ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠰᠤᠷᠭᠠᠨ ᠬᠦᠮᠦᠵᠢᠯ᠎ᠤᠨ ᠬᠠᠨᠲᠤᠯᠭ᠎ᠠ
ᠰᠣᠨᠤᠷ᠎ᠤᠨ ᠲᠠᠪᠴᠠᠩ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠰᠣᠨᠤᠷ᠎ᠤᠨ ᠲᠠᠪᠴᠠᠩ   -   ᠣᠷᠭᠢᠯ ᠪᠤᠯᠠᠭ
ᠮᠢᠨᠤ ᠬᠦᠭᠡᠷᠦᠬᠦᠨ 《ᠵᠢᠭ᠋ᠠᠯ ᠪᠠᠭᠰᠢ》
ᠨᠡᠶ᠋ᠢᠲᠡᠯᠡᠭᠰᠡᠨ ᠴᠠᠭ᠄ 2020-04-10

                                       — ᠠ᠋ᠷᠬᠢᠴᠠᠬᠦᠯᠤᠯ


                                        ᠰᠠᠷᠠᠩᠭᠤᠸ᠎ᠠ


      ᠪᠠᠭᠰᠢ ᠵᠢᠨ ᠰᠤᠷᠭ᠋ᠠᠭᠤᠯᠢ ᠵᠢᠨ ᠲᠦᠷᠪᠡᠨ ᠵᠢᠯ᠎ᠤᠨ ᠰᠤᠷᠤᠯᠭ᠎ᠠ ᠮᠢᠨᠢ ᠨᠢᠳᠤ ᠢᠷᠮᠡᠬᠦ ᠵᠢᠨ ᠵᠠᠭᠤᠷ᠎ᠠ   ᠲᠡᠬᠦᠰᠴᠤ᠂ ᠪᠢ ᠬᠡᠤᠬᠡᠳ᠎ᠤᠨ ᠴᠡᠴᠡᠷᠯᠢᠭ᠎ᠤᠨ ᠪᠠᠭᠰᠢ ᠵᠢᠨ ᠠᠵᠢᠯ ᠠᠯᠪᠠ᠎ᠲᠠᠢ ᠪᠤᠯᠤᠯ᠎ᠠ᠃ ᠠᠵᠢᠯ᠎ᠤᠨ ᠪᠠᠶ᠋ᠢᠷᠢ ᠵᠢᠨ ᠪᠤᠯᠪᠠᠰᠤᠷᠠᠯ ᠵᠶ᠋ᠠᠨ ᠦᠩᠭᠡᠷᠡᠭᠡᠵᠦ᠂ ᠠᠩᠬᠢ ᠵᠢᠨ ᠠ᠋ᠷᠬᠢᠯᠡᠭᠴᠢ ᠪᠤᠯᠬᠤ ᠬᠢᠷᠢ ᠬᠡᠮ᠎ᠲᠠᠢ ᠪᠤᠯᠤᠭᠰᠠᠨ᠎ᠤ ᠳᠠᠷᠠᠭ᠋ᠠᠬᠢ ᠠᠩᠬᠠᠠ᠎ᠤ ᠠᠩᠬᠢ ᠵᠢᠨ ᠬᠡᠤᠬᠡᠳ᠎ᠤᠳ ᠵᠶ᠋ᠠᠨ ᠲᠤᠰᠤᠨ ᠤᠭᠳᠤᠭᠰᠠᠨ ᠶᠤᠮ᠃ ᠠᠯᠢᠶ᠎ᠠ ᠲᠡᠭᠵᠢᠨ ᠬᠤᠷᠢ ᠭᠤᠴᠢᠭ᠋ᠠᠳ ᠬᠡᠤᠬᠡᠳ ᠠᠩᠬᠢ ᠲᠦᠬᠦᠷᠡᠩ ᠦᠢ᠍ᠮᠡᠯᠳᠤᠨ ᠬᠦᠶᠤᠯᠴᠡᠵᠤ᠂ ᠶᠠᠭ᠋ᠠᠬᠢᠵᠦ ᠠᠷᠭ᠋ᠠᠯᠠᠭᠰᠠᠨ ᠴᠦ᠍ ᠰᠤᠨᠤᠰᠬᠤ ᠦᠭᠡᠢ ᠪᠤᠯᠬᠤᠷ ᠠᠭᠤᠷᠯᠠᠵᠤ ᠪᠠᠴᠢᠮᠳᠠᠭᠰᠠᠨ ᠪᠢ ᠦᠪᠡᠷ᠎ᠤᠨ ᠠ᠋ᠷᠭᠡ ᠦᠭᠡᠢ ᠬᠤᠷᠭᠤᠨ ᠲᠡᠬᠡᠷ᠎ᠠ ᠪᠠᠶ᠋ᠢᠭᠰᠠᠨ ᠤᠷᠳᠤ ᠱᠤᠭᠤᠮ᠎ᠢ ᠪᠠᠷᠢᠭ᠋ᠠᠳ ᠠᠪᠤᠪᠠ᠃ ᠠ᠋ᠨᠡᠬᠡᠨ ᠬᠤᠷᠤᠮ᠎ᠳᠤ ᠲᠡᠷᠡ ᠵᠢᠯ᠎ᠤᠨ 《ᠵᠢᠭ᠋ᠠᠯ ᠪᠠᠭᠰᠢ》 ᠵᠢᠨ ᠲᠦᠷᠢ ᠮᠢᠨᠤ ᠲᠠᠷᠢᠬᠢᠨ᠎ᠳᠤ ᠬᠢᠯᠠᠰᠬᠢᠨ ᠤᠷᠤᠵᠦ ᠢᠷᠡᠵᠡᠢ᠃ ᠪᠢ ᠱᠤᠭᠤᠮ ᠵᠶ᠋ᠠᠨ ᠪᠤᠴᠠᠭ᠋ᠠᠨ ᠪᠠᠶ᠋ᠢᠷᠢᠨ᠎ᠳᠤ᠎ᠨᠢ ᠲᠠᠯᠪᠢᠪᠠ ᠁
      ᠪᠠᠭᠰᠢ ᠵᠢᠨ ᠰᠤᠷᠭ᠋ᠠᠭᠤᠯᠢ᠎ᠳᠤ ᠰᠤᠷᠤᠯᠴᠠᠵᠤ ᠪᠠᠶ᠋ᠢᠭᠰᠠᠨ ᠭᠤᠷᠪᠠᠳᠡᠬᠢ ᠵᠢᠯ᠎ᠤᠨ ᠵᠤᠨ᠎ᠤ ᠠᠮᠠᠷᠠᠯᠳᠠ ᠪᠤᠯᠵᠤ ᠬᠡᠷ᠎ᠲᠤ᠎ᠪᠠᠨ ᠬᠠᠷᠢᠬᠤ ᠬᠡᠵᠤ ᠬᠦᠭᠰᠦᠨ ᠬᠦᠬᠡᠷᠦᠯᠳᠦᠵᠦ ᠪᠠᠶ᠋ᠢᠭᠰᠠᠨ ᠪᠢᠳᠠ ᠭᠡᠳᠤᠭᠦᠯᠡ ᠠ᠋ᠮᠦᠨ᠎ᠡ ᠠ᠋ᠳᠦᠷ᠎ᠨᠢ ᠠᠶᠠᠠᠴᠢᠳ᠎ᠤᠨ ᠮᠠᠰᠢᠨ ᠲᠡᠷᠬᠡᠨ᠎ᠤ ᠪᠢᠯᠸᠲ ᠤᠯᠵᠤ ᠲᠠᠶ᠋ᠢᠯᠦᠭᠰᠡᠨ ᠦᠬᠡᠢ ᠲᠤᠯᠠ ᠲᠠᠷᠠᠭ᠎ᠠ ᠠ᠋ᠳᠤᠷ᠎ᠢ ᠬᠦᠯᠢᠶᠡᠬᠦ ᠯᠠ ᠬᠡᠷᠡᠭ᠎ᠲᠠᠢ ᠪᠤᠯᠵᠠᠢ᠃ ᠴᠢᠩᠬᠢᠬᠡᠳ ᠪᠢᠳᠠ ᠨᠠᠶ᠋ᠢᠵᠠ᠎ᠶᠢᠨ ᠵᠶ᠋ᠠᠨ ᠰᠠᠳᠤᠨ᠎ᠤ᠎ᠳᠤ ᠠᠶ᠋ᠢᠯᠴᠢᠯᠠᠵᠤ ᠲᠤᠭᠤᠷᠢᠬᠤ᠎ᠪᠠᠷ ᠪᠤᠯᠤᠭᠰᠠᠨ ᠶᠤᠮ᠃ ᠲᠡᠷᠡ ᠠᠶ᠋ᠢᠯ᠎ᠳᠤ ᠤᠷᠦᠬᠤ᠎ᠳᠤ ᠨᠢᠬᠡᠨ ᠬᠦᠬᠡᠷᠤᠬᠦᠨ ᠪᠢᠴᠢᠬᠠᠨ ᠦᠬᠢᠨ ᠱᠠᠯᠠᠨ ᠲᠡᠬᠡᠷ᠎ᠠ ᠬᠡᠤᠬᠡᠯᠳᠡᠢ ᠲᠤᠭᠯᠠᠭ᠋ᠠᠮ᠎ᠤᠳ ᠵᠶ᠋ᠠᠨ ᠮᠦᠷᠯᠡᠬᠦᠯᠤᠨ ᠵᠢᠠᠠᠰᠠᠭ᠋ᠠᠵᠤ᠂ ᠦᠪᠡᠷ ᠵᠶ᠋ᠠᠨ ᠤᠷᠳᠤ ᠱᠤᠭᠤᠮ ᠪᠠᠷᠢᠴᠢᠬᠠᠭᠰᠠᠨ ᠲᠤᠭᠯᠠᠵᠤ ᠪᠠᠶ᠋ᠢᠭ᠎ᠠ᠎ᠨᠢ ᠬᠠᠷᠠᠭᠳᠠᠯ᠎ᠠ᠃ ᠡᠵᠡᠨ ᠪᠢᠳᠡᠨ᠎ᠢ ᠬᠠᠯᠠᠭᠤᠮᠰᠤᠭ ᠵᠶ᠋ᠠᠷ ᠤᠭᠳᠤᠪᠠ᠃ 《ᠦᠬᠢᠨ ᠵᠶ᠋ᠠᠨ ᠠ᠋ᠨ᠋ᠨ ᠬᠠᠪᠤᠷ ᠴᠡᠴᠡᠷᠯᠢᠭ᠎ᠲᠤ ᠬᠦᠷᠬᠡᠭᠰᠡᠡ᠎ᠠᠴᠠ ᠬᠤᠶ᠋ᠢᠰᠢ ᠬᠡᠷ᠎ᠲᠤ᠎ᠪᠠᠨ ᠬᠠᠷᠢᠵᠤ ᠢᠷᠡᠪᠡᠯ᠂ ᠠ᠋ᠨ᠋ᠨ ᠬᠡᠳᠤᠨ ᠬᠡᠤᠬᠡᠯᠳᠡᠢ᠎ᠪᠠᠨ ᠮᠦᠷᠯᠡᠬᠦᠯᠵᠤ ᠵᠢᠠᠠᠰᠠᠭ᠋ᠠᠬᠤ ᠪᠤᠶᠤ ᠪᠢᠳᠠᠠ᠎ᠢ ᠮᠦᠷᠯᠡᠬᠦᠯᠵᠤ ᠰᠠᠭᠤᠯᠭ᠋ᠠᠴᠢᠬᠠᠭ᠋ᠠᠳ ᠦᠪᠡᠷ ᠵᠶ᠋ᠠᠨ ᠪᠠᠭᠰᠢ ᠪᠤᠯᠵᠦ ᠲᠤᠭᠯᠠᠭ᠋ᠠᠳ ᠪᠠᠶ᠋ᠢᠬᠤ ᠪᠤᠯᠤᠯ᠎ᠠ》 ᠭᠡᠵᠦ ᠢᠨᠢᠶᠡᠮᠰᠦᠭᠯᠡᠨ ᠶᠠᠷᠢᠵᠤ ᠪᠠᠶ᠋ᠢᠯ᠎ᠠ᠃
      ᠪᠢᠳᠠ ᠪᠢᠴᠢᠬᠠᠨ ᠦᠬᠢᠨ᠎ᠤ ᠠ᠋ᠰᠡᠷᠬᠦ ᠲᠠᠯ᠎ᠠ ᠵᠢᠨ ᠰᠠᠠᠳᠠᠯᠢ ᠲᠡᠬᠡᠷ᠎ᠠ ᠰᠠᠭᠤᠭ᠋ᠠᠳ ᠤᠳᠠᠯ ᠦᠭᠡᠢ ᠦᠬᠢᠨ᠎ᠲᠠᠢ ᠲᠠᠨᠢᠯᠴᠠᠵᠤ ᠲᠠᠰᠤᠯᠴᠠᠪᠠ᠃ ᠦᠬᠢᠨ ᠲᠤᠭᠯᠠᠵᠤ ᠪᠠᠶ᠋ᠢᠭᠰᠠᠨ ᠵᠶ᠋ᠠᠨ᠄ 《ᠪᠢ ᠤᠳᠦ ᠲᠠ ᠨᠠᠷ᠎ᠲᠤ ᠬᠢᠴᠢᠶᠠᠯ ᠤᠷᠤᠨ᠎ᠠ ᠰᠢᠤ᠂ 〈ᠪᠠᠭᠰᠢ ᠡ᠂ ᠰᠠᠶ᠋ᠢᠨ ᠤᠤ?〉 ᠬᠡᠵᠤ ᠬᠡᠯᠡᠬᠦ ᠦᠬᠡᠢ ᠶᠤᠮ ᠤᠤ?》 ᠬᠡᠳ ᠱᠤᠭᠤᠮ ᠵᠶ᠋ᠠᠨ ᠪᠠᠷᠢᠴᠢᠬᠠᠭ᠋ᠠᠳ ᠪᠢᠳᠠᠨ᠎ᠤ ᠠ᠋ᠮᠤᠨ᠎ᠠ ᠢᠷᠠᠪᠡ᠂ ᠢᠩᠬᠢᠭᠡᠳ ᠪᠢᠳᠠ ᠪᠢᠴᠢᠬᠠᠨ ᠦᠬᠢᠨ᠎ᠤ ᠰᠤᠷᠤᠭᠴᠢ᠎ᠨᠢ ᠪᠤᠯᠴᠢᠬᠠᠵᠤ 《ᠭᠠᠷ ᠵᠶ᠋ᠠᠨ ᠠᠷᠤ᠎ᠳᠤ᠎ᠪᠠᠨ ᠠ᠋ᠭᠦᠷᠦᠭᠡᠳ ᠲᠡᠭᠰᠢᠬᠡᠡ ᠰᠠᠭᠤ! ᠪᠤᠤ ᠬᠦᠳᠡᠯ! ᠪᠤᠤ ᠲᠤᠤᠭ᠋ᠠᠷ!》 ᠬᠡᠵᠤ ᠨᠢᠳᠦ᠎ᠪᠠᠨ ᠠ᠋ᠷᠡᠶ᠋ᠢᠯᠬᠡᠠ᠂ ᠴᠢᠷᠠᠢ᠎ᠪᠠᠨ ᠪᠠᠷᠤᠶ᠋ᠢᠯᠭ᠋ᠠᠵᠤ ᠱᠤᠭᠤᠮ ᠵᠶ᠋ᠠᠨ ᠪᠢᠳᠠᠨ᠎ᠤ ᠠ᠋ᠮᠤᠨᠡᠬᠢ ᠰᠢᠷᠡᠬᠡᠨ ᠲᠡᠬᠡᠷ᠎ᠠ ᠴᠤᠬᠢᠵᠤ ᠭᠠᠷᠤᠯ᠎ᠠ᠂ 《ᠴᠢ᠂ ᠦᠷᠯᠤᠬᠡ ᠪᠤᠯᠭ᠋ᠠᠨ ᠶᠠᠭᠤᠨ᠎ᠳᠤ᠎ᠪᠠᠨ ᠤᠬᠢᠯᠠᠭ᠋ᠠᠳ ᠪᠠᠶ᠋ᠢᠳᠠᠭ ᠶᠤᠮ?》 ᠬᠡᠳ ᠮᠠᠠ᠎ᠤ ᠨᠠᠶ᠋ᠢᠵᠠ ᠵᠢ ᠮᠠᠭᠤᠬᠠᠢ ᠬᠠᠷᠠᠵᠤ ᠠᠪᠤᠭᠰᠠᠨ ᠵᠶ᠋ᠠᠨ᠄ 《ᠬᠤᠭᠤᠯᠨ᠎ᠪᠠᠨ ᠪᠢᠳᠠᠬᠡᠢ ᠭᠤᠭᠤᠵᠢᠭᠤᠯᠤᠭ᠋ᠠᠳ ᠪᠠᠢ!》 ᠬᠡᠳ ᠬᠦᠶᠤᠨ ᠢᠷᠡᠵᠤ ᠮᠢᠨᠤ ᠲᠤᠯᠤᠭ᠋ᠠᠢ ᠲᠡᠬᠡᠷ᠎ᠠ ᠲᠤᠭᠰᠢᠭ᠋ᠠᠳ ᠠᠪᠤᠪᠠ᠃ 《ᠵᠠ᠂ ᠤᠳᠦ ᠪᠠᠭᠰᠢ᠎ᠨᠢ ᠬᠢᠴᠢᠶᠠᠯ ᠵᠶ᠋ᠠᠨ ᠤᠷᠤᠶ᠎ᠠ ᠁》 ᠬᠡᠰᠡᠨ ᠵᠶ᠋ᠠᠨ᠄ 《ᠶᠠᠮᠠᠷ ᠬᠠᠴᠢᠨ ᠬᠡᠤᠬᠡᠳ ᠪᠤᠢ᠂ ᠶᠠᠭᠤ ᠶᠠᠷᠢᠭ᠋ᠠᠳ ᠪᠠᠶ᠋ᠢᠨ᠎ᠠ ᠪᠤᠢ?》 ᠬᠡᠳ ᠨᠠᠳᠠ ᠤᠷᠤᠭᠤ ᠬᠠᠷᠠᠭ᠋ᠠᠳ ᠢᠨᠢᠶᠠᠵᠤ ᠪᠠᠶ᠋ᠢᠭᠰᠠᠨ ᠨᠠᠶ᠋ᠢᠵᠠ ᠵᠢᠨ ᠮᠢᠨᠢ ᠠᠮᠠ ᠵᠢ ᠪᠢᠴᠢᠬᠠᠨ ᠭᠠᠷ ᠵᠶ᠋ᠠᠷ ᠵᠶ᠋ᠠᠨ ᠠᠯᠠᠭ᠋ᠠᠳᠠᠭ᠍ᠤ ᠰᠢᠬ ᠪᠤᠯᠤᠭ᠋ᠠᠳ ᠠᠪᠤᠯ᠎ᠠ᠃ ᠠ᠋ᠨ᠋ᠨ ᠮᠡᠳᠤ᠎ᠪᠠᠷ ᠶᠠᠩᠵᠤ ᠶᠠᠩᠵᠤ᠎ᠪᠠᠷ ᠶᠠᠷᠢᠵᠤ᠂ ᠶᠠᠩᠵᠤ ᠶᠠᠩᠵᠤ ᠵᠢᠨ ᠠᠭ᠋ᠠᠰᠢ ᠬᠦᠳᠡᠯᠬᠡᠬᠡᠨ ᠭᠠᠷᠭ᠋ᠠᠨ ᠲᠤᠭᠯᠠᠵᠤ ᠪᠠᠶ᠋ᠢᠭ᠎ᠠ ᠵᠢ᠎ᠨᠢ ᠬᠠᠷᠠᠭ᠍ᠤ᠎ᠳᠤ ᠶᠠᠭ ᠯᠠ ᠲᠡᠬᠦᠨ᠎ᠤ ᠪᠠᠭᠰᠢ᠎ᠨᠢ ᠲᠡᠷᠡ ᠲᠦᠷᠢ᠎ᠪᠠᠷ ᠵᠶ᠋ᠠᠨ ᠪᠢᠳᠠᠡ᠎ᠤ ᠠ᠋ᠮᠤᠨ᠎ᠠ ᠵᠤᠭᠰᠤᠵᠤ ᠪᠠᠶ᠋ᠢᠭ᠎ᠠ ᠮᠡᠳᠤ ᠰᠠᠨᠠᠭᠳᠠᠵᠦ᠂ ᠠ᠋ᠬᠢᠯᠡᠬᠡᠳ ᠪᠢᠳᠠ ᠢᠨᠢᠶᠠᠳᠤ ᠬᠦᠷᠴᠤ ᠦᠬᠢᠠ᠎ᠢ ᠱᠤᠠᠠᠯᠠᠠ ᠲᠤᠠᠠᠯᠠᠵᠤ ᠪᠠᠶ᠋ᠢᠭᠰᠠᠠ ᠵᠶ᠋ᠠᠨ ᠰᠡᠬᠦᠯᠳᠡᠵᠤ ᠲᠠᠷᠢᠬᠢᠨ᠎ᠳᠤ ᠮᠢᠨᠢ ᠠ᠋ᠯᠳᠡᠪ᠎ᠤᠨ ᠵᠤᠶ᠋ᠢᠯ ᠪᠤᠳᠤᠭᠳᠠᠵᠤ᠂ 《ᠶᠠᠭ᠋ᠠᠬᠢᠭᠰᠠᠨ ᠴᠤ᠌ ᠠ᠋ᠶ᠋ᠢᠮᠤ ᠪᠠᠭᠰᠢ ᠯᠡ ᠪᠤᠤ ᠪᠤᠯᠤᠶ᠎ᠠ》 ᠬᠡᠰᠡᠠ ᠪᠤᠳᠤᠯ ᠡᠪᠤᠷᠯᠠᠵᠤ ᠲᠠᠷᠠ ᠠᠶ᠋ᠢᠯ᠎ᠠᠴᠠ ᠭᠠᠷᠴᠦ ᠢᠷᠡᠭᠰᠡᠨ ᠪᠢᠯᠡ᠃
     《ᠲᠠᠭᠤᠷᠢᠶᠠᠭ᠍ᠤ ᠪᠤᠯ ᠬᠡᠤᠬᠡᠳ᠎ᠤᠨ ᠨᠡᠶ᠋ᠢᠬᠡᠮ᠎ᠠᠴᠠ ᠰᠤᠷᠤᠯᠴᠠᠭ᠍ᠤ ᠨᠢᠬᠡ ᠵᠤᠶ᠋ᠢᠯ᠎ᠤᠨ ᠴᠢᠬᠤᠯᠨ ᠪᠦᠬᠦᠢ ᠠᠷᠭ᠎ᠠ ᠵᠠᠮ ᠮᠦᠨ》 ᠬᠡᠳᠡᠭ᠎ᠢ ᠰᠤᠷᠭ᠋ᠠᠨ ᠬᠦᠮᠦᠵᠢᠯ᠎ᠤᠨ ᠰᠡᠳᠬᠢᠴᠡ ᠵᠦᠢ᠎ᠳᠤ ᠲᠤᠷᠠᠳᠤᠭᠰᠠᠨ ᠪᠠᠢ᠍ᠢ᠍ᠳᠠᠬ᠃ ᠰᠤᠷᠭ᠋ᠠᠭᠤᠯᠢ ᠵᠢᠨ ᠨᠠᠰᠤᠨ᠎ᠠᠴᠠ ᠠ᠋ᠮᠤᠨᠡᠬᠢ ᠬᠡᠤᠬᠡᠳ ᠪᠤᠰᠤᠤᠨ᠎ᠤᠨ ᠦᠢ᠍ᠯᠠ ᠠᠵᠢᠯᠯᠠᠭ᠎ᠠ ᠵᠢᠨ ᠵᠦᠪ ᠪᠤᠷᠤᠭᠤ ᠵᠢ ᠮᠠᠭ᠋ᠠᠳᠯᠠᠭ᠍ᠤ ᠴᠢᠳᠠᠪᠤᠷᠢ ᠦᠬᠡᠢ ᠪᠤᠯᠬᠤᠷ ᠶᠡᠷᠤ᠎ᠨᠢ ᠰᠠᠶ᠋ᠢᠨ ᠮᠠᠭᠤ ᠵᠢ ᠢᠯᠭ᠋ᠠᠬᠤ ᠦᠬᠡᠢ ᠲᠠᠭᠤᠷᠢᠶᠠᠳᠠᠭ᠃
