ᠰᠡᠴᠡᠨᠴᠢᠮᠡᠭ | | | | ᠰᠢᠨ᠎ᠠ ᠮᠢᠩᠭᠠᠨ ᠤ ᠰᠢᠨ᠎ᠠ ᠴᠠᠭ ᠦᠶ᠎ᠡ ᠳᠤ ᠡᠴᠢᠭᠡ ᠡᠭᠡᠴᠤᠤᠯ ᠬᠡᠤᠭᠡᠳ ᠤᠨ ᠢᠶᠠᠨ ᠪᠡᠶ᠎ᠡ ᠰᠡᠳᠬᠢᠯ ᠤᠨ | ᠡᠷᠡᠬᠦᠯ ᠮᠡᠨᠳᠦ ᠶᠢᠨ ᠪᠤᠯᠪᠠᠰᠤᠷᠠᠯ ᠢ ᠲᠡᠷᠢᠬᠦᠨ ᠪᠠᠶᠢᠷᠢᠨ ᠳᠤ ᠲᠠᠯᠪᠢᠨ᠂ ᠬᠡᠤᠭᠡᠳ ᠨᠢᠭᠡ ᠪᠦᠷᠢ ᠪᠤᠯ ᠨᠢᠭᠡᠨ ᠪᠤᠳᠠᠭᠠᠯᠢ | ᠪᠡᠶ᠎ᠡ ᠪᠤᠯᠬᠤ ᠶᠢ ᠬᠦᠨᠳᠤᠳᠭᠡᠵᠤ᠂ ᠲᠡᠳᠡᠨ ᠤ ᠦᠪᠡᠷ ᠦᠪᠡᠷ ᠤᠨ ᠤᠨᠴᠠᠯᠢᠭ ᠰᠢᠨᠵᠢ ᠲᠠᠢ᠂ ᠦᠰᠤᠨ ᠪᠤᠶᠢᠵᠢᠬᠤ | ᠶᠠᠪᠤᠴᠠ᠂ ᠤᠷᠤᠨ ᠵᠠᠢ ᠲᠠᠢ᠂ ᠰᠡᠳᠬᠢᠬᠦᠢ᠂ ᠮᠡᠳᠡᠷᠡᠮᠵᠢ ᠲᠠᠢ ᠭᠡᠳᠡᠭ ᠢ ᠦᠢᠯᠠᠭᠠᠨ᠂ ᠲᠡᠳᠡᠨ ᠤ ᠲᠤᠳᠤᠭᠠᠳᠦ | ᠭᠡᠷᠡᠭᠴᠡᠭᠡ ᠶᠢ ᠬᠠᠩᠭᠠᠵᠤ᠂ ᠠᠮᠢ ᠨᠠᠰᠤᠨ ᠤ ᠤᠷᠤᠰᠬᠠᠯ ᠠᠶᠢᠵᠠᠮ ᠢᠶᠠᠷ ᠠᠮᠢᠳᠤᠷᠠᠭᠤᠯᠤᠨ᠂ ᠬᠡᠤᠭᠡᠳ ᠤᠨ | ᠲᠡᠷᠢᠬᠢ ᠶᠢ ᠬᠦᠭᠵᠢᠬᠦᠯᠵᠦ᠂ ᠤᠶᠤᠨ ᠰᠠᠨᠠᠭ᠎ᠠ ᠰᠡᠳᠬᠢᠬᠦᠢ ᠶᠢ ᠪᠤᠶᠢᠵᠢᠭᠤᠯᠬᠤ ᠳᠤ ᠰᠠᠶᠢᠨ ᠰᠠᠭᠤᠷᠢ ᠶᠢ ᠲᠠᠯᠪᠢᠬᠤ | ᠴᠢᠬᠤᠯᠠᠳᠠᠢ᠃ | ᠤᠳᠤᠬᠠᠨ ᠤ ᠡᠵᠢ ᠠᠪᠤ ᠪᠤᠯᠤᠬᠰᠠᠳ ᠬᠡᠤᠭᠡᠳ ᠢᠶᠠᠨ ᠦᠰᠬᠡᠨ ᠬᠦᠮᠦᠵᠢᠬᠦᠯᠬᠦ ᠲᠠᠯ᠎ᠠ ᠳᠤ ᠮᠠᠰᠢ ᠤᠯᠠᠨ | ᠠᠰᠠᠭᠤᠳᠠᠯ ᠤᠷᠤᠰᠢᠵᠤ᠂ ᠭᠠᠴᠢᠬᠳᠠᠯ ᠲᠦᠪᠡᠭ ᠲᠤ ᠤᠴᠠᠷᠠᠵᠤ ᠪᠠᠶᠢᠭ᠎ᠠ ᠪᠠᠶᠢᠳᠠᠯ ᠳᠤ ᠴᠢᠭᠯᠡᠬᠦᠯᠦᠨ᠂ ᠰᠢᠨ᠎ᠠ ᠴᠠᠭ | ᠡᠷᠢᠨ ᠤ ᠬᠡᠤᠭᠡᠳ ᠢ ᠶᠠᠭᠠᠬᠢᠵᠤ ᠵᠦᠪ ᠬᠦᠮᠦᠵᠢᠬᠦᠯᠬᠦ ᠲᠤᠬᠠᠢ ᠬᠡᠳᠤᠨ ᠲᠠᠯ᠎ᠠ ᠪᠠᠷ ᠲᠦᠬᠦᠮ ᠶᠡᠷᠢᠶ᠎ᠠ᠃ | 1. ᠬᠡᠤᠭᠡᠳ ᠢᠶᠠᠨ ᠵᠦᠪ ᠬᠠᠶᠢᠷᠠᠯᠠᠬᠤ ᠭᠡᠷᠡᠭᠳᠡᠢ | ᠬᠡᠤᠭᠡᠳ ᠪᠤᠯ ᠠᠪᠤ ᠡᠵᠢ ᠠᠴᠠ ᠪᠠᠨ ᠬᠠᠮᠤᠭ ᠤᠨ ᠶᠡᠭᠡ ᠡᠨᠧᠷᠬᠢ ᠠᠪᠤᠨ᠎ᠠ᠃ ᠡᠶᠢᠮᠤ ᠠᠴᠠ ᠠᠪᠤ ᠡᠵᠢ | ᠪᠤᠯᠤᠬᠰᠠᠳ ᠬᠡᠤᠭᠡᠳ ᠢ ᠰᠡᠳᠬᠢᠯᠭᠡ ᠪᠠᠷ ᠢᠶᠠᠨ ᠤᠴᠢᠵᠤ ᠬᠦᠮᠤᠵᠢᠬᠦᠯᠵᠦ ᠬᠠᠶᠢᠷᠠᠯᠠᠬᠤ ᠭᠡᠷᠡᠭᠳᠡᠢ᠃ ᠲᠡᠷᠤᠢ | ᠬᠡᠤᠭᠡᠳ ᠲᠤ ᠪᠠᠨ ᠬᠠᠶᠢᠷᠠᠳᠠᠢ ᠭᠡᠳᠡᠭ ᠢᠶᠠᠨ ᠵᠦᠪ ᠮᠡᠳᠡᠷᠡᠬᠦᠯᠵᠦ ᠰᠤᠷᠬᠤ ᠭᠡᠷᠡᠭᠳᠡᠢ᠃ ᠤᠴᠢᠷ ᠨᠢ ᠰᠢᠨ᠎ᠠ ᠡᠷᠢᠨ ᠤ | ᠬᠡᠤᠭᠡᠳ ᠤᠳ ᠮᠡᠳᠡᠷᠡᠮᠵᠢ ᠨᠢ ᠬᠠᠮᠤᠭ ᠤᠨ ᠶᠡᠭᠡ ᠴᠡᠪᠠᠷᠰᠢᠭ᠍ᠰᠡᠨ ᠤᠴᠢᠷ ᠠᠴᠠ ᠲᠡᠳᠡᠨ ᠢ ᠵᠦᠪᠬᠡᠨ ᠰᠠᠶᠢᠨ ᠢ | ᠢᠳᠡᠬᠦᠯᠵᠦ᠂ ᠰᠠᠶᠢᠬᠠᠨ ᠢ ᠡᠮᠤᠰᠬᠡᠬᠦ ᠠᠴᠠ ᠬᠠᠶᠢᠷ᠎ᠠ ᠶᠢ ᠮᠡᠳᠡᠷᠡᠵᠤ ᠲᠡᠶᠢᠯᠬᠦ ᠦᠭᠡᠢ᠃ ᠬᠠᠷᠢᠨ ᠦᠪᠡᠷ ᠤᠨ ᠦᠭᠡ | ᠶᠠᠷᠢᠶ᠎ᠠ ᠦᠢᠯᠡ ᠠᠵᠢᠯᠯᠠᠭ᠎ᠠ᠂ ᠤᠪᠤᠷ ᠬᠠᠨᠳᠤᠯᠭ᠎ᠠ ᠪᠠᠷ ᠤᠴᠢᠵᠤ ᠲᠡᠳᠡᠨ ᠤ ᠰᠡᠳᠬᠢᠯ ᠳᠤ ᠨᠢ ᠦᠷᠬᠦᠯᠵᠢ ᠲᠠᠭᠠᠳᠠᠢ | ᠮᠡᠳᠡᠷᠡᠮᠵᠢ ᠶᠢ ᠤᠯᠭᠤᠨ᠎ᠠ᠃ ᠵᠢᠱᠢᠶᠠᠯᠠᠪᠠᠯ᠂ ᠬᠡᠤᠭᠡᠳ ᠤᠨ ᠢᠶᠠᠨ ᠲᠤᠯᠤᠭᠠᠢ ᠶᠢ ᠢᠯᠪᠢᠵᠦ ᠠᠪᠤ ᠡᠵᠢ ᠨᠢ ᠬᠠᠶᠢᠷᠠᠳᠠᠢ | ᠭᠡᠳᠡᠭ ᠢᠶᠠᠨ ᠬᠡᠯᠡᠵᠤ ᠢᠯᠡᠳᠭᠡᠬᠦ᠂ ᠲᠡᠪᠡᠷᠢᠵᠤ ᠦᠨᠤᠰᠬᠦ᠂ ᠰᠠᠶᠢᠨᠳᠠᠢ ᠲᠠᠪᠠᠭᠤᠯᠢᠭ ᠲᠠᠯ᠎ᠠ ᠶᠢ ᠤᠯᠵᠦ ᠦᠵᠡᠨ᠂ | ᠬᠡᠤᠭᠡᠳ ᠢᠶᠠᠷ ᠢᠶᠠᠨ ᠪᠠᠭ᠋ᠠᠷᠬᠠᠬᠤ᠂ ᠪᠦᠬᠦ ᠶᠠᠭᠤᠮ᠎ᠠ ᠶᠢ ᠤᠷᠮᠠᠰᠢᠭᠤᠯᠵᠤ ᠵᠤᠷᠢᠬᠵᠢᠭᠤᠯᠤᠨ᠂ ᠡᠶᠡᠷᠬᠦ ᠰᠠᠶᠢᠨᠳᠠᠢ | ᠲᠠᠯ᠎ᠠ ᠠᠴᠠ ᠨᠢ ᠢᠯᠡᠬᠦᠤ ᠶᠠᠷᠢᠵᠤ᠂ ᠵᠦᠪ ᠲᠡᠶᠢᠰᠢ ᠦᠭᠡᠳᠡᠷᠭᠡᠭ ᠢᠶᠠᠷ ᠲᠠᠭᠠᠭᠤᠯᠵᠤ ᠴᠢᠭᠯᠡᠬᠦᠯᠦᠨᠡ᠃ | 2. ᠬᠡᠤᠭᠡᠳ ᠢᠶᠠᠨ ᠵᠦᠪ ᠦᠢᠯᠠᠭᠠᠬᠤ ᠭᠡᠷᠡᠭᠳᠡᠢ | ᠡᠴᠢᠭᠡ ᠡᠬᠡ ᠪᠤᠯᠤᠬᠰᠠᠳ ᠬᠡᠤᠭᠡᠳ ᠢᠶᠠᠨ ᠴᠠᠭ ᠢᠮᠠᠭᠳᠠ ᠠᠩᠬᠠᠷᠴᠤ ᠬᠠᠯᠠᠮᠵᠢᠯᠠᠨ ᠪᠡᠶ᠎ᠡ ᠮᠠᠬᠠᠪᠤᠳ ᠪᠠ | ᠰᠡᠳᠬᠢᠴᠡ ᠶᠢᠨ ᠦᠰᠤᠯᠳᠠ ᠬᠦᠭᠵᠢᠯᠳᠡ᠂ ᠬᠤᠪᠢᠷᠠᠯᠳᠠ ᠪᠠᠶᠢᠳᠠᠯ ᠢ ᠵᠦᠪ ᠦᠢᠯᠠᠭᠠᠨ᠂ ᠲᠠᠳᠡᠨ ᠤ ᠠᠳᠠᠯᠢ ᠪᠤᠰᠤ | ᠨᠠᠰᠤᠨ ᠤ ᠬᠢ ᠦᠰᠤᠨ ᠪᠤᠶᠢᠵᠢᠯᠳᠡ ᠶᠢᠨ ᠵᠢᠮ᠎ᠡ ᠶᠤᠰᠤ ᠶᠢ ᠮᠡᠳᠡᠵᠤ ᠬᠦᠮᠤᠵᠢᠬᠦᠯᠵᠦ ᠬᠦᠭᠵᠢᠬᠦᠯᠦᠨ᠎ᠡ᠃ ᠲᠠᠳᠡᠨ | ᠢ ᠪᠠᠶᠢᠭ᠎ᠠ ᠪᠠᠷ ᠨᠢ ᠬᠦᠯᠢᠶᠡᠨ ᠵᠦᠪᠰᠢᠶᠡᠷᠡᠵᠦ᠂ ᠠᠭᠤᠴᠢᠯᠠᠨ ᠪᠠᠭᠳᠠᠭᠠᠵᠦ᠂ ᠰᠡᠳᠬᠢᠯ ᠢ ᠨᠢ ᠵᠦᠪ | ᠪᠤᠯᠪᠠᠰᠤᠷᠠᠭᠤᠯᠤᠨ᠎ᠠ᠃ ᠵᠢᠱᠢᠶᠠᠯᠠᠪᠠᠯ᠂ ᠴᠢᠨᠤ ᠬᠡᠤᠭᠡᠳ ᠴᠢᠨᠢ ᠰᠢᠯᠭᠠᠯᠳᠠ ᠳᠤ ᠪᠠᠨ ᠠᠨᠠᠢ ᠬᠤᠪᠢ ᠠᠪᠤᠬᠰᠠᠨ ᠴᠤ | ᠵᠦᠪ ᠬᠦᠯᠢᠶᠡᠨ ᠠᠪᠴᠤ ᠪᠠᠭᠳᠠᠭᠠᠵᠤ ᠰᠤᠷᠬᠤ ᠭᠡᠷᠡᠭᠳᠡᠢ᠃ ᠲᠠᠷᠤᠢ ᠠᠨᠠᠢ ᠬᠤᠪᠢ ᠠᠪᠤᠬᠰᠠᠨ ᠰᠢᠯᠳᠠᠭᠠᠨ ᠢ ᠡᠷᠢᠵᠤ᠂ | ᠲᠠᠷᠠᠭᠠᠴᠢ ᠪᠠᠷ ᠠᠯᠬᠤᠮ ᠲᠠᠪᠰᠢᠬᠤ ᠳᠤ ᠨᠢ ᠵᠤᠷᠢᠬᠵᠢᠭᠤᠯᠤᠯ ᠬᠦᠴᠤ ᠦᠭᠬᠦ ᠭᠡᠷᠡᠭᠳᠡᠢ᠃ | 3. ᠬᠡᠤᠭᠡᠳ ᠲᠠᠢ ᠪᠠᠨ ᠵᠦᠪ ᠬᠠᠷᠢᠴᠠᠭ᠎ᠠ ᠶᠢ ᠪᠠᠶᠢᠭᠤᠯᠬᠤ ᠭᠡᠷᠡᠭᠳᠡᠢ | ᠪᠦᠬᠦ ᠬᠦᠮᠦᠨ ᠳᠤ ᠠᠳᠠᠯᠢᠬᠠᠨ ᠦᠭᠬᠦᠭᠳᠡᠭᠰᠡᠨ ᠨᠢᠭᠡ ᠵᠦᠢᠯ ᠪᠤᠯ ᠭᠡᠷ ᠪᠦᠯᠢ ᠪᠠᠶᠢᠳᠠᠭ᠃ ᠭᠡᠷ ᠪᠦᠯᠢ ᠶᠢᠨ | ᠤᠷᠴᠢᠨ᠂ ᠡᠴᠢᠭᠡ ᠡᠬᠡ ᠶᠢᠨ ᠠᠩᠬᠠᠷᠤᠯ ᠬᠠᠯᠠᠮᠵᠢ ᠬᠡᠬᠦ ᠮᠡᠳᠦ ᠶᠢᠨ ᠤᠯᠠᠨ ᠵᠦᠢᠯ ᠠᠴᠠ ᠰᠢᠯᠳᠠᠭᠠᠯᠠᠭᠳᠠᠨ ᠲᠤᠰ | ᠬᠦᠮᠦᠨ ᠨᠢ ᠨᠠᠶᠢᠭᠡᠮ ᠳᠤ ᠶᠠᠮᠠᠷ ᠬᠦᠮᠦᠨ ᠪᠤᠯᠵᠤ ᠦᠰᠴᠤ ᠲᠤᠷᠨᠢᠬᠤ ᠶᠢ ᠨᠦᠯᠤᠭᠡᠯᠡᠳᠡᠭ᠃ | ᠭᠡᠷ ᠪᠦᠯᠢ ᠳᠤ ᠪᠠᠨ ᠡᠶ᠎ᠡ ᠨᠠᠶᠢᠷᠠᠮᠳᠠᠭᠤ᠂ ᠬᠠᠶᠢᠷ᠎ᠠ ᠪᠢᠯᠬᠠᠬᠰᠠᠨ ᠤᠷᠴᠢᠨ ᠢ ᠪᠤᠢ ᠪᠤᠯᠭᠠᠵᠤ᠂ | ᠬᠡᠤᠭᠡᠳ ᠲᠠᠢ ᠪᠠᠨ ᠬᠡᠵᠢᠶᠡᠳᠡ ᠡᠶᠡᠷᠬᠦ ᠪᠠᠷ ᠵᠦᠪ ᠬᠠᠷᠢᠯᠴᠠᠨ᠂ ᠤᠷᠢᠳ ᠢᠶᠠᠷ ᠲᠠᠳᠡᠨ ᠤ ᠰᠠᠨᠠᠯ ᠪᠤᠳᠤᠯ ᠢ | ᠬᠦᠨᠳᠤᠳᠭᠡᠨ ᠰᠤᠨᠤᠰᠴᠤ᠂ ᠲᠠᠷᠠᠭ᠎ᠠ ᠨᠢ ᠭᠡᠷ ᠤᠨ ᠠᠬᠠᠮᠠᠳ ᠠᠴᠠ ᠦᠪᠡᠷ ᠤᠨ ᠰᠠᠨᠠᠯ ᠰᠠᠨᠠᠭᠤᠯᠤᠮᠵᠢ ᠪᠠᠨ ᠢᠯᠡᠳᠬᠡᠨ᠂ | ᠬᠠᠷᠢᠯᠴᠠᠨ ᠦᠢᠯᠠᠭᠠᠯᠴᠠᠵᠤ᠂ ᠡᠴᠢᠭᠡ ᠡᠬᠡ ᠪᠤᠯᠤᠬᠰᠠᠳ᠂ ᠦᠪᠡᠷ ᠤᠨ ᠰᠠᠨᠠᠭ᠎ᠠ ᠪᠤᠳᠤᠯ ᠢᠶᠠᠨ ᠬᠡᠤᠭᠡᠳ ᠲᠤ ᠲᠤᠬᠤᠬᠤ᠂ | ᠲᠠᠳᠡᠨ ᠢ ᠤᠷᠤᠯᠡᠨ ᠰᠢᠢᠳᠪᠤᠷᠢ ᠭᠠᠷᠭᠠᠬᠤ᠂ ᠲᠡᠳᠡᠨ ᠢ ᠠᠯᠪᠠᠳᠠᠨ ᠦᠪᠡᠷ ᠤᠨ ᠰᠠᠨᠠᠭ᠎ᠠ ᠪᠠᠷ ᠢᠶᠠᠨ ᠶᠠᠪᠤᠭᠤᠯᠬᠤ ᠠᠴᠠ | ᠵᠠᠶᠢᠯᠠᠰᠬᠢᠬᠤ ᠭᠡᠷᠡᠭᠳᠡᠢ᠃ ᠠᠯᠢᠪᠠ ᠤᠴᠢᠷ ᠲᠤ ᠰᠢᠢᠳᠪᠤᠷᠢ ᠭᠠᠷᠭᠠᠬᠤ ᠡᠷᠭᠡ ᠶᠢ ᠲᠡᠳᠡᠨ ᠳᠤ ᠦᠭᠬᠦ ᠬᠡᠷᠡᠭᠳᠡᠢ᠃ | ᠭᠡᠷ ᠪᠦᠯᠢ ᠶᠢᠨ ᠠᠵᠠ ᠵᠢᠷᠭᠠᠯ ᠢ ᠮᠡᠳᠡᠷᠡᠬᠦᠯᠵᠦ᠂ ᠬᠡᠤᠭᠡᠳ ᠲᠤ ᠦᠰᠤᠨ ᠪᠤᠶᠢᠵᠢᠬᠤ ᠲᠤᠬᠢᠶᠡᠯ ᠨᠦᠬᠦᠴᠡᠯ᠂ | ᠤᠷᠴᠢᠨ ᠢ ᠬᠠᠩᠭᠠᠵᠤ᠂ ᠡᠴᠢᠬᠡ ᠡᠬᠡ ᠪᠠ ᠬᠡᠤᠭᠡᠳ ᠤᠨ ᠵᠦᠪ ᠬᠠᠷᠢᠴᠠᠭ᠎ᠠ ᠶᠢ ᠪᠠᠶᠢᠭᠤᠯᠤᠨ᠎ᠠ᠃ | 4. ᠬᠡᠤᠭᠡᠳ ᠲᠤ ᠪᠠᠨ ᠢᠳᠡᠭᠡᠯ ᠵᠤᠷᠢᠭ ᠢ ᠤᠯᠭᠤᠨ᠎ᠠ | ᠬᠡᠤᠭᠡᠳ ᠢᠳᠡᠭᠡᠯ ᠢ ᠬᠠᠮᠤᠭ ᠤᠨ ᠦᠢᠷ᠎ᠠ ᠬᠦᠮᠤᠨ ᠠᠴᠠ ᠪᠠᠨ ᠠᠪᠳᠠᠭ᠃ ᠡᠶᠢᠮᠤ ᠠᠴᠠ ᠡᠴᠢᠭᠡ ᠡᠬᠡᠴᠦᠤᠯ | ᠵᠠᠭᠤᠨ ᠤ ᠵᠠᠭᠤ ᠪᠠᠷ ᠬᠡᠤᠭᠡᠳ ᠢᠶᠠᠨ ᠢᠳᠡᠭᠡᠵᠤ᠂ ᠬᠡᠤᠭᠡᠳ ᠢ ᠦᠪᠡᠷ ᠢ ᠪᠠᠨ ᠢᠳᠡᠬᠡᠬᠦ ᠢᠳᠡᠭᠡᠯ ᠲᠠᠢ᠂ ᠵᠤᠷᠢᠭ | ᠰᠦᠰᠤ ᠲᠠᠢ ᠪᠤᠯᠭᠠᠨ ᠬᠦᠮᠦᠵᠢᠬᠦᠯᠦᠨ᠎ᠠ᠃ ᠪᠠᠭ᠎ᠠ ᠠᠴᠠ ᠨᠢ ᠦᠪᠡᠷ ᠤᠨ ᠬᠢᠵᠤ ᠲᠡᠶᠢᠯᠬᠦ ᠵᠦᠢᠯᠡᠰ ᠢ ᠪᠡᠶ᠎ᠡ ᠶᠢ ᠨᠢ | ᠲᠠᠭᠠᠭᠠᠯᠭᠠᠨ ᠬᠢᠯᠭᠡᠵᠤ᠂ ᠦᠪᠡᠷ ᠤᠨ ᠪᠡᠶ᠎ᠡ ᠪᠠᠷ ᠨᠢ ᠦᠰᠤᠨ ᠪᠤᠶᠢᠵᠢᠬᠤ ᠶᠠᠪᠤᠴᠠ ᠠᠷᠭ᠎ᠠ ᠶᠢ ᠪᠡᠶᠡᠴᠢᠯᠡᠨ | ᠦᠩᠭᠡᠷᠡᠭᠡᠵᠤ ᠮᠡᠳᠡᠷᠡᠬᠦᠯᠤᠨᠠ᠃ ᠶᠡᠷᠤᠨᠢ ︽ᠵᠢᠭᠠᠵᠤ ᠰᠤᠷᠭᠠᠬᠤ ᠪᠠᠷ ᠵᠠᠷᠤᠵᠦ ᠰᠤᠷᠭ᠎ᠠ᠂ ᠬᠡᠯᠡᠵᠤ ᠰᠤᠷᠭᠠᠬᠤ ᠪᠠᠷ | ᠬᠢᠵᠤ ᠰᠤᠷᠭ᠎ᠠ︾ ᠭᠡᠳᠡᠭ ᠰᠢᠤ᠃ | ᠪᠢᠳᠠ ᠬᠡᠤᠭᠡᠳ ᠲᠤ ᠪᠠᠨ ︽ᠪᠢ ᠪᠤᠯᠵᠤ ᠪᠠᠶᠢᠨ᠎ᠠ︾᠂ ︽ᠪᠢ ᠶᠠᠭᠤ ᠬᠢᠭᠰᠡᠨ ᠴᠦ ᠴᠢᠳᠠᠨ᠎ᠠ︾ ᠬᠡᠬᠦ | ᠢᠳᠡᠭᠡᠯ ᠵᠤᠷᠢᠭ ᠢ ᠴᠠᠭ ᠢᠮᠠᠭᠳᠠ ᠤᠯᠭᠤᠵᠤ ᠪᠠᠶᠢᠪᠠᠯ ᠲᠡᠳᠡᠨ ᠤ ᠬᠤᠶᠢᠰᠢᠳᠠ ᠶᠢᠨ ᠦᠰᠤᠨ ᠪᠤᠶᠢᠵᠢᠯᠳᠡ᠂ | ᠬᠦᠭᠵᠢᠯᠳᠡ ᠬᠤᠪᠢᠷᠠᠯᠳᠠ ᠳᠤ ᠴᠢᠬᠤᠯᠠ ᠦᠢᠯᠡᠳᠤᠯ ᠦᠵᠡᠬᠦᠯᠤᠨ᠂ ᠦᠪᠡᠷ ᠤᠨ ᠪᠡᠶ᠎ᠡ ᠳᠤ ᠪᠠᠨ ᠢᠳᠡᠭᠡᠯ | ᠲᠦᠬᠦᠷᠠᠩ ᠤᠷᠤᠬᠰᠢ ᠲᠠᠪᠰᠢᠵᠤ ᠲᠡᠶᠢᠯᠤᠨ᠎ᠠ᠃ | 5. ᠬᠡᠤᠭᠡᠳ ᠢ ᠬᠦᠰᠡᠯ ᠲᠡᠮᠡᠤᠯᠤᠯ ᠲᠠᠢ ᠪᠤᠯᠭᠠᠨ᠎ᠠ | ᠬᠡᠤᠭᠡᠳ ᠤᠨ ᠨᠢᠭᠡ ᠨᠠᠰᠤᠨ ᠳᠤ ᠪᠠᠨ ᠬᠠᠳᠠᠭᠠᠯᠠᠵᠤ ᠶᠠᠪᠤᠬᠤ ᠡᠷᠳᠡᠨᠢ — ᠡᠷᠬᠢᠮ ᠨᠠᠨᠳᠢᠨ ᠵᠦᠢᠯ ᠪᠤᠯ | ᠬᠦᠰᠡᠯ ᠪᠤᠯᠤᠨ᠎ᠠ᠃ ᠬᠡᠤᠭᠡᠳ ᠤᠨ ᠦᠪᠡᠷ ᠤᠨ ᠬᠢᠨᠢ ᠰᠤᠨᠢᠷᠬᠠᠯ᠂ ᠲᠤᠷ᠎ᠡ ᠪᠠᠬ᠎ᠠ ᠶᠢ ᠨᠢ ᠨᠡᠭᠡᠭᠡᠨ ᠢᠯᠡᠷᠡᠬᠦᠯᠵᠦ᠂ | ᠬᠦᠰᠡᠯ ᠮᠦᠷᠤᠭᠡᠳᠤᠯ ᠲᠠᠢ ᠪᠤᠯᠭᠠᠨ᠎ᠠ᠃ | ᠬᠡᠤᠭᠡᠳ ᠤᠨ ᠦᠪᠡᠷ ᠤᠨ ᠬᠦᠰᠡᠯ ᠲᠡᠮᠡᠤᠯᠤᠯ ᠢᠶᠠᠷ ᠠᠮᠢᠳᠤᠷᠠᠬᠤ ᠴᠢᠭᠯᠡᠬᠦᠷ ᠵᠤᠷᠢᠯᠭ᠎ᠠ ᠲᠠᠢ ᠪᠤᠯᠭᠠᠪᠠᠯ᠂ | ᠲᠡᠳᠡ ᠦᠪᠡᠷ ᠤᠨ ᠲᠤᠷᠠᠳᠠᠢ ᠵᠦᠢᠯ ᠢᠶᠠᠨ ᠬᠢᠬᠦ ᠡᠷᠴᠢ ᠬᠦᠴᠦ ᠨᠢ ᠨᠡᠮᠡᠭᠳᠡᠵᠦ᠂ ᠬᠦᠰᠡᠯ ᠲᠡᠮᠡᠤᠯᠤᠯ ᠤᠨ ᠢᠶᠠᠨ | ᠲᠦᠯᠤᠭᠡ ᠲᠡᠮᠡᠴᠡᠬᠦ ᠬᠠᠷᠠᠯᠳᠡ ᠲᠤᠳᠤᠷᠬᠠᠢ ᠪᠤᠯᠵᠤ ᠠᠮᠵᠢᠯᠳᠠ ᠤᠯᠵᠦ ᠴᠢᠳᠠᠨ᠎ᠠ᠃ | ᠵᠢᠱᠢᠶᠠᠯᠠᠪᠠᠯ᠂ ᠨᠢᠭᠡ ᠬᠡᠤᠭᠡᠳ ᠵᠢᠷᠤᠬᠴᠢᠨ ᠪᠤᠯᠬᠤ ᠬᠦᠰᠡᠯ ᠲᠠᠢ ᠪᠤᠯ ᠵᠢᠷᠤᠭ ᠵᠢᠷᠤᠬᠤ ᠲᠤᠷᠠᠳᠠᠢ᠂ ᠨᠠᠷᠡᠳᠦ | ᠵᠢᠷᠤᠬᠴᠢᠨ ᠤ ᠪᠦᠳᠤᠭᠡᠯ ᠢ ᠰᠤᠨᠢᠷᠬᠠᠳᠠᠭ᠂ ᠶᠠᠮᠠᠷ ᠵᠢᠷᠤᠭ ᠤᠨ ᠮᠠᠷᠭᠡᠵᠢᠯ ᠢ ᠰᠤᠷᠤᠯᠴᠠᠬᠤ ᠨᠢ ᠨᠠᠳᠠ ᠳᠤ ᠲᠤᠬᠢᠷᠠᠬᠤ | ᠵᠠᠷᠭᠡ ᠶᠢ ᠪᠦᠷ ᠦᠪᠡᠷ ᠢᠶᠠᠨ ᠰᠤᠳᠤᠯᠵᠤ ᠰᠤᠩᠭᠤᠵᠤ ᠲᠡᠶᠢᠯᠳᠡᠭ ᠮᠦᠷᠳᠡᠭᠡᠨ ᠡᠬᠦᠨ ᠤ ᠲᠦᠯᠤᠭᠡ ᠴᠢᠷᠮᠠᠶᠢᠨ | ᠲᠡᠮᠡᠴᠡᠵᠤ ᠦᠨᠡᠨ ᠬᠦ ᠠᠮᠵᠢᠯᠳᠠ ᠪᠦᠳᠤᠭᠡᠯ ᠢ ᠤᠯᠵᠦ ᠴᠢᠳᠠᠨ᠎ᠠ᠃ | 6. ᠬᠡᠤᠭᠡᠳ ᠢ ᠵᠦᠪ ᠲᠠᠳᠬᠠᠯ ᠲᠠᠢ ᠪᠤᠯᠭᠠᠨ᠎ᠠ | ᠰᠠᠶᠢᠨ ᠰᠠᠶᠢᠬᠠᠨ ᠲᠠᠳᠬᠠᠯ ᠤᠨ ᠬᠦᠮᠤᠵᠢᠯ ᠨᠢ ᠨᠠᠰᠤᠨ ᠲᠤᠷᠰᠢᠳᠡ ᠶᠢᠨ ᠰᠠᠶᠢᠨ ᠰᠠᠶᠢᠬᠠᠨ | ᠦᠢᠯᠡ ᠠᠵᠢᠯᠯᠠᠭᠠᠨ ᠤ ᠲᠠᠳᠬᠠᠯ ᠲᠠᠢ ᠪᠤᠯᠭᠠᠬᠤ ᠪᠠᠷ ᠵᠤᠷᠢᠯᠳᠡ ᠪᠠᠨ ᠪᠤᠯᠭᠠᠳᠠᠭ ᠠᠴᠠ ᠬᠡᠤᠭᠡᠳ ᠢ ᠵᠦᠪ | ᠠᠮᠢᠳᠤᠷᠠᠬᠤ ᠲᠠᠳᠬᠠᠯ ᠲᠠᠢ ᠪᠤᠯᠭᠠᠬᠤ ᠡᠩ ᠤᠨ ᠴᠠᠭ ᠤᠨ ᠠᠷᠰᠠᠷ ᠪᠠᠭ᠎ᠠ ᠶᠠᠪᠤᠳᠠᠯ ᠠᠴᠠ ᠭᠠᠷᠳᠠᠨ | ᠬᠦᠮᠦᠵᠢᠬᠦᠯᠤᠨ᠎ᠠ᠃ ᠵᠢᠱᠢᠶᠠᠯᠠᠪᠠᠯ᠂ ᠬᠡᠤᠭᠡᠳ ᠢ ᠲᠤᠬᠳᠠᠭᠰᠠᠨ ᠴᠠᠭ ᠲᠤ ᠤᠨᠳᠠᠵᠤ ᠠᠮᠠᠷᠠᠭᠤᠯᠬᠤ᠂ ᠡᠷᠡᠬᠦᠯ ᠢᠶᠠᠷ | ᠬᠤᠭᠤᠯᠠᠯᠠᠬᠤ᠂ ᠡᠳᠤᠷ ᠪᠦᠷᠢ ᠠᠷᠪᠠᠨ ᠲᠠᠪᠤᠨ ᠮᠢᠨᠦ᠋ᠲ ᠨᠤᠮ ᠤᠩᠰᠢᠬᠤ᠂ ᠪᠡᠶ᠎ᠡ ᠶᠢᠨ ᠲᠡᠮᠢᠷ ᠤᠨ ᠬᠦᠳᠡᠯᠭᠡᠭᠡᠨ ᠳᠤ | ᠤᠷᠤᠯᠴᠠᠬᠤ ᠮᠡᠳᠦ ᠪᠠᠷ ᠪᠠᠭ᠎ᠠ ᠵᠦᠢᠯ ᠢ ᠬᠢᠵᠤ ᠲᠡᠶᠢᠯᠦᠭᠰᠡᠨ ᠢᠶᠠᠷ ᠬᠤᠵᠢᠮ ᠶᠡᠭᠡ ᠶᠢ ᠪᠦᠳᠤᠭᠡᠬᠦ ᠰᠠᠶᠢᠬᠠᠨ ᠲᠠᠳᠬᠠᠯ | ᠤᠬᠠᠮᠰᠠᠷ ᠲᠤ ᠰᠠᠶᠢᠨ ᠰᠠᠭᠤᠷᠢ ᠲᠠᠢ ᠪᠤᠯᠵᠤ᠂ ᠨᠠᠰᠤᠨ ᠲᠤᠷᠰᠢᠳᠡ ᠶᠢᠨ ᠠᠮᠢᠳᠤᠷᠠᠯ ᠳᠤ ᠨᠢ ᠵᠦᠪ ᠨᠦᠯᠤᠭᠡ ᠶᠢ | ᠠᠪᠴᠢᠷᠠᠵᠤ ᠲᠡᠶᠢᠯᠤᠨ᠎ᠠ᠃ | 7. ᠬᠡᠤᠭᠡᠳ ᠲᠤ ᠵᠦᠪ ᠤᠷᠴᠢᠨ ᠢ ᠬᠠᠩᠭᠠᠵᠤ ᠦᠭᠬᠦᠨ᠎ᠡ | ᠬᠡᠤᠭᠡᠳ ᠢ ᠪᠠᠭ᠎ᠠ ᠠᠴᠠ ᠨᠢ ᠡᠴᠢᠬᠡ ᠡᠬᠡ ᠨᠢ ᠦᠭᠡᠳᠡᠷᠭᠡᠭ ᠵᠦᠪ ᠠᠮᠢᠳᠤᠷᠠᠳᠠᠭ᠂ ᠰᠤᠷᠤᠯᠴᠠᠬᠤ ᠲᠤᠷᠠᠳᠠᠢ᠂ | ᠪᠤᠰᠤᠳ ᠢ ᠬᠠᠯᠠᠮᠵᠢᠯᠠᠵᠤ ᠬᠠᠪᠰᠤᠷᠤᠨ ᠬᠦᠨᠳᠤᠳᠭᠡᠳᠡᠭ ᠭᠡᠷ ᠪᠦᠯᠢ ᠶᠢᠨ ᠵᠦᠪ ᠡᠷᠡᠬᠦᠯ ᠤᠷᠴᠢᠨ ᠢ ᠪᠤᠢ ᠪᠤᠯᠭᠠᠨ᠂ | ᠲᠠᠭᠤᠷᠢᠶᠠᠯ ᠤᠨ ᠦᠢᠯᠡᠳᠤᠯ ᠢᠶᠠᠷ ᠬᠡᠤᠭᠡᠳ ᠢ ᠲᠠᠭᠠᠭᠤᠯᠵᠤ᠂ ᠭᠡᠷ ᠪᠦᠯᠢ ᠶᠢᠨ ᠰᠤᠶᠤᠯ ᠤᠨ ᠤᠷᠴᠢᠨ | ᠲᠤᠭᠤᠷᠢᠨ ᠢᠶᠠᠷ ᠬᠡᠤᠭᠡᠳ ᠤᠨ ᠲᠤᠳᠤᠷ᠎ᠠ ᠪᠠᠶᠢᠭ᠎ᠠ ᠤᠶᠤᠨ ᠰᠠᠨᠠᠭ᠎ᠠ ᠶᠢ ᠬᠦᠭᠵᠢᠬᠦᠯᠦᠨ ᠪᠤᠶᠢᠵᠢᠭᠤᠯᠵᠤ | ᠤᠷᠭᠤᠭᠤᠯᠤᠨ᠎ᠠ᠃ ᠡᠰᠡᠬᠦᠯ᠎ᠠ ᠡᠬᠡ ᠪᠠᠶᠢᠭᠠᠯᠢ ᠳᠤ ᠨᠢ ᠦᠢᠷᠠᠳᠤᠭᠤᠯᠤᠨ ᠮᠤᠩᠭᠤᠯ ᠠᠮᠢᠳᠤᠷᠠᠯ᠂ ᠮᠠᠯᠵᠢᠬᠤ ᠰᠤᠶᠤᠯ | ᠠᠬᠤᠢ ᠶᠢ ᠦᠢᠯᠠᠭᠠᠭᠤᠯᠤᠨ᠂ ᠬᠦᠮᠤᠵᠢᠯ ᠬᠦᠷᠳᠡᠭᠡᠵᠤ ᠪᠤᠯᠤᠨ᠎ᠠ᠃ ᠵᠢᠱᠢᠶᠠᠯᠠᠪᠠᠯ᠂ ᠮᠠᠯᠵᠢᠬᠤ ᠰᠤᠶᠤᠯ ᠤᠨ | ᠬᠠᠮᠳᠦ ᠶᠢᠨ ᠵᠤᠰᠠᠯᠠᠩ ᠤᠨ ᠠᠵᠢᠯᠯᠠᠭ᠎ᠠ ᠳᠤ ᠤᠷᠤᠯᠴᠠᠬᠤ ᠲᠤᠮᠳᠠ ᠡᠬᠡ ᠪᠠᠶᠢᠭᠠᠯᠢ ᠳᠤ ᠴᠢᠯᠤᠭᠡᠳᠡᠢ ᠨᠠᠭᠠᠳᠴᠤ | ᠲᠤᠬᠯᠠᠭᠤᠯᠬᠤ᠂ ᠪᠤᠰᠤᠳ ᠲᠠᠢ ᠬᠠᠷᠢᠯᠴᠠᠵᠤ ᠰᠤᠷᠬᠤ᠂ ᠮᠤᠩᠭᠤᠯ ᠠᠮᠢᠳᠤᠷᠠᠯ ᠳᠤ ᠪᠡᠶᠡᠴᠢᠯᠡᠨ ᠤᠷᠤᠯᠴᠠᠵᠤ | ᠪᠤᠯᠤᠨ᠎ᠠ᠃ | 8. ᠬᠡᠤᠭᠡᠳ ᠲᠤ ᠠᠵᠠ ᠵᠢᠷᠭᠠᠯ ᠢ ᠮᠡᠳᠡᠷᠡᠬᠦᠯᠵᠦ ᠰᠤᠷᠭᠠᠨ᠎ᠠ | ᠬᠡᠤᠭᠡᠳ ᠢ ᠦᠷᠬᠦᠯᠵᠢ ᠦᠭᠡᠳᠡᠷᠭᠡᠭ ᠪᠠᠶᠢᠯᠭᠠᠵᠤ᠂ ᠪᠠᠶᠠᠷ ᠪᠠᠶᠠᠰᠤᠯ ᠢᠶᠠᠨ ᠬᠤᠪᠢᠶᠠᠯᠴᠠᠬᠤ᠂ ᠪᠤᠰᠤᠳ ᠤᠨ | ᠰᠠᠶᠢᠨ ᠲᠠᠯ᠎ᠠ ᠶᠢ ᠢᠯᠡᠬᠦᠤ ᠬᠠᠷᠠᠵᠤ᠂ ᠰᠠᠭᠠᠳ ᠪᠠᠷᠭᠡᠰᠢᠶᠠᠯ ᠢ ᠡᠶᠡᠷᠬᠦ ᠪᠠᠷ ᠬᠦᠯᠢᠶᠠᠨ ᠠᠪᠬᠤ᠂ ᠵᠤᠷᠢᠭ ᠰᠦᠰᠤ᠂ | ᠲᠡᠰᠪᠤᠷᠢ ᠲᠡᠪᠴᠢᠶᠠᠷᠢᠳᠡᠢ ᠪᠠᠶᠢᠬᠤ᠂ ᠪᠤᠰᠤᠳ ᠢ ᠠᠭᠤᠴᠢᠯᠠᠵᠤ ᠪᠠᠭᠳᠠᠭᠠᠬᠤ᠂ ᠲᠠᠯᠠᠷᠬᠠᠵᠤ ᠬᠠᠶᠢᠷᠠᠯᠠᠵᠤ | ᠰᠤᠷᠬᠤ ᠠᠴᠠ ᠠᠮᠢᠳᠤᠷᠠᠯ ᠤᠨ ᠠᠵᠠ ᠵᠢᠷᠭᠠᠯ ᠢ ᠮᠡᠳᠡᠷᠡᠬᠦᠯᠵᠦ ᠰᠤᠷᠭᠠᠨ᠎ᠠ᠃ | ᠡᠨᠡ ᠮᠡᠳᠦ ᠪᠠᠷ ᠬᠡᠤᠭᠡᠳ ᠢ ᠠᠮᠢᠳᠤᠷᠠᠯ ᠢ ᠬᠠᠶᠢᠷᠠᠯᠠᠬᠤ᠂ ᠠᠮᠢᠳᠤᠷᠠᠯ ᠢ ᠡᠷᠬᠢᠮᠯᠡᠨ ᠲᠡᠭᠡᠳᠤᠯᠡᠬᠦ᠂ | ᠦᠪᠡᠷ ᠢ ᠪᠠᠨ ᠦᠨᠡᠯᠡᠬᠦ᠂ ᠦᠪᠡᠷ ᠤᠨ ᠪᠡᠶ᠎ᠡ ᠳᠤ ᠪᠠᠨ ᠢᠳᠡᠭᠡᠯᠳᠡᠢ᠂ ᠤᠬᠠᠭᠠᠯᠢᠭ ᠪᠠᠶᠢᠬᠤ ᠵᠦᠪ ᠬᠦᠮᠤᠨ ᠪᠤᠯᠤᠨ | ᠬᠦᠮᠤᠵᠢᠬᠦ ᠳᠤ ᠰᠠᠶᠢᠨ ᠰᠠᠭᠤᠷᠢ ᠶᠢ ᠲᠡᠯᠪᠢᠵᠦ ᠲᠡᠶᠢᠯᠬᠦ ᠮᠦᠷᠳᠡᠭᠡᠨ ᠮᠡᠳᠡᠯᠭᠡ᠂ ᠰᠢᠳᠤᠷᠭᠤ ᠶᠤᠰᠤ᠂ ᠬᠦᠮᠤᠨ ᠴᠢᠨᠠᠷ᠂ | ᠠᠪᠢᠶᠠᠰ ᠴᠢᠳᠠᠪᠤᠷᠢ ᠵᠠᠷᠭᠡ ᠪᠦᠬᠦ ᠲᠡᠯ᠎ᠠ ᠶᠢ ᠨᠢ ᠲᠡᠩᠴᠡᠬᠦᠷᠢ ᠲᠠᠢ ᠬᠦᠭᠵᠢᠬᠦᠯᠵᠦ ᠲᠡᠶᠢᠯᠬᠦ ᠨᠢ ᠯᠠᠪᠳᠠᠢ ᠶᠤᠮ᠃ | ᠠᠵᠢᠯᠯᠠᠵᠤ ᠪᠠᠶᠢᠭ᠎ᠠ ᠪᠠᠶᠢᠭᠤᠯᠭ᠎ᠠ᠄ ᠬᠦᠪᠡᠭᠡᠳᠤ ᠰᠢᠷ᠎ᠠ ᠬᠤᠰᠢᠭᠤᠨ ᠤ | ᠨᠢᠭᠡᠳᠤᠭᠡᠷ ᠪᠠᠭ᠎ᠠ ᠰᠤᠷᠭᠠᠭᠤᠯᠢ | ︵ᠠᠯᠳᠠᠨᠰᠦ᠋ᠭᠡ ᠨᠠᠶᠢᠷᠠᠭᠤᠯᠪᠠ︶ | | | |