ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠰᠤᠷᠭᠠᠨ ᠬᠦᠮᠦᠵᠢᠯ᠎ᠤᠨ ᠬᠠᠨᠲᠤᠯᠭ᠎ᠠ
ᠰᠣᠨᠤᠷ᠎ᠤᠨ ᠲᠠᠪᠴᠠᠩ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠰᠣᠨᠤᠷ᠎ᠤᠨ ᠲᠠᠪᠴᠠᠩ   -   ᠣᠷᠭᠢᠯ ᠪᠤᠯᠠᠭ
ᠤᠭ ᠰᠠᠨᠠᠭ᠎ᠠ᠎ᠪᠠᠨ ᠥᠯᠥ ᠮᠠᠷᠲᠠᠵᠤ ᠠ᠋ᠭᠦᠷᠭᠡ ᠬᠠᠷᠢᠭᠤᠴᠠᠯᠭ᠎ᠠ᠎ᠪᠠᠨ ᠪᠠᠲᠤ ᠴᠡᠭᠡᠵᠢᠯᠡᠨᠡᠮ
ᠨᠡᠶ᠋ᠢᠲᠡᠯᠡᠭᠰᠡᠨ ᠴᠠᠭ᠄ 2020-05-12

                                    ᠬᠤᠷᠴᠠᠪᠢᠯᠢᠭ᠌


      ᠮᠤᠩᠭᠤᠯ ᠠᠷᠠᠳ᠎ᠤᠨ ᠴᠡᠴᠡᠨ ᠦᠭᠡᠨ᠎ᠳᠤ᠄ 《ᠤᠭ ᠵᠶ᠋ᠠᠨ ᠪᠦᠦ ᠮᠠᠷᠲᠠ᠂ ᠤᠳᠤᠮ ᠵᠶ᠋ᠠᠨ ᠪᠦᠦ ᠭᠤᠯᠣ》᠂ 《ᠤᠰᠤᠨ᠎ᠳᠤ ᠠ᠋ᠬᠢ᠎ᠲᠠᠢ᠂ ᠮᠣᠳᠤᠨ᠎ᠳᠤ ᠦᠨᠳᠦᠰᠦ᠎ᠲᠠᠢ》᠂ 《ᠤᠰᠤ ᠵᠢ᠎ᠨᠢ ᠤᠤᠭᠤᠪᠠᠯ ᠠ᠋ᠬᠢ ᠵᠢ᠎ᠨᠢ ᠪᠣᠳᠣ》 ᠭᠡᠵᠦ ᠶᠠᠷᠢᠳᠠᠬ᠎ᠨᠢ ᠤᠭ ᠰᠠᠨᠠᠭ᠎ᠠ᠎ᠪᠠᠨ ᠮᠠᠷᠲᠠᠵᠤ ᠪᠣᠯᠬᠤ ᠦᠭᠡᠢ ᠤᠳᠤᠮ ᠭᠠᠷᠤᠯ ᠵᠶ᠋ᠠᠨ ᠭᠡᠭᠡᠵᠤ ᠪᠣᠯᠬᠤ ᠦᠭᠡᠢ ᠬᠡᠰᠡᠨ ᠰᠤᠷᠭ᠋ᠠᠯ ᠪᠢᠯᠡ᠃ ᠣᠳᠣ ᠮᠠᠨ᠎ᠤ ᠨᠠᠮ ᠵᠠᠰᠠᠭ ᠴᠤ᠌ 《ᠤᠭ ᠰᠠᠨᠠᠭ᠎ᠠ᠎ᠪᠠᠨ ᠥᠯᠥ ᠮᠠᠷᠲᠠᠵᠤ᠂ ᠠ᠋ᠭᠦᠷᠭᠡ ᠬᠠᠷᠢᠭᠤᠴᠠᠯᠭ᠎ᠠ᠎ᠪᠠᠨ ᠪᠠᠲᠤ ᠴᠡᠭᠡᠵᠢᠯᠡᠬᠦ》 ᠵᠢ ᠤᠷᠢᠶᠠᠯᠠᠨ ᠳᠠᠶ᠋ᠢᠴᠢᠯᠠᠵᠤ ᠪᠣᠢ᠃
      ᠪᠢ ᠪᠣᠯ ᠪᠠᠭᠰᠢ ᠬᠦᠮᠦᠨ᠃ ᠤᠯᠤᠰ ᠦᠨᠳᠦᠰᠦᠲᠡᠨ᠎ᠤ ᠢᠷᠡᠭᠡᠳᠦᠢ ᠪᠣᠯᠣᠭᠰᠠᠨ ᠬᠡᠦᠬᠡᠳ ᠪᠠᠭ᠋ᠠᠴᠤᠳ᠎ᠢ ᠬᠦᠮᠦᠵᠢᠭᠦᠯᠦᠨ ᠪᠣᠶ᠋ᠢᠵᠢᠭᠤᠯᠬᠤ ᠶᠡᠭᠡ ᠦᠢ᠍ᠯᠡᠰ᠎ᠤᠨ ᠠᠤᠭ᠎ᠠ ᠠ᠋ᠬᠦᠷᠭᠡ ᠬᠠᠷᠢᠭᠤᠴᠠᠯᠭ᠎ᠠ ᠵᠢ ᠬᠦᠯᠢᠶᠡᠭᠰᠡᠨ ᠣᠶᠤᠨ᠎ᠤ ᠬᠥᠲᠦᠴᠢ ᠬᠦᠮᠦᠨ᠃ ᠲᠡᠭᠡᠪᠡᠯ ᠪᠠᠭᠰᠢ ᠬᠦᠮᠦᠨ᠎ᠤ ᠤᠭ ᠰᠠᠨᠠᠭ᠎ᠠ ᠶᠠᠭᠤ ᠪᠣᠢ? ᠪᠠᠭᠰᠢ ᠬᠦᠮᠦᠨ᠎ᠤ ᠠ᠋ᠬᠦᠷᠭᠡ ᠬᠠᠷᠢᠭᠤᠴᠠᠯᠭ᠎ᠠ ᠶᠠᠮᠠᠷ ᠪᠠᠶ᠋ᠢᠳᠠᠭ ᠪᠣᠢ? ᠡ᠊ᠨᠡ ᠲᠤᠬᠠᠢ ᠪᠢ ᠦᠪᠡᠷ᠎ᠤᠨ ᠰᠠᠨᠠᠭ᠎ᠠ ᠪᠣᠳᠤᠯ ᠵᠶ᠋ᠠᠨ ᠲᠠ ᠨᠠᠷ᠎ᠲᠠᠢ ᠬᠤᠪᠢᠶᠠᠯᠴᠠᠶ᠎ᠠ᠃
      ᠪᠢ ᠪᠠᠭᠰᠢ ᠭᠡᠰᠡᠨ ᠨᠠᠨᠳᠢᠨ ᠠᠯᠳᠠᠷ᠎ᠢ ᠵᠡᠭᠦᠵᠦ ᠬᠡᠦᠬᠡᠳ᠎ᠤᠳ᠎ᠤᠨ ᠠ᠋ᠮᠦᠨ᠎ᠡ ᠵᠤᠭᠰᠣᠬᠤ᠎ᠳᠤ ᠥᠪᠡᠷ᠎ᠤᠨ ᠤᠬᠠᠭ᠋ᠠᠨ ᠪᠣᠳᠣᠯ ᠳᠣᠲᠣᠷ᠎ᠠ᠎ᠪᠠᠨ 《ᠪᠢ ᠨᠢᠭᠡᠨ ᠬᠢᠷᠢ ᠲᠡᠩᠴᠡᠭᠰᠡᠨ ᠰᠠᠶ᠋ᠢᠨ ᠪᠠᠭᠰᠢ ᠪᠣᠯᠣᠶ᠎ᠠ》 ᠭᠡᠵᠦ ᠠᠨᠳᠠᠭ᠋ᠠᠶ᠋ᠢᠯᠠᠵᠤ ᠪᠠᠶ᠋ᠢᠭᠰᠠᠨ ᠮᠥᠷᠲᠡᠭᠡᠨ ᠡ᠊ᠨᠡ ᠭᠦ᠌ ᠬᠤᠷᠸ᠎ᠠ ᠳᠡᠯᠡᠬᠡᠢ᠎ᠳᠤ ᠬᠤᠣᠰ ᠦᠭᠡᠢ ᠠᠵᠢᠯ ᠦᠢ᠍ᠯᠡᠰ᠎ᠢ ᠥᠪᠡᠷ᠎ᠤᠨ ᠬᠦᠰᠡᠯ ᠮᠥᠷᠥᠭᠡᠳᠦᠯ ᠪᠣᠯᠭ᠋ᠠᠨ᠂ ᠬᠡᠦᠬᠡᠳ᠎ᠤᠨ ᠠᠯᠤᠰ ᠢᠷᠡᠭᠡᠳᠦᠢ ᠵᠢ ᠱᠤᠭᠤᠨ ᠪᠥᠲᠥᠭᠡᠬᠦ ᠭᠠᠵᠠᠷ ᠳᠡᠯᠡᠬᠡᠢ᠎ᠳᠤ ᠬᠤᠣᠰ ᠦᠭᠡᠢ ᠵᠢᠷᠤᠭ᠋ᠠᠴᠢ ᠪᠣᠯᠬᠤ ᠭᠡᠰᠡᠨ᠎ᠨᠢ ᠮᠢᠨᠦ ᠤᠭ ᠰᠠᠨᠠᠭ᠎ᠠ ᠪᠠᠶ᠋ᠢᠭᠰᠠᠨ ᠶᠤᠮ᠃ ᠤᠭ ᠰᠠᠨᠠᠭ᠎ᠠ ᠮᠢᠨᠢ ᠵᠦᠪ ᠪᠠᠶ᠋ᠢᠭᠰᠠᠨ᠎ᠠᠴᠠ ᠠᠵᠢᠯ ᠦᠢ᠍ᠯᠡᠰ ᠲᠡᠮᠡᠴᠡᠯ ᠵᠢᠳᠬᠦᠯ ᠴᠤ᠌ ᠠᠮᠵᠢᠯᠲᠠ᠎ᠲᠠᠢ ᠪᠠᠶ᠋ᠢᠭᠰᠠᠨ ᠶᠤᠮ᠃ 《ᠰᠠᠨᠠᠭ᠎ᠠ ᠰᠠᠶ᠋ᠢᠬᠠᠨ ᠪᠣᠯ ᠵᠠᠶᠠᠭ᠎ᠠ ᠰᠠᠶ᠋ᠢᠬᠠᠨ》 ᠭᠡᠳᠡᠭ ᠵᠶ᠋ᠠᠷ ᠰᠠᠶ᠋ᠢᠬᠠᠨ ᠰᠡᠳᠭᠢᠯ᠎ᠤᠨ ᠬᠠᠷᠢᠭᠤ᠎ᠳᠤ ᠰᠦ ᠠᠮᠲᠠᠯᠠᠭᠳᠠᠭᠰᠠᠨ ᠤᠯᠠᠨ ᠤᠯᠠᠨ ᠠᠵᠢᠯ᠎ᠤᠨ ᠪᠦᠲᠦᠮᠵᠢ ᠨᠠᠮ᠎ᠠ ᠵᠢ ᠠᠯᠤᠰ᠎ᠤᠨ ᠠᠯᠤᠰ᠎ᠲᠤ ᠤᠷᠠᠶ᠋ᠢᠯᠠᠨ ᠳᠠᠯᠠᠯᠵᠤ ᠪᠠᠶ᠋ᠢᠭᠰᠠᠨ ᠶᠤᠮ ᠡ!
      ᠣᠯᠠᠨ ᠣᠯᠠᠨ ᠠ᠋ᠳᠦᠷ ᠬᠤᠨᠤᠭ ᠠᠷᠤ᠎ᠳᠤ ᠮᠠᠨᠢ ᠬᠤᠴᠤᠷᠴᠤ᠂ ᠬᠦᠮᠦᠨ᠎ᠤ ᠰᠠᠶ᠋ᠢᠬᠠᠨ ᠬᠡᠦᠬᠡᠳ᠎ᠤᠳ᠎ᠲᠤ ᠥᠪᠡᠷ᠎ᠤᠨ ᠬᠢᠷᠢ ᠴᠢᠳᠠᠯ ᠵᠶ᠋ᠠᠷ ᠤᠭᠤᠷᠠᠭ ᠰᠢᠮ᠎ᠡ ᠰᠢᠭ ᠠ᠋ᠷᠳᠡᠮ ᠮᠡᠳᠡᠯᠭᠡ ᠵᠢᠨ ᠬᠠᠶᠠᠭ᠎ᠠ ᠬᠢᠵᠠᠭ᠋ᠠᠷ᠎ᠨᠢ ᠬᠠᠷᠠᠭᠳᠠᠭ᠍ᠤ ᠦᠭᠡᠢ ᠳᠠᠯᠠᠢ ᠵᠢᠨ ᠵᠠᠬ᠎ᠠ ᠵᠤᠬ᠎ᠠ᠎ᠠᠴᠠ ᠣᠭᠤᠴᠢ ᠳᠤᠰᠤᠯ ᠵᠶ᠋ᠠᠷ ᠴᠦ᠍ ᠪᠣᠯᠤᠭ ᠶᠡᠭᠦᠯᠡᠨ ᠦᠭᠬᠦ ᠵᠢ ᠴᠢᠷᠮᠠᠶ᠋ᠢᠵᠤ᠂ ᠲᠡᠭᠡᠬᠦ ᠲᠣᠰᠤᠮ ᠵᠶ᠋ᠠᠨ ᠬᠡᠦᠬᠡᠳ᠎ᠤᠨ ᠵᠶ᠋ᠠᠨ ᠲᠥᠯᠥᠭᠡ ᠶᠠᠭᠤ ᠨᠢᠭᠡᠨ ᠲᠤᠰᠠᠳᠠᠢ ᠠᠯᠤᠰ ᠬᠡᠳᠦ ᠵᠢᠨ ᠬᠡᠷᠡᠭᠴᠡᠭᠡ᠎ᠲᠠᠢ ᠶᠠᠭᠤᠮ᠎ᠠ ᠭᠢᠬᠦ ᠶᠤᠮ ᠰᠠᠨ ᠭᠡᠳᠡᠭ ᠲᠤᠯᠭ᠋ᠠᠮ᠎ᠠ ᠪᠣᠳᠣᠯ᠎ᠳᠤ᠎ᠪᠠᠨ ᠬᠦᠲᠦᠯᠦᠭᠳᠡᠵᠦ ᠠ᠋ᠳᠦᠢ ᠬᠦᠷᠦᠯ᠎ᠡ᠃
      ᠤᠭ ᠰᠠᠨᠠᠭ᠎ᠠ ᠨᠠᠮ᠎ᠠ ᠵᠢ ᠭ᠋ᠱ᠌ᠠᠨ ᠪᠦᠷᠢ ᠰᠢᠪᠠᠳᠠᠨ᠂ ᠨᠠᠮ᠎ᠠ ᠵᠢ ᠠᠵᠢᠯ ᠦᠢ᠍ᠯᠡᠰ᠎ᠲᠤ᠎ᠪᠠᠨ ᠦᠨᠡᠨᠴᠢ ᠰᠢᠳᠤᠷᠭᠤ᠎ᠪᠠᠷ ᠬᠠᠨᠳᠤᠵᠤ᠂ ᠲᠡᠭᠦᠨ᠎ᠳᠤ᠎ᠪᠠᠨ ᠰᠠᠨᠠᠭ᠎ᠠ ᠪᠣᠳᠣᠯ ᠵᠶ᠋ᠠᠨ ᠰᠢᠩᠭᠡᠭᠡᠨ᠂ ᠠ᠋ᠳᠦᠷ ᠪᠦᠷᠢ ᠬᠢᠨᠠᠮᠠᠭ᠋ᠠᠢ ᠰᠠᠶ᠋ᠢᠬᠠᠨ ᠪᠡᠶᠡᠯᠡᠭᠦᠯᠵᠦ ᠪᠠᠶ᠋ᠢᠬᠤ ᠵᠢ ᠰᠠᠨᠠᠭᠤᠯᠳᠠᠭ᠃ ᠠᠷᠢᠭᠤᠨ ᠴᠠᠶ᠋ᠢᠯᠭ᠋ᠠᠨ᠂ ᠠᠰᠪᠤᠷ ᠴᠠᠭ᠋ᠠᠪᠤᠷ ᠤᠬᠠᠭ᠋ᠠᠨ ᠪᠣᠳᠣᠯ ᠮᠢᠨᠢ ᠨᠠᠳᠠ᠎ᠳᠤ ᠬᠠᠷᠢᠭᠤᠴᠠᠯᠭ᠎ᠠ ᠭᠡᠳᠡᠭ ᠲᠣᠮᠣᠬᠠᠨ ᠠ᠋ᠭᠦᠷᠭᠡ᠎ᠶᠢ ᠬᠤᠣᠰ ᠮᠥᠷᠥᠨ ᠳᠡᠭᠡᠷ᠎ᠡ ᠮᠢᠨᠢ ᠰᠢᠯᠵᠢᠰᠢ ᠦᠭᠡᠢ ᠲᠣᠬᠤᠵᠣ ᠣᠷᠬᠢᠭᠰᠠᠨ ᠪᠠᠶ᠋ᠢᠯ᠎ᠠ᠃
      ᠤᠭ ᠰᠠᠨᠠᠭ᠎ᠠ᠎ᠨᠢ ᠮᠢᠨᠦ ᠤᠷᠢ ᠵᠠᠯᠠᠭᠤ ᠬᠡᠨᠡᠨ ᠴᠠᠶ᠋ᠢᠯᠭ᠋ᠠᠨ ᠰᠡᠳᠬᠢᠯ᠂ ᠠᠵᠢᠯ ᠦᠢ᠍ᠯᠡᠰ᠎ᠤᠨ ᠠᠩᠬᠠᠨ᠎ᠤ ᠠᠯᠬᠤᠮ ᠵᠶ᠋ᠠᠨ ᠲᠡᠨᠢᠭᠦᠬᠡᠨ ᠠᠯᠬᠤᠭᠰᠠᠨ ᠴᠠᠭ ᠮᠦᠴᠡ ᠵᠢᠨ ᠭ᠋ᠬᠢᠷ ᠦᠭᠡᠢ ᠠ᠋ᠮᠵᠡᠭ ᠰᠡᠳᠬᠢᠯ ᠮᠦᠨ᠃ ᠪᠢ ᠬᠡᠦᠬᠡᠳ ᠪᠠᠭ᠋ᠠᠴᠤᠳ᠎ᠲᠤ ᠬᠠᠶ᠋ᠢᠷ᠎ᠠ᠎ᠲᠠᠢ᠂ ᠲᠡᠳᠡᠨ᠎ᠢ᠎ᠪᠠᠨ ᠬᠠᠷᠠᠭ᠍ᠤ᠎ᠪᠠᠷ ᠬᠤᠷᠸ᠎ᠠ ᠳᠡᠯᠡᠬᠡᠢ ᠴᠡᠭᠡᠵᠢᠨ᠎ᠳᠤ ᠮᠢᠨᠢ ᠪᠠᠭᠲᠠᠭ᠍ᠤ ᠰᠢᠬ ᠪᠤᠯᠳᠠᠬ᠃
      ᠤᠭ ᠰᠠᠨᠠᠭ᠎ᠠ ᠮᠢᠨᠦ ᠤᠷᠤᠭᠰᠢ ᠳᠠᠪᠰᠢᠬᠤ ᠵᠢᠨ ᠲᠣᠷᠭ᠋ᠠᠨ ᠵᠢᠯᠤᠭᠤ ᠳᠣᠭᠳᠠᠮ ᠱᠠᠭ᠋ᠠᠷᠳᠠᠯᠭ᠎ᠠ ᠪᠣᠯᠵᠣ   ᠪᠠᠶ᠋ᠢᠨ᠎ᠠ᠃ ᠰᠢ ᠵᠢᠨ ᠫᠢᠩ ᠲᠡᠷᠢᠭᠦᠯᠡᠭᠴᠢ᠎ᠠᠴᠠ ᠪᠢᠳᠡᠨ᠎ᠢ᠄ 《ᠤᠭ ᠰᠠᠨᠠᠭ᠎ᠠ᠎ᠪᠠᠨ ᠮᠠᠷᠲᠠᠵᠤ ᠪᠣᠯᠬᠤ ᠦᠭᠡᠢ》 ᠭᠡᠵᠦ ᠱᠠᠭ᠋ᠠᠷᠳᠠᠵᠤ ᠪᠠᠶ᠋ᠢᠨ᠎ᠠ᠃ ᠡ᠊ᠨᠡ᠎ᠨᠢ ᠪᠢᠳᠡᠨ᠎ᠢ ᠠᠵᠢᠯ ᠦᠢ᠍ᠯᠡᠰ᠎ᠲᠤ᠎ᠪᠠᠨ ᠵᠢᠯᠤᠭᠤ ᠳᠠᠷᠤᠭᠰᠠᠨ ᠠᠩᠬᠠᠨ᠎ᠤ ᠠ᠋ᠷᠢᠨ᠎ᠤ ᠰᠠᠨᠠᠭ᠎ᠠ ᠪᠣᠳᠣᠯ ᠵᠶ᠋ᠠᠨ ᠢᠮᠠᠭᠳᠠ ᠪᠠᠷᠢᠮᠳᠠᠯᠠᠵᠤ ᠠᠷᠠᠳ ᠲᠦᠮᠡᠨ᠎ᠤ ᠬᠦᠰᠡᠯ ᠪᠠᠷᠠᠯᠠᠯ ᠪᠣᠯᠣᠭᠰᠠᠨ ᠠᠵᠢᠯ ᠦᠢ᠍ᠯᠡᠰ ᠵᠶ᠋ᠠᠨ ᠨᠢᠭᠡᠨ ᠰᠡᠳᠬᠢᠯ ᠭᠠᠭᠴᠠ ᠵᠣᠷᠢᠭ ᠵᠶ᠋ᠠᠷ ᠬᠢᠬᠦ ᠵᠢ ᠱᠠᠭ᠋ᠠᠷᠳᠠᠵᠤ᠂ ᠡᠪ ᠬᠠᠮᠲᠤ ᠨᠠᠮ᠎ᠤᠨ ᠪᠦᠬᠦ ᠰᠡᠳᠬᠢᠯ ᠪᠦᠬᠦ ᠵᠣᠷᠢᠭ ᠵᠶ᠋ᠠᠷ ᠵᠶ᠋ᠠᠨ ᠠᠷᠠᠳ ᠲᠦᠮᠡᠨ᠎ᠳᠤ ᠦᠢ᠍ᠯᠡᠴᠢᠯᠡᠬᠦ ᠠᠬᠠᠮᠠᠳ ᠦᠶ᠎ᠡ ᠵᠢᠨ ᠠ᠋ᠷᠬᠢᠮ ᠳᠡᠭᠡᠳᠦ ᠣᠯᠠᠮᠵᠢᠯᠠᠯ ᠵᠶ᠋ᠠᠨ ᠮᠠᠷᠲᠠᠭ᠍ᠤ ᠦᠭᠡᠢ᠂ ᠭᠠᠭᠴᠠ ᠪᠡᠶ᠎ᠡ᠎ᠳᠤ ᠣᠯᠳᠠᠭᠰᠠᠨ ᠠᠵᠢᠯ ᠦᠢ᠍ᠯᠡᠰ ᠵᠶ᠋ᠠᠨ ᠠ᠋ᠬᠡ ᠣᠷᠤᠨ ᠠᠷᠠᠳ ᠲᠦᠮᠡᠨ᠎ᠤ ᠳᠠᠷᠬᠠᠨ ᠦᠢ᠍ᠯᠡᠰ᠎ᠲᠠᠢ ᠬᠤᠯᠪᠣᠵᠣ᠂ ᠴᠠᠭ ᠦᠷᠭᠦᠯᠵᠢ ᠴᠢᠷᠮᠠᠶ᠋ᠢᠵᠤ ᠶᠠᠪᠤᠬᠤ ᠵᠢ ᠶᠣᠰᠤᠴᠢᠯᠠᠨ ᠵᠠᠬᠢᠵᠤ ᠪᠠᠶ᠋ᠢᠬᠤ ᠣᠷᠢᠶᠠᠯᠠᠯ ᠪᠣᠯᠬᠤ ᠶᠤᠮ ᠡ᠃
      ᠪᠠᠭᠰᠢ ᠵᠢᠨ ᠠᠵᠢᠯ ᠮᠢᠨᠢ ᠮᠢᠨᠦ ᠪᠦᠬᠦᠶ᠋ᠢᠯᠡ ᠠᠮᠢᠳᠤᠷᠠᠯ᠎ᠤᠨ ᠵᠠᠮ᠎ᠳᠤ᠎ᠬᠢ ᠭᠤᠶᠣ ᠰᠠᠶ᠋ᠢᠬᠠᠨ ᠠ᠋ᠬᠢᠯᠡᠯᠳᠡ ᠪᠣᠯᠵᠠᠢ᠃ ᠡ᠊ᠨᠡ ᠭᠦ᠌ ᠠ᠋ᠷᠬᠢᠮ ᠨᠠᠨᠳᠢᠨ ᠬᠠᠷᠢᠭᠤᠴᠠᠯᠭ᠎ᠠ ᠮᠢᠨᠢ ᠮᠢᠨᠦ ᠪᠠᠭᠰᠢ ᠵᠢᠨ ᠶᠣᠰᠤ ᠰᠤᠷᠲᠠᠭ᠍ᠤᠨ᠎ᠤ ᠲᠠᠯ᠎ᠠ᠎ᠪᠠᠷ ᠪᠦᠷᠢᠨ ᠢᠯᠡᠷᠡᠯ ᠵᠶ᠋ᠠᠨ ᠤᠯᠤᠭᠰᠠᠨ ᠶᠤᠮ᠃ ᠪᠠᠭᠰᠢ ᠵᠢᠨ ᠶᠣᠰᠤ ᠰᠤᠷᠲᠠᠭ᠍ᠤᠨ ᠪᠣᠯ ᠬᠡᠦᠬᠡᠳ ᠪᠠᠭ᠋ᠠᠴᠤᠳ᠎ᠢ ᠵᠥᠪ ᠰᠠᠶ᠋ᠢᠬᠠᠨ ᠬᠦᠮᠦᠵᠢᠭᠦᠯᠵᠦ ᠠ᠋ᠷᠳᠡᠮ ᠰᠤᠷᠳᠠᠯ᠎ᠲᠠᠢ ᠪᠣᠯᠭ᠋ᠠᠵᠤ᠂ ᠮᠦᠨ ᠴᠦ᠍ ᠥᠪᠡᠷ᠎ᠤᠨ ᠪᠡᠶ᠎ᠡ᠎ᠪᠠᠨ ᠶᠣᠰᠣ ᠰᠤᠷᠲᠠᠭ᠍ᠤᠨ᠎ᠤ ᠪᠦᠷᠢᠯᠸ᠎ᠠ ᠪᠣᠯᠭ᠋ᠠᠨ ᠴᠢᠩᠭ᠎ᠠ ᠱᠠᠭ᠋ᠠᠷᠳᠠᠵᠤ᠂ ᠥᠪᠡᠷ᠎ᠤᠨ ᠪᠡᠶ᠎ᠡ᠎ᠪᠠᠷ ᠵᠶ᠋ᠠᠨ ᠬᠡᠦᠬᠡᠳ ᠪᠠᠭ᠋ᠠᠴᠤᠳ ᠴᠠᠭ᠋ᠠᠰᠢᠯᠠᠨ ᠨᠡᠶ᠋ᠢᠭᠡᠮ ᠨᠡᠶ᠋ᠢᠳᠡ᠎ᠳᠤ ᠳᠠᠭᠤᠷᠢᠶᠠᠯ ᠪᠣᠯᠵᠣ᠂ ᠬᠦᠮᠦᠨ᠎ᠢ ᠬᠦᠮᠦᠵᠢᠭᠦᠯᠬᠦ ᠠ᠋ᠷᠬᠢᠮ ᠳᠡᠭᠡᠳᠦ ᠤᠳᠬ᠎ᠠ ᠠᠭᠤᠯᠭ᠎ᠠ᠎ᠲᠠᠢ ᠦᠢ᠍ᠯᠡᠰ᠎ᠲᠤ ᠵᠢᠳᠬᠦᠭᠦᠯᠬᠦ᠎ᠳᠤ ᠪᠤᠳᠠᠳᠠᠢ ᠢᠯᠡᠷᠡᠯ ᠵᠶ᠋ᠠᠨ ᠣᠯᠵᠣ᠂ ᠮᠢᠨᠦ ᠬᠢᠭᠰᠡᠨ ᠵᠦᠢ᠍ᠯ ᠮᠢᠨᠢ ᠭᠦᠨ ᠭᠦᠨᠵᠡᠭᠡᠢ ᠤᠳᠬ᠎ᠠ ᠠᠭᠤᠯᠭ᠎ᠠ᠎ᠪᠠᠨ ᠣᠯᠵᠣ ᠴᠢᠳᠠᠨ᠎ᠠ᠃
      ᠬᠠᠷᠢᠭᠤᠴᠠᠯᠭ᠎ᠠ ᠠᠭᠤᠯᠠ ᠮᠡᠲᠦ᠃ ᠪᠢ ᠣᠳᠣ ᠪᠠᠭᠰᠢ ᠭᠡᠳᠡᠭ ᠠᠵᠢᠯ᠎ᠤᠨ ᠵᠶ᠋ᠠᠨ ᠬᠠᠷᠢᠭᠤᠴᠯᠠᠭ᠎ᠠ ᠵᠢᠨ ᠬᠦᠨᠳᠦ ᠴᠢᠬᠤᠯᠠ ᠠᠭᠤᠯᠤᠭᠳᠠᠭ᠍ᠤᠨ᠎ᠢ ᠪᠦᠷᠢᠨ ᠣᠶ᠋ᠢᠯᠠᠭ᠋ᠠᠵᠤ᠂ ᠡ᠊ᠨᠡ᠎ᠨᠢ ᠮᠢᠨᠦ ᠨᠠᠰᠤᠨ ᠲᠣᠷᠰᠢ ᠵᠢᠨ ᠵᠠᠶ᠋ᠢᠯᠠᠰᠢ ᠦᠭᠡᠢ ᠬᠢᠬᠦ ᠠᠵᠢᠯ ᠦᠢ᠍ᠯᠡᠰ᠂ ᠲᠡᠷᠡ ᠮᠥᠷᠳᠡᠭᠡᠨ ᠲᠡᠭᠦᠨ᠎ᠢ᠎ᠪᠠᠨ ᠪᠡᠶᠡᠯᠡᠭᠦᠯᠬᠦ᠎ᠳᠤ ᠪᠢ ᠪᠦᠬᠦ ᠰᠡᠳᠬᠢᠯ ᠪᠦᠬᠦ ᠵᠣᠷᠢᠭ ᠵᠶ᠋ᠠᠨ ᠳᠠᠶ᠋ᠢᠴᠢᠯᠠᠬᠤ ᠪᠣᠯᠣᠨ᠎ᠠ᠃ ᠠᠭᠤᠤ ᠶᠡᠭᠡ ᠣᠳᠣᠷᠢᠳᠤᠭᠴᠢ ᠮᠠᠤ ᠲᠡᠷᠢᠭᠦᠯᠡᠭᠴᠢ᠄ 《ᠪᠦᠬᠦ ᠰᠡᠳᠭᠢᠯ ᠪᠦᠬᠦ ᠵᠣᠷᠢᠭ ᠵᠶ᠋ᠠᠷ ᠵᠶ᠋ᠠᠨ ᠠᠷᠠᠳ ᠲᠥᠮᠡᠨ᠎ᠳᠤ ᠦᠢ᠍ᠯᠡᠴᠢᠯᠡᠶ᠎ᠡ》 ᠭᠡᠵᠦ ᠠᠯᠲᠠᠨ ᠰᠤᠷᠭ᠋ᠠᠯ ᠵᠶ᠋ᠠᠨ ᠬᠠᠶ᠋ᠢᠷᠠᠯᠠᠭᠰᠠᠨ ᠪᠠᠶ᠋ᠢᠳᠠᠭ᠃ ᠪᠢ ᠠᠯᠢᠪᠠ ᠪᠦᠬᠦᠨ ᠵᠶ᠋ᠠᠨ ᠰᠤᠷᠤᠭᠴᠢ ᠵᠢᠨ ᠲᠥᠯᠥᠭᠡ ᠵᠣᠷᠢᠭᠤᠯᠬᠤ᠎ᠳᠤ ᠬᠡᠵᠢᠶ᠎ᠡ ᠢᠮᠠᠭᠲᠠ ᠪᠡᠯᠡᠬᠡᠨ᠃ ᠬᠠᠷᠢᠭᠤᠴᠠᠯᠭ᠎ᠠ ᠪᠣᠯ ᠬᠠᠶ᠋ᠢᠷ᠎ᠠ ᠮᠦᠨ᠃ ᠬᠡᠦᠭᠡᠳ᠎ᠢ ᠬᠠᠶ᠋ᠢᠷᠠᠯᠠᠵᠤ᠂ ᠦᠢ᠍ᠯᠡᠰ ᠵᠶ᠋ᠠᠨ ᠬᠠᠶ᠋ᠢᠷᠠᠯᠠᠭ᠍ᠤ ᠪᠣᠯ ᠠ᠋ᠷᠬᠢᠮ ᠳᠡᠭᠡᠳᠦ ᠬᠠᠷᠢᠭᠤᠴᠠᠯᠭ᠎ᠠ ᠮᠦᠨ᠃ 《ᠳᠡᠯᠡᠬᠡᠢ ᠳ᠋ᠠᠬᠢᠨ᠎ᠤ ᠮᠠᠨᠳᠤᠯ ᠬᠦᠭᠵᠢᠯ᠎ᠳᠤ ᠬᠦᠮᠦᠨ ᠪᠦᠬᠦᠨ ᠬᠠᠷᠢᠭᠤᠴᠠᠯᠭ᠎ᠠ᠎ᠲᠠᠢ   ᠪᠢᠰᠢ᠂ ᠬᠠᠷᠢᠨ ᠪᠢ ᠬᠠᠷᠢᠭᠤᠴᠠᠯᠭ᠎ᠠ᠎ᠲᠠᠢ》 ᠭᠡᠵᠦ ᠬᠡᠯᠡᠬᠦ᠎ᠨᠢ ᠵᠦᠢ ᠲ᠋ᠠᠢ᠃ ᠦᠪᠡᠷ ᠦᠪᠡᠷ᠎ᠤᠨ ᠠ᠋ᠭᠦᠷᠭᠡ ᠬᠠᠷᠢᠭᠤᠴᠠᠯᠭ᠎ᠠ᠎ᠪᠠᠨ ᠥᠩᠭᠡ᠎ᠲᠠᠢ ᠰᠠᠶ᠋ᠢᠬᠠᠨ ᠪᠡᠶᠡᠯᠡᠭᠦᠯᠬᠦ᠎ᠨᠢ ᠠ᠋ᠷᠬᠢᠮ᠎ᠠᠴᠠ ᠠ᠋ᠷᠬᠢᠮ᠃ ᠪᠢᠳᠡ ᠠᠵᠢᠯ ᠦᠢ᠍ᠯᠡᠰ᠎ᠲᠤ᠎ᠪᠠᠨ ᠵᠢᠳᠬᠦᠵᠦ ᠶᠠᠪᠣᠬᠤ᠎ᠳᠤ᠎ᠪᠠᠨ 《ᠪᠢ ᠴᠢᠬᠤᠯᠠ ᠬᠦᠮᠦᠨ᠂ ᠪᠢ ᠴᠢᠬᠤᠯᠠ ᠬᠦᠮᠦᠨ᠂ ᠪᠢ ᠴᠢᠬᠤᠯᠠ ᠬᠦᠮᠦᠨ》 ᠭᠡᠵᠦ ᠦᠪᠡᠷ᠎ᠤᠨ ᠦᠨ᠎ᠡ ᠦᠷᠲᠡᠭ ᠵᠶ᠋ᠠᠨ ᠮᠡᠳᠡᠵᠦ᠂ ᠴᠢᠬᠤᠯᠠᠴᠢᠯᠠᠵᠤ᠂ ᠬᠦᠨᠳᠦᠳᠭᠡᠵᠦ ᠴᠢᠷᠮᠠᠶ᠋ᠢᠬᠤ ᠬᠡᠷᠡᠭᠳᠡᠢ᠃ ᠨᠢᠭᠡᠨ ᠺᠣᠮᠫᠠᠨᠢ ᠳᠠᠮᠫᠤᠷᠠᠵᠤ ᠵᠠᠬᠢᠷᠤᠯ᠎ᠨᠢ ᠠᠷᠭ᠎ᠠ ᠪᠣᠰᠤ ᠠᠵᠢᠯᠴᠢᠨ ᠵᠶ᠋ᠠᠨ ᠬᠠᠰᠤᠬᠤ᠎ᠪᠠᠷ ᠪᠣᠯᠵᠠᠢ᠃ ᠲᠡᠭᠡᠭᠡᠳ ᠦᠪᠡᠷ᠎ᠤᠨ ᠴᠢᠬᠤᠯᠡ ᠪᠣᠰᠤ ᠭᠡᠵᠦ ᠦᠵᠡᠭᠰᠡᠨ 《ᠴᠡᠪᠡᠷᠯᠡᠭᠴᠢ》 ᠵᠢ ᠬᠠᠰᠤᠬᠤ ᠬᠡᠰᠡᠨ᠎ᠳᠤ ᠴᠡᠪᠡᠷᠯᠡᠭᠴᠢ 《ᠪᠢ ᠮᠠᠰᠢ ᠴᠢᠬᠤᠯᠡ ᠬᠦᠮᠦᠨ᠂ ᠪᠢ ᠦᠭᠡᠢ ᠪᠣᠯ ᠪᠦᠬᠦ ᠵᠦᠢ᠍ᠯ ᠪᠤᠵᠠᠷ ᠪᠣᠬᠢᠷ ᠪᠣᠯᠤᠨ᠎ᠠ ᠁》 ᠭᠡᠳ ᠬᠦᠯᠢᠶᠡᠬᠦ ᠦᠭᠡᠢ᠂ ᠰᠠᠩ ᠬᠠᠮᠢᠶᠠᠷᠤᠭᠴᠢ᠂ ᠲᠡᠷᠭᠡᠨ ᠵᠢᠯᠣᠭᠤᠴᠢ᠂ ᠭᠠᠯᠴᠢ ᠵᠢ ᠠᠵᠢᠯ᠎ᠠᠴᠠ᠎ᠨᠢ ᠬᠠᠰᠤᠬᠤ ᠬᠡᠰᠡᠨ᠎ᠳᠤ ᠪᠦᠷ 《ᠪᠢ ᠴᠢᠬᠤᠯᠠ ᠬᠦᠮᠦᠨ》 ᠭᠡᠳ ᠲᠠᠰᠤ ᠵᠦᠪᠰᠢᠶᠡᠷᠬᠦ ᠦᠭᠡᠢ ᠪᠠᠶ᠋ᠢᠯ᠎ᠠ᠃ ᠠ᠋ᠳᠡᠭᠡᠷ᠎ᠢ ᠦᠵᠡᠭᠰᠡᠨ ᠵᠠᠬᠢᠷᠤᠯ᠎ᠳᠤ ᠰᠢᠨ᠎ᠡ ᠪᠣᠳᠤᠯ ᠲᠥᠷᠦᠭᠳᠡᠵᠦ ᠠᠵᠢᠯᠴᠢᠳ ᠵᠶ᠋ᠠᠨ ᠠᠯᠢ ᠵᠢ᠎ᠨᠢ ᠴᠤ᠌ ᠬᠠᠰᠤᠭᠰᠠᠨ ᠦᠭᠡᠢ᠃ ᠬᠠᠷᠢᠨ 《ᠪᠢ ᠶᠡᠭᠡ ᠴᠢᠬᠤᠯᠠ》 ᠬᠡᠰᠡᠨ ᠦᠰᠦᠭ᠎ᠢ ᠲᠣᠮᠣᠬᠠᠨ ᠰᠡᠶ᠋ᠢᠯᠡᠭᠦᠯᠵᠦ ᠬᠦᠷᠢᠶᠡᠨ ᠠ᠋ᠭᠦᠳᠡᠨ ᠲᠡᠭᠡᠷ᠎ᠡ᠎ᠪᠠᠨ ᠠ᠋ᠯᠭᠦᠭᠦᠯᠵᠡᠢ᠃ ᠡ᠊ᠨᠡ ᠦᠰᠦᠭ᠎ᠢ ᠬᠠᠷᠠᠭᠰᠠᠨ ᠪᠦᠬᠦ ᠬᠦᠮᠦᠰ ᠦᠪᠡᠷ᠎ᠤᠨ ᠴᠢᠬᠤᠯᠡ ᠦᠷᠲᠡᠭ᠎ᠢᠶᠠᠨ ᠤᠶ᠋ᠢᠯᠠᠭ᠋ᠠᠵᠤ᠂ ᠳᠠᠮᠫᠤᠷᠠᠭᠰᠠᠨ ᠺᠣᠮᠫᠠᠨᠢ ᠤᠳᠠᠯ ᠦᠭᠡᠢ ᠦᠭᠡᠳᠡᠯᠡᠨ ᠮᠠᠨᠳᠤᠭᠰᠠᠨ ᠭᠡᠳᠡᠭ᠃ ᠠ᠋ᠭᠦᠷᠭᠡ ᠬᠠᠷᠢᠭᠤᠴᠠᠯᠭ᠎ᠠ᠎ᠪᠠᠨ ᠲᠣᠳᠤᠷᠬᠠᠢ ᠮᠡᠳᠡᠵᠦ ᠯᠡ ᠪᠠᠶ᠋ᠢᠪᠠᠯ 《ᠪᠢ ᠶᠡᠭᠡ ᠴᠢᠬᠤᠯᠠ》 ᠭᠡᠵᠦ ᠵᠢᠳᠭᠦᠵᠦ ᠯᠡ ᠪᠠᠶ᠋ᠢᠪᠠᠯ ᠠᠮᠵᠢᠯᠲᠠ ᠢᠯᠠᠯᠲᠠ ᠪᠢᠳᠡᠨ᠎ᠤ᠎ᠬᠢ ᠰᠢᠦ!