      ᠬᠡᠤᠬᠡᠳ ᠴᠡᠴᠡᠷᠯᠢᠭ᠎ᠲᠤ ᠤᠷᠤᠭᠰᠠᠨ᠎ᠠᠴᠠ ᠬᠤᠶ᠋ᠢᠰᠢ ᠪᠦᠳᠤᠨ ᠠ᠋ᠳᠤᠷ ᠪᠠᠭᠰᠢ ᠨᠠᠶ᠋ᠢᠵᠠ ᠨᠠᠷ᠎ᠲᠠᠢ᠎ᠪᠠᠨ ᠬᠠᠮᠳᠤ ᠪᠠᠶ᠋ᠢᠵᠤ᠂ ᠪᠠᠭᠰᠢ ᠵᠢᠨ ᠦᠬᠡ ᠶᠠᠷᠢᠶ᠎ᠠ᠂ ᠦᠢ᠍ᠯᠠ ᠠᠵᠢᠯᠯᠠᠭ᠎ᠠ᠎ᠨᠢ ᠲᠡᠷᠡ ᠪᠦᠬᠦᠨ ᠵᠶ᠋ᠠᠷ ᠵᠶ᠋ᠠᠨ ᠬᠡᠤᠬᠡᠳ᠎ᠲᠤ ᠤᠯᠠᠮᠵᠢᠯᠠᠭᠳᠠᠵᠦ ᠬᠡᠤᠬᠡᠳ᠎ᠤᠨ ᠴᠢᠳᠠᠪᠤᠷᠢ ᠪᠤᠯᠤᠨ ᠵᠠᠩ ᠠᠷᠠᠨᠰᠢᠨ ᠪᠦᠷᠢᠯᠳᠤᠬᠦ ᠵᠢ ᠨᠦᠯᠤᠬᠡᠯᠡᠳᠡᠭ᠃ ᠪᠠᠭᠰᠢ ᠵᠢᠨ ᠵᠶ᠋ᠠᠨ ᠦᠬᠡ ᠶᠠᠷᠢᠶ᠎ᠠ ᠬᠦᠳᠡᠯᠬᠡᠬᠡᠨ ᠪᠦᠷᠢ ᠵᠢ ᠬᠡᠤᠬᠡᠳ ᠨᠢᠳᠦ᠎ᠪᠠᠷ ᠵᠶ᠋ᠠᠨ ᠬᠠᠷᠠᠵᠤ᠂ ᠰᠡᠳᠬᠢᠯ ᠵᠢᠷᠤᠬᠡᠠ᠎ᠳᠤ᠎ᠪᠠᠨ ᠬᠦᠯᠢᠶᠠᠠ ᠠᠪᠳᠠᠭ᠎ᠨᠢ ᠬᠡᠤᠭᠡᠳ᠎ᠤᠨ ᠦᠰᠦᠨ ᠪᠤᠶ᠋ᠢᠵᠢᠯᠳᠠ ᠵᠢᠨ ᠵᠢᠮ᠎ᠡ ᠶᠤᠰᠤ ᠶᠤᠮ᠃ ᠠ᠋ᠶ᠋ᠢᠮᠤ᠎ᠠᠴᠠ ᠪᠠᠭᠰᠢ ᠪᠠ ᠬᠡᠤᠬᠡᠳ᠎ᠤᠨ ᠬᠠᠮᠳᠤ᠎ᠳᠤ᠎ᠪᠠᠨ ᠪᠠᠶ᠋ᠢᠭ᠎ᠠ ᠠ᠋ᠳᠤᠷ ᠲᠤᠳᠤᠮ᠎ᠤᠨ ᠠᠮᠢᠳᠤᠷᠠᠯ᠎ᠨᠢ ᠲᠠᠷᠤᠢ ᠰᠤᠷᠭ᠋ᠠᠨ ᠬᠦᠮᠦᠵᠢᠯ ᠮᠦᠨ ᠭᠡᠳᠡᠭ᠎ᠢ ᠮᠢᠨᠤ 《ᠵᠢᠭ᠋ᠠᠯ ᠪᠠᠭᠰᠢ》 ᠬᠡᠷᠡᠴᠢᠯᠡᠨ ᠨᠤᠳᠠᠯᠠᠵᠦ ᠪᠠᠶ᠋ᠢᠨ᠎ᠠ᠃
      ᠠᠭᠤᠷᠯᠠᠵᠦ ᠪᠠᠴᠢᠮᠳᠠᠭ᠍ᠤ ᠲᠤᠷ᠎ᠠ᠎ᠲᠠᠢ᠂ ᠬᠡᠦᠬᠡᠳ᠎ᠤᠳ᠎ᠲᠠᠢ ᠬᠠᠷᠢᠴᠠᠭ᠍ᠤ᠎ᠳᠤ᠎ᠪᠠᠨ ᠦᠠᠳᠤᠷ ᠲᠠᠭᠤᠨ ᠵᠶ᠋ᠠᠷ ᠪᠠᠷᠬᠢᠷᠠᠭ᠍ᠤ᠂ ᠠᠵᠢᠯ ᠬᠢᠳᠡᠯ᠎ᠨᠢ ᠠᠯᠠᠩ ᠰᠠᠯᠠᠩ ᠪᠠᠶ᠋ᠢᠳᠠᠭ ᠪᠠᠭᠰᠢ ᠵᠢᠨ ᠬᠡᠤᠬᠡᠳ᠎ᠤᠳ᠎ᠨᠢ ᠦᠷᠬᠦᠯᠵᠢ ᠲᠡᠪᠵᠢᠶᠠᠨ ᠱᠤᠤᠬᠢᠶᠠᠠ᠎ᠲᠠᠢ᠂ ᠡᠯ᠎ᠠ ᠲᠠᠯ᠎ᠠ ᠵᠢᠨ ᠲᠠᠳᠬᠠᠯ ᠬᠡᠪᠰᠢᠯ᠎ᠨᠢ ᠪᠤᠯᠪᠠᠰᠤᠨ ᠪᠤᠰᠤ ᠪᠠᠶ᠋ᠢᠵᠤ᠂ ᠠᠭᠤᠷᠯᠠᠵᠤ ᠬᠠᠰᠬᠢᠷᠠᠭ᠍ᠤ ᠦᠬᠡᠢ ᠪᠤᠯ ᠪᠤᠰᠤᠳ᠎ᠤᠨ ᠦᠬᠡ ᠴᠢᠬᠢ᠎ᠪᠠᠷ᠎ᠨᠢ ᠤᠷᠤᠬᠤ ᠦᠬᠡᠢ ᠪᠤᠯᠴᠢᠬᠠᠳᠠᠭ᠃ ᠬᠠᠷᠢᠨ ᠬᠡᠵᠢᠶᠡᠳᠡ ᠨᠠᠮ ᠲᠦᠯᠬᠡᠠ᠂ ᠠᠭᠤᠵᠢᠭᠤ ᠲᠠᠯᠪᠢᠭᠤ᠂ ᠠᠪᠢᠶᠠᠰᠯᠢᠭ ᠪᠠᠭᠰᠢ ᠵᠢᠨ ᠬᠡᠤᠬᠡᠳ᠎ᠤᠳ᠎ᠨᠢ ᠨᠠᠮᠵᠢᠭᠤᠬᠠᠨ ᠤᠬᠠᠭ᠋ᠠᠯᠢᠭ ᠮᠦᠷᠳᠡᠬᠡᠨ ᠰᠡᠳᠬᠢᠯ ᠰᠠᠨᠠᠭ᠎ᠠ ᠲᠠᠯᠪᠢᠭᠤ᠂ ᠪᠡᠶ᠎ᠡ᠎ᠪᠠᠨ ᠡᠵᠡᠮᠳᠡᠬᠦ ᠴᠢᠳᠠᠪᠦᠷᠢ᠎ᠲᠠᠢ᠂ ᠶᠠᠮᠠᠷᠪᠠ ᠵᠤᠶ᠋ᠢᠯ᠎ᠳᠤ ᠨᠠᠷᠢᠨ ᠬᠢᠨᠠᠮᠠᠭ᠋ᠠᠢ ᠪᠠᠶ᠋ᠢᠳᠠᠭ ᠵᠡᠷᠭᠡ ᠲᠠᠯ᠎ᠠ᠎ᠪᠠᠷ ᠪᠤᠰᠤᠳ᠎ᠠᠴᠠ ᠤᠨᠴᠠᠭ᠋ᠠᠶ᠋ᠢᠷᠠᠵᠦ ᠬᠠᠷᠠᠭᠳᠠᠳᠠᠭ ᠶᠤᠮ᠃
      ᠴᠡᠴᠡᠷᠯᠢᠭ᠎ᠤᠨ ᠬᠡᠤᠬᠡᠳ᠎ᠨᠢ ᠶᠠᠭ ᠰᠠᠶ᠋ᠢᠬᠠᠨ ᠦᠰᠪᠤᠷᠢ ᠵᠢᠨ ᠱᠠᠳᠤᠨ᠎ᠳᠤ᠎ᠪᠠᠨ ᠪᠠᠶ᠋ᠢᠵᠤ ᠶᠢᠷᠲᠢᠨᠴᠦ ᠵᠢᠨ ᠦᠵᠡᠯ᠂ ᠶᠤᠰᠤ ᠮᠤᠷᠠᠯ᠎ᠤᠨ ᠦᠵᠡᠯ ᠤᠬᠠᠮᠰᠠᠷ᠂ ᠨᠡᠶ᠋ᠢᠬᠡᠮ᠎ᠤᠨ ᠲᠤᠬᠠᠢ ᠲᠠᠨᠢᠯᠳᠠ ᠵᠡᠷᠬᠡ᠎ᠨᠢ ᠬᠠᠷᠠᠭ᠍ᠠᠨ ᠪᠦᠷᠢᠯᠳᠤᠬᠡᠳᠤᠢ ᠮᠦᠷᠳᠡᠬᠡᠨ ᠲᠠᠭᠤᠷᠢᠶᠠᠭ᠍ᠤ ᠴᠢᠨᠠᠷ ᠵᠶ᠋ᠠᠷ ᠴᠢᠩᠭ᠎ᠠ ᠪᠠᠶ᠋ᠢᠳᠠᠭ ᠲᠤᠯᠠ ᠴᠡᠴᠡᠷᠯᠢᠭ᠎ᠤᠨ ᠪᠠᠭᠰᠢ ᠪᠤᠯᠬᠤ᠎ᠳᠤ ᠵᠠᠪᠠᠯ ᠦᠪᠡᠷ᠎ᠤᠨ ᠵᠦᠪ ᠤᠪᠤᠷ᠂ ᠵᠦᠪ ᠦᠢ᠍ᠯᠠ ᠠᠵᠢᠯᠯᠠᠭ᠎ᠠ᠎ᠪᠠᠷ ᠵᠶ᠋ᠠᠨ ᠭᠡᠤᠭᠡᠳ᠎ᠢ ᠨᠦᠯᠤᠬᠡᠯᠡᠬᠦ ᠵᠢ ᠤᠠᠴᠠᠭ᠋ᠠᠶ᠋ᠢᠯᠠᠨ ᠬᠢᠴᠢᠶᠠᠵᠤ᠂ 《ᠵᠢᠭ᠋ᠠᠯ ᠪᠠᠭᠰᠢ》᠎ᠠᠴᠠ ᠰᠤᠷᠭ᠋ᠠᠮᠵᠢ ᠠᠪᠴᠤ᠂ ᠬᠡᠤᠬᠡᠳ᠎ᠲᠤ ᠰᠠᠶ᠋ᠢᠨ ᠦᠯᠢᠬᠡᠷ ᠲᠠᠭᠤᠷᠢᠶᠠᠯ ᠪᠤᠯᠬᠤ᠎ᠪᠠᠷ ᠴᠢᠷᠮᠠᠢ᠍ᠢ᠍ᠪᠠᠯ ᠵᠤᠬᠢᠨ᠎ᠠ᠃
          ᠬᠠᠶᠢᠬ᠄ ᠠ᠋ᠷᠢᠶᠠᠨ ᠬᠤᠳᠠ ᠵᠢᠨ ᠦᠠᠳᠤᠰᠤᠳᠠᠨ᠎ᠤ ᠬᠡᠤᠬᠡᠳ᠎ᠤᠨ ᠴᠡᠴᠡᠷᠯᠢᠭ
                                   (ᠠ᠋ᠾᠤᠢ᠍ᠩ ᠮᠸᠢ ᠨᠠᠢ᠍ᠢ᠍ᠷᠠᠭᠤᠯᠪᠠ)
                                10   ᠳ᠋ᠤᠭ᠋ᠠᠷ ᠬᠤᠭᠤᠴᠠᠭ᠎ᠠ

ᠢᠷᠡᠯᠲᠡ᠄ ᠥᠪᠥᠷ ᠮᠣᠩᠭᠤᠯ᠎ᠤᠨ ᠦᠪᠡᠷᠲᠡᠭᠡᠨ ᠵᠠᠰᠠᠬᠤ ᠣᠷᠣᠨ᠎ᠤ ᠰᠣᠷᠭ᠋ᠠᠨ ᠬᠦᠮᠦᠵᠢᠯ᠎ᠤᠨ ᠲᠢᠩᠬᠡᠮ
          
ᠬᠠᠮᠢᠶ᠎ᠡ ᠪᠦᠬᠦᠢ ᠰᠣᠨᠢᠨ
ᠤᠭ ᠰᠠᠨᠠᠭ᠎ᠠ᠎ᠪᠠᠨ ᠥᠯᠥ ᠮᠠᠷᠲᠠᠵᠤ ᠠ᠋ᠭᠦᠷᠭᠡ ᠬᠠᠷᠢᠭᠤᠴᠠᠯᠭ᠎ᠠ᠎ᠪᠠᠨ ᠪᠠᠲᠤ ᠴᠡᠭᠡᠵᠢᠯᠡᠨᠡᠮ
ᠣᠳᠣ ᠦᠶ᠎ᠡ ᠵᠢᠨ ᠤᠶᠤᠲᠠᠳ᠎ᠤᠨ ᠠᠵᠢᠯ ᠤᠯᠭᠤᠯᠳᠠ ᠵᠢᠨ ᠠᠰᠠᠭᠤᠳᠠᠯ᠎ᠠᠴᠠ ᠰᠡᠳᠬᠢᠭᠳᠡᠭᠰᠡᠨ᠎ᠨᠢ
ᠰᠠᠴᠤᠷᠠᠨᠭ᠌ᠭᠤᠢ 60 ᠵᠢᠯ
ᠰᠠᠢ᠍ᠢ᠍ᠳᠤᠷ ᠰᠤᠷᠤᠯᠴᠠᠵᠤ ᠠ᠋ᠳᠤᠷ᠎ᠠᠴᠠ ᠠ᠋ᠳᠦᠷ ᠦᠭᠡᠳᠠᠯᠠ
ᠭᠦᠰᠠᠯ ᠭᠦᠭᠡᠭᠡᠴᠠᠯᠳᠤᠯ
 
             蒙ICP备05000248号