ᠠᠯᠲᠠᠨᠴᠡᠴᠡᠭ | | | | | ᠠᠩᠭᠢ ᠶᠢᠨ ᠡᠷᠬᠢᠯᠡᠭᠴᠢ ᠪᠣᠯ ᠠᠩᠭᠢ ᠨᠢᠭᠡᠴᠢ ᠶᠢᠨ ᠵᠤᠬᠢᠶᠠᠨ ᠪᠠᠶᠢᠭᠤᠯᠤᠭᠴᠢ ᠮᠥᠷᠲᠡᠭᠡᠨ ᠤᠳᠤᠷᠢᠳᠤᠭᠴᠢ᠂ | ᠵᠢᠯᠤᠭᠤᠳᠤᠭᠴᠢ ᠮᠥᠨ᠃ ᠠᠩᠭᠢ ᠪᠣᠯ ᠰᠤᠷᠭᠠᠭᠤᠯᠢ ᠶᠢᠨ ᠰᠤᠷᠭᠠᠨ ᠬᠦᠮᠦᠵᠢᠯ ᠤᠨ ᠦᠨᠳᠦᠰᠦᠨ | ᠨᠢᠭᠡᠴᠢ᠃ ᠡᠶᠢᠮᠦ ᠠᠴᠠ ᠠᠩᠭᠢ ᠶᠢᠨ ᠡᠷᠬᠢᠯᠡᠭᠴᠢ ᠠᠩᠭᠢ ᠶᠢᠨ ᠠᠵᠢᠯ ᠢᠶᠠᠨ ᠰᠠᠶᠢᠲᠤᠷ ᠬᠢᠬᠦ ᠨᠢ ᠰᠤᠷᠭᠠᠭᠤᠯᠢ ᠶᠢᠨ | ᠪᠦᠬᠦ ᠲᠠᠯ᠎ᠠ ᠶᠢᠨ ᠠᠵᠢᠯ ᠤᠷᠤᠭᠰᠢᠲᠠᠢ ᠰᠠᠶᠢᠨ ᠶᠠᠪᠤᠭᠳᠠᠬᠤ ᠶᠢ ᠪᠠᠲᠤᠯᠠᠵᠤ ᠴᠢᠳᠠᠳᠠᠭ᠃ ᠠᠩᠭᠢ ᠶᠢᠨ ᠡᠷᠬᠢᠯᠡᠭᠴᠢ | ᠠᠩᠭᠢ ᠨᠢᠭᠡᠴᠢ ᠪᠠᠨ ᠰᠠᠶᠢᠨ ᠬᠠᠮᠢᠶᠠᠷᠴᠤ ᠰᠤᠷᠤᠭᠴᠢ ᠨᠢᠭᠡ ᠪᠦᠷᠢ ᠶᠢ ᠡᠷᠡᠭᠦᠯ ᠢᠶᠠᠷ ᠬᠦᠮᠦᠵᠢᠬᠦᠯᠬᠦ ᠡᠭᠦᠷᠭᠡ | ᠬᠠᠷᠢᠭᠤᠴᠠᠯᠭ᠎ᠠ ᠲᠠᠢ ᠪᠤᠯᠬᠤᠷ ᠶᠠᠳᠠᠷᠠᠯ ᠵᠥᠳᠡᠷᠡᠯ ᠲᠠᠢ ᠠᠵᠢᠯᠯᠠᠳᠠᠭ ᠮᠥᠷᠲᠡᠭᠡᠨ ᠬᠥᠯᠢᠴᠡᠩᠭᠦᠢ ᠳᠠᠭᠠᠭᠠᠮᠠᠭᠠᠢ | ᠣᠪᠤᠷ ᠲᠠᠢ ᠪᠠᠶᠢᠬᠤ ᠨᠢ ᠮᠠᠰᠢ ᠴᠢᠬᠤᠯᠠ ᠪᠠᠶᠢᠳᠠᠭ᠃ | ᠶᠠᠮᠠᠷᠪᠠ ᠠᠵᠢᠯ ᠡᠭᠦᠷᠭᠡ ᠶᠢ ᠪᠡᠶᠡᠯᠡᠬᠦᠯᠬᠦ ᠳᠤ ᠬᠠᠶᠢᠷ᠎ᠠ ᠬᠠᠷᠢᠭᠤᠴᠠᠯᠭ᠎ᠠ ᠮᠠᠰᠢ ᠴᠢᠬᠤᠯᠠ | ᠪᠠᠶᠢᠳᠠᠭ᠃ ᠬᠠᠶᠢᠷ᠎ᠠ ᠠᠴᠠ ᠬᠠᠷᠢᠭᠤᠴᠠᠯᠭ᠎ᠠ ᠢᠷᠡᠵᠦ ᠬᠠᠷᠢᠭᠤᠴᠠᠯᠭ᠎ᠠ ᠠᠴᠠ ᠬᠠᠶᠢᠷ᠎ᠠ ᠢᠪᠢᠯᠳᠡᠭ ᠶᠤᠮ᠃ ᠬᠦᠮᠦᠰ | ᠥᠪᠡᠷ ᠤᠨ ᠬᠠᠶᠢᠷ᠎ᠠ ᠲᠠᠢ ᠪᠠᠬ᠎ᠠ ᠲᠠᠢ ᠠᠵᠢᠯ ᠢᠶᠠᠨ ᠬᠢᠵᠦ ᠪᠦᠲᠦᠭᠡᠶ᠎ᠡ ᠭᠡᠪᠡᠯ ᠬᠡᠨ ᠴᠦ ᠲᠡᠭᠦᠨ ᠢ ᠬᠠᠰᠢᠵᠦ | ᠬᠤᠷᠢᠭᠯᠠᠵᠤ ᠲᠡᠶᠢᠯᠬᠦ ᠦᠭᠡᠢ ᠪᠠᠶᠢᠳᠠᠭ᠃ ᠥᠪᠡᠷ ᠤᠨ ᠳᠤᠷ᠎ᠠ ᠪᠠᠬ᠎ᠠ ᠲᠠᠢ ᠵᠦᠢᠯ ᠢᠶᠠᠨ ᠬᠢᠵᠦ ᠪᠦᠲᠦᠭᠡᠬᠦ ᠳᠤ | ᠬᠦᠴᠢᠷ ᠪᠡᠷᠬᠡ ᠲᠠᠢ ᠭᠡᠵᠦ ᠪᠤᠳᠤᠳᠠᠭ ᠦᠭᠡᠢ᠂ ᠶᠠᠳᠠᠷᠠᠭ᠎ᠠ ᠵᠥᠳᠡᠷᠡᠭᠡ ᠲᠠᠢ ᠴᠦ ᠭᠡᠵᠦ ᠰᠠᠨᠠᠳᠠᠭ ᠦᠭᠡᠢ | ᠶᠤᠮ᠃ ᠤᠴᠢᠷ ᠨᠢ ᠬᠠᠶᠢᠷ᠎ᠠ ᠬᠠᠷᠢᠭᠤᠴᠠᠯᠭ᠎ᠠ ᠪᠣᠯ ᠠᠵᠢᠯ ᠦᠢᠯᠡᠰ ᠢ ᠠᠬᠢᠭᠤᠯᠬᠤ ᠡᠷᠴᠢ ᠬᠦᠴᠦᠨ ᠪᠣᠯᠳᠠᠭ᠃ ᠨᠡᠩ | ᠪᠠᠭᠰᠢ ᠶᠢᠨ ᠠᠵᠢᠯ ᠪᠣᠯ ᠬᠠᠶᠢᠷ᠎ᠠ ᠠᠴᠠ ᠰᠠᠯᠵᠤ ᠴᠢᠳᠠᠬᠤ ᠦᠭᠡᠢ ᠭᠡᠵᠦ ᠪᠢ ᠦᠵᠡᠳᠡᠭ᠃ ᠡᠶᠢᠮᠦ ᠠᠴᠠ ᠪᠠᠭᠰᠢ | ᠪᠣᠯᠣᠭᠰᠠᠨ ᠪᠢᠳᠡ ᠨᠠᠷ ᠠᠵᠢᠯ ᠦᠢᠯᠡᠰ ᠲᠤ ᠪᠠᠨ ᠬᠠᠶᠢᠷᠠᠲᠠᠢ᠂ ᠰᠤᠷᠭᠠᠭᠤᠯᠢ ᠳᠤ ᠪᠠᠨ ᠬᠠᠶᠢᠷᠠᠲᠠᠢ᠂ | ᠰᠤᠷᠤᠭᠴᠢ ᠳᠤ ᠪᠠᠨ ᠬᠠᠶᠢᠷᠠᠲᠠᠢ ᠪᠠᠶᠢᠬᠤ ᠡᠶᠢᠮᠦᠷᠬᠦᠦ ᠬᠠᠶᠢᠷ᠎ᠠ ᠶᠢᠨ ᠰᠡᠳᠬᠢᠯᠭᠡ ᠪᠠᠶᠢᠳᠠᠭ ᠯᠠ ᠶᠤᠮ ᠪᠣᠯ | ᠠᠩᠭᠢ ᠶᠢᠨ ᠡᠷᠬᠢᠯᠡᠭᠴᠢ ᠶᠢᠨ ᠠᠵᠢᠯ ᠢ ᠬᠢᠬᠦ ᠳᠤ ᠲᠡᠶᠢᠮᠦ ᠬᠦᠴᠢᠷ ᠭᠡᠵᠦ ᠪᠤᠳᠤᠭᠳᠠᠳᠠᠭ ᠦᠬᠡᠢ᠃ ᠲᠤᠤᠷ᠎ᠠ ᠪᠢ | ᠭᠤᠴᠢᠨ ᠵᠢᠯ ᠠᠩᠭᠢ ᠶᠢᠨ ᠡᠷᠬᠢᠯᠡᠭᠴᠢ ᠶᠢᠨ ᠠᠵᠢᠯ ᠢ ᠡᠭᠦᠷᠭᠡᠯᠡᠵᠦ ᠰᠤᠷᠤᠭᠴᠢ ᠪᠠᠨ ᠬᠠᠶᠢᠷᠠᠯᠠᠨ ᠬᠠᠯᠠᠮᠵᠢᠯᠠᠵᠤ | ᠰᠤᠷᠭᠠᠨ ᠬᠦᠮᠦᠵᠢᠬᠦᠯᠬᠦ ᠳᠤ ᠪᠠᠨ ᠲᠤᠤᠷᠠᠬᠢ ᠬᠡᠳᠦᠨ ᠲᠠᠯ᠎ᠠ ᠪᠠᠷ ᠭᠤᠤᠯᠴᠢᠯᠠᠨ ᠠᠳᠬᠤᠭᠰᠠᠨ ᠲᠤᠷᠰᠢᠯᠭ᠎ᠠ | ᠪᠣᠯᠪᠠᠰᠤᠷᠠᠯ ᠢᠶᠠᠨ ᠲᠠ ᠨᠠᠷ ᠲᠠᠢ ᠪᠠᠨ ᠬᠤᠪᠢᠶᠠᠯᠴᠠᠶ᠎ᠠ᠃ | ᠨᠢᠭᠡ᠂ ᠠᠩᠭᠢ ᠶᠢᠨ ᠡᠷᠬᠢᠯᠡᠭᠴᠢ ᠪᠠᠭᠰᠢ ᠠᠴᠠ ᠰᠤᠷᠤᠭᠴᠢ ᠨᠢᠭᠡ ᠪᠦᠷᠢ ᠶᠢ ᠨᠠᠷᠢᠨ ᠨᠢᠮᠪᠠᠢ ᠤᠶᠢᠯᠠᠭᠠᠬᠤ | ᠰᠤᠷᠤᠭᠴᠢᠳ ᠤᠨ ᠦᠭᠡ ᠶᠠᠷᠢᠶ᠎ᠠ᠂ ᠠᠭᠠᠰᠢ ᠵᠠᠩ᠂ ᠦᠢᠯᠡ ᠬᠦᠳᠡᠯᠦᠯ᠂ ᠤᠬᠠᠭᠠᠨ ᠰᠠᠨᠠᠭ᠎ᠠ᠂ ᠰᠠᠬᠢᠯᠭ᠎ᠠ | ᠮᠤᠷᠠᠯ ᠁ ᠮᠡᠲᠦ ᠶᠢᠨ ᠪᠦᠬᠦ ᠲᠠᠯ᠎ᠠ ᠪᠠᠷ ᠨᠠᠷᠢᠨ ᠨᠢᠮᠪᠠᠢ ᠤᠶᠢᠯᠠᠭᠠᠴᠢᠬᠠᠪᠠᠯ᠂ ᠠᠯᠢ ᠰᠤᠷᠤᠭᠴᠢ ᠶᠢ ᠨᠢ ᠶᠠᠭᠠᠬᠢᠵᠦ | ᠬᠦᠮᠦᠵᠢᠬᠦᠯᠬᠦ᠂ ᠶᠠᠮᠠᠷ ᠠᠷᠭ᠎ᠠ ᠠᠪᠴᠠᠯ ᠬᠡᠷᠡᠭᠯᠡᠪᠡᠯ ᠵᠤᠬᠢᠰᠲᠠᠢ ᠪᠠᠶᠢᠬᠤ ᠵᠡᠷᠭᠡ ᠪᠠᠷ ᠳᠣᠲᠤᠷ᠎ᠠ ᠪᠠᠨ ᠲᠤᠭ᠎ᠠ ᠲᠠᠢ | ᠪᠠᠶᠢᠵᠤ ︽ᠡᠪᠡᠳᠴᠢᠨ ᠳᠤ ᠨᠢ ᠲᠣᠬᠢᠷᠠᠭᠤᠯᠵᠤ ᠡᠮ ᠬᠡᠷᠡᠭᠯᠡᠬᠦ︾ ᠠᠷᠭ᠎ᠠ ᠪᠠᠷ ᠰᠤᠷᠭᠠᠨ ᠬᠦᠮᠦᠵᠢᠭᠦᠯᠪᠡᠯ ᠦᠷ᠎ᠡ | ᠠᠰᠢᠭ ᠨᠢ ᠨᠡᠩ ᠰᠠᠶᠢᠨ ᠪᠠᠶᠢᠳᠠᠭ᠃ ᠬᠠᠷᠢᠨ ᠪᠥᠭᠦᠳᠡ ᠶᠢ ᠬᠤᠮᠢᠵᠦ ᠬᠡᠷᠡᠭ ᠵᠠᠷᠭᠤ ᠲᠠᠲᠠᠬᠤ ᠦᠬᠡᠢ ᠪᠣᠯ | ᠪᠣᠯᠴᠢᠬᠠᠨ᠎ᠠ ᠭᠡᠵᠦ ᠬᠦᠩᠭᠡᠨ ᠬᠠᠭᠤᠳᠠᠮ ᠬᠠᠨᠳᠤᠵᠤ ᠪᠣᠯᠬᠤ ᠦᠭᠡᠢ᠃ ᠠᠩᠭᠢ ᠶᠢᠨ ᠡᠷᠬᠢᠯᠡᠭᠴᠢ ᠪᠠᠭᠰᠢ ᠠᠩᠭᠢ ᠶᠢᠨ | ᠳᠤᠮᠳᠠᠬᠢ ᠵᠢᠵᠢᠭ ᠰᠠᠵᠢᠭ ᠤᠴᠢᠷ ᠢ ᠣᠨᠴᠠ ᠠᠩᠬᠠᠷᠴᠤ᠂ ᠤᠴᠢᠷ ᠶᠠᠪᠤᠳᠠᠯ ᠪᠦᠬᠦᠨ ᠳᠤ ᠨᠠᠷᠢᠨ ᠬᠢᠨᠠᠮᠠᠭᠠᠢ | ᠬᠠᠨᠳᠤᠵᠤ᠂ ᠥᠪᠡᠷ ᠤᠨ ᠡᠮᠦᠰᠴᠦ ᠵᠡᠭᠦᠬᠦ᠂ ᠦᠭᠡ ᠶᠠᠷᠢᠶ᠎ᠠ ᠪᠠᠨ ᠦᠷᠭᠦᠯᠵᠢ ᠠᠩᠬᠠᠷᠴᠤ᠂ ᠢᠳᠡᠪᠬᠢᠲᠡᠢ ᠦᠵᠡᠯ | ᠰᠡᠳᠬᠢᠯᠭᠡ᠂ ᠳᠠᠷᠤᠤ ᠬᠢᠴᠢᠶᠡᠩᠬᠦᠢ ᠣᠪᠤᠷ ᠰᠤᠷᠲᠠᠯ ᠢᠶᠠᠷ ᠰᠤᠷᠤᠭᠴᠢᠳ ᠲᠤ ᠬᠡᠪ ᠳᠦᠷᠢᠮ ᠪᠣᠯᠵᠤ᠂ | ᠰᠤᠷᠤᠭᠴᠢᠳ ᠢ ᠱᠠᠭᠠᠷᠳᠠᠭᠰᠠᠨ ᠵᠦᠢᠯ ᠢ ᠥᠪᠡᠰᠤᠪᠠᠨ ᠴᠢᠩᠭ᠎ᠠ ᠰᠠᠬᠢᠬᠤ ᠬᠡᠷᠡᠭᠲᠡᠢ᠃ | ᠪᠢᠳᠡ ᠡᠳᠦᠷ ᠪᠦᠷᠢ ᠰᠤᠷᠤᠭᠴᠢ ᠪᠠᠨ ᠬᠠᠷᠠᠵᠤ ᠬᠠᠷᠠᠭᠠᠯᠵᠠᠵᠤ ᠤᠶᠢᠯᠠᠭᠠᠵᠤ ᠪᠠᠶᠢᠳᠠᠭ ᠪᠣᠯ᠂ ᠰᠤᠷᠤᠭᠴᠢ | ᠪᠠᠰᠠ ᠮᠠᠨ ᠢ ᠦᠵᠡᠵᠦ ᠬᠠᠷᠠᠵᠤ ᠤᠶᠢᠯᠠᠭᠠᠵᠤ ᠪᠠᠶᠢᠨ᠎ᠠ ᠰᠢᠦ᠃ ᠲᠡᠳᠡ ᠪᠠᠭᠰᠢ ᠶᠢᠨ ᠬᠡᠯᠡᠵᠦ ᠪᠠᠶᠢᠬᠤ᠂ ᠬᠢᠵᠦ | ᠪᠠᠶᠢᠬᠤ ᠶᠢ ᠴᠠᠭ ᠢᠮᠠᠭᠲᠠ ᠬᠠᠷᠠᠵᠣ ᠠᠵᠢᠭᠯᠠᠵᠤ ᠪᠠᠶᠢᠨ᠎ᠠ᠃ ᠴᠢᠮ᠎ᠠ ᠶᠢ ᠳᠠᠭᠠᠭᠠᠳ ᠬᠢᠵᠦ ᠪᠠᠶᠢᠨ᠎ᠠ᠂ ᠰᠤᠷᠴᠤ | ᠪᠠᠶᠢᠨ᠎ᠠ᠃ ︽ᠪᠠᠭᠰᠢ ᠪᠣᠯ ᠰᠤᠷᠤᠭᠴᠢ ᠶᠢᠨ ᠲᠣᠯᠢ︾ ᠭᠡᠭᠴᠢ ᠪᠠᠷ ᠪᠠᠭᠰᠢ ᠨᠠᠷ ᠢᠩᠭᠢᠵᠦ ᠡᠳᠦᠷ ᠪᠦᠷᠢ | ᠰᠤᠷᠤᠭᠴᠢ ᠶᠢᠨ ᠢᠶᠠᠨ ᠨᠢᠳᠦᠨ ᠡᠮᠦᠨ᠎ᠡ ᠲᠤᠭᠯᠠᠵᠤ ᠪᠠᠶᠢᠭ᠎ᠠ ᠲᠣᠭᠯᠠᠭᠴᠢ ᠰᠢᠬ ᠪᠣᠯᠬᠤᠷ ᠪᠠᠭᠰᠢ ᠶᠢᠨ ᠦᠭᠡ ᠶᠠᠷᠢᠶ᠎ᠠ᠂ | ᠦᠢᠯᠡ ᠬᠦᠳᠡᠯᠦᠯ᠂ ᠠᠭᠠᠰᠢ ᠵᠠᠩ᠂ ᠠᠪᠲᠠᠯ ᠬᠢᠳᠡᠯ ᠁ ᠵᠡᠷᠭᠡ ᠶᠢ ᠰᠤᠷᠤᠭᠴᠢᠳ ᠶᠠᠭ ᠲᠡᠷᠡ ᠬᠡᠪ ᠢᠶᠠᠷ ᠨᠢ | ᠦᠵᠡᠨ ᠰᠤᠷᠴᠤ ᠪᠠᠶᠢᠳᠠᠭ ᠠᠴᠠ ᠪᠠᠭᠰᠢ ᠪᠣᠯᠤᠭᠰᠠᠳ ᠰᠤᠷᠤᠭᠴᠢ ᠶᠢᠨ ᠢᠶᠠᠨ ᠨᠢᠳᠦᠨ ᠳᠤ ᠲᠤᠳᠤ ᠠᠴᠠ ᠲᠣᠳᠤ | ᠬᠠᠷᠠᠭᠳᠠᠵᠤ ᠪᠠᠶᠢᠳᠠᠭ᠃ ᠮᠥᠨ ᠴᠦ ︽ᠲᠦᠮᠡ ᠬᠡᠯᠡᠬᠦ ᠪᠠᠷ ᠨᠢᠭᠡ ᠬᠢ︾ ᠭᠡᠭᠴᠢ ᠪᠠᠷ ᠠᠩᠭᠢ ᠶᠢᠨ ᠡᠷᠬᠢᠯᠡᠭᠴᠢ ᠪᠠᠭᠰᠢ | ᠥᠪᠡᠷ ᠤᠨ ᠢᠶᠠᠨ ᠬᠦᠮᠦᠨ ᠮᠥᠰᠥ ᠪᠠᠷ ᠢᠶᠠᠨ ᠰᠤᠷᠤᠭᠴᠢᠳ ᠢᠶᠠᠨ ᠨᠦᠯᠦᠭᠡᠯᠡᠵᠦ ᠬᠡᠯᠡᠵᠦ ᠬᠢᠬᠦ ᠪᠠᠨ ᠨᠢᠭᠡᠳᠭᠡᠵᠦ | ᠰᠤᠷᠤᠭᠴᠢ ᠨᠥᠬᠦᠳ ᠲᠤ ᠪᠠᠨ ᠥᠪᠡᠷ ᠤᠨ ᠪᠡᠶ᠎ᠡ ᠪᠠᠷ ᠢᠶᠠᠨ ᠬᠡᠪ ᠳᠦᠷᠢᠮ ᠪᠣᠯᠵᠤ ᠰᠤᠷᠤᠭᠴᠢ ᠪᠣᠯᠭᠠᠨ ᠳᠤ ᠡᠷᠬᠡ | ᠲᠡᠭᠰᠢ ᠬᠠᠨᠳᠤᠪᠠᠯ ᠰᠠᠶ᠋ᠢ ᠪᠠᠭᠰᠢ ᠰᠤᠷᠤᠭᠴᠢ ᠶᠢᠨ ᠬᠠᠷᠢᠴᠠᠭ᠎ᠠ ᠶᠢ ᠨᠢᠭᠲᠠᠷᠠᠭᠤᠯᠵᠤ ᠶᠤᠰᠤ ᠬᠡᠯᠡᠵᠦ | ᠶᠠᠩᠰᠢᠭᠰᠠᠨ ᠠᠴᠠ ᠬᠤᠯᠠ ᠢᠯᠡᠬᠦᠦ ᠪᠦᠲᠦᠮᠵᠢ ᠲᠠᠢ ᠪᠠᠶᠢᠳᠠᠭ᠃ ᠡᠨᠡ ᠲᠠᠯ᠎ᠠ ᠪᠠᠷ ᠪᠢ ᠨᠢᠭᠡ ᠵᠢᠱᠢᠶ᠎ᠡ ᠶᠠᠷᠢᠶ᠎ᠠ᠄ | 2007 ᠣᠨ ᠳᠤ ᠪᠠᠭ᠎ᠠ ᠰᠤᠷᠭᠠᠭᠤᠯᠢ ᠲᠡᠭᠦᠰᠦᠭᠰᠡᠨ ᠰᠤᠷᠤᠭᠴᠢ × × ᠮᠣᠩᠭᠤᠯ ᠬᠡᠯᠡᠨ ᠤ ᠵᠤᠬᠢᠶᠠᠯ | ᠪᠢᠴᠢᠭᠦ ᠳᠤ ᠪᠠᠨ ᠠᠨᠠᠢ ᠪᠠᠶᠢᠳᠠᠬ᠃ ᠨᠢᠭᠡ ᠤᠳᠠᠭ᠎ᠠ ᠬᠢᠴᠢᠶᠡᠯ ᠤᠨ ᠵᠠᠪᠰᠠᠷᠯᠠᠭ᠎ᠠ ᠳᠤ ᠪᠦᠮᠪᠦᠭᠡ ᠲᠤᠭᠯᠠᠵᠤ ᠪᠠᠶᠢᠭᠠᠳ | ᠰᠠᠨᠠᠮᠰᠠᠷ ᠦᠭᠡᠢ ᠴᠣᠩᠬᠤᠨ ᠰᠢᠯ ᠢ ᠬᠠᠭᠠᠯᠤᠭᠰᠠᠨ ᠳᠤ ᠪᠠᠭᠰᠢ ᠠᠴᠠ ᠶᠡᠭᠡ ᠬᠡᠷᠡᠭ ᠪᠣᠯᠭᠠᠵᠤ ᠣᠯᠠᠨ ᠤ ᠡᠮᠦᠨ᠎ᠡ | ᠵᠤᠭᠰᠤᠭᠠᠨ ᠨᠢᠭᠡ ᠵᠡᠷᠭᠡ ᠰᠢᠭᠦᠮᠵᠢᠯᠡᠵᠦ ᠳᠠᠬᠢᠨ ᠠᠯᠪᠠᠨ ᠭᠡᠷ ᠲᠤ ᠪᠠᠨ ᠠᠪᠠᠴᠢᠵᠤ ᠣᠯᠠᠨ ᠪᠠᠭᠰᠢ ᠶᠢᠨ ᠬᠠᠵᠠᠭᠤ ᠳᠤ | ᠰᠤᠷᠭᠠᠯ ᠬᠠᠶᠢᠷᠠᠯᠠᠨ ᠳᠠᠷᠠᠭ᠎ᠠ ᠭᠠᠷᠠᠭ ᠴᠣᠩᠬᠤᠨ ᠰᠢᠯ ᠢ ᠲᠥᠯᠦᠭᠦᠯᠬᠦ ᠪᠠᠷ ᠪᠣᠯᠪᠠ᠃ ᠶᠠᠭ ᠳᠠᠷᠠᠭ᠎ᠠ ᠡᠳᠦᠷ ᠨᠢ | ᠰᠤᠷᠤᠯᠭ᠎ᠠ ᠰᠠᠶᠢᠨ ᠰᠤᠷᠤᠭᠴᠢ × × ᠬᠠᠮᠳᠤ ᠨᠥᠬᠦᠳ ᠲᠠᠢ ᠪᠠᠨ ᠲᠤᠭᠯᠠᠵᠤ ᠪᠠᠶᠢᠭᠠᠳ ᠨᠢᠭᠡ ᠨᠠᠶᠢᠵᠠ ᠶᠢᠨ ᠢᠶᠠᠨ | ᠲᠤᠯᠤᠭᠠᠢ ᠶᠢ ᠨᠢ ᠰᠢᠯᠪᠤᠯᠤᠭᠰᠠᠨ ᠪᠠᠶᠢᠬᠤ ᠳᠤ ᠪᠠᠭᠰᠢ ᠠᠴᠠ ᠰᠢᠷᠬᠠᠳᠣᠭᠰᠠᠨ ᠰᠤᠷᠤᠭᠴᠢ ᠶᠢ ᠰᠢᠷᠪᠢᠨ | ᠬᠠᠷᠠᠭᠰᠠᠨ ᠢᠶᠠᠨ᠄ ︽ᠵᠦᠭᠡᠷ᠂ ᠭᠠᠳᠠᠨ᠎ᠠ ᠭᠠᠷᠪᠠᠯ ᠮᠠᠯᠠᠭᠠᠢ ᠪᠠᠨ ᠵᠡᠬᠦᠴᠢᠭᠡ︾ ᠭᠡᠳ ᠠᠯᠪᠠᠨ ᠭᠡᠷ ᠲᠤ ᠪᠠᠨ | ᠶᠠᠪᠤᠴᠢᠬᠠᠪᠠ ᠁ | ᠰᠤᠷᠤᠭᠴᠢ ᠶᠢᠨ ᠢᠩᠭᠢᠵᠦ ᠪᠢᠴᠢᠭᠰᠡᠨ ᠰᠠᠨᠠᠭ᠎ᠠ ᠨᠢ ᠪᠣᠯ ᠰᠠᠶᠢᠨ ᠰᠤᠷᠤᠯᠭ᠎ᠠ ᠲᠠᠢ ᠰᠤᠷᠤᠭᠴᠢ ᠶᠠᠭᠠᠬᠢᠭᠰᠠᠨ | ᠴᠦ ᠪᠦᠷ ᠪᠣᠯᠤᠨ᠎ᠠ᠃ ᠮᠠᠭᠤ ᠰᠤᠷᠤᠯᠭ᠎ᠠ ᠲᠠᠢ ᠰᠤᠷᠤᠭᠴᠢ ᠪᠣᠯ ᠬᠡᠵᠢᠶᠡᠳᠡ ᠰᠠᠶᠢᠨ ᠢᠶᠠᠨ ᠣᠯᠬᠤ ᠦᠭᠡᠢ ᠭᠡᠰᠡᠨ | ᠪᠣᠳᠤᠯ ᠠᠴᠠ ᠪᠢᠴᠢᠭᠰᠡᠨ ᠪᠠᠶᠢᠵᠠᠢ᠃ ᠡᠭᠦᠨ ᠠᠴᠠ ᠪᠢ ᠶᠡᠭᠡ ᠰᠡᠩᠭᠡᠷᠡᠭᠦᠯᠦᠯ ᠣᠯᠤᠭᠰᠠᠨ ᠶᠤᠮ᠃ ᠲᠡᠳᠡᠨ ᠢ ᠨᠠᠰᠤ | ᠪᠠᠭ᠎ᠠ ᠴᠢᠰᠤ ᠰᠢᠩᠭᠡᠨ ᠶᠠᠭᠤ ᠴᠦ ᠮᠡᠳᠡᠬᠦ ᠦᠭᠡᠢ᠂ ᠬᠠᠭᠤᠷᠬᠤ ᠳᠤ ᠠᠮᠠᠷᠬᠠᠨ ᠭᠡᠵᠦ ᠪᠤᠳᠤᠵᠤ ᠪᠣᠯᠬᠤ | ᠦᠭᠡᠢ᠃ ᠲᠡᠳᠡᠨ ᠤ ᠨᠢᠳᠦᠨ ᠳᠤ ᠲᠡᠳᠡᠨ ᠤ ᠰᠡᠳᠬᠢᠯ ᠳᠤ ᠮᠠᠨ ᠤ ᠪᠠᠭᠰᠢ ᠪᠣᠯ ᠶᠠᠮᠠᠷ ᠣᠪᠤᠷ ᠪᠠᠶᠢᠳᠠᠯ | ᠲᠠᠢ︖ ᠠᠭᠠᠰᠢ ᠵᠠᠩ ᠨᠢ ᠶᠠᠮᠠᠷ ᠰᠢᠦ ᠪᠠᠶᠢᠳᠠᠭ︖ ᠤᠴᠢᠷ ᠶᠠᠪᠤᠳᠠᠯ ᠢ ᠶᠠᠭᠠᠬᠢᠵᠦ ᠰᠢᠢᠳᠪᠦᠷᠢᠯᠡᠵᠦ | ᠪᠠᠶᠢᠬᠤ︖ ᠶᠠᠭᠠᠬᠢᠵᠦ ᠰᠢᠢᠳᠪᠦᠷᠢᠯᠡᠭᠰᠡᠨ ᠪᠣᠯ ᠵᠤᠬᠢᠰᠲᠠᠢ ᠪᠠᠶᠢᠬᠤ︖ ᠢᠩᠭᠢᠵᠦ ᠰᠢᠢᠳᠪᠦᠷᠢᠯᠡᠬᠦ ᠨᠢ ᠲᠡᠳᠡᠨ ᠤ | ᠰᠠᠨᠠᠭᠠᠨ ᠳᠤ ᠨᠡᠶᠢᠴᠡᠵᠦ ᠪᠠᠶᠢᠨ᠎ᠠ ᠦᠦ︖ ᠦᠭᠡᠢ ᠦᠦ︖ ᠁ ᠭᠡᠬᠦ ᠮᠡᠲᠦ ᠪᠠᠷ ᠲᠡᠳᠡᠨ ᠤ ᠪᠣᠳᠤᠯ ᠰᠡᠳᠬᠢᠯ ᠳᠤ | ᠲᠣᠪ ᠲᠤᠳᠤᠷᠬᠠᠢ ᠳᠠᠩᠰᠠ ᠲᠡᠮᠳᠡᠭᠯᠡᠯ ᠲᠠᠢ ᠭᠡᠳᠡᠭ ᠢ ᠤᠶᠢᠯᠠᠭᠠᠵᠤ ᠮᠡᠳᠡᠭᠰᠡᠨ ᠶᠤᠮ᠃ ᠡᠶᠢᠮᠦ ᠠᠴᠠ ᠠᠩᠭᠢ ᠶᠢᠨ | ᠪᠠᠭᠰᠢ ᠰᠤᠷᠤᠭᠴᠢ ᠶᠢᠨ ᠢᠶᠠᠨ ᠨᠢᠳᠦᠨ ᠳᠤ ᠦᠨᠡᠨ ᠳᠦᠷᠢ ᠪᠠᠷ ᠢᠶᠠᠨ ᠬᠠᠷᠠᠭᠳᠠᠵᠤ ᠤᠴᠢᠷ ᠶᠠᠪᠤᠳᠠᠯ ᠪᠦᠬᠦᠨ ᠳᠤ | ᠲᠥᠪ ᠭᠤᠣᠯᠴᠢ᠂ ᠡᠷᠬᠡ ᠲᠡᠭᠰᠢ᠂ ᠢᠯᠡ ᠲᠣᠳᠤᠷᠬᠠᠢ᠂ ᠨᠠᠷᠢᠨ ᠬᠢᠨᠠᠮᠠᠭᠠᠢ ᠪᠠᠶᠢᠬᠤ ᠬᠡᠷᠡᠭᠳᠡᠢ᠃ ᠮᠠᠨ ᠳᠤ ᠠᠪᠴᠤ | ᠬᠡᠯᠡᠪᠡᠯ ᠬᠡᠦᠬᠡᠳ ᠤᠨ ᠬᠤᠭᠤᠷᠤᠨᠳᠤᠬᠢ ᠶᠠᠯᠢᠮ ᠦᠬᠡᠢ ᠵᠢᠭᠠᠬᠠᠨ ᠤᠴᠢᠷ ᠨᠢ ᠲᠡᠳᠡᠨ ᠳᠤ ᠪᠠᠨ ᠪᠣᠯ ᠶᠡᠭᠡ ᠤᠴᠢᠷ | ᠪᠣᠯᠳᠠᠭ᠃ ᠬᠡᠷᠪᠡ ᠲᠣᠯᠭᠠᠷᠠᠭᠰᠠᠨ ᠠᠰᠠᠭᠤᠳᠠᠯ ᠢ ᠬᠠᠰᠢ ᠶᠠᠰᠢ ᠵᠤᠬᠢᠰ ᠦᠬᠡᠢ ᠪᠠᠷ ᠰᠢᠢᠳᠪᠦᠷᠢᠯᠡᠬᠦ ᠳᠤ ᠬᠦᠷᠪᠡᠯ | ᠪᠠᠭᠰᠢ ᠶᠢᠨ ᠶᠠᠯᠢᠮ ᠦᠭᠡᠢ ᠨᠢᠭᠡ ᠦᠭᠡ᠂ ᠨᠢᠭᠡ ᠰᠢᠢᠳᠪᠦᠷᠢ ᠨᠢ ᠰᠤᠷᠤᠭᠴᠢ ᠶᠢᠨ ᠰᠡᠳᠬᠢᠯ ᠳᠤ ᠭᠦᠨ ᠰᠢᠷᠬ᠎ᠠ | ᠦᠯᠡᠳᠡᠭᠡᠨ ᠨᠠᠰᠤᠨ ᠲᠤᠷᠰᠢ ᠳᠤ ᠨᠢ ᠨᠥᠯᠦᠭᠡᠯᠡᠵᠦ ᠲᠡᠳᠡᠨ ᠳᠤ ᠦᠵᠡᠯ ᠰᠠᠨᠠᠭᠠᠨ ᠤ ᠳᠠᠷᠤᠭᠠᠰᠤ ᠲᠠᠢ ᠪᠣᠯᠵᠤ | ᠮᠡᠳᠡᠨ᠎ᠡ᠃ ᠨᠡᠩ ᠴᠢᠨᠠᠭᠰᠢᠯᠠᠪᠠᠯ ᠣᠶᠤᠨ ᠰᠠᠨᠠᠭᠠᠨ ᠳᠤ ᠨᠢ ᠴᠣᠬᠢᠯᠲᠠ ᠪᠣᠯᠵᠤ ᠰᠡᠳᠬᠢᠯ ᠰᠠᠨᠠᠭᠠᠨ ᠳᠤ ᠨᠢ ᠰᠡᠬᠦᠳᠡᠷ | ᠦᠯᠡᠳᠡᠭᠡᠵᠦ ᠴᠦ ᠮᠡᠳᠡᠬᠦ ᠶᠤᠮ᠃ ᠡᠶᠢᠮᠦ ᠠᠴᠠ ᠤᠴᠢᠷ ᠶᠠᠪᠤᠳᠠᠯ ᠪᠦᠬᠦᠨ ᠳᠤ ᠨᠠᠷᠢᠨ ᠬᠢᠨᠠᠮᠠᠭᠠᠢ ᠪᠠᠶᠢᠵᠣ᠂ ᠰᠤᠷᠤᠭᠴᠢ | ᠪᠣᠯᠭᠠᠨ ᠳᠤ ᠡᠷᠬᠡ ᠲᠡᠭᠰᠢ ᠬᠠᠨᠳᠤᠵᠤ᠂ ᠠᠰᠠᠭᠤᠳᠠᠯ ᠢ ᠰᠢᠢᠳᠪᠦᠷᠢᠯᠡᠬᠦ ᠳᠤ ᠪᠠᠨ ᠶᠤᠰᠤ ᠪᠠᠷ ᠪᠢᠰᠢᠷᠡᠬᠦᠯᠬᠦ ᠶᠢ | ᠡᠷᠬᠢᠮᠯᠡᠬᠦ ᠬᠡᠷᠡᠭᠳᠡᠢ᠃ ᠠᠳᠠᠯᠢ ᠪᠤᠰᠤ ᠰᠤᠷᠤᠭᠴᠢ ᠶᠢᠨ ᠠᠯᠳᠠᠭ᠎ᠠ ᠳᠤ ᠠᠳᠠᠯᠢᠬᠠᠨ ᠣᠪᠤᠷ ᠢᠶᠠᠷ ᠬᠠᠨᠳᠤᠪᠠᠯ | ᠵᠣᠬᠢᠨ᠎ᠠ᠃ ᠢᠩᠭᠢᠪᠡᠯ ᠰᠠᠶ᠋ᠢ ᠰᠤᠷᠤᠭᠴᠢᠳ ᠲᠤ ᠪᠠᠨ ᠢᠲᠡᠭᠡᠯ ᠬᠦᠨᠳᠦ ᠲᠠᠢ ᠪᠣᠯᠵᠤ ᠴᠢᠳᠠᠨ᠎ᠠ᠃ ᠪᠠᠭᠰᠢ ᠰᠤᠷᠤᠭᠴᠢ | ᠢᠩᠭᠢᠵᠦ ᠢᠲᠡᠭᠡᠯ ᠰᠡᠳᠬᠢᠯ ᠢᠶᠠᠨ ᠲᠦᠰᠢᠯᠴᠡᠵᠦ ᠪᠠᠶᠢᠭᠰᠠᠨ ᠴᠠᠭ ᠲᠤ ᠠᠩᠭᠢ ᠶᠢᠨ ᠠᠵᠢᠯ ᠢᠯᠭᠤᠮ ᠤᠷᠤᠭᠰᠢᠲᠠᠢ | ᠶᠠᠪᠤᠭᠳᠠᠵᠤ ᠴᠢᠳᠠᠨ᠎ᠠ ᠭᠡᠳᠡᠭ ᠢ ᠣᠯᠵᠤ ᠮᠡᠳᠡᠷᠡᠭᠰᠡᠨ ᠶᠤᠮ᠃ | ᠬᠤᠶᠠᠷ᠂ ᠠᠩᠭᠢ ᠶᠢᠨ ᠡᠷᠬᠢᠯᠡᠭᠴᠢ ᠪᠠᠭᠰᠢ ᠠᠴᠠ ᠠᠩᠭᠢ ᠶᠢᠨ ᠺᠠᠳ᠋ᠷ ᠢ ᠬᠤᠭᠤᠴᠠᠭ᠎ᠠ ᠬᠤᠪᠢᠶᠠᠨ ᠰᠤᠩᠭᠤᠵᠤ | ᠬᠡᠷᠡᠭᠯᠡᠬᠦ | ᠠᠩᠭᠢ ᠶᠢᠨ ᠡᠷᠬᠢᠯᠡᠭᠴᠢ ᠠᠷᠠᠳᠴᠢᠯᠠᠯ ᠢ ᠡᠷᠬᠢᠮᠯᠡᠵᠦ ᠠᠷᠠᠳᠴᠢᠯᠠᠯ ᠤᠨ ᠬᠠᠮᠢᠶᠠᠷᠤᠯᠲᠠ ᠶᠠᠪᠤᠭᠤᠯᠬᠤ | ᠬᠡᠷᠡᠭᠲᠡᠢ᠃ ᠳᠠᠷᠤᠢ ᠰᠤᠷᠤᠭᠴᠢ ᠪᠣᠯᠭᠠᠨ ᠳᠤ ᠠᠩᠭᠢ ᠶᠢᠨ ᠺᠠᠳ᠋ᠷ ᠪᠣᠯᠬᠤ ᠵᠠᠪᠰᠢᠶᠠᠨ ᠢ ᠬᠦᠷᠲᠡᠭᠡᠬᠦ | ᠬᠡᠷᠡᠭᠳᠡᠢ᠃ ᠵᠢᠱᠢᠶᠡᠯᠡᠪᠡᠯ᠂ ᠠᠩᠭᠢ ᠶᠢᠨ ᠰᠤᠷᠤᠭᠴᠢ ᠶᠢᠨ ᠬᠠᠮᠢᠶᠠᠷᠤᠯᠲᠠ ᠳᠤ ᠪᠠᠨ ᠳᠡᠰ ᠬᠤᠪᠢᠶᠠᠨ ᠬᠠᠮᠢᠶᠠᠷᠬᠤ | ᠠᠷᠭ᠎ᠠ ᠶᠢ ᠬᠡᠷᠡᠭᠯᠡᠵᠦ᠂ ᠰᠠᠷ᠎ᠠ ᠪᠦᠷᠢ ᠪᠣᠶᠤ ᠬᠤᠭᠤᠴᠠᠭ᠎ᠠ ᠪᠦᠷᠢ ᠬᠠᠮᠢᠶᠠᠷᠤᠯᠲᠠ ᠶᠢᠨ ᠠᠵᠢᠯ ᠢᠶᠠᠨ ᠡᠭᠡᠯᠵᠢᠯᠡᠨ | ᠰᠤᠯᠢᠯᠴᠠᠵᠤ ᠬᠢᠬᠦ ᠳᠦᠷᠢᠮ ᠢ ᠬᠡᠷᠡᠭᠵᠢᠬᠦᠯᠵᠦ ᠪᠣᠯᠤᠨ᠎ᠠ᠃ ᠠᠩᠭᠢ ᠶᠢᠨ ᠺᠠᠳ᠋ᠷ᠂ ᠬᠢᠴᠢᠶᠡᠯ ᠤᠨ ᠲᠥᠯᠦᠭᠡᠯᠡᠭᠴᠢ ᠵᠡᠷᠭᠡ | ᠬᠡᠳᠦᠨ ᠳᠡᠰ ᠤᠨ ᠳᠠᠷᠤᠭ᠎ᠠ ᠲᠤᠭᠲᠠᠭᠠᠵᠣ᠂ ᠠᠩᠭᠢ ᠶᠢᠨ ᠪᠦᠬᠦ ᠪᠠᠶᠢᠳᠠᠯ᠂ ᠡᠷᠡᠭᠦᠯ ᠬᠠᠮᠠᠭᠠᠯᠠᠯ᠂ ᠬᠢᠴᠢᠶᠡᠯ ᠰᠤᠷᠤᠯᠭ᠎ᠠ᠂ | ᠰᠠᠬᠢᠯᠭ᠎ᠠ ᠪᠠᠲᠤ ᠵᠡᠷᠭᠡ ᠶᠢ ᠰᠠᠯᠭᠠᠨ ᠬᠠᠮᠢᠶᠠᠷᠴᠤ᠂ ᠲᠤᠰ ᠲᠤᠰ ᠲᠤ ᠨᠢ ᠳᠠᠭᠠᠭᠠᠴᠢᠯᠠᠭᠤᠯᠤᠨ ᠬᠠᠮᠢᠶᠠᠷᠤᠭᠤᠯᠬᠤ ᠨᠢ | ᠨᠡᠯᠢᠶᠡᠳ ᠰᠠᠶᠢᠨ ᠦᠷ᠎ᠡ ᠳ᠋ᠦᠩ ᠲᠠᠢ ᠶᠤᠮ᠃ | ᠠᠩᠭᠢ ᠶᠢᠨ ᠡᠷᠬᠢᠯᠡᠭᠴᠢ ᠪᠠᠭᠰᠢ ᠠᠩᠭᠢ ᠶᠢᠨ ᠠᠵᠢᠯ ᠤᠨ ᠲᠠᠯ᠎ᠠ ᠪᠠᠷ ᠶᠠᠭᠤ ᠪᠦᠬᠦᠨ ᠢ ᠭᠠᠭᠴᠠᠭᠠᠷ ᠬᠢᠬᠦ ᠨᠢ | ᠠᠮᠠᠷ ᠦᠬᠡᠢ᠃ ᠠᠩᠭᠢ ᠶᠢᠨ ᠺᠠᠳ᠋ᠷ ᠢ ᠰᠠᠶᠢᠬᠠᠨ ᠰᠤᠩᠭᠤᠵᠣ ᠬᠡᠷᠡᠭᠯᠡᠬᠡᠳ ᠰᠤᠷᠤᠭᠴᠢ ᠨᠥᠬᠦᠳ ᠢ ᠬᠤᠭᠤᠷᠤᠨᠳᠦ ᠨᠢ | ᠬᠠᠮᠵᠢᠯᠴᠠᠭᠤᠯᠵᠤ ᠲᠡᠳᠡᠨ ᠤ ᠬᠢᠵᠦ ᠳᠡᠶᠢᠯᠬᠦ ᠠᠵᠢᠯ ᠢ ᠨᠢ ᠲᠡᠳᠡᠨ ᠢᠶᠠᠷ ᠬᠢᠯᠭᠡᠨ᠎ᠡ᠃ ᠰᠤᠷᠤᠭᠴᠢᠳ ᠲᠤ ᠠᠪᠴᠤ | ᠬᠡᠯᠡᠪᠡᠯ ᠠᠩᠭᠢ ᠶᠢᠨ ᠺᠠᠳ᠋ᠷ ᠪᠣᠯᠬᠤ ᠨᠢ ᠢᠷᠠᠭᠤ ᠠᠯᠳᠠᠷ ᠲᠠᠢ ᠮᠥᠷᠲᠡᠭᠡᠨ ᠲᠣᠮᠣ ᠶᠡᠭᠡ ᠵᠡᠷᠭᠡ ᠬᠡᠷᠭᠡᠮ | ᠣᠯᠤᠭᠰᠠᠨ ᠲᠠᠢ ᠲᠡᠩᠴᠡᠨ᠎ᠡ᠃ ᠡᠶᠢᠮᠦ ᠠᠴᠠ ᠰᠤᠷᠤᠭᠴᠢ ᠪᠣᠯᠭᠠᠨ ᠳᠤ ᠺᠠᠳ᠋ᠷ ᠪᠣᠯᠬᠤ ᠳᠤᠬᠢᠶᠠᠯ | ᠣᠯᠭᠤᠨ᠎ᠠ᠃ ᠢᠩᠭᠢᠪᠡᠯ ᠵᠠᠷᠢᠮ ᠰᠤᠷᠤᠭᠴᠢ ᠶᠢ ᠪᠠᠰᠠ ᠠᠮᠠᠷᠬᠠᠨ ᠬᠤᠪᠢᠷᠠᠭᠤᠯᠵᠤ ᠪᠣᠯᠳᠠᠭ᠃ ᠵᠢᠱᠢᠶᠡᠯᠡᠪᠡᠯ᠂ ᠰᠤᠷᠤᠯᠭ᠎ᠠ | ᠮᠠᠭᠤ᠂ ᠰᠤᠷᠲᠠᠯ ᠮᠠᠭᠤ᠂ ᠠᠯᠢᠶ᠎ᠠ ᠳᠡᠭᠵᠢᠨ᠂ ᠠᠯᠵᠠᠭᠤ ᠬᠤᠶᠢᠷᠭᠤ ᠁ ᠭᠡᠬᠦ ᠮᠡᠲᠦ ᠪᠠᠷ ᠬᠡᠦᠬᠡᠳ ᠤᠨ ᠪᠡᠶ᠎ᠡ ᠳᠤ | ᠣᠷᠤᠰᠢᠵᠣ ᠪᠠᠶᠢᠭ᠎ᠠ ᠳᠤᠲᠠᠭᠳᠠᠯ ᠲᠠᠢ ᠲᠠᠯ᠎ᠠ ᠪᠣᠶᠤ ᠬᠦᠷᠦᠯᠴᠡᠬᠦ ᠦᠬᠡᠢ ᠲᠠᠯ᠎ᠠ ᠶᠢ ᠨᠢ ᠥᠪᠡᠷ ᠢᠶᠠᠷ ᠨᠢ ᠬᠠᠯᠠᠵᠤ | ᠰᠠᠶᠢᠵᠢᠷᠠᠭᠤᠯᠬᠤ ᠳᠤᠬᠢᠶᠠᠯ ᠣᠯᠭᠤᠨ᠎ᠠ᠃ ᠺᠠᠳ᠋ᠷ ᠪᠣᠯᠪᠠᠯ ᠠᠶᠠᠨᠳᠠᠭᠠᠨ ᠥᠪᠡᠷ ᠤᠨ ᠪᠡᠶ᠎ᠡ ᠳᠤ ᠪᠠᠨ ᠱᠠᠭᠠᠷᠳᠠᠯᠭ᠎ᠠ | ᠲᠠᠯᠪᠢᠨ᠎ᠠ ᠭᠡᠰᠡᠨ ᠦᠭᠡ᠃ ᠬᠦᠮᠦᠰ ᠶᠠᠮᠠᠷ ᠨᠢᠭᠡ ᠵᠦᠢᠯ ᠤᠨ ᠶᠠᠭᠤᠮᠠᠨ ᠳᠤ ᠳᠤᠷ᠎ᠠ ᠰᠣᠨᠢᠷᠬᠠᠯ ᠲᠠᠢ ᠪᠣᠯᠬᠤ | ᠦᠶ᠎ᠡ ᠳᠤ ᠲᠡᠬᠦᠨ ᠢ ᠪᠠᠭ᠋ᠠᠷᠬᠠᠬᠤ ᠪᠤᠶᠤ ᠬᠦᠭᠡᠭᠡᠴᠡᠯᠳᠦᠬᠦ ᠪᠠᠶᠢᠳᠠᠯ ᠳᠤ ᠣᠷᠤᠳᠠᠭ ᠲᠠᠢ ᠠᠳᠠᠯᠢ ᠬᠡᠦᠭᠡᠳ ᠴᠦ ᠭᠡᠰᠡᠨ | ᠠᠩᠭᠢ ᠶᠢᠨ ᠺᠠᠳ᠋ᠷ ᠪᠣᠶᠤ ᠬᠢᠴᠢᠶᠡᠯ ᠤᠨ ᠲᠦᠯᠦᠭᠡᠯᠡᠭᠴᠢ ᠪᠣᠯᠤᠭᠠᠳ ᠠᠵᠢᠯ ᠢᠶᠠᠨ ᠰᠠᠶᠢᠨ ᠬᠢᠶ᠎ᠡ ᠭᠡᠰᠡᠨ ᠪᠤᠳᠤᠯ | ᠢᠲᠡᠭᠡᠯ ᠲᠠᠢ ᠪᠣᠯᠵᠤ ᠲᠡᠷᠡ ᠠᠵᠢᠯ ᠢᠶᠠᠨ ᠳᠠᠷᠤᠭᠠᠰᠤ ᠭᠡᠵᠦ ᠦᠵᠡᠬᠦ ᠦᠬᠡᠢ ᠬᠠᠷᠢᠨ ᠨᠢᠭᠡ ᠵᠦᠢᠯ ᠤᠨ ᠬᠠᠪᠤ | ᠴᠡᠩᠭᠡᠯ ᠢᠶᠠᠷ ᠦᠵᠡᠳᠡᠭ ᠪᠣᠯᠬᠤᠷ ᠪᠡᠶ᠎ᠡ ᠳᠤ ᠪᠠᠨ ᠢᠲᠡᠭᠡᠯ ᠲᠠᠢ᠂ ᠪᠠᠭᠰᠢ ᠳᠤ ᠪᠠᠨ ᠢᠲᠡᠭᠡᠯ ᠲᠠᠢ ᠪᠠᠶᠢᠵᠦ᠂ ᠬᠠᠮᠳᠤ | ᠨᠥᠬᠦᠳ ᠢᠶᠠᠨ ᠲᠠᠶᠢᠴᠢᠯᠠᠵᠦ ᠳᠠᠭᠠᠭᠤᠯᠬᠤ ᠤᠷᠮ᠎ᠠ ᠵᠣᠷᠢᠭ ᠲᠠᠢ ᠪᠣᠯᠳᠠᠭ᠃ | ᠭᠤᠷᠪᠠ᠂ ᠠᠩᠭᠢ ᠶᠢᠨ ᠡᠷᠬᠢᠯᠡᠭᠴᠢ ᠪᠠᠭᠰᠢ ᠠᠴᠠ ᠭᠠᠷᠠᠭ ᠪᠣᠯᠭᠠᠨ ᠠᠩᠭᠢ ᠶᠢᠨ ᠬᠤᠷᠠᠯ ᠢ ᠵᠤᠬᠢᠶᠠᠨ | ᠪᠠᠶᠢᠭᠤᠯᠵᠤ ᠬᠢᠬᠦ | ᠰᠤᠷᠭᠠᠭᠤᠯᠢ ᠴᠤᠭᠯᠠᠭᠰᠠᠨ ᠡᠳᠦᠷ — ᠭᠠᠷᠠᠭ ᠤᠨ ᠨᠢᠭᠡᠨ ᠪᠣᠯᠭᠠᠨ ᠤ ᠨᠢᠭᠡᠳᠦᠭᠡᠷ ᠬᠢᠴᠢᠶᠡᠯ ᠳᠤ | ᠠᠩᠭᠢ ᠶᠢᠨ ᠬᠤᠷᠠᠯ ᠬᠢᠵᠦ ᠰᠤᠷᠤᠭᠴᠢᠳ ᠲᠤ ᠦᠵᠡᠯ ᠰᠠᠨᠠᠭ᠎ᠠ᠂ ᠵᠠᠩ ᠮᠤᠷᠠᠯ ᠤᠨ ᠬᠦᠮᠦᠵᠢᠯ ᠬᠢᠬᠦ ᠶᠢ | ᠴᠢᠬᠤᠯᠠᠴᠢᠯᠠᠨ ᠠᠳᠬᠤᠳᠠᠬ᠂ ᠡᠭᠦᠨ ᠢ ᠪᠢ ᠭᠤᠴᠢ ᠰᠢᠬᠠᠮ ᠵᠢᠯ ᠪᠠᠷᠢᠮᠲᠠᠯᠠᠵᠤ ᠢᠷᠡᠪᠡ᠃ | ᠠᠩᠭᠢ ᠶᠢᠨ ᠬᠤᠷᠠᠯ ᠤᠨ ᠠᠭᠤᠯᠭ᠎ᠠ᠄ | ︵1︶ ᠠᠮᠤᠷ ᠲᠦᠪᠰᠢᠨ ᠡᠷᠡᠬᠦᠯ ᠮᠡᠨᠳᠦ ᠶᠢᠨ ᠲᠠᠯ᠎ᠠ ᠪᠠᠷ᠄ | ᠳᠡᠭᠡᠷ᠎ᠡ ᠨᠢᠭᠡ ᠭᠠᠷᠠᠭ ᠲᠤ ᠣᠷᠤᠰᠢᠵᠦ ᠪᠠᠶᠢᠭ᠎ᠠ ᠪᠠᠶᠢᠳᠠᠯ | ︵2︶ ᠰᠠᠬᠢᠯᠭ᠎ᠠ ᠪᠠᠲᠤ ᠶᠤᠰᠤ ᠮᠤᠷᠠᠯ ᠤᠨ ᠲᠠᠯ᠎ᠠ ᠪᠠᠷ᠄ | ᠳᠡᠭᠡᠷ᠎ᠡ ᠨᠢᠭᠡ ᠭᠠᠷᠠᠭ ᠲᠤ ᠣᠷᠤᠰᠢᠵᠦ ᠪᠠᠶᠢᠭ᠎ᠠ ᠪᠠᠶᠢᠳᠠᠯ | ︵3︶ ᠬᠢᠴᠢᠶᠡᠯ ᠰᠤᠷᠤᠯᠭ᠎ᠠ ᠶᠢᠨ ᠲᠠᠯ᠎ᠠ ᠪᠠᠷ᠄ | ᠳᠡᠭᠡᠷ᠎ᠡ ᠨᠢᠭᠡ ᠭᠠᠷᠠᠭ ᠲᠤ ᠣᠷᠤᠰᠢᠵᠦ ᠪᠠᠶᠢᠭ᠎ᠠ ᠪᠠᠶᠢᠳᠠᠯ | ︵4︶ ᠲᠤᠰ ᠭᠠᠷᠠᠭ ᠤᠨ ᠠᠵᠢᠯ ᠤᠨ ᠲᠣᠬᠢᠷᠠᠭᠤᠯᠤᠯᠲᠠ | ᠳᠡᠭᠡᠷᠡᠬᠢ ᠶᠠᠷᠢᠭᠰᠠᠨ ᠠᠭᠤᠯᠭ᠎ᠠ ᠪᠠᠨ ᠬᠤᠷᠢᠶᠠᠩᠭᠤᠶᠢᠯᠠᠵᠦ ᠡᠨᠡ ᠡᠳᠦᠷ ᠠᠴᠠ ᠡᠬᠢᠯᠡᠵᠦ ᠬᠦᠮᠦᠨ ᠪᠦᠬᠦᠨ | ᠥᠪᠡᠷ ᠤᠨ ᠪᠡᠶ᠎ᠡ ᠳᠤ ᠪᠠᠨ ᠡᠯ᠎ᠡ ᠲᠠᠯ᠎ᠠ ᠪᠠᠷ ᠴᠢᠷᠮᠠᠶᠢᠯᠲᠠ ᠳᠠᠪᠰᠢᠯᠲᠠ ᠲᠠᠢ ᠪᠠᠶᠢᠬᠤ ᠶᠢ ᠱᠠᠭᠠᠷᠳᠠᠨ᠎ᠠ᠃ ᠲᠤᠬᠠᠢ ᠶᠢᠨ | ᠦᠶ᠎ᠡ ᠳᠤ ᠪᠤᠳᠠᠳᠠᠢ ᠪᠠᠶᠢᠳᠠᠯ ᠢ ᠨᠢ ᠦᠵᠡᠵᠦ ᠱᠠᠭᠠᠷᠳᠠᠯᠭ᠎ᠠ ᠲᠠᠯᠪᠢᠨ᠎ᠠ᠃ ᠢᠩᠭᠢᠵᠦ ᠰᠤᠷᠭᠠᠭᠤᠯᠢ ᠳᠤ ᠢᠷᠡᠭᠰᠡᠭᠡᠷ | ᠰᠤᠷᠤᠭᠴᠢᠳ ᠢᠶᠠᠨ ᠲᠢᠭᠯᠡᠵᠦ ᠠᠪᠤᠪᠠᠯ ᠡᠨᠡ ᠨᠢᠭᠡ ᠭᠠᠷᠠᠭ ᠤᠨ ᠠᠵᠢᠯ ᠪᠠᠰᠠ ᠡᠮᠬᠢ ᠳᠢᠭᠯᠢᠮ ᠲᠠᠢ ᠶᠠᠪᠤᠭᠳᠠᠳᠠᠭ | ᠶᠤᠮ᠃ ᠡᠶᠢᠮᠦ ᠠᠴᠠ ᠪᠢ ᠠᠩᠭᠢ ᠶᠢᠨ ᠬᠤᠷᠠᠯ ᠤᠨ ᠴᠠᠭ ᠢ ᠰᠦᠢᠳᠭᠡᠳᠡᠭ ᠦᠬᠡᠢ᠃ ᠨᠡᠩ ᠳᠠᠰᠬᠠᠯ ᠪᠣᠯᠪᠠᠰᠤᠷᠠᠯ | ᠬᠢᠯᠭᠡᠳᠡᠭ ᠦᠬᠡᠢ᠃ | ᠠᠩᠭᠢ ᠶᠢᠨ ᠬᠤᠷᠠᠯ ᠳᠡᠭᠡᠷ᠎ᠡ ᠰᠤᠷᠤᠭᠴᠢ ᠶᠢᠨ ᠢᠶᠠᠨ ᠰᠠᠶᠢᠨ ᠲᠠᠢ ᠲᠠᠯ᠎ᠠ᠂ ᠳᠠᠪᠰᠢᠯᠲᠠ ᠲᠠᠢ ᠵᠦᠢᠯ᠂ | ᠮᠠᠭᠲᠠᠭᠤᠰᠢᠲᠠᠢ ᠤᠴᠢᠷ ᠢ ᠨᠢ ᠳᠤᠷᠠᠳᠤᠨ ᠰᠠᠶᠢᠰᠢᠶᠠᠨ ᠵᠣᠷᠢᠬᠵᠢᠭᠤᠯᠤᠭᠠᠳ ᠢᠷᠡᠬᠦ ᠳᠤ ᠲᠡᠳᠡᠨ ᠴᠢᠨᠢ ᠪᠠᠰᠠ ᠨᠡᠷ᠎ᠡ | ᠨᠢᠭᠤᠷ ᠲᠤ ᠪᠠᠨ ᠬᠠᠶᠢᠷᠠᠲᠠᠢ ᠰᠢᠦ᠃ ᠡᠷᠭᠢᠬᠡᠳ ᠪᠠᠭᠰᠢ ᠶᠢᠨ ᠬᠡᠯᠡᠵᠦ ᠶᠠᠷᠢᠵᠦ ᠪᠠᠶᠢᠭ᠎ᠠ ᠴᠢᠨᠢ ᠪᠦᠷ ᠦᠨᠡᠨ ᠪᠤᠳᠠᠳᠠᠢ | ᠤᠴᠢᠷ ᠲᠤᠬᠠᠢᠢᠯᠠᠪᠠᠯ᠂ ᠰᠤᠷᠤᠯᠭ᠎ᠠ ᠰᠠᠶᠢᠨ ᠰᠤᠷᠤᠭᠴᠢ ᠵᠢᠵᠢᠭᠦᠷ ᠴᠡᠪᠡᠷᠯᠡᠭᠡ ᠬᠢᠭᠰᠡᠨ ᠦᠬᠡᠢ ᠶᠤᠮ ᠦᠦ︖ ᠡᠰᠡᠪᠡᠯ | ᠰᠤᠷᠤᠯᠭ᠎ᠠ ᠮᠠᠭᠤ ᠪᠣᠯᠪᠠᠴᠤ ᠠᠵᠢᠯ ᠬᠥᠳᠡᠯᠮᠥᠷᠢ ᠳᠤ ᠢᠳᠡᠪᠬᠢᠲᠡᠢ ᠣᠷᠤᠯᠴᠠᠳᠠᠭ᠂ ᠨᠥᠬᠦᠳ ᠢᠶᠠᠨ ᠬᠠᠪᠰᠤᠷᠳᠠᠭ | ᠪᠠᠭᠰᠢ ᠪᠠᠨ ᠬᠠᠪᠰᠤᠷᠴᠤ ᠰᠢᠯ ᠵᠦᠯᠭᠦᠭᠰᠡᠨ ᠭᠡᠭᠦ ᠮᠡᠲᠦ ᠪᠠᠷ ᠤᠴᠢᠷ ᠪᠦᠬᠦᠨ ᠢ ᠦᠨᠡᠨ ᠮᠦᠨ ᠢᠶᠠᠷ ᠨᠢ ᠬᠡᠯᠡᠵᠦ | ᠪᠠᠶᠢᠭ᠎ᠠ ᠪᠣᠯᠬᠤᠷ ᠲᠡᠳᠡᠭᠡᠷ ᠮᠠᠭᠲᠠᠭᠳᠠᠵᠤ ᠪᠠᠶᠢᠭ᠎ᠠ ᠰᠤᠷᠤᠭᠴᠢ ᠪᠠᠶᠠᠷ ᠬᠦᠷ ᠲᠠᠢ ᠪᠠᠶᠢᠬᠤ ᠳᠤ᠂ ᠭᠡᠮ ᠲᠠᠢ | ᠬᠡᠦᠬᠡᠳ ᠤᠳ ᠪᠣᠯ ᠢᠴᠢᠵᠦ ᠵᠣᠪᠠᠵᠤ ᠠᠶᠤᠬᠤ ᠳᠤ ᠪᠠᠨ ᠵᠢᠷᠦᠬᠡ ᠪᠠᠨ ᠭᠠᠷ ᠲᠤ ᠪᠠᠨ ᠪᠠᠷᠢᠵᠦ ᠶᠠᠭᠤ | ᠶᠠᠭᠠᠬᠢᠬᠤ ᠪᠠᠨ ᠣᠯᠬᠤ ᠦᠭᠡᠢ ᠪᠣᠯᠳᠠᠭ᠃ ᠢᠩᠭᠢᠵᠦ ᠬᠠᠵᠠᠭᠤ ᠬᠠᠪᠢᠷᠭ᠎ᠠ ᠶᠢᠨ ᠬᠦᠮᠦᠰ ᠢ ᠤᠷᠮᠠᠰᠢᠭᠤᠯᠵᠣ | ᠵᠣᠷᠢᠬᠵᠢᠭᠤᠯᠬᠤ ᠠᠷᠭ᠎ᠠ ᠪᠠᠷ ᠪᠦᠬᠦ ᠰᠤᠷᠤᠭᠴᠢ ᠪᠠᠨ ᠳᠠᠶᠢᠴᠢᠯᠠᠵᠤ ᠦᠭᠡ ᠶᠠᠷᠢᠶ᠎ᠠ ᠦᠢᠯᠡ ᠠᠵᠢᠯᠯᠠᠭ᠎ᠠ ᠪᠣᠯᠪᠠᠰᠤᠨ | ᠶᠤᠰᠤᠷᠬᠠᠭ ᠪᠠᠶᠢᠬᠤ ᠶᠢ ᠴᠠᠭ ᠢᠮᠠᠭᠲᠠ ᠰᠠᠨᠠᠭᠤᠯᠵᠤ ᠱᠠᠭᠠᠷᠳᠠᠳᠠᠭ᠃ ᠡᠶᠢᠮᠦ ᠠᠴᠠ ᠠᠩᠭᠢ ᠶᠢᠨ ᠬᠤᠷᠠᠯ ᠤᠨ | ᠴᠠᠭ ᠲᠤ ᠪᠣᠯ ᠳᠠᠰᠬᠠᠯ ᠪᠣᠯᠪᠠᠰᠤᠷᠠᠯ ᠬᠢᠯᠭᠡᠳᠡᠭ ᠦᠬᠡᠢ᠃ ᠳᠠᠰᠬᠠᠯ ᠬᠢᠬᠦ ᠨᠢ ᠴᠢᠬᠤᠯᠠ ᠪᠢᠰᠢ᠂ ᠬᠦᠮᠦᠨ ᠪᠣᠯᠬᠤ | ᠶᠤᠰᠤ ᠶᠢ ᠰᠤᠷᠭᠠᠨ ᠬᠦᠮᠦᠵᠢᠬᠦᠯᠬᠦ ᠨᠢ ᠴᠢᠬᠤᠯᠠ ᠶᠤᠮ᠃ ᠵᠥᠪ ᠦᠵᠡᠯ ᠪᠤᠳᠤᠯ ᠲᠠᠢ᠂ ᠵᠦᠪ ᠰᠡᠳᠬᠢᠬᠦᠢ ᠲᠠᠢ᠂ | ᠵᠥᠪ ᠡᠷᠡᠭᠦᠯ ᠡᠨᠧᠷᠭᠢ ᠲᠠᠢ ᠬᠦᠮᠦᠨ ᠪᠣᠯᠭᠠᠨ ᠬᠦᠮᠦᠵᠢᠬᠦᠯᠴᠢᠬᠡᠪᠡᠯ ᠲᠡᠳᠡᠭᠡᠷ ᠠᠮᠢᠳᠤᠷᠠᠯ ᠤᠨ ᠳᠤᠮᠳᠠᠬᠢ ᠪᠤᠢ ᠪᠦᠬᠦᠢ | ︽ᠳᠠᠰᠬᠠᠯ ᠪᠣᠯᠪᠠᠰᠤᠷᠠᠯ︾ ᠢ ᠬᠡᠦᠬᠡᠳ ᠤᠳ ᠠᠶᠠᠨᠳᠠᠭᠠᠨ ᠰᠠᠶᠢᠨ ᠰᠠᠶᠢᠬᠠᠨ ᠪᠡᠶᠡᠯᠡᠬᠦᠯᠴᠢᠬᠡᠬᠦ ᠶᠤᠮ᠃ | ᠳᠥᠷᠪᠡ᠂ ᠠᠩᠭᠢ ᠶᠢᠨ ᠡᠷᠬᠢᠯᠡᠭᠴᠢ ᠪᠠᠭᠰᠢ ᠠᠴᠠ ᠭᠡᠷ ᠤᠨ ᠠᠬᠠᠮᠠᠳ ᠲᠠᠢ ᠨᠢᠭᠲᠠ ᠬᠠᠮᠵᠢᠯᠴᠠᠵᠤ ᠬᠡᠦᠬᠡᠳ ᠢ | ᠰᠤᠷᠭᠠᠨ ᠬᠦᠮᠦᠵᠢᠬᠦᠯᠬᠦ | ᠭᠡᠷ ᠤᠨ ᠠᠬᠠᠮᠠᠳ ᠲᠠᠢ ᠵᠥᠪ ᠬᠠᠮᠵᠢᠯᠴᠠᠬᠤ ᠪᠣᠯ ᠠᠩᠭᠢ ᠶᠢᠨ ᠡᠷᠬᠢᠯᠡᠭᠴᠢ ᠶᠢᠨ ᠠᠵᠢᠯ ᠤᠨ ᠴᠢᠬᠤᠯᠠ | ᠱᠠᠭᠠᠷᠳᠠᠯᠭ᠎ᠠ ᠮᠥᠨ᠃ ᠰᠤᠷᠭᠠᠭᠤᠯᠢ᠂ ᠭᠡᠷ ᠪᠦᠯᠢ᠂ ᠨᠡᠶᠢᠭᠡᠮ ᠬᠠᠮᠵᠢᠯᠴᠠᠭᠰᠠᠨ ᠰᠤᠷᠭᠠᠨ ᠬᠦᠮᠦᠵᠢᠯ ᠪᠣᠯ ᠰᠠᠶ᠋ᠢ ᠨᠢᠭᠡᠨ | ᠪᠦᠷᠢᠨ ᠪᠦᠲᠦᠨ ᠰᠤᠷᠭᠠᠨ ᠬᠦᠮᠦᠵᠢᠯ ᠶᠤᠮ᠃ ᠣᠳᠤᠬᠠᠨ ᠳᠤ ᠶᠡᠭᠡ ᠬᠦᠭᠵᠢᠯᠲᠡ ᠶᠢ ᠳᠠᠭᠠᠯᠳᠤᠭᠠᠳ ᠨᠡᠶᠢᠭᠡᠮ ᠤᠨ | ᠰᠤᠷᠭᠠᠨ ᠬᠦᠮᠦᠵᠢᠯ ᠤᠨ ᠡᠰᠡᠷᠬᠦ ᠨᠥᠯᠦᠭᠡ ᠶᠡᠬᠡᠳᠡᠭᠰᠡᠨ᠂ ᠭᠡᠷ ᠤᠨ ᠬᠦᠮᠦᠵᠢᠯ ᠰᠤᠯᠠᠷᠠᠭᠰᠠᠨ ᠵᠡᠷᠭᠡ ᠰᠢᠯᠲᠠᠭᠠᠨ ᠠᠴᠠ | ᠪᠣᠯᠵᠤ ᠰᠤᠷᠭᠠᠭᠤᠯᠢ ᠶᠢᠨ ᠰᠤᠷᠭᠠᠨ ᠬᠦᠮᠦᠵᠢᠬᠦᠯᠬᠦ ᠡᠭᠦᠷᠭᠡ ᠬᠦᠨᠳᠦᠷᠡᠵᠦ ᠪᠠᠶᠢᠨ᠎ᠠ᠃ ᠶᠠᠭ ᠡᠶᠢᠮᠦ ᠤᠴᠢᠷ ᠠᠴᠠ | ᠭᠡᠷ ᠤᠨ ᠠᠬᠠᠮᠠᠳ ᠲᠠᠢ ᠰᠠᠶᠢᠲᠤᠷ ᠬᠠᠮᠵᠢᠯᠴᠠᠬᠤ ᠪᠣᠯ ᠠᠩᠭᠢ ᠶᠢᠨ ᠡᠷᠬᠢᠯᠡᠭᠴᠢ ᠶᠢᠨ ᠠᠵᠢᠯ ᠳᠠᠬᠢ ᠭᠤᠣᠯ ᠴᠢᠬᠤᠯᠠ | ᠠᠭᠤᠯᠭ᠎ᠠ ᠪᠣᠯᠤᠨ᠎ᠠ᠃ ᠭᠡᠷ ᠪᠦᠯᠢ ᠳᠤ ᠪᠠᠨ ᠶᠠᠩᠵᠤ ᠶᠢᠨ ᠰᠤᠷᠭᠠᠯ ᠲᠠᠢ ᠠᠪᠤ ᠶᠢᠨ ᠬᠡᠦᠬᠡᠳ ᠤᠳ ᠨᠢᠭᠡᠨ ᠳᠣᠣᠷ᠎ᠠ | ᠴᠤᠭᠯᠠᠷᠠᠵᠤ ᠨᠢᠭᠡᠳᠦᠯᠳᠡᠢ ᠰᠤᠷᠭᠠᠨ ᠬᠦᠮᠦᠵᠢᠯ ᠬᠦᠷᠲᠡᠬᠦ ᠳᠤ ᠣᠯᠠᠨ ᠵᠥᠷᠢᠶ᠎ᠡ ᠢᠯᠡᠷᠡᠨ᠎ᠡ᠃ ᠡᠨᠡ ᠵᠥᠷᠢᠶ᠎ᠡ ᠶᠢ | ᠬᠠᠷᠠᠭᠠᠯᠵᠠᠬᠤ ᠳᠤ ᠭᠡᠷ ᠤᠨ ᠠᠬᠠᠮᠠᠳ ᠲᠠᠢ ᠴᠠᠭ ᠢᠮᠠᠭᠲᠠ ᠬᠠᠷᠢᠴᠠᠵᠤ ᠪᠤᠳᠠᠳᠠᠢ ᠪᠠᠶᠢᠳᠠᠯ ᠳᠤ ᠨᠢ ᠲᠣᠬᠢᠷᠠᠭᠤᠯᠤᠨ | ᠵᠢᠭᠠᠵᠤ ᠵᠢᠯᠤᠭᠤᠳᠬᠤ ᠴᠢᠬᠤᠯᠠᠲᠠᠢ᠃ ︽ᠬᠡᠦᠬᠡᠳ ᠪᠣᠯ ᠭᠡᠷ ᠤᠨ ᠬᠦᠮᠦᠵᠢᠯ ᠢ ᠲᠤᠰᠬᠠᠬᠤ ᠲᠣᠯᠢ︾᠃ ᠶᠠᠭ ᠡᠶᠢᠮᠦ | ᠪᠣᠯᠬᠤᠷ ᠬᠡᠦᠬᠡᠳ ᠤᠨ ᠨᠠᠵᠠᠭᠠᠢ ᠲᠠᠯ᠎ᠠ ᠶᠢ ᠵᠠᠰᠠᠬᠤ ᠳᠤ ᠭᠡᠷ ᠤᠨ ᠠᠬᠠᠮᠠᠳ ᠤᠨ ᠡᠪ ᠳᠡᠮ ᠢ ᠣᠯᠵᠤ ᠵᠦᠪ | ᠰᠠᠨᠠᠭᠤᠯᠭ᠎ᠠ ᠥᠭᠬᠦ ᠮᠥᠷᠲᠡᠭᠡᠨ ᠬᠡᠦᠬᠡᠳ ᠤᠨ ᠳᠠᠪᠰᠢᠯᠲᠠ ᠲᠠᠢ ᠲᠠᠯ᠎ᠠ᠂ ᠳᠠᠪᠠᠭᠤᠯᠢᠭ ᠲᠠᠯ᠎ᠠ ᠶᠢ ᠨᠢ ᠮᠠᠭᠲᠠᠵᠤ | ᠰᠠᠶᠢᠰᠢᠶᠠᠨ᠂ ᠳᠤᠲᠠᠭᠳᠠᠯ ᠲᠠᠢ ᠲᠠᠯ᠎ᠠ ᠶᠢ ᠨᠢ ᠤᠳᠠᠭ᠎ᠠ ᠪᠣᠯᠭᠠᠨ ᠨᠢᠭᠡ ᠨᠢᠭᠡ ᠵᠤᠷᠪᠤᠰ ᠢᠶᠠᠷ ᠳᠤᠷᠠᠳᠤᠨ ᠢᠳᠡᠭ | ᠢᠳᠡᠭ ᠢᠶᠠᠷ ᠵᠠᠰᠠᠬᠤ ᠶᠢ ᠠᠩᠬᠠᠷᠤᠨ᠎ᠠ᠃ | ᠬᠦᠮᠦᠰ ᠤᠨ ᠠᠮᠢᠳᠤᠷᠠᠯ ᠤᠨ ᠳᠤᠮᠳᠠ ᠭᠠᠷ ᠤᠲᠠᠰᠤ ᠲᠤᠳᠠᠭᠳᠠᠵᠤ ᠪᠣᠯᠣᠰᠢ ᠦᠬᠡᠢ ᠬᠡᠷᠡᠭᠴᠡᠭᠡ | ᠦᠢᠯᠡᠳᠦᠯ ᠲᠠᠢ ᠪᠣᠯᠤᠭᠰᠠᠨ ᠥᠨᠥᠳᠦᠷ ᠮᠠᠨ ᠤ ᠵᠠᠷᠢᠮ ᠭᠡᠷ ᠤᠨ ᠠᠬᠠᠮᠠᠳ ᠪᠤᠶᠤ ᠵᠠᠷᠢᠮ ᠰᠤᠷᠤᠭᠴᠢ ᠭᠠᠷ | ᠤᠲᠠᠰᠤᠨ ᠤ ᠬᠡᠷᠡᠭᠴᠡᠭᠡ ᠦᠢᠯᠡᠳᠦᠯ ᠢ ᠪᠤᠷᠤᠭᠤ ᠲᠡᠶᠢᠰᠢ ᠠᠰᠢᠭᠯᠠᠵᠤ ᠬᠡᠷᠡᠭᠯᠡᠭᠡᠳ ᠮᠠᠭᠤ ᠨᠦᠯᠦᠭᠡ ᠲᠤᠰᠬᠠᠯ | ᠠᠪᠴᠢᠷᠠᠵᠤ ᠪᠠᠶᠢᠳᠠᠭ᠃ ᠭᠠᠷᠠᠭ ᠤᠨ ᠠᠮᠠᠷᠠᠯᠲᠠ᠂ ᠡᠪᠦᠯ ᠵᠣᠨ ᠤ ᠠᠮᠠᠷᠠᠯᠲᠠ ᠳᠤ ᠬᠡᠦᠬᠡᠳ ᠤᠳ ᠨᠣᠮ ᠪᠢᠴᠢᠭ ᠪᠢᠷ | ᠳᠠᠰᠬᠠᠯ ᠲᠠᠢ ᠤᠶᠢᠷᠠᠳᠬᠤ ᠪᠠᠨ ᠪᠠᠶᠢᠵᠤ ᠡᠳᠦᠷᠵᠢᠨ ᠰᠥᠨᠢᠵᠢᠨ ᠭᠠᠷ ᠤᠲᠠᠰᠤ ᠪᠠᠷ ᠬᠠᠨᠢ ᠪᠠᠨ ᠪᠣᠯᠭᠠᠵᠤ ᠭᠠᠳᠠᠨ᠎ᠠ | ᠲᠤᠳᠤᠨ᠎ᠠ ᠶᠢᠨ ᠠᠵᠢᠯ ᠬᠥᠳᠡᠯᠮᠥᠷᠢ ᠳᠤ ᠣᠷᠤᠯᠴᠠᠬᠤ ᠪᠠᠶᠢᠳᠤᠭᠠᠢ ᠭᠠᠷ ᠢᠶᠠᠨ ᠬᠥᠳᠡᠯᠭᠡᠵᠦ ᠬᠤᠭᠤᠯᠠ ᠪᠤᠳᠠᠭ᠎ᠠ | ᠢᠳᠡᠬᠦ ᠪᠠᠨ ᠴᠦ ᠮᠡᠳᠡᠬᠦ ᠦᠭᠡᠢ ᠪᠣᠯᠵᠤ ᠰᠦᠯᠵᠢᠶᠡᠨ ᠲᠤᠭᠯᠠᠭᠠᠮ ᠳᠤ ᠰᠢᠨᠤᠵᠤ ᠨᠢᠳᠦ ᠮᠠᠭᠤᠳᠠᠬᠤ᠂ ᠨᠦᠢᠷ ᠠᠯᠳᠠᠬᠤ᠂ | ᠰᠢᠮ᠎ᠡ ᠲᠡᠵᠢᠭᠡᠯ ᠲᠤᠲᠠᠭᠳᠠᠬᠤ᠂ ᠰᠡᠳᠬᠢᠯ ᠰᠠᠨᠠᠭ᠎ᠠ ᠪᠤᠬᠢᠨᠢᠲᠤᠬᠤ ᠁ ᠵᠡᠷᠭᠡ ᠬᠡᠦᠬᠡᠳ ᠤᠨ ᠪᠡᠶ᠎ᠡ ᠮᠠᠬᠠᠪᠤᠳ ᠤᠨ | ᠥᠰᠥᠨ ᠪᠤᠶᠢᠵᠢᠯᠲᠠ ᠳᠤ ᠰᠦᠭᠡᠷᠬᠦ ᠨᠥᠯᠦᠭᠡ ᠦᠵᠡᠬᠦᠯᠵᠦ ᠡᠯᠳᠡᠪ ᠤᠨ ᠮᠠᠭᠤ ᠡᠪᠡᠳᠴᠢᠨ ᠳᠤ ᠨᠡᠷᠪᠡᠭᠳᠡᠵᠦ | ᠪᠠᠶᠢᠳᠠᠭ ᠵᠢᠱᠢᠶ᠎ᠡ ᠣᠯᠠᠨ ᠣᠯᠠᠨ ᠬᠠᠷᠠᠭᠳᠠᠵᠤ ᠪᠠᠶᠢᠳᠠᠭ᠃ ᠡᠬᠦᠨ ᠳᠤ ᠪᠠᠭᠰᠢ ᠪᠣᠯᠤᠨ ᠭᠡᠷ ᠤᠨ ᠠᠬᠠᠮᠠᠳ ᠰᠠᠶᠢᠳᠤᠷ | ᠬᠠᠮᠵᠢᠯᠴᠠᠨ ᠡᠨᠡ ᠬᠦ ᠦᠵᠡᠭᠳᠡᠯ ᠢ ᠳᠠᠷᠤᠢ ᠳᠤ ᠨᠢ ᠲᠦᠷᠭᠡᠨ ᠰᠢᠢᠳᠪᠦᠷᠢᠯᠡᠬᠦ ᠨᠢ ᠮᠠᠰᠢ ᠴᠢᠬᠤᠯᠠ ᠪᠣᠯᠤᠨ᠎ᠠ᠃ ᠭᠡᠲᠡᠯ᠎ᠡ | ᠵᠠᠷᠢᠮ ᠡᠲᠡᠭᠡᠳ ᠵᠦᠷᠢᠭᠦᠦ᠂ ᠤᠬᠠᠭᠠᠨ ᠰᠠᠨᠠᠭ᠎ᠠ ᠪᠢᠳᠠᠭᠤ᠂ ᠦᠵᠡᠯ ᠤᠬᠠᠮᠰᠠᠷ ᠲᠤᠤᠷ᠎ᠠ᠂ ᠦᠷ᠎ᠡ ᠬᠡᠦᠬᠡᠳ ᠢᠶᠠᠨ | ᠥᠮᠦᠭᠡᠷᠡᠳᠡᠭ ᠭᠡᠷ ᠤᠨ ᠠᠬᠠᠮᠠᠳ ᠲᠠᠢ ᠬᠠᠷᠢᠴᠠᠬᠤ ᠳᠤ ᠪᠠᠨ ᠡᠪ ᠢ ᠨᠢ ᠦᠵᠡᠵᠦ ᠤᠷᠠᠨ ᠠᠷᠭ᠎ᠠ ᠪᠠᠷ ᠶᠠᠷᠢᠯᠴᠠᠵᠤ | ᠵᠥᠪᠲᠡᠬᠦ ᠶᠢ ᠠᠩᠬᠠᠷᠤᠨ᠎ᠠ᠃ ᠳᠤᠤᠷ᠎ᠠ ᠨᠢᠭᠡ ᠵᠢᠱᠢᠶ᠎ᠡ ᠲᠤᠷᠠᠳᠤᠶ᠎ᠠ᠄ | 2019 ᠣᠨ ᠳᠤ ᠲᠤᠬᠠᠢ ᠶᠢᠨ ᠦᠶ᠎ᠡ ᠳᠤ ᠮᠠᠨ ᠤ ᠳᠦᠷᠪᠡᠳᠦᠭᠡᠷ ᠣᠨ ᠳᠤ ᠠᠷᠪᠠᠨ ᠶᠢᠰᠦᠨ | ᠰᠤᠷᠤᠭᠴᠢ ᠲᠠᠢ᠃ ᠰᠤᠷᠤᠯᠭ᠎ᠠ ᠮᠤᠷᠠᠯ ᠤᠨ ᠲᠠᠯ᠎ᠠ ᠪᠠᠷ ᠨᠡᠯᠢᠶᠡᠳ ᠰᠠᠶᠢᠨ ᠪᠠᠶᠢᠵᠤ ᠬᠤᠲᠠ ᠬᠤᠰᠢᠭᠤ ᠲᠡᠰ ᠤᠨ | ᠪᠤᠯᠪᠠᠰᠤᠨ ᠠᠩᠭᠢ ᠨᠢᠭᠡᠴᠢ ᠶᠢᠨ ᠢᠷᠡᠭᠤ ᠠᠯᠳᠠᠷ ᠢ ᠬᠦᠷᠳᠡᠵᠦ ᠶᠠᠪᠤᠭᠰᠠᠨ ᠤᠳᠠᠭ᠎ᠠ ᠲᠠᠢ᠃ ᠪᠠᠭᠰᠢ ᠰᠤᠷᠤᠭᠴᠢ | ᠭᠡᠷ ᠤᠨ ᠠᠬᠠᠮᠠᠳ ᠤᠨ ᠬᠠᠷᠢᠯᠴᠠᠭ᠎ᠠ ᠤᠶᠠᠯᠳᠤᠯ ᠮᠠᠰᠢ ᠰᠠᠶᠢᠨ ᠪᠠᠶᠢᠳᠠᠭ᠃ ᠭᠡᠲᠡᠯ᠎ᠡ ᠣᠨ ᠤ ᠨᠡᠮᠡᠭᠳᠡᠬᠦ ᠶᠢ ᠳᠠᠭᠠᠯᠳᠤᠨ | ᠰᠤᠷᠤᠭᠴᠢᠳ ᠤᠨ ᠰᠤᠷᠤᠯᠴᠠᠬᠤ ᠢᠳᠡᠪᠬᠢᠵᠢᠯ ᠤᠷᠮ᠎ᠠ ᠪᠠᠬ᠎ᠠ ᠮᠡᠳᠡᠭᠳᠡᠮ᠎ᠡ ᠲᠤᠷᠤᠭᠰᠢᠯᠠᠵᠤ ᠪᠠᠶᠢᠭ᠎ᠠ ᠪᠠᠶᠢᠳᠠᠯ ᠢ | ᠣᠯᠵᠤ ᠮᠡᠳᠡᠮᠡᠭᠴᠡ ᠪᠢ ᠰᠤᠷᠤᠭᠴᠢᠳ ᠤᠨ ᠭᠡᠷ ᠤᠨ ᠠᠬᠠᠮᠠᠳ ᠲᠠᠢ ᠠᠰ ᠤᠨ ᠱᠤᠭᠤᠮ ᠢᠶᠠᠷ ᠬᠠᠷᠢᠴᠠᠵᠤ ᠨᠢᠭᠡ | ᠨᠢᠭᠡ ᠰᠤᠷᠤᠭᠴᠢ ᠪᠠᠷ ᠪᠤᠲᠠᠲᠠᠢ ᠪᠠᠶᠢᠳᠠᠯ ᠢ ᠨᠢ ᠠᠰᠠᠭᠤᠨ ᠯᠠᠪᠯᠠᠬᠤ ᠳᠤ ᠮᠠᠨ ᠤ ᠰᠤᠷᠤᠭᠴᠢᠳ ᠬᠠᠷᠢᠨ | ᠬᠤᠭᠤᠷᠤᠨᠳᠤ ᠪᠠᠨ ᠰᠦᠯᠵᠢᠶ᠎ᠡ ᠬᠤᠯᠪᠤᠭ᠎ᠠ ᠪᠠᠶᠢᠭᠤᠯᠵᠤ ᠭᠠᠷ ᠤᠲᠠᠰᠤᠨ ᠤ ᠲᠤᠭᠯᠠᠭᠠᠮ ᠤᠨ ᠰᠢᠨᠤᠯ ᠲᠠᠢ | ᠪᠤᠯᠤᠭᠰᠠᠨ ᠢ ᠣᠯᠵᠣ ᠮᠡᠳᠡᠪᠡ᠃ ᠡᠭᠦᠨ ᠤ ᠬᠠᠮᠲᠤ ᠭᠠᠷᠠᠭ ᠤᠨ ᠠᠮᠠᠷᠠᠯᠲᠠ ᠳᠤ ᠰᠢᠭᠤᠳ ᠡᠷᠦᠬᠡ ᠳᠤ ᠬᠦᠷᠴᠦ | ᠭᠡᠷ ᠤᠨ ᠠᠬᠠᠮᠠᠳ ᠤᠨ ᠰᠤᠷᠪᠤᠯᠵᠢᠯᠠᠭ᠎ᠠ ᠬᠢᠵᠦ ᠬᠡᠨ ᠤ ᠬᠡᠦᠬᠡᠳ ᠲᠤᠰ ᠬᠤᠯᠪᠤᠭ᠎ᠠ ᠶᠢ ᠡᠬᠢᠯᠡᠵᠦ ᠪᠠᠶᠢᠭᠤᠯᠤᠭᠰᠠᠨ᠂ | ᠲᠠᠨ ᠤ ᠬᠡᠦᠬᠡᠳ ᠢ ᠬᠡᠵᠢᠶ᠎ᠡ ᠬᠤᠯᠪᠤᠭᠠᠨ ᠳᠤ ᠲᠠᠳᠠᠵᠣ ᠣᠷᠤᠭᠤᠯᠤᠭᠰᠠᠨ᠂ ᠬᠤᠯᠪᠤᠭᠠᠨ ᠳᠤ ᠣᠷᠤᠭᠰᠠᠨ ᠤ ᠳᠠᠷᠠᠭ᠎ᠠ | ᠶᠠᠭᠤ ᠬᠡᠯᠡᠵᠦ ᠶᠠᠭᠤ ᠬᠢᠳᠡᠭ ᠢ ᠮᠥᠷᠳᠡᠨ ᠪᠠᠶᠢᠴᠠᠭᠠᠵᠤ ᠲᠤᠰ ᠬᠤᠯᠪᠤᠭ᠎ᠠ ᠶᠢ ᠳᠠᠷᠤᠢ ᠲᠦᠷᠭᠡᠨ ᠲᠠᠷᠬᠠᠭᠠᠬᠤ ᠶᠢ | ᠰᠠᠨᠠᠭᠤᠯᠪᠠ᠃ ᠳᠡᠬᠢᠨ ᠭᠠᠷᠠᠭ ᠤᠨ ᠨᠢᠭᠡᠨ ᠳᠤ ᠰᠤᠷᠭᠠᠭᠤᠯᠢ ᠴᠤᠭᠯᠠᠮᠠᠭᠴᠠ ᠰᠤᠷᠤᠭᠴᠢᠳ ᠲᠤ ᠪᠠᠨ ᠭᠠᠷ | ᠤᠲᠠᠰᠤᠨ ᠤ ᠠᠰᠢᠭ ᠬᠤᠤᠷ ᠤᠨ ᠲᠤᠬᠠᠢ ᠲᠤᠰᠬᠠᠢ ᠰᠡᠳᠦᠪᠳᠦ ᠠᠩᠭᠢ ᠶᠢᠨ ᠬᠤᠷᠠᠯ ᠬᠢᠵᠦ ᠪᠦᠬᠦ ᠰᠤᠷᠤᠭᠴᠢ ᠳᠤ | ᠦᠵᠡᠯ ᠰᠠᠨᠠᠭᠠᠨ ᠤ ᠬᠦᠮᠦᠵᠢᠯ ᠬᠦᠷᠲᠡᠭᠡᠪᠡ᠃ ᠡᠬᠦᠨ ᠤ ᠳᠠᠷᠠᠭ᠎ᠠ ᠪᠠᠷ ᠰᠤᠷᠤᠭᠴᠢᠳ ᠤᠨ ᠢᠯᠡᠷᠡᠯ ᠣᠨᠴᠠ ᠰᠠᠶᠢᠨ᠂ | ᠭᠡᠷ ᠤᠨ ᠠᠬᠠᠮᠠᠳ ᠤᠨ ᠲᠤᠰᠬᠠᠯ ᠮᠠᠰᠢ ᠰᠠᠶᠢᠨ ᠪᠠᠶᠢᠵᠤ ᠰᠤᠷᠤᠭᠴᠢᠳ ᠬᠢᠴᠢᠶᠡᠯ ᠰᠤᠷᠤᠯᠭ᠎ᠠ ᠳᠤ ᠪᠠᠨ ᠰᠢᠮᠳᠠᠨ | ᠨᠣᠮ ᠪᠢᠴᠢᠭ ᠲᠠᠢ ᠬᠠᠨᠢᠯᠠᠵᠤ ᠳᠠᠰᠬᠠᠯ ᠪᠣᠯᠪᠠᠰᠤᠷᠠᠯ ᠢᠶᠠᠨ ᠨᠠᠷᠢᠨ ᠨᠢᠮᠪᠠᠢ ᠬᠦᠢᠴᠡᠳᠭᠡᠬᠦ ᠪᠣᠯᠤᠭᠰᠠᠨ ᠠᠴᠠ 2021 | ᠣᠨ ᠳᠤ ᠮᠠᠨ ᠤ ᠰᠤᠷᠤᠭᠴᠢᠳ ᠪᠠᠭ᠎ᠠ ᠰᠤᠷᠭᠠᠭᠤᠯᠢ ᠪᠠᠨ ᠰᠢᠯᠢᠳᠡᠭ ᠬᠢᠷᠢ ᠪᠦᠲᠦᠮᠵᠢ ᠲᠠᠢ ᠲᠡᠭᠦᠰᠭᠡᠭᠰᠡᠨ ᠶᠤᠮ᠃ | ᠡᠳᠡᠭᠡᠷ ᠠᠮᠵᠢᠯᠲᠠ ᠪᠦᠲᠦᠮᠵᠢ ᠨᠢ ᠪᠠᠭᠰᠢ ᠪᠣᠯᠤᠨ ᠭᠡᠷ ᠤᠨ ᠠᠬᠠᠮᠠᠳ ᠤᠨ ᠬᠠᠮᠳᠤᠷᠠᠨ ᠴᠢᠷᠮᠠᠶᠢᠭᠰᠠᠨ ᠤ ᠦᠷ᠎ᠡ | ᠳ᠋ᠦᠩ ᠪᠣᠯᠤᠨ᠎ᠠ᠃ ︽ᠳᠡᠮ ᠳᠡᠮ ᠳᠤ ᠪᠠᠨ ᠳᠡᠭᠡᠰᠦ ᠡᠷᠴᠢᠮ ᠳᠤ ᠪᠠᠨ︾ ᠭᠡᠳᠡᠭ ᠢᠶᠠᠷ ᠪᠠᠭᠰᠢ ᠠᠴᠠ ᠴᠠᠭ ᠢᠮᠠᠭᠲᠠ | ᠭᠡᠷ ᠤᠨ ᠠᠬᠠᠮᠠᠳ ᠲᠠᠢ ᠨᠢᠭᠲᠠ ᠬᠠᠮᠵᠢᠯᠴᠠᠵᠤ ᠣᠷᠤᠰᠢᠵᠦ ᠪᠠᠶᠢᠭ᠎ᠠ ᠠᠰᠠᠭᠤᠳᠠᠯ ᠢ ᠴᠠᠭ ᠲᠤᠬᠠᠢ ᠳᠤ ᠨᠢ | ᠰᠢᠢᠳᠪᠦᠷᠢᠯᠡᠭᠰᠡᠨ ᠠᠴᠠ ᠰᠤᠷᠤᠭᠴᠢᠳ ᠤᠨ ᠰᠤᠷᠤᠯᠭ᠎ᠠ ᠠᠮᠢᠳᠤᠷᠠᠯ ᠳᠤ ᠦᠨᠡᠨ ᠬᠦ ᠲᠤᠰᠠ ᠪᠣᠯᠤᠭᠰᠠᠨ ᠪᠠᠶᠢᠨ᠎ᠠ᠃ | ᠬᠤᠷᠢᠶᠠᠩᠭᠤᠶᠢᠯᠠᠪᠠᠯ᠂ ᠠᠩᠭᠢ ᠶᠢᠨ ᠡᠷᠬᠢᠯᠡᠭᠴᠢ ᠶᠢᠨ ᠠᠵᠢᠯ ᠨᠢ ᠪᠠᠭᠰᠢ ᠪᠠ ᠰᠣᠷᠣᠭᠴᠢ ᠶᠢᠨ ᠣᠶᠠᠯᠳᠣᠯ | ᠪᠤᠯᠣᠨ᠎ᠠ᠃ ᠪᠠᠭ᠎ᠠ ᠰᠤᠷᠭᠠᠭᠤᠯᠢ ᠶᠢᠨ ᠰᠤᠷᠭᠠᠨ ᠬᠦᠮᠦᠵᠢᠯ ᠪᠣᠯ ᠬᠡᠦᠬᠡᠳ ᠤᠨ ᠬᠤᠵᠢᠮ ᠤᠨ ᠰᠤᠷᠭᠠᠨ ᠬᠦᠮᠦᠵᠢᠯ | ᠬᠦᠷᠲᠡᠬᠦ ᠶᠢᠨ ᠰᠠᠭᠤᠷᠢᠨ ᠭᠠᠵᠠᠷ ᠮᠥᠨ᠃ ᠬᠡᠦᠬᠡᠳ ᠤᠳ ᠠᠩᠬ᠎ᠠ ᠰᠣᠷᠭᠠᠭᠤᠯᠢ ᠳᠤ ᠣᠷᠣᠵᠣ ᠨᠢᠬᠡᠨ ᠰᠠᠶᠢᠨ | ᠠᠩᠬᠢ ᠶᠢᠨ ᠪᠠᠭᠰᠢ ᠲᠠᠢ ᠣᠴᠠᠷᠠᠬᠤ ᠨᠢ ᠮᠦᠨ ᠴᠦ ᠨᠢᠬᠡᠨ ᠠᠵᠠ ᠵᠠᠪᠰᠢᠶᠠᠨ ᠪᠤᠯᠳᠠᠭ᠃ ᠪᠢ ᠪᠣᠯ ᠶᠠᠭ ᠡᠶᠢᠮᠦ | ᠨᠢᠭᠡᠨ ᠠᠵᠠ ᠪᠤᠶᠠᠨ ᠢ ᠣᠯᠵᠤ ᠬᠦᠷᠳᠡᠭᠰᠡᠨ ᠬᠦᠮᠦᠨ ᠭᠡᠵᠦ ᠬᠡᠯᠡᠵᠦ ᠪᠣᠯᠤᠨ᠎ᠠ᠃ ᠨᠠᠳᠠ ᠳᠤ ᠣᠯᠠᠨ ᠪᠠᠭᠰᠢ ᠲᠠᠢ | ᠪᠠᠶᠢᠳᠠᠭ᠃ ᠰᠤᠷᠭᠠᠭᠤᠯᠢ ᠰᠤᠶᠤᠯ ᠤᠨ ᠮᠥᠷ ᠢ ᠬᠦᠭᠡᠭᠡᠬᠦ ᠶᠠᠪᠤᠴᠠ ᠳᠤ ᠪᠢ ᠪᠠᠭ᠎ᠠ ᠰᠤᠷᠭᠠᠭᠤᠯᠢ ᠳᠤ ᠪᠠᠨ᠂ ᠠᠩᠬ᠎ᠠ | ᠵᠡᠷᠭᠡ ᠶᠢᠨ ᠳᠤᠮᠳᠠᠳᠤ ᠰᠤᠷᠭᠠᠭᠤᠯᠢ ᠳᠤ᠂ ᠪᠠᠭᠰᠢ ᠶᠢᠨ ᠰᠤᠷᠭᠠᠭᠤᠯᠢ ᠳᠤ ᠰᠤᠷᠤᠯᠴᠠᠵᠤ ᠪᠠᠶᠢᠬᠤ ᠳᠤ ᠪᠦᠷ | ᠬᠠᠷᠢᠭᠤᠴᠠᠯᠭ᠎ᠠ ᠲᠠᠢ ᠰᠠᠶᠢᠨ ᠪᠠᠭᠰᠢ ᠨᠠᠷ ᠲᠠᠢ ᠤᠴᠠᠷᠠᠭᠰᠠᠨ ᠶᠤᠮ᠃ ᠢᠩᠭᠢᠭᠡᠳ ᠬᠤᠵᠢᠮ ᠨᠢ ᠪᠢ ᠠᠵᠢᠯ ᠤᠨ | ᠪᠠᠶᠢᠷᠢᠨ ᠳᠤ ᠭᠠᠷᠴᠤ ᠪᠠᠭᠰᠢ ᠶᠢᠨ ᠠᠵᠢᠯ ᠢᠶᠠᠨ ᠡᠭᠦᠷᠭᠡᠯᠡᠵᠦ ᠶᠠᠪᠤᠬᠤ ᠶᠠᠪᠤᠴᠠ ᠳᠤ ᠡᠳᠡᠭᠡᠷ ᠪᠠᠭᠰᠢ ᠨᠠᠷ ᠤᠨ | ᠬᠠᠶᠢᠷ᠎ᠠ ᠬᠠᠷᠢᠭᠤᠴᠠᠯᠭ᠎ᠠ ᠨᠠᠳᠠ ᠳᠤ ᠮᠠᠰᠢ ᠭᠦᠨ ᠭᠦᠨᠵᠡᠭᠡᠢ ᠨᠥᠯᠥᠭᠡ ᠲᠤᠰᠬᠠᠯ ᠪᠤᠯᠤᠭᠰᠠᠨ ᠶᠤᠮ᠃ ᠥᠨᠥᠳᠥᠷ | ᠡᠶᠢᠮᠦ ᠰᠠᠶᠢᠬᠠᠨ ᠪᠠᠭᠰᠢ ᠶᠢᠨ ᠠᠵᠢᠯ ᠢ ᠡᠭᠦᠷᠭᠡᠯᠡᠵᠦ ᠶᠠᠪᠤᠭ᠎ᠠ ᠬᠤᠪᠢ ᠵᠠᠶᠠᠭ᠎ᠠ ᠶᠢ ᠡᠳᠡᠭᠡᠷ ᠪᠠᠭᠰᠢ ᠨᠠᠷ ᠮᠢᠨᠢ | ᠨᠠᠳᠠ ᠳᠤ ᠣᠯᠭᠤᠭᠰᠠᠨ ᠪᠣᠯᠬᠤᠷ ᠪᠠᠭᠰᠢ ᠪᠣᠯᠤᠭᠰᠠᠨ ᠲᠡᠷᠡ ᠴᠠᠭ ᠠᠴᠠ ᠡᠬᠢᠯᠡᠵᠦ ᠪᠢ ᠢᠩᠭᠢᠵᠦ ᠪᠤᠳᠤᠳᠠᠭ — | ᠬᠡᠦᠬᠡᠳ ᠤᠨ ᠢᠷᠡᠬᠡᠳᠦᠢ ᠪᠠᠭᠰᠢ ᠶᠢᠨ ᠭᠠᠷ ᠲᠤ ᠪᠠᠶᠢᠳᠠᠭ᠃ ᠨᠠᠩ ᠠᠩᠬᠢ ᠶᠢᠨ ᠡᠷᠬᠢᠯᠡᠭᠴᠢ ᠪᠤᠯᠣᠭᠰᠠᠨ ᠮᠢᠨᠦ | ᠭᠠᠷ ᠲᠤ ᠪᠠᠶᠢᠨ᠎ᠠ ᠬᠡᠵᠦ ᠪᠢ ᠲᠡᠩᠳᠡ ᠪᠡᠶ᠎ᠡ ᠳᠤ ᠪᠠᠨ ᠰᠠᠨᠠᠭᠤᠯᠵᠣ ᠵᠠᠬᠢᠵᠦ ᠱᠠᠭᠠᠷᠳᠠᠵᠦ ᠶᠠᠪᠤᠳᠠᠭ ᠶᠤᠮ᠃ ᠪᠠᠭᠰᠢ | ᠪᠣᠯ ᠰᠤᠷᠤᠭᠴᠢ ᠶᠢᠨ ᠢᠷᠡᠭᠡᠳᠦᠢ ᠶᠢ ᠥᠭᠡᠷᠡᠴᠢᠯᠡᠭᠴᠢ ᠬᠤᠪᠢ ᠵᠠᠶᠠᠭ᠎ᠠ ᠶᠢ ᠬᠤᠪᠢᠷᠠᠭᠤᠯᠤᠭᠴᠢ ᠭᠡᠵᠦ ᠦᠵᠡᠵᠦ | ᠪᠤᠯᠤᠨ᠎ᠠ᠃ ᠨᠡᠩ ᠪᠠᠭ᠎ᠠ ᠰᠤᠷᠭᠠᠭᠤᠯᠢ ᠶᠢᠨ ᠪᠠᠭᠰᠢ ᠪᠣᠯᠤᠭᠰᠠᠨ ᠤ ᠬᠤᠪᠢ ᠳᠤ ︽ᠤᠭ ᠰᠠᠨᠠᠭ᠎ᠠ ᠪᠠᠨ ᠦᠯᠦ ᠮᠠᠷᠲᠠᠨ | ᠡᠭᠦᠷᠭᠡ ᠬᠠᠷᠢᠭᠤᠴᠠᠯᠭ᠎ᠠ ᠪᠠᠨ ᠪᠠᠲᠤ ᠴᠡᠭᠡᠵᠢᠯᠡᠵᠦ︾ ᠨᠡᠩ ᠣᠯᠠᠨ ᠬᠡᠦᠬᠡᠳ ᠪᠠᠭᠠᠴᠤᠳ ᠤᠨ ᠢᠷᠡᠭᠡᠳᠦᠢ ᠶᠢ | ᠥᠭᠡᠷᠡᠴᠢᠯᠡᠵᠦ ᠬᠤᠪᠢ ᠵᠠᠶᠠᠭ᠎ᠠ ᠶᠢ ᠬᠤᠪᠢᠷᠠᠭᠤᠯᠤᠨ ᠰᠠᠶᠢᠨ ᠰᠠᠶᠢᠬᠠᠨ ᠠᠵᠢᠯ ᠦᠢᠯᠡᠰ ᠢ ᠡᠷᠬᠢᠯᠡᠬᠦᠯᠵᠦ ᠨᠡᠶᠢᠭᠡᠮ | ᠨᠡᠶᠢᠲᠡ ᠳᠤ ᠬᠡᠷᠡᠭᠴᠡᠭᠡ ᠲᠠᠢ ᠬᠦᠮᠦᠨ ᠪᠣᠯᠭᠠᠨ ᠬᠦᠮᠦᠵᠢᠬᠦᠯᠬᠦ ᠪᠠᠷ ᠬᠠᠶᠢᠷ᠎ᠠ ᠬᠠᠷᠢᠭᠤᠴᠠᠯᠭ᠎ᠠ ᠲᠠᠢ ᠴᠢᠷᠮᠠᠶᠢᠳᠠᠭ ᠯᠠ | ᠪᠣᠯ ᠠᠮᠵᠢᠯᠲᠠ ᠪᠦᠬᠦᠨ ᠠᠯᠠᠭᠠᠨ ᠳᠡᠭᠡᠷ᠎ᠡ ᠴᠢᠨᠢ ᠲᠣᠳᠤᠷᠠᠬᠤ ᠶᠤᠮ ᠭᠡᠳᠡᠭ ᠲᠤ ᠪᠠᠲᠤ ᠢᠲᠡᠭᠡᠯ ᠲᠠᠢ ᠪᠠᠶᠢᠨ᠎ᠠ᠃ | ᠡᠳᠡᠭᠡᠷ ᠪᠣᠯ ᠮᠢᠨᠦ ᠭᠤᠴᠢᠨ ᠵᠢᠯ ᠤᠨ ᠲᠤᠷᠰᠢ ᠠᠩᠭᠢ ᠡᠷᠬᠢᠯᠡᠭᠰᠡᠨ ᠠᠵᠢᠯ ᠤᠨ ᠲᠤᠷᠰᠢᠯᠭ᠎ᠠ ᠠᠴᠠ | ᠬᠤᠷᠠᠮᠳᠤᠭᠤᠯᠤᠭᠰᠠᠨ ᠥᠴᠦᠬᠡᠨ ᠠᠮᠵᠢᠯᠲᠠ ᠪᠣᠯᠤᠨ᠎ᠠ᠃ | ᠠᠵᠢᠯᠯᠠᠵᠤ ᠪᠠᠶᠢᠭ᠎ᠠ ᠪᠠᠶᠢᠭᠤᠯᠭ᠎ᠠ᠄ ᠪᠠᠭᠠᠷᠢᠨ ᠪᠠᠷᠠᠭᠤᠨ ᠬᠤᠰᠢᠭᠤᠨ ᠤ ᠪᠠᠶᠠᠨᠲᠠᠯ᠎ᠠ | ᠰᠣᠮᠣ ᠶᠢᠨ ᠭᠤᠣᠯ ᠪᠠᠭ᠎ᠠ ᠰᠤᠷᠭᠠᠭᠤᠯᠢ | ︵ᠠᠯᠳᠠᠨᠰᠦ᠋ᠭᠡ ᠨᠠᠶᠢᠷᠠᠭᠤᠯᠪᠠ︶ | 2023.1 ᠳ᠋ᠦ᠋ᠭᠡᠷ ᠬᠤᠭᠤᠴᠠᠭ᠎ᠠ | |