ᠰᠡᠴᠡᠨᠴᠢᠮᠡᠭ ᠰᠣᠳᠣᠴᠡᠴᠡᠭ | | | | | | | ᠰᠤᠷᠭᠠᠭᠤᠯᠢ ᠶᠢᠨ ᠭᠤᠣᠯ ᠠᠵᠢᠯ ᠪᠣᠯ ᠰᠣᠷᠭᠠᠨ ᠬᠦᠮᠦᠵᠢᠯ ᠵᠢᠭᠠᠨ ᠰᠣᠷᠭᠠᠯᠳᠠ ᠶᠢᠨ ᠠᠵᠢᠯ ᠮᠦᠨ᠃ ᠡᠨᠡ | ᠬᠦ ᠠᠵᠢᠯ ᠢ ᠪᠠᠭᠰᠢ ᠨᠠᠷ ᠭᠠᠷᠳᠠᠨ ᠬᠦᠢᠴᠡᠳᠭᠡᠳᠡᠭ᠃ ᠨᠢᠭᠡᠨ ᠰᠢᠯᠢᠳᠡᠭ ᠪᠠᠭᠰᠢ᠂ ᠢᠳᠡᠷ ᠵᠠᠯᠠᠭᠤ ᠪᠠᠭᠰᠢ᠂ ᠭᠠᠯ | ᠵᠠᠯᠠᠭᠤ ᠪᠠᠭᠰᠢ ᠶᠢᠨ ᠡᠩᠨᠡᠭᠡ ᠪᠠᠶᠢᠮᠠᠨᠵᠢᠨ ᠰᠠᠶ᠋ᠢ ᠨᠢᠭᠡᠨ ᠰᠤᠷᠭᠠᠭᠤᠯᠢ ᠶᠢ ᠥᠭᠡᠳᠡ ᠨᠢ ᠳᠠᠳᠠᠵᠤ᠂ ᠡᠬᠦᠷᠭᠡ | ᠬᠠᠷᠢᠭᠤᠴᠠᠯᠭ᠎ᠠ ᠪᠠᠨ ᠬᠢᠯᠠᠰ ᠪᠡᠶᠡᠯᠡᠬᠦᠯᠦᠨ ᠠᠷᠠᠳ ᠲᠦᠮᠡᠨ ᠳᠤ ᠬᠠᠨᠤᠮᠵᠢᠳᠠᠢ ᠰᠤᠷᠭᠠᠨ ᠬᠦᠮᠦᠵᠢᠯ ᠢ ᠡᠷᠬᠢᠯᠡᠵᠣ | ᠴᠢᠳᠠᠨ᠎ᠠ᠃ ᠲᠡᠷᠣᠢ ᠨᠢᠭᠡᠨ ᠪᠦᠯᠦᠭ ᠬᠠᠷᠢᠭᠤᠴᠠᠯᠭᠠᠳᠤ ᠰᠡᠳᠬᠢᠯᠭᠡ ᠬᠢᠭᠡᠳ ᠲᠤᠷᠰᠢᠯᠭ᠎ᠠ ᠬᠦᠢᠴᠡᠳ ᠠᠬᠠᠮᠠᠳ | ᠪᠠᠭᠰᠢ ᠶᠢᠨ ᠡᠩᠨᠡᠭᠡ᠂ ᠰᠣᠷᠴᠤ ᠰᠤᠳᠤᠯᠬᠤ ᠲᠣᠷᠠᠳᠠᠢ᠂ ᠠᠵᠢᠯ ᠦᠢᠯᠡᠰ ᠢᠶᠠᠨ ᠬᠠᠶᠢᠷᠠᠯᠠᠨ ᠳᠡᠭᠡᠳᠦᠯᠡᠵᠣ᠂ | ᠤᠬᠠᠮᠰᠠᠷ ᠠᠴᠠ ᠪᠠᠨ ᠢᠳᠡᠪᠬᠢᠳᠠᠢ ᠠᠵᠢᠯᠯᠠᠵᠤ ᠵᠢᠭᠠᠨ ᠰᠣᠷᠭᠠᠯᠳᠠ ᠪᠠᠨ ᠥᠷᠭᠦᠯᠵᠢ ᠡᠷᠬᠢᠴᠡᠭᠦᠯᠦᠨ ᠵᠠᠳᠠᠯᠵᠤ᠂ | ᠰᠢᠨᠡᠳᠭᠡᠨ ᠦᠭᠡᠷᠡᠴᠢᠯᠡᠵᠣ ᠴᠢᠳᠠᠳᠠᠭ ᠢᠳᠡᠷ ᠨᠠᠰᠤᠨ ᠤ ᠪᠠᠭᠰᠢ ᠶᠢᠨ ᠡᠩᠨᠡᠭᠡ ᠪᠠᠰᠠ ᠤᠨᠴᠠᠭᠠᠶᠢᠯᠠᠨ ᠰᠢᠨ᠎ᠡ ᠴᠠᠭ | ᠦᠶ᠎ᠡ ᠶᠢᠨ ᠮᠡᠳᠡᠯᠭᠡ ᠮᠡᠷᠭᠡᠰᠢᠯ ᠦᠨᠳᠦᠷ᠂ ᠣᠳᠣᠬᠢᠴᠢᠯᠠᠭᠰᠠᠨ ᠪᠠᠭᠠᠵᠢ ᠲᠤᠨᠤᠭᠯᠠᠯ ᠳᠤ ᠲᠠᠳᠮᠠᠭᠠᠢ᠂ ᠰᠢᠨ᠎ᠡ ᠶᠢ | ᠡᠭᠦᠳᠬᠦ ᠤᠬᠠᠮᠰᠠᠷ ᠵᠣᠷᠢᠭ ᠲᠠᠢ᠂ ᠴᠠᠭ ᠦᠶ᠎ᠡ ᠲᠠᠢ ᠵᠡᠷᠭᠡᠴᠡᠨ ᠣᠷᠣᠭᠰᠢᠯᠠᠵᠤ ᠴᠢᠳᠠᠬᠤ ᠵᠠᠯᠠᠭᠤ ᠪᠠᠭᠰᠢ ᠶᠢᠨ | ᠡᠩᠨᠡᠭᠡ ᠪᠠᠶᠢᠬᠤ ᠬᠡᠷᠡᠭᠳᠡᠢ᠃ ᠢᠩᠭᠢᠮᠡᠨᠵᠢᠨ ᠰᠠᠶ᠋ᠢ ᠨᠢᠭᠡᠨ ᠰᠤᠷᠭᠠᠭᠤᠯᠢ ᠠᠮᠢᠵᠢᠷᠠᠯ ᠤᠨ ᠬᠦᠴᠦᠨ ᠢᠶᠠᠷ ᠪᠢᠯᠬᠠᠵᠣ᠂ | ᠢᠳᠡᠷᠡᠭᠦᠨ ᠢᠶᠠᠷ ᠤᠷᠤᠭᠰᠢᠯᠠᠨ ᠲᠠᠪᠰᠢᠵᠣ ᠴᠢᠳᠠᠨ᠎ᠠ᠃ ᠡᠭᠦᠨ ᠳᠤ ᠰᠠᠶ᠋ᠢᠬᠠᠨ ᠠᠵᠢᠯ ᠤᠨ ᠪᠠᠶᠢᠷᠢᠨ ᠳᠤ ᠭᠠᠷᠤᠭᠰᠠᠨ | ᠵᠠᠯᠠᠭᠤ ᠪᠠᠭᠰᠢ ᠨᠠᠷ ᠢ ᠬᠦᠮᠦᠵᠢᠭᠦᠯᠦᠨ ᠪᠤᠯᠪᠠᠰᠣᠷᠠᠭᠤᠯᠬᠤ ᠠᠵᠢᠯ ᠢ ᠣᠮᠳᠤᠭᠠᠶᠢᠯᠠᠵᠣ ᠪᠤᠯᠬᠤ ᠦᠭᠡᠢ᠂ ᠬᠠᠷᠢᠨ | ᠬᠦᠨᠳᠤᠳᠭᠡᠨ ᠠᠳᠬᠤᠵᠤ᠂ ᠦᠨᠳᠦᠷ ᠦᠷ᠎ᠡ ᠠᠰᠢᠭ ᠢ ᠡᠭᠦᠳᠴᠣ᠂ ᠰᠤᠷᠭᠠᠭᠤᠯᠢ ᠶᠢᠨ ᠡᠷᠡᠭᠦᠯ ᠪᠤᠯᠪᠠᠰᠣᠨ | ᠬᠦᠭᠵᠢᠯᠳᠡ ᠶᠢ ᠠᠬᠢᠭᠤᠯᠬᠤ ᠪᠣᠯ ᠰᠤᠷᠭᠠᠭᠤᠯᠢ ᠶᠢᠨ ᠵᠢᠭᠠᠨ ᠰᠤᠷᠭᠠᠯᠳᠠ ᠶᠢ ᠨᠠᠩ ᠢᠯᠠᠭᠦᠦ ᠬᠢᠷᠢ ᠲᠦᠪᠰᠢᠨ ᠵᠦᠭ | ᠲᠦᠯᠬᠢᠨ ᠠᠬᠢᠭᠤᠯᠬᠤ ᠳᠤ ᠲᠤᠳᠠᠭᠳᠠᠵᠤ ᠪᠤᠯᠤᠰᠢ ᠦᠭᠡᠢ ᠶᠤᠮ᠃ | ᠲᠤᠤᠷ᠎ᠠ ᠪᠢᠳᠡ ᠬᠤᠷᠢᠭᠠᠳ ᠵᠢᠯ ᠪᠠᠭ᠎ᠠ ᠰᠤᠷᠭᠠᠭᠤᠯᠢ ᠶᠢᠨ ᠰᠤᠷᠭᠠᠨ ᠬᠦᠮᠦᠵᠢᠯ ᠵᠢᠭᠠᠨ ᠰᠤᠷᠭᠠᠯᠳᠠ ᠶᠢᠨ | ᠠᠵᠢᠯ ᠢ ᠭᠤᠤᠯᠯᠠᠨ ᠬᠠᠷᠢᠭᠤᠴᠠᠵᠣ ᠵᠠᠯᠠᠭᠤ ᠪᠠᠭᠰᠢ ᠨᠠᠷ ᠢ ᠬᠦᠮᠦᠵᠢᠭᠦᠯᠦᠨ ᠪᠤᠯᠪᠠᠰᠣᠷᠠᠭᠤᠯᠵᠤ ᠢᠷᠡᠭᠰᠡᠨ | ᠤᠯᠤᠯᠳᠠ ᠪᠠᠨ ᠲᠠ ᠣᠯᠠᠨ ᠲᠠᠢ ᠪᠠᠨ ᠬᠤᠪᠢᠶᠠᠯᠴᠠᠶ᠎ᠠ᠃ | ᠨᠢᠭᠡ᠂ ᠰᠢᠨ᠎ᠡ ᠪᠠᠭᠰᠢ ᠨᠠᠷ ᠤᠨ ᠣᠨᠤᠯ ᠤᠨ ᠲᠠᠯ᠎ᠠ ᠶᠢᠨ ᠰᠣᠷᠤᠯᠭ᠎ᠠ ᠪᠤᠯᠪᠠᠰᠣᠷᠠᠯ ᠢ ᠴᠢᠩᠭᠠᠳᠬᠠᠬᠤ | ᠭᠡᠷᠡᠭᠳᠡᠢ᠃ | ᠰᠠᠶ᠋ᠢᠬᠠᠨ ᠠᠵᠢᠯ ᠤᠨ ᠪᠠᠶᠢᠷᠢᠨ ᠳᠤ ᠭᠠᠷᠣᠭᠰᠠᠨ ᠵᠠᠯᠠᠭᠤ ᠪᠠᠭᠰᠢ ᠨᠠᠷ ᠬᠡᠳᠦ᠋ᠢᠪᠡᠷ ᠰᠣᠷᠤᠯᠭ᠎ᠠ ᠶᠢᠨ ᠨᠠᠮᠲᠠᠷ | ᠦᠨᠳᠦᠷ᠂ ᠣᠳᠤᠬᠢᠴᠢᠯᠠᠭᠰᠠᠨ ᠮᠠᠰᠢᠨ ᠲᠤᠨᠣᠭᠯᠠᠯ ᠳᠤ ᠲᠠᠳᠮᠠᠭᠠᠢ ᠭᠡᠳᠡᠭ ᠪᠤᠯᠪᠠᠴᠣ ᠲᠡᠳᠡᠨ ᠤ ᠰᠤᠷᠭᠠᠭᠤᠯᠢ ᠶᠢᠨ | ᠬᠦᠷᠢᠶᠡᠨ ᠳᠤ ᠰᠣᠷᠤᠭᠰᠠᠨ ᠣᠨᠤᠯ ᠤᠨ ᠮᠡᠳᠡᠯᠭᠡ ᠮᠡᠳᠡᠴᠡ ᠨᠢ ᠪᠤᠳᠠᠳᠠᠢ ᠵᠢᠭᠠᠨ ᠰᠣᠷᠭᠠᠯᠳᠠ ᠠᠴᠠ ᠨᠡᠯᠢᠶᠡᠳ | ᠰᠠᠯᠤᠩᠬᠢᠳᠠ ᠪᠤᠶᠤ ᠦᠢᠯᠡᠳᠦᠯᠭᠡ ᠳᠤ ᠪᠠᠷᠢᠨ ᠬᠡᠷᠡᠭᠯᠡᠬᠦ ᠳᠤ ᠬᠦᠴᠢᠷᠳᠡᠳᠡᠭ ᠣᠯᠠᠨ ᠪᠠᠭᠤᠷᠠᠢ ᠲᠠᠯ᠎ᠠ ᠲᠠᠢ | ᠪᠠᠶᠢᠳᠠᠭ᠃ ᠡᠶᠢᠮᠦ ᠠᠴᠠ ᠵᠠᠪᠠᠯ ᠤᠯᠣᠰ ᠤᠨ ᠬᠠᠤᠯᠢ ᠲᠦᠷᠢᠮ᠂ ᠨᠠᠮ ᠲᠦᠷᠤ ᠶᠢᠨ ᠪᠣᠳᠤᠯᠭ᠎ᠠ ᠰᠤᠷᠭᠠᠨ | ᠬᠦᠮᠦᠵᠢᠯ ᠤᠨ ᠲᠤᠬᠠᠢ ᠠᠯᠢ ᠣᠯᠠᠨ ᠪᠢᠴᠢᠭ ᠮᠠᠲ᠋ᠧᠷᠢᠶᠠᠯ ᠵᠢᠭᠠᠪᠤᠷᠢ ᠱᠠᠭᠠᠷᠳᠠᠯᠭ᠎ᠠ ᠵᠡᠷᠭᠡ ᠶᠢ ᠲᠤᠭᠤᠰᠢᠳᠠᠢ ᠰᠠᠶᠢᠨ | ᠰᠤᠷᠤᠯᠴᠠᠭᠤᠯᠤᠨ᠎ᠠ᠃ ᠰᠤᠷᠭᠠᠭᠤᠯᠢ ᠶᠢᠨ ᠬᠠᠮᠳᠤ ᠶᠢᠨ ᠰᠣᠷᠣᠯᠴᠠᠯᠭ᠎ᠠ ᠠᠴᠠ ᠭᠠᠳᠠᠨ᠎ᠠ ᠭᠤᠤᠯᠳᠠᠭᠤ ᠬᠤᠪᠢ | ᠬᠦᠮᠦᠨ ᠤ ᠪᠡᠶᠡᠴᠢ ᠰᠤᠷᠤᠯᠴᠠᠯᠭ᠎ᠠ ᠶᠢ ᠴᠢᠩᠭᠠᠳᠬᠠᠨ ᠪᠠᠭᠰᠢ ᠶᠢᠨ ᠲᠤᠬᠠᠶᠢᠯᠠᠭᠰᠠᠨ ᠠᠵᠢᠯ ᠤᠨ ᠮᠤᠷᠠᠯ | ᠰᠣᠷᠳᠠᠬᠤᠨ ᠠᠴᠠ ᠡᠬᠢᠯᠡᠨ ᠠᠵᠢᠯ ᠦᠢᠯᠡᠰ ᠤᠨ ᠢᠶᠠᠨ ᠠᠯᠤᠰ ᠭᠡᠳᠤ ᠶᠢᠨ ᠠᠴᠢ ᠬᠤᠯᠪᠤᠭᠳᠠᠯ ᠢ ᠤᠶᠢᠯᠠᠭᠠᠬᠤ᠂ | ᠦᠪᠡᠷ ᠤᠨ ᠦᠨ᠎ᠡ ᠥᠷᠳᠡᠭ ᠢᠶᠠᠨ ᠬᠡᠷᠬᠢᠨ ᠪᠠᠳᠠᠷᠠᠭᠤᠯᠬᠤ᠂ ᠵᠥᠪ ᠦᠵᠡᠯ ᠪᠤᠳᠤᠯ ᠲᠠᠢ᠂ ᠪᠡᠶ᠎ᠡ ᠰᠡᠳᠬᠢᠴᠡ ᠡᠷᠡᠭᠦᠯ | ᠰᠠᠷᠠᠭᠤᠯ ᠬᠦᠮᠦᠨ ᠢ ᠲᠠᠭᠠᠭᠤᠯᠤᠨ ᠬᠦᠮᠦᠵᠢᠬᠦᠯᠬᠦ᠂ ᠠᠵᠢᠯ ᠦᠢᠯᠡᠰ ᠢᠶᠠᠨ ᠬᠠᠶᠢᠷᠠᠯᠠᠬᠤ ᠰᠡᠳᠬᠢᠯ ᠢ ᠴᠢᠩᠭᠠᠷᠠᠭᠤᠯᠵᠤ᠂ | ᠨᠢᠭᠡ ᠰᠡᠳᠬᠢᠯ ᠢᠶᠠᠷ ᠪᠢᠴᠢᠭ ᠵᠢᠭᠠᠵᠣ ᠬᠦᠮᠦᠨ ᠬᠦᠮᠦᠵᠢᠬᠦᠯᠬᠦ᠂ ᠪᠠᠭᠰᠢ ᠬᠦᠮᠦᠨ ᠤ ᠡᠷᠬᠢᠮ ᠨᠠᠨᠳᠢᠨ ᠡᠭᠦᠷᠭᠡ | ᠬᠠᠷᠢᠭᠤᠴᠠᠯᠭ᠎ᠠ ᠪᠠᠨ ᠣᠰᠣᠯᠳᠤᠯ ᠦᠬᠡᠢ ᠪᠡᠶᠡᠯᠡᠭᠦᠯᠦᠨ ᠬᠠᠷᠢᠭᠤᠴᠠᠯᠭ᠎ᠠ ᠶᠢ ᠲᠠᠨᠢᠵᠣ᠂ ᠨᠢᠭᠡᠨ ᠬᠢᠷᠢ ᠲᠡᠩᠴᠡᠭᠰᠡᠨ | ᠰᠢᠨ᠎ᠡ ᠴᠠᠭ ᠦᠶ᠎ᠡ ᠶᠢᠨ ᠰᠢᠯᠢᠳᠡᠭ ᠪᠠᠭᠰᠢ ᠪᠤᠯᠬᠤ ᠳᠤ ᠰᠠᠶᠢᠨ ᠰᠠᠭᠤᠷᠢ ᠶᠢ ᠲᠠᠯᠪᠢᠪᠠᠯ ᠵᠣᠬᠢᠨ᠎ᠠ᠃ | ᠬᠤᠶᠠᠷ᠂ ᠰᠢᠨ᠎ᠡ ᠪᠠᠭᠰᠢ ᠨᠠᠷ ᠤᠨ ᠲᠤᠬᠠᠶᠢᠯᠠᠭᠰᠠᠨ ᠠᠵᠢᠯ ᠤᠨ ᠰᠣᠷᠣᠯᠴᠠᠯᠭ᠎ᠠ ᠪᠤᠯᠪᠠᠰᠣᠷᠠᠯ ᠢ | ᠬᠦᠨᠵᠡᠭᠡᠶᠢᠷᠡᠬᠦᠯᠭᠦ ᠴᠢᠬᠤᠯᠠᠲᠠᠢ᠃ | ᠲᠤᠤᠷ᠎ᠠ ᠪᠠᠭ᠎ᠠ ᠰᠤᠷᠭᠠᠭᠤᠯᠢ ᠶᠢᠨ ᠲᠣᠭᠠᠨ ᠤ ᠤᠬᠠᠭᠠᠨ ᠤ ᠪᠠᠭᠰᠢ ᠶᠢ ᠬᠦᠮᠦᠵᠢᠭᠦᠯᠦᠨ | ᠪᠤᠯᠪᠠᠰᠣᠷᠠᠭᠤᠯᠤᠭᠰᠠᠨ ᠪᠤᠳᠠᠳᠠᠢ ᠵᠢᠱᠢᠶ᠎ᠡ ᠠᠴᠠ ᠲᠤᠷᠠᠳᠣᠶᠠ᠃ ᠶᠠᠭᠤᠨ ᠤ ᠤᠷᠢᠳ ᠪᠠᠭ᠎ᠠ ᠰᠣᠷᠭᠠᠭᠤᠯᠢ ᠶᠢᠨ | ᠲᠣᠭᠠᠨ ᠤ ᠣᠬᠠᠭᠠᠨ ᠤ ᠬᠢᠴᠢᠶᠡᠯ ᠤᠨ ᠪᠠᠷᠢᠮᠵᠢᠶ᠎ᠠ ᠶᠢ ᠲᠠᠭᠠᠭᠤᠯᠤᠨ ᠰᠣᠷᠣᠯᠴᠠᠬᠤ᠂ ᠲᠡᠭᠦᠨ ᠤ ᠲᠣᠳᠣᠷᠠᠬᠢ | ᠭᠤᠤᠯᠳᠠᠯᠭ᠎ᠠ ᠶᠢ ᠨᠠᠩ ᠢᠯᠡᠭᠦᠦ ᠲᠤᠪᠤᠶᠢᠯᠭᠠᠨ ᠰᠣᠷᠣᠯᠴᠠᠬᠤ᠂ ᠪᠠᠭ᠎ᠠ ᠰᠤᠷᠭᠠᠭᠤᠯᠢ ᠶᠢᠨ ᠨᠢᠭᠡ ᠠᠴᠠ ᠵᠢᠷᠭᠤᠳᠣᠭᠠᠷ | ᠣᠨ ᠤ ᠪᠦᠬᠦ ᠠᠷᠪᠠᠨ ᠬᠤᠶᠠᠷ ᠲᠡᠪᠳᠡᠷ ᠬᠢᠴᠢᠶᠡᠯ ᠤᠨ ᠠᠭᠤᠯᠭ᠎ᠠ ᠶᠢ ᠲᠠᠭᠠᠭᠤᠯᠤᠨ ᠰᠣᠷᠣᠯᠴᠠᠬᠤ᠂ | ᠰᠣᠷᠣᠯᠴᠠᠭᠰᠠᠨ ᠤ ᠲᠠᠷᠠᠭᠠᠬᠢ ᠣᠯᠤᠯᠳᠠ ᠪᠠᠨ ᠬᠤᠪᠢᠶᠠᠯᠴᠠᠬᠤ᠂ ᠣᠯᠤᠯᠳᠠ ᠪᠠᠨ ᠪᠢᠴᠢᠵᠣ ᠲᠠᠮᠳᠡᠭᠯᠡᠬᠦ᠂ ᠬᠠᠮᠳᠤᠪᠡᠷ | ᠵᠠᠳᠠᠯᠣᠨ ᠶᠠᠷᠢᠯᠴᠠᠬᠤ ᠭᠡᠬᠦ ᠮᠡᠳᠤ ᠠᠵᠢᠯᠯᠠᠭ᠎ᠠ ᠪᠠᠷ ᠲᠠᠮᠵᠢᠭᠤᠯᠤᠨ ᠲᠡᠳᠡᠨ ᠤ ᠲᠤᠬᠠᠶᠢᠯᠠᠭᠰᠠᠨ ᠠᠵᠢᠯ ᠤᠨ ᠮᠡᠳᠡᠯᠭᠡ | ᠮᠡᠳᠡᠴᠡ ᠶᠢ ᠵᠣᠷᠢᠯᠭ᠎ᠠ ᠲᠠᠢ ᠪᠠᠷ ᠲᠡᠭᠡᠭᠰᠢᠯᠡᠬᠦᠯᠦᠨ᠎ᠡ᠃ ᠪᠠᠭ᠎ᠠ ᠰᠣᠷᠭᠠᠭᠤᠯᠢ ᠶᠢᠨ ᠲᠤᠭᠠᠨ ᠤ ᠤᠬᠠᠭᠠᠨ ᠤ ᠵᠢᠭᠠᠬᠤ | ᠠᠭᠤᠯᠭ᠎ᠠ ᠶᠢᠨ ᠪᠦᠬᠦᠯᠢ ᠴᠤᠭᠴᠠ ᠶᠢᠨ ᠵᠢᠭᠠᠨ ᠰᠤᠷᠭᠠᠯᠳᠠ ᠳᠤ ᠤᠯᠠᠮ ᠲᠠᠨᠢᠭᠳᠠᠯᠳᠠᠢ ᠪᠤᠯᠭᠠᠨ ᠪᠤᠳᠠᠳᠠᠢ ᠵᠢᠭᠠᠨ | ᠰᠤᠷᠭᠠᠯᠳᠠ ᠳᠤ ᠣᠷᠤᠯᠴᠠᠬᠤ ᠳᠤ ᠪᠦᠬᠦ ᠲᠠᠯ᠎ᠠ ᠶᠢᠨ ᠪᠡᠯᠡᠳᠭᠡᠯ ᠬᠢᠨ᠎ᠡ᠃ | ᠭᠤᠷᠪᠠ᠂ ᠰᠢᠨ᠎ᠡ ᠪᠠᠭᠰᠢ ᠨᠠᠷ ᠤᠨ ᠭᠠᠳᠠᠭᠰᠢ ᠭᠠᠷᠴᠤ ᠬᠦᠭᠵᠢᠭᠰᠡᠨ ᠭᠠᠵᠠᠷ ᠣᠷᠤᠨ ᠤ ᠵᠢᠭᠠᠨ | ᠰᠤᠷᠭᠠᠯᠳᠠ ᠶᠢᠨ ᠰᠢᠯᠢᠳᠡᠭ ᠲᠤᠷᠰᠢᠯᠭ᠎ᠠ ᠶᠢ ᠪᠡᠶ᠎ᠡ ᠪᠠᠷ ᠢᠶᠠᠨ ᠥᠵᠡᠵᠤ ᠬᠠᠷᠠᠵᠣ ᠰᠤᠷᠤᠯᠴᠠᠵᠣ ᠦᠪᠡᠷ ᠢ ᠪᠠᠨ | ᠬᠦᠭᠵᠢᠭᠦᠯᠬᠦ ᠳᠤ ᠨᠦᠬᠦᠴᠡᠯ ᠬᠠᠩᠭᠠᠬᠤ ᠴᠢᠬᠤᠯᠠᠳᠠᠢ᠃ | ︽ᠭᠤᠷᠪᠡ ᠰᠤᠨᠣᠰᠤᠭᠰᠠᠨ ᠠᠴᠠ ᠨᠢᠭᠡ ᠦᠵᠡᠭᠰᠡᠨ ᠲᠡᠭᠡᠷ᠎ᠡ︾ ᠭᠡᠳᠡᠭᠴᠢᠯᠡᠨ ᠰᠢᠨ᠎ᠡ ᠪᠠᠭᠰᠢ ᠨᠠᠷ ᠢ | ᠵᠤᠬᠢᠶᠠᠨ ᠪᠠᠶᠢᠭᠤᠯᠤᠨ ᠭᠠᠳᠠᠭᠰᠢ ᠭᠠᠷᠴᠤ ᠰᠣᠷᠣᠯᠴᠠᠭᠤᠯᠬᠤ᠂ ᠪᠡᠶ᠎ᠡ ᠪᠠᠷ ᠨᠢ ᠦᠵᠡᠭᠦᠯᠦᠨ ᠲᠠᠨᠢᠭᠤᠯᠵᠣ | ᠰᠡᠩᠭᠡᠷᠡᠬᠦᠯᠦᠨ ᠤᠯᠣᠯᠳᠠ ᠲᠠᠢ ᠪᠤᠯᠭᠠᠪᠠᠯ ᠲᠡᠳᠡᠨ ᠤ ᠦᠪᠡᠷᠮᠢᠴᠡ ᠬᠦᠭᠵᠢᠯᠳᠡ ᠳᠤ ᠲᠤᠩ ᠠᠰᠢᠭᠳᠠᠢ᠃ | ᠲᠥᠷᠪᠡ᠂ ᠰᠢᠯᠢᠳᠡᠭ ᠲᠤᠷᠰᠢᠯᠭ᠎ᠠ ᠲᠠᠢ ᠠᠬᠠᠮᠠᠳ ᠪᠠᠭᠰᠢ ᠪᠠᠷ ᠰᠢᠨ᠎ᠡ ᠪᠠᠭᠰᠢ ᠶᠢ ᠲᠠᠭᠠᠭᠤᠯᠤᠨ | ᠵᠢᠯᠣᠭᠤᠳᠬᠤ ᠠᠵᠢᠯ ᠢ ᠨᠠᠷᠢᠨ ᠪᠠᠶᠢᠷᠢᠯᠠᠭᠤᠯᠵᠣ᠂ ᠲᠦᠯᠦᠪᠯᠡᠭᠡ ᠲᠠᠢ ᠪᠠᠷ ᠶᠠᠪᠤᠭᠳᠠᠭᠤᠯᠬᠤ ᠴᠢᠬᠤᠯᠠᠳᠠᠢ᠃ | ᠰᠤᠷᠭᠠᠭᠤᠯᠢ ᠠᠴᠠ ᠨᠢᠭᠡ ᠰᠢᠨ᠎ᠡ ᠪᠠᠭᠰᠢ ᠶᠢ ᠨᠢᠭᠡ ᠠᠬᠠᠮᠠᠳ ᠪᠠᠭᠰᠢ ᠵᠢᠯᠤᠭᠤᠳᠣᠨ ᠳᠠᠭᠠᠭᠤᠯᠬᠤ ᠲᠦᠰᠦᠯ ᠢ | ᠪᠠᠶᠢᠭᠤᠯᠣᠨ ᠨᠢᠭᠡ ᠰᠤᠷᠤᠯᠭ᠎ᠠ ᠶᠢᠨ ᠬᠤᠭᠤᠴᠠᠭ᠎ᠠ ᠪᠤᠶᠤ ᠨᠢᠭᠡ ᠰᠣᠷᠤᠯᠭ᠎ᠠ ᠶᠢᠨ ᠵᠢᠯ ᠢᠶᠠᠷ ᠨᠢᠭᠡᠴᠢᠯᠡᠨ ᠵᠢᠭᠠᠨ | ᠵᠢᠯᠤᠭᠤᠳᠬᠤ ᠶᠢ ᠪᠠᠷᠢᠮᠳᠠᠯᠠᠪᠠᠯ ᠲᠠᠳᠠ ᠰᠢᠨ᠎ᠡ ᠪᠠᠭᠰᠢ ᠶᠢᠨ ᠲᠤᠬᠠᠶᠢᠯᠠᠭᠰᠠᠨ ᠠᠵᠢᠯ ᠳᠤ ᠪᠠᠨ ᠲᠦᠷᠭᠡᠨ ᠳᠠᠳᠴᠤ᠂ | ᠬᠤᠪᠢᠳᠠᠨ ᠬᠠᠷᠢᠭᠤᠴᠠᠭᠰᠠᠨ ᠡᠭᠦᠷᠭᠡ ᠪᠠᠨ ᠬᠢᠯᠠᠷᠠᠳᠠᠯ᠎ᠠ ᠪᠡᠶᠡᠯᠡᠬᠦᠯᠵᠤ ᠬᠠᠭᠤᠴᠢᠨ ᠪᠠᠭᠰᠢ ᠶᠢᠨ ᠡᠩᠨᠡᠭᠡᠨ ᠳᠤ | ᠠᠯᠬᠤᠨ ᠣᠷᠤᠬᠤ ᠳᠤ ᠲᠤᠩ ᠬᠢᠯᠪᠠᠷᠬᠠᠨ ᠪᠤᠯᠤᠨ᠎ᠠ᠃ ᠠᠬᠠᠮᠠᠳ ᠪᠠᠭᠰᠢ ᠠᠴᠠ ᠲᠡᠳᠡᠨ ᠢ ᠵᠢᠯᠣᠭᠤᠳᠬᠤ ᠳᠤ | ᠲᠤᠤᠷᠠᠬᠢ ᠮᠡᠳᠦ ᠬᠡᠳᠤᠨ ᠲᠠᠯ᠎ᠠ ᠶᠢ ᠠᠩᠬᠠᠷᠤᠨ ᠪᠠᠷᠢᠮᠳᠠᠯᠠᠪᠠᠯ ᠰᠠᠶᠢᠨ᠃ | 1. ᠰᠣᠷᠤᠭᠴᠢ ᠪᠠᠨ ᠬᠠᠶᠢᠷᠠᠯᠠᠬᠤ᠂ ᠰᠤᠷᠤᠭᠴᠢᠳ ᠲᠤ ᠠᠳᠠᠯᠢ ᠲᠡᠭᠰᠢ ᠪᠠᠷ ᠬᠠᠨᠳᠤᠬᠤ᠂ ᠰᠤᠷᠤᠭᠴᠢ ᠳᠤ | ᠦᠷᠭᠡᠨ ᠴᠢᠯᠦᠭᠡᠲᠠᠢ ᠬᠦᠭᠵᠢᠬᠦ ᠣᠷᠤᠨ ᠵᠠᠢ ᠶᠢ ᠣᠯᠭᠤᠬᠤ᠂ ᠪᠠᠭᠰᠢ ᠶᠢᠨ ᠵᠢᠯᠤᠭᠤᠳᠬᠤ ᠦᠢᠯᠡᠳᠦᠯ ᠢᠶᠠᠨ | ᠪᠦᠷᠢᠮᠦᠰᠦᠨ ᠪᠠᠳᠠᠷᠠᠭᠤᠯᠬᠤ ᠶᠢ ᠰᠠᠨᠠᠭᠠᠴᠢᠯᠠᠨ ᠠᠩᠬᠠᠷᠤᠭᠤᠯᠣᠨᠠ᠃ | 2. ᠰᠤᠷᠤᠯᠭ᠎ᠠ ᠶᠢᠨ ᠬᠤᠭᠤᠴᠠᠭᠠᠨ ᠤ ᠵᠢᠭᠠᠨ ᠰᠤᠷᠭᠠᠬᠤ ᠠᠬᠢᠴᠠ ᠲᠦᠯᠦᠪᠯᠡᠭᠡ ᠭᠠᠷᠭᠠᠬᠤ ᠶᠢ ᠲᠠᠭᠠᠭᠤᠯᠣᠨ | ᠰᠣᠷᠭᠠᠨ᠎ᠠ᠃ ᠵᠢᠱᠢᠶᠡᠯᠡᠪᠡᠯ᠂ ᠪᠠᠭ᠎ᠠ ᠰᠤᠷᠭᠠᠭᠤᠯᠢ ᠶᠢᠨ ᠲᠣᠭᠠᠨ ᠤ ᠤᠬᠠᠭᠠᠨ ᠤ ᠭᠤᠷᠪᠠᠳᠣᠭᠠᠷ ᠣᠨ ᠤ ᠲᠡᠭᠡᠳᠦ | ᠲᠡᠪᠳᠡᠷ ᠲᠤ ᠨᠡᠶᠢᠲᠡ ᠠᠷᠪᠠᠨ ᠨᠢᠭᠡᠴᠡ ᠵᠢᠭᠠᠬᠤ ᠠᠭᠤᠯᠭ᠎ᠠ ᠲᠠᠢ᠂ ᠡᠭᠦᠨ ᠳᠤ ᠲᠦᠮᠡ ᠲᠤᠳᠤᠷᠠᠬᠢ ᠨᠡᠮᠡᠬᠦ ᠦᠢᠯᠡᠳᠦᠯ | ᠪᠡ ᠬᠠᠰᠣᠬᠤ ᠦᠢᠯᠡᠳᠦᠯ ︵ᠨᠢᠭᠡ ᠬᠤᠶᠠᠷ︶᠂ ᠲᠠᠬᠢᠨ ᠤ ᠳᠠᠨᠢᠯᠳᠡ᠂ ᠣᠯᠠᠨ ᠤᠷᠤᠨᠳᠣ ᠲᠤᠭ᠎ᠠ ᠶᠢ ᠨᠢᠭᠡ | ᠣᠷᠤᠨᠳᠣ ᠲᠤᠭ᠎ᠠ ᠪᠠᠷ ᠦᠷᠡᠵᠢᠬᠦᠯᠭᠦ᠂ ᠣᠷᠳᠣ ᠲᠦᠷᠪᠡᠯᠵᠢᠨ ᠪᠠ ᠲᠡᠭᠰᠢ ᠲᠦᠷᠪᠡᠯᠵᠢᠨ᠂ ᠪᠣᠳᠠᠷᠬᠠᠢ ᠶᠢᠨ ᠠᠩᠬ᠎ᠠ | ᠠᠯᠬᠤᠮ ᠤᠨ ᠲᠠᠨᠢᠯᠲᠠ ᠵᠡᠷᠭᠡ ᠭᠤᠣᠯ ᠪᠤᠯᠬᠤ ᠠᠭᠤᠯᠭ᠎ᠠ ᠪᠠᠶᠢᠬᠤ ᠪᠦᠭᠡᠳ ᠠᠭᠤᠯᠭ᠎ᠠ ᠶᠢ ᠵᠢᠷᠠᠨ ᠬᠤᠶᠠᠷ | ᠬᠢᠴᠢᠶᠡᠯ ᠤᠨ ᠴᠠᠭ ᠲᠤ ᠵᠢᠭᠠᠵᠣ ᠪᠠᠷᠠᠭᠠᠬᠤ ᠡᠭᠦᠷᠬᠡ ᠲᠠᠢ᠂ ᠪᠢᠳᠡ ᠦᠪᠡᠷ ᠤᠨ ᠰᠤᠷᠤᠭᠴᠢᠳ ᠤᠨ ᠪᠤᠳᠠᠳᠠᠢ ᠠᠴᠠ | ᠡᠭᠦᠰᠦᠨ ᠠᠮᠢᠳᠤᠯᠢᠭ ᠪᠦᠳᠦᠬᠡᠯᠴᠢ ᠪᠠᠷ ᠳᠣᠬᠢᠷᠠᠭᠤᠯᠵᠤ ᠪᠤᠯᠬᠤ ᠵᠡᠷᠭᠡ ᠶᠢ ᠨᠢᠭᠡᠳ ᠨᠢᠭᠡ ᠪᠠᠷ ᠵᠢᠯᠤᠭᠤᠳᠤᠨ | ᠰᠣᠷᠭᠠᠨ᠎ᠠ᠃ | 3. ᠬᠡᠷᠬᠢᠨ ᠬᠢᠴᠢᠶᠡᠯ ᠪᠡᠯᠡᠳᠭᠡᠬᠦ ᠶᠢ ᠳᠦᠷᠢᠮᠴᠢᠯᠡᠨ ᠦᠵᠡᠬᠦᠯᠵᠣ ᠵᠢᠯᠣᠭᠤᠳᠣᠨ᠎ᠠ᠃ ᠲᠣᠰ ᠴᠠᠭ ᠤᠨ | ᠬᠢᠴᠢᠶᠡᠯ ᠤᠨ ᠠᠭᠤᠯᠭ᠎ᠠ ᠠᠴᠠ ᠭᠠᠷᠲᠠᠨ ᠵᠢᠭᠠᠬᠤ ᠬᠠᠷᠠᠯᠲᠠ᠂ ᠵᠢᠭᠠᠬᠤ ᠭᠤᠤᠯᠳᠠᠯᠭ᠎ᠠ᠂ ᠵᠢᠭᠠᠬᠤ ᠬᠦᠴᠢᠷᠲᠡᠯᠭᠡ | ᠵᠡᠷᠭᠡ ᠶᠢ ᠰᠤᠷᠤᠯᠴᠠᠨ ᠲᠠᠨᠢᠭᠰᠠᠨ ᠤ ᠲᠠᠷᠠᠭ᠎ᠠ ᠰᠤᠷᠤᠭᠴᠢ ᠪᠠᠨ ᠰᠣᠳᠣᠯᠤᠨ᠎ᠠ᠃ ᠲᠡᠳᠡᠨ ᠳᠤ ᠲᠤᠬᠢᠷᠠᠬᠤ | ᠵᠢᠭᠠᠬᠤ ᠠᠷᠭ᠎ᠠ ᠶᠢ ᠰᠣᠳᠣᠯᠤᠨ ᠴᠤᠬᠤᠮ ᠶᠠᠮᠠᠷ ᠠᠷᠭ᠎ᠠ ᠪᠠᠷ ᠵᠢᠭᠠᠪᠠᠯ ᠰᠢᠨ᠎ᠡ ᠬᠢᠴᠢᠶᠡᠯ ᠤᠨ ᠪᠠᠷᠢᠮᠵᠢᠶᠠᠨ ᠤ | ᠱᠠᠭᠠᠷᠳᠠᠯᠭ᠎ᠠ ᠳᠤ ᠨᠡᠶᠢᠴᠡᠬᠦ ᠪᠦᠬᠦ ᠰᠤᠷᠤᠭᠴᠢ ᠶᠢ ᠬᠠᠷᠠᠭᠠᠯᠵᠠᠵᠣ ᠴᠢᠳᠠᠬᠤ — ᠲᠡᠳᠡᠨ ᠤ ᠪᠡᠶᠡᠴᠢᠯᠡᠨ | ᠰᠤᠷᠤᠯᠴᠠᠬᠤ ᠴᠢᠳᠠᠪᠤᠷᠢ᠂ ᠰᠤᠷᠬᠤ ᠳᠤᠷ᠎ᠠ ᠪᠠᠬ᠎ᠠ ᠶᠢ ᠬᠦᠮᠦᠵᠢᠬᠦᠯᠦᠨ ᠰᠤᠷᠴᠣ ᠴᠢᠳᠠᠬᠤ ᠲᠡᠰᠢ ᠬᠠᠨᠳᠣᠯᠭᠠᠳᠠᠢ ᠪᠠᠷ | ᠪᠡᠯᠡᠳᠭᠡᠨ᠎ᠡ᠃ ᠭᠦᠴᠢᠷᠳᠡᠬᠦ ᠭᠤᠭᠴᠣᠭᠠᠨ ᠳᠤ ᠰᠢᠨ᠎ᠡ ᠮᠡᠷᠭᠡᠵᠢᠯ ᠰᠢᠨ᠎ᠡ ᠪᠠᠭᠠᠵᠢ ᠲᠦᠭᠦᠭᠡᠷᠦᠮᠵᠢ ᠶᠢ ᠬᠡᠷᠬᠢᠨ | ᠠᠰᠢᠭᠯᠠᠬᠤ᠂ ᠶᠠᠮᠠᠷ ᠪᠠᠭᠠᠵᠢ ᠶᠢ ᠭᠡᠷᠡᠭᠯᠡᠬᠦ ᠵᠡᠷᠭᠡ ᠠᠴᠠ ᠭᠠᠳᠠᠨ᠎ᠠ ᠪᠠᠭᠰᠢ ᠠᠴᠠ ᠠᠯᠢ ᠦᠶ᠎ᠡ ᠳᠤ ᠶᠠᠮᠠᠷ | ᠵᠢᠯᠤᠭᠤᠳᠤᠯᠭ᠎ᠠ ᠬᠢᠭᠦ᠂ ᠬᠢᠴᠢᠶᠡᠯᠯᠡᠭᠡ ᠳᠤ ᠡᠭᠦᠰᠴᠤ ᠮᠡᠳᠡᠬᠦ ᠭᠠᠷᠴᠤ ᠮᠡᠳᠡᠬᠦ ᠵᠡᠷᠢᠮ ᠠᠰᠠᠭᠤᠳᠠᠯ ᠤᠳ ᠢ ᠬᠦᠷᠳᠡᠯ᠎ᠡ | ᠣᠷᠢᠳᠴᠢᠯᠠᠨ ᠲᠦᠰᠦᠪᠯᠡᠨ ᠪᠡᠯᠡᠳᠭᠡᠬᠦ ᠶᠢ ᠲᠠᠭᠠᠭᠤᠯᠣᠨ ᠵᠢᠯᠤᠭᠤᠳᠣᠨ᠎ᠠ᠃ | 4. ᠰᠢᠨ᠎ᠡ ᠪᠠᠭᠰᠢ ᠶᠢᠨ ᠬᠢᠴᠢᠶᠡᠯ ᠢ ᠲᠠᠭᠠᠨ ᠰᠣᠨᠣᠰᠴᠤ ᠵᠢᠯᠤᠭᠤᠳᠤᠯᠭ᠎ᠠ ᠬᠢᠭᠦ ᠶᠢ ᠡᠬᠢᠨ ᠤ ᠬᠡᠰᠡᠭ | ᠬᠤᠭᠤᠴᠠᠭᠠᠨ ᠳᠤ ᠦᠷᠬᠦᠯᠵᠢᠯᠡᠭᠦᠯᠦᠨ ᠪᠠᠷᠢᠮᠳᠠᠯᠠᠨ᠎ᠠ᠂ ᠨᠠᠭᠠᠳᠣ ᠵᠠᠬ᠎ᠠ ᠨᠢ ᠭᠤᠷᠪᠠᠨ ᠭᠠᠷᠠᠭ ᠤᠨ ᠬᠢᠴᠢᠶᠡᠯ ᠢ | ᠬᠠᠮᠳᠣᠪᠡᠷ ᠰᠣᠷᠤᠯᠴᠠᠨ ᠪᠡᠯᠡᠳᠭᠡᠵᠣ᠂ ᠬᠢᠴᠢᠶᠡᠯ ᠢ ᠨᠢ ᠲᠠᠭᠠᠨ ᠰᠤᠨᠣᠰᠴᠣ ᠵᠢᠯᠤᠭᠤᠳᠪᠡᠯ ᠲᠡᠳᠡᠨ ᠤ | ᠲᠡᠭᠡᠭᠰᠢᠯᠡᠯᠳᠡ ᠳᠤ ᠲᠤᠩ ᠠᠰᠢᠭᠳᠠᠢ᠃ ᠬᠢᠴᠢᠶᠡᠯ ᠤᠨ ᠲᠠᠩᠬᠢᠮ ᠪᠣᠯ ᠰᠣᠷᠤᠭᠴᠢ ᠶᠢ ᠬᠦᠮᠦᠵᠢᠭᠦᠯᠬᠦ ᠰᠠᠭᠤᠷᠢᠨ | ᠭᠠᠵᠠᠷ ᠮᠦᠨ᠃ ᠬᠢᠴᠢᠶᠡᠯ ᠤᠨ ᠲᠠᠩᠬᠢᠮ ᠤᠨ ᠲᠦᠴᠢᠨ ᠮᠢᠨᠦ᠋ᠲ ᠤᠨ ᠦᠷ᠎ᠡ ᠠᠰᠢᠭ ᠢ ᠲᠡᠭᠡᠭᠰᠢᠯᠡᠭᠦᠯᠬᠦ ᠪᠣᠯ ᠮᠠᠨ ᠤ | ᠪᠠᠭᠰᠢ ᠪᠣᠯᠤᠭᠰᠠᠳ ᠤᠨ ᠡᠷᠭᠡᠪᠰᠢ ᠪᠡᠶᠡᠯᠡᠬᠦᠯᠭᠦ ᠲᠤᠬᠠᠶᠢᠯᠠᠭᠰᠠᠨ ᠠᠵᠢᠯ ᠤᠨ ᠴᠢᠬᠤᠯᠠ ᠭᠤᠭᠴᠤᠭ᠎ᠠ ᠶᠤᠮ᠃ ᠰᠢᠨ᠎ᠡ | ᠪᠠᠭᠰᠢ ᠶᠢᠨ ᠬᠢᠴᠢᠶᠡᠯ ᠢ ᠰᠣᠨᠣᠰᠣᠭᠰᠠᠨ ᠤ ᠲᠠᠷᠠᠭ᠎ᠠ ᠶᠠᠭᠤᠨ ᠤ ᠤᠷᠢᠳ ᠦᠪᠡᠷ ᠤᠨ ᠬᠢᠨᠢ ᠤᠯᠣᠯᠳᠠ ᠲᠦᠷᠦᠭᠳᠡᠯ᠂ | ᠲᠠᠪᠠᠭᠤᠯᠢᠭ ᠲᠠᠯ᠎ᠠ᠂ ᠤᠷᠤᠰᠢᠵᠤ ᠪᠠᠶᠢᠭ᠎ᠠ ᠠᠰᠠᠭᠤᠳᠠᠯ ᠵᠡᠷᠭᠡ ᠶᠢ ᠪᠡᠶ᠎ᠡ ᠪᠠᠷ ᠨᠢ ᠡᠷᠬᠢᠴᠡᠭᠦᠯᠦᠨ ᠳ᠋ᠦᠩᠨᠡᠭᠦᠯᠵᠦ | ᠲᠠᠷᠠᠭ᠎ᠠ ᠨᠢ ᠵᠢᠯᠤᠭᠤᠳᠤᠭᠴᠢ ᠪᠠᠭᠰᠢ ᠠᠴᠠ ᠰᠠᠨᠠᠯ ᠵᠦᠪᠯᠡᠯᠭᠡ ᠪᠠᠨ ᠶᠠᠷᠢᠵᠤ᠂ ᠬᠠᠮᠳᠤᠪᠡᠷ ᠬᠢᠴᠢᠶᠡᠯ ᠤᠨ | ᠲᠠᠩᠬᠢᠮ ᠢᠶᠠᠨ ᠵᠠᠳᠠᠯᠣᠨ ᠰᠣᠳᠣᠯᠤᠨ᠎ᠠ᠃ ᠬᠠᠮᠤᠭ ᠤᠨ ᠰᠠᠶᠢᠨ ᠨᠢ ᠰᠢᠨ᠎ᠡ ᠪᠠᠭᠰᠢ ᠦᠪᠡᠷ ᠤᠨ ᠤᠯᠵᠣ | ᠠᠯᠳᠠᠭᠰᠠᠨ ᠢᠶᠠᠨ ᠡᠷᠭᠢᠴᠡᠭᠦᠯᠦᠨ ᠣᠯᠵᠤ ᠴᠢᠳᠠᠪᠠᠯ ᠬᠠᠮᠤᠭ ᠤᠨ ᠰᠠᠶᠢᠨ᠂ ᠣᠯᠵᠤ ᠴᠢᠳᠠᠬᠤ ᠦᠭᠡᠢ ᠴᠤ ᠬᠠᠮᠢᠶ᠎ᠠ | ᠦᠬᠡᠢ᠂ ᠵᠢᠯᠤᠭᠤᠳᠤᠭᠴᠢ ᠪᠠᠭᠰᠢ ᠠᠴᠠ ᠪᠦᠬᠦ ᠶᠠᠪᠤᠴᠠ ᠶᠢ ᠵᠠᠳᠠᠯᠤᠨ ᠡᠷᠭᠢᠴᠡᠭᠦᠯᠵᠣ ᠵᠢᠭᠠᠨ ᠵᠢᠯᠤᠭᠤᠳᠴᠣ | ᠦᠭᠬᠦᠨ᠎ᠡ᠃ ᠡᠶᠢᠮᠦᠷᠬᠦᠤ ᠠᠷᠭ᠎ᠠ ᠠᠪᠴᠠᠯ ᠢᠶᠠᠷ ᠲᠠᠮᠵᠢᠭᠤᠯᠣᠨ ᠰᠢᠨ᠎ᠡ ᠪᠠᠭᠰᠢ ᠲᠠᠢ ᠬᠠᠮᠳᠤ ᠬᠠᠮᠵᠢᠯᠴᠠᠨ ᠬᠢᠴᠢᠶᠡᠯ | ᠪᠡᠯᠡᠳᠭᠡᠭᠦ᠂ ᠬᠢᠴᠢᠶᠡᠯ ᠢ ᠨᠢ ᠲᠠᠭᠠᠨ ᠰᠤᠨᠣᠰᠬᠤ᠂ ᠬᠠᠮᠳᠤᠪᠡᠷ ᠵᠠᠳᠠᠯᠣᠨ ᠡᠷᠬᠢᠴᠡᠭᠦᠯᠬᠦ᠂ ᠪᠠᠭᠰᠢ ᠶᠢᠨ ᠵᠢᠭᠠᠨ | ᠰᠤᠷᠭᠠᠯᠳᠠ ᠶᠢᠨ ᠠᠷᠭ᠎ᠠ ᠪᠠᠷᠢᠯ ᠢ ᠵᠠᠳᠠᠯᠬᠤ᠂ ᠰᠤᠷᠤᠭᠴᠢ ᠶᠢ ᠵᠠᠳᠠᠯᠬᠤ᠂ ᠬᠢᠴᠢᠶᠡᠯ ᠲᠡᠭᠡᠷ᠎ᠡ ᠢᠯᠡᠷᠡᠭᠰᠡᠨ | ︵ᠬᠢᠴᠢᠶᠡᠯ ᠠᠴᠠ ᠡᠮᠦᠨ᠎ᠡ ᠪᠡᠯᠡᠳᠭᠡᠭᠰᠡᠨ ᠠᠴᠠ ᠭᠠᠳᠠᠨ᠎ᠠ︶ ᠠᠰᠠᠭᠤᠳᠠᠯ ᠳᠤ ᠴᠢᠭᠯᠡᠬᠦᠯᠦᠨ ᠵᠠᠳᠠᠯᠤᠯᠳᠠ ᠬᠢᠭᠦ ᠵᠡᠷᠭᠡ | ᠨᠠᠷᠢᠨ ᠶᠠᠪᠤᠴᠠ ᠪᠠᠷ ᠲᠠᠮᠵᠢᠭᠤᠯᠤᠨ ᠰᠢᠨ᠎ᠡ ᠪᠠᠭᠰᠢ ᠶᠢᠨ ᠬᠢᠴᠢᠶᠡᠯ ᠤᠨ ᠲᠠᠩᠬᠢᠮ ᠤᠨ ᠵᠢᠭᠠᠨ ᠰᠣᠷᠭᠠᠯᠳᠠ ᠶᠢ | ᠵᠢᠯᠤᠭᠤᠳᠤᠨ ᠲᠡᠭᠡᠭᠰᠢᠯᠡᠬᠦᠯᠦᠨ᠎ᠡ᠃ | 5. ᠰᠢᠨ᠎ᠡ ᠪᠠᠭᠰᠢ ᠶᠢ ᠵᠢᠯᠣᠭᠤᠳᠤᠨ ᠵᠢᠭᠠᠨ ᠰᠤᠷᠭᠠᠯᠳᠠ ᠶᠢᠨ ᠲᠡᠮᠳᠡᠭᠯᠡᠯ ᠢ ᠰᠠᠶᠢᠳᠤᠷ ᠬᠢᠪᠡᠯ ᠲᠡᠳᠡᠨ ᠤ | ᠥᠰᠦᠨ ᠪᠤᠶᠢᠵᠢᠯᠲᠡ ᠳᠤ ᠲᠤᠩ ᠠᠰᠢᠭᠳᠠᠢ᠃ ᠲᠡᠳᠡᠨ ᠤ ᠤᠨᠣᠯ ᠤᠨ ᠰᠣᠷᠤᠯᠴᠠᠯᠭ᠎ᠠ᠂ ᠲᠤᠷᠰᠢᠯᠭ᠎ᠠ ᠶᠢᠨ | ᠰᠣᠷᠤᠯᠴᠠᠯᠭ᠎ᠠ᠂ ᠠᠬᠠᠮᠠᠳ ᠪᠠᠭᠰᠢ ᠶᠢᠨ ᠵᠢᠯᠤᠭᠤᠳᠣᠯᠭ᠎ᠠ ᠵᠡᠷᠭᠡ ᠪᠦᠬᠦ᠋ᠢᠯᠡ ᠠᠵᠢᠯ ᠤᠨ ᠶᠠᠪᠣᠴᠠ ᠳᠠᠬᠢ ᠲᠡᠮᠳᠡᠭᠯᠡᠯ᠂ | ᠡᠷᠭᠢᠴᠡᠬᠦᠯᠦᠯ ᠵᠠᠳᠠᠯᠣᠯᠳᠠ ᠶᠢ ᠡᠮᠬᠢᠯᠡᠨ ᠪᠢᠴᠢᠭᠦᠯᠵᠣ᠂ ᠦᠪᠡᠷ ᠤᠨ ᠦᠰᠤᠨ ᠪᠤᠶᠢᠵᠢᠭ᠎ᠠ ᠤᠯᠠ ᠮᠦᠷ ᠢᠶᠠᠨ | ᠡᠷᠬᠢᠴᠡᠭᠦᠯᠬᠦ ᠶᠢ ᠰᠣᠷᠭᠠᠨ᠎ᠠ᠃ ᠡᠭᠦᠪᠡᠷ ᠲᠠᠮᠵᠢᠭᠤᠯᠣᠨ ᠰᠢᠨ᠎ᠡ ᠪᠠᠭᠰᠢ ᠨᠠᠷ ᠤᠨ ᠠᠵᠢᠯ ᠦᠢᠯᠡᠰ ᠢᠶᠠᠨ ᠬᠠᠶᠢᠷᠠᠯᠠᠬᠤ | ᠰᠡᠳᠬᠢᠯ ᠢ ᠴᠢᠩᠭᠠᠷᠠᠭᠤᠯᠬᠤ᠂ ᠦᠪᠡᠷ ᠤᠨ ᠪᠡᠶ᠎ᠡ ᠳᠤ ᠪᠠᠨ ᠢᠲᠡᠭᠡᠯ ᠲᠠᠢ ᠪᠤᠯᠭᠠᠬᠤ᠂ ᠠᠵᠢᠯ ᠳᠤ ᠪᠠᠨ ᠬᠢᠨᠠᠭᠤᠷ | ᠨᠢᠮᠪᠠᠢ ᠪᠤᠯᠬᠤ ᠵᠡᠷᠭᠡ ᠶᠢ ᠠᠶᠠᠨᠳᠠᠭᠠᠨ ᠢᠶᠠᠷ ᠬᠦᠮᠦᠵᠢᠭᠦᠯᠬᠦ ᠪᠤᠯᠣᠨ᠎ᠠ᠃ | 6. ᠪᠣᠯᠪᠠᠰᠣᠷᠠᠯ ᠲᠠᠰᠬᠠᠯ ᠢ ᠪᠠᠶᠢᠷᠢᠯᠠᠭᠤᠯᠬᠤ᠂ ᠦᠵᠡᠵᠤ ᠬᠢᠨᠠᠵᠣ ᠴᠣᠬᠤᠯᠪᠤᠷᠢᠯᠠᠬᠤ᠂ ᠰᠣᠷᠣᠭᠴᠢ ᠶᠢ | ᠬᠡᠷᠭᠢᠨ ᠵᠢᠯᠤᠭᠤᠳᠬᠤ ᠵᠡᠷᠭᠡ ᠡᠳᠦᠷ ᠲᠤᠳᠤᠮ ᠤᠨ ᠬᠡᠪ ᠤᠨ ᠵᠢᠭᠠᠨ ᠰᠤᠷᠭᠠᠯᠳᠠ ᠶᠢᠨ ᠬᠢᠪᠡᠰᠣ ᠵᠣᠬᠢᠬᠤ ᠠᠵᠢᠯ ᠤᠨ | ᠲᠠᠯ᠎ᠠ ᠶᠢᠨ ᠵᠢᠯᠤᠭᠤᠳᠤᠯᠭ᠎ᠠ ᠶᠢ ᠰᠢᠨ᠎ᠡ ᠪᠠᠭᠰᠢ ᠨᠠᠷ ᠲᠤ ᠮᠡᠳᠡᠭᠦᠯᠵᠤ ᠲᠠᠨᠢᠭᠤᠯᠬᠤ ᠴᠢᠬᠤᠯᠠᠳᠠᠢ᠃ ᠤᠴᠢᠷ ᠨᠢ | ᠣᠷᠴᠢᠮ ᠤᠨ ᠵᠢᠯ ᠤᠨ ᠡᠯᠰᠡᠭᠳᠡᠨ ᠬᠤᠪᠢᠶᠠᠭᠳᠠᠭᠰᠠᠨ ᠰᠢᠨ᠎ᠡ ᠪᠠᠭᠰᠢ ᠨᠠᠷ ᠤᠨ ᠰᠤᠷᠭᠠᠭᠤᠯᠢ ᠳᠤ ᠪᠠᠨ ᠪᠠᠶᠢᠬᠤ | ᠦᠶ᠎ᠡ ᠶᠢᠨ ᠳᠠᠳᠣᠯᠭ᠎ᠠ ᠪᠤᠯᠪᠠᠰᠣᠷᠠᠯ ᠶᠡᠭᠡᠳᠡ ᠲᠤᠳᠠᠭᠳᠠᠵᠣ ᠪᠠᠶᠢᠬᠤ ᠶᠢ ᠪᠢᠳᠡ ᠪᠦᠷ ᠮᠡᠳᠡᠨ᠎ᠡ᠃ ᠨᠠᠶᠠᠭᠠᠳ ᠣᠨ ᠤ | ᠪᠠᠭᠰᠢ ᠶᠢᠨ ᠰᠤᠷᠭᠠᠭᠤᠯᠢ ᠶᠢᠨ ᠰᠤᠷᠤᠭᠴᠢᠳ ᠤᠨ ᠲᠠᠳᠣᠯᠭ᠎ᠠ ᠶᠢ ᠥᠨᠡᠨ ᠬᠦ ᠴᠢᠨᠠᠷᠳᠠᠢ᠂ ᠣᠷᠤᠨ ᠪᠠᠶᠢᠷᠢ ᠳᠤᠨᠢ | ᠬᠦᠷᠳᠡᠯ᠎ᠡ ᠰᠠᠶᠢᠨ ᠬᠢᠵᠤ ᠪᠠᠶᠢᠭᠰᠠᠨ ᠢ ᠪᠢᠳᠡ ᠣᠳᠣ ᠶᠢᠨ ᠲᠡᠭᠦᠰᠴᠤ ᠪᠠᠶᠢᠭ᠎ᠠ ᠰᠤᠷᠤᠭᠴᠢᠳ ᠲᠠᠢ ᠬᠠᠷᠢᠴᠠᠭᠤᠯᠤᠨ | ᠤᠯᠵᠣ ᠮᠡᠳᠡᠪᠡ᠃ ᠡᠶᠢᠮᠦ ᠠᠴᠠ ᠰᠢᠨ᠎ᠡ ᠪᠠᠭᠰᠢ ᠨᠠᠷ ᠲᠤ ᠵᠢᠭᠠᠨ ᠰᠤᠷᠭᠠᠯᠳᠠ ᠶᠢᠨ ᠬᠠᠮᠤᠭ ᠤᠨ ᠦᠨᠳᠣᠰᠤᠨ | ᠬᠦᠢᠴᠡᠳᠭᠡᠬᠦ ᠠᠵᠢᠯ ᠤᠳ ᠢ ᠴᠤ ᠨᠢᠭᠡᠳ ᠨᠢᠭᠡ ᠪᠠᠷ ᠵᠢᠯᠤᠭᠤᠳᠣᠨ ᠲᠠᠨᠢᠭᠤᠯᠬᠤ ᠨᠢ ᠴᠢᠬᠤᠯᠠ ᠪᠠᠶᠢᠨ᠎ᠠ᠃ | ᠲᠠᠪᠤ᠂ ᠰᠢᠨ᠎ᠡ ᠪᠠᠭᠰᠢ ᠨᠠᠷ ᠤᠨ ᠦᠰᠤᠨ ᠪᠤᠶᠢᠵᠢᠯᠳᠠ ᠳᠤ ᠰᠤᠷᠭᠠᠭᠤᠯᠢ ᠶᠢᠨ ᠲᠠᠯ᠎ᠠ ᠶᠢᠨ ᠬᠠᠯᠠᠮᠵᠢᠯᠠᠯ | ᠵᠤᠷᠢᠬᠵᠢᠭᠤᠯᠤᠯ ᠢ ᠦᠷᠭᠦᠯᠵᠢ ᠶᠢᠨ ᠴᠢᠨᠠᠷᠳᠠᠢ ᠬᠢᠭᠦ ᠴᠢᠬᠤᠯᠠᠳᠠᠢ᠃ | ᠪᠢᠳᠡᠨ ᠤ ᠬᠡᠯᠡᠭᠡᠳ ᠪᠠᠶᠢᠬᠤ ᠰᠢᠨ᠎ᠡ ᠪᠠᠭᠰᠢ ᠪᠣᠯ ᠰᠠᠶ᠋ᠢᠬᠠᠨ ᠶᠡᠭᠡ ᠰᠤᠷᠭᠠᠭᠤᠯᠢ ᠪᠠᠨ ᠲᠡᠭᠦᠰᠴᠤ ᠭᠠᠷᠤᠭᠰᠠᠨ | ᠬᠤᠷᠢᠭᠠᠳ ᠨᠠᠰᠤᠳᠠᠢ ᠣᠶᠤᠳᠠᠳ ᠮᠦᠨ᠂ ᠰᠤᠷᠭᠠᠭᠤᠯᠢ ᠳᠤ ᠠᠪᠴᠣ ᠬᠡᠯᠡᠪᠡᠯ ᠶᠠᠮᠠᠷᠴᠤ ᠠᠵᠢᠯ ᠤᠨ | ᠲᠤᠷᠰᠢᠯᠭ᠎ᠠ ᠦᠬᠡᠢ᠂ ᠪᠠᠭᠰᠢᠯᠠᠬᠤ ᠵᠦᠭ ᠴᠢᠭ ᠢᠶᠠᠨ ᠣᠯᠤᠭᠠᠳᠣᠢ᠂ ᠮᠠᠨ ᠤ ᠰᠤᠷᠤᠭᠴᠢᠳ ᠲᠠᠢ ᠨᠢᠭᠡ ᠯᠡ | ᠠᠳᠠᠯᠢ ᠬᠡᠤᠭᠡᠳ ᠪᠠᠶᠢᠭ᠎ᠠ᠂ ᠲᠡᠳᠡᠨ ᠳᠤ ᠬᠠᠯᠠᠮᠵᠢᠯᠠᠯ ᠵᠤᠷᠢᠬᠵᠢᠭᠤᠯᠣᠯ ᠣᠷᠮᠠᠰᠢᠭᠤᠯᠣᠯ ᠴᠢᠬᠤᠯᠠ ᠱᠠᠭᠠᠷᠳᠠᠭᠳᠠᠵᠤ | ᠪᠤᠢ᠃ ᠡᠶᠢᠮᠤ ᠠᠴᠠ ᠰᠢᠨ᠎ᠡ ᠪᠠᠭᠰᠢ ᠶᠢ ᠣᠷᠮᠠᠰᠢᠭᠤᠯᠣᠨ ᠵᠣᠷᠢᠬᠵᠢᠭᠤᠯᠵᠣ᠂ ᠠᠮᠢᠳᠣᠷᠠᠯ ᠰᠣᠷᠤᠯᠭ᠎ᠠ ᠠᠵᠢᠯ ᠤᠨ | ᠲᠠᠯ᠎ᠠ ᠪᠠᠷ ᠪᠤᠰᠤᠳ ᠠᠴᠠ ᠢᠯᠡᠭᠦᠦ ᠬᠠᠯᠠᠮᠵᠢᠯᠠᠨ ᠠᠩᠬᠠᠷᠴᠤ᠂ ᠠᠮᠢᠳᠣᠷᠠᠯ ᠰᠣᠷᠤᠯᠭ᠎ᠠ ᠶᠢᠨ ᠨᠦᠭᠦᠴᠡᠯ | ᠪᠤᠯᠤᠮᠵᠢ ᠶᠢ ᠨᠢ ᠰᠠᠶᠢᠵᠢᠷᠠᠭᠤᠯᠣᠨ ᠲᠡᠳᠡᠨ ᠤ ᠰᠡᠳᠬᠢᠯ ᠲᠠᠶᠢᠪᠤᠩ ᠠᠵᠢᠯ ᠦᠢᠯᠡᠰ ᠲᠤ ᠪᠠᠨ ᠰᠢᠭᠤᠷᠬᠠᠶᠢᠯᠠᠨ | ᠣᠷᠤᠬᠤ ᠳᠤ ᠨᠢ ᠲᠤᠰᠠ ᠳᠡᠮ ᠪᠤᠯᠪᠠᠯ ᠲᠡᠳᠡᠨ ᠤ ᠵᠥᠪ ᠦᠭᠡᠳᠡᠷᠭᠡᠭ ᠲᠦᠷᠭᠡᠨ ᠬᠦᠭᠵᠢᠯᠳᠡ ᠶᠢ ᠯᠠᠪᠳᠠᠢ | ᠠᠬᠢᠭᠤᠯᠵᠣ ᠴᠢᠳᠠᠨ᠎ᠠ᠃ ᠤᠴᠢᠷ ᠨᠢ ᠲᠤᠮᠤᠴᠤᠣᠯ ᠬᠦᠷᠳᠡᠯ᠎ᠡ ᠮᠠᠭᠳᠠᠭᠠᠯ ᠣᠷᠮᠠᠰᠢᠭᠤᠯᠤᠯ ᠳᠤ ᠲᠤᠷᠠᠳᠠᠢ ᠪᠠᠶᠢᠳᠠᠭ᠂ | ᠤᠳᠣ ᠶᠢᠨ ᠰᠢᠨ᠎ᠡ ᠪᠠᠭᠰᠢ ᠨᠠᠷ ᠴᠤ ᠰᠢᠨ᠎ᠡ ᠴᠠᠭ ᠦᠶ᠎ᠡ ᠶᠢᠨ ᠠᠶᠢᠯ ᠡᠷᠣᠭᠡ ᠶᠢᠨ ᠭᠠᠭᠴᠠ ᠬᠤᠶᠠᠷ ᠬᠡᠤᠭᠡᠳ ᠤᠨ | ᠨᠢᠭᠡᠨ ᠪᠠᠶᠢᠵᠤ᠂ ᠮᠦᠨ ᠯᠡ ᠡᠷᠭᠢ ᠲᠠᠩᠬᠢ᠂ ᠨᠢᠯᠲᠠ ᠨᠤᠮᠤᠢ ᠪᠠᠶᠢᠳᠠᠭ ᠶᠤᠮ᠃ ᠡᠶᠢᠮᠦ ᠪᠠᠶᠢᠳᠠᠯ ᠲᠤᠤᠷ᠎ᠠ ᠡᠳᠡᠭᠡᠷ | ᠪᠠᠭᠰᠢ ᠶᠢ ᠬᠦᠮᠦᠵᠢᠭᠦᠯᠦᠨ ᠪᠤᠯᠪᠠᠰᠣᠷᠠᠭᠤᠯᠬᠤ ᠳᠤ ᠪᠠᠰᠠ ᠣᠯᠠᠨ ᠲᠠᠯ᠎ᠠ ᠶᠢᠨ ᠭᠠᠳᠠᠭᠠᠳᠣ ᠲᠣᠳᠤᠭᠠᠳᠣ | ᠨᠦᠭᠦᠴᠡᠯ ᠤᠳ ᠢ ᠠᠩᠬᠠᠷᠤᠨ ᠠᠰᠢᠭᠯᠠᠬᠤ ᠴᠢᠬᠤᠯᠠᠲᠠᠢ ᠪᠠᠶᠢᠨ᠎ᠠ᠃ | ᠵᠢᠷᠭᠤᠭ᠎ᠠ᠂ ᠰᠢᠨ᠎ᠡ ᠪᠠᠭᠰᠢ ᠨᠠᠷ ᠤᠨ ᠠᠵᠢᠯ ᠢ ᠦᠨᠡᠯᠡᠬᠦ ᠰᠢᠰᠲ᠋ᠧᠮ ᠢ ᠪᠠᠶᠢᠭᠤᠯᠣᠨ ᠲᠡᠭᠦᠯᠳᠡᠷᠵᠢᠭᠦᠯᠪᠡᠯ | ᠲᠡᠳᠡᠨ ᠤ ᠭᠦᠭᠵᠢᠯᠳᠡ ᠳᠤ ᠠᠰᠢᠭᠳᠠᠢ᠂ ᠮᠦᠨᠴᠤ ᠰᠣᠷᠭᠠᠭᠤᠯᠢ ᠶᠢᠨ ᠬᠤᠶᠢᠰᠢᠲᠠ ᠶᠢᠨ ᠡᠷᠡᠭᠦᠯ ᠪᠤᠯᠪᠠᠰᠣᠨ | ᠭᠦᠭᠵᠢᠯᠳᠡ ᠳᠤ ᠲᠤᠩ ᠠᠰᠢᠭᠳᠠᠢ᠃ | ᠰᠢᠨ᠎ᠡ ᠪᠠᠭᠰᠢ ᠨᠠᠷ ᠢ ᠨᠢᠭᠡ ᠤᠳᠠᠭ᠎ᠠ ᠶᠢᠨ ᠠᠵᠢᠯᠯᠠᠭ᠎ᠠ ᠬᠦᠳᠡᠯᠪᠤᠷᠢ᠂ ᠡᠰᠡᠬᠦᠯ᠎ᠡ ᠰᠣᠷᠤᠯᠭ᠎ᠠ ᠶᠢᠨ | ᠬᠤᠭᠤᠴᠠᠭ᠎ᠠ ᠪᠠᠷ ᠨᠢᠭᠡᠴᠢᠯᠡᠨ ᠲᠡᠳᠡᠨ ᠤ ᠠᠵᠢᠯ ᠢ ᠦᠨᠡᠯᠡᠨ ᠰᠠᠶᠢᠰᠢᠶᠠᠬᠤ ᠪᠠᠷ ᠭᠤᠤᠯᠳᠠᠵᠣ᠂ ᠱᠠᠭᠠᠷᠳᠠᠯᠭ᠎ᠠ | ᠰᠠᠨᠠᠭᠤᠯᠭ᠎ᠠ ᠪᠠᠨ ᠲᠣᠳᠣᠷᠬᠠᠢ ᠲᠠᠯᠪᠢᠵᠣ ᠵᠢᠭᠠᠨ ᠵᠢᠯᠤᠭᠤᠳᠬᠤ ᠶᠢ ᠪᠠᠷᠢᠮᠳᠠᠯᠠᠪᠠᠯ ᠲᠡᠳᠡ ᠯᠠᠪᠳᠠᠢ ᠤᠬᠤᠷ | ᠬᠤᠭᠤᠴᠠᠭᠠᠨ ᠳᠤ ᠬᠦᠮᠦᠵᠢᠭᠳᠡᠨ ᠪᠤᠯᠪᠠᠰᠣᠷᠠᠵᠣ᠂ ᠪᠡᠶ᠎ᠡ ᠪᠠᠨ ᠲᠠᠭᠠᠭᠠᠨ ᠬᠤᠪᠢᠳᠠᠨ ᠬᠠᠷᠢᠭᠤᠴᠠᠭᠰᠠᠨ ᠡᠭᠦᠷᠭᠡ | ᠬᠠᠷᠢᠭᠤᠴᠠᠯᠭ᠎ᠠ ᠪᠠᠨ ᠬᠦᠢᠴᠡᠳᠭᠡᠬᠦ ᠳᠤ ᠬᠦᠴᠢᠷᠳᠡᠬᠦ ᠦᠬᠡᠢ ᠪᠠᠶᠢᠵᠣ᠂ ᠰᠤᠷᠭᠠᠭᠤᠯᠢ ᠶᠢᠨ ᠪᠦᠬᠦ ᠲᠠᠯ᠎ᠠ ᠶᠢᠨ | ᠠᠵᠢᠯ ᠤᠨ ᠣᠷᠤᠭᠰᠢᠳᠠᠢ ᠶᠠᠪᠤᠭᠳᠠᠬᠤ ᠳᠤ ᠬᠤᠪᠢ ᠨᠡᠮᠡᠭᠦᠷᠢ ᠪᠠᠨ ᠡᠷᠭᠦᠵᠤ ᠴᠢᠳᠠᠬᠤ ᠪᠤᠯᠣᠨ᠎ᠠ᠃ ᠮᠦᠨ ᠴᠤ | ᠠᠵᠢᠯ ᠳᠤ ᠪᠠᠨ ᠲᠦᠷᠭᠡᠨ ᠲᠠᠰᠴᠤ᠂ ᠬᠢᠴᠢᠶᠡᠯ ᠢᠶᠠᠨ ᠰᠠᠶᠢᠨ ᠣᠷᠤᠵᠣ᠂ ᠤᠳᠤᠷᠢᠳᠤᠯᠭ᠎ᠠ ᠶᠢᠨ ᠲᠡᠳᠡᠨ ᠢ | ᠬᠠᠶᠢᠷᠠᠯᠠᠳᠠᠭ ᠤᠨ ᠠᠳᠠᠯᠢ ᠰᠤᠷᠤᠭᠴᠢ ᠪᠠᠨ ᠬᠠᠶᠢᠷᠠᠯᠠᠨ᠂ ᠰᠠᠶᠢᠨ ᠪᠠᠭᠰᠢ ᠪᠤᠯᠬᠤ ᠰᠠᠭᠤᠷᠢ ᠪᠠᠨ ᠪᠠᠳᠦ ᠲᠠᠯᠪᠢᠵᠤ | ᠴᠢᠳᠠᠨ᠎ᠠ᠃ | ᠰᠢᠨ᠎ᠡ ᠪᠠᠭᠰᠢ ᠨᠠᠷ ᠢᠶᠠᠨ ᠵᠢᠯᠤᠭᠤᠳᠣᠨ ᠲᠠᠭᠠᠭᠤᠯᠵᠤ᠂ ᠲᠤᠷᠰᠢᠯᠭ᠎ᠠ ᠲᠠᠢ ᠪᠠᠭᠰᠢ ᠶᠢᠨ ᠡᠩᠨᠡᠭᠡᠨ ᠳᠤ | ᠣᠷᠤᠭᠤᠯᠬᠤ ᠪᠣᠯ ᠰᠣᠷᠭᠠᠭᠤᠯᠢ ᠶᠢᠨ ᠰᠤᠷᠭᠠᠨ ᠬᠦᠮᠦᠵᠢᠯ ᠵᠢᠭᠠᠨ ᠰᠤᠷᠭᠠᠯᠳᠠ ᠶᠢᠨ ᠠᠵᠢᠯ ᠤᠨ ᠨᠢᠭᠡᠨ ᠴᠢᠬᠤᠯᠠ | ᠭᠡᠰᠡᠭ ᠮᠦᠨ᠃ ᠭᠡᠷᠪᠡ ᠡᠨᠡ ᠬᠦ ᠠᠵᠢᠯ ᠢ ᠬᠦᠨᠳᠣᠳᠭᠡᠨ ᠠᠳᠬᠤᠬᠤ ᠦᠬᠡᠢ ᠬᠠᠰᠢ ᠶᠠᠰᠢ ᠬᠠᠨᠳᠤᠬᠤ ᠳᠤ ᠬᠦᠷᠪᠡᠯ | ᠨᠢᠭᠡᠨ ᠪᠦᠯᠦᠭ ᠵᠠᠯᠠᠭᠤ ᠪᠠᠭᠰᠢ ᠨᠠᠷ ᠤᠨ ᠦᠰᠦᠨ ᠪᠤᠶᠢᠵᠢᠯᠳᠡ ᠶᠢ ᠰᠢᠭᠤᠳ ᠨᠦᠯᠦᠭᠡᠯᠡᠨ᠂ ᠲᠡᠭᠦᠪᠡᠷ ᠲᠡᠮᠵᠢᠨ | ᠰᠣᠷᠭᠠᠭᠤᠯᠢ ᠶᠢᠨ ᠶᠡᠷᠦᠩᠬᠡᠢ ᠭᠦᠭᠵᠢᠯᠳᠡ ᠶᠢ ᠬᠠᠷᠰᠢᠯᠠᠬᠤ ᠪᠤᠯᠣᠨ᠎ᠠ᠃ ᠰᠤᠷᠭᠠᠭᠤᠯᠢ ᠶᠢᠨ ᠣᠳᠣᠷᠢᠳᠤᠯᠭ᠎ᠠ | ᠪᠤᠯᠤᠭᠰᠠᠳ ᠰᠢᠨ᠎ᠡ ᠪᠠᠭᠰᠢ ᠨᠠᠷ ᠤᠨ ᠤᠯᠠᠨ ᠲᠠᠪᠠᠭᠤᠯᠢᠭ ᠲᠠᠯ᠎ᠠ ᠶᠢ ᠣᠬᠠᠮᠰᠠᠷ ᠠᠴᠠ ᠪᠠᠨ ᠮᠡᠳᠡᠷᠡᠵᠤ᠂ ᠲᠡᠳᠡᠨ ᠢ | ᠢᠯᠡᠭᠦᠭᠡᠨ ᠬᠠᠯᠠᠮᠵᠢᠯᠠᠵᠣ᠂ ᠤᠶᠢᠯᠠᠭᠠᠵᠤ᠂ ᠵᠢᠯᠤᠭᠤᠳᠴᠣ᠂ ᠣᠷᠮᠠᠰᠢᠭᠤᠯᠵᠣ ᠪᠠᠶᠢᠭᠠᠳ ᠣᠬᠤᠷᠬᠠᠨ | ᠬᠤᠭᠤᠴᠠᠭᠠᠨ ᠳᠤ ᠠᠵᠢᠯ ᠳᠤ ᠨᠢ ᠲᠠᠰᠬᠠᠨ ᠵᠠᠯᠠᠭᠤᠴᠣᠳ ᠤᠨ ᠤᠷᠬᠢᠯᠤᠮ᠎ᠠ ᠬᠠᠯᠠᠭᠤᠨ ᠰᠡᠳᠬᠢᠯᠭᠡ ᠪᠠᠷ | ᠠᠵᠢᠯ ᠳᠤ ᠪᠠᠨ ᠤᠷᠤᠯᠴᠠᠵᠣ᠂ ᠤᠮᠤᠭ ᠵᠣᠷᠢᠭ ᠲᠠᠢ ᠠᠮᠢᠳᠤᠯᠢᠭ ᠪᠦᠳᠦᠭᠡᠯᠴᠢ ᠪᠠᠷ ᠰᠤᠷᠤᠯᠴᠠᠵᠣ ᠠᠵᠢᠯᠯᠠᠬᠤ ᠡᠯ᠎ᠡ | ᠲᠠᠯ᠎ᠠ ᠶᠢᠨ ᠤᠷ᠎ᠠ ᠠᠪᠢᠶᠠᠰ ᠢ ᠪᠠᠳᠠᠷᠠᠭᠤᠯᠣᠨ ᠠᠰᠢᠭᠯᠠᠵᠣ ᠪᠤᠯᠬᠤᠶᠢᠴᠠ ᠰᠤᠷᠭᠠᠨ ᠬᠦᠮᠦᠵᠢᠯ ᠤᠨ ᠡᠬᠢ ᠪᠠᠶᠠᠯᠢᠭ ᠢ | ᠦᠷᠭᠡᠨ ᠢᠶᠠᠷ ᠨᠡᠭᠡᠭᠡᠨ ᠠᠰᠢᠭᠯᠠᠵᠣ ᠨᠡᠩ ᠤᠯᠠᠨ ᠰᠤᠷᠤᠭᠴᠢᠳ ᠲᠤ ᠴᠢᠯᠦᠭᠡᠲᠡᠢ ᠬᠦᠭᠵᠢᠭᠦ ᠣᠷᠴᠢᠨ ᠲᠤᠭᠤᠷᠢᠨ | ᠤᠷᠤᠨ ᠵᠠᠢ ᠶᠢ ᠬᠠᠩᠭᠠᠨ ᠦᠭᠴᠦ᠂ ᠰᠣᠷᠭᠠᠭᠤᠯᠢ ᠶᠢᠨ ᠭᠦᠷᠢᠶᠡᠨ ᠤ ᠰᠤᠶᠤᠯ ᠤᠨ ᠠᠮᠢᠳᠤᠷᠠᠯ ᠢ ᠬᠦᠭᠵᠢᠭᠡᠵᠦ | ᠴᠢᠳᠠᠬᠤ ᠪᠤᠯᠣᠨ᠎ᠠ᠃ ᠮᠦᠨ ᠴᠤ ᠦᠪᠡᠷ ᠤᠨ ᠪᠠᠭᠰᠢ ᠪᠠᠨ ᠦᠪᠡᠷᠳᠡᠭᠡᠨ ᠬᠦᠮᠦᠵᠢᠭᠦᠯᠵᠣ᠂ ᠲᠡᠳᠡᠨ ᠤ ᠦᠰᠦᠨ | ᠪᠤᠶᠢᠵᠢᠯᠳᠠ ᠳᠤ ᠬᠠᠷᠢᠭᠤᠴᠠᠯᠭ᠎ᠠ ᠪᠠᠨ ᠬᠦᠢᠴᠡᠳᠭᠡᠭᠰᠡᠨ ᠶᠠᠪᠤᠳᠠᠯ ᠪᠤᠯᠣᠨ᠎ᠠ᠃ | ᠠᠵᠢᠯᠯᠠᠵᠤ ᠪᠠᠶᠢᠭ᠎ᠠ ᠪᠠᠶᠢᠭᠤᠯᠭ᠎ᠠ᠄ ᠬᠦᠪᠡᠭᠡᠳᠣ ᠰᠢᠷ᠎ᠠ ᠬᠤᠰᠢᠭᠤᠨ ᠤ | ᠨᠢᠭᠡᠳᠦᠭᠡᠷ ᠪᠠᠭ᠎ᠠ ᠰᠣᠷᠭᠠᠭᠤᠯᠢ | ︵ᠠᠯᠳᠠᠨᠰᠦ᠋ᠭᠡ ᠨᠠᠶᠢᠷᠠᠭᠤᠯᠪᠠ︶ | | | |