ᠦᠵᠡᠰᠬᠦᠯᠠᠩ | | | | | | ᠤᠳᠤᠬᠠᠨ ᠤ ᠵᠢᠭᠠᠨ ᠰᠤᠷᠭᠠᠬᠤ ᠪᠤᠳᠠᠳᠤ ᠦᠢᠯᠡᠳᠤᠯᠭᠡ ᠶᠢᠨ ᠲᠤᠮᠳᠠ ᠵᠠᠷᠢᠮ ᠰᠤᠷᠤᠭᠴᠢ ᠶᠢᠨ ᠪᠠᠶ᠎ᠠ ᠲᠡᠭᠡᠷ᠎ᠠ | ᠰᠤᠷᠤᠯᠴᠠᠬᠤ ᠲᠤᠷ᠎ᠠ ᠦᠭᠡᠢ ᠦᠵᠡᠭᠳᠡᠯ ᠲᠦᠭᠡᠮᠡᠯ ᠬᠠᠷᠠᠭᠳᠠᠵᠤ᠂ ᠪᠠᠭᠰᠢ ᠪᠤᠯᠤᠬᠰᠠᠳ ᠤᠨ ᠲᠤᠯᠤᠭᠠᠢ ᠶᠢ | ᠡᠪᠡᠳᠭᠡᠵᠦ᠂ ᠶᠠᠭᠠᠬᠢᠬᠤ ᠶᠢᠨ ᠠᠷᠭ᠎ᠠ ᠦᠭᠡᠢ ᠪᠤᠯᠭᠠᠳᠠᠭ᠃ ᠵᠦᠪ ᠲᠠᠯ᠎ᠠ ᠠᠴᠠ ᠵᠢᠭᠠᠵᠤ ᠰᠤᠷᠭᠠᠬᠤ᠂ | ᠰᠤᠷᠤᠯᠭ᠎ᠠ ᠶᠢᠨ ᠰᠡᠳᠤᠪ ᠪᠤᠯᠪᠠᠰᠤᠷᠠᠯ᠂ ᠲᠠᠰᠬᠠᠯ ᠲᠠᠭᠠᠭᠠᠯᠭᠠᠪᠤᠷᠢ ᠶᠢᠨ ᠭᠦᠴᠤᠯᠡᠴᠡ ᠶᠢ ᠨᠡᠮᠡᠭᠳᠡᠬᠦᠯᠦᠭᠰᠡᠨ ᠴᠦ | ᠦᠷ᠎ᠡ ᠠᠰᠢᠭ ᠢᠶᠠᠷ ᠪᠠᠷᠣᠬᠳᠠᠢ᠃ ᠴᠢᠨᠠᠭᠰᠢᠯᠠᠪᠠᠯ ᠨᠠᠵᠠᠭᠠᠢ ᠦᠢᠯᠡᠳᠣᠯ ᠭᠠᠷᠭᠠᠬᠤ ᠭᠡᠮᠵᠢᠶᠠᠨ ᠳᠤ ᠬᠦᠷᠴᠤ ᠪᠠᠶᠢᠳᠠᠭ᠂ | ᠰᠢᠬᠦᠮᠵᠢᠯᠡᠵᠤ ᠰᠤᠷᠭᠠᠪᠠᠯ ᠤᠯᠠᠮ ᠴᠤ ᠵᠦᠷᠢᠯᠳᠤᠵᠤ᠂ ᠦᠨᠡᠭᠡᠷ ᠴᠤ ᠠᠷᠭ᠎ᠠ ᠠᠯᠳᠠᠷᠠᠵᠤ ᠬᠤᠶᠠᠷ ᠭᠠᠷ ᠢᠶᠠᠨ | ᠨᠤᠬᠤᠯᠠᠭᠠᠳ ᠰᠠᠭᠤᠬᠤ ᠠᠴᠠ ᠦᠭᠡᠷ᠎ᠠ ᠠᠷᠭ᠎ᠠ ᠦᠭᠡᠢ ᠰᠠᠨᠠᠭᠳᠠᠳᠠᠭ᠃ ᠨᠠᠩ ᠢᠯᠠᠩᠭᠤᠶ᠎ᠠ ᠴᠦᠭᠡᠨ ᠲᠤᠭᠠᠨ ᠤ | ᠰᠤᠷᠤᠬᠴᠢ ᠶᠢᠨ ᠬᠦᠳᠡᠯᠬᠦ ᠲᠤᠷ᠎ᠠ ᠦᠭᠡᠢ ᠵᠠᠯᠬᠠᠭᠤ ᠪᠠᠶᠢᠳᠠᠯ ᠲᠠᠢ᠂ ᠶᠠᠮᠠᠷ ᠨᠢᠭᠡᠨ ᠬᠦᠮᠤᠨ ᠲᠠᠬᠦᠨ ᠤ ᠡᠮᠤᠨ᠎ᠠ ᠠᠴᠠ | ᠤᠴᠢᠵᠤ ᠬᠢᠵᠤ ᠪᠠᠶᠠᠯᠠᠬᠦᠯᠬᠦ ᠶᠢ ᠬᠦᠰᠡᠭᠰᠡᠨ ᠴᠢᠷᠠᠢ ᠲᠠᠢ ᠬᠦᠯᠢᠶᠡᠵᠤ ᠰᠠᠭᠤᠳᠠᠭ ᠨᠢ ᠭᠡᠴᠡᠬᠦᠤ ᠶᠤᠮ᠃ ᠡ᠊ᠨᠡ ᠭᠦ | ᠠᠰᠠᠭᠤᠳᠠᠯ ᠨᠢ ᠪᠠᠭᠰᠢ ᠶᠢᠨ ᠰᠤᠷᠭᠠᠨ ᠬᠦᠮᠤᠵᠢᠬᠦᠯᠬᠦ ᠠᠷᠭ᠎ᠠ ᠮᠠᠷᠭᠡᠵᠢᠯ ᠤᠷ᠎ᠠ ᠲᠠᠮ ᠲᠠᠢ ᠬᠤᠯᠪᠤᠬᠳᠠᠬᠤ ᠪᠤᠯᠪᠠᠴᠤ | ᠬᠤᠴᠤᠷᠤᠩᠭᠤᠢ ᠰᠤᠷᠤᠬᠴᠢᠳ ᠤᠨ ᠰᠤᠷᠤᠯᠴᠠᠬᠤ ᠤᠪᠤᠷ᠂ ᠦᠵᠡᠯ ᠰᠠᠨᠠᠭ᠎ᠠ᠂ ᠤᠷᠮ᠎ᠠ ᠵᠤᠷᠢᠭ ᠢ ᠬᠦᠪᠴᠢᠯᠡᠬᠦ ᠨᠢ | ᠲᠦᠢᠯ ᠤᠨ ᠴᠢᠬᠤᠯᠠ ᠪᠢᠯᠠ᠃ | ᠶᠠᠭᠤᠨ ᠤ ᠲᠠᠷᠢᠬᠦᠨ ᠳᠤ ᠲᠠᠳᠡᠭᠡᠷ ᠰᠤᠷᠤᠯᠴᠠᠬᠤ ᠲᠤᠷ᠎ᠠ ᠦᠭᠡᠢ ᠵᠠᠯᠬᠠᠭᠤᠷᠠᠵᠤ ᠰᠠᠭᠤᠳᠠᠭ ᠰᠤᠷᠤᠬᠴᠢᠳ ᠢ | ᠲᠡᠪᠰᠢᠭᠤᠯᠤᠨ ᠲᠡᠭᠡᠭᠰᠢᠯᠡᠬᠦᠯᠬᠦ ᠨᠢ ᠴᠢᠬᠤᠯᠠ᠃ ᠵᠢᠭᠠᠨ ᠰᠤᠷᠭᠠᠬᠤ ᠶᠠᠪᠤᠴᠠ ᠲᠤᠮᠳᠠ ᠲᠡᠳᠡᠭᠡᠷ ᠰᠤᠷᠤᠯᠴᠠᠬᠤ | ᠲᠤᠷ᠎ᠠ ᠦᠭᠡᠢ ᠪᠤᠶᠤ ᠵᠠᠯᠬᠠᠭᠤᠷᠠᠵᠤ ᠰᠠᠭᠤᠳᠠᠭ ᠰᠤᠷᠤᠬᠴᠢᠳ ᠢ ᠠᠵᠢᠬᠯᠠᠬᠤ ᠳᠤ ᠦᠨᠡᠭᠡᠷ ᠰᠡᠳᠬᠢᠯ ᠢ | ᠰᠢᠮᠰᠢᠷᠡᠬᠦᠯᠳᠡᠭ᠃ ᠭᠤᠤᠯ ᠨᠢ ᠲᠠᠳᠡᠨᠤᠰ ᠤᠨ ᠰᠠᠳᠬᠢᠯ ᠰᠠᠨᠠᠭ᠎ᠠ ᠨᠢ ᠭᠡᠪ ᠤᠨ ᠪᠤᠰᠤ ᠤᠨᠴᠠᠯᠢᠭ ᠲᠠᠢ᠂ ᠵᠤᠵᠢᠭ | ᠵᠦᠷᠢᠬᠦᠳ᠂ ᠭᠠᠭᠴᠠᠭᠠᠷᠳᠠᠮᠠᠯ᠂ ᠡᠰᠡᠬᠦᠯ᠎ᠠ ᠲᠡᠩᠳᠡᠬᠦᠤ ᠡᠷᠭᠡ ᠲᠠᠩᠬᠢ᠂ ᠪᠠᠭᠰᠢ ᠪᠤᠶᠤ ᠬᠠᠮᠳᠤ ᠨᠦᠬᠦᠳ ᠲᠤ ᠪᠠᠨ | ᠭᠡᠯᠡᠭᠳᠡᠬᠦ ᠲᠤᠷ᠎ᠠ ᠦᠭᠡᠢ᠂ ᠠᠩᠬᠢ ᠶᠢᠨ ᠰᠤᠷᠤᠬᠴᠢᠳ ᠲᠠᠢ ᠪᠠᠨ ᠶᠠᠪᠤᠯᠴᠠᠬᠤ ᠦᠭᠡᠢ᠂ ᠢᠨᠢᠶᠡᠬᠦ ᠶᠢ ᠮᠡᠳᠡᠬᠦ ᠦᠭᠡᠢ᠂ | ᠤᠬᠢᠯᠠᠬᠤ ᠶᠢ ᠴᠤ ᠮᠡᠳᠡᠬᠦ ᠦᠭᠡᠢ᠂ ᠡᠰᠡᠬᠦᠯ᠎ᠠ ᠤᠬᠢᠯᠠᠭᠠᠳ ᠵᠤᠬᠰᠤᠬᠤ ᠦᠭᠡᠢ᠂ ᠵᠢᠮᠡᠯᠡᠵᠤ ᠰᠢᠬᠦᠮᠵᠢᠯᠡᠬᠦ ᠠᠴᠠ ᠴᠤ | ᠠᠶᠤᠬᠤ ᠦᠭᠡᠢ᠃ ᠶᠠᠮᠠᠷ ᠴᠤ ᠰᠡᠳᠬᠢᠯᠭᠡ ᠦᠭᠡᠢ ᠮᠤᠳᠤᠨ ᠬᠦᠮᠤᠨ ᠭᠡᠮᠠᠷ᠃ ᠲᠠᠰᠬᠠᠯ ᠪᠤᠯᠪᠠᠰᠤᠷᠠᠯ ᠢᠶᠠᠨ ᠬᠢᠬᠦ | ᠦᠭᠡᠢ ᠬᠢᠴᠢᠶᠠᠯ ᠲᠡᠭᠡᠷ᠎ᠠ ᠠᠩᠬᠠᠷᠬᠤ ᠦᠭᠡᠢ᠂ ᠶᠠᠭᠤᠮ᠎ᠠ ᠤᠷᠤᠯᠳᠤᠭᠠᠳ ᠰᠠᠭᠤᠨ᠎ᠠ᠂ ᠭᠡᠷ ᠤᠨ ᠠᠬᠠᠮᠠᠳ ᠨᠢ ᠴᠤ | ᠬᠠᠮᠢᠶᠠᠷᠬᠤ ᠦᠭᠡᠢ ᠪᠠᠶᠢᠳᠠᠭ᠃ ᠡᠶᠢᠮᠤ ᠬᠡᠤᠭᠡᠳ ᠢ ᠴᠢᠩᠭ᠎ᠠ ᠤᠷᠤᠯᠳᠤᠭᠠᠳ᠂ ᠲᠠᠷᠤᠯᠳᠠ ᠦᠭᠬᠦᠪᠡᠴᠤ ᠠᠰᠢᠭ ᠠᠨᠠᠢ᠂ | ᠬᠠᠷᠢᠨ ᠵᠦᠭᠡᠯᠡᠨ ᠢᠶᠠᠷ ᠤᠷᠤᠯᠳᠤᠵᠤ᠂ ᠠᠷᠭᠠᠳᠠᠵᠤ᠂ ᠨᠠᠩ ᠴᠤ ᠡᠩᠬᠦᠷᠡᠶᠢᠯᠡᠵᠤ ᠬᠠᠶᠢᠷᠠᠯᠠᠬᠤ ᠰᠡᠳᠬᠢᠯ ᠢᠶᠠᠷ | ᠬᠠᠨᠳᠤᠪᠠᠯ ᠨᠠᠯᠢᠶᠠᠳ ᠦᠷ᠎ᠠ ᠠᠰᠢᠭ ᠪᠠ ᠬᠤᠪᠢᠷᠠᠯᠳᠠ ᠲᠠᠢ ᠪᠤᠯᠳᠠᠭ᠃ | ᠡᠩᠬᠦᠷᠡᠶᠢᠯᠡᠨ ᠬᠠᠶᠢᠷᠠᠯᠠᠬᠤ ᠪᠤᠯ ᠰᠤᠷᠤᠬᠴᠢᠳ ᠲᠤ ᠨᠢᠭᠡᠨ ᠵᠦᠢᠯ ᠤᠨ ᠲᠡᠭᠡᠳᠤ ᠡᠨᠧᠷᠬᠢ᠂ ᠡᠶᠠᠷᠬᠦ ᠡᠨᠧᠷᠬᠢ᠂ | ᠰᠠᠶᠢᠨ ᠰᠠᠶᠢᠬᠠᠨ ᠡᠨᠧᠷᠬᠢ ᠶᠢ ᠬᠦᠷᠳᠡᠭᠡᠵᠤ᠂ ᠡᠰᠡᠷᠬᠦ ᠪᠠᠷ ᠡᠭ᠍ᠳᠡᠬᠦᠴᠡᠵᠤ ᠠᠭᠤᠷᠯᠠᠬᠤ ᠪᠤᠯ ᠬᠠᠷᠢᠨ ᠨᠢᠭᠡᠨ ᠵᠦᠢᠯ ᠤᠨ | ᠲᠤᠤᠷᠠᠳᠤ ᠡᠨᠧᠷᠬᠢ᠂ ᠰᠦᠭᠡᠷᠬᠦ ᠡᠨᠧᠷᠬᠢ᠂ ᠮᠠᠭᠤ ᠮᠠᠭᠤᠬᠠᠢ ᠡᠨᠧᠷᠬᠢ ᠶᠢ ᠤᠯᠭᠤᠵᠤ ᠪᠠᠶᠢᠳᠠᠭ᠃ ᠪᠢ ᠡ᠊ᠨᠡ ᠭᠦ | ᠨᠢᠭᠡᠨ ᠵᠦᠢᠯ ᠤᠨ ᠰᠡᠳᠬᠢᠬᠦ ᠠᠷᠭ᠎ᠠ ᠪᠠᠨ ᠪᠤᠳᠠᠳᠠᠶᠢᠴᠢᠯᠠᠨ ᠪᠠᠶᠠᠯᠠᠬᠦᠯᠵᠤ᠂ ᠬᠠᠶᠢᠷ᠎ᠠ ᠡᠩᠬᠦᠷᠡᠶᠢᠯᠡᠯ ᠢᠶᠠᠨ ᠬᠠᠷᠠᠮ | ᠦᠭᠡᠢ ᠬᠦᠷᠭᠡᠪᠡ᠃ ᠡᠴᠢᠭᠡ ᠡᠭᠡ ᠶᠢᠨ ᠬᠠᠶᠢᠷ᠎ᠠ ᠪᠤᠯ ᠠᠮᠢᠨ ᠬᠠᠶᠢᠷ᠎ᠠ᠂ ᠦᠪᠠᠷ ᠤᠨ ᠬᠡᠤᠭᠡᠳ ᠢᠶᠠᠨ ᠯᠠ | ᠪᠠᠭᠳᠠᠭᠠᠬᠰᠠᠨ ᠬᠠᠶᠢᠷ᠎ᠠ᠂ ᠭᠡᠬᠦ ᠳᠤ ᠪᠠᠭᠰᠢ ᠶᠢᠨ ᠬᠠᠶᠢᠷ᠎ᠠ ᠪᠤᠯ ᠲᠦᠭᠡᠮᠡᠯ ᠬᠠᠶᠢᠷ᠎ᠠ᠂ ᠶᠡᠭᠡ ᠬᠠᠶᠢᠷ᠎ᠠ᠂ ᠦᠪᠠᠷ ᠤᠨ | ᠬᠡᠤᠭᠡᠳ ᠢᠶᠠᠨ ᠮᠠᠷᠳᠠᠵᠤ ᠦᠷᠤᠭᠡᠯ ᠢ ᠬᠠᠶᠢᠷᠠᠯᠠᠬᠤ ᠬᠠᠶᠢᠷ᠎ᠠ᠂ ᠪᠠᠭᠳᠠᠭᠠᠮᠵᠢ ᠨᠢ ᠶᠡᠭᠡ ᠪᠠᠶᠢᠳᠠᠭ᠃ | ᠨᠢᠭᠡ᠂ ᠬᠤᠴᠤᠷᠤᠩᠭᠤᠢ ᠰᠤᠷᠤᠬᠴᠢ ᠶᠢᠨ ᠪᠠᠶᠢᠳᠠᠯ | 1. ᠦᠩᠭᠡᠷᠡᠭᠰᠡᠨ ᠤ ᠲᠡᠬᠦᠰᠦᠭᠰᠡᠨ ᠠᠩᠬᠢ ᠶᠢᠨ ᠬᠤᠴᠤᠷᠤᠩᠭᠤᠢ ᠰᠤᠷᠤᠬᠴᠢ ᠶᠢ ᠵᠢᠯᠤᠭᠤᠳᠤᠬᠰᠠᠨ | ᠦᠡᠭᠭᠡᠷᠡᠯᠳᠠ | ᠮᠢᠨᠤ ᠦᠩᠭᠡᠷᠡᠭᠰᠡᠨ ᠤ ᠬᠢᠴᠢᠶᠠᠯᠯᠡᠵᠤ ᠪᠠᠶᠢᠭᠰᠠᠨ ᠠᠩᠬᠢ ᠳᠤ ᠨᠢᠭᠡᠨ ᠤᠨᠴᠠᠭᠠᠢ ᠰᠤᠷᠤᠭᠴᠢ ᠪᠠᠶᠢᠳᠠᠭ᠂ | ᠲᠠᠰᠬᠠᠯ ᠪᠤᠯᠪᠠᠰᠤᠷᠠᠯ ᠢ ᠶᠠᠷᠤ ᠬᠢᠳᠡᠭ ᠦᠭᠡᠢ᠂ ᠠᠮᠢᠳᠤᠷᠠᠯ ᠨᠢ ᠭᠦᠴᠢᠷᠳᠠᠯᠳᠠᠢ᠂ ᠵᠠᠮᠳᠡᠭ ᠠᠬ᠎ᠠ ᠲᠠᠢ᠂ ᠨᠢᠭᠡᠨ | ᠦᠷᠤ ᠡᠪᠡᠳᠤᠮᠠᠷ ᠬᠡᠤᠭᠡᠳ ᠶᠤᠮ᠂ ᠪᠢ ᠡᠨᠡ ᠭᠡᠤᠭᠡᠳ ᠢ ᠦᠷᠭᠦᠯᠵᠢ ᠵᠤᠷᠢᠬᠵᠢᠭᠤᠯᠤᠨ ᠬᠠᠶᠢᠷᠠᠯᠠᠵᠤ᠂ ᠴᠠᠭ | ᠤᠯᠳᠠᠪᠠᠯ ᠠᠮᠳᠠᠳᠤ ᠬᠤᠭᠤᠯᠠ ᠢᠳᠡᠬᠦᠯᠳᠡᠭ᠃ ᠢᠡᠭᠬᠢᠭᠰᠡᠨ ᠤ ᠮᠢᠨᠢ ᠬᠠᠷᠢᠭᠤ ᠳᠤ ᠲᠠᠷᠠ ᠬᠡᠤᠭᠡᠨ ᠤ ᠪᠠᠶ᠎ᠠ ᠲᠡᠭᠡᠷ᠎ᠠ | ᠢᠨᠢᠶᠡᠳᠤ ᠬᠠᠨᠢᠶᠠᠳᠤ ᠲᠠᠢ᠂ ᠴᠤᠪᠤᠭᠤ ᠲᠡᠭᠵᠢᠨ᠂ ᠬᠢᠴᠢᠶᠠᠯ ᠢᠶᠠᠨ ᠰᠠᠶᠢᠳᠤᠷ ᠰᠤᠨᠤᠰᠴᠤ᠂ ᠲᠠᠰᠬᠠᠯ | ᠪᠤᠯᠪᠠᠰᠤᠷᠠᠯ ᠢᠶᠠᠨ ᠰᠠᠨᠠᠭᠠᠴᠢᠯᠠᠭ᠎ᠠ ᠠᠴᠠ ᠪᠠᠨ ᠰᠠᠶᠢᠨ ᠰᠠᠶᠢᠬᠠᠨ ᠬᠢᠵᠤ᠂ ᠭᠡᠷ ᠲᠡᠭᠡᠨ ᠬᠠᠷᠢᠭᠠᠳ ︽ᠮᠠᠨ ᠤ | ᠲᠤᠭᠠᠨ ᠤ ᠪᠠᠭᠰᠢ ᠲᠤᠩ ᠰᠠᠶᠢᠨ︕︾ ᠭᠡᠳᠡᠭ ᠭᠡᠨ᠎ᠠ᠃ ᠲᠠᠷᠠ ᠮᠢᠨᠤ ᠵᠢᠭᠠᠳᠠᠭ ᠲᠤᠭᠠᠨ ᠤ ᠬᠢᠴᠢᠶᠡᠯ ᠢ ᠴᠤ | ᠰᠠᠶᠢᠨ ᠰᠤᠷᠬᠤ ᠪᠤᠯᠵᠠᠢ᠃ ᠲᠡᠭᠡᠭᠡᠳ ᠠᠩᠬᠢ ᠳᠤ ᠪᠠᠨ ︽ᠠᠩᠬᠢ ᠶᠢᠨ ᠴᠡᠴᠡᠭ︾ ᠭᠡᠳᠡᠭ ᠰᠠᠶᠢᠬᠠᠨ ᠴᠤᠯᠠ ᠲᠠᠢ | ᠬᠡᠤᠭᠡᠨ ᠪᠤᠯᠤᠬᠰᠠᠨ ᠶᠤᠮ᠃ ᠡᠶᠢᠮᠤᠷᠬᠦᠤ ᠦᠨᠡᠨ ᠪᠤᠳᠠᠳᠠᠢ ᠰᠡᠳᠬᠢᠯ ᠢ ᠪᠠᠶᠠᠰᠬᠠᠮ᠎ᠠ ᠵᠢᠱᠢᠶ᠎ᠠ ᠨᠢᠭᠡ ᠬᠤᠶᠠᠷ ᠢᠶᠠᠷ | ᠵᠤᠬᠰᠤᠬᠤ ᠦᠭᠡᠢ᠂ ᠶᠡᠷᠦᠩᠭᠡᠢ ᠳᠤ ᠨᠢ ᠦᠵᠠᠭᠦ ᠳᠤ᠂ ᠬᠤᠴᠤᠷᠤᠩᠭᠤᠢ ᠰᠤᠷᠤᠭᠴᠢ ᠶᠢ ᠡᠨᠠᠷᠢᠯ ᠬᠠᠶᠢᠷ᠎ᠠ᠂ | ᠬᠠᠯᠠᠭᠤᠨ ᠰᠡᠳᠬᠢᠯᠭᠡ᠂ ᠦᠨᠠᠨᠴᠢ ᠵᠤᠷᠢᠬᠵᠢᠭᠤᠯᠤᠯ ᠢᠶᠠᠷ ᠬᠤᠪᠢᠷᠠᠭᠠᠵᠤ ᠪᠤᠯᠬᠤ ᠶᠤᠮ᠃ | 2. ᠤᠳᠤ ᠶᠢᠨ ᠬᠢᠴᠢᠶᠠᠯᠯᠡᠵᠤ ᠪᠠᠶᠢᠭ᠎ᠠ ᠠᠩᠬᠢ ᠶᠢᠨ ᠬᠤᠴᠤᠷᠤᠩᠭᠤᠢ ᠰᠤᠷᠤᠬᠴᠢ ᠶᠢ ᠵᠢᠯᠤᠭᠤᠳᠤᠬᠰᠠᠨ | ᠦᠡᠭᠭᠡᠷᠡᠯᠳᠠ | ᠮᠢᠨᠤ ᠤᠳᠤ ᠶᠢᠨ ᠬᠢᠴᠢᠶᠠᠯᠯᠡᠵᠤ ᠪᠠᠶᠢᠭ᠎ᠠ ᠠᠩᠬᠢ ᠳᠤ ᠨᠢᠭᠡᠨ ᠬᠦᠤ ᠪᠠᠶᠢᠳᠠᠭ᠂ ᠰᠤᠷᠭᠠᠭᠤᠯᠢ ᠳᠤ ᠠᠩᠬ᠎ᠠ | ᠢᠷᠡᠬᠦ ᠦᠶ᠎ᠠ ᠳᠤ ᠡᠷᠭᠡ ᠲᠠᠩᠬᠢ ᠮᠦᠷᠳᠡᠭᠡᠨ ᠠᠭᠤᠷ ᠶᠡᠭᠡᠳᠠᠢ᠂ ᠲᠠᠰᠬᠠᠯ ᠪᠤᠯᠪᠠᠰᠤᠷᠠᠯ ᠢ ᠪᠠᠶᠠᠯᠠᠬᠦᠯᠬᠦ ᠶᠢ ᠪᠠᠶᠢᠳᠤᠭᠠᠢ | ᠬᠢᠴᠢᠶᠠᠯ ᠲᠡᠭᠡᠷ᠎ᠠ ᠴᠤ ᠲᠤᠭ᠎ᠠ ᠪᠢᠴᠢᠬᠦ ᠲᠤᠷ᠎ᠠ ᠦᠭᠡᠢ᠂ ᠲᠤᠭ᠎ᠠ ᠪᠤᠳᠤᠬᠤ ᠲᠤᠷ᠎ᠠ ᠦᠭᠡᠢ᠂ ᠰᠢᠬᠦᠮᠵᠢᠯᠡᠪᠡᠯ | ᠪᠠᠭᠰᠢ ᠶᠢᠨ ᠦᠭᠡᠳᠡ ᠠᠴᠠ ᠪᠤᠴᠠᠭᠠᠳ ᠵᠠᠩᠳᠤᠷᠤᠨ ᠠᠭᠤᠷᠯᠠᠵᠤ᠂ ᠬᠤᠩᠬ᠎ᠠ ᠲᠤᠤᠭᠠᠷᠪᠠᠯ ᠡᠪᠰᠢᠶᠠᠵᠤ ᠰᠠᠭᠤᠳᠠᠭ | ᠮᠦᠷᠳᠡᠭᠡᠨ ᠰᠠᠯᠠᠩ ᠭᠡᠳᠡᠭ ᠨᠢ ᠠᠷᠭ᠎ᠠ ᠦᠭᠡᠢ᠂ ᠨᠢᠭᠡ ᠬᠠᠷᠠᠨᠳᠠ ᠦᠭᠡᠢ᠂ ᠪᠠᠯᠠᠯᠤᠭᠤᠷ ᠦᠭᠡᠢ᠂ ᠲᠠᠪᠳᠠᠷ | ᠦᠭᠡᠢ ᠢᠷᠡᠳᠡᠭ ᠤᠳᠠᠭ᠎ᠠ ᠴᠤ ᠤᠯᠠᠨ ᠪᠠᠶᠢᠵᠤ᠂ ᠪᠠᠭᠰᠢ ᠶᠢᠨ ᠠᠷᠭ᠎ᠠ ᠶᠢ ᠪᠠᠷᠠᠭᠳᠠᠭᠤᠯᠤᠮᠠᠷ ᠬᠦᠤ ᠪᠠᠶᠢᠬᠰᠠᠨ | ᠶᠤᠮ᠃ ᠡ᠊ᠨᠡ ᠭᠦ ᠪᠠᠶᠢᠳᠠᠯ ᠳᠤ ᠴᠢᠭᠯᠡᠬᠦᠯᠤᠨ ᠪᠢ ᠨᠢᠭᠡ ᠭᠡᠰᠡᠭ ᠬᠤᠭᠤᠴᠠᠭ᠎ᠠ ᠲᠤᠰᠬᠠᠢ ᠴᠠᠭ ᠭᠠᠷᠭᠠᠵᠤ᠂ ᠲᠤᠰ | ᠬᠡᠤᠭᠡᠳ ᠢ ᠠᠵᠢᠬᠯᠠᠭᠰᠠᠨ ᠤ ᠰᠡᠬᠦᠯᠠᠷ ᠲᠠᠬᠦᠨ ᠳᠤ ᠡᠨᠡᠷᠢᠩᠬᠦᠢ ᠰᠡᠳᠬᠢᠯ ᠤᠨ ᠵᠦᠭᠡᠯᠡᠨ ᠲᠤᠯᠠᠭᠠᠨ ᠬᠠᠶᠢᠷ᠎ᠠ ᠶᠢ | ᠬᠦᠷᠳᠡᠭᠡᠵᠤ ᠲᠠᠬᠦᠨ ᠤ ᠲᠤᠬᠯᠠᠵᠤ ᠪᠠᠶᠢᠭ᠎ᠠ ᠠᠵᠢᠯᠯᠠᠭ᠎ᠠ ᠬᠦᠳᠡᠯᠭᠡᠭᠡᠨ ᠨᠢᠭᠡ ᠪᠦᠷᠢ ᠶᠢ ᠵᠦᠪ ᠢᠶᠠᠷ ᠦᠨᠡᠯᠡᠨ᠂ | ᠵᠦᠪ ᠢᠶᠠᠷ ᠰᠤᠷᠭᠠᠵᠤ᠂ ᠲᠠᠬᠦᠨ ᠢ ᠲᠤᠰᠬᠠᠢ ᠦᠮᠦᠭᠯᠡᠨ᠂ ᠪᠤᠷᠤᠭᠤ ᠠᠵᠢᠯᠯᠠᠭ᠎ᠠ ᠶᠢ ᠨᠢ ᠨᠠᠭᠠᠳᠤᠮ ᠲᠤᠬᠯᠠᠭᠠᠮ ᠤᠨ | ᠲᠤᠮᠳᠠ ᠰᠢᠢᠳᠪᠤᠷᠢᠯᠡᠨ᠂ ᠲᠤᠰ ᠬᠡᠤᠭᠡᠳ ᠲᠠᠢ ᠦᠢᠷᠠᠳᠤᠨ ᠶᠠᠷᠢᠯᠴᠠᠵᠤ᠂ ᠮᠠᠭᠳᠠᠬᠤ᠂ ᠲᠤᠯᠤᠭᠠᠢ ᠶᠢ ᠨᠢ ᠢᠯᠪᠢᠬᠦ᠂ | ᠪᠤᠷᠤᠭᠤ ᠪᠤᠳᠤᠬᠰᠠᠨ ᠰᠡᠳᠤᠪ ᠢ ᠨᠢ ᠨᠢᠭᠡ ᠨᠢᠭᠡ ᠪᠠᠷ ᠵᠠᠰᠠᠨ ᠦᠭᠴᠤ ᠲᠤᠳᠤᠨᠤᠴᠢᠯᠠᠨ᠂ ᠵᠠᠪᠰᠢᠶᠠᠨ ᠢ ᠠᠰᠢᠬᠯᠠᠨ | ᠦᠨᠡᠮᠯᠡᠯ ᠭᠠᠷᠳᠠᠭᠤᠯᠬᠤ ᠵᠠᠷᠭᠡ ᠠᠵᠢᠯᠯᠠᠭ᠎ᠠ ᠠᠪᠤᠬᠰᠠᠨ ᠠᠴᠠ ᠲᠠᠷᠠ ᠮᠠᠨᠢ ᠲᠤᠭᠠᠨ ᠤ ᠪᠤᠳᠤᠯᠭ᠎ᠠ ᠳᠤ ᠪᠠᠨ | ᠠᠩᠬᠢ ᠳᠤ ᠪᠠᠨ ᠲᠤᠮᠳᠠ ᠵᠠᠷᠭᠡ ᠶᠢᠨ ᠭᠡᠮᠵᠢᠶᠠᠨ ᠳᠤ ᠬᠦᠷᠴᠤ᠂ ᠨᠢᠳᠤᠨᠤᠨ ᠡᠪᠤᠯ ᠤᠨ ᠬᠤᠭᠤᠴᠠᠭ᠎ᠠ ᠡᠴᠤᠰ ᠤᠨ | ᠲᠤᠭᠠᠨ ᠤ ᠰᠢᠯᠭᠠᠯᠳᠠ ᠳᠤ ᠪᠠᠨ 87 ᠬᠤᠪᠢ ᠤᠯᠤᠬᠰᠠᠨ ᠪᠢᠯᠠ᠃ ᠭᠡᠳᠦ᠋ᠢᠪᠠᠷ ᠬᠢᠴᠢᠶᠠᠯ ᠲᠡᠭᠡᠷ᠎ᠠ ᠭᠠᠷ ᠬᠦᠳᠡᠯᠵᠤ | ᠤᠷᠤᠯᠳᠤᠯᠭ᠎ᠠ ︵ᠵᠢᠷᠤᠬᠤ︶ ᠬᠢᠬᠦ ᠦᠭᠡᠢ ᠪᠤᠯᠪᠠᠴᠤ ᠪᠤᠳᠤᠯᠭ᠎ᠠ ᠶᠢ ᠲᠤᠩ ᠰᠠᠶᠢᠨ ᠪᠤᠳᠤᠳᠠᠭ ᠬᠡᠤᠭᠡᠳ ᠪᠤᠯᠤᠬᠰᠠᠨ | ᠶᠤᠮ᠃ ᠲᠤᠰ ᠬᠡᠤᠭᠡᠳ ᠪᠤᠰᠤᠳ ᠰᠤᠷᠤᠬᠴᠢ ᠲᠠᠢ ᠭᠡᠷᠡᠯᠳᠤᠬᠦ ᠦᠶ᠎ᠠ ᠳᠤ ᠲᠡᠬᠦᠨ ᠢ ᠵᠤᠷᠢᠯᠭ᠎ᠠ ᠲᠠᠢ ᠭᠡᠳᠤ ᠤᠳᠠᠭ᠎ᠠ | ᠦᠮᠦᠭᠯᠡᠵᠤ ᠵᠦᠪ ᠢ ᠤᠯᠭᠤᠨ ᠰᠡᠳᠬᠢᠯ ᠢ ᠨᠢ ᠲᠠᠳᠠᠵᠤ ᠤᠷᠤᠯᠳᠤᠵᠤ ᠪᠠᠶᠢᠬᠰᠠᠨ ᠠᠴᠠ ᠤᠳᠤ ᠪᠤᠯᠬᠤ ᠳᠤ ᠲᠤᠰ | ᠬᠡᠤᠭᠡᠳ ᠰᠤᠷᠤᠯᠭ᠎ᠠ ᠶᠢᠨ ᠲᠠᠯ᠎ᠠ ᠪᠠᠷ ᠤᠨᠴᠠ ᠲᠡᠭᠡᠭᠰᠢᠯᠡᠯᠳᠠ ᠲᠠᠢ ᠮᠦᠷᠳᠡᠭᠡᠨ ᠨᠠᠮᠠᠢᠢ ᠦᠵᠡᠪᠡᠯ ᠪᠠᠭᠰᠢ ᠪᠠᠨ | ᠦᠮᠦᠭ ᠲᠦᠰᠢᠭ ᠢᠶᠠᠷ ᠰᠠᠨᠠᠵᠤ᠂ ᠤᠯᠠᠨ ᠤ ᠲᠤᠳᠤᠷ᠎ᠠ ᠠᠴᠠ ᠢᠨᠢᠶᠡᠳᠤ ᠲᠤᠳᠤᠷᠠᠭᠰᠠᠨ ᠰᠠᠶᠢᠬᠠᠨ ᠬᠠᠷᠠᠴᠠ | ᠬᠦᠶᠤᠯᠭᠡᠨ ᠵᠢᠭᠠᠬᠠᠨ ᠭᠠᠷ ᠢᠶᠠᠷ ᠲᠡᠷᠡᠬᠦᠭᠡᠨ ᠳᠤ ᠪᠠᠨ ᠬᠦᠳᠡᠯᠭᠡᠨ ᠲᠤᠬᠢᠶ᠎ᠠ ᠦᠭᠳᠡᠭ ᠨᠢ ᠦᠨᠡᠭᠡᠷ ᠬᠠᠶᠢᠷᠠᠯᠠᠯᠳᠠᠢ | ᠪᠢᠯᠠ᠃ ᠮᠦᠨ ᠴᠤ ᠠᠰᠠᠭᠤᠳᠠᠯ ᠢ ᠰᠢᠢᠳᠪᠤᠷᠢᠯᠡᠬᠦ ᠰᠡᠳᠤᠪ ᠢ ᠰᠠᠮᠪᠠᠷ᠎ᠠ ᠳᠤ ᠭᠠᠷᠭᠠᠵᠤ ᠬᠢᠬᠦ ᠳᠤ ᠪᠠᠨ ᠶᠡᠭᠡ | ᠵᠤᠷᠢᠭ ᠲᠠᠢ ᠲᠦᠢᠯ ᠤᠨ ᠰᠠᠶᠢᠬᠠᠨ ᠲᠤᠭᠠᠴᠢᠨ ᠶᠠᠷᠢᠵᠤ ᠴᠢᠳᠠᠳᠠᠭ ᠪᠤᠯᠤᠬᠰᠠᠨ ᠶᠤᠮ᠃ ᠡᠨᠡ ᠮᠡᠳᠤ ᠪᠠᠷ ᠪᠢ | ᠦᠪᠠᠷ ᠤᠨ ᠬᠢᠴᠢᠶᠠᠯᠯᠡᠵᠤ ᠪᠠᠶᠢᠭ᠎ᠠ ᠵᠠᠷᠭᠡᠯᠡᠳᠡᠭᠡ ᠬᠤᠶᠠᠷ ᠠᠩᠬᠢ ᠶᠢᠨ ᠢᠶᠠᠨ ᠰᠤᠷᠤᠯᠭ᠎ᠠ ᠶᠢᠨ ᠲᠠᠯ᠎ᠠ ᠪᠠᠷ | ᠬᠤᠴᠤᠷᠤᠩᠭᠤᠢ ᠪᠠᠶᠢᠳᠠᠭ ᠰᠤᠷᠤᠬᠴᠢ ᠲᠠᠢ ᠦᠷᠬᠦᠯᠵᠢ ᠦᠢᠷᠡᠳᠤᠵᠤ᠂ ᠲᠠᠳᠠᠨ ᠲᠠᠢ ᠨᠠᠭᠠᠳᠴᠤ᠂ ᠲᠠᠳᠠᠨ ᠢ | ᠵᠤᠷᠢᠬᠵᠢᠭᠤᠯᠵᠤ᠂ ᠦᠬᠦᠭᠡᠷᠳᠤᠵᠤ᠂ ᠪᠠᠶᠠᠷ ᠬᠦᠷᠭᠡᠵᠤ᠂ ᠡᠳᠡᠭᠡᠷ ᠰᠤᠷᠤᠬᠴᠢ ᠳᠤ ᠪᠤᠰᠤᠳ ᠭᠡᠤᠭᠡᠳ ᠠᠴᠠ ᠢᠯᠡᠬᠦᠤ | ᠨᠢᠭᠡ ᠴᠤ ᠰᠡᠳᠤᠪ ᠬᠢᠯᠭᠡᠵᠤ ᠤᠷᠤᠯᠳᠤᠬᠰᠠᠨ ᠦᠭᠡᠢ ᠪᠠᠶᠢᠳᠠᠯ ᠲᠤᠤᠷ᠎ᠠ ᠬᠠᠶᠢᠷ᠎ᠠ ᠶᠢᠨ ᠬᠦᠮᠤᠵᠢᠯ ᠢᠶᠠᠷ ᠲᠠᠮᠵᠢᠨ | ᠬᠤᠴᠤᠷᠤᠩᠭᠤᠢ ᠪᠠᠶᠢᠭ᠎ᠠ ᠬᠡᠤᠭᠡᠳ ᠤᠳ ᠮᠢᠨᠢ ᠰᠤᠷᠤᠯᠭ᠎ᠠ ᠶᠢᠨ ᠬᠢᠷᠢ ᠪᠦᠳᠤᠮᠵᠢ ᠨᠢ ᠮᠡᠳᠡᠭᠳᠡᠮ᠎ᠠ | ᠲᠡᠭᠡᠭᠰᠢᠯᠡᠯᠳᠠ ᠲᠠᠢ ᠪᠤᠯᠵᠤ ᠴᠢᠳᠠᠭᠰᠠᠨ ᠢᠶᠠᠷ ᠪᠠᠷᠠᠬᠤ ᠦᠭᠡᠢ ᠰᠤᠷᠤᠯᠴᠠᠬᠤ ᠦᠵᠡᠯ ᠰᠠᠨᠠᠭ᠎ᠠ᠂ ᠤᠪᠤᠷ ᠰᠤᠷᠳᠠᠯ ᠤᠨ | ᠲᠠᠯ᠎ᠠ ᠪᠠᠷ ᠰᠢᠨ᠎ᠠ ᠨᠢᠭᠡᠨ ᠲᠡᠭᠳᠡᠷ ᠲᠤ ᠬᠦᠷᠴᠤ ᠴᠢᠳᠠᠭᠰᠠᠨ ᠪᠠᠶᠢᠨ᠎ᠠ᠃ | ᠬᠤᠶᠠᠷ᠂ ᠬᠠᠶᠢᠷ᠎ᠠ ᠶᠢᠨ ᠬᠦᠮᠤᠵᠢᠯ ᠤᠨ ᠦᠢᠯᠡᠳᠤᠯ ᠢ ᠪᠠᠳᠠᠷᠠᠭᠤᠯᠬᠤ ᠦᠢᠯᠠᠭᠠᠯᠳᠠ | ᠬᠠᠶᠢᠷ᠎ᠠ ᠶᠢᠨ ᠬᠦᠮᠤᠵᠢᠯ ᠨᠢ ᠬᠤᠴᠤᠷᠤᠩᠭᠤᠢ ᠰᠤᠷᠤᠬᠴᠢᠳ ᠤᠨ ᠰᠤᠷᠤᠯᠭ᠎ᠠ ᠶᠢᠨ ᠬᠢᠷᠢ ᠭᠡᠮᠵᠢᠶ᠎ᠠ ᠶᠢ | ᠦᠳᠳᠠᠷ ᠲᠦᠷᠭᠡᠨ ᠲᠡᠭᠡᠭᠰᠢᠯᠡᠬᠦᠯᠬᠦ ᠮᠠᠰᠢ ᠪᠦᠳᠤᠮᠵᠢᠳᠠᠢ ᠭᠠᠶᠢᠬᠠᠮᠰᠢᠭ ᠲᠠᠢ ᠠᠷᠭ᠎ᠠ ᠪᠠᠷᠢᠯ ᠪᠤᠯᠬᠤ ᠶᠢ ᠪᠢ ᠲᠠᠨᠢᠵᠤ | ᠤᠢᠢᠯᠠᠭᠠᠪᠠ᠃ | 1. ᠬᠠᠶᠢᠷ᠎ᠠ ᠢᠪᠡᠭᠡᠯ ᠪᠤᠯ ᠬᠤᠴᠤᠷᠤᠩᠭᠤᠢ ᠰᠤᠷᠤᠬᠴᠢᠳ ᠤᠨ ᠰᠤᠷᠤᠯᠭ᠎ᠠ ᠶᠢ ᠲᠡᠭᠡᠭᠰᠢᠯᠡᠬᠦᠯᠬᠦ ᠰᠦᠨᠡᠰᠤ | ᠮᠦᠨ᠃ ᠶᠠᠷᠤ ᠶᠢᠨ ᠦᠭᠡᠨ ᠳᠤ ᠠᠮᠢᠳᠤᠷᠠᠯ ᠬᠠᠶᠢᠷ᠎ᠠ ᠲᠡᠭᠡᠷ᠎ᠠ ᠲᠤᠬᠳᠠᠳᠠᠭ ᠭᠡᠵᠤ ᠶᠠᠷᠢᠳᠠᠭ᠃ ᠰᠤᠷᠭᠠᠨ ᠬᠦᠮᠤᠵᠢᠯ | ᠴᠤ ᠮᠦᠨ ᠨᠢᠭᠡᠨ ᠬᠠᠶᠢᠷ᠎ᠠ ᠪᠠᠷ ᠦᠨᠳᠤᠰᠤ ᠪᠤᠯᠭᠠᠵᠤ ᠬᠠᠶᠢᠷ᠎ᠠ ᠲᠡᠭᠡᠷ᠎ᠠ ᠲᠤᠬᠳᠠᠳᠠᠭ᠃ ᠠᠯᠳᠠᠷᠳᠤ ᠡᠷᠳᠡᠮᠳᠠᠨ | ᠠᠶᠢᠠᠰᠲ᠋ᠧᠨ ᠭᠡᠯᠡᠬᠦ ᠳᠤ ᠪᠠᠨ᠄ ︽ᠭᠠᠭᠴᠠ ᠭᠦ ᠬᠠᠶᠢᠷ᠎ᠠ ᠪᠤᠯ ᠰᠠᠶ᠋ᠢ ᠬᠠᠮᠤᠭ ᠤᠨ ᠰᠠᠶᠢᠨ ᠪᠠᠭᠰᠢ ᠮᠦᠨ᠂ ᠲᠠᠷᠠ ᠨᠢ | ᠬᠠᠷᠢᠭᠤᠴᠠᠯᠭ᠎ᠠ ᠠᠴᠠ ᠬᠤᠯᠠ ᠲᠠᠪᠠᠳᠠᠭ ᠶᠤᠮ︾ ᠭᠡᠰᠡᠨ ᠪᠦᠭᠡᠳ ᠠᠭᠤᠤ ᠶᠡᠭᠡ ᠤᠳᠬ᠎ᠠ ᠵᠤᠬᠢᠶᠠᠯᠴᠢ ᠯᠤ᠋ ᠰᠢᠶᠦ᠋ᠨ | ᠪᠠᠰᠠ᠄ ︽ᠰᠤᠷᠭᠠᠨ ᠬᠦᠮᠤᠵᠢᠯ ᠨᠢ ᠬᠠᠶᠢᠷ᠎ᠠ ᠪᠠᠷ ᠦᠨᠳᠤᠰᠤᠯᠠᠵᠤ ᠤᠷᠭᠤᠳᠠᠭ ᠶᠤᠮ︾ ᠭᠡᠵᠤ ᠭᠡᠯᠡᠭᠰᠡᠨ ᠨᠢ | ᠭᠡᠴᠢᠨᠡᠭᠡᠨ ᠤᠨᠤᠪᠴᠢᠳᠠᠢ ᠦᠭᠡ ᠪᠤᠯᠬᠤ ᠠᠵᠢ᠃ ᠪᠠᠭᠰᠢ ᠪᠤᠯᠤᠬᠰᠠᠳ ᠦᠪᠠᠷᠰᠠᠳ ᠢᠶᠠᠨ ᠦᠢ ᠤᠯᠠᠨ ᠬᠦᠮᠤᠨ ᠤ | ᠦᠷ᠎ᠠ ᠬᠡᠤᠭᠡᠳ ᠢ ᠬᠦᠮᠤᠵᠢᠬᠦᠯᠬᠦ ᠲᠡᠭᠡᠳᠤ ᠭᠡᠮᠵᠢᠶᠠᠨ ᠤ ᠬᠠᠷᠢᠭᠤᠴᠠᠯᠭ᠎ᠠ ᠪᠠᠶᠢᠬᠤ ᠶᠤᠰᠤᠳᠠᠢ᠃ ᠦᠷᠤᠴᠡ | ᠴᠡᠭᠡᠵᠢᠨ ᠳᠤ ᠪᠠᠨ ᠶᠡᠭᠡ ᠬᠠᠶᠢᠷ᠎ᠠ ᠠᠭᠤᠯᠵᠣ ᠲᠠᠬᠦᠨ ᠢ ᠰᠤᠷᠤᠬᠴᠢᠳ ᠲᠤ ᠬᠦᠷᠭᠡᠬᠦ ᠭᠡᠷᠡᠭᠳᠠᠢ ᠪᠠᠶᠢᠳᠠᠭ ᠶᠤᠮ᠃ | 2. ᠬᠠᠶᠢᠷ᠎ᠠ ᠢᠪᠡᠭᠡᠯ ᠤᠨ ᠡᠬᠢ ᠰᠤᠷᠪᠤᠯᠵᠢ ᠪᠤᠯ ᠪᠠᠭᠰᠢ ᠬᠦᠮᠤᠨ ᠤ ᠦᠪᠠᠷ ᠢ ᠪᠠᠨ ᠮᠠᠷᠳᠠᠨ | ᠰᠤᠷᠤᠬᠴᠢᠳ ᠤᠨ ᠲᠦᠯᠤᠭᠡ ᠵᠢᠳᠬᠦᠬᠦ ᠡᠷᠬᠢᠮ ᠲᠡᠭᠡᠳᠤ ᠰᠤᠷᠳᠠᠯ ᠠᠴᠠ ᠤᠨᠳᠤᠷᠤᠨ ᠢᠷᠡᠳᠡᠭ᠃ ᠪᠠᠭᠰᠢ ᠬᠦᠮᠤᠨ | ᠬᠤᠴᠤᠷᠤᠩᠭᠤᠢ ᠰᠤᠷᠤᠬᠴᠢᠳ ᠢᠶᠠᠨ ᠬᠠᠶᠢᠷᠠᠯᠠᠬᠤ ᠳᠤ ᠬᠠᠷᠠᠮᠴᠢ ᠰᠡᠳᠬᠢᠯ᠂ ᠬᠤᠪᠢᠨᠴᠢᠷ ᠰᠡᠳᠬᠢᠯ ᠢ ᠡᠷᠡᠰ | ᠲᠠᠪᠴᠢᠬᠦ ᠭᠡᠷᠡᠭᠳᠠᠢ᠂ ᠭᠡᠷᠪᠡ ᠠᠮᠢᠨᠴᠢᠷ ᠬᠤᠪᠢᠨᠴᠢᠷ ᠰᠡᠳᠬᠢᠯ ᠲᠠᠢ ᠶᠤᠮ ᠪᠤᠯ ᠰᠡᠳᠬᠢᠯ ᠵᠢᠷᠤᠭᠡᠨ ᠤ ᠬᠦᠨ ᠳᠠᠬᠢ | ᠬᠠᠶᠢᠷ᠎ᠠ ᠰᠡᠳᠬᠢᠯᠭᠡ ᠨᠢ ᠠᠶᠠᠨᠳᠠᠭᠠᠨ ᠤᠨᠳᠤᠷᠤᠨ ᠭᠠᠷᠴᠤ ᠢᠷᠡᠬᠦ ᠦᠭᠡᠢ᠂ ᠶᠠᠮᠠᠷ ᠨᠢᠭᠡᠨ ᠡᠬᠦᠷᠭᠡ ᠪᠠᠶᠠᠯᠠᠬᠦᠯᠬᠦ᠂ | ᠠᠯᠪᠠᠳᠠᠯᠭ᠎ᠠ ᠶᠢᠨ ᠴᠢᠨᠠᠷ ᠲᠠᠢ᠂ ᠡᠰᠡᠬᠦᠯ᠎ᠠ ᠨᠠᠷᠠ ᠲᠦᠷᠤ ᠶᠢᠨ ᠲᠦᠯᠤᠭᠡ᠂ ᠠᠰᠢᠭ ᠬᠤᠵᠢᠶ᠎ᠠ ᠤᠯᠬᠤ ᠨᠠᠵᠠᠭᠠᠢ | ᠬᠤᠶᠢᠷᠭᠤ ᠰᠡᠳᠬᠢᠴᠡ ᠲᠠᠢ ᠶᠤᠮ ᠪᠤᠯ ᠬᠠᠶᠢᠷ᠎ᠠ ᠠᠶᠠᠨᠳᠠᠭᠠᠨ ᠤᠨᠳᠤᠷᠤᠨ ᠭᠠᠷᠬᠤ ᠦᠭᠡᠢ᠂ ᠵᠤᠬᠢᠶᠠᠮᠠᠯ ᠴᠢᠨᠠᠷ ᠲᠠᠢ | ᠲᠣᠭᠯᠠᠭᠴᠢ ᠶᠢᠨ ᠬᠠᠭᠤᠷᠮᠠᠭ ᠶᠠᠩᠵᠤ ᠲᠠᠢ ᠪᠤᠯᠴᠢᠬᠠᠬᠤ ᠮᠠᠭᠠᠳ᠂ ᠡᠶᠢᠮᠤᠷᠬᠦᠤ ᠨᠠᠵᠠᠭᠠᠢ ᠰᠡᠳᠬᠢᠴᠡ ᠠᠴᠠ | ᠲᠠᠭᠠᠭᠤᠯᠤᠬᠴᠢ ᠬᠦᠮᠤᠨ ᠤ ᠦᠢᠯᠡᠳᠤᠯ ᠨᠢ ᠲᠤᠷᠤᠢ ᠪᠠᠭᠤᠷᠠᠢ ᠪᠤᠯᠵᠤ᠂ ᠬᠠᠶᠢᠷ᠎ᠠ ᠶᠢᠨ ᠤᠨᠳᠤᠷᠤᠯ ᠨᠢ ᠬᠢᠵᠠᠭᠠᠷ ᠲᠠᠢ | ᠪᠤᠯ ᠬᠤᠴᠤᠷᠤᠩᠭᠤᠢ ᠰᠤᠷᠤᠬᠴᠢᠳ ᠨᠢ ᠤᠷᠭᠤᠵᠤ ᠪᠠᠶᠢᠭ᠎ᠠ ᠨᠢᠯᠬ᠎ᠠ ᠬᠤᠸᠠᠷ ᠴᠡᠴᠡᠭ ᠮᠠᠳᠤ ᠪᠠᠷ ᠬᠤᠷ᠎ᠠ ᠪᠤᠷᠤᠭᠠᠨ | ᠨᠠᠷᠠᠨ ᠤ ᠭᠡᠷᠡᠯ ᠲᠤᠳᠠᠭᠳᠠᠵᠤ᠂ ᠠᠮᠢᠵᠢᠷᠠᠯ ᠠᠯᠳᠠᠬᠤ ᠪᠤᠯᠤᠨ᠎ᠠ᠃ | 3. ᠬᠠᠶᠢᠷ᠎ᠠ ᠢᠪᠡᠭᠡᠯ ᠪᠤᠯ ᠢᠳᠡᠭᠡᠯ ᠪᠠ ᠰᠦᠰᠤ ᠵᠤᠷᠢᠭ ᠢᠶᠠᠷ ᠬᠦᠴᠤᠨ ᠢᠶᠠᠨ ᠨᠡᠮᠡᠭᠳᠡᠬᠦᠯᠳᠡᠭ᠃ ᠪᠠᠭᠰᠢ | ᠪᠤᠯᠤᠬᠰᠠᠳ ᠬᠤᠴᠤᠩᠭᠤᠢ ᠰᠤᠷᠤᠬᠴᠢ ᠪᠠᠨ ᠤᠷᠤᠬᠰᠢᠯᠠᠨ ᠲᠠᠪᠰᠢᠭᠤᠯᠬᠤ ᠳᠤ ᠬᠠᠮᠤᠭ ᠤᠨ ᠲᠡᠷᠢᠬᠦᠨ ᠳᠤ | ᠦᠪᠠᠷ ᠤᠨ ᠪᠠᠶ᠎ᠠ ᠳᠤ ᠪᠠᠨ ᠢᠳᠡᠭᠡᠯ ᠪᠠ ᠰᠦᠰᠤ ᠵᠤᠷᠢᠭ ᠲᠠᠢ ᠪᠠᠶᠢᠬᠤ ᠭᠡᠷᠡᠭᠳᠠᠢ᠃ ᠤᠳᠤ ᠦᠶ᠎ᠠ ᠶᠢᠨ | ᠰᠡᠳᠭᠢᠴᠡ ᠶᠢᠨ ᠵᠦᠢ ᠶᠢᠨ ᠰᠤᠳᠤᠯᠤᠬᠰᠠᠨ ᠢᠶᠠᠷ ᠬᠦᠮᠤᠨ ᠤ ᠡᠷᠡᠬᠦᠯ ᠮᠡᠨᠳᠤ ᠡᠰᠡᠬᠦ ᠨᠢ ᠪᠦᠷ ᠬᠦᠮᠤᠨ ᠤ | ᠢᠳᠡᠭᠡᠯ ᠲᠠᠢ ᠰᠢᠭᠤᠳ ᠬᠤᠯᠪᠤᠭ᠎ᠠ ᠲᠠᠢ ᠪᠠᠶᠢᠳᠠᠭ ᠤᠨ ᠠᠳᠠᠯᠢ ᠪᠠᠷ ᠪᠢᠳᠠ ᠬᠤᠴᠤᠷᠤᠩᠭᠤᠢ ᠰᠤᠷᠤᠬᠴᠢ ᠪᠠᠨ | ᠲᠠᠪᠰᠢᠭᠤᠯᠬᠤ ᠳᠤ ᠪᠡᠶ᠎ᠠ ᠳᠤ ᠪᠠᠨ ᠪᠠᠳᠤ ᠢᠳᠡᠭᠡᠯ ᠲᠠᠢ ᠪᠠᠶᠢᠬᠤ ᠭᠡᠷᠡᠭᠳᠠᠢ᠃ ᠪᠠᠳᠤ ᠴᠢᠩᠭ᠎ᠠ ᠢᠳᠡᠭᠡᠯ ᠤᠨ ᠲᠠᠭᠠᠤ | ᠭᠤᠶᠢᠪᠢᠰᠢ ᠦᠭᠡᠢ ᠰᠦᠰᠤ ᠵᠤᠷᠢᠭ ᠪᠠᠶᠢᠬᠤ ᠴᠢᠬᠤᠯᠠᠳᠠᠢ᠃ ᠡᠨᠡ ᠨᠢ ᠬᠠᠶᠢᠷ᠎ᠠ ᠢᠪᠡᠭᠡᠯ ᠢ ᠲᠠᠰᠤᠷᠠᠰᠢ ᠦᠭᠡᠢ | ᠤᠨᠳᠤᠷᠤᠭᠤᠯᠬᠤ ᠴᠠᠬᠢᠯᠭᠠᠨ ᠴᠠᠨᠡᠭ ᠲᠠᠢ ᠠᠳᠠᠯᠢᠬᠠᠨ ᠪᠠᠶᠢᠳᠠᠭ᠃ | 4. ᠬᠠᠶᠢᠷ᠎ᠠ ᠢᠪᠡᠭᠡᠯ ᠨᠢ ᠬᠤᠴᠤᠷᠤᠩᠭᠤᠢ ᠰᠤᠷᠤᠬᠴᠢᠳ ᠢ ᠵᠠᠩᠳᠤᠷᠴᠤ ᠠᠬᠰᠤᠷᠤᠨ ᠲᠠᠷᠤᠯᠳᠠ ᠦᠵᠡᠬᠦᠯᠬᠦ | ᠬᠠᠷᠰᠢᠯᠠᠯ ᠤᠴᠠᠷᠠᠭᠤᠯᠳᠠᠭ ᠪᠢᠰᠢ᠂ ᠪᠠᠭᠰᠢ ᠬᠡᠤᠭᠡᠳ ᠢ ᠵᠠᠩᠳᠤᠷᠴᠤ ᠠᠬᠰᠤᠷᠬᠤ᠂ ᠬᠠᠳᠠᠭᠤ ᠪᠠᠷ ᠠᠯᠪᠠᠳᠠᠨ | ᠰᠢᠬᠦᠮᠵᠢᠯᠡᠬᠦ ᠡᠰᠡᠬᠦᠯ᠎ᠠ ᠰᠦᠷᠳᠡᠬᠦᠯᠬᠦ ᠨᠢ ᠪᠠᠭᠰᠢ ᠶᠢᠨ ᠬᠠᠶᠢᠷ᠎ᠠ ᠢᠪᠡᠭᠡᠯ ᠢ ᠬᠠᠷᠰᠢᠯᠡᠵᠤ᠂ ᠪᠠᠭᠰᠢ ᠰᠤᠷᠤᠬᠴᠢᠳ ᠢ | ᠡᠰᠡᠷᠬᠦᠴᠡᠯᠳᠤᠬᠦ ᠪᠠᠶᠢᠳᠠᠯ ᠳᠤ ᠤᠷᠤᠭᠤᠯᠵᠤ ᠵᠢᠭᠠᠨ ᠰᠤᠷᠭᠠᠯᠳᠠ ᠶᠢᠨ ᠦᠷ᠎ᠠ ᠠᠰᠢᠭ ᠤᠯᠵᠤ ᠴᠢᠳᠠᠬᠤ ᠦᠭᠡᠢ᠂ | ᠹᠢᠽᠢᠺ ᠤᠨ ᠬᠢᠴᠢᠶᠠᠯ ᠤᠨ ᠬᠦᠴᠤᠨ ᠤ ᠤᠬᠠᠭᠠᠨ ᠳᠤ ᠨᠢᠭᠡᠨ ᠪᠠᠶ᠎ᠠ ᠳᠤ ᠬᠦᠴᠤ ᠦᠢᠯᠡᠴᠢᠯᠡᠬᠦ ᠳᠤ ᠲᠠᠬᠦᠨ ᠲᠠᠢ | ᠠᠳᠠᠯᠢ ᠭᠡᠮᠵᠢᠶᠠᠨ ᠤ ᠡᠰᠡᠷᠬᠦ ᠬᠦᠴᠤᠨ ᠡᠬᠦᠰᠬᠦ ᠶᠢ ᠮᠡᠳᠡᠨ᠎ᠠ᠃ ᠭᠡᠷᠪᠡ ᠪᠢᠳᠠ ᠰᠤᠷᠤᠬᠴᠢᠳ ᠢᠶᠠᠨ ᠬᠦᠴᠤ ᠪᠠᠷ | ᠲᠠᠷᠤᠬᠤ᠂ ᠬᠠᠳᠠᠭᠤ ᠵᠢᠮᠠᠯᠠᠬᠦ᠂ ᠴᠢᠨᠠᠭᠰᠢᠯᠠᠪᠠᠯ ᠠᠶᠤᠯᠭᠠᠵᠤ ᠰᠦᠷᠳᠡᠬᠦᠯᠬᠦ ᠠᠷᠭ᠎ᠠ ᠭᠡᠷᠡᠭᠯᠡᠬᠦ ᠶᠤᠮ ᠪᠤᠯ ᠴᠢ ᠰᠠᠶᠢᠨ | ᠪᠤᠯᠭᠠᠨ᠎ᠠ ᠭᠡᠵᠤ ᠪᠤᠳᠤᠬᠰᠠᠨ ᠤ ᠪᠠᠨ ᠡᠰᠡᠷᠬᠦ ᠮᠠᠭᠤ ᠦᠷ᠎ᠠ ᠳ᠋ᠦᠩ ᠢ ᠠᠪᠴᠢᠷᠠᠨ᠎ᠠ᠂ ᠪᠠᠭᠰᠢ ᠠᠷᠪᠠᠨ ᠬᠤᠪᠢ ᠶᠢᠨ | ᠬᠦᠴᠤ ᠪᠠᠷ ᠲᠠᠷᠤᠵᠤ ᠵᠢᠮᠡᠯᠡᠬᠦ ᠳᠤ ᠰᠤᠷᠤᠬᠴᠢᠳ ᠤᠨ ᠰᠡᠳᠬᠢᠴᠡ ᠠᠴᠠ ᠠᠷᠪᠠᠨ ᠬᠤᠪᠢ ᠶᠢᠨ ᠡᠰᠡᠷᠬᠦ ᠴᠢᠭᠯᠡᠯ ᠲᠠᠢ | ᠬᠦᠴᠤ ᠢᠷᠡᠬᠦ ᠪᠤᠯᠤᠨ᠎ᠠ᠂ ᠰᠤᠷᠤᠬᠴᠢ ᠤᠯᠠᠮ ᠵᠦᠷᠢᠴᠡᠯᠳᠤᠵᠤ ᠤᠯᠠᠮ ᠠᠭᠤᠷᠯᠠᠵᠤ᠂ ᠶᠠᠮᠠᠷ ᠰᠡᠳᠤᠪ ᠢᠶᠠᠨ ᠲᠦᠷᠭᠡᠨ | ᠪᠦᠭᠡᠳ ᠵᠦᠪ ᠪᠤᠳᠤᠬᠤ ᠪᠢᠯᠠ᠃ | 5. ᠬᠠᠶᠢᠷ᠎ᠠ ᠢᠪᠡᠭᠡᠯ ᠳᠤ ᠤᠯᠠᠨ ᠵᠦᠢᠯ ᠤᠨ ᠭᠡᠯᠪᠠᠷᠢ ᠪᠠᠶᠢᠳᠠᠭ᠃ ᠰᠤᠷᠤᠭᠴᠢ ᠶᠢ ᠬᠠᠶᠢᠷᠠᠯᠠᠬᠤ ᠭᠡᠯᠪᠠᠷᠢ | ᠴᠤ ᠤᠯᠠᠨ ᠵᠦᠢᠯ ᠪᠠᠶᠢᠳᠠᠭ᠃ ᠪᠢᠳᠠ ᠬᠤᠴᠤᠷᠤᠩᠭᠤᠢ ᠰᠤᠷᠤᠬᠴᠢᠳ ᠲᠠᠢ ᠨᠠᠶᠢᠵᠠ ᠪᠤᠯᠵᠤ᠂ ᠦᠪᠠᠷ ᠤᠨ | ᠭᠡᠣᠭᠡᠳ ᠲᠠᠢ ᠪᠠᠨ ᠠᠳᠠᠯᠢ ᠪᠠᠷ ᠬᠠᠶᠢᠷᠠᠯᠠᠵᠤ᠂ ᠨᠠᠩ ᠴᠢᠨᠠᠭᠰᠢᠯᠠᠪᠠᠯ ᠦᠪᠠᠷ ᠤᠨ ᠬᠡᠤᠭᠡᠳ ᠠᠴᠠ ᠪᠠᠨ ᠢᠯᠡᠬᠦᠤ | ᠬᠠᠶᠢᠷᠠᠯᠠᠬᠤ ᠭᠡᠷᠡᠭᠳᠠᠢ ᠪᠠᠶᠢᠳᠠᠭ᠃ ᠨᠢᠳᠤ ᠪᠤᠯ ᠰᠡᠳᠬᠢᠯ ᠤᠨ ᠴᠤᠩᠬᠤ ᠪᠤᠯᠳᠠᠭ᠂ ᠪᠢᠳᠠ ᠰᠤᠷᠤᠬᠴᠢᠳ ᠢᠶᠠᠨ | ᠬᠠᠶᠢᠷ᠎ᠠ ᠶᠢᠨ ᠬᠠᠯᠠᠭᠤᠨ ᠨᠢᠳᠤ ᠪᠠᠷ ᠰᠢᠷᠳᠡᠨ ᠪᠠᠭ᠋ᠠᠷᠬᠠᠵᠤ ᠪᠤᠯᠤᠨ᠎ᠠ᠂ ᠦᠭᠡ ᠪᠤᠯ ᠰᠡᠳᠬᠢᠯ ᠤᠨ ᠲᠠᠭᠤᠨ ᠴᠤᠤᠷᠢᠶ᠎ᠠ | ᠮᠦᠨ᠂ ᠪᠢᠳᠠ ᠰᠤᠷᠤᠬᠴᠢᠳ ᠢᠶᠠᠨ ᠦᠷᠬᠦᠯᠵᠢ ᠮᠠᠭᠳᠠᠨ ᠰᠠᠶᠢᠰᠢᠶᠠᠨ᠎ᠠ᠂ ᠪᠤᠰᠤᠳ ᠠᠴᠠ ᠦᠮᠦᠭᠯᠡᠨ ᠬᠠᠮᠠᠭᠠᠯᠠᠨ᠎ᠠ᠂ | ᠲᠤᠳᠤᠨᠤ ᠨᠠᠶᠢᠵᠠ ᠨᠢ ᠪᠤᠯᠤᠨ᠎ᠠ᠂ ᠲᠠᠰᠬᠠᠯ ᠤᠨ ᠴᠤᠬᠤᠯᠠᠪᠤᠷᠢ ᠪᠠᠷ ᠵᠤᠷᠢᠬᠵᠢᠭᠤᠯᠤᠨ᠎ᠠ᠂ ᠭᠠᠷᠠᠭ ᠤᠨ ᠤᠳᠤᠨ᠂ | ᠰᠠᠷ᠎ᠠ ᠶᠢᠨ ᠤᠳᠤᠳ᠂ ᠬᠤᠭᠤᠴᠠᠭᠠᠨ ᠤ ᠤᠳᠤᠨ ᠤ ᠱᠠᠩᠨᠠᠯ ᠤᠯᠭᠤᠨ᠎ᠠ᠂ ᠪᠢᠷ ᠲᠠᠪᠳᠠᠷ ᠴᠠᠭᠠᠰᠤ ᠬᠦᠷᠭᠡᠨ᠎ᠠ᠂ | ᠦᠪᠠᠷ ᠤᠨ ᠬᠡᠤᠭᠡᠳ ᠲᠠᠢ ᠬᠠᠮᠳᠤ ᠨᠠᠭᠠᠳᠤᠭᠤᠯᠵᠤ ᠲᠡᠯᠭᠡᠬᠦᠷ ᠲᠤᠭᠤᠷᠢᠭᠤᠯᠤᠨᠠ ᠁ ᠢᠩᠬᠢᠬᠦ ᠲᠤᠰᠤᠮ ᠪᠠᠭᠰᠢ | ᠬᠦᠮᠤᠨ ᠳᠤ ᠨᠢᠳᠤᠨ ᠳᠤ ᠦᠯᠤ ᠦᠵᠡᠭᠳᠡᠬᠦ ᠰᠡᠳᠬᠢᠯ ᠤᠨ ᠰᠤᠷᠢᠨᠵᠢᠨ ᠡᠬᠦᠰᠴᠤ᠂ ᠰᠤᠷᠤᠬᠴᠢᠳ ᠴᠤ ᠨᠠᠳᠠ ᠲᠠᠢ | ᠨᠠᠭᠠᠳᠬᠤ ᠭᠡᠳ ᠪᠠᠶ᠎ᠠ ᠪᠠᠶ᠎ᠠ ᠪᠠᠨ ᠲᠦᠯᠬᠢᠯᠴᠡᠨ ᠲᠠᠷᠭᠡᠳᠡᠭᠦᠷ ᠮᠢᠨᠢ ᠰᠠᠯᠤᠰᠢ ᠦᠭᠡᠢ ᠡᠷᠬᠢᠯᠳᠤᠭᠡᠳ ᠴᠠᠭᠠᠨ᠎ᠠ ᠪᠠᠨ | ᠨᠢᠭᠡ ᠯᠠ ᠬᠦᠭᠡᠷᠤᠬᠦᠨ ᠪᠠᠶᠢᠳᠠᠭ ᠨᠢ ᠠᠷᠭ᠎ᠠ ᠦᠭᠡᠢ ᠪᠠᠶᠠᠷ ᠪᠠᠶᠠᠰᠤᠯ ᠲᠦᠷᠦᠭᠳᠡᠳᠡᠭ᠃ ᠡᠩᠬᠦᠷᠡᠶᠢᠯᠡᠨ ᠬᠠᠶᠢᠷᠠᠯᠠᠬᠤ | ᠶᠠᠪᠤᠴᠠ ᠳᠤ ᠪᠠᠭᠰᠢ ᠪᠠ ᠰᠤᠷᠤᠬᠴᠢ ᠶᠢᠨ ᠬᠠᠷᠢᠴᠠᠭ᠎ᠠ ᠤᠯᠠᠮ ᠨᠢᠬᠳᠠᠷᠠᠨ ᠵᠤᠵᠠᠭᠠᠷᠠᠵᠤ ᠰᠦ ᠪᠠ ᠴᠠᠢ ᠰᠢᠬ | ᠤᠶᠠᠰᠤᠨ ᠠᠭᠤᠰᠴᠤ᠂ ᠰᠤᠷᠤᠭᠴᠢᠳ ᠢᠶᠠᠨ ᠰᠤᠷᠭᠠᠨ ᠬᠦᠮᠤᠵᠢᠬᠦᠯᠵᠤ ᠴᠢᠳᠠᠪᠤᠷᠢᠳᠠᠨ ᠪᠤᠯᠬᠤ ᠵᠠᠮ ᠢᠶᠠᠷ | ᠶᠠᠪᠤᠭᠤᠯᠬᠤ ᠵᠤᠷᠢᠯᠭ᠎ᠠ ᠳᠤ ᠪᠠᠨ ᠬᠦᠷᠴᠤ ᠪᠤᠯᠳᠠᠭ᠃ | ᠠᠵᠢᠯᠯᠠᠵᠤ ᠪᠠᠶᠢᠭ᠎ᠠ ᠪᠠᠶᠢᠭᠤᠯᠭ᠎ᠠ᠄ ᠭᠦᠪᠡᠭᠡᠳᠤ ᠰᠢᠷ᠎ᠠ ᠬᠤᠰᠢᠭᠤᠨ ᠤ | ᠨᠢᠭᠡᠳᠤᠭᠡᠷ ᠪᠠᠭ᠎ᠠ ᠰᠤᠷᠭᠠᠭᠤᠯᠢ | ︵ᠮᠦᠡᠭᠭᠦᠨᠴᠢᠮᠡᠭ ᠨᠠᠶᠢᠷᠠᠭᠤᠯᠪᠠ︶ | | | |