ᠲ᠊ · ᠱᠢᠷᠤᠨᠴᠢᠮᠡᠭ | | | | | ᠰᠠᠶᠢᠨ ᠰᠠᠶᠢᠬᠠᠨ ᠳᠠᠳᠬᠠᠯ ᠨᠢ ᠨᠢᠭᠡ ᠬᠦᠮᠤᠨ ᠤ ᠦᠰᠦᠯᠳᠠ ᠪᠤᠶᠢᠵᠢᠯᠳᠠ ᠳᠤ ᠭᠦᠨ ᠭᠦᠨᠵᠡᠭᠡᠢ ᠨᠦᠯᠦᠭᠡ | ᠦᠵᠠᠭᠦᠯᠳᠡᠭ᠃ ᠳᠠᠭᠡᠪᠠᠯ ᠰᠠᠶᠢᠨ ᠰᠠᠶᠢᠬᠠᠨ ᠳᠠᠳᠬᠠᠯ ᠬᠠᠮᠢᠭ᠎ᠠ ᠠᠴᠠ ᠢᠷᠡᠳᠡᠭ ᠪᠤᠢ︖ | ᠨᠢᠭᠡ᠂ ᠭᠡᠦᠭᠡᠳ ᠤᠨ ᠰᠠᠶᠢᠨ ᠳᠠᠳᠬᠠᠯ ᠲᠠᠢ ᠪᠤᠯᠵᠦ ᠬᠦᠮᠦᠵᠢᠭᠳᠡᠬᠦ ᠳᠤ ᠭᠡᠷ ᠪᠦᠯᠢ ᠶᠢᠨ ᠦᠵᠠᠬᠦᠯᠬᠦ | ᠨᠦᠯᠤᠭᠡ | ᠭᠡᠷ ᠪᠦᠯᠢ ᠶᠢᠨ ᠬᠦᠮᠤᠵᠢᠯ ᠨᠢ ᠭᠡᠦᠭᠡᠳ ᠤᠨ ᠰᠠᠶᠢᠨ ᠳᠠᠳᠬᠠᠯ ᠲᠠᠢ ᠪᠤᠯᠵᠦ ᠬᠦᠮᠦᠵᠢᠭᠳᠡᠬᠦ ᠳᠤ ᠬᠠᠮᠤᠭ ᠤᠨ | ᠦᠨᠳᠤᠰᠤᠨ ᠮᠦᠷᠳᠠᠭᠡᠨ ᠰᠢᠢᠳᠪᠤᠷᠢᠯᠠᠬᠦ ᠴᠢᠨᠠᠷ ᠲᠠᠢ ᠨᠦᠯᠦᠭᠡ ᠦᠵᠠᠭᠦᠯᠳᠡᠭ᠃ ︽ᠰᠤᠷᠤᠭᠰᠠᠠ ᠵᠠᠩ ᠢ ᠰᠤᠷ ᠢᠶᠠᠷ | ᠪᠤᠭᠤᠭᠠᠳ ᠳᠠᠶᠢᠯᠬᠦ ᠦᠭᠡᠢ︾ ᠭᠡᠳᠡᠭᠴᠢᠯᠠᠨ ᠭᠡᠤᠭᠡᠳ ᠤᠨ 0-3 ᠨᠠᠰᠤᠨ ᠤ ᠬᠤᠭᠤᠷᠤᠨᠳᠤ ᠪᠦᠷᠢᠯᠳᠦᠭᠰᠠᠠ ᠮᠠᠭᠤ | ᠮᠠᠭᠤᠬᠠᠢ ᠳᠠᠳᠬᠠᠯ ᠢ ᠬᠠᠯᠠᠨ ᠵᠠᠰᠠᠬᠤ ᠳᠤ ᠵᠤᠬᠢᠬᠤ ᠴᠠᠭ᠂ ᠵᠤᠬᠢᠬᠤ ᠬᠦᠴᠤ ᠵᠠᠷᠤᠴᠠᠭᠤᠯᠬᠤ ᠪᠤᠶᠤ ᠴᠢᠨᠠᠭᠰᠢᠯᠠᠪᠠᠯ | ᠬᠠᠯᠠᠨ ᠵᠠᠰᠠᠵᠦ ᠴᠢᠳᠠᠬᠤ ᠦᠭᠡᠢ ᠪᠠᠶᠢᠳᠠᠭ᠃ ᠡᠶᠢᠮᠤ ᠳᠤ ᠪᠠᠨ ᠰᠠᠶᠢᠨ ᠰᠠᠶᠢᠬᠠᠨ ᠳᠠᠳᠬᠠᠯ ᠨᠢ ᠨᠢᠭᠡ ᠬᠦᠮᠤᠨ ᠤ | ᠨᠠᠰᠤᠨ ᠳᠤᠷᠰᠢᠳᠠ ᠶᠢᠨ ᠦᠪᠯᠠᠵᠦ ᠶᠠᠪᠤᠬᠤ ᠡᠷᠬᠢᠮ ᠨᠠᠨᠳᠢᠨ ᠵᠦᠢᠯ ᠪᠠᠶᠢᠳᠠᠭ ᠭᠡᠵᠦ ᠦᠵᠠᠵᠦ ᠪᠠᠶᠢᠭ᠎ᠠ ᠶᠤᠮ᠃ | 1. ᠡᠴᠢᠭᠡ ᠡᠭᠡ ᠪᠤᠯᠤᠭᠰᠠᠳ ︽ᠴᠢᠬᠢ ᠵᠦᠭᠡᠯᠠᠨ︾ ᠭᠡᠦᠭᠡᠳ ᠬᠦᠮᠤᠵᠢᠬᠦᠯᠬᠦ ᠶᠢ ᠶᠠᠭᠤᠨ ᠳᠠᠷᠢᠬᠦᠨ ᠳᠤ | ᠠᠩᠬᠠᠷᠬᠤ | ᠮᠤᠩᠭᠤᠯᠴᠤᠳ ᠤᠤᠯ ᠠᠴᠠ ᠪᠠᠨ ᠠᠬᠠᠮᠠᠳ ᠪᠤᠭᠤᠷᠤᠯ ᠨᠢ ᠭᠡᠯᠠᠵᠦ᠂ ᠠᠩᠭ᠎ᠠ ᠪᠠᠭᠠᠴᠤᠤᠯ ᠨᠢ ᠰᠤᠨᠤᠰᠤᠨ | ᠵᠦᠪ ᠪᠤᠷᠤᠭᠤ ᠶᠢ ᠢᠯᠭᠠᠨ ᠳᠠᠨᠢᠬᠤ᠂ ᠪᠤᠰᠤᠳ ᠲᠠᠢ ᠬᠠᠷᠢᠯᠴᠠᠬᠤ᠂ ᠠᠬᠠᠮᠠᠳ ᠢᠶᠠᠨ ᠬᠦᠨᠳᠤᠯᠠᠬᠦ᠂ ᠡᠴᠢᠭᠡ | ᠡᠭᠡ ᠶᠢᠨ ᠢᠶᠠᠨ ᠦᠭᠡ ᠠᠴᠠ ᠵᠦᠷᠢᠬᠦ ᠦᠭᠡᠢ᠂ ᠤᠴᠢᠷ ᠶᠠᠪᠤᠳᠠᠯ ᠢ ᠵᠦᠪ ᠰᠢᠢᠳᠪᠤᠷᠢᠯᠠᠵᠦ ᠴᠢᠳᠠᠳᠠᠭ ᠭᠡᠦᠭᠡᠳ ᠢ | ᠬᠦᠮᠤᠵᠢᠬᠦᠯᠬᠦ ᠶᠢ ᠦᠶ᠎ᠠ ᠳᠠᠮᠵᠢᠨ ᠪᠠᠷᠢᠮᠳᠠᠯᠠᠭᠰᠠᠭᠠᠷ ᠢᠷᠡᠭᠰᠠᠠ ᠶᠤᠮ᠃ ᠡᠴᠢᠭᠡ ᠡᠭᠡ ᠶᠢᠨ ᠡᠷᠭᠡ ᠰᠦᠷ᠂ ᠪᠠᠶᠢᠷᠢ | ᠰᠠᠭᠤᠷᠢ ᠨᠢᠭᠡ ᠭᠡᠷ ᠪᠦᠯᠢ ᠳᠤ ᠶᠠᠮᠠᠷ ᠪᠠᠶᠢᠳᠠᠭ ᠢ ᠭᠡᠦᠭᠡᠳ ᠪᠠᠭ᠎ᠠ ᠠᠴᠠ ᠪᠠᠨ ᠦᠵᠠᠵᠦ ᠦᠰᠦᠭᠰᠠᠠ ᠢᠶᠠᠷ ᠬᠦᠨᠳᠤᠯᠠᠬᠦ᠂ | ᠳᠠᠭᠡᠳᠤᠯᠠᠬᠦ᠂ ᠬᠠᠶᠢᠷᠠᠯᠠᠬᠤ᠂ ᠬᠠᠯᠠᠮᠵᠢᠯᠠᠬᠤ ᠦᠪᠠᠷᠮᠢᠴᠠ ᠰᠠᠳᠬᠢᠯᠭᠡ ᠲᠠᠢ ᠬᠦᠮᠤᠨ ᠪᠤᠯᠵᠦ ᠬᠦᠮᠤᠵᠢᠳᠡᠭ | ᠪᠠᠶᠢᠨ᠎ᠠ᠃ ᠭᠡᠳᠠᠯ᠎ᠠ ᠤᠳᠤ ᠶᠢᠨ ᠭᠡᠦᠭᠡᠳ ᠶᠠᠭ ᠡᠬᠦᠨ ᠤ ᠡᠰᠠᠷᠬᠦ ᠡᠴᠢᠭᠡ ᠡᠭᠡ ᠶᠢᠨ ᠢᠶᠠᠨ ᠦᠭᠡ ᠶᠢ ᠤᠶᠢᠰᠢᠶᠠᠬᠤ | ᠦᠭᠡᠢ᠂ ᠠᠬᠠᠮᠠᠳ ᠪᠤᠭᠤᠷᠤᠯ ᠤᠨ ᠢᠶᠠᠨ ᠦᠭᠡ ᠶᠢ ᠴᠤ ᠢᠨᠢᠶᠠᠳᠤᠮ ᠱᠤᠭ ᠪᠤᠯᠭᠠᠨ ᠦᠩᠭᠡᠷᠠᠭᠡᠬᠦ ᠦᠵᠡᠭᠳᠠᠯ | ᠵᠦᠩᠳᠠᠭᠡᠨ ᠪᠤᠯᠤᠭᠰᠠᠠ᠃ ᠬᠠᠮᠳᠤ ᠨᠦᠬᠦᠳ ᠬᠤᠭᠤᠷᠤᠨᠳᠤ ᠪᠠᠨ ᠡᠶ᠎ᠡ ᠡᠪᠳᠠᠢ ᠬᠠᠷᠢᠯᠴᠠᠵᠦ ᠴᠢᠳᠠᠬᠤ ᠦᠭᠡᠢ | ᠭᠡᠷᠠᠬᠦᠯ ᠮᠠᠷᠭᠤᠭᠠᠨ ᠡᠬᠦᠰᠭᠡᠨ᠂ ᠭᠡᠷ ᠤᠨ ᠠᠬᠠᠮᠠᠳ ᠲᠤ ᠪᠠᠨ ᠭᠤᠮᠤᠳᠠᠯ ᠢᠶᠠᠨ ᠳᠤᠭᠠᠴᠢᠨ ᠡᠴᠢᠭᠡ ᠡᠭᠡ ᠪᠠᠷ ᠢᠶᠠᠨ | ᠳᠤᠰ ᠭᠡᠦᠭᠡᠳ ᠠᠴᠠ ︽ᠦᠰᠢᠶ᠎ᠠ︾ ᠠᠪᠤᠭᠤᠯᠤᠨ ᠬᠤᠶᠠᠷ ᠭᠡᠷ ᠪᠦᠯᠢ ᠶᠢᠨ ᠬᠤᠭᠤᠷᠤᠨᠳᠤᠬᠢ ᠵᠦᠷᠢᠴᠠᠯ | ᠮᠠᠷᠭᠤᠭᠠᠨ ᠢ ᠡᠬᠦᠰᠭᠡᠨ ᠨᠠᠶᠢᠭᠡᠮ ᠨᠠᠶᠢᠳᠠ ᠳᠤ ᠨᠠᠵᠠᠭᠠᠢ ᠨᠦᠯᠤᠭᠡ ᠳᠤᠰᠬᠠᠯ ᠲᠠᠢ ᠦᠵᠡᠭᠳᠠᠯ ᠪᠠᠶᠢᠩᠭᠤ ᠬᠠᠷᠠᠭᠳᠠᠬᠤ | ᠪᠤᠯᠤᠭᠰᠠᠠ ᠨᠢ ᠶᠠᠭ ᠯᠠ ︽ᠪᠢ ᠯᠠ ᠭᠡᠯᠠᠪᠠᠯ ᠳᠡᠭᠷᠢ ᠳᠤᠤᠭᠠᠷᠤᠭᠰᠠᠠ ᠠᠳᠠᠯᠢ︾ ᠦᠵᠠᠯ ᠪᠤᠳᠤᠯ ᠲᠠᠢ ᠪᠤᠯᠵᠦ | ᠬᠦᠮᠦᠵᠢᠭᠳᠡᠵᠦ ᠪᠠᠶᠢᠭ᠎ᠠ᠃ ᠡᠬᠦᠨ ᠤ ᠦᠷ᠎ᠠ ᠳ᠋ᠦᠩ ᠳᠤ ᠭᠡᠦᠭᠡᠳ ᠡᠴᠢᠭᠡ ᠡᠭᠡ᠂ ᠪᠠᠭᠰᠢ ᠠᠬᠠᠮᠠᠳ ᠠᠴᠠ | ᠪᠤᠷᠤᠭᠤ ᠶᠢ ᠨᠢ ᠰᠠᠨᠠᠭᠤᠯᠵᠦ ᠭᠡᠯᠠᠬᠦ ᠦᠭᠡ ᠶᠢ ᠴᠤ ᠬᠦᠯᠢᠶᠠᠨ ᠵᠦᠪᠰᠢᠶᠠᠷᠠᠵᠦ ᠳᠠᠶᠢᠯᠬᠦ ᠦᠭᠡᠢ ᠡᠰᠠᠷᠬᠦᠴᠠᠬᠦ | ᠴᠢᠨᠠᠭᠰᠢᠯᠠᠭᠠᠳ ᠠᠮᠢ ᠪᠠᠶ᠎ᠠ ᠪᠠᠨ ᠡᠴᠤᠰᠯᠠᠬᠦᠯᠬᠦ ᠬᠠᠷᠠᠰᠠᠯᠳᠤ ᠤᠴᠢᠷ ᠢ ᠴᠤ ᠦᠢᠯᠠᠳᠬᠦ ᠪᠤᠯᠤᠭᠰᠠᠠ᠃ ᠡᠨᠠ ᠨᠢ | ᠭᠡᠷ ᠤᠨ ᠠᠬᠠᠮᠠᠳ ᠭᠡᠦᠭᠡᠳ ᠢᠶᠠᠨ ᠠᠬᠠᠮᠠᠳ ᠳᠤᠮᠤᠭᠠᠳᠠᠨ᠂ ᠡᠴᠢᠭᠡ ᠡᠭᠡ ᠶᠢᠨ ᠢᠶᠠᠨ ᠦᠭᠡ ᠶᠢ ᠰᠤᠨᠤᠰᠬᠤ ︽ᠴᠢᠬᠢ | ᠵᠦᠭᠡᠯᠠᠨ︾ ᠭᠡᠦᠭᠡᠳ ᠪᠤᠯᠭᠠᠨ ᠬᠦᠮᠤᠵᠢᠬᠦᠯᠵᠦ ᠴᠢᠳᠠᠭᠰᠠᠠ ᠦᠭᠡᠢ ᠶᠢᠨ ᠢᠯᠠᠷᠠᠯ ᠪᠤᠯᠤᠨ᠎ᠠ᠃ ᠳᠠᠷᠤᠢ | ᠭᠡᠦᠭᠡᠳ ᠤᠨ ᠢᠶᠠᠨ ᠠᠶ᠎ᠠ ᠶᠢ ᠭᠡᠳᠤ ᠳᠠᠭᠠᠵᠦ᠂ ᠶᠠᠭᠠᠬᠢᠨ᠎ᠠ ᠭᠡᠪᠠᠯ ᠳᠠᠭᠡᠵᠦ᠂ ᠶᠠᠭᠤ ᠠᠪᠤᠨ᠎ᠠ᠂ ᠶᠠᠭᠤ ᠬᠢᠨ᠎ᠠ ᠭᠡᠬᠦ | ᠤᠴᠢᠷ ᠶᠠᠪᠤᠳᠠᠯ ᠪᠦᠬᠦᠨ ᠳᠤ ᠭᠡᠦᠭᠡᠳ ᠤᠨ ᠢᠶᠠᠨ ᠦᠭᠡ ᠶᠢ ᠰᠤᠨᠤᠰᠤᠨ᠂ ᠳᠠᠭᠡᠵᠦ ᠪᠤᠯᠬᠤ ᠦᠭᠡᠢ᠂ ᠢᠩᠬᠢᠵᠦ | ᠪᠤᠯᠬᠤ ᠦᠭᠡᠢ ᠭᠡᠬᠦ ᠵᠦᠪ ᠪᠤᠷᠤᠭᠤ ᠶᠢ ᠢᠯᠭᠠᠵᠦ ᠳᠠᠨᠢᠭᠤᠯᠤᠨ ᠭᠡᠯᠠᠵᠦ ᠰᠤᠷᠭᠠᠬᠤ ᠶᠢ ᠤᠮᠠᠷᠳᠠᠭᠰᠠᠠ ᠠᠴᠠ ᠪᠤᠯᠵᠦ | ᠭᠡᠦᠭᠡᠳ ᠤᠴᠢᠷ ᠶᠠᠪᠤᠳᠠᠯ ᠪᠦᠬᠦᠨ ᠳᠤ ᠵᠦᠪ ᠴᠤ ᠪᠤᠷᠤᠭᠤ ᠴᠤ ᠦᠪᠠᠷ ᠤᠨ ᠪᠤᠳᠤᠯ ᠢᠶᠠᠷ ᠢᠶᠠᠨ ᠶᠠᠪᠤᠬᠤ | ᠳᠠᠳᠬᠠᠯ ᠲᠠᠢ ᠪᠤᠯᠵᠦ ᠬᠦᠮᠦᠵᠢᠭᠳᠡᠵᠦ ᠪᠠᠶᠢᠭ᠎ᠠ᠃ ᠡᠶᠢᠮᠤ ᠠᠴᠠ ᠡᠴᠢᠭᠡ ᠡᠭᠡ ᠪᠤᠯᠤᠭᠰᠠᠳ ᠤᠨᠴᠠᠭᠠᠶᠢᠯᠠᠨ ᠵᠠᠯᠠᠭᠤ | ᠡᠴᠢᠭᠡ ᠡᠭᠡ ᠪᠤᠯᠤᠭᠰᠠᠳ ᠭᠡᠦᠭᠡᠳ ᠢᠶᠠᠨ ᠵᠦᠪ ᠪᠤᠷᠤᠭᠤ ᠶᠢ ᠢᠯᠭᠠᠨ ᠳᠠᠨᠢᠵᠦ ᠴᠢᠳᠠᠬᠤ᠂ ᠬᠦᠮᠤᠨ ᠤ ᠭᠡᠯᠠᠬᠦ ᠶᠢ | ᠰᠤᠨᠤᠰᠤᠨ ᠦᠪᠠᠷ ᠤᠨ ᠪᠤᠷᠤᠭᠤ ᠪᠠᠨ ᠮᠠᠳᠠᠷᠠᠵᠦ ᠬᠠᠯᠠᠵᠦ ᠵᠠᠰᠠᠵᠦ ᠴᠢᠳᠠᠬᠤ᠂ ᠪᠤᠰᠤᠳ ᠲᠠᠢ ᠡᠶ᠎ᠡ ᠡᠪᠳᠠᠢ | ᠬᠠᠷᠢᠯᠴᠠᠨ ᠪᠦᠯᠬᠦᠮᠳᠠᠵᠦ ᠴᠢᠳᠠᠬᠤ ᠭᠡᠦᠭᠡᠳ ᠪᠤᠯᠭᠠᠨ ᠬᠦᠮᠤᠵᠢᠬᠦᠯᠬᠦ ᠶᠢ ᠠᠩᠬᠠᠷᠤᠨ᠂ ︽ᠬᠠᠶᠢᠷᠠᠯᠠᠵᠦ | ᠬᠦᠮᠤᠵᠢᠬᠦᠯᠤᠨ᠎ᠠ︾ ᠭᠡᠬᠦ ᠬᠤᠶᠠᠷ ᠦᠭᠡ ᠶᠢᠨ ᠤᠳᠬ᠎ᠠ ᠠᠭᠤᠯᠭ᠎ᠠ ᠶᠢ ᠬᠦᠢᠴᠠᠳ ᠤᠶᠢᠯᠠᠭᠠᠨ᠂ ᠭᠠᠭᠴᠠ | ᠬᠠᠶᠢᠷᠠᠯᠠᠭᠠᠳ ᠬᠦᠮᠤᠵᠢᠬᠦᠯᠬᠦ ᠡᠬᠦᠷᠭᠡ ᠪᠠᠨ ᠳᠠᠶᠠᠭᠳᠠᠬᠤ ᠦᠵᠡᠭᠳᠠᠯ ᠢ ᠶᠠᠭᠠᠬᠢᠭᠰᠠᠠ ᠴᠤ ᠤᠮᠳᠤᠭᠠᠶᠢᠯᠠᠵᠦ ᠪᠤᠯᠬᠤ | ᠦᠭᠡᠢ ᠭᠡᠳᠡᠭ ᠢ ᠵᠦᠪᠳᠠᠮᠠᠷ ᠪᠠᠶᠢᠨ᠎ᠠ᠃ | 2. ᠡᠴᠢᠭᠡ ᠡᠭᠡ ᠪᠤᠯᠤᠭᠰᠠᠳ ᠭᠡᠦᠭᠡᠳ ᠢᠶᠠᠨ ᠪᠠᠶ᠎ᠠ ᠪᠠᠨ ᠳᠠᠭᠠᠭᠠᠬᠤ ᠴᠢᠳᠠᠪᠤᠷᠢ ᠲᠠᠢ ᠪᠤᠯᠭᠠᠵᠦ | ᠬᠦᠮᠤᠵᠢᠬᠦᠯᠬᠦ ᠶᠢ ᠠᠩᠬᠠᠷᠬᠤ | ᠪᠠᠶ᠎ᠠ ᠪᠠᠨ ᠳᠠᠭᠠᠭᠠᠵᠦ ᠰᠤᠷᠬᠤ ᠨᠢ ᠭᠡᠦᠭᠡᠳ ᠤᠨ ᠬᠦᠮᠤᠨ ᠪᠤᠯᠵᠦ ᠬᠦᠮᠦᠵᠢᠭᠳᠡᠬᠦ ᠳᠤ ᠰᠠᠭᠤᠷᠢᠯᠠᠭᠴᠢ | ᠪᠦᠭᠡᠳ ᠭᠤᠤᠯᠯᠠᠭᠴᠢ ᠦᠢᠯᠠᠳᠤᠯ ᠦᠵᠠᠬᠦᠯᠳᠡᠭ᠃ ᠮᠠᠨ ᠤ ᠬᠢᠨ ᠶᠠᠷᠤ ᠨᠢ ᠭᠡᠦᠭᠡᠳ ᠢᠶᠠᠨ ᠬᠤᠪᠴᠠᠰᠤ | ᠬᠤᠨᠠᠷ ᠢᠶᠠᠨ ᠦᠪᠠᠷ ᠢᠶᠠᠨ ᠡᠮᠤᠰᠴᠤ᠂ ᠬᠤᠭᠤᠯᠠ ᠤᠮᠳᠠ ᠪᠠᠨ ᠦᠪᠠᠷ ᠢᠶᠠᠨ ᠢᠳᠠᠬᠦ᠂ ᠨᠢᠭᠤᠷ ᠭᠠᠷ᠂ ᠭᠡᠵᠢᠭᠡ | ᠦᠰᠤ ᠪᠠᠨ ᠦᠪᠠᠷ ᠢᠶᠠᠨ ᠤᠬᠢᠶᠠᠵᠦ ᠰᠠᠮᠨᠠᠵᠦ ᠤᠷᠤᠯᠳᠤᠬᠤ ᠪᠤᠯᠪᠠᠯ ᠮᠢᠨᠤ ᠬᠦᠤ ︵ᠭᠡᠦᠭᠡᠨ︶ ᠪᠠᠶ᠎ᠠ ᠪᠠᠨ | ᠵᠦᠪᠯᠠᠬᠦ ᠲᠠᠢ ᠪᠤᠯᠤᠭᠰᠠᠠ ᠭᠡᠵᠦ ᠪᠦᠷ ᠪᠠᠶ᠎ᠠ ᠶᠢ ᠨᠢ ᠳᠠᠭᠠᠭᠠᠯᠭᠠᠨ ᠪᠦᠬᠦ ᠵᠦᠢᠯ ᠢᠶᠠᠨ ᠦᠪᠠᠷ ᠢᠶᠠᠨ ᠬᠢᠬᠦ ᠶᠢ ᠮᠠᠭᠳᠠᠨ | ᠵᠤᠷᠢᠬᠵᠢᠭᠤᠯᠵᠦ᠂ ᠭᠡᠦᠭᠡᠳ ᠢ ᠪᠠᠶ᠎ᠠ ᠳᠤ ᠪᠠᠨ ᠢᠳᠠᠭᠡᠯ ᠲᠠᠢ᠂ ᠬᠦᠴᠢᠷ ᠢ ᠳᠠᠭᠠᠭᠠᠬᠤ ᠳᠠᠰᠪᠤᠷᠢ ᠵᠤᠷᠢᠭ ᠲᠠᠢ᠂ | ᠦᠪᠠᠷ ᠢᠶᠠᠨ ᠬᠢᠵᠦ ᠰᠤᠷᠬᠤ ᠶᠠᠪᠤᠴᠠ ᠠᠴᠠ ᠪᠠᠶᠠᠷ ᠵᠢᠷᠭᠠᠯ ᠢ ᠡᠳ᠋ᠯᠠᠨ ᠤᠯᠠᠮ ᠴᠢᠷᠮᠠᠶᠢᠨ ᠳᠠᠪᠰᠢᠬᠤ ᠪᠤᠳᠤᠯ ᠰᠠᠳᠬᠢᠯ᠂ | ᠬᠦᠰᠠᠯ ᠳᠠᠮᠠᠤᠯᠤᠯ ᠤᠨ ᠰᠠᠳᠬᠢᠯᠭᠡ ᠲᠠᠢ ᠪᠤᠯᠭᠠᠵᠦ ᠬᠦᠮᠤᠵᠢᠬᠦᠯᠳᠡᠭ᠃ ᠢᠩᠬᠢᠭᠰᠡᠠ ᠢᠶᠠᠷ ᠭᠡᠦᠭᠡᠳ ᠡᠷᠳᠠ | ᠳᠤᠮᠤᠭᠠᠵᠢᠵᠦ᠂ ᠦᠪᠠᠷ ᠤᠨ ᠬᠢᠬᠦ ᠵᠦᠢᠯ ᠢᠶᠠᠨ ᠦᠪᠠᠷ ᠢᠶᠠᠨ ᠬᠢᠬᠦ ᠬᠠᠷᠢᠭᠤᠴᠠᠯᠭᠠᠳᠤ ᠰᠠᠳᠬᠢᠯᠭᠡ᠂ ᠭᠡᠷᠡᠭ | ᠪᠤᠳᠠᠰ ᠲᠤ ᠵᠦᠪ ᠬᠠᠨᠳᠤᠬᠤ ᠤᠪᠤᠷ ᠰᠠᠳᠬᠢᠯᠭᠡ᠂ ᠤᠴᠢᠷ ᠶᠠᠪᠤᠳᠠᠯ ᠢ ᠵᠦᠪ ᠰᠢᠢᠳᠪᠤᠷᠢᠯᠠᠬᠦ ᠪᠦᠳᠤᠭᠡᠯᠴᠢ | ᠰᠠᠳᠬᠢᠭᠦᠢ ᠲᠠᠢ ᠪᠤᠯᠵᠦ ᠬᠦᠮᠦᠵᠢᠭᠳᠡᠵᠦ ᠴᠢᠳᠠᠳᠠᠭ ᠢᠶᠠᠷ ᠬᠤᠵᠢᠮ ᠬᠤᠶᠢᠰᠢᠳᠠ ᠶᠢᠨ ᠠᠵᠢᠯ ᠠᠮᠢᠳᠤᠷᠠᠯ ᠳᠤ ᠪᠠᠨ | ᠵᠦᠪ᠂ ᠦᠨᠠᠨᠴᠢ᠂ ᠬᠠᠷᠢᠭᠤᠴᠠᠯᠭ᠎ᠠ ᠲᠠᠢ ᠰᠠᠳᠬᠢᠯᠭᠡ ᠪᠠᠷ ᠬᠠᠨᠳᠤᠨ ᠤᠴᠢᠷ ᠶᠠᠪᠤᠳᠠᠯ ᠤᠨ ᠵᠦᠪ ᠪᠤᠷᠤᠭᠤ ᠬᠤᠶᠠᠷ | ᠳᠠᠯ᠎ᠠ ᠶᠢ ᠢᠯᠭᠠᠨ ᠰᠠᠯᠭᠠᠵᠦ ᠰᠢᠢᠳᠪᠤᠷᠢᠯᠠᠬᠦ ᠪᠦᠳᠤᠭᠡᠯᠴᠢ ᠴᠢᠳᠠᠪᠤᠷᠢ ᠲᠠᠢ ᠪᠠᠶᠢᠵᠦ᠂ ᠠᠵᠢᠯ ᠠᠮᠢᠳᠤᠷᠠᠯ ᠢᠶᠠᠨ | ᠦᠭᠡᠳᠠ ᠦᠩᠭᠡ ᠲᠠᠢ ᠠᠪᠴᠤ ᠶᠠᠪᠤᠵᠦ ᠴᠢᠳᠠᠳᠠᠭ᠃ ᠭᠡᠳᠠᠯ᠎ᠠ ᠤᠳᠤ ᠶᠢᠨ ᠵᠠᠯᠠᠭᠤ ᠡᠴᠢᠭᠡ ᠡᠭᠡᠴᠤᠤᠯ | ᠭᠡᠦᠭᠡᠳ ᠢᠶᠠᠨ ︽ᠬᠠᠶᠢᠷ᠎ᠠ ᠶᠢᠨ ᠳᠠᠯᠠᠢ ᠳᠤ ᠤᠮᠪᠠᠭᠤᠯᠤᠨ᠂ ᠪᠦᠬᠦ ᠵᠦᠢᠯ ᠢ ᠤᠷᠤᠯᠠᠨ ᠬᠢᠵᠦ︾ ᠦᠰᠭᠡᠬᠦ | ᠪᠤᠯᠤᠭᠰᠠᠠ ᠢᠶᠠᠷ ᠭᠡᠦᠭᠡᠳ ᠤᠨ ᠪᠠᠶ᠎ᠠ ᠪᠠᠨ ᠳᠠᠭᠠᠭᠠᠬᠤ ᠴᠢᠳᠠᠪᠤᠷᠢ ᠳᠤᠩ ᠳᠤᠷᠤᠢ ᠪᠠᠶᠢᠵᠦ᠂ ᠪᠠᠭ᠎ᠠ ᠰᠤᠷᠭᠠᠭᠤᠯᠢ ᠳᠤ | ᠤᠷᠤᠴᠢᠬᠠᠭᠠᠳ ᠬᠤᠪᠴᠠᠰᠤ ᠬᠤᠨᠠᠷ ᠢᠶᠠᠨ ᠦᠪᠠᠷ ᠢᠶᠠᠨ ᠡᠮᠤᠰᠴᠤ ᠴᠢᠳᠠᠬᠤ ᠦᠭᠡᠢ᠂ ᠬᠠᠷᠠᠨᠳᠠ ᠪᠠᠨ ᠴᠤ | ᠵᠤᠷᠭᠤᠵᠦ ᠴᠢᠳᠠᠬᠤ ᠦᠭᠡᠢ᠂ ᠪᠢᠴᠢᠭ ᠤᠨ ᠭᠡᠷᠡᠭᠰᠠᠯ ᠤᠨ ᠵᠦᠢᠯ ᠢᠶᠠᠨ ᠦᠪᠠᠷ ᠢᠶᠠᠨ ᠵᠦᠪᠯᠠᠵᠦ ᠪᠤᠭᠴᠤᠯᠠᠵᠦ | ᠴᠢᠳᠠᠬᠤ ᠦᠭᠡᠢ ᠭᠡᠦᠭᠡᠳ ᠵᠦᠩᠳᠠᠭᠡᠨ ᠬᠠᠷᠠᠭᠳᠠᠬᠤ ᠪᠤᠯᠤᠭᠰᠠᠠ᠃ ᠡᠨᠠ ᠨᠢ ᠭᠡᠳᠠᠷᠬᠦ ᠪᠠᠨ ︽ᠬᠠᠶᠢᠷ᠎ᠠ ᠨᠢ | ᠬᠠᠯᠠ︾ ᠪᠤᠯᠵᠦ ᠭᠡᠦᠭᠡᠳ ᠢ ᠪᠤᠰᠤᠳ ᠲᠤ ᠳᠦᠰᠢᠬᠦ ᠨᠠᠶᠢᠳᠠᠮᠠᠳᠠᠭᠠᠢ᠂ ᠦᠪᠠᠷ ᠤᠨ ᠦᠵᠠᠯ ᠪᠤᠳᠤᠯ ᠦᠭᠡᠢ᠂ | ᠤᠴᠢᠷ ᠶᠠᠪᠤᠳᠠᠯ ᠢ ᠰᠢᠢᠳᠪᠤᠷᠢᠯᠠᠬᠦ ᠴᠢᠳᠠᠪᠤᠷᠢ ᠳᠤᠷᠤᠢ᠂ ᠪᠠᠶ᠎ᠠ ᠳᠤ ᠪᠠᠨ ᠢᠳᠠᠭᠡᠯ ᠦᠭᠡᠢ᠂ ᠬᠠᠷᠢᠭᠤᠴᠠᠯᠭᠠᠳᠤ | ᠰᠠᠳᠬᠢᠯᠭᠡ ᠦᠭᠡᠢ᠂ ᠶᠠᠪᠤᠳᠠᠯ ᠪᠦᠬᠦᠨ ᠳᠤ ᠬᠦᠮᠤᠨ ᠤ ᠴᠢᠷᠠᠢ ᠬᠠᠷᠠᠬᠤ ᠦᠵᠠᠯᠳᠠ ᠵᠤᠭᠰᠤᠯᠳᠠ ᠦᠭᠡᠢ ᠬᠦᠮᠤᠨ | ᠪᠤᠯᠭᠠᠨ ᠬᠦᠮᠤᠵᠢᠬᠦᠯᠵᠦ ᠪᠠᠶᠢᠭ᠎ᠠ ᠶᠢᠨ ᠪᠤᠳᠠᠳᠤ ᠢᠯᠠᠷᠠᠯ ᠪᠤᠯᠤᠨ᠎ᠠ᠃ ᠤᠳᠤᠬᠠᠨ ᠤ ᠨᠢᠳᠤᠨ ᠡᠮᠤᠨ᠎ᠠ ᠦᠵᠡᠭᠳᠠᠨ | ᠶᠠᠷᠢᠭᠳᠠᠵᠦ ᠨᠠᠶᠢᠭᠡᠮ ᠤᠨ ᠬᠦᠨᠳᠤ ᠴᠢᠬᠤᠯᠠ ᠠᠰᠠᠭᠤᠳᠠᠯ ᠪᠤᠯᠵᠦ ᠪᠠᠶᠢᠭ᠎ᠠ ︽ᠤᠳᠤ ᠶᠢᠨ ᠭᠡᠦᠭᠡᠳ ᠤᠳ ᠭᠡᠴᠠᠬᠦᠤ | ᠪᠤᠯᠵᠠᠢ᠂ ᠪᠦᠷ ᠪᠠᠯᠠᠨ ᠢ ᠢᠳᠠᠵᠦ ᠵᠠᠯᠠᠨ ᠢ ᠭᠡᠷᠡᠭᠯᠠᠨ ᠠᠮᠢᠳᠤᠷᠠᠬᠤ ᠪᠤᠯᠤᠭᠰᠠᠠ᠂ ᠬᠤᠵᠢᠮ ᠶᠠᠭᠠᠬᠢᠳᠠᠭ ᠶᠤᠮ ᠮᠠᠳᠠᠬᠦ | ᠦᠭᠡᠢ︾ ᠭᠡᠳᠡᠭ ᠤᠨ ᠭᠤᠤᠯ ᠦᠨᠳᠤᠰᠤ ᠨᠢ ᠡᠴᠢᠭᠡ ᠡᠭᠡ ᠪᠤᠯᠤᠭᠰᠠᠳ ᠭᠡᠦᠭᠡᠳ ᠢᠶᠠᠨ ᠭᠡᠳᠤ ᠬᠠᠶᠢᠷᠠᠯᠠᠨ᠂ ᠤᠴᠢᠷ | ᠶᠠᠪᠤᠳᠠᠯ ᠪᠦᠬᠦᠨ ᠢ ᠨᠢ ᠤᠷᠤᠯᠠᠨ ᠬᠦᠢᠴᠠᠳᠭᠡᠬᠦ ᠪᠤᠯᠤᠭᠰᠠᠠ ᠠᠴᠠ ᠪᠠᠶ᠎ᠠ ᠪᠠᠨ ᠳᠠᠭᠠᠭᠠᠬᠤ ᠴᠢᠳᠠᠪᠤᠷᠢ ᠦᠭᠡᠢ᠂ | ᠨᠠᠶᠢᠭᠡᠮ ᠤᠷᠴᠢᠨ ᠳᠤ ᠵᠤᠬᠢᠴᠠᠬᠤ ᠴᠢᠳᠠᠪᠤᠷᠢ ᠳᠤᠷᠤᠢ᠂ ᠦᠪᠠᠷ ᠤᠨ ᠭᠡᠰᠠᠠ ᠦᠵᠠᠯᠳᠠ ᠪᠤᠳᠤᠯ ᠦᠭᠡᠢ ᠬᠦᠮᠤᠨ | ᠪᠤᠯᠭᠠᠨ ᠬᠦᠮᠤᠵᠢᠬᠦᠯᠵᠦ ᠪᠠᠶᠢᠬᠤ ᠠᠴᠠ ᠪᠤᠯᠤᠭᠰᠠᠠ᠃ ︽ᠬᠠᠯᠠ ᠨᠢ ᠭᠠᠳᠠᠨ᠎ᠠ ᠪᠠᠨ᠂ ᠬᠠᠶᠢᠷ᠎ᠠ ᠨᠢ ᠳᠤᠳᠤᠨ᠎ᠠ | ᠪᠠᠨ︾ ᠭᠡᠬᠦ ᠮᠠᠷᠭᠡᠨ ᠦᠭᠡ ᠪᠠᠶᠢᠳᠠᠭ ᠰᠢᠤ︕ ᠭᠡᠦᠭᠡᠳ ᠢᠶᠠᠨ ᠵᠦᠪ ᠬᠦᠮᠤᠨ ᠪᠤᠯᠭᠠᠨ ᠬᠦᠮᠤᠵᠢᠬᠦᠯᠬᠦ ᠳᠤ ᠡᠴᠢᠭᠡ | ᠡᠭᠡ ᠪᠤᠯᠤᠭᠰᠠᠳ ᠦᠪᠠᠷ ᠢᠶᠠᠨ ᠤᠯᠠᠮᠵᠢᠯᠠᠯᠳᠤ ᠭᠡᠷ ᠤᠨ ᠰᠤᠷᠭᠠᠯ ᠢᠶᠠᠨ ᠮᠠᠷᠳᠠᠵᠦ ᠪᠤᠯᠬᠤ ᠦᠭᠡᠢ ᠭᠡᠳᠡᠭ ᠢ | ᠰᠠᠨᠠᠭᠤᠯᠤᠮᠠᠷ ᠪᠠᠶᠢᠨ᠎ᠠ᠃ | 3. ᠡᠴᠢᠭᠡ ᠡᠭᠡ ᠪᠤᠯᠤᠭᠰᠠᠳ ᠭᠡᠦᠭᠡᠳ ᠢᠶᠠᠨ ᠬᠠᠶᠢᠷ᠎ᠠ ᠡᠨᠠᠷᠢᠯ ᠤᠨ ᠰᠠᠳᠬᠢᠯᠭᠡ ᠲᠠᠢ ᠪᠤᠯᠭᠠᠵᠦ | ᠬᠦᠮᠤᠵᠢᠬᠦᠯᠬᠦ ᠶᠢ ᠤᠮᠳᠤᠭᠠᠶᠢᠯᠠᠵᠦ ᠪᠤᠯᠬᠤ ᠦᠭᠡᠢ | ᠮᠤᠩᠭᠤᠯᠴᠤᠳ ᠤᠤᠯ ᠠᠴᠠ ᠪᠠᠨ ᠨᠢᠭᠡ ᠨᠢ ᠵᠤᠪᠠᠪᠠᠯ ᠨᠠᠶᠢᠳᠠ ᠪᠠᠷ ᠢᠶᠠᠨ ᠳᠠᠮᠵᠢᠵᠦ ᠶᠠᠪᠤᠳᠠᠭ ᠰᠠᠶᠢᠬᠠᠨ | ᠤᠯᠠᠮᠵᠢᠯᠠᠯ ᠲᠠᠢ ᠦᠨᠳᠤᠰᠤᠳᠠᠨ ᠪᠢᠯᠠ᠃ ᠦᠨᠢᠷ ᠪᠠᠶᠠᠨ ᠦᠪ ᠰᠤᠶᠤᠯ ᠢᠶᠠᠨ ᠳᠠᠭᠡᠳᠤᠯᠠᠨ ︽ᠬᠠᠮᠳᠤ ᠶᠢᠨ | ᠬᠦᠴᠤᠨ ᠳᠤ ᠬᠠᠳᠠ ᠴᠢᠯᠠᠭᠤ ᠴᠤ ᠬᠠᠶᠢᠯᠤᠨ᠎ᠠ︾ ᠭᠡᠳᠡᠭ ᠪᠠᠳᠤ ᠵᠤᠷᠢᠭ ᠢᠶᠠᠷ ᠬᠠᠷᠢᠯᠴᠠᠨ ᠳᠠᠮᠵᠢᠯᠴᠠᠬᠦ᠂ ᠬᠠᠷᠢᠯᠴᠠᠨ | ᠳᠦᠰᠢᠯᠴᠠᠬᠦ ᠬᠠᠶᠢᠷ᠎ᠠ ᠡᠨᠠᠷᠢᠯ ᠤᠨ ᠬᠦᠴᠤᠨ ᠳᠤ ᠠᠮᠢᠳᠤᠷᠠᠯ ᠤᠨ ᠠᠯᠢᠪᠠ ᠬᠦᠴᠢᠷ ᠵᠤᠪᠠᠯᠠᠩ ᠢ ᠠᠵᠢᠭ ᠴᠤ ᠦᠭᠡᠢ | ᠳᠤᠭᠤᠯᠤᠨ ᠦᠨᠤᠳᠤᠷ ᠬᠦᠷᠴᠤ ᠢᠷᠡᠭᠰᠠᠠ ᠳᠠᠦᠭᠡ ᠲᠠᠢ᠃ ᠮᠤᠩᠭᠤᠯᠴᠤᠳ ᠡᠷᠳᠠᠨ ᠠᠴᠠ ᠪᠠᠨ ︽ᠤᠳᠠᠰᠤ ᠵᠠᠬᠦᠨ ᠤ | ᠠᠴᠢ ᠶᠢ ᠠᠭᠤᠯᠠ ᠪᠠᠷ ᠬᠠᠷᠢᠭᠤᠯᠠᠬᠤ︾ ᠰᠠᠶᠢᠬᠠᠨ ᠵᠠᠩᠰᠢᠯ ᠲᠠᠢ ᠠᠴᠠ ᠪᠤᠰᠤᠳ ᠤᠨ ᠠᠴᠢ ᠡᠨᠠᠷᠢᠯ ᠬᠠᠶᠢᠷ᠎ᠠ | ᠬᠠᠯᠠᠮᠵᠢ ᠶᠢ ᠨᠠᠰᠤᠨ ᠳᠤᠷᠰᠢᠳᠠ ᠮᠠᠷᠳᠠᠯ ᠦᠭᠡᠢ ᠦᠶ᠎ᠠ ᠵᠠᠯᠭᠠᠨ ᠤᠯᠠᠮᠵᠢᠯᠠᠵᠦ ᠶᠠᠪᠤᠳᠠᠭ ᠠᠷᠢᠭᠤᠨ ᠵᠠᠩᠰᠢᠯ ᠲᠠᠢ | ᠦᠨᠳᠤᠰᠤᠳᠠᠨ ᠶᠤᠮ᠃ ᠭᠡᠳᠠᠯ᠎ᠠ ᠤᠳᠤ ᠪᠤᠯᠬᠤ ᠳᠤ ᠭᠡᠦᠭᠡᠳ ᠪᠠᠭᠠᠴᠤᠤᠯ ᠭᠡᠳᠤ ᠬᠤᠪᠢᠨᠴᠢᠷ᠂ ᠬᠠᠷᠠᠮᠴᠢ ︽ᠪᠠᠶ᠎ᠠ | ᠳᠦᠪᠳᠤ︾ ᠬᠦᠮᠤᠨ ᠪᠤᠯᠵᠦ ᠪᠠᠶᠢᠭ᠎ᠠ ᠨᠢ ᠭᠡᠷ ᠤᠨ ᠠᠬᠠᠮᠠᠳ ᠤᠨ ᠬᠦᠮᠤᠵᠢᠯ ᠳᠤᠳᠤᠮᠳᠠᠯᠭ᠎ᠠ ᠳᠤᠳᠠᠭᠤ ᠪᠤᠯᠵᠦ | ᠪᠠᠶᠢᠭ᠎ᠠ ᠶᠢᠨ ᠪᠠᠰᠠ ᠨᠢᠭᠡ ᠠᠯᠳᠠᠭ᠎ᠠ ᠭᠡᠵᠦ ᠦᠵᠠᠵᠦ ᠪᠤᠢ᠃ ᠪᠠᠭ᠎ᠠ ᠭᠡᠦᠭᠡᠳ ᠤᠴᠢᠷ ᠶᠤᠰᠤ ᠤᠶᠢᠯᠠᠭᠠᠬᠤ ᠦᠭᠡᠢ | ᠪᠠᠶᠢᠬᠤ ᠨᠢ ᠮᠠᠳᠠᠭᠡᠵᠢ᠂ ᠡᠴᠢᠭᠡ ᠡᠭᠡ ᠪᠤᠯᠤᠭᠰᠠᠳ ᠡᠩ ᠤᠨ ᠠᠮᠢᠳᠤᠷᠠᠯ ᠳᠤᠮᠳᠠ ᠪᠠᠨ ᠡᠴᠢᠭᠡ ᠡᠭᠡ᠂ ᠠᠬᠠᠮᠠᠳ | ᠳᠤᠮᠤᠭᠠᠳᠠᠨ ᠢᠶᠠᠨ ᠬᠦᠨᠳᠤᠯᠠᠨ ᠬᠠᠶᠢᠷᠠᠯᠠᠬᠤ᠂ ᠠᠴᠢᠯᠠᠵᠦ ᠡᠨᠠᠷᠢᠬᠦ ᠪᠤᠳᠠᠳᠤ ᠦᠢᠯᠠᠳᠤᠯᠭᠡ ᠪᠠᠷ ᠢᠶᠠᠨ ᠳᠠᠭᠤᠷᠢᠶᠠᠯ | ᠪᠤᠯᠵᠦ ᠭᠡᠦᠭᠡᠳ ᠢᠶᠠᠨ ᠪᠤᠰᠤᠳ ᠢ ᠳᠠᠮᠵᠢᠬᠦ᠂ ᠪᠤᠰᠤᠳ ᠢ ᠬᠦᠨᠳᠤᠳᠭᠡᠨ ᠬᠠᠯᠠᠮᠵᠢᠯᠠᠬᠤ ᠬᠠᠶᠢᠷ᠎ᠠ ᠡᠨᠠᠷᠢᠯ ᠤᠨ | ᠰᠠᠳᠬᠢᠯᠭᠡ ᠲᠠᠢ ᠪᠤᠯᠭᠠᠵᠦ ᠬᠦᠮᠤᠵᠢᠬᠦᠯᠬᠦ ᠶᠢ ᠠᠩᠬᠠᠷᠬᠤ ᠭᠡᠷᠡᠭᠳᠠᠢ᠃ ᠢᠩᠬᠢᠮᠠᠨᠵᠢᠨ ᠬᠦᠴᠢᠷ ᠵᠤᠪᠠᠯᠠᠩ ᠢᠶᠠᠨ | ᠬᠠᠮᠳᠤᠳᠬᠠᠭᠰᠠᠠ ᠰᠠᠳᠬᠢᠯ ᠤᠨ ᠰᠠᠶᠢᠬᠠᠨ ᠨᠠᠶᠢᠵᠠ ᠲᠠᠢ᠂ ᠬᠠᠶᠢᠷ᠎ᠠ ᠡᠨᠠᠷᠢᠯ ᠢᠶᠠᠷ ᠰᠠᠭᠤᠷᠢᠯᠠᠭᠰᠠᠠ ᠠᠮᠢᠳᠤᠷᠠᠯ ᠤᠨ | ᠰᠠᠶᠢᠬᠠᠨ ᠳᠦᠰᠢᠭ ᠲᠠᠢ ᠪᠤᠯᠵᠦ᠂ ᠠᠵᠢᠯ ᠰᠤᠷᠤᠯᠭ᠎ᠠ᠂ ᠠᠮᠢᠳᠤᠷᠠᠯ ᠦᠢᠯᠠᠰ ᠢᠶᠠᠨ ᠠᠮᠵᠢᠯᠳᠠ ᠲᠠᠢ ᠴᠤᠭᠴᠠᠯᠠᠨ | ᠪᠦᠳᠤᠭᠡᠵᠦ᠂ ᠨᠠᠶᠢᠭᠡᠮ ᠨᠠᠶᠢᠳᠠ ᠳᠤ ᠭᠡᠷᠡᠭᠴᠡᠭᠡ ᠲᠠᠢ ᠬᠦᠮᠤᠨ ᠪᠤᠯᠵᠦ ᠴᠢᠳᠠᠨ᠎ᠠ ᠭᠡᠵᠦ ᠦᠵᠠᠵᠦ ᠪᠤᠢ᠃ | ᠬᠤᠶᠠᠷ᠂ ᠭᠡᠦᠭᠡᠳ ᠤᠨ ᠰᠠᠶᠢᠨ ᠳᠠᠳᠬᠠᠯ ᠲᠠᠢ ᠪᠤᠯᠵᠦ ᠬᠦᠮᠦᠵᠢᠭᠳᠡᠬᠦ ᠳᠤ ᠪᠠᠭᠰᠢ ᠶᠢᠨ ᠦᠵᠠᠬᠦᠯᠬᠦ ᠨᠦᠯᠤᠭᠡ | ᠰᠤᠷᠬᠤ ᠶᠢᠨ ᠰᠠᠶᠢᠬᠠᠨ ᠬᠦᠰᠠᠯ ᠢᠶᠠᠷ ᠰᠤᠷᠭᠠᠭᠤᠯᠢ ᠶᠢᠨ ᠪᠤᠱᠤᠭ᠎ᠠ ᠠᠯᠬᠤᠭᠰᠠᠠ ᠴᠠᠭ ᠠᠴᠠ ᠪᠠᠭᠰᠢ ᠭᠡᠳᠡᠭ | ᠡᠷᠬᠢᠮ ᠠᠯᠳᠠᠷ ᠢ ᠡᠷᠬᠦᠨ᠂ ᠪᠠᠭᠰᠢ ᠶᠢᠨ ᠭᠡᠯᠡᠭᠰᠠᠠ ︽ᠵᠠᠷᠯᠢᠭ︾ ᠢ ᠡᠴᠢᠭᠡ ᠡᠭᠡ ᠶᠢᠨ ᠦᠭᠡ ᠠᠴᠠ ᠴᠤ ᠦᠨᠠᠴᠢᠯᠠᠨ᠂ | ᠵᠦᠷᠢᠴᠠᠯ ᠦᠭᠡᠢ ᠪᠠᠶᠠᠯᠠᠬᠦᠯᠵᠦ ᠶᠠᠪᠤᠬᠤ ᠭᠭᠢᠷ ᠦᠭᠡᠢ ᠰᠠᠶᠢᠬᠠᠨ ᠰᠠᠳᠬᠢᠯ ᠲᠠᠢ ᠭᠡᠦᠭᠡᠳ ᠲᠤ ᠪᠠᠭᠰᠢ ᠶᠢᠨ | ᠦᠵᠠᠬᠦᠯᠬᠦ ᠨᠦᠯᠤᠭᠡ ᠪᠠᠰᠠ ᠴᠢᠬᠤᠯᠠ ᠦᠢᠯᠠᠳᠤᠯ ᠦᠵᠠᠬᠦᠯᠳᠡᠭ᠃ | 1. ᠪᠠᠭᠰᠢ ᠶᠢᠨ ᠦᠭᠡ ᠶᠠᠷᠢᠶ᠎ᠠ᠂ ᠦᠢᠯᠠ ᠠᠵᠢᠯᠯᠠᠭ᠎ᠠ ᠭᠡᠦᠭᠡᠳ ᠤᠨ ᠬᠦᠮᠤᠵᠢᠯ ᠳᠤ ᠵᠤᠬᠢᠬᠤ ᠨᠦᠯᠤᠭᠡ | ᠦᠵᠠᠬᠦᠯᠳᠡᠭ᠃ | ᠭᠡᠦᠭᠡᠳ ᠤᠨ ᠰᠠᠳᠬᠢᠯ ᠳᠤ ᠪᠠᠭᠰᠢ ᠪᠤᠯ ᠬᠠᠮᠤᠭ ᠤᠨ ᠡᠷᠬᠢᠮ ᠬᠦᠮᠤᠨ ᠪᠠᠶᠢᠵᠦ ᠦᠨᠳᠤᠷ ᠪᠠᠶᠢᠷᠢ ᠰᠠᠭᠤᠷᠢ | ᠡᠵᠠᠯᠠᠵᠦ ᠪᠠᠶᠢᠳᠠᠭ᠃ ᠪᠠᠭᠰᠢ ᠶᠢᠨ ᠭᠡᠯᠡᠭᠰᠠᠠ ᠦᠭᠡ᠂ ᠬᠢᠳᠠᠯ ᠪᠠᠷᠢᠯ ᠨᠢ ᠪᠦᠷ ᠰᠤᠷᠤᠭᠴᠢᠳ ᠤᠨ ᠳᠠᠭᠠᠵᠦ | ᠰᠤᠷᠤᠯᠴᠠᠬᠤ ᠪᠠᠷᠢᠮᠵᠢᠶ᠎ᠠ ᠵᠦᠭᠯᠠᠬᠦᠷ ᠪᠤᠯᠳᠠᠭ ᠤᠴᠢᠷ ᠠᠴᠠ ᠪᠠᠭᠰᠢ ᠪᠤᠯᠤᠭᠰᠠᠳ ᠦᠪᠠᠷ ᠤᠨ ᠭᠡᠯᠡᠭᠰᠠᠠ | ᠦᠭᠡᠨ ᠳᠤ ᠪᠠᠨ ᠬᠦᠷᠴᠤ᠂ ᠬᠢᠭᠰᠡᠠ ᠠᠵᠢᠯᠯᠠᠭ᠎ᠠ ᠳᠤ ᠪᠠᠨ ᠡᠵᠠᠨ ᠰᠠᠭᠤᠬᠤ ᠬᠠᠷᠢᠭᠤᠴᠠᠯᠭᠠᠳᠤ ᠰᠠᠳᠬᠢᠯᠭᠡ ᠲᠠᠢ | ᠪᠠᠶᠢᠬᠤ ᠭᠡᠷᠡᠭᠳᠠᠢ᠃ ᠡᠰᠠ ᠳᠠᠶᠢᠮᠤ ᠪᠤᠯ ᠭᠡᠦᠭᠡᠳ ᠤᠨ ᠪᠠᠶ᠎ᠠ ᠳᠤ ᠬᠤᠳᠠᠯ ᠭᠡᠯᠠᠬᠦ᠂ ᠴᠠᠭ ᠤᠨ ᠠᠵᠢᠯ ᠢᠶᠠᠨ | ᠴᠠᠭ ᠲᠤ ᠪᠠᠨ ᠪᠠᠶᠠᠯᠠᠬᠦᠯᠬᠦ ᠦᠭᠡᠢ ᠠᠯᠠᠩ ᠰᠠᠯᠠᠩ ᠵᠠᠩ ᠠᠶᠠᠨᠳᠠᠭᠠᠨ ᠢᠯᠠᠷᠠᠵᠦ᠂ ︽ᠰᠢᠳᠤᠨ ᠪᠢᠰᠢᠷᠡᠭᠴᠢ︾ ᠪᠠᠨ | ᠳᠠᠭᠠᠵᠦ ᠪᠠᠶᠢᠬᠤ ᠶᠤᠮ ᠴᠢᠨᠢ ᠪᠤᠷᠤᠭᠤᠳᠠᠬᠤ ᠶᠤᠰᠤ ᠦᠭᠡᠢ ᠭᠡᠮᠠᠨ ᠰᠢᠯᠤᠭᠤᠬᠠᠨ ᠤᠷᠤᠭᠰᠢᠯᠠᠵᠦ ᠡᠴᠤᠰ ᠲᠤ ᠪᠠᠨ | ᠭᠡᠯᠡᠭᠰᠠᠠ ᠦᠭᠡᠨ ᠳᠤ ᠪᠠᠨ ᠡᠵᠠᠨ ᠰᠠᠭᠤᠬᠤ ᠦᠨᠠᠨᠴᠢ ᠢᠳᠠᠭᠡᠮᠵᠢ ᠦᠭᠡᠢ᠂ ᠬᠢᠭᠰᠡᠠ ᠦᠢᠯᠠ ᠳᠤ ᠪᠠᠨ | ᠬᠠᠷᠢᠭᠤᠴᠠᠯᠭ᠎ᠠ ᠡᠬᠦᠷᠭᠡᠯᠠᠬᠦ ᠵᠤᠷᠢᠭ ᠰᠦᠰᠤ ᠦᠭᠡᠢ ᠶᠠᠳᠠᠩᠬᠢ ᠳᠤᠷᠤᠢ ᠬᠦᠮᠤᠨ ᠪᠤᠯᠵᠦ ᠬᠦᠮᠦᠵᠢᠭᠳᠡᠬᠦ | ᠪᠤᠯᠤᠮᠵᠢ ᠲᠠᠢ ᠪᠠᠶᠢᠳᠠᠭ᠃ ᠡᠶᠢᠮᠤ ᠠᠴᠠ ᠪᠠᠭᠰᠢ ᠪᠤᠯᠤᠭᠰᠠᠳ ᠨᠢᠭᠡ ᠵᠤᠷᠢᠭ ᠦᠨᠠᠨᠴᠢ ᠰᠠᠳᠬᠢᠯᠭᠡ ᠪᠠᠷ ᠪᠠᠶ᠎ᠠ ᠪᠠᠨ | ᠴᠢᠩᠭ᠎ᠠ ᠱᠠᠭᠠᠷᠳᠠᠨ᠂ ᠵᠦᠪ ᠪᠤᠯᠪᠠᠰᠤᠨ ᠳᠠᠭᠤᠷᠢᠶᠠᠯ ᠤᠨ ᠦᠢᠯᠠᠳᠤᠯ ᠦᠵᠠᠬᠦᠯᠤᠨ ᠦᠨᠳᠤᠰᠤᠳᠠᠨ ᠤ ᠪᠠᠨ ᠬᠤᠶᠢᠴᠢ | ᠦᠶ᠎ᠠ ᠶᠢᠨ ᠮᠠᠨᠳᠤᠯ ᠬᠦᠭᠵᠢᠯ ᠳᠤ ᠦᠪᠠᠷ ᠤᠨ ᠠᠯᠢᠪᠠ ᠪᠠᠨ ᠦᠷᠡᠭᠳᠠᠬᠦᠯᠬᠦ ᠠᠷᠢᠭᠤᠨ ᠴᠢᠭᠡᠴᠢ ︽ᠯᠠ︾ ᠪᠤᠯᠵᠦ | ᠭᠡᠷᠠᠯᠳᠤᠬᠦ ᠶᠢ ᠪᠠᠶᠠᠯᠠᠬᠦᠯᠬᠦ ᠭᠡᠷᠡᠭᠳᠠᠢ᠃ | 2. ᠪᠠᠭᠰᠢ ᠶᠢᠨ ᠡᠨᠠᠷᠢᠩᠬᠦᠢ ᠵᠦᠭᠡᠯᠠᠨ ᠰᠠᠳᠬᠢᠯ᠂ ᠨᠠᠶᠢᠳᠠᠴᠢ ᠦᠵᠠᠯ ᠪᠤᠳᠤᠯ ᠨᠢ ᠭᠡᠦᠭᠡᠳ ᠤᠨ | ᠬᠦᠮᠤᠵᠢᠯ ᠳᠤ ᠳᠠᠭᠤᠷᠢᠶᠠᠯ ᠦᠢᠯᠠᠳᠤᠯ ᠦᠵᠠᠬᠦᠯᠳᠡᠭ᠃ | ᠨᠠᠰᠤᠨ ᠤ ᠤᠨᠴᠠᠯᠢᠭ ᠠᠴᠠ ᠪᠠᠨ ᠪᠤᠯᠵᠦ ᠪᠠᠭ᠎ᠠ ᠭᠡᠦᠭᠡᠳ ᠤᠨ ᠳᠠᠭᠤᠷᠢᠶᠠᠬᠤ ᠰᠤᠷᠬᠤ ᠴᠢᠳᠠᠪᠤᠷᠢ ᠮᠠᠰᠢ | ᠴᠢᠩᠭ᠎ᠠ ᠪᠠᠶᠢᠳᠠᠭ᠃ ᠪᠠᠭ᠎ᠠ ᠰᠤᠷᠭᠠᠭᠤᠯᠢ ᠶᠢᠨ ᠰᠤᠷᠤᠭᠴᠢ ᠪᠠᠭᠰᠢ ᠶᠢᠨ ᠢᠶᠠᠨ ᠦᠭᠡ ᠶᠠᠷᠢᠶ᠎ᠠ᠂ ᠬᠦᠳᠠᠯᠤᠯ ᠪᠠᠷᠢᠯ᠂ | ᠡᠮᠤᠰᠴᠤ ᠵᠠᠬᠦᠬᠦ᠂ ᠵᠠᠰᠠᠵᠦ ᠭᠤᠶᠤᠬᠤ ᠶᠢ ᠬᠦᠷᠳᠠᠯ᠎ᠠ ᠳᠠᠭᠤᠷᠢᠶᠠᠨ ᠵᠢᠩᠬᠢᠨᠢ ᠰᠢᠳᠤᠨ ᠪᠢᠰᠢᠷᠡᠭᠴᠢ ᠪᠠᠨ ᠪᠤᠯᠭᠠᠵᠦ | ᠬᠦᠨᠳᠤᠳᠭᠡᠨ ᠳᠤᠳᠤᠨᠤ ᠬᠦᠮᠤᠨ ᠢᠶᠠᠷ ᠰᠠᠳᠬᠢᠯ ᠳᠤ ᠪᠠᠨ ᠦᠨᠳᠤᠷ ᠪᠠᠶᠢᠷᠢ ᠳᠤ ᠳᠠᠯᠪᠢᠳᠠᠭ᠃ ᠡᠶᠢᠮᠤ ᠠᠴᠠ | ᠤᠨᠴᠠᠭᠠᠶᠢᠯᠠᠨ ᠪᠠᠭ᠎ᠠ ᠰᠤᠷᠭᠠᠭᠤᠯᠢ ᠶᠢᠨ ᠪᠠᠭᠰᠢ ᠪᠤᠯᠤᠭᠰᠠᠳ ᠰᠤᠷᠤᠭᠴᠢ ᠶᠢᠨ ᠳᠠᠷᠭᠡᠳᠠᠬᠢ ᠦᠭᠡ ᠶᠠᠷᠢᠶ᠎ᠠ᠂ ᠦᠢᠯᠠ | ᠬᠦᠳᠠᠯᠤᠯ᠂ ᠠᠭᠠᠰᠢ ᠵᠠᠩ ᠢᠶᠠᠨ ᠬᠦᠷᠳᠠᠯ᠎ᠠ ᠳᠦᠪ ᠡᠷᠬᠢᠮᠰᠦᠭ ᠪᠠᠶᠢᠯᠭᠠᠬᠤ ᠶᠢ ᠠᠩᠬᠠᠷᠬᠤ ᠭᠡᠷᠡᠭᠳᠠᠢ᠃ ᠨᠢᠭᠡ | ᠰᠢᠯᠢᠳᠡᠭ ᠰᠠᠶᠢᠨ ᠪᠠᠭᠰᠢ ᠨᠢ ᠰᠤᠷᠤᠭᠴᠢ ᠳᠤ ᠪᠠᠨ ᠡᠷᠭᠡ ᠳᠡᠭᠰᠢ ᠬᠠᠨᠳᠤᠨ ᠰᠤᠷᠤᠯᠭ᠎ᠠ ᠰᠠᠶᠢᠨ᠂ ᠰᠤᠷᠤᠯᠭ᠎ᠠ ᠠᠨᠠᠢ | ᠭᠡᠦᠭᠡᠳ ᠢ ᠢᠯᠭᠠᠨ ᠰᠠᠯᠭᠠᠵᠦ ᠦᠵᠠᠬᠦ ᠦᠭᠡᠢ᠂ ᠬᠠᠷᠢᠨ ᠰᠤᠷᠤᠯᠭ᠎ᠠ ᠠᠮᠢᠳᠤᠷᠠᠯ ᠳᠤ ᠪᠠᠨ ᠬᠦᠴᠢᠷᠳᠠᠯᠳᠠᠢ | ᠭᠡᠦᠭᠡᠳ ᠢ ᠤᠯᠠᠮ ᠢᠯᠠᠬᠦᠤ ᠬᠠᠯᠠᠮᠵᠢᠯᠠᠨ᠂ ᠡᠨᠠᠷᠢᠩᠬᠦᠢ ᠵᠦᠭᠡᠯᠠᠨ ᠬᠠᠨᠳᠤᠵᠦ᠂ ᠦᠪᠠᠷ ᠤᠨ ᠦᠷᠤ ᠵᠦᠭᠡᠯᠠᠨ᠂ | ᠭᠤᠶᠠᠴᠢ ᠦᠭᠡᠢ ᠰᠠᠳᠬᠢᠯᠭᠡ ᠪᠠᠷ ᠢᠶᠠᠨ ᠳᠠᠳᠠᠨ ᠳᠤ ᠰᠠᠳᠬᠢᠯ ᠤᠨ ᠳᠦᠰᠢᠭ ᠪᠤᠯᠵᠦ᠂ ᠬᠤᠵᠢᠮ ᠤᠨ ᠠᠵᠢᠯ | ᠠᠮᠢᠳᠤᠷᠠᠯ ᠳᠤ ᠳᠠᠭᠤᠷᠢᠶᠠᠯ ᠪᠤᠯᠬᠤ ᠵᠢᠱᠢᠶᠠᠴᠢ ᠦᠢᠯᠠᠳᠤᠯ ᠢᠶᠠᠨ ᠪᠠᠳᠠᠷᠠᠭᠤᠯᠵᠦ ᠴᠢᠳᠠᠳᠠᠭ ᠪᠠᠶᠢᠨ᠎ᠠ᠃ ᠡᠶᠢᠮᠤ ᠠᠴᠠ | ᠪᠠᠭᠰᠢ ᠪᠤᠯᠤᠭᠰᠠᠳ ᠶᠠᠭᠤᠨ ᠤ ᠳᠠᠷᠢᠬᠦᠨ ᠳᠤ ᠡᠯ᠎ᠠ ᠳᠠᠯ᠎ᠠ ᠶᠢᠨ ᠭᠡᠪ ᠪᠤᠯᠪᠠᠰᠤᠷᠠᠯ ᠦᠨᠳᠤᠷ ᠪᠠᠶᠢᠵᠦ᠂ ᠬᠠᠶᠢᠷ᠎ᠠ | ᠬᠠᠷᠢᠭᠤᠴᠠᠯᠭ᠎ᠠ ᠶᠢᠨ ᠰᠠᠳᠬᠢᠯᠭᠡ ᠲᠠᠢ᠂ ᠡᠨᠠᠷᠢᠩᠬᠦᠢ ᠵᠦᠭᠡᠯᠠᠨ᠂ ᠦᠪᠠᠷ ᠢ ᠪᠠᠨ ᠦᠷᠡᠭᠳᠠᠬᠦᠯᠬᠦ ᠭᠤᠶᠠᠴᠢ ᠦᠭᠡᠢ | ᠰᠠᠳᠬᠢᠯᠭᠡ ᠲᠠᠢ᠂ ᠤᠴᠢᠷ ᠶᠠᠪᠤᠳᠠᠯ ᠪᠦᠬᠦᠨ ᠳᠤ ᠤᠯᠠᠨ ᠨᠠᠶᠢᠳᠠ ᠶᠢᠨ ᠡᠮᠤᠨ᠎ᠠ ᠠᠴᠠ ᠪᠤᠳᠤᠵᠦ᠂ ᠦᠵᠠᠯᠳᠠ | ᠳᠤᠳᠤᠷᠬᠠᠢ᠂ ᠵᠤᠭᠰᠤᠯᠳᠠ ᠪᠠᠳᠤ᠂ ᠴᠢᠩ ᠦᠨᠠᠨᠴᠢ ᠪᠠᠷ ᠨᠠᠶᠢᠭᠡᠮ ᠤᠨ ᠮᠠᠨᠳᠤᠯ ᠬᠦᠭᠵᠢᠯ ᠤᠨ ᠳᠦᠯᠤᠭᠡᠨᠠ | ᠦᠪᠠᠷ ᠤᠨ ᠬᠤᠪᠢ ᠨᠠᠮᠠᠷᠢ ᠪᠠᠨ ᠦᠵᠠᠬᠦᠯᠬᠦ ᠡᠷᠬᠢᠮ ᠨᠠᠨᠳᠢᠨ ᠬᠠᠶᠢᠷ᠎ᠠ᠂ ᠬᠠᠷᠢᠭᠤᠴᠠᠯᠭᠠᠳᠤ ᠰᠠᠳᠬᠢᠯᠭᠡ ᠲᠠᠢ | ᠪᠠᠶᠢᠬᠤ ᠶᠢ ᠪᠠᠶᠠᠯᠠᠬᠦᠯᠬᠦ ᠭᠡᠷᠡᠭᠳᠠᠢ᠃ ᠢᠩᠬᠢᠮᠠᠨᠵᠢᠨ ᠭᠡᠦᠭᠡᠳ ᠢ ᠵᠦᠪ ᠠᠮᠢᠳᠤᠷᠠᠯ ᠤᠨ ᠦᠵᠠᠯᠳᠠ᠂ ᠶᠢᠷᠳᠢᠨᠴᠤ ᠶᠢᠨ | ᠦᠵᠠᠯᠳᠠ᠂ ᠦᠷᠳᠡᠭ ᠤᠨ ᠦᠵᠠᠯᠳᠠ ᠲᠠᠢ ᠬᠦᠮᠤᠨ ᠪᠤᠯᠭᠠᠨ ᠬᠦᠮᠤᠵᠢᠬᠦᠯᠬᠦ ᠠᠩᠬᠠᠨ ᠤ ᠰᠠᠭᠤᠷᠢ ᠶᠢ ᠪᠠᠳᠤ | ᠳᠠᠯᠪᠢᠵᠦ᠂ ᠤᠯᠤᠰ ᠦᠨᠳᠤᠰᠤᠳᠠᠨ ᠤ ᠪᠠᠨ ᠬᠦᠭᠵᠢᠯ ᠪᠠᠳᠠᠷᠠᠯ ᠳᠤ ᠬᠦᠴᠤᠨ ᠴᠢᠳᠠᠯ ᠢᠶᠠᠨ ᠡᠷᠬᠦᠵᠦ ᠴᠢᠳᠠᠬᠤ ᠵᠦᠪ | ᠬᠦᠮᠤᠨ ᠢ ᠬᠦᠮᠤᠵᠢᠬᠦᠯᠵᠦ ᠴᠢᠳᠠᠨ᠎ᠠ ᠭᠡᠵᠦ ᠦᠵᠠᠵᠦ ᠪᠠᠶᠢᠨ᠎ᠠ᠃ | ᠭᠤᠷᠪᠠ᠂ ᠨᠠᠶᠢᠭᠡᠮ ᠤᠨ ᠭᠡᠪ ᠤᠨ ᠪᠤᠰᠤ ᠦᠵᠡᠭᠳᠠᠯ ᠨᠢ ᠭᠡᠦᠭᠡᠳ ᠤᠨ ᠬᠦᠮᠤᠵᠢᠯ ᠳᠤ ᠵᠤᠬᠢᠬᠤ ᠨᠦᠯᠤᠭᠡ | ᠦᠵᠠᠬᠦᠯᠵᠦ ᠪᠤᠢ᠃ | ᠨᠠᠶᠢᠭᠡᠮ ᠤᠨ ᠨᠢᠰᠬᠦ ᠮᠠᠳᠤ ᠳᠦᠷᠭᠡᠨ ᠬᠦᠭᠵᠢᠯᠳᠠ ᠶᠢ ᠳᠠᠭᠠᠯᠳᠤᠨ᠂ ᠬᠦᠮᠤᠰ ᠤᠨ ᠠᠮᠢᠳᠤᠷᠠᠯ ᠰᠢᠨ᠎ᠠ | ᠵᠠᠭᠤᠴᠢᠯᠠᠭᠤᠷ ᠮᠠᠷᠭᠡᠵᠢᠯ ᠳᠦᠭᠡᠮᠠᠯᠵᠢᠵᠦ᠂ ᠭᠡᠦᠭᠡᠳ ᠪᠠᠭ᠎ᠠ ᠠᠴᠠ ᠪᠠᠨ ᠭᠠᠷ ᠤᠳᠠᠰᠤ᠂ ᠲᠧᠯᠸᠢᠰ ᠦᠵᠠᠬᠦ ᠪᠠᠷ | ᠬᠠᠨᠢ ᠪᠤᠯᠭᠠᠨ ᠠᠮᠢᠳᠤᠷᠠᠬᠤ ᠳᠠᠳᠬᠠᠯ ᠲᠠᠢ ᠪᠤᠯᠤᠭᠰᠠᠠ ᠢᠶᠠᠷ ᠳᠠᠳᠠᠭᠡᠷ ᠨᠠᠶᠢᠭᠡᠮ ᠤᠨ ᠭᠡᠪ ᠤᠨ ᠪᠤᠰᠤ ᠦᠵᠡᠭᠳᠠᠯ | ᠨᠢᠯᠬ᠎ᠠ ᠤᠶᠤᠨ ᠳᠤ ᠨᠢ ᠬᠠᠷ᠎ᠠ ᠳᠤᠯᠪᠤ ᠪᠤᠯᠵᠦ ᠦᠯᠠᠳᠠᠨ᠂ ᠳᠦᠪ ᠪᠤᠰᠤ ᠭᠡᠦᠭᠡᠳ ᠪᠤᠯᠵᠦ ᠬᠦᠮᠦᠵᠢᠭᠳᠡᠬᠦ ᠳᠤ | ᠵᠤᠬᠢᠬᠤ ᠨᠦᠯᠤᠭᠡ ᠦᠵᠠᠬᠦᠯᠵᠦ᠂ ᠵᠠᠯᠠᠭᠤ ᠪᠠᠭ᠎ᠠ ᠭᠡᠦᠭᠡᠳ ᠤᠳ ᠵᠤᠷᠢᠯᠭ᠎ᠠ ᠲᠠᠢ ᠡᠪᠳᠠᠯᠭᠡ ᠬᠢᠬᠦ ᠵᠢᠴᠢ | ᠴᠢᠨᠠᠭᠰᠢᠯᠠᠭᠠᠳ ᠬᠠᠤᠯᠢ ᠠᠴᠠ ᠵᠦᠷᠢᠴᠠᠬᠦ ᠦᠵᠡᠭᠳᠠᠯ ᠵᠦᠩᠳᠠᠭᠡᠨ ᠭᠠᠷᠬᠤ ᠪᠤᠯᠤᠭᠰᠠᠠ᠃ | ᠭᠡᠦᠭᠡᠳ ᠤᠨ ᠬᠦᠮᠤᠨ ᠪᠤᠯᠵᠦ ᠬᠦᠮᠦᠵᠢᠭᠳᠡᠬᠦ ᠳᠤ ᠭᠡᠷ ᠪᠦᠯᠢ᠂ ᠰᠤᠷᠭᠠᠭᠤᠯᠢ᠂ ᠨᠠᠶᠢᠭᠡᠮ ︽ᠭᠤᠷᠪᠠ | ᠤᠶᠠᠯᠳᠤᠭᠰᠠᠠ︾ ᠰᠤᠷᠭᠠᠨ ᠬᠦᠮᠤᠵᠢᠯ ᠴᠢᠬᠤᠯᠠ ᠦᠢᠯᠠᠳᠤᠯ ᠦᠵᠠᠬᠦᠯᠵᠦ ᠪᠠᠶᠢᠳᠠᠭ ᠢ ᠪᠢᠳᠠ ᠪᠦᠬᠦᠨ | ᠮᠠᠳᠠᠳᠡᠭ᠃ ᠭᠡᠬᠦ ᠳᠤ ᠪᠠᠨ ᠭᠡᠷ ᠤᠨ ᠬᠦᠮᠤᠵᠢᠯ ᠤᠨ ᠰᠠᠭᠤᠷᠢᠯᠠᠭᠴᠢ᠂ ᠭᠤᠤᠯᠯᠠᠭᠴᠢ ᠦᠢᠯᠠᠳᠤᠯ ᠢ ᠡᠴᠢᠭᠡ ᠡᠭᠡ | ᠪᠤᠯᠤᠭᠰᠠᠳ ᠶᠠᠭᠠᠬᠢᠭᠰᠠᠠ ᠴᠤ ᠤᠮᠳᠤᠭᠠᠶᠢᠯᠠᠵᠦ ᠪᠤᠯᠬᠤ ᠦᠭᠡᠢ ᠪᠦᠭᠡᠳ ᠭᠡᠷ ᠤᠨ ᠬᠦᠮᠤᠵᠢᠯ ᠭᠡᠦᠭᠡᠳ ᠤᠨ ᠰᠠᠶᠢᠨ | ᠰᠠᠶᠢᠬᠠᠨ ᠳᠠᠳᠬᠠᠯ ᠤᠨ ᠬᠦᠮᠤᠵᠢᠯ ᠳᠤ ᠦᠵᠠᠬᠦᠯᠬᠦ ᠬᠠᠮᠤᠭ ᠤᠨ ᠠᠩᠬᠠᠨ ᠤ ᠮᠦᠷᠳᠠᠭᠡᠨ ᠰᠢᠢᠳᠪᠤᠷᠢᠯᠡᠭᠴᠢ | ᠦᠢᠯᠠᠳᠤᠯ ᠲᠠᠢ ᠪᠠᠶᠢᠳᠠᠭ ᠢ ᠬᠦᠨᠵᠠᠭᠡᠢ ᠤᠶᠢᠯᠠᠭᠠᠵᠦ᠂ ᠬᠤᠶᠢᠴᠢ ᠨᠢᠭᠡ ᠦᠶ᠎ᠠ ᠶᠢᠨ ᠬᠢᠨ ᠢᠶᠠᠨ ᠮᠤᠷᠠᠯ ᠰᠤᠷᠳᠠᠯ᠂ | ᠮᠠᠳᠠᠯᠭᠡ ᠪᠤᠯᠪᠠᠰᠤᠷᠠᠯ ᠡᠯ᠎ᠠ ᠳᠠᠯ᠎ᠠ ᠪᠠᠷ ᠬᠦᠭᠵᠢᠭᠰᠡᠠ᠂ ᠦᠵᠠᠯᠳᠠ ᠳᠠᠨᠢᠯᠳᠠ ᠳᠠᠪᠰᠢᠩᠭᠤᠢ ᠵᠦᠪ ᠬᠦᠮᠤᠨ ᠪᠤᠯᠭᠠᠨ | ᠬᠦᠮᠤᠵᠢᠬᠦᠯᠬᠦ ᠶᠢ ᠡᠭᠦᠷᠢᠳᠠ ᠪᠠᠷᠢᠮᠳᠠᠯᠠᠬᠤ ᠭᠡᠷᠡᠭᠳᠠᠢ᠃ | ᠠᠵᠢᠯᠯᠠᠵᠤ ᠪᠠᠶᠢᠭ᠎ᠠ ᠪᠠᠶᠢᠭᠤᠯᠭ᠎ᠠ᠄ ᠬᠦᠪᠡᠭᠡᠳᠤ ᠰᠢᠷ᠎ᠠ ᠬᠤᠰᠢᠭᠤᠨ ᠤ | ᠨᠢᠭᠡᠳᠤᠭᠡᠷ ᠪᠠᠭ᠎ᠠ ᠰᠤᠷᠭᠠᠭᠤᠯᠢ | ︵ᠠᠯᠳᠠᠨᠰᠦ᠋ᠭᠡ ᠨᠠᠶᠢᠷᠠᠭᠤᠯᠪᠠ︶ | | | |