᠳᠤ ᠭᠡᠷ ᠪᠤᠯᠳᠤᠭ᠋ᠠᠢ
ᠭᠤᠤᠯ᠎ᠳᠤ ᠰᠢᠬᠠᠨ ᠪᠠᠭᠤᠶ᠎ᠠ
ᠬᠤᠨᠢᠴᠢᠨ ᠬᠤᠷᠠᠭ᠋ᠠᠴᠢᠨᠳᠤ ᠬᠤᠭᠤᠯᠠ ᠪᠤᠯᠳᠤᠭ᠋ᠠᠢ》 [10]
ᠭᠡᠵᠦ ᠶᠠᠷᠢᠪᠠ᠃ ᠲᠡᠮᠦᠵᠢᠨ ᠵᠠᠮᠤᠬ᠎ᠠ ᠵᠢᠨ ᠬᠡᠯᠡᠭᠰᠡᠨ ᠤᠳᠬ᠎ᠠ ᠤᠴᠢᠷ᠎ᠢ᠎ᠨᠢ ᠤᠶ᠋ᠢᠯᠠᠭ᠋ᠠᠵᠦ ᠴᠢᠳᠠᠭᠰᠠᠨ ᠦᠭᠡᠢ ᠪᠤᠯᠬᠤᠷ ᠦᠭᠡᠯᠦᠨ ᠠ᠋ᠬᠡ᠎ᠠᠴᠠ ᠠᠰᠠᠭᠤᠵᠠᠢ᠃ ᠠ᠋ᠨᠡ ᠦᠶ᠎ᠡ᠎ᠳᠤ ᠦᠭᠡᠯᠦᠨ ᠠ᠋ᠬᠡ᠎ᠶᠢ ᠦᠭᠡ ᠬᠡᠯᠡᠵᠦ ᠠᠮᠵᠢᠬᠤ᠎ᠠᠴᠠ ᠠ᠋ᠮᠦᠨ᠎ᠡ᠂ ᠪᠦᠷᠲᠡ ᠦᠵᠢᠨ᠄ 《ᠵᠠᠮᠤᠬ᠎ᠠ ᠠᠨᠳᠠ ᠤᠶ᠋ᠢᠳᠳᠠᠭ ᠵᠠᠩ᠎ᠲᠠᠢ ᠭᠡᠳᠡᠭ ᠰᠠᠨ᠃ ᠤᠳᠦ ᠪᠢᠳᠡᠨ᠎ᠠᠴᠠ ᠬᠠᠭ᠋ᠠᠴᠠᠨ ᠰᠠᠯᠬᠤ ᠴᠠᠭ ᠪᠤᠯᠪᠠ᠃ ᠰᠠᠶᠢ ᠵᠢᠨ ᠵᠠᠮᠤᠬ᠎ᠠ ᠠᠨᠳᠠ ᠵᠢᠨ ᠬᠡᠯᠡᠭᠰᠡᠨ᠎ᠨᠢ ᠪᠢᠳᠡᠨ᠎ᠳᠤ ᠰᠠᠨᠠᠭ᠋ᠠᠷᠬᠠᠭᠰᠠᠨ ᠦᠭᠡ ᠪᠢᠵᠡ᠃ ᠪᠢᠳᠡ ᠪᠦᠦ ᠪᠠᠭᠤᠶ᠎ᠠ᠃ ᠠ᠋ᠨᠡ ᠬᠥᠳᠡᠯᠦᠭᠰᠡᠨ ᠵᠶ᠋ᠠᠷ ᠰᠦᠨᠢ ᠲᠤᠵᠢ ᠶᠠᠪᠦᠵᠦ ᠰᠢᠯᠤᠭᠤᠬᠠᠨ ᠰᠠᠯᠤᠯᠴᠠᠶᠠ》 [11] ᠭᠡᠪᠡ᠃ ᠡ᠊ᠨᠳᠡ᠎ᠠᠴᠠ ᠪᠦᠷᠳᠡ ᠦᠵᠢᠨᠤ ᠠ᠋ᠷᠡᠰ ᠰᠢᠭᠤᠷᠬᠠᠢ᠂ ᠠᠷᠭ᠎ᠠ ᠰᠠᠮᠪᠠᠭ᠎ᠠ ᠲ᠋ᠠᠢ ᠵᠠᠩ ᠴᠢᠨᠠᠷ ᠲᠤᠪᠤᠶ᠋ᠢᠲᠠᠯᠠ ᠢᠯᠡᠷᠡᠵᠦ ᠪᠠᠶ᠋ᠢᠨ᠎ᠠ᠃ ᠤᠷᠪᠠᠭ᠋ᠠᠨ ᠬᠦᠷᠪᠡᠭᠡᠨ᠂ ᠵᠡᠷᠯᠢᠭ ᠰᠠᠨᠠᠭ᠎ᠠ᠎ᠲᠠᠢ ᠬᠦᠮᠦᠨ᠎ᠲᠠᠢ ᠨᠦᠬᠦᠷᠯᠡᠬᠦ᠎ᠠᠴᠠ ᠠ᠋ᠷᠲᠡᠬᠡᠨ ᠬᠤᠪᠢ ᠬᠤᠪᠢ᠎ᠪᠠᠨ ᠬᠦᠭᠡᠭᠡᠬᠦ᠎ᠨᠢ ᠳᠡᠭᠡᠷ᠎ᠡ ᠭᠡᠳᠡᠭ᠎ᠢ ᠭᠢᠷᠠᠭ᠍ᠠᠢ ᠠᠵᠢᠵᠦ ᠮᠡᠳᠡᠭᠰᠡᠨ ᠶᠤᠮ᠃
ᠪᠦᠷᠲᠡ ᠦᠵᠢᠨ ᠦᠷᠭᠦᠯᠵᠢ ᠴᠢᠩᠭᠢᠰ ᠬᠠᠭ᠋ᠠᠨ᠎ᠤ ᠤᠮᠠᠷᠳᠠᠭᠰᠠᠨᠢᠨᠢ ᠰᠠᠨᠠᠭᠤᠯᠵᠦ᠂ ᠤᠨᠳᠠᠭᠰᠠᠨᠢᠨᠢ ᠰᠡᠷᠢᠭᠦᠯᠵᠦ ᠶᠠᠪᠤᠳᠠᠭ᠃ 1206 ᠤᠨ᠎ᠳᠤ ᠲᠡᠮᠦᠵᠢᠨ ᠮᠤᠩᠭᠤᠯ ᠬᠠᠭ᠋ᠠᠨ᠎ᠳᠤ ᠤᠯᠤᠰ᠎ᠢ ᠪᠠᠶ᠋ᠢᠭᠤᠯᠤᠨ᠂ ᠲᠦᠷᠦ ᠵᠢᠨ ᠲᠦᠯᠦᠭᠡ ᠲᠡᠮᠡᠴᠡᠭᠰᠡᠨ ᠭᠠᠪᠢᠶ᠎ᠠ ᠵᠢᠳᠭᠦᠯ᠎ᠲᠠᠢ ᠬᠦᠮᠦᠰ᠎ᠢ ᠱᠠᠩᠨᠠᠭ᠍ᠤᠳᠤ ᠪᠤᠭᠤᠷᠴᠤ ᠵᠢᠨ ᠭᠠᠪᠢᠶ᠎ᠠ ᠵᠢᠳᠭᠦᠯ᠎ᠢ ᠲᠤᠷᠠᠳᠤᠭᠰᠠᠨ ᠦᠭᠡᠢ ᠪᠠᠶ᠋ᠢᠵᠠᠢ᠃ ᠠ᠋ᠨᠡ ᠤᠴᠢᠷ᠎ᠢ ᠪᠦᠷᠳᠡ ᠦᠵᠢᠨ ᠴᠢᠩᠭᠢᠰ ᠬᠠᠭ᠋ᠠᠨ᠎ᠳᠤ ᠢᠳᠬᠠᠨ ᠰᠠᠨᠠᠭᠤᠯᠤᠭᠰᠠᠨ ᠪᠠᠶ᠋ᠢᠨ᠎ᠠ᠃ ᠠ᠋ᠨᠡ᠎ᠨᠢ ᠪᠦᠷᠲᠡ ᠦᠵᠢᠨ᠎ᠠᠴᠠ ᠤᠯᠤᠰ᠎ᠤᠨ ᠲᠦᠯᠦᠭᠡ ᠦᠷᠯᠦᠭ ᠭᠠᠪᠢᠶ᠎ᠠ ᠪᠠᠶ᠋ᠢᠭᠤᠯᠤᠭᠰᠠᠨ ᠬᠦᠮᠦᠰ᠎ᠢ ᠬᠡᠵᠢᠶᠡᠳᠡ ᠮᠠᠷᠲᠠᠵᠦ ᠪᠤᠯᠬᠤ ᠦᠭᠡᠢ᠂ ᠳᠤᠰᠤᠯ᠎ᠤᠨ ᠬᠠᠷᠢᠭᠤ᠎ᠳᠤ ᠳᠠᠯᠠᠢ ᠭᠡᠳᠡᠭ ᠶᠤᠰᠤ ᠤᠴᠢᠷ᠎ᠢ ᠬᠦᠮᠦᠨ ᠪᠦᠬᠦᠨ᠎ᠳᠤ ᠮᠡᠳᠡᠭᠦᠯᠤᠭ᠌ᠰᠡᠨ ᠪᠠᠶ᠋ᠢᠨ᠎ᠠ᠃
ᠮᠤᠩᠭᠤᠯ᠎ᠤᠨ ᠬᠠᠭ᠋ᠠᠨ ᠲᠦᠷᠦ ᠲᠤᠭᠳᠠᠪᠤᠷᠢᠵᠢᠨ ᠪᠠᠬᠢᠵᠢᠭ᠌ᠰᠡᠨᠤ ᠲᠠᠷᠠᠭ᠎ᠠ ᠴᠦ᠍ ᠪᠦᠷᠳᠡ ᠦᠵᠢᠨ ᠲᠦᠷᠦ ᠵᠢᠨ ᠲᠦᠯᠦᠭᠡ ᠤᠶᠤᠨ ᠤᠬᠠᠭ᠋ᠠᠨ ᠵᠶ᠋ᠠᠨ ᠰᠢᠪᠬᠠᠭᠰᠠᠨ ᠶᠤᠮ᠃ 《ᠲᠡᠪ ᠲᠡᠭᠷᠢ》 ᠪᠤᠯᠬᠤ ᠬᠦᠬᠡᠴᠦ ᠤᠯᠠᠨ᠎ᠤ ᠢᠲᠡᠭᠡᠯ᠎ᠢ ᠤᠯᠤᠭᠰᠠᠨᠳᠤᠪᠠᠨ ᠠ᠋ᠷᠳᠡᠶ᠋ᠢᠵᠦ᠂ ᠲᠦᠷᠦ ᠵᠢᠨ ᠠ᠋ᠷᠬᠡ ᠵᠢ ᠪᠤᠯᠢᠶᠠᠭ᠍ᠤᠪᠠᠷ ᠤᠷᠤᠯᠳᠤᠭᠰᠠᠨ ᠪᠠᠶ᠋ᠢᠨ᠎ᠠ᠃ ᠠ᠋ᠭᠦᠨ᠎ᠳᠤ ᠲᠡᠮᠦᠭᠡ ᠤᠳᠴᠢᠬᠢᠨᠤ ᠬᠠᠷᠢᠶᠠᠳᠦ ᠢᠷᠭᠡᠳ᠎ᠨᠢ ᠮᠡᠬᠡᠯᠡᠭᠳᠡᠨ ᠬᠦᠬᠡᠴᠦ ᠵᠢ᠎ᠲᠠᠭᠠᠨ ᠶᠠᠪᠤᠵᠠᠢ᠃ ᠤᠳᠴᠢᠬᠢᠨ ᠨᠤᠶᠠᠨ ᠲᠡᠪ ᠲᠡᠭᠷᠢ ᠵᠢᠨ᠎ᠳᠤ ᠤᠴᠢᠵᠦ᠂ ᠬᠠᠷᠢᠶᠠᠳᠦ ᠠᠷᠠᠳ ᠵᠶ᠋ᠠᠨ ᠠᠪᠠᠴᠢᠬᠤ ᠭᠡᠰᠡᠨ᠎ᠳᠤ ᠲᠡᠪ ᠲᠡᠭᠷᠢ ᠤᠳᠴᠢᠬᠢᠨ ᠨᠤᠶᠠᠨ᠎ᠢ ᠰᠦᠭᠦᠳᠭᠡᠵᠦ ᠵᠠᠯᠬᠠᠭ᠋ᠠᠪᠠ᠃ ᠠ᠋ᠭᠦᠨ᠎ᠢ ᠪᠦᠷᠳᠡ ᠦᠵᠢᠨ ᠦᠵᠡᠭᠡᠳ᠄ 《ᠲᠡᠳᠡ ᠬᠤᠩᠬᠤᠳᠠ ᠶᠠᠮᠠᠷ ᠭᠡᠴᠡᠭᠦᠦ ᠶᠤᠮ ᠪᠤᠢ? ᠤᠷᠢᠳᠦ ᠠ᠋ᠳᠦᠷ ᠲᠡᠳᠡ ᠲᠤᠯᠤᠭᠤᠯᠠ ᠨᠡᠶ᠋ᠢᠯᠡᠯᠴᠡᠵᠦ ᠬᠠᠰᠠᠷᠢ ᠵᠤᠳᠤᠵᠦ᠂ ᠦᠨᠦ ᠪᠠᠰᠠ ᠠ᠋ᠨᠡ ᠤᠳᠴᠢᠭᠢᠨᠢ ᠠᠷᠤ ᠵᠢᠨ ᠬᠤᠶ᠋ᠢᠨ᠎ᠠ᠎ᠠᠴᠠ᠎ᠪᠠᠨ ᠰᠦᠭᠦᠳᠦᠭᠦᠯᠪᠡ᠃ ᠶᠠᠮᠠᠷ ᠶᠤᠰᠦ ᠪᠤᠯᠵᠦ ᠪᠠᠶ᠋ᠢᠬᠤ᠎ᠨᠢ ᠪᠤᠢ? ᠨᠠᠷᠠᠰᠦ ᠴᠦᠬᠦᠷᠰᠦ ᠮᠡᠳᠦ ᠳᠡᠭᠦᠦ ᠨᠠᠷ᠎ᠲᠤ ᠴᠢᠨᠢ ᠬᠠᠷᠢᠨ ᠢᠩᠬᠢᠵᠦ ᠬᠤᠤᠷ ᠬᠦᠷᠭᠡᠵᠦ ᠪᠣᠢ᠃ ᠦᠨᠡᠬᠡᠷ ᠠ᠋ᠶ᠋ᠢᠮᠦ ᠪᠤᠯᠪᠠᠯ ᠠ᠋ᠭᠦᠨ᠎ᠠᠴᠠ ᠬᠤᠵᠢᠮ᠄
ᠱᠠᠩᠱ᠌ᠢ ᠮᠡᠳᠦ ᠪᠡᠶ᠎ᠡ ᠴᠢᠨᠢ
ᠰᠠᠯᠪᠠᠷᠠᠭ᠍ᠤᠳᠤ ᠬᠦᠷᠪᠡᠯ
ᠰᠢᠪᠠᠭᠤ ᠮᠡᠳᠦ ᠴᠤᠭᠯᠠᠷᠠᠭᠰᠠᠨ ᠤᠯᠤᠰ᠎ᠢ ᠴᠢᠨᠢ
ᠡᠵᠡᠨ ᠮᠡᠳᠡᠭᠦᠯᠬᠦ ᠭᠡᠵᠠᠢ ᠤᠤ?
ᠳᠤᠯᠤ ᠮᠡᠳᠦ ᠪᠡᠶ᠎ᠡ ᠴᠢᠨᠢ
ᠳᠤᠯᠪᠠᠭᠠᠪᠠᠨ ᠬᠠᠶᠠᠵᠦ ᠶᠠᠪᠤᠪᠠᠯ
ᠲᠤᠶᠠᠭ᠋ᠠᠳᠦ ᠰᠠᠶ᠋ᠢᠬᠠᠨ ᠤᠯᠤᠰ᠎ᠢ ᠴᠢᠨᠢ
ᠡᠵᠡᠨ ᠮᠡᠳᠡᠭᠦᠯᠬᠦ ᠭᠡᠵᠠᠢ ᠤᠤ?
ᠨᠠᠷᠠᠰᠦ ᠴᠦᠬᠦᠷᠰᠦ ᠮᠡᠳᠦ ᠳᠡᠭᠦᠦ ᠨᠠᠷ᠎ᠢ ᠴᠢᠨᠢ ᠢᠩᠬᠢᠵᠦ ᠳᠠᠷᠤᠯᠠᠵᠦ ᠪᠦᠬᠦᠢ ᠬᠦᠮᠦᠰ ᠮᠢᠨᠤ ᠦᠴᠦᠬᠡᠨ ᠮᠠᠭᠤ ᠭᠤᠷᠪᠠ ᠲᠦᠷᠪᠡᠨ ᠦᠷ᠎ᠡ ᠬᠡᠦᠬᠡᠳ᠎ᠢ ᠦᠭᠡᠯᠡᠢ ᠦᠨᠳᠦᠷ ᠪᠤᠯᠲᠠᠯ᠎ᠠ ᠶᠠᠭᠤᠨ᠎ᠤ ᠡᠵᠡᠨ ᠮᠡᠳᠡᠭᠦᠯᠬᠦ ᠪᠤᠢ? ᠲᠡᠳᠡ ᠬᠤᠩᠬᠤᠳᠠ ᠶᠠᠭ᠋ᠠᠬᠢᠭᠰᠠᠨ ᠭᠡᠴᠡᠭᠦᠦ ᠤᠯᠤᠰ ᠶᠤᠮ ᠪᠤᠢ? ᠳᠡᠭᠦᠦ ᠨᠠᠷ᠎ᠢ ᠴᠢᠨᠢ ᠢᠩᠬᠢᠵᠦ ᠳᠠᠷᠤᠯᠠᠭ᠍ᠤ ᠵᠢ ᠦᠵᠡᠭᠰᠡᠭᠡᠷ ᠪᠠᠶ᠋ᠢᠭ᠋ᠠᠳ ᠶᠠᠭᠤᠨ᠎ᠳᠤ ᠵᠦᠭᠡᠷ ᠦᠩᠭᠡᠷᠡᠭᠦᠯᠬᠦ ᠪᠤᠢ ᠴᠢ?》 [12] ᠭᠡᠵᠦ ᠠ᠋ᠮᠦᠨ᠎ᠡ ᠭᠠᠷᠤᠭᠰᠠᠨ ᠬᠤᠶ᠋ᠢᠨ᠎ᠠ ᠪᠤᠯᠤᠭᠰᠠᠨ ᠬᠡᠷᠡᠭ᠎ᠢ ᠨᠢᠯᠪᠤᠰᠤ ᠠᠰᠬᠠᠷᠠᠭᠤᠯᠤᠨ ᠮᠡᠳᠡᠭᠦᠯᠵᠠᠢ᠃
ᠪᠦᠷᠲᠡ ᠦᠵᠢᠨ ᠮᠤᠩᠭᠤᠯ᠎ᠤᠨ ᠲᠤᠯᠭᠤᠷ ᠲᠦᠷᠦ ᠲᠤᠭᠳᠠᠵᠤ ᠪᠠᠬᠢᠵᠢᠬᠦ᠎ᠳᠤ ᠦᠪᠡᠷ᠎ᠤᠨ ᠤᠶᠤᠨ ᠤᠬᠠᠭ᠋ᠠᠨ ᠵᠶ᠋ᠠᠨ ᠬᠠᠷᠠᠮ ᠦᠭᠡᠢ ᠵᠤᠷᠢᠭᠤᠯᠤᠭᠰᠠᠨ ᠶᠤᠮ᠃ ᠴᠢᠩᠭᠢᠰ ᠬᠠᠭ᠋ᠠᠨ᠎ᠠᠴᠠ ᠪᠦᠷᠲᠡ ᠦᠵᠢ᠎ᠨᠢ᠄
《ᠪᠦᠳᠦᠬᠦ ᠵᠢᠨ ᠤᠷᠢᠳᠠ ᠤᠴᠠᠷᠠᠭᠰᠠᠨ ᠪᠦᠷᠲᠡ ᠦᠵᠢᠨ ᠶᠡᠭᠡ ᠬᠠᠳᠤᠨ ᠮᠢᠨᠤ
ᠠ᠋ᠷᠳᠡᠨᠢ ᠡᠴᠢᠭᠡ ᠵᠢᠨ ᠮᠢᠨᠢ ᠵᠦᠭᠡᠭᠰᠡᠨ ᠠ᠋ᠬᠡ ᠮᠡᠳᠦ ᠭᠡᠷᠭᠡᠢ ᠪᠦᠯᠦᠭᠡ》 [13]
ᠭᠡᠵᠦ ᠦᠨᠡᠯᠡᠭᠰᠡᠨ ᠪᠠᠶ᠋ᠢᠳᠠᠭ᠃ ᠠ᠋ᠶ᠋ᠢᠮᠦ᠎ᠠᠴᠠ ᠪᠦᠷᠲᠡ ᠦᠵᠢᠨᠤ ᠲᠦᠷᠢ ᠪᠤᠯ ᠤᠷᠠᠨ ᠤᠬᠠᠭ᠋ᠠᠨ ᠬᠤᠤᠰᠯᠠᠭᠰᠠᠨ ᠪᠦᠰᠡᠭᠦᠢ᠂ ᠰᠢᠯᠭ᠋ᠠᠷᠠᠭᠰᠠᠨ ᠤᠯᠤᠰ ᠲᠦᠷᠦᠴᠢᠨ ᠪᠦᠭᠡᠳ ᠲᠦᠷᠦ ᠵᠢᠨ ᠰᠠᠶ᠋ᠢᠨ ᠵᠦᠪᠯᠡᠭᠴᠢ ᠮᠦᠨ᠃
ᠮᠤᠩᠭᠤᠯ᠎ᠤᠨ ᠪᠠᠭ᠋ᠠᠳᠤᠷ ᠰᠤᠤᠳᠦ ᠠ᠋ᠮᠡᠭᠳᠠᠶ᠋ᠢᠴᠦᠳ᠎ᠤᠨ ᠲᠤᠪᠤᠶ᠋ᠢᠵᠦ ᠴᠤᠯᠭᠤᠷᠠᠭᠰᠠᠨᠤ ᠦᠨᠳᠦᠰᠦᠨ ᠰᠢᠯᠲᠠᠭ᠋ᠠᠨ᠎ᠨᠢ ᠲᠡᠳᠡᠨ᠎ᠤ ᠤᠯᠤᠰ ᠲᠦᠷᠦ ᠵᠢᠨ ᠲᠠᠯ᠎ᠠ᠎ᠪᠠᠷ᠎ᠬᠢ ᠪᠠᠶ᠋ᠢᠷᠢ ᠰᠠᠭᠤᠷᠢ ᠪᠤᠯᠤᠨ ᠠᠳᠠᠯᠢ ᠲᠡᠭᠰᠢ᠎ᠪᠠᠷ ᠤᠯᠤᠰ ᠲᠦᠷᠦ ᠵᠢᠨ ᠦᠢ᠍ᠯᠡ ᠬᠡᠷᠡᠭ᠎ᠲᠤ ᠤᠷᠤᠯᠴᠠᠨ᠂ ᠤᠯᠤᠰ ᠲᠦᠷᠦ ᠵᠢᠨ ᠤᠨᠤᠯ ᠲᠤᠷᠠᠳᠤᠨ ᠤᠶᠤᠨ ᠤᠬᠠᠭ᠋ᠠᠨ ᠵᠶ᠋ᠠᠨ ᠬᠡᠨ᠎ᠠᠴᠠ ᠴᠦ᠍ ᠳᠤᠲᠠᠭᠤ ᠦᠭᠡᠢ ᠪᠠᠳᠠᠷᠠᠭᠤᠯᠵᠦ ᠶᠠᠪᠤᠭᠰᠠᠨ ᠵᠶ᠋ᠠᠷ ᠬᠤᠯᠪᠤᠭ᠎ᠠ᠎ᠲᠠᠢ ᠶᠤᠮ᠃ ᠠᠯᠤᠨ ᠭᠤᠸ᠎ᠠ ᠠ᠋ᠶᠡᠳᠡᠯ ᠪᠦᠯᠬᠦᠮᠳᠡᠯ᠎ᠢ ᠠ᠋ᠷᠬᠢᠮᠯᠡᠨ᠂ ᠦᠭᠡᠯᠦᠨ ᠠ᠋ᠬᠡ ᠪᠦᠷᠳᠡ ᠦᠵᠢᠨ ᠮᠤᠩᠭᠤᠯ᠎ᠤᠨ ᠶᠡᠭᠡ ᠦᠢ᠍ᠯᠡᠰ᠂ ᠲᠦᠷᠦ ᠪᠠᠬᠢᠵᠢᠭᠦᠯᠬᠦ ᠦᠢ᠍ᠯᠡᠰ᠎ᠲᠤ ᠪᠦᠬᠦ ᠬᠦᠴᠦᠨ ᠴᠢᠳᠠᠯ᠂ ᠤᠶᠤᠨ ᠤᠬᠠᠭ᠋ᠠᠨ ᠵᠶ᠋ᠠᠨ ᠵᠤᠷᠢᠭᠤᠯᠵᠦ᠂ ᠤᠨᠲᠠᠭᠰᠠᠨᠢ ᠰᠡᠷᠢᠭᠦᠯᠵᠦ᠂ ᠮᠠᠷᠳᠠᠭᠰᠠᠨᠢᠨᠢ ᠰᠠᠨᠠᠭᠤᠯᠵᠦ ᠶᠠᠪᠤᠭᠰᠠᠨ ᠶᠤᠮ᠃
ᠵᠡᠭᠦᠯᠲᠡ᠄
[1] ᠭᠦᠢ ᠷᠦᠩ᠄ ᠮᠤᠩᠭᠤᠯ᠎ᠤᠨ ᠲᠡᠦᠬᠡ ᠵᠢᠨ ᠲᠤᠷᠠᠨ ᠬᠠᠷᠠᠭ᠎ᠠ — 《ᠠ᠋ᠷᠲᠡᠨ᠎ᠤ ᠮᠤᠩᠭᠤᠯ᠎ᠤᠨ ᠰᠤᠤᠳᠦ ᠠ᠋ᠮᠡᠭᠲᠡᠶ᠋ᠢᠴᠦᠳ》᠂ ᠦᠪᠦᠷ ᠮᠤᠩᠭᠤᠯ᠎ᠤᠨ ᠠᠷᠠᠳ᠎ᠤᠨ ᠬᠡᠪᠯᠡᠯ᠎ᠤᠨ ᠬᠤᠷᠢᠶ᠎ᠠ᠂ 2012 ᠤᠨ᠂ 2 ᠳ᠋ᠤᠭ᠋ᠠᠷ ᠨᠢᠭᠤᠷ