      ᠠ᠋ᠶ᠋ᠢᠨ ᠬᠦ᠌ ᠪᠢ ᠤᠭ ᠰᠠᠨᠠᠭ᠎ᠠ᠎ᠪᠠᠨ ᠮᠠᠷᠲᠠᠭ᠍ᠤ ᠦᠭᠡᠢ᠂ ᠬᠦᠰᠡᠨ ᠰᠠᠨᠠᠭᠰᠠᠨ ᠮᠥᠷᠥᠭᠡᠳᠦᠯ᠂ ᠬᠦᠷᠬᠦ᠎ᠪᠠᠷ ᠵᠣᠷᠢᠭᠰᠠᠨ ᠠᠯᠤᠰ ᠬᠡᠳᠦ ᠵᠢᠨ ᠪᠣᠳᠣᠯ ᠵᠶ᠋ᠠᠨ ᠢᠮᠠᠭᠲᠠ ᠬᠤᠪᠢᠷᠠᠭᠤᠯᠬᠤ ᠦᠭᠡᠢ ᠭᠡᠵᠦ ᠵᠤᠷᠢᠬ ᠰᠢᠭᠤᠳᠴᠤ ᠪᠤᠢ᠃
      ᠪᠢ ᠪᠠᠭᠰᠢ ᠬᠦᠮᠦᠨ -
      ᠪᠢᠴᠢᠭ ᠵᠢᠭ᠋ᠠᠵᠤ ᠪᠢᠯᠢᠭ ᠨᠡᠬᠡᠭᠡᠴᠢ
      ᠣᠶᠤᠨᠴᠢ ᠬᠦᠮᠦᠨ᠃
      ᠪᠢ ᠪᠠᠭᠰᠢ ᠬᠦᠮᠦᠨ -
      ᠦᠪᠡᠷ ᠵᠶ᠋ᠠᠨ ᠠ᠋ᠯᠡᠭᠳᠡᠵᠦ
      ᠦᠷᠦᠭᠡᠯ᠎ᠢ ᠬᠤᠷᠴᠠᠯᠠᠭ᠍ᠤ
      ᠦᠨᠵᠢᠭᠦᠯ᠎ᠤᠨ ᠬᠥᠬᠡ ᠴᠢᠯᠠᠭᠤ ᠪᠢᠯᠡ᠃
      ᠡ᠊ᠨᠡ ᠪᠣᠯ ᠮᠢᠨᠦ ᠤᠭ ᠰᠠᠨᠠᠭ᠎ᠠ᠂ ᠮᠢᠨᠦ ᠬᠠᠷᠢᠭᠤᠴᠠᠯᠭ᠎ᠠ ᠶᠤᠮ᠃


          ᠬᠠᠶᠢᠬ᠄ ᠣᠩᠨᠢᠭᠤᠳ ᠬᠤᠰᠢᠭᠤᠨ᠎ᠤ ᠪᠣᠷᠤᠬᠤᠲᠠ ᠮᠤᠩᠭᠤᠯ ᠪᠠᠭ᠎ᠠ ᠰᠤᠷᠭ᠋ᠠᠭᠤᠯᠢ
                                (ᠠ᠋ᠾᠤᠢ᠍ᠩ ᠮᠸᠢ ᠨᠠᠢ᠍ᠢ᠍ᠷᠠᠭᠤᠯᠪᠠ)

                                2019 ᠣᠨ᠎ᠤ 11 ᠳ᠋ᠦ᠍ᠭᠡᠷ ᠬᠤᠭᠤᠴᠠᠭ᠎ᠠ


ᠢᠷᠡᠯᠲᠡ᠄ ᠥᠪᠥᠷ ᠮᠣᠩᠭᠤᠯ᠎ᠤᠨ ᠦᠪᠡᠷᠲᠡᠭᠡᠨ ᠵᠠᠰᠠᠬᠤ ᠣᠷᠣᠨ᠎ᠤ ᠰᠣᠷᠭ᠋ᠠᠨ ᠬᠦᠮᠦᠵᠢᠯ᠎ᠤᠨ ᠲᠢᠩᠬᠡᠮ
          
ᠬᠠᠮᠢᠶ᠎ᠡ ᠪᠦᠬᠦᠢ ᠰᠣᠨᠢᠨ
ᠣᠳᠣ ᠦᠶ᠎ᠡ ᠵᠢᠨ ᠤᠶᠤᠲᠠᠳ᠎ᠤᠨ ᠠᠵᠢᠯ ᠤᠯᠭᠤᠯᠳᠠ ᠵᠢᠨ ᠠᠰᠠᠭᠤᠳᠠᠯ᠎ᠠᠴᠠ ᠰᠡᠳᠬᠢᠭᠳᠡᠭᠰᠡᠨ᠎ᠨᠢ
ᠰᠠᠴᠤᠷᠠᠨᠭ᠌ᠭᠤᠢ 60 ᠵᠢᠯ
ᠰᠠᠢ᠍ᠢ᠍ᠳᠤᠷ ᠰᠤᠷᠤᠯᠴᠠᠵᠤ ᠠ᠋ᠳᠤᠷ᠎ᠠᠴᠠ ᠠ᠋ᠳᠦᠷ ᠦᠭᠡᠳᠠᠯᠠ
ᠭᠦᠰᠠᠯ ᠭᠦᠭᠡᠭᠡᠴᠠᠯᠳᠤᠯ
ᠠ᠋ᠶ᠋ᠢᠮᠥ ᠨᠢᠬᠡᠨ 《ᠭᠠᠯᠴᠢ ᠪᠠᠭᠰᠢ》
 
             蒙ICP备05000248号