[2][3][4][5][6][7][8][9][10][11]
[12] ᠲᠠᠶ᠋ᠢᠴᠢᠭᠤᠳ ᠮᠠᠨᠰᠠᠩ᠄ ᠰᠢᠨ᠎ᠡ᠎ᠪᠠᠷ ᠤᠷᠴᠢᠭᠤᠯᠤᠨ ᠲᠠᠶ᠋ᠢᠯᠪᠤᠷᠢᠯᠠᠭᠰᠠᠨ 《ᠮᠤᠩᠭᠤᠯ᠎ᠤᠨ ᠨᠢᠭᠤᠴᠠ ᠲᠤᠪᠴᠢᠶᠠᠨ》᠂ ᠦᠪᠦᠷ ᠮᠤᠩᠭᠤᠯ᠎ᠤᠨ ᠰᠢᠨᠵᠢᠯᠡᠬᠦ ᠤᠬᠠᠭ᠋ᠠᠨ ᠲᠸᠭᠨᠢᠭ ᠮᠡᠷᠭᠡᠵᠢᠯ᠎ᠤᠨ ᠬᠡᠪᠯᠡᠯ᠎ᠤᠨ ᠬᠤᠷᠢᠶ᠎ᠠ᠂ 2009 ᠤᠨ᠃ 8᠂ 10᠂ 43~45᠂ 266~267᠂ 46~48᠂ 299~300᠂
297᠂ 56~57᠂ 86~87᠂ 87᠂ 301~302 ᠳ᠋ᠤᠭ᠋ᠠᠷ ᠨᠢᠭᠤᠷ
[13] ᠰᠠᠭ᠋ᠠᠩ ᠰᠡᠴᠡᠨ᠄ 《ᠠ᠋ᠷᠳᠡᠨᠢ ᠵᠢᠨ ᠲᠤᠪᠴᠢ》᠂ ᠦᠪᠦᠷ ᠮᠤᠩᠭᠤᠯ᠎ᠤᠨ ᠠᠷᠠᠳ᠎ᠤᠨ ᠬᠡᠪᠯᠡᠯ᠎ᠤᠨ ᠬᠤᠷᠢᠶ᠎ᠠ᠂ 2010 ᠤᠨ᠂ 156 ᠳ᠋ᠤᠭ᠋ᠠᠷ ᠨᠢᠭᠤᠷ
ᠬᠠᠶᠢᠬ᠄ ᠪᠠᠭ᠋ᠠᠷᠢᠨ ᠪᠠᠷᠠᠭᠤᠨ ᠬᠤᠰᠢᠭᠤᠨ᠎ᠤ ᠳ᠋ᠠᠪᠠᠨ᠎ᠤ ᠮᠤᠩᠭᠤᠯ
ᠦᠨᠳᠦᠰᠦᠳᠡᠨ᠎ᠤ ᠲᠤᠮᠳᠠᠳᠤ ᠰᠤᠷᠭ᠋ᠠᠭᠤᠯᠢ
(ᠠ᠋ᠾᠤᠢ᠍ᠩ ᠮᠸᠢ ᠨᠠᠢ᠍ᠢ᠍ᠷᠠᠭᠤᠯᠪᠠ)
9 ᠳ᠋ᠤᠭ᠋ᠠᠷ ᠬᠤᠭᠤᠴᠠᠭ᠎ᠠ